ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠬᠣᠷᠢ〕 Цаг төрийн үймээн – Д ᠂ Намдаг - Цаг төрийн үймээн ᠂ гуравдугаар бүлэг - 20
ᠳᠠᠢᠴᠢᠨ ᠡᠷᠡᠰ ᠦ᠋ᠨ ᠳᠠᠪᠬᠢᠶᠠᠨ
ᠴᠠᠬᠠᠷ ᠬᠦᠩ ᠪᠠᠶᠠᠷ ᠤ᠋ᠨ ᠨᠠᠰᠤ ᠪᠠᠷᠠᠭᠰᠠᠨ ᠤ᠋ ᠳᠠᠷᠠᠭᠠᠬᠠᠨ ᠪᠠᠷᠤᠨ ᠣᠩᠭᠸᠷᠠᠨ ᠪᠦᠷᠭᠦᠳ ᠲᠡᠢ ᠠᠭᠤᠯᠠ ᠶ᠋ᠢᠨ ᠵᠡᠭᠦᠨ ᠢ᠋ᠶ᠋ᠡᠷ ᠬᠢᠯᠢ ᠨᠡᠪᠲᠡᠷᠡᠭᠡᠳ᠂ ᠲᠡᠨᠳᠡ ᠡᠴᠡ ᠪᠡᠨ ᠠᠷᠤ ᠥᠪᠥᠷ ᠬᠣᠶᠠᠷ ᠬᠢᠶᠠᠭᠲᠤ ᠶ᠋ᠢ ᠵᠡᠭᠦᠨ ᠬᠣᠢᠨ᠎ᠠ ᠠ᠋ᠴᠠ ᠨᠢ ᠨᠥᠮᠥᠷᠦᠨ ᠠᠪᠴᠤ ᠳᠣᠪᠲᠣᠯᠤᠭᠰᠠᠨ ᠭᠡᠳᠡᠭ ᠠ᠋᠃《ᠲᠡᠷᠡ ᠲᠡᠢᠨ ᠮᠠᠰᠢ ᠰᠢᠷᠦᠭᠦᠨ᠂ ᠣᠷᠣᠰ ᠮᠣᠩᠭᠣᠯ ᠠᠯᠢ ᠨᠢ ᠪᠣᠯᠪᠠᠴᠤ ᠢᠯᠠᠨ ᠳᠡᠢᠯᠬᠦ ᠳ᠋ᠦ᠍ ᠰᠡᠳᠬᠢᠯ ᠪᠠᠷᠳᠠᠮ᠂ ᠵᠠᠷ ᠵᠡᠪᠰᠡᠭ᠂ ᠠᠭᠲᠠ ᠮᠣᠷᠢᠳ ᠴᠥᠮ ᠰᠠᠢᠨ᠂ ᠠᠢ ᠲᠠ ᠮᠥᠨ ᠴᠦ᠍ ᠠᠢᠬᠤᠪᠲᠤᠷ ᠤᠯᠤᠰ ᠪᠠᠢᠭᠰᠠᠨ ᠳ᠋ᠠᠭ᠃ ᠦᠭᠡᠢ ᠬᠡᠷᠪᠡ ᠲᠡᠷᠡ ᠴᠠᠭ ᠲᠤ᠌ ᠵᠥᠪᠯᠡᠯᠲᠦ ᠶ᠋ᠢᠨ ᠤᠯᠠᠭᠠᠨ ᠠᠷᠮᠢ ᠶ᠋ᠢᠨ ᠶᠡᠬᠡ ᠠᠩᠭᠢ ᠭᠡᠨᠡᠳᠲᠡ ᠢᠷᠡᠨ ᠲᠤᠰᠠᠯᠠᠭ᠎ᠠ ᠦᠭᠡᠢ ᠱᠠᠨ ᠪᠣᠯ ᠪᠢᠳᠡ ᠴᠦ᠍ ᠰᠠᠨᠳᠤᠷᠴᠤ ᠮᠡᠳᠡᠬᠦ ᠪᠠᠢᠭᠰᠠᠨ ᠲᠠ》 ᠭᠡᠵᠦ ᠠᠷᠠᠳ ᠤ᠋ᠨ ᠵᠢᠷᠤᠮᠲᠤ ᠴᠡᠷᠢᠭ ᠶᠠᠪᠤᠭᠰᠠᠨ ᠫᠠᠷᠲ᠋ᠢᠽᠠᠨ ᠪᠦᠬᠦᠨ ᠶᠠᠷᠢᠳᠠᠭ ᠶᠤᠮ᠃ ᠭᠡᠪᠡᠴᠦ ᠪᠢ ᠡᠨᠡ ᠲᠤᠬᠠᠢ ᠪᠢᠴᠢᠬᠦ ᠶ᠋ᠢ ᠣᠷᠬᠢᠨ ᠪᠠᠷᠠᠭᠤᠨ ᠵᠠᠮ ᠤ᠋ᠨ ᠪᠠᠢᠯᠳᠤᠭᠠᠨ ᠭᠡᠭᠴᠢ ᠶ᠋ᠢ ᠠᠪᠰᠤᠭᠠᠢ᠃
ᠲᠡᠷᠡ ᠴᠠᠭ ᠲᠤ᠌ ᠲᠤᠱᠢᠶᠠᠲᠤ ᠬᠠᠨ ᠠᠢᠮᠠᠨ ᠤ᠋ ᠠᠬᠠᠢ ᠬᠦᠩ ᠦ᠋ᠨ ᠬᠤᠰᠢᠭᠤᠨ ᠳ᠋ᠤ᠌ ᠳᠠᠢᠰᠤᠨ ᠤ᠋ ᠨᠢᠭᠡ ᠳᠣᠮᠣᠴᠠᠨ ᠠᠩᠭᠢ ᠬᠦᠷᠦᠯᠴᠡᠨ ᠢᠷᠡᠭᠰᠡᠨ ᠢ᠋ ᠵᠠᠯᠠᠭᠤ ᠵᠠᠩᠵᠤᠨ ᠥᠭᠡᠯᠦᠯᠭᠡ ᠨᠣᠶᠠᠨ ᠤ᠋ ᠬᠣᠷᠢᠶ᠎ᠠ ᠬᠦᠯᠢᠶᠡᠯ ᠠᠪᠴᠤ᠂ ᠮᠥᠨ ᠤᠯᠠᠭᠠᠨ ᠠᠷᠮᠢ ᠶ᠋ᠢᠨ ᠪᠢᠴᠢᠬᠠᠨ ᠬᠡᠰᠡᠭ ᠲᠡᠢ ᠨᠡᠢᠯᠡᠨ ᠤᠰᠠᠳᠬᠠᠬᠤ ᠪᠠᠷ ᠲᠠᠪᠰᠢᠬᠤ ᠳ᠋ᠤ᠌ ᠳᠠᠮᠫᠢᠯ ᠳᠣᠷᠵᠢ ᠬᠣᠶᠠᠷ ᠶᠠᠪᠤᠯᠴᠠᠵᠠᠢ᠃ ᠡᠨᠡ ᠠᠩᠭᠢ ᠶ᠋ᠢᠨ ᠶᠠᠪᠤᠭᠰᠠᠨ ᠭᠠᠵᠠᠷ ᠭᠠᠭᠴᠠᠬᠠᠨ ᠠᠬᠠᠢ ᠬᠦᠩ ᠦ᠋ᠨ ᠬᠣᠰᠢᠭᠤ ᠪᠠᠷ ᠲᠣᠭᠲᠠᠬᠤ ᠦᠭᠡᠢ ᠪᠠᠷᠠᠭᠤᠨ ᠲᠠᠢᠰᠢ ᠵᠠᠯᠭᠠᠨᠵᠠ ᠬᠤᠲᠤᠭᠲᠤ᠂ ᠬᠠᠳᠠᠨ ᠪᠠᠭᠠᠲᠤᠷ ᠮᠠᠭᠰᠤᠷᠵᠠᠪ᠂ ᠳᠠᠢᠴᠢᠨ ᠸᠠᠩ ᠤ᠋ᠨ ᠬᠢ ᠭᠡᠬᠦ ᠵᠡᠷᠭᠡ ᠬᠣᠱᠢᠭᠤᠳ ᠢ᠋ᠶ᠋ᠠᠷ ᠣᠷᠣᠨ᠂ ᠲᠡᠷᠡ ᠭᠠᠵᠠᠷ ᠤ᠋ᠨ ᠳᠠᠢᠰᠤᠨ ᠴᠠᠭᠠᠳᠠᠨ ᠢ ᠪᠦᠷᠢᠮᠦᠰᠦᠨ ᠴᠡᠪᠡᠷᠯᠡᠭᠰᠡᠨ ᠶᠡᠬᠡ ᠶᠠᠪᠤᠳᠠᠯ ᠪᠠᠢᠬᠤ ᠪᠣᠯᠪᠠᠴᠤ᠂ ᠪᠢ ᠲᠡᠷᠡ ᠪᠦᠷᠢ ᠶ᠋ᠢ ᠲᠡᠦ᠋ᠬᠡᠴᠢᠯᠡᠨ ᠲᠣᠭᠠᠴᠢᠬᠤ ᠠ᠋ᠴᠠ ᠵᠠᠢᠯᠠᠰᠬᠢᠨ ᠵᠥᠪᠬᠡᠨ ᠣᠨᠴᠠ ᠶ᠋ᠢᠨ ᠰᠣᠳᠣᠨ ᠶᠠᠪᠤᠳᠠᠯᠲᠤ ᠬᠥᠮᠦᠰ ᠦ᠋ᠨ ᠦᠢᠯᠡ ᠠᠵᠢᠯᠠᠯᠭᠠᠨ ᠳ᠋ᠤ᠌ ᠡᠷᠭᠢᠨ ᠣᠷᠣᠰᠤᠭᠠᠢ᠃
ᠠᠴᠠ ᠶ᠋ᠢᠨ ᠨᠣᠭᠠ ᠬᠡᠮᠡᠬᠦ ᠭᠠᠵᠠᠷ ᠠᠩᠬᠠᠨ ᠤ᠋ ᠲᠤᠯᠤᠯᠳᠤᠭᠠᠨ ᠪᠣᠯᠤᠯ᠎ᠠ᠃ ᠳᠠᠢᠰᠤᠨ ᠡᠨᠳᠡ ᠮᠠᠰᠢ ᠰᠢᠷᠦᠭᠦᠨ᠂ ᠵᠢᠷᠤᠮᠲᠤ ᠴᠡᠷᠢᠭ ᠦ᠋ᠳ ᠲᠦ᠍ ᠪᠠᠭ᠎ᠠ ᠦᠭᠡᠢ ᠬᠣᠬᠢᠷᠠᠯ᠂ ᠰᠠᠨᠳᠤᠷᠤᠯ ᠤᠴᠠᠷᠠᠭᠤᠯᠤᠭᠰᠠᠨ ᠪᠥᠭᠡᠳ ᠲᠡᠷᠡ ᠳᠤᠮᠳᠠ ᠬᠢᠯᠢᠩ ᠬᠠᠷ᠎ᠠ ᠮᠣᠷᠢ ᠲᠠᠢ᠂ ᠰᠢᠨᠡᠬᠡᠨ ᠴᠡᠩᠬᠡᠷ ᠳᠡᠪᠡᠯ ᠲᠡᠢ᠂ ᠨᠠᠪᠲᠠᠭᠠᠷᠬᠠᠨ ᠨᠢᠷᠤᠭᠤ ᠲᠠᠢ ᠠᠢᠬᠤᠪᠲᠤᠷ ᠡᠷ᠎ᠡ ᠶᠠᠪᠤᠬᠤ ᠶ᠋ᠢ ᠵᠢᠷᠤᠮᠲᠤ ᠴᠡᠷᠢᠭ ᠦ᠋ᠳ ᠦᠵᠡᠵᠦ ᠠᠪᠤᠪᠠ᠃ ᠲᠡᠷᠡ ᠡᠷ᠎ᠡ᠂ ᠵᠠᠷ ᠵᠡᠪᠰᠡᠭ ᠢ᠋ᠶ᠋ᠡᠷ ᠮᠠᠰᠢ ᠰᠠᠢᠨ᠂ ᠨᠢᠷᠤᠭᠤᠨ ᠳ᠋ᠤᠨᠢ ᠰᠧ ᠰᠠᠨ ᠯᠢ᠂ ᠲᠠᠰᠢᠶᠠᠨ ᠳ᠋ᠤᠨᠢ ᠰᠧᠯᠧᠳᠢ᠂ ᠨᠥᠭᠦᠭᠡ ᠲᠠᠰᠢᠶᠠᠨ ᠳ᠋ᠤᠨᠢ ᠭᠠᠮᠢᠩ ᠴᠡᠷᠢᠭ ᠦ᠋ᠨ ᠬᠥᠩᠭᠡᠨ ᠴᠠᠭᠠᠨ ᠰᠡᠯᠡᠮ᠎ᠡ᠂ ᠴᠡᠭᠡᠵᠢᠨ ᠳ᠋ᠦ᠍ᠨᠢ ᠬᠡᠳᠦᠨ ᠳᠠᠪᠬᠤᠷ ᠳ᠋ᠠᠢᠵᠠ ᠲᠠᠢ ᠰᠤᠮᠤ ᠣᠷᠢᠶᠠᠯᠲᠠᠲᠠᠢ ᠪᠥᠭᠡᠳ ᠰᠧᠯᠧᠳᠢ ᠪᠠ ᠰᠡᠯᠡᠮ᠎ᠡ ᠶ᠋ᠢᠨ ᠢ᠋ᠶ᠋ᠡᠨ ᠪᠠᠷᠢᠭᠤᠯ ᠳ᠋ᠤ᠌ ᠤᠯᠠᠭᠠᠨ᠂ ᠨᠣᠭᠣᠭᠠᠨ᠂ ᠶᠠᠭᠠᠨ᠂ ᠰᠢᠷ᠎ᠠ᠂ ᠴᠡᠩᠬᠡᠷ ᠲᠠᠪᠤᠨ ᠥᠩᠭᠡ ᠶ᠋ᠢᠨ ᠤᠷᠲᠤ ᠮᠢᠨᠳᠠᠰᠤᠨ ᠠᠯᠴᠢᠭᠤᠷ ᠨᠠᠮᠢᠷᠠᠭᠤᠯᠤᠨ ᠤᠶᠠᠵᠠᠢ᠃ ᠫᠤᠤᠳᠠᠬᠤ ᠨᠢ ᠲᠤᠩ ᠬᠡᠴᠡᠭᠦᠦ᠂ ᠬᠠᠮᠢᠭ᠎ᠠ ᠨᠢᠭᠡᠲᠡᠢ ᠡᠴᠡ ᠴᠣᠢᠯᠠᠭᠰᠠᠨ ᠭᠥᠷᠥᠭᠡᠰᠦ ᠰᠢᠭ ᠬᠠᠷ᠎ᠠ ᠬᠤᠷᠳᠤ ᠪᠠᠷ ᠭᠠᠷᠴᠤ ᠢᠷᠡᠨ ᠬᠠᠵᠠᠭᠤ ᠪᠠᠷ ᠥᠩᠭᠡᠷᠡᠬᠦ ᠵᠠᠭᠤᠷ᠎ᠠ ᠬᠡᠳᠦᠨ ᠠᠷᠪᠠᠨ ᠰᠤᠮᠤ ᠥᠰᠥᠷᠬᠡᠬᠦ ᠳ᠋ᠡᠭᠡᠨ ᠬᠥᠮᠦᠨ ᠲᠣᠭᠠᠯᠠᠨ ᠠᠮᠢ ᠠᠪᠬᠤ ᠭᠡᠵᠦ ᠰᠠᠨᠳᠤᠷᠭᠠᠨᠠ᠃ ᠬᠥᠮᠦᠰ ᠪᠣᠳᠣᠬᠤ ᠳ᠋ᠤ᠌ ᠡᠮᠦᠰᠦᠭᠰᠡᠨ ᠬᠤᠷᠴᠠ ᠥᠩᠭᠡᠲᠦ ᠳᠡᠪᠡᠯ ᠪᠠ ᠵᠠᠷ ᠵᠡᠪᠰᠡᠭ ᠲᠡᠭᠡᠨ ᠵᠡᠭᠦᠭᠰᠡᠨ ᠣᠯᠠᠨ ᠥᠩᠭᠡ ᠶ᠋ᠢᠨ ᠠᠯᠴᠢᠭᠤᠷ ᠨᠢ ᠫᠤᠤᠳᠠᠬᠤ ᠳ᠋ᠤ᠌ ᠲᠠᠪᠠᠲᠠᠢ ᠪᠠᠷᠢᠮᠵᠢᠶ᠎ᠠ ᠪᠣᠯᠤᠮᠠᠷ ᠪᠠᠢᠪᠠᠵᠤ ᠲᠡᠷᠡ ᠨᠢ ᠲᠡᠭᠦᠨ ᠦ᠌ ᠬᠤᠷᠳᠤᠨ ᠳᠠᠪᠬᠢᠯᠲᠠ ᠳ᠋ᠤ᠌᠂ ᠬᠣᠢᠰᠢ ᠬᠡᠢᠰᠦᠨ ᠰᠣᠯᠣᠩᠭᠠᠯᠠᠭᠤᠯᠵᠤ ᠪᠠᠷᠢᠯ ᠠᠯᠳᠠᠭᠳᠠᠭᠤᠯᠤᠨ᠎ᠠ᠃
ᠬᠣᠶᠠᠳᠤᠭᠠᠷ ᠶᠡᠬᠡ ᠲᠤᠯᠤᠯᠳᠤᠭᠠᠨ ᠠᠬᠠᠢ ᠪᠡᠢᠯᠡ ᠶ᠋ᠢᠨ ᠬᠤᠰᠢᠭᠤᠨ ᠳ᠋ᠤ᠌ ᠪᠣᠯᠪᠠ᠃ ᠵᠠᠩᠵᠤᠨ ᠴᠣᠢᠪᠠᠯᠰᠠᠩ ᠳᠠᠢᠰᠤᠨ ᠢ᠋ ᠴᠣᠬᠢᠬᠤ ᠠᠷᠭ᠎ᠠ ᠤᠬᠠᠭᠠᠨ ᠢ᠋ᠶ᠋ᠠᠨ ᠭᠠᠷᠮᠠᠭᠠᠢ ᠬᠢᠭᠰᠡᠨ ᠦ᠌ ᠳᠡᠭᠡᠷ᠎ᠡ ᠴᠡᠷᠢᠭ ᠪᠦᠷᠢ ᠰᠢᠢᠳᠮᠡᠭᠡᠢ ᠪᠠᠢᠯᠳᠤᠭᠰᠠᠨ ᠤ᠋ ᠦᠷ᠎ᠡ ᠳ᠋ᠦᠩ ᠳ᠋ᠦ᠍ ᠳᠠᠢᠰᠤᠨ ᠰᠦᠷᠡᠬᠡᠢ ᠴᠣᠬᠢᠭᠳᠠᠪᠠ᠃ ᠭᠡᠯᠡ ᠴᠦ᠍ ᠥᠨᠥᠬᠢ ᠬᠢᠯᠢᠩ ᠬᠠᠷ᠎ᠠ ᠮᠣᠷᠢ ᠲᠠᠢ ᠶ᠋ᠢ ᠶᠠᠭᠠᠬᠢᠵᠤ ᠴᠤ᠌ ᠴᠢᠳᠠᠭᠰᠠᠨ ᠦᠭᠡᠢ᠃ ᠲᠡᠷᠡ ᠭᠠᠢᠬᠠᠯ ᠵᠢᠭᠤᠲᠠᠭᠰᠠᠳ ᠲᠠᠢ ᠨᠡᠢᠯᠡᠨ ᠵᠢᠭᠤᠲᠠᠬᠤ ᠮᠥᠷᠲᠡᠭᠡᠨ ᠵᠢᠭᠤᠲᠠᠭᠰᠠᠨ ᠦᠭᠡᠢ᠂ ᠭᠠᠵᠠᠷ ᠤ᠋ᠨ ᠪᠡᠷᠬᠡ ᠳ᠋ᠦ᠍ ᠰᠠᠨᠠᠮᠰᠠᠷ ᠦᠭᠡᠢ ᠣᠷᠣᠵᠤ ᠣᠷᠬᠢᠭᠠᠳ ᠭᠠᠭᠴᠠᠭᠠᠷ ᠢ᠋ᠶ᠋ᠠᠨ ᠦᠯᠡᠳᠡᠨ ᠬᠣᠷᠢᠭᠯᠠᠨ ᠪᠠᠢᠯᠳᠤᠭᠰᠠᠨ ᠨᠢ ᠬᠠᠴᠢᠨ ᠭᠠᠢᠬᠠᠯᠲᠠᠢ᠃ ᠪᠢᠴᠢᠬᠠᠨ ᠵᠢᠯᠠᠭᠠᠨ ᠳ᠋ᠤ᠌ ᠮᠣᠷᠢ ᠪᠡᠶ᠎ᠡ ᠬᠣᠶᠠᠷ ᠢ᠋ᠶ᠋ᠠᠨ ᠳᠠᠯᠳᠠᠯᠠᠵᠤ ᠠᠪᠤᠭᠠᠳ ᠦᠮᠡᠬᠡᠢ ᠬᠦᠷᠡᠨ᠎ᠡ ᠰᠢᠭ ᠡᠨᠳᠡ ᠲᠡᠨᠳᠡ ᠡᠴᠡ ᠴᠤᠬᠤᠰᠬᠢᠨ ᠫᠤᠤᠳᠠᠭᠰᠠᠨ ᠨᠢ ᠠᠷᠪᠠ ᠬᠣᠷᠢᠨ ᠬᠥᠮᠦᠨ ᠲᠡᠢ ᠲᠡᠩᠴᠡᠨ᠎ᠡ᠃ ᠲᠡᠷᠡ ᠵᠠᠭᠤᠷ᠎ᠠ ᠨᠥᠭᠥᠭᠡᠳᠦᠭᠦᠯᠡ ᠨᠢ ᠠᠮᠢ ᠭᠠᠷᠬᠤ ᠵᠠᠢ ᠰᠦᠪᠡ ᠪᠡᠨ ᠣᠯᠤᠨ ᠠᠷᠢᠯᠪᠠ᠃ ᠡᠴᠦᠰ ᠲᠦ᠋ᠨᠢ ᠥᠪᠡᠷ ᠢ᠋ᠶ᠋ᠡᠨ ᠨᠢᠭᠡ ᠮᠡᠳᠡᠬᠦ ᠳ᠋ᠦ᠍ ᠲᠡᠷᠲᠡᠭᠡ ᠬᠠᠵᠠᠭᠤ ᠶ᠋ᠢᠨ ᠮᠣᠳᠣᠲᠤ ᠠᠭᠤᠯᠠ ᠶ᠋ᠢᠨ ᠬᠡᠴᠡ ᠥᠭᠡᠳᠡ ᠮᠣᠷᠢ ᠪᠠᠨ ᠵᠢᠳᠬᠦᠬᠦᠯᠡᠨ ᠳᠠᠪᠬᠢᠵᠤ ᠶᠠᠪᠤᠪᠠ᠃ ᠡᠨᠡ ᠨᠢ ᠶᠣᠰᠣᠲᠠ ᠷᠢᠳᠢ ᠰᠢᠳᠢ ᠶ᠋ᠢᠨ ᠬᠡᠷᠡᠭ᠂ ᠴᠣᠬᠣᠮ ᠶᠠᠭᠠᠬᠢᠭᠠᠳ ᠬᠡᠳᠦᠢ ᠵᠠᠪ ᠲᠠᠭᠠᠨ ᠲᠡᠨᠳᠡ ᠬᠦᠷᠦᠭᠰᠡᠨ ᠢ᠋ ᠬᠥᠮᠦᠨ ᠪᠦᠷ ᠪᠣᠳᠣᠵᠤ ᠡᠰᠡ ᠣᠯᠤᠭᠰᠠᠨ ᠪᠥᠭᠡᠳ ᠪᠦᠬᠦ ᠬᠡᠷᠡᠭ ᠥᠩᠭᠡᠷᠡᠭᠰᠡᠨ ᠬᠣᠢᠨ᠎ᠠ ᠠᠭᠤᠯᠠ ᠶ᠋ᠢᠨ ᠴᠠᠭᠠᠳᠤ ᠤᠷᠤᠭᠤ ᠬᠡᠷᠬᠢᠨ ᠪᠠᠭᠤᠭᠰᠠᠨ ᠢ᠋ ᠨᠢ ᠦᠵᠡᠬᠦ ᠳ᠋ᠦ᠍ ᠪᠠᠰᠠ ᠯᠠ ᠭᠠᠢᠬᠠᠯᠲᠠᠢ᠃ ᠮᠣᠷᠢᠲᠠᠢ ᠬᠥᠮᠦᠨ ᠪᠠᠢᠲᠤᠭᠠᠢ ᠶᠠᠪᠠᠭᠠᠨ ᠬᠥᠮᠦᠨ ᠨᠡᠪᠲᠡᠷᠡᠨ ᠭᠠᠷᠬᠤ ᠶ᠋ᠢᠨ ᠠᠷᠭ᠎ᠠ ᠦᠭᠡᠢ ᠶᠡᠬᠡ ᠠᠰᠬ᠎ᠠ ᠪᠠᠢᠯ᠎ᠠ᠃
ᠮᠡᠳᠡᠭᠡᠵᠢ ᠶ᠋ᠢᠨ ᠬᠡᠷᠡᠭ᠂ ᠬᠠᠷ᠎ᠠ ᠮᠣᠷᠢᠲᠠᠨ ᠪᠣᠯ ᠳᠠᠢᠰᠤᠨ᠃ ᠬᠠᠮᠤᠭ ᠤ᠋ᠨ ᠵᠠᠨᠤᠯᠲᠤ ᠳᠠᠢᠰᠤᠨ ᠢ᠋ᠶ᠋ᠠᠨ ᠭᠡᠵᠦ ᠵᠢᠷᠤᠮᠲᠤ ᠴᠡᠷᠢᠭ ᠦ᠋ᠳ ᠦᠵᠡᠨ᠎ᠡ᠃ ᠭᠡᠪᠡᠴᠦ ᠲᠡᠭᠦᠨ ᠦ᠌ ᠪᠠᠭᠠᠲᠤᠷᠯᠢᠭ ᠢ᠋ ᠪᠠᠰᠠ ᠪᠠᠬᠠᠳᠤᠨ᠎ᠠ᠃ ᠢᠯᠠᠩᠭᠤᠶ᠎ᠠ ᠥᠨᠳᠥᠷ ᠳᠠᠮᠫᠢᠯ 《ᠴᠣᠬᠣᠮ ᠴᠢ ᠪᠢᠳᠡ ᠬᠣᠶᠠᠷ ᠤ᠋ᠨ ᠬᠡᠨ ᠨᠢ ᠬᠡᠨ ᠢ᠋ ᠪᠡᠨ ᠪᠣᠯ ᠲᠠ》 ᠭᠡᠵᠦ ᠵᠠᠨᠤᠬᠤ ᠪᠣᠯᠪᠠᠴᠤ 《ᠠᠪᠤ ᠶ᠋ᠢᠨ ᠬᠦᠦ ᠡᠢᠮᠦ ᠪᠠᠢᠬᠤ ᠨᠢ ᠡᠨᠡ ᠳᠡᠯᠡᠬᠡᠢ ᠶ᠋ᠢᠨ ᠴᠢᠮᠡᠭ》 ᠭᠡᠳᠡᠭ ᠪᠠᠢᠪᠠ᠃ ᠡᠨᠡ ᠦᠭᠡ ᠶ᠋ᠢ ᠴᠡᠷᠢᠭ ᠦ᠋ᠳ ᠮᠥᠨ ᠵᠥᠪᠰᠢᠶᠡᠷᠡᠨ᠂ 《ᠠᠪᠤ ᠶ᠋ᠢᠨ ᠬᠦᠦ ᠶ᠋ᠢᠨ ᠰᠤᠮᠤᠨ ᠳ᠋ᠤ᠌ ᠤᠤ᠂ ᠠᠯᠢ ᠲᠡᠭᠦᠨ ᠦ᠌ ᠲᠠᠷᠢᠬᠢᠨ ᠳ᠋ᠤ᠌ ᠤᠤ》 ᠭᠡᠳᠡᠭ ᠵᠦᠢᠷ ᠦᠭᠡ ᠭᠠᠷᠴᠠᠢ᠃
ᠭᠤᠷᠪᠠᠳᠤᠭᠠᠷ ᠲᠤᠯᠤᠯᠳᠤᠭᠠᠨ ᠬᠠᠨᠳᠠ ᠴᠢᠨ ᠸᠠᠩ ᠤ᠋ᠨ ᠬᠤᠰᠢᠭᠤᠨ ᠳ᠋ᠤ᠌ ᠪᠣᠯᠵᠤ ᠳᠠᠢᠰᠤᠨ ᠳᠠᠬᠢᠨ ᠡᠰᠡᠷᠭᠦᠴᠡᠬᠦ ᠶᠠᠭᠤᠮ᠎ᠠ ᠦᠭᠡᠢ ᠪᠣᠯᠲᠠᠯ᠎ᠠ ᠪᠠᠨ ᠴᠣᠬᠢᠭᠳᠠᠪᠠ᠃ ᠭᠡᠲᠡᠯ᠎ᠡ ᠬᠠᠷ᠎ᠠ ᠮᠣᠷᠢᠲᠠᠨ ᠮᠥᠨ ᠯᠡ ᠦᠯᠡᠳᠡᠭᠰᠡᠨ ᠢ᠋ᠶ᠋ᠡᠷ ᠪᠠᠷᠠᠬᠤ ᠦᠭᠡᠢ᠂ ᠴᠣᠭ ᠵᠢᠪᠬᠤᠯᠠᠩ ᠢ᠋ᠶ᠋ᠠᠨ ᠪᠠᠳᠠᠷᠠᠭᠤᠯᠤᠭᠰᠠᠭᠠᠷ᠃ ᠳᠠᠢᠰᠤᠨ ᠴᠣᠬᠢᠭᠳᠠᠵᠤ ᠢᠳᠡ ᠪᠤᠲᠠᠷᠠᠨ ᠵᠢᠭᠤᠲᠠᠬᠤ ᠦᠶ᠎ᠡ ᠪᠡᠷ ᠵᠢᠷᠤᠮᠲᠤ ᠴᠡᠷᠢᠭ ᠦ᠋ᠳ ᠲᠡᠳᠡᠨ ᠦ᠌ ᠵᠠᠬᠢᠷᠤᠯ ᠣᠷᠣᠰ ᠣᠹᠢᠼᠧᠷ ᠦ᠋ᠨ ᠮᠣᠷᠢ ᠶ᠋ᠢ ᠤᠨᠠᠭᠠᠨ ᠶᠠᠪᠠᠭᠠᠯᠠᠬᠤᠨ ᠠᠮᠢᠳᠤ ᠪᠠᠷ ᠪᠠᠷᠢᠬᠤ ᠪᠠᠷ ᠠᠷᠪᠠᠭᠠᠳ ᠰᠠᠢᠨ ᠮᠣᠷᠢᠲᠠᠢ ᠬᠥᠮᠦᠨ ᠬᠤᠷᠳᠤᠯᠠᠨ ᠣᠴᠢᠵᠤ ᠶᠠᠪᠤᠬᠤ ᠳ᠋ᠤ᠌ ᠬᠥᠨᠳᠡᠯᠡᠨ ᠡᠴᠡ ᠬᠠᠷ᠎ᠠ ᠮᠣᠷᠢᠲᠠᠨ ᠭᠡᠨᠡᠳᠲᠡ ᠦᠰᠦᠷᠦᠨ ᠭᠠᠷᠴᠤ ᠢᠷᠡᠵᠦ ᠣᠹᠢᠼᠧᠷ ᠢ᠋ᠶ᠋ᠠᠨ ᠠᠪᠬᠤ ᠭᠡᠰᠡᠨ ᠢᠶᠡᠨ ᠶᠠᠮᠠᠷ ᠴᠤ᠌ ᠨᠥᠬᠥᠴᠡᠯ ᠦᠭᠡᠢ ᠪᠣᠯᠣᠮᠠᠭᠴᠠ ᠭᠠᠷ ᠰᠤᠩᠭᠠᠨ ᠭᠠᠭᠴᠠᠬᠠᠨ ᠫᠤᠤᠳᠠᠬᠤ ᠳ᠋ᠠᠭᠠᠨ ᠬᠣᠯᠬᠢ ᠪᠠᠷ ᠨᠢ ᠬᠢᠵᠦ ᠣᠷᠬᠢᠭᠠᠳ ᠥᠪᠡᠷ ᠢ᠋ᠶ᠋ᠡᠨ ᠠᠷᠢᠯᠵᠤ ᠣᠳᠪᠠ᠃
ᠶᠡᠷᠦᠩᠬᠡᠢ ᠳ᠋ᠡᠭᠡᠨ ᠡᠨᠳᠡ ᠳᠠᠢᠰᠤᠨ ᠪᠦᠷᠢᠮᠦᠰᠦᠨ ᠴᠣᠬᠢᠭᠳᠠᠭᠰᠠᠨ ᠲᠤᠯᠠ ᠵᠠᠩᠵᠤᠨ ᠴᠣᠢᠪᠠᠯᠰᠠᠩ ᠭᠣᠣᠯ ᠬᠦᠴᠦ ᠪᠡᠨ ᠠᠪᠤᠨ ᠪᠣᠭᠳᠠ ᠶ᠋ᠢᠨ ᠬᠦᠷᠢᠶ᠎ᠡ ᠴᠢᠭᠯᠡᠬᠦ ᠪᠣᠯᠪᠠ᠃ ᠳᠠᠢᠰᠤᠨ ᠤ᠋ ᠦᠯᠡᠳᠡᠭᠳᠡᠯ ᠢ᠋ ᠤᠰᠠᠳᠬᠠᠨ ᠴᠡᠪᠡᠷᠯᠡᠬᠦ ᠶᠠᠪᠤᠳᠠᠯ ᠢ᠋ ᠳᠠᠮᠫᠢᠯ ᠳ᠋ᠤ᠌ ᠳᠠᠭᠠᠭᠠᠯᠭᠠᠨ ᠦᠯᠡᠳᠡᠭᠡᠭᠰᠡᠨ ᠪᠥᠭᠡᠳ ᠰᠢᠯᠢᠳᠡᠭ ᠨᠠᠢ᠍ᠮᠠᠨ ᠬᠥᠮᠦᠨ ᠢ᠋ ᠭᠠᠷᠭᠠᠨ ᠥᠭᠭᠦᠭᠰᠡᠨ ᠦ᠌ ᠨᠢᠭᠡᠨ ᠳ᠋ᠦ᠍ ᠳᠣᠷᠵᠢ ᠣᠷᠣᠵᠠᠢ᠃ ᠤᠭ ᠨᠢ ᠳᠠᠮᠫᠢᠯ ᠰᠤᠮᠤᠨ ᠳᠠᠷᠤᠭ᠎ᠠ᠃ ᠭᠡᠲᠡᠯ᠎ᠡ ᠣᠳᠣ ᠲᠡᠭᠦᠨ ᠦ᠌ ᠳᠣᠣᠷ᠎ᠠ ᠰᠤᠮᠤ ᠪᠠᠢᠲᠤᠭᠠᠢ ᠲᠠᠰᠤᠭ ᠴᠦ᠍ ᠠᠯᠠᠭ᠎ᠠ᠃ ᠭᠡᠯᠡ ᠴᠦ᠍ ᠬᠥᠮᠦᠰ ᠳᠠᠮᠫᠢᠯ ᠢ᠋ᠶ᠋ᠠᠨ 《ᠰᠤᠮᠤᠨ ᠳᠠᠷᠤᠭ᠎ᠠ ᠠ᠋!》 ᠭᠡᠵᠦ ᠳᠠᠭᠤᠳᠠᠨ᠎ᠠ᠃ ᠡᠢᠨᠬᠦ ᠳᠠᠭᠤᠳᠠᠬᠤ ᠶ᠋ᠢ ᠳᠠᠮᠫᠢᠯ ᠮᠠᠰᠢ ᠲᠠᠭᠠᠯᠠᠮᠵᠢᠲᠠᠢ ᠬᠦᠯᠢᠶᠡᠨ ᠠᠪᠬᠤ ᠪᠥᠭᠡᠳ ᠬᠠᠷᠢᠨ ᠥᠪᠡᠷ ᠢ᠋ᠶ᠋ᠡᠨ ᠪᠠᠭ᠎ᠠ ᠪᠣᠯᠪᠠᠴᠤ ᠳᠠᠢᠰᠤᠨ ᠢ᠋ ᠤᠰᠠᠳᠬᠠᠬᠤ ᠠᠩᠭᠢ ᠵᠠᠬᠢᠷᠤᠭᠰᠠᠨ ᠤ᠋ ᠬᠤᠪᠢ ᠳ᠋ᠤ᠌ 《ᠵᠠᠩᠵᠤᠨ ᠠ》 ᠭᠡᠬᠦ ᠪᠤᠶᠤ ᠡᠰᠡᠪᠡᠯ 《ᠬᠣᠷᠢᠶᠠᠨ ᠳᠠᠷᠤᠭ᠎ᠠ ᠠ》 ᠡᠨᠡ ᠲᠡᠷᠡ ᠭᠡᠪᠡᠯ ᠠᠭᠤᠷᠯᠠᠬᠤ ᠠᠵᠢ᠃ ᠵᠥᠪᠬᠡᠨ ᠨᠠᠢ᠍ᠮᠠᠨ ᠬᠥᠮᠦᠨ ᠵᠠᠬᠢᠷᠤᠭᠰᠠᠨ ᠢ᠋ ᠨᠢ ᠪᠠᠷᠢᠮᠲᠠᠯᠠᠨ ᠰᠠᠯᠠᠭ᠎ᠠ ᠲᠠᠰᠤᠭ ᠤ᠋ᠨ ᠵᠡᠷᠭᠡ ᠳ᠋ᠦ᠍ ᠠᠪᠠᠴᠢᠨ ᠳᠠᠭᠤᠳᠠᠪᠠᠯ ᠮᠥᠨ ᠯᠡ ᠠᠭᠤᠷᠯᠠᠬᠤ ᠠᠵᠢ᠃ ᠤᠴᠢᠷ ᠨᠢ ᠭᠡᠪᠡᠯ ᠳᠠᠮᠫᠢᠯ ᠠᠷᠠᠳ ᠤ᠋ᠨ ᠵᠢᠷᠤᠮᠲᠤ ᠴᠡᠷᠢᠭ ᠦ᠋ᠨ ᠠᠩᠬᠠᠨ ᠤ᠋ ᠡᠳᠦᠷ ᠡᠴᠡ ᠡᠬᠢᠯᠡᠨ ᠰᠤᠮᠤᠨ ᠳᠠᠷᠤᠭ᠎ᠠ ᠶ᠋ᠢᠨ ᠡᠭᠦᠷᠭᠡ ᠬᠦᠯᠢᠶᠡᠭᠰᠡᠨ ᠬᠥᠮᠦᠨ ᠪᠥᠭᠡᠳ ᠥᠪᠡᠷ ᠢ᠋ᠶ᠋ᠡᠨ ᠴᠦ᠍ ᠪᠦᠬᠦ ᠴᠡᠷᠢᠭ ᠲᠡᠢᠨ ᠦ᠌ ᠶᠠᠪᠤᠳᠠᠯ ᠳ᠋ᠤ᠌ ᠰᠤᠮᠤᠨ ᠳᠠᠷᠤᠭ᠎ᠠ ᠠ᠋ᠴᠠ ᠢᠯᠡᠭᠦᠦ ᠡᠷᠬᠢᠮ ᠬᠠᠷᠢᠭᠤᠴᠠᠯᠭ᠎ᠠ ᠲᠠᠢ ᠡᠭᠦᠷᠭᠡ ᠦᠭᠡᠢ ᠭᠡᠵᠦ ᠦᠵᠡᠳᠡᠭ ᠲᠤᠯᠠ ᠡᠭᠦᠷᠢᠳᠡ ᠰᠤᠮᠤᠨ ᠳᠠᠷᠤᠭ᠎ᠠ ᠶᠠᠪᠤᠬᠤ ᠬᠦᠰᠡᠯ ᠲᠡᠢ ᠪᠠᠢᠵᠠᠢ᠃
ᠳᠠᠢᠰᠤᠨ ᠤ᠋ ᠦᠯᠡᠳᠡᠭᠳᠡᠯ ᠤᠷᠤᠭᠰᠢ ᠪᠠᠨ ᠥᠪᠥᠷ ᠮᠣᠩᠭᠣᠯ ᠣᠷᠣᠬᠤ ᠶ᠋ᠢ ᠰᠠᠨᠠᠭᠠᠷᠬᠠᠨ ᠵᠢᠭᠤᠲᠠᠭᠰᠠᠨ ᠰᠤᠷᠠᠭ ᠲᠠᠢ ᠪᠠᠢᠯ᠎ᠠ᠃ ᠲᠡᠳᠡ ᠵᠠᠮ ᠳ᠋ᠠᠭᠠᠨ ᠲᠣᠬᠢᠶᠠᠯᠳᠤᠭᠰᠠᠨ ᠠᠢᠯ ᠠᠮᠢᠲᠠᠳ ᠢ᠋ ᠳᠡᠭᠡᠷᠡᠮᠳᠡᠨ ᠬᠥᠯ ᠤᠨᠤᠭ᠎ᠠ ᠵᠠᠯᠭᠠᠬᠤ ᠲᠤᠯᠠ ᠬᠥᠯ ᠬᠦᠷᠦᠯᠴᠡᠨ ᠭᠦᠢᠴᠡᠬᠦ ᠳ᠋ᠦ᠍ ᠪᠡᠷᠬᠡ᠂ ᠬᠥᠭᠡᠭᠡᠵᠦ ᠶᠠᠪᠤᠭ᠎ᠠ ᠳᠠᠮᠫᠢᠯ ᠠᠷᠠᠳ ᠣᠯᠠᠨ ᠢ᠋ ᠠᠶᠤᠯᠭᠠᠨ ᠰᠣᠴᠢᠭᠠᠬᠤ᠂ ᠡᠳ᠋ ᠬᠥᠷᠥᠩᠭᠡ ᠳ᠋ᠦ᠍ᠨᠢ ᠬᠠᠯᠳᠠᠬᠤ ᠲᠡᠷᠡ ᠪᠦᠬᠦᠨ ᠢ᠋ ᠬᠠᠲᠠᠭᠤ ᠴᠡᠭᠡᠷᠯᠡᠬᠦ ᠡᠭᠦᠷᠭᠡ ᠶ᠋ᠢ ᠠᠪᠤᠭᠰᠠᠨ ᠬᠥᠮᠦᠨ ᠪᠥᠭᠡᠳ ᠲᠡᠭᠦᠨ ᠢ᠋ᠶ᠋ᠡᠨ ᠪᠠᠷᠢᠮᠲᠠᠯᠠᠨ ᠡᠴᠡᠵᠦ ᠶᠠᠳᠠᠷᠠᠭᠰᠠᠨ ᠮᠣᠷᠢᠳ ᠢ᠋ᠶ᠋ᠠᠨ ᠡᠳᠦᠷ ᠰᠥᠨᠢ ᠦᠭᠡᠢ ᠵᠢᠳᠬᠦᠭᠦᠯᠦᠨ ᠶᠠᠪᠤᠨ᠎ᠠ᠃ ᠬᠣᠭᠣᠯᠠ ᠬᠦᠨᠡᠰᠦᠨ ᠦ᠌ ᠪᠡᠨ ᠵᠦᠢᠯᠡᠰ ᠢ᠋ ᠵᠥᠪᠬᠡᠨ ᠬᠥᠮᠦᠨ ᠦ᠌ ᠥᠭᠭᠦᠭᠰᠡᠨ ᠢ᠋ᠶ᠋ᠡᠷ ᠵᠠᠯᠭᠠᠭᠤᠯᠬᠤ ᠲᠤᠯᠠ ᠵᠠᠷᠢᠮ ᠡᠳᠦᠷ ᠬᠡᠳᠦ ᠴᠠᠳᠤᠨ ᠴᠠᠳᠬᠤᠯᠳᠤᠬᠤ᠂ ᠵᠠᠷᠢᠮ ᠡᠳᠦᠷ ᠥᠯᠥᠰᠬᠦᠯᠡᠩ ᠶᠠᠪᠤᠬᠤ ᠴᠦ᠍ ᠲᠣᠬᠢᠶᠠᠯᠳᠤᠨ᠎ᠠ᠃ ᠭᠡᠲᠡᠯ᠎ᠡ ᠪᠠᠰᠠ ᠵᠠᠮ ᠳ᠋ᠤ᠌ ᠲᠣᠬᠢᠶᠠᠯᠳᠤᠬᠤ ᠠᠢᠯ ᠠᠮᠢᠲᠠᠳ ᠤ᠋ᠨ ᠪᠠᠢᠳᠠᠯ ᠶᠠᠩᠵᠤ ᠪᠦᠷᠢ᠂ ᠠᠮᠤᠷ ᠮᠡᠨᠳᠦ ᠶ᠋ᠢ ᠳᠠᠷᠤᠢᠬᠠᠨ ᠡᠷᠢᠭᠡᠳ 《ᠪᠢᠳᠡ ᠠᠷᠠᠳ ᠤ᠋ᠨ ᠨᠠᠮ ᠤ᠋ᠨ ᠨᠣᠮᠣᠬᠠᠨ ᠪᠣᠷᠣ ᠶ᠋ᠢᠨ ᠬᠢᠨ ᠪᠠᠢᠨ᠎ᠠ》 ᠭᠡᠬᠦ ᠳ᠋ᠦ᠍ 《ᠠ ᠲᠡᠢᠮᠦ ᠤᠤ》 ᠭᠡᠵᠦ ᠳᠠᠭᠤ ᠠᠯᠲᠠᠨ ᠤᠨᠤᠬᠤ ᠮᠣᠷᠢ ᠰᠡᠯᠪᠢᠨ ᠲᠤᠰᠠᠯᠠᠬᠤ ᠶ᠋ᠢ ᠪᠣᠳᠣᠳᠠᠭ ᠨᠢᠭᠡ ᠬᠡᠰᠡᠭ ᠪᠠᠢᠬᠤ ᠳ᠋ᠤ᠌ 《ᠦᠭᠡᠢ ᠲᠠ ᠮᠢᠨᠢ ᠲᠡᠷᠡ ᠠᠷᠠᠳ ᠤ᠋ᠨ ᠨᠠᠮ ᠤ᠋ᠨ ᠨᠣᠮᠣᠬᠠᠨ ᠪᠣᠷᠣ ᠭᠡᠳᠡᠭ ᠴᠢᠨᠢ ᠶᠠᠭᠤ ᠪᠣᠢ》 ᠭᠡᠵᠦ ᠭᠠᠢᠬᠠᠨ ᠲᠠᠪᠤᠨ ᠳᠡᠯᠡᠬᠡᠢ ᠶ᠋ᠢᠨ ᠶᠠᠭᠤᠮ᠎ᠠ ᠶ᠋ᠢ ᠠᠮᠠᠨ ᠳ᠋ᠠᠭᠠᠨ ᠣᠷᠣᠬᠤ ᠶ᠋ᠢᠨ ᠵᠣᠷᠢᠭ ᠢ᠋ᠶ᠋ᠠᠷ ᠠᠰᠠᠭᠤᠨ ᠰᠢᠯᠭᠠᠳᠠᠭ ᠴᠤ᠌ ᠨᠢᠭᠡ ᠬᠡᠰᠡᠭ ᠪᠠᠢᠨ᠎ᠠ᠃ ᠵᠠᠷᠢᠮ ᠨᠢ ᠪᠦᠷ 《ᠨᠣᠮᠣᠬᠠᠨ ᠪᠣᠷᠣ ᠶ᠋ᠢᠨ ᠬᠢᠨ》 ᠭᠡᠵᠦ ᠠᠮᠠᠨ ᠠ᠋ᠴᠠ ᠴᠤᠬᠤᠢᠯᠭᠠᠮᠠᠭᠴᠠ ᠬᠥᠮᠥᠰᠬᠡ ᠵᠠᠩᠭᠢᠳᠤᠨ ᠠᠶᠠᠭ᠎ᠠ ᠶ᠋ᠢᠨ ᠠᠮᠠᠰᠠᠷ ᠵᠠᠭᠤᠯᠭᠠᠬᠤ ᠦᠭᠡᠢ ᠶ᠋ᠢ ᠬᠢᠴᠢᠶᠡᠬᠦ ᠪᠠᠢᠳᠠᠯ ᠵᠢᠢᠠᠷ ᠲᠠᠴ ᠳᠠᠭᠤ ᠦᠭᠡᠢ ᠪᠣᠯᠳᠠᠭ ᠴᠤ᠌ ᠪᠢᠰᠢᠭᠦᠢ ᠳᠠᠭᠠᠷᠢᠯᠳᠤᠨ᠎ᠠ᠃ ᠭᠡᠪᠴᠦ ᠳᠠᠮᠫᠢᠯ ᠲᠡᠳᠡᠨ ᠦ᠌ ᠬᠡᠨ ᠳ᠋ᠦ᠍ᠨᠢ ᠪᠣᠯᠪᠠᠴᠤ ᠭᠡᠮ ᠵᠠᠮ ᠦᠭᠡᠢ᠂ ᠬᠠᠭᠠᠰ ᠰᠠᠷ᠎ᠠ ᠭᠠᠷᠤᠢ ᠶᠠᠪᠤᠭᠰᠠᠨ ᠤ᠋ ᠡᠴᠦᠰ ᠲᠦ᠍ ᠳᠠᠢᠰᠤᠨ ᠤ᠋ ᠪᠠᠷ᠎ᠠ ᠶ᠋ᠢ ᠠᠩᠬ᠎ᠠ ᠣᠯᠵᠤ ᠬᠠᠷᠠᠪᠠ᠃
ᠲᠡᠳᠡ ᠤᠭ ᠨᠢ ᠲᠠᠪᠤ ᠵᠢᠷᠭᠤᠭ᠎ᠠ ᠠ᠋ᠴᠠ ᠬᠡᠲᠦᠷᠡᠮᠡ ᠦᠭᠡᠢ ᠪᠠᠢᠯᠲᠠᠢ ᠠᠲᠠᠯ᠎ᠠ ᠪᠦᠬᠦ ᠵᠢᠭᠤᠲᠠᠭᠰᠠᠳ ᠪᠡᠶ᠎ᠡ ᠪᠡᠶ᠎ᠡ ᠪᠡᠨ ᠡᠷᠢᠨ ᠨᠡᠢᠯᠡᠯᠳᠦᠭᠰᠡᠭᠡᠷ ᠠᠷᠪᠠᠨ ᠬᠡᠳᠦᠭᠦᠯᠡ ᠪᠣᠯᠤᠭᠰᠠᠨ ᠠᠵᠢ᠃ ᠦᠵᠡᠲᠡᠯ᠎ᠡ ᠲᠡᠳᠡᠨ ᠢ᠋ ᠮᠥᠨ ᠯᠡ ᠥᠨᠥᠬᠢ ᠴᠡᠩᠬᠡᠷ ᠳᠠᠪᠠᠯᠲᠠᠨ ᠲᠣᠯᠣᠭᠠᠢᠯᠠᠨ ᠶᠠᠪᠤᠨ᠎ᠠ᠃ᠬᠠᠷ᠎ᠠ ᠮᠣᠷᠢ ᠨᠢ ᠰᠣᠯᠢᠭᠳᠠᠵᠤ ᠪᠠᠷᠠᠭᠠᠨ ᠵᠢᠰᠦᠮ ᠦ᠋ᠨ ᠮᠣᠷᠢ ᠲᠠᠢ ᠪᠣᠯᠤᠭᠰᠠᠨ ᠪᠠᠢᠬᠤ ᠪᠥᠭᠡᠳ ᠲᠡᠭᠦᠨ ᠳᠡᠭᠡᠷ᠎ᠡ ᠬᠥᠨᠳᠡᠯᠡᠨ ᠰᠠᠭᠤᠵᠤ᠂ ᠬᠤᠷᠴᠠ ᠵᠡᠪᠰᠡᠭ ᠦ᠋ᠳ ᠢᠶᠠᠨ ᠭᠢᠯᠠᠯᠵᠠᠭᠤᠯᠤᠨ ᠨᠠᠴᠢᠨ ᠱᠣᠩᠬᠣᠷ ᠰᠢᠭ᠋ ᠱᠢᠯᠪᠡᠯᠵᠠᠨ ᠶᠠᠪᠤᠨ᠎ᠠ᠃
ᠳᠠᠮᠫᠢᠯ ᠲᠡᠭᠦᠨ ᠢ᠋ ᠬᠠᠮᠤᠭ ᠤ᠋ᠨ ᠲᠦᠷᠦᠭᠦᠨ ᠲᠠᠨᠢᠪᠠ᠃ ᠣᠳᠣ ᠴᠤ᠌ ᠬᠠᠷᠢᠨ ᠴᠢ ᠪᠢᠳᠡ ᠬᠣᠶᠠᠷ ᠤ᠋ᠨ ᠬᠡᠨ ᠨᠢ ᠬᠡᠨ ᠢ᠋ ᠪᠡᠨ ᠭᠡᠳᠡᠭ ᠴᠠᠭ ᠢᠷᠡᠵᠡᠢ ᠭᠡᠵᠦ ᠵᠠᠨᠤᠯᠬᠢᠯᠠᠨ ᠥᠭᠦᠯᠡᠪᠡ᠃ ᠨᠥᠬᠥᠳ ᠨᠢ ᠴᠤ᠌《ᠠᠪᠤ ᠶ᠋ᠢᠨ ᠬᠦᠦ ᠶ᠋ᠢᠨ ᠰᠤᠮᠤᠨ ᠳ᠋ᠤ᠌ ᠤᠤ᠂ ᠠᠯᠢ ᠲᠡᠭᠦᠨ ᠦ᠌ ᠲᠠᠷᠢᠬᠢᠨ ᠳ᠋ᠤ᠌ ᠤᠤ?》 ᠭᠡᠵᠦ ᠥᠭᠦᠯᠡᠯᠳᠦᠪᠡ᠃ ᠴᠡᠩᠬᠡᠷ ᠳᠡᠪᠡᠯᠲᠦ ᠴᠤ᠌ ᠳᠠᠮᠫᠢᠯ ᠢ᠋ ᠲᠠᠨᠢᠪᠠ ᠪᠣᠯᠤᠯᠲᠠᠢ᠂ ᠬᠥᠮᠦᠰ ᠶᠠᠭᠠᠷᠠᠨ ᠲᠠᠷᠬᠠᠵᠤ ᠬᠣᠷᠢᠭᠯᠠᠨ ᠪᠠᠢᠯᠳᠤᠬᠤ ᠶ᠋ᠢ ᠪᠡᠯᠡᠳᠬᠡᠪᠡ᠃ᠭᠡᠲᠡᠯ᠎ᠡ ᠡᠨᠡ ᠨᠢ ᠵᠠᠯᠢ ᠪᠠᠢᠯ᠎ᠠ᠃ ᠳᠠᠷᠤᠭ᠎ᠠ ᠳᠠᠮᠫᠢᠯ ᠨᠥᠬᠥᠳ ᠢ᠋ᠶ᠋ᠡᠨ ᠮᠣᠷᠢᠳ ᠠ᠋ᠴᠠ ᠪᠠᠭᠤᠯᠭᠠᠨ ᠶᠠᠪᠠᠭᠠᠨ ᠲᠠᠪᠰᠢᠭᠤᠯᠵᠤ ᠫᠤᠤ ᠶ᠋ᠢᠨ ᠲᠤᠰᠬᠠᠯ ᠭᠥᠷᠥᠬᠦᠢᠴᠡ ᠪᠣᠯᠭᠠᠲᠠᠯ᠎ᠠ ᠴᠡᠩᠬᠡᠷ ᠳᠡᠪᠡᠯᠲᠦ᠂ ᠬᠥᠮᠦᠰ ᠢ᠋ᠶ᠋ᠡᠨ ᠭᠡᠨᠡᠳᠲᠡ ᠮᠣᠷᠳᠠᠭᠤᠯᠤᠨ ᠵᠢᠭᠤᠲᠠᠪᠠ᠃ ᠬᠣᠢᠨ᠎ᠠ ᠠ᠋ᠴᠠ ᠨᠢ ᠵᠢᠷᠤᠮᠲᠤ ᠴᠡᠷᠢᠭ ᠦ᠋ᠳ ᠠᠷᠤ ᠳ᠋ᠠᠭᠠᠨ ᠣᠷᠬᠢᠭᠰᠠᠨ ᠮᠣᠷᠢᠨ ᠳ᠋ᠠᠭᠠᠨ ᠬᠦᠷᠬᠦ᠂ ᠮᠣᠷᠳᠠᠬᠤ ᠭᠡᠭᠰᠡᠭᠡᠷ ᠪᠠᠢᠲᠠᠯ᠎ᠠ ᠲᠡᠳᠡ ᠪᠠᠷ᠎ᠠ ᠰᠤᠷᠠᠭ ᠦᠭᠡᠢ ᠠᠷᠢᠯᠵᠠᠢ᠃ ᠡᠴᠦᠰ ᠲᠦ᠋ᠨᠢ ᠳᠠᠮᠫᠢᠯ ᠶᠡᠬᠡᠳᠡ ᠬᠣᠷᠣᠰᠤᠨ᠂ ᠲᠡᠭᠦᠨ ᠢ᠋ ᠪᠢ ᠡᠨᠳᠡ ᠣᠷᠴᠢᠯᠠᠩ ᠠ᠋ᠴᠠ ᠲᠣᠨᠢᠯᠭᠠᠨ᠎ᠠ ᠭᠡᠰᠡᠨ ᠮᠠᠨᠢ ᠲᠣᠭᠣᠰᠣᠨ ᠳ᠋ᠤᠨᠢ ᠳᠠᠷᠤᠭᠳᠠᠨ ᠬᠣᠴᠣᠷᠪᠠ ᠭᠡᠵᠦ ᠠᠮᠠ ᠪᠠᠨ ᠪᠠᠷᠢᠪᠠ᠃
ᠲᠡᠷᠡ ᠡᠳᠦᠷ ᠲᠡᠭᠡᠨ ᠳᠠᠮᠫᠢᠯ ᠤ᠋ᠨ ᠠᠩᠭᠢ ᠰᠤᠯᠠᠳᠠᠭᠰᠠᠨ ᠮᠣᠷᠢᠳ ᠢ᠋ᠶ᠋ᠠᠷ ᠢ᠋ᠶ᠋ᠠᠨ ᠵᠥᠪᠬᠡᠨ ᠵᠠᠮ ᠮᠥᠷ ᠢ᠋ ᠨᠢ ᠬᠠᠢᠨ ᠶᠠᠪᠤᠯ᠎ᠠ᠃ ᠮᠠᠷᠭᠠᠰᠢ ᠨᠢ ᠪᠢᠴᠢᠬᠠᠨ ᠭᠣᠣᠯ ᠤ᠋ᠨ ᠳᠠᠭᠠᠤ ᠠᠢᠯ ᠤ᠋ᠳ ᠢ᠋ᠶ᠋ᠠᠷ ᠪᠠᠭᠤᠨ ᠤᠴᠢᠷ ᠶᠠᠪᠤᠳᠠᠯ ᠵᠢᠶᠠᠨ ᠢᠯᠡᠷᠬᠡᠢᠯᠡᠨ ᠥᠭᠦᠯᠡᠭᠰᠡᠨ ᠳ᠋ᠦ᠍ ᠲᠡᠨᠳᠡᠬᠢ ᠶ᠋ᠢᠨ ᠬᠥᠮᠦᠰ ᠨᠢᠭᠤᠷ ᠲᠠᠯ᠎ᠠ ᠥᠭᠭᠦᠨ ᠠᠭᠲᠠ ᠮᠣᠷᠢᠳ ᠢ᠋ᠶ᠋ᠠᠨ ᠰᠠᠢᠨ ᠠ᠋ᠴᠠ ᠨᠢ ᠪᠡᠷᠢᠯᠡᠨ ᠬᠥᠯ ᠤᠨᠤᠭ᠎ᠠ ᠵᠠᠯᠭᠠᠬᠤ ᠪᠠᠷ ᠪᠣᠯᠪᠠ᠃ ᠲᠡᠷᠡ ᠪᠠᠢᠲᠤᠭᠠᠢ ᠳᠠᠢᠰᠤᠨ ᠤ᠋ ᠬᠠᠮᠢᠭᠠᠰᠢ ᠴᠢᠭᠯᠡᠨ ᠶᠠᠪᠤᠭᠰᠠᠨ ᠢ᠋ ᠲᠣᠳᠣᠷᠬᠠᠢ ᠮᠡᠳᠡᠵᠦ ᠪᠠᠢᠭᠰᠠᠨ ᠪᠥᠭᠡᠳ ᠭᠠᠵᠠᠷᠴᠢᠯᠠᠬᠤ ᠬᠥᠮᠦᠨ ᠢ᠋ ᠬᠦᠷᠲᠡᠯ᠎ᠡ ᠭᠠᠷᠭᠠᠵᠤ ᠥᠭᠪᠡ᠃
ᠡᠨᠳᠡ ᠡᠴᠡ ᠳᠠᠮᠫᠢᠯ ᠵᠥᠪᠬᠡᠨ ᠤᠨᠤᠭ᠎ᠠ ᠮᠣᠷᠢᠳ ᠭᠠᠵᠠᠷᠯᠠᠬᠤ ᠬᠥᠮᠦᠨ ᠢ᠋ᠶ᠋ᠡᠷ ᠬᠠᠩᠭᠠᠭᠳᠠᠭᠰᠠᠨ ᠢ᠋ᠶ᠋ᠠᠷ ᠵᠣᠭᠰᠣᠬᠤ ᠦᠭᠡᠢ᠂ ᠨᠡᠷ᠎ᠡ ᠶ᠋ᠢ ᠨᠢ ᠰᠣᠨᠣᠰᠤᠮᠠᠭᠴᠠ ᠥᠪᠡᠷ ᠦ᠋ᠨ ᠡᠷᠬᠡ ᠦᠭᠡᠢ ᠠᠷᠠᠭᠠᠨ ᠤ᠋ ᠪᠠᠨ ᠰᠢᠯᠦᠰᠦ ᠶ᠋ᠢ ᠭᠣᠭᠣᠵᠢᠭᠤᠯᠬᠤ ᠳ᠋ᠤ᠌ ᠬᠦᠷᠳᠡᠭ ᠶᠠᠭᠤᠮ᠎ᠠ ᠶ᠋ᠢ ᠪᠠᠬᠠᠨ ᠤᠤᠭᠤᠵᠤ ᠨᠢᠭᠤᠷ ᠬᠤᠪᠢᠷᠠᠨ ᠤᠯᠠᠭᠠᠨ ᠵᠡᠭᠡᠷᠳᠡ ᠪᠣᠯᠤᠭᠰᠠᠨ ᠤᠴᠢᠷ ᠨᠢᠭᠤᠷ ᠲᠡᠨᠢᠭᠡᠷ᠂ ᠴᠡᠭᠡᠵᠢ ᠬᠠᠨᠠᠭᠠᠷ ᠮᠣᠷᠳᠠᠵᠠᠢ᠃ ᠪᠤᠰᠤᠳ ᠨᠥᠬᠥᠳ ᠨᠢ ᠪᠠᠷᠤᠭ ᠢ᠋ᠶ᠋ᠠᠷ ᠢ᠋ᠶ᠋ᠠᠨ ᠡᠷᠡᠭᠦᠯ᠂ ᠲᠡᠳᠡᠨ ᠦ᠌ ᠵᠠᠷᠢᠮ ᠨᠢ ᠡᠷᠬᠢᠮ ᠳᠠᠷᠤᠭ᠎ᠠ ᠠ᠋ᠴᠠ ᠪᠠᠨ ᠡᠮᠢᠶᠡᠨ ᠬᠣᠢᠰᠢ ᠲᠠᠯᠪᠢᠭᠰᠠᠭᠠᠷ ᠪᠠᠢᠭᠠᠳ ᠬᠣᠭᠣᠰᠣᠨ ᠬᠣᠴᠣᠷᠤᠭᠰᠠᠨ ᠳ᠋ᠠᠭᠠᠨ ᠪᠠᠬᠠᠨ ᠬᠠᠷᠠᠮᠰᠠᠯᠲᠠᠢ ᠶᠠᠪᠤᠨ᠎ᠠ᠃ ᠬᠠᠷᠢᠨ ᠳᠣᠷᠵᠢ ᠠᠩᠬ᠎ᠠ ᠵᠢᠷᠤᠮᠲᠤ ᠴᠡᠷᠢᠭ ᠲᠦ᠍ ᠡᠯᠰᠡᠭᠰᠡᠨ ᠡᠴᠡ ᠠᠪᠤᠭᠠᠳ ᠥᠨᠥ ᠬᠦᠷᠲᠡᠯ᠎ᠡ ᠳᠠᠮᠫᠢᠯ ᠤ᠋ᠨ ᠳᠣᠣᠷ᠎ᠠ ᠶᠠᠪᠤᠨ ᠢᠵᠢᠯᠢ ᠳᠠᠰᠤᠯ ᠪᠣᠯᠤᠭᠰᠠᠨ ᠢ᠋ᠶ᠋ᠠᠷ ᠢ᠋ᠶ᠋ᠠᠨ ᠭᠤᠷᠪᠠᠨ ᠲᠠᠭᠱᠠ ᠤᠤᠭᠤᠵᠤ ᠨᠢᠭᠤᠷ ᠤᠯᠠᠷᠢᠨ ᠬᠠᠮᠠᠷ ᠳᠡᠭᠡᠭᠦᠷ ᠨᠢ ᠬᠥᠯᠥᠰᠥ ᠪᠤᠷᠵᠢᠢᠬᠤ ᠳ᠋ᠤ᠌ ᠬᠦᠷᠴᠡᠢ᠃
ᠰᠠᠢᠬᠠᠨ ᠶᠡᠭᠦᠯᠡᠭᠰᠡᠨ ᠮᠣᠷᠢᠨ ᠤ᠋ ᠰᠢᠷᠦᠭᠦᠨ ᠬᠠᠲᠠᠷᠢᠭᠠᠨ ᠳ᠋ᠤ᠌ ᠠᠷᠤ ᠨᠢᠷᠤᠭᠤ ᠬᠦᠨᠳᠦ ᠲᠡᠮᠦᠷᠲᠦ ᠤᠷᠲᠤ ᠫᠤᠤ ᠳ᠋ᠤ᠌ ᠬᠦᠴᠦᠲᠡᠢ ᠳᠠᠷᠤᠭᠳᠠᠨ᠎ᠠ᠃ᠭᠡᠪᠡᠴᠦ ᠳᠣᠷᠵᠢ ᠲᠡᠭᠦᠨ ᠳ᠋ᠦ᠍ ᠣᠯᠠᠨ ᠬᠣᠨᠣᠭ ᠪᠠᠯᠪᠠᠭᠤᠯᠤᠭᠰᠠᠨ ᠳ᠋ᠠᠭᠠᠨ ᠠᠩᠵᠠᠭᠠᠷᠠᠬᠤ ᠦᠭᠡᠢ ᠪᠣᠯᠵᠠᠢ᠃ ᠤᠷᠢᠳᠠ ᠨᠢ ᠶᠠᠪᠤᠭ᠎ᠠ ᠳᠠᠮᠫᠢᠯ ᠮᠥᠨ ᠯᠡ ᠮᠣᠷᠢᠨ ᠴᠡᠷᠢᠭ ᠦ᠋ᠨ ᠣᠷᠣᠰ ᠸᠢᠨ᠋ᠲ᠋ᠤᠸ ᠲᠠᠭᠠᠨ ᠪᠠᠯᠪᠠᠭᠤᠯᠤᠭᠰᠠᠭᠠᠷ᠃ ᠯᠠᠪᠯᠠᠨ ᠠᠵᠢᠬᠤ ᠳ᠋ᠤ᠌ ᠭᠣᠣᠯ ᠲᠡᠮᠦᠷ ᠨᠢ ᠥᠩᠭᠡ ᠴᠢᠨᠠᠷ ᠢ᠋ᠶ᠋ᠠᠨ ᠠᠯᠢ ᠬᠡᠳᠦᠢᠨ ᠠᠯᠳᠠᠵᠤ 《ᠰᠡᠴᠡᠨ ᠪᠢᠯᠢᠭᠲᠦ》 ᠬᠡᠮᠡᠬᠦ ᠮᠥᠩᠭᠥᠨ ᠳᠠᠪᠲᠠᠮᠠᠯ ᠦᠰᠦᠭ ᠨᠢ ᠣᠷᠣ ᠮᠥᠷ ᠦᠭᠡᠢ ᠠᠷᠢᠯᠵᠤ᠂ ᠰᠡᠭᠦᠯ ᠮᠣᠳᠣᠨ ᠤ᠋ ᠬᠢᠨᠢ ᠬᠣᠰᠢᠨ ᠰᠢᠷᠭᠠᠯ ᠥᠩᠭᠡ ᠬᠤᠪᠬᠠᠢᠷᠡᠨ ᠥᠭᠢᠷᠡᠰᠢᠬᠦ ᠲᠠᠢᠰᠢ ᠬᠠᠨᠳᠤᠭᠰᠠᠨ ᠨᠢ ᠳᠣᠷᠵᠢ ᠳ᠋ᠤ᠌ ᠬᠠᠯᠠᠭᠤᠨ ᠳᠤᠯᠠᠭᠠᠨ ᠤ᠋ ᠨᠠᠷᠠ ᠰᠠᠯᠬᠢᠨ ᠳ᠋ᠤ᠌ ᠬᠡᠴᠢᠨᠡᠭᠡᠨ ᠣᠯᠠᠨ ᠬᠣᠨᠣᠭ ᠢᠳᠡᠭᠦᠯᠵᠦ ᠶᠠᠪᠤᠭ᠎ᠠ ᠶ᠋ᠢ ᠰᠠᠨᠠᠭᠳᠠᠭᠤᠯᠤᠨ᠎ᠠ᠃ ᠥᠭᠡᠷ᠎ᠡ ᠲᠡᠢᠰᠢ ᠡᠷᠭᠢᠨ ᠣᠷᠴᠢᠨ ᠢ᠋ ᠠᠵᠢᠬᠤ ᠳ᠋ᠤ᠌ ᠥᠪᠡᠷ ᠦ᠋ᠨ ᠦᠰᠦᠨ ᠲᠥᠷᠥᠭᠰᠡᠨ ᠨᠤᠲᠤᠭ ᠠ᠋ᠴᠠ ᠳᠡᠰ ᠥᠭᠡᠷ᠎ᠡ᠂ ᠣᠢ ᠮᠣᠳᠣ᠂ ᠥᠨᠳᠥᠷ ᠠᠭᠤᠯᠠᠰ᠂ ᠭᠣᠣᠯ ᠭᠣᠷᠣᠭ᠎ᠠ ᠬᠦᠷᠢᠶᠡᠯᠡᠬᠦ ᠶ᠋ᠢᠨ ᠣᠷᠣᠨ ᠳ᠋ᠤ᠌᠂ ᠠᠯᠤᠰ ᠲᠤ᠌ ᠤᠷᠲᠤ ᠤᠷᠲᠤ ᠰᠢᠯᠢ ᠨᠦ᠍ᠭᠦᠳ ᠵᠢᠷᠪᠢᠭᠢᠨᠡᠵᠦ ᠲᠡᠭᠦᠨ ᠦ᠌ ᠨᠠᠭᠠᠨ᠎ᠠ ᠴᠡᠯᠡᠢᠬᠦ ᠶ᠋ᠢᠨ ᠶᠡᠬᠡ ᠪᠡᠷ ᠴᠡᠯᠡᠢᠭᠰᠡᠨ ᠠᠭᠤᠳᠠᠮ ᠬᠥᠨᠳᠡᠢ ᠳ᠋ᠦ᠍ ᠬᠦᠷᠡᠩ ᠬᠠᠷ᠎ᠠ ᠣᠷᠣᠢ ᠲᠠᠢ ᠵᠢᠵᠢᠭ ᠲᠤᠯᠤᠭᠠᠳ᠂ ᠲᠡᠭᠡᠭᠡᠳ ᠴᠢᠬᠢᠨ ᠳ᠋ᠦ᠍ ᠰᠣᠨᠣᠰᠳᠠᠬᠤ ᠨᠢ ᠭᠣᠯᠢᠶᠠᠨ ᠤ᠋ ᠢᠰᠬᠡᠷᠦᠯᠲᠡ᠂ ᠴᠠᠷᠴᠠᠬᠠᠢ ᠶ᠋ᠢᠨ ᠴᠠᠬᠢᠯᠲᠠ᠂ ᠬᠠᠮᠠᠷ ᠲᠤ᠌ ᠬᠠᠩᠭᠤᠯᠬᠤ ᠨᠢ ᠳᠠᠭᠠᠨ᠎ᠠ ᠪᠥᠭᠡᠳ ᠡᠨᠡ ᠪᠦᠬᠦᠨ ᠳᠣᠷᠵᠢ ᠳ᠋ᠤ᠌ ᠵᠤᠨ ᠤ᠋ ᠰᠠᠢᠬᠠᠨ ᠤᠯᠠᠷᠢᠯ ᠥᠩᠭᠡᠷᠡᠵᠦ ᠨᠠᠮᠤᠷ ᠤ᠋ᠨ ᠤᠯᠠᠷᠢᠯ ᠡᠬᠢᠯᠡᠭᠰᠡᠨ ᠢ᠋ ᠮᠡᠳᠡᠷᠡᠭᠦᠯᠦᠨ᠂ ᠴᠠᠭᠠᠰᠢ ᠪᠠᠰᠠ ᠣᠷᠣᠨ ᠨᠤᠲᠤᠭ ᠭᠡᠷ ᠣᠷᠣᠨ ᠢ᠋ ᠰᠠᠨᠤᠭᠳᠠᠭᠤᠯᠪᠠ᠃ ᠲᠡᠷᠡ ᠳᠤᠮᠳᠠ ᠠ᠋ᠴᠠ ᠳᠥᠷᠪᠡᠯᠵᠢᠨ ᠪᠣᠷᠣ ᠴᠢᠷᠠᠢ ᠲᠠᠢ ᠮᠢᠬᠠᠯᠢᠭ ᠪᠡᠶ᠎ᠡ ᠲᠡᠢ᠂ ᠬᠣᠷᠮᠣᠢ ᠶ᠋ᠢᠨ ᠬᠥᠳᠡᠯᠭᠡᠭᠡᠨ ᠵᠥᠭᠡᠯᠡᠨ ᠡᠬᠡᠨᠡᠷ ᠬᠠᠨᠳᠠᠰᠦ᠋ᠷᠦᠩ 《ᠠᠢ ᠲᠠ ᠲᠡᠷᠡ ᠮᠢᠨᠢ ᠰᠠᠢᠨ ᠴᠤ᠌᠂ ᠰᠠᠢᠬᠠᠨ ᠴᠤ᠌᠂ ᠨᠠᠳᠠ ᠳ᠋ᠠᠭᠠᠨ ᠬᠣᠣᠰ ᠦᠭᠡᠢ ᠦᠨᠡᠨᠴᠢ ᠠᠲᠠᠯ᠎ᠠ ᠪᠢ ᠲᠡᠭᠦᠨ ᠢ᠋ ᠢᠮᠠᠭᠲᠠ ᠭᠣᠯᠣᠨ ᠭᠣᠮᠣᠳᠠᠭᠠᠵᠤ᠂ ᠭᠣᠣᠯ ᠢ᠋ ᠨᠢ ᠬᠠᠷᠠᠯᠠᠭᠤᠯᠵᠤ ᠪᠠᠢᠭᠰᠠᠨ ᠪᠤᠰᠤ ᠤᠤ? ᠡᠭᠦᠪᠡᠷ ᠢ᠋ᠶ᠋ᠡᠨ ᠪᠢ ᠮᠥᠨ ᠴᠤ᠌ ᠬᠠᠲᠠᠭᠤ ᠰᠡᠳᠬᠢᠯ ᠲᠡᠢ ᠨᠢᠭᠦᠯᠲᠦ ᠠᠮᠢᠲᠠᠨ ᠪᠠᠢᠨ᠎ᠠ ᠲᠠ》 ᠭᠡᠵᠦ ᠪᠣᠳᠣᠵᠤ ᠶᠠᠪᠤᠯ᠎ᠠ᠃
ᠲᠡᠷᠡ ᠡᠳᠦᠷ ᠲᠡᠭᠡᠨ ᠲᠡᠳᠡ᠂ ᠨᠠᠷᠠ ᠪᠠᠷᠠᠭᠤᠨ᠎ᠠ ᠭᠣᠳᠣᠢᠨ ᠪᠠᠭᠤᠬᠤ ᠶ᠋ᠢᠨ ᠬᠢᠷᠢ ᠳ᠋ᠦ᠍ ᠳᠠᠢᠰᠤᠨ ᠤ᠋ ᠪᠠᠷ᠎ᠠ ᠶ᠋ᠢ ᠬᠠᠷᠠᠨ ᠭᠦᠢᠴᠡᠵᠦ ᠠᠪᠤᠯ᠎ᠠ᠃ ᠳᠠᠮᠫᠢᠯ ᠶᠠᠭᠤᠨ ᠤ᠋ ᠤᠷᠢᠳ ᠳᠠᠬᠢᠨ ᠵᠠᠯᠢᠯᠠᠭᠳᠠᠬᠤ ᠦᠭᠡᠢ ᠶ᠋ᠢ ᠬᠢᠴᠢᠶᠡᠨ ᠠᠩᠭᠠᠯᠲᠤᠨ ᠳᠠᠪᠬᠢᠪᠠ᠃ ᠴᠡᠩᠬᠡᠷ ᠳᠡᠪᠡᠯᠲᠦ᠂ ᠪᠠᠢᠳᠠᠯ ᠠᠵᠢᠨ ᠬᠠᠮᠢᠭ᠎ᠠ ᠬᠠᠮᠢᠭ᠎ᠠ ᠦᠭᠡᠢ ᠬᠣᠯᠠ ᠠ᠋ᠴᠠ ᠬᠡᠳᠦᠨ ᠰᠤᠮᠤ ᠲᠠᠯᠪᠢᠭᠰᠠᠨ ᠢ᠋ᠶ᠋ᠠᠨ ᠮᠥᠨ ᠯᠡ ᠵᠠᠯᠢ᠃ ᠬᠥᠮᠦᠰ ᠢ᠋ᠶ᠋ᠡᠨ ᠬᠣᠶᠠᠷ ᠬᠤᠪᠢᠶᠠᠨ ᠬᠣᠶᠠᠷ ᠲᠡᠢᠰᠢ ᠵᠢᠭᠤᠳᠠᠭᠤᠯᠤᠭᠠᠳ ᠥᠪᠡᠷ ᠢᠶᠡᠨ ᠭᠤᠷᠪᠠᠳᠡᠬᠢ ᠴᠢᠭ ᠢ ᠪᠠᠷᠢᠨ ᠵᠢᠭᠤᠳᠠᠪᠠ᠃ ᠳᠠᠮᠫᠢᠯ ᠬᠥᠮᠥᠰ ᠢᠶᠡᠨ ᠳᠠᠷᠤᠢ ᠬᠤᠮᠢᠨ ᠠᠪᠴᠤ ᠵᠥᠪᠬᠡᠨ ᠥᠪᠡᠷ ᠢ ᠨᠢ ᠬᠥᠭᠡᠭᠡᠵᠦ ᠭᠠᠷᠤᠯ᠎ᠠ᠃
ᠤᠷᠤᠭᠰᠢᠯᠠᠬᠤ ᠳᠣᠳᠣᠮ ᠭᠠᠵᠠᠷ ᠤ᠋ᠨ ᠪᠠᠢᠳᠠᠯ ᠲᠣᠯᠢ ᠴᠠᠭᠠᠨ ᠪᠣᠯᠵᠤ᠂ ᠬᠥᠭᠡᠭᠡᠭᠰᠡᠳ ᠦ᠋ᠨ ᠮᠣᠷᠢᠳ ᠬᠤᠷᠳᠤ ᠨᠡᠮᠡᠭᠳᠡᠵᠦ ᠡᠬᠢᠯᠡᠬᠦ ᠳ᠋ᠦ᠍᠂ ᠴᠡᠩᠬᠡᠷ ᠳᠡᠪᠡᠯᠲᠦ ᠮᠣᠷᠢᠨ ᠤ᠋ ᠪᠠᠨ ᠠᠮᠠ ᠶ᠋ᠢ ᠲᠠᠲᠠᠰᠬᠢᠨ ᠪᠠᠢᠨ ᠪᠠᠢᠨ ᠡᠷᠭᠢᠨ ᠬᠠᠷᠠᠨ᠎ᠠ᠃ ᠳᠠᠮᠫᠢᠯ ᠫᠤᠤᠳᠠᠬᠤ ᠰᠤᠮᠤ ᠳᠠᠭᠤᠰᠤᠭᠰᠠᠨ ᠮᠣᠷᠢ ᠨᠢ ᠪᠠᠰᠠ ᠡᠴᠡᠭᠰᠡᠨ ᠡᠴᠡ ᠪᠣᠢ᠎ᠠ ᠭᠡᠵᠦ ᠪᠣᠳᠣᠨ᠎ᠠ᠃ ᠨᠡᠯᠢᠶᠡᠳ ᠣᠢᠷᠠᠲᠤᠨ ᠣᠴᠢᠭᠰᠠᠨ ᠢ᠋ᠶ᠋ᠠᠨ 《ᠣᠳᠣ ᠴᠢᠮᠠᠶ᠋ᠢ ᠠᠮᠢᠳᠤ ᠪᠠᠷ ᠴᠢᠨᠢ ᠪᠠᠷᠢᠨ ᠠᠮᠠ ᠬᠡᠯᠡ ᠶ᠋ᠢ ᠴᠢᠨᠢ ᠰᠤᠭᠤᠯᠬᠤ ᠦᠭᠡᠢ ᠪᠣᠯ ᠲᠠ!》 ᠭᠡᠵᠦ ᠬᠠᠰᠬᠢᠷᠪᠠ᠃ ᠴᠡᠩᠬᠡᠷ ᠳᠡᠪᠡᠯᠲᠦ ᠰᠣᠴᠢᠨ ᠡᠷᠭᠢᠨ ᠬᠠᠷᠠᠭᠰᠠᠨ ᠢ᠋ᠶ᠋ᠠᠨ ᠭᠠᠷ ᠬᠢᠯᠠᠰᠬᠢᠯᠭᠡᠨ ᠰᠧᠯᠧᠳ᠋ᠢ ᠰᠤᠭᠤᠯᠤᠨ ᠳᠡᠰ ᠬᠢᠯᠭᠡᠬᠦ ᠳ᠋ᠡᠭᠡᠨ ᠳᠠᠮᠫᠢᠯ ᠤ᠋ᠨ ᠮᠠᠯᠠᠭᠠᠢ ᠶ᠋ᠢ ᠰᠡᠳᠡ ᠫᠤᠤᠳᠠᠵᠤ ᠬᠡᠢᠰᠬᠡᠨ ᠤᠨᠠᠭᠠᠪᠠ᠃ ᠳᠠᠮᠫᠢᠯ ᠬᠠᠷᠢᠭᠤ ᠳ᠋ᠤᠨᠢ 《ᠬᠠ ᠬᠠ》 ᠢᠨᠢᠶᠡᠨ 《ᠪᠠᠷᠢᠨ᠎ᠠ ᠲᠠ ᠴᠢᠮᠠᠶ᠋ᠢ ᠪᠠᠷᠢᠨ᠎ᠠ》 ᠭᠡᠵᠦ ᠳᠠᠬᠢᠨ ᠬᠠᠰᠬᠢᠷᠪᠠ᠃ ᠴᠡᠩᠬᠡᠷ ᠳᠡᠪᠡᠯᠲᠦ ᠳᠠᠬᠢᠨ ᠫᠤᠤᠳᠠᠬᠤ ᠳ᠋ᠠᠭᠠᠨ ᠳᠠᠮᠫᠢᠯ ᠤ᠋ᠨ ᠬᠠᠵᠠᠭᠤ ᠳ᠋ᠤ᠌ ᠶᠠᠪᠤᠨ ᠬᠥᠮᠦᠨ ᠦ᠌ ᠮᠣᠷᠢ ᠶ᠋ᠢ ᠤᠨᠠᠭᠠᠭᠠᠳ ᠮᠣᠷᠢᠨ ᠤ᠋ ᠪᠠᠨ ᠠᠮᠠ ᠶ᠋ᠢ ᠰᠤᠯᠠ ᠲᠠᠯᠪᠢᠨ ᠤᠬᠤᠰᠬᠢᠯᠭᠡᠪᠡ᠃ ᠣᠳᠣ ᠦᠵᠡᠪᠡᠯ ᠮᠣᠷᠢ ᠨᠢ ᠡᠴᠡᠭᠰᠡᠨ ᠪᠢᠰᠢ᠂ ᠭᠱᠠᠨ ᠵᠠᠭᠤᠷ᠎ᠠ ᠶ᠋ᠢᠨ ᠳᠣᠲᠣᠷ᠎ᠠ ᠬᠣᠯᠠᠳᠠᠨ ᠣᠳᠬᠤ ᠳ᠋ᠤ᠌ ᠳᠠᠮᠫᠢᠯ ᠨᠢᠷᠤᠭᠤᠨ ᠳ᠋ᠠᠬᠢ ᠫᠤᠤ ᠪᠠᠨ ᠶᠠᠭᠠᠷᠠᠨ ᠠᠪᠴᠤ ᠳᠠᠪᠬᠢᠩᠭᠤᠲᠠ ᠳᠤᠮᠳᠠ ᠪᠠᠨ ᠨᠢᠭᠡ ᠰᠤᠮᠤ ᠶᠠᠪᠤᠭᠤᠯᠪᠠ᠃ ᠴᠡᠩᠬᠡᠷ ᠳᠡᠪᠡᠯᠲᠦ ᠠᠵᠢᠭ ᠦᠭᠡᠢ ᠳᠠᠪᠬᠢᠭᠰᠠᠭᠠᠷ᠃ ᠬᠣᠶᠠᠳᠠᠬᠢ ᠰᠤᠮᠤᠨ ᠳ᠋ᠤ᠌ ᠴᠡᠩᠬᠡᠷ ᠳᠡᠪᠡᠯᠲᠦ ᠨᠢᠷᠤᠭᠤ ᠭᠡᠳᠡᠰᠬᠢᠯᠭᠡᠨ ᠮᠣᠷᠢᠨ ᠤ ᠪᠠᠨ ᠬᠠᠵᠠᠭᠤ ᠤᠷᠤᠭᠤ ᠶᠠᠭᠤ ᠶᠠᠭᠤ ᠦᠭᠡᠢ ᠰᠠᠪᠠᠨ ᠤᠨᠠᠮᠠᠷ ᠪᠣᠯᠵᠤ ᠢᠷᠡᠭᠰᠡᠨ ᠢ᠋ᠶ᠋ᠡᠨ ᠪᠡᠶ᠎ᠡ ᠪᠡᠨ ᠲᠡᠳᠡᠨ ᠠᠪᠴᠤ ᠮᠣᠷᠢᠨ ᠳ᠋ᠠᠭᠠᠨ ᠲᠠᠰᠢᠭᠤᠷ ᠥᠭᠴᠦ ᠬᠤᠷᠳᠤᠯᠠᠭᠠᠳ ᠭᠤᠷᠪᠠᠳᠠᠬᠢ ᠫᠤᠤᠳᠠᠯᠳᠠᠭᠠᠨ ᠳ᠋ᠤ᠌ ᠶᠠᠭ ᠬᠥᠲᠥᠯ ᠳᠠᠪᠠᠨ ᠣᠷᠣᠵᠠᠢ᠃
ᠳᠠᠮᠫᠢᠯ ᠮᠣᠷᠢᠨ ᠤ᠋ ᠪᠠᠨ ᠠᠮᠠ ᠶ᠋ᠢ ᠲᠡᠳᠡᠨ ᠵᠣᠭᠰᠣᠵᠤ 《ᠣᠳᠣ ᠲᠡᠭᠦᠨ ᠦ᠌ ᠠᠮᠢ ᠥᠩᠭᠡᠷᠡᠭᠰᠡᠨ》 ᠭᠡᠵᠦ ᠪᠠᠶᠠᠷ ᠪᠠᠬᠠᠳᠤᠯ ᠪᠣᠯᠤᠨ ᠥᠭᠦᠯᠡᠪᠡ᠃ ᠡᠭᠦᠨ ᠢ᠋ ᠬᠡᠨ ᠴᠤ᠌ ᠦᠨᠡᠮᠰᠢᠬᠦ ᠳ᠋ᠦ᠍ ᠪᠡᠷᠬᠡ᠃ ᠳᠠᠮᠫᠢᠯ ᠳᠣᠷᠵᠢ ᠶ᠋ᠢ ᠨᠢᠭᠡ ᠬᠥᠮᠦᠨ ᠲᠡᠢ ᠶᠠᠪᠤᠭᠤᠯᠬᠤ ᠳ᠋ᠠᠭᠠᠨ᠂ ᠬᠡᠷᠪᠡ ᠠᠮᠢᠳᠤ ᠪᠠᠢᠪᠠᠯ ᠠᠪᠴᠢᠷᠠᠬᠤ ᠶ᠋ᠢ ᠲᠤᠰᠢᠶᠠᠵᠠᠢ᠃
ᠦᠵᠡᠪᠡᠯ ᠴᠡᠩᠬᠡᠷ ᠳᠡᠪᠡᠯᠲᠦ ᠨᠡᠭᠡᠷᠡᠨ ᠭᠠᠵᠠᠷ ᠤ᠋ᠨ ᠤᠷᠤᠭᠤ ᠳᠦᠷᠦᠭᠦᠯᠭᠡ ᠪᠡᠨ ᠬᠠᠷᠠᠨ ᠤᠨᠠᠭᠰᠠᠨ ᠪᠠᠢᠯ᠎ᠠ᠃ ᠠᠩᠬ᠎ᠠ ᠤᠨᠠᠬᠤ ᠳ᠋ᠠᠭᠠᠨ ᠭᠠᠵᠠᠷ ᠤ᠋ᠨ ᠤᠷᠤᠭᠤ ᠬᠦᠴᠦᠲᠡᠢ ᠬᠠᠷᠤᠭᠤᠯᠳᠠᠵᠤ᠂ ᠨᠢᠭᠤᠷ ᠪᠡᠶ᠎ᠡ ᠨᠢ ᠬᠠᠢᠷᠭᠤᠨ ᠬᠥᠷᠥᠰᠥᠨ ᠳ᠋ᠦ᠍ ᠵᠤᠯᠭᠠᠷᠠᠨ ᠴᠣᠬᠣᠮ ᠶᠠᠮᠠᠷ ᠰᠢᠦ ᠴᠢᠷᠠᠢ ᠲᠠᠢ ᠬᠥᠮᠦᠨ ᠪᠠᠢᠭᠰᠠᠨ ᠨᠢ ᠲᠠᠨᠢᠭᠳᠠᠬᠤ ᠪᠠᠨ ᠪᠠᠢᠵᠠᠢ᠃ ᠠᠮᠢᠳᠤ ᠪᠠᠢᠨ᠎ᠠ ᠭᠡᠬᠦ ᠡᠴᠡ ᠤᠷᠲᠤ ᠠᠮᠢᠰᠬᠤᠯ ᠠᠪᠤᠨ᠂ ᠠᠮᠠᠨ ᠠ᠋ᠴᠠ ᠪᠠᠨ ᠴᠢᠰᠤ ᠲᠠᠢ ᠶᠠᠭᠠᠨ ᠬᠥᠭᠡᠰᠦ ᠪᠤᠷᠭᠢᠯᠤᠭᠤᠯᠤᠨᠠ᠃ ᠮᠡᠳᠡᠷᠡᠬᠦᠢ ᠳ᠋ᠦ᠍ᠨᠢ ᠵᠠᠨᠤᠯ ᠬᠣᠷᠣᠰᠤᠯ ᠬᠠᠳᠠᠭᠠᠯᠠᠭᠠᠰᠤᠲᠠᠢ᠃ ᠬᠡᠳᠦᠨ ᠠᠯᠬᠤᠮ ᠤ᠋ᠨ ᠵᠠᠢᠲᠠᠢ ᠰᠢᠳᠡᠭᠳᠡᠭᠰᠡᠨ ᠰᠸᠯᠧᠳᠢ ᠤᠷᠤᠭᠤ ᠪᠠᠨ ᠰᠤᠩᠭᠠᠨ ᠬᠠᠶᠠᠭᠰᠠᠨ ᠭᠠᠷ ᠤ᠋ᠨ ᠬᠢᠨᠢ ᠬᠣᠷᠤᠭᠤᠳ ᠨᠢ ᠠᠯᠭᠤᠷ ᠲᠠᠲᠠᠯᠳᠤᠨ᠂ ᠳᠣᠯᠢᠶᠠᠪᠤᠷ ᠬᠤᠷᠤᠭᠤ ᠨᠢ ᠭᠣᠬ᠎ᠠ ᠳᠠᠷᠤᠬᠤ ᠪᠠᠢᠳᠠᠯ ᠢ᠋ᠶ᠋ᠠᠷ ᠬᠥᠳᠡᠯᠦᠨ᠎ᠡ᠃ ᠰᠧᠯᠧᠳᠢ ᠶ᠋ᠢ ᠨᠢ ᠦᠵᠡᠬᠦ ᠳ᠋ᠦ᠍ ᠪᠠᠷᠤᠭ ᠳᠦᠭᠦᠷᠡᠩ ᠰᠤᠮᠤ ᠲᠠᠢ ᠪᠥᠭᠡᠳ ᠪᠠᠰᠠ ᠤᠨᠠᠬᠤ ᠶ᠋ᠢᠨ ᠬᠢᠨᠢ ᠡᠮᠦᠨ᠎ᠡ ᠮᠥᠷᠥ ᠪᠡᠶ᠎ᠡ ᠡᠴᠡ ᠨᠢ ᠮᠤᠯᠲᠤᠷᠠᠨ ᠬᠠᠶᠠᠭᠳᠠᠭᠰᠠᠨ ᠤᠷᠲᠤ ᠫᠤᠤ ᠨᠢ ᠴᠤ᠌ ᠬᠥᠬᠡᠭᠡ ᠳᠦᠭᠦᠷᠡᠩ ᠰᠤᠮᠤ ᠲᠠᠢ ᠠᠵᠢ᠃ ᠡᠭᠦᠨᠴᠢᠯᠡᠨ ᠴᠡᠭᠡᠵᠢᠨ ᠳ᠋ᠡᠭᠡᠨ ᠬᠡᠳᠦᠨ ᠳᠠᠪᠬᠤᠷ ᠣᠷᠢᠶᠠᠭᠰᠠᠨ ᠳ᠋ᠠᠢᠵᠠ ᠨᠤᠭᠤᠳ ᠲᠤᠨᠢ ᠪᠢᠰᠢᠭᠦᠢ ᠰᠤᠮᠤ ᠪᠠᠢᠨ᠎ᠠ᠃ ᠡᠢᠮᠦ ᠠᠲᠠᠯ᠎ᠠ ᠡᠨᠡ ᠡᠷ᠎ᠡ ᠶᠠᠭᠤᠨ ᠳ᠋ᠤ᠌ ᠵᠢᠭᠤᠲᠠᠪᠠ᠃ ᠳᠣᠷᠵᠢ ᠨᠥᠬᠥᠷ ᠲᠡᠢ ᠪᠡᠨ ᠭᠠᠢᠬᠠᠨ ᠬᠡᠯᠡᠯᠴᠡᠵᠦ ᠤᠴᠢᠷ ᠢ᠋ ᠨᠢ ᠡᠰᠡ ᠣᠢᠯᠠᠭᠠᠪᠠ᠃ ᠤᠨᠤᠵᠤ ᠶᠠᠪᠤᠭᠰᠠᠨ ᠮᠣᠷᠢ ᠨᠢ ᠲᠡᠷᠡᠬᠡᠨ ᠳᠣᠣᠷ᠎ᠠ᠂ ᠡᠭᠡᠵᠦ ᠬᠥᠯ ᠳᠡᠭᠡᠷ᠎ᠡ ᠪᠡᠨ ᠵᠣᠭᠰᠣᠬᠤ ᠠ᠋ᠴᠠ ᠪᠠᠨ ᠥᠩᠭᠡᠷᠡᠭᠰᠡᠨ ᠡᠵᠡᠨ ᠢ᠋ᠶ᠋ᠡᠨ ᠬᠦᠯᠢᠶᠡᠬᠦ ᠪᠣᠯᠤᠯᠲᠠᠢ᠃ ᠬᠣᠶᠠᠷ ᠴᠢᠬᠢ ᠪᠡᠨ ᠡᠭᠴᠡ ᠪᠤᠰᠬᠠᠨ ᠬᠥᠳᠡᠯᠭᠡᠨ ᠦᠭᠡᠢ ᠰᠢᠷᠳᠡᠨ᠎ᠡ᠃ ᠡᠨᠡ ᠮᠣᠷᠢ ᠶ᠋ᠢ ᠴᠡᠩᠬᠡᠷ ᠳᠡᠪᠡᠯᠲᠦ ᠬᠠᠮᠢᠭ᠎ᠠ ᠨᠢᠭᠡᠲᠡᠢ ᠡᠴᠡ ᠳᠡᠭᠡᠷᠡᠮᠳᠡᠨ ᠡᠵᠡᠮᠰᠢᠭᠰᠡᠨ ᠨᠢ ᠮᠡᠳᠡᠭᠡᠵᠢ ᠶ᠋ᠢᠨ ᠬᠡᠷᠡᠭ ᠪᠣᠯᠪᠠᠴᠤ ᠡᠨᠡ ᠮᠣᠷᠢ ᠢᠵᠢᠯᠢ ᠳᠠᠰᠤᠯ ᠪᠣᠯᠤᠭᠰᠠᠨ ᠳ᠋ᠠᠭᠠᠨ ᠬᠠᠶᠠᠨ ᠶᠠᠪᠤᠵᠤ ᠴᠢᠳᠠᠬᠤ ᠦᠭᠡᠢ ᠪᠣᠯᠵᠠᠢ᠃
ᠳᠣᠷᠵᠢ ᠴᠡᠩᠬᠡᠷ ᠳᠡᠪᠡᠯᠲᠦ ᠶ᠋ᠢᠨ ᠮᠣᠷᠢ ᠶ᠋ᠢ ᠪᠠᠷᠢᠵᠤ ᠠᠪᠤᠨ ᠥᠪᠡᠢ ᠶ᠋ᠢᠨ ᠬᠢᠨᠢ ᠡᠮᠡᠭᠡᠯ ᠳᠡᠭᠡᠷ᠎ᠡ ᠨᠢ ᠪᠥᠭᠲᠥᠷᠢᠭᠦᠯᠦᠨ ᠠᠴᠢᠵᠤ ᠠᠪᠤᠭᠠᠳ ᠪᠤᠴᠠᠪᠠ᠃ ᠡᠨᠡ ᠵᠠᠭᠤᠷ᠎ᠠ ᠳᠠᠮᠫᠢᠯ ᠪᠤᠰᠤᠳ ᠲᠠᠢ ᠪᠠᠨ ᠲᠦᠷᠦᠭᠦᠴᠢ ᠶ᠋ᠢᠨ ᠮᠣᠷᠢ ᠪᠠᠨ ᠫᠤᠤᠳᠠᠭᠤᠯᠤᠭᠰᠠᠨ ᠨᠥᠬᠥᠷ ᠳᠡᠭᠡᠷ᠎ᠡ ᠣᠴᠢᠨ ᠬᠦᠯᠢᠶᠡᠵᠦ ᠪᠠᠢᠭᠰᠠᠨ ᠪᠥᠭᠡᠳ ᠨᠠᠷᠠ ᠵᠢᠷᠭᠠᠬᠤ ᠪᠣᠯᠤᠭᠰᠠᠨ ᠢ᠋ ᠬᠠᠷᠠᠭᠠᠯᠵᠠᠨ ᠡᠨᠳᠡ ᠪᠡᠨ ᠬᠣᠨᠣᠬᠤ ᠪᠠᠷ ᠪᠣᠯᠵᠤ᠂ ᠨᠢᠭᠡ ᠬᠥᠮᠦᠨ ᠢ᠋ᠶ᠋ᠡᠨ ᠠᠢᠯ ᠠ᠋ᠴᠠ ᠬᠣᠨᠢ ᠬᠤᠳᠠᠯᠳᠤᠨ ᠠᠪᠴᠤ ᠢᠷᠡᠭᠦᠯᠡᠷᠡ ᠶᠠᠪᠤᠭᠤᠯᠤᠭᠰᠠᠨ ᠪᠠᠢᠪᠠ᠃ ᠳᠣᠷᠵᠢ ᠶ᠋ᠢᠨ ᠣᠴᠢᠬᠤ ᠳ᠋ᠤ᠌ ᠳᠠᠮᠫᠢᠯ 《ᠬᠠ ᠬᠠ ᠂ ᠪᠢ ᠡᠰᠡ ᠬᠡᠯᠡᠯ᠎ᠡ ᠤᠤ》 ᠭᠡᠵᠦ ᠳᠠᠭᠤ ᠠᠯᠲᠠᠨ ᠤᠭᠲᠤᠪᠠ᠃ ᠪᠤᠰᠤᠳ ᠨᠥᠬᠥᠳ ᠴᠤ᠌ ᠥᠭᠡᠷ᠎ᠡ ᠴᠤ᠌ ᠦᠭᠡᠢ ᠪᠠᠶᠠᠷ ᠬᠥᠷ᠂ ᠢᠯᠠᠩᠭᠤᠶ᠎ᠠ ᠳᠠᠮᠫᠢᠯ ᠤ᠋ᠨ ᠫᠤᠳᠠᠭᠰᠠᠨ ᠰᠤᠮᠤ ᠪᠦᠷᠢ ᠨᠢ ᠵᠠᠨᠤᠯᠲᠠᠨ ᠤ᠋ ᠴᠡᠭᠡᠵᠢᠨ ᠳ᠋ᠦ᠍ ᠲᠤᠰᠤᠭᠰᠠᠨ ᠢ᠋ ᠦᠵᠡᠬᠦ ᠳ᠋ᠡᠭᠡᠨ ᠪᠠᠬᠠᠳᠤᠯ ᠪᠣᠯᠭᠠᠨ ᠱᠤᠤᠭᠢᠯᠳᠤᠨ᠎ᠠ᠃ ᠡᠳᠦᠢ ᠪᠣᠯᠲᠠᠯ᠎ᠠ ᠴᠡᠩᠬᠡᠷ ᠳᠡᠪᠡᠯᠲᠦ ᠠᠮᠢᠳᠤ᠃ ᠦᠶ᠎ᠡ ᠦᠶ᠎ᠡ ᠤᠷᠲᠤ ᠠᠮᠢᠰᠬᠤᠯ ᠠᠪᠤᠨ ᠤᠯᠠᠭᠠᠨ ᠬᠥᠭᠡᠰᠦᠲᠡᠢ ᠴᠢᠰᠤ ᠪᠠᠨ ᠪᠤᠷᠭᠢᠯᠤᠭᠤᠯᠤᠭᠰᠠᠭᠠᠷ ᠯᠠ ᠪᠠᠢᠯ᠎ᠠ᠃
ᠳᠠᠮᠫᠢᠯ ᠲᠡᠭᠦᠨ ᠢ᠋ ᠲᠦᠷ ᠲᠡᠩᠬᠡᠷᠡᠭᠦᠯᠦᠨ ᠬᠡᠳᠦᠨ ᠦᠭᠡ ᠠᠰᠠᠭᠤᠰᠤᠭᠠᠢ ᠭᠡᠬᠦ ᠳ᠋ᠡᠭᠡᠨ᠂
- ᠨᠠᠭᠠᠳᠤ ᠴᠢᠳᠬᠥᠷ ᠦ᠋ᠨ ᠢ᠋ᠶ᠋ᠡᠨ ᠨᠢᠭᠤᠷ ᠴᠢᠷᠠᠢ ᠶ᠋ᠢ ᠴᠡᠪᠡᠷᠯᠡᠨ ! ᠭᠡᠵᠦ ᠲᠤᠰᠢᠶᠠᠯ ᠥᠭᠪᠡ᠃ ᠠᠮᠠ ᠬᠠᠮᠠᠷ ᠠ᠋ᠴᠠ ᠨᠢ ᠡᠬᠢᠯᠡᠨ ᠰᠠᠢᠬᠠᠨ ᠠᠪᠴᠢᠷᠠᠭᠰᠠᠨ ᠬᠦᠢᠲᠡᠨ ᠪᠤᠯᠠᠭ ᠤ᠋ᠨ ᠤᠰᠤ ᠪᠠᠷ ᠴᠡᠪᠡᠷᠯᠡᠵᠦ ᠡᠬᠢᠯᠡᠬᠦ ᠳ᠋ᠦ᠍ ᠲᠠᠰᠤ ᠵᠢᠮᠢᠢᠭᠰᠡᠨ ᠨᠢᠮᠭᠡᠨ ᠤᠷᠤᠭᠤᠯ ᠳᠡᠭᠡᠭᠦᠷ ᠢ᠋ᠶ᠋ᠡᠨ ᠪᠦᠲᠡᠩᠭᠢᠨ ᠬᠥᠬᠡ ᠰᠡᠪᠬᠡ ᠨᠦ᠍ᠭᠦᠳ ᠲᠡᠢ ᠬᠠᠪᠴᠢᠭᠠᠷᠬᠠᠨ ᠬᠠᠮᠠᠷ᠂ ᠴᠢᠨᠣ᠎ᠠ ᠶ᠋ᠢᠨ ᠬᠡᠯᠪᠡᠷᠢᠲᠦ ᠵᠢᠭᠠᠬᠠᠨ ᠨᠢᠳᠦ᠂ ᠵᠠᠵᠠᠭᠤᠷ ᠵᠠᠭᠤᠭᠰᠠᠨ ᠰᠢᠷᠪᠥᠰᠥᠲᠦ ᠰᠢᠨ᠎ᠠ᠂ ᠶᠡᠷᠦᠩᠬᠡᠢ ᠳ᠋ᠡᠭᠡᠨ ᠨᠠᠷᠠᠨ ᠳ᠋ᠤ᠌ ᠭᠠᠩᠳᠠᠭᠰᠠᠨ ᠨᠢᠮᠭᠡᠨ ᠬᠥᠬᠡ ᠴᠢᠷᠠᠢ ᠭᠠᠷᠴᠤ ᠢᠷᠡᠭᠰᠡᠨ ᠢ᠋ ᠬᠥᠮᠦᠰ ᠵᠢᠭᠰᠢᠨ ᠰᠢᠷᠳᠡᠨ᠎ᠡ᠃ ᠭᠡᠲᠡᠯ᠎ᠡ ᠳᠠᠮᠫᠢᠯ ᠤᠷᠲᠤ ᠨᠢᠷᠤᠭᠤ ᠪᠠᠨ ᠳᠣᠷᠣᠭᠰᠢ ᠨᠤᠮᠤᠯᠠᠨ ᠪᠥᠬᠥᠢᠯᠭᠡᠵᠦ᠂ ᠵᠢᠭᠰᠢᠬᠦ ᠶ᠋ᠢᠨ ᠣᠷᠣᠨ ᠳ᠋ᠤ᠌ ᠠᠮᠢᠰᠬᠤᠯ ᠳᠠᠷᠤᠨ ᠠᠵᠢᠭᠯᠠᠨ᠎ᠠ᠃ ᠬᠠᠮᠤᠭ ᠤ᠋ᠨ ᠡᠴᠦᠰ ᠲᠦ᠍ ᠮᠠᠩᠨᠠᠢ ᠴᠡᠪᠡᠷᠯᠡᠭᠳᠡᠨ ᠲᠠᠯ᠎ᠠ ᠳᠤᠭᠤᠢ ᠭᠢᠯᠠᠭᠠᠨ ᠰᠣᠷᠪᠢ ᠡᠭᠦᠯᠡ ᠶ᠋ᠢᠨ ᠰᠡᠢᠮᠡᠬᠡᠢ ᠡᠴᠡ ᠰᠠᠷ᠎ᠠ ᠲᠣᠳᠣᠷᠠᠬᠤ ᠠᠳᠠᠯᠢ ᠭᠠᠷᠴᠤ ᠢᠷᠡᠬᠦ ᠳ᠋ᠦ᠍ ᠳᠠᠮᠫᠢᠯ : ᠬᠦᠢ ᠲᠠ ᠮᠢᠨᠢ ᠪᠣᠭᠣᠶᠠ᠂ ᠰᠢᠷᠬ᠎ᠠ ᠶ᠋ᠢ ᠨᠢ! ᠭᠡᠵᠦ ᠬᠣᠭᠣᠯᠠᠢ ᠴᠡᠴᠡᠷᠡᠭᠦᠯᠦᠨ ᠰᠢᠪᠨᠡᠪᠠ᠃《ᠦᠭᠡᠢ ᠶᠠᠭᠤ ᠪᠠᠷ ᠢ᠋ᠶ᠋ᠠᠨ ᠪᠣᠭᠣᠬᠤ ᠶᠤᠮ ᠪᠣᠢ? ᠪᠢᠳᠡᠨ ᠳ᠋ᠦ᠍ ᠴᠢᠨᠢ ᠪᠤᠰᠤᠳ ᠤ᠋ᠨ ᠰᠢᠷᠬ᠎ᠠ ᠪᠣᠭᠣᠬᠤ ᠪᠠᠢᠲᠤᠭᠠᠢ ᠬᠥᠯᠥᠰᠥ ᠠᠷᠴᠢᠬᠤ ᠳᠠᠪᠤᠤ ᠪᠠᠢᠳᠠᠭ ᠦᠭᠡᠢ ᠰᠢᠦ ᠲᠠ》 ᠭᠡᠬᠦ ᠳ᠋ᠦ᠍᠂
ᠳᠠᠮᠫᠢᠯ ᠳᠡᠪᠡᠯ ᠢ᠋ᠶ᠋ᠡᠨ ᠲᠠᠢᠯᠤᠨ ᠬᠠᠶᠠᠵᠤ ᠬᠡᠳᠦᠨ ᠰᠠᠷ᠎ᠠ ᠶ᠋ᠢᠨ ᠬᠤᠷ᠎ᠠ ᠬᠥᠯᠥᠰᠥ ᠲᠡᠢ ᠴᠠᠮᠴᠠ ᠪᠠᠨ ᠱᠠᠷ ᠰᠢᠷ ᠴᠤᠤᠯᠠᠵᠤ ᠥᠨᠥᠬᠢ ᠭᠠᠢᠬᠠᠯ ᠤ᠋ᠨ ᠴᠡᠭᠡᠵᠢ ᠶ᠋ᠢ ᠥᠪᠡᠷ ᠦ᠋ᠨ ᠭᠠᠷ ᠢ᠋ᠶ᠋ᠠᠷ ᠪᠣᠭᠣᠪᠠ᠃ ᠬᠠᠷᠢᠭᠤ ᠳ᠋ᠤᠨᠢ ᠴᠡᠩᠬᠡᠷ ᠳᠡᠪᠡᠯᠲᠦ ᠨᠢᠳᠦ ᠪᠡᠨ ᠰᠠᠮ ᠨᠡᠭᠡᠭᠡᠨ᠂ ᠴᠢᠨᠣ᠎ᠠ ᠶ᠋ᠢᠨ ᠪᠡᠯᠲᠡᠷᠭᠡ ᠶ᠋ᠢᠨ ᠬᠦᠢᠲᠡᠨ ᠬᠠᠷᠠᠴᠠ ᠪᠠᠷ ᠰᠢᠷᠳᠡᠭᠡᠳ᠂ ᠭᠠᠷ ᠢ᠋ᠶ᠋ᠠᠨ ᠲᠠᠰᠢᠶ᠎ᠠ ᠤᠷᠤᠭᠤ ᠪᠠᠨ ᠰᠠᠮ ᠭᠤᠯᠭᠤᠭᠤᠯᠤᠨ ᠲᠡᠮᠲᠡᠷᠢᠵᠦ ᠰᠸᠯᠸᠳᠢ ᠦ᠋ᠨ ᠢ᠋ᠶ᠋ᠡᠨ ᠦᠭᠡᠢ ᠪᠣᠯᠤᠭᠰᠠᠨ ᠢ᠋ ᠮᠡᠳᠡᠬᠦ ᠲᠡᠢ ᠪᠡᠨ ᠵᠡᠷᠭᠡ ᠭᠠᠷ ᠢ᠋ᠶ᠋ᠠᠨ ᠰᠤᠯᠠ ᠬᠠᠶᠠᠨ ᠨᠢᠳᠦ ᠪᠡᠨ ᠲᠠᠰᠤ ᠠᠨᠢᠪᠠ᠃ ᠠᠮᠢᠰᠬᠤᠯ ᠠᠪᠴᠤ ᠪᠠᠢᠭ᠎ᠠ ᠡᠰᠡᠬᠦ ᠨᠢ ᠴᠤ᠌ ᠮᠡᠳᠡᠭᠳᠡᠬᠦ ᠪᠡᠨ ᠪᠣᠯᠢᠵᠤ᠂ ᠵᠥᠪᠬᠡᠨ ᠵᠠᠵᠠᠭᠤᠷ ᠨᠢ ᠲᠠᠲᠠᠪᠠᠯᠵᠠᠨᠠ᠃
- ᠠᠯᠢ ᠪᠣᠢ᠂ ᠲᠠ ᠮᠢᠨᠢ ᠶᠠᠭᠤᠮ᠎ᠠ ᠤ᠌ᠤᠭᠤᠯᠭᠠᠶᠠ ᠭᠡᠵᠦ ᠳᠠᠮᠫᠢᠯ ᠤ᠋ᠨ ᠥᠭᠦᠯᠡᠬᠦ ᠳ᠋ᠦ᠍ ᠬᠥᠮᠦᠰ ᠠᠮᠠᠨ ᠳ᠋ᠤᠨᠢ ᠤᠰᠤ ᠪᠠᠷᠢᠪᠠ᠃ ᠴᠡᠩᠬᠡᠷ ᠳᠡᠪᠡᠯᠲᠦ ᠤᠰᠤᠨ ᠤ᠋ ᠦᠨᠦᠷ ᠢ᠋ᠶ᠋ᠡᠷ ᠨᠢᠳᠦ ᠪᠡᠨ ᠨᠡᠭᠡᠭᠡᠨ ᠡᠠᠮᠠ ᠠᠩᠭᠠᠢᠯᠭᠠᠨ ᠨᠢᠭᠡ ᠤᠳᠠᠭ᠎ᠠ ᠬᠣᠪᠳᠣᠭᠯᠠᠨ ᠪᠠᠯᠭᠤᠭᠰᠠᠨ ᠢ᠋ᠶ᠋ᠠᠨ ᠳᠠᠬᠢᠨ ᠠᠮᠠ ᠵᠢᠮᠢᠢᠵᠦ ᠭᠠᠭᠴᠠᠬᠠᠨ ᠳᠠᠮᠫᠢᠯ ᠢ᠋ ᠭᠥᠯᠢᠷᠡᠨ ᠰᠢᠷᠲᠡᠪᠡ᠃ ᠳᠠᠮᠫᠢᠯ ᠥᠭᠡᠳᠡ ᠡᠴᠡ ᠨᠢ ᠰᠠᠨᠠᠭ᠎ᠠ ᠠᠯᠲᠠᠨ :
- ᠴᠢ ᠬᠡᠨ ᠪᠣᠢ? ᠭᠤᠤᠵᠤᠤ ᠪᠠᠭᠠᠲᠤᠷ ᠤᠤ? ᠭᠡᠵᠦ ᠰᠢᠪᠡᠨᠡᠪᠡ᠃
ᠡᠨᠡ ᠦᠭᠡᠨ ᠡᠴᠡ ᠴᠡᠷᠢᠭ ᠦ᠋ᠳ ᠤᠴᠢᠷ ᠢ᠋ ᠣᠢᠯᠠᠭᠠᠯ᠎ᠠ᠃ ᠳᠠᠮᠫᠢᠯ ᠭᠣᠤᠵᠤᠤ ᠪᠠᠭᠠᠲᠤᠷ ᠤ᠋ᠨ ᠲᠤᠬᠠᠢ ᠨᠢᠭᠡ ᠤᠳᠠᠭ᠎ᠠ ᠪᠢᠰᠢ᠂ ᠪᠠᠷᠤᠭ ᠪᠠᠢᠩᠭᠤ ᠳ᠋ᠤ᠌ ᠲᠡᠭᠦᠨ ᠦ᠌ ᠭᠠᠷᠮᠠᠭᠠᠢ ᠦᠢᠯᠡ ᠶᠠᠪᠤᠳᠠᠯ ᠢ᠋ ᠪᠠᠬᠠᠳᠤᠨ ᠶᠠᠷᠢᠳᠠᠭ ᠠ᠋ᠴᠠ ᠰᠠᠨᠠᠭ᠎ᠠ ᠠᠪᠴᠤ ᠰᠡᠳᠬᠢᠯ ᠰᠡᠷ ᠬᠢᠨ᠎ᠡ᠃ ᠲᠡᠭᠡᠭᠡᠳ ᠳᠠᠬᠢᠨ ᠠᠵᠢᠬᠤ ᠳ᠋ᠤ᠌ ᠭᠣᠤᠵᠤᠤ ᠶ᠋ᠢᠨ ᠵᠢᠰᠦ ᠴᠢᠷᠠᠢ ᠳ᠋ᠤ᠌ ᠵᠠᠨᠤᠯ ᠵᠢᠭᠰᠢᠭᠦᠷᠢ ᠲᠡᠢ ᠶᠠᠭᠤ ᠴᠤ᠌ ᠠᠯᠠᠭ᠎ᠠ᠂ ᠲᠤᠩ ᠬᠥᠭᠡᠷᠦᠬᠦᠢᠯᠡᠯᠲᠡᠢ ᠪᠣᠯᠤᠭᠠᠳ ᠬᠡᠨ ᠳ᠋ᠦ᠍ ᠪᠣᠯᠪᠠᠴᠤ ᠠᠮᠢ ᠶ᠋ᠢ ᠨᠢ ᠠᠪᠠᠴᠢᠭᠰᠠᠨ ᠯᠠ ᠬᠡᠷᠡᠭ᠃ ᠡᠨᠡ ᠪᠣᠯ ᠮᠤᠬᠤᠷ ᠰᠦᠰᠦᠭ ᠲᠡᠢ ᠬᠣᠯᠪᠣᠭᠳᠠᠯ ᠲᠠᠢ ᠪᠢᠰᠢ᠂ ᠵᠥᠪᠬᠡᠨ ᠳᠠᠮᠫᠢᠯ ᠤ᠋ᠨ ᠠᠯᠢ ᠡᠷᠲᠡ ᠴᠠᠭ ᠠ᠋ᠴᠠ ᠠᠪᠤᠭᠰᠠᠨ᠂ ᠦᠵᠡᠭᠰᠡᠨ ᠣᠯᠠᠨ ᠤᠳᠠᠭ᠎ᠠ ᠶ᠋ᠢᠨ ᠲᠡᠢᠨ ᠳ᠋ᠦ᠍ ᠪᠡᠶ᠎ᠡ ᠪᠡᠨ ᠭᠠᠢᠬᠠᠮᠰᠢᠭᠲᠠᠢ ᠠᠪᠴᠤ ᠶᠠᠪᠤᠵᠤ ᠴᠢᠳᠠᠳᠠᠭ ᠪᠠᠢᠭᠰᠠᠨ ᠶᠡᠬᠡ ᠴᠢᠳᠠᠯ᠃ᠭᠤᠤᠵᠤᠤ ᠪᠠᠭᠠᠲᠤᠷ ᠠ᠋ᠴᠠ ᠪᠣᠯᠤᠨ ᠨᠢᠭᠡ ᠦᠶ᠎ᠡ ᠠᠯᠳᠠᠭᠳᠠᠮᠠᠭᠴᠠ ᠲᠡᠢᠨᠬᠦ ᠠᠮᠢ ᠶ᠋ᠢ ᠨᠢ ᠠᠯᠳᠠᠭᠳᠠᠭᠤᠯᠪᠠ᠃ ᠣᠨ ᠭᠠᠵᠠᠷ ᠨᠢ ᠤᠰᠤ ᠦᠭᠡᠢ᠂ ᠠᠢᠯ ᠠᠮᠢᠲᠠᠳ ᠤ᠋ᠨ ᠪᠠᠷ᠎ᠠ ᠴᠤ᠌ ᠦᠭᠡᠢ᠂ ᠶᠣᠰᠣᠲᠠᠢ ᠡᠵᠡᠨ ᠦᠭᠡᠢ ᠬᠡᠭᠡᠷ᠎ᠡ ᠪᠠᠢᠭᠰᠠᠨ ᠪᠣᠯᠪᠠᠴᠤ ᠣᠢ ᠭᠠᠰᠢᠭᠤᠨ ᠪᠣᠯᠤᠭᠰᠠᠨ ᠨᠥᠬᠥᠳ ᠨᠢ ᠭᠤᠷᠪᠠᠨ ᠬᠣᠨᠣᠭ ᠬᠦᠨᠳᠦᠳᠬᠡᠨ ᠰᠠᠬᠢᠪᠠ᠃ ᠮᠣᠷᠳᠠᠨ ᠶᠠᠪᠤᠬᠤ ᠳ᠋ᠤ᠌ ᠮᠥᠨ ᠯᠡ ᠬᠣᠶᠠᠷ ᠲᠣᠮᠣ ᠳᠡᠰ ᠰᠢᠪᠠᠭᠤ ᠲᠡᠷᠡ ᠳᠡᠭᠡᠷ᠎ᠡ ᠡᠷᠭᠢᠯᠳᠦᠵᠦ ᠪᠠᠢᠯ᠎ᠠ᠃
