ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - ᠠᠷᠪᠠᠨ ᠳᠣᠯᠣᠭ᠎ᠠ> Хүлэг баатар буурч - Б. Өлзийсүрэн <Дэд бүлэг-17>
ᠥᠪᠡᠷ ᠦᠨ ᠵᠠᠮ ᠮᠥᠷ ᠢᠶᠡᠷ ᠲᠡᠮᠲᠡᠷᠢᠵᠦ ᠡᠷ᠎ᠡ ᠬᠥᠮᠥᠨ ᠦ ᠡᠷᠴᠢ ᠬᠦᠴᠦ ᠶᠢ ᠣᠯᠵᠤ ᠬᠦᠷᠲᠡᠭᠰᠡᠨ ᠳᠡᠳ᠋ ᠪᠦᠯᠦᠭ
ᠠᠷᠪᠠᠨ ᠳᠣᠯᠣᠭ᠎ᠠ
ᠠᠷᠪᠠᠨ ᠳᠣᠯᠣᠭ᠎ᠠ
ᠲᠠᠨᠢᠯ ᠲᠠᠢ ᠪᠣᠯ ᠲᠠᠯ᠎ᠠ ᠶ᠋ᠢᠨ ᠴᠢᠨᠡᠭᠡ
ᠲᠠᠨᠢᠯ ᠦᠭᠡᠢ ᠪᠣᠯ ᠠᠯᠠᠭ᠎ᠠ ᠶ᠋ᠢᠨ ᠴᠢᠨᠡᠭᠡ
ᠮᠡᠷᠭᠡᠳ ᠦ᠋ᠨ ᠳᠣᠪᠲᠣᠯᠭᠠᠨ ᠠ᠋ᠴᠠ ᠬᠣᠢᠰᠢ ᠳᠣᠯᠣᠭ᠎ᠠ ᠬᠣᠨᠣᠭ ᠥᠩᠭᠡᠷᠡᠭᠡᠳ ᠭᠤᠷᠪᠠᠳᠠᠬᠢ ᠳ᠋ᠠᠭᠠᠨ ᠣᠷᠣᠭᠠᠳ ᠶᠠᠪᠤᠵᠤ ᠪᠠᠢᠯ᠎ᠠ᠃ ᠲᠡᠮᠦᠵᠢᠨ ᠦ᠌ ᠵᠠᠩ ᠠᠭᠠᠰᠢ ᠨᠢ ᠬᠤᠷᠴᠠᠰᠴᠤ《ᠲᠡᠳᠡᠨ ᠢ᠋ ᠪᠤᠲᠠ ᠴᠣᠬᠢᠨ᠎ᠠ》 ᠭᠡᠵᠦ ᠰᠢᠳᠦ ᠵᠠᠭᠤᠨ ᠬᠡᠯᠡᠬᠦ ᠪᠥᠯᠥᠭᠡ᠃ ᠲᠡᠭᠡᠭᠡᠳ ᠲᠤᠤᠯᠠ ᠭᠣᠣᠯ ᠳ᠋ᠤ᠌ ᠣᠷᠣᠰᠢᠬᠤ ᠬᠡᠷᠡᠢᠳ ᠦ᠋ᠨ ᠬᠠᠨ ᠯᠤᠭ᠎ᠠ ᠤᠴᠠᠷᠠᠬᠤ ᠪᠠᠷ ᠬᠠᠰᠠᠷ᠂ ᠪᠡᠯᠭᠦᠳᠡᠢ ᠬᠣᠶᠠᠷ ᠳᠡᠭᠦᠦ ᠪᠡᠨ ᠳᠠᠭᠠᠭᠤᠯᠤᠨ ᠶᠠᠪᠤᠭᠠᠳ ᠬᠣᠶᠠᠷ ᠬᠣᠨᠣᠪᠠ᠃ ᠪᠣᠭᠣᠷᠴᠢ ᠥᠷᠯᠥᠭᠡ ᠡᠷᠲᠡᠯᠡᠨ ᠪᠣᠰᠴᠤ ᠴᠢᠳᠥᠷᠯᠡᠵᠦ ᠲᠤᠱᠠᠵᠤ ᠲᠠᠯᠪᠢᠭᠰᠠᠨ ᠬᠡᠳᠦᠨ ᠭᠡᠭᠦᠦ ᠪᠡᠨ ᠠᠪᠴᠢᠷᠠᠵᠤ ᠤᠨᠠᠭ᠎ᠠ ᠶ᠋ᠢ ᠨᠢ ᠤᠶᠠᠯᠠ᠃ ᠲᠡᠭᠦᠨ ᠢ᠋ ᠡᠨᠳᠡ ᠢᠷᠡᠭᠰᠡᠨ ᠦ᠌ ᠳᠠᠷᠠᠭᠠᠬᠠᠨ ᠳᠤᠮᠳᠠ ᠵᠡᠷᠭᠡ ᠨᠠᠰᠤᠨ ᠤ᠋ ᠨᠢᠭᠡ ᠳᠥᠯᠭᠡᠬᠡᠨ ᠵᠠᠩᠲᠠᠢ ᠡᠷ᠎ᠡ ᠥᠭᠡᠯᠦᠨ ᠡᠬᠡ ᠳ᠋ᠦ᠍ ᠨᠢᠭᠡ ᠤᠨᠠᠭ᠎ᠠ ᠲᠠᠢ ᠭᠡᠭᠦᠦ ᠠᠪᠴᠢᠷᠠᠵᠤ᠄
— ᠲᠠᠨᠠᠢᠬᠢ ᠶ᠋ᠢ ᠬᠡᠳᠦᠨ ᠭᠡᠭᠦᠦ ᠪᠠᠷᠢᠵᠤ ᠪᠠᠢᠨ᠎ᠠ ᠭᠡᠵᠦ ᠰᠣᠨᠣᠰᠤᠭᠠᠳ ᠨᠡᠮᠡᠷᠢ ᠪᠣᠯᠭᠠᠵᠤ ᠠᠪᠴᠢᠷᠠᠯ᠎ᠠ ᠭᠡᠰᠡᠨ ᠳ᠋ᠦ᠍ ᠥᠭᠡᠯᠦᠨ ᠡᠬᠡ ᠪᠠᠶᠠᠷᠯᠠᠵᠤ᠂ ᠲᠡᠷᠡ ᠬᠥᠮᠦᠨ ᠢ᠋ ᠵᠣᠴᠢᠯᠠᠵᠤ ᠬᠦᠨᠳᠦᠯᠡᠭᠡᠳ ᠶᠠᠪᠤᠭᠤᠯᠤᠭᠰᠠᠨ ᠪᠢᠯᠡ᠃ ᠢᠩᠭᠢᠭᠡᠳ ᠡᠳᠡᠨ ᠦ᠌ ᠳᠥᠷᠪᠡᠨ ᠭᠡᠭᠦᠦ ᠲᠡᠢ ᠪᠣᠯᠵᠠᠢ᠃ ᠡᠳᠡᠨ ᠦ᠌ ᠬᠠᠮᠤᠭ ᠡᠮᠡᠰ ᠨᠢ ᠬᠠᠷᠢ ᠳ᠋ᠤ᠌ ᠣᠯᠵᠠᠯᠠᠭᠳᠠᠭᠰᠠᠨ ᠪᠣᠯᠬᠣᠷ ᠠᠮᠠ ᠪᠦᠯᠢ ᠴᠣᠮᠰᠠᠵᠤ ᠥᠭᠡᠯᠦᠨ ᠡᠬᠡ᠂ ᠠᠯᠴᠢ ᠬᠦᠦ᠂ ᠲᠡᠮᠦᠯᠦᠨ ᠥᠬᠢᠨ ᠬᠣᠶᠠᠷ ᠲᠠᠢ ᠪᠠᠨ ᠦᠨᠢᠶ᠎ᠡ ᠪᠡᠨ ᠰᠠᠭᠠᠭᠠᠳ᠂ ᠬᠣᠨᠢ ᠪᠠᠨ ᠪᠡᠯᠴᠢᠭᠡᠵᠦ᠂ ᠬᠤᠷᠠᠭ᠎ᠠ ᠪᠠᠨ ᠡᠰᠡᠷᠭᠦ ᠲᠡᠰᠢ ᠨᠢ ᠲᠠᠯᠪᠢᠬᠤ ᠵᠡᠷᠭᠡ ᠥᠷᠯᠥᠭᠡᠨ ᠦ᠌ ᠠᠵᠢᠯ ᠢ᠋ᠶ᠋ᠠᠨ ᠠᠮᠵᠢᠭᠤᠯᠵᠤ ᠪᠠᠢᠭ᠎ᠠ ᠬᠠᠷᠠᠭᠳᠠᠨ᠎ᠠ᠃
ᠪᠣᠭᠣᠷᠴᠢ ᠭᠡᠷ ᠦ᠋ᠨ ᠬᠣᠢᠲᠤ ᠪᠢᠴᠢᠬᠠᠨ ᠳᠣᠪᠣᠴᠠᠭ ᠥᠭᠡᠳᠡ ᠶᠠᠪᠠᠭᠠᠨ ᠭᠠᠷᠴᠤ ᠠᠯᠤᠰ ᠢ᠋ ᠬᠠᠷᠠᠬᠤ ᠭᠡᠰᠡᠨ ᠪᠣᠯᠪᠠᠴᠤ ᠲᠡᠳᠦᠢ ᠯᠡ ᠬᠣᠯᠠ ᠶ᠋ᠢ ᠡᠰᠡ ᠬᠠᠷᠠᠵᠤ ᠴᠢᠳᠠᠬᠤ ᠠᠵᠢ᠃ ᠰᠠᠨᠠᠭ᠎ᠠ ᠨᠢ ᠭᠤᠷᠪᠠᠨ ᠠᠬ᠎ᠠ ᠳᠡᠭᠦᠦ ᠶ᠋ᠢᠨ ᠢᠷᠡᠵᠦ ᠬᠠᠷᠠᠭᠳᠠᠬᠤ ᠶᠠᠭᠤᠨ ᠮᠠᠭᠠᠳ ᠭᠡᠮᠡᠨ ᠪᠣᠳᠣᠭᠰᠠᠨ ᠪᠢᠵᠡ᠃ ᠲᠡᠭᠡᠲᠡᠯ᠎ᠡ ᠵᠠᠯᠮ᠎ᠠ ᠭᠡᠷ ᠡᠴᠡ ᠪᠡᠨ ᠭᠠᠷᠴᠤ ᠪᠣᠭᠣᠷᠴᠢ ᠶ᠋ᠢ ᠬᠠᠷᠠᠭᠠᠳ ᠠᠷᠤ ᠠ᠋ᠴᠠ ᠨᠢ ᠢᠷᠡᠪᠡ᠃ ᠲᠡᠷᠡ ᠬᠣᠶᠠᠷ ᠥᠷᠯᠥᠭᠡᠨ ᠦ᠌ ᠮᠡᠨᠳᠦ ᠮᠡᠳᠡᠯᠴᠡᠨ ᠪᠣᠭᠣᠷᠴᠢ᠄
— ᠮᠠᠨ ᠤ᠋ ᠭᠤᠷᠪᠠ ᠢᠷᠡᠵᠦ ᠮᠠᠭᠠᠳ ᠭᠡᠵᠦ ᠬᠠᠷᠠᠬᠤ ᠭᠡᠰᠡᠨ ᠴᠢᠨᠢ ᠡᠨᠡ ᠣᠯᠠᠨ ᠠᠭᠤᠯᠠᠰ ᠳᠠᠪᠠᠭ᠎ᠠ ᠬᠠᠯᠬᠠᠯᠠᠭᠠᠳ ᠭᠡᠲᠡᠯ᠎ᠡ ᠵᠠᠯᠮ᠎ᠠ᠄
— ᠥᠨᠥᠳᠥᠷ ᠢᠷᠡᠬᠦ ᠦᠭᠡᠢ ᠪᠠᠢᠬ᠎ᠠ!
— ᠲᠡᠢᠮᠦ ᠤᠳᠠᠬᠤ ᠶᠤᠮ ᠤᠤ?
— ᠤᠳᠠᠬᠤ ᠶᠠᠭᠤ ᠪᠠᠢᠬᠤ ᠪᠣᠢ ? ᠣᠴᠢᠬᠤ ᠢᠷᠡᠬᠦ ᠭᠠᠵᠠᠷ ᠵᠠᠢᠲᠠᠢ ᠬᠣᠯᠠ᠃ ᠲᠡᠭᠡᠭᠡᠳ ᠴᠦ᠍ ᠲᠡᠷᠡ ᠲᠣᠭᠣᠷᠢᠯ ᠬᠠᠨ ᠡᠨᠡ ᠲᠡᠷᠡ ᠬᠥᠮᠦᠰ ᠲᠡᠢ ᠪᠡᠨ ᠶᠠᠷᠢᠯᠴᠠᠭᠠᠳ ᠬᠠᠷᠢᠭᠤ ᠥᠭᠬᠦ᠃ ᠪᠤᠴᠠᠵᠤ ᠢᠷᠡᠬᠦ ᠳ᠋ᠡᠭᠡᠨ ᠮᠡᠩᠯᠢᠭ ᠠᠪᠠᠭ᠎ᠠ ᠲᠠᠢᠴᠢᠭᠤᠳ ᠤ᠋ᠨ ᠵᠠᠬ᠎ᠠ ᠬᠢᠵᠠᠭᠠᠷ ᠤ᠋ᠨ ᠲᠣᠳᠣᠢ ᠵᠡᠷᠭᠡ ᠥᠪᠡᠷ ᠦ᠋ᠨ ᠲᠠᠯ᠎ᠠ ᠶ᠋ᠢᠨ ᠬᠥᠮᠦᠰ ᠲᠡᠢ ᠠᠭᠤᠯᠵᠠᠵᠤ ᠨᠠᠭᠠᠰᠢ ᠢᠷᠡᠬᠦᠶ᠎ᠡ ᠡᠯᠳᠡᠪ ᠪᠣᠳᠣᠯ ᠪᠣᠢ ᠪᠠᠢᠬ᠎ᠠ᠃ ᠪᠣᠭᠣᠷᠴᠢ ᠶᠡᠬᠡᠳᠡ ᠪᠣᠳᠣᠯᠭᠠᠰᠢᠷᠠᠨ᠄
— ᠮᠡᠩᠯᠢᠭ ᠠ᠋? ᠲᠡᠷᠡ ᠡᠳᠡᠨ ᠦ᠌ ᠶᠠᠭᠤ ᠶᠤᠮ ᠪᠣᠢ? ᠭᠡᠵᠦ ᠠᠰᠠᠭᠤᠪᠠᠯ᠄
— ᠡᠷᠲᠡ ᠤᠷᠢᠳᠤ ᠶ᠋ᠢᠨ ᠤᠳᠤᠮ ᠤᠭᠰᠠᠭ᠎ᠠ ᠨᠢᠭᠡ ᠶᠦᠮ ᠭᠡᠨ᠎ᠡ ᠪᠢᠯᠡ᠃ ᠰᠡᠭᠦᠯ ᠳ᠋ᠡᠭᠡᠨ ᠮᠡᠩᠯᠢᠭ ᠡᠴᠢᠭᠡ ᠶᠢᠰᠦᠭᠡᠢ ᠪᠠᠭᠠᠲᠤᠷ ᠤ᠋ᠨ ᠦᠨᠡᠨᠴᠢ ᠠᠯᠪᠠᠲᠤ ᠬᠠᠷᠢᠶᠠᠲᠤ ᠨᠢ ᠪᠠᠢᠭᠰᠠᠨ ᠯᠠ ᠭᠡᠳᠡᠭ᠃ ᠪᠣᠭᠣᠷᠴᠢ᠄《 ᠬᠡ᠂ ᠬᠡ》 ᠭᠡᠵᠦ ᠢᠨᠢᠶᠡᠭᠡᠳ᠄
— ᠰᠣᠨᠢᠨ ᠯᠠ ᠶᠤᠮ ᠭᠡᠵᠦ ᠠᠮᠠᠨ ᠳ᠋ᠠᠭᠠᠨ ᠪᠤᠪᠠᠲᠤᠨᠠᠪᠠ᠃
— ᠶᠠᠭᠤ ᠨᠢ ᠰᠣᠨᠢᠨ ᠭᠡᠵᠦ?
— ᠲᠡᠮᠦᠵᠢᠨ ᠠᠨᠳᠠ ᠶᠠᠷᠢᠭᠰᠠᠨ ᠶᠤᠮ᠃ ᠬᠣᠩᠬᠣᠲᠠᠨ᠂ ᠠᠷᠤᠯᠠᠳ᠂ ᠴᠢᠷᠬᠠᠢ᠂ ᠮᠡᠩᠯᠢᠭ ᠭᠡᠵᠦ᠁ ᠪᠢ ᠡᠴᠢᠭᠡ ᠳ᠋ᠡᠭᠡᠨ ᠡᠨᠡ ᠲᠤᠬᠠᠢ ᠬᠡᠯᠡᠲᠡᠯ᠎ᠡ ᠡᠴᠢᠭᠡ ᠮᠢᠨᠢ《ᠲᠡᠷᠡ ᠬᠣᠩᠬᠣᠲᠠᠨ ᠠᠷᠤᠯᠠᠳ ᠬᠣᠶᠠᠷ ᠴᠢᠨᠢ ᠨᠢᠭᠡ ᠡᠴᠢᠭᠡ ᠶ᠋ᠢᠨ ᠬᠦᠦ᠃ ᠲᠡᠷᠡ ᠠᠷᠤᠯᠠᠳ ᠠ᠋ᠴᠠ ᠪᠠᠨ ᠠᠪᠬᠤᠭᠤᠯᠤᠭᠳ ᠬᠠᠮᠤᠭ ᠤ᠋ᠨ ᠠᠬ᠎ᠠ ᠨᠢ ᠣᠷᠨᠠᠷ᠂ ᠲᠡᠭᠡᠭᠡᠳ ᠲᠡᠳᠡ ᠴᠠᠭᠠᠰᠢ ᠰᠥᠨᠢᠳ᠂ ᠬᠠᠪᠲᠠᠷᠬᠠᠰ᠂ ᠬᠠᠨᠢᠭᠠᠰ ᠭᠡᠬᠦ ᠵᠡᠷᠭᠡ ᠣᠪᠣᠭ ᠪᠣᠯᠤᠭᠰᠠᠨ ᠭᠡᠵᠦ ᠬᠡᠯᠡᠭᠰᠡᠨ》᠃ ᠮᠠᠨ ᠤ᠋ ᠲᠡᠭᠦᠪᠡᠷ ᠡᠢᠮᠦ ᠨᠡᠷᠡᠲᠡᠢ ᠣᠪᠣᠭ ᠤ᠋ᠳ ᠪᠠᠢᠳᠠᠭ᠃ ᠮᠢᠨᠦ ᠡᠪᠦᠭᠡ ᠡᠴᠢᠭᠡ ᠠᠷᠤᠯᠠᠳ ᠤ᠋ᠨ ᠬᠦᠦ ᠰᠠᠷᠠᠭᠤᠯ ᠭᠡᠵᠦ ᠪᠠᠢᠭᠰᠠᠨ ᠶᠤᠮ ᠭᠡᠰᠡᠨ᠃ ᠲᠡᠳᠡ ᠣᠯᠠᠭᠤᠯᠠ᠃ ᠲᠡᠭᠡᠭᠡᠳ ᠠᠷᠤᠯᠠᠳ ᠤ᠋ᠨ ᠬᠢᠨ ᠮᠠᠨ ᠤ᠋ ᠨᠤᠲᠤᠭ ᠲᠤ᠌ ᠶᠡᠬᠡ ᠣᠯᠠᠨ ᠠ᠋᠃
— ᠲᠡᠭᠡᠪᠡᠯ ᠴᠢ ᠲᠡᠮᠦᠵᠢᠨ ᠲᠡᠢ ᠨᠢᠭᠡ ᠤᠳᠤᠮ ᠤᠭᠰᠠᠭ᠎ᠠ ᠪᠣᠯᠬᠤ ᠨᠢ ᠤᠤ?
— ᠮᠡᠳᠡᠬᠦ ᠦᠭᠡᠢ᠂ ᠪᠢ ᠮᠡᠳᠡᠬᠦ ᠦᠭᠡᠢ᠃ ᠳᠤᠭᠤᠯᠤᠭᠰᠠᠨ᠂ ᠰᠣᠨᠣᠰᠤᠭᠰᠠᠨ ᠢ᠋ᠶ᠋ᠠᠨ ᠯᠠ ᠬᠡᠯᠡᠯ᠎ᠡ ᠭᠡᠵᠦ ᠪᠣᠭᠣᠷᠴᠢ ᠨᠡᠯᠢᠶᠡᠳ ᠪᠣᠳᠣᠯᠭᠠᠰᠢᠷᠠᠨ ᠡᠷᠭᠢᠴᠡᠭᠦᠯᠵᠦ ᠰᠠᠭᠤᠭᠰᠠᠨ ᠢ᠋ᠶ᠋ᠠᠨ᠄
— ᠵᠠᠯᠮ᠎ᠠ ᠠ᠋᠂ ᠴᠢ ᠡᠳᠡᠨ ᠦ᠌ ᠶᠠᠭᠤ ᠨᠢ ᠶᠦᠮ ᠪᠣᠢ? ᠪᠢ ᠴᠢᠮ᠎ᠠ ᠶ᠋ᠢ ᠬᠤᠸᠠᠭᠴᠢᠨ ᠡᠮᠡᠭᠡᠨ ᠦ᠌ ᠬᠦᠦ ᠨᠢ ᠪᠣᠯᠪᠠ ᠤᠤ? ᠭᠡᠵᠦ ᠪᠣᠳᠣᠳᠠᠭ ᠪᠠᠢᠯ᠎ᠠ᠃
— ᠪᠢᠰᠢ ᠠ᠋ ᠭᠡᠪᠡᠯ ᠵᠡᠯᠮ᠎ᠡ ᠢᠨᠢᠶᠡᠯ᠎ᠡ᠃ ᠪᠣᠭᠣᠷᠴᠢ᠄
— ᠵᠠ᠂ ᠲᠡᠭᠡᠭᠡᠳ? ᠭᠡᠪᠡᠯ ᠵᠡᠯᠮ᠎ᠡ᠄
— ᠪᠢ ᠲᠡᠮᠦᠵᠢᠨ ᠦ᠌ ᠪᠣᠭᠣᠯ᠁ ᠭᠡᠪᠡ᠃
— ᠵᠠ᠂ ᠴᠢ ᠪᠢᠲᠡᠭᠡᠢ ᠨᠣᠬᠠᠢᠳᠠᠭᠠᠳ ᠪᠠᠢ᠃ ᠬᠡᠯᠡ ᠳᠡ ᠭᠡᠬᠦ ᠳ᠋ᠦ᠍ ᠵᠡᠯᠮ᠎ᠡ᠄
— ᠦᠨᠡᠨ᠂ ᠦᠨᠡᠨ ᠯᠡ ᠶᠠᠭᠤᠮ᠎ᠠ ᠬᠡᠯᠡᠵᠦ ᠪᠠᠢᠨ᠎ᠠ᠃ ᠮᠢᠨᠦ ᠡᠴᠢᠭᠡ ᠡᠬᠡ ᠬᠠᠨ ᠬᠡᠨᠲᠡᠢ ᠠᠭᠤᠯᠠ ᠶ᠋ᠢᠨ ᠬᠠᠪᠴᠢᠯ ᠳ᠋ᠤ᠌ ᠪᠠᠢᠭ᠎ᠠ᠃ ᠡᠴᠢᠭᠡ ᠮᠢᠨᠢ ᠤᠭ ᠠ᠋ᠴᠠ ᠳᠣᠣᠷᠠᠲᠤ ᠪᠣᠭᠣᠯ᠂ ᠠᠷᠠᠳ᠃ ᠶᠢᠰᠦᠭᠡᠢ ᠪᠠᠭᠠᠲᠤᠷ ᠤ᠋ᠨ ᠦᠨᠡᠨᠴᠢ ᠵᠠᠷᠤᠴᠠ᠂ ᠲᠡᠮᠦᠷ ᠦ᠋ᠨ ᠳᠠᠷᠬᠠᠨ᠂ ᠵᠠᠷ ᠵᠡᠪᠰᠡᠭ ᠬᠢᠵᠦ ᠥᠭᠳᠡᠭ ᠨᠢᠭᠡᠨ᠃ ᠲᠡᠮᠦᠵᠢᠨ ᠪᠢᠳᠡ ᠬᠣᠶᠠᠷ ᠨᠢᠭᠡᠨ ᠴᠠᠭ ᠦᠶ᠎ᠡ ᠳ᠋ᠦ᠍ ᠡᠬᠡ ᠡᠴᠡ ᠵᠡᠷᠭᠡ ᠲᠥᠷᠥᠵᠡᠢ᠃ ᠡᠴᠢᠭᠡ ᠮᠢᠨᠢ ᠲᠡᠷᠡ ᠦᠶ᠎ᠡ ᠳ᠋ᠦ᠍ ᠡᠵᠡᠨ ᠦ᠌ ᠪᠡᠨ ᠬᠦᠦ ᠳ᠋ᠦ᠍《ᠡᠮᠡᠭᠡᠯ ᠢ᠋ᠶ᠋ᠡᠨ ᠲᠣᠬᠣᠭᠤᠯ᠂ ᠡᠭᠦᠳᠡ ᠪᠡᠨ ᠰᠡᠬᠦᠭᠦᠯ!》 ᠭᠡᠵᠦ ᠨᠠᠮ᠎ᠠ ᠶ᠋ᠢ ᠥᠭᠭᠦᠭᠰᠡᠨ ᠶᠦᠮ ᠪᠠᠢᠨ᠎ᠠ᠃ ᠨᠢᠯᠬ᠎ᠠ ᠬᠥᠬᠥᠭᠦᠯ ᠬᠡᠦᠬᠡᠳ ᠢ᠋ ᠭᠡᠷ ᠲᠡᠭᠡᠨ ᠥᠰᠬᠡᠵᠦ ᠪᠣᠢᠵᠢᠭᠤᠯᠬᠤ ᠬᠣᠭᠣᠷᠣᠨᠳᠣ ᠶᠡᠬᠡ ᠥᠭᠡᠷᠡᠴᠢᠯᠡᠯᠲᠡ ᠬᠤᠪᠢᠰᠤᠯᠲᠠ ᠪᠣᠯᠵᠤ ᠥᠩᠭᠡᠷᠡᠭᠰᠡᠨ᠃ ᠡᠴᠢᠭᠡ ᠮᠢᠨᠢ ᠬᠡᠯᠡᠭᠰᠡᠨ ᠦᠭᠡ᠂ ᠲᠠᠯᠪᠢᠭᠰᠠᠨ ᠲᠠᠩᠭᠠᠷᠢᠭ ᠢ᠋ᠶ᠋ᠠᠨ ᠪᠡᠶᠡᠯᠡᠭᠦᠯᠵᠦ ᠥᠩᠭᠡᠷᠡᠭᠰᠡᠨ ᠨᠠᠮᠤᠷ ᠲᠡᠮᠦᠵᠢᠨ ᠳ᠋ᠦ᠍ ᠨᠠᠮ᠎ᠠ ᠶ᠋ᠢ ᠠᠪᠴᠢᠷᠠᠵᠤ ᠲᠤᠰᠢᠶᠠᠨ ᠥᠭᠭᠦᠭᠰᠡᠨ ᠶᠦᠮ᠃ ᠲᠡᠭᠡᠬᠦᠯᠡᠷ ᠪᠢ ᠲᠡᠮᠦᠵᠢᠨ ᠦ᠌ ᠶᠠᠭᠤ ᠨᠢ ᠶᠦᠮ ᠪᠣᠢ? ᠪᠣᠭᠣᠷᠴᠢ ᠬᠣᠶᠠᠷ ᠠᠯᠠᠭ᠎ᠠ ᠪᠠᠷ ᠢ᠋ᠶ᠋ᠠᠨ ᠨᠢᠭᠤᠷ ᠢ᠋ᠶ᠋ᠠᠨ ᠳᠠᠷᠤᠨ ᠬᠡᠰᠡᠭ ᠵᠠᠭᠤᠷ᠎ᠠ ᠪᠣᠳᠣᠯᠭᠠᠰᠢᠷᠠᠵᠤ ᠰᠠᠭᠤᠭᠰᠠᠨ ᠢ᠋ᠶ᠋ᠠᠨ ᠢᠨᠢᠶᠡᠪᠬᠢᠯᠡᠵᠦ᠄
— ᠲᠡᠭᠡᠪᠡᠯ ᠴᠢ ᠪᠢᠳᠡ ᠬᠣᠶᠠᠷ ᠠᠳᠠᠯᠢᠬᠠᠨ ᠶᠤᠮ ᠪᠠᠢᠨ᠎ᠠ᠃ ᠴᠢᠮ᠎ᠠ ᠶᠢ ᠡᠴᠢᠭᠡ ᠴᠢᠨᠢ ᠲᠤᠰᠢᠶᠠᠨ ᠥᠭᠴᠦ᠂ ᠪᠢ ᠥᠪᠡᠷ ᠢ᠋ᠶ᠋ᠡᠨ ᠥᠪᠡᠷ ᠢ᠋ ᠪᠡᠨ ᠲᠤᠰᠢᠶᠠᠨ ᠥᠭᠴᠦ᠁ ᠬᠣᠶᠠᠭᠤᠯᠠ ᠪᠠᠨ ᠳᠤᠤᠭᠠᠷᠤᠭᠰᠠᠨ ᠦᠭᠡᠢ᠂ ᠨᠡᠯᠢᠶᠡᠳ ᠪᠣᠳᠣᠯᠭᠠᠰᠢᠷᠠᠨ ᠰᠠᠭᠤᠲᠠᠯ᠎ᠠ ᠵᠠᠯᠮ᠎ᠠ᠄
— ᠡᠵᠡᠳ ᠥᠨᠥᠳᠥᠷ ᠢᠷᠡᠬᠦ ᠦᠭᠡᠢ᠃ ᠬᠠᠷᠢᠨ ᠴᠢ ᠪᠢᠳᠡ ᠬᠣᠶᠠᠷ ᠡᠵᠡᠨ ᠪᠣᠯᠵᠤ᠂ ᠨᠥᠬᠥᠳ ᠴᠡᠷᠢᠭ ᠦ᠋ᠳ ᠢᠷᠡᠨ᠎ᠡ᠃ ᠪᠢᠳᠡ ᠬᠣᠶᠠᠷ ᠰᠤᠷᠭᠠᠭᠤᠯᠢ ᠶᠠᠪᠤᠭᠤᠯᠤᠨ᠎ᠠ᠃ ᠲᠡᠳᠡ ᠪᠠᠢᠬᠤ ᠦᠭᠡᠢ ᠭᠡᠳ ᠳᠤᠲᠠᠬᠤ ᠶᠠᠭᠤᠮ᠎ᠠ ᠦᠭᠡᠢ᠃ ᠪᠦᠬᠦ ᠶᠠᠭᠤᠮ᠎ᠠ ᠪᠣᠯᠵᠤ ᠪᠠᠢᠭ᠎ᠠ᠃ ᠬᠠᠷᠢᠨ ᠥᠨᠥᠳᠥᠷ ᠴᠢ ᠪᠢᠳᠡ ᠬᠣᠣᠰ ᠮᠣᠷᠢ ᠶᠠᠭᠠᠬᠢᠵᠤ ᠡᠳ᠋ᠯᠡᠬᠦ ᠰᠤᠷᠭᠠᠭᠤᠯᠢ ᠬᠢᠨ᠎ᠡ᠃ ᠲᠡᠳᠡ ᠪᠦᠭᠦᠳᠡ ᠬᠣᠣᠰ ᠮᠣᠷᠢᠲᠠᠢ ᠢᠷᠡᠨ᠎ᠡ ᠭᠡᠯᠡ᠃
