ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠲᠠᠪᠤᠳᠤᠭᠠᠷ ᠪᠦᠯᠦᠭ 4-5> Бүлжхэн хатан– [монгол] Дамбын Төрбат <тавдугаар бүлэг 4-5> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠲᠠᠪᠤᠳᠤᠭᠠᠷ ᠪᠦᠯᠦᠭ 4-5> Бүлжхэн хатан– [монгол] Дамбын Төрбат <тавдугаар бүлэг 4-5>

ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠲᠠᠪᠤᠳᠤᠭᠠᠷ ᠪᠦᠯᠦᠭ 4-5> Бүлжхэн хатан– [монгол] Дамбын Төрбат <тавдугаар бүлэг 4-5>

ᠠᠩᠭᠢᠯᠠᠯ:ᠲᠤᠭᠤᠵᠢ ᠷᠣᠮᠠᠨ
2026-03-09

77

ᠪᠦᠯᠵᠢᠬᠢᠨ ᠬᠠᠲᠤᠨ– ᠲᠠᠪᠤᠳᠤᠭᠠᠷ ᠪᠦᠯᠦᠭ <4-5>


                 

       ᠬᠤᠲᠤᠭᠲᠤ ᠮᠣᠩᠬᠣᠷ ᠭᠠᠯ ᠲᠠᠢ ᠲᠤᠯᠭᠠᠨ ᠤ᠋ ᠲᠣᠲᠣᠭᠣ ᠪᠠᠵᠠᠭᠠᠳ ᠠᠪᠬᠤ ᠠ᠋ᠴᠠ ᠡᠰᠡ ᠪᠤᠴᠠᠵᠠᠢ᠃ ᠲᠡᠭᠦᠨ ᠦ᠌ ᠨᠢᠭᠤᠷ ᠮᠢᠨᠴᠢᠢᠨ ᠤᠯᠠᠢᠵᠤ᠂ ᠲᠠᠰᠤ ᠠᠳᠬᠤᠭᠰᠠᠨ ᠭᠠᠷ ᠤ᠋ᠨ ᠬᠢᠨᠢ ᠬᠥᠬᠡ ᠰᠤᠳᠠᠰᠤ ᠬᠦᠷᠡᠢᠨ ᠠᠢᠬᠤᠪᠲᠤᠷ ᠠᠭᠤᠷᠰᠠᠵᠤ᠂ 
       — ᠴᠢ᠁ ᠴᠢ ᠬᠡᠴᠢᠨᠡᠭᠡᠨ ᠵᠢᠯ ᠠᠷᠭᠠᠳᠠᠬᠤ ᠭᠡᠰᠡᠨ ᠶᠦᠮ ᠪᠣᠢ? ᠨᠡᠷ᠎ᠡ ᠲᠡᠢ ᠡᠴᠡ ᠬᠡᠦᠬᠡᠨ ᠢ᠋ᠶ᠋ᠡᠨ ᠲᠠᠯᠬᠢᠭᠤᠯᠵᠤ᠂ ᠬᠦᠯᠦᠭ ᠢ᠋ᠶ᠋ᠡᠨ ᠤᠨᠤᠭᠤᠯᠤᠶ᠎ᠠ ᠭᠡᠵᠦ ᠬᠡᠯᠡᠲᠦᠭᠡᠢ! ᠭᠡᠮᠡᠨ ᠣᠪᠣᠯᠵᠠᠪᠠ᠃ ᠠᠮᠪᠠᠭᠠᠢ ᠬᠠᠭᠠᠨ ᠬᠠᠭᠤᠷᠠᠢ ᠮᠣᠳᠣᠨ ᠤ᠋ ᠮᠥᠴᠢᠷ ᠰᠢᠭ ᠳᠦᠷᠡᠯᠵᠡᠬᠦ ᠡᠷ᠎ᠡ ᠶ᠋ᠢ ᠴᠢᠮᠡᠭᠡ ᠦᠭᠡᠢ ᠬᠠᠷᠠᠵᠤ ᠰᠠᠭᠤᠭᠰᠠᠨ ᠢ᠋ᠶ᠋ᠠᠨ᠂ 
       — ᠡᠷᠬᠢᠮ ᠨᠣᠶᠠᠨ ᠲᠠ ᠥᠷᠥᠰᠢᠶᠡᠨ ᠰᠣᠶᠣᠷᠬ᠎ᠠ᠃ ᠵᠥᠭᠡᠯᠡᠨ ᠨᠢ ᠬᠠᠲᠠᠭᠤ ᠪᠠᠨ ᠢᠳᠡᠳᠡᠭ ᠰᠠᠨ ᠪᠢᠯᠡ ᠭᠡᠬᠦ ᠳ᠋ᠦ᠍ ᠬᠤᠲᠤᠭᠲᠤ ᠮᠣᠩᠬᠣᠷ ᠨᠡᠭᠡᠭᠡᠯᠲᠡ ᠲᠡᠢ ᠡᠭᠦᠳᠡ ᠪᠡᠷ ᠱᠠᠭᠠᠯᠵᠠᠨ ᠪᠠᠢᠵᠤ ᠶᠠᠳᠠᠪᠠ᠃ ᠲᠡᠭᠦᠨ ᠦ᠌ ᠬᠦᠰᠡᠨ ᠬᠦᠯᠢᠶᠡᠭᠰᠡᠨ ᠨᠡᠭᠦᠳᠡᠯ ᠬᠥᠰᠬᠡ ᠪᠠᠰᠠ ᠯᠠ ᠠᠯᠠᠭ᠎ᠠ ᠠᠵᠢ᠃ ᠳᠡᠮᠡᠢ ᠯᠡ ᠶᠢᠰᠦᠭᠡᠢ ᠲᠠᠢᠰᠢ ᠬᠠᠷᠠᠴᠠ ᠰᠢᠳᠡᠬᠦ ᠳ᠋ᠦ᠍ ᠠᠬ᠎ᠠ ᠶ᠋ᠢᠨ ᠨᠢᠳᠦᠨ ᠳ᠋ᠦ᠍ ᠴᠢᠴᠢᠭᠦᠯᠦᠭᠰᠡᠨ ᠵᠠᠯᠠᠭᠤ ᠡᠷ᠎ᠡ ᠰᠢᠨ᠎ᠡ ᠬᠠᠭᠠᠨ ᠤ᠋ ᠰᠦᠷ ᠲᠦ᠍ ᠳᠠᠷᠤᠭᠳᠠᠨ ᠪᠠᠬᠠᠨ ᠬᠤᠯᠴᠠᠢᠪᠠᠴᠤ᠂ 
       — ᠬᠠᠭᠠᠨ ᠲᠠ ᠪᠣᠯᠭᠣᠭ᠎ᠠ! ᠬᠠᠷ᠎ᠠ ᠲᠡᠷᠭᠡᠲᠦ ᠰᠢᠪᠡᠢ(ᠰᠢᠪᠡᠭᠡ) ᠶ᠋ᠢᠨ ᠤᠳᠤᠮ ᠰᠤᠳᠤᠷ᠂ ᠡᠨᠡ ᠬᠠᠷ᠎ᠠ ᠳ᠋ᠠᠳᠠᠨ ᠨᠠᠷ ᠲᠠᠩᠳᠠ ᠬᠠᠷ᠎ᠠ ᠮᠥᠷ ᠲᠡᠢ ᠪᠠᠢᠭᠰᠠᠨ ᠪᠤᠰᠤ ᠤᠤ? ᠠᠩᠭᠠᠷ ᠮᠥᠷᠡᠨ ᠦ᠌ ᠠᠳᠠᠭ ᠠ᠋ᠴᠠ ᠢᠷᠡᠭᠰᠡᠨ ᠭᠡᠳᠡᠭ ᠪᠢᠵᠡ ᠳᠡ᠂ ᠬᠣᠷᠴᠢ ᠠ᠋? ᠭᠡᠬᠦ ᠳ᠋ᠦ᠍ ᠬᠥᠩᠬᠥᠷ ᠬᠣᠷᠴᠢ ᠪᠣᠱᠣᠭᠠᠨ ᠤ᠋ ᠰᠢᠷᠣᠢ ᠫᠣᠷ ᠬᠢᠯᠭᠡᠨ ᠤᠬᠤᠰᠬᠢᠵᠦ᠂ 
       — ᠵᠠ᠂ ᠲᠡᠢᠮᠦ ᠠ᠋᠃ ᠳᠥᠷᠪᠡᠨ᠂ ᠰᠠᠯᠵᠢᠭᠤᠳ᠂ ᠬᠠᠲᠠᠭᠢᠨ ᠠᠢᠮᠠᠭ ᠲᠠᠢ ᠨᠡᠢᠯᠡᠵᠦ ᠨᠢᠭᠡᠳᠴᠦ ᠶᠠᠪᠤᠭᠰᠠᠨ ᠭᠡᠵᠦ ᠦᠶ᠎ᠡ ᠦᠶ᠎ᠡ ᠶ᠋ᠢᠨ ᠬᠣᠷᠴᠢ ᠨᠠᠷ ᠦᠦᠬᠡ ᠲᠡᠦᠬᠡᠨ ᠳ᠋ᠦ᠍ ᠦᠯᠡᠳᠡᠭᠡᠭᠰᠡᠨ ᠪᠢᠯᠡ ᠬᠡᠮᠡᠪᠡ᠃ ᠡᠢᠨ ᠬᠠᠷᠢᠭᠤᠯᠬᠤ ᠳ᠋ᠠᠭᠠᠨ ᠢᠰᠡᠭᠡᠢ ᠶ᠋ᠢ ᠪᠠᠰᠠ ᠬᠦ᠌ ᠳᠣᠲᠣᠷ᠎ᠠ ᠪᠠᠨ ᠲᠣᠭᠣᠵᠤ《ᠪᠡᠶ᠎ᠡ ᠲᠡᠢ ᠲᠥᠷᠥᠭᠰᠡᠨ ᠪᠢᠯᠢᠭᠲᠡᠨ ᠶᠦᠮ᠃ ᠠᠮᠪᠠᠭᠠᠢ ᠬᠠᠭᠠᠨ ᠤ᠋ ᠲᠥᠷᠥ ᠳ᠋ᠦ᠍ ᠲᠦᠰᠢᠮᠡᠯ ᠡᠷᠳᠡᠨᠢ ᠳᠤᠲᠠᠭᠤ ᠪᠢᠯᠡ᠃ ᠶᠢᠰᠦᠭᠡᠢ ᠬᠦᠦ ᠶ᠋ᠢ ᠲᠩᠷᠢ ᠵᠠᠶᠠᠭᠠᠬᠤ ᠨᠢ ᠶᠦᠮ ᠪᠣᠯᠪᠠ ᠤᠤ》 ᠭᠡᠵᠦ ᠪᠣᠳᠣᠯ᠎ᠠ᠃ ᠶᠢᠰᠦᠭᠡᠢ ᠦᠭᠡ ᠪᠡᠨ ᠦᠷᠭᠦᠯᠵᠢᠯᠡᠭᠦᠯᠵᠦ᠂ 
       — ᠬᠠᠭᠠᠨ ᠲᠠ ᠰᠣᠶᠣᠷᠬᠠᠪᠠᠯ ᠤᠭ ᠤᠳᠤᠮ ᠢ᠋ ᠨᠢ ᠪᠣᠳᠣᠵᠤ᠂ ᠤᠯᠤᠰ ᠠᠢᠮᠠᠭ  ᠲᠤ᠌ ᠲᠠᠷᠢᠵᠤ ᠪᠣᠢ ᠤᠷᠰᠢᠭ ᠢ᠋ ᠰᠠᠨᠠᠵᠤ ᠴᠡᠷᠢᠭ ᠮᠣᠷᠳᠠᠭᠤᠯᠬᠤ ᠳ᠋ᠤ᠌ ᠪᠣᠯᠬᠤ ᠦᠭᠡᠢ ᠶᠠᠭᠤᠮ᠎ᠠ ᠦᠭᠡᠢ ᠮᠡᠲᠦ ᠠ᠋ ᠭᠡᠪᠡᠯ ᠪᠠᠷᠠᠳᠠᠨᠪᠠᠭᠠᠲᠤᠷ ᠬᠦᠦ ᠪᠡᠨ ᠰᠠᠶᠢ ᠦᠵᠡᠵᠦ ᠪᠣᠢ ᠮᠡᠲᠦ ᠲᠣᠮᠣ ᠬᠠᠷᠠᠵᠤ᠂ 
       — ᠵᠠᠯᠠᠭᠤ ᠪᠠᠢᠬᠤ ᠳ᠋ᠤ᠌ ᠲᠡᠢᠨ ᠡᠴᠡ ᠵᠠᠯᠬᠠᠳᠠᠭ ᠦᠭᠡᠢ᠃ ᠥᠲᠡᠯᠦᠭᠰᠡᠨ ᠬᠣᠢᠨ᠎ᠠ ᠬᠠᠷᠢᠨ ᠭᠡᠮᠰᠢᠯ ᠲᠣᠭᠣᠷᠢᠳᠠᠭ ᠦᠭᠡᠢ ᠶᠦᠮ᠃ ᠠᠶᠤᠭᠰᠠᠨ ᠳ᠋ᠠᠭᠠᠨ ᠮᠢᠨᠦ ᠡᠴᠢᠭᠡ ᠠᠮᠤᠭᠤᠯᠠᠩ ᠰᠠᠭᠤᠭ᠎ᠠ ᠦᠭᠡᠢ ᠪᠢᠯᠡ᠃ ᠤᠯᠠᠭᠠᠨ ᠴᠢᠰᠤ ᠪᠠᠨ ᠤᠷᠤᠰᠬᠠᠵᠤ ᠪᠢᠰᠢ᠂ ᠤᠬᠠᠭᠠᠨ ᠪᠣᠳᠣᠯ ᠢ᠋ᠶ᠋ᠠᠨ ᠠᠰᠬᠠᠷᠠᠭᠤᠯᠵᠤ ᠲᠡᠮᠡᠴᠡᠳᠡᠭ ᠪᠠᠢᠭᠰᠠᠨ ᠶᠤᠮ ᠭᠡᠪᠡᠯ ᠬᠤᠲᠤᠭᠲᠤ ᠮᠣᠩᠬᠣᠷ ᠦᠭᠡ ᠶ᠋ᠢ ᠨᠢ ᠲᠠᠰᠤ ᠳᠠᠭᠠᠷᠢᠨ᠂ 
       — ᠠᠮᠪᠠᠭᠠᠢ ᠲᠠᠨ ᠢ᠋ ᠪᠢᠳᠡ ᠬᠠᠷᠠᠵᠤ ᠰᠠᠭᠤᠬᠤ ᠭᠡᠵᠦ ᠬᠠᠭᠠᠨ ᠪᠣᠯᠭᠠᠭ᠎ᠠ ᠦᠭᠡᠢ ᠪᠢᠯᠡ᠃ ᠴᠢ ᠬᠠᠷᠠ! ᠭᠡᠰᠡᠨ ᠢ᠋ᠶ᠋ᠡᠨ ᠪᠣᠰᠤᠨ ᠬᠠᠷᠠᠢᠵᠤ ᠲᠤᠯᠭ᠎ᠠ ᠲᠣᠭᠣᠭ᠎ᠠ ᠲᠠᠲᠠᠬᠤ ᠠᠯᠲᠠᠨ ᠡᠭᠦᠳᠡ ᠤᠷᠤᠭᠤ ᠭᠦᠶᠦᠬᠦ ᠳ᠋ᠦ᠍ ᠪᠦᠭᠦᠳᠡ ᠮᠠᠯ ᠭᠠᠢᠬᠠᠵᠤ᠂ ᠨᠡᠭᠡᠭᠡᠯᠲᠡ ᠲᠡᠢ ᠬᠠᠭᠠᠯᠭ᠎ᠠ ᠤᠷᠤᠭᠤ ᠬᠠᠷᠠᠴᠠ ᠪᠡᠯᠴᠢᠭᠡᠯ᠎ᠡ᠃ ᠤᠷᠲᠤ ᠬᠥᠪᠡᠭᠡᠨ ᠳᠡᠭᠡᠭᠦᠷ ᠨᠡᠭᠦᠭᠡᠯᠲᠦᠭᠰᠡᠨ ᠬᠠᠷ᠎ᠠ ᠶᠠᠭᠤᠮ᠎ᠠ ᠠᠭᠠᠵᠢᠭᠤᠬᠠᠨ ᠲᠣᠳᠣᠷᠠᠨ ᠠᠢᠰᠤᠢ ᠶ᠋ᠢ ᠠᠩᠵᠠᠭᠠᠷᠠᠵᠤ᠂ 
       — ᠨᠡᠭᠦᠳᠡᠯ ᠠᠢᠰᠤᠢ ᠤᠤ? ᠭᠡᠬᠦ ᠬᠠᠷᠯᠢ ᠺᠤ ᠡᠬᠡ ᠶ᠋ᠢᠨ ᠳᠠᠭᠤᠨ ᠢ᠋ᠶ᠋ᠠᠷ ᠪᠦᠭᠦᠳᠡ ᠤᠬᠤᠰᠬᠢᠨ ᠭᠠᠷᠤᠯ᠎ᠠ᠃ ᠨᠠᠮᠤᠷ ᠤ᠋ᠨ ᠬᠠᠯᠠᠭᠤᠨ ᠳᠡᠭᠡᠷ᠎ᠡ ᠥᠷᠳᠡᠭᠰᠡᠨ ᠭᠠᠯ ᠤ᠋ᠨ ᠢᠯᠴᠢ ᠨᠡᠮᠡᠵᠦ ᠶᠡᠬᠡᠰ ᠳᠡᠭᠡᠳᠦᠰ ᠶᠡᠬᠡᠳᠡ ᠬᠠᠯᠠᠭᠤᠴᠠᠵᠤ ᠪᠦᠭᠦᠳᠡ ᠶ᠋ᠢᠨ ᠬᠥᠯᠥᠰᠥ ᠪᠤᠷᠵᠢᠢᠨ᠂ ᠬᠡᠩᠬᠦᠳᠡᠭ ᠴᠡᠭᠡᠵᠢᠨ ᠡᠴᠡ ᠨᠢ ᠠᠭᠤᠷ ᠰᠠᠪᠰᠠᠵᠤ ᠪᠠᠢᠪᠠ᠃ ᠨᠣᠶᠠᠳ ᠤ᠋ᠨ ᠴᠢᠭᠤᠯᠭᠠᠨ ᠳ᠋ᠤ᠌ ᠦᠭᠡ ᠨᠡᠮᠡᠬᠦ ᠦᠭᠡᠢ ᠴᠦ᠍ ᠰᠡᠳᠬᠢᠯ ᠵᠣᠪᠠᠨᠢᠵᠤ ᠴᠢᠬᠢ ᠲᠠᠯᠪᠢᠨ ᠰᠠᠭᠤᠭᠰᠠᠨ ᠬᠠᠷᠯᠢ ᠺᠤ ᠡᠬᠡ ᠣᠭᠲᠣ ᠥᠭᠡᠷ᠎ᠡ ᠶ᠋ᠢ ᠰᠠᠨᠠᠭᠠᠯᠵᠠᠨ ᠭᠠᠷ ᠲᠤ᠌ ᠲᠠᠭᠠᠷᠠᠯᠳᠤᠭᠰᠠᠨ ᠴᠤᠴᠠᠯᠢ ᠬᠢᠵᠦ᠂ ᠭᠠᠯ ᠥᠷᠳᠡᠭᠰᠡᠭᠡᠷ ᠪᠠᠢᠵᠤ ᠪᠢᠯᠡ᠃ ᠣᠳᠣ ᠴᠤ᠌ ᠰᠠᠨᠠᠭ᠎ᠠ ᠨᠢ ᠬᠠᠷᠢ ᠥᠭᠡᠷ᠎ᠡ ᠭᠠᠵᠠᠷ ᠲᠡᠨᠦᠭᠦᠴᠢᠯᠡᠵᠦ ᠶᠠᠪᠤᠪᠠ᠃《ᠥᠬᠢᠨᠪᠠᠷᠬᠠᠭ ᠮᠢᠨᠢ ᠠᠢᠰᠤᠢ ᠪᠢᠰᠢ ᠤᠤ》 ᠭᠡᠵᠦ ᠡᠬᠡ ᠶ᠋ᠢᠨ ᠵᠦᠩ ᠢ᠋ᠶ᠋ᠡᠷ ᠰᠠᠷᠬᠢᠨ ᠬᠠᠷᠠᠭᠰᠠᠨ ᠢ᠋ᠶ᠋ᠠᠨ ᠵᠠᠮ ᠤ᠋ᠨ ᠬᠠᠵᠠᠭᠤ ᠳ᠋ᠤ᠌ ᠪᠡᠯᠴᠢᠵᠦ ᠠᠭᠰᠠᠨ ᠲᠤᠭᠤᠯ ᠦᠷᠭᠦᠨ ᠣᠭᠣᠳᠣᠩᠨᠠᠵᠤ᠂ ᠰᠤᠪᠠᠢ ᠠᠳᠤᠭᠤ ᠬᠤᠢᠯᠠᠷᠠᠨ ᠲᠡᠷᠭᠡᠬᠦ ᠶ᠋ᠢ ᠦᠵᠡᠪᠡ᠃ ᠥᠪᠡᠷ ᠦ᠋ᠨ ᠡᠷᠬᠡ ᠦᠭᠡᠢ ᠰᠠᠵᠢᠭᠴᠢ ᠵᠦᠩ ᠲᠥᠷᠥᠵᠦ᠂ ᠳᠣᠣᠷᠠᠲᠤ ᠵᠣᠪᠬᠢ ᠲᠠᠲᠠᠬᠤ ᠰᠢᠭ᠋ ᠪᠣᠯᠬᠤ ᠳ᠋ᠤ᠌᠂ 
       一 ᠶᠠᠭᠤᠨ ᠬᠥᠰᠬᠡ ᠪᠣᠢ? ᠭᠡᠯ᠎ᠡ᠃  
       ᠶᠡᠷᠦ ᠬᠡᠦᠬᠡᠳ ᠲᠥᠷᠬᠦ ᠪᠡᠨ ᠠᠯᠳᠠᠭ᠎ᠠ ᠦᠭᠡᠢ ᠨᠢᠭᠤᠷᠤᠨ ᠳ᠋ᠤᠨᠢ ᠭᠠᠢᠬᠠᠰᠢᠷᠠᠯ ᠲᠣᠳᠣᠷᠠᠭᠰᠠᠨ ᠶᠢᠰᠦᠭᠡᠢ᠂ 
       一 ᠬᠠᠷᠢᠨ᠂ ᠨᠣᠬᠠᠳ ᠢ᠋ᠶ᠋ᠠᠨ ᠲᠠᠯᠪᠢᠭᠠᠳ ᠦᠵᠡᠪᠡᠯ ᠶᠠᠭᠠᠬᠢᠭᠰᠠᠨ ᠶᠤᠮ ᠪᠣᠢ? ᠭᠡᠯ᠎ᠡ᠃ ᠬᠥᠩᠬᠥᠷ ᠬᠣᠷᠴᠢ《᠁ ᠲᠡᠷᠡ ᠠ᠋ ᠬᠥᠶᠢ᠂ ᠲᠥᠷᠥ ᠲᠦᠰᠢᠬᠦ ᠲᠦᠰᠢᠮᠡᠯ ᠤᠬᠠᠭᠠᠨ ᠲᠠᠢ ᠬᠦᠦ ᠶᠦᠮ᠃ ᠠᠮᠪᠠᠭᠠᠢ ᠬᠠᠭᠠᠨ ᠤ᠋ ᠲᠥᠷᠥ ᠲᠠᠪᠤᠨ ᠡᠷᠳᠡᠨᠢ ᠲᠡᠢ ᠰᠠᠨᠵᠠᠢ》 ᠭᠡᠮᠡᠨ ᠪᠣᠳᠣᠵᠤ ᠵᠣᠭᠰᠣᠯ᠎ᠠ᠃ ᠵᠠᠷᠤᠴᠠ ᠰᠢᠪᠡᠭᠴᠢᠨ ᠨᠠᠷ ᠫᠡᠷ ᠫᠡᠷ ᠭᠦᠶᠦᠯᠳᠦᠨ ᠣᠴᠢᠵᠤ ᠤᠶᠠᠭᠠᠨ ᠳ᠋ᠠᠭᠠᠨ ᠠᠭᠰᠤᠴᠢᠨ ᠲᠡᠮᠡᠦᠯᠬᠦ ᠭᠠᠷᠵᠢ ᠨᠣᠬᠠᠳ ᠢ᠋ ᠭᠠᠷᠠᠬᠠᠨ ᠭᠢᠨᠵᠢᠨ ᠡᠴᠡ ᠨᠢ ᠮᠤᠯᠲᠤᠯᠤᠨ ᠲᠠᠯᠪᠢᠬᠤ ᠳ᠋ᠤ᠌ ᠬᠠᠷᠪᠤᠭᠰᠠᠨ ᠰᠤᠮᠤ ᠰᠢᠭ᠋ ᠳᠠᠪᠬᠢᠯᠳᠤᠨ ᠣᠳᠪᠠ᠃ ᠬᠠᠷᠯᠢ ᠺᠤ᠂ 
       一 ᠮᠠᠭᠤ ᠬᠦᠦ ᠶ᠋ᠢ ᠮᠢᠨᠢ ᠤᠷᠠᠴᠢᠬᠠᠬᠤ ᠪᠣᠢ ᠳᠠ ᠭᠡᠬᠦ ᠳ᠋ᠦ᠍ ᠬᠤᠲᠤᠭᠲᠤ ᠮᠣᠩᠬᠣᠷ ᠰᠡᠳᠬᠢᠯ ᠡᠮᠲᠡᠷᠡᠨ ᠡᠷᠭᠢᠵᠦ ᠬᠠᠷᠠᠭᠠᠳ᠂ 
       一 ᠬᠠᠲᠤᠨ ᠢᠵᠢᠢ ᠮᠢᠨᠢ᠂ ᠲᠠ ᠪᠣᠯᠭᠣᠭᠠᠵᠤ ᠦᠵᠡ᠂ ᠡᠨᠡ ᠡᠷᠡᠰ ᠦ᠋ᠨ ᠠᠵᠢᠯ ᠪᠢᠯᠡ ᠬᠡᠮᠡᠪᠡᠯ ᠢᠵᠢᠢ᠂ 
       一 ᠬᠥᠪᠡᠭᠦᠨ ᠴᠢ᠂ ᠬᠤᠷᠠᠯᠲᠠᠢ ᠡᠷᠭᠦᠮᠵᠢᠯᠡᠵᠦ ᠠᠯᠲᠠᠨ ᠤᠷᠤᠭ ᠳᠡᠮᠵᠢᠭᠰᠡᠨ ᠠᠮᠪᠠᠭᠠᠢ ᠬᠠᠭᠠᠨ ᠤ᠋ ᠦᠭᠡᠨ ᠳ᠋ᠦ᠍ ᠶᠠᠭᠠᠬᠢᠭᠠᠳ ᠡᠰᠡ ᠣᠷᠣᠨ᠎ᠠ ᠪᠣᠢ? ᠬᠥᠪᠡᠭᠦᠨ ᠴᠢ᠂ ᠠᠬ᠎ᠠ ᠵᠠᠬ᠎ᠠ ᠬᠥᠮᠦᠨ ᠢ᠋ ᠦᠭᠡ ᠬᠡᠯᠡ ᠪᠡᠷ ᠳᠠᠭᠠᠷᠢᠵᠤ᠂ ᠬᠠᠪᠤᠷ ᠤ᠋ᠨ ᠥᠯᠥᠨ ᠬᠠᠷᠴᠠᠭᠠᠢ ᠮᠡᠲᠦ ᠥᠷᠪᠥᠯᠵᠡᠨ ᠪᠠᠢᠬᠤ ᠳ᠋ᠤ᠌ ᠡᠬᠡ ᠪᠢ ᠶᠠᠭᠠᠬᠢᠵᠤ ᠠᠮᠤᠷ ᠰᠠᠭᠤᠨ᠎ᠠ ᠪᠣᠢ? ᠭᠡᠳ ᠬᠠᠷᠢᠭᠤ ᠰᠣᠨᠣᠰᠬᠤ ᠶ᠋ᠢ ᠡᠰᠡ ᠬᠦᠰᠡᠨ ᠠᠢᠰᠤᠢ ᠪᠠᠷ᠎ᠠ ᠶ᠋ᠢ ᠰᠢᠷᠳᠡᠪᠡ᠃ ᠭᠡᠲᠡᠯ᠎ᠡ ᠬᠤᠢᠯᠠᠷᠠᠨ ᠱᠤᠤᠭᠢᠵᠤ ᠬᠦᠷᠦᠭᠰᠡᠨ ᠳᠥᠷᠪᠡᠨ ᠨᠢᠳᠦ ᠲᠡᠢ ᠬᠠᠯᠲᠠᠷ ᠨᠣᠬᠠᠳ ᠰᠠᠷᠢᠰᠤᠨ ᠬᠣᠩᠰᠢᠶᠠᠷ ᠳᠤᠮᠳᠠᠭᠤᠷ ᠢ᠋ᠶ᠋ᠠᠨ ᠴᠣᠬᠢᠭᠤᠯᠤᠭᠰᠠᠨ ᠮᠡᠲᠦ ᠬᠠᠩᠭᠢᠨᠠᠲᠠᠯ᠎ᠠ ᠭᠠᠰᠠᠯᠤᠨ ᠡᠷᠭᠢᠵᠦ ᠱᠣᠭᠰᠢᠯ᠎ᠠ᠃ 
       — ᠬᠡᠨ ᠶᠦ᠍ᠮ ᠪᠣᠯ? 
       — ᠶᠠᠭᠤᠨ ᠠᠴᠢᠶ᠎ᠠ ᠪᠠᠷᠠᠭ᠎ᠠ ᠪᠢᠯᠡ᠃ 
       — ᠬᠠᠭᠠᠨ ᠬᠦᠷᠢᠶᠡᠨ᠎ᠡ ᠰᠢᠨ᠎ᠡ ᠪᠡᠷ ᠢᠷᠡᠵᠦ ᠪᠠᠭᠤᠬᠤ ᠠᠯᠪᠠᠲᠤ ᠢᠷᠭᠡᠳ ᠴᠢᠨᠢ ᠶᠠᠭᠤ ᠪᠢᠯᠡ ᠭᠡᠯᠴᠡᠨ ᠳᠣᠣᠷ᠎ᠠ ᠳᠣᠣᠷ᠎ᠠ ᠪᠠᠨ ᠱᠤᠤᠭᠢᠯᠳᠤᠵᠤ ᠠᠭᠰᠠᠨ ᠨᠣᠶᠠᠳ ᠳᠡᠭᠡᠳᠦᠰ ᠠᠮᠠᠨ ᠳᠡᠭᠡᠷ᠎ᠡ ᠪᠡᠨ ᠠᠯᠠᠭᠠᠳᠠᠭᠤᠯᠤᠭᠰᠠᠨ ᠮᠡᠲᠦ ᠲᠠᠭ ᠳᠠᠭᠤ ᠦᠭᠡᠢ ᠪᠣᠯᠪᠠ᠃ ᠠᠮᠪᠠᠭᠠᠢ ᠬᠠᠭᠠᠨ ᠪᠦᠭᠦᠳᠡ ᠶ᠋ᠢ ᠲᠣᠭᠣᠷᠢᠭᠤᠯᠤᠨ ᠬᠠᠷᠠᠵᠤ᠂ ᠪᠠᠷᠠᠳᠠᠨᠪᠠᠭᠠᠲᠤᠷ ᠣᠳᠣ ᠬᠢᠷᠢ ᠣᠮᠣᠭ ᠳᠦᠭᠦᠷᠡᠩ ᠴᠡᠭᠡᠵᠢ ᠨᠢ ᠲᠦᠬᠦᠯᠵᠡᠨ ᠵᠣᠭᠰᠣᠬᠤ ᠬᠤᠲᠤᠭᠲᠤ ᠮᠣᠩᠬᠣᠷ ᠠ᠋ᠴᠠ ᠠᠰᠠᠭᠤᠩᠭᠤᠢ ᠰᠢᠷᠲᠡᠪᠡ᠃ ᠶᠡᠷᠦ ᠶᠡᠬᠡ ᠦᠷᠭᠦᠭᠡᠨ ᠦ᠌ ᠭᠠᠳᠠᠨ᠎ᠠ ᠠᠨᠢᠷ ᠭᠦᠮ ᠪᠣᠯᠤᠯ᠎ᠠ᠃ ᠴᠢᠪ ᠴᠢᠮᠡᠭᠡ ᠦᠭᠡᠢ ᠶ᠋ᠢ ᠬᠠᠭᠰᠠᠭᠰᠠᠨ ᠲᠡᠷᠭᠡᠨ ᠦ᠌ ᠬᠢᠬᠤᠲᠤᠨᠠᠬᠤ ᠢᠷᠣ᠎ᠠ ᠶ᠋ᠢᠨ ᠳᠠᠭᠤ ᠴᠢᠰᠤ ᠦᠭᠡᠢ ᠡᠪᠳᠡᠭᠰᠡᠭᠡᠷ ᠦᠨᠡᠰᠦᠨ ᠦ᠌ ᠴᠠᠭᠠᠬᠠᠨ᠎ᠠ ᠢᠷᠡᠵᠦ ᠵᠣᠭᠰᠣᠬᠤ ᠳ᠋ᠤ᠌ ᠮᠠᠭᠤ ᠰᠤᠪᠢᠨ ᠳ᠋ᠤ᠌ ᠠᠪᠲᠠᠵᠤ ᠭᠦᠢᠴᠡᠭᠰᠡᠨ ᠬᠠᠷᠯᠢ ᠺᠤ ᠢᠵᠢᠢ᠂ 
       — ᠠ᠋᠂ ᠲᠩᠷᠢ ᠮᠢᠨᠢ! ᠭᠡᠮᠡᠨ ᠳᠠᠭᠤ ᠠᠯᠳᠠᠵᠠᠢ᠃ ᠬᠤᠲᠤᠭᠲᠤ ᠮᠣᠩᠬᠣᠷ ᠢᠯᠠᠭᠰᠠᠨ ᠬᠥᠮᠦᠨ ᠦ᠌ ᠪᠠᠷᠳᠠᠮ ᠬᠠᠷᠠᠴᠠ ᠪᠠᠷ ᠪᠦᠭᠦᠳᠡ ᠶ᠋ᠢ ᠰᠢᠷᠪᠢᠭᠰᠡᠨ ᠢ᠋ᠶ᠋ᠡᠨ ᠮᠥᠨᠥ ᠬᠢ ᠢᠷᠣ᠎ᠠ ᠠᠴᠢᠭᠰᠠᠨ ᠲᠡᠷᠭᠡ ᠤᠷᠤᠭᠤ ᠰᠢᠢᠳᠦᠮᠡᠭ ᠠᠯᠬᠤᠪᠠ᠃ ᠠᠮᠪᠠᠭᠠᠢ ᠬᠠᠭᠠᠨ᠂ ᠬᠦᠦ ᠬᠠᠲᠠᠭᠠᠨ ᠤᠷᠤᠭᠤ ᠬᠠᠷᠠᠭᠰᠠᠨ ᠢ᠋ᠶ᠋ᠠᠨ ᠲᠦᠷᠢᠮᠡᠬᠡᠢ ᠡᠷ᠎ᠡ ᠶ᠋ᠢᠨ ᠠᠷᠤ ᠠ᠋ᠴᠠ ᠠᠯᠬᠤᠬᠤ ᠳ᠋ᠤ᠌ ᠪᠦᠭᠦᠳᠡ ᠳᠠᠭᠠᠵᠠᠢ᠃ ᠮᠥᠨᠥᠬᠢ ᠲᠡᠷᠭᠡᠨ ᠦ᠌ ᠦᠨᠦᠷ ᠲᠠᠨᠤᠷ ᠠ᠋ᠴᠠ ᠳᠠᠢᠵᠢᠰᠭᠢᠵᠦ ᠡᠯᠵᠢᠭᠡᠳᠡᠢ ᠨᠣᠶᠠᠨ᠂ ᠮᠥᠨᠥᠬᠢ ᠬᠥᠲᠥᠴᠢ ᠡᠪᠦᠭᠡᠨ ᠬᠣᠶᠠᠷ ᠰᠠᠯᠬᠢᠨ ᠳᠡᠭᠡᠷ᠎ᠡ ᠨᠢ ᠭᠠᠷᠴᠤ ᠵᠣᠭᠰᠣᠭᠠᠳ ᠬᠦᠯᠢᠶᠡᠵᠦ ᠪᠠᠢᠪᠠ᠃ ᠬᠤᠷᠠᠯᠲᠠᠢ ᠶ᠋ᠢᠨ ᠭᠡᠷ ᠡᠴᠡ ᠶᠡᠬᠡᠰ ᠨᠣᠶᠠᠳ ᠬᠣᠷᠭᠣᠢ ᠲᠣᠷᠭ᠎ᠠ ᠪᠠᠷ ᠠᠯᠠᠭᠯᠠᠨ ᠴᠤᠪᠤᠬᠤ ᠳ᠋ᠤ᠌ ᠰᠦᠷᠳᠡᠭᠰᠡᠨ ᠡᠪᠦᠭᠡᠨ ᠲᠣᠳᠤᠭᠤᠰᠬᠢᠨ ᠰᠥᠭᠥᠳᠴᠦ᠂ ᠡᠯᠵᠢᠭᠡᠳᠡᠢ ᠨᠣᠶᠠᠨ ᠰᠤᠯᠠᠳᠠᠭᠰᠠᠨ ᠮᠣᠷᠢᠨ ᠤ᠋ ᠪᠠᠨ ᠴᠤᠯᠪᠤᠭᠤᠷ ᠰᠠᠪᠠᠨ ᠵᠣᠭᠰᠣᠵᠤ ᠠᠪᠠᠢ᠃ ᠬᠤᠲᠤᠭᠲᠤ ᠮᠣᠩᠬᠣᠷ ᠮᠥᠨᠥ ᠬᠢ ᠬᠣᠶᠠᠷ ᠢ᠋ ᠬᠥᠮᠦᠨ ᠴᠢᠨᠡᠭᠡ ᠲᠣᠭᠣᠭᠰᠠᠨ ᠦᠭᠡᠢ᠂ ᠰᠠᠯᠬᠢ ᠮᠡᠲᠦ ᠱᠤᠤᠭᠢᠨ ᠢᠷᠡᠵᠦ᠂ ᠪᠠᠭᠠᠷᠴᠠᠭᠯᠠᠨ ᠳᠦᠩᠭᠢᠨᠡᠬᠦ ᠢᠯᠠᠭ᠎ᠠ ᠤᠷᠤᠭᠤ ᠱᠤᠩᠭᠤᠨ ᠣᠷᠣᠭᠰᠠᠨ ᠢ᠋ᠶ᠋ᠠᠨ ᠤᠩᠭᠤᠵᠤ ᠭᠠᠩᠳᠠᠭᠰᠠᠨ ᠳᠡᠪᠡᠯ ᠦ᠋ᠨ ᠲᠠᠮᠲᠤᠭ ᠢ᠋ ᠬᠠᠭᠤ ᠲᠠᠲᠠᠯ᠎ᠠ᠃ 
       — ᠠ᠋᠂ ᠲᠩᠷᠢ ᠮᠢᠨᠢ!  
       ᠬᠠᠷᠯᠢ ᠺᠤ ᠡᠢᠨ ᠥᠭᠦᠯᠡᠭᠡᠳ ᠨᠥᠮᠥᠷᠢ ᠲᠦᠰᠢᠭ ᠡᠷᠢᠬᠦ ᠮᠡᠲᠦ ᠬᠣᠶᠠᠷ ᠭᠠᠷ ᠢ᠋ᠶ᠋ᠠᠷ ᠢ᠋ᠶ᠋ᠠᠨ ᠬᠡᠢ ᠰᠠᠮᠤᠷᠳᠠᠬᠤ ᠳ᠋ᠤ᠌ ᠪᠦᠯᠵᠢᠭᠡᠨ ᠬᠠᠲᠤᠨ ᠳᠥᠰᠢᠨ ᠠᠪᠤᠯ᠎ᠠ᠃ ᠲᠡᠭᠦᠨ ᠦ᠌ ᠴᠢᠷᠠᠢ ᠴᠣᠩᠬᠢᠢᠨ ᠴᠠᠢᠵᠤ《᠁ ᠡᠨᠡ᠁ᠡᠨᠡ ᠪᠣᠯ ᠪᠢᠴᠢᠬᠠᠨ ᠦᠭᠡ ᠨᠣᠶᠠᠨ ᠤ᠋ ᠬᠢᠭᠰᠡᠨ ᠠᠵᠢᠯ》 ᠭᠡᠮᠡᠨ ᠲᠡᠷᠭᠡᠨ ᠳᠡᠭᠡᠷᠡᠬᠢ ᠥᠳᠥ ᠢᠵᠠᠭᠠᠨᠠᠭᠰᠠᠨ ᠱᠠᠷᠢᠯ ᠢ᠋ ᠬᠠᠷᠠᠭᠠᠳ ᠯᠠ ᠪᠣᠳᠣᠵᠠᠢ᠃  
       ᠲᠡᠷᠡ ᠪᠡᠷ ᠦᠨᠦᠷ ᠲᠠᠨᠤᠷ᠂ ᠦᠢᠯᠡ ᠵᠣᠪᠠᠯᠠᠩ ᠠ᠋ᠴᠠ ᠬᠣᠯᠠᠳᠬᠤ ᠶ᠋ᠢᠨ ᠮᠥᠨ ᠪᠣᠯᠵᠤ ᠶᠡᠬᠡ ᠬᠠᠲᠤᠨ ᠢ᠋ ᠳᠥᠰᠢᠨ᠂ 
       — ᠬᠠᠲᠤᠨ ᠲᠠ ᠦᠷᠭᠦᠭᠡᠨ ᠳ᠋ᠡᠭᠡᠨ ᠮᠣᠷᠢᠯᠠ᠁ ᠭᠡᠬᠦ ᠳ᠋ᠦ᠍ ᠬᠠᠷᠯᠢ ᠺᠤ ᠮᠥᠷᠥ ᠶ᠋ᠢ ᠨᠢ ᠳᠥᠰᠢᠨ ᠮᠡᠭᠰᠢᠵᠦ᠂ 
       — ᠮᠢᠨᠦ ᠮᠠᠭᠤ ᠬᠦᠦ ᠶ᠋ᠢ ᠳᠠᠩᠴᠤ ᠳᠠ᠂ ᠳᠠᠩᠴᠤ ᠬᠡᠮᠡᠨ᠎ᠡ᠃ ᠬᠣᠲᠣᠯᠠ ᠨᠣᠶᠠᠨ ᠢᠵᠢᠢ ᠪᠡᠨ ᠦᠷᠦ ᠡᠪᠡᠳᠴᠦ᠂ ᠲᠠᠲᠠᠪᠤᠷᠢ ᠡᠮ᠎ᠡ ᠶ᠋ᠢᠨ ᠬᠡᠪᠡᠯᠢ ᠳ᠋ᠦ᠍ ᠲᠡᠢᠴᠢᠯᠡᠬᠦ ᠠᠯᠠᠭ ᠦᠷ᠎ᠡ ᠪᠡᠨ ᠦᠬᠦᠯ ᠦ᠋ᠨ ᠰᠡᠭᠦᠳᠡᠷ ᠡᠴᠡ ᠬᠠᠷᠠᠮᠨᠠᠵᠤ᠂ 
       — ᠲᠠ ᠬᠣᠶᠠᠷ ᠥᠷᠭᠥᠭᠡ ᠤᠷᠤᠭᠤ ᠣᠴᠢᠨ᠎ᠠ ᠤᠤ ᠳᠠ ᠭᠡᠰᠡᠨ ᠢ᠋ᠶ᠋ᠡᠨ ᠪᠦᠭᠦᠳᠡ ᠳ᠋ᠦ᠍ ᠳᠤᠭᠤᠯᠳᠠᠬᠤᠢᠴᠠ ᠪᠠᠷ᠂ 
       — ᠨᠣᠶᠠᠳ ᠠ᠋᠂ ᠬᠠᠲᠤᠳ ᠡᠮᠡᠰ ᠬᠢᠭᠡᠳ ᠨᠢᠯᠬᠠᠰ ᠠ᠋ᠴᠠ ᠬᠣᠯᠠᠳᠤᠭᠤᠯᠤᠶ᠎ᠠ ᠳᠠ ᠭᠡᠯ᠎ᠡ᠃ ᠭᠡᠲᠡᠯ᠎ᠡ ᠬᠤᠲᠤᠭᠲᠤ ᠮᠣᠩᠬᠣᠷ ᠰᠢᠷᠲᠡᠰᠬᠢᠨ ᠬᠠᠷᠠᠵᠤ᠂ 
       — ᠬᠣᠲᠣᠯᠠ! ᠬᠠᠮᠤᠭ ᠮᠣᠩᠭᠣᠯ ᠤ᠋ᠨ ᠬᠠᠭᠠᠨ ᠲᠥᠷᠥ ᠶ᠋ᠢᠨ ᠡᠮᠦᠨ᠎ᠡ ᠴᠢ ᠭᠤᠷᠪᠠᠨ ᠬᠠᠷ᠎ᠠ ᠨᠢᠭᠦᠯᠲᠡᠨ ᠪᠢᠯᠡ᠃ ᠨᠢᠭᠡᠨ ᠵᠦᠢᠯ᠂ ᠡᠷ᠎ᠡ ᠶ᠋ᠢᠨ ᠲᠩᠷᠢ ᠬᠠᠶᠠᠭᠰᠠᠨ ᠴᠢ ᠠᠢᠯ ᠤ᠋ᠨ ᠲᠣᠭᠣᠭ᠎ᠠ ᠥᠩᠭᠡᠢᠵᠦ ᠠᠮᠢ ᠵᠢᠭᠤᠬᠤ ᠶᠠᠯ᠎ᠠ ᠶᠠᠩᠬᠠᠨ ᠲᠠᠢ ᠬᠣᠷᠮᠣᠢ ᠬᠣᠲᠣ ᠣᠷᠢᠶᠠᠴᠠᠯᠳᠠᠭᠤᠯᠵᠤ ᠬᠡᠢ ᠮᠣᠷᠢ ᠪᠤᠵᠠᠷᠯᠠᠭᠰᠠᠨ᠃ ᠲᠡᠷᠡ ᠡᠮ᠎ᠡ ᠶ᠋ᠢᠨ ᠴᠢᠨᠢ ᠲᠡᠷᠰᠯᠡᠭᠦᠦ ᠦᠷ᠎ᠡ ᠶ᠋ᠢᠨ ᠭᠠᠷ  ᠲᠤ᠌ ᠮᠢᠨᠦ ᠠᠬ᠎ᠠ ᠦᠷᠡᠭᠳᠡᠪᠡ᠃ ᠦᠵᠡ ᠴᠢ᠃ ᠪᠠᠰᠠ ᠨᠢᠭᠡ ᠵᠦᠢᠯ᠂ ᠬᠠᠨ ᠬᠥᠪᠡᠭᠦᠨ ᠪᠠᠢᠲᠠᠯ᠎ᠠ ᠴᠢ ᠬᠠᠷᠠᠴᠤ ᠳᠣᠣᠷᠠᠳᠤᠰ ᠠ᠋ᠴᠠ ᠤᠪᠠᠢ ᠦᠭᠡᠢ ᠠᠭᠠᠰᠢᠯᠠᠭᠰᠠᠨ ᠤ᠋ ᠤᠯᠠᠮ ᠠ᠋ᠴᠠ ᠬᠠᠭᠠᠨ ᠡᠴᠢᠭᠡ ᠶᠡᠬᠡ ᠣᠷᠣ ᠰᠠᠭᠤᠬᠤ ᠬᠥᠮᠦᠨ ᠢ᠋ᠶ᠋ᠡᠷ ᠲᠠᠢᠴᠢᠭᠤᠳ ᠤ᠋ᠨ ᠠᠮᠪᠠᠭᠠᠢ ᠶ᠋ᠢ ᠨᠡᠷ᠎ᠡ ᠴᠣᠬᠢᠭᠰᠠᠨ᠃ ᠡᠭᠦᠨ ᠦ᠌ ᠤᠴᠢᠷ ᠡᠭᠦᠯᠡᠨ ᠨᠡᠭᠦᠭᠰᠡᠨ ᠲᠩᠷᠢ ᠳᠣᠣᠷ᠎ᠠ ᠪᠠᠨ ᠪᠢᠳᠡ ᠪᠠᠭᠲᠠᠬᠤ ᠦᠭᠡᠢ ᠳ᠋ᠦ᠍ ᠬᠦᠷᠴᠦ ᠪᠠᠢᠨ᠎ᠠ᠃ ᠬᠠᠷᠠ ᠴᠢ! ᠨᠥᠭᠦᠭᠡ ᠨᠢᠭᠡᠨ ᠵᠦᠢᠯ᠂ ᠴᠠᠭ ᠤ᠋ᠨ ᠴᠠᠭ  ᠲᠤ᠌ ᠬᠣᠲᠣᠯᠠ ᠴᠢ ᠴᠢᠷᠠᠢ ᠳᠠᠷᠤᠨ ᠬᠡᠢ ᠮᠣᠷᠢ ᠦᠭᠡᠢ ᠵᠠᠩᠨᠠᠵᠤ ᠠᠯᠲᠠᠨ ᠤᠯᠤᠰ ᠬᠢᠭᠡᠳ ᠶᠢᠰᠦᠨ ᠲᠠᠲ᠋ᠠᠷ  ᠲᠤ᠌ ᠲᠠᠯ᠎ᠠ ᠥᠭᠴᠦ ᠶᠠᠪᠤᠭᠰᠠᠨ ᠪᠢᠯᠡ᠃ ᠬᠣᠲᠣᠯᠠ ᠴᠢᠨᠦ ᠬᠣᠷᠮᠣᠢ ᠳ᠋ᠠᠭᠠᠨ ᠣᠷᠢᠶᠠᠴᠠᠯᠳᠤᠭᠰᠠᠨ ᠠᠵᠢᠯ ᠠᠬ᠎ᠠ ᠶ᠋ᠢᠨ ᠮᠢᠨᠢ ᠠᠮᠢᠨ ᠳ᠋ᠤ᠌ ᠬᠦᠷᠦᠯ᠎ᠡ᠁ ᠬᠡᠮᠡᠭᠡᠳ ᠰᠠᠷᠬᠢᠲᠠᠯ᠎ᠠ ᠰᠡᠬᠦᠵᠦ ᠬᠠᠷᠠᠭᠤᠯᠤᠭᠰᠠᠨ ᠳᠡᠪᠡᠯ ᠦ᠋ᠨ ᠢ᠋ᠶ᠋ᠡᠨ ᠬᠣᠷᠮᠣᠢ ᠶ᠋ᠢ ᠬᠣᠷᠬᠢᠲᠠᠯ᠎ᠠ ᠪᠤᠴᠠᠭᠠᠨ ᠬᠠᠶᠠᠬᠤ ᠳ᠋ᠤ᠌ ᠨᠢᠯ ᠬᠢᠭᠰᠡᠨ ᠦᠮᠡᠬᠡᠢ ᠦᠨᠦᠷ ᠬᠠᠮᠠᠷ ᠴᠣᠷᠭᠢᠨ ᠣᠭᠢᠭᠤᠳᠠᠰᠤ ᠬᠦᠷᠭᠡᠨ ᠠᠪᠠᠢ᠃ ᠬᠡᠨ ᠴᠦ᠍ ᠡᠰᠡ ᠳᠤᠤᠭᠠᠷᠪᠠ᠃ ᠪᠠᠷᠠᠳᠠᠨᠪᠠᠭᠠᠲᠤᠷ ᠬᠦᠷᠲᠡᠯ᠎ᠡ ᠵᠤᠯᠠᠢ ᠭᠢᠰᠬᠢᠵᠦ ᠲᠥᠷᠥᠭᠰᠡᠨ ᠠᠬ᠎ᠠ ᠶ᠋ᠢᠨ ᠥᠳᠥ ᠰᠢᠷᠭᠤᠯᠵᠢᠨ ᠳ᠋ᠤ᠌ ᠢᠳᠡᠭᠳᠡᠵᠦ ᠭᠦᠢᠴᠡᠭᠰᠡᠨ ᠴᠣᠭᠴᠠᠰ ᠢ᠋ ᠬᠠᠷᠠᠭᠠᠳ ᠪᠠᠯᠠᠮᠠᠭᠳᠠᠵᠤ ᠭᠦᠢᠴᠡᠵᠡᠢ᠃ ᠬᠠᠷᠯᠢ  ᠺᠤ ᠬᠠᠲᠤᠨ ᠢ᠋ ᠲᠠᠯ᠎ᠠ ᠲᠠᠯ᠎ᠠ ᠠ᠋ᠴᠠ ᠨᠢ ᠳᠥᠰᠢᠨ᠂ ᠡᠮᠡᠰ ᠢᠯᠠᠭ᠎ᠠ ᠳᠦᠩᠭᠢᠨᠡᠭᠰᠡᠨ ᠱᠠᠷᠢᠯ ᠲᠠᠢ ᠲᠡᠷᠭᠡᠨ ᠡᠴᠡ ᠠᠯᠭᠤᠷᠬᠠᠨ ᠬᠣᠯᠠᠳᠪᠠ᠃ ᠡᠷᠡᠴᠦᠦᠯ ᠲᠣᠯᠣᠭᠠᠢ ᠭᠠᠨᠵᠤᠭᠠᠯᠠᠨ ᠵᠣᠭᠰᠣᠬᠤ ᠨᠠᠮ ᠭᠦᠮ ᠳ᠋ᠦ᠍ ᠠᠬᠢᠭᠠᠳ ᠬᠤᠲᠤᠭᠲᠤ ᠮᠣᠩᠬᠣᠷ ᠤ᠋ᠨ ᠳᠠᠭᠤᠨ ᠬᠠᠲᠠᠵᠤ᠂ 
       — ᠡᠴᠢᠭᠡ ᠶ᠋ᠢᠨ ᠲᠥᠷᠥ ᠶ᠋ᠢᠨ ᠰᠢᠭᠢᠷ᠎ᠡ ᠬᠠᠲᠠᠭᠠᠬᠤ ᠶ᠋ᠢᠨ ᠣᠷᠣᠨ ᠳ᠋ᠤ᠌ ᠡᠮ᠎ᠡ ᠶ᠋ᠢᠨ ᠬᠣᠷᠮᠣᠢ ᠰᠠᠬᠢᠵᠤ ᠰᠠᠭᠤᠭᠰᠠᠭᠠᠷ ᠡᠨᠡ ᠪᠣᠯᠪᠠ᠃ ᠱᠠᠷᠢᠯ ᠪᠣᠯᠵᠤ ᠢᠷᠡᠭᠰᠡᠨ ᠢ᠋ ᠨᠢ ᠲᠠ ᠨᠠᠷ ᠣᠩᠭᠣᠯᠠᠵᠤ ᠪᠠᠢ! ᠰᠢᠪᠠᠷ ᠬᠡᠷᠡᠮ ᠡᠴᠡ ᠣᠳᠣ ᠪᠢ ᠶᠠᠯ᠎ᠠ ᠠᠰᠠᠭᠤᠨ᠎ᠠ ᠭᠡᠰᠡᠨ ᠢ᠋ᠶ᠋ᠡᠨ ᠮᠥᠨᠥᠬᠢ ᠡᠪᠦᠭᠡᠨ ᠬᠥᠲᠥᠴᠢ ᠶ᠋ᠢᠨ ᠬᠡᠳᠦᠢᠨ ᠠᠪᠴᠢᠷᠠᠭᠰᠠᠨ ᠮᠣᠷᠢᠨ ᠤ᠋ ᠪᠠᠨ ᠴᠤᠯᠪᠤᠭᠤᠷ ᠢ᠋ ᠰᠤᠭᠤ ᠲᠡᠳᠡᠨ ᠠᠪᠴᠤ ᠠᠯᠠᠪᠬᠢᠨ ᠮᠣᠷᠳᠠᠯ᠎ᠠ᠃ ᠠᠮᠪᠠᠭᠠᠢ ᠬᠠᠭᠠᠨ ᠠᠷᠭ᠎ᠠ ᠲᠠᠰᠤᠷᠠᠨ᠂ 
       — ᠬᠤᠲᠤᠭᠲᠤ ᠨᠣᠶᠠᠨ ᠲᠠ ᠲᠣᠭᠲᠠᠵᠤ ᠬᠠᠢᠷᠠᠯᠠ! ᠬᠠᠭᠠᠨ ᠤ᠋ ᠦᠷ᠎ᠡ ᠲᠠ ᠭᠡᠳᠡᠭ ᠨᠢ ᠦᠨᠡᠨ ᠴᠦ᠍᠂ ᠬᠠᠭᠠᠨ ᠤ᠋ ᠣᠷᠣ ᠪᠢ ᠰᠠᠭᠤᠭᠰᠠᠨ ᠪᠢᠯᠡ᠃ ᠵᠠᠷᠯᠢᠭ ᠵᠠᠷᠯᠠᠭ᠎ᠠ ᠦᠭᠡᠢ ᠪᠠᠢᠬᠤ ᠳ᠋ᠤ᠌ ᠲᠡᠢᠨ ᠳ᠋ᠦ᠍ ᠮᠣᠷᠳᠠᠬᠤ ᠨᠢ ᠵᠦᠢ ᠳ᠋ᠦ᠍ ᠨᠡᠢᠴᠡᠬᠦ ᠪᠢᠯᠡ ᠤᠤ ᠬᠡᠮᠡᠬᠦ ᠳ᠋ᠦ᠍ ᠬᠤᠲᠤᠭᠲᠤ ᠮᠣᠩᠬᠣᠷ ᠡᠷᠭᠢᠴᠡᠨ ᠬᠣᠢᠷᠠᠭᠠᠨᠠᠬᠣ ᠳᠡᠯᠲᠦ ᠬᠦᠯᠦᠭ ᠦ᠋ᠨ ᠢ᠋ᠶ᠋ᠡᠨ ᠵᠣ ᠳᠡᠭᠡᠷ᠎ᠡ ᠡᠴᠡ ᠲᠣᠩᠭᠣᠢᠨ ᠮᠠᠭᠤᠬᠠᠨ ᠮᠤᠰᠢᠯᠵᠠᠵᠤ᠂ 
       — ᠲᠥᠷᠥ ᠶ᠋ᠢᠨ ᠭᠠᠯ ᠢ᠋ ᠬᠠᠭᠠᠨ ᠰᠠᠬᠢᠳᠠᠭ᠂ ᠭᠡᠷ ᠦ᠋ᠨ ᠭᠠᠯ ᠢ᠋ ᠬᠠᠲᠤᠨ ᠰᠠᠬᠢᠳᠠᠭ ᠭᠡᠳᠡᠭ ᠪᠢᠯᠡ᠃ ᠬᠡᠨ ᠪᠣᠯᠬᠤ ᠪᠠᠨ ᠲᠠ ᠥᠪᠡᠷ ᠢ᠋ᠶ᠋ᠡᠨ ᠮᠡᠳᠡᠲᠦᠭᠡᠢ! ᠬᠡᠨ ᠲᠡᠢ ᠳᠠᠢᠳᠤᠬᠤ ᠪᠠᠨ ᠪᠢ ᠥᠪᠡᠷ ᠢ᠋ᠶ᠋ᠡᠨ ᠮᠡᠳᠡᠲᠦᠭᠡᠢ! ᠴᠦ ᠁ ᠭᠡᠳ ᠤᠯᠠᠭᠠᠨ ᠲᠣᠭᠣᠰᠣ ᠲᠠᠢ ᠪᠠᠨ ᠳᠣᠪᠲᠣᠯᠤᠨ ᠣᠳᠬᠤ ᠳ᠋ᠤ᠌ ᠬᠠᠭᠠᠨ ᠬᠦᠷᠢᠶᠡᠨ ᠡᠴᠡ ᠰᠠᠭᠠᠬᠠᠯᠲᠠ ᠬᠢᠷᠢ ᠶ᠋ᠢᠨ ᠠᠯᠤᠰ  ᠲᠤ᠌ ᠮᠢᠶᠡᠭᠡᠨᠡᠨ ᠪᠥᠭᠡᠮᠨᠡᠵᠦ ᠠᠭᠰᠠᠨ ᠮᠣᠷᠢᠲᠠᠨ ᠰᠢᠳᠠᠷ ᠤ᠋ᠳ ᠲᠠᠭᠠᠨ ᠳᠠᠪᠬᠢᠯᠳᠤᠭᠰᠠᠭᠠᠷ ᠪᠠᠷ᠎ᠠ ᠲᠠᠰᠤᠷᠠᠪᠠ᠃ ᠲᠡᠳᠡᠨ ᠢ᠋ ᠪᠠᠷ᠎ᠠ ᠲᠠᠰᠤᠷᠠᠲᠠᠯ᠎ᠠ ᠨᠢ ᠬᠠᠷᠠᠵᠤ ᠬᠠᠷᠠᠵᠤ ᠠᠮᠪᠠᠭᠠᠢ ᠬᠠᠭᠠᠨ᠂ 
       — ᠬᠥᠮᠦᠨ ᠳᠡᠪᠡᠯ ᠢ᠋ᠶ᠋ᠡᠷ ᠢ᠋ᠶ᠋ᠡᠨ᠂ ᠮᠠᠯ ᠬᠥᠯ ᠢ᠋ᠶ᠋ᠡᠷ ᠢ᠋ᠶ᠋ᠡᠨ ᠭᠡᠳᠡᠭ ᠰᠠᠨ᠃ ᠬᠤᠲᠤᠭᠲᠤ ᠨᠣᠶᠠᠨ ᠮᠢᠨᠦ ᠦᠭᠡ ᠶ᠋ᠢ ᠡᠰᠡ ᠰᠣᠨᠣᠰᠪᠠ᠃ ᠤᠭ ᠨᠢ ᠠᠯᠲᠠᠨ ᠤᠯᠤᠰ ᠤ᠋ᠨ ᠬᠥᠯ ᠳ᠋ᠦ᠍ ᠰᠠᠭᠤᠵᠤ᠂ ᠲᠠᠲ᠋ᠠᠷ ᠤᠯᠤᠰ ᠲᠠᠢ ᠡᠪ ᠰᠠᠬᠢᠵᠤ ᠶᠠᠪᠤᠪᠠᠯ ᠰᠠᠢᠨ ᠰᠠᠨ! ᠭᠡᠵᠦ ᠭᠤᠨᠢᠭ ᠲᠠᠢ  ᠥᠭᠦᠯᠡᠪᠡ᠃ ᠬᠣᠲᠣᠯᠠ᠂ ᠶᠡᠬᠡ ᠣᠷᠣ ᠰᠠᠭᠤᠭᠰᠠᠨ ᠡᠷ᠎ᠡ ᠳᠤᠮᠳᠠ ᠶ᠋ᠢᠨ ᠨᠠᠰᠤᠨ ᠤ᠋ ᠬᠠᠭᠠᠨᠲᠠᠨ ᠢ᠋ ᠬᠠᠷᠠᠵᠤ ᠬᠠᠷᠠᠵᠤ᠂ 
       — ᠮᠠᠨ ᠤ᠋ ᠬᠤᠲᠤᠭᠲᠤ ᠴᠣᠴᠢᠮᠠᠭ ᠯᠠ ᠳᠠ ᠭᠡᠵᠦ ᠡᠶ᠎ᠡ ᠵᠠᠰᠠᠩᠭᠤᠢ ᠬᠡᠯᠡᠭᠡᠳ ᠤᠶᠠᠭ᠎ᠠ ᠱᠣᠩ ᠳᠡᠭᠡᠷ᠎ᠡ ᠡᠴᠡ ᠮᠣᠷᠳᠠᠨ ᠣᠳᠬᠤ ᠬᠤᠯᠠᠨ ᠲᠡᠷᠢᠭᠦᠲᠡᠨ ᠢ᠋ ᠬᠠᠷᠠᠵᠤ᠂ 
       — ᠨᠢᠭᠡ ᠬᠡᠪᠡᠯᠢ ᠡᠴᠡ ᠭᠠᠷᠤᠭᠰᠠᠨ ᠲᠠᠪᠤᠨ ᠬᠥᠪᠡᠭᠦᠨ ᠨᠢᠭᠡ ᠲᠩᠷᠢ ᠶ᠋ᠢᠨ ᠳᠣᠣᠷ᠎ᠠ ᠪᠠᠭᠲᠠᠬᠤ ᠶ᠋ᠢ ᠪᠣᠯᠢᠵᠠᠢ ᠭᠡᠵᠦ ᠰᠢᠮᠰᠢᠷᠡᠨ ᠬᠡᠯᠡᠬᠦ ᠳ᠋ᠦ᠍ ᠪᠠᠷᠳᠠᠨᠪᠠᠭᠠᠲᠤᠷ ᠰᠠᠶᠢ ᠯᠠ ᠲᠡᠷᠭᠡ ᠲᠡᠢ ᠱᠠᠷᠢᠯ ᠠ᠋ᠴᠠ ᠬᠠᠷᠠᠭ᠎ᠠ ᠰᠠᠯᠭᠠᠨ᠂ 
       — ᠬᠥᠭᠡᠷᠦᠬᠦᠢ ᠶ᠋ᠢ ᠤᠳᠠᠭᠠᠭᠠᠳ ᠶᠠᠭᠠᠬᠢᠨ᠎ᠠ ᠪᠢᠯᠡ᠃ ᠶᠡᠬᠡ ᠬᠣᠷᠢᠭ  ᠲᠤ᠌ ᠣᠩᠭᠣᠯᠠᠶ᠎ᠠ ᠳᠠ ᠭᠡᠪᠡ᠃ ᠴᠢᠩᠭᠢᠭᠰᠡᠨ ᠢ᠋ᠶ᠋ᠡᠨ ᠣᠳᠣ ᠬᠢᠷᠢ ᠬᠠᠱᠠᠩ ᠬᠡᠭᠡᠷ ᠮᠣᠷᠢ ᠪᠠᠨ ᠪᠠᠷᠢᠨ ᠵᠣᠭᠰᠣᠬᠤ ᠡᠯᠵᠢᠭᠡᠳᠡᠢ ᠨᠣᠶᠠᠨ ᠢ᠋ ᠬᠠᠷᠠᠵᠤ᠂ 
       — ᠴᠢ ᠶᠠᠭᠤᠨ ᠬᠥᠮᠦᠨ ᠪᠢᠯᠡ? ᠭᠡᠪᠡᠯ ᠪᠤᠭᠤᠷᠤᠯ ᠲᠡᠷᠢᠭᠦᠨᠲᠦ ᠡᠷ᠎ᠡ ᠦᠨᠡᠰᠦᠨ ᠦ᠌ ᠵᠠᠬ᠎ᠠ ᠳ᠋ᠤ᠌ ᠰᠥᠭᠥᠳᠦᠨ᠂ 
       — ᠪᠢ ᠠᠯᠲᠠᠨ ᠤᠯᠤᠰ ᠤ᠋ᠨ ᠲᠦᠰᠢᠮᠡᠯ ᠪᠢᠯᠡ ᠭᠡᠳ ᠠᠮᠪᠠᠭᠠᠢ ᠬᠠᠭᠠᠨ ᠠ᠋ᠴᠠ ᠨᠥᠮᠥᠷᠢ ᠨᠥᠭᠡᠯᠭᠡ ᠡᠷᠢᠬᠦ ᠮᠡᠲᠦ ᠬᠠᠷᠠᠵᠠᠢ᠃ ᠶᠡᠷᠦ ᠮᠣᠩᠭᠣᠯ ᠬᠡᠯᠡ ᠭᠠᠷᠭᠠᠭᠤᠳ ᠰᠤᠷᠭᠠᠭᠰᠠᠨ ᠠᠴᠢᠲᠠᠨ ᠨᠢ ᠢᠯᠮ᠎ᠠ ᠬᠠᠲᠤᠨ ᠪᠢᠯᠡ᠃ ᠲᠡᠷᠢᠭᠦᠨ ᠭᠤᠸ᠎ᠠ ᠲᠥᠷᠥᠭᠰᠡᠨ ᠬᠠᠲᠤᠨ ᠤ᠋ ᠮᠥᠩᠭᠥᠨ ᠬᠣᠩᠬᠣ ᠮᠡᠲᠦ ᠢᠷᠠᠭᠤ ᠳᠠᠭᠤᠨ ᠳ᠋ᠤ᠌ ᠤᠶᠠᠷᠠᠨ ᠪᠠᠢᠵᠤ ᠡᠯ᠎ᠡ ᠬᠡᠯᠡ ᠶ᠋ᠢ ᠰᠤᠷᠤᠭᠰᠠᠨ ᠶᠤᠮ ᠰᠠᠨᠵᠠᠢ᠃ ᠪᠠᠷᠳᠠᠨᠪᠠᠭᠠᠲᠤᠷ᠂ 
       — ᠲᠡᠷᠡ ᠠ᠋᠂ ᠬᠥᠶᠢ! ᠪᠢᠳᠡᠨ ᠦ᠌ ᠮᠠᠭᠤ ᠶ᠋ᠢ ᠰᠣᠨᠣᠰᠴᠤ ᠲᠦᠷᠦᠭᠦᠨ ᠡᠴᠡ ᠬᠣᠢᠰᠢ ᠪᠡᠭᠡᠪᠡᠢᠨ ᠵᠣᠭᠰᠣᠭᠰᠠᠨ ᠪᠠᠢᠬᠤ ᠨᠢ᠂ ᠨᠢᠳᠦᠨ ᠡᠴᠡ ᠳᠠᠯᠳᠠ ᠪᠣᠯᠭ᠎ᠠ! ᠭᠡᠬᠦ ᠳ᠋ᠦ᠍ ᠡᠯᠵᠢᠭᠡᠳᠡᠢ ᠶ᠋ᠢᠨ ᠬᠡᠭᠡᠷ᠎ᠡ ᠶ᠋ᠢᠨ ᠰᠠᠯᠬᠢᠨ ᠳ᠋ᠤ᠌ ᠤᠩᠭᠤᠵᠤ ᠭᠠᠩᠳᠠᠭᠰᠠᠨ ᠴᠠᠢᠪᠤᠷ ᠴᠢᠷᠠᠢ ᠪᠦᠷ ᠬᠤᠪᠠᠬᠠᠢ ᠴᠠᠢᠵᠤ᠂ 
       — ᠶᠡᠬᠡ ᠨᠣᠶᠠᠨ ᠲᠠ ᠥᠷᠥᠰᠢᠶᠡ! ᠬᠠᠢᠷ᠎ᠠ ᠰᠡᠳᠬᠢᠯ ᠳ᠋ᠡᠭᠡᠨ ᠰᠣᠬᠣᠷᠠᠭᠰᠠᠨ ᠠᠮᠢᠲᠠᠨ ᠬᠠᠷᠠᠩᠭᠤᠢ ᠮᠡᠲᠦ ᠣᠷᠴᠢᠯᠠᠩ ᠳ᠋ᠤ᠌ ᠲᠡᠨᠦᠵᠦ ᠶᠠᠪᠤᠭ᠎ᠠ ᠪᠢᠯᠡ᠃ ᠬᠠᠮᠤᠭ ᠮᠣᠩᠭᠣᠯ ᠤ᠋ᠨ ᠬᠡᠷᠡᠭ ᠬᠢᠭᠡᠳ ᠬᠠᠭᠠᠨ ᠦᠵᠢᠮᠡᠢ ᠶ᠋ᠢᠨ ᠶᠠᠪᠤᠳᠠᠯ ᠨᠠᠳᠠ ᠣᠭᠲᠣ ᠬᠦᠷᠲᠡᠭᠡᠯ ᠦᠭᠡᠢ᠁ ᠭᠡᠮᠡᠨ ᠲᠣᠷᠵᠢᠭᠢᠨᠠᠭᠤᠯᠬᠤ ᠳ᠋ᠤ᠌ ᠬᠣᠲᠣᠯᠠ ᠨᠣᠶᠠᠨ᠂ 
       — ᠴᠢᠨᠦ ᠬᠦᠷᠲᠡᠭᠡᠯ ᠦᠭᠡᠢ ᠨᠢ ᠬᠠᠮᠢᠶ᠎ᠠ ᠠᠯᠠᠭ᠎ᠠ᠃ ᠪᠢᠳᠡᠨ ᠦ᠌ ᠶᠠᠪᠤᠳᠠᠯ ᠳ᠋ᠤ᠌ ᠴᠢ ᠥᠪᠡᠷ ᠢ᠋ᠶ᠋ᠡᠨ ᠬᠦᠷᠲᠡᠭᠡᠯ ᠲᠡᠢ ᠪᠣᠯᠪᠠ ᠪᠤᠰᠤ ᠤᠤ? ᠨᠢᠳᠦᠨ ᠡᠴᠡ ᠳᠠᠯᠳᠠ ᠤᠷᠤᠭᠤᠯ! ᠭᠡᠯ᠎ᠡ᠃ ᠠᠮᠪᠠᠭᠠᠢ ᠬᠠᠭᠠᠨ ᠠᠯᠲᠠᠨ ᠤᠯᠤᠰ ᠤ᠋ᠨ ᠲᠡᠨᠦᠭᠦᠯᠴᠢ ᠡᠷ᠎ᠡ ᠶ᠋ᠢ ᠦᠷᠦ ᠡᠪᠡᠳᠦᠩᠭᠦᠢ ᠬᠠᠷᠠᠭᠰᠠᠨ ᠬᠡᠳᠦᠢ ᠴᠦ᠍ ᠥᠪᠡᠷ ᠦ᠋ᠨ ᠬᠢᠨᠢ ᠲᠦᠰᠢᠭ ᠲᠤᠯᠭᠠᠭᠤᠷᠢ ᠪᠣᠯᠵᠤ ᠶᠠᠪᠤᠳᠠᠭ ᠬᠠᠨ ᠬᠥᠪᠡᠭᠦᠳ ᠦ᠋ᠨ ᠦᠭᠡᠨ ᠡᠴᠡ ᠵᠥᠷᠢᠵᠦ ᠦᠯᠦ ᠴᠢᠳᠠᠨ᠂ 
       — ᠨᠢᠳᠦᠨ ᠡᠴᠡ ᠳᠠᠯᠳᠠ ᠪᠣᠯᠭ᠎ᠠ! ᠬᠡᠮᠡᠵᠡᠢ᠃ ᠮᠥᠨᠥᠬᠡᠨ ᠲᠡᠷᠭᠡ ᠲᠡᠢ ᠱᠠᠷᠢᠯ ᠢ᠋ ᠪᠦᠲᠡᠭᠡᠨ ᠬᠥᠲᠥᠯᠵᠦ ᠶᠠᠪᠤᠬᠤ ᠪᠠᠷ ᠵᠠᠪᠳᠤᠵᠤ ᠠᠭᠰᠠᠨ ᠬᠦᠷᠡᠯ ᠴᠢᠷᠠᠢᠲᠤ ᠭᠤᠷᠪᠠᠨ ᠡᠷ᠎ᠡ ᠶ᠋ᠢᠨ ᠨᠢᠭᠡ ᠰᠡᠯᠡᠮ᠎ᠡ ᠪᠡᠨ ᠬᠠᠷ ᠬᠢᠲᠡᠯ᠎ᠡ ᠰᠤᠭᠤᠯᠤᠨ ᠡᠷᠭᠢᠲᠡᠯ᠎ᠡ ᠬᠡᠪ ᠭᠡᠨᠡᠳᠲᠡ ᠬᠥᠩᠬᠥᠷ ᠬᠣᠷᠴᠢ᠂ 
       — ᠲᠣᠭᠲᠠᠵᠤ ᠠᠢᠯᠠᠳ! ᠬᠡᠮᠡᠭᠰᠡᠨ ᠢ᠋ᠶ᠋ᠡᠨ ᠠᠮᠪᠠᠭᠠᠢ ᠬᠠᠭᠠᠨ ᠤ᠋ ᠬᠥᠯ ᠳ᠋ᠦ᠍ ᠰᠥᠭᠥᠳᠦᠨ᠂ 
       — ᠬᠡᠭᠡᠷ᠎ᠡ ᠶ᠋ᠢᠨ ᠲᠡᠨᠦᠭᠦᠯᠴᠢ ᠲᠡᠢ ᠬᠡᠳᠦᠨ ᠦᠭᠡ ᠰᠣᠯᠢᠬᠤ ᠰᠣᠶᠣᠷᠬᠠᠯ ᠬᠠᠢᠷᠠᠯᠠ ᠭᠡᠪᠡᠯ ᠲᠦᠷᠦᠭᠦᠨ ᠡᠴᠡ ᠬᠣᠢᠰᠢ ᠳᠠᠭᠤ ᠦᠭᠡᠢ ᠵᠣᠭᠰᠣᠭᠰᠠᠨ ᠠᠮᠪᠠᠭᠠᠢ ᠬᠠᠭᠠᠨ ᠤ᠋ ᠬᠠᠲᠠᠭᠠᠨ ᠬᠥᠪᠡᠭᠦᠨ᠂ 
       — ᠬᠥᠩᠬᠥᠷ ᠬᠣᠷᠴᠢ ᠴᠠᠭ ᠤ᠋ᠨ ᠴᠠᠭ  ᠲᠤ᠌ ᠲᠥᠷᠥ ᠶ᠋ᠢᠨ ᠲᠣᠪᠴᠢᠶᠠᠨ ᠪᠣᠯᠵᠤ ᠶᠠᠪᠤᠭᠰᠠᠨ ᠪᠤᠰᠤ ᠤᠤ? ᠦᠭᠡ ᠶ᠋ᠢ ᠨᠢ ᠰᠣᠨᠣᠰᠬᠤ ᠬᠥᠮᠦᠨ ᠦ᠌ ᠨᠢᠭᠡ ᠪᠢᠯᠡ ᠭᠡᠬᠦ ᠳ᠋ᠦ᠍ ᠬᠠᠭᠠᠨ ᠬᠦᠦ ᠶ᠋ᠢᠨ ᠲᠦᠰᠢᠭ ᠲᠦ᠍ ᠪᠠᠰᠠ ᠬᠦ᠌ ᠪᠠᠶᠠᠷᠯᠠᠨ᠂ 
       — ᠬᠣᠷᠴᠢ ᠮᠢᠨᠢ᠂ ᠦᠦᠬᠡ ᠲᠡᠦᠬᠡᠨ ᠳ᠋ᠦ᠍ ᠥᠭᠦᠯᠡᠭᠰᠡᠨ ᠵᠦᠢᠯ ᠪᠠᠢᠳᠠᠭ ᠶᠤᠮ ᠰᠠᠨ ᠤᠤ? ᠭᠡᠪᠡᠯ ᠬᠥᠩᠬᠥᠷ ᠬᠣᠷᠴᠢ ᠬᠣᠭᠣᠯᠠᠢ ᠵᠠᠰᠠᠨ᠂ 
       — ᠵᠠ᠂ ᠬᠠᠭᠠᠨ ᠰᠣᠶᠣᠷᠬᠠᠯ ᠢ᠋ᠶ᠋ᠠᠷ ᠣᠳᠣᠬᠠᠨ ᠡᠭᠡᠳᠡᠷᠡᠭᠰᠡᠨ ᠦᠢᠯᠡ ᠶ᠋ᠢᠨ ᠣᠴᠢᠭ ᠢ᠋ ᠣᠯᠰᠤ! ᠭᠡᠰᠡᠨ ᠢ᠋ᠶ᠋ᠡᠨ ᠡᠷᠬᠡᠪᠰᠢ ᠲᠠᠢᠪᠤᠰᠢᠷᠠᠯ ᠢ᠋ ᠣᠯᠤᠭᠰᠠᠨ ᠲᠡᠨᠦᠭᠦᠯᠴᠢ ᠨᠣᠶᠠᠨ ᠤᠷᠤᠭᠤ ᠬᠠᠷᠠᠵᠤ᠂ 
       — ᠴᠢᠮᠠᠶ᠋ᠢ ᠬᠡᠨ ᠭᠡᠳᠡᠭ ᠪᠣᠢ? ᠬᠡᠮᠡᠪᠡᠯ᠂ 
       — ᠡᠯᠵᠢᠭᠡᠳᠡᠢ ᠭᠡᠵᠦ ᠳᠠᠷᠤᠤᠬᠠᠨ ᠬᠡᠯᠡᠭᠡᠳ ᠠᠪᠤᠷᠠᠯ ᠤ᠋ᠨ ᠡᠵᠡᠨ ᠪᠣᠯᠵᠤ ᠬᠤᠪᠢᠷᠠᠭᠰᠠᠨ ᠦᠰᠦ ᠲᠡᠢ ᠳᠡᠪᠡᠯᠲᠦ᠂ ᠥᠯᠥᠨ ᠭᠬᠢᠷᠲᠦ ᠬᠥᠩᠬᠥᠷ ᠬᠣᠷᠴᠢ ᠶ᠋ᠢᠨ ᠡᠮᠦᠨ᠎ᠡ ᠰᠥᠭᠥᠳᠴᠡᠢ᠃ ᠬᠣᠷᠴᠢ ᠶ᠋ᠢᠨ ᠲᠣᠭᠣᠰᠣ ᠳᠠᠷᠤᠭᠰᠠᠨ ᠴᠢᠷᠠᠢ ᠳ᠋ᠤ᠌ ᠵᠠᠮ ᠲᠠᠲᠠᠭᠤᠯᠤᠨ ᠤᠷᠤᠰᠬᠤ ᠬᠥᠯᠥᠰᠥᠨ ᠳᠤᠰᠤᠯ ᠬᠦᠷᠲᠡᠯ᠎ᠡ ᠪᠠᠶᠠᠷ ᠤ᠋ᠨ ᠥᠩᠭᠡ ᠪᠡᠷ ᠭᠢᠯᠠᠯᠵᠠᠵᠤ᠂ 
       — ᠮᠥᠨ ᠪᠠᠢᠬᠤ ᠨᠢ! ᠭᠡᠰᠡᠨ ᠢ᠋ᠶ᠋ᠡᠨ ᠠᠮᠪᠠᠭᠠᠢ ᠬᠠᠭᠠᠨ ᠳ᠋ᠤ᠌ ᠮᠡᠬᠦᠰᠬᠢᠨ᠂ 
       — ᠡᠷᠬᠢᠮ ᠬᠠᠭᠠᠨ᠂ ᠬᠦᠨᠳᠦᠲᠦ ᠬᠠᠨ ᠬᠥᠪᠡᠭᠦᠳ ᠥᠷᠥᠰᠢᠶᠡᠨ ᠰᠣᠶᠣᠷᠬ᠎ᠠ᠃ ᠣᠯᠠᠨ ᠵᠢᠯ ᠦ᠋ᠨ ᠡᠮᠦᠨ᠎ᠡ ᠨᠠᠢ᠍ᠮᠠᠨ ᠠᠢᠮᠠᠭ ᠤ᠋ᠨ ᠬᠣᠷᠵᠠᠬᠤᠰ ᠪᠣᠶᠣᠷᠤᠭ ᠤ᠋ᠨ ᠢᠯᠮ᠎ᠠ ᠬᠠᠲᠤᠨ᠂ ᠬᠦᠦ ᠲᠣᠷᠯᠣᠭ ᠲᠤᠭᠤᠷᠢᠯ ᠤ᠋ᠨ ᠬᠠᠮᠲᠤ ᠶᠢᠰᠦᠨ ᠲᠠᠲ᠋ᠠᠷ ᠲᠤ᠌ ᠣᠯᠵᠠᠯᠠᠭᠳᠠᠭᠰᠠᠨ ᠪᠢᠯᠡ ᠭᠡᠬᠦ ᠳ᠋ᠦ᠍ ᠶᠢᠰᠦᠭᠡᠢ ᠪᠠᠭᠠᠲᠤᠷ ᠤ᠋ᠨ ᠴᠢᠷᠠᠢ ᠭᠡᠷᠡᠯᠲᠦᠨ᠂ 
       — ᠲᠡᠭᠡᠭᠰᠡᠨ᠂ ᠲᠡᠭᠡᠭᠰᠡᠨ᠁ ᠭᠡᠪᠡᠯ ᠪᠠᠷᠳᠠᠨᠪᠠᠭᠠᠲᠤᠷ《ᠲᠡᠷᠡ ᠡᠷᠲᠡᠨ ᠦ᠌ ᠲᠡᠦᠬᠡ ᠶ᠋ᠢ ᠴᠢ ᠶᠠᠭᠠᠬᠢᠵᠤ ᠮᠡᠳᠡᠳᠡᠭ ᠶᠦᠮ ᠪᠣᠢ》 ᠭᠡᠰᠡᠨ ᠬᠠᠷᠠᠴᠠ ᠪᠠᠷ ᠬᠠᠷᠠᠬᠤ ᠳ᠋ᠤ᠌ ᠬᠥᠪᠡᠭᠦᠨ ᠨᠢ᠂ 
       — ᠤᠷᠲᠤ ᠪᠠᠯᠭᠠᠰᠤᠨ ᠳ᠋ᠤ᠌ ᠪᠢ ᠬᠦᠷᠭᠡᠨ ᠥᠭᠭᠦᠭᠰᠡᠨ ᠪᠢᠯᠡ᠃ ᠬᠠᠨ ᠠᠪᠤ ᠮᠢᠨᠢ! ᠭᠡᠮᠡᠨ ᠬᠠᠷᠢᠭᠤ ᠥᠴᠢᠪᠡ᠃ ᠬᠥᠩᠬᠥᠷ ᠬᠣᠷᠴᠢ ᠵᠠᠯᠭᠠᠭᠤᠯᠤᠨ᠂ 
       — ᠬᠠᠭᠠᠨ ᠡᠴᠢᠭᠡ ᠮᠢᠨᠢ᠂ ᠲᠡᠷᠡ ᠵᠣᠪᠠᠯᠠᠩᠲᠤ ᠦᠶ᠎ᠡ ᠳ᠋ᠦ᠍᠂ ᠰᠢᠪᠠᠷ ᠬᠡᠷᠡᠮᠦᠨ ᠳ᠋ᠦ᠍ ᠰᠢᠪᠠᠭᠠᠷᠠᠯᠳᠤᠨ ᠰᠠᠭᠤᠭᠴᠢ ᠢᠷᠭᠡᠳ ᠡᠴᠡ ᠡᠯᠵᠢᠭᠡᠳᠡᠢ ᠨᠡᠷᠡᠲᠦ ᠨᠣᠶᠠᠨ ᠶᠡᠬᠡᠳᠡ ᠠᠰᠠᠷᠠᠨ ᠲᠡᠳᠬᠦᠵᠦ᠂ ᠠᠮᠠᠷᠠᠭᠯᠠᠨ ᠬᠠᠢᠷᠠᠯᠠᠵᠤ ᠪᠠᠢᠭᠰᠠᠨ ᠭᠡᠬᠦ ᠪᠢᠯᠡ ᠭᠡᠬᠦ ᠳ᠋ᠦ᠍ ᠶᠢᠰᠦᠭᠡᠢ ᠶᠡᠬᠡᠳᠡ ᠪᠡᠶᠡᠰᠦᠨ᠂ 
       — ᠲᠦᠮᠡᠨ ᠦᠨᠡᠨ᠃ ᠡᠨᠡ ᠤᠴᠠᠷᠠᠯ ᠢ᠋ ᠢᠯᠮ᠎ᠠ ᠬᠠᠲᠤᠨ ᠤ᠋ ᠳᠡᠷᠭᠡᠳᠡ ᠲᠣᠷᠯᠣᠭ ᠲᠤᠭᠤᠷᠢᠯ ᠤ᠋ᠨ ᠠᠮᠠᠨ ᠠ᠋ᠴᠠ ᠰᠣᠨᠣᠰᠤᠭᠰᠠᠨ ᠪᠢᠯᠡ ᠭᠡᠵᠡᠢ᠃ ᠠᠮᠪᠠᠭᠠᠢ ᠬᠠᠭᠠᠨ ᠤ᠋ ᠲᠠᠯᠪᠢᠭᠤᠨ ᠴᠢᠷᠠᠢ ᠳ᠋ᠤ᠌ ᠰᠡᠳᠬᠢᠯ ᠳ᠋ᠦ᠍ ᠵᠣᠬᠢᠰᠲᠤ ᠭᠡᠭᠡ ᠭᠡᠢᠵᠦ᠂ 
       — ᠡᠯᠵᠢᠭᠡᠳᠡᠢ ᠲᠠ ᠲᠡᠭᠡᠪᠡᠯ ᠰᠠᠢᠨ ᠬᠥᠮᠦᠨ ᠰᠠᠨᠵᠠᠢ᠃ ᠪᠤᠷᠠᠨᠲᠠᠭ ᠮᠡᠲᠦ ᠬᠥᠲᠥᠯᠬᠦ ᠰᠡᠳᠬᠢᠯ ᠡᠷᠬᠢᠮ ᠶᠦᠮ᠃ ᠭᠡᠪᠡᠴᠦ ᠪᠣᠶᠣᠷᠤᠭ ᠲᠠᠨ ᠢ᠋ ᠬᠡᠷᠬᠢᠨ ᠤᠭᠲᠤᠬᠤ ᠶ᠋ᠢ ᠬᠡᠯᠡᠵᠦ ᠦᠯᠦ ᠴᠢᠳᠠᠨᠠᠮ ᠭᠡᠬᠦ ᠳ᠋ᠦ᠍ ᠡᠯᠵᠢᠭᠡᠳᠡᠢ᠂ 
       — ᠢᠯᠮ᠎ᠠ ᠬᠠᠲᠤᠨ ᠤ᠋ ᠬᠠᠶᠠᠭ᠎ᠠ ᠪᠠᠷᠠᠳᠠᠪᠠᠯ ᠵᠠᠶᠠᠭ᠎ᠠ ᠲᠡᠷᠡ ᠪᠢᠯᠡ ᠬᠡᠮᠡᠪᠡ᠃ ᠠᠮᠪᠠᠭᠠᠢ ᠬᠠᠭᠠᠨ᠂ 
       — ᠡᠷ᠎ᠡ ᠬᠥᠮᠦᠨ ᠦ᠌ ᠳᠣᠲᠣᠷ᠎ᠠ ᠡᠮᠡᠭᠡᠯ ᠲᠡᠢ ᠬᠠᠵᠠᠭᠠᠷ ᠲᠠᠢ ᠮᠣᠷᠢ ᠪᠠᠭᠲᠠᠳᠠᠭ ᠶᠤᠮ ᠭᠠᠵᠠᠷ ᠳᠠ᠃ ᠲᠡᠷᠡ ᠲᠠᠨ ᠤ᠋ ᠬᠡᠷᠡᠭ᠃ ᠬᠠᠷᠢᠨ ᠮᠢᠨᠦ ᠬᠦᠷᠢᠶᠡᠨ ᠳ᠋ᠦ᠍ ᠣᠴᠢᠵᠤ ᠬᠤᠪᠴᠠᠰᠤ ᠪᠠᠨ ᠰᠣᠯᠢᠵᠤ᠂ ᠮᠣᠷᠢ ᠪᠠᠨ ᠶᠡᠭᠦᠯᠡᠵᠦ᠂ ᠵᠠᠮ ᠤ᠋ᠨ ᠬᠦᠨᠡᠰᠦ ᠪᠠᠵᠠᠭᠠᠨ᠎ᠠ ᠪᠢᠵᠡ ᠭᠡᠳ ᠬᠣᠲᠣᠯᠠ᠂ ᠪᠠᠷᠠᠳᠠᠨᠪᠠᠭᠠᠲᠤᠷ ᠬᠣᠶᠠᠷ ᠤᠷᠤᠭᠤ《ᠵᠥᠪ ᠪᠢᠵᠡ 》 ᠭᠡᠬᠦ ᠠᠶᠠᠰ ᠢ᠋ᠶ᠋ᠠᠷ ᠬᠠᠷᠠᠭᠰᠠᠨ ᠢ᠋ᠶ᠋ᠠᠨ᠂ 
       — ᠬᠠᠷᠢᠨ ᠬᠠᠭᠠᠨ ᠬᠦᠷᠢᠶᠡᠨ ᠡᠴᠡ ᠥᠭᠡᠷ᠎ᠡ ᠭᠠᠵᠠᠷ ᠳᠣᠲᠣᠭᠠᠳᠤ ᠳ᠋ᠤ᠌ ᠪᠤᠤ ᠱᠠᠭᠠᠢ᠂ ᠲᠣᠢᠭᠲᠤ ᠳ᠋ᠤ᠌ ᠪᠤᠤ ᠬᠠᠷᠠᠭᠳᠠ! ᠡᠨᠡ ᠨᠢ ᠲᠠᠨ ᠤ᠋ ᠠᠮᠢ ᠨᠠᠰᠤᠨ ᠳ᠋ᠤ᠌ ᠥᠯᠵᠡᠢ ᠲᠡᠢ ᠪᠢᠵᠡ ᠬᠡᠮᠡᠪᠡ᠃ ᠡᠯᠵᠢᠭᠡᠳᠡᠢ ᠨᠣᠶᠠᠨ ᠶᠡᠬᠡᠳᠡ ᠰᠥᠰᠥᠯᠡᠨ᠂ 
       — ᠬᠠᠭᠠᠨ ᠲᠠ ᠲᠦᠮᠡᠨ ᠨᠠᠰᠤᠯᠠᠲᠤᠭᠠᠢ! ᠭᠡᠳ ᠮᠡᠬᠦᠯᠵᠡᠨ ᠪᠥᠬᠥᠯᠵᠡᠨ ᠵᠠᠯᠪᠠᠷᠢᠭᠰᠠᠭᠠᠷ ᠮᠥᠨᠥᠬᠡᠨ ᠱᠠᠷᠢᠯ ᠠᠴᠢᠭᠰᠠᠨ ᠲᠡᠷᠭᠡ ᠳ᠋ᠡᠭᠡᠨ ᠣᠴᠢᠵᠤ ᠠᠪᠠᠢ᠃ ᠬᠠᠭᠠᠨ ᠠᠮᠪᠠᠭᠠᠢ᠂ ᠲᠣᠷᠣᠯᠵᠠᠨ ᠲᠣᠷᠣᠯᠵᠠᠨ ᠮᠥᠨᠥᠬᠡᠨ ᠶᠡᠬᠡ ᠢᠯᠠᠭ᠎ᠠ ᠰᠢᠮᠠᠭᠤᠯ᠂ ᠦᠨᠦᠷ ᠲᠠᠨᠤᠷ ᠢ᠋ᠶ᠋ᠠᠨ ᠳᠠᠭᠠᠭᠤᠯᠤᠨ ᠬᠣᠯᠠᠳᠴᠤ ᠪᠣᠢ ᠪᠢᠴᠢᠬᠠᠨ ᠬᠥᠰᠬᠡ ᠶ᠋ᠢ ᠤᠳᠠᠭᠠᠨ ᠬᠠᠷᠠᠬᠤ ᠳ᠋ᠠᠭᠠᠨ ᠳᠡᠭᠡᠷ᠎ᠡ ᠮᠡᠯᠲᠡᠢᠭᠴᠢ ᠲᠥᠷᠥ ᠶ᠋ᠢᠨ ᠬᠥᠬᠡ ᠲᠩᠷᠢ ᠳ᠋ᠦ᠍ ᠬᠡᠢᠮᠣᠷᠢ ᠶ᠋ᠢᠨ ᠶᠡᠬᠡ ᠡᠭᠦᠯᠡᠨ ᠵᠠᠩᠭᠢᠷᠠᠨ ᠬᠤᠷᠠᠯᠳᠤᠵᠤ ᠪᠠᠢᠭ᠎ᠠ ᠶ᠋ᠢ ᠵᠦᠩ ᠢ᠋ᠶ᠋ᠡᠷ ᠢ᠋ᠶ᠋ᠡᠨ ᠮᠡᠳᠡᠷᠡᠵᠡᠢ᠃ ᠴᠢᠩᠭᠢᠭᠡᠳ ᠬᠡᠨ ᠳ᠋ᠦ᠍ ᠴᠦ᠍ ᠬᠠᠨᠳᠤᠯ ᠦᠭᠡᠢ᠂ 
       — ᠠᠭᠤᠤ ᠶᠡᠬᠡ ᠰᠦᠯᠳᠡ ᠬᠡᠢᠮᠣᠷᠢ ᠠᠢᠰᠤᠢ ᠶ᠋ᠢ ᠪᠢ ᠮᠡᠳᠡᠷᠡᠵᠦ ᠪᠠᠢᠨ᠎ᠠ ᠭᠡᠵᠦ ᠠᠢᠯᠠᠳᠪᠠ᠃ ᠬᠣᠲᠣᠯᠠ ᠪᠠᠷᠠᠳᠠᠨᠪᠠᠭᠠᠲᠤᠷ ᠤᠷᠤᠭᠤ ᠬᠠᠷᠠᠵᠤ᠂ 
       — ᠳᠤᠷ᠎ᠠ ᠳᠤᠷ᠎ᠠ ᠪᠠᠷ ᠢ᠋ᠶ᠋ᠠᠨ ᠲᠤᠷᠭᠢᠭᠴᠢ ᠬᠥᠮᠦᠨ ᠢ᠋ ᠨᠢᠭᠡᠨ ᠵᠢᠯᠤᠭᠤᠨ ᠳ᠋ᠤ᠌ ᠣᠷᠣᠭᠤᠯᠪᠠᠯ ᠶᠠᠭᠤᠲᠠᠢ ᠰᠠᠢᠨ ᠪᠢᠯᠡ ᠭᠡᠬᠦ ᠳ᠋ᠦ᠍ ᠵᠤᠯᠠᠢ ᠭᠢᠰᠬᠢᠵᠦ ᠲᠥᠷᠥᠭᠰᠡᠨ ᠠᠬ᠎ᠠ ᠨᠢ᠂ 
       — ᠬᠠᠮᠤᠭ ᠮᠣᠩᠭᠣᠯ ᠢ᠋ ᠲᠣᠬᠣᠨᠢᠭᠤᠯᠬᠤ ᠶᠡᠬᠡ ᠦᠢᠯᠡ ᠶ᠋ᠢ ᠬᠠᠶᠠᠭᠠᠨ ᠠ᠋ᠴᠠ ᠪᠠᠨ ᠡᠬᠢᠯᠡᠭᠦᠰᠢᠲᠡᠢ᠃ ᠮᠢᠨᠦ ᠪᠣᠳᠣᠬᠤ ᠳ᠋ᠤ᠌ ᠥᠬᠢᠨᠪᠠᠷᠬᠠᠭ ᠠᠬ᠎ᠠ ᠪᠤᠷᠬᠠᠨ ᠪᠣᠯᠤᠭᠰᠠᠨ ᠨᠢ ᠪᠢᠳᠡᠨ ᠳ᠋ᠦ᠍ ᠵᠣᠯ ᠠᠵᠢ᠃ ᠲᠡᠭᠦᠨ ᠢ᠋ ᠳᠠᠭᠠᠨ ᠳᠠᠪᠬᠢᠯᠳᠤᠳᠠᠭ ᠠᠭᠰᠠᠨ ᠨᠣᠶᠠᠳ ᠡᠷᠬᠡᠪᠰᠢ ᠨᠣᠮᠣᠬᠠᠷᠠᠬᠤ ᠪᠢᠵᠡ! ᠬᠠᠷᠢᠨ ᠬᠤᠲᠤᠭᠲᠤ ᠮᠣᠩᠬᠣᠷ ᠢ᠋ ᠣᠳᠣ ᠬᠠᠵᠠᠭᠠᠷᠯᠠᠪᠠᠯ ᠶᠠᠮᠠᠷ ᠪᠣᠯ? ᠭᠡᠪᠡ᠃ 
       ᠠᠮᠪᠠᠭᠠᠢ ᠬᠠᠭᠠᠨ ᠭᠤᠷᠪᠠᠨ ᠪᠡᠶ᠎ᠡ ᠶ᠋ᠢᠨ ᠰᠠᠨᠠᠭ᠎ᠠ ᠲᠦᠮᠡᠨ ᠨᠠᠰᠤᠨ ᠬᠡ ᠮᠡᠲᠦ ᠭᠦᠶᠦᠳᠡᠯ ᠨᠡᠢᠯᠡᠵᠦ ᠪᠣᠢ ᠳ᠋ᠤ᠌ ᠪᠡᠶᠡᠰᠦᠨ ᠲᠠᠭᠠᠰᠢᠶᠠᠵᠤ᠂ 
       — ᠪᠢᠳᠡ ᠭᠤᠷᠪᠠ ᠶ᠋ᠢᠨ ᠰᠠᠨᠠᠭ᠎ᠠ ᠨᠢᠭᠡᠨ ᠬᠥᠮᠦᠨ ᠦ᠌ ᠬᠢ ᠮᠡᠲᠦ ᠠᠵᠢ᠃ ᠬᠥᠬᠡ ᠲᠩᠷᠢ ᠶ᠋ᠢᠨ ᠳᠣᠣᠷ᠎ᠠ ᠣᠷᠣᠰᠢᠭᠴᠢ ᠬᠠᠮᠤᠭ ᠮᠣᠩᠭᠣᠯ ᠬᠠᠨᠯᠢᠭ ᠢ᠋ᠶ᠋ᠠᠨ ᠬᠦᠴᠦᠷᠬᠡᠭ ᠪᠠᠢᠯᠭᠠᠬᠤ ᠨᠢ ᠳᠣᠲᠣᠭᠠᠳᠤ ᠳ᠋ᠠᠭᠠᠨ ᠰᠠᠮᠠᠭᠤᠨ ᠦᠭᠡᠢ ᠪᠠᠢᠬᠤ ᠳ᠋ᠤ᠌ ᠪᠣᠯᠠᠢ᠃ ᠭᠡᠲᠡᠯ᠎ᠡ ᠰᠦᠷᠪᠦᠯᠵᠡᠨ ᠥᠷᠪᠥᠯᠵᠡᠬᠦ ᠮᠡᠷ ᠰᠡᠷ ᠪᠣᠢ ᠶ᠋ᠢ ᠬᠠᠷᠠᠪᠠ᠃ ᠪᠢ ᠶᠢᠰᠦᠨ ᠲᠠᠲ᠋ᠠᠷ ᠲᠤ᠌ ᠬᠠᠢᠷᠠᠲᠠᠢ ᠳ᠋ᠠᠭᠠᠨ ᠬᠠᠳᠠᠭᠠᠯᠠᠭᠠᠳ ᠪᠠᠢᠭ᠎ᠠ ᠶᠤᠮ ᠪᠢᠰᠢ᠃ ᠠᠯᠠᠵᠤ ᠢᠳᠡᠬᠦ ᠬᠣᠨᠢ ᠶ᠋ᠢ ᠬᠥᠮᠦᠨ ᠲᠠᠷᠭᠤᠯᠠᠭᠤᠯᠳᠠᠭ ᠯᠤᠭ᠎ᠠ ᠠᠳᠠᠯᠢ ᠶᠤᠮ᠃ ᠲᠡᠳᠡ ᠬᠣᠶᠠᠷ ᠨᠢᠭᠡᠨ ᠵᠢᠯ ᠳ᠋ᠡᠭᠡᠨ ᠠᠮᠤᠷ ᠪᠠᠢᠭ᠂ ᠭᠡᠮ ᠦᠭᠡᠢ᠃ ᠡᠨᠡ ᠵᠠᠭᠤᠷ᠎ᠠ ᠪᠢᠳᠡ ᠴᠠᠭ ᠬᠣᠵᠢᠵᠤ ᠠᠢᠮᠠᠭ ᠭᠡᠷ ᠦ᠋ᠨ ᠳᠣᠲᠣᠭᠠᠳᠤ ᠶ᠋ᠢ ᠨᠢᠭᠡᠨ ᠵᠢᠯᠤᠭᠤᠨ ᠳ᠋ᠤ᠌ ᠣᠷᠣᠭᠤᠯᠵᠤ ᠠᠮᠵᠢᠬᠤ ᠪᠤᠰᠤ ᠤᠤ? ᠡᠢᠨ ᠵᠠᠩᠭᠢᠳᠤᠭᠰᠠᠨ ᠨᠢᠳᠤᠷᠭ᠎ᠠ ᠮᠡᠲᠦ ᠪᠣᠯᠤᠭᠰᠠᠨ ᠴᠠᠭ ᠲᠤ᠌ ᠶᠢᠰᠦᠨ ᠲᠠᠲ᠋ᠠᠷ ᠴᠤ᠌᠂ ᠠᠯᠲᠠᠨ ᠤᠯᠤᠰ ᠴᠤ᠌ ᠪᠢᠳᠡᠨ ᠦ᠌ ᠥᠯᠮᠡᠢ ᠶ᠋ᠢᠨ ᠳᠣᠣᠷ᠎ᠠ ᠰᠠᠶᠢ ᠶ᠋ᠢᠨ ᠡᠯᠵᠢᠭᠡᠳᠡᠢ ᠮᠡᠲᠦ ᠪᠣᠯᠠᠢ ᠭᠡᠮᠡᠨ ᠠᠢᠯᠠᠳᠪᠠ᠃ ᠪᠠᠷᠳᠠᠨᠪᠠᠭᠠᠲᠤᠷ ᠢᠨᠢᠶᠡᠮᠰᠦᠭᠯᠡᠵᠦ᠂ ᠬᠣᠲᠣᠯᠠ ᠨᠣᠶᠠᠨ ᠪᠡᠶᠡᠰᠴᠦ᠂ ᠶᠢᠰᠦᠭᠡᠢ᠂ ᠠᠮᠪᠠᠭᠠᠢ ᠶ᠋ᠢᠨ ᠬᠠᠲᠠᠭᠠᠨ ᠬᠣᠶᠠᠷ ᠪᠡᠶ᠎ᠡ ᠪᠡᠶ᠎ᠡ ᠶ᠋ᠢ ᠴᠣᠭ ᠵᠣᠯᠪᠣᠭ᠎ᠠ ᠭᠡᠢᠭᠰᠡᠨ ᠬᠠᠷᠠᠴᠠ ᠪᠠᠷ ᠬᠠᠷᠠᠵᠤ ᠪᠢᠯᠡ᠃ ᠣᠨ ᠵᠢᠯ ᠦ᠋ᠳ ᠢ᠋ ᠲᠡᠭᠡᠭᠡᠵᠦ ᠢᠷᠡᠭᠴᠢ ᠬᠥᠬᠡ ᠮᠠᠩᠬᠠᠨ ᠲᠩᠷᠢ ᠶ᠋ᠢᠨ ᠭᠦᠨ ᠠᠯᠤᠰ ᠲᠤ᠌ ᠵᠥᠪᠬᠡᠨ ᠮᠣᠩᠭᠣᠯ ᠮᠠᠬᠠᠪᠣᠳ ᠲᠤ᠌ ᠬᠤᠪᠢᠷᠠᠨ ᠪᠡᠶᠡᠯᠡᠬᠦ ᠭᠡᠭᠡᠨ ᠬᠡᠢᠮᠣᠷᠢ ᠪᠦᠷᠢᠳᠦᠨ ᠪᠣᠢ ᠶ᠋ᠢᠨ ᠵᠦᠩ ᠰᠤᠪᠢᠨ ᠰᠢᠪᠡᠨᠡᠬᠦ ᠶ᠋ᠢ ᠬᠥᠩᠬᠥᠷ ᠬᠣᠷᠴᠢ ᠮᠡᠳᠡᠷᠡᠵᠦ ᠠᠪᠠᠢ᠃ ᠵᠣᠪᠠᠨ ᠵᠦᠳᠡᠨ ᠣᠷᠣᠰᠢᠭᠴᠢ ᠶᠡᠬᠡ ᠤᠯᠤᠰ ᠤ᠋ᠨ ᠢ᠋ᠶ᠋ᠠᠨ ᠮᠠᠨᠳᠤᠵᠤ᠂ ᠪᠠᠭᠤᠷᠠᠵᠤ ᠶᠠᠪᠤᠭᠰᠠᠨ ᠢ᠋ ᠮᠡᠳᠡᠬᠦ ᠪᠤᠭᠤᠷᠤᠯ ᠲᠡᠦᠬᠡ ᠶ᠋ᠢᠨ ᠡᠪᠦᠭᠡᠨ ᠬᠣᠷᠴᠢ ᠶ᠋ᠢᠨ ᠨᠢᠳᠦᠨ ᠳ᠋ᠦ᠍ ᠨᠢᠯᠪᠤᠰᠤ ᠴᠢᠢᠯᠡᠭᠡᠨᠡᠨ ᠪᠠᠢᠯ᠎ᠠ᠃ ᠭᠡᠪᠡᠴᠦ ᠬᠤᠪᠢ ᠵᠠᠶᠠᠭ᠎ᠠ ᠬᠠᠮᠢᠭᠠᠰᠢ ᠪᠠᠨ ᠡᠷᠭᠢᠬᠦ ᠶ᠋ᠢ ᠬᠡᠨ ᠮᠡᠳᠡᠨ᠎ᠡ᠃ 
 
                5  

       ᠣᠨ ᠵᠢᠯ ᠦ᠋ᠳ ᠢ᠋ ᠲᠡᠭᠡᠭᠡᠵᠦ ᠢᠷᠡᠭᠴᠢ ᠪᠤᠭᠤᠷᠤᠯ ᠲᠩᠷᠢ ᠶ᠋ᠢᠨ ᠰᠠᠪᠰᠠᠯᠭ᠎ᠠ ᠰᠦᠪᠡᠯᠡᠨ ᠪᠢᠴᠢᠬᠠᠨ ᠬᠥᠰᠬᠡ ᠭᠠᠷᠴᠤ ᠢᠷᠡᠬᠦ ᠶ᠋ᠢ ᠨᠡᠭᠦᠨ ᠲᠠᠢᠵᠢ ᠡᠬᠢᠯᠡᠭᠡᠳ ᠬᠠᠷᠠᠵᠠᠢ᠃ ᠲᠡᠭᠡᠭᠡᠳ ᠳᠡᠭᠦᠦ ᠪᠡᠨ ᠴᠠᠭᠠᠰᠢᠯᠠᠭᠤᠯᠬᠤ ᠬᠣᠷᠣᠬᠠᠢ ᠬᠦᠷᠴᠦ᠂ 
       — ᠶᠢᠰᠦᠭᠡᠢ᠂ ᠴᠢᠨᠦ ᠬᠠᠲᠤᠨ ᠠᠢᠰᠤᠢ ᠭᠡᠬᠦ ᠳ᠋ᠦ᠍ ᠨᠠᠮᠨᠠᠭᠰᠠᠨ ᠴᠢᠨᠣ᠎ᠠ ᠶ᠋ᠢᠨ ᠢ᠋ᠶ᠋ᠡᠨ ᠠᠷᠠᠰᠤ ᠶ᠋ᠢ ᠭᠠᠨᠵᠤᠭᠠᠯᠠᠵᠤ ᠵᠣᠭᠰᠣᠭᠰᠠᠨ ᠬᠥᠪᠡᠭᠦᠨ᠂ 
       — ᠬᠠᠲᠤᠨ ᠪᠠᠭᠤᠯᠭᠠᠭᠰᠠᠨ ᠠ᠋ᠴᠠ ᠬᠣᠢᠰᠢ ᠲᠠ ᠰᠡᠪ ᠯᠠ ᠬᠢᠪᠡᠯ ᠥᠪᠡᠷ ᠦ᠋ᠨ ᠡᠮ᠎ᠡ ᠪᠠᠢᠭᠰᠠᠭᠠᠷ ᠠᠲᠠᠯ᠎ᠠ ᠥᠷᠥᠭᠡᠯ ᠦ᠋ᠨ ᠡᠮ᠎ᠡ ᠶ᠋ᠢᠨ ᠲᠤᠬᠠᠢ ᠶᠠᠷᠢᠬᠤ ᠪᠣᠯᠵᠠᠢ᠃ ᠬᠠᠲᠤᠨ ᠭᠡᠳᠡᠭ ᠲᠡᠢᠮᠦ ᠰᠠᠢᠬᠠᠨ ᠡᠳ᠋ ᠤᠤ ᠭᠡᠵᠦ ᠬᠠᠷᠢᠭᠤ ᠲᠣᠭᠯᠠᠭᠠᠮ ᠢ᠋ᠶ᠋ᠠᠷ ᠥᠭᠦᠯᠡᠬᠦ ᠳ᠋ᠦ᠍᠂ 
       — ᠪᠦᠯᠵᠢᠭᠡᠨ ᠬᠠᠲᠤᠨ ᠠ᠋ᠴᠠ ᠰᠠᠢᠬᠠᠨ ᠭᠡᠪᠡ᠃ ᠶᠢᠰᠦᠭᠡᠢ ᠴᠢᠬᠢ ᠪᠡᠨ ᠬᠦᠷᠲᠡᠯ᠎ᠡ ᠤᠯᠠᠢᠵᠤ᠂ 
       — ᠬᠠᠨ ᠠᠬ᠎ᠠ ᠲᠠ ᠪᠠᠬᠠᠨ ᠶᠠᠪᠠᠭᠠᠨ ᠶᠠᠷᠢᠶ᠎ᠠ ᠲᠠᠢ ᠪᠣᠯᠵᠠᠢ ᠳᠠ ᠬᠡᠮᠡᠪᠡᠯ ᠨᠡᠭᠦᠨ ᠲᠠᠢᠵᠢ ᠲᠩᠷᠢ ᠡᠴᠡ ᠲᠥᠷᠥᠭᠰᠡᠨ ᠮᠡᠲᠦ ᠠᠢᠰᠤᠬᠤ ᠪᠠᠷ᠎ᠠ ᠶ᠋ᠢ ᠲᠣᠭᠲᠠᠭᠠᠨ ᠬᠠᠷᠠᠵᠤ ᠬᠠᠷᠠᠵᠤ᠂ 
       — ᠶᠢᠰᠦᠭᠡᠢ ᠴᠢ ᠮᠣᠷᠳᠠ! ᠭᠡᠯ᠎ᠡ᠃ ᠡᠨᠡ ᠦᠭᠡ ᠶ᠋ᠢ ᠪᠤᠴᠠᠬᠤ ᠭᠠᠵᠠᠷ ᠦᠭᠡᠢ ᠬᠡᠯᠡᠭᠰᠡᠨ ᠲᠤᠯᠠ ᠲᠣᠭᠯᠠᠭᠠᠮ ᠱᠣᠭᠯᠠᠭᠠᠮ ᠢ᠋ᠶ᠋ᠠᠨ ᠣᠷᠬᠢᠨ ᠮᠣᠷᠳᠠᠬᠤ ᠳ᠋ᠤ᠌ ᠣᠢᠷ᠎ᠠ ᠬᠢ ᠮᠣᠳᠣᠳ ᠤ᠋ᠨ ᠰᠡᠭᠦᠳᠡᠷ ᠲᠦ᠍ ᠠᠯᠠᠭᠰᠠᠨ ᠬᠣᠢᠯᠣᠭ ᠤ᠋ᠨ ᠮᠢᠬ᠎ᠠ ᠪᠠᠨ ᠬᠣᠳᠣᠭᠣᠳᠣᠨ ᠳ᠋ᠤᠨᠢ ᠴᠢᠬᠢᠵᠦ ᠪᠠᠢᠭᠰᠠᠨ ᠡᠷᠡᠰ ᠠᠵᠢᠯ ᠢ᠋ᠶ᠋ᠠᠨ ᠱᠠᠯᠠᠮᠠᠭᠠᠢᠯᠠᠨ ᠳᠠᠭᠤᠰᠬᠠᠵᠤ ᠳᠥᠷᠥᠭᠡ ᠰᠢᠭᠦᠷᠡᠨ ᠬᠥᠳᠡᠯᠵᠡᠢ᠃ ᠲᠡᠳᠡ ᠮᠥᠨᠥᠬᠢ ᠠᠯᠤᠰ ᠤ᠋ᠨ ᠪᠠᠷ᠎ᠠ ᠶ᠋ᠢ ᠠᠮᠠᠳᠠᠨ ᠳᠣᠪᠲᠣᠯᠭᠠᠵᠤ ᠳᠥᠭᠥᠪᠡᠯ ᠮᠤᠬᠤᠯᠠᠭ ᠲᠡᠷᠭᠡ ᠬᠥᠲᠥᠯᠦᠭᠰᠡᠨ ᠮᠣᠷᠢᠲᠠᠢ ᠡᠷ᠎ᠡ ᠬᠣᠯᠠᠭᠤᠷ ᠳᠠᠢᠯᠵᠤ ᠶᠠᠪᠤᠬᠤ ᠶ᠋ᠢ ᠴᠢᠷᠮᠠᠢᠬᠤ ᠠᠵᠢ᠃ ᠨᠡᠭᠦᠨ ᠲᠠᠢᠵᠢ᠂ 
       — ᠮᠤᠬᠤᠯᠠᠭ ᠲᠡᠷᠭᠡᠨ ᠳ᠋ᠦ᠍ ᠡᠮ᠎ᠡ ᠬᠥᠮᠦᠨ ᠮᠣᠷᠢᠯᠠᠬᠤ ᠪᠢᠵᠡ᠂ ᠮᠤᠬᠤᠷ ᠵᠠᠮ ᠤᠷᠤᠭᠤ ᠠᠶᠤᠭᠰᠠᠨ ᠬᠥᠮᠦᠨ ᠳᠤᠲᠠᠭᠠᠬᠤ ᠪᠢᠵᠡ᠃ ᠣᠷᠣ ᠣᠯᠵᠠ ᠥᠬᠡᠢ ᠪᠣᠯ ᠣᠯᠠᠨ ᠬᠥᠮᠦᠨ ᠦ᠌ ᠪᠠᠷ᠎ᠠ ᠶ᠋ᠢ ᠬᠠᠷᠠᠵᠤ ᠪᠤᠷᠤᠭᠤᠯᠠᠬᠤ ᠨᠢ ᠶᠠᠭᠤ ᠪᠢᠯᠡ᠃ ᠬᠥᠭᠡᠭᠡᠵᠦ ᠭᠦᠢᠴᠡᠶ᠎ᠡ ᠬᠡᠮᠡᠪᠡᠯ ᠲᠠᠷᠢᠳᠠᠢ ᠣᠳᠴᠢᠬᠢᠨ ᠰᠡᠷᠢᠭᠦᠨ ᠰᠠᠯᠬᠢᠨ ᠳ᠋ᠤ᠌ ᠰᠢᠩᠭᠡᠨ ᠳᠠᠭᠤ ᠬᠠᠲᠠᠭᠠᠨ᠂ 
       — ᠭᠤᠸ᠎ᠠ ᠪᠡᠷᠭᠡᠨ ᠲᠡᠢ ᠪᠣᠯ ᠭᠣᠶᠣ ᠰᠠᠨ! ᠴᠦ ᠬᠡᠮᠡᠵᠡᠢ᠃ ᠡᠢᠨ ᠳᠣᠪᠲᠣᠯᠭᠠᠭᠰᠠᠭᠠᠷ ᠤᠯᠠᠭᠠᠨ ᠵᠠᠮ ᠬᠥᠨᠳᠡᠯᠡᠨ ᠣᠭᠲᠣᠯᠤᠨ ᠣᠢᠷᠠᠳᠬᠤ ᠳ᠋ᠤ᠌ ᠮᠤᠬᠤᠯᠠᠭ ᠲᠡᠷᠭᠡ ᠬᠥᠲᠥᠯᠦᠭᠰᠡᠨ ᠵᠠᠯᠠᠭᠤ ᠡᠷ᠎ᠡ ᠠᠷᠭ᠎ᠠ ᠪᠤᠶᠤ ᠰᠢᠬᠠᠭᠳᠠᠨ ᠵᠣᠭᠰᠣᠪᠠ᠃ 
       — ᠠᠮᠤᠷ ᠰᠠᠢᠨ ᠶᠠᠪᠤᠵᠤ ᠪᠠᠢᠨ᠎ᠠ ᠤᠤ? 
       — ᠮᠡᠨᠳᠦ ᠠ᠋᠂ ᠲᠠ ᠪᠦᠭᠦᠳᠡ ᠮᠡᠨᠳᠦ ᠠᠮᠤᠷ ᠤᠤ? 
       — ᠮᠡᠨᠳᠦ ᠰᠠᠢᠨ ᠳᠠ ᠭᠡᠰᠡᠨ ᠢ᠋ᠶ᠋ᠡᠨ ᠨᠡᠭᠦᠨ ᠲᠠᠢᠵᠢ᠂ 
       — ᠬᠠᠮᠢᠭ᠎ᠠ ᠠ᠋ᠴᠠ ᠬᠠᠮᠢᠭ᠎ᠠ ᠶᠠᠪᠤᠨ᠎ᠠ ᠳᠠ? ᠭᠡᠬᠦ ᠳ᠋ᠦ᠍ ᠮᠥᠨᠥᠬᠢ ᠬᠦᠳᠡᠷ ᠬᠦᠷᠡᠩ ᠡᠷ᠎ᠡ ᠨᠣᠶᠠᠳ ᠤ᠋ᠨ ᠶᠠᠷᠢᠶ᠎ᠠ ᠦᠯᠦ ᠰᠣᠨᠣᠰᠳᠠᠬᠤ ᠵᠠᠢ ᠳ᠋ᠤ᠌ ᠬᠦ ᠬᠤᠶᠠᠭ᠂ ᠢᠯᠳᠦ ᠪᠠᠮᠪᠠᠢ ᠬᠠᠷᠰᠢᠭᠤᠯᠤᠨ ᠵᠣᠭᠰᠣᠬᠤ ᠴᠡᠷᠢᠭ ᠡᠷᠡᠰ ᠦ᠋ᠨ ᠵᠦᠭ ᠬᠠᠷᠠᠴᠠ ᠪᠡᠯᠴᠢᠭᠡᠭᠰᠡᠨ ᠢ᠋ᠶ᠋ᠡᠨ᠂ 
       — ᠣᠯᠬᠣᠨᠤᠳ ᠠᠢᠮᠠᠭ ᠠ᠋ᠴᠠ ᠶᠠᠪᠤᠵᠤ ᠪᠠᠢᠨ᠎ᠠ ᠳᠠ ᠭᠡᠪᠡ᠃ ᠶᠢᠰᠦᠭᠡᠢ ᠪᠠᠭᠠᠲᠤᠷ ᠮᠤᠬᠤᠯᠠᠭ ᠲᠡᠷᠭᠡᠨ ᠦ᠌ ᠱᠠ ᠲᠣᠷᠭᠠᠨ ᠬᠥᠰᠢᠭᠡ ᠶ᠋ᠢ ᠲᠠᠰᠢᠭᠤᠷ ᠢ᠋ᠶ᠋ᠠᠷ ᠢ᠋ᠶ᠋ᠠᠨ ᠰᠡᠬᠦᠵᠦ ᠬᠠᠷᠠᠪᠠᠯ ᠵᠢᠰᠦᠨ ᠦ᠌ ᠬᠢᠨᠢ ᠭᠡᠷᠡᠯ ᠳ᠋ᠦ᠍ ᠵᠡᠭᠦᠦ ᠰᠦᠪᠡᠯᠡᠵᠦ ᠪᠣᠯᠤᠮᠠᠷ ᠭᠤᠸ᠎ᠠ ᠰᠠᠢᠬᠠᠨ ᠪᠦᠰᠡᠭᠦᠢ ᠴᠡᠮᠴᠡᠢᠨ ᠰᠠᠭᠤᠬᠤ ᠠᠵᠢ᠃ ᠲᠡᠭᠦᠨ ᠦ᠌ ᠴᠢᠬᠢᠨ ᠳ᠋ᠦ᠍ ᠨᠡᠭᠦᠨ ᠲᠠᠢᠵᠢ ᠶ᠋ᠢᠨ《 ᠶᠢᠰᠦᠭᠡᠢ ᠴᠢᠨᠦ ᠬᠠᠲᠤᠨ ᠠᠢᠰᠤᠢ》 ᠭᠡᠵᠦ ᠥᠭᠦᠯᠡᠬᠦ ᠳᠠᠭᠤᠨ ᠰᠣᠨᠣᠰᠳᠠᠬᠤ ᠰᠢᠭ᠋ ᠪᠣᠯᠵᠠᠢ᠃ 
       — ᠬᠡᠳᠦ ᠨᠤᠲᠤᠭ ᠬᠠᠮᠢᠭ᠎ᠠ ᠪᠣᠢ? 
       — ᠪᠢ ᠮᠡᠷᠭᠢᠳ ᠦ᠋ᠨ ᠶᠡᠬᠡ ᠴᠢᠯᠡᠳᠦ ᠭᠡᠳᠡᠭ ᠪᠢᠯᠡ ᠬᠡᠮᠡᠭᠰᠡᠨ ᠳ᠋ᠦ᠍ ᠥᠭᠡᠷ᠎ᠡ ᠶᠠᠷᠢᠬᠤ ᠶᠠᠭᠤᠮ᠎ᠠ ᠦᠯᠦ ᠣᠯᠳᠠᠵᠤ᠂ ᠠᠬ᠎ᠠ ᠳᠡᠭᠦᠦ ᠭᠤᠷᠪᠠ ᠪᠡᠶ᠎ᠡ ᠪᠡᠶ᠎ᠡ ᠪᠡᠨ ᠬᠡᠢ ᠳᠡᠮᠡᠢ ᠬᠠᠷᠠᠭᠰᠠᠨ ᠢ᠋ᠶ᠋ᠠᠨ ᠳᠠᠭᠤ ᠱᠣᠣ ᠴᠤ᠌ ᠦᠭᠡᠢ ᠮᠣᠷᠢ ᠪᠠᠨ ᠳᠠᠪᠢᠷᠠᠨ ᠬᠥᠳᠡᠯᠵᠡᠢ᠃ 
       ᠠᠩ ᠬᠣᠮᠣᠷᠭᠠᠨ ᠳ᠋ᠤ᠌ ᠮᠣᠷᠳᠠᠨ ᠠᠶᠠᠨᠰᠢᠵᠤ ᠶᠠᠳᠠᠷᠠᠭᠰᠠᠨ ᠭᠤᠷᠪᠠᠨ ᠮᠣᠷᠢ ᠥᠯᠥᠨ ᠲᠣᠭᠣᠰᠣ ᠫᠣᠷᠭᠢᠭᠤᠯᠤᠨ᠂ ᠤᠯᠠᠭᠠᠨ ᠬᠠᠯᠵᠠᠨ ᠵᠠᠮ ᠢ᠋ᠶ᠋ᠠᠷ ᠴᠠᠭᠠᠰᠢᠯᠠᠵᠤ ᠠᠪᠠᠢ᠃ ᠮᠥᠨᠥᠬᠡᠨ ᠮᠤᠬᠤᠯᠠᠭ ᠲᠡᠷᠭᠡᠨ ᠳ᠋ᠦ᠍ ᠴᠡᠮᠴᠡᠢᠨ ᠰᠠᠭᠤᠭᠰᠠᠨ ᠭᠤᠸ᠎ᠠ ᠦᠵᠡᠰᠬᠦᠯᠡᠩᠲᠦ ᠵᠠᠯᠠᠭᠤ ᠬᠠᠲᠤᠨ ᠲᠦᠭᠰᠢᠭᠦᠷᠢᠲᠦ ᠨᠢᠳᠦ ᠪᠡᠷ ᠳᠠᠭᠠᠭᠤᠯᠤᠨ ᠰᠢᠷᠲᠡᠭᠰᠡᠭᠡᠷ ᠬᠠᠳᠠᠲᠤ ᠬᠣᠰᠢᠭᠤ ᠣᠷᠢᠶᠠᠵᠠᠢ᠃ ᠲᠡᠭᠦᠨ ᠦ᠌ ᠪᠢᠯᠵᠤᠤᠬᠠᠢ ᠮᠡᠲᠦ ᠪᠣᠷᠣᠬᠠᠨ ᠵᠢᠷᠦᠬᠡ ᠴᠡᠭᠡᠵᠢᠨ ᠡᠭᠦᠷᠦᠨ ᠳ᠋ᠡᠭᠡᠨ ᠪᠠᠭᠲᠠᠵᠤ ᠶᠠᠳᠠᠨ ᠪᠤᠯᠭᠢᠵᠤ᠂ ᠰᠠᠶᠢ ᠶ᠋ᠢᠨ ᠬᠡᠭᠡᠷ᠎ᠡ ᠶ᠋ᠢᠨ ᠨᠠᠷᠠ ᠰᠠᠯᠬᠢ ᠦᠨᠦᠷᠲᠦᠭᠰᠡᠨ ᠬᠦᠳᠡᠷ ᠬᠦᠳᠡᠷ ᠡᠷᠡᠰ ᠦ᠋ᠨ ᠳᠡᠷᠭᠡᠳᠡ ᠶᠡᠬᠡ ᠴᠢᠯᠡᠳᠦ ᠬᠠᠷᠢᠭᠤ ᠦᠭᠡᠢ ᠪᠢᠳ ᠮᠠᠭᠤ ᠲᠠᠢ ᠰᠠᠨᠠᠭᠳᠠᠪᠠ᠃  
       ᠴᠢᠩᠭᠢᠭᠡᠳ ᠰᠡᠳᠬᠢᠯ ᠳᠣᠨᠣᠭᠣᠯᠵᠠᠨ ᠥᠨᠳᠡᠯᠵᠡᠵᠦ᠂ ᠶᠡᠬᠡ ᠴᠢᠯᠡᠳᠦ ᠶ᠋ᠢ ᠬᠠᠷᠠᠪᠠᠯ ᠨᠢᠳᠦᠨ ᠳ᠋ᠦ᠍ᠨᠢ ᠪᠠᠰᠠ ᠬᠦ᠌ ᠠᠶᠤᠭᠰᠠᠨ᠂ ᠲᠦᠭᠰᠢᠭᠰᠡᠨ ᠶᠠᠩᠵᠤ ᠢᠯᠡᠳᠲᠡ ᠠᠭᠤᠨ ᠡᠷᠬᠡᠪᠰᠢ ᠡᠷ᠎ᠡ ᠬᠥᠮᠦᠨ ᠦ᠌ ᠰᠢᠭᠢᠷ᠎ᠡ ᠵᠢᠭᠠᠨ ᠡᠬᠡᠨᠡᠷ ᠪᠣᠯᠬᠤ ᠥᠭᠡᠯᠦᠨ ᠡᠴᠡ ᠵᠣᠪᠠᠨᠢᠵᠤ ᠶᠠᠪᠤᠨ᠎ᠠ ᠪᠣᠯᠤᠯᠲᠠᠢ᠃ ᠵᠠᠯᠠᠭᠤ ᠦᠵᠢᠨ ᠲᠦᠷᠦᠭᠦᠯᠡᠵᠦ ᠠᠮᠠ ᠨᠡᠭᠡᠭᠡᠬᠦ ᠡᠴᠡ ᠡᠮᠢᠶᠡᠨ᠂ ᠮᠤᠬᠤᠯᠠᠭ ᠲᠡᠷᠭᠡᠨ ᠦ᠌ ᠬᠥᠰᠢᠭᠡᠨ ᠵᠠᠪᠰᠠᠷ ᠠ᠋ᠴᠠ ᠶᠡᠬᠡ ᠴᠢᠯᠡᠳᠦ ᠶ᠋ᠢ ᠠᠵᠢᠭᠯᠠᠵᠤ ᠶᠠᠪᠤᠯ᠎ᠠ᠃ ᠲᠡᠭᠦᠨ ᠦ᠌ ᠠᠶᠤᠨ ᠭᠡᠭᠡᠯᠵᠡᠵᠦ ᠪᠣᠢ ᠶ᠋ᠢ ᠡᠰᠡ ᠠᠩᠵᠠᠭᠠᠷᠠᠭᠰᠠᠨ ᠡᠷ᠎ᠡ ᠠᠶᠤᠨ ᠰᠢᠷᠪᠡᠭᠡᠲᠦᠵᠦ᠂ ᠡᠮᠡᠭᠡᠯ ᠳᠡᠭᠡᠷ᠎ᠡ ᠪᠡᠨ ᠥᠨᠳᠡᠯᠵᠡᠨ ᠦᠶ᠎ᠡ ᠦᠶᠡᠬᠡᠨ ᠡᠷᠭᠢᠵᠦ ᠬᠠᠷᠠᠬᠤ ᠪᠥᠯᠥᠭᠡ᠃ ᠪᠠᠷ᠎ᠠ ᠡᠰᠡ ᠬᠠᠷᠠᠭᠳᠠᠭᠰᠠᠨ ᠳ᠋ᠤ᠌ ᠵᠢᠭᠠᠯ ᠲᠠᠢᠪᠤᠰᠢᠷᠠᠪᠠ ᠪᠣᠯᠤᠯᠲᠠᠢ᠂ ᠴᠢᠯᠠᠭᠤ ᠲᠠᠢ ᠵᠠᠮ ᠢ᠋ᠶ᠋ᠠᠷ ᠣᠷᠣᠵᠤ ᠶᠠᠭᠠᠷᠠᠨ ᠳᠡᠷᠭᠡᠭᠦᠯᠪᠡ᠃ ᠭᠡᠪᠡᠴᠦ ᠥᠭᠡᠯᠦᠨ ᠥᠵᠢᠨ ᠮᠥᠨᠥᠬᠡᠨ ᠲᠠᠰᠢᠭᠤᠷ ᠤ᠋ᠨ ᠦᠵᠦᠭᠦᠷ ᠢ᠋ᠶ᠋ᠡᠷ ᠬᠥᠰᠢᠭᠡ ᠰᠡᠬᠦᠨ ᠱᠠᠭᠠᠢᠭᠴᠢ ᠡᠷ᠎ᠡ ᠶ᠋ᠢᠨ ᠬᠦᠰᠡᠯ ᠭᠡᠷᠡᠯᠲᠦᠭᠰᠡᠨ ᠬᠠᠷ᠎ᠠ ᠨᠢᠳᠦ ᠶ᠋ᠢ ᠮᠠᠷᠲᠠᠵᠤ ᠦᠯᠦ ᠴᠢᠳᠠᠨ᠎ᠠ᠃ ᠥᠯᠥᠨ ᠪᠠᠷᠰ ᠤ᠋ᠨ ᠨᠢᠳᠦ ᠪᠡᠷ ᠴᠣᠭᠣ ᠰᠢᠷᠳᠡᠭᠰᠡᠨ ᠡᠷ᠎ᠡ ᠣᠷᠬᠢᠭᠠᠳ ᠶᠠᠪᠤᠴᠢᠬᠠᠵᠤ ᠴᠢᠳᠠᠨ᠎ᠠ ᠭᠡᠵᠦ ᠤᠤ? ᠭᠡᠮᠡᠨ ᠪᠣᠳᠣᠵᠤ ᠥᠪᠡᠷ ᠦ᠋ᠨ ᠡᠷᠬᠡ ᠦᠭᠡᠢ ᠡᠷᠭᠢᠨ ᠬᠠᠷᠠᠯ᠎ᠠ᠃  
       ᠮᠤᠬᠤᠯᠠᠭ ᠲᠡᠷᠭᠡᠨ ᠦ᠌ ᠰᠢᠩᠭᠡᠨ ᠲᠣᠭᠣᠰᠣ ᠮᠠᠨᠠᠷᠠᠬᠤ ᠬᠠᠷᠭᠤᠢ ᠡᠯᠦᠢ ᠬᠤᠯᠤᠢ ᠠᠵᠤᠭᠤ᠃ ᠴᠢᠩᠭᠢᠲᠡᠯ᠎ᠡ ᠭᠡᠨᠡᠳᠲᠡ ᠮᠣᠷᠢᠨ ᠲᠦᠪᠡᠷᠭᠡᠨ ᠠᠯᠤᠰ ᠠ᠋ᠴᠠ ᠲᠠᠴᠢᠭᠢᠨᠠᠨ ᠨᠠᠭᠠᠰᠢᠯᠠᠬᠤ ᠰᠢᠭ᠋ ᠪᠣᠯᠬᠤ ᠳ᠋ᠤ᠌ ᠥᠭᠡᠯᠦᠨ ᠵᠣᠪᠠᠯᠠᠩᠲᠤ ᠲᠣᠷᠭᠠᠨ ᠬᠥᠰᠢᠭᠡ ᠶ᠋ᠢ ᠪᠠᠵᠠᠨ ᠠᠪᠴᠤ᠂ 
       — ᠲᠡᠷᠡ ᠭᠤᠷᠪᠠᠨ ᠬᠥᠮᠦᠨ ᠦ᠌ ᠤᠴᠢᠷ ᠢ᠋ ᠮᠡᠳᠡᠪᠡ ᠤᠤ᠂ ᠴᠢ? ᠲᠡᠳᠡᠨ ᠦ᠌ ᠴᠢᠷᠠᠢ ᠰᠡᠵᠢᠭᠯᠡᠮᠡᠷ ᠪᠠᠢᠨ᠎ᠠ᠃ ᠴᠢᠨᠦ ᠠᠮᠢᠨ ᠳ᠋ᠤ᠌ ᠬᠣᠣᠷ ᠬᠦᠷᠭᠡᠵᠦ ᠪᠣᠯᠤᠨ᠎ᠠ᠃ ᠠᠮᠢᠳᠤ ᠮᠡᠨᠳᠦ ᠦᠯᠡᠳᠡᠪᠡᠯ ᠡᠬᠡᠨᠡᠷ ᠢ᠋ ᠣᠯᠬᠤ ᠳ᠋ᠤ᠌ ᠪᠡᠷᠬᠡ ᠦᠭᠡᠢ᠂ ᠮᠤᠬᠤᠯᠠᠭ ᠳᠣᠳᠣᠮ ᠥᠬᠢᠳ ᠪᠣᠢ᠃ ᠲᠡᠷᠭᠡ ᠳᠣᠳᠣᠮ ᠬᠠᠲᠤᠳ ᠪᠣᠢ᠃ ᠬᠡᠷᠪᠡ ᠨᠠᠮᠠᠶ᠋ᠢ ᠰᠠᠨᠠᠪᠠᠯ ᠠᠬᠢᠨ ᠠᠪᠤᠭᠰᠠᠨ ᠭᠡᠷᠭᠡᠢ ᠶ᠋ᠢ ᠮᠢᠨᠦ ᠨᠡᠷ᠎ᠡ ᠪᠡᠷ ᠨᠡᠷᠡᠯᠡᠭᠲᠦᠨ ᠭᠡᠳ ᠰᠠᠨᠳᠤᠷᠤᠨ ᠡᠷᠭᠢᠵᠦ ᠬᠠᠷᠠᠪᠠᠯ ᠪᠦᠰᠡᠭᠦᠢ ᠰᠤᠪᠢᠨ ᠠᠯᠳᠠᠭᠰᠠᠨ ᠦᠭᠡᠢ ᠠᠵᠢ᠃ ᠮᠥᠨᠥᠬᠢ ᠭᠤᠷᠪᠠᠨ ᠡᠷ᠎ᠡ ᠬᠠᠳᠠᠲᠤ ᠬᠣᠰᠢᠭᠤ ᠶ᠋ᠢ ᠲᠣᠭᠣᠷᠢᠨ ᠨᠡᠬᠡᠵᠦ ᠠᠢᠰᠤᠢ᠃ ᠥᠭᠡᠯᠦᠨ᠂ 
       — ᠣᠳᠣ ᠠᠮᠢ ᠪᠠᠨ ᠠᠷᠭᠠᠯᠠ᠃ ᠮᠢᠨᠦ ᠦᠨᠦᠷ ᠢ᠋ ᠦᠨᠦᠰᠴᠦ ᠶᠠᠪᠤ! ᠭᠡᠳ ᠱᠠᠩᠬᠤ ᠳᠠᠷᠤᠭᠤᠯᠵᠤ ᠪᠣᠭᠣᠭᠰᠠᠨ ᠠᠯᠴᠢᠭᠤᠷ ᠢ᠋ᠶ᠋ᠠᠨ ᠥᠭᠴᠢᠯᠭᠡᠵᠦ ᠠᠪᠠᠢ᠃ ᠶᠡᠬᠡ ᠴᠢᠯᠡᠳᠦ ᠶᠠᠭᠤ ᠴᠣ ᠡᠰᠡ ᠳᠤᠤᠭᠠᠷᠴᠤ ᠴᠢᠳᠠᠵᠠᠢ᠃ ᠲᠡᠭᠦᠨ ᠦ᠌ ᠨᠢᠳᠦ ᠪᠠᠷᠰ ᠮᠡᠲᠦ ᠳᠡᠭᠦᠯᠢᠵᠦ ᠠᠢᠰᠤᠬᠤ ᠭᠤᠷᠪᠠᠨ ᠮᠣᠷᠢᠲᠠᠨ ᠡᠷ᠎ᠡ ᠡᠴᠡ ᠦᠯᠦ ᠰᠠᠯᠵᠤ᠂ ᠥᠭᠡᠯᠦᠨ ᠥᠵᠢᠨ ᠦ᠌ ᠭᠠᠷ ᠠ᠋ᠴᠠ ᠠᠯᠴᠢᠭᠤᠷ ᠢ᠋ ᠰᠢᠭᠦᠷᠡᠨ ᠠᠪᠤᠭᠠᠳ ᠬᠤᠷᠳᠤᠨ ᠬᠤᠸᠠ ᠮᠣᠷᠢ ᠪᠠᠨ ᠱᠠᠪ ᠬᠢᠲᠡᠯ᠎ᠡ ᠲᠠᠰᠢᠭᠤᠷᠳᠠᠨ ᠤᠨᠤᠨ ᠮᠥᠷᠡᠨ ᠥᠭᠡᠳᠡ ᠶᠠᠭᠠᠷᠠᠨ ᠳᠤᠲᠠᠭᠠᠯ᠎ᠠ᠃  ᠨᠡᠭᠦᠨ ᠲᠠᠢᠵᠢ ᠰᠦᠷ ᠨᠡᠮᠡᠵᠦ ᠭᠦᠦᠭᠡᠯᠡᠵᠦ ᠬᠠᠰᠬᠢᠷᠬᠤ ᠳ᠋ᠤ᠌ ᠶᠡᠬᠡ ᠴᠢᠯᠡᠳᠦ ᠶ᠋ᠢᠨ ᠬᠤᠷᠳᠤᠨ ᠬᠤᠸᠠ ᠮᠣᠷᠢ ᠭᠠᠵᠠᠷ ᠤ᠋ᠨ ᠴᠡᠭᠡᠵᠢᠨ ᠥᠭᠡᠳᠡ ᠰᠤᠨᠤᠨ ᠬᠠᠷᠠᠢᠯᠭᠠᠪᠠ᠃ 
       ᠨᠡᠭᠦᠨ ᠲᠠᠢᠵᠢ ᠢᠨᠢᠶᠡᠳᠦ ᠠᠯᠲᠠᠨ ᠡᠷᠭᠢᠨ ᠬᠠᠷᠠᠭᠰᠠᠨ ᠢ᠋ᠶ᠋ᠠᠨ 
       — ᠶᠢᠰᠦᠭᠡᠢ᠂ ᠮᠤᠬᠤᠯᠠᠭ ᠲᠡᠷᠭᠡ ᠪᠡᠨ ᠬᠠᠷᠠᠭᠲᠤᠨ! ᠮᠡᠷᠭᠢᠳ ᠦ᠋ᠨ ᠬᠡᠦᠬᠡᠳ ᠦ᠋ᠨ ᠮᠡᠨᠳᠦ ᠶ᠋ᠢ ᠮᠡᠳᠡᠴᠢᠬᠡᠭᠡᠳ ᠢᠷᠡᠰᠦ! ᠭᠡᠰᠡᠨ ᠢ᠋ᠶ᠋ᠡᠨ ᠲᠠᠷᠢᠳᠠᠢ ᠣᠳᠴᠢᠬᠢᠨ ᠲᠡᠷᠡ ᠬᠣᠶᠠᠷ ᠲᠣᠭᠣᠰᠣ ᠲᠠᠢ ᠪᠠᠨ ᠴᠢᠪᠬᠠᠳᠠᠨ ᠣᠳᠴᠠᠢ᠃ ᠶᠢᠰᠦᠭᠡᠢ ᠪᠠᠭᠠᠲᠤᠷ ᠳᠥᠷᠥᠭᠡ ᠮᠤᠯᠲᠤᠯᠤᠨ ᠪᠠᠭᠤᠵᠤ ᠮᠤᠬᠤᠯᠠᠭ ᠲᠡᠷᠭᠡᠨ ᠦ᠌ ᠴᠣᠩᠬᠣ ᠪᠠᠷ ᠬᠠᠷᠠᠪᠠᠯ ᠭᠤᠸ᠎ᠠ ᠦᠵᠡᠰᠬᠦᠯᠡᠩᠲᠦ ᠳᠠᠭᠢᠨᠢ ᠲᠠᠤᠯᠠᠢ ᠶ᠋ᠢᠨ ᠪᠥᠵᠥᠩ ᠰᠢᠭ ᠬᠢᠷᠦᠨ ᠠᠵᠠᠢ᠃ 
       — ᠴᠢᠮᠠᠶ᠋ᠢ ᠬᠡᠨ ᠭᠡᠳᠡᠭ ᠪᠣᠢ? 
       — ᠥᠭᠡᠯᠦᠨ᠃ 
       — ᠠᠯᠢ ᠠᠢᠮᠠᠭ ᠤ᠋ᠨ ᠬᠥᠮᠦᠨ ᠪᠣᠢ᠂ ᠣᠯᠬᠣᠨᠤᠳ ᠤᠤ? 
       — ᠵᠠ ᠲᠡᠢᠮᠦ ᠠ᠋᠂ ᠣᠯᠬᠣᠨᠤᠳ ᠁ ᠭᠡᠬᠦ ᠳ᠋ᠦ᠍ ᠵᠠᠯᠠᠭᠤ ᠶᠢᠰᠦᠭᠡᠢ ᠳᠣᠭᠳᠣᠯᠵᠤ ᠲᠡᠮᠡᠦᠯᠦᠭᠰᠡᠨ ᠬᠠᠷᠠᠴᠠ ᠪᠠᠷ ᠰᠢᠷᠲᠡᠨ᠂ 
       — ᠪᠢ ᠬᠠᠮᠤᠭ ᠮᠣᠩᠭᠣᠯ ᠤ᠋ᠨ ᠬᠠᠪᠤᠯ ᠬᠠᠭᠠᠨ ᠤ᠋ ᠣᠮᠪᠣᠯ ᠬᠦᠦ ᠶᠢᠰᠦᠭᠡᠢ ᠪᠠᠭᠠᠲᠤᠷ ᠁ ᠬᠡᠮᠡᠵᠡᠢ᠃ ᠶᠠᠭᠠᠬᠢᠭᠠᠳ ᠴᠣ ᠶᠤᠮ ᠪᠣᠢ᠂ ᠭᠤᠸ᠎ᠠ ᠦᠵᠡᠰᠬᠦᠯᠡᠩᠲᠦ ᠥᠵᠢᠨ ᠬᠥᠬᠡ ᠲᠩᠷᠢ ᠶ᠋ᠢᠨ ᠴᠠᠬᠢᠯᠭᠠᠨ ᠦᠵᠡᠭᠰᠡᠨ ᠮᠡᠲᠦ ᠨᠠᠪᠲᠠᠰᠬᠢᠪᠡ᠃ ᠶᠡᠷᠦ ᠨᠡᠬᠡᠵᠦ ᠪᠣᠳᠣᠪᠠᠯ ᠬᠥᠪᠡᠭᠦᠨ ᠦ᠌ ᠴᠣᠯᠠ ᠭᠣᠩᠰᠢᠨ ᠶᠡᠬᠡ ᠯᠡ ᠰᠦᠷ ᠰᠦᠯᠳᠡ ᠲᠡᠭᠦᠰ ᠰᠣᠨᠣᠰᠳᠠᠭᠰᠠᠨ ᠬᠡᠷᠡᠭ ᠶᠦᠮ᠃ ᠲᠠᠤᠯᠠᠢ ᠶ᠋ᠢᠨ ᠪᠥᠵᠥᠩ ᠰᠢᠭ ᠵᠢᠭᠠᠬᠠᠨ ᠪᠦᠰᠡᠭᠦᠢ ᠶ᠋ᠢᠨ ᠭᠡᠷᠡᠯ ᠰᠠᠴᠤᠷᠠᠭᠰᠠᠨ ᠲᠥᠷᠬᠦ ᠡᠴᠡ ᠨᠢᠳᠦ ᠰᠠᠯᠭᠠᠵᠤ ᠡᠰᠡ ᠴᠢᠳᠠᠨ ᠪᠠᠢᠲᠠᠯ᠎ᠠ ᠮᠣᠷᠢᠨ ᠲᠦᠪᠡᠷᠭᠡᠨ ᠲᠠᠴᠢᠭᠢᠨᠠᠵᠤ᠂ ᠲᠦᠳᠡᠬᠡᠨ ᠤᠯᠠᠭᠠᠨ ᠲᠣᠭᠣᠰᠣ ᠨᠢ ᠨᠥᠮᠥᠷᠦᠨ ᠨᠡᠭᠦᠨ ᠲᠠᠢᠵᠢ ᠢᠷᠡᠵᠦ ᠵᠣᠭᠰᠣᠭᠰᠠᠨ ᠢ᠋ᠶ᠋ᠠᠨ᠂ 
       — ᠳᠣᠯᠣᠭᠠᠨ ᠳᠣᠪᠣ ᠶ᠋ᠢᠨ ᠴᠠᠭᠠᠨ᠎ᠠ᠂ ᠲᠣᠭᠰᠢᠨ ᠰᠠᠬᠢᠭᠤᠯᠰᠤᠨ ᠳᠣᠣᠷ᠎ᠠ ᠵᠠᠯᠠᠴᠢᠬᠠᠭᠠᠳ ᠢᠷᠡᠪᠡ ᠭᠡᠬᠦ ᠳ᠋ᠦ᠍ ᠥᠭᠡᠯᠦᠨ ᠥᠵᠢᠨ᠂ 
            ᠮᠢᠨᠦ ᠡᠷ᠎ᠡ ᠴᠢᠯᠡᠳᠦ 
            ᠰᠡᠷᠢᠭᠦᠨ ᠰᠠᠯᠬᠢᠨ ᠳ᠋ᠤ᠌ 
            ᠰᠡᠪᠡᠯᠭᠡ ᠦᠰᠦ ᠪᠡᠨ ᠬᠡᠢᠰᠬᠡᠵᠦ 
            ᠬᠡᠭᠡᠷ᠎ᠡ ᠬᠥᠳᠡᠭᠡ 
            ᠭᠡᠳᠡᠰᠦ ᠪᠡᠨ ᠥᠯᠦᠰᠬᠡᠵᠦ 
            ᠶᠠᠭᠠᠬᠢᠨ ᠵᠣᠪᠠᠬᠤ ᠪᠣᠯᠪᠠ᠃  
       ᠣᠳᠣ ᠪᠢ ᠬᠣᠶᠠᠷ ᠰᠡᠪᠡᠯᠭᠡ ᠦᠰᠦ ᠪᠡᠨ ᠬᠣᠢᠰᠢ ᠣᠷᠣᠭᠰᠢ ᠤᠨᠵᠢᠭᠤᠯᠵᠤ ᠶᠠᠭᠠᠬᠢᠨ ᠣᠳᠤᠨ᠎ᠠ? ᠭᠡᠵᠦ ᠶᠡᠬᠡ ᠤᠨᠤᠨ ᠢ᠋ ᠴᠠᠯᠭᠢᠲᠠᠯ᠎ᠠ ᠡᠬᠡᠷ ᠲᠡᠳᠡᠨ ᠤᠬᠢᠯᠠᠵᠤ᠂ ᠣᠢ ᠰᠢᠭᠤᠢ ᠥᠳᠬᠡᠨ ᠨᠠᠪᠴᠢᠰ ᠢ᠋ᠶ᠋ᠠᠨ ᠰᠢᠯᠭᠡᠭᠡᠲᠡᠯ᠎ᠡ ᠤᠷᠢ ᠳᠠᠭᠤ ᠲᠠᠯᠪᠢᠵᠠᠢ᠃ ᠲᠠᠷᠢᠲᠡᠢ ᠣᠳᠴᠢᠬᠢᠨ᠂ 
       一 ᠢ᠂ ᠡᠭᠡᠴᠢ ᠮᠢᠨᠢ 
            ᠲᠡᠪᠡᠷᠢᠬᠦ ᠬᠠᠢᠷᠠᠲᠤ ᠡᠷ᠎ᠡ ᠴᠢᠨᠢ 
            ᠲᠡᠷᠲᠡᠭᠡ ᠳᠠᠪᠠᠭ᠎ᠠ ᠶ᠋ᠢ ᠳᠠᠪᠠᠪᠠ 
            ᠤᠬᠢᠯᠠᠨ ᠰᠠᠨᠠᠬᠤ ᠡᠷ᠎ᠡ ᠴᠢᠨᠢ 
            ᠤᠰᠤ ᠣᠯᠠᠨ ᠢ᠋ ᠭᠡᠲᠦᠯᠪᠡ 
            ᠬᠠᠢᠯᠵᠤ ᠤᠬᠢᠯᠠᠪᠠᠴᠤ 
            ᠬᠠᠷᠢᠨ ᠴᠢᠮᠠᠶ᠋ᠢ ᠦᠵᠡᠬᠦ ᠦᠭᠡᠢ 
            ᠬᠠᠢᠵᠤ ᠡᠷᠢᠪᠡᠴᠦ 
            ᠬᠠᠭᠠᠯᠭ᠎ᠠ ᠵᠠᠮ ᠨᠢ ᠣᠯᠳᠠᠬᠤ ᠦᠭᠡᠢ ᠁ 
            ᠳᠠᠭᠤ ᠦᠭᠡᠢ ᠪᠠᠢ! ᠭᠡᠵᠦ ᠢᠳᠬᠠᠪᠠ᠃ ᠥᠭᠡᠯᠦᠨ ᠭᠤᠸ᠎ᠠ ᠮᠤᠬᠤᠯᠠᠭ ᠲᠡᠷᠭᠡᠨ ᠦ᠌ ᠮᠤᠬᠤᠷ ᠲᠤ᠌ ᠰᠢᠬᠠᠭᠳᠠᠭᠰᠠᠨ ᠥᠨᠥᠴᠢᠨ ᠢᠨᠵᠠᠭ᠎ᠠ ᠰᠢᠭ᠋ ᠪᠥᠮᠪᠥᠭᠡᠨᠡᠲᠡᠯ᠎ᠡ ᠴᠡᠴᠡᠷᠡᠵᠦ ᠶᠠᠪᠤᠬᠤ ᠳ᠋ᠤ᠌ ᠶᠢᠰᠦᠭᠡᠢ ᠪᠠᠭᠠᠲᠤᠷ ᠲᠡᠮᠡᠭᠡᠨ ᠦ᠌ ᠪᠤᠷᠠᠨᠲᠠᠭ ᠬᠥᠲᠥᠯᠵᠦ᠂ 
            ᠳᠡᠯᠭᠡᠭᠦᠯᠵᠦ ᠤᠷᠤᠰᠬᠤ ᠤᠨᠤᠨ ᠮᠢᠨᠢ 
            ᠲᠡᠷᠢᠭᠦᠨ ᠤᠷᠤᠰᠬᠠᠯ ᠲᠠᠨᠢ ᠬᠠᠮᠢᠭ᠎ᠠ ᠬᠦᠷᠦᠭᠡ ᠪᠣᠯ 
            ᠲᠦᠭᠦᠴᠢᠭᠡᠯᠡᠵᠦ ᠨᠡᠭᠦᠬᠦ ᠲᠩᠷᠢ ᠮᠢᠨᠢ 
            ᠲᠦᠷᠦᠭᠦᠦ ᠡᠭᠦᠯᠡᠰ ᠲᠠᠨᠢ ᠬᠠᠮᠢᠭ᠎ᠠ ᠣᠴᠢᠭ᠎ᠠ ᠪᠣᠯ ᠭᠡᠮᠡᠨ ᠬᠠᠩᠭᠢᠨᠠᠲᠠᠯ᠎ᠠ ᠳᠠᠭᠤᠯᠠᠵᠤ ᠪᠢᠯᠡ᠃ ᠲᠠᠷᠢᠲᠠᠢ ᠣᠳᠴᠢᠬᠢᠨ ᠲᠡᠷᠭᠡᠨ ᠳ᠋ᠦ᠍ ᠬᠥᠯᠯᠡᠭᠰᠡᠨ ᠲᠡᠮᠡᠭᠡ ᠶ᠋ᠢ ᠭᠢᠯᠢᠨ᠂ 
       — ᠭᠦᠦᠭ᠂ ᠬᠥᠭᠡᠵᠢ᠁ ᠬᠡᠮᠡᠬᠦ ᠵᠠᠭᠤᠷ᠎ᠠ ᠪᠠᠨ ᠬᠥᠬᠡ ᠲᠩᠷᠢ ᠡᠴᠡ ᠵᠠᠶᠠᠭᠠᠭᠰᠠᠨ ᠬᠥᠬᠡ ᠴᠢᠨᠣ᠎ᠠ ᠶ᠋ᠢᠨ ᠳᠠᠭᠤᠳᠠᠯᠭ᠎ᠠ ᠮᠡᠲᠦ ᠤᠷᠲᠤ ᠪᠠᠷ ᠰᠢᠷᠤᠩᠬᠠᠢ ᠬᠠᠲᠠᠭᠠᠨ ᠲᠦᠷᠢᠵᠦ ᠪᠥᠯᠥᠭᠡ᠃ ᠶᠡᠬᠡ ᠬᠡᠷᠡᠭ ᠢ᠋ ᠲᠡᠷᠢᠭᠦᠯᠡᠵᠦ ᠪᠦᠲᠦᠭᠡᠭᠰᠡᠨ ᠨᠡᠭᠦᠨ ᠲᠠᠢᠵᠢ᠂ ᠡᠮᠡᠭᠡᠯ ᠳᠡᠭᠡᠷ᠎ᠡ ᠪᠡᠨ ᠪᠠᠭᠲᠠᠵᠤ ᠶᠠᠳᠠᠨ ᠬᠠᠩᠬᠠᠯᠵᠠᠵᠤ᠂ 
            ᠪᠢᠯᠢᠭᠦᠨ ᠤᠷᠤᠰᠬᠤ ᠤᠨᠤᠨ ᠮᠥᠷᠡᠨ ᠦ᠌ 
            ᠲᠡᠷᠢᠭᠦᠨ ᠤᠷᠤᠰᠬᠠᠯ ᠲᠩᠷᠢ ᠳ᠋ᠦ᠍ ᠪᠣᠢ 
            ᠮᠡᠯᠲᠡᠯᠵᠡᠬᠦ ᠤᠰᠤᠨ ᠨᠤᠲᠤᠭ ᠢ᠋ᠶ᠋ᠠᠨ ᠰᠠᠨᠠᠬᠤ ᠪᠠᠷ 
            ᠮᠡᠯᠮᠡᠷᠡᠲᠡᠯ᠎ᠡ ᠤᠬᠢᠯᠠᠨ ᠱᠠᠭᠠᠬᠢᠭᠠᠳ ᠢᠷᠡᠳᠡᠭ ᠠ᠋! 
            ᠲᠦᠭᠦᠴᠢᠭᠡᠯᠡᠵᠦ ᠨᠡᠭᠦᠬᠦ ᠬᠥᠬᠡ ᠡᠭᠦᠯᠡᠰ ᠦ᠋ᠨ 
            ᠲᠦᠷᠦᠭᠦᠴᠢ ᠶ᠋ᠢᠨ ᠪᠦᠯᠦᠭ ᠨᠠᠷᠠᠨ ᠳ᠋ᠤ᠌ ᠪᠣᠢ 
            ᠮᠢᠶᠡᠭᠡᠨᠢᠬᠦ ᠡᠭᠦᠯᠡᠰ ᠠᠭᠤᠯᠠᠰ ᠢ᠋ᠶ᠋ᠠᠨ ᠰᠠᠨᠠᠬᠤ ᠪᠠᠷ 
            ᠮᠡᠨᠳᠦ ᠶ᠋ᠢᠨ ᠰᠠᠯᠬᠢ ᠪᠠᠷ ᠨᠡᠭᠦᠭᠡᠳ ᠢᠷᠡᠳᠡᠭ ᠠ᠋! ᠭᠡᠮᠡᠨ ᠨᠠᠮᠤᠭᠤᠬᠠᠨ ᠡᠪᠯᠢᠭ ᠬᠣᠭᠣᠯᠠᠢ ᠪᠠᠷ ᠨᠠᠮᠪᠠᠯᠢᠭᠬᠠᠨ ᠠᠶᠠᠯᠵᠠᠢ᠃ ᠴᠡᠭᠡᠵᠢ ᠳᠦᠭᠦᠷᠡᠩ ᠬᠥᠷ ᠲᠡᠢ ᠭᠤᠷᠪᠠᠨ ᠡᠷᠡᠰ ᠦ᠋ᠨ ᠣᠳᠣ ᠭᠡᠷᠡᠯᠲᠦᠭᠰᠡᠨ ᠲᠡᠨᠢᠭᠡᠷ ᠮᠠᠩᠨᠠᠢ ᠳᠡᠭᠡᠷ᠎ᠡ ᠬᠥᠬᠡ ᠡᠭᠦᠯᠡᠰ ᠠᠯᠤᠰ ᠪᠠᠶᠠᠷ ᠤ᠋ᠨ ᠰᠤᠪᠢᠨ ᠰᠢᠪᠡᠨᠡᠨ ᠨᠡᠭᠦᠵᠦ ᠪᠠᠢᠯ᠎ᠠ᠃ 

          ~ ᠦᠷᠭᠦᠯᠵᠢᠯᠡᠯ ᠪᠤᠢ ~