ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - ᠠᠷᠪᠠᠨ ᠵᠢᠷᠭᠤᠭ᠎ᠠ> Хүлэг баатар буурч - Б. Өлзийсүрэн <Дэд бүлэг-16> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - ᠠᠷᠪᠠᠨ ᠵᠢᠷᠭᠤᠭ᠎ᠠ> Хүлэг баатар буурч - Б. Өлзийсүрэн <Дэд бүлэг-16>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - ᠠᠷᠪᠠᠨ ᠵᠢᠷᠭᠤᠭ᠎ᠠ> Хүлэг баатар буурч - Б. Өлзийсүрэн <Дэд бүлэг-16>

ᠠᠩᠭᠢᠯᠠᠯ:ᠲᠤᠭᠤᠵᠢ ᠷᠣᠮᠠᠨ
2026-03-08

85

ᠥᠪᠡᠷ ᠦᠨ ᠵᠠᠮ ᠮᠥᠷ ᠢᠶᠡᠷ ᠲᠡᠮᠲᠡᠷᠢᠵᠦ ᠡᠷ᠎ᠡ ᠬᠥᠮᠥᠨ ᠦ ᠡᠷᠴᠢ ᠬᠦᠴᠦ ᠶᠢ ᠣᠯᠵᠤ ᠬᠦᠷᠲᠡᠭᠰᠡᠨ ᠳᠡᠳ᠋ ᠪᠦᠯᠦᠭ

ᠠᠷᠪᠠᠨ ᠵᠢᠷᠭᠤᠭ᠎ᠠ


                ᠠᠷᠪᠠᠨ ᠵᠢᠷᠭᠤᠭ᠎ᠠ 
                      ᠵᠣᠷᠢᠭᠲᠤ ᠥᠵᠢᠨ ᠦ᠌ ᠲᠡᠵᠢᠭᠡᠭᠰᠡᠨ ᠬᠥᠪᠡᠭᠦᠳ 
                      ᠵᠠᠰᠠᠭᠲᠤ ᠡᠷᠡᠰ ᠪᠣᠯᠤᠨ ᠥᠰᠴᠦ 
                      ᠵᠠᠮᠠᠭ ᠲᠠᠢ ᠤᠰᠤ ᠶ᠋ᠢ ᠱᠦᠭᠦᠷᠳᠡᠨ ᠪᠠᠢᠵᠤ 
                      ᠵᠢᠭᠠᠰᠤ ᠵᠢᠷᠠᠭᠠᠬᠠᠢ ᠭᠥᠬᠢᠳᠡᠨ ᠪᠠᠢᠵᠤ 
                      ᠵᠠᠶᠠᠭᠠᠲᠤ ᠡᠬᠡ ᠪᠡᠨ ᠲᠡᠵᠢᠭᠡᠬᠦ ᠪᠣᠯᠪᠠ       

       ᠪᠣᠭᠣᠷᠴᠢ ᠵᠣᠷᠢᠭᠰᠠᠨ ᠭᠠᠵᠠᠷ ᠢ᠋ᠶ᠋ᠠᠨ ᠢᠷᠡᠭᠡᠳ ᠭᠤᠷᠪᠠ ᠳᠥᠷᠪᠡ ᠬᠣᠨᠣᠯ᠎ᠠ᠃ ᠢᠷᠡᠭᠰᠡᠨ ᠣᠷᠣᠢ ᠨᠢ ᠳᠠᠯᠠᠢ〈ᠳᠠᠬᠤᠯᠠᠢ〉ᠬᠤᠷᠠᠭ᠎ᠠ ᠲᠥᠬᠥᠭᠡᠷᠴᠦ ᠳᠠᠢᠯᠠᠪᠠ᠃ ᠰᠢᠨᠡᠬᠡᠨ ᠤᠷᠭᠤᠭᠰᠠᠨ ᠭᠦᠵᠡᠯᠵᠡᠭᠡᠨ᠎ᠡ᠂ ᠤᠯᠠᠭᠠᠨ᠎ᠠ᠂ ᠪᠥᠭᠡᠷᠡᠯᠵᠡᠭᠡᠨ᠎ᠡ᠂ ᠨᠠᠷᠠᠰᠤ ᠵᠡᠷᠭᠡ ᠶ᠋ᠢᠨ ᠡᠷᠲᠡ ᠭᠠᠷᠳᠠᠭ ᠵᠢᠮᠢᠰ ᠲᠠᠯᠪᠢᠭᠰᠠᠨ ᠨᠢ ᠶᠡᠬᠡ ᠰᠣᠨᠢᠨ᠂ ᠲᠠᠩᠰᠤᠭ ᠰᠠᠨᠠᠭᠳᠠᠪᠠ᠃ ᠥᠩᠭᠡᠷᠡᠭᠰᠡᠨ ᠨᠠᠮᠤᠷ ᠳᠠᠷᠤᠭᠰᠠᠨ ᠬᠠᠳ᠂ ᠦᠬᠡᠷ ᠦ᠋ᠨ ᠨᠢᠳᠦᠨ ᠦ᠌ ᠳᠠᠷᠠᠰᠤ᠂ ᠮᠣᠢᠯ ᠤ᠋ᠨ ᠠᠭᠠᠷᠤᠤᠯ᠂ ᠮᠡᠬᠡᠷ ᠦ᠋ᠨ ᠲᠣᠰᠣ ᠵᠡᠷᠭᠡ ᠬᠥᠪᠴᠢ ᠬᠠᠩᠭᠠᠢ ᠶ᠋ᠢᠨ ᠠᠮᠲᠠᠲᠠᠨ ᠢ᠋ ᠪᠣᠭᠤᠷᠴᠢ ᠲᠡᠳᠦᠢ ᠯᠡ ᠮᠡᠳᠡᠬᠦ ᠦᠭᠡᠢ ᠪᠢᠯᠡ᠃ ᠡᠢᠨᠬᠦ ᠨᠢᠭᠡᠨ ᠣᠷᠣᠢ ᠡᠯᠪᠡᠭ ᠪᠠᠶᠠᠯᠢᠭ ᠢᠳᠡᠭᠡ ᠴᠠᠭ᠎ᠠ ᠪᠠᠷ ᠪᠢᠯᠬᠠᠬᠤ ᠨᠢ ᠭᠠᠢᠬᠠᠮᠰᠢᠭᠲᠠᠢ᠃ ᠭᠡᠪᠡᠴᠦ ᠮᠠᠷᠭᠠᠰᠢ ᠠ᠋ᠴᠠ ᠨᠢ ᠡᠬᠢᠯᠡᠭᠡᠳ ᠥᠭᠡᠷ᠎ᠡ ᠪᠣᠯᠪᠠ᠃ ᠶᠡᠷᠦ ᠨᠢ ᠶᠠᠳᠠᠭᠤ ᠵᠦᠳᠡᠭᠦᠬᠡᠨ ᠬᠠᠷ᠎ᠠ ᠪᠣᠷᠣ ᠠᠮᠢᠳᠤᠷᠠᠯ ᠲᠠᠢ ᠳᠥᠷᠪᠡᠨ ᠪᠦᠯᠢ ᠠᠢᠯ ᠶᠤᠮ᠃ ᠬᠠᠮᠤᠭ ᠤ᠋ᠨ ᠪᠠᠷᠠᠭᠤᠨ ᠲᠠᠯ᠎ᠠ ᠶ᠋ᠢᠨ ᠰᠢᠨᠡᠬᠡᠨ ᠭᠡᠷ ᠲᠦ᠍ ᠲᠡᠮᠦᠵᠢᠨ ᠡᠬᠡᠨᠡᠷ ᠪᠥᠷᠲᠡᠬᠡᠯᠵᠢᠨ ᠭᠤᠸ᠎ᠠ ᠶ᠋ᠢᠨ ᠬᠠᠮᠲᠤ ᠰᠠᠭᠤᠨ᠎ᠠ᠃ ᠥᠩᠭᠡᠷᠡᠭᠰᠡᠨ ᠨᠠᠮᠤᠷ ᠡᠬᠡᠨᠡᠷ ᠢ᠋ᠶ᠋ᠡᠨ ᠠᠪᠴᠢᠷᠠᠵᠤ ᠬᠤᠷᠢᠮᠯᠠᠨ ᠠᠢᠯ ᠪᠣᠯᠤᠭᠠᠳ ᠪᠠᠢᠭ᠎ᠠ ᠨᠢ ᠡᠨᠡ᠃ ᠡᠨᠡ ᠭᠡᠷ ᠦ᠋ᠨ ᠬᠣᠢᠮᠣᠷ ᠲᠤ᠌ ᠶᠢᠰᠦᠭᠡᠢ ᠪᠠᠭᠠᠲᠤᠷ ᠤ᠋ᠨ ᠲᠤᠭ ᠰᠦᠯᠳᠡ᠂ ᠨᠤᠮᠤ ᠰᠤᠮᠤ᠂ ᠢᠯᠲᠠ ᠪᠠᠮᠪᠠᠢ᠂ ᠵᠢᠳᠠ ᠪᠤᠰᠤᠳ ᠪᠦᠬᠦ ᠯᠡ ᠬᠡᠷᠡᠭᠰᠡᠯ ᠢ᠋ ᠲᠢᠭ ᠲᠡᠢ ᠪᠠᠢᠷᠢᠯᠠᠭᠤᠯᠵᠠᠢ᠃ ᠪᠣᠭᠤᠷᠴᠢ ᠪᠦᠷᠲᠡᠭᠡᠯᠵᠢᠨ ᠢ᠋ ᠬᠠᠷᠠᠭᠠᠳ《ᠥᠨᠥᠬᠢ ᠬᠥᠭᠡᠷᠦᠬᠦᠨ ᠬᠡᠯᠡ ᠲᠡᠢ ᠬᠡᠦᠬᠡᠨ ᠨᠢ》 ᠭᠡᠵᠦ ᠢᠨᠢᠶᠡᠳᠦ ᠨᠢ ᠬᠦᠷᠦᠭᠰᠡᠨ ᠪᠤᠶᠤ᠃ ᠦᠨᠡᠬᠡᠷ ᠴᠦ᠍ ᠦᠵᠡᠰᠬᠦᠯᠡᠩ ᠭᠤᠸ᠎ᠠ ᠠᠭᠠᠳ ᠠᠭᠠᠯᠢ ᠨᠠᠭᠠᠯᠢᠩᠬᠠᠢ᠂ ᠬᠠᠢᠯᠤᠭᠰᠠᠨ ᠲᠤᠭᠤᠯᠭ᠎ᠠ ᠰᠢᠭ᠋ ᠠᠶᠠᠯᠢᠭ ᠠᠵᠢ᠃ 
       ᠵᠡᠭᠦᠨ ᠲᠠᠯ᠎ᠠ ᠳ᠋ᠤ᠌ ᠨᠢ ᠶᠡᠬᠡ ᠭᠡᠷ ᠬᠡᠮᠡᠬᠦ ᠶᠢᠰᠦᠭᠡᠢ ᠶ᠋ᠢᠨ ᠭᠡᠷ ᠥᠷᠥᠭᠡ᠂ ᠤᠭ ᠬᠡᠭᠡᠨᠴᠢᠷ ᠭᠠᠩᠭᠠᠩ ᠭᠡᠷ ᠪᠠᠢᠭᠰᠠᠨ ᠨᠢ ᠡᠳᠦᠭᠡ ᠶᠡᠬᠡᠳᠡ ᠬᠠᠭᠤᠴᠢᠷᠠᠵᠤ ᠭᠡᠮᠡᠷ ᠪᠣᠯᠵᠠᠢ᠃ ᠪᠠᠰᠠ ᠴᠠᠭ ᠲᠠᠭᠠᠨ ᠭᠣᠶᠣᠮᠰᠣᠭ ᠬᠢᠴᠡᠲᠡᠢ ᠡᠪᠬᠡᠳᠡᠭ ᠣᠷᠣ ᠪᠠᠢᠨ᠎ᠠ᠃ ᠡᠨᠡ ᠭᠡᠷ ᠲᠦ᠍ ᠠᠪᠳᠠᠷ᠎ᠠ ᠲᠠᠯᠪᠢᠭᠤᠷ᠂ ᠡᠷᠭᠢᠨᠡᠭ ᠡᠯᠭᠦᠭᠦᠷ᠂ ᠴᠠᠬᠤ ᠵᠡᠷᠭᠡ ᠬᠣᠭᠰᠢᠯ ᠪᠠᠢᠬᠤ ᠠᠵᠢ᠃ ᠬᠡᠦᠬᠡᠳ ᠦ᠋ᠳ ᠥᠪᠡᠷ ᠥᠪᠡᠷᠦᠨ ᠳᠡᠪᠢᠰᠬᠡᠷ ᠬᠤᠴᠢᠯᠭ᠎ᠠ ᠪᠠᠨ ᠲᠡᠨᠢᠢᠯᠭᠡᠭᠡᠳ ᠤᠨᠲᠠᠨ᠎ᠠ᠃ ᠥᠭᠡᠯᠦᠨ ᠡᠬᠡ᠂ ᠬᠠᠰᠠᠷ᠂ ᠬᠠᠴᠢᠭᠤᠨ᠂ ᠣᠳᠴᠢᠬᠢᠨ᠂ ᠲᠡᠮᠦᠯᠦᠨ ᠲᠠᠪᠤᠭᠤᠯᠠ ᠰᠠᠭᠤᠨ᠎ᠠ᠃ ᠤᠳᠠᠭᠠᠬᠢ ᠭᠡᠷ ᠲᠦ᠍ ᠪᠡᠯᠭᠦᠳᠡᠢ᠂ ᠡᠬᠡ ᠰᠤᠴᠢᠭᠢᠯ ᠤ᠋ᠨ ᠬᠠᠮᠲᠤ ᠰᠠᠭᠤᠬᠤ ᠪᠥᠭᠡᠳ ᠬᠠᠮᠤᠭ ᠤ᠋ᠨ ᠵᠡᠭᠦᠨ ᠵᠠᠬ᠎ᠠ ᠶ᠋ᠢᠨ ᠭᠡᠷ ᠲᠦ᠍ ᠵᠡᠯᠮ᠎ᠡ᠂ ᠬᠤᠸᠬᠠᠴᠢᠨ ᠡᠮᠡᠭᠡᠨ ᠦ᠌ ᠬᠠᠮᠲᠤ ᠰᠠᠭᠤᠳᠠᠭ ᠠᠵᠢ᠃ ᠬᠤᠸᠠᠭᠴᠢᠨ ᠡᠮᠡᠭᠡᠨ ᠲᠠᠪᠢ ᠭᠠᠷᠤᠢ ᠨᠠᠰᠤᠲᠠᠢ᠂ ᠡᠨᠡ ᠪᠦᠯᠢ ᠶ᠋ᠢᠨ ᠬᠠᠮᠤᠭ ᠤ᠋ᠨ ᠠᠬᠠᠮᠠᠳ ᠨᠢ ᠪᠥᠭᠡᠳ ᠪᠦᠭᠦᠳᠡ ᠬᠦᠨᠳᠦᠯᠡᠨ《 ᠡᠮᠡᠭᠡ》 ᠭᠡᠬᠦ ᠪᠥᠭᠡᠳ ᠬᠠᠷᠢᠨ ᠲᠡᠷᠡ ᠪᠡᠷ ᠥᠭᠡᠯᠦᠨ ᠢ᠋《 ᠬᠠᠲᠤᠨ ᠠᠬᠠᠢ》 ᠭᠡᠮᠡᠨ ᠬᠦᠨᠳᠦᠯᠡᠬᠦ ᠪᠥᠯᠥᠭᠡ᠃ 
     《ᠬᠠᠲᠤᠨ ᠠᠬᠠᠢ》 ᠬᠡᠮᠡᠬᠦ ᠥᠭᠡᠯᠦᠨ ᠡᠨᠡ ᠪᠦᠯᠢ ᠠᠢᠯ ᠢ᠋ ᠪᠦᠭᠦᠳᠡ ᠶ᠋ᠢ ᠵᠠᠬᠢᠷᠬᠤ ᠪᠣᠯᠠᠢ᠃ ᠡᠢᠮᠦ ᠠᠷᠪᠠᠨ ᠨᠢᠭᠡᠨ ᠠᠮᠠ ᠪᠦᠯᠢ ᠠᠢᠯ ᠡᠷᠦᠬᠡ ᠳᠡᠭᠡᠷ᠎ᠡ ᠪᠣᠭᠤᠷᠴᠢ ᠠᠷᠪᠠᠨ ᠬᠣᠶᠠᠳᠠᠬᠢ ᠨᠢ ᠪᠣᠯᠤᠨ ᠨᠡᠮᠡᠭᠳᠡᠵᠡᠢ᠃ ᠪᠣᠭᠤᠷᠴᠢ ᠶ᠋ᠢ ᠬᠠᠮᠤᠭ ᠤ᠋ᠨ ᠪᠠᠷᠠᠭᠤᠨ ᠭᠡᠷ ᠦ᠋ᠨ ᠪᠠᠷᠠᠭᠤᠨ ᠲᠠᠯ᠎ᠠ ᠳ᠋ᠤ᠌ ᠳᠣᠣᠷ᠎ᠠ ᠪᠠᠨ ᠲᠤᠯᠭᠠᠭᠤᠷᠢ ᠬᠥᠯ ᠲᠡᠢ ᠪᠠᠨᠰᠠ ᠣᠷᠣᠨ ᠳᠡᠭᠡᠷ᠎ᠡ ᠪᠠᠢᠷᠢᠯᠠᠭᠤᠯᠤᠭᠰᠠᠨ ᠨᠢ ᠶᠡᠬᠡᠬᠡᠨ ᠬᠦᠨᠳᠦᠳᠬᠡᠯ ᠶᠦᠮ᠃ ᠲᠡᠮᠦᠵᠢᠨ ᠪᠥᠷᠲᠡ ᠬᠣᠶᠠᠷ ᠤ᠋ᠨ ᠣᠷᠣ ᠪᠣᠭᠤᠷᠴᠢ ᠶ᠋ᠢᠨ ᠣᠷᠣ ᠲᠠᠢ ᠠᠪ ᠠᠳᠠᠯᠢᠬᠠᠨ᠂ ᠠᠷᠠᠢ ᠥᠷᠭᠡᠨ ᠪᠠᠢᠬᠤ ᠮᠠᠭᠠᠳ ᠦᠭᠡᠢ᠃ ᠮᠠᠯ ᠰᠦᠷᠦᠭ ᠦ᠋ᠨ ᠬᠤᠪᠢ ᠳ᠋ᠤ᠌ ᠴᠥᠭᠡᠨ᠂ ᠲᠡᠢᠮᠦ ᠡᠴᠡ ᠲᠠᠷᠴᠢᠭ ᠪᠠᠢᠬᠤ ᠠ᠋ᠴᠠ ᠠᠷᠭ᠎ᠠ ᠦᠭᠡᠢ᠃ ᠭᠤᠷᠪᠠᠨ ᠭᠡᠭᠦᠦ ᠰᠠᠭᠠᠵᠤ ᠵᠢᠭᠠᠬᠠᠨ ᠠᠢᠷᠠᠭ ᠢᠰᠬᠡᠬᠦ᠃ ᠠᠷᠪᠠ ᠭᠠᠷᠤᠢ ᠠᠮᠠ ᠪᠦᠯᠢ ᠳ᠋ᠦ᠍ ᠡᠨᠡ ᠵᠢᠭᠠᠬᠠᠨ ᠠᠢᠷᠠᠭ ᠶᠠᠭᠤ ᠪᠣᠯᠬᠤ ᠪᠣᠢ? ᠣᠷᠣᠵᠤ ᠭᠠᠷᠬᠤ ᠭᠡᠢᠴᠢᠨ ᠵᠣᠴᠢᠨ ᠳ᠋ᠤ᠌ ᠵᠣᠷᠢᠭᠤᠯᠬᠤ ᠪᠠᠷ ᠥᠭᠡᠯᠦᠨ ᠡᠬᠡ ᠴᠠᠭᠠᠨ᠎ᠠ ᠪᠠᠨ ᠵᠢᠭᠠᠬᠠᠨ ᠠᠢᠷᠠᠭ ᠰᠡᠯᠪᠢᠵᠦ ᠨᠥᠭᠡᠴᠡᠯᠡᠬᠦ ᠪᠠᠰᠠ ᠬᠡᠷᠡᠭᠲᠡᠢ᠃ ᠠᠷᠪᠠ ᠭᠠᠷᠤᠢ ᠮᠣᠷᠢᠳ ᠲᠠᠢ᠂ ᠪᠠᠭ᠎ᠠ ᠨᠠᠰᠤᠨ ᠤ᠋ ᠥᠬᠢᠨ ᠳᠠᠭ᠎ᠠ ᠰᠢᠳᠦᠯᠡᠩ ᠨᠡᠢᠯᠡᠭᠡᠳ ᠠᠳᠤᠭᠤ ᠨᠢ ᠬᠣᠷᠢ ᠬᠦᠷᠬᠦ ᠲᠡᠢ᠂ ᠦᠬᠡᠷ ᠲᠡᠢ ᠠᠵᠢ᠃ ᠳᠥᠷᠪᠡᠨ ᠲᠤᠭᠤᠯ ᠲᠠᠢ ᠦᠨᠢᠶ᠎ᠡ᠂ ᠬᠣᠷᠢ ᠭᠠᠷᠤᠢ ᠬᠣᠨᠢ ᠢᠮᠠᠭ᠎ᠠ ᠰᠠᠭᠠᠵᠤ ᠵᠢᠭᠠᠬᠠᠨ ᠴᠠᠭᠠᠨ ᠢᠳᠡᠭᠡ ᠠᠪᠤᠨ᠎ᠠ᠃ ᠬᠠᠷᠢᠨ ᠨᠠᠢ᠍ᠮᠠᠨ ᠱᠠᠷ᠂ ᠳᠥᠨ᠎ᠡ ᠭᠤᠨ᠎ᠠ ᠲᠠᠢ ᠪᠠᠢᠯ᠎ᠠ᠃ ᠡᠨᠡ ᠬᠡᠳᠦᠨ ᠦᠬᠡᠷ ᠲᠡᠭᠡᠨ ᠲᠣᠬᠢᠷᠠᠭᠰᠠᠨ ᠲᠡᠷᠭᠡ ᠲᠡᠢ᠂ ᠭᠡᠷ ᠬᠣᠭᠰᠢᠯ ᠢ᠋ᠶ᠋ᠠᠨ ᠠᠴᠢᠭᠠᠳ ᠬᠠᠮᠢᠭ᠎ᠠ ᠠ᠋ᠴᠠ ᠬᠠᠮᠢᠭ᠎ᠠ ᠯᠠ ᠪᠣᠯ ᠨᠡᠭᠦᠭᠡᠳ ᠠᠯᠠᠭ᠎ᠠ ᠪᠣᠯᠳᠠᠭ ᠭᠡᠨ᠎ᠡ᠃ ᠨᠢᠭᠡ ᠶᠣᠰᠣᠨ ᠳ᠋ᠠᠭᠠᠨ ᠲᠠᠩᠳᠠ ᠯᠠ ᠵᠢᠭᠤᠲᠠᠵᠤ᠂ ᠠᠮᠢ ᠪᠠᠨ ᠠᠷᠭᠠᠴᠠᠭᠠᠭᠰᠠᠨ ᠠᠮᠢᠲᠠᠳ ᠠᠵᠤᠭᠤ᠃ ᠢᠩᠭᠢᠭᠰᠡᠨ ᠢ᠋ᠶ᠋ᠡᠷ ᠬᠣᠭᠣᠯᠠᠨ ᠤ᠋ ᠭᠣᠣᠯ ᠶᠡᠷᠦᠳᠡᠭᠡᠨ ᠯᠡ ᠠᠩᠨᠠᠭᠤᠷ ᠤ᠋ᠨ ᠮᠢᠬ᠎ᠠ᠃ ᠪᠤᠭᠤ᠂ ᠪᠣᠷᠣ ᠭᠥᠷᠥᠭᠡᠰᠦ᠂ ᠭᠠᠬᠠᠢ᠂ ᠴᠢᠨᠳᠠᠭ᠎ᠠ᠂ ᠲᠠᠤᠯᠠᠢ᠂  ᠬᠡᠷᠡᠮᠦ᠂ ᠵᠢᠷᠭ᠎ᠠ᠂ ᠲᠠᠷᠪᠠᠭ᠎ᠠ᠂ ᠵᠤᠷᠠᠮ᠎ᠠ᠂ ᠪᠦᠬᠦ ᠲᠥᠷᠥᠯ ᠦ᠋ᠨ ᠰᠢᠪᠠᠭᠤ᠂ ᠵᠢᠭᠠᠰᠤ ᠁ ᠠᠷᠠᠢᠬᠠᠨ ᠪᠠᠭᠠᠪᠠᠭᠠᠢ᠂ ᠬᠠᠨᠳᠠᠭᠠᠢ ᠳᠡᠢᠯᠬᠦ ᠦᠭᠡᠢ ᠪᠠᠢᠭ᠎ᠠ ᠭᠡᠨ᠎ᠡ᠃《 ᠲᠡᠭᠡᠪᠡᠯ ᠴᠦ᠍ ᠁ 》 ᠭᠡᠵᠦ ᠪᠠᠢᠬᠤ ᠶᠤᠮ᠃  
       ᠪᠣᠭᠣᠷᠴᠢ ᠠᠩ ᠤ᠋ᠨ ᠮᠢᠬ᠎ᠠ ᠪᠠᠷ ᠬᠣᠭᠣᠯᠠᠯᠠᠵᠤ ᠰᠤᠷᠤᠭ᠎ᠠ ᠦᠭᠡᠢ ᠨᠢ ᠬᠡᠴᠡᠭᠦᠦ ᠪᠠᠢᠪᠠ᠃ ᠡᠭᠦᠨ ᠢ᠋ ᠥᠭᠡᠯᠦᠨ ᠡᠬᠡ ᠠᠵᠢᠵᠤ ᠮᠡᠳᠡᠭᠡᠳ ᠲᠡᠭᠦᠨ ᠳ᠋ᠦ᠍ ᠲᠤᠰᠬᠠᠢ ᠬᠣᠭᠣᠯᠠ ᠬᠢᠵᠦ ᠥᠭᠭᠦᠭᠰᠡᠨ ᠨᠢ ᠰᠢᠪᠠᠭᠤ ᠵᠢᠭᠠᠰᠤᠨ ᠤ᠋ ᠮᠢᠬᠠᠨ ᠠ᠋ᠴᠠ ᠳᠣᠯᠣᠭᠠᠨ ᠳᠣᠣᠷ᠎ᠠ ᠬᠦᠨᠳᠦ ᠬᠡᠴᠡᠭᠦᠦ ᠶᠠᠭᠤᠮ᠎ᠠ ᠪᠣᠯᠪᠠ᠃ ᠤᠴᠢᠷ ᠨᠢ ᠡᠨᠡ ᠪᠦᠯᠢ ᠠᠢᠯ ᠶᠠᠭᠤ ᠪᠠᠢᠭ᠎ᠠ ᠪᠠᠨ ᠪᠦᠭᠦᠳᠡ ᠠᠳᠠᠯᠢᠬᠠᠨ ᠢᠳᠡᠵᠦ ᠤᠤᠭᠤᠭᠠᠳ ᠢᠷᠡᠭᠰᠡᠨ ᠬᠥᠢᠯᠢᠭ (ᠬᠦᠢ ᠨᠢᠭᠡᠲᠡᠢ ) ᠠᠮᠢᠳᠤᠷᠠᠯ ᠲᠠᠢ ᠬᠥᠮᠦᠰ ᠲᠤᠯᠠ ᠪᠣᠭᠣᠷᠴᠢ ᠳ᠋ᠤ᠌ ᠲᠤᠰᠬᠠᠢ ᠬᠣᠭᠣᠯᠠ ᠬᠢᠯᠭᠡᠵᠦ ᠢᠳᠡᠬᠦ ᠨᠢ ᠲᠤᠩ ᠡᠪ ᠦᠭᠡᠢ ᠰᠠᠨᠠᠭᠳᠠᠵᠤ ᠥᠭᠡᠯᠦᠨ ᠡᠬᠡ ᠳ᠋ᠦ᠍᠄ 
       — ᠨᠠᠳᠠ ᠪᠢᠲᠡᠭᠡᠢ ᠢᠩᠭᠢᠵᠦ ᠬᠣᠭᠣᠯᠠ ᠬᠢ᠂ ᠪᠢ ᠪᠦᠭᠦᠳᠡ ᠲᠡᠢ ᠠᠳᠠᠯᠢ ᠢᠳᠡᠵᠦ ᠤᠤᠭᠤᠨ᠎ᠠ ᠭᠡᠵᠦ ᠭᠤᠶᠤᠪᠠ᠃ 
       ᠲᠡᠮᠦᠵᠢᠨ ᠪᠣᠭᠣᠷᠴᠢ ᠬᠣᠶᠠᠷ ᠲᠠᠢ ᠬᠣᠶᠠᠷ ᠡᠳᠦᠷ ᠠᠭᠤᠯᠠ ᠬᠠᠳᠠ ᠪᠠᠷ ᠶᠠᠪᠤᠵᠤ ᠭᠠᠵᠠᠷ ᠤᠰᠤ ᠪᠠᠨ ᠨᠠᠷᠠᠯᠠᠨ ᠵᠢᠭᠠᠵᠤ᠄ 
       — ᠮᠠᠨ ᠤ᠋ ᠡᠨᠡ ᠭᠠᠵᠠᠷ ᠤᠰᠤ ᠪᠣᠯ ᠭᠤᠷᠪᠠᠨ ᠭᠣᠣᠯ ᠤ᠋ᠨ ᠮᠣᠩᠭᠣᠯ᠂ ᠪᠣᠷᠵᠢᠭᠢᠨ ᠤ᠋ ᠭᠣᠣᠯ ᠨᠤᠲᠤᠭ᠃ ᠪᠣᠷᠵᠢᠭᠢᠨ ᠪᠣᠯ ᠮᠢᠨᠦ ᠡᠴᠢᠭᠡ ᠶ᠋ᠢᠨ ᠡᠪᠦᠭᠡ ᠳᠡᠭᠡᠳᠦᠰ ᠪᠥᠯᠥᠭᠡ᠃ ᠬᠡᠨᠲᠡᠢ ᠶᠡᠬᠡ ᠠᠭᠤᠯᠠ ᠶ᠋ᠢᠨ ᠭᠣᠣᠯ ᠣᠷᠭᠢᠯ ᠤ᠋ᠨ ᠵᠡᠭᠦᠨ ᠰᠤᠭᠤ ᠠ᠋ᠴᠠ ᠤᠨᠤᠨ᠂ ᠬᠡᠷᠦᠯᠦᠨ᠂ ᠲᠤᠤᠯᠠ ᠭᠣᠣᠯ ᠭᠠᠷᠴᠤ ᠭᠤᠷᠪᠠᠨ ᠵᠦᠭ ᠤᠷᠤᠰᠬᠤ ᠳ᠋ᠤ᠌ ᠡᠬᠢᠨ ᠦ᠌ ᠬᠡᠰᠡᠭ ᠲᠦ᠍ ᠲᠠᠢᠴᠢᠭᠤᠳ ᠪᠣᠷᠵᠢᠭᠢᠨ ᠭᠣᠣᠯᠯᠠᠭᠰᠠᠨ ᠠᠷᠠᠳ ᠤ᠋ᠳ ᠪᠠᠢᠵᠤ᠂ ᠲᠡᠳᠡᠨ ᠢ᠋ ᠮᠠᠨ ᠤ᠋ ᠡᠴᠢᠭᠡ ᠵᠠᠬᠢᠷᠴᠤ ᠪᠠᠢᠭᠠᠳ ᠲᠩᠷᠢ ᠳ᠋ᠦ᠍ ᠬᠠᠯᠢᠬᠤ ᠳ᠋ᠤ᠌ ᠡᠴᠢᠭᠡ ᠶ᠋ᠢᠨ ᠰᠢᠳᠠᠷ ᠲᠠᠷᠭᠤᠲᠠᠢ ᠬᠢᠷᠢᠯᠳᠣᠭ ᠬᠡᠮᠡᠭᠴᠢ ᠪᠡᠷ ᠪᠦᠬᠦ ᠠᠯᠪᠠᠲᠤ ᠢᠷᠭᠡᠳ ᠢ᠋ ᠤᠷᠪᠠᠭᠤᠯᠤᠨ ᠳᠠᠭᠠᠭᠤᠯᠵᠤ ᠪᠢᠳᠡᠨ ᠢ᠋ ᠴᠦ᠍ ᠳᠡᠭᠡᠷᠡᠮᠳᠡᠨ ᠲᠣᠨᠣᠭᠠᠳ ᠡᠬᠡ ᠳᠡᠭᠦᠦ ᠶ᠋ᠢᠨ ᠬᠠᠮᠲᠤ ᠬᠥᠯ ᠬᠥᠰᠡᠷ᠂ ᠭᠠᠷ ᠭᠠᠵᠠᠷ ᠬᠣᠭᠣᠰᠣᠨ ᠬᠠᠶᠠᠵᠤ ᠶᠠᠪᠤᠭᠠᠳ ᠣᠳᠣ ᠬᠡᠨᠲᠡᠢ ᠠᠭᠤᠯᠠ ᠶ᠋ᠢᠨ ᠠᠷᠤ ᠠ᠋ᠴᠠ ᠪᠠᠢᠭᠠᠯ ᠶᠡᠬᠡ ᠳᠠᠯᠠᠢ ᠬᠦᠷᠲᠡᠯ᠎ᠡ ᠭᠠᠵᠠᠷ ᠨᠤᠲᠤᠭ ᠢ᠋ ᠡᠵᠡᠮᠰᠢᠨ ᠪᠠᠢᠭ᠎ᠠ᠃ ᠵᠡᠷᠭᠡᠯᠡᠳᠡᠭᠡ ᠨᠢ ᠤᠷᠢᠶᠠᠩᠬᠠᠢ᠂ ᠵᠠᠯᠠᠢᠷ᠂ ᠪᠠᠷᠭᠤ ᠠᠢᠮᠠᠭ ᠤ᠋ᠳ ᠪᠠᠢᠳᠠᠭ᠃ ᠲᠡᠳᠡᠨ ᠦ᠌ ᠬᠢᠨ ᠦᠷᠭᠦᠯᠵᠢ ᠶ᠋ᠢᠨ ᠲᠡᠮᠡᠴᠡᠯ ᠲᠡᠢ ᠪᠠᠢᠳᠠᠭ ᠤᠴᠢᠷ ᠨᠠᠭᠠᠰᠢ ᠪᠠᠨ ᠢᠷᠡᠵᠦ ᠴᠢᠳᠠᠬᠤ ᠦᠭᠡᠢ ᠪᠠᠢᠭ᠎ᠠ ᠶᠤᠮ᠃ ᠬᠤᠷᠢᠶᠠᠵᠤ ᠬᠤᠮᠢᠵᠤ ᠠᠪᠤᠶ᠎ᠠ ᠭᠡᠪᠡᠯ ᠣᠷᠣᠭᠰᠢ ᠪᠠᠨ ᠬᠡᠷᠦᠯᠦᠨ ᠦ᠌ ᠰᠠᠪᠠ ᠪᠠᠷ ᠪᠣᠷᠵᠢᠭᠢᠨ ᠣᠯᠠᠨ ᠪᠣᠢ᠃ ᠲᠠᠨ ᠤ᠋ ᠠᠷᠤᠯᠠᠳ ᠴᠤ᠌ ᠣᠷᠣᠨ᠎ᠠ᠃ ᠬᠠᠷᠢᠨ ᠬᠢᠷᠢᠯᠳᠣᠭ ᠨᠠᠮ᠎ᠠ ᠶ᠋ᠢ ᠨᠢᠳᠤᠨᠤᠨ ᠵᠢᠯ ᠪᠠᠷᠢᠵᠤ ᠤᠰᠠᠳᠬᠠᠬᠤ ᠪᠠᠷ ᠠᠪᠠᠴᠢᠵᠤ ᠬᠣᠶᠠᠷ ᠰᠠᠷ᠎ᠠ ᠲᠠᠮᠤᠯᠠᠭᠰᠠᠨ᠃ ᠰᠠᠢᠨ ᠬᠥᠮᠦᠨ ᠦ᠌ ᠠᠴᠢ ᠪᠠᠷ ᠪᠢ ᠠᠮᠢ ᠭᠠᠷᠤᠭᠠᠳ ᠶᠠᠪᠤᠵᠤ ᠪᠠᠢᠭ᠎ᠠ᠃ ᠡᠨᠡ ᠪᠠᠷᠠᠭᠤᠨ᠂ ᠪᠠᠷᠠᠭᠤᠨ ᠣᠷᠣᠭᠰᠢ ᠲᠤᠤᠯᠠ ᠭᠣᠣᠯ ᠤ᠋ᠨ ᠰᠠᠪᠠ ᠳᠠᠭᠠᠤ ᠶᠡᠬᠡ ᠨᠤᠲᠤᠭ ᠲᠤ᠌ ᠬᠡᠷᠡᠢᠳ ᠤᠯᠤᠰ ᠣᠷᠣᠰᠢᠳᠠᠭ᠃ ᠬᠠᠨ ᠨᠢ ᠲᠤᠭᠤᠷᠢᠯ᠂ ᠲᠡᠳᠡ ᠪᠡᠷ ᠮᠢᠨᠦ ᠡᠴᠢᠭᠡ ᠲᠡᠢ ᠨᠥᠬᠥᠷᠰᠡᠭ ᠳᠣᠲᠣᠨᠣ ᠬᠠᠷᠢᠯᠴᠠᠵᠤ ᠲᠡᠷᠡ ᠴᠦ᠍ ᠪᠠᠢᠲᠤᠭᠠᠢ ᠠᠬ᠎ᠠ ᠳᠡᠭᠦᠦ ᠨᠠᠷ ᠲᠠᠢ ᠪᠠᠨ ᠡᠪᠳᠡᠷᠡᠯᠴᠡᠨ ᠭᠠᠵᠠᠷ ᠨᠤᠲᠤᠭ ᠢ᠋ᠶ᠋ᠠᠨ ᠠᠯᠳᠠᠵᠤ ᠶᠠᠳᠠᠷᠠᠬᠤ ᠳ᠋ᠠᠭᠠᠨ ᠡᠴᠢᠭᠡ ᠡᠴᠡ ᠮᠢᠨᠢ ᠲᠤᠰᠠ ᠭᠤᠶᠤᠬᠤ ᠳ᠋ᠤ᠌ ᠨᠢ ᠡᠴᠢᠭᠡ ᠮᠠᠨᠢ ᠤᠯᠤᠰ ᠢ᠋ ᠨᠢ ᠬᠤᠷᠢᠶᠠᠵᠤ ᠥᠭᠭᠦᠭᠰᠡᠨ ᠲᠡᠦᠬᠡ ᠲᠡᠢ ᠃ ᠲᠡᠭᠡᠭᠡᠳ ᠪᠢ ᠲᠣᠭᠣᠷᠢᠯ ᠬᠠᠨ ᠳ᠋ᠤ᠌ ᠨᠢᠳᠤᠨᠤᠨ ᠨᠠᠮᠤᠷ ᠣᠴᠢᠵᠤ᠂ ᠭᠡᠷᠯᠡᠬᠦ ᠳ᠋ᠦ᠍ ᠢᠨᠵᠢ ᠳ᠋ᠦ᠍ ᠢᠷᠡᠭᠰᠡᠨ ᠪᠥᠷᠲᠡ ᠶ᠋ᠢᠨ ᠢ᠋ᠶ᠋ᠡᠨ ᠪᠤᠯᠠᠭᠠᠨ ᠳᠠᠬᠤ ᠶ᠋ᠢ ᠪᠠᠷᠢᠵᠤ᠂《ᠡᠪᠳᠡᠷᠡᠭᠰᠡᠨ ᠤᠯᠤᠰ ᠢ᠋ ᠮᠢᠨᠢ ᠡᠷᠭᠢᠭᠦᠯᠵᠦ ᠠᠯᠢ》 ᠭᠡᠵᠦ ᠭᠤᠶᠤᠭᠰᠠᠨ᠃ ᠲᠡᠷᠡ ᠪᠡᠷ ᠶᠡᠬᠡᠳᠡ ᠪᠠᠶᠠᠷᠯᠠᠨ᠂ 
            ᠬᠠᠷ᠎ᠠ ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ᠌ 
            ᠬᠠᠭᠠᠴᠠᠭᠰᠠᠨ ᠤᠯᠤᠰ ᠢ᠋ ᠴᠢᠨᠢ ᠬᠠᠮᠲᠤᠳᠬᠠᠵᠤ ᠥᠭᠭᠦᠶ᠎ᠡ 
            ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ᠌ 
            ᠪᠤᠲᠠᠷᠠᠭᠰᠠᠨ ᠤᠯᠤᠰ ᠢ᠋ ᠴᠢᠨᠢ ᠴᠤᠭᠯᠠᠭᠤᠯᠵᠤ ᠥᠭᠭᠦᠶ᠎ᠡ 
            ᠪᠥᠭᠡᠷ᠎ᠡ ᠨᠢ ᠪᠥᠭᠰᠡᠨ ᠳ᠋ᠡᠭᠡᠨ ᠪᠠᠢᠭ 
            ᠴᠠᠷ᠎ᠠ ᠨᠢ ᠴᠡᠭᠡᠵᠢᠨ ᠳ᠋ᠡᠭᠡᠨ ᠪᠠᠢᠭ ᠭᠡᠰᠡᠨ ᠪᠥᠯᠥᠭᠡ᠃ 
       ᠲᠡᠮᠦᠵᠢᠨ ᠦ᠌ ᠦᠭᠡ ᠶ᠋ᠢ ᠠᠩᠬᠠᠷᠤᠯ ᠲᠠᠢ ᠰᠣᠨᠣᠰᠴᠤ ᠠᠯᠤᠰ ᠤ᠋ᠨ ᠠᠭᠤᠯᠠᠰ ᠢ᠋ ᠰᠢᠷᠳᠡᠨ ᠰᠠᠭᠤᠭ᠎ᠠ ᠪᠤᠭᠤᠷᠴᠢ ᠴᠢᠯᠠᠭᠤ ᠠᠪᠴᠤ ᠨᠢᠰᠠᠯᠤᠭᠠᠳ᠄ 
       — ᠴᠢ ᠲᠡᠭᠡᠪᠡᠯ ᠬᠦᠴᠦᠲᠡᠢ ᠲᠦᠰᠢᠭ ᠲᠤᠯᠭᠠᠭᠤᠷᠢ ᠲᠠᠢ ᠶᠤᠮ ᠪᠠᠢᠨ᠎ᠠ ᠭᠡᠵᠦ ᠤᠷᠮ᠎ᠠ ᠥᠭᠪᠡ᠃ ᠲᠡᠮᠦᠵᠢᠨ᠄ 
       — ᠲᠡᠢᠮᠦ ᠠ᠋᠂ ᠲᠡᠭᠡᠬᠦ ᠳ᠋ᠡᠭᠡᠨ ᠥᠪᠡᠷ ᠢ᠋ᠶ᠋ᠡᠨ ᠭᠠᠷ ᠮᠤᠬᠤᠷ ᠪᠠᠢᠵᠤ ᠪᠣᠯᠬᠤ ᠦᠭᠡᠢ᠃ ᠨᠥᠬᠥᠳ ᠴᠡᠷᠢᠭ ᠡᠯᠰᠡᠭᠦᠯᠵᠦ ᠴᠤᠭᠯᠠᠭᠤᠯᠤᠨ ᠰᠤᠷᠭᠠᠭᠤᠯᠢ ᠬᠢᠯᠭᠡᠵᠦ ᠪᠣᠢ᠃ ᠴᠢ ᠮᠠᠷᠭᠠᠰᠢ ᠦᠵᠡᠨ᠎ᠡ ᠠ᠋ ᠭᠡᠳ ᠮᠣᠷᠳᠠᠨ ᠬᠣᠶᠠᠭᠤᠯᠠ ᠭᠡᠷ ᠦ᠋ᠨ ᠵᠦᠭ ᠵᠢᠯᠣᠭᠣ ᠵᠠᠯᠠᠪᠠ᠃ 
       ᠮᠠᠷᠭᠠᠰᠢ ᠥᠷᠯᠥᠭᠡ ᠨᠢ ᠲᠡᠮᠦᠵᠢᠨ ᠪᠣᠭᠤᠷᠴᠢ ᠶ᠋ᠢ ᠳᠠᠭᠠᠭᠤᠯᠤᠨ ᠨᠥᠬᠥᠳ ᠴᠡᠷᠢᠭ ᠦ᠋ᠨ ᠰᠤᠷᠭᠠᠭᠤᠯᠢ ᠶ᠋ᠢᠨ ᠭᠠᠵᠠᠷ ᠣᠴᠢᠪᠠ᠃ ᠲᠡᠨᠳᠡ ᠭᠤᠴᠢ ᠬᠢᠷᠢ ᠶ᠋ᠢᠨ ᠬᠥᠮᠦᠰ ᠴᠤᠭᠯᠠᠷᠠᠵᠤ ᠰᠤᠷᠭᠠᠭᠤᠯᠢ ᠬᠢᠵᠦ ᠪᠠᠢᠭᠰᠠᠨ ᠢ᠋ᠶ᠋ᠠᠨ ᠠᠬᠠᠯᠠᠭᠴᠢ ᠪᠠᠨ ᠬᠠᠷᠠᠭᠠᠳ ᠳᠤᠭᠤᠢᠷᠠᠨ ᠵᠢᠭᠰᠠᠵᠤ᠂ ᠳᠤᠮᠳᠠ ᠠ᠋ᠴᠠ ᠨᠢ ᠵᠠᠯᠮ᠎ᠠ ᠭᠠᠷᠴᠤ ᠢᠷᠡᠨ ᠵᠢᠷᠦᠬᠡᠨ ᠲᠤᠰ ᠭᠠᠷ ᠢ᠋ᠶ᠋ᠠᠨ ᠳᠠᠷᠤᠨ ᠲᠣᠯᠣᠭᠠᠢ ᠮᠡᠬᠦᠢᠨ ᠶᠣᠰᠣᠯᠠᠵᠤ᠂ ᠨᠥᠬᠥᠳ ᠴᠡᠷᠢᠭ ᠦ᠋ᠨ ᠠᠬᠠᠯᠠᠭᠴᠢ ᠲᠡᠮᠦᠵᠢᠨ ᠳ᠋ᠦ᠍ ᠮᠡᠳᠡᠭᠦᠯᠬᠦ ᠨᠢ᠄ 
       — ᠨᠥᠬᠥᠳ ᠴᠡᠷᠢᠭ ᠰᠤᠷᠭᠠᠭᠤᠯᠢ ᠳ᠋ᠤ᠌ ᠪᠡᠯᠡᠨ ᠭᠡᠵᠦ ᠢᠯᠡᠳᠬᠡᠬᠦᠢ ᠯᠤᠭ᠎ᠠ ᠲᠡᠮᠦᠵᠢᠨ᠄ 
       — ᠨᠥᠬᠥᠳ ᠴᠡᠷᠢᠭ ᠰᠠᠢᠨ ᠤᠤ? ᠭᠡᠵᠦ ᠮᠡᠨᠳᠦᠴᠢᠯᠡᠬᠦ ᠳ᠋ᠦ᠍ ᠲᠡᠳᠡ᠄ 
       — ᠬᠤᠷᠤᠢ᠂ ᠬᠤᠷᠤᠢ᠂ ᠬᠤᠷᠤᠢ ᠭᠡᠵᠦ ᠳᠠᠭᠤ ᠨᠡᠢᠯᠡᠭᠦᠯᠦᠨ ᠰᠦᠷᠲᠡᠢ ᠶᠠ ᠬᠤᠷᠤᠢᠯᠠᠪᠠ᠃ ᠲᠡᠮᠦᠵᠢᠨ᠄ 
       — ᠮᠢᠨᠦ ᠰᠠᠢᠨ ᠨᠥᠬᠥᠷ ᠠᠷᠤᠯᠠᠳ ᠤ᠋ᠨ ᠪᠣᠭᠤᠷᠴᠢ ᠮᠠᠨ ᠳ᠋ᠤ᠌ ᠡᠯᠰᠡᠨ ᠢᠷᠡᠭᠰᠡᠨ ᠪᠥᠯᠥᠭᠡ᠃ ᠲᠠᠨᠢᠯᠴᠠᠵᠠᠭ᠎ᠠ᠃ ᠨᠥᠬᠥᠳ ᠴᠡᠷᠢᠭ ᠦ᠋ᠳ ᠠ᠋! ᠭᠡᠵᠦ ᠪᠣᠭᠤᠷᠴᠢ ᠶ᠋ᠢ ᠲᠠᠨᠢᠯᠴᠠᠭᠤᠯᠤᠭᠠᠳ ᠲᠡᠭᠦᠨ ᠢ᠋ ᠳᠠᠭᠠᠭᠤᠯᠤᠨ ᠵᠢᠭᠰᠠᠭᠠᠯ ᠤ᠋ᠨ ᠠᠷᠤ ᠳ᠋ᠤ᠌ ᠣᠴᠢᠵᠤ ᠵᠣᠭᠰᠣᠪᠠ᠃ 
       ᠵᠠᠯᠮ᠎ᠠ᠂ ᠨᠥᠬᠥᠳ ᠴᠡᠷᠢᠭ ᠦ᠋ᠨ ᠵᠢᠭᠰᠠᠭᠠᠯ ᠤ᠋ᠨ ᠡᠬᠢᠨ ᠡᠴᠡ ᠴᠤᠪᠤᠷᠠᠭ᠎ᠠ ᠪᠠᠷ ᠢ᠋ᠶ᠋ᠠᠨ᠁ ᠭᠡᠵᠦ ᠲᠤᠰᠢᠶᠠᠯ ᠥᠭᠬᠦ ᠳ᠋ᠦ᠍ ᠲᠡᠳᠡ ᠡᠬᠢᠨ ᠡᠴᠡ ᠪᠡᠨ ᠳᠤᠭᠤᠢ ᠵᠠᠮ ᠢ᠋ᠶ᠋ᠠᠷ ᠴᠤᠪᠤᠷᠠᠨ ᠱᠣᠭᠰᠢᠭᠤᠯᠤᠯ᠎ᠠ᠃ ᠪᠠᠭᠤᠵᠤ ᠮᠣᠷᠳᠠᠭᠠᠳ! ᠭᠡᠰᠡᠨ ᠲᠤᠰᠢᠶᠠᠯ ᠢ᠋ᠶ᠋ᠠᠷ ᠪᠦᠬᠦ ᠴᠡᠷᠢᠭ ᠮᠣᠷᠢᠨ ᠠ᠋ᠴᠠ ᠪᠠᠨ ᠦᠰᠦᠷᠦᠨ ᠪᠠᠭᠤᠵᠤ ᠦᠰᠦᠷᠦᠨ ᠮᠣᠷᠳᠠᠬᠤ ᠳ᠋ᠤ᠌ ᠪᠣᠭᠤᠷᠴᠢ ᠲᠡᠭᠦᠨ ᠢ᠋ ᠳᠠᠭᠤᠷᠢᠶᠠᠨ ᠬᠡᠵᠢᠶ᠎ᠡ ᠶᠡᠵᠢᠶᠡᠨ ᠦ᠌ ᠴᠡᠷᠢᠭ ᠡᠷ᠎ᠡ ᠰᠢᠭ ᠬᠢᠵᠦ ᠪᠠᠢᠯ᠎ᠠ᠃ ᠳᠠᠷᠠᠭ᠎ᠠ ᠨᠢ ᠮᠣᠷᠢᠨ ᠳᠡᠭᠡᠷ᠎ᠡ ᠡᠴᠡ ᠴᠢᠯᠠᠭᠤ ᠰᠢᠭᠦᠷᠦᠨ ᠪᠠᠢ ᠳ᠋ᠤ᠌ ᠰᠢᠳᠡᠬᠦ᠂ ᠵᠢᠳᠠ ᠰᠢᠳᠡᠬᠦ᠂ ᠰᠡᠯᠡᠮ᠎ᠡ ᠡᠷᠭᠢᠭᠦᠯᠬᠦ ᠵᠡᠷᠭᠡ ᠣᠯᠠᠨ ᠦᠢᠯᠡᠳᠦᠯ ᠮᠣᠷᠢ ᠲᠠᠢ ᠬᠢᠬᠦ᠂ ᠶᠠᠪᠠᠭᠠᠨ ᠢ᠋ᠶ᠋ᠠᠷ ᠬᠠᠷᠠᠢᠬᠤ᠂ ᠱᠠᠲᠤ ᠳᠠᠪᠠᠬᠤ ᠮᠡᠲᠦ ᠶ᠋ᠢᠨ ᠣᠯᠠᠨ ᠵᠦᠢᠯ ᠳ᠋ᠦ᠍ ᠣᠷᠣᠯᠴᠠᠬᠤ ᠳ᠋ᠤ᠌ ᠰᠡᠯᠡᠮ᠎ᠡ ᠵᠢᠳᠠᠨ ᠳ᠋ᠤ᠌ ᠯᠠ ᠪᠣᠭᠤᠷᠴᠢ ᠪᠠᠷᠤᠭᠲᠠᠢᠬᠠᠨ ᠴᠤ᠌ ᠪᠠᠰᠠ ᠠᠮᠠᠷᠬᠠᠨ ᠡᠪᠰᠢᠵᠦ ᠪᠠᠢᠯ᠎ᠠ᠃ ᠡᠳᠦᠷ ᠠᠩ ᠤ᠋ᠨ ᠮᠢᠬ᠎ᠠ ᠱᠥᠯᠥ ᠪᠡᠷ ᠨᠥᠬᠥᠳ ᠴᠡᠷᠢᠭ ᠢ᠋ ᠬᠣᠭᠣᠯᠠᠯᠠᠨ᠂ ᠴᠡᠷᠢᠭ ᠦ᠋ᠳ ᠦ᠋ᠨ ᠥᠪᠡᠷᠰᠡᠳ ᠢ᠋ᠶ᠋ᠡᠨ ᠭᠡᠷ ᠡᠴᠡ ᠪᠡᠨ ᠠᠪᠴᠢᠷᠠᠭᠰᠠᠨ ᠠᠢᠷᠠᠭ ᠢ᠋ ᠤᠤᠭᠤᠵᠤ᠂ ᠳᠠᠷᠠᠭ᠎ᠠ ᠨᠢ ᠲᠣᠭᠣᠷᠢᠨ ᠪᠥᠵᠢᠭ ᠬᠢᠭᠡᠳ ᠢᠷᠡᠬᠦ ᠳᠣᠯᠣᠭᠠᠨ ᠬᠣᠨᠣᠭ ᠤ᠋ᠨ ᠮᠥᠨ ᠡᠳᠦᠷ ᠴᠤᠭᠯᠠᠷᠠᠬᠤ ᠪᠠᠷ ᠲᠠᠷᠬᠠᠪᠠ᠃ 
       ᠲᠡᠮᠦᠵᠢᠨ᠂ ᠵᠠᠯᠮ᠎ᠠ᠂ ᠪᠡᠯᠭᠦᠳᠡᠢ ᠭᠤᠷᠪᠠ ᠪᠣᠭᠤᠷᠴᠢ ᠶ᠋ᠢ《ᠴᠢ ᠶᠡᠬᠡ ᠠᠪᠢᠶᠠᠰᠲᠠᠢ ᠴᠡᠷᠢᠭ ᠡᠷ᠎ᠡ ᠪᠠᠢᠨ᠎ᠠ》 ᠭᠡᠵᠦ ᠮᠠᠭᠲᠠᠵᠤ ᠲᠡᠷᠡ ᠣᠷᠣᠢ ᠦᠯᠢᠭᠡᠷ ᠳᠣᠮᠣᠭ ᠶᠠᠷᠢᠯᠴᠠᠨ ᠭᠡᠷ ᠭᠡᠷ ᠲᠡᠭᠡᠨ ᠣᠷᠣᠨ ᠤᠨᠲᠠᠵᠠᠭᠠᠪᠠ᠃ 
       — ᠣᠯᠠᠨ ᠮᠣᠷᠢᠨ ᠲᠦᠪᠡᠷᠭᠡᠨ ᠭᠠᠵᠠᠷ ᠬᠠᠭᠠᠷᠠᠮ᠎ᠠ ᠰᠣᠨᠣᠰᠳᠠᠵᠤ ᠶᠡᠬᠡ ᠴᠡᠷᠢᠭ ᠢᠷᠡᠵᠦ ᠶᠠᠪᠤᠨ᠎ᠠ᠃ ᠪᠣᠰᠤᠭᠠᠷᠠᠢ᠂ ᠪᠣᠰᠴᠠᠭᠠᠭᠠᠷᠠᠢ! ᠭᠡᠵᠦ ᠬᠤᠸᠠᠭᠴᠢᠨ ᠡᠮᠡᠭᠡᠨ ᠬᠠᠰᠬᠢᠷᠤᠨ᠂ ᠥᠭᠡᠯᠦᠨ ᠡᠬᠡ ᠴᠦ᠍ ᠬᠡᠦᠬᠡᠳ ᠦ᠋ᠳ ᠢ᠋ᠶ᠋ᠡᠨ ᠳᠠᠭᠤᠳᠠᠪᠠ᠃ ᠭᠠᠳᠠᠭ᠎ᠠ ᠭᠠᠷᠤᠭᠠᠳ ᠭᠠᠵᠠᠷ ᠬᠡᠪᠲᠡᠨ ᠴᠢᠩᠨᠠᠪᠠᠰᠤ ᠦᠨᠡᠬᠡᠷ ᠶᠡᠬᠡ ᠲᠦᠪᠡᠷᠭᠡᠨ ᠪᠠᠷᠠᠭᠤᠨ ᠵᠦᠭ ᠡᠴᠡ ᠣᠢᠷᠠᠲᠤᠨ ᠠᠢᠰᠤᠢ᠃ ᠪᠦᠭᠦᠳᠡ ᠯᠡ ᠰᠠᠨᠳᠤᠷᠤᠨ ᠳᠡᠪᠲᠦᠨ ᠮᠣᠷᠢᠳ ᠢ᠋ᠶ᠋ᠠᠨ ᠡᠮᠡᠭᠡᠯᠯᠡᠵᠦ᠂ ᠡᠴᠢᠭᠡ ᠶ᠋ᠢᠨ ᠰᠦᠯᠳᠡ ᠲᠠᠬᠢᠯᠭ᠎ᠠ ᠪᠣᠯᠤᠨ ᠣᠢᠷ᠎ᠠ ᠵᠠᠭᠤᠷ᠎ᠠ ᠶ᠋ᠢᠨ ᠶᠠᠭᠤᠮ᠎ᠠ ᠪᠠᠨ ᠠᠪᠠᠴᠠᠭᠠᠵᠤ ᠮᠣᠷᠳᠠᠨ ᠰᠢᠭᠤᠢ ᠶ᠋ᠢᠨ ᠭᠦᠨ ᠤᠷᠤᠭᠤ ᠣᠷᠣᠵᠤ ᠨᠢᠭᠤᠭᠳᠠᠪᠠ᠃ ᠳᠠᠢᠰᠤᠨ ᠲᠡᠳᠡᠨ ᠦ᠌ ᠬᠢ ᠶ᠋ᠢ ᠦᠦᠷ ᠭᠡᠭᠡᠷᠡᠬᠦ ᠰᠠᠴᠠᠭᠤ ᠨᠥᠮᠥᠷᠦᠨ ᠢᠷᠡᠬᠦ ᠨᠢ ᠮᠣᠳᠣᠨ ᠤ᠋ ᠰᠡᠢᠮᠡᠬᠡᠢ ᠪᠡᠷ ᠬᠠᠷᠠᠭᠳᠠᠨ᠎ᠠ᠃ ᠵᠢᠭᠤᠳᠠᠭᠰᠠᠳ ᠪᠥᠭᠡᠮᠨᠡᠷᠡᠪᠡᠰᠦ ᠪᠦᠷᠲᠡᠭᠡᠯᠵᠢᠨ᠂ ᠰᠤᠴᠢᠭᠡᠯ᠂ ᠬᠤᠸᠬᠠᠵᠢᠨ ᠡᠮᠧ ᠭᠤᠷᠪᠠ ᠪᠠᠢᠬᠤ ᠦᠭᠡᠢ᠂ ᠪᠣᠳᠣᠪᠠᠯ ᠲᠡᠳᠡ ᠮᠣᠷᠢ ᠣᠯᠵᠤ ᠤᠨᠤᠵᠤ ᠴᠢᠳᠠᠭᠰᠠᠨ ᠦᠭᠡᠢ ᠪᠣᠯᠤᠯᠲᠠᠢ᠃ 
       ᠲᠡᠮᠦᠵᠢᠨ ᠶᠡᠬᠡᠳᠡ ᠬᠠᠷᠠᠮᠰᠠᠨ᠂《ᠰᠤᠨᠳᠠᠯᠠᠶ᠎ᠠ ᠭᠡᠳ ᠳᠥᠷᠥᠭᠡ ᠥᠭᠬᠦ ᠳ᠋ᠦ᠍᠂ ᠦᠭᠡᠢ ᠠ᠋᠂ ᠴᠢ ᠪᠣᠰᠢᠭᠣ ᠶᠠᠪᠤ! ᠴᠢᠮᠠᠲᠤ ᠯᠠ ᠳᠠᠢᠰᠤᠨ ᠬᠠᠯᠠᠭᠠᠲᠠᠢ᠃ ᠪᠢ ᠠᠷᠭ᠎ᠠ ᠪᠠᠨ ᠣᠯᠬᠤ ᠪᠠᠢᠬ᠎ᠠ ᠭᠡᠰᠡᠨ᠃ ᠰᠢᠭᠦᠷᠡᠴᠦ ᠠᠪᠤᠭᠠᠳ ᠯᠠ ᠵᠢᠭᠤᠲᠠᠳᠠᠭ ᠪᠠᠢᠵᠤ 》 ᠭᠡᠵᠦ ᠬᠠᠯᠬᠠᠯᠠᠨ᠎ᠠ᠃ ᠵᠢᠭᠤᠳᠠᠭᠰᠠᠳ ᠭᠠᠵᠠᠷ ᠢ᠋ᠶ᠋ᠠᠨ ᠮᠡᠳᠡᠬᠦ ᠲᠤᠯᠠ ᠰᠢᠭᠤᠢ ᠳᠣᠲᠣᠷᠠᠬᠢ ᠰᠡᠢᠮᠡᠬᠡᠢ ᠶ᠋ᠢ ᠰᠦᠯᠵᠢᠨ ᠦᠯᠡᠮᠵᠢ ᠶᠡᠬᠡ ᠨᠠᠮᠤᠭ ᠱᠠᠯᠪᠠᠭ ᠤ᠋ᠨ ᠳᠡᠭᠡᠷ᠎ᠡ ᠭᠠᠷᠴᠤ ᠪᠠᠢᠬᠤ ᠭᠠᠵᠠᠷ ᠢ᠋ᠶ᠋ᠠᠨ ᠣᠯᠤᠭᠰᠠᠨ ᠠᠵᠢ᠃ 
       ᠳᠠᠢᠰᠤᠨ ᠨᠤᠭᠤᠳ ᠨᠠᠮᠤᠭ ᠪᠠᠯᠴᠢᠭ ᠲᠤ᠌ ᠣᠷᠣᠵᠤ᠂ ᠪᠡᠶ᠎ᠡ ᠪᠡᠶ᠎ᠡ ᠪᠡᠨ ᠲᠠᠲᠠᠵᠤ ᠭᠠᠷᠭᠠᠨ ᠨᠢᠭᠡ ᠬᠡᠰᠡᠭ ᠰᠠᠨᠳᠤᠷᠪᠠ᠃ ᠲᠡᠭᠡᠭᠡᠳ ᠳᠠᠢᠰᠤᠨ ᠨᠤᠭᠤᠳ ᠴᠤᠭᠯᠠᠷᠠᠨ᠄ 
       — ᠵᠠ᠂ ᠡᠨᠡ ᠤᠳᠠᠭ᠎ᠠ ᠳ᠋ᠤ᠌ ᠲᠡᠮᠦᠵᠢᠨ ᠦ᠌ ᠡᠬᠡᠨᠡᠷ ᠢ᠋ ᠣᠯᠵᠠᠯᠠᠵᠤ ᠠᠪᠤᠭᠰᠠᠨ ᠠ᠋ᠴᠠ ᠬᠣᠢᠰᠢ ᠪᠣᠯᠤᠯ᠎ᠠ᠃ ᠪᠤᠴᠠᠶ᠎ᠠ᠃ ᠥᠭᠡᠯᠦᠨ ᠢ᠋ ᠡᠷᠲᠡ ᠴᠠᠭ ᠲᠤ᠌ ᠪᠤᠯᠢᠶᠠᠭᠳᠠᠭᠰᠠᠨ ᠤ᠋ ᠬᠠᠷᠢᠭᠤ ᠶ᠋ᠢ ᠠᠪᠤᠯ᠎ᠠ ᠭᠡᠯᠴᠡᠭᠡᠳ ᠪᠤᠴᠠᠵᠠᠢ᠃ 
       ᠡᠢᠨᠬᠦ ᠡᠨᠡ ᠪᠦᠯᠢ ᠠᠢᠯ ᠳ᠋ᠤ᠌ ᠬᠠᠷ᠎ᠠ ᠭᠤᠨᠢᠭ ᠨᠥᠮᠥᠷᠴᠦ᠂ ᠮᠡᠷᠭᠢᠳ ᠦ᠋ᠳ ᠲᠡᠢ ᠥᠰᠢᠨ ᠲᠡᠮᠡᠴᠡᠬᠦ ᠣᠴᠢ ᠠᠰᠠᠵᠤ ᠳᠥᠯᠥ ᠪᠤᠲᠠᠷᠠᠵᠠᠢ᠃