ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - ᠠᠷᠪᠠᠨ ᠲᠠᠪᠤ > Хүлэг баатар буурч - Б. Өлзийсүрэн <Дэд бүлэг-15>
ᠥᠪᠡᠷ ᠦᠨ ᠵᠠᠮ ᠮᠥᠷ ᠢᠶᠡᠷ ᠲᠡᠮᠲᠡᠷᠢᠵᠦ ᠡᠷ᠎ᠡ ᠬᠥᠮᠥᠨ ᠦ ᠡᠷᠴᠢ ᠬᠦᠴᠦ ᠶᠢ ᠣᠯᠵᠤ ᠬᠦᠷᠲᠡᠭᠰᠡᠨ ᠳᠡᠳ᠋ ᠪᠦᠯᠦᠭ
ᠠᠷᠪᠠᠨ ᠲᠠᠪᠤ
ᠡᠷ᠎ᠡ ᠬᠥᠮᠦᠨ ᠵᠣᠷᠢᠭᠰᠠᠨ ᠳ᠋ᠠᠭᠠᠨ
ᠡᠮᠡᠭᠡᠯᠲᠦ ᠮᠣᠷᠢ ᠬᠠᠷᠠᠢᠭᠰᠠᠨ ᠳ᠋ᠠᠭᠠᠨ
ᠡᠷ᠎ᠡ ᠬᠥᠮᠦᠨ ᠦ᠌ ᠨᠡᠷ᠎ᠡ ᠤᠷᠲᠤ
ᠡᠮᠡᠭᠡᠯᠲᠦ ᠮᠣᠷᠢᠨ ᠤ᠋ ᠵᠢᠯᠣᠭᠣ ᠤᠷᠲᠤ
(ᠮᠣᠩᠭᠣᠯ ᠠᠷᠠᠳ ᠤ᠋ᠨ ᠵᠦᠢᠷ ᠰᠡᠴᠡᠨ ᠦᠭᠡᠰ)
ᠪᠣᠭᠣᠷᠴᠢ ᠭᠡᠷ ᠲᠡᠭᠡᠨ ᠢᠷᠡᠭᠡᠳ ᠭᠤᠷᠪᠠ ᠬᠣᠨᠣᠪᠠ᠃ ᠰᠡᠳᠬᠢᠯ ᠰᠠᠨᠠᠭᠠᠨ ᠤ᠋ ᠡᠪᠡᠳᠴᠢᠨ ᠲᠤᠰᠪᠠ ᠤᠤ? ᠭᠡᠯᠲᠡᠢ᠃ ᠦᠭᠡ ᠴᠦ᠍ ᠳᠤᠤᠭᠠᠷᠬᠤ ᠦᠭᠡᠢ᠂ ᠶᠠᠭᠤᠮ᠎ᠠ ᠴᠤ᠌ ᠪᠠᠷᠤᠭ ᠢᠳᠡᠵᠦ ᠤᠤᠭᠤᠬᠤ ᠦᠭᠡᠢ᠃ ᠬᠣᠶᠠᠷ ᠥᠷᠯᠥᠭᠡ ᠠᠳᠤᠭᠤᠨ ᠳ᠋ᠠᠭᠠᠨ ᠮᠣᠷᠳᠠᠵᠤ᠂ ᠬᠤᠷᠢᠶᠠᠵᠤ ᠢᠷᠡᠭᠡᠳ ᠯᠡ ᠣᠷᠣᠨ ᠳᠡᠭᠡᠷ᠎ᠡ ᠪᠡᠨ ᠭᠡᠳᠡᠷᠭᠦ ᠬᠠᠷᠠᠨ ᠲᠣᠯᠣᠭᠠᠢ ᠪᠠᠨ ᠰᠠᠯᠠᠭᠠᠪᠴᠢᠯᠠᠨ ᠬᠡᠪᠲᠡᠭᠡᠳ ᠱᠠᠯᠠᠮᠠᠭ ᠭᠣᠯᠮᠠᠭ᠂ ᠬᠥᠩᠭᠡᠨ ᠬᠥᠭᠡᠷᠦᠦ ᠪᠣᠭᠣᠷᠴᠢ ᠬᠥᠰᠢᠭᠦᠨ ᠬᠦᠨᠳᠦᠭᠦᠷᠢ ᠠᠮᠢᠲᠠᠨ ᠪᠣᠯᠵᠤ ᠬᠤᠪᠢᠷᠠᠵᠠᠢ᠃ ᠡᠵᠢ ᠨᠢ《ᠲᠡᠢᠮᠦ ᠰᠠᠢᠬᠠᠨ ᠬᠠᠨᠢ ᠠ᠋ᠴᠠ ᠪᠠᠨ ᠬᠠᠭᠠᠴᠠᠭᠰᠠᠨ ᠪᠣᠯᠬᠣᠷ ᠠᠷᠭ᠎ᠠ ᠦᠭᠡᠢ᠃ ᠨᠢᠭᠤᠷ ᠵᠢᠰᠦ ᠶ᠋ᠢ ᠨᠢ ᠦᠵᠡᠭᠡ ᠦᠭᠡᠢ ᠴᠦ᠍ ᠲᠥᠷᠬᠦ ᠪᠠᠢᠳᠠᠯ ᠢ᠋ᠶ᠋ᠠᠷ ᠨᠢ ᠪᠣᠳᠣᠬᠤ ᠳ᠋ᠤ᠌ ᠬᠣᠣᠰ ᠦᠭᠡᠢ ᠬᠣᠪᠣᠷ ᠪᠦᠰᠡᠭᠦᠢ ᠪᠠᠢᠵᠤ ᠳᠠ᠃ ᠬᠦᠦ ᠮᠢᠨᠢ ᠬᠤᠪᠢ ᠦᠭᠡᠢ ᠶᠦᠮ ᠳᠡ》 ᠭᠡᠵᠦ ᠦᠷᠦ ᠡᠪᠡᠳᠦᠨ ᠬᠠᠢᠷᠠᠯᠠᠬᠤ ᠠ᠋ᠴᠠ ᠥᠭᠡᠷ᠎ᠡ ᠶᠠᠭᠠᠬᠢᠬᠤ ᠴᠤ᠌ ᠪᠢᠯᠡ᠃ ᠡᠳᠦᠷ ᠲᠠᠢᠰᠢ ᠪᠠᠨ ᠪᠣᠯᠲᠠᠯ᠎ᠠ ᠪᠣᠭᠣᠷᠴᠢ᠄
— ᠪᠢ ᠭᠠᠯ ᠤ᠋ᠨ ᠢ᠋ᠶ᠋ᠠᠨ ᠬᠢ ᠪᠡᠷ ᠣᠴᠢᠭᠠᠳ ᠢᠷᠡᠶ᠎ᠡ᠃ ᠠᠭᠤᠯᠵᠠᠬᠤ ᠬᠡᠷᠡᠭ ᠪᠠᠢᠨ᠎ᠠ ᠭᠡᠵᠦ ᠡᠵᠢ ᠳ᠋ᠡᠭᠡᠨ ᠬᠡᠯᠡᠭᠡᠳ ᠮᠣᠷᠳᠠᠵᠠᠢ᠃ ᠡᠴᠢᠭᠡ ᠨᠢ ᠡᠵᠡᠭᠦᠢ ᠪᠠᠢᠪᠠ᠃ ᠲᠡᠭᠡᠭᠡᠳ ᠪᠠᠷᠠᠭᠤᠨ ᠬᠣᠢᠰᠢ ᠶᠠᠪᠤᠵᠤ ᠪᠠᠢᠭ᠎ᠠ ᠬᠠᠷᠠᠭᠳᠠᠪᠠ᠃ ᠮᠣᠷᠳᠠᠪᠠᠯ ᠯᠠ ᠵᠢᠯᠣᠭᠣ ᠲᠠᠲᠠᠬᠤ ᠦᠭᠡᠢ ᠳᠠᠪᠬᠢᠳᠠᠭ ᠬᠦᠦ ᠨᠢ ᠲᠣᠯᠣᠭᠠᠢ ᠪᠠᠨ ᠤᠨᠵᠢᠭᠤᠯᠤᠭᠠᠳ ᠭᠣᠣᠯ ᠭᠠᠷᠴᠤ ᠴᠠᠭᠠᠰᠢ ᠱᠣᠭᠰᠢᠬᠤ ᠲᠡᠳᠦᠢ ᠶᠠᠪᠤᠬᠤ ᠶ᠋ᠢ ᠨᠢ ᠬᠠᠷᠠᠭᠠᠳ ᠡᠬᠡ ᠠᠯᠲᠠᠵᠢᠨ《ᠬᠦᠦ ᠮᠢᠨᠢ ᠡᠢᠮᠦ ᠪᠣᠯᠴᠢᠬᠠᠬᠤ ᠭᠡᠵᠦ!》 ᠭᠡᠮᠡᠨ ᠨᠢᠯᠪᠤᠰᠤ ᠲᠤᠰᠠᠯᠠᠭᠤᠯᠤᠨ
《ᠴᠢᠯᠠᠭᠤ ᠬᠠᠲᠠᠭᠤ ᠪᠣᠯᠪᠠᠴᠤ\
ᠤᠰᠤᠨ ᠤ᠋ ᠤᠷᠤᠰᠬᠠᠯ ᠳ᠋ᠤ᠌ ᠡᠯᠳᠡᠭ\
ᠵᠣᠪᠠᠯᠠᠩ ᠬᠠᠲᠠᠭᠤ ᠪᠣᠯᠪᠠᠴᠤ\
ᠴᠠᠭ ᠤ᠋ᠨ ᠠᠶᠠᠰ ᠲᠤ᠌ ᠮᠠᠷᠲᠠᠭᠳᠠᠳᠠᠭ ᠭᠡᠰᠡᠨ ᠦᠭᠡ ᠪᠠᠢᠳᠠᠭ ᠶᠤᠮ ᠳᠠ᠃ ᠬᠦᠦ ᠮᠢᠨᠢ ᠰᠡᠷᠭᠦᠬᠦ ᠪᠠᠢᠬ᠎ᠠ》 ᠭᠡᠵᠦ ᠠᠮᠠᠨ ᠳ᠋ᠠᠭᠠᠨ ᠭᠠᠭᠴᠠᠭᠠᠷ ᠢ᠋ᠶ᠋ᠠᠨ ᠰᠢᠪᠡᠨᠡᠪᠡ᠃
ᠭᠠᠯ ᠪᠣᠯ ᠪᠣᠭᠤᠷᠴᠢ ᠲᠠᠢ ᠠᠳᠤᠭᠤᠨ ᠤ᠋ ᠣᠲᠣᠷ ᠲᠤ᠌ ᠴᠣᠭ ᠭᠠᠷᠳᠠᠭ ᠵᠠᠯᠠᠭᠤ᠃ ᠨᠠᠰᠤ ᠪᠠᠷ ᠨᠢᠭᠡ ᠠᠬ᠎ᠠ᠃ ᠡᠬᠡ ᠳᠡᠭᠦᠦ ᠲᠡᠢ ᠪᠡᠨ ᠬᠠᠮᠲᠤ ᠭᠤᠷᠪᠠᠭᠤᠯᠠ ᠠᠵᠤ ᠲᠥᠷᠥᠳᠡᠭ᠃ ᠬᠣᠶᠠᠷ ᠵᠢᠯ ᠠᠳᠤᠭᠤᠨ ᠳ᠋ᠤ᠌ ᠶᠠᠪᠤᠵᠤ ᠬᠡᠳᠦᠨ ᠦᠷᠢᠶ᠎ᠡ ᠪᠠᠢᠳᠠᠰᠤ ᠴᠤᠭᠯᠠᠭᠤᠯᠵᠤ ᠭᠠᠳᠠᠨ᠎ᠠ ᠪᠠᠨ ᠬᠡᠳᠦᠨ ᠤᠨᠠᠭ᠎ᠠ ᠤᠶᠠᠭᠠᠳ ᠰᠠᠭᠠᠵᠤ ᠪᠠᠢᠭ᠎ᠠ ᠭᠡᠰᠡᠨ᠃ ᠴᠥᠭᠡᠨ ᠬᠡᠳᠦᠨ ᠬᠣᠨᠢ ᠦᠬᠡᠷ ᠲᠡᠢ᠃ ᠡᠬᠡᠨᠡᠷ ᠠᠪᠤᠭ᠎ᠠ ᠦᠭᠡᠢ᠂ ᠣᠴᠢᠳᠠᠭ ᠨᠢᠭᠡ ᠬᠡᠦᠬᠡᠨ ᠪᠣᠢ᠃ ᠲᠡᠷᠡ ᠨᠢ ᠴᠠᠭᠠᠰᠢ ᠪᠠᠨ ᠭᠡᠳᠡᠭ ᠦᠭᠡᠢ ᠴᠦ᠍ ᠨᠠᠭᠠᠰᠢ ᠪᠠᠨ ᠬᠦᠷᠦᠭᠡᠳ ᠢᠷᠡᠳᠡᠭ ᠦᠭᠡᠢ᠃
ᠡᠢᠨᠬᠦ ᠬᠣᠶᠠᠷ ᠭᠡᠷ ᠦ᠋ᠨ ᠬᠣᠭᠣᠷᠣᠨᠳᠣ ᠡᠮᠡᠭᠡᠯ ᠢ᠋ᠶ᠋ᠡᠨ ᠡᠯᠡᠲᠡᠯ᠎ᠡ ᠳᠠᠪᠬᠢᠵᠤ ᠶᠠᠪᠤᠭ᠎ᠠ ᠨᠢᠭᠡᠨ᠃ ᠪᠣᠭᠤᠷᠴᠢ ᠬᠣᠶᠠᠷ ᠡᠳᠦᠷ ᠪᠣᠳᠣᠵᠤ ᠪᠣᠳᠣᠵᠤ ᠲᠡᠭᠦᠨ ᠢ᠋ ᠵᠣᠷᠢᠭᠰᠠᠨ ᠨᠢ《ᠬᠣᠶᠠᠭᠤᠯᠠ ᠪᠣᠷᠵᠢᠭᠢᠨ ᠣᠪᠣᠭ᠂ ᠲᠠᠢᠴᠢᠭᠤᠳ ᠠᠢᠮᠠᠭ ᠢ᠋ ᠵᠠᠬᠢᠷᠴᠤ ᠪᠠᠢᠭᠰᠠᠨ ᠶᠢᠰᠦᠭᠡᠢ ᠪᠠᠭᠠᠲᠤᠷ ᠤ᠋ᠨ ᠬᠦᠦ ᠲᠡᠮᠦᠵᠢᠨ ᠳ᠋ᠦ᠍ ᠣᠴᠢᠵᠤ ᠨᠥᠬᠥᠷᠯᠡᠶ᠎ᠡ᠃ ᠲᠡᠷᠡ ᠪᠡᠷ ᠶᠡᠬᠡ ᠬᠡᠷᠡᠭ ᠡᠭᠦᠰᠬᠡᠵᠦ ᠡᠴᠢᠭᠡ ᠶ᠋ᠢᠨ ᠢ᠋ᠶ᠋ᠡᠨ ᠵᠠᠬᠢᠷᠴᠤ ᠠᠭᠰᠠᠨ ᠬᠠᠮᠤᠭ ᠮᠣᠩᠭᠣᠯ ᠢ᠋ ᠵᠠᠬᠢᠷᠴᠤ ᠰᠡᠷᠭᠦᠭᠡᠬᠦ ᠬᠥᠮᠦᠨ᠃ ᠬᠣᠶᠠᠭᠤᠯᠠ ᠲᠡᠰᠢ ᠣᠴᠢᠵᠤ ᠡᠷ᠎ᠡ ᠪᠣᠯᠵᠤ ᠲᠥᠷᠥᠭᠰᠡᠨ ᠦ᠌ ᠬᠡᠷᠡᠭ ᠢ᠋ ᠪᠦᠲᠦᠭᠡᠶ᠎ᠡ᠃ ᠡᠷ᠎ᠡ ᠬᠥᠮᠦᠨ ᠭᠡᠷ ᠲᠦ᠍ ᠲᠥᠷᠥᠵᠦ ᠬᠡᠭᠡᠷ᠎ᠡ ᠦᠬᠦᠳᠡᠭ ᠭᠡᠯᠴᠡᠬᠦ》 ᠭᠡᠰᠡᠨ ᠰᠠᠨᠠᠭ᠎ᠠ ᠶ᠋ᠢ ᠬᠡᠯᠡᠶ᠎ᠡ ᠬᠡᠮᠡᠭᠰᠡᠨ ᠠᠪᠠᠢ᠃
ᠰᠡᠭᠦᠯ ᠣᠪᠣᠭᠠᠲᠤ ᠶ᠋ᠢᠨ ᠵᠡᠭᠦᠨ ᠢᠷᠣᠭᠠᠷ ᠢ᠋ᠶ᠋ᠠᠷ ᠡᠷᠳᠡᠨᠢᠴᠣᠭᠲᠤ ᠬᠡᠮᠡᠬᠦ ᠶᠡᠬᠡ ᠨᠡᠷᠡᠲᠡᠢ ᠪᠢᠴᠢᠬᠠᠨ ᠪᠠᠭ᠎ᠠ ᠠᠭᠤᠯᠠ ᠴᠢᠭᠯᠡᠵᠦ ᠶᠠᠪᠤᠲᠠᠯ᠎ᠠ ᠥᠭᠡᠳᠡ ᠡᠴᠡ ᠨᠢ ᠨᠢᠭᠡ ᠮᠣᠷᠢᠲᠠᠢ ᠬᠥᠮᠦᠨ ᠠᠢᠰᠤᠢ᠃ ᠲᠡᠷᠡ ᠪᠡᠷ ᠬᠤᠪᠴᠠᠰᠤ ᠬᠤᠨᠠᠷ ᠨᠢ ᠨᠢᠭᠡᠯᠡ ᠭᠠᠵᠢ᠂ ᠨᠤᠮᠤ ᠰᠤᠮᠤ ᠠᠭᠰᠠᠭᠰᠠᠨ᠃ ᠣᠢᠷᠠᠲᠤᠭᠠᠳ ᠢᠷᠡᠬᠦ ᠪᠡᠷ ᠨᠢ ᠦᠵᠡᠬᠦᠯ᠎ᠡ ᠪᠡᠶ᠎ᠡ ᠪᠠᠳᠠᠷᠢᠭᠤᠨ᠂ ᠨᠠᠰᠤ ᠪᠠᠭ᠎ᠠ ᠵᠠᠯᠠᠭᠤ ᠡᠷ᠎ᠡ ᠠᠵᠢ᠃ ᠮᠡᠨᠳᠦ ᠤᠰᠤ ᠪᠠᠨ ᠮᠡᠳᠡᠯᠴᠡᠵᠦ ᠬᠡᠷᠡᠭ ᠵᠣᠷᠢᠭ ᠢ᠋ ᠠᠰᠠᠭᠤᠪᠠᠯ ᠲᠡᠷᠡ ᠪᠡᠷ᠄
— ᠨᠠᠬᠤ ᠪᠠᠶᠠᠨ ᠤ᠋ ᠬᠢ ᠬᠠᠮᠢᠭ᠎ᠠ ᠪᠣᠢ ? ᠣᠢᠷᠠᠳᠴᠤ ᠪᠠᠢᠨ᠎ᠠ ᠤᠤ? ᠭᠡᠵᠦ ᠠᠰᠠᠭᠤᠯ᠎ᠠ᠃
— ᠣᠢᠷᠠᠬᠠᠨ᠂᠂ ᠲᠡᠳᠡᠨᠡᠢᠬᠢ ᠪᠡᠷ ᠶᠠᠭᠠᠬᠢᠬᠤ ᠨᠢ ᠪᠣᠢ?
— ᠪᠣᠭᠣᠷᠴᠢ ᠭᠡᠳᠡᠭ ᠬᠦᠦ ᠲᠡᠢ ᠨᠢ ᠠᠭᠤᠯᠵᠠᠬᠤ ᠬᠡᠷᠡᠭ ᠲᠡᠢ᠃
— ᠲᠡᠭᠡᠪᠡᠯ ᠲᠡᠷᠡ ᠴᠢᠨᠢ ᠪᠢ ᠪᠠᠢᠨ᠎ᠠ᠃
ᠬᠣᠶᠠᠭᠤᠯᠠ ᠮᠣᠷᠢᠨ ᠠ᠋ᠴᠠ ᠪᠠᠨ ᠪᠠᠭᠤᠯ᠎ᠠ᠃ ᠢᠷᠡᠭᠰᠡᠨ ᠭᠡᠢᠴᠢᠨ ᠰᠠᠭᠠᠳᠠᠭ ᠠ᠋ᠴᠠ ᠪᠠᠨ ᠨᠢᠭᠡ ᠰᠤᠮᠤ ᠠᠪᠴᠤ
— ᠡᠭᠦᠨ ᠢ᠋ ᠲᠠᠨᠢᠬᠤ ᠤᠤ? ᠭᠡᠪᠡ ᠃ ᠪᠤᠭᠤᠷᠴᠢ ᠦᠵᠡᠵᠦ᠄
— ᠲᠡᠢᠮᠦ ᠠ᠋᠂ ᠲᠡᠮᠦᠵᠢᠨ ᠠᠨᠳᠠ ᠶ᠋ᠢᠨ ᠨᠠᠳᠠ ᠦᠵᠡᠭᠦᠯᠵᠦ ᠶᠠᠪᠤᠭᠰᠠᠨ ᠲᠡᠮᠳᠡᠭᠲᠦ ᠰᠤᠮᠤ ᠪᠠᠢᠨ᠎ᠠ᠃ ᠲᠡᠮᠦᠵᠢᠨ ᠰᠠᠢᠨ ᠤᠤ? ᠨᠠᠳᠠᠳᠤ ᠶᠠᠭᠤ ᠬᠡᠯᠡᠭᠦᠯᠦᠭᠡ ᠪᠣᠢ?
— ᠲᠡᠮᠦᠵᠢᠨ ᠰᠠᠢᠨ᠃ ᠴᠢᠮᠠᠶ᠋ᠢ ᠥᠪᠡᠷ ᠲᠡᠢ ᠨᠢ ᠢᠷᠡᠵᠦ ᠨᠥᠬᠥᠷᠯᠡᠨᠡ ᠤᠤ? ᠭᠡᠵᠦ ᠨᠠᠮ᠎ᠠ ᠶ᠋ᠢ ᠶᠠᠪᠤᠭᠤᠯᠤᠭᠰᠠᠨ᠃ ᠪᠢ ᠳᠡᠭᠦᠦ ᠨᠢ ᠪᠡᠯᠭᠦᠳᠡᠢ᠃
— ᠲᠡᠢᠮᠦ ᠠ᠋᠃ ᠪᠡᠯᠭᠦᠳᠡᠢ ᠶ᠋ᠢᠨ ᠲᠤᠬᠠᠢ ᠨᠠᠳᠠ ᠶᠠᠷᠢᠵᠤ ᠪᠠᠢᠭᠰᠠᠨ᠃ ᠠᠬ᠎ᠠ ᠠ᠋ᠴᠠ ᠪᠠᠨ ᠲᠣᠮᠣ ᠡᠷ᠎ᠡ ᠪᠠᠢᠨ᠎ᠠ ᠳᠠ᠃
ᠲᠡᠷᠡ ᠬᠣᠶᠠᠷ ᠣᠢᠷ᠎ᠠ ᠵᠠᠭᠤᠷ᠎ᠠ ᠶᠠᠭᠤᠮ᠎ᠠ ᠶᠠᠷᠢᠵᠤ ᠡᠨᠡ ᠥᠨᠳᠥᠷ ᠳᠡᠭᠡᠷ᠎ᠡ ᠥᠩᠭᠡᠷᠡᠭᠰᠡᠨ ᠵᠤᠨ ᠲᠡᠮᠦᠵᠢᠨ ᠢ᠋ ᠭᠠᠷᠭᠠᠵᠤ ᠥᠭᠭᠦᠭᠰᠡᠨ ᠭᠡᠳ ᠥᠪᠡᠷ ᠦ᠋ᠨ ᠨᠤᠲᠤᠭ ᠣᠷᠣᠨ᠂᠂ ᠠᠭᠤᠯᠠ ᠤᠰᠤᠨ ᠤ᠋ ᠲᠤᠬᠠᠢ ᠪᠡᠯᠭᠦᠳᠡᠢ ᠳ᠋ᠦ᠍ ᠶᠠᠷᠢᠵᠤ ᠥᠭᠭᠦᠭᠡᠳ᠄
— ᠪᠢ ᠰᠠᠢᠨ ᠨᠥᠬᠥᠷ ᠢ᠋《ᠢᠷ᠎ᠡ》 ᠭᠡᠵᠦ ᠪᠠᠢᠬᠤ ᠳ᠋ᠤ᠌ ᠤᠴᠢᠯ ᠦᠭᠡᠢ ᠶᠠᠭᠠᠬᠢᠪᠠ? ᠣᠳᠣ ᠶᠠᠪᠤᠶ᠎ᠠ ᠭᠡᠳ ᠮᠣᠷᠳᠠᠬᠤ ᠳ᠋ᠤ᠌ ᠪᠡᠯᠭᠦᠳᠡᠢ᠄
— ᠭᠡᠷ ᠢ᠋ᠶ᠋ᠡᠷ ᠢ᠋ᠶ᠋ᠡᠨ ᠣᠷᠣᠨ᠎ᠠ ᠪᠢᠵᠡ ᠳᠡ᠃ ᠮᠠᠷᠭᠠᠰᠢ ᠶᠠᠪᠤᠵᠤ ᠪᠣᠯᠤᠨ᠎ᠠ ᠰᠢᠦ ᠳᠡ᠃ ᠪᠢ ᠴᠢᠮᠠᠶ᠋ᠢ ᠶᠠᠭᠠᠷᠠᠭᠤᠯᠬᠤ ᠦᠭᠡᠢ᠁
— ᠦᠭᠡᠢ ᠠ᠋᠂ ᠪᠢ ᠭᠡᠷ ᠢ᠋ᠶ᠋ᠡᠷ ᠢ᠋ᠶ᠋ᠡᠨ ᠣᠷᠣᠬᠤ ᠦᠭᠡᠢ᠃ ᠠᠪᠤ ᠶᠠᠪᠤᠭᠤᠯᠬᠤ ᠦᠭᠡᠢ᠂᠂ ᠬᠠᠷᠢᠨ ᠪᠢ ᠭᠡᠷ ᠲᠡᠭᠡᠨ ᠬᠡᠯᠡᠭᠦᠯᠴᠢᠬᠡᠭᠡᠳ ᠶᠠᠪᠤᠨ᠎ᠠ᠃ ᠣᠢᠷᠠᠬᠠᠨ ᠮᠢᠨᠦ ᠨᠢᠭᠡ ᠨᠠᠢᠵᠠ ᠨᠥᠬᠥᠷ ᠪᠣᠢ ᠃ ᠲᠡᠭᠦᠨ ᠢ᠋ ᠠᠪᠤ ᠡᠵᠢ ᠳ᠋ᠦ᠍ ᠣᠴᠢᠵᠤ ᠬᠡᠯᠡ ᠥᠭᠭᠦᠶ᠎ᠡ᠃
— ᠤᠬᠠᠭᠠᠨ ᠳ᠋ᠠᠭᠠᠨ ᠭᠡᠷ ᠡᠴᠡ ᠪᠡᠨ ᠤᠷᠭᠤᠬᠤ ᠶᠠᠭᠤᠮ᠎ᠠ ᠪᠣᠯᠵᠤ ᠪᠠᠢᠨ᠎ᠠ ᠤᠤ ᠳᠠ? ᠲᠡᠮᠦᠵᠢᠨ ᠠᠬ᠎ᠠ ᠴᠢᠮ᠎ᠠ ᠶ᠋ᠢ ᠶᠡᠬᠡ ᠪᠠᠬᠠᠷᠬᠠᠵᠤ ᠶᠠᠷᠢᠳᠠᠭ᠃ ᠤᠷᠭᠤᠵᠤ ᠬᠠᠮᠲᠤ ᠶᠠᠪᠤᠭᠰᠠᠨ ᠭᠡᠰᠡᠨ᠃ ᠪᠠᠰᠠ ᠤᠷᠭᠤᠬᠤ᠃ ᠴᠢ ᠴᠦ᠍ ᠰᠠᠢᠨ ᠣᠷᠭᠣᠳᠤᠤᠯ ᠶᠤᠮ ᠠ᠋ ᠃ ᠵᠠ ᠶᠠᠭᠠᠬᠢᠬᠤ ᠪᠣᠢ᠂ ᠴᠢᠨᠦ ᠯᠡ ᠮᠡᠳᠡᠬᠦ ᠬᠡᠷᠡᠭ᠃ ᠢᠩᠭᠢᠭᠡᠳ ᠬᠣᠶᠠᠭᠤᠯᠠ ᠮᠣᠷᠳᠠᠬᠤ ᠤᠤ? ᠭᠡᠪᠡ᠃
ᠤᠳᠠᠯ ᠦᠭᠡᠢ ᠭᠠᠯ ᠤ᠋ᠨ ᠳ᠋ᠤ᠌ ᠣᠴᠢᠯ᠎ᠠ᠃ ᠭᠠᠯ ᠪᠣᠭᠣᠷᠴᠢ ᠬᠣᠶᠠᠷ ᠣᠢᠷ᠎ᠠ ᠳ᠋ᠤ᠌ ᠠᠭᠤᠯᠵᠠᠭ᠎ᠠ ᠦᠭᠡᠢ ᠴᠦ᠍ ᠨᠠᠢᠵᠠ ᠨᠥᠬᠥᠷ ᠦ᠋ᠨ ᠢ᠋ᠶ᠋ᠡᠨ ᠤᠴᠠᠷᠠᠭᠰᠠᠨ ᠵᠣᠪᠠᠯᠠᠩ ᠢ᠋ ᠲᠤᠭᠤᠯᠤᠭᠰᠠᠨ ᠪᠠᠢᠯ᠎ᠠ᠃ ᠠᠯᠤᠰ ᠬᠣᠯᠠ ᠶ᠋ᠢᠨ ᠰᠦᠷᠡᠬᠡᠢ ᠵᠣᠴᠢᠨ ᠲᠠᠢ ᠣᠷᠣᠵᠤ ᠢᠷᠡᠬᠦ ᠳ᠋ᠦ᠍ ᠤᠳᠤᠮ ᠤ᠋ᠨ ᠨᠡᠷ᠎ᠡ ᠰᠦᠷ ᠢ᠋ᠶ᠋ᠡᠷ ᠨᠢ ᠪᠢᠰᠢᠷᠡᠵᠦ ᠬᠦᠨᠳᠦᠯᠡᠯᠡ᠃ ᠠᠢᠷᠠᠭ ᠴᠠᠭ᠎ᠠ ᠲᠠᠯᠪᠢᠯ᠎ᠠ᠃ ᠰᠠᠶᠢᠬᠠᠨ ᠲᠥᠬᠥᠭᠡᠷᠦᠭᠰᠡᠨ ᠳᠠᠭ᠎ᠠ ᠶ᠋ᠢᠨ ᠮᠢᠬ᠎ᠠ ᠴᠢᠨᠠᠵᠤ ᠵᠣᠴᠢᠯᠠᠬᠤ ᠪᠣᠯᠪᠠ᠃ ᠪᠣᠭᠣᠷᠴᠢ ᠭᠠᠯ ᠢ᠋《ᠠᠭᠤᠯᠵᠠᠶ᠎ᠠ》 ᠭᠡᠵᠦ ᠠᠪᠴᠤ ᠭᠠᠷᠬᠤᠢ ᠯᠤᠭ᠎ᠠ ᠠᠯᠤᠰ ᠵᠠᠮ ᠳ᠋ᠤ᠌ ᠠᠯᠵᠢᠶᠠᠭᠰᠠᠨ ᠪᠡᠯᠭᠦᠳᠡᠢ ᠦᠷᠭᠡᠯᠡᠨ ᠬᠠᠵᠠᠭᠤᠯᠠᠵᠤ ᠤᠨᠲᠠᠭᠠᠳ ᠥᠭᠭᠦᠯ᠎ᠡ᠃ ᠪᠣᠭᠣᠷᠴᠢ ᠭᠠᠯ ᠳ᠋ᠤ᠌᠄
— ᠪᠢ ᠤᠭ ᠨᠢ ᠴᠢᠮ᠎ᠠ ᠶ᠋ᠢ ᠬᠠᠨᠢᠰᠠᠵᠤ ᠲᠡᠮᠦᠵᠢᠨ ᠳ᠋ᠦ᠍ ᠣᠴᠢᠵᠤ ᠨᠡᠢᠯᠡᠶ᠎ᠡ ᠭᠡᠬᠦ ᠭᠡᠰᠡᠨ ᠶᠦᠮ᠃ ᠭᠡᠲᠡᠯ᠎ᠡ ᠨᠠᠮ᠎ᠠ ᠶ᠋ᠢ ᠳᠠᠭᠤᠳᠠᠭᠤᠯᠬᠤ ᠪᠠᠷ ᠳᠡᠭᠦᠦ ᠪᠡᠨ ᠶᠠᠪᠤᠭᠤᠯᠵᠠᠢ᠃ ᠴᠢ ᠮᠢᠨᠦ ᠰᠠᠨᠠᠯ ᠢ᠋ ᠠᠪᠬᠤ ᠪᠠᠢᠭᠰᠠᠨ ᠤᠤ? ᠦᠭᠡᠢ ᠤᠤ? ᠲᠡᠷᠡ ᠨᠢ ᠶᠠᠭᠠᠬᠢᠬᠤᠪ᠃ ᠪᠢ ᠲᠠᠢᠰᠢ ᠪᠠᠨ ᠶᠠᠪᠤᠵᠤ ᠪᠠᠢᠨ᠎ᠠ᠃ ᠴᠢ ᠡᠴᠢᠭᠡ ᠡᠬᠡ ᠬᠣᠶᠠᠷ ᠲᠤ᠌ ᠥᠨᠥ ᠣᠷᠣᠢ ᠣᠴᠢᠭᠠᠳ ᠨᠠᠮ᠎ᠠ ᠶ᠋ᠢ ᠲᠡᠮᠦᠵᠢᠨ ᠤᠷᠤᠭᠤ ᠶᠠᠪᠤᠯ᠎ᠠ ᠭᠡᠳᠡᠭ ᠢ᠋ ᠲᠤᠭᠤᠯᠭ᠎ᠠ᠃ ᠴᠢᠮ᠎ᠠ ᠠ᠋ᠴᠠ ᠡᠭᠦᠨ ᠢ᠋ ᠬᠦᠰᠡᠶ᠎ᠡ ᠭᠡᠪᠡ᠃
— ᠦᠭᠡᠢ ᠠ᠋᠂ ᠪᠣᠭᠣᠷᠴᠢ ᠮᠢᠨᠢ᠂ ᠴᠢ ᠶᠠᠭᠤ ᠶᠠᠷᠢᠵᠤ ᠪᠠᠢᠨ᠎ᠠ? ᠨᠠᠰᠤ ᠠᠬᠢᠵᠤ ᠶᠠᠪᠤᠭ᠎ᠠ ᠡᠴᠢᠭᠡ ᠡᠬᠡ ᠪᠡᠨ ᠬᠠᠶᠠᠴᠢᠬᠠᠭᠠᠳ ᠰᠡᠯᠡᠮ᠎ᠡ ᠶ᠋ᠢᠨ ᠢᠷ᠂ ᠮᠡᠰᠡ ᠶ᠋ᠢᠨ ᠦᠵᠦᠭᠦᠷ ᠤᠷᠤᠭᠤ ᠶᠠᠪᠤᠨ᠎ᠠ ᠭᠡᠰᠡᠨ ᠴᠢᠨᠢ ᠶᠠᠭᠤ ᠭᠡᠰᠡᠨ ᠦᠭᠡ ᠪᠣᠢ? ᠭᠡᠵᠦ ᠭᠠᠯ ᠵᠢᠮᠡᠯᠡᠯᠡ᠃ ᠪᠣᠭᠣᠷᠴᠢ ᠥᠭᠡᠳᠡ ᠡᠴᠡ ᠨᠢ᠄
— ᠡᠷ᠎ᠡ ᠬᠥᠮᠦᠨ ᠵᠣᠷᠢᠪᠠᠯ ᠡᠷᠭᠢᠵᠦ ᠪᠤᠴᠠᠬᠤ ᠵᠠᠮ ᠦᠭᠡᠢ᠂ ᠡᠷᠭᠢ ᠨᠢᠭᠡ ᠨᠤᠷᠠᠪᠠᠯ ᠡᠷᠭᠢᠵᠦ ᠪᠣᠰᠬᠤ ᠪᠡᠶ᠎ᠡ ᠦᠭᠡᠢ ᠭᠡᠰᠡᠨ ᠦᠭᠡ ᠪᠠᠢᠳᠠᠭ᠃ ᠭᠠᠯ ᠮᠢᠨᠢ᠂ ᠪᠢ ᠨᠢᠭᠡᠨᠲᠡ ᠰᠢᠢᠳᠦᠭᠰᠡᠨ ᠭᠡᠯᠡ᠃ ᠢᠩᠭᠢᠭᠡᠳ ᠪᠡᠯᠭᠦᠳᠡᠢ ᠶ᠋ᠢᠨ ᠬᠠᠮᠲᠤ ᠠᠯᠤᠰ ᠤ᠋ᠨ ᠵᠠᠮ ᠳ᠋ᠤ᠌ ᠮᠣᠷᠳᠠᠭᠰᠠᠨ ᠪᠥᠯᠥᠭᠡ᠃
ᠭᠠᠯ ᠬᠡᠴᠡᠭᠦᠦ ᠠᠯᠪᠠᠨ ᠳ᠋ᠤ᠌ ᠣᠨᠣᠭᠳᠠᠵᠤ ᠨᠠᠬᠤ ᠭᠤᠸᠠᠢ ᠶ᠋ᠢᠨ ᠤᠷᠤᠭᠤ ᠵᠢᠷᠦᠬᠡ ᠰᠢᠮᠰᠢᠷᠡᠨ ᠠᠯᠬᠤᠯ᠎ᠠ᠃ ᠠᠯᠲᠠᠵᠢᠨ ᠡᠵᠢ᠄
— ᠪᠣᠭᠣᠷᠴᠢ ᠴᠢᠮᠠᠲᠠᠢ ᠠᠭᠤᠯᠵᠠᠨ᠎ᠠ ᠭᠡᠳ ᠡᠳᠦᠷ ᠮᠣᠷᠳᠠᠭᠰᠠᠨ᠃ ᠦᠵᠡᠭᠳᠡᠪᠡᠦ? ᠭᠡᠵᠦ ᠠᠰᠠᠭᠤᠯ᠎ᠠ ᠃ ᠭᠠᠯ ᠄
— ᠦᠵᠡᠭᠳᠡᠭᠰᠡᠨ ᠁ ᠭᠡᠵᠦ ᠲᠦᠭᠳᠡᠷᠡᠪᠡ᠃
— ᠲᠡᠭᠡᠭᠡᠳ ᠬᠠᠢᠴᠢᠭᠠ(ᠬᠠᠮᠢᠭ᠎ᠠ ᠣᠴᠢᠭ᠎ᠠ) ᠶᠤᠮ ᠪᠣᠯ?
— ᠬᠠᠷᠢᠨ ᠨᠠᠮ᠎ᠠ ᠶ᠋ᠢ ᠁ ᠲᠠᠨᠠᠷ ᠲᠤ᠌ ᠬᠡᠯᠡ! ᠭᠡᠵᠦ ᠁ ᠶᠢᠰᠦᠭᠡᠢ ᠪᠠᠭᠠᠲᠤᠷ ᠤ᠋ᠨ ᠬᠦᠦ ᠲᠡᠮᠦᠵᠢᠨ ᠲᠡᠢ ᠨᠥᠬᠥᠷᠯᠡᠬᠦ ᠪᠡᠷ ᠶᠠᠪᠤᠯ᠎ᠠ ᠭᠡᠰᠡᠨ ᠃ ᠡᠬᠡ ᠨᠢ ᠳᠠᠭᠤ ᠠᠯᠳᠠᠵᠤ:
— ᠲᠡᠭᠡᠭᠡᠳ ᠶᠠᠪᠤᠭᠠᠳ ᠥᠭᠭᠦᠯ᠎ᠡ ᠭᠡᠵᠦ ᠤᠤ? ᠬᠦᠦ ᠮᠢᠨᠢ᠂ ᠬᠦᠦ ᠮᠢᠨᠢ ᠠ᠋ ᠭᠡᠳ ᠤᠨᠠᠴᠢᠬᠠᠪᠠ᠃ ᠡᠴᠢᠭᠡ ᠨᠢ ᠳᠤᠤᠭᠠᠷᠤᠭᠰᠠᠨ ᠦᠭᠡᠢ᠂ ᠬᠦᠷᠡᠯᠡᠢᠵᠦ ᠪᠠᠷᠤᠢᠭᠠᠳ᠄
— ᠶᠠᠭᠤ ᠭᠡᠰᠡᠨ ᠦᠭᠡ ᠪᠣᠢ? ᠰᠡᠯᠡᠮ᠎ᠡ ᠶ᠋ᠢᠨ ᠢᠷ᠂ ᠵᠡᠪᠡ ᠶ᠋ᠢᠨ ᠦᠵᠦᠭᠦᠷ ᠤᠷᠤᠭᠤ ᠶᠠᠪᠤᠵᠤ ᠪᠠᠢᠭ᠎ᠠ ᠯᠠ ᠭᠡᠰᠡᠨ ᠦᠭᠡ᠃ ᠵᠠ ᠶᠠᠭᠠᠬᠢᠬᠤᠪ᠂ ᠬᠦᠦ ᠦᠭᠡᠢ ᠯᠡ ᠪᠣᠯᠵᠤ ᠳᠠ ᠭᠡᠳ ᠬᠡᠰᠡᠭ ᠵᠠᠭᠤᠷ᠎ᠠ ᠰᠠᠭᠤᠭᠰᠠᠨ ᠢ᠋ᠶ᠋ᠠᠨ ᠵᠢᠵᠢᠭ ᠰᠢᠷᠭᠤᠯᠤᠭᠠ ᠠ᠋ᠴᠠ ᠨᠢᠭᠡ ᠶᠠᠭᠤᠮ᠎ᠠ ᠠᠪᠴᠤ ᠠᠯᠳᠠᠵᠢᠨ ᠤᠷᠤᠭᠤ ᠣᠴᠢᠵᠤ ᠦᠨᠦᠷᠲᠦᠭᠦᠯᠦᠨ ᠲᠣᠯᠣᠭᠠᠢ ᠶ᠋ᠢ ᠨᠢ ᠲᠦᠰᠢᠨ᠂ ᠡᠨᠳᠡ ᠲᠡᠨᠳᠡ ᠨᠢ ᠪᠠᠷᠢᠵᠤ ᠢᠯᠢᠯᠭᠡ ᠬᠢᠪᠡ᠃ ᠭᠠᠳᠠᠨ᠎ᠠ ᠠ᠋ᠴᠠ ᠬᠣᠲᠠᠨ ᠤ᠋ ᠬᠢᠨᠢ ᠴᠤᠭᠯᠠᠷᠠᠨ《ᠶᠠᠭᠠᠬᠢᠬᠤ ᠪᠢᠯᠡ? ᠶᠠᠭᠠᠬᠢᠬᠤ ᠪᠢᠯᠡ?》 ᠭᠡᠯᠴᠡᠨ᠎ᠡ᠃ ᠨᠢᠭᠡ ᠬᠠᠰᠢᠷ ᠡᠮᠡᠭᠡᠨ᠄
— ᠭᠡᠵᠢᠭᠡᠨ ᠦ᠌ ᠬᠢᠨᠢ ᠦᠵᠦᠭᠦᠷ ᠢ᠋ ᠲᠦᠯᠡᠵᠦ ᠦᠨᠦᠷᠲᠦᠭᠦᠯᠦᠨ ᠭᠡᠪᠡ᠃ ᠦᠨᠡᠬᠡᠷ ᠲᠡᠭᠦᠨ ᠡᠴᠡ ᠪᠣᠯᠤᠭᠰᠠᠨ ᠤᠤ? ᠥᠭᠡᠷ᠎ᠡ ᠬᠦᠴᠦᠨ ᠵᠦᠢᠯ ᠡᠴᠡ ᠤᠤ? ᠠᠯᠳᠠᠵᠢᠨ ᠬᠡᠰᠡᠭ ᠵᠠᠭᠤᠷ᠎ᠠ ᠤᠨᠠᠭᠠᠳ ᠰᠡᠷᠭᠦᠵᠦ ᠢᠷᠡᠯ᠎ᠡ᠃ ᠡᠳᠡᠨ ᠦ᠌ ᠬᠢᠨ ᠳ᠋ᠦ᠍ ᠬᠦᠨᠳᠦ ᠣᠢ ᠭᠠᠰᠢᠭᠤ ᠲᠣᠬᠢᠶᠠᠯᠳᠤᠵᠤ᠂ ᠨᠠᠬᠤ ᠠᠭᠤᠵᠢᠭᠤ ᠰᠡᠳᠬᠢᠯ ᠭᠠᠷᠭᠠᠨ:
— ᠶᠠᠪᠤᠭᠰᠠᠨ ᠬᠥᠮᠦᠨ ᠢᠷᠡᠳᠡᠭ᠂ ᠢᠷᠡᠭᠰᠡᠨ ᠰᠢᠪᠠᠭᠤ ᠪᠤᠴᠠᠳᠠᠭ ᠭᠡᠰᠡᠨ ᠦᠭᠡ ᠪᠣᠢ᠃ ᠬᠥᠭᠰᠢᠨ ᠮᠢᠨᠢ ᠳᠡ᠂ ᠬᠥᠬᠡ ᠮᠥᠩᠭᠥᠨ ᠲᠡᠭᠷᠢ ᠳ᠋ᠡᠭᠡᠨ ᠵᠠᠯᠪᠠᠷᠢᠵᠤ᠂ ᠰᠦ ᠰᠠᠴᠤᠯᠢ ᠪᠠᠨ ᠡᠷᠭᠦᠭᠡᠳ ᠰᠦᠰᠦᠭᠯᠡᠵᠦ ᠭᠤᠶᠤᠭᠠᠳ ᠯᠠ ᠪᠠᠢᠶ᠎ᠠ ᠳᠠ ᠭᠡᠯᠡ᠃
ᠪᠡᠯᠭᠦᠳᠡᠢ ᠪᠣᠭᠣᠷᠴᠢ ᠬᠣᠶᠠᠷ ᠰᠥᠨᠢᠵᠢᠨ ᠶᠠᠪᠤᠯ᠎ᠠ᠃ ᠬᠣᠯᠠ ᠶ᠋ᠢᠨ ᠵᠠᠮ ᠳ᠋ᠤ᠌ ᠮᠣᠷᠢᠳ ᠢ᠋ᠶ᠋ᠠᠨ ᠭᠠᠮᠨᠠᠵᠤ ᠱᠣᠭᠰᠢᠬᠤ ᠲᠡᠳᠦᠢ᠃ ᠬᠠᠶᠠ ᠵᠠᠷᠢᠮ ᠳ᠋ᠠᠭᠠᠨ ᠴᠠᠭᠠᠨ ᠭᠠᠵᠠᠷ ᠶᠥᠷᠭᠡᠭᠦᠯᠦᠨᠡ᠃ ᠲᠡᠳᠦᠢ ᠯᠡ ᠶᠡᠬᠡ ᠶᠠᠷᠢᠭᠰᠠᠨ ᠦᠭᠡᠢ᠂ ᠭᠡᠬᠦ ᠳ᠋ᠡᠭᠡᠨ ᠪᠠᠰᠠ ᠳᠤᠭᠤᠢ ᠶᠠᠪᠤᠭᠰᠠᠨ ᠦᠭᠡᠢ᠃ ᠦᠦᠷ ᠴᠠᠢᠬᠤ ᠦᠶ᠎ᠡ ᠪᠡᠷ ᠨᠢᠭᠡ ᠠᠶᠠᠲᠠᠢ ᠬᠠᠭᠤᠷᠠᠢ ᠡᠭᠡᠪᠦᠷ ᠭᠠᠵᠠᠷ ᠪᠠᠭᠤᠵᠤ᠂ ᠮᠣᠷᠢᠳ ᠤ᠋ᠨ ᠢ᠋ᠶ᠋ᠠᠨ ᠡᠮᠡᠭᠡᠯ ᠢ᠋ ᠠᠪᠴᠤ ᠨᠢᠷᠤᠭᠤ ᠶ᠋ᠢ ᠨᠢ ᠠᠮᠠᠷᠠᠭᠠᠬᠤ ᠪᠠᠷ ᠴᠢᠳᠥᠷᠯᠡᠵᠦ ᠲᠠᠯᠪᠢᠭᠠᠳ᠂ ᠲᠣᠬᠣᠮ ᠢ᠋ᠶ᠋ᠠᠨ ᠳᠡᠪᠢᠰᠦᠨ ᠬᠡᠪᠲᠡᠵᠦ᠂ ᠬᠣᠶᠠᠭᠤᠯᠠ ᠰᠦᠷᠡᠬᠡᠢ ᠤᠨᠲᠠᠵᠤ ᠨᠣᠢᠷ ᠠᠪᠤᠯ᠎ᠠ᠃ ᠨᠠᠷᠠ ᠭᠠᠷᠤᠭᠠᠳ ᠳᠡᠭᠡᠭᠰᠢ ᠬᠥᠭᠡᠷᠬᠦ ᠰᠠᠴᠠᠭᠤ ᠰᠡᠷᠡᠵᠦ ᠮᠣᠷᠳᠠᠯ᠎ᠠ᠃ ᠥᠷᠯᠥᠭᠡᠭᠦᠷ ᠨᠢᠭᠡ ᠲᠠᠷᠪᠠᠭ᠎ᠠ ᠱᠣᠭᠯᠠᠯᠠ᠃ ᠴᠠᠭᠠᠰᠢ ᠨᠡᠯᠢᠶᠡᠳ ᠶᠠᠪᠤᠵᠤ ᠦᠳᠡ ᠪᠣᠯᠬᠤ ᠰᠠᠴᠠᠭᠤ ᠪᠣᠷᠣᠭᠠᠰᠢᠵᠤ᠂ ᠡᠨᠳᠡ ᠲᠡᠨᠳᠡ ᠳᠠᠭᠤ ᠴᠠᠬᠢᠯᠭᠠᠨ ᠲᠠᠢ ᠪᠣᠷᠣᠭᠠᠨ ᠣᠷᠣᠪᠠᠴᠤ ᠲᠡᠷᠡ ᠬᠣᠶᠠᠷ ᠠ᠋ᠴᠠ ᠵᠠᠢᠳᠠᠭᠤ ᠥᠩᠭᠡᠷᠡᠭᠡᠳ ᠪᠠᠢᠪᠠ᠃ ᠪᠣᠭᠣᠷᠴᠢ᠄《ᠡᠨᠡ ᠪᠡᠯᠭᠦᠳᠡᠢ ᠪᠣᠷᠣᠭᠠᠨ ᠬᠥᠭᠡᠭᠡᠳᠡᠭ ᠷᠢᠳᠢ ᠰᠢᠳᠢ ᠲᠡᠢ᠂ ᠤᠩᠰᠢᠯᠭ᠎ᠠ ᠲᠠᠢ ᠤᠷᠢᠯᠭ᠎ᠠ ᠲᠠᠢ ᠶᠤᠮ ᠪᠣᠯᠪᠠᠤ?》 ᠭᠡᠵᠦ ᠪᠣᠳᠣᠵᠤ ᠶᠠᠪᠤᠬᠤ ᠳ᠋ᠤ᠌ ᠨᠥᠭᠥᠭᠡᠳᠡᠬᠢ ᠨᠢ ᠪᠠᠰᠠ《ᠡᠨᠡ ᠪᠣᠭᠣᠷᠴᠢ ᠯᠠ ᠪᠣᠷᠣᠭ᠎ᠠ ᠵᠠᠢᠯᠠᠭᠤᠯᠤᠭᠠᠳ ᠪᠠᠢᠨ᠎ᠠ ᠤᠤ ᠳᠠ?》 ᠭᠡᠵᠦ ᠭᠠᠢᠬᠠᠵᠤ ᠶᠠᠪᠤᠪᠠ᠃ ᠣᠷᠣᠢ ᠪᠣᠯᠵᠤ ᠬᠠᠷᠠᠩᠭᠤᠢ ᠨᠥᠮᠥᠷᠦᠯᠡ᠃ ᠪᠣᠷᠣᠭ᠎ᠠ ᠣᠢᠷᠠᠲᠤᠭᠠᠳ ᠯᠠ᠂ ᠰᠢᠷᠦᠭᠦᠨ ᠪᠣᠷᠣᠭ᠎ᠠ ᠲᠠᠢ ᠤᠴᠠᠷᠠᠬᠤ ᠳᠠ᠃ ᠨᠢᠭᠡ ᠤᠳᠠᠭ᠎ᠠ ᠴᠠᠬᠢᠯᠭᠠᠨ ᠴᠠᠬᠢᠯᠬᠤ ᠵᠠᠭᠤᠷ᠎ᠠ ᠭᠠᠭᠴᠠ ᠠᠢᠯ ᠬᠠᠷᠠᠭᠳᠠᠪᠠ᠃ ᠨᠣᠬᠠᠢ ᠨᠢ ᠴᠦ᠍ ᠬᠤᠴᠠᠵᠤ ᠪᠠᠢᠨ᠎ᠠ᠃ ᠪᠡᠯᠭᠦᠳᠡᠢ᠄
— ᠠᠢᠯ ᠳ᠋ᠤ᠌ ᠣᠷᠣᠵᠤ ᠬᠣᠨᠣᠭᠯᠠᠶᠠ᠃ ᠨᠤᠲᠤᠭ ᠤ᠋ᠨ ᠲᠠᠨᠢᠳᠠᠭ ᠠᠢᠯ ᠪᠠᠢᠵᠤ ᠪᠣᠯᠤᠨ᠎ᠠ᠃ ᠤᠭ ᠨᠢ ᠮᠠᠨᠠᠢᠬᠢ ᠣᠢᠷᠠᠳᠴᠤ ᠪᠠᠢᠨ᠎ᠠ ᠯᠠ ᠳᠠ᠃ ᠪᠣᠷᠣᠭᠠᠨ ᠳ᠋ᠤ᠌ ᠱᠠᠯᠠᠪ ᠴᠣᠬᠢᠭᠤᠯᠤᠭᠠᠳ ᠶᠠᠭᠠᠬᠢᠬᠤ? ᠡᠨᠡ ᠠᠢᠯ ᠳ᠋ᠤ᠌ ᠣᠴᠢᠶ᠎ᠠ ᠭᠡᠬᠦ ᠳ᠋ᠦ᠍ᠨᠢ ᠪᠣᠭᠣᠷᠴᠢ ᠲᠠᠲᠠᠭᠠᠯᠵᠠᠭᠰᠠᠨ ᠦᠭᠡᠢ᠄
— ᠲᠡᠭᠡᠶ᠎ᠡ ᠭᠡᠪᠡ᠃
ᠨᠣᠬᠠᠢ ᠨᠢ ᠰᠦᠷᠡᠬᠡᠢ ᠵᠠᠭᠤᠮᠠᠬᠠᠢ ᠶᠤᠮ᠃ ᠬᠣᠶᠠᠷ ᠨᠣᠬᠠᠢ ᠪᠣᠷᠭᠣᠵᠤ ᠲᠣᠭᠣᠷᠢᠬᠤ ᠠᠵᠢ᠃ ᠭᠠᠳᠠᠭ᠎ᠠ ᠨᠢ ᠣᠴᠢᠭᠠᠳ《ᠨᠣᠬᠠᠢ ᠬᠣᠷᠢ!》 ᠭᠡᠵᠦ ᠲᠠᠭᠤᠲᠠᠯ᠎ᠠ᠃ ᠨᠡᠯᠢᠶᠡᠳ ᠤᠳᠠᠵᠤ ᠨᠢᠭᠡ ᠪᠠᠭᠠᠬᠠᠨ ᠪᠦᠰᠡᠭᠦᠢ ᠭᠠᠷᠴᠤ ᠢᠷᠡᠭᠡᠳ ᠨᠣᠬᠠᠢ ᠪᠠᠨ《ᠵᠣᠪ》 ᠭᠡᠵᠦ ᠵᠠᠢᠯᠠᠭᠤᠯᠤᠯ᠎ᠠ᠃ ᠲᠡᠳᠡ ᠭᠡᠷ ᠲᠦ᠍ ᠣᠷᠣᠪᠠᠯ ᠨᠢᠭᠡ ᠠᠬᠢᠮᠠᠭ ᠨᠠᠰᠤᠨ ᠤ᠋ ᠬᠥᠭᠰᠢᠨ ᠵᠡᠭᠦᠨ ᠣᠷᠣᠨ ᠳᠡᠭᠡᠷ᠎ᠡ ᠬᠡᠪᠲᠡᠵᠦ ᠪᠠᠢᠪᠠ᠃ ᠬᠣᠶᠠᠷ ᠵᠠᠯᠠᠭᠤ ᠲᠡᠭᠦᠨ ᠲᠡᠢ ᠮᠡᠨᠳᠦᠯᠡᠭᠡᠳ ᠰᠠᠭᠤᠵᠠᠭᠠᠪᠠ᠃ ᠪᠦᠰᠡᠭᠦᠢ ᠣᠷᠣᠵᠤ ᠢᠷᠡᠭᠡᠳ ᠬᠠᠲᠠᠪᠴᠢᠨ ᠳ᠋ᠠᠭᠠᠨ ᠵᠣᠭᠰᠣᠬᠤ ᠨᠢ ᠨᠡᠯᠢᠶᠡᠳ ᠵᠢᠬᠢᠷᠬᠢᠵᠦ ᠪᠠᠢᠭ᠎ᠠ ᠶᠠᠩᠵᠤᠲᠠᠢ᠃ ᠠᠪᠠᠭᠠᠢ ᠲᠡᠳᠡᠨ ᠢ᠋ ᠬᠠᠮᠢᠭ᠎ᠠ ᠠ᠋ᠴᠠ ᠬᠠᠮᠢᠭ᠎ᠠ ᠬᠦᠷᠴᠦ ᠶᠠᠪᠤᠭ᠎ᠠ ᠶ᠋ᠢ ᠪᠠᠢᠴᠠᠭᠠᠬᠤ ᠳ᠋ᠤ᠌ ᠪᠡᠯᠭᠦᠳᠡᠢ᠄
— ᠮᠠᠨᠠᠢᠬᠢ ᠬᠣᠯᠠ ᠦᠭᠡᠢ᠃ ᠬᠣᠷᠬᠣᠨᠠᠭ ᠵᠥᠪᠦᠷ ᠦ᠋ᠨ ᠴᠡᠭᠡᠵᠢᠨ ᠳ᠋ᠦ᠍᠃ ᠪᠣᠷᠣᠭ᠎ᠠ ᠣᠷᠣᠵᠤ ᠮᠠᠭᠠᠳ ᠦᠭᠡᠢ ᠪᠠᠢᠬᠤ ᠲᠤᠯᠠ ᠬᠣᠨᠣᠭᠠᠳ ᠶᠠᠪᠤᠪᠠᠯ ᠪᠣᠯᠬᠤ ᠤᠤ? ᠭᠡᠬᠦ ᠳ᠋ᠦ᠍ ᠡᠮᠡᠭᠡᠨ᠄
— ᠲᠡᠭᠡ ᠯᠡ ᠳᠡ ᠭᠡᠯᠡ᠃
ᠲᠡᠷᠡ ᠬᠣᠶᠠᠷ ᠪᠦᠰᠡᠭᠦᠢ ᠶ᠋ᠢᠨ ᠬᠠᠮᠲᠤ ᠭᠠᠷᠴᠤ ᠮᠣᠷᠢᠳ ᠢ᠋ᠶ᠋ᠠᠨ ᠬᠡᠷᠦᠵᠦ ᠲᠠᠯᠪᠢᠭᠠᠳ ᠡᠮᠡᠭᠡᠯ᠂ ᠵᠠᠷ ᠵᠡᠪᠰᠡᠭ ᠢ᠋ᠶ᠋ᠡᠨ ᠭᠡᠷ ᠲᠦ᠍ ᠣᠷᠣᠭᠤᠯᠪᠠ᠃ ᠪᠦᠰᠡᠭᠦᠢ ᠲᠡᠳᠡᠨ ᠦ᠌ ᠲᠠᠷᠠᠭ᠂ ᠥᠷᠥᠮ᠎ᠡ ᠥᠭᠭᠦᠭᠰᠡᠨ ᠳ᠋ᠦ᠍ ᠲᠡᠳᠡ ᠲᠠᠯᠠᠷᠬᠠᠨ ᠢᠳᠡᠵᠦ ᠤᠤᠭᠤᠭᠠᠳ ᠤᠨᠲᠠᠬᠤ ᠬᠡᠪᠲᠡᠬᠦ ᠪᠣᠯᠤᠯ᠎ᠠ᠃ ᠭᠡᠷ ᠦ᠋ᠨ ᠬᠣᠢᠭᠤᠷ ᠬᠣᠶᠠᠷ ᠵᠣᠴᠢᠨ ᠳ᠋ᠠᠭᠠᠨ ᠳᠡᠪᠢᠰᠬᠡᠷ ᠳᠡᠪᠢᠰᠴᠦ ᠬᠤᠴᠢᠯᠭ᠎ᠠ ᠲᠠᠯᠪᠢᠯ᠎ᠠ᠃ ᠪᠣᠷᠣᠭ᠎ᠠ ᠣᠷᠣᠨ᠎ᠠ ᠭᠡᠵᠦ ᠡᠷᠦᠬᠡ ᠪᠦᠲᠡᠭᠡᠭᠰᠡᠨ ᠲᠤᠯᠠ ᠬᠠᠷᠠᠩᠭᠤᠢ ᠴᠤ᠌ ᠭᠡᠵᠦ ᠬᠠᠴᠢᠨ᠃ ᠪᠣᠷᠣᠭ᠎ᠠ ᠴᠤ᠌ ᠣᠷᠣᠯ᠎ᠠ᠃ ᠬᠠᠶᠠ ᠰᠢᠷᠦᠭᠦᠰᠴᠦ᠂ ᠬᠠᠶᠠ ᠲᠠᠰᠤᠷᠠᠵᠤ ᠠᠮᠢᠰᠬᠤᠭ᠎ᠠ ᠠᠪᠴᠤ ᠪᠠᠢᠭ᠎ᠠ ᠴᠤ᠌ ᠶᠤᠮ ᠤᠤ? ᠭᠡᠯᠲᠡᠢ᠃ ᠲᠦᠳᠡᠯ ᠦᠭᠡᠢ ᠪᠡᠯᠭᠦᠳᠡᠢ ᠮᠥᠯᠬᠥᠭᠡᠳ ᠶᠠᠪᠤᠴᠢᠬᠠᠯ᠎ᠠ᠃ ᠴᠠᠭᠠᠳᠤᠬᠢ ᠨᠢ ᠴᠠᠭᠠᠷᠢᠭᠯᠠᠭᠰᠠᠨ ᠦᠭᠡᠢ᠃ ᠪᠣᠭᠣᠷᠴᠢ《ᠪᠣᠯᠵᠤ ᠳᠠ》 ᠭᠡᠵᠦ ᠪᠣᠳᠣᠭᠠᠳ ᠲᠦᠳᠡᠯ ᠦᠭᠡᠢ ᠨᠠᠮ ᠤᠨᠲᠠᠵᠠᠢ᠃ ᠨᠢᠭᠡ ᠮᠡᠳᠡᠬᠦ ᠳ᠋ᠦ᠍ ᠥᠷᠯᠥᠭᠡ ᠨᠠᠷᠠ ᠲᠣᠭᠣᠨᠣ ᠪᠠᠨ ᠬᠤᠷᠤᠭᠤ ᠳᠠᠪᠠᠵᠤ ᠪᠠᠢᠯ᠎ᠠ᠃ ᠭᠡᠷ ᠦ᠋ᠨ ᠭᠠᠳᠠᠭ᠎ᠠ ᠬᠣᠶᠠᠷ ᠬᠥᠮᠦᠨ ᠳᠤᠤᠭᠠᠷᠤᠯᠳᠤᠨᠠ᠃ ᠪᠡᠯᠭᠦᠳᠡᠢ ᠲᠤᠩ ᠴᠤ᠌ ᠪᠥᠬᠡ ᠪᠠᠲᠤ ᠤᠨᠲᠠᠵᠤ ᠪᠠᠢᠨ᠎ᠠ᠃ ᠥᠮᠥᠳᠥ ᠭᠤᠲᠤᠯ ᠵᠡᠷᠭᠡ ᠨᠢ ᠣᠷᠬᠢᠭᠰᠠᠨ ᠪᠠᠢᠷᠢᠨ ᠳ᠋ᠠᠭᠠᠨ ᠪᠠᠢᠬᠤᠯᠠᠷ ᠲᠡᠭᠦᠨ ᠢ᠋ ᠨᠢ ᠣᠢᠷᠠᠲᠤᠭᠤᠯᠵᠤ ᠲᠠᠯᠪᠢᠯ᠎ᠠ᠃ ᠠᠪᠠᠭᠠᠢ ᠣᠷᠣᠵᠤ ᠢᠷᠡᠵᠦ ᠥᠷᠯᠥᠭᠡᠨ ᠦ᠌ ᠮᠡᠨᠳᠦ ᠮᠡᠳᠡᠯᠴᠡᠨ ᠪᠣᠭᠣᠷᠴᠢ ᠭᠠᠷᠤᠯ᠎ᠠ᠃ ᠲᠩᠷᠢ ᠴᠡᠯᠮᠡᠵᠡᠢ᠃ ᠮᠣᠷᠢᠳ ᠨᠢ ᠣᠢᠷᠠᠬᠠᠨ ᠬᠠᠷᠠᠭᠳᠠᠨ᠎ᠠ᠃ ᠪᠣᠭᠣᠷᠴᠢ ᠮᠣᠷᠢᠳ ᠢ᠋ᠶ᠋ᠠᠨ ᠪᠠᠷᠢᠬᠤ ᠪᠠᠷ ᠭᠡᠷ ᠲᠦ᠍ ᠣᠷᠣᠵᠤ ᠨᠣᠭᠲᠣ ᠬᠠᠵᠠᠭᠠᠷ ᠢ᠋ᠶ᠋ᠠᠨ ᠠᠪᠴᠤ ᠭᠠᠷᠬᠤ ᠳ᠋ᠤ᠌ ᠭᠠᠳᠠᠭ᠎ᠠ ᠪᠠᠢᠭᠰᠠᠨ ᠪᠦᠰᠡᠭᠦᠢ ᠭᠦᠶᠦᠵᠦ ᠢᠷᠡᠭᠡᠳ᠄
— ᠠᠬ᠎ᠠ ᠠ᠋᠂ ᠪᠢ ᠮᠣᠷᠢᠳ ᠪᠠᠷᠢᠭᠠᠳ ᠢᠷᠡᠶ᠎ᠡ᠃ ᠨᠣᠭᠣᠭ᠎ᠠ ᠶᠡᠬᠡ ᠨᠣᠢᠲᠠᠨ ᠪᠠᠢᠨ᠎ᠠ ᠭᠡᠵᠦ ᠬᠠᠵᠠᠭᠠᠷ ᠢ᠋ ᠨᠢ ᠰᠢᠭᠦᠷᠡᠨ ᠠᠪᠤᠯ᠎ᠠ᠃
ᠪᠣᠭᠣᠷᠴᠢ ᠬᠠᠷᠠᠪᠠᠯ ᠲᠡᠷᠡ ᠪᠦᠰᠡᠭᠦᠢ ᠬᠥᠯ ᠨᠢᠴᠦᠭᠦᠨ᠂ ᠥᠮᠥᠳᠥᠨ ᠦ᠌ ᠪᠡᠨ ᠰᠢᠷᠬᠤᠨᠠᠭ ᠢ᠋ ᠡᠷᠭᠢᠭᠦᠯᠵᠦ ᠳᠡᠭᠡᠭᠰᠢ ᠨᠤᠭᠤᠯᠵᠠᠢ᠃ ᠰᠢᠭᠤᠮᠠᠭ ᠠ᠋ᠴᠠ ᠨᠢ ᠳᠣᠣᠭᠤᠷ ᠫᠠᠯᠲᠠᠭᠠᠷ ᠮᠢᠬᠠᠯᠢᠭ ᠲᠠᠪᠠᠬᠠᠢ᠂ ᠪᠤᠯᠴᠢᠩᠯᠢᠭ ᠭᠠᠩᠳᠠᠮᠠᠯ ᠬᠦᠷᠡᠩ ᠰᠢᠯᠪᠢ ᠬᠠᠷᠠᠭᠳᠠᠨ᠎ᠠ᠃ ᠪᠦᠬᠦᠯᠢ ᠪᠡᠶ᠎ᠡ ᠴᠣᠭᠴᠠᠰ ᠨᠢ ᠵᠣᠬᠢᠴᠠᠭᠰᠠᠨ᠃ ᠢᠨᠢᠶᠡᠮᠰᠦᠭᠯᠡᠭᠰᠡᠨ ᠣᠨᠢᠭᠠᠷ ᠨᠢᠳᠦᠨ ᠡᠴᠡ ᠨᠢ ᠭᠠᠯ ᠴᠣᠭ ᠪᠠᠳᠠᠷᠠᠬᠤ ᠮᠡᠲᠦ ᠠᠪᠠᠢ᠃
ᠪᠣᠭᠣᠷᠴᠢ ᠭᠡᠷ ᠲᠦ᠍ ᠣᠷᠣᠭᠠᠳ ᠪᠡᠯᠭᠦᠳᠡᠢ ᠶ᠋ᠢ ᠰᠡᠷᠡᠭᠡᠬᠦ ᠰᠠᠨᠠᠭᠠᠲᠠᠢ ᠴᠢᠮᠡᠭᠡ ᠥᠭᠴᠦ ᠦᠵᠡᠯ᠎ᠡ᠃ ᠰᠡᠷᠡᠳᠡᠭ ᠦᠭᠡᠢ ᠠ᠋ ᠃ ᠭᠡᠷ ᠦ᠋ᠨ ᠡᠵᠡᠭᠲᠡᠢ ᠠᠪᠠᠭᠠᠢ ᠴᠠᠢ ᠠᠶᠠᠭᠠᠯᠠᠵᠤ ᠥᠭᠭᠦᠭᠡᠳ ᠡᠮᠦᠨᠡᠬᠢ ᠪᠢᠴᠢᠬᠠᠨ ᠲᠠᠯᠪᠢᠭᠤᠷ ᠳᠡᠭᠡᠷ᠎ᠡ ᠲᠠᠪᠠᠭ ᠲᠠᠢ ᠥᠷᠥᠮ᠎ᠡ ᠠᠭᠠᠷᠤᠤᠯ ᠲᠠᠯᠪᠢᠯ᠎ᠠ᠃ ᠮᠣᠳᠣᠨ ᠳᠣᠮᠪᠣ ᠲᠠᠢ ᠴᠠᠢ ᠬᠠᠯᠠᠭᠤᠨ ᠠᠭᠠᠳ ᠪᠣᠭᠤᠷᠴᠢ ᠰᠡᠷᠡᠬᠦ ᠳ᠋ᠦ᠍ ᠭᠠᠯ ᠳᠡᠭᠡᠷ᠎ᠡ ᠪᠤᠴᠠᠯᠵᠤ ᠪᠠᠢᠭᠰᠠᠨ ᠲᠣᠭᠣᠭ᠎ᠠ ᠲᠠᠢ ᠶᠠᠭᠤᠮ᠎ᠠ《ᠱᠣᠷ ᠱᠣᠷ》 ᠪᠤᠴᠠᠯᠤᠭᠰᠠᠭᠠᠷ ᠪᠣᠷᠴᠠᠨ ᠤ᠋ ᠦᠨᠦᠷ ᠬᠠᠮᠠᠷ ᠴᠣᠷᠭᠢᠨ᠎ᠠ᠃ ᠲᠡᠭᠡᠲᠡᠯ᠎ᠡ ᠪᠡᠯᠭᠦᠳᠡᠢ ᠰᠡᠷᠡᠵᠦ ᠭᠡᠷ ᠲᠡᠭᠡᠨ ᠪᠠᠢᠭ᠎ᠠ ᠶᠤᠮ ᠰᠢᠭ᠋ ᠰᠤᠨᠢᠶᠠᠭᠠᠳ ᠬᠠᠵᠠᠭᠤ ᠳ᠋ᠠᠬᠢ ᠬᠤᠪᠴᠠᠰᠤ ᠪᠠᠨ ᠡᠮᠦᠰᠴᠦ᠂ ᠬᠥᠭᠰᠢᠨ ᠲᠡᠢ ᠥᠷᠯᠥᠭᠡᠨ ᠦ᠌ ᠮᠡᠨᠳᠦ ᠮᠡᠳᠡᠯᠴᠡᠭᠡᠳ ᠭᠠᠷᠪᠠ᠃ ᠲᠡᠷᠡ ᠪᠡᠷ ᠭᠠᠳᠠᠭ᠎ᠠ ᠭᠠᠷᠤᠭᠠᠳ ᠮᠣᠷᠢ ᠪᠠᠷᠢᠵᠤ ᠢᠷᠡᠵᠦ ᠶᠠᠪᠤᠭ᠎ᠠ ᠪᠦᠰᠡᠭᠦᠢ ᠲᠡᠢ ᠬᠥᠬᠢᠭᠦᠨ ᠢ᠋ᠶ᠋ᠡᠷ ᠶᠠᠷᠢᠵᠤ ᠢᠨᠢᠶᠡᠯᠳᠦᠬᠦ ᠨᠢ ᠰᠣᠨᠣᠰᠳᠠᠪᠠ᠃ ᠲᠡᠭᠡᠭᠡᠳ ᠨᠡᠯᠢᠶᠡᠳ ᠤᠳᠠᠵᠤ ᠪᠠᠢᠵᠤ ᠣᠷᠣᠵᠤ ᠢᠷᠡᠯ᠎ᠡ᠃
ᠭᠡᠷ ᠦ᠋ᠨ ᠡᠵᠡᠭᠲᠡᠢ ᠬᠣᠶᠠᠷ ᠵᠣᠴᠢᠨ ᠳ᠋ᠠᠭᠠᠨ ᠢᠯᠵᠠ ᠴᠢᠨᠠᠭᠰᠠᠨ ᠡᠪᠦᠯ ᠦ᠋ᠨ ᠦᠬᠡᠷ ᠦ᠋ᠨ ᠪᠣᠷᠴᠠᠨ ᠤ᠋᠂ ᠨᠢᠭᠡ ᠨᠢᠭᠡ ᠬᠠᠪᠢᠷᠭ᠎ᠠ ᠲᠠᠯᠪᠢᠵᠤ ᠰᠢᠷ᠎ᠠ ᠪᠤᠳᠠᠭ᠎ᠠ ᠬᠠᠶᠠᠭᠰᠠᠨ ᠱᠥᠯᠥ ᠠᠶᠠᠭᠠᠯᠠᠵᠤ ᠥᠭᠪᠡ᠃ ᠰᠢᠷᠭᠠᠯᠲᠤᠭᠰᠠᠨ ᠲᠣᠰᠣ ᠲᠠᠢ ᠪᠤᠳᠠᠭ᠎ᠠ ᠵᠥᠭᠡᠯᠡᠷᠡᠭᠰᠡᠨ ᠪᠣᠷᠴᠠᠨ ᠤ᠋ ᠠᠮᠲᠠ ᠴᠤ᠌ ᠭᠡᠵᠦ ᠵᠢᠭᠲᠡᠢᠬᠡᠨ᠃ ᠬᠣᠶᠠᠭᠤᠯᠠ ᠲᠦᠰᠦᠢᠲᠡᠯᠡ ᠬᠣᠭᠣᠯᠠᠯᠠᠭᠠᠳ ᠮᠣᠷᠳᠠᠬᠤ ᠪᠣᠯᠪᠠ᠃
ᠪᠦᠰᠡᠭᠦᠢ ᠪᠡᠯᠭᠦᠳᠡᠢ ᠶ᠋ᠢᠨ ᠴᠤᠯᠪᠤᠭᠤᠷ ᠠ᠋ᠴᠠ ᠳᠠᠪᠬᠤᠷ ᠠᠳᠬᠤᠯᠴᠠᠭᠠᠳ ᠵᠣᠭᠰᠣᠬᠤ ᠨᠢ《ᠶᠠᠪᠤᠭᠤᠯᠬᠤ ᠦᠭᠡᠢ》 ᠭᠡᠰᠡᠨ ᠰᠢᠭ᠃ ᠪᠣᠭᠤᠷᠴᠢ ᠮᠣᠷᠳᠠᠭᠠᠳ ᠰᠠᠵᠢᠯᠠᠭᠤᠯᠤᠩᠬᠠᠨ ᠬᠡᠰᠡᠭ ᠶᠠᠪᠤᠭᠠᠳ ᠡᠷᠭᠢᠵᠦ ᠬᠠᠷᠠᠪᠠᠰᠤ ᠨᠥᠭᠦᠭᠡ ᠬᠣᠶᠠᠷ ᠮᠣᠷᠢ ᠪᠠᠨ ᠬᠥᠲᠥᠯᠦᠭᠡᠳ ᠭᠡᠷ ᠡᠴᠡ ᠨᠡᠯᠢᠶᠡᠳ ᠵᠠᠢᠳᠠᠭᠤ ᠠᠯᠬᠤᠵᠤ ᠶᠠᠪᠤᠭᠰᠠᠨ ᠢ᠋ᠶ᠋ᠠᠨ ᠪᠡᠯᠭᠦᠳᠡᠢ ᠮᠣᠷᠳᠠᠵᠤ ᠠᠷᠤ ᠠ᠋ᠴᠠ ᠨᠢ ᠳᠠᠪᠬᠢᠨ ᠢᠷᠡᠪᠡ᠃ ᠪᠣᠭᠤᠷᠴᠢ ᠪᠡᠯᠭᠦᠳᠡᠢ ᠡᠴᠡ᠄
— ᠲᠠᠨᠢᠳᠠᠭ ᠪᠦᠰᠡᠭᠦᠢ ᠤᠤ? ᠭᠡᠵᠦ ᠠᠰᠠᠭᠤᠪᠠᠯ ᠴᠠᠭᠠᠳᠤᠬᠢ ᠨᠢ᠄
— ᠦᠭᠡᠢ ᠠ᠋᠂ ᠦᠭᠡᠢ ᠭᠡᠵᠦ ᠬᠠᠷᠢᠭᠤᠯᠬᠤ ᠳ᠋ᠤ᠌᠄
— ᠲᠠᠨᠢᠯᠴᠠᠪᠠᠤ?
— ᠲᠠᠨᠢᠯᠴᠠᠯ᠎ᠠ᠃
— ᠬᠡᠨ ᠭᠡᠳᠡᠭ ᠶᠦᠮ ᠪᠣᠢ?
— ᠦ ᠵᠣᠯᠢᠭ᠂ ᠨᠡᠷ᠎ᠡ ᠶ᠋ᠢ ᠨᠢ ᠠᠰᠠᠭᠤᠭ᠎ᠠ ᠦᠭᠡᠢ ᠯᠡ ᠳᠡ᠃
— ᠡᠷᠭᠢᠵᠦ ᠢᠷᠡᠵᠦ ᠠᠰᠠᠭᠤᠬᠤ ᠬᠡᠷᠡᠭᠲᠡᠢ ᠶᠦᠮ ᠪᠠᠢᠨ᠎ᠠ ᠳᠠ᠃
— ᠲᠡᠭᠡᠬᠦ ᠯᠡ ᠬᠡᠷᠡᠭ ᠭᠠᠷᠴᠤ ᠳᠠ ᠭᠡᠯᠴᠡᠨ ᠲᠡᠳᠡ ᠢᠨᠢᠶᠡᠯᠳᠦᠭᠡᠳ ᠬᠠᠲᠠᠷᠢᠭᠤᠯᠪᠠ᠃ ᠭᠡᠷ ᠣᠢᠷᠠᠬᠠᠨ ᠪᠣᠯᠤᠭᠰᠠᠨ ᠲᠤᠯᠠ ᠮᠣᠷᠢ ᠬᠠᠢᠷᠠᠯᠠᠬᠤ ᠶᠠᠪᠤᠳᠠᠯ ᠦᠭᠡᠢ ᠴᠦ᠍ ᠪᠠᠷᠲᠠᠭᠠᠲᠤᠬᠤ ᠭᠠᠵᠠᠷ ᠪᠣᠯᠬᠣᠷ ᠰᠢᠷᠦᠭᠦᠨ ᠶᠠᠪᠤᠵᠤ ᠪᠣᠯᠬᠤ ᠦᠭᠡᠢ᠂ ᠳ᠋ᠡᠭᠡᠨ ᠢᠩᠭᠢᠨ ᠶᠠᠪᠤᠲᠠᠯ᠎ᠠ ᠦᠳᠡ ᠪᠣᠯᠪᠠ᠃ ᠨᠢᠭᠡᠨ ᠬᠥᠲᠥᠯ ᠳᠡᠭᠡᠷ᠎ᠡ ᠭᠠᠷᠲᠠᠯ᠎ᠠ ᠬᠡᠰᠡᠭ ᠪᠦᠯᠢ ᠠᠢᠯ ᠬᠠᠷᠠᠭᠳᠠᠪᠠ᠃
— ᠮᠠᠨᠠᠢᠬᠢ ᠭᠡᠳᠡᠭ ᠲᠡᠷᠡ ᠳᠠ᠃ ᠢᠷᠡᠯ᠎ᠡ ᠭᠡᠵᠦ ᠪᠡᠯᠭᠦᠳᠡᠢ ᠬᠡᠯᠡᠪᠡ᠃ ᠤᠷᠤᠭᠤ ᠭᠠᠵᠠᠷ ᠲᠤᠯᠠ ᠬᠣᠶᠠᠭᠤᠯᠠ ᠶᠥᠷᠭᠡᠭᠦᠯᠦᠯ᠎ᠡ᠃ ᠣᠢᠷᠠᠲᠤᠯ᠎ᠠ ᠭᠡᠷ ᠡᠴᠡ ᠨᠢᠭᠡ ᠬᠥᠮᠦᠨ ᠮᠣᠷᠳᠠᠭᠠᠳ ᠤᠭᠲᠤᠨ ᠳᠠᠪᠬᠢᠬᠤ ᠨᠢ ᠲᠡᠮᠦᠵᠢᠨ ᠠᠵᠢ᠃
ᠲᠡᠮᠦᠵᠢᠨ ᠢᠨᠢᠶᠡᠭᠰᠡᠭᠡᠷ ᠤᠭᠲᠤᠵᠤ ᠢᠷᠡᠯ᠎ᠡ᠃ ᠲᠡᠮᠦᠵᠢᠨ ᠪᠣᠭᠤᠷᠴᠢ ᠬᠣᠶᠠᠷ ᠮᠣᠷᠢᠨ ᠠ᠋ᠴᠠ ᠪᠠᠨ ᠦᠰᠦᠷᠦᠯᠳᠦᠨ ᠪᠠᠭᠤᠵᠤ ᠲᠡᠪᠡᠷᠢᠯᠴᠡᠨ ᠳᠠᠯᠤ ᠮᠥᠷᠥ ᠪᠡᠨ ᠠᠯᠠᠭᠠᠳᠠᠯᠴᠠᠨ ᠮᠡᠨᠳᠦᠯᠡᠪᠡ᠃
— ᠮᠠᠨᠠᠢᠬᠢ ᠭᠡᠳᠡᠭ ᠡᠨᠡ ᠳᠡ᠃ ᠶᠠᠳᠠᠷᠠᠪᠠᠤ? ᠴᠢᠮᠠᠶ᠋ᠢ ᠢᠷᠡᠨ᠎ᠡ ᠭᠡᠵᠦ ᠪᠠᠲᠤ ᠢᠲᠡᠭᠡᠵᠦ᠂ ᠶᠡᠬᠡ ᠬᠦᠯᠢᠶᠡᠵᠦ ᠪᠠᠢᠭᠰᠠᠨ ᠭᠡᠵᠦ ᠲᠡᠮᠦᠵᠢᠨ ᠬᠡᠯᠡᠯ᠎ᠡ᠃
