ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠ ᠶᠢᠰᠦ〕 Цаг төрийн үймээн – Д ᠂ Намдаг - Цаг төрийн үймээн ᠂ гуравдугаар бүлэг -19 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠ ᠶᠢᠰᠦ〕 Цаг төрийн үймээн – Д ᠂ Намдаг - Цаг төрийн үймээн ᠂ гуравдугаар бүлэг -19

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠ ᠶᠢᠰᠦ〕 Цаг төрийн үймээн – Д ᠂ Намдаг - Цаг төрийн үймээн ᠂ гуравдугаар бүлэг -19

ᠠᠩᠭᠢᠯᠠᠯ:ᠲᠤᠭᠤᠵᠢ ᠷᠣᠮᠠᠨ
2026-03-06

78

ᠬᠤᠪᠢ ᠵᠠᠶᠠᠭᠠᠲᠠᠨ ᠤ ᠵᠠᠮ

   
                    (ᠳ᠋ᠠᠨᠽᠠᠨ ᠤ᠋ ᠶᠠᠪᠤᠳᠠᠯ)  
       ᠬᠠᠪᠤᠷ ᠤ᠋ᠨ ᠬᠠᠷ᠎ᠠ ᠬᠠᠪᠰᠠᠷᠭᠠᠲᠤ ᠨᠢᠭᠡ ᠡᠳᠦᠷ ᠪᠠᠶᠠᠷ ᠬᠦᠩ ᠦ᠋ᠨ ᠠᠩᠭᠢ ᠪᠣᠭᠳᠠ ᠶ᠋ᠢᠨ ᠬᠦᠷᠢᠶᠡᠨ ᠡᠴᠡ ᠮᠣᠷᠳᠠᠵᠠᠢ᠃ ᠬᠦᠷᠬᠦ ᠭᠠᠵᠠᠷ ᠨᠢ ᠬᠢᠶᠠᠭᠲᠤ(ᠠᠯᠲᠠᠨᠪᠤᠯᠠᠭ) ᠵᠣᠷᠢᠭᠰᠠᠨ ᠬᠡᠷᠡᠭ ᠤᠯᠠᠭᠠᠨ ᠣᠷᠣᠰ ᠲᠠᠢ ᠳᠤᠷ᠎ᠠ ᠮᠡᠳᠡᠨ ᠬᠤᠤᠪᠢᠯᠳᠤᠭᠴᠢ ᠠᠷᠠᠳ ᠤ᠋ᠨ ᠨᠠᠮ᠂ ᠰᠦᠬᠡᠪᠠᠭᠠᠲᠤᠷ ᠢ᠋ ᠪᠠᠷ᠎ᠠ ᠰᠤᠷᠠᠭ ᠦᠭᠡᠢ ᠪᠣᠯᠭᠠᠰᠤᠭᠠᠢ ᠭᠡᠨ᠎ᠡ᠃ ᠠᠷᠤ ᠠ᠋ᠴᠠ ᠨᠢ ᠬᠡᠳᠦᠨ ᠬᠣᠨᠣᠭ ᠤ᠋ᠨ ᠳᠠᠷᠠᠭ᠎ᠠ ᠪᠠᠷᠤᠨ ᠤᠩᠬᠧᠷᠠᠨ ᠤ᠋ ᠶᠡᠬᠡ ᠴᠡᠷᠢᠭ ᠬᠡᠳᠦᠨ ᠠᠷᠪᠠᠨ ᠤ᠋ ᠭᠠᠵᠠᠷ ᠢ᠋ ᠳᠠᠮᠨᠠᠨ ᠬᠦᠪᠦᠷᠡᠯᠳᠦᠵᠦ ᠤᠯᠠᠭᠠᠨ ᠣᠷᠣᠰ ᠢ᠋ ᠣᠷᠴᠢᠯᠠᠩ ᠳᠡᠯᠡᠬᠡᠢ ᠡᠴᠡ ᠠᠷᠴᠢᠨ ᠰᠥᠨᠥᠭᠡᠰᠦᠭᠡᠢ ᠬᠡᠮᠡᠬᠦ ᠶ᠋ᠢ ᠥᠭᠦᠯᠡᠬᠦ ᠶᠠᠭᠤᠨ᠃ 
       ᠥᠭᠦᠯᠡᠬᠦ ᠨᠢ᠄ ᠪᠠᠶᠠᠷ ᠬᠦᠩ ᠵᠠᠭᠤᠨ ᠲᠠᠪᠢᠨ ᠬᠥᠮᠦᠨ ᠦ᠌ ᠪᠦᠷᠢᠯᠳᠦᠬᠦᠨ ᠲᠡᠢ ᠠᠩᠭᠢ ᠶ᠋ᠢᠨ ᠢ᠋ᠶ᠋ᠡᠨ ᠮᠠᠩᠯᠠᠢ ᠳ᠋ᠤ᠌ ᠠᠷᠢᠶᠠᠲᠠᠨ ᠬᠡᠯᠪᠡᠷᠢᠲᠦ ᠶᠠᠬᠢᠷ ᠶᠠᠨᠳᠠᠩ ᠲᠤᠷᠠᠩᠬᠠᠢ ᠬᠡᠭᠡᠷ ᠮᠣᠷᠢᠨ ᠳᠡᠭᠡᠷ᠎ᠡ ᠮᠢᠬᠠᠯᠢᠭ ᠥᠷᠭᠡᠨ ᠴᠡᠭᠡᠵᠢ ᠪᠡᠨ ᠭᠡᠳᠡᠢᠰᠬᠢᠯᠭᠡᠨ ᠲᠡᠰᠢᠶ᠎ᠡ ᠲᠤᠯᠤᠨ ᠰᠠᠭᠤᠵᠤ ᠤᠷᠢᠳᠠᠬᠢ ᠵᠠᠮ ᠢ᠋ᠶ᠋ᠠᠨ ᠴᠢᠭ ᠰᠢᠷᠲᠡᠨ ᠶᠠᠪᠤᠨ᠎ᠠ᠃ ᠤᠨᠤᠭᠰᠠᠨ ᠮᠣᠷᠢ ᠥᠩᠭᠡ ᠦᠵᠡᠮᠵᠢ ᠪᠡᠷ ᠬᠡᠳᠦᠢ ᠮᠠᠭᠤ ᠪᠣᠯᠪᠠᠴᠤ ᠡᠵᠡᠨ ᠰᠣᠯᠢᠭᠳᠠᠬᠤ ᠶ᠋ᠢ ᠦᠯᠦ ᠮᠡᠳᠡᠨ᠎ᠡ᠃ ᠤᠷᠤᠭᠰᠢ ᠤᠬᠤᠰᠬᠢᠨ ᠤᠰᠤᠨ ᠲᠡᠯᠮᠡᠨ ᠵᠢᠷᠣᠭ᠎ᠠ ᠪᠠᠷ ᠲᠣᠭᠣᠰᠣ ᠬᠠᠲᠠᠭᠠᠬᠤ ᠳ᠋ᠤᠨᠢ ᠠᠯᠳᠠᠷᠲᠤ ᠬᠤᠷᠳᠤᠨ ᠮᠣᠷᠢᠳ ᠪᠣᠯᠪᠠᠴᠤ ᠡᠰᠡ ᠭᠦᠢᠴᠡᠨ᠎ᠡ᠃ ᠪᠠᠶᠠᠷ ᠬᠦᠩ ᠦ᠋ᠨ ᠪᠡᠶ᠎ᠡ ᠪᠡᠷ ᠦᠵᠡᠵᠦ ᠲᠤᠭᠤᠯᠤᠭᠰᠠᠨ ᠲᠡᠢᠨ ᠲᠤᠯᠤᠯᠳᠤᠭᠠᠨ ᠤ᠋ ᠵᠠᠮ ᠢ᠋ ᠲᠣᠭᠠᠴᠢᠪᠠᠯ ᠦᠯᠢᠭᠡᠷ ᠳᠣᠮᠣᠭ ᠤ᠋ᠨ ᠶᠠᠭᠤᠮ᠎ᠠ ᠪᠣᠯᠤᠨ ᠬᠤᠪᠢᠷᠠᠬᠤ ᠠᠵᠢ᠃ ᠳᠡᠭᠡᠷ᠎ᠡ ᠨᠢ ᠶᠠᠪᠤᠭ᠎ᠠ ᠡᠵᠡᠨ ᠨᠢ ᠥᠯᠥᠰᠬᠦ᠂ ᠴᠠᠩᠭᠠᠬᠤ ᠲᠠᠭᠠᠷᠠᠬᠤ᠂ ᠶᠠᠳᠠᠷᠠᠬᠤ᠂ ᠠᠶᠤᠬᠤ᠂ ᠰᠠᠨᠳᠤᠷᠬᠤ ᠪᠦᠬᠦᠨ ᠡᠴᠡ ᠭᠠᠳᠠᠭᠤᠷ ᠲᠥᠷᠥᠭᠰᠡᠨ ᠣᠨᠴᠠᠭᠠᠢ ᠬᠥᠮᠦᠨ᠃ ᠬᠠᠷᠢᠨ ᠬᠠᠶᠠ ᠨᠢᠭᠡ ᠡᠪᠦᠷ ᠲᠡᠭᠡᠨ ᠭᠠᠷ ᠢ᠋ᠶ᠋ᠠᠨ ᠬᠢᠵᠦ ᠨᠢᠭᠡ ᠵᠦᠢᠯ ᠢ᠋ ᠰᠠᠮ ᠭᠠᠷᠭᠠᠨ ᠠᠮᠠ ᠤᠷᠤᠭᠤ ᠪᠠᠨ ᠰᠢᠳᠡᠬᠦ ᠮᠥᠷᠲᠡᠭᠡᠨ ᠲᠦᠪᠦᠩᠬᠢ ᠪᠡᠨ ᠮᠠᠭᠠᠵᠢᠬᠤ ᠪᠠᠢᠳᠠᠯ ᠢ᠋ᠶ᠋ᠠᠷ ᠬᠡᠳᠦ ᠳᠠᠬᠢᠨ ᠳᠣᠷᠣᠭᠰᠢ ᠰᠢᠪᠲᠤᠷᠬᠤ ᠨᠢ ᠬᠠᠷ᠎ᠠ ᠲᠠᠮᠠᠬᠢ᠃ ᠬᠥᠮᠦᠨ ᠬᠠᠷ᠎ᠠ ᠲᠠᠮᠠᠬᠢ ᠶ᠋ᠢ ᠭᠠᠩᠰᠠ ᠪᠠᠷ ᠲᠠᠲᠠᠬᠤ᠂ ᠡᠰᠡᠬᠦᠯ᠎ᠡ ᠮᠢᠬ᠎ᠠ ᠴᠢᠰᠤ ᠤᠷᠤᠭᠤ ᠪᠠᠨ ᠭᠤᠤᠷᠰᠤᠲᠤ ᠵᠡᠭᠦᠦ ᠰᠢᠪᠠᠨ ᠳᠠᠮᠵᠢᠭᠤᠯᠤᠨ ᠬᠡᠷᠡᠭᠯᠡᠳᠡᠭ ᠪᠠᠢᠬᠤ ᠳ᠋ᠤ᠌᠂ ᠪᠠᠶᠠᠷ ᠬᠦᠩ ᠪᠢᠴᠢᠬᠠᠨ ᠷᠢᠯᠦ ᠬᠢᠨ ᠵᠠᠯᠭᠢᠨ᠎ᠠ᠃ ᠡᠨᠡ ᠬᠥᠮᠦᠨ ᠳ᠋ᠦ᠍ ᠡᠴᠢᠭᠡ ᠠᠯᠠᠭ᠎ᠠ᠂ ᠡᠬᠡ ᠠᠯᠠᠭ᠎ᠠ᠂ ᠡᠬᠡᠨᠡᠷ ᠬᠡᠦᠬᠡᠳ ᠴᠦ᠍ ᠪᠠᠢᠬᠤ ᠦᠭᠡᠢ᠂ ᠤᠷᠤᠭ ᠲᠥᠷᠥᠯ ᠭᠡᠪᠡᠯ ᠡᠷᠬᠡ ᠦᠭᠡᠢ ᠥᠪᠥᠷ ᠮᠣᠩᠭᠣᠯ ᠴᠠᠬᠠᠷ ᠨᠤᠲᠤᠭ ᠲᠤᠨᠢ ᠪᠠᠢᠳᠠᠭ ᠯᠠ ᠪᠣᠢ ᠊ᠢ᠎ᠠ᠃ ᠲᠡᠷᠡ ᠨᠤᠲᠤᠭ ᠠ᠋ᠴᠠ ᠪᠠᠨ ᠬᠣᠷᠢᠨ ᠬᠡᠳᠦᠨ ᠵᠢᠯ ᠦ᠋ᠨ ᠡᠮᠦᠨ᠎ᠡ ᠮᠠᠨᠵᠤ— ᠬᠢᠲᠠᠳ ᠤ᠋ᠨ ᠬᠠᠷᠭᠢᠰᠯᠠᠯ ᠤ᠋ᠨ ᠡᠰᠡᠷᠭᠦ ᠪᠣᠰᠤᠯᠭ᠎ᠠ ᠶ᠋ᠢᠨ ᠬᠢᠨ ᠲᠡᠢ ᠪᠠᠬᠠᠨ ᠲᠤᠯᠤᠯᠳᠤᠵᠤ ᠶᠠᠪᠤᠭᠠᠳ ᠲᠣᠭᠲᠠᠬᠤ ᠲᠠᠢᠵᠢ ᠲᠠᠢ ᠨᠡᠢᠯᠡᠨ ᠬᠠᠯᠬ᠎ᠠ ᠮᠣᠩᠭᠣᠯ ᠳ᠋ᠤ᠌ ᠣᠷᠣᠵᠤ ᠢᠷᠡᠭᠰᠡᠨ᠂ ᠮᠥᠨ ᠮᠣᠩᠭᠣᠯ ᠠᠦ᠋ᠲ᠋ᠣᠨᠣᠮᠢᠲᠤ ᠲᠥᠷᠥ ᠳ᠋ᠦ᠍ ᠠᠮᠢ ᠪᠡᠶ᠎ᠡ ᠪᠠᠨ ᠬᠠᠢᠷ᠎ᠠ ᠦᠭᠡᠢ ᠵᠢᠳᠬᠦᠭᠰᠡᠨ ᠨᠢ ᠶᠡᠷᠦ ᠪᠠᠭ᠎ᠠ ᠪᠢᠰᠢ᠃ ᠡᠢᠨᠬᠦ ᠠᠮᠤᠷ ᠵᠠᠶᠠᠭ᠎ᠠ ᠦᠵᠡᠯ ᠦᠭᠡᠢ ᠶᠠᠪᠤᠭᠰᠠᠭᠠᠷ《ᠮᠠᠨᠠᠢᠬᠢ》 ᠭᠡᠳ ᠣᠷᠣᠬᠤ ᠣᠷᠣᠨ ᠭᠡᠷ ᠲᠡᠢ ᠴᠦ᠍ ᠪᠣᠯᠵᠤ ᠴᠢᠳᠠᠭᠰᠠᠨ ᠦᠭᠡᠢ᠂ ᠶᠣᠰᠣᠲᠠᠢ ᠭᠣᠣᠨᠢ ᠪᠡᠶ᠎ᠡ ᠭᠣᠵᠣᠩ ᠲᠣᠯᠣᠭᠠᠢ ᠯᠠ ᠬᠡᠪ ᠢ᠋ᠶ᠋ᠡᠷ᠃ ᠥᠪᠡᠷ ᠦ᠋ᠨ ᠪᠣᠳᠣᠯ ᠳ᠋ᠤ᠌《ᠨᠠᠮᠠᠶ᠋ᠢ ᠲᠦᠰᠢᠬᠦ ᠲᠥᠷᠥ ᠲᠤᠯᠭᠠᠭᠤᠷᠢᠳᠠᠬᠤ ᠡᠵᠡᠨ ᠡᠨᠳᠡ ᠯᠡ ᠪᠠᠢᠨ᠎ᠠ᠃ ᠲᠡᠷᠡ ᠨᠢ ᠠᠷᠤ ᠮᠣᠩᠭᠣᠯ ᠮᠥᠨ》 ᠭᠡᠨ᠎ᠡ᠃ ᠲᠡᠭᠡᠭᠡᠳ ᠣᠳᠣ ᠲᠡᠷᠡ ᠦᠢᠯᠡ ᠬᠡᠷᠡᠭ ᠲᠡᠭᠡᠨ ᠵᠢᠳᠬᠦᠵᠦ ᠶᠠᠪᠤᠭ᠎ᠠ ᠨᠢ ᠡᠨᠡ ᠪᠢᠯᠡ᠃ ᠶᠡᠷᠦ ᠪᠠᠶᠠᠷ ᠬᠦᠩ ᠦᠭᠡ ᠳᠠᠭᠤᠨ ᠴᠥᠭᠡᠨ ᠲᠡᠢ ᠪᠣᠯᠤᠭᠠᠳ ᠶᠡᠬᠡᠮᠰᠦᠭ᠃ ᠢᠯᠠᠩᠭᠤᠶ᠎ᠠ ᠠᠩᠭᠢ ᠶ᠋ᠢᠨ ᠢ᠋ᠶ᠋ᠡᠨ ᠮᠠᠩᠯᠠᠢ ᠳ᠋ᠤ᠌ ᠶᠠᠪᠤᠵᠤ ᠪᠠᠢᠭ᠎ᠠ ᠳ᠋ᠠᠭᠠᠨ ᠲᠠᠭ ᠳᠠᠭᠤ ᠦᠭᠡᠢ᠂ ᠶᠡᠬᠡᠪᠴᠢᠯᠡᠨ ᠤᠷᠢᠳᠠᠬᠢ ᠵᠠᠮ ᠢ᠋ᠶ᠋ᠠᠨ ᠡᠭᠴᠡᠯᠡᠨ ᠰᠢᠷᠳᠡᠨ᠎ᠡ᠃ ᠬᠠᠶᠠ ᠨᠢᠭᠡ ᠠᠭᠤᠷ ᠲᠠᠢ ᠨᠢᠳᠦ ᠪᠡᠷ ᠡᠷᠭᠢᠨ ᠬᠠᠷᠠᠬᠤ ᠳ᠋ᠠᠭᠠᠨ ᠡᠨᠡ ᠲᠡᠷᠡ ᠶ᠋ᠢ ᠨᠡᠪᠲᠡ ᠰᠢᠪᠲᠤ ᠠᠵᠢᠨ ᠪᠦᠷᠢᠳᠬᠡᠭᠡᠳ ᠠᠯᠢ ᠨᠢᠭᠡ ᠰᠡᠳᠬᠢᠯ ᠰᠠᠨᠠᠭᠠᠨ ᠳ᠋ᠤᠨᠢ ᠲᠠᠭᠠᠰᠢᠶᠠᠭᠳᠠᠬᠤ ᠦᠭᠡᠢ ᠵᠦᠢᠯ ᠢ᠋ ᠲᠣᠭᠠᠲᠠᠢᠬᠠᠨ ᠦᠭᠡ ᠪᠡᠷ ᠲᠤᠰᠢᠶᠠᠯ ᠥᠭᠭᠦᠨ᠂ ᠲᠣᠯᠣᠭᠠᠢ ᠳᠤᠮᠳᠠᠭᠤᠷ ᠰᠢᠪ ᠪᠠᠭᠤᠯᠭᠠᠨ ᠣᠷᠢᠶᠠᠯᠭᠠᠨ᠎ᠠ᠃ ᠡᠭᠦᠨ ᠡᠴᠡ ᠨᠢ ᠠᠶᠤᠨ ᠴᠡᠴᠡᠷᠡᠬᠦ ᠦᠭᠡᠢ ᠬᠡᠨ ᠪᠠᠢᠬᠤ ᠪᠢᠯᠡ᠃ ᠤᠨᠤᠭᠰᠠᠨ ᠮᠣᠷᠢ ᠨᠢ ᠪᠣᠯᠪᠠᠴᠤ ᠡᠩ ᠦ᠋ᠨ ᠦᠶ᠎ᠡ ᠳ᠋ᠡᠭᠡᠨ ᠤᠨᠲᠠᠭ᠎ᠠ ᠰᠡᠷᠢᠭᠡ ᠬᠣᠶᠠᠷ ᠤ᠋ᠨ ᠬᠣᠭᠣᠷᠣᠨᠳᠣ ᠰᠠᠵᠢᠯᠠᠨ ᠶᠠᠪᠤᠬᠤ ᠠᠲᠠᠯ᠎ᠠ ᠬᠡᠵᠢᠶ᠎ᠡ《ᠴᠥᠬᠥ》 ᠭᠡᠬᠦ ᠴᠠᠭ ᠲᠤᠨᠢ ᠣᠭᠯᠣ ᠦᠰᠦᠷᠦᠨ ᠬᠠᠷᠠᠢᠯᠭᠠᠨ᠎ᠠ᠃ ᠭᠡᠪᠡᠴᠦ ᠴᠡᠷᠢᠭ ᠦ᠋ᠳ ᠲᠡᠭᠡᠨ ᠮᠠᠭᠤ ᠪᠢᠰᠢ᠂ ᠬᠤᠯᠠᠭᠠᠢ ᠬᠤᠳᠠᠯ ᠬᠣᠶᠠᠷ ᠢ᠋ ᠴᠢᠩᠳᠠᠯᠠᠨ ᠴᠠᠭᠠᠵᠠᠯᠠᠭᠰᠠᠨ ᠠᠲᠠᠯ᠎ᠠ ᠪᠠᠷᠢᠶ᠎ᠠ ᠪᠠᠷᠢᠬᠤ ᠨᠡᠷᠡᠢᠳᠦᠯ ᠢ᠋ᠶ᠋ᠡᠷ ᠪᠦᠯᠢᠶᠡᠨ ᠳᠡᠭᠡᠷᠡᠮᠳᠡᠬᠦ ᠳ᠋ᠦ᠍ ᠪᠦᠷᠢᠨ ᠴᠢᠯᠥᠭᠡ ᠣᠯᠭᠣᠨ᠎ᠠ᠃ ᠡᠢᠮᠦ ᠳ᠋ᠦ᠍ ᠡᠳᠦᠭᠡ ᠴᠡᠷᠢᠭ ᠦ᠋ᠳ ᠨᠢ ᠵᠠᠮ ᠤ᠋ᠨ ᠭᠣᠳᠣᠰ ᠲᠤ᠌ ᠳᠠᠭᠠᠷᠢᠯᠳᠤᠭᠰᠠᠨ ᠠᠢᠯ ᠠᠮᠢᠲᠠᠨ ᠠ᠋ᠴᠠ ᠡᠮᠡᠭᠡᠯ ᠬᠠᠵᠠᠭᠠᠷ᠂ ᠬᠣᠭᠣᠯᠠ ᠬᠦᠨᠡᠰᠦ᠂ ᠳᠡᠪᠡᠯ ᠬᠤᠪᠴᠠᠰᠤ ᠶ᠋ᠢ ᠳᠤᠷ᠎ᠠ ᠮᠡᠳᠡᠨ ᠪᠦᠯᠢᠶᠡᠨ ᠠᠪᠤᠨ᠎ᠠ᠃ ᠡᠵᠡᠨ ᠬᠥᠮᠦᠨ ᠲᠡᠢ ᠨᠢ ᠮᠠᠷᠭᠤᠭᠠᠨ ᠲᠡᠮᠡᠴᠡᠭᠡᠨ ᠪᠣᠯᠵᠤ ᠪᠠᠢᠬᠤ ᠶ᠋ᠢ ᠬᠠᠷᠠᠪᠠᠯ ᠪᠠᠶᠠᠷ ᠬᠦᠩ ᠶᠠᠬᠢᠷ ᠶᠠᠨᠳᠠᠩ ᠮᠣᠷᠢᠨ ᠳᠡᠭᠡᠷ᠎ᠡ ᠪᠡᠨ ᠲᠡᠰᠢᠶ᠎ᠡ ᠲᠤᠯᠤᠨ ᠬᠥᠨᠳᠡᠯᠡᠨ ᠰᠠᠭᠤᠵᠤ ᠢᠳᠡ ᠪᠠᠬ᠎ᠠ ᠲᠠᠪᠠ ᠪᠣᠯᠭᠠᠬᠤ ᠠ᠋ᠴᠠ ᠪᠢᠰᠢ ᠴᠡᠷᠢᠭ ᠦ᠋ᠳ ᠲᠦ᠍ ᠪᠤᠷᠤᠭᠤ ᠦᠯᠦ ᠥᠭᠭᠦᠨ᠎ᠡ᠃ ᠵᠠᠷᠢᠮ ᠴᠡᠷᠢᠭ ᠦ᠋ᠳ ᠲᠡᠷᠡ ᠲᠠᠭᠠᠲᠠᠢ ᠪᠠᠢᠳᠠᠯ ᠢ᠋ ᠨᠢ ᠳᠠᠯᠢᠮᠳᠠᠭᠤᠯᠤᠨ ᠪᠤᠷᠬᠠᠨ ᠲᠠᠬᠢᠯ ᠤ᠋ᠨ ᠬᠡᠷᠡᠭᠯᠡᠯ᠂  ᠡᠬᠡᠨᠡᠷ ᠬᠡᠦᠬᠡᠳ ᠦ᠋ᠨ ᠵᠡᠭᠦᠯᠲᠡ ᠴᠢᠮᠡᠭᠯᠡᠯ ᠳ᠋ᠦ᠍ ᠬᠦᠷᠲᠡᠯ᠎ᠡ ᠬᠠᠯᠳᠠᠨ ᠣᠷᠣᠵᠤ᠂ ᠡᠪᠦᠷ ᠲᠦᠷᠡᠢ ᠤᠷᠤᠭᠤ ᠪᠠᠨ ᠬᠢᠵᠦ ᠶᠠᠪᠤᠨ᠎ᠠ᠃ ᠡᠳᠡᠨ ᠦ᠌ ᠳᠤᠮᠳᠠ ᠳ᠋ᠠᠨᠽᠠᠨ ᠶᠠᠪᠤᠭ᠎ᠠ ᠪᠢᠯᠡ᠃ ᠲᠡᠷᠡ ᠨᠢᠭᠡ ᠡᠳᠦᠷ ᠪᠣᠭᠳᠠ ᠳ᠋ᠤ᠌ ᠮᠥᠷᠭᠥᠨ ᠵᠠᠷᠯᠢᠭ ᠯᠦᠩᠲᠠᠩ ᠬᠦᠷᠲᠡᠨ ᠤᠷᠭᠤᠨ ᠵᠠᠢᠯᠠᠬᠤ ᠪᠣᠳᠣᠯ ᠢ᠋ᠶ᠋ᠠᠨ ᠬᠣᠯᠠ ᠶ᠋ᠢᠨ ᠬᠣᠯᠠ ᠳ᠋ᠤ᠌ ᠲᠠᠶᠠᠭᠳᠠᠵᠤ᠂ ᠠᠴᠢᠲᠤ ᠪᠣᠭᠳᠠ ᠬᠠᠭᠠᠨᠲᠠᠨ ᠳ᠋ᠠᠭᠠᠨ ᠡᠨᠡ ᠶᠠᠪᠤᠭ᠎ᠠ ᠪᠠ ᠬᠣᠢᠲᠤ ᠨᠠᠰᠤ ᠬᠣᠶᠠᠷ ᠢ᠋ᠶ᠋ᠠᠨ ᠵᠣᠷᠢᠭᠤᠯᠰᠤᠭᠠᠢ ᠭᠡᠵᠡᠢ᠃ ᠲᠡᠭᠡᠭᠡᠳ ᠣᠳᠣ ᠲᠥᠪ ᠲᠦᠪᠰᠢᠨ ᠢ᠋ ᠪᠠᠷᠢᠬᠤ ᠶ᠋ᠢ ᠬᠢᠴᠢᠶᠡᠩᠭᠦᠢᠯᠡᠨ ᠬᠠᠵᠠᠭᠤ ᠶ᠋ᠢᠨ ᠨᠥᠬᠥᠳ ᠦ᠋ᠨ ᠳᠣᠭᠰᠢᠨ ᠰᠢᠷᠦᠭᠦᠨ ᠠᠪᠤᠷᠢ ᠠᠭᠠᠰᠢ ᠶ᠋ᠢ ᠦᠯᠦ ᠳᠠᠭᠤᠷᠢᠶᠠᠨ᠎ᠠ᠃ ᠠᠢᠯ ᠠᠮᠢᠲᠠᠨ ᠤ᠋ ᠶᠠᠭᠤᠮ᠎ᠠ ᠶ᠋ᠢ ᠪᠦᠯᠢᠶᠡᠨ ᠳᠡᠭᠡᠷᠡᠮᠳᠡᠬᠦ ᠶ᠋ᠢ ᠪᠦᠷ ᠴᠦ᠍ ᠴᠡᠭᠡᠷᠯᠡᠨ᠎ᠡ᠃ ᠥᠰᠴᠦ ᠲᠥᠷᠥᠭᠰᠡᠨ ᠨᠤᠲᠤᠭ ᠤ᠋ᠨ ᠢ᠋ᠶ᠋ᠠᠨ ᠳᠤᠮᠳᠠᠭᠤᠷ ᠶᠠᠪᠤᠵᠤ ᠪᠠᠢᠬᠤ ᠳ᠋ᠠᠭᠠᠨ ᠴᠤ᠌ ᠣᠷᠣᠨ ᠭᠡᠷ ᠭᠡᠬᠦ ᠪᠡᠷ ᠶᠠᠭᠤᠮ᠎ᠠ ᠦᠭᠡᠢ ᠪᠣᠯᠤᠭᠰᠠᠨ ᠢ᠋ ᠮᠡᠳᠡᠭᠰᠡᠨ ᠰᠢᠭ ᠶᠡᠷᠦ ᠠᠵᠢᠭ ᠦᠭᠡᠢ《ᠤᠴᠠᠷᠠᠬᠤ ᠳᠠᠢᠰᠤᠨ ᠢ᠋ ᠣᠷᠣ ᠮᠥᠷ ᠦᠭᠡᠢ ᠪᠣᠯᠭᠠᠨ᠂ ᠤᠯᠤᠰ ᠣᠷᠣᠨ ᠢ᠋ᠶ᠋ᠠᠨ ᠲᠦᠪᠰᠢᠳᠬᠡᠭᠰᠡᠨ ᠲᠡᠷᠡ ᠴᠠᠭ ᠲᠤ᠌ ᠠᠢ ᠳᠠ ᠠᠴᠢᠲᠤ ᠪᠤᠭᠤᠷᠤᠯ ᠡᠬᠡ᠂ ᠡᠨᠡᠷᠢᠯᠲᠦ ᠬᠥᠭᠡᠷᠦᠬᠦᠢ ᠡᠭᠡᠴᠢ ᠬᠣᠶᠠᠷ ᠲᠠᠢ ᠪᠠᠨ ᠠᠶᠠᠨᠳᠠᠭᠠᠨ ᠠᠭᠤᠯᠵᠠᠵᠤ ᠪᠠᠶᠠᠷ ᠤ᠋ᠨ ᠮᠠᠩᠨᠠᠢ ᠲᠡᠨᠢᠢᠬᠦ ᠪᠢᠵᠡ᠃ ᠲᠡᠷᠡ ᠴᠦ᠍ ᠪᠠᠢᠲᠤᠭᠠᠢ ᠵᠢᠷᠦᠬᠡᠨ ᠦ᠌ ᠤᠭ ᠲᠤ᠌ ᠪᠦᠬᠦᠨ ᠡᠴᠡ ᠨᠢᠭᠤᠴᠠ ᠬᠠᠳᠠᠭᠠᠰᠤ ᠲᠠᠢ ᠠᠮᠠᠷᠠᠭ ᠲᠠᠢ ᠪᠠᠨ ᠴᠤ᠌ ᠨᠡᠢᠯᠡᠨ ᠠᠵᠤ ᠲᠥᠷᠥᠨ ᠠᠮᠢᠳᠤᠷᠠᠬᠤ ᠪᠣᠯᠤᠨ᠎ᠠ》 ᠭᠡᠳ ᠡᠪᠦᠷ ᠲᠡᠭᠡᠨ ᠶᠠᠪᠤᠬᠤ ᠬᠡᠳᠦᠨ ᠬᠣᠪ ᠠᠯᠲᠠᠨ ᠰᠢᠷᠠᠮᠠᠯ ᠡᠭᠡᠮᠦᠭ ᠵᠡᠷᠭᠡ ᠪᠡᠨ ᠭᠡᠭᠡᠴᠢᠬᠡᠬᠦ ᠦᠭᠡᠢ᠂ ᠠᠯᠳᠠᠴᠢᠬᠠᠬᠤ ᠦᠭᠡᠢ ᠶᠠᠪᠤᠬᠤ ᠶ᠋ᠢ ᠬᠢᠴᠢᠶᠡᠨ᠎ᠡ᠃ 
       ᠪᠠᠶᠠᠷ ᠬᠦᠩ ᠬᠢᠶᠠᠭᠲᠤ ᠬᠣᠶᠠᠷ ᠥᠷᠲᠡᠭᠡ ᠬᠢᠷᠢᠲᠡᠢ ᠣᠢᠷᠠᠲᠤᠨ ᠢᠷᠡᠭᠰᠡᠨ ᠢ᠋ᠶ᠋ᠡᠨ ᠵᠠᠮ ᠪᠤᠷᠤᠭᠤᠯᠠᠨ ᠵᠡᠭᠦᠨ ᠬᠣᠢᠰᠢ ᠴᠢᠭᠯᠡᠪᠡ᠃ ᠶᠡᠬᠡᠪᠴᠢᠯᠡᠨ ᠪᠢᠲᠡᠭᠦᠦ ᠰᠢᠭᠤᠢ ᠨᠠᠷᠠᠰᠤᠨ ᠣᠢ ᠳᠤᠮᠳᠠᠭᠤᠷ ᠵᠠᠮᠨᠠᠨ ᠶᠠᠪᠤᠨ᠎ᠠ᠃ ᠵᠠᠭᠤᠷ᠎ᠠ ᠬᠣᠨᠣᠭᠰᠠᠨ ᠤ᠋ ᠪᠠᠨ ᠮᠠᠷᠭᠠᠰᠢ ᠬᠢᠶᠠᠭᠲᠤ ᠬᠣᠲᠠ ᠶ᠋ᠢᠨ ᠵᠡᠭᠦᠨ ᠬᠣᠢᠲᠤᠬᠢ ᠪᠦᠷᠭᠦᠳ ᠲᠡᠢ ᠠᠭᠤᠯᠠ ᠶ᠋ᠢᠨ ᠵᠡᠭᠦᠨ ᠰᠤᠭᠤ ᠳ᠋ᠤ᠌ ᠢᠷᠡᠭᠰᠡᠨ ᠢ᠋ᠶ᠋ᠡᠨ ᠪᠠᠷᠠᠭᠤᠨ ᠲᠡᠢᠰᠢ ᠡᠷᠭᠢᠨ ᠮᠥᠨ ᠠᠭᠤᠯᠠ ᠶ᠋ᠢᠨ ᠣᠷᠣᠢ ᠳ᠋ᠤ᠌ ᠭᠠᠷᠴᠠᠢ᠃ ᠠᠭᠤᠯᠠ ᠶ᠋ᠢᠨ ᠣᠷᠣᠢ ᠠ᠋ᠴᠠ ᠠᠷᠤ ᠥᠪᠥᠷ ᠬᠣᠶᠠᠷ ᠬᠢᠶᠠᠭᠲᠤ ᠢᠪ ᠢᠯᠡᠬᠡᠨ᠂ ᠪᠠᠶᠠᠷ ᠬᠦᠩ ᠳᠣᠣᠷᠠᠲᠤ ᠬᠣᠶᠠᠷ ᠳᠠᠷᠤᠭ᠎ᠠ ᠲᠠᠢ ᠪᠠᠨ ᠴᠡᠷᠢᠭ ᠦ᠋ᠳ ᠡᠴᠡ ᠪᠡᠨ ᠲᠦᠷᠦᠭᠦᠯᠡᠨ ᠭᠠᠷᠤᠭᠰᠠᠨ ᠢ᠋ᠶ᠋ᠠᠨ ᠮᠣᠷᠢᠨ ᠠ᠋ᠴᠠ ᠪᠠᠨ ᠪᠠᠭᠤᠵᠤ᠂ ᠨᠣᠭᠣᠭᠠᠨ ᠰᠣᠷᠣᠭᠤᠯ ᠲᠠᠢ ᠭᠠᠩᠰᠠ ᠳ᠋ᠠᠭᠠᠨ ᠲᠠᠮᠠᠬᠢ ᠨᠠᠷᠠᠨ ᠲᠠᠲᠠᠵᠤ᠂ ᠬᠣᠶᠠᠷ ᠬᠢᠶᠠᠭᠲᠤ ᠶ᠋ᠢ ᠨᠠᠷᠢᠪᠴᠢᠯᠠᠨ ᠠᠵᠢᠭᠯᠠᠨ᠎ᠠ᠃ ᠣᠨᠴᠠᠯᠠᠪᠠᠯ ᠥᠪᠥᠢ ᠬᠢᠶᠠᠭᠲᠤ ᠬᠥᠯ ᠬᠥᠳᠡᠯᠭᠡᠭᠡᠨ ᠦᠭᠡᠢ᠂ ᠡᠨᠳᠡ ᠴᠣᠬᠣᠮ ᠶᠠᠭᠤ ᠲᠠᠢ ᠪᠠᠨ ᠪᠠᠢᠯᠳᠤᠬᠤ ᠪᠢᠯᠡ ᠭᠡᠮᠡᠷ ᠬᠠᠷᠠᠭᠳᠠᠨ᠎ᠠ᠃ 
       — ᠦᠭᠡᠢ ᠡᠨᠳᠡ ᠴᠢᠨᠢ ᠴᠡᠷᠢᠭ ᠭᠡᠮᠡᠷ ᠶᠠᠭᠤᠮ᠎ᠠ ᠦᠭᠡᠢ ᠰᠢᠪ ᠳᠡ ᠭᠡᠵᠦ ᠨᠢᠭᠡ ᠳᠠᠷᠤᠭ᠎ᠠ ᠶ᠋ᠢᠨ ᠥᠭᠦᠯᠡᠬᠦ ᠳ᠋ᠦ᠍ ᠪᠠᠶᠠᠷ ᠬᠦᠩ᠄
       — ᠪᠠᠢᠯᠭᠦᠢ ᠶᠠᠭᠠᠬᠢᠬᠤᠪ! ᠭᠡᠵᠦ ᠣᠭᠵᠣᠮ ᠬᠠᠷᠢᠭᠤᠯᠪᠠ᠃  
       ᠨᠥᠭᠦᠭᠡ ᠳᠠᠷᠤᠭ᠎ᠠ ᠠ᠋ᠴᠠ᠄   
       — ᠳᠠᠭᠠᠷᠢᠨ ᠣᠷᠣᠪᠠᠯ ᠶᠠᠭᠠᠬᠢᠭᠰᠠᠨ ᠶᠤᠮ ᠪᠣᠢ? ᠭᠡᠰᠡᠨ ᠳ᠋ᠦ᠍᠄  
       — ᠬᠠᠰᠢᠷ ᠬᠡᠷᠡᠭᠲᠡᠢ! ᠭᠡᠳ ᠭᠠᠭᠴᠠ ᠨᠢᠳᠦᠨ ᠦ᠌ ᠳᠤᠷᠠᠨ ᠨᠢᠳᠦᠨ ᠳ᠋ᠡᠭᠡᠨ ᠠᠪᠠᠴᠢᠨ ᠰᠤᠩᠭᠠᠪᠠ᠃ ᠬᠣᠶᠠᠷ ᠳᠠᠷᠤᠭ᠎ᠠ ᠶ᠋ᠢᠨ ᠰᠡᠳᠬᠢᠯ ᠳ᠋ᠦ᠍ ᠳᠠᠭᠠᠷᠢᠨ ᠣᠷᠣᠬᠤ ᠪᠣᠳᠣᠯ ᠭᠦᠨᠵᠡᠭᠡᠢᠷᠡᠨ ᠡᠷᠭᠢᠯᠳᠦᠵᠦ ᠪᠠᠢᠬᠤ ᠳ᠋ᠤ᠌ ᠪᠠᠶᠠᠷ ᠬᠦᠩ ᠬᠠᠰᠢᠷᠯᠠᠬᠤ ᠬᠡᠷᠡᠭᠲᠡᠢ! ᠭᠡᠵᠦ ᠳᠠᠪᠲᠠᠨ ᠥᠭᠦᠯᠡᠭᠡᠳ ᠲᠠᠪᠢᠨ ᠴᠡᠷᠢᠭ ᠥᠳᠥᠭᠡᠨ ᠲᠤᠷᠰᠢᠬᠤ ᠶ᠋ᠢ ᠲᠤᠰᠢᠶᠠᠪᠠ᠃ 
       ᠬᠣᠶᠠᠷ ᠳᠠᠷᠤᠭ᠎ᠠ ᠶ᠋ᠢᠨ ᠨᠢᠭᠡ ᠨᠢ ᠲᠤᠰᠢᠶᠠᠯ ᠭᠦᠢᠴᠡᠳᠬᠡᠬᠦ ᠪᠡᠷ ᠶᠠᠪᠤᠪᠠ᠃ ᠲᠠᠪᠢᠨ ᠴᠡᠷᠢᠭ ᠢ᠋ ᠶᠠᠪᠠᠭᠠᠯᠠᠨ ᠠᠭᠤᠯᠠᠨ ᠠ᠋ᠴᠠ ᠪᠠᠭᠤᠯᠭᠠᠵᠤ ᠫᠤᠤ ᠫᠠᠴᠢᠭᠢᠨᠠᠭᠤᠯᠤᠨ ᠲᠤᠷᠰᠢᠬᠤ ᠳ᠋ᠤ᠌ ᠬᠢᠶᠠᠭᠲᠤ ᠬᠣᠲᠠ ᠨᠠᠮ ᠲᠠᠢᠪᠤᠩ ᠢ᠋ᠶ᠋ᠠᠷ ᠪᠠᠢᠬᠤ ᠪᠣᠯᠪᠠᠴᠤ ᠬᠠᠰᠢᠶ᠎ᠠ ᠬᠣᠷᠢᠶᠠᠨ ᠤ᠋ ᠵᠠᠪᠰᠠᠷ ᠵᠠᠭᠠᠯᠠᠬᠠᠢ ᠠ᠋ᠴᠠ ᠬᠠᠷᠢᠭᠤ ᠫᠤᠤᠳᠠᠬᠤ ᠠᠵᠢ᠃ ᠲᠡᠭᠦᠨ ᠢ᠋ ᠪᠠᠶᠠᠷ ᠬᠦᠩ ᠰᠢᠮᠳᠠᠭᠠᠢᠯᠠᠨ ᠠᠵᠢᠭᠯᠠᠭᠠᠳ᠄ 
       — ᠪᠢᠳᠡᠨ ᠦ᠌ ᠢᠷᠡᠬᠦ ᠶ᠋ᠢ ᠠᠯᠢ ᠬᠡᠳᠦᠢᠨ ᠮᠡᠳᠡᠨ ᠬᠦᠯᠢᠶᠡᠵᠦ ᠪᠠᠢᠭ᠎ᠠ ᠪᠢᠵᠡ ᠭᠡᠵᠦ ᠠᠮᠠᠨ ᠳ᠋ᠠᠭᠠᠨ ᠬᠦᠩᠭᠢᠨᠡᠭᠡᠳ ᠡᠰᠡᠷᠭᠦ ᠫᠤᠤᠳᠠᠬᠤ ᠫᠤᠤ ᠶ᠋ᠢᠨ ᠳᠠᠭᠤ ᠶ᠋ᠢ ᠴᠢᠬᠢ ᠲᠠᠯᠪᠢᠨ ᠴᠢᠩᠨᠠᠬᠤ ᠳ᠋ᠠᠭᠠᠨ᠂ ᠳᠠᠩ ᠣᠷᠣᠰ ᠸᠢᠨᠲ᠋ᠣᠸ ᠵᠡᠪᠰᠡᠭ ᠲᠡᠢ ᠤᠯᠤᠰ ᠪᠠᠢᠨ᠎ᠠ ᠭᠡᠵᠦ ᠶᠠᠭ ᠬᠡᠯᠡᠪᠡ᠃ ᠡᠭᠦᠨᠴᠡ ᠭᠠᠳᠠᠨ᠎ᠠ ᠪᠠᠶᠠᠷ ᠬᠦᠩ ᠬᠢᠶᠠᠭᠲᠤ ᠳ᠋ᠤ᠌ ᠪᠠᠢᠭ᠎ᠠ ᠪᠦᠬᠦ ᠠᠭᠲᠠ ᠮᠣᠷᠢᠳ ᠢ᠋ ᠲᠣᠭᠠᠯᠠᠨ᠎ᠠ᠃ ᠴᠣᠬᠣᠮ ᠬᠡᠴᠢᠨᠡᠭᠡᠨ ᠴᠡᠷᠢᠭ ᠪᠠᠢᠭ᠎ᠠ ᠶ᠋ᠢ ᠮᠡᠳᠡᠬᠦ ᠭᠡᠬᠦ ᠳ᠋ᠡᠭᠡᠨ ᠪᠠᠶᠠᠷ ᠬᠦᠩ ᠥᠪᠡᠷ ᠦ᠋ᠨ ᠢ᠋ᠶ᠋ᠡᠨ ᠴᠡᠷᠢᠭ ᠦ᠋ᠳ ᠢ᠋ ᠨᠢᠭᠡ ᠳᠠᠪᠰᠢᠭᠤᠯᠵᠤ᠂ ᠨᠢᠭᠡ ᠤᠬᠤᠷᠢᠭᠤᠯᠵᠤ ᠲᠤᠷᠰᠢᠭᠠᠳ᠂ ᠵᠠᠭᠤᠨ ᠲᠠᠪᠢ ᠠ᠋ᠴᠠ ᠬᠡᠲᠦᠷᠡᠬᠦ ᠦᠭᠡᠢ ᠶ᠋ᠢ ᠮᠡᠳᠡᠵᠡᠢ᠃ ᠲᠡᠷᠡ ᠳᠤᠮᠳᠠ ᠨᠢᠭᠡ ᠬᠥᠮᠦᠨ ᠦ᠌ ᠬᠡᠳᠦ ᠳᠠᠬᠢᠨ ᠳᠠᠮᠵᠢᠨ ᠭᠦᠶᠦᠬᠦ ᠶ᠋ᠢ ᠠᠵᠢᠭᠠᠳ᠄ 
       — ᠴᠢ ᠠᠵᠢᠭᠯᠠᠵᠤ ᠠᠪ! ᠲᠡᠷᠡ ᠪᠣᠯ ᠰᠦᠬᠡᠪᠠᠭᠠᠲᠤᠷ ᠭᠡᠪᠡ᠃  
       ᠬᠠᠵᠠᠭᠤ ᠶ᠋ᠢᠨ ᠳᠠᠷᠤᠭ᠎ᠠ《ᠵᠠ》 ᠭᠡᠬᠦ ᠪᠣᠯᠪᠠᠴᠤ ᠣᠳᠣ ᠪᠠᠷ ᠨᠢᠳᠦᠨ ᠦ᠌ ᠬᠠᠷᠠᠭ᠎ᠠ ᠬᠤᠷᠴᠠᠯᠢᠭ ᠨᠢᠳᠦᠯᠡᠵᠦ ᠴᠢᠳᠠᠬᠤ ᠦᠭᠡᠢ ᠳ᠋ᠡᠭᠡᠨ ᠬᠠᠷᠠᠮᠰᠠᠵᠤ᠄ 
       — ᠲᠠ ᠲᠡᠷᠡ ᠬᠥᠮᠦᠨ ᠢ᠋ ᠰᠦᠬᠡᠪᠠᠭᠠᠲᠤᠷ ᠭᠡᠵᠦ ᠶᠠᠭᠠᠬᠢᠵᠤ ᠲᠠᠨᠢᠪᠠ?
       — ᠪᠢ ᠬᠠᠭᠤᠴᠢᠨ ᠲᠠᠨᠢᠳᠠᠭ ᠶᠤᠮ᠃ ᠳᠡᠭᠡᠷ᠎ᠡ ᠴᠠᠭ ᠲᠤ᠌ ᠬᠤᠵᠢᠷᠪᠤᠯᠤᠩ ᠳ᠋ᠤ᠌ ᠮᠢᠨᠦ ᠬᠣᠷᠢᠶᠠᠨ ᠳ᠋ᠤ᠌ ᠪᠠᠭ᠎ᠠ ᠳᠠᠷᠤᠭ᠎ᠠ ᠪᠠᠢᠭᠰᠠᠨ ᠶᠤᠮ ᠭᠡᠵᠦ ᠪᠠᠶᠠᠷ ᠬᠦᠩ ᠲᠡᠢᠮᠦ ᠴᠤᠤᠲᠠᠨ ᠡᠷ᠎ᠡ ᠶ᠋ᠢ ᠵᠠᠬᠢᠷᠴᠤ ᠶᠠᠪᠤᠭᠰᠠᠨ ᠢ᠋ᠶ᠋ᠠᠨ ᠪᠠᠬᠠᠷᠠᠯ ᠪᠣᠯᠭᠠᠬᠤ ᠮᠡᠲᠦ ᠢᠨᠢᠶᠡᠮᠰᠦᠭᠯᠡᠨ ᠥᠭᠦᠯᠡᠪᠡ᠃ 
       — ᠲᠡᠭᠡᠪᠡᠯ ᠡᠨᠡ ᠬᠥᠮᠦᠨ ᠣᠳᠣ ᠲᠠᠨ ᠤ᠋ ᠭᠠᠷ ᠠ᠋ᠴᠠ ᠭᠠᠷᠬᠤ ᠦᠭᠡᠢ ᠳᠡ ᠭᠡᠬᠦ ᠳ᠋ᠦ᠍᠄ 
       — ᠪᠢᠲᠡᠭᠡᠢ ᠪᠠᠰᠤ ᠭᠡᠵᠦ ᠤᠴᠠᠭᠠᠷᠯᠠᠭᠠᠳ᠄ ᠥᠨᠥᠳᠥᠷ ᠦ᠋ᠨ ᠬᠡᠷᠡᠭ ᠭᠦᠢᠴᠡᠯ᠎ᠡ! ᠭᠡᠳ ᠲᠠᠢᠪᠤᠩ ᠢ᠋ᠶ᠋ᠠᠷ ᠪᠣᠰᠪᠠ᠃ 
       ᠲᠡᠨᠳᠡ ᠡᠴᠡ ᠪᠠᠶᠠᠷ ᠬᠦᠩ ᠪᠦᠬᠦ ᠴᠡᠷᠢᠭ ᠢ᠋ᠶ᠋ᠡᠨ ᠲᠡᠳᠡᠨ ᠠᠪᠴᠤ ᠵᠡᠭᠦᠨ ᠤᠷᠤᠭᠰᠢ ᠴᠢᠭᠯᠡᠪᠡ᠃ ᠰᠠᠶᠢ ᠶ᠋ᠢᠨ ᠪᠣᠯᠤᠭᠰᠠᠨ ᠶᠠᠪᠤᠳᠠᠯ ᠲᠡᠭᠦᠨ ᠳ᠋ᠦ᠍ ᠶᠠᠭᠤ ᠴᠦ᠍ ᠪᠢᠰᠢ᠂ ᠶᠠᠰᠤᠨ ᠬᠡᠳᠡᠷᠭᠡ ᠨᠢᠷᠤᠭᠤ ᠲᠠᠢ ᠮᠣᠷᠢᠨ ᠳᠡᠭᠡᠷ᠎ᠡ ᠪᠡᠨ ᠲᠠᠰᠢᠶ᠎ᠠ ᠲᠤᠯᠤᠨ ᠰᠠᠭᠤᠳᠠᠭ ᠢ᠋ᠶ᠋ᠠᠷ ᠢ᠋ᠶ᠋ᠠᠨ ᠰᠠᠭᠤᠨ ᠠᠮᠤᠭᠤᠯᠠᠩ ᠲᠠᠢᠪᠤᠩ ᠰᠠᠵᠢᠯᠠᠭᠤᠯᠤᠨ᠎ᠠ᠃ ᠤᠷᠢᠳ ᠰᠥᠨᠢ ᠪᠠᠷᠤᠭ ᠨᠣᠢᠷ ᠦᠭᠡᠢ ᠬᠣᠨᠣᠭᠰᠠᠨ ᠳ᠋ᠠᠭᠠᠨ ᠪᠡᠶ᠎ᠡ ᠴᠢᠯᠡᠭᠡᠷᠬᠡᠬᠦ ᠠᠵᠢ᠃ ᠠᠮᠠ ᠪᠠᠨ ᠨᠢᠭᠡᠨᠲᠡ ᠶᠡᠬᠡᠳᠡ ᠠᠩᠭᠠᠢᠯᠭᠠᠨ ᠲᠤᠬᠠᠲᠠᠢᠬᠠᠨ ᠡᠪᠰᠢᠶᠡᠯᠭᠡᠭᠰᠡᠨ ᠢ᠋ᠶ᠋ᠡᠨ ᠡᠪᠦᠷ ᠲᠡᠭᠡᠨ ᠭᠠᠷ ᠬᠢᠨ ᠲᠡᠮᠲᠡᠴᠢᠨ᠎ᠡ᠃ ᠡᠨᠡ ᠨᠢ ᠬᠥᠬᠦᠦᠷ ᠦ᠋ᠨ ᠳᠠᠯᠢᠩ ᠳ᠋ᠤ᠌ ᠬᠢᠭᠰᠡᠨ ᠣᠯᠠᠨ ᠵᠢᠵᠢᠭ ᠬᠠᠷ᠎ᠠ ᠲᠠᠮᠠᠬᠢ ᠶ᠋ᠢᠨ ᠷᠢᠯᠦ ᠨᠦ᠍ᠭᠦᠳ ᠡᠴᠡ ᠨᠢᠭᠡ ᠶ᠋ᠢ ᠠᠪᠤᠭᠰᠠᠨ ᠬᠡᠷᠡᠭ ᠪᠥᠭᠡᠳ ᠲᠡᠭᠦᠨ ᠢ᠋ᠶ᠋ᠡᠨ ᠠᠪᠤᠨ ᠳᠠᠬᠢᠨ ᠡᠪᠰᠢᠶᠡᠯᠭᠡᠬᠦ ᠳᠦᠷᠢᠮ ᠦᠵᠡᠭᠦᠯᠦᠩᠭᠦᠲᠡ ᠪᠡᠨ ᠠᠮᠠ ᠤᠷᠤᠭᠤ ᠪᠠᠨ ᠰᠢᠳᠡᠭᠡᠳ ᠬᠣᠢᠨ᠎ᠠ ᠠ᠋ᠴᠠ ᠨᠢ ᠬᠣᠭᠣᠯᠠᠢ ᠪᠠᠨ ᠬᠡᠳᠦ ᠳᠠᠬᠢᠨ ᠳᠣᠷᠣᠭᠰᠢ ᠰᠢᠪᠲᠤᠷᠠᠨ᠎ᠠ᠃ ᠬᠡᠳᠦᠨ ᠮᠢᠨᠦ᠋ᠲ ᠦ᠋ᠨ ᠳᠠᠷᠠᠭ᠎ᠠ ᠬᠦᠴᠦ ᠲᠠᠮᠢᠷ ᠵᠠᠯᠭᠠᠬᠤ ᠠᠵᠢ᠃ ᠨᠢᠳᠦ ᠰᠡᠷᠭᠦᠨ ᠡᠮᠡᠭᠡᠯ ᠳᠡᠭᠡᠷ᠎ᠡ ᠪᠡᠨ ᠥᠨᠳᠡᠢᠵᠦ ᠮᠢᠨᠦ ᠬᠣᠢᠨ᠎ᠠ ᠠ᠋ᠴᠠ ᠬᠤᠷᠳᠤᠯᠠᠭᠠᠳ ᠭᠡᠵᠦ ᠬᠠᠰᠬᠢᠷᠤᠨ ᠮᠣᠷᠢ ᠳᠠᠪᠢᠷᠠᠨ᠎ᠠ᠃ 
       ᠡᠨᠡ ᠣᠷᠣᠢ ᠪᠠᠶᠠᠷ ᠬᠦᠩ ᠴᠡᠷᠢᠭ ᠦ᠋ᠳ ᠢ᠋ᠶ᠋ᠡᠨ ᠣᠢ ᠶ᠋ᠢᠨ ᠴᠤᠭᠤᠷᠬᠠᠢ ᠳ᠋ᠤ᠌ ᠠᠪᠠᠴᠢᠨ ᠪᠠᠭᠤᠳᠠᠯᠯᠠᠭᠤᠯᠵᠤ᠂ ᠬᠣᠭᠣᠯᠠ ᠤᠮᠳᠠ ᠶ᠋ᠢ ᠨᠢ ᠲᠠᠪᠠᠲᠠᠢ ᠢᠳᠡᠭᠦᠯᠵᠦ᠂ ᠡᠷᠲᠡ ᠤᠨᠲᠠᠭᠤᠯᠵᠤ ᠠᠮᠠᠷᠠᠭᠤᠯᠪᠠ᠃ ᠥᠷᠯᠥᠭᠡ ᠥᠪᠡᠷ ᠢ᠋ᠶ᠋ᠡᠨ ᠦᠷ ᠴᠥᠷ ᠢ᠋ᠶ᠋ᠡᠷ ᠪᠣᠰᠤᠨ ᠪᠦᠭᠦᠳᠡ ᠶ᠋ᠢ ᠰᠡᠷᠭᠦᠭᠡᠵᠦ ᠪᠤᠰᠬᠠᠪᠠ᠃ ᠥᠷᠯᠥᠭᠡᠨ ᠦ᠌ ᠤᠮᠳᠠ ᠤᠤᠭᠤᠬᠤ ᠶ᠋ᠢ ᠲᠠᠰᠤ ᠬᠣᠷᠢᠭᠯᠠᠨ ᠤᠯᠤᠰ ᠠᠮᠢᠲᠠᠨ ᠢ᠋ᠶ᠋ᠠᠨ ᠴᠤᠭᠯᠠᠭᠤᠯᠵᠤ᠂ ᠳᠠᠢᠰᠤᠨ ᠢ᠋ᠶ᠋ᠠᠨ ᠬᠡᠷᠬᠢᠨ ᠴᠣᠬᠢᠬᠤ ᠭᠡᠵᠦ ᠪᠠᠢᠭ᠎ᠠ ᠪᠠᠨ ᠲᠠᠨᠢᠭᠤᠯᠤᠨ ᠥᠭᠦᠯᠡᠪᠡ᠃ ᠲᠡᠭᠦᠨ ᠦ᠌ ᠦᠭᠦᠯᠬᠦ ᠪᠡᠷ᠂ ᠳᠠᠢᠰᠤᠨ ᠢ᠋ ᠬᠢᠶᠠᠷ ᠴᠣᠬᠢᠬᠤ ᠨᠢ ᠶᠡᠷᠦ ᠲᠦᠪᠡᠭ ᠲᠡᠢ ᠪᠢᠰᠢ᠂ ᠡᠨᠳᠡ ᠡᠴᠡ ᠪᠥᠭᠡᠮ ᠢ᠋ᠶ᠋ᠡᠷ ᠢ᠋ᠶ᠋ᠡᠨ ᠬᠥᠳᠡᠯᠦᠨ ᠶᠡᠬᠡ ᠣᠢ ᠶ᠋ᠢᠨ ᠵᠠᠬ᠎ᠠ ᠬᠦᠷᠦᠭᠡᠳ ᠲᠡᠨᠳᠡ ᠡᠴᠡ ᠨᠢᠭᠡᠳᠦᠭᠡᠷ ᠲᠠᠪᠢᠲᠤ ᠲᠠᠰᠤᠷᠠᠨ ᠪᠠᠷᠠᠭᠤᠨ ᠵᠦᠭ ᠴᠢᠭᠯᠡᠨ ᠬᠢᠶᠠᠭᠲᠤ ᠶ᠋ᠢᠨ ᠡᠮᠦᠨ᠎ᠡ ᠬᠦᠷᠦᠭᠡᠳ ᠬᠣᠢᠰᠢ ᠡᠷᠭᠢᠨ ᠫᠤᠤᠳᠠᠨ ᠲᠠᠪᠰᠢᠵᠤ ᠰᠦᠬᠡᠪᠠᠭᠠᠲᠤᠷ ᠤ᠋ᠨ ᠴᠡᠷᠢᠭ ᠦ᠋ᠨ ᠠᠩᠬᠠᠷᠤᠯ ᠢ᠋ ᠥᠳᠥᠭᠡᠨ ᠲᠠᠲᠠᠬᠤ ᠭᠡᠨ᠎ᠡ᠃ ᠡᠨᠡ ᠵᠠᠭᠤᠷ᠎ᠠ ᠬᠣᠶᠠᠳᠤᠭᠠᠷ ᠲᠠᠪᠢᠲᠤ ᠪᠠᠷᠠᠭᠤᠨ ᠬᠣᠢᠲᠤ ᠶᠠᠪᠤᠨ ᠪᠦᠷᠭᠦᠳ ᠲᠡᠢ ᠠᠭᠤᠯᠠ ᠶ᠋ᠢᠨ ᠡᠩᠭᠡᠷ ᠬᠦᠷᠦᠭᠡᠳ ᠬᠣᠲᠠᠨ ᠤ᠋ ᠵᠡᠭᠦᠨ ᠬᠣᠢᠨ᠎ᠠ ᠠ᠋ᠴᠠ ᠳᠠᠭᠠᠷᠢᠨ ᠣᠷᠣᠵᠤ ᠨᠡᠪᠲᠡᠷᠡᠨ ᠭᠠᠷᠤᠭᠠᠳ ᠳᠠᠷᠤᠢ ᠡᠷᠭᠢᠬᠦ ᠭᠡᠨ᠎ᠡ᠃ ᠡᠨᠡ ᠳᠠᠷᠤᠢ ᠥᠪᠡᠷ ᠢ᠋ᠶ᠋ᠡᠨ ᠭᠤᠷᠪᠠᠳᠤᠭᠠᠷ ᠲᠠᠪᠢᠲᠤ ᠲᠠᠢ ᠵᠡᠭᠦᠨ ᠲᠠᠯ᠎ᠠ ᠠ᠋ᠴᠠ ᠨᠢ ᠳᠠᠭᠠᠷᠢᠨ ᠨᠡᠪᠲᠡᠷᠡᠨ ᠭᠠᠷᠤᠭᠠᠳ ᠡᠷᠭᠢᠨ᠎ᠡ ᠭᠡᠬᠦ ᠪᠥᠭᠡᠳ ᠢᠩᠭᠢᠬᠦ ᠳ᠋ᠦ᠍ ᠳᠠᠢᠰᠤᠨ ᠪᠦᠷᠢᠨ ᠠᠷᠴᠢᠭᠳᠠᠵᠤ ᠰᠦᠬᠡᠪᠠᠭᠠᠲᠤᠷ ᠬᠠᠨᠢ ᠨᠥᠬᠥᠳ ᠲᠡᠢ ᠪᠡᠨ ᠬᠠᠮᠲᠤ ᠠᠮᠢᠳᠤ ᠪᠠᠷ ᠢ᠋ᠶ᠋ᠠᠨ ᠪᠠᠷᠢᠭᠳᠠᠬᠤ ᠭᠡᠨ᠎ᠡ᠃ ᠪᠠᠶᠠᠷ ᠬᠦᠩ ᠦ᠋ᠨ ᠡᠨᠡ ᠦᠭᠡᠨ ᠳ᠋ᠦ᠍ ᠢᠲᠡᠭᠡᠬᠦ ᠦᠭᠡᠢ ᠬᠥᠮᠦᠨ ᠨᠢᠭᠡᠴᠦ ᠠᠯᠠᠭ᠎ᠠ᠃ ᠡᠴᠦᠰ ᠲᠦ᠋ᠨᠢ ᠪᠠᠶᠠᠷ ᠬᠦᠩ᠄ ᠡᠨᠡ ᠬᠡᠷᠡᠭ ᠡᠴᠡ ᠤᠬᠤᠷᠢᠭᠰᠠᠨ ᠵᠢᠭᠤᠲᠠᠭᠰᠠᠨ ᠬᠡᠨ ᠢ᠋ ᠪᠣᠯᠪᠠᠴᠤ ᠪᠢ ᠠᠭᠤᠴᠢᠯᠠᠬᠤ ᠦᠭᠡᠢ ᠭᠡᠵᠦ ᠵᠠᠨᠤᠯᠬᠢᠯᠠᠨ ᠥᠭᠦᠯᠡᠬᠦ ᠳ᠋ᠦ᠍ ᠠᠶᠤᠨ ᠰᠦᠷᠳᠡᠬᠦ ᠦᠭᠡᠢ ᠬᠥᠮᠦᠨ ᠬᠡᠨ ᠪᠠᠢᠬᠤ ᠪᠢᠯᠡ᠃《ᠳᠡᠭᠡᠳᠦ ᠲᠩᠷᠢ ᠳᠣᠣᠷᠠᠲᠤ ᠭᠠᠵᠠᠷ ᠬᠣᠶᠠᠷ ᠬᠠᠷᠠᠵᠤ ᠪᠠᠢᠨ᠎ᠠ ᠰᠢᠦ》 ᠭᠡᠵᠦ ᠲᠠᠩᠭᠠᠷᠢᠭᠯᠠᠬᠤ ᠳ᠋ᠤᠨᠢ《ᠶᠠᠮᠠᠷ ᠪᠣᠯᠪᠠᠴᠤ ᠲᠤᠭᠤᠯᠤᠨ ᠭᠠᠷᠬᠤ ᠠ᠋ᠴᠠ ᠥᠭᠡᠷ᠎ᠡ ᠵᠠᠮ ᠠᠯᠠᠭ᠎ᠠ》 ᠭᠡᠵᠦ ᠪᠣᠳᠣᠵᠠᠭᠠᠬᠤ ᠠᠵᠢ᠃ 
       ᠪᠦᠬᠦ ᠴᠡᠷᠢᠭ ᠶᠠᠭᠠᠷᠠᠨ ᠮᠣᠷᠳᠠᠬᠤ ᠪᠣᠯᠪᠠᠴᠤ ᠮᠣᠷᠢᠳ ᠢ᠋ᠶ᠋ᠠᠨ ᠬᠠᠢᠷᠠᠯᠠᠨ ᠠᠭᠠᠵᠢᠭᠤᠬᠠᠨ ᠶᠠᠪᠤᠨ᠎ᠠ᠃ ᠦᠷ ᠦ᠋ᠨ ᠪᠠᠷᠠᠭᠠᠨ ᠵᠠᠮᠬᠠᠷᠠᠨ ᠠᠷᠢᠯᠵᠤ᠂ ᠥᠷᠯᠥᠭᠡ ᠶ᠋ᠢᠨ ᠨᠠᠷᠠ ᠮᠠᠨᠳᠤᠬᠤ ᠶ᠋ᠢᠨ ᠴᠠᠭ ᠲᠤ᠌ ᠬᠥᠪᠴᠢ ᠬᠠᠩᠭᠠᠢ ᠨᠣᠪ ᠨᠣᠭᠣᠭᠠᠨ ᠳᠡᠭᠡᠷ᠎ᠡ ᠬᠥᠬᠥᠭᠡ ᠰᠢᠪᠠᠭᠤᠳ ᠤ᠋ᠨ ᠳᠣᠩᠭᠣᠳᠬᠤ ᠪᠠ ᠵᠠᠯᠠᠭᠤ ᠰᠠᠢᠬᠠᠨ ᠨᠠᠷᠠᠰᠤᠨ ᠮᠣᠳᠣ ᠪᠣᠯᠭᠠᠨ ᠢ᠋ᠶ᠋ᠠᠷ ᠤᠷᠲᠤ ᠤᠷᠲᠤ ᠰᠡᠭᠦᠳᠡᠷ ᠦ᠋ᠳ ᠢ᠋ ᠪᠠᠷᠠᠭᠤᠨ᠎ᠠ ᠬᠠᠶᠠᠭᠰᠠᠨ ᠬᠢᠭᠡᠳ ᠲᠡᠷᠡ ᠲᠡᠷᠡ ᠰᠡᠭᠦᠳᠡᠷ ᠪᠣᠯᠭᠠᠨ ᠤ᠋ ᠳᠤᠮᠳᠠ ᠠ᠋ᠴᠠ ᠰᠢᠨᠡᠬᠡᠨ ᠤᠷᠭᠤᠭᠰᠠᠨ ᠥᠩᠭᠡ ᠪᠦᠷᠢ ᠶ᠋ᠢᠨ ᠨᠢᠯᠬ᠎ᠠ ᠨᠣᠭᠣᠭ᠎ᠠ ᠴᠡᠴᠡᠭ ᠨᠠᠪᠴᠢᠰ ᠡᠨᠡ ᠳᠡᠯᠡᠬᠡᠢ ᠶ᠋ᠢᠨ ᠭᠤᠸ᠎ᠠ ᠰᠠᠢᠬᠠᠨ ᠢ᠋ ᠢᠯᠡᠴᠢᠯᠡᠬᠦ ᠮᠡᠲᠦ ᠠᠯᠠᠭᠯᠠᠬᠤ᠂ ᠡᠨᠡ ᠪᠦᠬᠦᠨ ᠲᠡᠢᠨ ᠢ᠋ ᠪᠢᠰᠢ᠂ ᠲᠠᠢᠪᠤᠩ ᠢ᠋ ᠦᠬᠦᠯ ᠮᠥᠬᠥᠯ ᠢ᠋ ᠪᠢᠰᠢ ᠠᠮᠢᠳᠤᠷᠠᠨ ᠬᠥᠭᠵᠢᠬᠦ ᠶ᠋ᠢ᠂ ᠠᠮᠢᠳᠤᠷᠠᠬᠤ᠂ ᠨᠠᠢᠷᠠᠮᠳᠠᠬᠤ᠂ ᠬᠠᠢᠷᠠᠯᠠᠬᠤ ᠡᠩᠬᠦᠷᠡᠢᠯᠡᠬᠦ ᠶ᠋ᠢᠨ ᠲᠥᠯᠥᠭᠡ ᠪᠠᠢᠭ᠎ᠠ ᠨᠢ ᠲᠡᠷᠡ ᠬᠥᠮᠦᠰ ᠲᠦ᠍ ᠡᠷᠬᠡ ᠦᠭᠡᠢ ᠨᠢᠭᠡ ᠶ᠋ᠢ ᠪᠣᠳᠣᠭᠳᠠᠭᠤᠯᠤᠭᠰᠠᠨ ᠪᠣᠯ ᠤᠤ᠃ 
       ᠠᠢ ᠬᠥᠭᠡᠷᠦᠬᠦᠢ ᠡᠢᠮᠦ ᠰᠠᠢᠬᠠᠨ ᠴᠠᠭ ᠲᠤ᠌ ᠳᠠᠢᠳᠤᠵᠤ ᠠᠮᠢ ᠴᠥᠯᠪᠡᠵᠦ ᠶᠠᠪᠤᠬᠤ ᠶ᠋ᠢᠨ ᠣᠷᠣᠨ ᠳ᠋ᠤ᠌ ᠠᠷᠤ ᠭᠡᠷ ᠲᠡᠭᠡᠨ ᠠᠪᠤ ᠡᠵᠢ᠂ ᠠᠮᠠᠷᠠᠭ ᠬᠠᠨᠢ᠂ ᠠᠯᠠᠭ ᠦᠷ᠎ᠡ ᠶ᠋ᠢᠨ ᠢ᠋ᠶ᠋ᠡᠨ ᠳᠡᠷᠭᠡᠳᠡ ᠠᠳᠤᠭᠤ ᠮᠠᠯ ᠢ᠋ᠶ᠋ᠠᠨ ᠮᠠᠯᠵᠢᠨ ᠬᠠᠷ᠎ᠠ ᠪᠣᠷᠣ ᠴᠤ᠌ ᠰᠡᠳᠬᠢᠯ ᠠᠮᠤᠷ ᠠᠵᠢᠯ ᠬᠢᠵᠦ ᠶᠠᠪᠤᠪᠠᠯ ᠬᠡᠴᠢᠨᠡᠭᠡᠨ ᠰᠠᠢᠬᠠᠨ᠂ ᠬᠡᠴᠢᠨᠡᠨ ᠵᠢᠷᠭᠠᠯᠲᠠᠢ ᠪᠠᠢᠬᠤ ᠰᠠᠨ ᠪᠢᠯᠡ᠃ ᠶᠠᠭᠤᠨ ᠳ᠋ᠤ᠌ ᠢᠩᠭᠢᠵᠦ ᠲᠡᠢᠨ ᠬᠢᠨ᠎ᠡ ᠪᠣᠢ? ᠶᠠᠭᠤᠨ ᠤ᠋ ᠲᠤᠯᠠᠳᠠ ᠢᠩᠭᠢᠵᠦ ᠨᠢᠭᠡ ᠨᠢᠭᠡᠨ ᠦ᠌ ᠪᠡᠨ ᠥᠭᠡᠳᠡ ᠡᠴᠡ ᠫᠤᠤ ᠱᠠᠭᠠᠢᠵᠤ᠂ ᠰᠤᠮᠤ ᠲᠠᠯᠪᠢᠵᠤ᠂ ᠨᠢᠭᠡ ᠨᠢᠭᠡ ᠶ᠋ᠢ ᠪᠡᠨ ᠠᠯᠠᠨ ᠬᠢᠳᠤᠨ᠎ᠠ ᠪᠣᠢ! ᠡᠷᠳᠡᠨᠢᠲᠦ ᠬᠥᠮᠦᠨ ᠦ᠌ ᠪᠡᠶ᠎ᠡ ᠶ᠋ᠢ ᠣᠯᠤᠨ ᠲᠥᠷᠥᠭᠰᠡᠨ ᠡᠷ᠎ᠡ ᠬᠥᠮᠦᠨ ᠦ᠌ ᠬᠤᠪᠢ ᠵᠠᠶᠠᠭ᠎ᠠ ᠠᠯᠠᠯᠳᠤᠬᠤ ᠲᠡᠢᠨ ᠳ᠋ᠦ᠍ ᠠᠯᠲᠠᠨ ᠠᠮᠢ ᠪᠠᠨ ᠠᠯᠳᠠᠵᠤ ᠭᠡᠭᠡᠬᠦ ᠶ᠋ᠢᠨ ᠲᠥᠯᠥᠭᠡ ᠲᠥᠷᠥᠭᠰᠡᠨ ᠭᠡᠵᠦ ᠤᠤ? ᠢᠩᠭᠢᠭᠡᠳ ᠪᠣᠳᠣᠬᠤ ᠳ᠋ᠤ᠌ ᠲᠡᠢᠨ ᠭᠡᠭᠴᠢ ᠶᠠᠮᠠᠷ ᠪᠤᠵᠠᠷ᠂ ᠶᠠᠮᠠᠷ ᠮᠠᠭᠤᠬᠠᠢ ᠶ᠋ᠢ ᠬᠥᠮᠦᠨ ᠪᠦᠷᠢ ᠡᠨᠡ ᠴᠠᠭ ᠲᠤ᠌ ᠪᠣᠳᠣᠭᠰᠠᠨ ᠪᠠᠢᠯᠭᠦᠢ ᠶᠠᠭᠠᠬᠢᠬᠤᠪ᠃ 
       ᠡᠨᠳᠡ ᠨᠡᠢᠲᠡ ᠦᠬᠦᠯ ᠢ᠋ ᠣᠯᠠᠨ ᠤ᠋ ᠡᠮᠦᠨ᠎ᠡ ᠠᠶᠤᠮᠰᠢᠭ ᠪᠣᠯᠭᠠᠨ ᠲᠠᠯᠪᠢᠵᠤ ᠪᠠᠢᠭ᠎ᠠ ᠪᠢᠰᠢ᠂ ᠪᠣᠯᠬᠤ ᠭᠡᠵᠦ ᠪᠣᠢ ᠲᠡᠢᠨ ᠳ᠋ᠦ᠍ ᠦᠷᠡᠭᠳᠡᠬᠦ ᠡᠨᠡ ᠣᠯᠠᠨ ᠨᠣᠮᠣᠬᠠᠨ ᠡᠪᠡᠢ ᠬᠥᠭᠡᠷᠦᠬᠦᠢ ᠳᠠᠢᠴᠢᠨ ᠬᠥᠮᠦᠨ ᠦ᠌ ᠲᠤᠬᠠᠢ ᠥᠭᠦᠯᠡᠵᠦ ᠪᠠᠢᠨᠠᠮ᠃ ᠶᠠᠭᠤᠨ ᠳ᠋ᠤ᠌ ᠲᠡᠳᠡᠨ ᠦ᠌ ᠲᠤᠬᠠᠢ ᠥᠭᠦᠯᠡᠨᠡᠮ ᠪᠣᠢ᠂ ᠡᠳᠡ ᠬᠥᠭᠡᠷᠦᠬᠦᠢ᠂ ᠥᠨᠥ ᠪᠠ ᠢᠷᠡᠭᠡᠳᠦᠢ ᠶ᠋ᠢᠨ ᠶᠠᠪᠤᠳᠠᠯ ᠴᠣᠬᠣᠮ ᠬᠦ᠌ ᠬᠡᠨ ᠦ᠌ ᠲᠥᠯᠥᠭᠡ ᠶᠠᠭᠤᠨ ᠳ᠋ᠤ᠌ ᠢᠩᠭᠢᠵᠦ ᠶᠠᠪᠤᠭ᠎ᠠ ᠶ᠋ᠢᠨ ᠢ᠋ᠶ᠋ᠡᠨ ᠨᠠᠷᠢᠨ ᠤᠴᠢᠷ ᠢ᠋ ᠲᠠᠨᠢᠨ ᠲᠤᠩᠭᠠᠭᠠᠨ ᠪᠣᠳᠣᠵᠤ ᠮᠡᠳᠡᠬᠦ ᠦᠭᠡᠢ ᠶᠠᠪᠤᠭ᠎ᠠ ᠳ᠋ᠤᠨᠢ ᠬᠥᠨᠳᠡᠯᠡᠨ ᠦ᠌ ᠬᠡᠨ ᠢ᠋ ᠴᠦ᠍ ᠪᠣᠯ ᠵᠢᠷᠦᠬᠡ ᠰᠡᠳᠬᠢᠯ ᠲᠡᠳᠡᠨ ᠦ᠌ ᠲᠥᠯᠥᠭᠡ ᠶᠠᠭᠠᠬᠢᠨ ᠡᠪᠡᠳᠬᠦ ᠦᠭᠡᠢ ᠪᠠᠢᠬᠤ ᠶᠤᠮ ᠪᠣᠢ? ᠢᠩᠭᠢᠵᠦ ᠴᠠᠭᠠᠰᠢ ᠥᠭᠦᠯᠡᠬᠦ ᠳ᠋ᠦ᠍ ᠬᠠᠷ᠎ᠠ ᠲᠡᠢᠨ ᠵᠠᠪᠠᠯ ᠪᠣᠯᠬᠤ ᠶ᠋ᠢ ᠬᠠᠮᠢᠭ᠎ᠠ ᠬᠡᠳᠦᠢ ᠳ᠋ᠦ᠍ ᠴᠦ᠍ ᠵᠠᠪᠠᠯ ᠦᠷᠡᠭᠳᠡᠬᠦ ᠡᠨᠡ ᠳᠠᠢᠴᠢᠨ ᠡᠷᠡᠰ ᠦ᠋ᠨ ᠠᠷᠤ ᠳ᠋ᠤ᠌ ᠶᠠᠭᠤ ᠪᠠᠢᠳᠠᠭ ᠪᠢᠯᠡ? ᠦᠷ᠎ᠡ ᠬᠡᠦᠬᠡᠳ ᠪᠠᠢᠳᠠᠭ ᠪᠣᠯ ᠲᠡᠷᠡ ᠨᠢ ᠥᠨᠥᠴᠢᠷᠡᠨ᠎ᠡ᠂ ᠡᠬᠡᠨᠡᠷ ᠲᠡᠢ ᠪᠠᠢᠭᠰᠠᠨ ᠪᠣᠯ ᠲᠡᠷᠡ ᠨᠢ ᠪᠡᠯᠪᠡᠰᠦᠷᠡᠨ᠎ᠡ᠂ ᠡᠴᠢᠭᠡ ᠡᠬᠡ ᠲᠡᠢ ᠪᠠᠢᠭᠰᠠᠨ ᠪᠣᠯ ᠲᠡᠳᠡ ᠨᠢ ᠡᠭᠦᠷᠢᠳᠡ ᠭᠣᠣᠯ ᠬᠠᠷᠠᠯᠠᠨ ᠳᠤᠷᠠᠰᠴᠤ ᠪᠠᠢᠬᠤ ᠵᠠᠮ ᠳ᠋ᠤ᠌ ᠣᠷᠣᠨ᠎ᠠ᠃ ᠡᠢᠮᠦ ᠳ᠋ᠦ᠍ ᠬᠥᠮᠦᠨ ᠪᠦᠷᠢ ᠠᠮᠢ ᠬᠠᠢᠷᠠᠯᠠᠬᠤ ᠨᠢ ᠵᠦᠢ ᠶ᠋ᠢᠨ ᠬᠡᠷᠡᠭ ᠪᠣᠯᠪᠠᠴᠤ ᠴᠣᠬᠣᠮ ᠶᠠᠭᠠᠬᠢᠭᠠᠳ ᠬᠥᠮᠦᠨ ᠲᠦᠷ ᠵᠠᠭᠤᠷ᠎ᠠ ᠶ᠋ᠢᠨ ᠡᠢᠮᠦ ᠶᠠᠭᠤᠮᠠᠨ ᠳ᠋ᠤ᠌ ᠬᠠᠭᠤᠷᠲᠠᠭᠳᠠᠬᠤ ᠨᠢ ᠳᠠᠪᠠᠭᠤ ᠲᠠᠢ ᠪᠢᠯᠡ᠃ ᠴᠣᠬᠣᠮ ᠬᠦ᠌ ᠶᠠᠭ ᠡᠨᠡ ᠴᠠᠭ ᠲᠤ᠌ ᠳᠡᠭᠡᠷᠡᠬᠢ ᠣᠯᠠᠨ ᠡᠷᠡᠰ ᠢᠩᠭᠢᠵᠦ ᠶᠠᠪᠤᠭᠠᠳ ᠡᠴᠦᠰ ᠦ᠋ᠨ ᠡᠴᠦᠰ ᠲᠦ᠍ ᠡᠨᠡ ᠨᠠᠰᠤᠨ ᠳ᠋ᠠᠭᠠᠨ ᠭᠡᠮᠰᠢᠭᠡᠳ ᠪᠠᠷᠠᠰᠢ ᠦᠭᠡᠢ ᠶᠠᠮᠠᠷ ᠨᠢᠭᠡᠨ ᠬᠦᠨᠳᠦ ᠬᠡᠴᠡᠭᠦᠦ ᠶᠠᠭᠤᠮᠠᠨ ᠳ᠋ᠤ᠌ ᠣᠷᠣᠨ᠎ᠠ ᠭᠡᠳᠡᠭ ᠢ᠋ᠶ᠋ᠡᠨ ᠴᠦ᠍ ᠮᠡᠳᠡᠭᠡ ᠦᠭᠡᠢ᠂ ᠤᠳᠤᠷᠢᠳᠴᠤ ᠶᠠᠪᠤᠭ᠎ᠠ ᠬᠥᠮᠦᠰ ᠨᠡᠢᠭᠡᠮ ᠨᠢ ᠴᠦ᠍ ᠮᠡᠳᠡᠭᠦᠯᠬᠦ ᠦᠭᠡᠢ ᠶ᠋ᠢ ᠬᠦᠰᠡᠵᠦ ᠨᠢᠳᠦ ᠶ᠋ᠢ ᠨᠢ ᠬᠠᠷ᠎ᠠ ᠶᠠᠭᠤᠮ᠎ᠠ ᠪᠠᠷ ᠪᠣᠭᠣᠭᠠᠳ ᠴᠡᠭᠡᠵᠢ ᠶ᠋ᠢ ᠨᠢ ᠬᠦᠨᠳᠦ ᠴᠢᠯᠠᠭᠤ ᠪᠠᠷ ᠳᠠᠷᠤᠴᠢᠬᠠᠭᠠᠳ ᠪᠠᠢᠭ᠎ᠠ ᠰᠢᠦ ᠳᠡ᠃ 
       ᠬᠠᠮᠤᠭ ᠤ᠋ᠨ ᠰᠡᠭᠦᠯ ᠳ᠋ᠦ᠍ ᠶᠠᠪᠤᠭ᠎ᠠ ᠭᠤᠷᠪᠠᠳᠤᠭᠠᠷ ᠲᠠᠪᠢᠲᠤ ᠶ᠋ᠢᠨ ᠡᠬᠢᠨ ᠦ᠌ ᠬᠡᠰᠡᠭ ᠲᠦ᠍ ᠳ᠋ᠠᠨᠽᠠᠨ ᠥᠪᠡᠷ ᠦ᠋ᠨ ᠢᠲᠡᠭᠡᠯᠲᠦ ᠵᠠᠬᠢᠷᠤᠯ ᠬᠦᠩ ᠪᠠᠶᠠᠷ ᠤ᠋ᠨ ᠠᠷᠤ ᠳ᠋ᠤ᠌ ᠶᠠᠪᠤᠯ᠎ᠠ᠃ ᠰᠡᠳᠬᠢᠯ ᠳ᠋ᠦ᠍ᠨᠢ ᠢᠯᠠᠨ᠎ᠠ ᠳᠡᠢᠯᠦᠨ᠎ᠡ ᠭᠡᠳᠡᠭ ᠲᠦ᠍ ᠢᠲᠡᠭᠡᠯ ᠳᠦᠭᠦᠷᠡᠩ ᠪᠠᠢᠪᠠᠴᠤ ᠪᠠᠰᠠ ᠠᠯᠤᠰ ᠲᠡᠷᠲᠡᠭᠡᠬᠢ ᠬᠦᠷᠢᠶᠡᠨ᠎ᠡ ᠵᠠᠯᠪᠠᠷᠢᠨ ᠰᠠᠭᠤᠭ᠎ᠠ ᠠᠴᠢᠲᠤ ᠪᠣᠭᠳᠠ ᠡᠵᠡᠨ ᠬᠠᠭᠠᠨᠲᠠᠨ ᠤ᠋ ᠰᠠᠬᠢᠭᠤᠯᠰᠤᠨ ᠳ᠋ᠤ᠌ ᠢᠲᠡᠭᠡᠭᠰᠡᠨ ᠢᠲᠡᠭᠡᠯ ᠪᠢᠰᠢᠷᠡᠯ ᠮᠥᠨ ᠬᠡᠪ ᠢ᠋ᠶ᠋ᠡᠷ ᠪᠠᠢᠪᠠᠴᠤ ᠣᠳᠣ ᠪᠣᠯᠤᠭᠠᠳ ᠢᠷᠡᠬᠦ ᠳ᠋ᠦ᠍ ᠬᠠᠮᠤᠭ ᠶᠠᠭᠤᠮ᠎ᠠ ᠨᠢᠭᠡ ᠯᠡ ᠪᠢᠰᠢ᠃ ᠤᠷᠢᠳᠠ ᠶᠠᠪᠤᠭ᠎ᠠ ᠰᠢᠷᠦᠭᠦᠨ ᠪᠠᠭᠠᠲᠤᠷ ᠠᠯᠲᠠᠲᠤ ᠪᠠᠶᠠᠷ ᠬᠦᠩ ᠢ᠋ ᠬᠠᠷᠠᠬᠤ ᠳ᠋ᠤ᠌ ᠲᠡᠭᠦᠨ ᠦ᠌ ᠥᠷᠭᠡᠨ ᠴᠡᠭᠡᠵᠢ ᠤᠷᠤᠭᠰᠢᠯᠠᠬᠤ ᠵᠠᠮ ᠢ᠋ ᠲᠠᠭᠯᠠᠵᠤ ᠬᠡᠨᠡᠭ ᠦᠭᠡᠢᠬᠡᠨ ᠶᠠᠪᠤᠭ᠎ᠠ ᠪᠠᠢᠳᠠᠯ ᠢ᠋ᠶ᠋ᠠᠷ ᠢ᠋ᠶ᠋ᠠᠨ ᠢᠯᠠᠭᠳᠠᠰᠢ ᠦᠭᠡᠢ ᠪᠠᠭᠠᠲᠤᠷ ᠮᠥᠨ ᠭᠡᠵᠦ ᠪᠣᠳᠣᠭᠳᠠᠭᠤᠯᠤᠨ᠎ᠠ᠃ ᠭᠡᠪᠡᠴᠦ ᠲᠡᠷᠡ ᠨᠢ ᠪᠠᠰᠠ ᠯᠠ ᠪᠢᠰᠢ᠃《ᠶᠠᠭᠤᠨ ᠳ᠋ᠤ᠌ ᠡᠨᠡ ᠪᠣᠢ?》᠂ ᠥᠪᠡᠷ ᠦ᠋ᠨ ᠢ᠋ᠶ᠋ᠡᠨ ᠰᠤᠨᠵᠢᠨ ᠰᠤᠳᠤᠯᠬᠤ ᠳ᠋ᠤ᠌ ᠠᠯᠬᠤᠬᠤ ᠳᠣᠳᠣᠮ ᠣᠢᠷᠠᠲᠤᠵᠤ ᠪᠠᠢᠭ᠎ᠠ ᠡᠨᠡ ᠲᠡᠢᠨ ᠮᠣᠩᠭᠣᠯ ᠬᠥᠮᠦᠨ ᠮᠣᠩᠭᠣᠯ ᠲᠠᠢ ᠪᠠᠨ ᠤᠷᠠᠯᠴᠠᠨ ᠤᠯᠠᠭᠠᠨ ᠴᠢᠰᠤ ᠪᠠᠨ ᠬᠠᠨᠤᠯᠴᠠᠬᠤ ᠭᠡᠵᠦ ᠪᠠᠢᠭ᠎ᠠ ᠶ᠋ᠢ ᠪᠣᠳᠣᠬᠤ ᠳ᠋ᠤ᠌ ᠲᠡᠭᠦᠨ ᠳ᠋ᠦ᠍ ᠲᠡᠭᠦᠨ ᠰᠢᠭ ᠠᠶ᠎ᠠ ᠦᠭᠡᠢ ᠶᠠᠭᠤᠮ᠎ᠠ ᠶᠡᠷᠦ ᠪᠣᠳᠣᠭᠳᠠᠬᠤ ᠦᠭᠡᠢ ᠪᠣᠯᠤᠯ᠎ᠠ᠃ ᠲᠡᠭᠡᠭᠡᠳ ᠥᠪᠡᠷ ᠦ᠋ᠨ ᠢ᠋ᠶ᠋ᠡᠨ ᠪᠠᠢᠳᠠᠯ ᠢ᠋ ᠳᠡᠩᠳᠡᠭᠦᠦ ᠮᠠᠭᠤ ᠰᠠᠨᠠᠭᠠᠨ ᠤ᠋ ᠬᠢ ᠪᠣᠯᠵᠤ ᠪᠠᠢᠨ᠎ᠠ ᠤᠤ ᠳᠠ ᠭᠡᠳ ᠪᠣᠳᠣᠬᠤ ᠳᠣᠳᠣᠮ ᠰᠡᠳᠬᠢᠯ ᠬᠦᠨᠳᠦᠷᠡᠨ ᠠᠮᠢᠰᠬᠤᠯ ᠳᠠᠪᠬᠤᠴᠠᠨ᠎ᠠ᠃ ᠤᠭ ᠨᠢ ᠳ᠋ᠠᠨᠽᠠᠨ ᠡᠢᠮᠦ ᠡᠷ᠎ᠡ ᠪᠢᠰᠢ᠂ ᠵᠠᠩᠵᠤᠨ ᠴᠣᠢᠷ᠎ᠠ ᠶ᠋ᠢᠨ ᠪᠠᠢᠯᠳᠤᠭᠠᠨ ᠢ᠋ᠶ᠋ᠠᠷ ᠠᠷᠪᠠᠨ ᠬᠡᠳᠦᠨ ᠭᠠᠮᠢᠩ ᠤᠷᠤᠭᠤ ᠬᠡᠷᠡᠭᠯᠡᠵᠦ ᠰᠤᠷᠤᠭ᠎ᠠ ᠦᠭᠡᠢ ᠰᠡᠯᠡᠮᠡᠨ ᠳ᠋ᠦ᠍ ᠣᠷᠣᠬᠤ ᠳ᠋ᠠᠭᠠᠨ ᠪᠠᠷᠢᠵᠤ ᠰᠤᠷᠤᠭᠰᠠᠨ ᠲᠠᠰᠢᠭᠤᠷ ᠳᠡᠭᠡᠷ᠎ᠡ ᠭᠡᠵᠦ ᠪᠣᠳᠣᠨ ᠰᠡᠯᠡᠮ᠎ᠡ ᠰᠤᠭᠤᠯᠬᠤ ᠶ᠋ᠢᠨ ᠣᠷᠣᠨ ᠳ᠋ᠤ᠌ ᠲᠠᠰᠢᠭᠤᠷ ᠳᠠᠯᠠᠢᠨ ᠭᠠᠭᠴᠠᠭᠠᠷ ᠳᠠᠪᠬᠢᠨ ᠣᠷᠣᠵᠤ ᠪᠠᠢᠭᠰᠠᠨ ᠨᠢ ᠲᠡᠷᠡ ᠴᠠᠭ ᠲᠠᠭᠠᠨ ᠢᠳᠡ ᠳᠦᠷᠡᠯᠵᠡᠬᠦ ᠭᠠᠯ ᠴᠣᠭ ᠪᠠᠢᠵᠠᠢ᠃ 
       ᠣᠢ ᠶ᠋ᠢᠨ ᠵᠠᠬ᠎ᠠ ᠳ᠋ᠤ᠌ ᠬᠦᠷᠦᠯᠴᠡᠨ ᠢᠷᠡᠵᠦ ᠶᠠᠪᠤᠲᠠᠯ᠎ᠠ ᠪᠠᠷᠠᠭᠤᠨ ᠨᠢᠳᠦᠨ ᠦ᠌ ᠳᠡᠭᠡᠳᠦ ᠲᠠᠯ᠎ᠠ ᠭᠡᠨᠡᠳᠲᠡ ᠴᠡᠴᠢᠬᠢᠨᠡᠨ ᠲᠠᠲᠠᠯᠳᠤᠪᠠ᠃《ᠵᠠ ᠪᠠᠢᠵᠠ ᠡᠨᠡ ᠴᠢᠨᠢ ᠶᠠᠭᠤᠨ ᠰᠣᠪᠢᠩ ᠪᠣᠢ? ᠪᠠᠷᠠᠭᠤᠨ ᠨᠢᠳᠦᠨ ᠦ᠌ ᠳᠡᠭᠡᠳᠦ ᠲᠠᠯ᠎ᠠ ᠲᠠᠲᠠᠬᠤ ᠨᠢ ᠡᠷᠡᠭᠲᠡᠢ ᠬᠥᠮᠦᠨ ᠳ᠋ᠦ᠍ ᠰᠠᠢᠨ ᠪᠢᠯᠢᠤ? ᠠᠯᠢ ᠡᠮᠡᠭᠲᠡᠢ ᠪᠢᠯᠢᠤ?》 ᠭᠡᠵᠦ ᠰᠡᠳᠬᠢᠯ ᠦᠢᠮᠡᠷᠡᠭᠰᠡᠨ ᠨᠢ ᠳᠡᠭᠡᠷᠡᠬᠢ ᠬᠦᠨᠳᠦᠷᠡᠯ ᠢ᠋ ᠪᠠᠭ᠎ᠠ ᠵᠡᠷᠭᠡ ᠮᠠᠷᠲᠠᠭᠳᠠᠭᠤᠯᠤᠨ ᠲᠠᠢᠪᠤᠰᠢᠷᠠᠭᠤᠯᠪᠠ᠃ 
       ᠡᠨᠡ ᠦᠶ᠎ᠡ ᠳ᠋ᠦ᠍ ᠪᠦᠬᠦ ᠠᠩᠭᠢ ᠪᠠᠷᠤᠭ ᠢ᠋ᠶ᠋ᠠᠷ ᠢ᠋ᠶ᠋ᠠᠨ ᠣᠢ ᠶ᠋ᠢᠨ ᠵᠠᠬ᠎ᠠ ᠳ᠋ᠤ᠌ ᠭᠠᠷᠴᠤ ᠭᠦᠢᠴᠡᠭᠡᠳ ᠪᠠᠢᠭᠰᠠᠨ ᠪᠥᠭᠡᠳ ᠨᠢᠭᠡᠳᠦᠭᠡᠷ ᠲᠠᠪᠢᠲᠤ ᠳᠡᠭᠡᠷ᠎ᠡ ᠪᠡᠨ ᠬᠡᠳᠦᠨ ᠰᠠᠢᠬᠠᠨ ᠬᠥᠭᠯᠡᠭᠡᠷ ᠨᠠᠷᠠᠰᠤ ᠴᠤᠪᠤᠷᠠᠭᠤᠯᠤᠨ ᠤᠷᠭᠤᠭᠤᠯᠤᠭᠰᠠᠨ ᠪᠢᠴᠢᠬᠠᠨ ᠬᠥᠪᠡᠭᠡ ᠶ᠋ᠢᠨ ᠡᠮᠦᠨ᠎ᠡ ᠲᠤᠯᠤᠨ ᠵᠣᠭᠰᠣᠵᠤ ᠰᠡᠭᠦᠯᠴᠢ ᠶ᠋ᠢᠨ ᠬᠣᠶᠠᠷ ᠲᠠᠪᠢᠲᠤ ᠶ᠋ᠢ ᠬᠦᠯᠢᠶᠡᠬᠦ ᠠᠵᠢ᠃ ᠣᠳᠣ ᠡᠨᠳᠡ ᠡᠴᠡ ᠭᠤᠷᠪᠠᠨ ᠲᠠᠪᠢᠲᠤ ᠰᠠᠯᠤᠨ ᠲᠤᠰ ᠲᠤᠰ ᠤ᠋ᠨ ᠢ᠋ᠶ᠋ᠠᠨ ᠡᠭᠦᠷᠭᠡᠲᠦ ᠮᠥᠷ ᠢ᠋ ᠬᠥᠭᠡᠭᠡᠬᠦ ᠶᠣᠰᠣᠲᠠᠢ ᠭᠡᠨ᠎ᠡ᠃ ᠬᠢᠶᠠᠭᠲᠤ ᠡᠨᠳᠡ ᠡᠴᠡ ᠲᠤᠩ ᠬᠣᠯᠠ ᠦᠭᠡᠢ᠂ ᠭᠠᠵᠠᠷ ᠰᠠᠢᠨ ᠮᠡᠳᠡᠬᠦ ᠬᠥᠮᠦᠨ ᠪᠣᠯᠭᠠᠨ ᠤ᠋ ᠰᠡᠳᠬᠢᠯ ᠳ᠋ᠦ᠍ ᠥᠷᠲᠡᠭᠡ ᠶ᠋ᠢ ᠭᠤᠷᠪᠠ ᠬᠤᠪᠢᠶᠠᠭᠰᠠᠨ ᠤ᠋ ᠨᠢᠭᠡ ᠡᠴᠡ ᠶᠠᠭᠠᠬᠢᠪᠠᠴᠤ ᠬᠡᠲᠦᠷᠡᠬᠦ ᠦᠭᠡᠢ ᠭᠡᠵᠦ ᠪᠠᠭᠤᠨ᠎ᠠ᠃ ᠪᠠᠶᠠᠷ ᠬᠦᠩ ᠴᠦ᠍ ᠳᠠᠢᠰᠤᠨ ᠢ᠋ᠶ᠋ᠠᠨ ᠳᠠᠪᠠᠨ ᠲᠤᠭᠤᠯᠬᠤ ᠪᠠᠨ ᠪᠡᠯᠡᠳᠬᠡᠬᠦ ᠪᠣᠯᠤᠯᠲᠠᠢ ᠡᠪᠦᠷ ᠲᠡᠭᠡᠨ ᠭᠠᠷ ᠬᠢᠨ ᠥᠨᠥᠬᠢ ᠬᠠᠷ᠎ᠠ ᠷᠢᠯᠦ ᠡᠴᠡ ᠪᠡᠨ ᠨᠢᠭᠡ ᠶ᠋ᠢ ᠠᠪᠤᠨ ᠠᠮᠠ ᠤᠷᠤᠭᠤ ᠪᠠᠨ ᠰᠢᠳᠡᠭᠡᠳ᠂ ᠳᠣᠣᠷᠠᠲᠤ ᠬᠣᠶᠠᠷ ᠳᠠᠷᠤᠭ᠎ᠠ ᠳ᠋ᠠᠭᠠᠨ ᠲᠤᠰᠢᠶᠠᠯ ᠥᠭᠬᠦ ᠪᠡᠷ ᠣᠷᠣᠭᠰᠢ ᠤᠬᠤᠰᠬᠢᠲᠡᠯ᠎ᠡ ᠰᠤᠮᠤ ᠱᠦᠭᠦᠷ ᠲᠠᠴᠢᠭᠢᠨᠠᠪᠠ᠃ ᠬᠠᠮᠢᠭ᠎ᠠ ᠠ᠋ᠴᠠ ᠪᠣᠢ? ᠲᠡᠷᠡᠬᠡᠨ ᠬᠡᠳᠦᠬᠡᠨ ᠨᠠᠷᠠᠰᠤᠲᠤ ᠪᠢᠴᠢᠬᠠᠨ ᠬᠥᠪᠡᠭᠡᠨ ᠦ᠌ ᠢᠷᠮᠡᠭ ᠡᠴᠡ! ᠣᠨᠣᠭᠳᠠᠭᠰᠠᠨ ᠬᠥᠮᠦᠨ ᠤᠩᠬᠢᠯᠢᠳᠤᠨ ᠤᠨᠠᠨ᠎ᠠ᠃ ᠣᠨᠣᠭᠳᠠᠭᠰᠠᠨ ᠮᠣᠷᠢᠳ ᠳᠡᠪᠬᠡᠷᠦᠨ ᠴᠣᠪᠬᠣᠷᠠᠵᠤ ᠲᠡᠷᠡᠢᠨ ᠪᠠᠭᠤᠨ ᠣᠢᠴᠢᠨ᠎ᠠ᠃ ᠪᠤᠷᠬᠠᠨ ᠰᠠᠬᠢᠭᠤᠯᠰᠤᠨ ᠳ᠋ᠤ᠌ ᠵᠠᠯᠪᠠᠷᠢᠬᠤ᠂ ᠬᠠᠷᠢᠶᠠᠯ ᠵᠠᠨᠤᠯ ᠲᠠᠯᠪᠢᠬᠤ᠂《ᠠ ᠡᠵᠡᠨ ᠮᠢᠨᠢ!》 ᠭᠡᠬᠦ ᠬᠦᠷᠭᠡᠯ ᠰᠣᠨᠣᠰᠤᠭᠳᠠᠬᠤ ᠭᠱᠠᠨ ᠵᠠᠭᠤᠷ᠎ᠠ ᠶ᠋ᠢᠨ ᠳᠣᠲᠣᠷ᠎ᠠ ᠦᠢᠮᠡᠨ ᠰᠠᠨᠳᠤᠷᠤᠭ᠎ᠠ ᠦᠭᠡᠢ ᠶᠠᠭᠤᠮ᠎ᠠ ᠨᠢᠭᠡ ᠴᠦ᠍ ᠦᠭᠡᠢ ᠪᠣᠯᠵᠠᠢ᠃ ᠠᠷᠤ ᠳ᠋ᠤᠨᠢ ᠪᠠᠶᠠᠷ ᠬᠦᠩ ᠪᠠᠢᠭ᠎ᠠ ᠪᠠᠷ ᠢ᠋ᠶ᠋ᠠᠨ ᠬᠣᠢᠰᠢ ᠤᠷᠤᠭᠰᠢ ᠬᠣᠶᠠᠷ ᠲᠠᠰᠤᠷᠠᠨ ᠵᠠᠢᠯᠠᠬᠤ ᠶ᠋ᠢ ᠲᠤᠰᠢᠶᠠᠨ ᠬᠠᠰᠬᠢᠷᠪᠠᠴᠤ ᠰᠣᠨᠣᠰᠬᠤ ᠬᠥᠮᠦᠨ ᠠᠯᠠᠭ᠎ᠠ᠃ ᠠᠯᠢ ᠵᠦᠭ ᠬᠠᠷᠠᠵᠤ ᠪᠠᠢᠭᠰᠠᠨ ᠪᠣᠯ ᠲᠡᠷᠡ ᠯᠠ ᠵᠦᠭ ᠥᠭᠡᠳᠡ ᠪᠡᠨ ᠵᠢᠭᠤᠲᠠᠬᠤ ᠲᠤᠯᠠ ᠬᠡᠳᠦᠬᠡᠨ ᠮᠥᠴᠡ ᠶ᠋ᠢᠨ ᠳᠣᠲᠣᠷ᠎ᠠ ᠦᠬᠦᠳᠡᠯ ᠬᠡᠭᠦᠷ ᠦᠯᠡᠳᠡᠨ ᠵᠠᠮᠬᠠᠷᠠᠪᠠ᠃ 
       ᠡᠴᠦᠰ ᠲᠦ᠋ᠨᠢ ᠪᠠᠶᠠᠷ ᠬᠦᠩ ᠯᠡ ᠦᠯᠡᠳᠡᠵᠡᠢ᠃ ᠲᠦᠷᠭᠡᠬᠡᠨ ᠰᠢᠭ ᠮᠣᠷᠢᠨ ᠠ᠋ᠴᠠ ᠪᠠᠨ ᠪᠠᠭᠤᠵᠤ ᠭᠠᠵᠠᠷ ᠡᠯᠢᠭᠡᠯᠡᠨ ᠬᠡᠪᠲᠡᠭᠡᠳ ᠫᠤᠤᠳᠠᠬᠤ ᠭᠡᠰᠡᠨ ᠪᠣᠯᠪᠠᠴᠤ ᠨᠢᠳᠦᠨ ᠳ᠋ᠦ᠍ᠨᠢ ᠬᠡᠨ ᠴᠦ᠍ ᠬᠠᠷᠠᠭᠳᠠᠭᠰᠠᠨ ᠦᠭᠡᠢ᠂ ᠡᠴᠦᠰ ᠲᠦ᠋ᠨᠢ ᠭᠠᠭᠴᠠᠭᠠᠷ ᠢ᠋ᠶ᠋ᠠᠨ ᠦᠯᠡᠳᠡᠭᠰᠡᠨ ᠢ᠋ᠶ᠋ᠡᠨ ᠮᠡᠳᠡᠨ ᠪᠣᠰᠤᠨ ᠬᠠᠷᠠᠢᠵᠤ ᠮᠣᠷᠢᠨ ᠳ᠋ᠠᠭᠠᠨ ᠮᠣᠷᠳᠠᠬᠤ ᠭᠡᠲᠡᠯ᠎ᠡ ᠢᠷᠮᠡᠭ ᠳᠡᠭᠡᠷ᠎ᠡ ᠥᠨᠳᠥᠷ ᠪᠡᠶ᠎ᠡ ᠲᠡᠢ ᠡᠷ᠎ᠡ ᠭᠡᠨᠡᠳᠲᠡ ᠭᠠᠷᠴᠤ ᠢᠷᠡᠨ ᠫᠤᠤᠳᠠᠪᠠ᠃ ᠡᠨᠡ ᠬᠥᠮᠦᠨ ᠰᠦᠬᠡᠪᠠᠭᠠᠲᠤᠷ(ᠰᠦᠬᠡᠪᠠᠭᠠᠲᠤᠷ ᠪᠠᠶᠠᠷ ᠬᠦᠩ ᠢ᠋ ᠶᠠᠭᠤ ᠶᠠᠭᠤ ᠦᠭᠡᠢ ᠠᠯᠳᠠᠬᠤ ᠳ᠋ᠤ᠌ ᠬᠦᠷᠦᠭᠰᠡᠨ ᠤᠴᠢᠷ ᠥᠪᠡᠷ ᠢ᠋ᠶ᠋ᠡᠨ ᠫᠤᠤᠳᠠᠭᠰᠠᠨ ᠭᠡᠳᠡᠭ)᠂ ᠪᠠᠶᠠᠷ ᠬᠦᠩ ᠦ᠋ᠨ ᠮᠣᠷᠢᠨ ᠳ᠋ᠠᠭᠠᠨ ᠮᠣᠷᠳᠠᠬᠤ ᠪᠠᠷ ᠳᠥᠷᠥᠭᠡᠯᠡᠭᠰᠡᠨ ᠬᠥᠯ ᠭᠤᠶ᠎ᠠ ᠪᠠᠷ ᠢ᠋ᠶ᠋ᠠᠨ ᠰᠢᠷᠬᠠᠳᠤᠭᠰᠠᠨ ᠤᠴᠢᠷ ᠬᠥᠯ ᠠᠯᠲᠠᠨ ᠳᠣᠷᠣᠭᠰᠢ ᠤᠨᠠᠪᠠ᠃ 
       ᠮᠣᠷᠢ ᠨᠢ ᠡᠵᠡᠨ ᠢ᠋ᠶ᠋ᠡᠨ ᠠᠪᠤᠷᠠᠬᠤ ᠭᠡᠵᠦ ᠤᠬᠠᠭᠠᠨ ᠦᠭᠡᠢ ᠳᠣᠭᠳᠣᠯᠵᠤ ᠪᠠᠢᠭᠰᠠᠨ ᠢ᠋ᠶ᠋ᠠᠨ ᠤᠬᠤᠰᠬᠢᠨ ᠨᠢᠵᠢᠭᠢᠨᠡᠨ ᠠᠯᠠᠭ᠎ᠠ ᠪᠣᠯᠪᠠ᠃ ᠡᠭᠦᠨ ᠢ᠋ ᠬᠡᠨ ᠬᠠᠷᠠᠪᠠ? ᠳ᠋ᠠᠨᠽᠠᠨ᠃ ᠲᠦᠷᠦᠭᠦᠨ ᠬᠡᠷᠡᠭ ᠪᠢᠰᠢᠳᠡᠮᠡᠭᠴᠡ ᠬᠣᠢᠰᠢ ᠡᠷᠭᠢᠨ ᠣᠢ ᠶ᠋ᠢᠨ ᠵᠠᠬ᠎ᠠ ᠶ᠋ᠢᠨ ᠬᠡᠳᠦᠨ ᠮᠣᠳᠣ ᠶ᠋ᠢ ᠪᠠᠷᠠᠳᠠᠵᠤ ᠠᠮᠵᠢᠭᠰᠠᠨ ᠢ᠋ᠶ᠋ᠠᠷ ᠢ᠋ᠶ᠋ᠠᠨ ᠲᠣᠳᠣᠷᠬᠠᠢ ᠬᠠᠷᠠᠭᠰᠠᠨ ᠪᠥᠭᠡᠳ ᠡᠴᠦᠰ ᠲᠦ᠋ᠨᠢ ᠪᠠᠭᠠᠲᠤᠷ ᠡᠵᠡᠨ ᠢ᠋ᠶ᠋ᠡᠨ ᠠᠪᠰᠤᠭᠠᠢ ᠭᠡᠬᠦ ᠡᠴᠡ ᠥᠭᠡᠷ᠎ᠡ ᠶᠠᠭᠤ ᠴᠦ᠍ ᠦᠭᠡᠢ ᠪᠣᠯᠵᠤ ᠳᠡᠷᠭᠡᠳᠡᠬᠢ ᠬᠣᠶᠠᠷ ᠬᠥᠮᠦᠨ ᠦ᠌ ᠪᠡᠨ ᠬᠠᠮᠲᠤ ᠭᠦᠶᠦᠪᠡ᠃ ᠭᠤᠷᠪᠠᠨ ᠫᠤᠤ ᠪᠠᠨ ᠵᠥᠷᠢᠭᠦᠯᠦᠨ ᠪᠠᠷᠢᠵᠤ ᠳᠠᠮᠨᠠᠭᠤᠷ ᠪᠣᠯᠭᠠᠨ ᠪᠠᠶᠠᠷ ᠬᠦᠩ ᠢ᠋ ᠰᠠᠭᠤᠯᠭᠠᠨ ᠭᠦᠶᠦᠵᠦ ᠶᠠᠪᠤᠬᠤ ᠳ᠋ᠤ᠌ ᠰᠦᠬᠡᠪᠠᠭᠠᠲᠤᠷ ᠴᠡᠷᠢᠭ ᠦ᠋ᠳ ᠲᠡᠢ ᠪᠡᠨ ᠪᠡᠶ᠎ᠡ ᠠᠮᠤᠷ ᠪᠠᠢᠭᠰᠠᠨ ᠮᠣᠷᠢᠳ ᠢ᠋ᠶ᠋ᠠᠷ ᠢ᠋ᠶ᠋ᠠᠨ ᠥᠰᠥᠷᠬᠡᠨ ᠢᠷᠡᠵᠦ ᠨᠥᠮᠥᠷᠦᠨ ᠠᠪᠤᠯ᠎ᠠ᠃ ᠬᠠᠷᠢᠭᠤ ᠳ᠋ᠤᠨᠢ ᠨᠥᠭᠥᠭᠡᠳᠦᠭᠦᠯᠡ ᠶᠠᠭᠠᠬᠢᠵᠤ ᠴᠦ᠍ ᠠᠮᠵᠢᠭᠰᠠᠨ ᠦᠭᠡᠢ᠃ ᠪᠠᠶᠠᠷ ᠬᠦᠩ ᠢ᠋ ᠳᠣᠷᠣᠭᠰᠢ ᠲᠠᠯᠪᠢᠨ ᠵᠥᠪᠬᠡᠨ ᠬᠡᠷᠬᠢᠬᠦ ᠶ᠋ᠢ ᠨᠢ ᠬᠦᠯᠢᠶᠡᠵᠦ ᠠᠪᠴᠠᠢ᠃ ᠰᠦᠬᠡᠪᠠᠭᠠᠲᠤᠷ ᠤ᠋ᠨ ᠴᠡᠷᠢᠭ ᠦ᠋ᠳ ᠮᠣᠷᠢᠳ ᠠ᠋ᠴᠠ ᠪᠠᠨ ᠪᠠᠭᠤᠨ ᠬᠠᠷᠡᠢᠯᠴᠠᠵᠤ ᠵᠥᠪᠬᠡᠨ ᠪᠠᠶᠠᠷ ᠬᠦᠩ ᠢ᠋ ᠱᠣᠬᠣᠭᠣᠷᠬᠠᠨ ᠰᠢᠪᠠᠪᠠ᠃ ᠲᠡᠷᠡ ᠳᠤᠮᠳᠠ ᠰᠦᠬᠡᠪᠠᠭᠠᠲᠤᠷ《ᠬᠥᠶᠢ᠂ ᠨᠥᠬᠥᠳ ᠬᠣᠢᠰᠢ ᠪᠠᠨ! ᠡᠨᠡ ᠬᠥᠮᠦᠨ ᠳ᠋ᠦ᠍ ᠠᠭᠠᠷ ᠲᠠᠯᠪᠢᠵᠤ ᠥᠭ》 ᠭᠡᠵᠦ ᠥᠭᠦᠯᠡᠨ ᠬᠥᠮᠦᠰ ᠢ᠋ᠶ᠋ᠡᠨ ᠬᠣᠯᠠᠳᠠᠭᠠᠪᠠ᠃ ᠲᠡᠷᠡ ᠳᠤᠮᠳᠠ ᠪᠠᠶᠠᠷ ᠬᠦᠩ ᠰᠠᠨᠠᠭ᠎ᠠ ᠦᠭᠡᠢ ᠲᠠᠯ᠎ᠠ ᠪᠠᠷ ᠢ᠋ᠶ᠋ᠠᠨ ᠰᠡᠯᠡᠮᠡᠨ ᠳ᠋ᠦ᠍ ᠴᠣᠬᠢᠭᠳᠠᠭᠰᠠᠨ ᠢ᠋ᠶ᠋ᠠᠨ ᠪᠠᠬᠠᠷᠳᠠᠨ ᠮᠠᠭᠤᠵᠢᠷᠠᠭᠰᠠᠨ ᠪᠠᠢᠯ᠎ᠠ᠃ ᠤᠭ ᠤ᠋ᠨ ᠮᠢᠬᠠᠯᠢᠭ ᠨᠢᠭᠤᠷ ᠲᠤᠨᠢ ᠬᠠᠮᠤᠭ ᠴᠢᠰᠤ ᠨᠢ ᠬᠤᠷᠠᠯᠳᠤᠵᠤ ᠬᠦᠷᠡᠩ ᠬᠠᠷ᠎ᠠ ᠪᠣᠯᠵᠤ ᠳᠡᠭᠡᠳᠦ ᠤᠷᠤᠭᠤᠯ ᠤ᠋ᠨ ᠬᠢᠨᠢ ᠰᠢᠷᠦᠭᠦᠨ ᠬᠠᠷ᠎ᠠ ᠰᠠᠬᠠᠯ ᠵᠠᠷᠠᠭ᠎ᠠ ᠶ᠋ᠢᠨ ᠬᠢ ᠰᠢᠭ ᠪᠣᠯᠤᠭᠰᠠᠨ ᠢ᠋ ᠨᠢ ᠠᠵᠢᠪᠠᠯ ᠯᠠᠨᠲᠤᠤ ᠪᠠᠷ ᠴᠣᠬᠢᠪᠠᠴᠤ ᠦᠯᠦ ᠬᠡᠮᠬᠡᠷᠡᠬᠦ ᠰᠢᠷᠡᠮᠦᠨ ᠲᠣᠯᠣᠭᠠᠢ ᠰᠢᠭ᠋ ᠪᠣᠯᠵᠠᠢ᠃ ᠬᠥᠮᠦᠰ ᠦ᠋ᠨ ᠵᠠᠢ ᠲᠠᠯᠪᠢᠵᠤ ᠠᠭᠠᠷ ᠣᠷᠣᠭᠤᠯᠵᠤ ᠥᠭᠭᠦᠭᠰᠡᠨ ᠦ᠌ ᠬᠤᠪᠢ ᠳ᠋ᠤ᠌ ᠠᠮᠰᠢᠬᠤᠯ ᠠᠪᠤᠨ ᠤᠬᠠᠭᠠᠨ ᠣᠷᠣᠵᠤ ᠡᠨᠡ ᠲᠡᠷᠡ ᠶ᠋ᠢ ᠨᠢᠭᠡ ᠠᠵᠢᠭᠰᠠᠨ ᠢ᠋ᠶ᠋ᠠᠨ ᠳᠠᠷᠤᠢ ᠲᠥᠷᠥᠭᠦᠯᠭᠡ ᠪᠡᠨ ᠬᠠᠷᠠᠨ ᠡᠯᠡᠰᠦᠷᠬᠡᠭ ᠭᠠᠵᠠᠷ ᠤ᠋ᠨ ᠲᠡᠷᠡ ᠵᠥᠭᠡᠯᠡᠨ ᠬᠥᠷᠥᠰᠥᠨ ᠳ᠋ᠦ᠍ ᠨᠢᠭᠤᠷ ᠢ᠋ᠶ᠋ᠠᠨ ᠰᠢᠭᠢᠳᠬᠡᠪᠡ᠃ ᠢᠩᠭᠢᠭᠡᠳ ᠦᠬᠦᠬᠦ ᠶ᠋ᠢ ᠪᠣᠳᠣᠪᠠᠴᠤ ᠨᠡᠮᠡᠷᠢ ᠠᠯᠠᠭ᠎ᠠ᠃ ᠬᠥᠮᠦᠰ ᠲᠡᠭᠦᠨ ᠢ᠋ ᠭᠡᠳᠡᠷᠭᠦ ᠬᠠᠷᠠᠭᠤᠯᠤᠨ ᠠᠮᠠ ᠬᠠᠮᠠᠷ ᠲᠤᠨᠢ ᠴᠢᠬᠢᠭᠳᠡᠭᠰᠡᠨ ᠰᠢᠪᠡᠷ ᠰᠢᠷᠣᠢ ᠶ᠋ᠢ ᠠᠷᠢᠯᠭᠠᠨ᠎ᠠ᠃ ᠲᠡᠷᠡ ᠪᠠᠢᠲᠤᠭᠠᠢ ᠳᠥᠷᠪᠡᠨ ᠳᠤᠭᠤᠢ ᠲᠠᠢ ᠮᠣᠷᠢᠨ ᠲᠡᠷᠭᠡ ᠠᠪᠴᠢᠷᠠᠨ ᠲᠠᠪᠰᠢᠨ ᠳ᠋ᠤᠨᠢ ᠡᠪᠡᠰᠦ ᠲᠠᠯᠪᠢᠨ ᠵᠥᠭᠡᠯᠡᠯᠡᠵᠦ ᠬᠡᠪᠲᠡᠭᠦᠯᠦᠨ ᠠᠪᠤᠨ ᠶᠠᠪᠤᠯ᠎ᠠ᠃ 
       ᠡᠳᠦᠢ ᠪᠣᠯᠲᠠᠯ᠎ᠠ ᠨᠥᠭᠦᠭᠡ ᠭᠤᠷᠪᠠ ᠶ᠋ᠢ ᠨᠢ ᠠᠩᠬᠠᠷᠬᠤ ᠬᠥᠮᠦᠨ ᠠᠯᠠᠭ᠎ᠠ ᠠ᠋᠃ ᠲᠡᠳᠡ ᠳᠡᠮᠡᠢ ᠭᠠᠢᠬᠠᠬᠤ ᠳ᠋ᠠᠭᠠᠨ ᠮᠣᠷᠢᠳ ᠢ᠋ᠶ᠋ᠠᠨ ᠠᠪᠴᠢᠷᠠᠨ ᠮᠥᠷᠳᠡᠵᠦ ᠳᠥᠷᠪᠡᠨ ᠳᠤᠭᠤᠢ ᠲᠠᠢ ᠲᠡᠷᠭᠡᠨ ᠳᠡᠭᠡᠷ᠎ᠡ ᠨᠢᠳᠦ ᠠᠨᠢᠨ ᠶᠠᠪᠤᠭ᠎ᠠ ᠡᠵᠡᠨ ᠢ᠋ᠶ᠋ᠡᠨ ᠪᠠᠷᠠᠳᠠᠨ ᠶᠠᠪᠤᠨ᠎ᠠ᠃ ᠤᠭ ᠨᠢ ᠡᠳᠡ ᠲᠦᠷᠦᠭᠦᠨ《ᠵᠠ ᠪᠢᠳᠡ ᠪᠠᠷᠢᠭᠳᠠᠯ᠎ᠠ ᠠᠮᠢᠳᠤ ᠭᠠᠷᠤᠨ᠎ᠠ ᠭᠡᠳᠡᠭ ᠴᠦ᠍ ᠦᠭᠡᠢ ᠰᠢᠦ ᠳᠡ》 ᠭᠡᠵᠦ ᠪᠣᠳᠣᠭᠰᠠᠨ ᠨᠢ ᠣᠳᠣ ᠲᠠᠯᠠᠭᠠᠷ ᠪᠣᠯᠤᠨ ᠤᠴᠢᠷ ᠨᠢ ᠣᠯᠳᠠᠬᠤ ᠪᠠᠨ ᠪᠠᠢᠵᠠᠢ᠃  
       ᠬᠢᠶᠠᠭᠲᠤ ᠳ᠋ᠤ᠌ ᠢᠷᠡᠭᠡᠳ ᠠᠷᠠᠳ ᠤ᠋ᠨ ᠨᠠᠮ ᠤ᠋ᠨ ᠬᠢᠨ ᠪᠠᠶᠠᠷ ᠬᠦᠩ ᠢ᠋ ᠲᠤᠰᠬᠠᠢ ᠭᠡᠷ ᠲᠦ᠍ ᠣᠷᠣᠭᠤᠯᠤᠭᠠᠳ ᠬᠣᠢᠨ᠎ᠠ ᠠ᠋ᠴᠠ ᠨᠢ ᠰᠦᠬᠡᠪᠠᠭᠠᠲᠤᠷ ᠪᠤᠰᠤᠳ ᠤᠳᠤᠷᠢᠳᠬᠤ ᠨᠥᠬᠥᠳ ᠲᠡᠢ ᠪᠡᠨ ᠣᠷᠣᠪᠠ᠃ ᠬᠠᠮᠲᠤ ᠢᠷᠡᠭᠰᠡᠨ ᠴᠡᠷᠢᠭ ᠦ᠋ᠳ ᠨᠢ ᠣᠷᠣᠨ ᠪᠠᠢᠷᠢ ᠤᠷᠤᠭᠤ ᠪᠠᠨ ᠶᠠᠪᠤᠬᠤ ᠳ᠋ᠤ᠌ ᠨᠥᠭᠦᠭᠡ ᠭᠤᠷᠪᠠ ᠮᠥᠨ ᠯᠡ ᠤᠴᠢᠷ ᠢ᠋ᠶ᠋ᠠᠨ ᠣᠯᠬᠤ ᠦᠭᠡᠢ ᠬᠡᠪ ᠢ᠋ᠶ᠋ᠡᠷ ᠭᠡᠷ ᠦ᠋ᠨ ᠬᠠᠶᠠᠭᠠᠨ᠎ᠠ ᠰᠠᠬᠢᠬᠤ ᠮᠠᠨᠠᠭ᠎ᠠ ᠰᠢᠭ᠋ ᠦᠯᠡᠳᠡᠪᠡ᠃ ᠳᠣᠲᠣᠭᠠᠳᠤ ᠰᠡᠳᠬᠢᠯ ᠨᠢ ᠢᠵᠢᠯᠢ ᠳ᠋ᠡᠭᠡᠨ ᠢᠵᠢᠯᠢ᠂ ᠲᠡᠢᠨ ᠳ᠋ᠦ᠍ ᠢᠯᠠᠭᠳᠠᠭᠰᠠᠨ ᠠ᠋ᠴᠠ ᠪᠠᠨ ᠢᠯᠡᠭᠦᠦ ᠲᠡᠷᠢᠭᠦᠯᠡᠭᠴᠢ ᠵᠠᠩᠵᠤᠨ ᠢ᠋ᠶ᠋ᠠᠨ ᠪᠠᠷᠢᠭᠳᠠᠭᠤᠯᠤᠭᠰᠠᠨ ᠳ᠋ᠠᠭᠠᠨ ᠭᠣᠣᠯ ᠬᠠᠷᠠᠯᠠᠨ᠎ᠠ᠃ ᠭᠡᠷ ᠲᠡᠬᠢ ᠬᠥᠮᠦᠰ ᠪᠠᠶᠠᠷ ᠬᠦᠩ ᠡᠴᠡ ᠦᠶ᠎ᠡ ᠦᠶ᠎ᠡ ᠶᠠᠭᠤᠮ᠎ᠠ ᠠᠰᠠᠭᠤᠬᠤ ᠰᠢᠭ᠋ ᠪᠣᠯᠵᠤ ᠪᠠᠢᠬᠤ ᠳ᠋ᠤ᠌ ᠬᠠᠷᠢᠭᠤ ᠠᠯᠠᠭ᠎ᠠ᠃ ᠭᠠᠭᠴᠠᠬᠠᠨ ᠤᠳᠠᠭ᠎ᠠ《ᠠ᠋ ᠪᠢ ᠡᠵᠡᠨ ᠬᠠᠭᠠᠨ ᠤ᠋ ᠲᠥᠷᠥ ᠶ᠋ᠢᠨ ᠲᠥᠯᠥᠭᠡ ᠳᠠᠯᠠᠨ ᠬᠡᠳᠦ ᠤᠳᠠᠭ᠎ᠠ ᠲᠡᠢᠨ ᠳ᠋ᠦ᠍ ᠣᠷᠣᠭᠰᠠᠨ᠂ ᠡᠢᠮᠦ ᠲᠩᠷᠢ ᠨᠢ ᠬᠠᠶᠠᠭᠰᠠᠨ ᠲᠡᠢᠨ ᠦᠵᠡᠭᠡ ᠦᠭᠡᠢ᠂ ᠵᠠᠯᠠᠭᠤ ᠵᠠᠩᠵᠤᠨ ᠴᠢ ᠨᠠᠳᠠ ᠭᠠᠭᠴᠠ ᠰᠤᠮᠤ ᠬᠠᠢᠷᠠᠯᠠ!》 ᠭᠡᠵᠦ ᠪᠦᠳᠦᠭᠦᠨ ᠢ᠋ᠶ᠋ᠡᠷ ᠤᠨᠵᠢᠷᠠᠭᠤᠯᠤᠨ ᠥᠭᠦᠯᠡᠭᠡᠳ ᠬᠣᠢᠨ᠎ᠠ ᠠ᠋ᠴᠠ ᠨᠢ ᠶᠣᠰᠣᠲᠠᠢ ᠬᠠᠪᠬᠠᠨ ᠳ᠋ᠤ᠌ ᠣᠷᠣᠭᠰᠠᠨ ᠴᠢᠨᠣ᠎ᠠ ᠶ᠋ᠢᠨ ᠠᠪᠢᠶ᠎ᠠ ᠪᠠᠷ ᠶᠠᠩᠭᠢᠨᠠᠭᠤᠯᠤᠨ ᠤᠬᠢᠯᠠᠪᠠ᠃ ᠡᠨᠡ ᠨᠢ ᠳ᠋ᠠᠨᠽᠠᠨ ᠳ᠋ᠤ᠌ ᠮᠠᠰᠢ ᠬᠠᠷᠠᠭᠤᠰᠠᠯᠲᠠᠢ᠃《ᠠ ᠳᠠ ᠰᠤᠮᠤ ᠯᠠ ᠪᠢᠲᠡᠭᠡᠢ ᠥᠭᠭᠦᠭᠡᠰᠠᠢ ᠪᠢᠯᠡ》 ᠭᠡᠵᠦ ᠠᠮᠠᠨ ᠳ᠋ᠠᠭᠠᠨ ᠥᠭᠦᠯᠡᠨ ᠮᠠᠩᠨᠨᠠᠢ ᠶ᠋ᠢᠨ ᠢ᠋ᠶ᠋ᠡᠨ ᠬᠥᠯᠥᠰᠥ ᠶ᠋ᠢ ᠠᠷᠴᠢᠨ᠎ᠠ᠃ ᠰᠦᠬᠡᠪᠠᠭᠠᠲᠤᠷ ᠨᠥᠬᠥᠳ ᠲᠡᠢ ᠪᠡᠨ ᠭᠡᠷ ᠡᠴᠡ ᠭᠠᠷᠴᠤ ᠣᠳᠪᠠ᠃ ᠠᠷᠤ ᠳ᠋ᠤᠨᠢ ᠫᠤᠤ ᠳᠤᠤᠭᠠᠷᠬᠤ ᠦᠭᠡᠢ ᠪᠠᠢᠬᠤ ᠳ᠋ᠤ᠌ ᠳ᠋ᠠᠨᠽᠠᠨ ᠠᠱ᠌ᠢᠭᠦᠢ ᠰᠤᠮᠤ ᠥᠭᠭᠦᠭᠡ ᠦᠭᠡᠢ ᠪᠠᠢᠵᠤ ᠭᠡᠵᠦ ᠰᠡᠳᠬᠢᠯ ᠲᠠᠢᠪᠤᠰᠢᠷᠠᠨ᠎ᠠ᠃ ᠦᠶ᠎ᠡ ᠦᠶ᠎ᠡ ᠬᠦᠨᠳᠦ ᠪᠡᠷ ᠰᠠᠨᠠᠭ᠎ᠠ ᠠᠯᠳᠠᠬᠤ ᠰᠣᠨᠣᠰᠳᠠᠬᠤ ᠳ᠋ᠤ᠌ ᠠᠮᠢᠳᠤ ᠪᠠᠢᠨ᠎ᠠ ᠭᠡᠵᠦ ᠪᠠᠶᠠᠷᠯᠠᠨ᠎ᠠ᠃ ᠨᠢᠭᠡ ᠬᠥᠮᠦᠨ ᠳᠡᠷᠭᠡᠳᠡ ᠢᠷᠡᠵᠦ《ᠵᠡᠪᠰᠡᠭ ᠢ᠋ᠶ᠋ᠡᠨ ᠬᠤᠷᠢᠶᠠᠯᠭᠠᠵᠠᠭ᠎ᠠ!》 ᠭᠡᠰᠡᠨ ᠳ᠋ᠦ᠍ ᠳ᠋ᠠᠨᠽᠠᠨ ᠤ᠋ ᠬᠠᠵᠠᠭᠤ ᠠ᠋ᠴᠠ《ᠶᠠᠭᠤᠨ ᠳ᠋ᠤ᠌ ᠲᠡᠷᠡ ᠪᠢᠯᠡ ᠠ᠋!》 ᠭᠡᠪᠡ᠃  
       ᠬᠠᠷᠢᠭᠤ ᠳ᠋ᠤᠨᠢ᠄ ᠦᠭᠡᠢ ᠲᠠ ᠨᠠᠷ ᠴᠢᠨᠢ ᠡᠨᠡ ᠪᠠᠶᠠᠷ ᠬᠦᠩ ᠦ᠋ᠨ ᠬᠢᠨ ᠪᠠᠢᠭ᠎ᠠ ᠪᠢᠵᠡ ᠳᠡ ᠭᠡᠬᠦ ᠳ᠋ᠦ᠍ᠨᠢ ᠬᠡᠨ ᠨᠢ ᠴᠦ᠍ ᠳᠤᠤᠭᠠᠷᠤᠭᠰᠠᠨ ᠦᠭᠡᠢ᠃ ᠨᠢᠭᠡ ᠮᠡᠳᠡᠬᠦ ᠳ᠋ᠦ᠍ ᠭᠡᠷ ᠲᠦᠰᠢᠭᠦᠯᠦᠨ ᠲᠠᠯᠪᠢᠭᠰᠠᠨ ᠭᠤᠷᠪᠠᠨ ᠫᠤᠤ ᠤᠨᠤᠭ᠎ᠠ ᠮᠣᠷᠢᠳ ᠤ᠋ᠨ ᠬᠠᠮᠲᠤ ᠦᠭᠡᠢ ᠪᠣᠯᠤᠭᠰᠠᠨ ᠪᠠᠢᠯ᠎ᠠ᠃ ᠥᠨᠥᠬᠢ ᠬᠥᠮᠦᠨ ᠠᠪᠤᠭᠠᠳ ᠶᠠᠪᠤᠵᠠᠢ᠃ ᠭᠡᠲᠡᠯ᠎ᠡ ᠲᠡᠷᠡ ᠬᠥᠮᠦᠨ ᠪᠡᠶ᠎ᠡ ᠳ᠋ᠦ᠍ ᠪᠦᠰᠡᠯᠡᠭᠰᠡᠨ ᠲᠠᠢᠵᠠ ᠲᠠᠢ ᠰᠤᠮᠤ ᠶ᠋ᠢ ᠠᠪᠤᠭ᠎ᠠ ᠦᠭᠡᠢ ᠨᠢ ᠡᠳᠡ ᠫᠤᠤ ᠦᠭᠡᠢ ᠪᠡᠷ ᠠᠶᠤᠯ ᠭᠠᠷᠭᠠᠬᠤ ᠦᠭᠡᠢ ᠭᠡᠰᠡᠨ ᠡᠴᠡ ᠪᠤᠶᠤ ᠡᠰᠡᠪᠡᠯ ᠬᠥᠮᠦᠨ ᠦ᠌ ᠪᠡᠶ᠎ᠡ ᠳ᠋ᠦ᠍ ᠬᠠᠯᠳᠠᠬᠤ ᠠ᠋ᠴᠠ ᠪᠠᠨ ᠵᠣᠪᠠᠭᠰᠠᠨ ᠴᠤ᠌ ᠪᠠᠢᠵᠤ ᠮᠡᠳᠡᠨ᠎ᠡ᠃ 
       ᠨᠢᠭᠡ ᠬᠥᠮᠦᠨ ᠬᠤᠪᠢᠩ ᠲᠠᠢ ᠬᠣᠭᠣᠯᠠ ᠪᠠᠷᠢᠨ ᠢᠷᠡᠵᠦ ᠭᠡᠷ ᠲᠦ᠍ ᠣᠷᠣᠬᠤ ᠳ᠋ᠤ᠌ ᠳ᠋ᠠᠨᠽᠠᠨ ᠭᠡᠳᠡᠰᠦ ᠥᠯᠥᠰᠴᠦ ᠪᠠᠢᠭ᠎ᠠ ᠪᠠᠨ ᠰᠠᠨᠠᠨ ᠶᠠᠭᠤᠮ᠎ᠠ ᠣᠯᠵᠤ ᠢᠳᠡᠬᠦ ᠪᠡᠷ ᠶᠠᠪᠤᠯ᠎ᠠ᠃ ᠴᠡᠷᠢᠭ ᠦ᠋ᠳ ᠦ᠋ᠨ ᠣᠷᠣᠨ ᠪᠠᠢᠷᠢ ᠶ᠋ᠢᠨ ᠬᠠᠪᠢ ᠪᠠᠷ ᠶᠠᠪᠤᠬᠤ ᠳ᠋ᠤ᠌ ᠮᠥᠨ ᠯᠡ ᠬᠠᠢᠬᠤᠷᠬᠤ ᠬᠥᠮᠦᠨ ᠠᠯᠠᠭ᠎ᠠ᠃ ᠡᠮᠦᠰᠦᠭᠰᠡᠨ ᠬᠤᠪᠴᠠᠰᠤ ᠦᠯᠦ ᠢᠯᠭᠠᠭᠳᠠᠬᠤ ᠪᠠᠢᠭᠰᠠᠨ ᠠ᠋ᠴᠠ ᠴᠤ᠌ ᠪᠠᠢᠵᠤ ᠮᠡᠳᠡᠨ᠎ᠡ᠃ ᠲᠤᠩ ᠳᠤᠤᠭᠠᠷᠴᠤ ᠴᠡᠷᠢᠭ ᠦ᠋ᠳ ᠬᠣᠭᠣᠯᠠᠨ ᠳ᠋ᠠᠭᠠᠨ ᠣᠷᠣᠬᠤ ᠳ᠋ᠤ᠌ ᠨᠥᠭᠦᠭᠡ ᠭᠤᠷᠪᠠ ᠶᠠᠭᠤᠮ᠎ᠠ ᠭᠣᠷᠢᠳᠠᠨ ᠬᠣᠢᠨ᠎ᠠ ᠠ᠋ᠴᠠ ᠨᠢ ᠣᠷᠣᠭᠰᠠᠨ ᠪᠣᠯᠪᠠᠴᠤ ᠮᠥᠨ ᠬᠠᠢᠬᠤᠷᠬᠤ ᠬᠥᠮᠦᠨ ᠳᠠᠩᠴᠤ ᠦᠭᠡᠢ ᠶ᠋ᠢ ᠳᠠᠯᠢᠮᠳᠠᠭᠤᠯᠤᠨ ᠪᠦᠬᠦᠯᠢ ᠮᠢᠬ᠎ᠠ ᠬᠤᠪᠢᠶᠠᠵᠤ ᠪᠠᠢᠭ᠎ᠠ ᠭᠠᠯᠴᠢ ᠶ᠋ᠢᠨ ᠡᠮᠦᠨ᠎ᠡ ᠣᠴᠢᠨ ᠭᠠᠷ ᠲᠤᠰᠪᠠ᠃ ᠲᠡᠭᠡᠭᠡᠳ ᠲᠤᠰ ᠪᠦᠷᠢ ᠪᠡᠨ ᠬᠡᠰᠡᠭ ᠮᠢᠬ᠎ᠠ ᠬᠦᠯᠢᠶᠡᠨ ᠠᠪᠴᠤ ᠢᠳᠡᠭᠡᠳ ᠳᠠᠷᠠᠭ᠎ᠠ ᠨᠢ ᠱᠥᠯᠦᠨ ᠳ᠋ᠦ᠍ᠨᠢ ᠴᠢᠨᠠᠭᠰᠠᠨ ᠰᠢᠷ᠎ᠠ ᠪᠤᠳᠠᠭ᠎ᠠ ᠪᠠᠷ ᠭᠡᠳᠡᠰᠦ ᠪᠡᠨ ᠲᠦᠩᠬᠦᠢᠯᠭᠡᠵᠦ ᠠᠪᠤᠭᠠᠳ ᠪᠤᠴᠠᠪᠠ᠃ 
       ᠥᠨᠥᠬᠢ ᠭᠡᠷ ᠦ᠋ᠨ ᠢ᠋ᠶ᠋ᠡᠨ ᠬᠠᠶᠠᠭᠠᠨ ᠳ᠋ᠤ᠌ ᠢᠷᠡᠭᠡᠳ ᠮᠥᠨ ᠯᠡ ᠮᠠᠨᠠᠭ᠎ᠠ ᠰᠢᠭ᠋ ᠰᠠᠭᠤᠵᠠᠭᠠᠵᠤ ᠪᠠᠢᠲᠠᠯ᠎ᠠ ᠨᠢᠭᠡ ᠬᠥᠮᠦᠨ ᠳᠡᠷᠭᠡᠳᠡ ᠨᠢ ᠢᠷᠡᠨ ᠪᠠᠬᠠᠨ ᠠᠵᠢᠭᠯᠠᠬᠤ ᠰᠢᠭ᠋ ᠪᠣᠯᠤᠭᠰᠠᠨ ᠢ᠋ᠶ᠋ᠠᠨ᠄ 
       — ᠴᠢ ᠴᠢᠨᠢ ᠣᠳᠣ ᠮᠠᠨ ᠤ᠋ ᠨᠤᠲᠤᠭ ᠤ᠋ᠨ ᠳ᠋ᠠᠨᠽᠠᠨ ᠬᠦᠦ ᠮᠥᠨ ᠤᠤ ᠳᠠ ᠭᠡᠬᠦ ᠳ᠋ᠦ᠍ᠨᠢ ᠳ᠋ᠠᠨᠽᠠᠨ ᠲᠣᠯᠣᠭᠠᠢ ᠡᠷᠭᠦᠨ ᠬᠠᠷᠠᠪᠠ᠃ ᠨᠢᠳᠦᠨ ᠳ᠋ᠦ᠍ᠨᠢ ᠬᠡᠵᠢᠶᠡᠨᠡᠢ ᠲᠠᠨᠢᠯ ᠪᠠᠭᠠᠰᠠᠩ᠂ ᠠᠷᠤ ᠳ᠋ᠤᠨᠢ ᠬᠦᠷᠡᠯ ᠦ᠋ᠨ ᠬᠦᠦ ᠴᠡᠷᠢᠨᠳᠤᠷᠵᠢ ᠬᠠᠷᠠᠭᠳᠠᠪᠠᠴᠤ ᠳ᠋ᠠᠨᠽᠠᠨ ᠳ᠋ᠤ᠌ ᠳᠤᠤᠭᠠᠷᠬᠤ ᠬᠦᠰᠡᠯ ᠠᠯᠠᠭ᠎ᠠ᠃ ᠬᠠᠷᠢᠨ ᠰᠡᠳᠬᠢᠯ ᠳ᠋ᠦ᠍ᠨᠢ ᠬᠥᠭᠡᠷᠦᠬᠦᠢ ᠬᠥᠮᠦᠨ ᠬᠦᠷᠡᠯ ᠪᠣᠳᠣᠭᠳᠠᠨ ᠬᠠᠷᠠᠰᠠᠭᠳᠠᠨ᠎ᠠ᠃ ᠨᠥᠭᠦᠭᠡ ᠬᠣᠶᠠᠷ ᠪᠠᠰᠠ ᠪᠠᠬᠠᠨ ᠠᠵᠢᠭᠯᠠᠨ ᠵᠣᠭᠰᠣᠭᠰᠠᠨ ᠢ᠋ᠶ᠋ᠠᠨ᠄ 
       — ᠴᠢ ᠴᠦ᠍ ᠳ᠋ᠠᠨᠽᠠᠨ ᠮᠥᠨ ᠯᠡ ᠪᠠᠢᠨ᠎ᠠ ᠯᠠ ᠳᠠ᠂ ᠪᠢ ᠴᠢᠮᠠᠶ᠋ᠢ ᠲᠠᠨᠢᠵᠤ ᠪᠠᠢᠨ᠎ᠠ᠃ ᠲᠡᠷᠡ ᠵᠢᠯ ᠦ᠋ᠨ ᠴᠢᠨᠢ ᠬᠠᠮᠲᠤ ᠵᠢᠩ ᠲᠡᠭᠡᠭᠡᠵᠦ ᠭᠠᠷᠤᠭᠰᠠᠨ ᠳᠣᠷᠵᠢ ᠡᠪᠦᠯ ᠢᠷᠡᠭᠰᠡᠨ᠂ ᠲᠡᠭᠦᠨ ᠦ᠌ ᠶᠠᠷᠢᠭᠰᠠᠨ ᠠ᠋ᠴᠠ ᠦᠵᠡᠬᠦ ᠳ᠋ᠦ᠍ ᠴᠢ ᠡᠳᠦᠢ ᠳ᠋ᠦ᠍ ᠬᠠᠮᠢᠭ᠎ᠠ ᠴᠦ᠍ ᠪᠠᠢᠮ᠎ᠠ ᠦᠭᠡᠢ ᠪᠢᠯᠡ᠃ ᠭᠡᠲᠡᠯ᠎ᠡ ᠡᠨᠳᠡ ᠶᠠᠪᠤᠵᠤ ᠪᠠᠢᠬᠤ ᠨᠢ ᠶᠠᠭᠤ ᠪᠣᠢ? ᠶᠠᠭᠠᠬᠢᠭᠠᠳ ᠡᠨᠡ ᠪᠣᠢ? 
       — ᠠ ᠶᠠᠭᠤ ᠭᠡᠨ᠎ᠡ ᠠ᠋? ᠦᠭᠡᠢ ᠲᠡᠭᠡᠭᠡᠳ ᠲᠡᠷᠡ ᠳᠣᠷᠵᠢ ᠣᠳᠣ ᠬᠠᠮᠢᠭ᠎ᠠ ᠶᠠᠪᠤᠨ᠎ᠠ ᠪᠣᠢ? ᠭᠡᠵᠦ ᠳ᠋ᠠᠨᠽᠠᠨ ᠥᠪᠡᠷ ᠦ᠋ᠨ ᠡᠷᠬᠡ ᠦᠭᠡᠢ ᠳᠠᠭᠤ ᠠᠯᠲᠠᠨ ᠠᠰᠠᠭᠤᠬᠤ ᠳ᠋ᠤ᠌ ᠪᠠᠭᠠᠰᠠᠩ᠄ 
       — ᠤᠭ ᠨᠢ ᠡᠨᠳᠡ ᠯᠡ ᠳᠡ᠃ ᠬᠠᠷᠢᠨ ᠶᠠᠭ ᠣᠳᠣᠬᠠᠨ ᠳ᠋ᠠᠭᠠᠨ ᠪᠠᠢᠬᠤ ᠦᠭᠡᠢ᠂ ᠪᠠᠷᠠᠭᠤᠨ ᠲᠠᠢᠰᠢ ᠲᠠᠨ ᠤ᠋ ᠬᠢᠨ ᠦ᠌ ᠴᠠᠭᠠᠨᠲᠠᠨ ᠨᠤᠭᠤᠳ ᠢ᠋ ᠬᠥᠭᠡᠭᠡᠬᠦ ᠪᠡᠷ ᠶᠠᠪᠤᠴᠢᠬᠠᠭᠰᠠᠨ᠃ 
       ᠳ᠋ᠠᠨᠽᠠᠨ ᠳᠠᠬᠢᠨ ᠳᠤᠤᠭᠠᠷᠤᠭᠰᠠᠨ ᠦᠭᠡᠢ᠂ ᠨᠥᠭᠦᠭᠡ ᠬᠣᠶᠠᠷ ᠨᠢ ᠲᠡᠭᠦᠨ ᠦ᠌ ᠳᠤᠤᠭᠠᠷᠬᠤ ᠳᠤᠷ᠎ᠠ ᠦᠭᠡᠢ ᠪᠠᠢᠭ᠎ᠠ ᠶ᠋ᠢ ᠮᠡᠳᠡᠭᠡᠳ ᠶᠠᠪᠤᠴᠢᠬᠠᠯ᠎ᠠ᠃ 
       ᠰᠥᠨᠢ ᠲᠡᠷᠡ ᠭᠤᠷᠪᠠ ᠮᠥᠨ ᠭᠡᠷ ᠦ᠋ᠨ ᠬᠠᠶᠠᠭᠠᠨ᠎ᠠ ᠤᠨᠲᠠᠬᠤ ᠪᠠᠷ ᠬᠡᠪᠲᠡᠪᠡ᠃ ᠳᠡᠷ᠎ᠡ ᠳᠡᠪᠢᠰᠬᠡᠷ ᠦᠭᠡᠢ ᠬᠡᠪᠲᠡᠭᠰᠡᠨ ᠲᠡᠳᠡᠨ ᠦ᠌ ᠳᠣᠣᠷ᠎ᠠ ᠠ᠋ᠴᠠ ᠨᠣᠢᠲᠠᠨ ᠭᠠᠵᠠᠷ ᠤ᠋ᠨ ᠴᠢᠭᠢᠭ ᠬᠠᠷᠪᠤᠨ ᠵᠢᠩᠳᠡᠬᠦ ᠨᠢ ᠶᠠᠭᠤ ᠴᠦ᠍ ᠪᠢᠰᠢ᠂ ᠳᠡᠭᠡᠷ᠎ᠡ ᠨᠢ ᠬᠠᠷᠢᠨ ᠲᠩᠷᠢ ᠴᠡᠯᠢᠢᠬᠦ ᠪᠡᠷ ᠢ᠋ᠶ᠋ᠡᠨ ᠨᠢᠭᠡ ᠴᠡᠯᠢᠢᠵᠤ ᠪᠠᠢᠬᠤ ᠨᠢ ᠠᠶᠠᠲᠠᠢ᠃ 
       ᠳ᠋ᠠᠨᠽᠠᠨ ᠨᠥᠭᠦᠭᠡ ᠬᠣᠶᠠᠷ ᠤ᠋ᠨ ᠳᠤᠮᠳᠠ ᠬᠡᠪᠲᠡᠭᠰᠡᠨ ᠢ᠋ᠶ᠋ᠡᠷ ᠢ᠋ᠶ᠋ᠡᠨ ᠪᠠᠷᠠᠭᠤᠨ ᠲᠠᠢᠰᠢ ᠡᠷᠭᠢᠨ ᠵᠢᠭᠠᠯ ᠵᠤᠭ᠎ᠠ ᠶᠠᠷᠢᠯᠴᠠᠬᠤ ᠭᠡᠬᠦ ᠳ᠋ᠦ᠍ ᠲᠡᠷᠡ ᠨᠢ ᠭᠤᠨᠢᠭ ᠭᠤᠲᠤᠷᠠᠯ ᠪᠣᠯᠤᠨ ᠲᠡᠳᠦᠢ ᠯᠡ ᠳᠤᠤᠭᠠᠷᠴᠤ ᠥᠭᠬᠦ ᠦᠭᠡᠢ ᠪᠠᠢᠯ᠎ᠠ᠃ ᠬᠠᠷᠢᠨ ᠵᠡᠭᠦᠨ ᠲᠠᠯ᠎ᠠ ᠶ᠋ᠢᠨ ᠬᠢᠨᠢ ᠰᠠᠢᠨ ᠪᠡᠢᠰᠡ ᠶ᠋ᠢᠨ ᠬᠤᠰᠢᠭᠤᠨ ᠤ᠋ ᠳᠣᠪᠳᠤᠨ ᠭᠡᠭᠴᠢ᠄ 
       — ᠬᠥᠶᠢ ᠳ᠋ᠠᠨᠽᠠᠨ ᠠ᠋! ᠭᠡᠵᠦ ᠰᠠᠮ ᠰᠢᠪᠡᠨᠡᠭᠡᠳ᠄ ᠪᠢᠳᠡ ᠥᠨᠥᠳᠥᠷ ᠶᠠᠭᠠᠬᠢᠭᠠᠳ ᠡᠢᠮᠦ ᠠᠮᠠᠷᠬᠠᠨ ᠵᠣᠬᠢᠬᠳᠠᠭᠰᠡᠨ ᠦ᠌ ᠤᠴᠢᠷ ᠢ᠋ ᠴᠢ ᠮᠡᠳᠡᠵᠦ ᠪᠠᠢᠨ᠎ᠠ ᠤᠤ? 
       — ᠣᠳᠣ ᠶᠠᠭᠠᠬᠢᠶ᠎ᠠ ᠭᠡᠬᠦ ᠪᠣᠢ? ᠭᠠᠭᠴᠠᠬᠠᠨ ᠲᠡᠷᠡ ᠭᠠᠢ ᠲᠠᠢ ᠰᠤᠮᠤ ᠱᠦᠭᠦᠷ ᠡᠴᠡ ᠯᠡ᠁  
       — ᠦᠭᠡᠢ᠂ ᠲᠡᠷᠡ ᠰᠤᠮᠤ ᠱᠦᠭᠦᠷ ᠶᠠᠭᠠᠬᠢᠬᠤᠪ᠂ ᠭᠠᠭᠴᠠᠬᠠᠨ ᠠᠩᠬᠠᠨ ᠤ᠋ ᠮᠣᠷᠳᠠᠬᠤ ᠠ᠋ᠴᠠ ᠯᠠ ᠬᠠᠵᠠᠭᠠᠢ ᠪᠠᠢᠭᠰᠠᠨ ᠠ᠋ᠴᠠ᠁ 
       — ᠮᠣᠷᠳᠠᠬᠤ ᠶ᠋ᠢᠨ ᠬᠠᠵᠠᠭᠠᠢ ᠪᠠᠢᠭᠰᠠᠨ ᠭᠡᠵᠦ ᠤᠤ? 
       — ᠲᠡᠭᠡᠬᠦ ᠦᠭᠡᠢ ᠶᠠᠭᠠᠬᠢᠬᠤᠪ᠂ ᠮᠠᠨ ᠤ᠋ ᠪᠠᠭᠠᠲᠤᠷ ᠡᠳᠡᠨ ᠢ᠋ ᠲᠡᠷᠡ ᠢᠷᠮᠡᠭ ᠳᠡᠭᠡᠷ᠎ᠡ ᠢᠷᠡᠨ ᠪᠡᠯᠡᠳᠬᠡᠭᠰᠡᠨ ᠪᠠᠢᠨ᠎ᠠ ᠭᠡᠵᠦ ᠣᠭᠲᠣ ᠰᠠᠨᠠᠭ᠎ᠠ ᠦᠭᠡᠢ ᠡᠴᠡ ᠯᠡ᠁ 
       — ᠠ᠋᠂ ᠨᠡᠭᠡᠷᠡᠨ ᠲᠡᠭᠡᠵᠦ ᠰᠢᠦ ᠭᠡᠵᠦ ᠳ᠋ᠠᠨᠽᠠᠨ ᠠᠮᠠ ᠪᠠᠷᠢᠨ ᠭᠠᠰᠠᠯᠤᠭᠠᠳ᠄ ᠦᠭᠡᠢ ᠬᠦ᠂ ᠤᠭ ᠨᠢ ᠮᠠᠨ ᠤ᠋ ᠪᠠᠭᠠᠲᠤᠷ ᠡᠳᠡᠨ ᠢ᠋ ᠳᠡᠢᠯᠬᠦ ᠤᠬᠠᠭᠠᠨ ᠢ᠋ᠶ᠋ᠠᠨ ᠮᠥᠨ ᠰᠠᠢᠬᠠᠨ ᠬᠢᠭᠰᠡᠨ ᠳᠡ᠃  
       — ᠢᠱ᠌ᠢ ᠲᠡᠢᠮᠦ᠂ ᠭᠠᠭᠴᠠᠬᠠᠨ ᠲᠡᠷᠡ ᠭᠠᠢ ᠲᠠᠢ ᠢᠷᠮᠡᠭ! ᠦᠭᠡᠢ ᠬᠦ ᠪᠢᠳᠡ ᠢᠷᠮᠡᠭ ᠲᠦ᠍ ᠮᠡᠨᠳᠦ ᠲᠤᠯᠵᠤ ᠴᠢᠳᠠᠭᠰᠠᠨ ᠰᠠᠨ ᠪᠣᠯ ᠡᠳᠦᠢ ᠳ᠋ᠦ᠍ ᠡᠨᠡ ᠬᠢᠶᠠᠭᠲᠤ ᠳ᠋ᠤ᠌ ᠵᠠᠩᠵᠤᠨ ᠰᠠᠭᠤᠬᠤ ᠪᠠᠢᠯ᠎ᠠ ᠰᠢᠦ ᠳᠡ᠃  
       ᠴᠣᠬᠣᠮ ᠬᠡᠯᠡᠭᠡᠳ ᠶᠠᠭᠠᠬᠢᠬᠤᠪ᠃ ᠡᠢᠨᠬᠦ ᠲᠡᠷᠡ ᠬᠣᠶᠠᠷ ᠵᠥᠨᠥᠲᠦᠭ ᠶᠠᠷᠢᠯᠴᠠᠬᠤ ᠳ᠋ᠠᠭᠠᠨ ᠠᠮᠠ ᠪᠠᠨ ᠪᠠᠷᠢᠨ ᠭᠠᠰᠠᠯᠤᠭᠰᠠᠨ ᠨᠢ ᠮᠠᠰᠢ ᠣᠯᠠᠨ᠃ ᠭᠡᠪᠡᠴᠦ ᠲᠡᠷᠡ ᠶᠠᠷᠢᠶᠠᠨ ᠳ᠋ᠠᠭᠠᠨ ᠰᠣᠭᠲᠣᠭᠤᠷᠠᠨ ᠰᠡᠳᠬᠢᠯ ᠠᠮᠠᠷᠠᠨ ᠨᠠᠮ ᠤᠨᠲᠠᠴᠢᠬᠠᠭᠰᠠᠨ ᠪᠠᠢᠪᠠ᠃ ᠥᠷᠯᠥᠭᠡ ᠰᠡᠷᠡᠬᠦ ᠳ᠋ᠦ᠍ ᠪᠠᠷᠠᠭᠤᠨ ᠲᠠᠯ᠎ᠠ ᠳ᠋ᠤ᠌ ᠤᠨᠲᠠᠭᠰᠠᠨ ᠨᠢ ᠠᠯᠠᠭ᠎ᠠ᠃ 
       — ᠬᠥᠶᠢ ᠥᠨᠥᠬᠢ ᠮᠠᠨᠢ ᠬᠠᠮᠢᠭ᠎ᠠ ᠣᠴᠢᠪᠠ? 
       — ᠠᠯᠠᠭ᠎ᠠ᠂ ᠣᠷᠭᠣᠭᠠᠳ ᠶᠠᠪᠤᠵᠠᠢ᠃ 
       — ᠣᠳᠣ ᠪᠢᠳᠡᠨ ᠢ᠋ ᠪᠡᠨ ᠬᠠᠶᠠᠭᠠᠳ ᠤᠤ? 
       — ᠪᠢᠳᠡᠨ ᠢ᠋ ᠪᠡᠨ ᠪᠠᠢᠲᠤᠭᠠᠢ ᠬᠥᠮᠦᠨ ᠦ᠌ ᠭᠠᠷ ᠲᠤ᠌ ᠰᠢᠷᠬᠠᠲᠤᠨ ᠪᠠᠷᠢᠭᠳᠠᠭᠰᠠᠨ ᠪᠠᠭᠠᠲᠤᠷ ᠠ᠋ᠴᠠ ᠪᠠᠨ ᠴᠤ᠌ ᠬᠠᠭᠠᠴᠠᠨ᠂ ᠬᠠᠶᠠᠭᠠᠳ ᠭᠡᠴᠢ᠃ 
       — ᠠ ᠨᠣᠪᠰᠢ! ᠲᠡᠷᠡ ᠢᠩᠭᠢᠭᠰᠡᠨ ᠢ᠋ᠶ᠋ᠡᠷ ᠢ᠋ᠶ᠋ᠡᠨ ᠥᠭᠡᠳᠡᠯᠡᠬᠦ ᠦᠭᠡᠢ᠃ ᠴᠣᠬᠣᠮ ᠵᠠᠶᠠᠭ᠎ᠠ ᠨᠢ ᠦᠭᠡᠢ᠃ 
       — ᠮᠡᠳᠡᠭᠡᠵᠢ ᠶ᠋ᠢᠨ ᠬᠡᠷᠡᠭ᠂ ᠡᠢᠮᠦ ᠴᠠᠭ ᠲᠤ᠌ ᠡᠵᠡᠨ ᠢ᠋ᠶ᠋ᠡᠨ᠂ ᠡᠷ᠎ᠡ ᠨᠥᠬᠥᠷ ᠢ᠋ᠶ᠋ᠡᠨ ᠬᠠᠶᠠᠨ ᠵᠢᠭᠤᠲᠠᠭᠰᠠᠨ ᠬᠥᠮᠦᠨ ᠦ᠌ ᠦᠢᠯᠡᠰ ᠬᠡᠵᠢᠶᠡᠳᠡ ᠬᠠᠵᠠᠭᠠᠢ ᠶᠠᠪᠤᠨ᠎ᠠ᠃ 
       — ᠲᠡᠭᠡᠨ᠎ᠡ᠂ ᠶᠣᠰᠣᠲᠠᠢ ᠲᠡᠭᠡᠨ᠎ᠡ᠂ ᠴᠢ ᠬᠠᠷᠠᠭᠠᠳ ᠯᠠ ᠪᠠᠢᠭᠠᠷᠠᠢ! 
       ᠵᠢᠷᠤᠮᠲᠤ ᠴᠡᠷᠢᠭ ᠦ᠋ᠳ ᠦ᠋ᠨ ᠥᠷᠯᠥᠭᠡ ᠶ᠋ᠢᠨ ᠴᠠᠢ ᠶ᠋ᠢᠨ ᠲᠤᠩ ᠲᠠᠲᠠᠬᠤ ᠳ᠋ᠤ᠌ ᠬᠣᠶᠠᠭᠤᠯᠠ ᠤᠴᠢᠷ ᠮᠡᠳᠡᠨ ᠭᠦᠶᠦᠨ ᠬᠦᠷᠪᠡ᠃ ᠬᠥᠮᠦᠰ ᠬᠤᠷᠢᠶᠠᠯᠲᠠ ᠲᠠᠢ ᠳᠣᠩᠬᠣᠷ ᠲᠣᠮᠣ ᠮᠣᠳᠣᠨ ᠠᠶᠠᠭ᠎ᠠ ᠠ᠋ᠴᠠ ᠠᠪᠤᠨ ᠭᠠᠯᠴᠢ ᠶ᠋ᠢᠨ ᠡᠮᠦᠨ᠎ᠡ ᠣᠴᠢᠬᠤ ᠶ᠋ᠢ ᠲᠡᠳᠡ ᠣᠯᠵᠤ ᠬᠠᠷᠠᠩᠭᠤᠲᠠ ᠪᠠᠨ ᠳᠠᠭᠤᠷᠢᠶᠠᠪᠠ᠃ ᠬᠥᠮᠦᠨ ᠳᠣᠳᠣᠮ ᠳ᠋ᠤ᠌ ᠪᠣᠯᠤᠭᠰᠠᠨ ᠭᠤᠯᠢᠷ ᠬᠣᠭᠣᠯᠠᠨ ᠤ᠋ ᠬᠠᠯᠪᠠᠭ᠎ᠠ ᠪᠠᠷ ᠨᠢᠭᠡ ᠣᠨᠣᠭᠳᠠᠳᠠᠭ ᠪᠠᠢᠵᠠᠢ᠃ 
       ᠬᠣᠶᠠᠭᠤᠯᠠ ᠭᠤᠯᠢᠷ ᠲᠠᠢ ᠪᠣᠯᠵᠤ ᠠᠪᠤᠭᠠᠳ ᠣᠯᠠᠨ ᠠ᠋ᠴᠠ ᠣᠨᠴᠠᠭᠠᠢ ᠪᠠᠢᠰᠢᠩ ᠤ᠋ᠨ ᠪᠤᠯᠤᠩ ᠪᠠᠷᠠᠳᠠᠨ ᠰᠠᠭᠤᠪᠠ᠃ ᠭᠡᠲᠡᠯ᠎ᠡ ᠳᠣᠪᠳᠤᠨ ᠭᠤᠯᠢᠷ ᠳᠡᠭᠡᠷ᠎ᠡ ᠪᠠᠰᠠ ᠱᠠᠬᠠᠢ ᠶ᠋ᠢᠨ ᠴᠢᠨᠡᠭᠡᠨ ᠥᠭᠡᠬᠦᠨ ᠲᠣᠰᠣ ᠲᠠᠯᠪᠢᠵᠤ ᠥᠭᠭᠦᠭᠰᠡᠨ ᠢ᠋ ᠣᠯᠵᠤ ᠬᠠᠷᠠᠨ ᠶᠠᠭᠠᠷᠠᠨ ᠪᠣᠰᠴᠤ᠂ ᠭᠠᠯᠴᠢ ᠶ᠋ᠢᠨ ᠡᠮᠦᠨ᠎ᠡ ᠣᠴᠢᠨ ᠲᠣᠰᠣ ᠨᠡᠬᠡᠪᠡ᠃ ᠥᠭᠡᠳᠡ ᠡᠴᠡ ᠨᠢ ᠭᠠᠯᠴᠢ《ᠴᠢ ᠲᠦᠷᠦᠭᠦᠨ ᠠᠪᠤᠭᠰᠠᠨ ᠪᠠᠢᠯᠭᠦᠢ ᠶᠠᠭᠠᠬᠢᠬᠤᠪ》 ᠭᠡᠰᠡᠨ ᠡᠴᠡ ᠳᠤᠪᠳᠤᠨ ᠮᠠᠷᠭᠤᠭᠠᠨ ᠡᠭᠦᠰᠬᠡᠪᠡ᠃ ᠲᠡᠷᠡ ᠳᠣᠣᠷᠠᠬᠠᠨ ᠢ᠋ᠶ᠋ᠠᠨ ᠬᠠᠷᠢᠯᠴᠠᠨ ᠳᠠᠭᠤ ᠴᠢᠩᠭᠠᠷᠠᠵᠤ ᠭᠤᠢᠯᠢᠨᠴᠢᠨ ᠲᠦᠢ᠍ᠯᠡᠨᠴᠢᠨ ᠯᠤᠢᠪᠠᠷᠴᠢᠨ ᠳ᠋ᠠᠭᠠᠨ ᠬᠦᠷᠴᠦ ᠶᠠᠪᠤᠴᠢᠬᠠᠬᠤ ᠳ᠋ᠤ᠌ ᠳ᠋ᠡᠨᠽᠠᠨ ᠣᠴᠢᠵᠤ ᠨᠥᠬᠥᠷ ᠢ᠋ᠶ᠋ᠡᠨ ᠬᠣᠢᠰᠢ ᠲᠠᠲᠠᠵᠤ ᠠᠪᠠᠴᠢᠯ᠎ᠠ᠃ 
       — ᠵᠣᠯᠢᠭ ᠮᠢᠨᠢ ᠠ᠋᠂ ᠴᠢ ᠵᠦᠭᠡᠷ ᠭᠤᠯᠢᠷ ᠣᠯᠳᠠᠭᠰᠠᠨ ᠢ᠋ᠶ᠋ᠠᠨ ᠶᠠᠭᠠᠮᠠᠢ ᠭᠡᠵᠦ ᠵᠠᠯᠪᠠᠷᠢᠨ ᠭᠥᠷᠳᠡ! ᠭᠡᠬᠦ ᠳ᠋ᠦ᠍ ᠳᠤᠪᠳᠤᠨ᠄ 
       — ᠦᠭᠡᠢ ᠶᠠᠭᠤ ᠭᠡᠰᠡᠨ ᠦᠭᠡ ᠪᠣᠢ? ᠲᠡᠨᠳᠡ ᠬᠥᠮᠦᠨ ᠪᠦᠷᠢ ᠲᠣᠰᠣ ᠲᠠᠢ ᠭᠤᠯᠢᠷ ᠢᠳᠡᠵᠦ ᠪᠠᠢᠬᠤ ᠳ᠋ᠤ᠌ ᠪᠢᠳᠡ ᠬᠣᠶᠠᠷ ᠡᠨᠳᠡ ᠵᠠᠪᠠᠭᠠᠨ ᠭᠤᠯᠢᠷ᠁ 
       — ᠵᠠ ᠶᠠᠷᠰᠢᠭ! ᠡᠳᠡ ᠴᠢᠨᠢ ᠡᠨᠳᠡᠬᠢ ᠶ᠋ᠢᠨ ᠡᠵᠡᠳ᠂ ᠪᠢᠳᠡ ᠬᠣᠶᠠᠷ ᠭᠡᠪᠡᠯ ᠶᠠᠭᠤ ᠪᠢᠯᠡ᠂ ᠲᠡᠭᠦᠨ ᠢ᠋ᠶ᠋ᠡᠨ ᠪᠣᠳᠣ! 
       — ᠭᠡᠯ᠎ᠡ ᠴᠦ᠍ ᠳᠡ᠂ ᠡᠳᠡ ᠪᠢᠳᠡᠨ ᠢ᠋ ᠨᠢᠭᠡᠨᠲᠡᠶ᠎ᠡ ᠠᠯᠠᠭ᠎ᠠ ᠦᠭᠡᠢ ᠡᠴᠡ ᠬᠣᠢᠰᠢ ᠬᠣᠭᠣᠯᠠ ᠵᠠᠯᠭᠠᠬᠤ ᠶᠣᠰᠣᠲᠠᠢ! 
       — ᠶᠣᠰᠣᠲᠠᠢ ᠭᠡᠨ᠎ᠡ? ᠬᠡᠨ ᠬᠡᠯᠡᠵᠦ ᠪᠠᠢᠭ᠎ᠠ ᠦᠭᠡ ᠪᠣᠢ? 
       — ᠪᠢ᠂ ᠪᠢ ᠬᠡᠯᠡᠵᠦ ᠪᠠᠢᠨ᠎ᠠ᠃ 
       — ᠡᠪᠡᠳᠴᠢᠲᠡᠨ ᠮᠢᠨᠢ ᠪᠣᠯᠢ᠂ ᠴᠠᠭᠠᠰᠢ ᠪᠠᠨ! 
       ᠠᠶᠠᠭ᠎ᠠ ᠲᠠᠢ ᠭᠤᠯᠢᠷ ᠢ᠋ᠶ᠋ᠠᠨ ᠬᠠᠯᠠᠭᠤᠨ ᠬᠠᠷ᠎ᠠ ᠴᠠᠢ ᠪᠠᠷ ᠵᠢᠭᠤᠷᠠᠨ ᠢᠳᠡᠵᠦ᠂ ᠳᠠᠭᠤᠰᠤᠨ ᠳᠠᠭᠤᠰᠲᠠᠯ᠎ᠠ ᠲᠡᠷᠡ ᠬᠣᠶᠠᠷ ᠪᠡᠶ᠎ᠡ ᠪᠡᠶ᠎ᠡ ᠤᠷᠤᠭᠤ ᠪᠠᠨ ᠭᠢᠯᠠᠯᠵᠠᠨ ᠰᠠᠮ ᠭᠡᠷᠡᠯᠲᠦᠪᠡ᠃ ᠭᠡᠪᠡᠴᠦ ᠲᠡᠨᠳᠡ ᠡᠴᠡ ᠭᠠᠷᠤᠩᠭᠤᠲᠠ ᠪᠠᠨ ᠵᠦᠭᠡᠷ᠄
       — ᠬᠣᠶᠠᠭᠤᠯᠠ ᠪᠠᠨ ᠵᠢᠭᠠᠯ ᠵᠤᠭ᠎ᠠ ᠭᠠᠳᠠᠭᠤᠷ ᠶᠠᠪᠤᠬᠤ ᠤᠤ? 
       — ᠲᠡᠭᠡᠶ᠎ᠡ᠂ ᠶᠡᠷᠦ ᠨᠢ ᠡᠨᠳᠡ ᠶᠠᠭᠤ ᠶᠠᠭᠤ ᠪᠠᠢᠳᠠᠭ ᠢ᠋ ᠦᠵᠡᠶ᠎ᠡ᠃ ᠡᠬᠢᠯᠡᠭᠡᠳ ᠲᠡᠷᠡ ᠬᠣᠶᠠᠷ ᠠᠩᠬᠠᠨ ᠤ᠋ ᠲᠡᠢᠨ ᠦ᠌ ᠳᠠᠷᠠᠭᠠᠬᠠᠨ ᠲᠠᠢ ᠭᠡᠨᠡᠳᠲᠡ ᠭᠠᠯ ᠤ᠋ᠨ ᠠᠶᠤᠯ ᠳ᠋ᠤ᠌ ᠠᠪᠲᠠᠭᠳᠠᠨ ᠰᠢᠲᠠᠭᠰᠠᠨ ᠬᠡᠳᠦᠨ ᠬᠤᠳᠠᠯᠳᠤᠭ᠎ᠠ ᠶ᠋ᠢᠨ ᠰᠠᠭᠤᠷᠢᠨ ᠳᠡᠭᠡᠭᠦᠷ ᠬᠣᠭ ᠰᠢᠩᠰᠢᠯᠡᠬᠦ ᠮᠡᠲᠦ ᠪᠠᠬᠠᠨ ᠶᠠᠪᠤᠯ᠎ᠠ᠃ ᠳᠠᠷᠠᠭ᠎ᠠ ᠨᠢ ᠠᠯᠬᠤᠬᠤ ᠭᠢᠰᠬᠢᠬᠦ ᠶ᠋ᠢᠨ ᠢ᠋ᠶ᠋ᠡᠨ ᠰᠤᠷᠭᠠᠭᠤᠯᠢ ᠬᠢᠵᠦ ᠪᠠᠢᠭ᠎ᠠ ᠬᠡᠰᠡᠭ ᠴᠡᠷᠢᠭ ᠦ᠋ᠳ ᠳᠡᠭᠡᠷ᠎ᠡ ᠣᠴᠢᠨ ᠳᠠᠭᠤᠤ ᠳᠠᠭᠤᠯᠠᠬᠤ ᠶ᠋ᠢ ᠰᠣᠨᠢᠷᠬᠠᠪᠠ᠃ 
       ᠰᠢᠪᠡᠭᠡ ᠬᠢᠶᠠᠭᠲᠤ ᠶ᠋ᠢ ᠠᠪᠬᠤ ᠳ᠋ᠤ᠌ ᠰᠢᠯᠦᠨ ᠳ᠋ᠸᠡᠭᠯᠤ ᠶᠠᠭᠤ ᠭᠡᠨ᠎ᠡ ᠪᠣᠢ? ᠭᠡᠵᠦ ᠳ᠋ᠠᠨᠽᠠᠨ ᠤ᠋ ᠠᠰᠠᠭᠤᠬᠤ ᠳ᠋ᠤ᠌ ᠳᠤᠪᠳᠤᠨ᠄ 
       — ᠰᠢᠯᠦᠨ ᠳ᠋ᠧᠩᠯᠦ ᠬᠡᠷᠡᠭ ᠦᠭᠡᠢ ᠭᠡᠨ᠎ᠡ ᠭᠡᠳ ᠱᠣᠣᠯᠠᠨ ᠢᠨᠢᠶᠡᠪᠡ᠃ ᠳᠠᠷᠠᠭ᠎ᠠ ᠶ᠋ᠢᠨ ᠪᠠᠳᠠᠭ ᠢ᠋ ᠳ᠋ᠠᠨᠽᠠᠨ ᠠᠩᠬᠠᠷᠤᠨ ᠴᠡᠭᠡᠵᠢᠯᠡᠭᠰᠡᠨ ᠢ᠋ᠶ᠋ᠡᠨ᠄ 
       — ᠵᠠ ᠴᠢ ᠳᠤᠭᠤᠯᠪᠠ ᠤᠤ? ᠡᠳᠡᠨ ᠦ᠌ ᠵᠠᠩᠵᠤᠨ ᠰᠦᠬᠡᠪᠠᠭᠠᠲᠤᠷ ᠬᠤᠸᠠ ᠬᠣᠩᠭᠣᠷ ᠮᠣᠷᠢ ᠲᠠᠢ ᠬᠥᠮᠦᠨ ᠪᠠᠢᠬᠤ ᠨᠢ ᠪᠠᠢᠨ᠎ᠠ ᠰᠢᠦ ᠭᠡᠬᠦ ᠳ᠋ᠦ᠍᠂ 
       — ᠲᠡᠷᠡ ᠬᠤᠳᠠᠯ᠂ ᠥᠴᠥᠭᠡᠳᠦᠷ ᠳᠠᠪᠬᠢᠭᠠᠳ ᠢᠷᠡᠬᠦ ᠶ᠋ᠢ ᠨᠢ ᠬᠠᠷᠠᠬᠤ ᠳ᠋ᠤ᠌ ᠬᠡᠭᠡᠷ ᠮᠣᠷᠢ ᠲᠠᠢ ᠯᠠ ᠶᠠᠪᠤᠭᠰᠠᠨ ᠳ᠋ᠠᠭ᠃ 
       — ᠵᠠ ᠶᠠᠷᠰᠢᠭ᠂ ᠬᠤᠸᠠ ᠬᠣᠩᠭᠣᠷ ᠮᠣᠷᠢ ᠪᠠᠨ ᠬᠠᠢᠷᠠᠯᠠᠨ ᠠᠭᠲᠠ ᠳ᠋ᠠᠭᠠᠨ ᠲᠠᠯᠪᠢᠴᠢᠬᠠᠭᠰᠠᠨ ᠪᠠᠢᠵᠤ ᠪᠣᠯᠬᠤ ᠪᠤᠰᠤ ᠤᠤ᠃ 
       — ᠲᠡᠷᠡ ᠴᠦ᠍ ᠲᠡᠢᠮᠦ᠃  
       ᠲᠡᠨᠳᠡ ᠡᠴᠡ ᠪᠡᠨ ᠬᠣᠯᠠᠳᠠᠨ ᠬᠠᠰᠢᠶ᠎ᠠ ᠬᠣᠷᠢᠶ᠎ᠠ ᠪᠠᠷ ᠶᠠᠪᠤᠯ᠎ᠠ᠃ ᠨᠢᠭᠡ ᠬᠠᠰᠢᠶᠠᠨ ᠤ᠋ ᠳᠡᠷᠭᠡᠳᠡ ᠢᠷᠡᠭᠡᠳ ᠳ᠋ᠠᠨᠽᠠᠨ ᠳᠣᠲᠣᠷ᠎ᠠ ᠨᠢ ᠶᠠᠭᠤ ᠪᠠᠢᠬᠤ ᠶ᠋ᠢ ᠰᠣᠨᠢᠷᠬᠠᠨ ᠠᠵᠢᠬᠤ ᠳ᠋ᠠᠭᠠᠨ ᠭᠤᠷᠪᠠᠨ ᠫᠤᠤ ᠬᠠᠷᠠᠨ ᠰᠣᠴᠢᠵᠤ᠄ 
       — ᠬᠥᠶᠢ ᠴᠢ ᠬᠠᠷᠠᠭᠠᠴᠢ! ᠡᠨᠳᠡ ᠬᠣᠶᠠᠷ ᠦᠬᠡᠷ ᠫᠤᠤ ᠪᠠᠢᠨ᠎ᠠ᠃ 
       — ᠦᠬᠡᠷ ᠫᠤᠤ ᠭᠡᠨ᠎ᠡ? ᠳᠤᠪᠳᠤᠨ ᠵᠣᠭ ᠲᠣᠰᠣᠨ ᠰᠤᠷᠭᠠᠭ ᠬᠠᠰᠢᠶᠠᠨ ᠤ᠋ ᠵᠠᠪᠰᠠᠷ ᠢ᠋ᠶ᠋ᠠᠷ ᠠᠵᠢᠭᠰᠠᠨ ᠢ᠋ᠶ᠋ᠠᠨ᠄ 
       — ᠠ᠋᠂ ᠡᠨᠡ ᠤᠤ? ᠣᠳᠣ ᠪᠣᠳᠣᠬᠤ ᠳ᠋ᠤ᠌ ᠪᠢᠳᠡ ᠡᠳᠡᠨ ᠢ᠋ ᠶᠠᠭᠠᠬᠢᠪᠠᠴᠤ ᠳᠡᠢᠯᠬᠦ ᠦᠭᠡᠢ ᠪᠠᠢᠵᠠᠢ᠃ 
       — ᠦᠬᠦᠭᠰᠡᠨ᠃ ᠡᠨᠡ ᠮᠠᠭᠤ ᠭᠤᠨᠠᠨ ᠫᠤᠤ ᠴᠢᠨᠢ ᠱᠠᠯ ᠳᠡᠮᠡᠢ ᠡᠳ᠋ ᠪᠠᠢᠭ᠎ᠠ ᠶᠤᠮ᠃ 
       — ᠵᠠ ᠲᠡᠭᠡᠪᠡᠯ ᠲᠡᠢᠮᠦ ᠯᠡ ᠪᠠᠢᠳᠠᠭ ᠪᠠᠢᠵᠠᠢ᠃ ᠡᠭᠦᠨᠴᠢᠯᠡᠨ ᠢ᠋ᠶ᠋ᠡᠷ ᠲᠡᠷᠡ ᠬᠡᠷᠡᠭ ᠪᠣᠢ? 
       — ᠡᠪᠦᠯ ᠳ᠋ᠡᠭᠡᠨ᠂ ᠬᠦᠷᠢᠶᠡᠨ ᠡᠴᠡ ᠭᠠᠮᠢᠩ ᠢ᠋ ᠬᠥᠭᠡᠭᠡᠬᠦ ᠳ᠋ᠦ᠍ ᠠᠭᠠᠷ ᠲᠤ ᠰᠤᠮᠤ ᠨᠢ ᠬᠤᠷ ᠬᠤᠷ ᠳᠤᠤᠭᠠᠷᠤᠨ ᠶᠠᠪᠤᠬᠤ ᠶ᠋ᠢ ᠨᠢ ᠰᠣᠨᠣᠰᠬᠤ ᠳ᠋ᠤ᠌ ᠠ᠋ ᠳᠠ ᠡᠨᠡ ᠴᠦ᠍ ᠣᠳᠣ ᠰᠦᠢᠳ ᠬᠢᠨ᠎ᠡ ᠰᠢᠦ ᠳᠡ ᠭᠡᠮᠡᠷ ᠪᠠᠢᠪᠠᠴᠤ ᠭᠠᠵᠠᠷ ᠪᠠᠭᠤᠭᠰᠠᠨ ᠬᠣᠢᠨ᠎ᠠ ᠪᠠᠨ ᠲᠡᠰᠦᠷᠡᠬᠦ ᠡᠴᠡ ᠲᠡᠰᠦᠷᠡᠬᠦ ᠦᠭᠡᠢ ᠨᠢ ᠣᠯᠠᠨ᠃ 
       — ᠵᠠ ᠲᠡᠭᠡᠪᠡᠯ ᠲᠡᠢᠮᠦ ᠯᠡ ᠪᠠᠢᠳᠠᠭ ᠪᠠᠢᠵᠠᠢ᠃ ᠡᠭᠦᠨᠴᠢᠯᠡᠨ ᠢ᠋ᠶ᠋ᠡᠷ ᠲᠡᠷᠡ ᠬᠣᠶᠠᠷ ᠪᠢᠴᠢᠬᠠᠨ ᠬᠣᠲᠠ ᠶ᠋ᠢ ᠪᠦᠷᠢᠨ ᠨᠡᠩᠵᠢᠵᠦ ᠭᠦᠢᠴᠡᠭᠡᠳ ᠦᠳᠡ ᠡᠴᠡ ᠬᠣᠢᠰᠢ ᠬᠣᠭᠣᠯᠠᠨ ᠤ᠋ ᠲᠤᠩ ᠲᠠᠲᠠᠬᠤ ᠳ᠋ᠤ᠌ ᠲᠡᠷᠡ ᠵᠦᠭ ᠶᠠᠭᠠᠷᠠᠨ ᠭᠦᠶᠦᠪᠡ᠃ ᠬᠣᠭᠣᠯᠠᠨ ᠤ᠋ ᠳᠠᠷᠠᠭ᠎ᠠ ᠥᠨᠥᠬᠢ ᠭᠡᠷ ᠦ᠋ᠨ ᠢ᠋ᠶ᠋ᠡᠨ ᠭᠠᠳᠠᠭ᠎ᠠ ᠢᠷᠡᠵᠦ ᠡᠷᠭᠢᠨ ᠲᠣᠭᠣᠷᠢᠨ ᠢ᠋ ᠴᠢᠯᠥᠭᠡ ᠲᠡᠢ ᠠᠵᠢᠨ ᠰᠠᠭᠤᠨ᠎ᠠ᠃ ᠰᠦᠬᠡᠪᠠᠭᠠᠲᠤᠷ ᠤ᠋ᠨ ᠢᠷᠡᠬᠦ ᠳ᠋ᠦ᠍ ᠬᠣᠶᠠᠭᠤᠯᠠ ᠬᠦᠨᠳᠦᠳᠬᠡᠨ ᠪᠣᠰᠴᠤ ᠠᠮᠤᠷ ᠢᠷᠡᠪᠡ᠃ 
       — ᠵᠠ ᠮᠠᠷᠲᠠᠭᠰᠠᠨ ᠠ᠋ᠴᠠ ᠲᠠ ᠨᠠᠷ ᠬᠣᠭᠣᠯᠠ ᠤᠮᠳᠠᠨ ᠤ᠋ ᠵᠦᠢᠯ ᠢ᠋ ᠶᠠᠭᠠᠬᠢᠵᠤ ᠠᠷᠭᠠᠯᠠᠵᠤ ᠪᠠᠢᠭ᠎ᠠ ᠪᠢᠯᠡ? ᠭᠡᠬᠦ ᠳ᠋ᠦ᠍ᠨᠢ 
       — ᠵᠠ ᠵᠠᠩᠵᠤᠨ ᠠ᠋ ᠵᠦᠭᠡᠷ! ᠪᠢᠳᠡ ᠪᠡᠶ᠎ᠡ ᠡᠴᠡ ᠪᠡᠨ ᠪᠤᠷᠤᠭᠤᠯᠠᠭᠠᠳ ᠯᠠ ᠪᠠᠢᠭ᠎ᠠ ᠰᠢᠦ ᠭᠡᠵᠦ ᠬᠣᠶᠠᠭᠤᠯᠠ ᠪᠠᠨ ᠬᠠᠷᠢᠭᠤᠯᠪᠠ᠃ ᠭᠡᠷ ᠲᠦ᠍ ᠣᠷᠣᠭᠠᠳ ᠶᠠᠭᠤ ᠶᠠᠷᠢᠬᠤ ᠶ᠋ᠢ ᠨᠢ ᠳ᠋ᠠᠨᠽᠠᠨ ᠣᠯᠵᠤ ᠰᠣᠨᠣᠰᠬᠤ ᠶ᠋ᠢ ᠬᠢᠴᠢᠶᠡᠨ ᠬᠠᠨ᠎ᠠ ᠨᠡᠢᠯᠡᠨ ᠰᠠᠭᠤᠵᠤ ᠴᠢᠬᠢ ᠲᠠᠯᠪᠢᠨ ᠴᠢᠩᠨᠠᠪᠠ᠃《ᠵᠠ ᠲᠠᠨ ᠤ᠋ ᠪᠡᠶ᠎ᠡ ᠶᠠᠭᠠᠬᠢᠵᠤ ᠪᠠᠢᠨ᠎ᠠ᠃ ᠳᠠᠮ ᠰᠣᠨᠣᠰᠪᠠᠯ ᠬᠠᠯᠠᠭᠤᠨ ᠶᠡᠬᠡ ᠲᠡᠢ ᠪᠠᠢᠨ᠎ᠠ ᠭᠡᠰᠡᠨ ᠦᠨᠡᠨ ᠤᠤ?》 ᠭᠡᠵᠦ ᠰᠦᠬᠡᠪᠠᠭᠠᠲᠤᠷ ᠤ᠋ᠨ ᠠᠰᠠᠭᠤᠬᠤ ᠳ᠋ᠤ᠌ ᠬᠠᠷᠢᠭᠤ ᠠᠯᠠᠭ᠎ᠠ᠃《ᠶᠠᠮᠠᠷ ᠪᠣᠯᠪᠠᠴᠤ ᠪᠢᠳᠡ ᠲᠠᠨ ᠢ᠋ ᠡᠳᠡᠭᠡᠷᠡᠭᠦᠯᠬᠦ ᠶ᠋ᠢ ᠪᠣᠳᠣᠨ᠂ ᠡᠨᠡ ᠠᠷᠤ ᠬᠢᠶᠠᠭᠲᠤ ᠳ᠋ᠤ᠌ ᠣᠷᠣᠰ ᠡᠮᠨᠡᠯᠭᠡ ᠶ᠋ᠢᠨ ᠭᠠᠵᠠᠷ ᠪᠠᠢᠳᠠᠭ᠂ ᠣᠳᠣ ᠲᠠᠨ ᠢ᠋ ᠲᠡᠨᠳᠡ ᠯᠠ ᠠᠪᠠᠴᠢᠬᠤ ᠠ᠋ᠴᠠ ᠥᠭᠡᠷ᠎ᠡ ᠠᠷᠭ᠎ᠠ ᠦᠭᠡᠢ ᠪᠠᠢᠨ᠎ᠠ᠃ ᠲᠡᠷᠡ ᠭᠠᠵᠠᠷ ᠤ᠋ᠨ ᠡᠮᠴᠢ ᠲᠡᠢ ᠨᠢ ᠴᠦ᠍ ᠶᠠᠷᠢᠯᠴᠠᠭᠰᠠᠨ》 ᠭᠡᠬᠦ ᠳ᠋ᠦ᠍ ᠪᠠᠶᠠᠷ ᠬᠦᠩ ᠠᠩᠬ᠎ᠠ ᠤᠳᠠᠭ᠎ᠠ ᠪᠠᠨ ᠳᠤᠤᠭᠠᠷᠪᠠ ᠪᠣᠯᠤᠯᠲᠠᠢ᠄ ᠬᠡᠵᠢᠶ᠎ᠡ ᠠᠪᠠᠴᠢᠬᠤ ᠪᠣᠢ?   
       — ᠮᠠᠷᠭᠠᠰᠢ᠃ 
       ᠢᠩᠭᠢᠭᠡᠳ ᠶᠠᠷᠢᠶ᠎ᠠ ᠲᠠᠰᠤᠷᠠᠯ᠎ᠠ᠃ ᠭᠡᠲᠡᠯ᠎ᠡ ᠴᠣᠬᠣᠮ ᠬᠡᠨ ᠴᠦ᠍ ᠦᠭᠡᠢ ᠮᠡᠲᠦ ᠪᠠᠢᠭᠰᠠᠨ ᠢ᠋ᠶ᠋ᠠᠨ ᠪᠠᠶᠠᠷ ᠬᠦᠩ ᠦ᠋ᠨ ᠳᠠᠭᠤ ᠡᠬᠢᠯᠡᠨ ᠰᠣᠨᠣᠰᠳᠠᠪᠠ᠃ 
       —《ᠥᠴᠥᠭᠡᠳᠦᠷ ᠲᠠ ᠨᠠᠷ ᠨᠠᠳᠠ ᠠ᠋ᠴᠠ ᠪᠠᠷᠤᠨ ᠵᠠᠩᠵᠤᠨ ᠤ᠋ ᠲᠤᠬᠠᠢ ᠲᠤᠩ ᠶᠡᠬᠡ ᠶ᠋ᠢ ᠮᠡᠳᠡᠬᠦ ᠶ᠋ᠢ ᠬᠦᠰᠡᠨ ᠡᠷᠭᠢᠯᠳᠦᠭᠦᠯᠦᠭᠡᠳ ᠪᠠᠢᠭᠰᠠᠨ᠃ ᠪᠢ ᠳᠤᠤᠭᠠᠷᠤᠭ᠎ᠠ ᠦᠭᠡᠢ᠃ ᠶᠠᠭᠤᠨ ᠳ᠋ᠤ᠌ ᠭᠡᠪᠡᠯ ᠪᠢ ᠲᠡᠷᠡ ᠲᠤᠬᠠᠢ ᠶ᠋ᠢᠨ ᠶᠠᠭᠤᠮ᠎ᠠ ᠶ᠋ᠢ ᠲᠠ ᠨᠠᠷ ᠲᠤ ᠳᠤᠤᠭᠠᠷᠬᠤ ᠡᠭᠦᠷᠭᠡ ᠲᠡᠢ ᠬᠥᠮᠦᠨ ᠪᠢᠰᠢ᠂ ᠬᠠᠷᠢᠨ ᠳᠤᠤᠭᠠᠷᠬᠤ ᠦᠭᠡᠢ ᠲᠠᠩᠭᠠᠷᠢᠭ ᠲᠠᠢ᠃ ᠡᠭᠦᠨ ᠢ᠋ ᠴᠢ ᠴᠡᠷᠢᠭ ᠦ᠋ᠨ ᠬᠥᠮᠦᠨ ᠪᠣᠯᠬᠣᠷ ᠶᠠᠭᠤᠨ ᠳ᠋ᠤ᠌ ᠠᠨᠳᠠᠬᠤ ᠪᠣᠢ᠃ ᠭᠡᠪᠡᠴᠦ ᠪᠢ ᠣᠳᠣ ᠳᠤᠤᠭᠠᠷᠤᠶ᠎ᠠ᠃ ᠪᠠᠷᠤᠨ ᠵᠠᠩᠵᠤᠨ ᠬᠡᠳᠦᠨ ᠮᠢᠩᠭᠠᠨ ᠴᠡᠷᠢᠭ ᠲᠡᠢ ᠠᠢᠰᠤᠢ ᠶᠠᠪᠤᠭ᠎ᠠ ᠴᠣᠬᠣᠮ ᠬᠡᠳᠦᠨ ᠮᠢᠩᠭ᠎ᠠ ᠲᠠᠢ ᠬᠡᠵᠢᠶ᠎ᠡ ᠬᠡᠳᠦᠢ ᠳ᠋ᠦ᠍ ᠬᠠᠮᠢᠭᠠᠭᠤᠷ ᠣᠷᠣᠵᠤ ᠢᠷᠡᠬᠦ ᠶ᠋ᠢ ᠪᠢ ᠮᠡᠳᠡᠬᠦ ᠦᠭᠡᠢ᠂ ᠢᠷᠡᠬᠦ ᠳ᠋ᠦ᠍ ᠯᠡ ᠢᠷᠡᠨ᠎ᠡ᠃ ᠢᠩᠭᠢᠭᠡᠳ ᠦᠨᠡᠨ ᠢ᠋ ᠬᠡᠯᠡᠬᠦ ᠳ᠋ᠦ᠍ ᠵᠠᠯᠠᠭᠤ ᠵᠠᠩᠵᠤᠨ ᠴᠢ ᠰᠠᠢᠨ ᠪᠠᠢᠨ᠎ᠠ᠃ ᠲᠡᠢᠨ ᠦ᠌ ᠴᠢᠨᠢ ᠣᠳᠣ ᠢᠳᠡ ᠰᠠᠢᠬᠠᠨ ᠣᠷᠣᠢ ᠳᠡᠭᠡᠷ᠎ᠡ ᠴᠢᠨᠢ ᠭᠢᠯᠠᠯᠵᠠᠵᠤ ᠶᠠᠪᠤᠭ᠎ᠠ ᠶᠤᠮ ᠪᠠᠢᠨ᠎ᠠ᠃ ᠠᠷᠤ ᠠ᠋ᠴᠠ ᠴᠢᠨᠢ ᠤᠯᠠᠭᠠᠨ ᠣᠷᠣᠰ ᠲᠤᠰᠠᠯᠠᠬᠤ ᠯᠠ ᠪᠢᠵᠡ᠃ ᠭᠡᠯ᠎ᠡ ᠴᠦ᠍ ᠴᠢ ᠳᠡᠢᠯᠬᠦ ᠤᠤ? ᠬᠠᠢ ᠪᠢ ᠢᠲᠡᠭᠡᠬᠦ ᠦᠭᠡᠢ ᠪᠠᠢᠨ᠎ᠠ᠃ ᠪᠠᠷᠤᠨ ᠵᠠᠩᠵᠤᠨ ᠪᠣᠯ ᠦᠬᠦᠬᠦ ᠡᠴᠡ ᠪᠤᠰᠤᠳ ᠦᠢᠯᠡ ᠪᠦᠬᠦᠨ ᠢ᠋ ᠦᠵᠡᠭᠰᠡᠭᠡᠷ ᠶᠠᠪᠤᠭᠠᠳ ᠡᠴᠦᠰ ᠲᠦ᠋ᠨᠢ ᠰᠢᠳᠢ ᠶ᠋ᠢ ᠣᠯᠤᠭᠰᠠᠨ ᠤ᠋ ᠠᠳᠠᠯᠢ ᠰᠦᠷᠡᠬᠡᠢ ᠪᠣᠯᠤᠭᠰᠠᠨ ᠬᠥᠮᠦᠨ》 ᠭᠡᠳ ᠪᠠᠶᠠᠷ ᠬᠦᠩ ᠦᠭᠡ ᠪᠡᠨ ᠲᠠᠰᠤᠯᠪᠠ᠃ ᠡᠨᠡ ᠳᠠᠷᠤᠢ ᠴᠢᠮᠡᠭᠡ ᠲᠠᠭ ᠲᠠᠰᠤᠷᠠᠪᠠ᠃ ᠳᠠᠬᠢᠨ ᠪᠠᠶᠠᠷ ᠬᠦᠩ ᠳᠤᠤᠭᠠᠷᠤᠭᠰᠠᠨ ᠨᠢ᠄ 
       — ᠮᠢᠨᠦ ᠮᠣᠷᠢ ᠶᠠᠭᠠᠬᠢᠭᠰᠠᠨ ᠪᠣᠢ? 
       — ᠪᠣᠢ! ᠲᠠᠨ ᠤ᠋ ᠮᠣᠷᠢ ᠶ᠋ᠢ ᠮᠠᠨᠠᠢᠬᠢᠨ ᠪᠠᠷᠢᠵᠤ ᠠᠪᠴᠢᠷᠠᠭᠠᠳ ᠠᠭᠲᠠ ᠳ᠋ᠤ᠌ ᠲᠠᠯᠪᠢᠵᠤ ᠬᠠᠳᠠᠭᠠᠯᠠᠵᠤ ᠪᠠᠢᠭ᠎ᠠ᠃ 
       — ᠵᠠ ᠪᠣᠯᠵᠠᠢ᠃ ᠨᠠᠳᠠ ᠠᠷᠪᠠᠨ ᠬᠡᠳᠦᠨ ᠵᠢᠯ ᠬᠠᠨᠢ ᠪᠣᠯᠤᠭᠰᠠᠨ ᠶᠤᠮ᠃ ᠠᠶᠠᠨ ᠲᠡᠢᠨ ᠳ᠋ᠦ᠍ ᠶᠠᠪᠤᠵᠤ ᠪᠠᠢᠬᠤ ᠳ᠋ᠤ᠌ ᠠᠮᠢᠨ ᠳ᠋ᠤ᠌ ᠣᠷᠣᠭᠰᠠᠨ᠂ ᠢᠯᠠᠨ ᠳᠡᠢᠯᠬᠦ ᠳ᠋ᠦ᠍ ᠲᠤᠰᠠ ᠳᠥᠭᠥᠮ ᠦᠵᠡᠭᠦᠯᠦᠭᠰᠡᠨ ᠡᠨᠡ ᠪᠦᠬᠦᠨ ᠢ᠋ ᠨᠢ ᠲᠣᠭᠠᠯᠠᠵᠤ ᠪᠠᠷᠠᠰᠢ ᠦᠭᠡᠢ᠃ ᠣᠳᠣ ᠥᠲᠡᠯᠵᠦ ᠶᠠᠪᠤᠭ᠎ᠠ ᠶᠤᠮ ᠳ᠋ᠠᠭ᠃ ᠭᠡᠯ᠎ᠡ ᠴᠦ᠍ ᠬᠣᠶᠠᠷ ᠵᠢᠯ ᠦ᠋ᠨ ᠡᠳ᠋ᠯᠡᠭᠡ ᠪᠣᠢ᠃ ᠲᠡᠭᠦᠨ ᠢ᠋ ᠮᠢᠨᠢ ᠴᠢ ᠥᠪᠡᠷ ᠲᠡᠭᠡᠨ ᠠᠪᠴᠤ ᠦᠵᠡ! ᠲᠡᠭᠡᠭᠡᠳ ᠶᠠᠭᠤᠮ᠎ᠠ ᠶ᠋ᠢ ᠶᠠᠭᠠᠬᠢᠵᠤ ᠮᠡᠳᠡᠬᠦ ᠪᠣᠢ᠂ ᠬᠡᠷᠪᠡ ᠴᠢ ᠡᠨᠡ ᠪᠣᠳᠣᠯ ᠰᠠᠨᠠᠭ᠎ᠠ ᠪᠠᠨ ᠪᠡᠶᠡᠯᠡᠭᠦᠯᠵᠦ ᠴᠢᠳᠠᠭᠰᠠᠨ ᠪᠠᠢᠪᠠᠯ ᠲᠡᠷᠡ ᠮᠣᠷᠢ ᠶ᠋ᠢ ᠮᠢᠨᠢ ᠵᠦᠭᠡᠷ ᠵᠦᠩ ᠳ᠋ᠦ᠍ᠨᠢ ᠲᠠᠯᠪᠢᠨ ᠥᠪᠡᠷ ᠦ᠋ᠨ ᠦᠬᠦᠯ ᠢ᠋ᠶ᠋ᠡᠷ ᠨᠢ ᠦᠬᠦᠭᠦᠯᠵᠦ ᠦᠵᠡᠭᠡᠷᠡᠢ᠃ ᠭᠤᠶᠤᠬᠤ ᠶᠠᠭᠤᠮ᠎ᠠ ᠶᠡᠷᠦ ᠳ᠋ᠡᠭᠡᠨ ᠯᠡ ᠡᠨᠡ᠃ 
       — ᠦᠭᠡᠢ ᠪᠠᠶᠠᠷ ᠬᠦᠩ ᠲᠠ ᠶᠠᠭᠤᠨ ᠳ᠋ᠤ᠌ ᠳᠡᠮᠡᠢ ᠶᠠᠭᠤᠮ᠎ᠠ ᠪᠣᠳᠣᠨ ᠪᠡᠶ᠎ᠡ ᠴᠢᠯᠡᠭᠡᠨ᠎ᠡ ᠪᠣᠢ? ᠲᠠ ᠭᠠᠢᠭᠤᠢ ᠡᠳᠡᠭᠡᠷᠡᠨ᠎ᠡ᠃ ᠮᠠᠷᠭᠠᠰᠢ ᠪᠢᠳᠡ ᠲᠠᠨ ᠢ᠋ ᠣᠷᠣᠰ ᠡᠮᠨᠡᠯᠭᠡ ᠳ᠋ᠦ᠍ ᠠᠪᠠᠴᠢᠬᠤ ᠭᠡᠵᠦ ᠪᠠᠢᠭ᠎ᠠ ᠰᠢᠦ ᠳᠡ᠃ 
       — ᠵᠠ ᠰᠠᠢᠨ ᠪᠠᠢᠨ᠎ᠠ᠂ ᠪᠢ ᠲᠠ ᠪᠦᠬᠦᠨ ᠦ᠌ ᠡᠨᠡ ᠡᠨᠡᠷᠢᠩᠭᠦᠢ ᠰᠠᠢᠬᠠᠨ ᠰᠡᠳᠬᠢᠯ ᠢ᠋ ᠶᠠᠭᠠᠬᠢᠪᠠᠴᠤ ᠮᠠᠷᠲᠠᠬᠤ ᠦᠭᠡᠢ ᠭᠡᠳ ᠨᠢᠭᠡ ᠬᠡᠰᠡᠭ ᠳᠤᠭᠤᠢ ᠪᠠᠢᠭᠰᠠᠨ ᠢ᠋ᠶ᠋ᠠᠨ᠂ ᠦᠭᠡᠢ ᠴᠠᠭᠠᠨ᠎ᠠ ᠴᠢᠨᠢ ᠨᠠᠮᠠᠶ᠋ᠢ ᠳᠠᠭᠠᠵᠤ ᠢᠷᠡᠭᠰᠡᠨ ᠴᠡᠷᠢᠭ ᠦ᠋ᠳ ᠡᠴᠡ ᠪᠠᠢᠨ᠎ᠠ ᠤᠤ? 
       — ᠪᠠᠢᠨ᠎ᠠ᠃ ᠨᠢᠭᠡ ᠨᠢ ᠤᠷᠢᠳ ᠰᠥᠨᠢ ᠠᠯᠠᠭ᠎ᠠ ᠪᠣᠯᠤᠭᠰᠠᠨ ᠪᠠᠢᠨ᠎ᠠ ᠪᠢᠯᠡ᠃ ᠬᠣᠶᠠᠷ ᠨᠢ ᠭᠠᠳᠠᠭ᠎ᠠ ᠰᠠᠭᠤᠵᠤ ᠪᠠᠢᠨ᠎ᠠ᠃ ᠶᠡᠷᠦ ᠨᠢ ᠦᠷᠭᠦᠯᠵᠢ ᠯᠡ ᠰᠠᠭᠤᠵᠤ ᠪᠠᠢᠳᠠᠭ ᠶᠤᠮ᠃ 
       — ᠠ ᠬᠥᠭᠡᠷᠦᠬᠦᠢᠰ ᠮᠢᠨᠢ᠂ ᠵᠠ ᠴᠢ ᠲᠡᠳᠡᠨ ᠢ᠋ ᠮᠢᠨᠢ ᠨᠠᠳᠠ ᠳᠡᠭᠡᠷ᠎ᠡ ᠨᠢᠭᠡ ᠣᠷᠣᠭᠤᠯᠵᠤ ᠥᠭᠪᠡᠯ ᠪᠠᠰᠠ ᠶᠡᠬᠡ ᠪᠠᠶᠠᠷᠯᠠᠬᠤ ᠪᠠᠢᠨ᠎ᠠ᠃ 
       — ᠲᠡᠷᠡ ᠪᠣᠯᠣᠯᠭᠦᠢ ᠶᠠᠭᠠᠬᠢᠬᠤᠪ᠃ ᠭᠠᠭᠴᠠᠬᠠᠨ ᠲᠠ ᠰᠡᠳᠬᠢᠯ ᠢ᠋ᠶ᠋ᠡᠨ ᠠᠭᠤᠵᠢᠮ ᠳᠡᠯᠪᠢ! 
       ᠰᠦᠬᠡᠪᠠᠭᠠᠲᠤᠷ ᠤ᠋ᠨ《ᠣᠷᠣ!》 ᠭᠡᠵᠦ ᠳᠥᠩᠭᠡᠵᠦ ᠥᠭᠦᠯᠡᠮᠡᠭᠴᠡ ᠳᠤᠪᠳᠤᠨ ᠳ᠋ᠠᠨᠽᠠᠨ ᠬᠣᠶᠠᠷ ᠶᠠᠭᠠᠷᠠᠨ ᠣᠷᠣᠪᠠ᠃ ᠪᠠᠶᠠᠷ ᠬᠦᠩ ᠮᠣᠳᠣᠨ ᠬᠠᠰᠢᠯᠭᠠᠲᠤ ᠲᠣᠬᠢᠯᠢᠭ ᠣᠷᠣᠨ ᠳᠡᠭᠡᠷ᠎ᠡ ᠪᠤᠷᠤᠭᠤ ᠬᠠᠷᠠᠨ ᠬᠡᠪᠲᠡᠨ᠎ᠡ᠃《ᠵᠠ ᠪᠢᠳᠡ ᠢᠷᠡᠯ᠎ᠡ》 ᠭᠡᠬᠦ ᠳ᠋ᠦ᠍ ᠠᠯᠭᠤᠷ ᠬᠥᠨᠳᠡᠯᠡᠨ ᠡᠷᠭᠢᠬᠦ ᠶ᠋ᠢ ᠦᠵᠡᠬᠦ ᠳ᠋ᠦ᠍ ᠪᠠᠭ᠎ᠠ ᠵᠡᠷᠭᠡ ᠰᠢᠨᠠᠯᠤᠭᠰᠠᠨ ᠰᠢᠨᠵᠢ ᠲᠡᠢ ᠪᠣᠯᠪᠠᠴᠤ ᠮᠠᠰᠢ ᠲᠠᠢᠪᠤᠩ᠂ ᠨᠢᠳᠦᠨ ᠦ᠌ ᠰᠢᠷᠦᠭᠦᠨ ᠬᠠᠷᠠᠴᠠ ᠨᠢ ᠨᠠᠮᠤᠭᠤᠨ᠂ ᠰᠢᠷᠦᠭᠦᠨ ᠬᠠᠷ᠎ᠠ ᠰᠠᠬᠠᠯ ᠨᠢ ᠪᠣᠯᠪᠠᠴᠤ ᠵᠥᠭᠡᠯᠡᠨ ᠰᠢᠭ᠃ ᠶᠡᠷᠦ ᠬᠥᠮᠦᠨ ᠪᠣᠯᠤᠭᠰᠠᠭᠠᠷ ᠡᠢᠮᠦ ᠠᠮᠤᠭᠤᠯᠠᠩ ᠲᠠᠢᠪᠤᠩ ᠪᠠᠢᠭ᠎ᠠ ᠦᠭᠡᠢ ᠪᠣᠯ ᠤᠤ ᠭᠡᠯᠲᠡᠢ᠃ 
       — ᠵᠠ ᠲᠠ ᠪᠢᠳᠡᠨ ᠳ᠋ᠦ᠍ ᠶᠠᠭᠤ ᠠᠢᠯᠦᠨᠬᠠᠬᠤ ᠰᠠᠨ ᠪᠣᠯ? ᠭᠡᠬᠦ ᠳ᠋ᠦ᠍᠄ 
       — ᠵᠠ ᠭᠡᠵᠦ ᠠᠮᠠ ᠨᠡᠭᠡᠭᠡᠨ ᠪᠣᠳᠣᠯᠬᠢᠯᠠᠭᠠᠳ᠄ 
       — ᠪᠢ ᠲᠠ ᠨᠠᠷ ᠤ᠋ᠨ ᠬᠤᠪᠢ ᠵᠠᠶᠠᠭ᠎ᠠ ᠶ᠋ᠢ ᠠᠪᠴᠤ ᠶᠠᠪᠤᠵᠤ ᠴᠢᠳᠠᠭᠰᠠᠨ ᠦᠭᠡᠢ᠂ ᠬᠣᠢᠰᠢᠳᠠ ᠪᠠᠨ ᠪᠦᠷ ᠴᠦ᠍ ᠦᠭᠡᠢ᠃ ᠣᠳᠣ ᠥᠪᠡᠷᠰᠡᠳ ᠦ᠋ᠨ ᠢ᠋ᠶ᠋ᠡᠨ ᠬᠤᠪᠢ ᠵᠠᠶᠠᠭ᠎ᠠ ᠶ᠋ᠢ ᠥᠪᠡᠷᠰᠡᠳ ᠢ᠋ᠶ᠋ᠡᠨ ᠰᠢᠢᠳᠪᠦᠷᠢᠯᠡ! ᠭᠡᠵᠦ ᠨᠠᠮ ᠳᠠᠭᠤ ᠪᠠᠷ ᠥᠭᠦᠯᠡᠭᠡᠳ᠄ ᠵᠠ ᠶᠠᠪᠤᠵᠠᠭ᠎ᠠ᠂ ᠨᠠᠳᠠ ᠲᠠᠢ ᠳᠠᠬᠢᠨ ᠠᠭᠤᠯᠵᠠᠨ᠎ᠠ ᠭᠡᠵᠦ ᠪᠢᠲᠡᠭᠡᠢ ᠪᠣᠳᠣᠭᠠᠷᠠᠢ! ᠭᠡᠳ ᠴᠠᠭᠠᠰᠢ ᠡᠷᠭᠢᠨ ᠪᠤᠷᠤᠭᠤ ᠬᠠᠷᠠᠪᠠ᠃ 
       ᠰᠥᠨᠢ ᠳ᠋ᠡᠭᠡᠨ ᠳ᠋ᠠᠨᠽᠠᠨ ᠨᠥᠬᠥᠷ ᠲᠡᠢ ᠪᠡᠨ ᠮᠥᠨ ᠯᠡ ᠭᠠᠳᠠᠭ᠎ᠠ᠃ ᠡᠬᠢᠯᠡᠭᠡᠳ ᠲᠡᠷᠡ ᠮᠠᠷᠭᠠᠰᠢ ᠪᠠᠶᠠᠷ ᠬᠦᠩ ᠢ᠋ ᠠᠷᠤ ᠬᠢᠶᠠᠭᠲᠤ ᠶ᠋ᠢᠨ ᠡᠮᠨᠡᠯᠭᠡ ᠶ᠋ᠢᠨ ᠭᠠᠵᠠᠷ ᠬᠡᠪᠲᠡᠬᠦ᠂ ᠲᠡᠭᠡᠭᠡᠳ ᠡᠳᠡᠭᠡᠷᠡᠨ᠎ᠡ ᠭᠡᠵᠦ ᠶᠠᠷᠢᠯᠴᠠᠵᠤ ᠪᠠᠢᠭᠰᠠᠨ ᠢ᠋ᠶ᠋ᠠᠨ ᠢᠯᠠᠭᠳᠠᠭᠰᠠᠨ ᠲᠡᠢᠨ ᠦ᠌ ᠪᠡᠨ ᠲᠤᠬᠠᠢ ᠳ᠋ᠤ᠌ ᠣᠷᠣᠯ᠎ᠠ᠃ ᠲᠡᠭᠦᠨ ᠳ᠋ᠡᠭᠡᠨ ᠥᠪᠡᠷᠰᠡᠳ ᠦ᠋ᠨ ᠪᠣᠯᠤᠭᠠᠳ ᠪᠤᠰᠤᠳ ᠤ᠋ᠨ ᠦᠢᠮᠡᠭᠰᠡᠨ ᠰᠠᠨᠳᠤᠷᠤᠭᠰᠠᠨ᠂ ᠦᠷᠡᠭᠳᠡᠭᠰᠡᠨ᠂ ᠵᠢᠭᠤᠲᠠᠭᠰᠠᠨ ᠪᠦᠬᠦᠨ ᠢ᠋ ᠪᠠᠬᠠᠨ ᠳᠡᠯᠭᠡᠬᠦ ᠳ᠋ᠦ᠍ ᠥᠪᠡᠷ ᠦ᠋ᠨ ᠡᠷᠬᠡ ᠦᠭᠡᠢ ᠢᠯᠠᠭᠳᠠᠬᠤ ᠠ᠋ᠴᠠ ᠥᠭᠡᠷ᠎ᠡ ᠵᠠᠮ ᠪᠠᠢᠭ᠎ᠠ ᠦᠭᠡᠢ ᠶ᠋ᠢ ᠣᠢᠯᠠᠭᠠᠪᠠ᠃ ᠡᠴᠦᠰ ᠲᠦ᠋ᠨᠢ ᠲᠡᠷᠡ ᠬᠣᠶᠠᠷ ᠰᠦᠬᠡᠪᠠᠭᠠᠲᠤᠷ ᠤ᠋ᠨ ᠴᠢᠩ ᠵᠣᠷᠢᠭᠲᠤ ᠪᠠᠭᠠᠲᠤᠷ ᠦᠢᠯᠡᠰ᠂ ᠠᠷᠢᠭᠤᠨ ᠰᠢᠳᠤᠷᠭᠤ ᠡᠨᠡᠷᠢᠩᠭᠦᠢ ᠰᠠᠢᠬᠠᠨ ᠰᠡᠳᠬᠢᠯ ᠰᠠᠨᠠᠭᠠᠨ ᠳ᠋ᠤᠨᠢ ᠣᠷᠣᠭᠰᠠᠨ ᠪᠥᠭᠡᠳ ᠴᠢᠩ ᠰᠡᠳᠬᠢᠯ ᠡᠴᠡ ᠪᠡᠨ ᠲᠡᠭᠦᠨ ᠢ᠋ ᠬᠦᠦᠷᠨᠢᠭᠰᠡᠭᠡᠷ ᠳᠡᠭᠡᠷ᠎ᠡ ᠣᠷᠣᠢ ᠪᠣᠯᠲᠠᠯ᠎ᠠ ᠲᠠᠭ ᠤᠨᠲᠠᠵᠤ ᠣᠷᠬᠢᠵᠠᠢ᠃《ᠬᠥᠶᠢ ᠲᠠ ᠨᠠᠷ ᠴᠢᠨᠢ ᠪᠣᠰ ᠶᠠᠭᠠᠬᠢᠴᠢᠬᠰᠡᠨ ᠤᠯᠤᠰ ᠪᠣᠢ᠂ ᠡᠳᠦᠢ ᠪᠣᠯᠲᠠᠯ᠎ᠠ ᠪᠣᠰᠳᠠᠭ ᠦᠭᠡᠢ》 ᠭᠡᠵᠦ ᠨᠢᠭᠡ ᠬᠥᠮᠦᠨ ᠦ᠌ ᠰᠡᠷᠢᠭᠡᠭᠰᠡᠨ ᠳ᠋ᠦ᠍ ᠲᠡᠳᠡ ᠬᠠᠷᠠᠢᠪᠠ᠃ ᠥᠷᠯᠥᠭᠡ ᠪᠣᠯᠬᠣᠷ ᠦᠯᠦ ᠪᠠᠷᠠᠮ᠂ ᠨᠠᠷᠠ ᠳᠡᠭᠡᠷ᠎ᠡ ᠬᠥᠭᠡᠷᠦᠭᠰᠡᠨ ᠦᠵᠡᠭᠳᠡᠨ᠎ᠡ᠃ ᠭᠡᠷ ᠦ᠋ᠨ ᠡᠭᠦᠳᠡᠨ ᠳ᠋ᠦ᠍ ᠲᠠᠪᠤ ᠵᠢᠷᠭᠤᠭᠠᠨ ᠬᠥᠮᠦᠨ ᠰᠢᠪᠠᠷ ᠠᠪᠢᠷ ᠶᠠᠷᠢᠯᠴᠠᠬᠤ ᠠ᠋ᠴᠠ ᠨᠢ ᠰᠣᠨᠣᠰᠪᠠᠯ᠄ ᠦᠬᠦᠵᠡᠢ᠂ ᠠᠮᠢ ᠪᠠᠨ ᠬᠣᠣᠷᠯᠠᠵᠠᠢ᠂ ᠡᠪᠦᠷ ᠲᠡᠭᠡᠨ ᠪᠠᠢᠭᠰᠠᠨ ᠪᠦᠬᠦ ᠬᠠᠷ᠎ᠠ ᠲᠠᠮᠠᠬᠢ ᠶ᠋ᠢ ᠨᠢᠭᠡᠮᠦᠰᠦᠨ ᠢᠳᠡᠵᠦ ᠬᠣᠣᠷᠳᠠᠭᠰᠠᠨ ᠪᠣᠯᠤᠯᠲᠠᠢ! ᠭᠡᠰᠡᠨ ᠳ᠋ᠦ᠍ ᠳ᠋ᠠᠨᠽᠠᠨ ᠤ᠋ ᠳᠣᠲᠣᠷ᠎ᠠ ᠫᠠᠯ ᠬᠢᠵᠦ《ᠦᠭᠡᠢ ᠬᠡᠨ ᠪᠣᠢ? ᠬᠡᠨ ᠠᠮᠢ ᠪᠠᠨ ᠬᠣᠣᠷᠯᠠᠪᠠ?》 ᠭᠡᠬᠦ ᠳ᠋ᠦ᠍ ᠬᠥᠮᠦᠰ ᠦ᠋ᠨ ᠨᠢᠭᠡ ᠨᠢ᠄《ᠲᠠᠨ ᠤ᠋ ᠬᠦᠩ ᠪᠠᠶᠠᠷ》 ᠭᠡᠵᠦ ᠴᠢᠬᠢᠨ ᠳ᠋ᠦ᠍ᠨᠢ ᠬᠡᠯᠡᠪᠡ᠃  
       ᠳ᠋ᠠᠨᠽᠠᠨ ᠤ᠋ ᠨᠢᠳᠦ ᠬᠠᠷᠠᠩᠭᠤᠢᠯᠠᠪᠠ᠃ ᠨᠢᠯᠪᠤᠰᠤ ᠦᠭᠡᠢ ᠬᠠᠭᠤᠷᠠᠢ ᠪᠠᠢᠬᠤ ᠪᠣᠯᠪᠠᠴᠤ ᠪᠦᠬᠦ ᠣᠷᠴᠢᠨ ᠨᠢᠭᠡ ᠦᠶ᠎ᠡ ᠬᠠᠪ ᠬᠠᠷᠠᠩᠭᠤᠢ᠃ ᠬᠠᠵᠠᠭᠤ ᠳ᠋ᠤᠨᠢ ᠳᠤᠪᠳᠤᠨ ᠳᠡᠰ ᠥᠭᠡᠷ᠎ᠡ᠂ ᠭᠠᠭᠴᠠᠬᠠᠨ ᠤᠳᠠᠭ᠎ᠠ ᠰᠠᠨᠠᠭ᠎ᠠ ᠠᠯᠳᠠᠭᠠᠳ᠄ ᠵᠠ ᠶᠠᠭᠠᠬᠢᠬᠤᠪ᠂ ᠣᠷᠴᠢᠯᠠᠩ ᠳ᠋ᠤ᠌ ᠮᠥᠩᠬᠡ ᠶ᠋ᠢᠨ ᠤᠰᠤ ᠤᠤᠭᠤᠬᠤ ᠬᠡᠨ ᠯᠡ ᠪᠠᠢᠳᠠᠭ ᠪᠢᠯᠡ ᠭᠡᠬᠦ ᠨᠢ ᠳ᠋ᠠᠨᠽᠠᠨ ᠳ᠋ᠤ᠌ ᠡᠭᠳᠡᠭᠦᠦ ᠲᠡᠢ ᠰᠣᠨᠣᠰᠳᠠᠬᠤ ᠪᠣᠯᠪᠠᠴᠤ ᠳᠤᠪᠳᠤᠨ ᠪᠠᠶᠠᠷ ᠬᠦᠩ ᠳ᠋ᠦ᠍ ᠮᠠᠭᠤ ᠳ᠋ᠠᠭᠠᠨ ᠪᠢᠰᠢ᠂ ᠰᠡᠳᠬᠢᠯ ᠦ᠋ᠨ ᠵᠣᠪᠠᠭᠤᠷᠢ ᠰᠢᠯᠤᠭᠤᠳᠤᠭᠰᠠᠨ ᠳ᠋ᠠᠭᠠᠨ ᠲᠡᠷᠡ ᠪᠠᠢᠵᠠᠢ᠃ 
       ᠣᠷᠣᠰᠢᠭᠤᠯᠬᠤ ᠶᠠᠪᠤᠳᠠᠯ ᠢ᠋ ᠲᠡᠷᠡ ᠬᠣᠶᠠᠷ ᠭᠦᠢᠴᠡᠳᠬᠡᠬᠦ ᠪᠡᠷ ᠪᠣᠯᠪᠠ᠃ ᠨᠢᠭᠡ ᠮᠣᠷᠢᠨ ᠲᠡᠷᠭᠡ ᠢᠷᠡᠭᠰᠡᠨ ᠨᠢ ᠵᠢᠭᠲᠡᠢᠬᠡᠨ ᠮᠠᠭᠤ᠂ ᠭᠠᠵᠢᠭᠰᠠᠨ ᠬᠣᠶᠠᠷ ᠳᠤᠭᠤᠢ ᠨᠢ ᠬᠠᠢᠪᠠᠭᠠᠨᠠᠨ ᠬᠢᠬᠤᠲᠤᠨᠠᠨ᠎ᠠ᠃ ᠮᠣᠷᠢᠨ ᠤ᠋ ᠭᠡᠳᠡᠰᠦ ᠬᠡᠩᠭᠡᠷᠭᠡ ᠰᠢᠭ ᠲᠣᠮᠣ ᠠᠲᠠᠯ᠎ᠠ ᠶᠠᠰᠤᠨ ᠬᠡᠳᠡᠷᠭᠡ ᠲᠤᠷᠠᠩᠬᠠᠢ ᠤᠷᠤᠭᠰᠢ ᠭᠢᠰᠬᠢᠬᠦ ᠳᠤᠷ᠎ᠠ ᠦᠭᠡᠢ ᠶᠣᠰᠣᠲᠠᠢ ᠦᠰᠦ ᠲᠡᠢ ᠬᠠᠳᠠ᠃ ᠲᠠᠯᠢᠢᠭᠴᠢ ᠪᠠᠨ ᠲᠡᠷᠭᠡᠨ ᠦ᠌ ᠳᠠᠪᠰᠢᠨ ᠳ᠋ᠤ᠌ ᠲᠠᠯᠪᠢᠨ ᠵᠡᠭᠦᠨ ᠲᠠᠢᠰᠢ ᠪᠦᠷᠭᠦᠳ ᠲᠡᠢ ᠠᠭᠤᠯᠠ ᠶ᠋ᠢᠨ ᠡᠩᠭᠡᠷ ᠪᠠᠷᠢᠨ ᠬᠥᠳᠡᠯᠪᠡ᠃ ᠬᠥᠯᠦᠭᠰᠡᠨ ᠮᠣᠷᠢ ᠬᠣᠶᠠᠷ ᠡᠷ᠎ᠡ ᠳ᠋ᠦ᠍ ᠬᠦᠴᠦᠯᠡᠭᠳᠡᠨ ᠬᠥᠲᠥᠯᠦᠭᠳᠡᠬᠦ ᠶ᠋ᠢᠨ ᠡᠷᠬᠡ ᠪᠡᠷ ᠣᠷᠣᠭᠰᠢ ᠭᠢᠰᠬᠢᠯᠡᠨ ᠶᠠᠪᠤᠨ᠎ᠠ᠃ ᠬᠣᠲᠠ ᠠ᠋ᠴᠠ ᠭᠠᠷᠤᠩᠭᠤᠲᠠ ᠬᠠᠰᠢᠩᠨᠠᠨ ᠪᠦᠷ ᠶᠠᠪᠤᠬᠤ ᠪᠠᠨ ᠪᠣᠯᠢᠪᠠ᠃ ᠪᠠᠯᠪᠠᠨ ᠲᠠᠰᠢᠭᠤᠷᠳᠠᠬᠤ ᠠ᠋ᠴᠠ ᠪᠠᠨ ᠲᠡᠳᠡ ᠡᠪ ᠦᠭᠡᠢᠴᠡᠨ᠎ᠡ᠃ ᠬᠠᠷᠢᠶᠠᠯ ᠦᠭᠡᠰ ᠪᠠᠢᠨ ᠪᠠᠢᠨ ᠠᠮᠠᠨ ᠳᠡᠭᠡᠷ᠎ᠡ ᠭᠠᠷᠴᠤ ᠢᠷᠡᠬᠦ ᠶ᠋ᠢ ᠤᠷᠤᠭᠤᠯ ᠵᠢᠮᠢᠢᠨ ᠲᠡᠪᠴᠢᠨ᠎ᠡ᠃ ᠳ᠋ᠠᠨᠽᠠᠨ ᠲᠡᠷᠭᠡᠨ ᠦ᠌ ᠠᠷᠤ ᠳ᠋ᠤ᠌ ᠭᠠᠷᠤᠨ ᠬᠣᠢᠨ᠎ᠠ ᠠ᠋ᠴᠠ ᠨᠢ ᠲᠦᠷᠢᠵᠦ ᠡᠬᠢᠯᠡᠪᠡ᠃ ᠤᠷᠢᠳ ᠨᠢ ᠳᠤᠪᠳᠤᠨ ᠴᠤᠯᠪᠤᠭᠤᠷ ᠲᠡᠳᠡᠨ ᠵᠢᠳᠬᠦᠬᠦ ᠪᠡᠷ ᠢ᠋ᠶ᠋ᠡᠨ ᠵᠢᠳᠬᠦᠨ᠎ᠡ᠃ ᠦᠨᠡᠨ ᠳ᠋ᠡᠭᠡᠨ ᠲᠡᠳᠡ ᠮᠣᠷᠢᠨ ᠲᠡᠷᠭᠡ ᠪᠡᠷ ᠬᠥᠮᠦᠨ ᠣᠷᠣᠰᠢᠭᠤᠯᠬᠤ ᠪᠢᠰᠢ᠂ ᠮᠣᠷᠢ ᠶ᠋ᠢ ᠴᠦ᠍ ᠪᠣᠯᠪᠠ ᠲᠡᠷᠭᠡᠨ ᠳᠡᠭᠡᠷ᠎ᠡ ᠲᠠᠯᠪᠢᠨ ᠶᠠᠭᠤᠲᠠᠢ ᠬᠡᠦᠳᠡᠢ ᠴᠢᠷᠴᠦ ᠶᠠᠪᠤᠭ᠎ᠠ ᠲᠠᠢ ᠠᠳᠠᠯᠢ ᠪᠠᠢᠨ᠎ᠠ᠃ ᠭᠡᠯ᠎ᠡ ᠴᠦ᠍ ᠲᠡᠳᠡ ᠭᠤᠲᠤᠷᠠᠯ ᠦᠭᠡᠢ᠂ ᠡᠷᠡᠯᠬᠡᠭ ᠡᠵᠡᠨ ᠳ᠋ᠡᠭᠡᠨ ᠡᠴᠦᠰ ᠦ᠋ᠨ ᠬᠦᠨᠳᠦᠳᠬᠡᠯ ᠭᠦᠢᠴᠡᠳᠬᠡᠵᠦ ᠶᠠᠪᠤᠭ᠎ᠠ ᠪᠠᠨ ᠪᠣᠳᠣᠨ ᠰᠡᠳᠬᠢᠯ ᠲᠠᠯᠪᠢᠭᠠᠳ ᠶᠠᠪᠤᠨ᠎ᠠ᠃ ᠦᠳᠡ ᠶ᠋ᠢᠨ ᠨᠠᠷᠠ ᠳᠡᠭᠡᠷ᠎ᠡ ᠡᠴᠡ ᠴᠣᠨᠣᠨ ᠡᠷ᠎ᠡ ᠪᠡᠶ᠎ᠡ ᠶ᠋ᠢᠨ ᠲᠠᠮᠢᠷ ᠢ᠋ ᠪᠠᠷᠠᠭᠳᠠᠭᠤᠯᠤᠨ ᠮᠠᠩᠨᠠᠢ ᠶ᠋ᠢᠨ ᠬᠥᠯᠥᠰᠥ ᠶ᠋ᠢ ᠲᠣᠰᠣᠯᠠᠭᠤᠯᠵᠤ ᠪᠠᠢᠪᠠᠴᠤ ᠠᠵᠢᠭ ᠦᠭᠡᠢ ᠵᠢᠳᠬᠦᠨ᠎ᠡ᠃ ᠭᠠᠰᠠᠯᠠᠩ ᠲᠠᠢ ᠠ᠋ᠴᠠ ᠭᠠᠭᠴᠠᠬᠠᠨ ᠲᠡᠷᠭᠡᠨ ᠦ᠌ ᠳᠤᠭᠤᠢ ᠡᠷᠭᠢᠬᠦ ᠪᠦᠷᠢ ᠳ᠋ᠡᠭᠡᠨ ᠬᠣᠶᠠᠷ ᠲᠠᠢᠰᠢ ᠬᠠᠢᠪᠠᠭᠠᠨᠠᠨ ᠭᠠᠰᠠᠯᠠᠩ ᠤ᠋ᠨ ᠳᠠᠭᠤᠨ ᠢ᠋ᠶ᠋ᠠᠷ ᠬᠢᠬᠤᠲᠤᠨᠠᠨ᠎ᠠ᠃ 
       — ᠵᠠ ᠬᠦ ᠡᠨᠳᠡ ᠣᠷᠣᠰᠢᠭᠤᠯᠬᠤ ᠤᠤ ᠳᠠ? ᠭᠡᠵᠦ ᠳᠤᠪᠳᠤᠨ ᠤ᠋ ᠥᠭᠦᠯᠡᠬᠦ ᠳ᠋ᠦ᠍ ᠳ᠋ᠠᠨᠽᠠᠨ ᠲᠦᠷ ᠵᠣᠭᠰᠣᠨ ᠣᠷᠴᠢᠨ ᠢ᠋ ᠠᠵᠢᠭᠰᠠᠨ ᠢ᠋ᠶ᠋ᠠᠨ᠄ 
       — ᠡᠨᠳᠡ ᠳᠡᠮᠡᠢ᠂ ᠬᠣᠲᠠ ᠳ᠋ᠤ᠌ ᠳᠡᠩᠳᠡᠭᠦᠦ ᠣᠢᠷ᠎ᠠ ᠪᠠᠢᠨ᠎ᠠ᠃  
       ᠴᠠᠭᠠᠰᠢ ᠬᠥᠳᠡᠯᠪᠡ᠃ ᠦᠳᠡ ᠶ᠋ᠢᠨ ᠨᠠᠷᠠ ᠤᠯᠠᠮ ᠴᠤ᠌ ᠴᠣᠨᠣᠵᠤ ᠤᠷᠤᠭᠰᠢ ᠦᠭᠡᠢ ᠮᠣᠷᠢ ᠪᠦᠷ ᠴᠦ᠍ ᠬᠥᠳᠡᠯᠬᠦ ᠳᠤᠷ᠎ᠠ ᠦᠭᠡᠢ ᠪᠠᠢᠪᠠᠴᠤ ᠴᠠᠭᠠᠰᠢ ᠶᠠᠪᠤᠯ᠎ᠠ᠃ ᠠᠮᠠᠨ ᠳ᠋ᠠᠭᠠᠨ ᠮᠠᠨᠢ ᠤᠩᠰᠢᠨ ᠲᠡᠷᠭᠡᠨ ᠦ᠌ ᠪᠡᠨ ᠳᠤᠭᠤᠢ ᠶ᠋ᠢ ᠬᠢᠬᠤᠲᠤᠨᠠᠭᠤᠯᠤᠭᠰᠠᠭᠠᠷ ᠯᠠ ᠪᠠᠢᠪᠠ᠃ 
       — ᠵᠠ ᠣᠳᠣ ᠡᠨᠳᠡ ᠤᠤ? 
       ᠳ᠋ᠠᠨᠽᠠᠨ ᠳᠠᠬᠢᠨ ᠣᠷᠴᠢᠨ ᠢ᠋ ᠠᠵᠢᠭᠰᠠᠨ ᠢ᠋ᠶ᠋ᠠᠨ᠄ 
       — ᠦᠭᠡᠢ ᠡᠨᠳᠡ ᠳᠡᠮᠡᠢ᠂ ᠬᠠᠰᠢ ᠬᠠᠰᠢ ᠠᠭᠤᠯᠠᠨ ᠳ᠋ᠤ᠌ ᠢᠯᠡ ᠡᠢᠮᠦ ᠭᠠᠵᠠᠷ ᠢ᠋ ᠳᠡᠮᠡᠢ ᠭᠡᠳᠡᠭ ᠠ᠋᠃ 
       ᠴᠠᠭᠠᠰᠢ ᠬᠥᠳᠡᠯᠪᠡ᠃ ᠣᠳᠣ ᠪᠣᠯᠬᠣᠷ《ᠮᠠᠨᠢ》ᠴᠤ᠌ ᠠᠯᠠᠭ᠎ᠠ᠂ ᠲᠡᠭᠦᠨ ᠦ᠌ ᠣᠷᠣᠨ ᠳ᠋ᠤ᠌ ᠪᠦᠬᠦ ᠬᠦᠴᠦ ᠪᠡᠨ ᠳᠠᠢᠴᠢᠯᠠᠨ ᠵᠢᠳᠬᠦᠬᠦ ᠬᠡᠷᠡᠭᠲᠡᠢ ᠪᠣᠯᠵᠠᠢ᠃ ᠬᠠᠷᠢᠨ ᠲᠡᠷᠭᠡᠨ ᠦ᠌ ᠳᠤᠭᠤᠢ ᠳᠠᠩ ᠢ᠋ᠶ᠋ᠠᠷ ᠬᠢᠬᠤᠲᠤᠨᠠᠨ᠎ᠠ᠃ 
       ᠡᠢᠨᠬᠦ ᠶᠠᠪᠤᠬᠤ ᠳᠣᠳᠣᠮ ᠭᠠᠵᠠᠷ ᠬᠣᠯᠠᠳᠠᠭᠰᠠᠭᠠᠷ ᠡᠷᠭᠢᠶ᠎ᠡ ᠭᠡᠲᠡᠯ᠎ᠡ ᠶᠣᠰᠣᠨ ᠳ᠋ᠤ᠌ ᠦᠯᠦ ᠨᠡᠢᠴᠡᠬᠦ ᠠᠮᠢᠳᠤ ᠶ᠋ᠢᠨ ᠬᠠᠷ᠎ᠠ ᠨᠢᠭᠦᠯ᠃ ᠲᠡᠭᠡᠭᠡᠳ ᠬᠠᠮᠢᠭ᠎ᠠ ᠣᠷᠣᠰᠢᠭᠤᠯᠪᠠ? ᠭᠡᠪᠡᠯ ᠤᠷᠵᠢᠳᠤᠷ ᠤ᠋ᠨ ᠲᠡᠳᠡᠨ ᠦ᠌ ᠪᠤᠲᠠ ᠨᠦᠬᠡᠭᠦᠯᠦᠭᠰᠡᠨ ᠲᠡᠢᠨ ᠦ᠌ ᠲᠠᠯᠠᠪᠠᠢ᠃ ᠥᠨᠥᠳᠥᠷ ᠦ᠋ᠨ ᠡᠯᠢᠶ᠎ᠡ ᠰᠢᠪᠠᠭᠤᠳ ᠤ᠋ᠨ ᠢᠳᠡᠨ ᠣᠪᠣᠯᠵᠠᠬᠤ ᠭᠠᠵᠠᠷ ᠤ᠋ᠨ ᠳᠤᠮᠳᠠ ᠲᠡᠳᠡ ᠦᠬᠦᠭᠰᠡᠨ ᠠᠮᠢᠳᠤ ᠬᠣᠶᠠᠷ ᠶᠠᠰᠤ ᠰᠠᠯᠵᠠᠢ᠃ 
       ᠬᠢᠶᠠᠭᠲᠤ ᠬᠣᠲᠠ ᠳ᠋ᠤ᠌ ᠡᠷᠭᠢᠵᠦ ᠢᠷᠡᠬᠦ ᠳ᠋ᠦ᠍ᠨᠢ ᠠᠷᠠᠳ ᠤ᠋ᠨ ᠵᠢᠷᠤᠮᠲᠤ ᠴᠡᠷᠢᠭ ᠦ᠋ᠨ ᠳᠡᠳ᠋ ᠵᠠᠩᠵᠤᠨ ᠪᠢᠯᠢᠩᠰᠠᠢᠬᠠᠨ ᠬᠦᠩ ᠭᠡᠭᠴᠢ ᠲᠡᠳᠡᠨ ᠢ ᠳᠠᠭᠤᠳᠠᠭᠤᠯᠵᠠᠢ᠃ ᠣᠴᠢᠪᠠᠯ ᠲᠡᠷᠡ ᠬᠥᠮᠦᠨ ᠪᠡᠶ᠎ᠡ ᠪᠡᠷ ᠨᠠᠮᠬᠠᠨ᠂ ᠴᠢᠷᠠᠢ ᠵᠥᠭᠡᠯᠡᠨ᠂ ᠵᠢᠷ ᠦ᠋ᠨ ᠪᠠᠢᠳᠠᠯ ᠢ᠋ᠶ᠋ᠠᠷ ᠠᠮᠤᠷ ᠮᠡᠨᠳᠦ ᠮᠡᠳᠡᠨ ᠬᠦᠯᠢᠶᠡᠵᠦ ᠠᠪᠤᠭᠠᠳ᠂ ᠲᠤᠰ ᠪᠦᠷᠢ ᠶ᠋ᠢᠨ ᠠᠢᠮᠠᠭ ᠬᠣᠰᠢᠭᠤ ᠨᠡᠷ᠎ᠡ ᠠᠯᠳᠠᠷ᠂ ᠪᠠᠷᠤᠨ ᠤ᠋ ᠴᠡᠷᠢᠭ ᠲᠦ᠍ ᠬᠡᠵᠢᠶ᠎ᠡ ᠬᠡᠷᠬᠢᠨ ᠣᠷᠣᠭᠰᠠᠨ ᠵᠡᠷᠭᠡ ᠶ᠋ᠢ ᠠᠰᠠᠭᠤᠨ ᠯᠠᠪᠯᠠᠪᠠ᠃ ᠳᠠᠷᠠᠭ᠎ᠠ ᠨᠢ ᠢᠩᠭᠢᠬᠦ ᠳ᠋ᠦ᠍ ᠣᠳᠣ ᠲᠠ ᠨᠠᠷ ᠮᠠᠨ ᠤ᠋ ᠠᠷᠠᠳ ᠤ᠋ᠨ ᠨᠠᠮ᠂ ᠵᠢᠷᠤᠮᠲᠤ ᠴᠡᠷᠢᠭ ᠦ᠋ᠨ ᠡᠰᠡᠷᠭᠦ ᠳᠠᠢᠳᠤᠬᠤ ᠭᠡᠵᠦ ᠶᠠᠪᠤᠬᠤ ᠶ᠋ᠢᠨ ᠤᠴᠢᠷ ᠶᠠᠭᠤ ᠪᠢᠯᠡ ᠳᠠ? ᠭᠡᠵᠦ ᠢᠨᠢᠶᠡᠮᠰᠦᠭᠯᠡᠬᠦ ᠳ᠋ᠦ᠍ᠨᠢ ᠨᠥᠭᠦᠭᠡ ᠬᠣᠶᠠᠷ ᠪᠡᠶ᠎ᠡ ᠪᠡᠶ᠎ᠡ ᠪᠡᠨ ᠬᠠᠷᠠᠭᠰᠠᠨ ᠢ᠋ᠶ᠋ᠠᠨ ᠳᠤᠪᠳᠤᠨ ᠨᠢ᠄ ᠤᠯᠤᠰ ᠣᠷᠣᠨ ᠳ᠋ᠤ᠌ ᠲᠤᠰᠠᠭᠠᠷ ᠲᠣᠭᠲᠠᠨᠢᠯ᠂ ᠡᠩᠬᠡ ᠠᠮᠤᠭᠤᠯᠠᠩ ᠢ᠋ ᠬᠦᠰᠡᠬᠦ ᠳ᠋ᠡᠭᠡᠨ ᠯᠡ ᠭᠡᠵᠦ ᠬᠡᠯᠡᠬᠦ ᠳ᠋ᠦ᠍ᠨᠢ ᠳ᠋ᠠᠨᠽᠠᠨ᠂ ᠪᠢ ᠴᠦ᠍ ᠪᠠᠰᠠ ᠲᠡᠢᠮᠦ ᠳᠡ ᠭᠡᠪᠡ᠃ 
       — ᠪᠢᠳᠡ ᠴᠤ᠌ ᠪᠠᠰᠠ ᠲᠡᠭᠦᠨ ᠦ᠌ ᠲᠥᠯᠥᠭᠡ ᠭᠡᠳ ᠪᠢᠯᠢᠩᠰᠠᠢᠬᠠᠨ ᠢᠯᠭᠠᠭ᠎ᠠ ᠶ᠋ᠢ ᠭᠠᠷᠭᠠᠵᠤ ᠠᠷᠠᠳ ᠲᠦᠮᠡᠨ ᠳ᠋ᠦ᠍ ᠡᠷᠬᠡ ᠴᠢᠯᠥᠭᠡ ᠶ᠋ᠢ ᠣᠯᠭᠣᠵᠤ ᠬᠥᠮᠦᠨ ᠬᠥᠮᠦᠨ ᠢ᠋ᠶ᠋ᠡᠨ ᠳᠠᠷᠤᠯᠠᠨ ᠮᠥᠯᠵᠢᠬᠦ ᠶᠣᠰᠣ ᠶ᠋ᠢ ᠵᠣᠭᠰᠣᠭᠠᠬᠤ ᠲᠤᠬᠠᠢ ᠥᠭᠦᠯᠡᠭᠡᠳ ᠴᠠᠭᠠᠰᠢ ᠪᠠᠰᠠ ᠬᠤᠪᠢᠰᠬᠠᠯ᠂ ᠯᠧᠨᠢᠨ᠂ ᠤᠯᠠᠭᠠᠨ ᠣᠷᠣᠰ ᠤᠯᠤᠰ᠂ ᠲᠡᠳᠡᠨ ᠦ᠌ ᠵᠣᠷᠢᠯᠭ᠎ᠠ ᠪᠠ ᠲᠤᠰᠠᠯᠠᠮᠵᠢ ᠶ᠋ᠢᠨ ᠲᠤᠬᠠᠢ ᠶᠠᠷᠢᠪᠠ᠃ 
       ᠡᠨᠡ ᠵᠦᠢᠯ ᠳᠤᠪᠳᠤᠨ ᠳ᠋ᠤ᠌ ᠲᠡᠳᠦᠢ ᠯᠡ ᠣᠢᠯᠠᠭᠠᠮᠵᠢ ᠲᠠᠢ ᠪᠢᠰᠢ᠂ ᠣᠢᠯᠠᠭᠠᠪᠠᠴᠤ ᠲᠡᠷᠡ ᠡᠷᠡᠭᠡᠯᠵᠡᠨ᠎ᠡ᠃《ᠠ ᠳᠠ ᠦᠨᠡᠨ ᠪᠣᠯ ᠤᠤ》᠃ ᠦᠭᠡ ᠬᠡᠯᠡ ᠴᠦ᠍ ᠶᠠᠭᠠᠬᠢᠬᠤᠪ᠂ ᠦᠢᠯᠡ ᠶᠠᠪᠤᠳᠠᠯ ᠨᠢ ᠯᠡ ᠦᠨᠡᠨ ᠬᠤᠳᠠᠯ ᠢ᠋ ᠬᠡᠷᠴᠢᠯᠡᠬᠦ ᠰᠢᠦ ᠳᠡ ᠭᠡᠵᠦ ᠳᠣᠲᠣᠷ᠎ᠠ ᠪᠠᠨ ᠪᠠᠬᠠᠨ ᠦᠢᠮᠡᠷᠡᠨ ᠰᠠᠭᠤᠨ᠎ᠠ᠃ ᠳ᠋ᠠᠨᠽᠠᠨ ᠳ᠋ᠤ᠌ ᠭᠡᠪᠡᠯ ᠲᠡᠢᠮᠦ ᠪᠢᠰᠢ᠂ ᠥᠩᠭᠡᠷᠡᠭᠰᠡᠨ ᠵᠢᠯ ᠬᠢᠲᠠᠳ ᠴᠡᠷᠢᠭ ᠦ᠋ᠳ ᠦ᠋ᠨ ᠭᠠᠷ ᠠ᠋ᠴᠠ ᠵᠢᠭᠤᠲᠠᠬᠤ ᠳ᠋ᠤ᠌ ᠲᠠᠭᠠᠷᠠᠯᠳᠤᠭᠰᠠᠨ ᠵᠣᠷᠢᠭᠲᠤ ᠵᠠᠯᠠᠭᠤ ᠨᠠᠢᠵᠢ᠂ ᠲᠡᠭᠦᠨ ᠦ᠌ ᠬᠦᠩ ᠴᠡᠨ ᠳ᠋ᠠᠩ ᠭᠡᠮᠡᠨ ᠮᠠᠰᠢ ᠰᠠᠢᠬᠠᠨ ᠢ᠋ ᠶᠠᠷᠢᠭᠰᠠᠨ ᠨᠢ ᠰᠠᠶᠢ ᠣᠢᠯᠠᠭᠠᠭᠳᠠᠬᠤ ᠪᠠᠢᠭ᠎ᠠ ᠪᠥᠭᠡᠳ᠂ ᠠᠱ᠌ᠢᠭᠦᠢ ᠡᠨᠡ ᠠᠷᠠᠳ ᠤ᠋ᠨ ᠨᠠᠮ ᠲᠡᠷᠡ ᠬᠦᠩ ᠴᠡᠨ ᠳ᠋ᠠᠩ ᠲᠠᠢ ᠨᠥᠬᠥᠷᠯᠡᠵᠡᠢ ᠭᠡᠵᠦ ᠪᠠᠶᠠᠷᠯᠠᠪᠠ᠃ 
       ᠪᠢᠯᠢᠩᠰᠠᠢᠬᠠᠨ ᠶᠠᠷᠢᠶᠠᠨ ᠤ᠋ ᠪᠠᠨ ᠲᠡᠭᠦᠰᠬᠡᠯ ᠳ᠋ᠦ᠍ ᠪᠷᠤᠨ ᠤᠩᠬᠧᠷᠠᠨ ᠤ᠋ ᠬᠣᠣᠷ ᠬᠥᠨᠥᠭᠡᠯ ᠢ᠋ ᠲᠠᠨᠢᠯᠴᠠᠭᠤᠯᠤᠭᠠᠳ᠂ ᠣᠳᠣ ᠲᠠ ᠨᠠᠷ ᠮᠠᠨ ᠤ᠋ ᠠᠷᠠᠳ ᠤ᠋ᠨ ᠵᠢᠷᠤᠮᠲᠤ ᠴᠡᠷᠢᠭ ᠲᠦ᠍ ᠡᠯᠰᠡᠨ᠎ᠡ ᠤᠤ᠂ ᠶᠠᠭᠠᠬᠢᠨ᠎ᠠ ᠳᠤᠷ᠎ᠠ ᠪᠠᠷ ᠢ᠋ᠶ᠋ᠠᠨ ᠪᠣᠯ᠃ ᠭᠠᠭᠴᠠᠬᠠᠨ ᠵᠠᠬᠢᠬᠤ ᠶᠠᠭᠤᠮ᠎ᠠ᠂ ᠬᠠᠨᠢ ᠳᠠᠢᠰᠤᠨ ᠬᠣᠶᠠᠷ ᠢ᠋ᠶ᠋ᠠᠨ ᠲᠠᠨᠢᠵᠤ ᠴᠢᠩ ᠰᠢᠳᠤᠷᠭᠤ ᠶ᠋ᠢ ᠯᠡ ᠪᠠᠷᠢᠭᠠᠷᠠᠢ! ᠭᠡᠯ᠎ᠡ᠃ 
       ᠨᠥᠭᠦᠭᠡ ᠬᠣᠶᠠᠷ ᠨᠢᠭᠡ ᠬᠡᠰᠡᠭ ᠲᠡᠭᠡᠨ ᠳᠠᠭᠤ ᠦᠭᠡᠢ ᠰᠠᠭᠤᠪᠠ᠃ ᠳ᠋ᠠᠨᠽᠠᠨ ᠨᠥᠬᠥᠷ ᠦ᠋ᠨ ᠢ᠋ᠶ᠋ᠡᠨ ᠠᠮᠠ ᠶ᠋ᠢ ᠬᠠᠷᠠᠪᠠ᠃ ᠨᠥᠬᠥᠷ ᠨᠢ ᠬᠠᠷᠢᠭᠤ ᠬᠠᠷᠠᠬᠤ ᠲᠤᠯᠠ᠄ 
       — ᠵᠠ ᠪᠢ ᠴᠡᠷᠢᠭ ᠲᠦ᠍ ᠡᠯᠰᠡᠶ᠎ᠡ᠃ ᠭᠠᠭᠴᠠᠬᠠᠨ ᠭᠤᠶᠤᠬᠤ ᠶᠠᠭᠤᠮ᠎ᠠ ᠲᠠ ᠲᠡᠢᠨ ᠳᠠᠭᠤᠰᠤᠮᠠᠭᠴᠠ ᠨᠠᠮᠠᠶ᠋ᠢ ᠰᠤᠯᠠᠯᠠᠵᠤ ᠦᠵᠡᠭᠡᠷᠡᠢ! 
       — ᠲᠡᠷᠡ ᠪᠣᠯᠤᠨ᠎ᠠ᠃ 
       — ᠪᠢ ᠬᠠᠷᠢᠬᠤ ᠶ᠋ᠢ ᠬᠦᠰᠡᠵᠦ ᠪᠠᠢᠨ᠎ᠠ ᠭᠡᠵᠦ ᠳᠤᠪᠳᠤᠨ ᠥᠭᠦᠯᠡᠨ ᠠᠮᠢᠰᠬᠤᠭᠠᠳᠠᠭᠰᠠᠨ ᠢ᠋ᠶ᠋ᠠᠨ᠂ ᠣᠷᠣᠨ ᠭᠡᠷ ᠮᠠᠨᠢ ᠬᠣᠯᠠ᠂ ᠡᠪᠦᠯ ᠮᠠᠰᠢ ᠬᠠᠲᠠᠭᠤ ᠥᠩᠭᠡᠷᠡᠵᠦ ᠬᠡᠳᠦᠨ ᠮᠠᠯ ᠢ᠋ᠶ᠋ᠠᠨ ᠪᠠᠷᠠᠭᠰᠠᠨ᠃ ᠲᠡᠳᠡᠨ ᠢ᠋ ᠪᠡᠨ ᠡᠷᠲᠡᠬᠡᠨ ᠣᠴᠢᠵᠤ ᠬᠤᠳᠠᠯ ᠦᠭᠡᠢ ᠲᠤᠩ ᠪᠣᠯᠬᠤ ᠦᠭᠡᠢ ᠪᠠᠢᠨ᠎ᠠ᠃ 
       — ᠲᠡᠷᠡ ᠴᠦ᠍ ᠪᠣᠯᠤᠨ᠎ᠠ᠃ ᠭᠠᠭᠴᠠᠬᠠᠨ ᠴᠢ ᠡᠨᠳᠡ ᠡᠴᠡ ᠭᠠᠷᠤᠭᠰᠠᠭᠠᠷ ᠪᠠᠷᠤᠨ ᠤ᠋ ᠬᠢᠨ ᠳ᠋ᠦ᠍ ᠪᠠᠷᠢᠭᠳᠠᠨ ᠨᠢᠭᠡ ᠪᠣᠯ ᠠᠯᠠᠭᠳᠠᠭ᠎ᠠ ᠡᠰᠡᠪᠡᠯ ᠳᠠᠬᠢᠨ ᠪᠢᠳᠡᠨ ᠲᠡᠢ ᠲᠤᠯᠤᠯᠳᠤᠬᠤ ᠪᠠᠷ ᠢᠷᠡᠬᠦ ᠳ᠋ᠦ᠍ ᠬᠦᠷᠬᠦ ᠪᠢᠰᠢ ᠤᠤ? 
       — ᠠ ᠡᠵᠡᠨᠲᠡᠨ ᠮᠢᠨᠢ ᠪᠢ ᠪᠠᠷᠢᠭᠳᠠᠬᠤ ᠦᠭᠡᠢ᠂ ᠦᠨᠡᠨ ᠢ᠋ ᠬᠡᠯᠡᠬᠦ ᠳ᠋ᠦ᠍ ᠪᠢ ᠭᠠᠭᠴᠠᠭᠠᠷ ᠢ᠋ᠶ᠋ᠠᠨ ᠭᠦᠶᠦᠯᠭᠡᠨ ᠭᠠᠵᠠᠷ ᠨᠤᠲᠤᠭ ᠪᠣᠯᠭᠠᠨ ᠢ᠋ᠶ᠋ᠠᠷ ᠰᠥᠨᠢ ᠡᠳᠦᠷ ᠦᠭᠡᠢ ᠶᠠᠪᠤᠵᠤ ᠰᠤᠷᠤᠭᠰᠠᠨ ᠬᠥᠮᠦᠨ᠃ 
       — ᠦᠭᠡᠢ ᠲᠡᠭᠡᠪᠡᠯ ᠴᠢ ᠡᠨᠳᠡ ᠡᠴᠡ ᠳᠥᠩᠭᠡᠵᠦ ᠭᠠᠷᠤᠩᠭᠤᠲᠠ ᠠᠮᠢᠲᠠᠨ ᠤ᠋ ᠮᠣᠷᠢᠳ ᠳᠣᠭᠰᠢᠨ ᠭᠠᠢ ᠳᠠᠷᠢᠨ ᠶᠠᠪᠤᠬᠤ ᠬᠥᠮᠦᠨ ᠰᠢᠪ? ᠭᠡᠵᠦ ᠰᠣᠴᠢᠨ ᠥᠭᠦᠯᠡᠬᠦ ᠳ᠋ᠦ᠍᠄ 
       — ᠠᠱ᠌ᠢ ᠡᠵᠡᠨ ᠮᠢᠨᠢ ᠦᠭᠡᠢ᠂ ᠶᠡᠷᠦᠨᠢ ᠬᠣᠢᠰᠢᠳᠠ ᠪᠠᠨ ᠵᠦᠭᠡᠷ ᠮᠥᠷ ᠢ᠋ᠶ᠋ᠡᠷ ᠢ᠋ᠶ᠋ᠡᠨ ᠶᠠᠪᠤᠳᠠᠭ ᠬᠥᠮᠦᠨ ᠪᠣᠯᠬᠤ ᠪᠠᠨ ᠲᠠᠩᠭᠠᠷᠢᠭᠯᠠᠶ᠎ᠠ᠃ ᠭᠠᠭᠴᠠᠬᠠᠨ ᠲᠠ ᠣᠳᠣ ᠮᠢᠨᠦ ᠡᠮᠡᠭᠡᠯ ᠬᠠᠵᠠᠭᠠᠷᠲᠤ ᠮᠣᠷᠢ ᠶ᠋ᠢ ᠵᠢᠰᠦᠮ ᠢ᠋ᠶ᠋ᠡᠷ ᠨᠢ ᠣᠯᠭᠣᠵᠤ ᠬᠠᠢᠷᠠᠯᠠ! 
       — ᠲᠡᠷᠡ ᠴᠦ᠍ ᠪᠣᠯᠤᠨ᠎ᠠ᠃ ᠭᠠᠭᠴᠠᠬᠠᠨ ᠵᠠᠬᠢᠬᠤ ᠮᠢᠨᠢ᠂ ᠠ᠋ ᠳᠠ ᠨᠥᠬᠥᠳ ᠬᠠᠨᠢ ᠳᠠᠢᠰᠤᠨ ᠬᠣᠶᠠᠷ ᠢ᠋ᠶ᠋ᠠᠨ ᠲᠠᠨᠢᠬᠤ᠂ ᠲᠦᠪᠰᠢᠨ ᠰᠢᠳᠤᠷᠭᠤ ᠶ᠋ᠢ ᠪᠠᠷᠢᠬᠤ ᠡᠨᠡ ᠬᠣᠶᠠᠷ ᠯᠠ ᠪᠠᠢᠨ᠎ᠠ ᠰᠢᠦ ᠳᠡ᠃ 
       ᠬᠣᠶᠠᠭᠤᠯᠠ ᠪᠠᠨ ᠲᠡᠨᠳᠡ ᠡᠴᠡ ᠭᠠᠷᠪᠠ᠃ 
       ᠳ᠋ᠠᠨᠽᠠᠨ ᠴᠡᠷᠢᠭ ᠦ᠋ᠨ ᠪᠠᠢᠷᠢ ᠤᠷᠤᠭᠤ ᠶᠠᠪᠤᠯ᠎ᠠ᠃ ᠰᠡᠳᠬᠢᠯ ᠦ᠋ᠨ ᠪᠠᠢᠳᠠᠯ ᠶᠡᠷᠦ ᠲᠠᠪᠠᠲᠠᠢ ᠪᠢᠰᠢ᠂ ᠳᠤᠪᠳᠤᠨ ᠤ᠋ ᠪᠠᠨ ᠬᠠᠮᠲᠤ ᠴᠡᠷᠢᠭ ᠲᠦ᠍ ᠡᠯᠰᠡᠨ᠎ᠡ ᠪᠠᠢᠬᠤ ᠭᠡᠵᠦ ᠢᠲᠡᠭᠡᠭᠰᠡᠨ ᠢᠲᠡᠭᠡᠯ ᠲᠠᠯᠠᠭᠠᠷ ᠪᠣᠯᠤᠭᠰᠠᠨ ᠤ᠋ ᠳᠡᠭᠡᠷ᠎ᠡ ᠣᠳᠣ ᠢᠩᠭᠢᠭᠡᠳ ᠲᠠᠭ ᠲᠠᠨᠢᠬᠤ ᠦᠭᠡᠢ ᠬᠥᠮᠦᠰ ᠦ᠋ᠨ ᠳᠤᠮᠳᠠ ᠭᠠᠭᠴᠠᠭᠠᠷ ᠢ᠋ᠶ᠋ᠠᠨ ᠣᠷᠣᠬᠤ ᠪᠣᠯᠤᠯ᠎ᠠ ᠰᠢᠪ ᠳᠡ ᠭᠡᠰᠡᠨ ᠪᠣᠳᠣᠯ ᠳ᠋ᠤ᠌ ᠳᠠᠷᠤᠭᠳᠠᠬᠤ ᠠᠵᠢ᠃ ᠬᠠᠵᠠᠭᠤ ᠳ᠋ᠤᠨᠢ ᠳᠤᠪᠳᠤᠨ ᠪᠠᠰᠠ ᠴᠤ᠌ ᠲᠠᠪᠠᠲᠠᠢ ᠪᠢᠰᠢ᠂ ᠨᠥᠬᠥᠷ ᠦ᠋ᠨ ᠴᠢᠷᠠᠢ ᠭᠣᠮᠣᠳᠠᠭᠰᠠᠨ ᠭᠤᠳᠤᠷᠠᠭᠰᠠᠨ ᠬᠣᠶᠠᠷ ᠲᠤ ᠢᠯᠡᠳᠲᠡ ᠳᠠᠷᠤᠭᠳᠠᠭᠰᠠᠨ ᠳ᠋ᠤ᠌ ᠵᠣᠪᠠᠭᠤᠷᠢᠯᠠᠨ᠎ᠠ᠃ 
       — ᠨᠥᠬᠥᠷ ᠮᠢᠨᠢ ᠪᠢ ᠨᠥᠭᠦᠭᠡ ᠮᠠᠭᠤ ᠨᠥᠬᠥᠷ ᠦ᠋ᠨ ᠠᠳᠠᠯᠢ ᠴᠢᠮᠠᠶ᠋ᠢ ᠬᠠᠶᠠᠨ ᠠᠯᠠᠭ᠎ᠠ ᠪᠣᠯᠵᠤ ᠪᠠᠢᠭ᠎ᠠ ᠪᠢᠰᠢ᠂ ᠰᠢᠷᠦᠭᠦᠨ ᠪᠠᠭᠠᠲᠤᠷ ᠲᠠᠯᠢᠢᠭᠴᠢ ᠪᠠᠨ ᠴᠦ᠍ ᠴᠢᠮ᠎ᠠ ᠲᠠᠢ ᠬᠠᠮᠲᠤ ᠰᠠᠢᠬᠠᠨ ᠣᠷᠣᠰᠢᠭᠤᠯᠤᠭᠰᠠᠨ᠃ ᠢᠩᠭᠢᠬᠦᠯᠡᠷ ᠴᠢ ᠨᠠᠳᠠ ᠭᠣᠮᠣᠳᠠᠬᠤ ᠶᠠᠪᠤᠳᠠᠯ ᠦᠭᠡᠢ ᠪᠢᠵᠡ ᠳᠡ ᠭᠡᠬᠦ ᠳ᠋ᠦ᠍ᠨᠢ ᠳ᠋ᠠᠨᠽᠠᠨ ᠡᠰᠡ ᠳᠤᠤᠭᠠᠷᠪᠠ᠃ 
       — ᠪᠢ ᠴᠢᠮ᠎ᠠ ᠲᠠᠢ ᠠᠳᠠᠯᠢ ᠡᠳᠡᠨ ᠦ᠌ ᠴᠡᠷᠢᠭ ᠲᠦ᠍ ᠡᠯᠰᠡᠪᠡᠯ ᠡᠯᠰᠡᠮᠡᠷ ᠯᠡ ᠪᠠᠢᠨ᠎ᠠ᠃ ᠭᠠᠭᠴᠠᠬᠠᠨ ᠪᠢ ᠭᠡᠷ ᠲᠡᠭᠡᠨ ᠨᠢᠭᠡ ᠠᠢᠯ ᠤ᠋ᠨ ᠬᠡᠦᠬᠡᠨ ᠪᠤᠰᠬᠠᠨ ᠠᠪᠴᠢᠷᠠᠭᠠᠳ ᠲᠡᠭᠦᠨ ᠢ᠋ᠶ᠋ᠡᠨ ᠲᠠᠪᠠᠲᠠᠢ ᠡᠪᠦᠷᠯᠡᠨ ᠤᠨᠲᠠᠵᠤ ᠴᠤ᠌ ᠠᠮᠵᠢᠯ ᠦᠭᠡᠢ ᠪᠠᠷᠤᠨ ᠤ᠋ ᠴᠡᠷᠢᠭ ᠲᠦ᠍ ᠪᠠᠷᠢᠭᠳᠠᠭᠰᠠᠨ ᠬᠥᠮᠦᠨ ᠰᠢᠦ᠃ ᠦᠭᠡᠢ ᠶᠠᠳᠠᠵᠤ ᠮᠢᠨᠦ ᠡᠵᠢ ᠭᠡᠵᠦ ᠠᠷᠪᠠᠨ ᠠᠮᠠᠳᠠᠨ ᠭᠡᠵᠦ ᠠᠯᠳᠠᠷᠰᠢᠭᠰᠠᠨ ᠨᠢᠭᠡ ᠠᠢᠬᠤᠪᠲᠤᠷ ᠴᠢᠪᠠᠭᠠᠨᠴᠠ ᠪᠠᠢᠳᠠᠭ ᠢ᠋ ᠶᠠᠭᠠᠬᠢᠨ᠎ᠠ᠃  
       ᠳ᠋ᠠᠨᠽᠠᠨ ᠮᠥᠨ ᠯᠡ ᠳᠤᠤᠭᠠᠷᠤᠯ ᠦᠭᠡᠢ ᠶᠠᠪᠤᠭᠰᠠᠭᠠᠷ ᠴᠡᠷᠢᠭ ᠦ᠋ᠨ ᠪᠠᠢᠷᠢᠨ ᠤ᠋ ᠳᠡᠷᠭᠡᠳᠡ ᠢᠷᠡᠭᠡᠳ᠂ 
       — ᠵᠠ ᠴᠢ ᠪᠤᠴᠠ᠂ ᠲᠡᠷᠡ ᠡᠮᠡᠭᠡᠯ ᠬᠠᠵᠠᠭᠠᠷᠲᠤ ᠮᠣᠷᠢ ᠪᠠᠨ ᠡᠷᠲᠡᠬᠡᠨ ᠣᠯᠵᠤ ᠠᠪᠤᠭᠠᠳ ᠶᠠᠪᠤᠬᠤ ᠵᠠᠮ ᠢ᠋ᠶ᠋ᠠᠨ ᠬᠥᠬᠡᠭᠡ! ᠭᠡᠬᠦ ᠳ᠋ᠦ᠍ ᠳᠤᠪᠳᠤᠨ《ᠵᠠ》 ᠭᠡᠳ ᠪᠦᠰᠡᠯᠡᠭᠰᠡᠨ ᠳ᠋ᠠᠢᠵᠠ ᠲᠠᠢ ᠰᠤᠮᠤ ᠪᠠᠨ ᠠᠪᠤᠨ ᠡᠮᠦᠨ᠎ᠡ ᠨᠢ ᠪᠠᠷᠢᠵᠤ《ᠮᠠᠢ᠂ ᠣᠳᠣ ᠡᠨᠡ ᠯᠡ ᠴᠢᠮ᠎ᠠ ᠳ᠋ᠤ᠌ ᠬᠡᠷᠡᠭᠲᠡᠢ》 ᠭᠡᠪᠡ᠃