ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠠᠷᠪᠠᠨ ᠳᠥᠷᠪᠡ > Хүлэг баатар буурч - Б. Өлзийсүрэн <Тэргүүн бүлэг-14>
ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ
ᠠᠷᠪᠠᠨ ᠳᠥᠷᠪᠡ
ᠠᠷᠪᠠᠨ ᠳᠥᠷᠪᠡ
ᠣᠷᠴᠢᠯᠠᠩ ᠤ᠋ᠨ ᠵᠢᠷᠭᠠᠯ ᠢ᠋
ᠣᠯᠵᠤ ᠡᠳ᠋ᠯᠡᠬᠦ ᠠᠮᠤᠷ ᠦᠭᠡᠢ᠂
ᠣᠯᠬᠤ ᠴᠤ᠌ ᠪᠣᠢ᠂ ᠠᠯᠳᠠᠬᠤ ᠴᠤ᠌ ᠪᠣᠢ
ᠣᠯᠳᠠᠬᠤ ᠠ᠋ᠴᠠ ᠪᠠᠨ ᠠᠯᠳᠠᠬᠤ ᠨᠢ ᠶᠡᠬᠡ
ᠳᠤᠮᠳᠠ ᠲᠠᠷᠭᠤᠨ ᠤ᠋ ᠬᠣᠢᠲᠤ ᠲᠤᠯᠤᠭᠠᠳ ᠤ᠋ᠨ ᠬᠠᠵᠠᠭᠤ ᠨᠠᠯᠠᠤ ᠡᠩᠭᠡᠷ ᠲᠦ᠍ ᠭᠠᠬᠠᠢ ᠴᠠᠭ ᠠ᠋ᠴᠠ ᠬᠤᠯᠤᠭᠠᠨ᠎ᠠ ᠴᠠᠭ ᠰᠢᠯᠵᠢᠬᠦ ᠰᠥᠨᠢ ᠶ᠋ᠢᠨ ᠬᠠᠷᠠᠩᠭᠤᠢ ᠪᠠᠷ ᠭᠤᠷᠪᠠᠨ ᠲᠤᠯᠭᠠᠭᠤᠷᠢ ᠪᠠᠷ ᠪᠣᠰᠬᠠᠭᠰᠠᠨ ᠣᠷᠣᠴᠠ ᠮᠠᠶᠢᠭ ᠤ᠋ᠨ ᠣᠪᠣᠬᠠᠢ ᠳᠤᠮᠳᠠ ᠬᠠᠭᠤᠷᠠᠢ ᠠᠷᠭᠠᠯ᠂ ᠪᠤᠷᠭᠠᠰᠤ᠂ ᠮᠣᠳᠣ᠂ ᠬᠣᠯᠢᠨ ᠥᠷᠥᠵᠦ ᠠᠰᠠᠭᠠᠭᠰᠠᠨ ᠭᠠᠯ ᠣᠴᠢ ᠥᠰᠥᠷᠬᠡᠨ ᠴᠠᠳ᠋ ᠫᠠᠳ᠋ ᠬᠢᠨ ᠳᠦᠷᠡᠯᠵᠡᠨ᠎ᠡ᠃ ᠥᠳᠬᠡᠨ ᠰᠠᠬᠠᠯ ᠦᠰᠦᠲᠡᠢ᠂ ᠳᠤᠮᠳᠠ ᠵᠡᠷᠭᠡ ᠶ᠋ᠢᠨ ᠨᠠᠰᠤᠨ ᠤ᠋ ᠶᠠᠩᠬᠢᠷᠳᠠᠭᠤ ᠡᠷ᠎ᠡ ᠭᠠᠯ ᠲᠣᠭᠣᠷᠢᠨ ᠪᠥᠵᠢᠵᠦ ᠴᠠᠮᠨᠠᠬᠤ ᠳᠦᠷᠢ ᠦᠵᠡᠭᠦᠯᠦᠨ ᠡᠮᠦᠨ᠎ᠡ ᠨᠢ ᠢᠷᠡᠵᠦ ᠪᠥᠬᠥᠢᠨ ᠶᠣᠰᠣᠯᠠᠭᠠᠳ ᠬᠠᠵᠠᠭᠤ ᠳ᠋ᠤᠨᠢ ᠲᠠᠯᠪᠢᠭᠰᠠᠨ ᠪᠣᠭᠣᠨᠢᠬᠠᠨ ᠳᠠᠮᠨᠠᠭᠤᠷᠭ᠎ᠠ ᠲᠠᠢ ᠪᠥᠭᠡᠷᠡᠩᠬᠡᠢ ᠴᠠᠭᠠᠨ ᠶᠠᠭᠤᠮ᠎ᠠ ᠨᠢᠭᠡᠨ ᠵᠠᠯᠠᠭᠤ ᠶ᠋ᠢᠨ ᠬᠠᠮᠲᠤ ᠬᠣᠶᠠᠷ ᠲᠠᠯ᠎ᠠ ᠠ᠋ᠴᠠ ᠨᠢ ᠡᠷᠭᠦᠵᠦ ᠭᠠᠯ ᠤ᠋ᠨ ᠡᠮᠦᠨ᠎ᠡ ᠪᠠᠢᠷᠢᠯᠠᠭᠤᠯᠤᠨ ᠦᠷᠦᠭᠰᠡᠨ ᠮᠣᠳᠣᠨ ᠲᠠᠪᠴᠠᠩ ᠳᠡᠭᠡᠷ᠎ᠡ ᠲᠠᠯᠪᠢᠵᠤ ᠡᠨᠳᠡ ᠲᠡᠨᠳᠡ ᠨᠢ ᠪᠠᠷᠢᠵᠤ ᠲᠡᠮᠲᠡᠴᠢᠨ ᠦᠵᠡᠭᠡᠳ ᠬᠢᠲᠤᠭ᠎ᠠ ᠪᠠᠷ ᠠᠶᠤᠮᠰᠢᠭᠲᠠᠢ ᠰᠡᠢᠴᠢᠨ ᠣᠭᠲᠣᠴᠢᠵᠤ᠂ ᠳᠦᠷᠡᠯᠵᠡᠨ ᠠᠰᠠᠵᠤ ᠪᠣᠢ ᠭᠠᠯ ᠤ᠋ᠨ ᠳᠤᠮᠳᠠ ᠰᠢᠷᠭᠤᠭᠤᠯᠤᠨ ᠳᠡᠭᠡᠷ᠎ᠡ ᠡᠴᠡ ᠨᠢ ᠰᠢᠷ᠎ᠠ ᠲᠣᠰᠣ ᠰᠠᠴᠤᠬᠤ ᠳ᠋ᠤ᠌ ᠭᠠᠯ ᠪᠦᠷ ᠰᠦᠷᠲᠡᠢ ᠳᠦᠷᠡᠯᠵᠡᠨ ᠪᠠᠳᠠᠷᠠᠬᠤ ᠠᠪᠠᠢ᠃
ᠳᠠᠪ ᠳᠠᠪ ᠭᠡᠰᠡᠨ ᠣᠭᠵᠣᠮ ᠬᠥᠳᠡᠯᠭᠡᠭᠡᠨ ᠲᠡᠢ᠂ ᠡᠨᠡ ᠬᠠᠷ᠎ᠠ ᠬᠥᠮᠦᠨ ᠪᠣᠯ ᠨᠤᠲᠤᠭ ᠤ᠋ᠨ ᠶᠠᠰᠤᠴᠢᠨ᠃ ᠠᠮᠢᠳᠤ ᠠ᠋ᠴᠠ ᠦᠬᠦᠭᠰᠡᠨ ᠢ᠋ ᠵᠠᠢᠯᠠᠭᠤᠯᠵᠤ᠂ ᠨᠤᠲᠤᠭᠯᠠᠭᠤᠯᠵᠤ ᠪᠣᠳᠢ ᠶ᠋ᠢ ᠨᠢ ᠬᠥᠲᠥᠯᠳᠡᠭ ᠨᠢᠭᠡ ᠶᠣᠰᠣᠨ ᠤ᠋ ᠪᠥᠬᠡ ᠶᠦᠮ᠃ ᠲᠡᠭᠦᠨ ᠢ᠋ ᠬᠡᠷᠦᠯᠦᠨᠵᠢᠨ ᠦ᠌ ᠨᠠᠰᠤ ᠪᠠᠷᠠᠭᠰᠠᠨ ᠤ᠋ ᠮᠠᠷᠭᠠᠰᠢ ᠡᠳᠦᠷ ᠡᠴᠢᠭᠡ ᠨᠢ ᠶᠠᠪᠤᠵᠤ ᠵᠠᠯᠠᠵᠤ ᠢᠷᠡᠪᠡ᠃ ᠥᠩᠭᠡᠷᠡᠬᠦ ᠰᠥᠨᠢ ᠪᠣᠭᠣᠷᠴᠢ ᠵᠡᠭᠦᠨ ᠭᠡᠷ ᠲᠦ᠍ ᠵᠠᠯᠠᠭᠰᠠᠨ ᠴᠣᠭᠴᠠᠨ ᠤ᠋ ᠳᠡᠷᠭᠡᠳᠡ ᠬᠦᠵᠢ᠂ ᠠᠷᠴᠠ ᠠᠰᠠᠭᠠᠨ ᠰᠠᠬᠢᠵᠤ ᠬᠣᠨᠣᠭᠠᠳ ᠥᠷᠯᠥᠭᠡ ᠨᠢ ᠭᠠᠷᠴᠤ ᠭᠠᠳᠠᠭᠤᠷ ᠳᠣᠲᠣᠭᠤᠷ ᠬᠢ ᠠᠵᠢᠯ ᠶᠠᠪᠤᠳᠠᠯ ᠳ᠋ᠤ᠌ ᠣᠷᠣᠯᠴᠠᠨ ᠪᠠᠢᠪᠠ᠃ ᠶᠠᠰᠤᠴᠢᠨ ᠢᠷᠡᠮᠡᠭᠴᠡ ᠪᠦᠭᠦᠳᠡ ᠭᠡᠷ ᠲᠦ᠍ ᠴᠤᠭᠯᠠᠷᠠᠵᠤ᠂ ᠴᠠᠢ ᠬᠣᠭᠣᠯᠠ ᠢᠳᠡᠵᠦ ᠤᠤᠭᠤᠬᠤ ᠵᠠᠭᠤᠷ᠎ᠠ ᠶᠠᠰᠤᠴᠢᠨ ᠲᠡᠷᠡ ᠬᠥᠮᠦᠨ ᠲᠠᠯᠢᠢᠭᠴᠢ ᠶ᠋ᠢᠨ ᠨᠠᠰᠤ᠂ ᠲᠥᠷᠥᠭᠰᠡᠨ ᠭᠠᠷᠠᠭ᠂ ᠪᠣᠷᠳᠣᠨ ᠢ᠋ ᠠᠰᠠᠭᠤᠵᠤ ᠥᠪᠡᠷᠦᠨ ᠮᠡᠷᠭᠡ ᠶ᠋ᠢᠨ ᠵᠢᠮᠰᠡᠭ ᠵᠣᠭᠣᠰ ᠭᠠᠷᠭᠠᠵᠤ ᠰᠢᠪᠰᠢᠨ ᠲᠠᠲᠠᠭᠠᠳ᠄
— ᠪᠤᠩᠬᠤᠯᠠᠬᠤ᠂ ᠠᠪᠰᠠᠯᠠᠬᠤ᠂ ᠴᠢᠨᠳᠠᠷᠯᠠᠬᠤ᠂ ᠢᠯᠡ ᠵᠠᠳᠠᠭᠠᠢ ᠲᠠᠯᠪᠢᠬᠤ ᠣᠯᠠᠨ ᠶᠣᠰᠣ ᠪᠠᠢᠳᠠᠭ᠃ ᠡᠨᠡ ᠥᠬᠢᠨ ᠢ᠋ ᠭᠠᠯ ᠳ᠋ᠤ᠌ ᠡᠷᠭᠦᠵᠦ ᠴᠢᠨᠳᠠᠷᠯᠠᠬᠤ ᠨᠢ ᠵᠣᠬᠢᠰᠲᠠᠢ ᠭᠡᠵᠦ ᠮᠢᠨᠦ ᠳᠥᠯᠭᠡᠨ ᠳ᠋ᠦ᠍ ᠪᠠᠭᠤᠪᠠ᠃ ᠶᠠᠭᠠᠬᠢᠬᠤ ᠪᠣᠢ? ᠪᠣᠯᠬᠤ ᠤᠤ? ᠭᠡᠮᠡᠨ ᠠᠰᠠᠭᠤᠪᠠ᠃
— ᠪᠣᠯᠤᠯ ᠦᠭᠡᠢ ᠶᠠᠭᠠᠬᠢᠬᠤᠪ᠂ ᠪᠣᠯᠤᠯ ᠦᠭᠡᠢ ᠶᠠᠭᠠᠬᠢᠬᠤᠪ ᠭᠡᠵᠦ ᠡᠴᠢᠭᠡ ᠡᠬᠡ ᠵᠡᠷᠭᠡ ᠬᠡᠯᠡᠭᠡᠳ ᠡᠬᠡ ᠨᠠᠮᠤᠭᠤᠨ᠄
— ᠬᠥᠭᠡᠷᠦᠬᠦᠢ ᠮᠠᠭᠤ ᠥᠬᠢᠨ ᠮᠢᠨᠢ ᠬᠤᠪᠢ ᠵᠠᠶᠠᠭᠠᠲᠠᠢ ᠬᠥᠮᠦᠨ ᠪᠠᠢᠵᠤ ᠳᠠ᠂ ᠭᠠᠯ ᠬᠦᠯᠦᠭᠯᠡᠨ ᠮᠥᠩᠬᠡ ᠲᠩᠷᠢ ᠳ᠋ᠡᠭᠡᠨ ᠣᠴᠢᠬᠤ ᠭᠡᠳᠡᠭ ᠬᠥᠮᠦᠨ ᠪᠦᠷᠢ ᠳ᠋ᠦ᠍ ᠲᠣᠬᠢᠶᠠᠯᠳᠤᠬᠤ ᠦᠭᠡᠢ ᠪᠢᠵᠡ ᠳᠡ ᠭᠡᠪᠡ᠃
ᠶᠠᠰᠤᠴᠢᠨ᠄
— ᠪᠢ ᠲᠡᠮᠦᠷᠴᠢ ᠲᠡᠢ ᠶᠠᠪᠤᠵᠤ ᠭᠠᠵᠠᠷ ᠦᠵᠡᠵᠦ ᠴᠢᠯᠠᠭᠤ ᠲᠠᠯᠪᠢᠨ᠎ᠠ᠃ ᠬᠣᠶᠠᠷ ᠭᠤᠷᠪᠠᠨ ᠬᠥᠮᠦᠨ ᠪᠢᠳᠡ ᠬᠣᠶᠠᠷ ᠲᠠᠢ ᠶᠠᠪᠤᠵᠤ᠂ ᠦᠬᠡᠷ ᠦ᠋ᠨ ᠬᠤᠷ ᠠᠷᠭᠠᠯ ᠭᠤᠷᠪᠠᠨ ᠰᠢᠭᠤᠳᠠᠢ᠂ ᠬᠠᠲᠠᠭᠰᠠᠨ ᠪᠤᠷᠭᠠᠰᠤ ᠳᠥᠷᠪᠡ ᠡᠴᠡ ᠲᠠᠪᠤᠨ ᠰᠢᠭᠤᠳᠠᠢ ᠠᠪᠠᠴᠢᠵᠤ ᠪᠠᠭᠤᠯᠭ᠎ᠠ᠃ ᠬᠦᠷᠵᠡ ᠠᠪᠴᠤ ᠶᠠᠪᠤᠭᠠᠷᠠᠢ ᠭᠡᠵᠦ ᠵᠢᠭᠠᠪᠤᠷᠢᠯᠠᠭᠠᠳ ᠲᠡᠳᠡ ᠶᠠᠪᠤᠵᠠᠭᠠᠯ᠎ᠠ᠃
ᠲᠡᠳᠡ ᠡᠢᠨᠬᠦ ᠲᠠᠪᠤᠭᠤᠯᠠ ᠶᠠᠪᠤᠭᠰᠠᠨ ᠤ᠋ ᠳᠣᠲᠣᠷ᠎ᠠ ᠪᠣᠭᠤᠷᠴᠢ ᠣᠷᠣᠯᠴᠠᠵᠠᠢ᠃ ᠬᠥᠮᠦᠨ ᠨᠤᠲᠤᠭᠯᠠᠭᠤᠯᠳᠠᠭ ᠵᠡᠯᠢᠭᠦᠳ ᠲᠡᠷᠡ ᠭᠠᠵᠠᠷ ᠶᠠᠰᠤᠴᠢᠨ ᠳᠠᠯᠠᠢᠭᠴᠢ ᠶ᠋ᠢᠨ ᠡᠴᠢᠭᠡ ᠲᠡᠢ ᠨᠢ ᠬᠣᠢᠲᠤ ᠤᠷᠢᠳᠤ ᠠᠭᠤᠯᠠ ᠣᠪᠣᠭ᠎ᠠ᠂ ᠣᠨᠢ ᠬᠥᠲᠥᠯ ᠢ᠋ ᠰᠢᠨᠵᠢᠯᠡᠨ ᠶᠠᠷᠢᠵᠤ ᠬᠡᠯᠡᠯᠴᠡᠭᠡᠳ ᠨᠢᠭᠡᠨ ᠭᠠᠵᠠᠷ ᠢ᠋ ᠰᠣᠩᠭᠣᠵᠤ ᠲᠡᠨᠳᠡ ᠥᠩᠭᠡᠷᠡᠭᠰᠡᠨ ᠵᠢᠯ ᠦ᠋ᠨ ᠥᠯᠥᠨ ᠴᠠᠭᠠᠨ ᠡᠪᠡᠰᠦ ᠶ᠋ᠢ ᠬᠠᠮᠤᠵᠤ᠂ ᠭᠡᠷ ᠦ᠋ᠨ ᠪᠠᠭᠤᠷᠢ ᠬᠡᠯᠪᠡᠷᠢ ᠶ᠋ᠢᠨ ᠳᠤᠭᠤᠢ ᠲᠣᠭᠣᠷᠢᠭ ᠭᠠᠷᠭᠠᠵᠤ ᠴᠡᠪᠡᠷᠯᠡᠨ ᠬᠠᠷ᠎ᠠ ᠬᠥᠷᠥᠰᠥ ᠶ᠋ᠢ ᠨᠢ ᠢᠯᠡ ᠭᠠᠷᠭᠠᠪᠠ᠃
— ᠭᠤᠷᠪᠠᠨ ᠴᠢᠯᠠᠭᠤ ᠣᠯᠵᠤ ᠢᠷ᠎ᠡ ᠭᠡᠵᠦ ᠬᠡᠮᠵᠢᠶ᠎ᠡ ᠬᠡᠴᠡ ᠶ᠋ᠢ ᠨᠢ ᠵᠢᠭᠠᠵᠤ ᠥᠭᠭᠦᠭᠡᠳ ᠵᠠᠯᠠᠭᠤᠴᠤᠳ ᠢ᠋ ᠮᠣᠷᠳᠠᠭᠤᠯᠪᠠᠯ ᠲᠡᠳᠡ ᠲᠦᠳᠡᠯ ᠦᠭᠡᠢ ᠴᠢᠯᠠᠭᠤ ᠣᠯᠵᠤ ᠢᠷᠡᠭᠰᠡᠨ ᠳ᠋ᠦ᠍ ᠪᠠᠭᠤᠷᠢ ᠶ᠋ᠢᠨ ᠭᠣᠣᠯ ᠳ᠋ᠤ᠌ ᠠᠢᠯ ᠤ᠋ᠨ ᠭᠠᠯ ᠭᠣᠯᠣᠮᠲᠠ ᠮᠠᠶᠢᠭ ᠢ᠋ᠶ᠋ᠠᠷ ᠪᠠᠢᠷᠢᠯᠠᠭᠤᠯᠵᠤ ᠰᠤᠯᠠ ᠡᠪᠡᠰᠦ᠂ ᠠᠷᠭᠠᠯ᠂ ᠪᠤᠷᠭᠠᠰᠤ ᠵᠡᠷᠭᠡ ᠲᠦᠯᠡᠰᠢ ᠳᠡᠭᠡᠷ᠎ᠡ ᠨᠢ ᠠᠶᠠᠲᠠᠢᠬᠠᠨ ᠥᠷᠥᠵᠦ ᠪᠠᠢᠷᠢᠯᠠᠭᠤᠯᠤᠭᠠᠳ ᠶᠠᠰᠤᠴᠢᠨ ᠤ᠋ ᠠᠵᠢᠯ ᠳᠠᠭᠤᠰᠴᠤ ᠡᠴᠢᠭᠡ ᠲᠡᠮᠦᠷᠴᠢ ᠶ᠋ᠢᠨ ᠬᠠᠮᠲᠤ ᠪᠠᠷ ᠪᠤᠴᠠᠵᠤ ᠦᠯᠡᠳᠡᠭᠰᠡᠨ ᠵᠠᠯᠠᠭᠤᠰ ᠲᠡᠳᠡᠨ ᠦ᠌ ᠵᠢᠭᠠᠭᠰᠠᠨ ᠶᠣᠰᠣᠭᠠᠷ ᠲᠦᠯᠡᠰᠢ ᠠᠪᠴᠢᠷᠠᠪᠠ᠃ ᠲᠡᠷᠡ ᠴᠦ᠍ ᠨᠢᠭᠡ ᠶᠡᠬᠡ ᠲᠦᠳᠡᠵᠦ ᠤᠳᠠᠭᠰᠠᠨ ᠦᠭᠡᠢ ᠪᠤᠴᠠᠵᠠᠭᠠᠯᠠ᠃
ᠪᠦᠭᠦᠳᠡ ᠪᠤᠴᠠᠵᠤ ᠢᠷᠡᠯ᠎ᠡ᠃ ᠠᠬ᠎ᠠ ᠳᠡᠭᠦᠦ ᠨᠢ ᠪᠠᠷᠤᠭ ᠢᠷᠡᠵᠦ᠂ ᠲᠡᠳᠡ ᠢᠳᠡᠭᠡ ᠪᠤᠳᠠᠭ᠎ᠠ᠂ ᠠᠢᠷᠠᠭ ᠴᠠᠭ᠎ᠠ ᠠᠪᠴᠢᠷᠠᠨ ᠪᠢᠯᠬᠠᠵᠠᠢ᠃
ᠣᠷᠣᠢ ᠦᠳᠡᠰᠢ ᠪᠣᠯᠣᠮᠠᠭᠴᠠ ᠶᠠᠰᠤᠴᠢᠨ ᠭᠠᠭᠴᠠᠭᠠᠷ ᠢ᠋ᠶ᠋ᠠᠨ ᠭᠡᠷ ᠲᠦ᠍ ᠣᠷᠣᠵᠤ ᠴᠣᠭᠴᠠᠰ ᠢ᠋ ᠨᠤᠲᠤᠭᠯᠠᠭᠤᠯᠬᠤ ᠪᠡᠯᠡᠳᠬᠡᠯ ᠬᠢᠪᠡ᠃ ᠶᠠᠰᠤᠴᠢᠨ ᠭᠠᠷᠴᠤ ᠢᠷᠡᠬᠦ ᠪᠡᠷ ᠪᠦᠬᠦ ᠬᠥᠮᠦᠰ ᠭᠡᠷ ᠢ᠋ ᠡᠷᠭᠦᠵᠦ ᠵᠠᠢᠯᠠᠭᠤᠯᠬᠤ ᠳ᠋ᠤ᠌ ᠭᠡᠷ ᠦ᠋ᠨ ᠪᠠᠷᠠᠭᠤᠨ ᠲᠠᠯ᠎ᠠ ᠳ᠋ᠤ᠌ ᠤᠷᠢᠳᠴᠢᠯᠠᠨ ᠪᠡᠯᠡᠳᠬᠡᠭᠰᠡᠨ ᠰᠠᠭᠤᠷᠢ ᠳᠠᠮᠨᠠᠭᠤᠷᠭ᠎ᠠ ᠳᠡᠭᠡᠷ᠎ᠡ ᠪᠢᠴᠢᠬᠠᠨ ᠪᠥᠭᠡᠷᠡᠩᠬᠡᠢ ᠴᠠᠭᠠᠨ ᠶᠠᠭᠤᠮ᠎ᠠ ᠪᠦᠷᠦᠢ ᠶ᠋ᠢᠨ ᠬᠠᠷᠠᠩᠭᠤᠢ ᠳ᠋ᠤ᠌ ᠰᠦᠮᠡᠢᠨ ᠦᠵᠡᠭᠳᠡᠨ᠎ᠡ᠃ ᠲᠡᠷᠡ ᠪᠣᠯ ᠬᠥᠭᠡᠷᠦᠬᠦᠢ ᠬᠡᠷᠦᠯᠦᠨᠵᠢᠨ ᠢ᠋ ᠬᠣᠶᠠᠷ ᠠᠯᠠᠭ᠎ᠠ ᠶ᠋ᠢ ᠨᠢ ᠬᠠᠴᠠᠷ ᠲᠤ᠌ ᠨᠢ ᠬᠠᠪᠰᠤᠷᠭᠠᠵᠤ᠂ ᠡᠬᠡ ᠶ᠋ᠢᠨ ᠬᠡᠪᠡᠯᠢ ᠳ᠋ᠦ᠍ ᠠᠮᠢᠯᠠᠵᠤ ᠣᠷᠣᠰᠢᠭᠰᠠᠨ ᠬᠡᠯᠪᠡᠷᠢ ᠳ᠋ᠦ᠍ ᠣᠷᠣᠭᠤᠯᠵᠤ ᠪᠣᠭᠣᠵᠤ ᠲᠠᠯᠪᠢᠭᠰᠠᠨ ᠪᠡᠶ᠎ᠡ ᠴᠣᠭᠴᠠᠰ ᠪᠥᠯᠥᠭᠡ᠃
ᠬᠣᠶᠠᠷ ᠵᠠᠯᠠᠭᠤ ᠶ᠋ᠢ ᠮᠣᠷᠢᠨ ᠳ᠋ᠤ᠌ ᠮᠣᠷᠳᠠᠭᠤᠯᠤᠭᠠᠳ ᠶᠠᠰᠤᠴᠢᠨ ᠥᠪᠡᠷ ᠢ᠋ᠶ᠋ᠡᠨ ᠨᠢᠭᠡ ᠵᠠᠯᠠᠭᠤ ᠲᠠᠢ ᠴᠣᠭᠴᠠᠰ ᠢ᠋ ᠡᠷᠭᠦᠵᠦ ᠬᠣᠶᠠᠷ ᠲᠠᠯ᠎ᠠ ᠠ᠋ᠴᠠ ᠨᠢ ᠳᠠᠮᠨᠠᠭᠤᠯᠤᠨ ᠪᠠᠷᠢᠭᠤᠯᠤᠭᠠᠳ ᠪᠠᠭ᠎ᠠ ᠵᠡᠷᠭᠡ ᠠᠢᠷᠠᠭ ᠴᠠᠭ᠎ᠠ ᠠᠪᠴᠤ ᠭᠠᠨᠵᠤᠭᠠᠯᠠᠭᠠᠳ ᠮᠣᠷᠳᠠᠪᠠ᠃ ᠲᠡᠳᠡᠨ ᠢ᠋ ᠪᠣᠭᠣᠷᠴᠢ ᠰᠤᠯᠠ ᠳ᠋ᠠᠭᠠᠨ ᠢᠩᠭᠢᠭᠡᠳ ᠳᠥᠷᠪᠡᠭᠦᠯᠡ ᠴᠣᠭᠴᠠᠰ ᠢ᠋ ᠲᠡᠭᠡᠭᠡᠵᠦ ᠶᠠᠪᠤᠯ᠎ᠠ᠃ ᠲᠡᠳᠡ ᠢᠷᠡᠬᠦ ᠳ᠋ᠡᠭᠡᠨ ᠰᠠᠵᠢᠯᠠᠵᠤ ᠬᠠᠶᠠ ᠵᠠᠷᠢᠮ ᠳ᠋ᠠᠭᠠᠨ ᠱᠣᠭᠰᠢᠨ ᠶᠠᠪᠤᠭᠰᠠᠭᠠᠷ ᠶᠠᠪᠤᠭᠰᠠᠭᠠᠷ ᠰᠥᠨᠢ ᠨᠤᠲᠤᠭᠯᠠᠭᠤᠯᠬᠤ ᠭᠠᠵᠠᠷ ᠢ᠋ᠶ᠋ᠠᠨ ᠢᠷᠡᠭᠰᠡᠨ ᠨᠢ ᠡᠨᠡ ᠪᠢᠯᠡ᠃
ᠭᠠᠯ ᠤ᠋ᠨ ᠡᠷᠴᠢ ᠶ᠋ᠢ ᠨᠠᠮᠵᠢᠭᠤᠯ ᠦᠭᠡᠢ ᠰᠡᠯᠪᠢᠵᠦ᠂ ᠥᠷᠳᠡᠪᠡᠴᠦ ᠤᠭ ᠠ᠋ᠴᠠ ᠨᠣᠢᠲᠠᠨ ᠴᠣᠭᠴᠠᠰ ᠤᠳᠠᠭᠠᠨ ᠰᠢᠲᠠᠵᠤ ᠪᠥᠭᠡᠷᠡᠩᠬᠡᠢ ᠬᠠᠷ᠎ᠠ ᠶᠠᠭᠤᠮ᠎ᠠ ᠪᠣᠯᠤᠭᠠᠳ ᠭᠣᠣᠯ ᠳ᠋ᠤᠨᠢ ᠦᠯᠡᠳᠡᠭᠰᠡᠭᠡᠷ ᠲᠤᠯᠠ ᠶᠠᠰᠤᠴᠢᠨ ᠤᠷᠲᠤ ᠮᠣᠳᠣ ᠪᠠᠷ ᠡᠲᠡᠵᠦ ᠬᠥᠳᠡᠯᠭᠡᠨ ᠳᠡᠭᠡᠷ᠎ᠡ ᠡᠴᠡ ᠨᠢ ᠰᠢᠷ᠎ᠠ ᠲᠣᠰᠣ ᠬᠢᠵᠦ ᠭᠠᠯ ᠢ᠋ ᠤᠯᠠᠮ ᠤᠯᠠᠮ ᠪᠠᠳᠠᠷᠭᠠᠨ ᠵᠠᠳᠠᠯᠵᠤ᠂ ᠲᠡᠷᠡ ᠲᠣᠰᠤᠮ ᠢ᠋ᠶ᠋ᠠᠨ ᠬᠡᠳᠦᠨ ᠬᠡᠰᠡᠭ ᠪᠣᠯᠤᠨ ᠱᠠᠵᠢᠭᠢᠨᠠᠭᠰᠠᠭᠠᠷ ᠦᠵᠡᠭᠳᠡᠬᠦ ᠬᠠᠷᠠᠭᠳᠠᠬᠤ ᠪᠡᠶ᠎ᠡ ᠦᠭᠡᠢ ᠪᠣᠯᠤᠯ᠎ᠠ᠃ ᠲᠦᠯᠡᠰᠢ ᠴᠦ᠍ ᠳᠠᠭᠤᠰᠪᠠ᠃ ᠶᠠᠰᠤᠴᠢᠨ ᠡᠯ᠎ᠡ ᠠᠵᠢᠯ ᠳ᠋ᠠᠭᠠᠨ ᠳᠠᠳᠴᠤ ᠰᠤᠷᠤᠭᠰᠠᠨ ᠨᠢ ᠶᠡᠬᠡ ᠲᠤᠯᠠ ᠶᠠᠭᠤᠮ᠎ᠠ ᠪᠦᠷᠢ ᠵᠣᠬᠢᠴᠠᠨ ᠲᠠᠭᠠᠷᠠᠵᠤ ᠪᠠᠢᠯ᠎ᠠ᠃ᠲᠡᠳᠡ ᠪᠦᠭᠦᠳᠡᠭᠡᠷ ᠪᠠᠭᠤᠷᠢ ᠶ᠋ᠢᠨ ᠬᠣᠢᠮᠣᠷ ᠲᠠᠯ᠎ᠠ ᠶ᠋ᠢ ᠪᠠᠷᠢᠵᠤ ᠰᠠᠭᠤᠨ ᠢᠳᠡᠭᠡ ᠴᠠᠭ᠎ᠠ ᠪᠠᠨ ᠠᠮᠰᠠᠵᠤ ᠭᠠᠯ ᠳ᠋ᠠᠭᠠᠨ ᠡᠷᠭᠦᠵᠦ ᠶᠣᠰᠣᠯᠠᠭᠠᠳ ᠦᠯᠡᠳᠡᠭᠰᠡᠨ ᠵᠦᠢᠯ ᠢ᠋ᠶ᠋ᠡᠨ ᠲᠩᠷᠢ ᠳ᠋ᠦ᠍ ᠴᠠᠴᠤᠵᠤ᠂ ᠮᠣᠷᠢᠨ ᠳ᠋ᠠᠭᠠᠨ ᠮᠣᠷᠳᠠᠭᠠᠳ ᠪᠠᠭᠤᠷᠢ ᠪᠠᠨ ᠨᠠᠷᠠ ᠵᠥᠪ ᠡᠷᠭᠢᠭᠡᠳ ᠪᠤᠴᠠᠬᠤ ᠵᠠᠮ ᠳ᠋ᠠᠭᠠᠨ ᠡᠷᠭᠢᠵᠦ ᠬᠠᠲᠠᠷᠢᠭᠤᠯᠤᠨ ᠨᠠᠷᠠ ᠭᠠᠷᠬᠤ ᠰᠠᠴᠠᠭᠤ ᠬᠡᠷᠦᠯᠦᠨ ᠭᠣᠣᠯ ᠭᠠᠷᠪᠠ᠃
ᠢᠩᠭᠢᠭᠡᠳ ᠲᠡᠳᠡᠨ ᠢ᠋ ᠢᠷᠡᠬᠦ ᠳ᠋ᠦ᠍ ᠨᠠᠷᠠ ᠬᠠᠨ᠎ᠠ ᠶ᠋ᠢᠨ ᠲᠣᠯᠣᠭᠠᠢ ᠱᠦᠭᠦᠷᠡᠵᠦ ᠪᠠᠢᠪᠠ᠃ ᠬᠡᠷᠦᠯᠦᠨᠵᠢᠨ ᠢ᠋ ᠲᠩᠷᠢ ᠳ᠋ᠦ᠍ ᠦᠳᠡᠬᠦ ᠶᠣᠰᠣᠯᠠᠯ ᠤ᠋ᠨ ᠠᠵᠢᠯ ᠲᠡᠳᠦᠢ ᠯᠡ ᠤᠳᠠᠭᠰᠠᠨ ᠦᠭᠡᠢ᠃ ᠡᠯᠪᠡᠭ ᠪᠠᠶᠠᠨ ᠠᠢᠷᠠᠭ ᠴᠠᠭ᠎ᠠ᠂ ᠢᠳᠡᠭᠡ ᠪᠤᠳᠠᠭᠠᠨ ᠳ᠋ᠤ᠌ ᠬᠡᠰᠡᠭ ᠵᠠᠭᠤᠷ᠎ᠠ ᠤᠮᠪᠠᠭᠠᠳ ᠭᠡᠷ ᠭᠡᠷ ᠵᠦᠭ ᠢ᠋ᠶ᠋ᠡᠨ ᠮᠣᠷᠳᠠᠬᠤ ᠪᠣᠯᠪᠠ᠃ ᠮᠢᠬᠠᠨ ᠬᠣᠭᠣᠯᠠ ᠪᠠᠢᠭᠰᠠᠨ ᠦᠭᠡᠢ᠃ ᠪᠤᠰᠤᠳ ᠢᠳᠡᠭᠡ ᠴᠠᠭ᠎ᠠ ᠡᠯᠪᠡᠭ ᠠᠵᠤᠭᠤ᠃
ᠭᠡᠷ ᠦ᠋ᠨ ᠡᠵᠡᠨ ᠲᠡᠮᠦᠷᠴᠢ ᠢᠷᠡᠭᠰᠡᠨ ᠠᠬ᠎ᠠ ᠳᠡᠭᠦᠦ ᠪᠡᠨ ᠲᠠᠯᠠᠷᠬᠠᠯ ᠤ᠋ᠨ ᠦᠭᠡ ᠬᠡᠯᠡᠵᠦ᠂ ᠶᠠᠰᠤᠴᠢᠨ ᠳ᠋ᠤ᠌ ᠬᠥᠭᠡᠷᠭᠡᠨ ᠦ᠌ ᠳᠠᠯᠢᠩ ᠳᠡᠭᠡᠷ᠎ᠡ ᠤᠯᠠᠭᠠᠨ ᠤᠲᠠᠰᠤ ᠰᠦᠪᠡᠯᠡᠵᠦ ᠣᠷᠢᠶᠠᠭᠰᠠᠨ ᠵᠡᠭᠦᠦ ᠲᠠᠯᠪᠢᠵᠤ ᠪᠠᠷᠢᠬᠤ ᠳ᠋ᠠᠭᠠᠨ᠄
— ᠲᠠᠨ ᠳ᠋ᠤ᠌ ᠮᠣᠷᠢ ᠪᠠᠷᠢᠶ᠎ᠠ᠃ ᠭᠠᠳᠠᠭ᠎ᠠ ᠤᠶᠠᠭᠠᠨ ᠳᠡᠭᠡᠷ᠎ᠡ ᠪᠠᠢᠭ᠎ᠠ᠃ ᠬᠥᠲᠥᠯᠦᠭᠡᠳ ᠶᠠᠪᠤᠭᠠᠷᠠᠢ ᠳᠠ ᠭᠡᠪᠡ᠃
ᠳᠠᠷᠠᠭ᠎ᠠ ᠨᠢ ᠨᠠᠬᠤ ᠬᠣᠲᠠ ᠳ᠋ᠤ᠌ ᠮᠥᠨ ᠤᠯᠠᠭᠠᠨ ᠤᠲᠠᠰᠤ ᠲᠠᠢ ᠵᠡᠭᠦᠦ ᠪᠡᠨ ᠬᠥᠭᠡᠷᠭᠡᠨ ᠦ᠌ ᠲᠡᠯᠢᠩ ᠳᠡᠭᠡᠷ᠎ᠡ ᠲᠠᠯᠪᠢᠵᠤ ᠪᠠᠷᠢᠯ᠎ᠠ᠃ ᠡᠬᠡ ᠨᠠᠮᠤᠭᠤᠨ ᠪᠤᠭᠤᠷᠴᠢ ᠳ᠋ᠤ᠌ ᠰᠢᠨᠡᠬᠡᠨ ᠣᠶᠣᠭᠰᠠᠨ ᠠᠶᠠᠭᠠᠨ ᠤ᠋ ᠤᠭᠤᠲᠠ᠂ ᠲᠠᠯᠢᠢᠭᠴᠢ ᠶ᠋ᠢᠨ ᠡᠮᠦᠰᠴᠦ ᠪᠠᠢᠭᠰᠠᠨ ᠴᠠᠮᠴᠠ ᠳᠡᠭᠡᠷ᠎ᠡ ᠤᠯᠠᠭᠠᠨ ᠤᠲᠠᠰᠤ ᠵᠡᠭᠦᠦ ᠪᠡᠨ ᠲᠠᠯᠪᠢᠵᠤ ᠪᠠᠷᠢᠭᠠᠳ ᠪᠤᠰᠤᠳ ᠠᠬ᠎ᠠ ᠳᠡᠭᠦᠦ ᠳ᠋ᠡᠭᠡᠨ ᠡᠷ᠎ᠡ ᠡᠮ᠎ᠡ ᠳ᠋ᠦ᠍ ᠲᠠᠭᠠᠷᠠᠭᠤᠯᠤᠨ ᠤᠲᠠᠰᠤ ᠵᠡᠭᠦᠦ᠂ ᠪᠡᠯᠡᠭ ᠦ᠋ᠨ ᠵᠦᠢᠯ ᠪᠠᠷᠢᠪᠠ᠃ ᠣᠷᠰᠢᠭᠤᠯᠭᠠᠨ ᠳ᠋ᠤ᠌ ᠶᠠᠪᠤᠭᠰᠠᠨ ᠬᠣᠶᠠᠷ ᠵᠠᠯᠠᠭᠤ ᠪᠣᠯ ᠨᠢᠭᠡ ᠨᠢ ᠲᠡᠮᠦᠷᠴᠢ ᠶ᠋ᠢᠨ᠂ ᠨᠥᠭᠦᠭᠡ ᠨᠢ ᠨᠠᠮᠤᠭᠤᠨ ᠤ᠋ ᠠᠬ᠎ᠠ ᠳᠡᠭᠦᠦ ᠶᠦᠮ᠃ ᠲᠡᠷᠡ ᠬᠣᠶᠠᠷ ᠶᠠᠰᠤ ᠪᠠᠷᠢᠭᠰᠠᠨ ᠤ᠋ ᠲᠤᠯᠠ ᠨᠢᠭᠡ ᠨᠢᠭᠡ ᠬᠣᠨᠢ ᠨᠡᠷᠡᠯᠡᠪᠡ᠃
ᠬᠥᠮᠦᠰ ᠲᠠᠷᠬᠠᠯ᠎ᠠ᠃ ᠭᠡᠬᠦ ᠳ᠋ᠡᠭᠡᠨ ᠭᠠᠭᠴᠠ ᠨᠢᠭᠡ ᠬᠥᠮᠦᠨ ᠭᠠᠳᠠᠭᠤᠷ ᠳᠣᠲᠣᠭᠤᠷ ᠦᠯᠡᠳᠡᠵᠡᠢ᠃ ᠨᠠᠬᠤ ᠴᠤ᠌ ᠨᠤᠲᠤᠭ ᠵᠦᠭ ᠢ᠋ᠶ᠋ᠡᠨ ᠬᠠᠷᠢᠬᠤ ᠪᠠᠨ ᠬᠡᠯᠡᠵᠦ᠂《ᠪᠢᠳᠡ ᠤᠭ ᠠ᠋ᠴᠠ ᠬᠣᠲᠠ ᠤᠷᠤᠭ ᠤ᠋ᠨ ᠪᠠᠷᠢᠯᠳᠤᠯᠭ᠎ᠠ᠂ ᠦᠷ᠎ᠡ ᠬᠣᠯᠪᠣᠭᠠᠲᠠᠢ ᠪᠣᠯᠤᠭᠰᠠᠨ ᠬᠥᠮᠦᠰ ᠲᠤᠯᠠ ᠪᠢ ᠠᠪᠴᠢᠷᠠᠭᠰᠠᠨ ᠪᠡᠯᠡᠭ ᠢ᠋ᠶ᠋ᠡᠨ ᠦᠯᠡᠳᠡᠭᠡᠵᠦ ᠠᠮᠠᠯᠠᠭᠰᠠᠨ ᠭᠤᠷᠪᠠᠨ ᠶᠢᠰᠦᠨ ᠦ᠌ ᠲᠣᠭᠠᠨ ᠤ᠋ ᠮᠠᠯ ᠰᠦᠷᠦᠭ ᠢ᠋ᠶ᠋ᠡᠨ ᠬᠡᠪ ᠢ᠋ᠶ᠋ᠡᠷ ᠲᠠ ᠨᠠᠷ ᠲᠠᠭᠠᠨ ᠥᠭᠭᠦᠨ᠎ᠡ᠃ ᠲᠠ ᠨᠠᠷ ᠴᠤ᠌ ᠲᠠᠲᠠᠭᠠᠯᠵᠠᠬᠤ ᠤᠴᠢᠷ ᠦᠭᠡᠢ》 ᠭᠡᠪᠡ᠃ ᠡᠭᠦᠨ ᠦ᠌ ᠬᠠᠷᠢᠭᠤ ᠳ᠋ᠤ᠌ ᠨᠠᠮᠤᠭᠤᠨ ᠡᠵᠢ᠄
ᠪᠢᠳᠡ ᠴᠦ᠍ ᠭᠡᠰᠡᠨ ᠡᠬᠡ ᠶ᠋ᠢᠨ ᠬᠢᠨᠢ ᠭᠡᠷᠢᠶᠡᠰᠦ ᠶᠣᠰᠣᠭᠠᠷ᠂
ᠥᠭᠡᠯᠡᠨ ᠬᠦᠦ ᠪᠡᠨ ᠥᠭᠴᠦ
ᠥᠨᠳᠥᠷ ᠤᠭᠰᠠᠭ᠎ᠠ ᠶ᠋ᠢ ᠨᠢ ᠲᠦᠰᠢᠭᠦᠯᠦᠨᠡ
ᠡᠳᠦᠷ ᠦ᠋ᠨ ᠰᠠᠢᠨ ᠢ᠋ ᠥᠨᠵᠢᠨ ᠬᠦᠯᠢᠶᠡᠵᠦ
ᠰᠠᠷ᠎ᠠ ᠶ᠋ᠢᠨ ᠰᠠᠢᠨ ᠢ᠋ ᠰᠣᠩᠭᠣᠨ ᠬᠦᠯᠢᠶᠡᠵᠦ
ᠪᠣᠷᠣ ᠬᠣᠭᠣᠯᠠ ᠳ᠋ᠤ᠌ ᠣᠷᠣᠭᠠᠳ ᠢᠷᠡᠬᠦᠯᠡᠷ ᠨᠢ
ᠪᠣᠷᠪᠢ ᠰᠢᠷᠪᠥᠰᠥ ᠨᠢ ᠳᠡᠩᠬᠡᠢᠭᠡᠳ ᠢᠷᠡᠬᠦᠯᠡᠷ
ᠤᠯᠠᠭᠴᠢ ᠦᠨᠢᠶ᠎ᠡ ᠪᠡᠨ ᠬᠥᠲᠥᠯᠦᠭᠡᠳ
ᠤᠭᠵᠢ ᠰᠠᠪᠠ ᠶ᠋ᠢ ᠨᠢ ᠲᠡᠭᠡᠭᠡᠭᠡᠳ
ᠤᠭᠰᠠᠭ᠎ᠠ ᠤᠳᠤᠮ ᠳ᠋ᠤᠨᠢ ᠬᠦᠷᠭᠡᠵᠦ ᠥᠭᠭᠦᠨ᠎ᠡ
ᠤᠷᠤᠭ ᠲᠥᠷᠥᠯ ᠢ᠋ᠶ᠋ᠡᠨ ᠰᠠᠬᠢᠵᠤ ᠶᠠᠪᠤᠭ ᠠ᠋ ᠭᠡᠪᠡ᠃
ᠢᠩᠭᠢᠭᠡᠳ ᠨᠠᠬᠤ ᠬᠦᠦ ᠪᠤᠭᠤᠷᠴᠢ ᠶ᠋ᠢᠨ ᠬᠠᠮᠲᠤ ᠮᠣᠷᠳᠠᠵᠤ ᠭᠡᠷ ᠦ᠋ᠨ ᠵᠦᠭ ᠵᠣᠷᠢᠯ᠎ᠠ᠃
