ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠠᠷᠪᠠᠨ ᠭᠤᠷᠪᠠ > Хүлэг баатар буурч - Б. Өлзийсүрэн <Тэргүүн бүлэг-13>
ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ
ᠠᠷᠪᠠᠨ ᠭᠤᠷᠪᠠ
ᠬᠣᠣᠷᠲᠤ ᠮᠠᠭᠤ ᠮᠣᠭᠠᠢ ᠬᠣᠢᠨ᠎ᠠ ᠠ᠋ᠴᠠ ᠮᠥᠯᠬᠥᠨ ᠭᠡᠲᠡᠨᠡ
ᠬᠣᠣᠷᠤᠨ ᠮᠠᠭᠤ ᠰᠠᠨᠠᠭ᠎ᠠ ᠬᠣᠷᠮᠣᠢ ᠳᠣᠣᠭᠤᠷ ᠰᠢᠷᠭᠤᠨ᠎ᠠ
ᠲᠡᠮᠦᠷᠴᠢ ᠶ᠋ᠢᠨ ᠬᠢ ᠨᠢᠯᠬ᠎ᠠ ᠬᠡᠦᠬᠡᠳ ᠲᠡᠢ ᠲᠤᠯᠠ ᠡᠪᠦᠯᠵᠢᠶᠡᠨ ᠳ᠋ᠡᠭᠡᠨ ᠤᠳᠠᠭᠠᠨ ᠰᠠᠭᠤᠵᠤ ᠬᠠᠪᠤᠷ ᠤ᠋ᠨ ᠰᠡᠭᠦᠯ ᠰᠠᠷ᠎ᠠ ᠶ᠋ᠢᠨ ᠳᠤᠮᠳᠠᠭᠤᠷ ᠥᠩᠭᠡᠷᠡᠭᠰᠡᠨ ᠨᠠᠮᠤᠷ ᠨᠤᠲᠤᠭᠯᠠᠵᠤ ᠪᠠᠢᠭᠰᠠᠨ ᠠ᠋ᠴᠠ ᠪᠠᠨ ᠨᠡᠯᠢᠶᠡᠳ ᠪᠠᠷᠠᠭᠤᠨ ᠲᠡᠰᠢ ᠳᠠᠷᠠᠰᠤᠲᠤ ᠬᠣᠭᠣᠯᠠᠢ ᠶ᠋ᠢᠨ ᠪᠠᠷᠠᠭᠤᠨ ᠬᠤᠸᠠ ᠳ᠋ᠤ᠌ ᠪᠠᠭᠤᠪᠠ᠃ ᠲᠡᠳᠡᠨ ᠦ᠌ ᠬᠢ ᠶ᠋ᠢ ᠬᠢᠲᠠᠳ ᠰᠤᠨᠳᠠᠭ ᠳᠤᠷᠠᠨ ᠢ᠋ᠶ᠋ᠠᠷ ᠬᠣᠯᠠ ᠠ᠋ᠴᠠ ᠲᠠᠲᠠᠵᠤ ᠲᠠᠩᠳᠠᠳᠠᠭ ᠨᠢᠭᠡᠨ ᠠᠩᠭᠤᠴᠢᠨ ᠪᠣᠢ ᠪᠣᠯᠵᠠᠢ᠃ ᠲᠡᠷᠡ ᠳᠤᠷᠠᠨ ᠤ᠋ ᠬᠠᠷᠠᠭᠠᠨ ᠳ᠋ᠤ᠌ ᠠᠷᠤᠯᠠᠳ ᠤ᠋ᠨ ᠪᠢᠴᠢᠬᠠᠨ ᠡᠷ᠎ᠡ ᠥᠷᠲᠥᠪᠡ᠃ ᠲᠡᠷᠡ ᠠᠩᠭᠤᠴᠢᠨ《ᠡᠨᠡ ᠪᠡᠯᠲᠡᠷᠭᠡ ᠪᠠᠰᠠ ᠬᠦᠷᠦᠭᠡᠳ ᠢᠷᠡᠳᠡᠭ ᠪᠠᠢᠨ᠎ᠠ ᠰᠢᠦ᠂ ᠵᠤᠯᠵᠠᠭ᠎ᠠ ᠲᠠᠢ ᠪᠣᠯᠤᠭᠰᠠᠨ ᠭᠡᠵᠦ ᠪᠠᠢᠭ᠎ᠠ᠃ ᠬᠡ᠂ ᠬᠡ》 ᠭᠡᠮᠡᠨ ᠳᠣᠭᠣᠭᠢᠯᠠᠬᠤ ᠮᠠᠶᠢᠭᠲᠠᠢ ᠢᠨᠢᠶᠡᠪᠡ᠃ ᠲᠡᠷᠡ ᠳᠠᠷᠤᠢ ᠲᠡᠷᠡ ᠪᠡᠷ ᠪᠠᠴᠢ᠂ ᠬᠠᠴᠢ ᠬᠣᠶᠠᠷ ᠵᠠᠯᠠᠭᠤ ᠲᠠᠢ ᠠᠭᠤᠯᠵᠠᠵᠤ᠄
— ᠵᠠ᠂ ᠡᠷ᠎ᠡ ᠤᠯᠤᠰ ᠲᠠ ᠬᠣᠶᠠᠷ ᠨᠠᠳᠠ ᠨᠢᠭᠡ ᠴᠢᠬᠤᠯᠠ ᠠᠵᠢᠯ ᠳ᠋ᠤ᠌ ᠬᠠᠨᠢ ᠪᠣᠯ! ᠪᠢ ᠲᠡᠷᠡ ᠠᠷᠤᠯᠠᠳ ᠵᠢᠭᠠᠯ ᠢ᠋ ᠬᠠᠰᠢᠷᠠᠭᠠᠭᠠᠳ ᠥᠭᠭᠦᠶ᠎ᠡ᠃ ᠬᠠᠷᠠᠭᠰᠠᠭᠠᠷ ᠪᠠᠢᠵᠤ ᠨᠤᠲᠤᠭ ᠤ᠋ᠨ ᠢ᠋ᠶ᠋ᠠᠨ ᠭᠠᠭᠴᠠ ᠰᠤᠷ ᠬᠡᠦᠬᠡᠨ ᠢ᠋ ᠬᠠᠷᠢ ᠳ᠋ᠤ᠌ ᠠᠯᠳᠠᠬᠤ ᠭᠡᠵᠦ ᠤᠤ? ᠬᠡᠢᠮᠣᠷᠢ ᠨᠢ ᠣᠷᠬᠢᠭᠰᠠᠨ ᠡᠷᠡᠴᠦᠦᠯ ᠭᠡᠵᠦ ᠪᠢᠳᠡᠨ ᠢ᠋ ᠭᠡᠰᠬᠡᠬᠦ ᠪᠤᠶᠤ ᠭᠡᠬᠦ ᠮᠡᠲᠦᠴᠢᠯᠡᠨ ᠶᠡᠬᠡ ᠤᠷᠠᠨ ᠴᠡᠴᠡᠨ ᠦᠭᠡ ᠤᠷᠤᠰᠬᠠᠵᠤ᠄
— ᠲᠠ ᠬᠣᠶᠠᠷ ᠲᠤ᠌ ᠨᠢᠭᠡ ᠨᠢᠭᠡ ᠮᠣᠷᠢ᠂ ᠭᠤᠷᠪᠠ ᠭᠤᠷᠪᠠᠨ ᠠᠯᠲᠠᠨ ᠵᠣᠭᠣᠰ ᠥᠭᠭᠦᠶ᠎ᠡ ᠭᠡᠵᠡᠢ᠃
ᠲᠡᠳᠡ ᠴᠦ᠍ ᠵᠥᠪᠰᠢᠶᠡᠷᠡᠵᠦ ᠪᠦᠳᠦᠭᠦᠨ ᠬᠤᠸᠠ ᠶ᠋ᠢᠨ ᠬᠣᠢᠲᠤ ᠳᠣᠪᠣᠴᠠᠭ ᠲᠤ᠌ ᠢᠷᠡᠵᠦ ᠲᠠᠩᠳᠠᠬᠤ ᠨᠠᠷᠢᠨ ᠠᠵᠢᠯ ᠳ᠋ᠤ᠌ ᠣᠷᠣᠵᠤ᠂ ᠬᠢᠲᠠᠳ ᠬᠠᠷ᠎ᠠ ᠠᠷᠢᠬᠢ ᠪᠠᠭ᠎ᠠ ᠪᠠᠭ᠎ᠠ ᠪᠠᠷ ᠰᠢᠮᠡᠵᠦ᠂ ᠴᠢᠯᠠᠭᠤ ᠲᠠᠰᠤᠳᠠᠬᠤ ᠲᠣᠭᠯᠠᠭᠠᠮ ᠢ᠋ᠶ᠋ᠠᠷ ᠵᠠᠪᠰᠠᠷ ᠲᠤ᠌ ᠨᠢ ᠵᠤᠭᠠᠯᠠᠵᠤ ᠴᠠᠭ ᠥᠩᠭᠡᠷᠡᠭᠡᠬᠦ ᠠᠵᠤᠭᠤ᠃ ᠭᠡᠬᠦ ᠳ᠋ᠡᠭᠡᠨ ᠬᠠᠷᠠᠭᠤᠯᠳᠠᠵᠤ ᠬᠠᠷᠠᠵᠤ ᠪᠠᠢᠭᠰᠠᠨ ᠵᠦᠢᠯ ᠢ᠋ᠶ᠋ᠡᠨ ᠮᠠᠷᠲᠠᠭᠰᠠᠨ ᠦᠭᠡᠢ᠃《ᠬᠡᠷᠦᠯᠳᠵᠢᠨ ᠬᠣᠨᠢ ᠤᠷᠤᠭᠤ ᠪᠠᠨ ᠣᠴᠢᠯ᠎ᠠ᠃ ᠬᠣᠨᠢ ᠴᠦ᠍ ᠨᠡᠯᠢᠶᠡᠳ ᠬᠣᠯᠠ ᠶᠠᠪᠤᠴᠢᠬᠠᠵᠤ᠂ ᠲᠡᠷᠡ ᠪᠡᠷ ᠬᠣᠨᠢ ᠪᠠᠨ ᠬᠣᠲᠠᠯᠠᠭᠤᠯᠵᠤ ᠳᠠᠷᠠᠰᠤ ᠤᠷᠤᠭᠤ ᠣᠷᠣᠭᠤᠯᠤᠭᠠᠳ ᠬᠣᠨᠢᠨ ᠤ᠋ ᠪᠠᠨ ᠵᠠᠬ᠎ᠠ ᠳ᠋ᠤ᠌ ᠪᠠᠭᠤᠵᠤ ᠪᠣᠢ ᠬᠠᠷᠠᠭᠳᠠᠨ᠎ᠠ᠃ ᠳᠡᠭᠦᠦ ᠵᠢᠭᠠᠯ ᠨᠢ ᠪᠠᠷᠠᠭᠤᠨ ᠳᠠᠰᠢ ᠬᠡᠷᠦᠯᠦᠨ ᠳ᠋ᠦ᠍ ᠳᠠᠪᠬᠢᠪᠠ᠃ ᠲᠡᠷᠡ ᠵᠢᠭᠠᠯ ᠠᠳᠤᠭᠤᠨ ᠳ᠋ᠤ᠌ ᠯᠠ ᠶᠠᠪᠤᠵᠤ ᠲᠠᠭᠠᠷᠠᠯ᠎ᠠ᠃ ᠡᠴᠢᠭᠡ ᠨᠢ ᠨᠡᠯᠢᠶᠡᠳ ᠡᠷᠲᠡ ᠭᠠᠷᠤᠭᠠᠳ ᠪᠠᠷᠠᠭᠤᠨ ᠳᠠᠰᠢ ᠵᠣᠷᠢᠭᠰᠠᠨ᠃ ᠡᠬᠡ ᠨᠢ ᠭᠡᠷ ᠡᠴᠡ ᠪᠡᠨ ᠬᠠᠶᠠ ᠭᠠᠷᠴᠤ ᠣᠷᠣᠵᠤ ᠬᠠᠷᠠᠭᠳᠠᠨ᠎ᠠ᠃ ᠬᠠᠷᠢᠨ ᠠᠩᠨᠠᠬᠤ ᠭᠡᠰᠡᠨ ᠠᠯᠤᠰ ᠤ᠋ᠨ 《ᠪᠡᠯᠲᠡᠷᠭᠡ》 ᠪᠠᠷ᠎ᠠ ᠰᠤᠷᠠᠭ ᠠᠯᠠᠭ᠎ᠠ᠃ ᠶᠠᠪᠤᠭᠠᠳ ᠥᠭᠭᠦᠭᠰᠡᠨ ᠪᠢᠵᠡ》 ᠭᠡᠯᠴᠡᠨ᠎ᠡ᠃
— ᠠᠩ ᠢ᠋ᠶ᠋ᠠᠨ ᠠᠯᠳᠠᠴᠢᠬᠠᠭᠰᠠᠨ ᠪᠣᠯᠬᠣᠷ ᠲᠠᠷᠬᠠᠬᠤ ᠤᠤ ᠳᠠ? ᠭᠡᠵᠦ ᠬᠠᠴᠢ ᠬᠡᠯᠡᠯ᠎ᠡ᠃
— ᠶᠠᠭᠠᠬᠢᠯ᠎ᠠ ᠭᠡᠵᠦ ᠲᠠᠷᠬᠠᠬᠤ ᠪᠣᠢ? ᠬᠡᠷᠦᠯᠳᠵᠢᠨ ᠬᠡᠦᠬᠡᠨ ᠢ᠋ ᠡᠳ᠋ᠯᠡᠶ᠎ᠡ᠃
— ᠲᠡᠭᠦᠨ ᠢ᠋ ᠡᠳ᠋ᠯᠡᠬᠦ ᠭᠡᠰᠡᠨ ᠨᠢ ᠯᠡ ᠡᠳ᠋ᠯᠡᠳᠡᠭ ᠶᠦᠮ ᠪᠠᠢᠭ᠎ᠠ ᠪᠢᠵᠡ? ᠲᠡᠭᠦᠨ ᠳ᠋ᠦ᠍ ᠭᠤᠷᠪᠠ ᠶ᠋ᠢᠨ ᠭᠤᠷᠪᠠᠨ ᠡᠷ᠎ᠡ ᠳᠠᠷᠠᠯᠵᠠᠵᠤ ᠣᠴᠢᠬᠤ ᠬᠡᠷᠡᠭ ᠶᠠᠭᠤ ᠪᠠᠢᠭ᠎ᠠ ᠪᠣᠢ? ᠣᠴᠢᠬᠤ ᠭᠡᠰᠡᠨ ᠢ᠋ᠶ᠋ᠡᠷ ᠢ᠋ᠶ᠋ᠡᠨ ᠴᠢ ᠯᠡ ᠣᠴᠢᠨ᠎ᠠ ᠪᠢᠵᠡ!
— ᠦᠭᠡᠢ ᠠ᠋᠃ ᠭᠠᠭᠴᠠᠭᠠᠷ ᠢ᠋ᠶ᠋ᠠᠨ ᠣᠴᠢᠵᠤ ᠪᠣᠯᠬᠤ ᠦᠭᠡᠢ᠂ ᠪᠠᠷᠢᠵᠤ ᠥᠭᠬᠦ ᠬᠡᠷᠡᠭᠲᠡᠢ᠃ ᠪᠢ ᠥᠭᠬᠦ ᠭᠡᠰᠡᠨ ᠢ᠋ᠶ᠋ᠡᠨ ᠥᠭᠭᠦᠨ᠎ᠡ᠃ ᠮᠣᠷᠢ ᠯᠠ ᠦᠯᠡᠳᠡᠭᠡᠳ ᠪᠠᠢᠭ᠎ᠠ᠂ ᠪᠤᠰᠤᠳ ᠢ᠋ ᠨᠢ ᠥᠭᠭᠦᠭᠰᠡᠨ ᠰᠢᠦ ᠳᠡ᠃ ᠬᠠᠴᠢ ᠶᠡᠬᠡ ᠢᠨᠢᠶᠡᠵᠦ᠄
— ᠭᠤᠨᠵᠢᠨ ᠢᠩᠭᠡᠨ ᠳᠡᠭᠡᠷ᠎ᠡ ᠬᠥᠭᠰᠢᠨ ᠪᠤᠤᠷ᠎ᠠ ᠰᠠᠭᠤᠯᠭᠠᠵᠤ ᠪᠠᠷᠢᠵᠤ ᠥᠭᠳᠡᠭ ᠰᠢᠭ ᠶᠠᠭᠤᠮ᠎ᠠ ᠪᠣᠯᠬᠤ ᠨᠢ ᠰᠢᠪ ᠳᠡ᠃ ᠬᠠ ᠬᠠ᠂ ᠬᠡ ᠬᠡ ᠭᠡᠳ᠄
— ᠵᠠ ᠶᠠᠷᠰᠢᠭ᠂ ᠡᠭᠦᠨ ᠢ᠋ ᠨᠢ ᠠᠪ! ᠪᠢ ᠯᠡ ᠯᠠᠪ ᠴᠢᠳᠠᠬᠤ ᠦᠭᠡᠢ ᠠᠵᠢᠯ ᠪᠠᠢᠨ᠎ᠠ ᠭᠡᠳ ᠬᠠᠴᠢ ᠭᠤᠷᠪᠠᠨ ᠠᠯᠲᠠᠨ ᠵᠣᠭᠣᠰ ᠢ᠋ ᠡᠷᠭᠢᠭᠦᠯᠵᠦ ᠡᠵᠡᠨ ᠦ᠌ ᠬᠢᠨᠢ ᠠᠳᠬᠤᠨ ᠳ᠋ᠤ᠌ ᠬᠢᠭᠡᠳ ᠮᠣᠷᠳᠠᠭᠠᠳ ᠳᠠᠪᠬᠢᠴᠢᠬᠠᠪᠠ᠃
ᠦᠯᠡᠳᠡᠭᠰᠡᠨ ᠬᠣᠶᠠᠷ ᠦᠭᠡ ᠨᠢᠭᠡᠰᠦᠭᠡᠳ ᠬᠡᠭᠡᠷ᠎ᠡ ᠶ᠋ᠢᠨ ᠭᠠᠭᠴᠠ ᠢᠵᠢᠯᠢ ᠡᠴᠡ ᠰᠠᠯᠤᠭᠰᠠᠨ ᠢᠨᠵᠠᠭ᠎ᠠ ᠶ᠋ᠢ ᠬᠠᠷᠠᠭᠰᠠᠨ ᠬᠣᠶᠠᠷ ᠪᠣᠣᠬᠠᠢ ᠰᠢᠭ᠋ ᠬᠥᠪᠡᠭᠡ ᠰᠤᠳᠠᠭ ᠲᠠᠭᠠᠨ ᠭᠠᠵᠠᠷ ᠤ᠋ᠨ ᠦ ᠪᠡᠷ ᠨᠢᠭᠤᠭᠳᠠᠨ ᠮᠢᠷᠢᠶᠠᠨ ᠭᠡᠲᠡᠬᠦ ᠶ᠋ᠢ ᠬᠣᠨᠢᠨ ᠤ᠋ ᠪᠠᠨ ᠪᠠᠷ᠎ᠠ ᠳ᠋ᠤ᠌ ᠳᠡᠷᠡᠰᠦᠨ ᠳᠤᠮᠳᠠ ᠮᠣᠷᠢ ᠪᠠᠨ ᠲᠤᠱᠠᠵᠤ ᠢᠳᠡᠭᠦᠯᠦᠭᠡᠳ ᠠᠶᠠᠭᠠᠨ ᠤ᠋ ᠤᠭᠤᠲᠠ ᠱᠠᠭᠯᠠᠨ ᠴᠢᠮᠡᠵᠦ ᠰᠠᠭᠤᠭ᠎ᠠ ᠬᠡᠷᠦᠯᠳᠵᠢᠨ ᠪᠦᠰᠡᠭᠦᠢ ᠬᠠᠷᠠᠬᠠᠨ ᠶᠠᠭᠠᠬᠢᠵᠤ ᠮᠡᠳᠡᠬᠦ ᠪᠣᠢ? ᠲᠡᠷᠡ ᠤᠷᠠᠯᠠᠯ ᠨᠢ ᠡᠴᠦᠰ ᠲᠡᠭᠡᠨ ᠪᠤᠭᠤᠷᠴᠢ ᠳ᠋ᠤ᠌ ᠵᠣᠷᠢᠭᠤᠯᠤᠨ ᠪᠣᠢ ᠪᠥᠯᠥᠭᠡ᠃ ᠪᠤᠭᠤᠷᠴᠢ ᠶ᠋ᠢᠨ ᠡᠵᠢ ᠠᠯᠲᠠᠵᠢᠨ ᠬᠦᠦ ᠶ᠋ᠢᠨ ᠢ᠋ᠶ᠋ᠡᠨ ᠴᠠᠮᠴᠠᠨ ᠤ᠋ ᠡᠩᠭᠡᠷ ᠦ᠋ᠨ ᠴᠡᠴᠡᠭᠡᠨ ᠬᠠᠳᠬᠤᠭᠠᠰᠤ ᠶ᠋ᠢ ᠭᠡᠨᠡᠳᠲᠡ ᠠᠵᠢᠵᠤ ᠬᠠᠷᠠᠭᠠᠳ ᠪᠦᠷ ᠣᠢᠷᠠᠲᠤᠨ ᠢᠷᠡᠵᠦ ᠪᠠᠷᠢᠵᠤ ᠱᠠᠭᠠᠢᠵᠤ ᠦᠵᠡᠭᠡᠳ᠄
— ᠤᠷᠠᠨ ᠬᠥᠮᠦᠨ ᠦ᠌ ᠬᠠᠳᠬᠤᠭᠠᠰᠤ ᠪᠠᠢᠨ᠎ᠠ᠃ ᠮᠢᠨᠦ ᠬᠦᠦ ᠳ᠋ᠦ᠍ ᠬᠡᠨ ᠢᠩᠭᠢᠵᠦ ᠣᠶᠣᠵᠤ ᠥᠭᠪᠡ? ᠭᠡᠬᠦ ᠳ᠋ᠦ᠍ᠨᠢ ᠪᠣᠭᠣᠷᠴᠢ ᠮᠢᠰᠢᠰᠬᠢᠨ ᠢᠨᠢᠶᠡᠵᠦ ᠬᠠᠷᠢᠭᠤ ᠳᠤᠤᠭᠠᠷᠤᠭ᠎ᠠ ᠦᠭᠡᠢ ᠪᠢᠯᠡ᠃
ᠤᠷ᠎ᠠ ᠦᠢᠯᠡ ᠳ᠋ᠡᠭᠡᠨ ᠮᠠᠬᠠᠷᠠᠵᠤ ᠰᠢᠨᠤᠭᠰᠠᠨ ᠪᠦᠰᠡᠭᠦᠢ ᠭᠡᠨᠡᠳᠲᠡ ᠮᠣᠷᠢᠳ ᠤ᠋ᠨ ᠲᠤᠭᠤᠷᠠᠢ ᠲᠠᠴᠢᠭᠢᠨᠠᠵᠤ ᠳᠡᠷᠡᠰᠦᠨ ᠳᠤᠮᠳᠠ ᠬᠣᠶᠠᠷ ᠬᠥᠮᠦᠨ ᠦ᠌ ᠲᠣᠯᠣᠭᠠᠢ ᠱᠣᠪᠣᠯᠵᠠᠬᠤ ᠯᠤᠭ᠎ᠠ ᠴᠣᠴᠢᠨ ᠮᠡᠩᠳᠡᠵᠦ ᠣᠶᠣᠵᠤ ᠪᠠᠢᠭ᠎ᠠ ᠶᠠᠭᠤᠮ᠎ᠠ ᠪᠠᠨ ᠴᠦ᠍ ᠳᠠᠯᠳᠠ ᠬᠢᠵᠦ ᠠᠮᠵᠢᠭ᠎ᠠ ᠦᠭᠡᠢ ᠪᠠᠢᠲᠠᠯ᠎ᠠ ᠢᠷᠡᠳᠡᠭ ᠨᠢ ᠥᠨᠥᠬᠢ ᠪᠣᠷᠤᠤᠬᠠᠢᠳᠤ᠂ ᠨᠡᠷ᠎ᠡ ᠥᠭᠡᠳᠡ ᠲᠡᠢ ᠪᠢᠰᠢ ᠪᠠᠴᠢ ᠬᠣᠶᠠᠷ ᠠᠵᠤᠭᠤ᠃
— ᠰᠠᠢᠨ ᠪᠠᠢᠨ᠎ᠠ ᠤᠤ? ᠭᠡᠵᠦ ᠲᠡᠷᠡ ᠬᠣᠶᠠᠷ ᠤ᠋ᠨ ᠮᠡᠨᠳᠦᠯᠡᠬᠦ ᠳ᠋ᠦ᠍᠄
— ᠰᠠᠢᠨ᠂ ᠰᠠᠢᠨ ᠤᠤ? ᠭᠡᠵᠦ ᠬᠠᠷᠢᠭᠤ ᠮᠡᠨᠳᠦᠯᠡᠪᠡ᠃
— ᠶᠠᠮᠠᠷ ᠤᠷ᠎ᠠ᠂ ᠬᠡᠨ ᠳ᠋ᠦ᠍ ᠵᠣᠷᠢᠭᠤᠯᠤᠭᠠ ᠪᠣᠢ?
— ᠲᠠ ᠨᠠᠷ ᠲᠤ᠌ ᠬᠠᠮᠢᠶ᠎ᠠ ᠦᠭᠡᠢ᠃
ᠬᠡᠷᠦᠯᠦᠨᠵᠢᠨ ᠮᠣᠷᠢᠨ ᠤ᠋ ᠪᠠᠨ ᠲᠤᠱᠠ ᠶ᠋ᠢ ᠲᠠᠢᠯᠬᠤ ᠵᠠᠭᠤᠷ᠎ᠠ ᠪᠣᠷᠣᠣᠬᠠᠢᠲᠤ ᠮᠣᠷᠢᠨ ᠠ᠋ᠴᠠ ᠪᠠᠨ ᠦᠰᠦᠷᠦᠨ ᠪᠠᠭᠤᠵᠤ ᠲᠡᠭᠦᠨ ᠢ᠋ ᠪᠠᠷᠢᠭᠠᠳ ᠠᠪᠬᠤ ᠭᠡᠲᠡᠯ᠎ᠡ ᠪᠤᠯᠲᠠᠵᠤ ᠠᠮᠵᠢᠭᠠᠳ ᠤᠷᠢᠳᠠ ᠠ᠋ᠴᠠ ᠨᠢ ᠥᠷᠥᠨ ᠵᠣᠭᠰᠣᠵᠤ ᠬᠣᠶᠠᠷ ᠮᠥᠷᠦᠨ ᠡᠴᠡ ᠨᠢ ᠪᠠᠷᠢᠵᠤ ᠠᠪᠤᠭᠠᠳ ᠪᠠᠷᠠᠭᠤᠨ ᠲᠠᠰᠢᠶᠠᠨ ᠳᠡᠭᠡᠷ᠎ᠡ ᠪᠡᠨ ᠲᠣᠩᠭᠣᠷᠴᠤ ᠭᠡᠳᠡᠷᠭᠦ ᠬᠠᠷᠠᠭᠤᠯᠤᠨ ᠤᠨᠤᠵᠤ ᠰᠠᠭᠤᠭᠠᠳ ᠡᠨᠳᠡ ᠲᠡᠨᠳᠡ ᠨᠢ ᠵᠠᠢ ᠵᠠᠪ ᠦᠭᠡᠢ ᠪᠠᠯᠪᠠᠬᠤ ᠳ᠋ᠤ᠌ ᠨᠢ ᠪᠠᠴᠢ ᠡᠯᠢᠭᠡ ᠪᠡᠨ ᠬᠥᠰᠢᠲᠡᠯ᠎ᠡ ᠢᠨᠢᠶᠡᠬᠦ ᠳ᠋ᠦ᠍᠄
— ᠬᠥᠮᠦᠨ ᠳ᠋ᠦ᠍ ᠬᠠᠨᠢ ᠪᠣᠯᠵᠤ ᠢᠷᠡᠭᠡᠳ ᠠᠯᠠᠭᠤᠯᠬᠤ ᠭᠡᠵᠦ ᠪᠠᠢᠬᠤ ᠳ᠋ᠤ᠌ ᠢᠨᠢᠶᠡᠵᠦ ᠱᠣᠭᠯᠠᠭᠠᠳ ᠭᠡᠮᠡᠨ ᠪᠣᠷᠣᠣᠬᠠᠢᠲᠤ ᠤᠨᠲᠤᠭᠤᠴᠠᠬᠤᠢ ᠯᠤᠭ᠎ᠠ ᠲᠡᠷᠡ ᠪᠡᠷ ᠨᠢᠭᠡ ᠶᠠᠭᠤᠮ᠎ᠠ ᠰᠠᠨᠠᠬᠤ ᠪᠣᠯᠤᠯᠲᠠᠢ ᠬᠡᠷᠦᠯᠦᠨᠵᠢᠨ ᠦ᠌ ᠬᠣᠶᠠᠷ ᠪᠠᠭᠤᠤ ᠠ᠋ᠴᠠ ᠭᠠᠷ ᠢ᠋ᠶ᠋ᠠᠷ ᠢ᠋ᠶ᠋ᠠᠨ ᠭᠣᠭᠴᠤᠯᠳᠤᠨ ᠪᠠᠷᠢᠵᠤ ᠠᠷᠤ ᠳᠠᠰᠢ ᠨᠢ ᠲᠠᠲᠠᠪᠠᠰᠤ ᠪᠦᠰᠡᠭᠦᠢ ᠠᠷᠭ᠎ᠠ ᠪᠤᠶᠤ ᠭᠡᠳᠡᠷᠭᠦ ᠬᠠᠷᠠᠨ ᠴᠢᠷᠦᠭᠳᠡᠵᠦ ᠪᠣᠷᠣᠬᠠᠢᠲᠤ ᠪᠣᠰᠤᠨ ᠬᠠᠷᠠᠢᠵᠤ ᠳᠡᠭᠡᠷ᠎ᠡ ᠨᠢ ᠮᠣᠷᠳᠠᠬᠤ ᠴᠤ᠌ ᠪᠣᠯᠵᠤ ᠥᠮᠥᠳᠥ ᠲᠡᠢ ᠨᠢ ᠨᠣᠴᠣᠯᠳᠤᠪᠠ᠃
ᠬᠣᠶᠠᠷ ᠤ᠋ᠨ ᠬᠣᠶᠠᠷ ᠡᠷ᠎ᠡ ᠶ᠋ᠢᠨ ᠡᠷᠬᠡᠨ ᠳ᠋ᠦ᠍ ᠣᠷᠣᠭᠰᠠᠨ ᠪᠦᠰᠡᠭᠦᠢ ᠨᠢᠯᠪᠤᠬᠤ᠂ ᠬᠠᠷᠢᠶᠠᠬᠤ᠂ ᠬᠠᠵᠠᠬᠤ ᠭᠡᠬᠦ ᠡᠴᠡ ᠥᠭᠡᠷ᠎ᠡ ᠶᠠᠭᠤ ᠬᠢᠵᠦ ᠴᠢᠳᠠᠬᠤ ᠪᠢᠯᠡ? ᠨᠥᠭᠦᠭᠡ ᠪᠣᠷᠣᠣᠬᠠᠢᠲᠤ ᠢᠨᠴᠠᠭᠯᠠᠵᠤ᠂ ᠢᠷᠪᠠᠢᠵᠤ ᠨᠤᠬᠤᠴᠠᠨ ᠨᠤᠳᠤᠷᠤᠭᠠᠳ ᠴᠦ᠍ ᠨᠢᠭᠡ ᠪᠦᠲᠦᠬᠦ ᠠᠵᠢᠯ ᠮᠠᠭᠤ᠃ ᠪᠠᠴᠢ᠄
— ᠴᠢ ᠶᠡᠷᠦ ᠨᠢ ᠶᠠᠭᠤ ᠬᠢᠭᠡᠳ ᠪᠠᠢᠨ᠎ᠠ? ᠨᠠᠭᠠᠳᠤᠬᠢ ᠴᠢᠨᠢ ᠪᠣᠰᠬᠤ ᠦᠭᠡᠢ ᠪᠠᠢᠭ᠎ᠠ ᠶᠤᠮ ᠤᠤ? ᠡᠰᠡᠪᠡᠯ ᠴᠢᠳᠠᠬᠤ ᠦᠭᠡᠢ ᠪᠠᠢᠭ᠎ᠠ ᠶᠤᠮ ᠤᠤ? ᠨᠠᠭᠠᠳᠤᠬᠢ ᠳᠣᠣᠷ᠎ᠠ ᠴᠢᠨᠢ ᠪᠠᠢᠭ᠎ᠠ ᠠᠮᠢᠲᠠᠨ ᠴᠢᠨᠢ ᠲᠡᠭᠡᠷᠡᠵᠦ ᠦᠬᠦᠬᠦ ᠨᠢ᠃ ᠶᠠᠷᠰᠢᠭ᠂ ᠪᠢ ᠲᠠᠯᠪᠢᠯ᠎ᠠ ᠭᠡᠵᠦ ᠤᠴᠠᠭᠠᠷᠯᠠᠪᠠ᠃
— ᠲᠠᠯᠪᠢᠵᠤ ᠪᠣᠯᠬᠤ ᠦᠭᠡᠢ᠂ ᠪᠠᠷᠢᠵᠤ ᠪᠠᠢ᠃ ᠣᠳᠣ ᠪᠣᠯᠤᠯ᠎ᠠ᠃
ᠴᠢᠩᠭᠢᠵᠦ ᠪᠠᠢᠵᠤ ᠨᠢᠭᠡ ᠶᠠᠭᠤᠮ᠎ᠠ ᠳᠠᠭᠤᠰᠬᠤ ᠪᠣᠯᠵᠤ ᠪᠣᠷᠣᠣᠬᠠᠢᠲᠤ ᠪᠣᠰᠪᠠ᠃ ᠬᠡᠦᠬᠡᠨ ᠥᠮᠥᠳᠥ ᠪᠡᠨ ᠴᠦ᠍ ᠲᠠᠲᠠᠭᠰᠠᠨ ᠦᠭᠡᠢ᠂ ᠴᠣᠮᠴᠣᠢᠨ ᠰᠠᠭᠤᠵᠤ ᠬᠣᠶᠠᠷ ᠡᠪᠦᠳᠦᠭ ᠳᠡᠭᠡᠷ᠎ᠡ ᠪᠡᠨ ᠳᠤᠬᠤ ᠪᠠᠨ ᠲᠠᠯᠪᠢᠨ ᠴᠤᠷᠬᠢᠷᠠᠨ ᠤᠬᠢᠯᠠᠬᠤ ᠨᠢ ᠭᠤᠨᠢᠭᠲᠠᠢ᠃ ᠪᠠᠴᠢ ᠶ᠋ᠢ ᠪᠣᠷᠣᠣᠬᠠᠢᠳᠣ᠄
— ᠴᠢ ᠦᠵᠡᠬᠦ ᠦᠭᠡᠢ ᠤᠤ? ᠭᠡᠬᠦ ᠳ᠋ᠦ᠍ ᠪᠠᠴᠢ᠄
— ᠦᠭᠡᠢ᠂ ᠦᠭᠡᠢ ᠭᠡᠪᠡ᠃ ᠪᠣᠷᠣᠣᠬᠠᠢᠳᠣ᠄
— ᠬᠠᠴᠢᠨ ᠰᠠᠢᠬᠠᠨ ᠶᠤᠮ᠃ ᠲᠠᠲᠠᠭᠠᠯᠵᠠᠬᠤ ᠭᠡᠵᠦ ᠤᠤ? ᠮᠠᠭᠤ ᠯᠠ ᠪᠠᠢᠨ᠎ᠠ ᠳᠠ᠃
— ᠵᠠ᠂ ᠢᠯᠡᠭᠦᠦ ᠳᠤᠲᠠᠭᠤ ᠶᠠᠭᠤᠮ᠎ᠠ ᠪᠦᠦ ᠶᠠᠷᠢ᠃ ᠪᠢ ᠴᠢᠮ᠎ᠠ ᠲᠠᠢ ᠨᠥᠭᠥᠭᠡᠳᠦᠷ ᠠᠭᠤᠯᠵᠠᠨ᠎ᠠ ᠭᠡᠳ ᠳᠠᠪᠬᠢᠭᠠᠳ ᠶᠠᠪᠤᠴᠢᠬᠠᠯ᠎ᠠ᠃
ᠪᠣᠷᠣᠬᠠᠢᠳᠣ ᠬᠡᠷᠦᠯᠦᠨᠵᠢᠨ ᠢ᠋ ᠠᠷᠭᠠᠳᠠᠨ ᠬᠠᠵᠠᠭᠤ ᠳ᠋ᠤᠨᠢ ᠰᠠᠭᠤᠬᠤ ᠭᠡᠲᠡᠯ᠎ᠡ ᠬᠡᠷᠦᠯᠦᠨᠵᠢᠨ ᠲᠦᠯᠬᠢᠭᠡᠳ ᠤᠨᠠᠭᠠᠴᠢᠬᠠᠪᠠ᠃ ᠪᠣᠷᠤᠤᠬᠠᠢᠲᠦ᠄
— ᠴᠢ ᠨᠠᠮ᠎ᠠ ᠶ᠋ᠢ ᠲᠠᠩᠳᠠ ᠪᠠᠨ ᠡᠨᠳᠡ ᠦᠵᠡᠬᠦ᠃ ᠪᠢ ᠴᠢᠮ᠎ᠠ ᠶ᠋ᠢ ᠬᠡᠴᠢᠨᠡᠨ ᠬᠦᠰᠡᠵᠦ᠂ ᠴᠢ ᠬᠢᠰᠠᠵᠤ ᠥᠨᠥ ᠬᠦᠷᠦᠯ᠎ᠡ᠃ ᠦᠵᠡᠯ᠎ᠡ᠃ ᠴᠢ ᠲᠡᠷᠡ ᠠᠷᠤᠯᠠᠳ ᠬᠥᠪᠡᠭᠦᠨ ᠲᠡᠢ ᠨᠥᠬᠥᠴᠡ ᠳᠡ᠃ ᠪᠢ ᠰᠠᠭᠠᠳ ᠪᠣᠯᠬᠤ ᠦᠭᠡᠢ ᠭᠡᠳ ᠲᠠᠪᠤᠨ ᠠᠯᠲᠠᠨ ᠵᠣᠭᠣᠰ ᠡᠪᠦᠷ ᠳᠡᠭᠡᠷ᠎ᠡ ᠨᠢ ᠲᠠᠯᠪᠢᠭᠠᠳ ᠮᠣᠷᠳᠠᠬᠤ ᠳ᠋ᠤ᠌ ᠵᠣᠭᠣᠰ ᠢ᠋ ᠨᠢ ᠠᠷᠤ ᠠ᠋ᠴᠠ ᠨᠢ ᠰᠢᠳᠡᠴᠢᠬᠡᠪᠡ᠃ ᠲᠡᠷᠡ ᠬᠡᠳᠦᠨ ᠵᠣᠭᠣᠰ ᠲᠠᠬᠢᠷ ᠲᠠᠪᠤ ᠭᠡᠳᠡᠭ ᠣᠳᠣ ᠰᠢᠭ᠋ ᠭᠢᠯᠠᠢᠨ ᠬᠠᠷᠠᠭᠳᠠᠵᠤ᠂ ᠪᠣᠷᠣᠣᠬᠠᠢᠳᠣ᠄
— ᠴᠢ ᠮᠢᠨᠦ ᠶᠠᠭᠤᠮ᠎ᠠ ᠶ᠋ᠢ ᠠᠪᠳᠠᠭ ᠦᠭᠡᠢ ᠴᠢᠨᠢ ᠪᠤᠷᠤᠭᠤ ᠳᠠ᠃ ᠨᠠᠭᠠᠳᠤᠬᠢ ᠴᠢᠨᠢ ᠤᠷᠢᠳᠤ ᠭᠠᠵᠠᠷ ᠨᠢᠭᠡ ᠨᠢ ᠢᠷᠭᠡ᠂ ᠮᠠᠨ ᠤ᠋ ᠡᠨᠳᠡ ᠪᠣᠯ ᠪᠤᠲᠠ ᠪᠣᠯᠳᠠᠭ ᠶᠤᠮ ᠰᠢᠦ᠃ ᠲᠡᠭᠦᠵᠦ ᠠᠪᠤᠭᠠᠷᠠᠢ ᠭᠡᠳ ᠶᠠᠪᠤᠵᠤ ᠳᠠᠯᠳᠠ ᠣᠷᠣᠯ᠎ᠠ᠃
ᠬᠡᠷᠦᠯᠦᠨᠵᠢᠨ ᠤᠬᠢᠯᠠᠵᠤ᠂ ᠭᠤᠨᠢᠵᠤ᠂ ᠭᠤᠲᠤᠷᠠᠵᠤ ᠭᠦᠢᠴᠡᠯ᠎ᠡ᠃ ᠪᠣᠰᠴᠤ ᠥᠮᠥᠳᠥ ᠪᠡᠨ ᠲᠠᠲᠠᠬᠤ ᠳ᠋ᠠᠭᠠᠨ ᠬᠥᠯᠥᠰᠥᠨ ᠦ᠌ ᠠᠯᠴᠢᠭᠤᠷ ᠢ᠋ᠶ᠋ᠠᠷ ᠳᠣᠣᠷᠠᠲᠤ ᠡᠷᠬᠡᠲᠡᠨ ᠢ᠋ᠶ᠋ᠡᠨ ᠠᠷᠴᠢᠲᠠᠯᠠ ᠡᠪ ᠦᠭᠡᠢ ᠮᠠᠭᠤᠬᠠᠢ ᠦᠨᠦᠷ ᠭᠠᠷᠪᠠ᠃
— ᠬᠥᠮᠦᠨ ᠡᠴᠡ ᠡᠢᠮᠦ ᠮᠠᠭᠤᠬᠠᠢ ᠦᠨᠦᠷ ᠭᠠᠷᠳᠠᠭ ᠢ᠋ ᠦᠵᠡᠭᠡ ᠦᠭᠡᠢ ᠯᠡ ᠶᠦ᠍ᠮ ᠪᠠᠢᠨ᠎ᠠ᠃ ᠡᠨᠡ ᠮᠠᠭᠤ ᠴᠢᠨᠢ ᠬᠥᠮᠦᠨ ᠶᠦ᠍ᠮ ᠤᠤ? ᠶᠠᠭᠤ ᠶᠤᠮ ᠪᠣᠢ? ᠭᠡᠳ ᠠᠯᠴᠢᠭᠤᠷ ᠢ᠋ᠶ᠋ᠠᠨ ᠳᠠᠷᠠᠰᠤ ᠤᠷᠤᠭᠤ ᠰᠢᠳᠡᠵᠦ᠂ ᠳᠡᠷᠡᠰᠦᠨ ᠦ᠌ ᠶᠣᠵᠣᠭᠣᠷ ᠤ᠋ᠨ ᠴᠠᠰᠤ ᠪᠠᠷ ᠭᠠᠷ ᠢ᠋ᠶ᠋ᠠᠨ ᠤᠬᠢᠶᠠᠭᠠᠳ ᠮᠠᠯ ᠤᠷᠤᠭᠤ ᠪᠠᠨ ᠬᠡᠯᠲᠦᠷᠢᠯ᠎ᠡ᠃ ᠬᠡᠷᠦᠯᠦᠨᠵᠢᠨ ᠪᠦᠰᠡᠭᠦᠢ ᠢᠩᠭᠢᠵᠦ ᠲᠣᠯᠣᠭᠠᠢ ᠪᠠᠨ ᠤᠨᠵᠢᠭᠤᠯᠤᠨ ᠰᠠᠵᠢᠯᠠᠬᠤ ᠭᠡᠳᠡᠭ ᠠᠮᠢᠳᠤᠷᠠᠯ ᠳ᠋ᠤᠨᠢ ᠠᠩᠬ᠎ᠠ ᠤᠳᠠᠭ᠎ᠠ ᠲᠣᠬᠢᠶᠠᠯᠳᠤᠭᠰᠠᠨ ᠶᠠᠪᠤᠳᠠᠯ ᠠᠵᠤᠭᠤ᠃ ᠬᠡᠢᠮᠣᠷᠯᠢᠭ᠌᠂ ᠴᠣᠭ ᠵᠣᠯᠪᠣᠭᠠᠲᠠᠢ ᠳᠠᠪᠬᠢᠳᠠᠭ ᠪᠢᠰᠢᠦ!
ᠭᠡᠷ ᠲᠡᠭᠡᠨ ᠢᠷᠡᠲᠡᠯ᠎ᠡ ᠡᠵᠢ ᠨᠢ ᠬᠠᠷᠠᠵᠤ ᠬᠠᠷᠠᠵᠤ᠄
— ᠮᠢᠨᠦ ᠬᠦᠦ ᠤᠬᠢᠯᠠᠭ᠎ᠠ ᠤᠤ? ᠶᠠᠭᠠᠬᠢᠬᠤᠪ? ᠤᠨᠵᠢᠴᠢᠬᠠᠭᠠᠳ᠂ ᠥᠨᠥ ᠥᠷᠯᠥᠭᠡ ᠪᠣᠭᠣᠷᠴᠢ ᠲᠠᠢ ᠪᠠᠨ ᠮᠠᠭᠤᠳᠠᠯᠴᠠᠭᠰᠠᠨ ᠤᠤ? ᠭᠡᠪᠡᠯ ᠬᠡᠷᠦᠯᠦᠨᠵᠢᠨ᠄
— ᠦᠭᠡᠢ᠂ ᠦᠭᠡᠢ ᠭᠡᠪᠡ᠃
— ᠦᠭᠡᠢ ᠴᠦ᠍ ᠭᠡᠵᠦ ᠳᠡ᠃ ᠨᠢᠳᠦ ᠴᠢᠨᠢ ᠪᠥᠯᠴᠥᠢᠵᠦ ᠰᠦᠮᠡᠢᠭᠡᠳ᠃ ᠮᠢᠨᠦ ᠴᠤᠪᠤᠭ᠎ᠠ ᠥᠬᠢᠨ ᠡᠢᠮᠦ ᠴᠦ᠍ ᠪᠠᠢᠳᠠᠭ ᠦᠭᠡᠢ ᠯᠡ ᠰᠠᠨ᠃ ᠪᠣᠭᠣᠷᠴᠢ ᠨᠢ ᠢᠷᠡᠭᠡᠳ ᠶᠠᠪᠤᠭᠰᠠᠨ᠃ ᠤᠯᠠᠮ ᠯᠠ ᠰᠡᠷᠭᠦᠯᠡᠩ ᠪᠠᠢᠮᠠᠷ ᠭᠡᠨ᠎ᠡ᠃
ᠬᠡᠷᠦᠯᠦᠨᠵᠢᠨ᠂《 ᠮᠢᠨᠦ ᠭᠤᠨᠢᠭ ᠭᠤᠲᠤᠷᠠᠯ ᠢ᠋ ᠡᠵᠢ ᠠᠵᠢᠵᠤ ᠮᠡᠳᠡᠵᠡᠢ᠃ ᠭᠠᠢᠭᠤᠢ ᠶᠠᠪᠤᠶ᠎ᠠ 》 ᠭᠡᠳ ᠡᠵᠢ ᠳ᠋ᠡᠭᠡᠨ᠄
— ᠥᠨᠥ ᠰᠥᠨᠢ᠂ ᠶᠡᠷᠦ ᠨᠢ ᠪᠢ ᠢᠯᠡᠭᠦᠦ ᠭᠡᠷ ᠲᠡᠭᠡᠨ ᠤᠨᠲᠠᠵᠤ ᠪᠠᠢᠶ᠎ᠠ ᠭᠡᠯᠡ᠃ ᠥᠩᠭᠡᠷᠡᠬᠦ ᠬᠣᠶᠠᠷ ᠰᠥᠨᠢ ᠶ᠋ᠢ ᠪᠣᠭᠣᠷᠴᠢ ᠲᠠᠢ ᠪᠠᠨ ᠡᠨᠳᠡ ᠥᠩᠭᠡᠷᠡᠭᠡᠭᠰᠡᠨ᠃ ᠡᠵᠢ ᠨᠢ᠄《ᠲᠡᠭᠡᠪᠡᠯ ᠲᠡᠭᠡᠨ᠎ᠡ ᠯᠡ ᠪᠢᠵᠡ ᠳᠡ》 ᠭᠡᠯᠡ᠃ ᠬᠡᠷᠦᠯᠦᠨᠵᠢᠨ ᠡᠨᠳᠡ ᠰᠥᠨᠢ ᠭᠠᠭᠴᠠᠭᠠᠷ ᠢ᠋ᠶ᠋ᠠᠨ ᠵᠢᠭᠠᠬᠠᠨ ᠤᠬᠢᠶᠠᠯᠭ᠎ᠠ ᠴᠡᠪᠡᠷᠯᠡᠭᠡ ᠬᠢᠶ᠎ᠡ ᠭᠡᠰᠡᠨ ᠳ᠋ᠡᠭᠡᠨ ᠢᠩᠭᠢᠭᠰᠡᠨ ᠪᠠᠢᠵᠠᠢ᠃
ᠬᠡᠳᠦ ᠬᠣᠨᠣᠭ ᠥᠩᠭᠡᠷᠡᠯ᠎ᠡ᠃ ᠲᠡᠭᠦᠨ ᠦ᠌ ᠭᠤᠲᠤᠷᠠᠯ ᠭᠠᠳᠠᠨ᠎ᠠ ᠪᠠᠨ ᠢᠯᠡᠷᠡᠭᠡ ᠦᠭᠡᠢ ᠴᠦ᠍ ᠳᠣᠲᠣᠷ᠎ᠠ ᠪᠠᠨ ᠪᠦᠷ ᠬᠡᠴᠡᠭᠦᠦ ᠪᠣᠯᠪᠠ᠃《ᠪᠣᠭᠣᠷᠴᠢ ᠶ᠋ᠢᠨ ᠢ᠋ᠶ᠋ᠡᠨ ᠨᠢᠭᠤᠷ ᠢ᠋ ᠶᠠᠭᠠᠬᠢᠵᠤ ᠬᠠᠷᠠᠬᠤ ᠪᠣᠢ? ᠬᠡᠯᠡᠬᠦ ᠤᠤ? ᠪᠣᠯᠢᠬᠤ ᠤᠤ? 》 ᠭᠡᠵᠦ ᠳᠤᠩᠰᠢᠵᠤ ᠬᠡᠳᠦ ᠬᠣᠨᠣᠭ ᠪᠣᠳᠣᠭᠠᠳ《ᠬᠡᠯᠡᠬᠦ ᠦᠭᠡᠢ ᠨᠢ ᠵᠥᠪ᠂ ᠬᠡᠯᠡᠪᠡᠯ ᠨᠠᠳᠠ ᠮᠠᠭᠤ ᠶᠠᠭᠤᠮ᠎ᠠ ᠪᠣᠯᠬᠤ ᠠ᠋ᠴᠠ ᠪᠠᠨ ᠡᠷᠡᠴᠦᠳ ᠬᠣᠭᠣᠷᠣᠨᠳᠣ ᠪᠠᠨ ᠦᠰ ᠬᠣᠨᠵᠢᠩ ᠪᠣᠯᠵᠤ ᠮᠡᠳᠡᠨ᠎ᠡ 》 ᠭᠡᠵᠦ ᠨᠢᠭᠤᠬᠤ ᠪᠠᠷ ᠰᠢᠢᠳᠯᠡ᠃
ᠠᠷᠪᠠᠭᠠᠳ ᠬᠣᠨᠣᠲᠠᠯ᠎ᠠ ᠳᠣᠣᠷᠠᠲᠤ ᠡᠷᠬᠡᠲᠡᠨ ᠦ᠌ ᠠᠮᠠᠰᠠᠷ ᠵᠠᠭᠠᠲᠤᠨᠠᠵᠤ᠂ ᠳᠣᠲᠣᠷ ᠠ᠋ᠴᠠ ᠨᠢ ᠮᠠᠭᠤᠬᠠᠢ ᠢᠳᠡᠭᠡ ᠭᠠᠷᠴᠤ ᠬᠣᠷᠣᠰᠬᠤ ᠪᠣᠯᠤᠯ᠎ᠠ᠃ ᠶᠣᠰᠣᠲᠠᠢ ᠭᠤᠲᠤᠮᠰᠢᠭ᠃ ᠡᠳᠦᠷ ᠬᠣᠨᠣᠭ ᠪᠦᠷᠢ ᠬᠡᠴᠡᠭᠦᠦ ᠬᠦᠨᠳᠦᠭᠦᠷᠢ᠂ ᠡᠪᠡᠳᠴᠢᠨ ᠣᠷᠣᠵᠤ᠂ ᠲᠡᠷᠡ ᠲᠣᠰᠤᠮ ᠢ᠋ᠶ᠋ᠠᠨ《ᠴᠢᠨᠣ᠎ᠠ ᠳᠣᠲᠣᠷᠠᠲᠠᠢ ᠪᠣᠷᠣᠣᠬᠠᠢᠳᠤ ᠵᠣᠷᠢᠭᠤᠳᠠ ᠬᠣᠣᠷᠯᠠᠬᠤ ᠭᠡᠵᠦ ᠡᠪᠡᠳᠴᠢᠨ ᠢ᠋ᠶ᠋ᠡᠨ ᠨᠠᠳᠠ ᠥᠭᠭᠦᠭᠰᠡᠨ ᠪᠠᠢᠨ᠎ᠠ᠃ ᠶᠠᠭᠠᠬᠢᠬᠤ ᠪᠣᠢ? ᠪᠢ ᠪᠣᠭᠣᠷᠴᠢ ᠲᠠᠢ ᠪᠠᠨ ᠠᠢᠯ ᠭᠡᠷ ᠪᠣᠯᠵᠤ ᠨᠡᠷᠡᠲᠦ ᠬᠣᠷᠸ᠎ᠠ ᠳ᠋ᠤ᠌ ᠵᠢᠷᠭᠠᠬᠤ ᠠ᠋ᠴᠠ ᠥᠩᠭᠡᠷᠡᠵᠦ᠂ ᠵᠣᠪᠠᠬᠤ ᠴᠤ᠌ ᠥᠩᠭᠡᠷᠡᠵᠡᠢ᠃ ᠲᠡᠷᠡ ᠮᠢᠨᠦ ᠲᠡᠭᠦᠨ ᠢ᠋ ᠬᠡᠭᠡᠷ᠎ᠡ ᠶᠠᠪᠠᠭᠠᠯᠠᠭᠰᠠᠨ ᠢ᠋ ᠰᠣᠨᠣᠰᠤᠭᠠᠳ〈ᠴᠢᠮᠠᠲᠤ ᠯᠠ ᠮᠠᠭᠤ ᠶᠠᠭᠤᠮ᠎ᠠ ᠬᠢᠬᠦ ᠪᠠᠢᠬ᠎ᠠ ᠳᠠ〉 ᠭᠡᠵᠦ ᠬᠡᠯᠡᠭᠰᠡᠨ ᠨᠢ ᠡᠷ᠎ᠡ ᠬᠥᠮᠦᠨ ᠦ᠌ ᠠᠯᠤᠰ ᠤ᠋ᠨ ᠬᠠᠷᠠᠭ᠎ᠠ ᠶᠤᠮ ᠪᠠᠢᠨ᠎ᠠ᠃ ᠢᠳᠤᠭᠠᠨ ᠳ᠋ᠤ᠌ ᠣᠴᠢᠶ᠎ᠠ᠃ ᠲᠡᠷᠡ ᠨᠢᠭᠡ ᠠᠷᠭ᠎ᠠ ᠬᠢᠵᠦ ᠮᠠᠭᠠᠳ ᠦᠭᠡᠢ ᠭᠡᠵᠦ》 ᠬᠡᠷᠦᠯᠦᠨᠵᠢᠨ ᠪᠣᠳᠣᠯ᠎ᠠ᠃ ᠲᠡᠭᠡᠭᠡᠳ ᠨᠤᠲᠤᠭ ᠤ᠋ᠨ ᠨᠡᠷᠡᠲᠡᠢ ᠢᠳᠤᠭᠠᠨ ᠳ᠋ᠤ᠌ ᠣᠴᠢᠪᠠ᠃
ᠲᠡᠷᠡ ᠠᠪᠠᠭᠠᠢ ᠦᠵᠡᠵᠦ ᠰᠣᠨᠣᠰᠤᠭᠠᠳ᠄
— ᠪᠦᠰᠡᠭᠦᠢ ᠮᠢᠨᠢ ᠬᠡᠴᠡᠭᠦᠦ ᠡᠪᠡᠳᠴᠢᠨ ᠲᠡᠢ ᠤᠴᠠᠷᠠᠵᠤ ᠳᠠ᠃ ᠮᠠᠨ ᠤ᠋ ᠨᠤᠲᠤᠭ ᠲᠤ᠌ ᠪᠠᠢᠳᠠᠭ ᠦᠭᠡᠢ᠂ ᠪᠠᠢᠪᠠᠴᠤ ᠲᠤᠩ ᠬᠣᠪᠣᠷ᠂ ᠬᠠᠮᠤᠭ ᠤ᠋ᠨ ᠮᠠᠭᠤ ᠡᠪᠡᠳᠴᠢᠨ᠃ ᠡᠮᠦᠨ᠎ᠡ ᠵᠦᠭ ᠡᠴᠡ ᠯᠡ ᠢᠷᠡᠳᠡᠭ᠂ ᠳᠠᠨᠳᠠ ᠠ᠋ᠴᠠ ᠯᠠ ᠣᠯᠵᠤ ᠠᠪᠳᠠᠭ ᠲᠡᠮᠪᠦᠦ ᠭᠡᠭᠴᠢ᠃ ᠴᠢ ᠶᠠᠭᠠᠬᠢᠭᠠᠳ ᠣᠯᠵᠤ ᠠᠪᠳᠠᠭ ᠪᠢᠯᠡ? ᠰᠠᠶᠢᠬᠠᠨ ᠲᠥᠷᠥᠭᠰᠡᠨ ᠨᠢᠯᠬ᠎ᠠ ᠬᠡᠦᠬᠡᠳ ᠲᠡᠢ ᠬᠡ ᠪᠢᠵᠡ ᠳᠡ? ᠭᠡᠵᠦ ᠭᠠᠢᠬᠠᠰᠢᠷᠠᠨ᠄
— ᠬᠡᠦᠬᠡᠳ ᠢ᠋ᠶ᠋ᠡᠨ ᠬᠥᠬᠥᠭᠦᠯᠬᠦ ᠬᠡᠷᠡᠭ ᠦᠭᠡᠢ ᠶᠦᠮ ᠳᠡ ᠭᠡᠪᠡ᠃ ᠬᠡᠷᠦᠯᠦᠨᠵᠢᠨ᠄
— ᠦᠭᠡᠢ᠂ ᠬᠡᠦᠬᠡᠳ ᠢ᠋ᠶ᠋ᠡᠨ ᠬᠥᠬᠥᠭᠦᠯᠳᠡᠭ ᠦᠭᠡᠢ᠂ ᠬᠥᠬᠥᠨ ᠡᠴᠡ ᠨᠢ ᠰᠠᠯᠭᠠᠴᠢᠬᠠᠭᠰᠠᠨ᠃
— ᠡᠨᠡ ᠡᠪᠡᠳᠴᠢᠨ ᠡᠴᠡ ᠪᠣᠯᠤᠭᠠᠳ ᠤᠤ?
— ᠦᠭᠡᠢ ᠠ᠋᠂ ᠰᠦ ᠮᠠᠭᠤᠲᠠᠢ᠂ ᠬᠥᠬᠥ ᠨᠢ ᠴᠠᠳᠬᠠᠬᠤ ᠦᠭᠡᠢ ᠪᠣᠯᠬᠣᠷ ᠡᠵᠢ ᠤᠯᠠᠭᠴᠢ ᠦᠨᠢᠶᠡᠨ ᠦ᠌ ᠰᠦ ᠪᠡᠷ ᠤᠭᠵᠢᠭᠠᠳ ᠬᠥᠬᠥᠨ ᠡᠴᠡ ᠨᠢ ᠰᠠᠯᠭᠠᠴᠢᠬᠠᠭᠰᠠᠨ᠃
— ᠶᠡᠬᠡ ᠵᠥᠪ ᠶᠠᠭᠤᠮ᠎ᠠ ᠪᠣᠯᠵᠤ ᠳᠠ᠃ ᠡᠨᠡ ᠡᠪᠡᠳᠴᠢᠨ ᠬᠡᠵᠢᠶᠡᠨ ᠡᠴᠡ ᠶᠠᠭᠠᠬᠢᠵᠤ ᠡᠬᠢᠯᠡᠭᠰᠡᠨ ᠶᠦᠮ ᠪᠣᠢ?
— ᠬᠣᠷᠢᠭᠠᠳ ᠬᠣᠨᠣᠵᠤ ᠪᠠᠢᠨ᠎ᠠ᠃ ᠪᠣᠷᠣᠣᠬᠠᠢᠲᠤ ᠭᠡᠵᠦ ᠨᠢᠭᠡ ᠶᠠᠭᠤᠮ᠎ᠠ ᠪᠣᠢ᠃ ᠳᠡᠷᠡᠨ ᠳ᠋ᠦ᠍ ᠬᠦᠴᠦᠨᠳᠡᠭᠦᠯᠦᠭᠰᠡᠨ᠃
— ᠪᠤᠵᠠᠷ ᠠᠮᠢᠲᠠᠨ! ᠲᠡᠷᠡ ᠤᠷᠲᠤ ᠠ᠋ᠴᠠ ᠣᠯᠵᠤ ᠢᠷᠡᠵᠦ ᠥᠬᠢᠳ ᠢ᠋ ᠮᠠᠨᠢ ᠪᠤᠵᠠᠷᠯᠠᠵᠤ ᠶᠠᠪᠤᠭ᠎ᠠ ᠶᠤᠮ ᠪᠠᠢᠨ᠎ᠠ᠃ ᠲᠡᠷᠡ ᠪᠠᠶᠠᠨ ᠨᠠᠢ᠍ᠮᠠᠭᠠᠴᠢᠨ ᠲᠠᠢᠰᠢ ᠪᠠᠨ ᠶᠠᠪᠤᠭᠠᠳ ᠡᠮᠴᠢᠯᠡᠭᠦᠯᠬᠦ ᠪᠢᠵᠡ᠃ ᠴᠢ ᠮᠢᠨᠢ ᠶᠠᠭᠠᠬᠢᠳᠠᠭ ᠶᠤᠮ ᠪᠢᠯᠡ ᠳᠠ? ᠪᠡᠶ᠎ᠡ ᠮᠠᠬᠠᠪᠣᠳ ᠤ᠋ᠨ ᠭᠦᠨ ᠳ᠋ᠦ᠍ ᠨᠡᠪᠲᠡᠷᠡᠭᠰᠡᠨ ᠡᠪᠡᠳᠴᠢᠨ ᠪᠣᠯᠬᠣᠷ ᠳᠣᠲᠣᠷ᠎ᠠ ᠭᠦᠨ ᠳ᠋ᠦ᠍ ᠨᠢ ᠯᠡ ᠡᠮᠴᠢᠯᠡᠬᠦ ᠶᠣᠰᠣᠲᠠᠢ᠃ ᠦᠰᠦ ᠤᠨᠠᠳᠠᠭ᠂ ᠴᠠᠪᠢᠨ ᠤ᠋ ᠪᠤᠯᠴᠢᠷᠬᠠᠢ ᠬᠠᠪᠤᠳᠠᠷ ᠲᠠᠢ᠂ ᠬᠠᠯᠠᠭᠤᠨ ᠲᠠᠢ ᠭᠡᠬᠦ᠃ ᠪᠢ ᠪᠣᠯ ᠠᠷᠭᠠᠯᠠᠵᠤ ᠴᠢᠳᠠᠬᠤ ᠦᠭᠡᠢ᠃ ᠰᠢᠷᠬᠠᠨ ᠳᠡᠭᠡᠷ᠎ᠡ ᠪᠡᠨ ᠡᠭᠦᠨ ᠢ᠋ ᠲᠦᠷᠬᠢ ᠳᠡ᠃ ᠵᠠᠭᠠᠲᠤᠨᠠᠬᠤ ᠶ᠋ᠢ ᠯᠡ ᠳᠠᠷᠤᠬᠤ ᠲᠡᠳᠦᠢ᠃ ᠬᠠᠷᠢᠨ ᠰᠢᠷ᠎ᠠ ᠣᠲᠠᠴᠢ ᠳ᠋ᠤ᠌ ᠣᠴᠢ ᠳᠠ᠃ ᠲᠡᠷᠡ ᠪᠣᠯ ᠤᠷᠲᠤ ᠭᠠᠵᠠᠷ ᠠ᠋ᠴᠠ ᠡᠮ ᠠᠪᠳᠠᠭ ᠡᠮ ᠦ᠋ᠨ ᠨᠠᠢ᠍ᠮᠠᠭᠠᠴᠢᠨ᠃ ᠣᠪᠣᠭ᠎ᠠ ᠴᠤ᠌ ᠬᠥᠯᠵᠢᠵᠦ ᠶᠠᠪᠤᠭ᠎ᠠ ᠶᠤᠮ᠃ ᠬᠥᠮᠦᠨ ᠳ᠋ᠦ᠍ ᠲᠤᠰᠠ ᠪᠣᠯᠵᠤ ᠪᠠᠢᠪᠠᠯ ᠲᠡᠷᠡ ᠨᠢ ᠶᠠᠭᠠᠬᠢᠬᠤᠪ ᠳᠠ᠃ ᠭᠦᠨᠴᠡᠯᠲᠦ ᠦᠷᠢᠯ᠂ ᠨᠢᠭᠡ ᠨᠢ ᠨᠢᠭᠡ ᠠᠯᠲᠠᠨ ᠵᠣᠭᠣᠰ ᠭᠡᠳᠡᠭ ᠶᠦᠮ ᠭᠡᠨ᠎ᠡ ᠪᠢᠯᠡ᠂ ᠲᠡᠭᠦᠨ ᠳ᠋ᠦ᠍ ᠪᠣᠢ ᠭᠡᠰᠡᠨ ᠭᠡᠪᠡ᠃
ᠭᠡᠷ ᠲᠡᠭᠡᠨ ᠬᠠᠷᠢᠭᠠᠳ ᠢᠳᠤᠭᠠᠨ ᠤ᠋ ᠥᠭᠭᠦᠭᠰᠡᠨ ᠲᠣᠰᠣ ᠶ᠋ᠢ ᠭᠠᠷᠭᠠᠲᠠᠯ᠎ᠠ ᠥᠨᠥᠬᠢ ᠪᠣᠷᠣᠣᠬᠠᠢᠳᠣ ᠶ᠋ᠢᠨ ᠪᠤᠵᠠᠷ ᠦᠨᠦᠷ᠃ ᠰᠥᠨᠢᠵᠢᠨ ᠪᠢᠴᠢᠬᠠᠨ ᠢᠯᠡᠭᠦᠦ ᠭᠡᠷ ᠲᠡᠭᠡᠨ ᠭᠤᠨᠢᠬᠠᠷᠠᠭᠰᠠᠨ ᠬᠡᠷᠦᠯᠦᠨᠵᠢᠨ᠄《ᠪᠢ ᠴᠦ᠍ ᠥᠩᠭᠡᠷᠡᠭᠰᠡᠨ ᠬᠥᠮᠦᠨ᠃ ᠡᠳᠡᠭᠡᠷᠡᠬᠦ ᠶᠡᠬᠡ ᠬᠣᠯᠠ᠃ ᠡᠨᠡ ᠬᠡᠪ ᠢ᠋ᠶ᠋ᠡᠷ ᠢ᠋ᠶ᠋ᠡᠨ ᠳᠠᠭᠤᠰᠬᠤ ᠤᠤ? ᠡᠷᠬᠡᠪᠰᠢ ᠠᠷᠭᠠᠯᠠᠬᠤ ᠭᠡᠵᠦ ᠣᠷᠣᠯᠳᠣᠬᠤ ᠤᠤ? ᠲᠡᠷᠡ ᠦᠷᠢᠯ ᠨᠢ ᠲᠤᠰᠠ ᠪᠣᠯᠳᠠᠭ ᠪᠣᠯᠪᠠ ᠤᠤ? ᠪᠣᠭᠣᠷᠴᠢ ᠶ᠋ᠢ ᠢᠷᠡᠲᠡᠯ᠎ᠡ ᠡᠷᠭᠢᠵᠦ ᠡᠳᠡᠭᠡᠷᠡᠳᠡᠭ ᠪᠣᠯ ᠶᠠᠭᠤ ᠴᠤ᠌ ᠬᠠᠮᠢᠶ᠎ᠠ ᠦᠭᠡᠢ᠂ ᠶᠠᠭᠠᠬᠢᠭᠰᠠᠨ ᠴᠤ᠌ ᠶᠠᠭᠠᠬᠢᠬᠤᠪ》 ᠭᠡᠭᠵᠢᠯᠡᠨ ᠪᠣᠳᠣᠭᠳᠠᠨ᠎ᠠ᠃ ᠬᠦᠦ ᠨᠢ ᠤᠬᠢᠯᠠᠵᠤ᠂ ᠡᠵᠢ ᠨᠢ ᠪᠦᠪᠡᠢᠯᠡᠵᠦ ᠰᠦ ᠥᠭᠴᠦ ᠤᠨᠲᠠᠭᠤᠯᠬᠤ ᠰᠣᠨᠣᠰᠳᠠᠪᠠ᠃ ᠤᠯᠠᠢᠰᠤᠭᠰᠠᠨ ᠴᠢᠯᠠᠭᠤᠨ ᠳᠤᠮᠳᠠ ᠲᠣᠭᠣᠭ᠎ᠠ ᠪᠠᠷ ᠪᠢᠲᠡᠭᠦᠦ ᠬᠥᠮᠥᠷᠢᠭᠡᠳ ᠲᠠᠯᠪᠢᠭᠰᠠᠨ ᠰᠠᠪᠠ ᠲᠠᠢ ᠰᠦ ᠨᠢ ᠪᠦᠯᠢᠶᠡᠨ ᠬᠠᠯᠠᠭᠤᠨ ᠪᠠᠢᠳᠠᠭ᠃ ᠡᠵᠢ ᠨᠢ ᠬᠦᠦ ᠶ᠋ᠢ ᠥᠰᠬᠡᠬᠦ ᠡᠯᠳᠡᠪ ᠠᠷᠭ᠎ᠠ ᠤᠬᠠᠭᠠᠨ ᠵᠠᠷᠤᠬᠤ᠃ ᠬᠦᠦ ᠶ᠋ᠢᠨ ᠢ᠋ᠶ᠋ᠡᠨ ᠳᠠᠭᠤ ᠶ᠋ᠢ ᠰᠣᠨᠣᠰᠤᠭᠠᠳ ᠡᠬᠡ ᠪᠦᠷ ᠴᠦ᠍ ᠲᠡᠰᠴᠦ ᠶᠠᠳᠠᠨ ᠭᠦᠶᠦᠵᠦ ᠣᠴᠢᠭᠠᠳ ᠲᠡᠪᠡᠷᠢᠭᠡᠳ ᠠᠪᠤᠮᠠᠷ᠃ ᠭᠡᠲᠡᠯ᠎ᠡ《ᠪᠢ ᠪᠣᠯ ᠲᠡᠪᠡᠷᠢᠬᠦ ᠪᠠᠢᠲᠤᠭᠠᠢ᠂ ᠠᠮᠢᠰᠬᠤᠭ᠎ᠠ ᠪᠠᠨ ᠣᠢᠷᠠᠲᠤᠭᠤᠯᠬᠤ ᠠᠷᠭ᠎ᠠ ᠦᠭᠡᠢ ᠪᠣᠯᠤᠭᠰᠠᠨ ᠪᠤᠵᠠᠷ ᠠᠮᠢᠲᠠᠨ᠂ ᠬᠦᠦ ᠮᠢᠨᠢ ᠶᠠᠭᠠᠬᠢᠭᠰᠠᠨ ᠰᠠᠢᠨ ᠡᠴᠢᠭᠡ ᠶ᠋ᠢᠨ ᠶᠠᠭᠠᠬᠢᠭᠰᠠᠨ ᠮᠠᠭᠤ ᠡᠬᠡ ᠶ᠋ᠢᠨ ᠬᠤᠪᠢ ᠦᠭᠡᠢ ᠦᠷ᠎ᠡ ᠪᠣᠢ? ᠬᠤᠪᠢ ᠦᠭᠡᠢ ᠪᠢᠰᠢ ᠠ᠋᠂ ᠰᠠᠢᠨ ᠡᠴᠢᠭᠡ ᠶ᠋ᠢᠨ ᠬᠤᠪᠢ ᠶ᠋ᠢ ᠬᠦᠷᠲᠡᠵᠦ ᠯᠡ ᠲᠠᠭᠠᠷᠠᠨ᠎ᠠ᠃ ᠵᠠ ᠶᠠᠭᠠᠬᠢᠬᠤᠪ᠂ ᠦᠬᠦᠬᠦ ᠰᠡᠬᠡᠬᠦ ᠪᠠᠨ ᠯᠠ ᠦᠵᠡᠶ᠎ᠡ᠃ ᠨᠢᠭᠡᠨᠲᠡ ᠯᠡ ᠲᠣᠮᠣᠭ᠎ᠠ ᠦᠭᠡᠢᠬᠡᠨ ᠬᠠᠷ᠎ᠠ ᠬᠦᠦ ᠲᠡᠢ ᠪᠡᠨ ᠬᠠᠨᠢᠯᠠᠵᠤ ᠴᠢᠳᠠᠬᠤ ᠦᠭᠡᠢ ᠶᠦᠮ ᠪᠣᠯ ᠦᠬᠦᠭᠰᠡᠨ ᠨᠢ ᠳᠡᠭᠡᠷ᠎ᠡ》 ᠭᠡᠵᠦ ᠬᠡᠷᠦᠯᠦᠨᠵᠢᠨ ᠪᠣᠳᠣᠨ᠎ᠠ᠃
ᠥᠷᠯᠥᠭᠡ ᠪᠣᠯᠵᠠᠢ᠃ ᠨᠢᠭᠤᠷ ᠢ᠋ᠶ᠋ᠠᠨ ᠬᠦᠢᠲᠡᠨ ᠤᠰᠤ ᠪᠠᠷ ᠤᠬᠢᠶᠠᠭᠠᠳ ᠡᠵᠢ ᠳ᠋ᠡᠭᠡᠨ ᠵᠤᠲᠠᠷᠠᠭᠤ ᠬᠠᠷᠠᠭᠳᠠᠬᠤ ᠦᠭᠡᠢ᠂ ᠰᠡᠷᠭᠦᠯᠡᠩ ᠴᠣᠪᠣᠭᠣ ᠪᠠᠢᠬᠤ ᠶ᠋ᠢ ᠬᠢᠴᠢᠶᠡᠵᠦ ᠶᠠᠳᠠᠨ ᠣᠢᠷᠠᠳᠬᠤ ᠳ᠋ᠤ᠌《ᠴᠢᠮ᠎ᠠ ᠠ᠋ᠴᠠ ᠶᠠᠭᠤ ᠦᠨᠦᠷᠲᠦᠨ᠎ᠡ ᠪᠣᠢ?》 ᠭᠡᠵᠦ ᠠᠰᠠᠭᠤᠭᠰᠠᠨ ᠦᠭᠡᠢ᠃ ᠥᠨᠥᠬᠢ ᠦᠮᠡᠬᠡᠢ ᠲᠣᠰᠣ ᠪᠠᠨ ᠥᠴᠥᠭᠡᠳᠦᠷ ᠲᠦᠷᠬᠢᠵᠦ ᠳᠡᠭᠡᠷ᠎ᠡ ᠨᠢ ᠳᠠᠷᠤᠭᠤᠯᠵᠤ ᠰᠣᠢᠭᠰᠠᠨ᠃ ᠬᠠᠪᠲᠠᠭᠠᠢ᠂ ᠱᠣᠪᠬᠣ ᠦᠵᠦᠭᠦᠷ ᠲᠡᠢ ᠬᠣᠶᠠᠷ ᠶᠠᠭᠤᠮ᠎ᠠ ᠬᠠᠨᠴᠤᠢᠯᠠᠭᠠᠳ ᠳᠡᠷᠡᠰᠦᠨ ᠲᠠᠢᠰᠢ ᠣᠴᠢᠪᠠ᠃ ᠪᠣᠷᠤᠤᠬᠠᠢᠲᠤ᠂ ᠪᠠᠴᠢ ᠬᠣᠶᠠᠷ ᠲᠠᠢ ᠶᠠᠭᠠᠬᠢᠵᠤ ᠨᠣᠴᠣᠯᠳᠤᠭᠰᠠᠨ᠂ ᠶᠠᠭᠠᠬᠢᠭᠰᠠᠨ ᠡᠢᠭᠰᠡᠨ ᠪᠦᠬᠦᠨ ᠢ᠋ᠶ᠋ᠡᠨ ᠰᠠᠨᠠᠨ ᠠᠵᠢᠭᠯᠠᠨ ᠬᠡᠰᠡᠭ ᠵᠠᠭᠤᠷ᠎ᠠ ᠰᠠᠭᠤᠵᠤ《ᠡᠨᠳᠡ ᠡᠴᠡ ᠪᠢ ᠲᠠᠢᠰᠢ ᠰᠢᠳᠡᠭᠰᠡᠨ᠂ ᠲᠡᠭᠡᠬᠦ ᠳ᠋ᠦ᠍ ᠲᠠᠬᠢᠷ ᠲᠠᠪᠤ ᠰᠢᠭ᠋ ᠲᠡᠭᠡᠵᠦ ᠬᠠᠷᠠᠭᠳᠠᠭᠰᠠᠨ᠃ ᠲᠡᠷᠡ ᠦᠶ᠎ᠡ ᠳ᠋ᠦ᠍ ᠴᠠᠰᠤ ᠲᠠᠢ ᠪᠠᠢᠭᠰᠠᠨ᠂ ᠵᠠᠷᠢᠮ ᠨᠢ ᠴᠠᠰᠤᠨ ᠳ᠋ᠤ᠌᠂ ᠵᠠᠷᠢᠮ ᠨᠢ ᠭᠠᠵᠠᠷ ᠳᠡᠭᠡᠷ᠎ᠡ》 ᠭᠡᠬᠦ ᠮᠡᠲᠦᠴᠢᠯᠡᠨ ᠵᠠᠢ ᠬᠡᠮᠵᠢᠶ᠎ᠡ ᠪᠠᠷᠢᠮᠵᠢᠶᠠᠯᠠᠵᠤ᠂ ᠬᠠᠮᠤᠭ ᠤ᠋ᠨ ᠪᠠᠷᠠᠭᠤᠨ ᠭᠡᠰᠡᠨ ᠢ᠋ ᠨᠢ ᠣᠴᠢᠵᠤ ᠬᠠᠳᠬᠤᠴᠢᠵᠤ ᠬᠠᠮᠤᠪᠠ᠃ ᠭᠠᠷᠤᠭᠠᠳ ᠢᠷᠡᠯ᠎ᠡ᠃ ᠥᠨᠥᠬᠢ ᠴᠢᠨᠢ!《ᠪᠤᠰᠤᠳ ᠨᠢ ᠲᠡᠭᠡᠪᠡᠯ ᠣᠯᠳᠠᠨ᠎ᠠ᠃ ᠪᠠᠢᠭ᠎ᠠ ᠯᠠ ᠶᠤᠮ ᠪᠠᠢᠨ᠎ᠠ》 ᠭᠡᠵᠦ ᠥᠪᠡᠷ ᠦ᠋ᠨ ᠰᠠᠭᠤᠵᠤ ᠪᠠᠢᠭᠰᠠᠨ ᠭᠠᠵᠠᠷ ᠢ᠋ᠶ᠋ᠠᠨ ᠣᠴᠢᠵᠤ ᠪᠠᠷᠢᠮᠵᠢᠶᠠᠯᠠᠵᠤ ᠪᠠᠢᠭᠠᠳ ᠣᠯᠤᠭᠠᠳ ᠠᠪᠤᠪᠠ᠃
ᠬᠡᠷᠦᠯᠦᠨᠵᠢᠨ ᠲᠡᠭᠡᠭᠡᠳ ᠰᠢᠷ᠎ᠠ ᠣᠲᠠᠴᠢ ᠳ᠋ᠤ᠌ ᠣᠴᠢᠯ᠎ᠠ᠃ ᠦᠵᠡᠭᠦᠯᠪᠡ᠃ ᠠᠰᠠᠭᠤᠭᠰᠠᠨ ᠳ᠋ᠤᠨᠢ ᠢᠳᠤᠭᠠᠨ ᠳ᠋ᠤ᠌ ᠶᠠᠷᠢᠭᠰᠠᠨ ᠢ᠋ᠶ᠋ᠠᠨ ᠯᠠ ᠶᠠᠷᠢᠯ᠎ᠠ᠃ ᠥᠭᠡᠷ᠎ᠡ ᠶᠠᠭᠤ ᠶᠠᠷᠢᠬᠤ ᠪᠢᠯᠡ? ᠦᠨᠡᠨ ᠨᠢ ᠲᠡᠷᠡ᠃ ᠰᠢᠷ᠎ᠠ ᠣᠲᠠᠴᠢ᠄
— ᠲᠡᠮᠪᠦᠦ ᠭᠦᠨ ᠳ᠋ᠡᠭᠡᠨ ᠣᠷᠣᠵᠤ ᠬᠦᠨᠳᠦᠷᠡᠵᠡᠢ᠃ ᠤᠷᠢᠳᠤ ᠭᠠᠵᠠᠷ ᠪᠣᠯ ᠡᠮᠴᠢᠯᠡᠳᠡᠭ ᠯᠡ ᠶᠦᠮ᠃ ᠡᠨᠳᠡ ᠪᠣᠯ ᠪᠢ ᠯᠡ ᠣᠷᠣᠯᠳᠣᠪᠠᠯ ᠡᠳᠡᠭᠡᠵᠦ ᠪᠣᠯᠤᠨ᠎ᠠ᠃ ᠡᠮ ᠬᠣᠪᠣᠷ ᠦᠨᠡᠲᠡᠢ ᠁
— ᠶᠠᠮᠠᠷ ᠦᠨ᠎ᠡ ᠲᠡᠢ ᠪᠣᠢ?
— ᠨᠢᠭᠡ ᠨᠢ ᠨᠢᠭᠡ ᠠᠯᠲᠠᠨ ᠵᠣᠭᠣᠰ᠂ ᠪᠤᠲᠠ ᠭᠡᠰᠡᠨ ᠦᠭᠡ᠃
— ᠲᠠᠪᠤ ᠶ᠋ᠢ ᠠᠪᠤᠶ᠎ᠠ᠃ ᠠᠷᠪᠠ ᠬᠣᠨᠣᠭ ᠲᠤ᠌ ᠡᠳᠡᠭᠡᠬᠦ ᠤᠤ? ᠭᠡᠵᠦ ᠲᠠᠪᠤᠨ ᠠᠯᠲᠠᠨ ᠵᠣᠭᠣᠰ ᠢ᠋ᠶ᠋ᠠᠨ ᠭᠠᠷᠭᠠᠵᠤ ᠥᠭᠪᠡ᠃ ᠣᠲᠠᠴᠢ᠄
— ᠬᠣᠨᠣᠭ ᠬᠤᠭᠤᠴᠠᠭ᠎ᠠ ᠪᠠᠷ ᠶᠠᠷᠢᠬᠤ ᠠᠷᠭ᠎ᠠ ᠦᠭᠡᠢ᠃ ᠶᠠᠭᠤ ᠴᠦ᠍ ᠭᠡᠰᠡᠨ ᠳᠣᠯᠣᠭᠠᠨ ᠦᠷᠢᠯ ᠥᠭᠭᠦᠶ᠎ᠡ᠃ ᠡᠳᠦᠷ ᠦ᠋ᠨ ᠨᠢᠭᠡ ᠶ᠋ᠢ ᠤᠤᠭᠤ ᠳᠠ᠃ ᠪᠢ ᠬᠠᠷᠢᠨ ᠬᠣᠶᠠᠷ ᠢ᠋ ᠢᠯᠡᠭᠦᠦ ᠥᠭᠭᠦᠯ᠎ᠡ ᠰᠢᠦ᠃ ᠴᠠᠭᠠᠰᠢ ᠪᠠᠨ ᠵᠠᠪᠠᠯ ᠵᠣᠭᠣᠰ ᠭᠡᠬᠦ ᠦᠭᠡᠢ᠂ ᠪᠤᠲᠠ ᠪᠠᠷ ᠶᠠᠷᠢᠯᠴᠠᠵᠤ ᠪᠣᠯᠬᠤ ᠶᠤᠮ ᠰᠢᠦ᠃ ᠴᠠᠪᠢᠨ ᠤ᠋ ᠪᠠᠨ ᠬᠠᠪᠤᠳᠠᠷ ᠳᠡᠭᠡᠷ᠎ᠡ ᠠᠩ ᠤ᠋ᠨ ᠶᠤᠮ ᠤᠤ? ᠬᠤᠷᠠᠭ᠎ᠠ ᠢᠰᠢᠭᠡᠨ ᠦ᠌ ᠭᠣᠳᠣ ᠳᠡᠪᠲᠦᠭᠡᠭᠡᠳ ᠨᠠᠭᠠᠵᠤ ᠬᠥᠬᠥᠭᠦᠯᠵᠦ ᠪᠣᠯᠤᠨ᠎ᠠ᠃ ᠲᠡᠭᠡᠪᠡᠯ ᠬᠠᠭᠠᠷᠠᠬᠤ ᠨᠢ ᠬᠤᠷᠳᠤᠰᠤᠨᠠ᠃ ᠭᠡᠬᠦ ᠳ᠋ᠡᠭᠡᠨ ᠲᠡᠢᠮᠦ ᠴᠦ᠍ ᠠᠮᠠᠷᠬᠠᠨ ᠪᠤᠰᠤ᠃ ᠬᠠᠭᠠᠷᠠᠪᠠᠯ ᠡᠪᠡᠳᠴᠢᠨ ᠨᠢ ᠭᠠᠳᠠᠭᠰᠢᠯᠠᠵᠤ ᠪᠠᠢᠭ᠎ᠠ ᠶᠤᠮ᠃ ᠡᠪᠡᠳᠴᠢᠨ ᠦ᠌ ᠬᠣᠣᠷ ᠢ᠋ ᠪᠦᠷᠢᠮᠦᠰᠦᠨ ᠭᠠᠳᠠᠭᠰᠢ ᠬᠥᠭᠡᠭᠡᠬᠦ ᠶ᠋ᠢᠨ ᠲᠤᠯᠠ ᠲᠣᠢᠫᠤᠯᠢᠩ ᠤᠤᠭᠤᠬᠤ ᠰᠠᠷ᠎ᠠ ᠶ᠋ᠢᠨ ᠠᠵᠢᠯ ᠪᠣᠢ᠃
ᠡᠨᠡ ᠣᠯᠠᠨ ᠦᠭᠡ᠂ ᠤᠷᠲᠤ ᠬᠤᠭᠤᠴᠠᠭ᠎ᠠ ᠶ᠋ᠢ ᠪᠣᠳᠣᠬᠤ ᠠ᠋ᠴᠠ ᠳᠣᠲᠣᠷ᠎ᠠ ᠬᠠᠷᠠᠩᠭᠤᠢᠯᠠᠨᠠ᠃ ᠪᠣᠭᠣᠷᠴᠢ ᠤᠳᠠᠬᠤ ᠦᠭᠡᠢ ᠢᠷᠡᠬᠦ ᠪᠠᠢᠬ᠎ᠠ᠂ ᠢᠷᠡᠬᠦ ᠳ᠋ᠦ᠍ᠨᠢ ᠪᠢ ᠢᠳᠡᠭᠡ ᠪᠡᠭᠡᠷᠡᠨ ᠳ᠋ᠦ᠍ ᠪᠠᠷᠢᠭᠳᠠᠭᠠᠳ ᠪᠠᠢᠪᠠᠯ ᠰᠢᠪᠰᠢᠭ ᠭᠡᠵᠦ ᠪᠣᠳᠣᠵᠤ ᠭᠣᠨᠢᠷᠬᠠᠨ᠂ ᠰᠢᠷ᠎ᠠ ᠣᠲᠠᠴᠢ ᠶ᠋ᠢᠨ ᠦᠷᠢᠯ ᠡᠴᠡ ᠬᠣᠶᠠᠷ ᠡᠳᠦᠷ ᠳᠠᠷᠠᠭᠠᠯᠠᠨ ᠨᠢᠭᠡ ᠨᠢᠭᠡ ᠶ᠋ᠢ ᠬᠦᠷᠲᠡᠪᠡ᠃ ᠭᠣᠳᠣ ᠠᠷᠠᠰᠤ ᠶ᠋ᠢ ᠴᠦ᠍ ᠴᠢᠨᠠᠯᠠ᠃ ᠥᠭᠡᠷᠡᠴᠢᠯᠡᠭᠳᠡᠭᠰᠡᠨ ᠴᠦ᠍ ᠶᠠᠭᠤᠮ᠎ᠠ ᠠᠯᠠᠭ᠎ᠠ᠃ ᠭᠤᠷᠪᠠᠳᠠᠬᠢ ᠡᠳᠦᠷ ᠨᠢ ᠡᠮ ᠢ᠋ ᠬᠣᠶᠠᠷ ᠢ᠋ᠶ᠋ᠠᠷ ᠨᠢ ᠤᠤᠭᠤᠯ᠎ᠠ᠃ ᠪᠡᠶ᠎ᠡ ᠢᠷᠪᠢᠭᠢᠨᠡᠵᠦ᠂ ᠨᠢᠳᠦ ᠡᠷᠢᠶᠡᠯᠵᠡᠯᠡᠬᠦ ᠵᠡᠷᠭᠡ ᠪᠣᠯᠤᠭᠠᠳ ᠯᠠ ᠥᠩᠭᠡᠷᠡᠪᠡ᠃
ᠵᠤᠨ ᠤ᠋ ᠡᠬᠢᠨ ᠰᠠᠷ᠎ᠠ ᠶ᠋ᠢᠨ ᠰᠡᠭᠦᠯ ᠤᠷᠤᠭᠤ ᠪᠠᠨ ᠣᠷᠣᠭᠰᠠᠨ ᠦᠶ᠎ᠡ᠃ ᠪᠣᠭᠣᠷᠴᠢ ᠶ᠋ᠢᠨ ᠬᠡᠯᠡᠭᠰᠡᠨ ᠢ᠋ᠶ᠋ᠡᠷ ᠪᠣᠯ ᠢᠷᠡᠬᠦ ᠨᠢ ᠣᠢᠷᠠᠲᠤᠭᠠᠳ ᠯᠠ ᠪᠠᠢᠬᠤ ᠶᠤᠮ᠃ ᠤᠷᠢᠳᠠ ᠨᠢ ᠪᠣᠯ《ᠢᠷᠡᠭᠡᠰᠡᠢ》 ᠭᠡᠵᠦ ᠬᠦᠰᠡᠵᠦ ᠰᠠᠨᠠᠨ ᠶᠠᠪᠤᠳᠠᠭ ᠬᠥᠮᠦᠨ ᠢ᠋ᠶ᠋ᠡᠨ ᠣᠳᠣ ᠪᠣᠯᠬᠣᠷ《ᠪᠠᠢᠵᠠᠨᠠᠭᠠᠰᠠᠢ》 ᠭᠡᠵᠦ ᠪᠣᠳᠣᠬᠤ ᠪᠣᠯᠤᠯ᠎ᠠ᠃ ᠲᠡᠷᠡ ᠵᠠᠪᠰᠠᠷ ᠡᠳᠡᠭᠡᠷᠡᠵᠦ ᠡᠷᠡᠭᠦᠯ ᠪᠣᠯᠴᠢᠬᠠᠬᠤ ᠰᠠᠨᠠᠭ᠎ᠠ ᠲᠥᠷᠥᠨ᠎ᠡ᠃《ᠥᠨᠥᠳᠥᠷ ᠦᠯᠡᠳᠡᠭᠰᠡᠨ ᠭᠤᠷᠪᠠᠨ ᠦᠷᠢᠯ ᠢ᠋ᠶ᠋ᠡᠨ ᠤᠤᠭᠤᠴᠢᠬᠠᠶ᠎ᠠ》 ᠭᠡᠵᠦ ᠰᠢᠲᠦᠭᠡᠳ ᠪᠠᠭ᠎ᠠ ᠦᠳᠡ ᠶ᠋ᠢᠨ ᠦᠶ᠎ᠡ ᠳ᠋ᠦ᠍ ᠵᠠᠯᠭᠢᠴᠢᠬᠠᠪᠠ᠃ ᠳᠥᠩᠭᠡᠵᠡᠢ ᠵᠠᠯᠭᠢᠭᠠᠳ ᠣᠷᠭᠢᠲᠠᠯ᠎ᠠ ᠭᠠᠳᠠᠭ᠎ᠠ ᠬᠥᠮᠦᠰ ᠢᠷᠡᠵᠦ ᠡᠵᠢ ᠲᠡᠢ ᠨᠢ ᠮᠡᠨᠳᠦᠯᠡᠬᠦ ᠨᠢ ᠨᠢᠭᠡᠯᠡ ᠶᠡᠷᠦ ᠪᠤᠰᠤ ᠶ᠋ᠢᠨ᠃ ᠨᠠᠬᠤ᠂ ᠪᠣᠭᠣᠷᠴᠢ᠂ ᠠᠷᠤ ᠠ᠋ᠴᠠ ᠨᠢ ᠡᠵᠢ ᠨᠢ ᠣᠷᠣᠭᠠᠳ ᠢᠷᠡᠯ᠎ᠡ᠃ ᠨᠠᠬᠤ ᠲᠡᠮᠦᠷᠴᠢ ᠬᠣᠶᠠᠷ ᠪᠡᠶ᠎ᠡ ᠪᠡᠶ᠎ᠡ ᠪᠡᠨ ᠲᠠᠨᠢᠬᠤ ᠲᠤᠯᠠ ᠭᠠᠷ ᠵᠥᠷᠢᠭᠦᠯᠦᠨ ᠮᠡᠨᠳᠦᠯᠡᠭᠡᠳ ᠨᠠᠬᠤ ᠭᠡᠷ ᠦ᠋ᠨ ᠵᠡᠭᠦᠨ ᠬᠣᠢᠲᠤ ᠲᠠᠯ᠎ᠠ᠂ ᠡᠵᠡᠨ ᠭᠡᠷ ᠦ᠋ᠨ ᠪᠠᠷᠠᠭᠤᠨ ᠬᠣᠢᠲᠤ ᠲᠠᠯ᠎ᠠ ᠪᠠᠷᠢᠨ ᠰᠠᠭᠤᠵᠠᠭᠠᠵᠤ᠂ ᠭᠠᠵᠠᠷ ᠣᠷᠣᠨ᠂ ᠴᠠᠭ ᠠᠭᠠᠷ᠂ ᠠᠬᠤᠢ ᠠᠮᠢᠵᠢᠷᠭᠠᠨ ᠤ᠋ ᠬᠡᠪᠰᠢᠮᠡᠯ ᠶᠠᠷᠢᠶ᠎ᠠ ᠰᠣᠯᠢᠯᠴᠠᠬᠤ ᠠᠪᠠᠢ᠃
ᠡᠨᠡ ᠵᠠᠪᠰᠠᠷ ᠡᠵᠢ ᠨᠠᠮᠤᠭᠤᠨ ᠴᠢ ᠢᠳᠡᠭᠡ ᠪᠡᠷ ᠵᠣᠴᠢᠳ ᠢ᠋ᠶ᠋ᠠᠨ ᠳᠠᠢᠯᠠᠯᠠ᠃ ᠨᠠᠬᠤ ᠬᠦᠦ ᠪᠡᠨ ᠳᠠᠭᠠᠭᠤᠯᠤᠨ ᠥᠴᠥᠭᠡᠳᠦᠷ ᠨᠤᠲᠤᠭ ᠠ᠋ᠴᠠ ᠭᠠᠷᠴᠤ ᠣᠷᠣᠢᠲᠠᠭᠠᠳ ᠲᠠᠨᠢᠳᠠᠭ ᠨᠥᠬᠥᠷ ᠦ᠋ᠨ ᠳ᠋ᠡᠭᠡᠨ ᠬᠣᠨᠣᠭᠯᠠᠭᠠᠳ ᠢᠷᠡᠵᠦ ᠪᠠᠢᠭ᠎ᠠ ᠨᠢ ᠡᠨᠡ ᠠᠵᠢ᠃ ᠨᠢᠯᠬ᠎ᠠ ᠬᠡᠦᠬᠡᠳ ᠲᠡᠢ᠂ ᠲᠡᠭᠡᠭᠡᠳ ᠪᠡᠷᠢ ᠭᠤᠶᠤᠬᠤ ᠠᠢᠯ ᠳ᠋ᠠᠭᠠᠨ ᠴᠠᠭ ᠮᠥᠴᠢ ᠲᠠᠭᠠᠷᠠᠭᠤᠯᠤᠨ ᠣᠴᠢᠬᠤ ᠶᠣᠰᠣ ᠵᠢᠷᠤᠮ ᠢ᠋ ᠰᠠᠬᠢᠬᠤ ᠨᠢ ᠵᠦᠢ᠃ ᠪᠣᠭᠤᠷᠴᠢ《ᠲᠦᠷᠦᠭᠦᠯᠡᠭᠡᠳ ᠣᠴᠢᠶ᠎ᠠ》 ᠭᠡᠵᠦ ᠠᠪᠤ ᠠ᠋ᠴᠠ ᠪᠠᠨ ᠭᠤᠶᠤᠬᠤ ᠳ᠋ᠤ᠌《ᠪᠣᠯᠬᠤ ᠦᠭᠡᠢ》 ᠭᠡᠵᠡᠢ᠃
ᠨᠠᠬᠤ ᠬᠦᠦ ᠳ᠋ᠡᠭᠡᠨ《ᠬᠣᠯᠪᠣᠭ᠎ᠠ ᠪᠠᠨ》 ᠭᠡᠵᠦ ᠲᠣᠪᠴᠢᠬᠠᠨ ᠭᠠᠭᠴᠠ ᠦᠭᠡ ᠬᠡᠯᠡᠵᠦ ᠲᠣᠯᠣᠭᠠᠢ ᠰᠠᠵᠢᠬᠤᠢ ᠳ᠋ᠤ᠌ ᠲᠡᠷᠡ ᠪᠡᠷ ᠭᠠᠷᠴᠤ ᠭᠠᠨᠵᠤᠭᠠᠨ ᠤ᠋ ᠶᠠᠭᠤᠮ᠎ᠠ ᠪᠠᠨ ᠠᠪᠴᠢᠷᠠᠵᠤ ᠠᠪᠤ ᠳ᠋ᠠᠭᠠᠨ ᠥᠭᠪᠡ᠃ ᠨᠠᠬᠤ ᠪᠣᠭᠴᠣ ᠪᠠᠨ ᠠᠭᠤᠳᠠᠯᠤᠨ ᠡᠪᠬᠡᠵᠦ ᠬᠢᠭᠰᠡᠨ ᠲᠣᠳᠣ ᠬᠡ ᠲᠡᠢ ᠳᠡᠪᠡᠯ ᠦ᠋ᠨ ᠲᠣᠷᠭᠠᠨ ᠳᠡᠭᠡᠷ᠎ᠡ ᠲᠣᠮᠣ ᠴᠠᠭᠠᠨ ᠮᠥᠩᠭᠥᠨ ᠶᠤᠸᠠᠮᠪᠤᠤ ᠲᠠᠯᠪᠢᠵᠤ ᠪᠣᠰᠤᠨ᠄
ᠠᠷᠤᠯᠠᠳ ᠣᠪᠣᠭ ᠤ᠋ᠨ ᠨᠠᠬᠤ ᠪᠢ
ᠤᠷᠭ᠎ᠠ ᠪᠠᠷᠢᠳᠠᠭ ᠭᠠᠭᠴᠠ ᠬᠦᠦ ᠲᠡᠢ
ᠤᠷ᠎ᠠ ᠱᠠᠭᠯᠠᠳᠠᠭ ᠵᠠᠶᠠᠭᠠᠨ ᠤ᠋ ᠬᠠᠨᠢ ᠨᠢ
ᠤᠳᠤᠮ ᠰᠠᠢᠲᠠᠢ ᠭᠦᠭᠦᠢᠳ ᠲᠡᠮᠦᠷᠴᠢ ᠶ᠋ᠢᠨ
ᠦᠷ᠎ᠡ ᠨᠢ ᠪᠣᠯᠵᠤ ᠦᠰᠦᠨ ᠪᠣᠢᠵᠢᠭᠠᠳ
ᠡᠷ᠎ᠡ ᠨᠥᠬᠥᠷ ᠢ᠋ᠶ᠋ᠡᠨ ᠥᠪᠡᠷ ᠢ᠋ᠶ᠋ᠡᠨ ᠰᠣᠩᠭᠣᠵᠤ
ᠠᠴᠢ ᠶ᠋ᠢ ᠮᠢᠨᠢ ᠲᠥᠷᠥᠭᠦᠯᠦᠭᠰᠡᠨ ᠢ᠋ ᠨᠢᠳᠦ ᠪᠡᠷ ᠦᠵᠡᠭᠰᠡᠨ
ᠠᠵᠠ ᠵᠠᠶᠠᠭᠠᠨ ᠳ᠋ᠠᠭᠠᠨ ᠪᠠᠶᠠᠷᠯᠠᠵᠤ ᠪᠠᠷᠠᠰᠢ ᠦᠭᠡᠢ
ᠬᠦᠦ ᠥᠬᠢᠨ ᠬᠣᠶᠠᠷ ᠢ᠋ᠶ᠋ᠠᠨ ᠨᠡᠢᠯᠡᠭᠦᠯᠦᠭᠡᠳ
ᠬᠥᠬᠡ ᠮᠥᠩᠭᠥᠨ ᠲᠩᠷᠢ ᠶ᠋ᠢᠨ ᠢ᠋ᠶ᠋ᠡᠨ ᠳᠣᠣᠷ᠎ᠠ
ᠲᠣᠭᠣᠨᠣᠲᠤ ᠭᠡᠷ ᠢ᠋ ᠨᠢ ᠪᠤᠰᠬᠠᠵᠤ ᠥᠭᠭᠦᠶ᠎ᠡ
ᠲᠣᠭᠣᠭ᠎ᠠ ᠲᠤᠯᠭ᠎ᠠ ᠶ᠋ᠢ ᠨᠢ ᠲᠦᠰᠢᠵᠦ ᠥᠭᠭᠦᠶ᠎ᠡ
ᠬᠦᠰᠡᠯ ᠵᠣᠷᠢᠯᠭ᠎ᠠ ᠶ᠋ᠢ ᠮᠢᠨᠢ
ᠬᠦᠯᠢᠶᠡᠵᠦ ᠠᠪᠤᠨ᠎ᠠ ᠤᠤ? ᠲᠡᠮᠦᠷᠴᠢ ᠲᠠ
ᠬᠣᠲᠠ ᠤᠷᠤᠭ ᠤ᠋ᠨ ᠪᠠᠷᠢᠯᠳᠤᠯᠭᠠᠲᠠᠨ ᠪᠣᠯᠵᠤ
ᠬᠣᠲᠠᠯᠠ ᠣᠯᠠᠨ ᠳ᠋ᠠᠭᠠᠨ ᠤᠳᠤᠮ ᠢ᠋ᠶ᠋ᠠᠨ ᠦᠯᠡᠳᠡᠭᠡᠶ᠎ᠡ ᠭᠡᠵᠦ ᠲᠡᠮᠦᠷᠴᠢ ᠳ᠋ᠦ᠍ ᠪᠠᠷᠢᠬᠤ ᠳ᠋ᠤ᠌ ᠲᠡᠷᠡ ᠪᠡᠷ ᠰᠠᠭᠤᠳᠠᠯ ᠢ᠋ᠶ᠋ᠠᠨ ᠵᠠᠰᠠᠨ ᠬᠣᠶᠠᠷ ᠭᠠᠷ ᠢ᠋ᠶ᠋ᠠᠷ ᠢ᠋ᠶ᠋ᠠᠨ ᠲᠤᠰᠬᠤᠢ ᠳ᠋ᠤ᠌ ᠬᠡᠷᠦᠯᠤᠨᠵᠢᠨ᠄
— ᠠᠪᠴᠤ ᠪᠣᠯᠬᠤ ᠦᠭᠡᠢ᠂ ᠠᠪᠤ ᠠ᠋! ᠪᠢ ᠣᠴᠢᠵᠤ ᠴᠢᠳᠠᠬᠤ ᠦᠭᠡᠢ ᠭᠡᠵᠦ ᠬᠠᠴᠢᠨ ᠴᠡᠴᠡᠷᠬᠢᠯᠡᠭᠰᠡᠨ ᠬᠣᠭᠣᠯᠠᠢ ᠪᠠᠷ ᠬᠡᠯᠡᠭᠡᠳ ᠪᠣᠰᠴᠤ ᠰᠣᠭᠲᠣᠭᠤ ᠬᠥᠮᠦᠨ ᠰᠢᠭ ᠬᠥᠯ ᠨᠢ ᠰᠣᠯᠪᠢᠨ ᠨᠢᠭᠤᠷ ᠢ᠋ᠶ᠋ᠠᠨ ᠳᠠᠷᠤᠨ ᠤᠬᠢᠯᠠᠭᠰᠠᠭᠠᠷ ᠭᠠᠷᠴᠤ ᠣᠳᠪᠠ᠃
ᠲᠡᠮᠦᠷᠴᠢ ᠨᠠᠬᠤ ᠬᠣᠶᠠᠷ ᠤ᠋ᠨ ᠠᠯᠢ ᠠᠯᠢᠨ ᠨᠢ ᠴᠢᠷᠠᠢ ᠨᠢ ᠬᠠᠷᠠᠯᠠᠵᠤ ᠪᠠᠷᠤᠢᠭᠠᠳ ᠬᠡᠯᠡᠬᠦ ᠴᠦ᠍ ᠦᠭᠡ ᠦᠭᠡᠢ ᠪᠣᠯᠵᠤ᠂ ᠪᠣᠭᠣᠷᠴᠢ ᠶ᠋ᠢᠨ ᠲᠣᠯᠣᠭᠠᠢ ᠤᠷᠤᠭᠤ ᠤᠰᠤ ᠰᠠᠴᠤᠬᠤ ᠰᠢᠭ᠋᠂ ᠡᠨᠡ ᠭᠡᠷ ᠦ᠋ᠨ ᠳᠣᠲᠣᠷᠠᠬᠢ ᠪᠦᠯᠢᠶᠡᠨ ᠳᠤᠯᠠᠭᠠᠨ ᠠᠭᠤᠷ ᠠᠮᠢᠰᠬᠤᠯ ᠬᠥᠯᠳᠡᠭᠦᠦ ᠮᠥᠰᠥ ᠯᠦ᠋ᠭᠡ ᠨᠢᠭᠡᠨ ᠪᠣᠯᠵᠤ ᠬᠤᠪᠢᠰᠬᠤ ᠠᠵᠤᠭᠤ᠃ ᠨᠢᠯᠬ᠎ᠠ ᠬᠦᠦ ᠥᠭᠡᠯᠦᠨ ᠢ᠋ ᠤᠭᠵᠢᠵᠤ ᠰᠠᠭᠤᠭ᠎ᠠ ᠡᠬᠡ ᠨᠠᠮᠤᠭᠤᠨ᠄
— ᠬᠡᠷᠦᠯᠤᠨᠵᠢᠨ ᠠ᠋ ! ᠶᠠᠭᠠᠬᠢᠯ᠎ᠠ ᠡᠢᠯ᠎ᠡ? ᠶᠠᠭᠤ ᠪᠣᠯᠬᠤ ᠨᠢ ᠡᠨᠡ ᠪᠣᠢ?《ᠪᠣᠭᠣᠷᠴᠢ ᠮᠢᠨᠢ ᠢᠷᠡᠵᠦ ᠨᠠᠮ᠎ᠠ ᠶ᠋ᠢ ᠠᠪᠠᠴᠢᠨ᠎ᠠ》 ᠭᠡᠵᠦ ᠬᠥᠷ ᠪᠠᠶᠠᠷ ᠪᠣᠯᠵᠤ ᠶᠠᠪᠤᠭᠰᠠᠨ ᠪᠢᠰᠢᠦ? ᠶᠠᠭᠤ ᠪᠣᠯᠬᠤ ᠨᠢ ᠪᠣᠢ? ᠶᠠᠮᠠᠷ ᠭᠠᠢ ᠳᠠᠭᠠᠷᠢᠪᠠ ᠠ᠋? ᠬᠡᠷᠦᠯᠤᠨᠵᠢᠨ! ᠭᠡᠵᠦ ᠥᠭᠡᠯᠡᠬᠦ ᠡᠴᠡ ᠴᠠᠭᠠᠰᠢ ᠦᠭᠡᠢ᠃
ᠨᠠᠬᠤ ᠬᠦᠦ ᠳ᠋ᠡᠭᠡᠨ ᠲᠣᠯᠣᠭᠠᠢ ᠰᠠᠵᠢᠵᠤ《ᠬᠣᠢᠨ᠎ᠠ ᠠ᠋ᠴᠠ ᠨᠢ ᠭᠠᠷ》 ᠭᠡᠰᠡᠨ ᠳᠣᠬᠢᠶ᠎ᠠ ᠥᠭᠬᠦ ᠳ᠋ᠦ᠍ ᠪᠤᠭᠤᠷᠴᠢ ᠤᠬᠤᠰᠬᠢᠨ ᠭᠠᠷᠪᠠ᠃
ᠬᠡᠷᠦᠯᠤᠨᠵᠢᠨ ᠭᠡᠷ ᠡᠴᠡ ᠨᠡᠯᠢᠶᠡᠳ ᠵᠠᠢᠲᠠᠢ᠂ ᠬᠥᠯ ᠨᠢ ᠳᠦᠢᠪᠡᠨ ᠴᠠᠭᠠᠰᠢ ᠬᠠᠷᠠᠵᠤ ᠨᠢᠭᠤᠷ ᠢ᠋ᠶ᠋ᠠᠨ ᠳᠠᠷᠤᠨ ᠬᠥᠯ ᠰᠣᠯᠪᠢᠬᠤ ᠲᠡᠳᠦᠢ ᠦᠵᠡᠭᠳᠡᠪᠡ᠃ ᠪᠢᠴᠢᠬᠠᠨ ᠡᠷ᠎ᠡ ᠭᠦᠶᠦᠨ ᠭᠦᠶᠦᠭᠰᠡᠭᠡᠷ ᠠᠷᠤ ᠠ᠋ᠴᠠ ᠨᠢ ᠣᠴᠢᠭᠠᠳ ᠰᠤᠭᠤᠳᠠᠵᠤ ᠠᠪᠤᠪᠠᠰᠤ ᠰᠠᠭᠤᠨ ᠲᠣᠰᠤᠭᠠᠳ ᠥᠭᠭᠦᠯ᠎ᠡ᠃
— ᠬᠡᠷᠦᠯᠦᠨᠵᠢᠨ ᠠ᠋᠂ ᠶᠠᠭᠤ ᠪᠣᠯᠪᠠ?
— ᠪᠣᠭᠣᠷᠴᠢ ᠮᠢᠨᠢ᠂ ᠪᠤᠵᠠᠷ ᠡᠮ᠎ᠡ ᠳ᠋ᠦ᠍ ᠬᠦᠷᠴᠦ ᠪᠣᠯᠬᠤ ᠦᠭᠡᠢ᠃ ᠪᠢ ᠪᠤᠵᠠᠷᠯᠠᠭᠳᠠᠭᠰᠠᠨ᠃ ᠬᠦᠴᠦᠨ ᠳ᠋ᠦ᠍ ᠠᠪᠲᠠᠵᠤ ᠁ ᠥᠨᠥᠬᠢ ᠴᠢᠨᠢ ᠁ ᠪᠠᠴᠢ ᠭᠡᠳᠡᠭ ᠠᠮᠢᠲᠠᠨ ᠥᠭᠡᠳᠡ ᠦᠭᠡᠢ ᠠᠮᠢᠲᠠᠨ ᠢ᠋ ᠬᠥᠯᠥᠰᠥ ᠪᠡᠷ ᠳᠠᠭᠠᠭᠤᠯᠵᠤ ᠢᠷᠡᠭᠡᠳ ᠰᠢᠦ᠃
ᠲᠡᠭᠦᠨ ᠦ᠌ ᠪᠡᠶ᠎ᠡ ᠨᠢ ᠴᠡᠴᠡᠷᠡᠵᠦ᠂ ᠬᠡᠯᠡ ᠨᠢ ᠡᠭᠡᠳᠡᠷᠡᠵᠦ ᠡᠬᠢᠯᠡᠪᠡ᠃ ᠬᠡᠯᠡ ᠪᠡᠨ ᠡᠭᠡᠳᠡᠷᠡᠭᠦᠯᠦᠨ ᠡᠭᠡᠳᠡᠷᠡᠭᠦᠯᠦᠨ ᠴᠡᠴᠡᠷᠡᠵᠦ ᠶᠠᠭᠤ ᠪᠣᠯᠤᠭᠰᠠᠨ ᠢ᠋ ᠪᠦᠭᠦᠳᠡ ᠶ᠋ᠢ ᠬᠡᠯᠡᠯ᠎ᠡ᠃ ᠪᠤᠭᠤᠷᠴᠢ᠄
— ᠲᠡᠷᠡ ᠰᠢᠷ᠎ᠠ ᠣᠲᠠᠴᠢ ᠪᠠᠷ ᠡᠮᠴᠢᠯᠡᠭᠦᠯᠵᠦ ᠪᠣᠯᠬᠤ ᠪᠢᠰᠢᠦ?
— ᠲᠡᠷᠡ ᠥᠩᠭᠡᠷᠡᠭᠰᠡᠨ᠃ ᠠᠮᠢ ᠲᠡᠮᠡᠴᠡᠭᠡᠳ᠂ ᠬᠠᠮᠤᠭ ᠶᠠᠭᠤᠮ᠎ᠠ ᠬᠠᠷᠠᠭᠳᠠᠬᠤ ᠪᠠᠨ ᠪᠣᠯᠢᠯ᠎ᠠ᠃ ᠨᠠᠮ᠎ᠠ ᠶ᠋ᠢ ᠪᠤᠰᠬ᠎ᠠ᠃ ᠠᠪᠤ ᠡᠵᠢ ᠳ᠋ᠡᠭᠡᠨ ᠦᠵᠡᠭᠳᠡᠶᠡ᠃
ᠪᠣᠭᠣᠷᠴᠢ ᠬᠡᠷᠦᠯᠦᠨᠵᠢᠨ ᠢ᠋ ᠰᠤᠭᠤᠳᠠᠭᠠᠳ ᠲᠦᠰᠢᠵᠦ ᠪᠤᠰᠬᠠᠬᠤ ᠭᠡᠰᠡᠨ ᠨᠢ ᠪᠣᠰᠴᠤ ᠴᠢᠳᠠᠭᠰᠠᠨ ᠦᠭᠡᠢ᠂ ᠬᠥᠯ ᠨᠢ ᠨᠤᠭᠤᠷᠠᠵᠤ ᠤᠨᠠᠭᠠᠳ ᠁ ᠲᠡᠷᠡ ᠳᠣᠣᠷ᠎ᠠ ᠨᠢ ᠬᠣᠶᠠᠷ ᠭᠠᠷ ᠳᠡᠭᠡᠷ᠎ᠡ ᠪᠡᠨ ᠡᠷᠭᠦᠨ ᠭᠦᠶᠦᠵᠦ ᠭᠡᠷ ᠲᠦ᠍ ᠣᠷᠣᠪᠠ᠃ ᠲᠡᠳᠡ ᠪᠦᠬᠦᠨ ᠴᠣᠴᠢᠨ ᠰᠠᠨᠳᠤᠷᠴᠤ᠂ ᠬᠡᠷᠦᠯᠦᠨᠵᠢᠨ ᠢ᠋ ᠡᠵᠢ ᠶ᠋ᠢᠨ ᠬᠢᠨᠢ ᠳᠡᠭᠡᠳᠦ ᠲᠠᠯ᠎ᠠ ᠳ᠋ᠤ᠌ ᠭᠠᠷᠭᠠᠵᠤ ᠰᠠᠭᠤᠯᠭᠠᠪᠠ᠃ ᠬᠡᠷᠤᠯᠤᠨᠵᠢᠨ ᠬᠣᠭᠣᠯᠠᠢ ᠨᠢ ᠪᠣᠭᠣᠵᠤ ᠪᠠᠢᠬᠤ ᠰᠢᠭ᠋ ᠬᠠᠬᠢᠷ ᠬᠠᠴᠢᠨ ᠳᠠᠭᠤ ᠪᠠᠷ᠄
— ᠠᠪᠤ᠂ ᠡᠵᠢ! ᠥᠬᠢᠨ ᠨᠢ᠁ ᠬᠠᠨᠢᠶᠠᠵᠤ ᠬᠠᠬᠢᠷᠤᠨ ᠬᠠᠮᠤᠭ ᠪᠡᠶ᠎ᠡ ᠨᠢ ᠲᠣᠭᠲᠠᠵᠤ ᠶᠠᠳᠠᠨ ᠴᠡᠴᠡᠷᠡᠵᠦ᠂ ᠬᠦᠢᠲᠡᠨ ᠬᠥᠯᠥᠰᠥ ᠨᠢ ᠳᠠᠭᠠᠪᠤᠷᠯᠠᠨ᠄
— ᠬᠦᠦ ᠶ᠋ᠢᠨ ᠮᠢᠨᠢ ᠡᠴᠢᠭᠡ ᠡᠨᠡ ᠪᠤᠭᠤᠷᠴᠢ᠂ ᠡᠴᠢᠭᠡ ᠳ᠋ᠦ᠍ᠨᠢ ᠥᠭᠭᠦᠭᠡᠷᠡᠢ! ᠤᠳᠤᠮ ᠳᠠᠭᠠᠭ᠂ ᠪᠢ ᠪᠤᠭᠤᠷᠴᠢ ᠶ᠋ᠢᠨ ᠠᠪᠠᠯᠢ ᠡᠮ᠎ᠡ᠃ ᠡᠬᠡᠨᠡᠷ ᠁ ᠪᠢ ᠁ ᠪᠢ ᠁ ᠭᠡᠳ ᠦᠭᠡ ᠪᠡᠨ ᠬᠡᠯᠡᠵᠦ ᠴᠢᠳᠠᠬᠤ ᠦᠭᠡᠢ᠂ ᠬᠠᠮᠤᠭ ᠮᠥᠴᠢ ᠪᠡᠶ᠎ᠡ ᠨᠢ ᠲᠠᠲᠠᠵᠤ ᠠᠮᠢᠰᠬᠤᠭ᠎ᠠ ᠨᠢ ᠶᠡᠬᠡᠰᠴᠦ ᠠᠮᠢ ᠨᠢ ᠲᠡᠮᠡᠴᠡᠨ᠄《ᠡᠵᠢ ᠠ᠋ !》 ᠭᠡᠵᠦ ᠳᠠᠭᠤᠳᠠᠨ᠎ᠠ᠃
ᠭᠡᠷ ᠲᠦ᠍ ᠪᠠᠢᠭ᠎ᠠ ᠪᠦᠭᠦᠳᠡ ᠬᠡᠷᠦᠯᠳᠵᠢᠨ ᠦ᠌ ᠬᠣᠶᠠᠷ ᠲᠠᠯ᠎ᠠ ᠳ᠋ᠤᠨᠢ ᠰᠠᠭᠤᠵᠤ ᠭᠠᠷ ᠳᠡᠭᠡᠷ᠎ᠡ ᠪᠡᠨ ᠡᠷᠭᠦᠵᠦ ᠠᠶᠠᠲᠠᠢ ᠪᠠᠢᠯᠭᠠᠬᠤ ᠶ᠋ᠢ ᠬᠢᠴᠢᠶᠡᠵᠦ ᠶᠠᠳᠠᠨ᠎ᠠ᠃ ᠪᠦᠭᠦᠳᠡ ᠨᠢᠯᠪᠤᠰᠤ ᠮᠡᠯᠮᠡᠷᠡᠭᠦᠯᠦᠨ᠂ ᠡᠬᠡ ᠨᠠᠮᠤᠭᠤᠨ ᠠᠮᠠᠨ ᠳ᠋ᠤᠨᠢ ᠰᠦ ᠬᠠᠯᠪᠠᠭᠠᠳᠠᠨ ᠪᠠᠯᠭᠤᠭᠤᠯᠵᠤ᠂ ᠡᠨᠳᠡ ᠲᠡᠨᠳᠡ ᠨᠢ ᠢᠯᠢᠵᠦ ᠲᠠᠢᠪᠤᠰᠢᠷᠠᠭᠤᠯᠬᠤ ᠶ᠋ᠢ ᠪᠦᠭᠦᠳᠡ ᠯᠡ ᠴᠢᠷᠮᠠᠢᠪᠠᠴᠤ ᠲᠤᠰᠠ ᠪᠣᠯᠵᠤ ᠴᠢᠳᠠᠭᠰᠠᠨ ᠦᠭᠡᠢ ᠨᠡᠯᠢᠶᠡᠳ ᠤᠳᠠᠪᠠ᠃ ᠠᠮᠢᠰᠬᠤᠭ᠎ᠠ ᠨᠢ ᠪᠦᠷ ᠴᠦ᠍ ᠣᠪᠣᠯᠵᠠᠵᠤ ᠪᠠᠢᠭᠰᠠᠨ ᠢ᠋ᠶ᠋ᠠᠨ ᠨᠠᠮᠳᠠᠬᠤ ᠪᠠᠢᠳᠠᠯ ᠲᠠᠢ ᠪᠣᠯᠵᠤ᠂ ᠬᠥᠯ ᠭᠠᠷ ᠨᠢ ᠶᠡᠬᠡ ᠬᠦᠴᠦᠲᠡᠢ ᠲᠠᠲᠠᠯᠳᠤᠨ ᠰᠤᠯᠠᠷᠠᠵᠤ ᠪᠠᠢᠯ᠎ᠠ᠃ ᠢᠩᠭᠢᠭᠰᠡᠨ ᠬᠥᠮᠦᠨ ᠶᠠᠭᠠᠬᠢᠳᠠᠭ ᠢ᠋ ᠡᠨᠳᠡ ᠪᠠᠢᠭᠰᠠᠳ ᠪᠣᠭᠣᠷᠴᠢ ᠠ᠋ᠴᠠ ᠪᠤᠰᠤᠳ ᠨᠢ ᠪᠦᠷ ᠮᠡᠳᠡᠬᠦ ᠲᠤᠯᠠ ᠲᠤᠩ ᠵᠣᠪᠠᠭᠤᠷᠢᠯᠠᠵᠠᠭᠠᠨᠠ᠃ ᠪᠣᠭᠣᠷᠴᠢ ᠴᠤ᠌ ᠭᠡᠯᠡ ᠵᠦᠩ ᠢ᠋ᠶ᠋ᠡᠷ ᠢ᠋ᠶ᠋ᠡᠨ ᠮᠡᠳᠡᠷᠡᠵᠦ ᠥᠪᠡᠷ ᠦ᠋ᠨ ᠡᠷᠬᠡ ᠦᠭᠡᠢ ᠨᠢᠯᠪᠤᠰᠤ ᠮᠡᠯᠮᠡᠷᠡᠭᠦᠯᠦᠨ᠎ᠡ᠃ ᠬᠡᠷᠦᠯᠦᠨᠵᠢᠨ ᠦ᠌ ᠪᠡᠶ᠎ᠡ ᠨᠢ ᠰᠤᠯᠠᠷᠠᠵᠤ ᠠᠮᠢᠰᠬᠤᠭ᠎ᠠ ᠨᠢ ᠪᠣᠭᠣᠨᠢᠰᠴᠤ ᠪᠠᠢᠭᠰᠠᠨ ᠢ᠋ᠶ᠋ᠠᠨ ᠨᠢᠭᠡ ᠶᠡᠬᠡ ᠤᠷᠲᠤ ᠲᠠᠰᠤᠯᠳᠠᠩᠭᠤᠢ ᠭᠤᠨᠢᠭᠲᠠᠢ ᠠᠮᠢᠰᠬᠤᠭ᠎ᠠ ᠲᠠᠲᠠᠵᠤ ᠠᠭᠠᠵᠢᠭᠤᠬᠠᠨ ᠭᠠᠷᠭᠠᠭᠰᠠᠨ ᠢ᠋ᠶ᠋ᠠᠨ ᠳᠠᠬᠢᠨ ᠠᠮᠢᠰᠬᠤᠭᠰᠠᠨ ᠦᠭᠡᠢ᠂ ᠪᠦᠬᠦ ᠪᠡᠶ᠎ᠡ ᠪᠡᠨ ᠰᠤᠯᠠ ᠲᠠᠯᠪᠢᠪᠠ᠃ ᠪᠦᠭᠦᠳᠡ ᠤᠬᠢᠯᠠᠯᠳᠤᠯᠠ᠃
