ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠠᠷᠪᠠᠨ ᠬᠣᠶᠠᠷ> Хүлэг баатар буурч - Б. Өлзийсүрэн <Тэргүүн бүлэг-12> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠠᠷᠪᠠᠨ ᠬᠣᠶᠠᠷ> Хүлэг баатар буурч - Б. Өлзийсүрэн <Тэргүүн бүлэг-12>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠠᠷᠪᠠᠨ ᠬᠣᠶᠠᠷ> Хүлэг баатар буурч - Б. Өлзийсүрэн <Тэргүүн бүлэг-12>

ᠠᠩᠭᠢᠯᠠᠯ:ᠲᠤᠭᠤᠵᠢ ᠷᠣᠮᠠᠨ
2026-03-04

109

ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ

ᠠᠷᠪᠠᠨ ᠬᠣᠶᠠᠷ


              ᠠᠷᠪᠠᠨ ᠬᠣᠶᠠᠷ 
                 ᠠᠯᠤᠰ ᠤ᠋ᠨ ᠬᠠᠷᠭᠤᠢ ᠵᠤᠷᠠᠢᠨ᠎ᠠ ᠯᠠ᠂ᠵᠤᠷᠠᠢᠨ᠎ᠠ᠂  
                 ᠠᠭᠲᠠᠨ ᠤ᠋ ᠬᠤᠷᠳᠤᠨ ᠢ᠋ᠶ᠋ᠠᠨ ᠠᠭᠰᠢᠭᠠᠨ᠎ᠠ ᠯᠠ᠂ ᠠᠭᠰᠢᠭᠠᠨ᠎ᠠ ᠯᠠ
                 ᠠᠮᠠᠷᠠᠭ ᠲᠡᠷᠡ ᠮᠢᠨᠢ ᠪᠣᠳᠣᠭᠳᠠᠨ᠎ᠠ ᠯᠠ᠂ ᠪᠣᠳᠣᠭᠳᠠᠨ᠎ᠠ ᠯᠠ   
                 ᠠᠯᠳ᠋ᠠᠬᠠᠨ ᠪᠡᠶ᠎ᠡ ᠮᠢᠨᠢ ᠣᠢᠷᠠᠲᠤᠨ᠎ᠠ ᠯᠠ᠂ ᠣᠢᠷᠠᠲᠤᠨ᠎ᠠ ᠯᠠ  

       ᠡᠪᠦᠯ ᠦ᠋ᠨ ᠨᠢᠭᠡᠨ ᠰᠠᠷ᠎ᠠ ᠳᠤᠮᠳᠠ ᠪᠠᠨ ᠣᠷᠣᠯ᠎ᠠ᠂ ᠴᠠᠰᠤ ᠣᠷᠣᠵᠤ ᠠᠳᠤᠭᠤᠨ ᠤ᠋ ᠤᠮᠳᠠ ᠲᠠᠢ ᠪᠣᠯᠤᠯ᠎ᠠ᠂《ᠳᠠᠷᠠᠭ᠎ᠠ ᠶ᠋ᠢᠨ ᠳᠣᠯᠣᠭ᠎ᠠ ᠬᠣᠨᠣᠭ ᠡᠴᠡ ᠣᠲᠣᠷ ᠲᠤ᠌ ᠪᠠᠨ ᠭᠠᠷᠤᠨ᠎ᠠ》 ᠭᠡᠵᠦ ᠳᠠᠭᠠᠭᠠᠮᠠᠯ ᠬᠡᠯᠡᠪᠡ᠃ ᠳᠠᠭᠠᠭᠠᠮᠠᠯ ᠲᠡᠢᠷ ᠭᠤᠴᠢᠨ ᠲᠠᠪᠤ ᠵᠢᠷᠭᠤᠭᠠᠨ ᠨᠠᠰᠤᠨ ᠤ᠋ ᠪᠦᠷ ᠠᠷᠬᠠᠭ ᠠᠳᠤᠭᠤᠴᠢᠨ᠃ ᠡᠬᠡᠨᠡᠷ ᠬᠣᠶᠠᠷ ᠪᠢᠴᠢᠬᠠᠨ ᠬᠡᠦᠬᠡᠳ ᠲᠡᠢ ᠪᠡᠨ ᠶᠠᠪᠤᠭ᠎ᠠ᠃ ᠡᠨᠡ ᠠᠳᠤᠭᠤᠴᠢᠨ ᠤ᠋ ᠪᠠᠭ ᠪᠣᠭᠣᠷᠴᠢ ᠠ᠋ᠴᠠ ᠭᠠᠳᠠᠨ᠎ᠠ ᠬᠣᠷᠢ ᠬᠦᠷᠦᠭᠡ ᠦᠭᠡᠢ ᠬᠣᠶᠠᠷ ᠵᠠᠯᠠᠭᠤ ᠲᠠᠢ᠃ ᠢᠩᠭᠢᠭᠡᠳ ᠪᠦᠭᠦᠳᠡ ᠳᠣᠯᠣᠭᠠᠨ ᠠᠮᠠ ᠪᠦᠯᠢ᠃ ᠡᠷ᠎ᠡ ᠪᠦᠷᠢ ᠠᠷᠪᠠᠨ ᠬᠡᠳᠦᠨ ᠠᠵᠢᠷᠭ᠎ᠠ ᠠᠳᠤᠭᠤ ᠲᠠᠢ᠃ ᠪᠣᠭᠣᠷᠴᠢ ᠭᠡᠬᠦ ᠳ᠋ᠦ᠍ ᠯᠡ ᠥᠪᠡᠷᠦᠨ ᠠᠷᠪᠠ ᠳᠡᠭᠡᠷ᠎ᠡ ᠠᠬ᠎ᠠ ᠳᠡᠭᠦᠦ ᠶ᠋ᠢᠨ ᠲᠠᠪᠤ ᠨᠡᠮᠡᠭᠳᠡᠵᠦ ᠠᠳᠤᠭᠤᠴᠢᠳ ᠪᠦᠭᠦᠳᠡ ᠨᠡᠢᠯᠡᠭᠡᠳ ᠵᠢᠷᠠ ᠰᠢᠬᠠᠮ ᠠᠵᠢᠷᠭ᠎ᠠ ᠠᠳᠤᠭᠤ ᠲᠠᠢ᠂ ᠮᠢᠩᠭ᠎ᠠ ᠬᠣᠶᠠᠷ ᠵᠠᠭᠤ ᠭᠠᠷᠤᠢ ᠰᠦᠷᠦᠭ ᠲᠡᠢ ᠪᠠᠢᠯ᠎ᠠ᠃ 
       ᠡᠯ᠎ᠡ ᠪᠠᠭ ᠬᠣᠶᠠᠷ ᠵᠢᠭᠠᠬᠠᠨ ᠭᠡᠷ ᠲᠡᠢ᠃ ᠨᠢᠭᠡ ᠳ᠋ᠦ᠍ᠨᠢ ᠳᠠᠭᠠᠭᠠᠮᠠᠯ ᠤ᠋ᠨ ᠬᠢ᠂ ᠨᠥᠭᠦᠭᠡ ᠳ᠋ᠦ᠍ᠨᠢ ᠭᠤᠷᠪᠠᠨ ᠪᠢᠴᠢᠬᠠᠨ ᠠᠷ᠎ᠠ᠃ ᠬᠡᠳᠦᠨ ᠲᠡᠮᠡᠭᠡᠨ ᠲᠡᠷᠭᠡ ᠲᠡᠢ᠂ ᠣᠢᠷ᠎ᠠ ᠣᠢᠷᠬᠠᠭ ᠨᠡᠭᠦᠭᠰᠡᠭᠡᠷ ᠵᠡᠭᠦᠨ ᠲᠡᠰᠢ ᠬᠦᠷᠡᠩ ᠰᠢᠯᠢ ᠬᠡᠮᠡᠬᠦ ᠵᠡᠯᠢᠭᠦᠳ᠂ ᠡᠪᠡᠰᠦ ᠶᠡᠬᠡᠲᠡᠢ ᠬᠤᠸᠠ ᠬᠥᠪᠡᠭᠡ ᠳᠤᠮᠳᠠ ᠡᠪᠦᠯᠵᠢᠬᠦ ᠠᠵᠢ᠃ ᠥᠩᠭᠡᠷᠡᠭᠰᠡᠨ ᠡᠪᠦᠯ ᠡᠨᠡ ᠳᠣᠯᠣᠭ᠎ᠠ ᠢᠩᠭᠢᠵᠦ ᠶᠠᠪᠤᠵᠤ ᠢᠵᠢᠯᠢ ᠳᠠᠰᠤᠯ ᠪᠣᠯᠵᠠᠢ᠃ ᠪᠣᠭᠣᠷᠴᠢ ᠬᠣᠶᠠᠷ ᠲᠠᠬᠢ ᠵᠢᠯ ᠳ᠋ᠡᠭᠡᠨ ᠶᠠᠪᠤᠭ᠎ᠠ ᠲᠤᠯᠠ ᠳᠣᠬᠢ ᠠᠳᠤᠭᠤᠴᠢᠨ ᠪᠣᠯᠵᠤ ᠪᠤᠰᠤᠳ ᠨᠢ ᠴᠦ᠍ ᠮᠥᠨ ᠠᠳᠠᠯᠢ᠃ ᠡᠳᠡ ᠢᠩᠭᠢᠵᠦ ᠶᠠᠪᠤᠬᠤ ᠵᠠᠭᠤᠷ᠎ᠠ ᠴᠢᠨᠣ᠎ᠠ᠂ ᠦᠨᠡᠭᠡ ᠪᠣᠯᠤᠨ ᠬᠡᠭᠡᠷ᠎ᠡ ᠶ᠋ᠢᠨ ᠵᠢᠵᠢᠭ ᠠᠷᠢᠶᠠᠲᠠᠨ ᠠᠮᠢᠲᠠᠨ᠂ ᠴᠠᠭᠠᠨ ᠵᠡᠭᠡᠷ᠎ᠡ ᠠᠩᠨᠠᠨ᠎ᠠ᠃ ᠪᠦᠭᠦᠳᠡ ᠵᠠᠷ ᠵᠡᠪᠰᠡᠭ ᠲᠡᠢ᠃ ᠠᠩ ᠣᠯᠵᠠᠪᠤᠷᠢ ᠶ᠋ᠢᠨ ᠶᠠᠪᠤᠭᠤᠯ ᠤ᠋ᠨ ᠠᠶᠠᠨᠴᠢᠨ᠂ ᠵᠢᠩᠴᠢᠳ᠂ ᠬᠤᠳᠠᠯᠳᠤᠭᠠᠴᠢᠨ ᠮᠠᠢᠮᠠᠢᠴᠢᠨ ᠲᠠᠢ ᠠᠷᠠᠯᠵᠢᠶ᠎ᠠ ᠬᠢᠴᠢᠬᠡᠨ᠎ᠡ᠃ 
       ᠰᠥᠨᠢ ᠶ᠋ᠢᠨ ᠵᠣᠭᠰᠣᠭᠠᠯ ᠳᠡᠭᠡᠷ᠎ᠡ ᠰᠠᠭᠠᠵᠤ ᠰᠤᠷᠤᠭᠰᠠᠨ ᠭᠡᠭᠦᠦ ᠪᠡᠨ ᠬᠣᠶᠠᠷ ᠰᠠᠭᠠᠭᠠᠳ ᠰᠠᠭᠠᠮ᠎ᠠ ᠠᠪᠤᠨ᠎ᠠ᠃ ᠡᠨᠡ ᠠᠵᠢᠯ ᠢ᠋ ᠮᠠᠨᠠᠭᠠᠨ ᠳ᠋ᠤ᠌ ᠭᠠᠷᠤᠭᠰᠠᠨ ᠬᠡᠨ ᠪᠣᠯᠪᠠᠴᠤ ᠠᠮᠵᠢᠭᠤᠯᠬᠤ ᠶᠣᠰᠣᠲᠠᠢ ᠪᠥᠯᠥᠭᠡ᠃ ᠳᠥᠷᠪᠡᠨ ᠡᠷ᠎ᠡ ᠡᠭᠡᠯᠵᠢᠯᠡᠨ ᠮᠠᠨᠠᠭᠠᠨ ᠳ᠋ᠤ᠌ ᠭᠠᠷᠬᠤ ᠨᠢ ᠭᠤᠷᠪᠠ ᠥᠨᠵᠢᠨ᠎ᠡ ᠭᠡᠰᠡᠨ ᠦᠭᠡ᠃ ᠰᠢᠭᠤᠷᠭ᠎ᠠ ᠲᠠᠢ ᠰᠥᠨᠢ ᠬᠣᠶᠠᠷ ᠢ᠋ᠶ᠋ᠠᠷ ᠢ᠋ᠶ᠋ᠠᠨ᠂ ᠭᠤᠷᠪᠠ ᠪᠠᠷ ᠢ᠋ᠶ᠋ᠠᠨ ᠭᠠᠷᠬᠤ ᠴᠤ᠌  ᠪᠣᠢ᠃ ᠠᠳᠤᠭᠤᠴᠢᠨ ᠬᠥᠮᠦᠨ ᠪᠣᠯ ᠭᠣᠣᠯ ᠲᠥᠯᠥᠪ ᠠᠳᠤᠭᠤᠨ ᠤ᠋ ᠮᠢᠬᠠᠨ ᠬᠣᠭᠣᠯᠠ ᠲᠠᠢ᠃ ᠮᠠᠨᠠᠭᠠᠨ ᠳ᠋ᠤ᠌ ᠭᠠᠷᠬᠤ ᠰᠥᠨᠢ ᠣᠮᠠᠰᠤ᠂ ᠬᠢᠲᠠᠢ ᠢᠳᠡᠪᠡᠯ ᠲᠠᠭᠠᠷᠠᠬᠤ ᠦᠭᠡᠢ᠂ ᠢᠯᠴᠢᠲᠡᠢ ᠭᠡᠬᠦ᠃ ᠭᠡᠬᠦ ᠳ᠋ᠡᠭᠡᠨ ᠲᠡᠳᠡ ᠪᠤᠰᠤᠳ ᠬᠦᠨᠡᠰᠦᠨ ᠦ᠌ ᠵᠦᠢᠯ ᠢ᠋ ᠬᠢᠷᠢ ᠬᠢᠷᠢ ᠪᠡᠷ ᠢ᠋ᠶ᠋ᠡᠨ ᠲᠡᠭᠡᠭᠡᠵᠦ ᠶᠠᠪᠤᠭ᠎ᠠ ᠠᠵᠢ᠃  ᠴᠠᠭ ᠰᠠᠢᠬᠠᠨ᠂ ᠥᠩᠲᠡᠢ ᠪᠣᠯ ᠠᠳᠤᠭᠤᠴᠢᠨ ᠰᠢᠭ᠋ ᠳᠤᠷ᠎ᠠ ᠪᠠᠷ ᠢ᠋ᠶ᠋ᠠᠨ ᠵᠢᠷᠭᠠᠯᠲᠠᠢ ᠠᠵᠢᠯ ᠦᠭᠡᠢ ᠠᠵᠤ᠃ ᠳᠠᠭᠠᠭᠠᠮᠠᠯ ᠲᠡᠢᠷ ᠠᠭᠤᠵᠢᠭᠤ ᠠᠮᠤᠭᠤᠯᠠᠩ ᠬᠥᠮᠦᠨ ᠤᠴᠢᠷ ᠭᠤᠷᠪᠠᠨ ᠴᠡᠷᠢᠭ ᠦ᠋ᠨ ᠢ᠋ᠶ᠋ᠡᠨ《ᠵᠣᠪᠠᠯᠠᠩ》 ᠢ᠋ ᠰᠠᠢᠲᠤᠷ ᠦᠵᠡᠵᠦ᠂ ᠮᠠᠨᠠᠭᠠᠨ ᠠ᠋ᠴᠠ ᠪᠠᠭᠤᠭᠰᠠᠨ ᠡᠳᠦᠷ ᠳᠤᠷᠠᠲᠠᠢ ᠵᠦᠭ ᠲᠦ᠍ ᠨᠢ ᠶᠠᠪᠤᠭᠤᠯᠤᠨ᠎ᠠ᠃ ᠪᠣᠭᠤᠷᠴᠢ ᠶ᠋ᠢᠨ ᠶᠠᠪᠤᠬᠤ ᠭᠠᠵᠠᠷ ᠬᠣᠯᠠ᠂ ᠪᠤᠰᠤᠳ ᠤ᠋ᠨ ᠣᠢᠷ᠎ᠠ ᠣᠢᠷᠠᠬᠠᠨ᠂ ᠨᠤᠲᠤᠭ ᠵᠠᠭᠤᠷ᠎ᠠ ᠪᠠᠨ᠃ ᠲᠡᠭᠡᠬᠦ ᠳ᠋ᠡᠭᠡᠨ ᠨᠢᠭᠡ ᠶ᠋ᠢ ᠶᠠᠪᠤᠭᠤᠯᠵᠤ ᠬᠣᠶᠠᠷ ᠢ᠋ ᠦᠯᠡᠳᠡᠭᠡᠨ᠎ᠡ᠃ ᠪᠣᠭᠤᠷᠴᠢ ᠶ᠋ᠢᠨ ᠶᠠᠪᠤᠬᠤ ᠬᠡᠷᠡᠭ ᠲᠦ᠍ ᠪᠣᠯ ᠬᠣᠶᠠᠷ ᠬᠣᠨᠣᠭ ᠶᠠᠪᠤᠬᠤ ᠶ᠋ᠢ ᠵᠥᠪᠰᠢᠶᠡᠷᠡᠵᠦ᠄ 
       — ᠨᠠᠬᠤ ᠭᠤᠸᠠᠢ ᠶ᠋ᠢᠨ ᠠᠷᠳᠠᠭ ᠲᠠᠷᠭᠤᠨ ᠮᠣᠷᠢᠳ ᠢ᠋ ᠭᠠᠭᠴᠠ ᠬᠦᠦ ᠨᠢ ᠡᠰᠡ ᠡᠳ᠋ᠯᠡᠪᠡᠯ ᠬᠡᠨ ᠪᠠᠷᠠᠬᠤ ᠪᠣᠢ᠂ ᠬᠣᠶᠠᠷ ᠢ᠋ᠶ᠋ᠠᠷ᠂ ᠭᠤᠷᠪᠠ ᠪᠠᠷ ᠬᠣᠣᠰᠯᠠᠵᠤ ᠤᠨᠤᠭᠠᠳ ᠳᠠᠪᠬᠢ᠂ ᠳᠠᠪᠬᠢ ᠭᠡᠵᠦ ᠬᠣᠱᠣᠩᠨᠠᠨ᠎ᠠ᠃ ᠢᠩᠭᠢᠵᠦ ᠠᠳᠤᠭᠤ ᠴᠤᠭᠯᠠᠷᠠᠭᠰᠠᠨ ᠴᠠᠭ ᠠ᠋ᠴᠠ ᠪᠣᠭᠤᠷᠴᠢ ᠳᠤᠷ᠎ᠠ ᠪᠠᠷ ᠢ᠋ᠶ᠋ᠠᠨ ᠳᠠᠪᠬᠢᠵᠤ᠂  
            ᠴᠣᠬᠣᠷ ᠮᠣᠷᠢ ᠨᠢ ᠴᠣᠭᠬᠢᠶᠠᠲᠠᠢ 
            ᠴᠢᠨᠤᠨ ᠬᠥᠨᠵᠢᠯᠡ ᠳᠡᠯᠭᠡᠭᠡᠲᠡᠢ  
            ᠴᠣᠬᠣᠮ ᠬᠦ᠌ ᠰᠡᠳᠬᠢᠯ ᠬᠡᠪ ᠢ᠋ᠶ᠋ᠡᠷ ᠢ᠋ᠶ᠋ᠡᠨ ᠪᠣᠯ  
            ᠴᠣᠯᠮᠣᠨ ᠭᠠᠷᠭᠠᠭᠠᠳ ᠮᠣᠷᠳᠠᠨ᠎ᠠ ᠳᠠ  
            ᠦᠷᠢᠶ᠎ᠡ ᠮᠣᠷᠢ ᠨᠢ ᠴᠣᠭᠭᠢᠶ᠎ᠠ ᠲᠠᠢ 
            ᠦᠨᠡᠭᠡᠨ ᠬᠥᠨᠵᠢᠯᠡ ᠳᠡᠯᠭᠡᠭᠡᠲᠡᠢ 
            ᠦᠨᠡᠨᠬᠦ ᠰᠡᠳᠬᠢᠯ ᠬᠡᠪ ᠢ᠋ᠶ᠋ᠡᠷ ᠢ᠋ᠶ᠋ᠡᠨ ᠪᠣᠯ 
            ᠦᠦᠷ ᠴᠠᠢᠯᠭᠠᠭᠠᠳ ᠮᠣᠷᠳᠠᠨ᠎ᠠ ᠳᠠ ᠭᠡᠵᠦ ᠳᠠᠭᠤᠯᠠᠩᠬᠠᠨ ᠬᠠᠲᠠᠷᠢᠭᠤᠯᠵᠤ᠂ ᠡᠪᠦᠯ ᠦ᠋ᠨ ᠡᠬᠢᠨ ᠰᠠᠷ᠎ᠠ ᠶ᠋ᠢᠨ ᠳᠤᠮᠳᠠᠭᠤᠷ ᠭᠤᠷᠪᠠᠳᠠᠬᠢ ᠪᠠᠨ ᠬᠡᠷᠦᠯᠳᠵᠢᠨ ᠳ᠋ᠦ᠍ ᠵᠣᠷᠢᠯ᠎ᠠ᠃ ᠣᠴᠢᠬᠤ ᠪᠦᠷᠢ ᠬᠡᠷᠦᠯᠳᠵᠢᠨ ᠦ᠌ ᠬᠥᠯ ᠨᠢ ᠬᠦᠨᠳᠦᠷᠡᠴᠦ᠂ ᠪᠠᠷ᠎ᠠ ᠨᠢ ᠥᠰᠦᠭᠡᠳ ᠦᠷ᠎ᠡ ᠶ᠋ᠢᠨ ᠵᠤᠯᠠᠢ ᠦᠨᠦᠷᠯᠡᠬᠦ ᠵᠠᠯᠠᠭᠤ ᠡᠷ᠎ᠡ ᠶ᠋ᠢᠨ ᠰᠡᠳᠬᠢᠯ ᠬᠥᠭᠡᠷᠦᠦ᠃ 
       — ᠠᠳᠤᠭᠤᠴᠢᠳ ᠪᠢᠳᠡ ᠠᠳᠤᠭᠤ ᠪᠠᠨ ᠠᠪᠤᠭᠠᠳ ᠠᠯᠤᠰ ᠤ᠋ᠨ ᠣᠲᠣᠷ ᠲᠤ᠌ ᠳᠠᠷᠠᠭ᠎ᠠ ᠶ᠋ᠢᠨ ᠳᠣᠯᠣᠭ᠎ᠠ ᠬᠣᠨᠣᠭ ᠠ᠋ᠴᠠ ᠶᠠᠪᠤᠨ᠎ᠠ ᠭᠡᠵᠦ ᠳᠠᠭᠠᠭᠠᠮᠠᠯ ᠮᠠᠨᠠᠢ ᠬᠡᠯᠡᠭᠰᠡᠨ᠃ ᠳᠠᠰᠢ ᠪᠠᠨ ᠬᠣᠯᠠ ᠶᠠᠪᠤᠴᠢᠬᠠᠬᠤ ᠪᠠᠷ ᠮᠠᠨᠠᠭᠠᠨ ᠤ᠋ ᠡᠭᠡᠯᠵᠢ ᠳᠤᠮᠳᠠ ᠪᠠᠭᠲᠠᠵᠤ ᠶᠠᠪᠤᠵᠤ ᠴᠢᠳᠠᠬᠤ ᠦᠭᠡᠢ ᠪᠣᠯᠬᠤ ᠨᠢ ᠭᠡᠵᠦ ᠪᠤᠭᠤᠷᠴᠢ ᠲᠡᠭᠦᠨ ᠳ᠋ᠡᠭᠡᠨ ᠭᠤᠨᠢᠭᠲᠠᠢ ᠤᠴᠢᠷᠯᠠᠨ ᠬᠡᠯᠡᠪᠡ᠃ 
       — ᠵᠠ ᠶᠠᠭᠠᠬᠢᠬᠤᠪ ᠳᠠ᠃ ᠠᠵᠢᠯ ᠤ᠋ᠨ ᠪᠣᠯᠤᠮᠵᠢ᠂ ᠵᠠᠪ ᠴᠢᠯᠥᠭᠡ ᠲᠡᠢᠮᠦ ᠡᠴᠡ ᠬᠣᠢᠰᠢ ᠨᠢᠭᠡ ᠶᠡᠬᠡ ᠶᠠᠭᠠᠷᠠᠭᠠᠳ ᠶᠠᠭᠤ ᠬᠢᠬᠦᠪ᠃ ᠪᠢ ᠬᠡᠦᠬᠡᠳ ᠢ᠋ᠶ᠋ᠡᠨ ᠳᠦᠷᠦᠭᠦᠯᠦᠭᠡᠳ ᠭᠤᠷᠪᠠᠭᠤᠯᠠ ᠪᠠᠨ ᠪᠣᠯᠤᠭᠠᠳ ᠢᠷᠡᠬᠦ ᠶ᠋ᠢᠨ ᠴᠠᠭ ᠲᠤ᠌ ᠴᠢ ᠪᠢᠳᠡ ᠬᠣᠶᠠᠷ ᠤ᠋ᠨ ᠠᠮᠢᠳᠤᠷᠠᠯ ᠤ᠋ᠨ ᠵᠠᠮ ᠨᠢᠭᠡᠳᠬᠦ ᠪᠣᠢ᠎ᠠ᠃ ᠲᠡᠷᠡ ᠴᠠᠭ ᠲᠤ᠌ ᠴᠢ ᠠᠪᠤ ᠡᠵᠢ ᠳ᠋ᠡᠭᠡᠨ ᠬᠡᠯᠡᠵᠦ ᠨᠠᠮ᠎ᠠ ᠶ᠋ᠢ ᠠᠪᠠᠴᠢᠭᠠᠷᠠᠢ! ᠭᠡᠪᠡ᠃ 
       ᠦᠦᠷ ᠦ᠋ᠨ ᠭᠡᠭᠡ ᠴᠤᠬᠤᠢᠬᠤ ᠲᠡᠳᠦᠢ ᠦᠨᠡᠭᠡᠨ ᠬᠠᠷᠠᠩᠭᠤᠢ ᠪᠠᠷ ᠮᠣᠷᠳᠠᠭᠠᠳ ᠵᠢᠷᠢᠢᠨ ᠲᠣᠷᠣᠢᠨ ᠦᠵᠡᠭᠳᠡᠬᠦ᠂ ᠦᠭᠡᠢ ᠲᠡᠳᠦᠢ ᠪᠤᠭᠤᠷᠴᠢ ᠶ᠋ᠢᠨ ᠠᠷᠤ ᠠ᠋ᠴᠠ ᠮᠣᠷᠳᠠᠭᠤᠯᠵᠤ ᠭᠠᠷᠭᠠᠭᠰᠠᠨ ᠬᠡᠷᠦᠯᠳᠵᠢᠨ ᠨᠢᠯᠪᠤᠰᠤ ᠳᠤᠰᠤᠯᠠᠭᠤᠯᠤᠨ ᠦᠯᠡᠳᠡᠪᠡ᠃ ᠰᠡᠳᠬᠢᠯ ᠦ᠋ᠨ ᠬᠣᠯᠪᠣᠭᠠᠲᠠᠢ ᠪᠣᠯᠤᠭᠰᠠᠨ ᠬᠠᠢᠷᠠᠲᠠᠢ ᠲᠣᠮᠣᠭ᠎ᠠ ᠦᠭᠡᠢᠬᠡᠨ ᠬᠠᠷ᠎ᠠ ᠬᠦᠦ ᠪᠡᠨ ᠰᠠᠨᠠᠵᠤ ᠲᠡᠷᠡ ᠪᠡᠷ ᠨᠠᠮᠤᠷ ᠬᠥᠳᠡᠭᠡ ᠬᠡᠭᠡᠷ᠎ᠡ ᠶ᠋ᠢᠨ ᠪᠡᠯᠴᠢᠭᠡᠷ ᠲᠦ᠍ ᠬᠣᠨᠢ ᠮᠠᠯ ᠳ᠋ᠠᠭᠠᠨ ᠶᠠᠪᠤᠬᠤ ᠳ᠋ᠠᠭᠠᠨ ᠵᠡᠭᠦᠨ ᠬᠣᠢᠲᠤ ᠵᠦᠭ ᠢ᠋ ᠰᠢᠷᠳᠡᠨ᠂ 
            ᠬᠠᠳᠠᠲᠤ ᠬᠤᠸᠠ ᠶ᠋ᠢᠨ ᠣᠷᠣᠢ ᠪᠠᠷ  
            ᠬᠠᠢᠯᠠᠰᠤ ᠶᠠᠭᠤᠨ ᠳ᠋ᠠᠭᠠᠨ ᠤᠷᠭᠤᠨ᠎ᠠ ᠪᠣᠢ 
            ᠬᠠᠢᠷᠠᠲᠠᠢ ᠬᠣᠩᠭᠣᠷ ᠴᠢᠮᠠᠲᠠᠢ ᠪᠠᠨ 
            ᠬᠠᠪᠤᠷ ᠤ᠋ᠨ ᠰᠠᠷ᠎ᠠ ᠳ᠋ᠠᠭᠠᠨ ᠠᠭᠤᠯᠵᠠᠨ᠎ᠠ ᠳᠠ  
            ᠪᠦᠳᠦᠭᠦᠨ ᠮᠣᠳᠣᠨ ᠤ᠋ ᠮᠥᠴᠢᠷ ᠳᠡᠭᠡᠷ᠎ᠡ  
            ᠪᠦᠷᠭᠦᠳ ᠰᠠᠭᠤᠭᠠᠳ ᠰᠦᠮᠡᠢᠵᠦ ᠪᠠᠢᠨ᠎ᠠ 
            ᠪᠦᠷᠢᠨ ᠡᠷᠬᠡᠲᠦ ᠴᠢᠮ᠎ᠠ ᠲᠠᠢ ᠪᠠᠨ 
            ᠪᠦᠭᠦᠳᠡ ᠶ᠋ᠢ ᠵᠥᠪᠯᠡᠭᠡᠳ ᠶᠠᠷᠢᠮᠠᠷ ᠪᠠᠢᠨ᠎ᠠ ᠭᠡᠵᠦ ᠠᠶᠠᠯᠠᠭᠤᠯᠤᠨ ᠶᠠᠪᠤᠭᠰᠠᠨ ᠨᠢ ᠰᠠᠨᠠᠭᠳᠠᠵᠤ᠂《ᠬᠠᠷᠢᠨ ᠴᠤ᠌ ᠪᠣᠭᠣᠷᠴᠢ ᠮᠢᠨᠢ ᠲᠡᠷᠡ ᠬᠣᠯᠠ ᠭᠠᠵᠠᠷ ᠠ᠋ᠴᠠ ᠨᠠᠮᠤᠷ᠂ ᠡᠪᠦᠯ ᠬᠡᠳᠦ ᠬᠡᠳᠦ ᠴᠦ᠍ ᠢᠷᠡᠴᠢᠬᠡᠯ᠎ᠡ᠃ ᠬᠠᠷᠢᠨ ᠪᠢ ᠬᠡᠦᠬᠡᠳ ᠢ᠋ᠶ᠋ᠡᠨ ᠲᠥᠷᠥᠭᠦᠯᠵᠦ ᠪᠡᠶ᠎ᠡ ᠪᠡᠨ ᠬᠥᠩᠭᠡᠷᠡᠭᠦᠯᠦᠭᠡᠳ ᠬᠣᠶᠠᠷ ᠮᠣᠷᠢ ᠬᠣᠣᠰᠯᠠᠨ ᠳᠠᠪᠬᠢᠵᠤ᠂ ᠲᠡᠷᠡ ᠭᠤᠷᠪᠠᠨ ᠪᠦᠷᠢᠳᠦ ᠶ᠋ᠢᠨ ᠳᠤᠮᠳᠠ ᠪᠦᠷᠢᠳᠦ ᠳ᠋ᠦ᠍ ᠨᠤᠲᠤᠭᠲᠠᠢ ᠨᠠᠬᠤ ᠶ᠋ᠢᠨ ᠬᠢ ᠶ᠋ᠢ ᠰᠤᠷᠠᠭᠯᠠᠭᠠᠳ ᠨᠢᠭᠡ ᠡᠳᠦᠷ ᠳᠠᠪᠬᠢᠭᠠᠳ ᠣᠴᠢᠬᠤ ᠶᠤᠮᠰᠠᠨ᠃ ᠲᠡᠭᠡᠪᠡᠯ ᠪᠤᠭᠤᠷᠴᠢ ᠶ᠋ᠢᠨ ᠠᠪᠤ ᠡᠵᠢ ᠬᠣᠶᠠᠷ ᠨᠢ ᠶᠠᠭᠤ ᠭᠡᠬᠦ ᠪᠣᠯ?》 ᠭᠡᠵᠦ ᠪᠣᠳᠣᠭᠳᠠᠨ ᠰᠡᠳᠬᠢᠯ ᠠᠭᠤᠵᠢᠷᠠᠨ ᠢᠨᠢᠶᠡᠮᠰᠦᠭᠯᠡᠪᠡ᠃ ᠪᠤᠭᠤᠷᠴᠢ ᠴᠦ᠍ ᠦᠨᠡᠭᠡᠨ ᠬᠠᠷᠠᠩᠭᠤᠢ ᠶ᠋ᠢᠨ ᠳᠤᠮᠳᠠ ᠠᠯᠢ ᠲᠦᠷᠦᠭᠦᠦ ᠤᠮᠪᠠᠨ ᠠᠯᠠᠭ᠎ᠠ ᠪᠣᠯᠤᠭᠰᠠᠨ ᠪᠢᠯᠡ᠃ ᠦᠦᠷ ᠦ᠋ᠨ ᠵᠢᠪᠠᠷ ᠲᠤ᠌ ᠵᠢᠬᠡᠭᠦᠴᠡᠭᠰᠡᠨ ᠬᠡᠷᠤᠯᠦᠨᠵᠢᠨ ᠭᠡᠷ ᠲᠦ᠍ ᠪᠡᠨ ᠣᠷᠣᠯ᠎ᠠ᠃