ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠠᠷᠪᠠᠨ ᠨᠢᠭᠡ> Хүлэг баатар буурч - Б. Өлзийсүрэн <Тэргүүн бүлэг-11> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠠᠷᠪᠠᠨ ᠨᠢᠭᠡ> Хүлэг баатар буурч - Б. Өлзийсүрэн <Тэргүүн бүлэг-11>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠠᠷᠪᠠᠨ ᠨᠢᠭᠡ> Хүлэг баатар буурч - Б. Өлзийсүрэн <Тэргүүн бүлэг-11>

ᠠᠩᠭᠢᠯᠠᠯ:ᠲᠤᠭᠤᠵᠢ ᠷᠣᠮᠠᠨ
2026-03-03

62

ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ

ᠠᠷᠪᠠᠨ ᠨᠢᠭᠡ


               ᠠᠷᠪᠠᠨ ᠨᠢᠭᠡ 
                   ᠠᠮᠠᠷᠠᠭ ᠤ᠋ᠨ ᠰᠡᠳᠬᠢᠯ ᠠᠯᠲᠠᠨ ᠠ᠋ᠴᠠ ᠦᠨᠡᠲᠡᠢ 
                   ᠬᠣᠩᠭᠣᠷ ᠤ᠋ᠨ ᠰᠡᠳᠬᠢᠯ ᠬᠣᠷᠭᠣᠢ ᠠ᠋ᠴᠠ ᠥᠩᠭᠡᠲᠡᠢ 
 
       ᠨᠠᠮᠤᠷ ᠤ᠋ᠨ ᠠᠯᠲᠠᠯᠢᠭ ᠰᠢᠷ᠎ᠠ ᠥᠩᠭᠡ ᠲᠠᠯ᠎ᠠ ᠬᠡᠭᠡᠷ᠎ᠡ ᠶ᠋ᠢ ᠨᠥᠮᠥᠷᠴᠦ᠂ ᠲᠣᠭᠣᠰᠣᠨᠴᠢᠷ ᠰᠠᠷᠠᠯ ᠤᠨᠢᠶᠠᠷ ᠳᠤᠮᠳᠠ ᠬᠤᠸᠠ ᠬᠥᠪᠦᠭᠡᠳ ᠪᠦᠳᠡᠭᠢᠷᠡᠨ ᠠᠭᠠᠳ ᠠᠯᠤᠰ ᠤ᠋ᠨ ᠴᠡᠩᠬᠡᠷ ᠠᠭᠤᠯᠠᠰ ᠲᠩᠷᠢ ᠶ᠋ᠢᠨ ᠬᠠᠶᠠᠭ᠎ᠠ ᠢᠯᠭᠠᠷᠠᠬᠤ ᠲᠡᠳᠦᠢ ᠦᠵᠡᠭᠳᠡᠨ᠎ᠡ᠃ ᠪᠣᠭᠣᠷᠴᠢ ᠭᠡᠷ ᠡᠴᠡ ᠭᠠᠷᠴᠤ ᠡᠷᠳᠡᠨᠢ ᠠᠭᠤᠯᠠ ᠶ᠋ᠢᠨ ᠪᠠᠷᠠᠭᠤᠨ ᠬᠣᠢᠲᠤ ᠬᠤᠸᠠ ᠳ᠋ᠠᠬᠢ ᠲᠠᠨᠢᠳᠠᠭ ᠨᠥᠬᠥᠷ ᠦ᠋ᠨ ᠳ᠋ᠡᠭᠡᠨ ᠢᠷᠡᠵᠦ ᠬᠣᠨᠣᠭᠠᠳ《ᠠᠯᠳᠠᠭᠰᠠᠨ》 ᠬᠣᠶᠠᠷ ᠮᠣᠷᠢ ᠪᠠᠨ ᠠᠪᠴᠤ ᠬᠥᠲᠥᠯᠦᠨ ᠥᠷᠯᠥᠭᠡ ᠡᠷᠲᠡᠯᠡᠨ ᠬᠡᠷᠦᠯᠦᠨ ᠭᠣᠣᠯ ᠤ᠋ᠨ ᠬᠣᠢᠲᠤ ᠪᠡᠶ᠎ᠡ ᠪᠠᠷᠢᠵᠤ ᠪᠠᠷᠠᠭᠤᠨ ᠵᠦᠭ ᠵᠠᠮᠨᠠᠭᠰᠠᠭᠠᠷ ᠭᠤᠷᠪᠠᠨ ᠲᠠᠷᠭᠤᠨ ᠠᠭᠤᠯᠠ ᠶ᠋ᠢᠨ ᠤᠮᠠᠷ᠎ᠠ ᠡᠲᠡᠭᠡᠳ ᠦ᠋ᠨ ᠳᠠᠷᠠᠰᠤᠲᠤ ᠬᠥᠨᠳᠡᠢ ᠪᠡᠷ ᠠᠢᠯ ᠮᠠᠯ ᠤ᠋ᠨ ᠪᠠᠷ᠎ᠠ ᠠᠵᠢᠨ ᠰᠠᠵᠢᠯᠠᠭᠤᠯᠤᠨ ᠭᠠᠯᠭᠢᠭᠤᠯᠤᠩᠬᠠᠨ ᠶᠠᠪᠤᠨ᠎ᠠ᠃ ᠡᠳᠦᠭᠡ ᠵᠠᠯᠠᠭᠤ ᠡᠷ᠎ᠡ ᠶ᠋ᠢᠨ ᠰᠡᠳᠬᠢᠯ ᠲᠡᠰᠴᠦ ᠶᠠᠳᠠᠨ ᠵᠣᠷᠢᠭᠰᠠᠨ ᠬᠡᠷᠡᠭ᠂ ᠬᠦᠰᠡᠭᠰᠡᠨ ᠬᠦᠰᠡᠯ ᠳ᠋ᠡᠭᠡᠨ ᠠᠪᠲᠠᠨ᠎ᠠ᠃ 
       ᠳᠡᠷᠡᠰᠦᠨ ᠦ᠌ ᠲᠣᠯᠣᠭᠠᠢ ᠨᠠᠢᠭᠤᠨ ᠶᠣᠵᠣᠭᠣᠷ ᠤ᠋ᠨ ᠰᠠᠬᠤᠯᠠᠭ ᠡᠪᠡᠰᠦ᠂ ᠭᠣᠣᠯ ᠤ᠋ᠨ ᠬᠥᠪᠡᠭᠡ ᠨᠣᠭᠣᠭᠠᠨ ᠢ᠋ᠶ᠋ᠠᠷ ᠢ᠋ᠶ᠋ᠠᠨ ᠲᠤᠯᠠ ᠲᠡᠭᠦᠪᠡᠷ ᠮᠠᠯ ᠣᠯᠠᠨ ᠪᠡᠯᠴᠢᠬᠦ ᠠᠵᠢ᠃ 
       ᠳᠠᠷᠠᠰᠤ ᠪᠤᠲᠠ ᠥᠩᠭᠡᠷᠡᠬᠦ ᠬᠢᠲᠡᠯ᠎ᠡ ᠣᠢᠷᠠᠬᠠᠨ ᠨᠢᠭᠡᠨ ᠠᠢᠯ ᠭᠡᠷ ᠨᠢᠳᠦᠨ ᠳ᠋ᠦ᠍ ᠲᠣᠰᠴᠤ ᠬᠦᠰᠡᠯ ᠰᠡᠳᠬᠢᠯ ᠦ᠋ᠨ ᠲᠠᠨᠢᠯ ᠳᠣᠲᠣᠨᠣ ᠥᠩᠭᠡ ᠳᠦᠷᠢ ᠦᠵᠡᠭᠳᠡᠵᠦ ᠰᠠᠨᠠᠭ᠎ᠠ ᠠᠮᠠᠷᠠᠪᠠ᠃ ᠶᠠᠭᠠᠬᠢᠬᠤ ᠠᠷᠭ᠎ᠠ ᠦᠭᠡᠢ ᠬᠡᠷᠦᠯᠳᠵᠢᠨ ᠦ᠌ ᠬᠢ᠃ ᠠᠳᠤᠭᠤ ᠨᠢ ᠶᠠᠭᠠᠬᠢᠬᠤ ᠠᠷᠭ᠎ᠠ ᠦᠭᠡᠢ ᠶᠣᠰᠣᠭᠠᠷ᠂ ᠬᠣᠩᠭᠣᠷ ᠠᠵᠢᠷᠭ᠎ᠠ ᠥᠭᠡᠳᠡ ᠡᠴᠡ ᠨᠢ ᠰᠣᠷᠲᠣᠢᠨ ᠬᠠᠷᠠᠵᠤ ᠬᠣᠯᠠ ᠶ᠋ᠢᠨ ᠲᠠᠨᠢᠯ ᠲᠠᠢ ᠪᠠᠨ ᠤᠴᠠᠷᠠᠨ ᠮᠡᠨᠳᠦᠯᠡᠬᠦ ᠯᠦ᠍ᠭᠡ ᠨᠢᠭᠡᠨ᠃ ᠪᠤᠭᠤᠷᠴᠢ《ᠰᠠᠢᠨ ᠪᠠᠢᠨ᠎ᠠ ᠤᠤ? ᠬᠣᠩᠭᠣᠷ ᠠᠵᠢᠷᠭ᠎ᠠ ᠮᠢᠨᠢ᠂ ᠰᠠᠭᠠᠷᠠᠯ ᠪᠠᠢᠳᠠᠰᠤ ᠴᠢᠨᠢ ᠴᠢᠮ᠎ᠠ ᠶ᠋ᠢ ᠰᠠᠨᠠᠭᠠᠳ ᠯᠠ》 ᠭᠡᠵᠦ ᠠᠮᠠᠨ ᠳ᠋ᠠᠭᠠᠨ ᠱᠣᠭ ᠦᠭᠡ ᠬᠡᠯᠡᠵᠦ ᠬᠣᠱᠣᠩᠨᠠᠨ ᠭᠠᠭᠴᠠᠭᠠᠷ ᠢ᠋ᠶ᠋ᠠᠨ ᠢᠨᠢᠶᠡᠪᠡ᠃ 
     《ᠬᠡᠷᠦᠯᠳᠵᠢᠨ ᠪᠠᠢᠭ᠎ᠠ ᠪᠣᠯᠪᠠᠤ?》 ᠭᠡᠳᠡᠭ ᠠᠰᠠᠭᠤᠯᠲᠠ ᠰᠡᠳᠬᠢᠯ ᠵᠣᠪᠠᠭᠠᠬᠤ ᠠᠵᠢ᠃《ᠪᠠᠢᠬᠤ ᠦᠭᠡᠢ ᠬᠠᠢᠴᠢᠬᠤ( ᠬᠠᠮᠢᠭ᠎ᠠ ᠣᠴᠢᠬᠤ) ᠪᠣᠢ ᠳᠠ᠃ ᠤᠭ ᠨᠢ ᠬᠡᠭᠡᠷ᠎ᠡ ᠬᠥᠳᠡᠭᠡ ᠣᠯᠵᠤ ᠠᠭᠤᠯᠵᠠᠶ᠎ᠠ ᠭᠡᠵᠦ ᠪᠣᠳᠣᠭᠰᠠᠨ ᠶᠤᠮ᠃ ᠬᠠᠮᠢᠭ᠎ᠠ ᠴᠤ᠌ ᠭᠡᠵᠦ ᠡᠷᠢᠵᠦ ᠶᠠᠪᠤᠬᠤ ᠪᠣᠢ? ᠭᠡᠷ ᠣᠷᠣᠨ ᠨᠢ ᠪᠠᠢᠵᠤ ᠪᠠᠢᠬᠤ ᠳ᠋ᠤ᠌᠁》 ᠭᠡᠵᠦ ᠵᠣᠷᠢᠭ ᠰᠢᠢᠳᠦᠨ ᠣᠴᠢᠪᠠ᠃ ᠡᠬᠡ ᠨᠢ ᠭᠡᠭᠦᠨ ᠵᠠᠯᠠᠨ ᠳᠡᠭᠡᠷ᠎ᠡ ᠳᠡᠭᠦᠦ ᠲᠡᠢ ᠨᠢ ᠬᠣᠶᠠᠭᠤᠯᠠ ᠭᠡᠭᠦᠦ ᠪᠡᠨ ᠰᠠᠭᠠᠵᠤ ᠪᠠᠢᠪᠠ᠃ ᠬᠦᠷᠴᠦ ᠣᠴᠢᠵᠤ ᠮᠣᠷᠢᠨ ᠳᠡᠭᠡᠷ᠎ᠡ ᠡᠴᠡ ᠪᠡᠨ ᠮᠡᠨᠳᠦᠯᠡᠪᠡ᠃ ᠬᠡᠷᠦᠯᠳᠵᠢᠨ ᠦ᠌ ᠡᠵᠢ ᠨᠠᠮᠤᠭᠤᠨ ᠰᠠᠷᠠᠪᠴᠢᠯᠠᠨ ᠬᠠᠷᠠᠭᠠᠳ ᠥᠭᠡᠳᠡ ᠡᠴᠡ ᠨᠢ ᠮᠡᠨᠳᠦᠯᠡᠵᠦ᠄ 
       — ᠪᠣᠭᠣᠷᠴᠢ ᠤᠤ ᠳᠠ? ᠣᠷᠣ᠂ ᠣᠷᠣ᠂ ᠭᠡᠷ ᠲᠦ᠍ ᠣᠷᠣᠵᠤ ᠪᠠᠢ ᠬᠦᠦ ᠮᠢᠨᠢ᠃ ᠪᠢ ᠬᠣᠶᠠᠷ ᠭᠡᠭᠦᠦ ᠰᠠᠭᠠᠭᠠᠳ ᠣᠷᠣᠯ᠎ᠠ ᠭᠡᠵᠦ ᠶᠡᠬᠡᠳᠡ ᠡᠯᠢᠭᠡᠰᠡᠭ ᠬᠡᠯᠡᠪᠡ᠃ 
       ᠪᠣᠭᠣᠷᠴᠢ ᠭᠡᠷ ᠲᠦ᠍ ᠣᠷᠣᠯ᠎ᠠ᠃ ᠬᠡᠷᠤᠯᠤᠨᠵᠢᠨ ᠤ᠋ ᠳ᠋ᠤ᠌ ᠵᠤᠨ ᠣᠢᠷ᠎ᠠ ᠬᠡᠳᠦ ᠬᠣᠨᠣᠬᠤ ᠳ᠋ᠠᠭᠠᠨ ᠬᠣᠶᠠᠷ ᠤᠳᠠᠭ᠎ᠠ ᠣᠷᠣᠭᠰᠠᠨ᠃ ᠡᠬᠢᠯᠡᠭᠡᠳ ᠬᠡᠷᠤᠯᠤᠨᠵᠢᠨ ᠨᠢᠭᠡ ᠡᠳᠦᠷ《ᠮᠠᠨᠠᠢᠬᠢ ᠪᠠᠷ ᠣᠷᠣ!》 ᠭᠡᠵᠦ ᠠᠪᠠᠴᠢᠭᠰᠠᠨ᠃ ᠲᠡᠷᠡ ᠨᠢ ᠡᠬᠡ ᠳ᠋ᠡᠭᠡᠨ ᠪᠣᠭᠤᠷᠴᠢ ᠶ᠋ᠢ ᠦᠵᠡᠭᠦᠯᠬᠦ ᠭᠡᠰᠡᠨ ᠰᠠᠨᠠᠭ᠎ᠠ ᠪᠠᠢᠵᠠᠢ᠃ ᠳᠠᠷᠠᠭ᠎ᠠ ᠨᠢ ᠬᠣᠶᠠᠷ ᠲᠡᠮᠡᠭᠡ ᠪᠡᠨ ᠲᠡᠳᠡᠨ ᠦ᠌ ᠦᠨᠡᠰᠦᠨ ᠳᠡᠭᠡᠷ᠎ᠡ ᠪᠠᠢᠬᠤ ᠳ᠋ᠤ᠌ ᠨᠢ ᠣᠴᠢᠭᠠᠳ᠂ ᠬᠡᠷᠤᠯᠤᠨᠵᠢᠨ ᠴᠤ᠌ ᠲᠠᠯᠠᠯᠠᠨ ᠨᠢᠭᠡ ᠣᠷᠣᠭᠰᠠᠨ᠃ ᠡᠨᠡ ᠨᠢ ᠲᠡᠭᠦᠨ ᠳ᠋ᠦ᠍ ᠡᠨᠡ ᠭᠡᠷ ᠣᠷᠣᠨ ᠢ᠋ ᠲᠠᠨᠢᠯ ᠳᠣᠲᠣᠨᠣ ᠪᠣᠯᠭᠠᠵᠠᠢ᠃ ᠣᠳᠣ ᠪᠣᠯ ᠲᠤᠯᠭᠠᠨ ᠤ᠋ ᠬᠣᠢᠲᠤ ᠲᠠᠯ᠎ᠠ ᠳ᠋ᠤ᠌ ᠸᠠᠭᠠᠷᠤᠨ ᠰᠠᠪᠠᠨ ᠳ᠋ᠤ᠌ ᠬᠢᠭᠰᠡᠨ ᠠᠢᠷᠠᠭ᠂ ᠵᠢᠵᠢᠭ ᠰᠢᠷᠭᠤᠭᠤᠯᠤᠭ᠎ᠠ ᠳᠡᠭᠡᠭᠦᠷ ᠠᠶᠠᠭ᠎ᠠ ᠱᠠᠭᠠᠵᠠᠩ ᠪᠠᠢᠨ᠎ᠠ᠃ ᠪᠣᠭᠤᠷᠴᠢ ᠠᠶᠠᠭ᠎ᠠ ᠠᠪᠴᠤ ᠠᠶᠠᠭ᠎ᠠ ᠠᠢᠷᠠᠭ ᠠᠶᠠᠭᠠᠯᠠᠨ ᠤᠤᠭᠤᠵᠤ ᠰᠠᠭᠤᠲᠠᠯ᠎ᠠ ᠬᠡᠷᠤᠯᠤᠨᠵᠢᠨ ᠤ᠋ ᠡᠵᠢ ᠣᠷᠣᠵᠤ ᠢᠷᠡᠭᠡᠳ᠄ 
       — ᠠᠰᠢᠭᠦᠢ ᠳᠡ᠂ ᠠᠢᠷᠠᠭ ᠤᠤᠭᠤ᠂ ᠤᠤᠭᠤ᠃ ᠬᠣᠯᠠ ᠭᠠᠵᠠᠷ ᠠ᠋ᠴᠠ ᠥᠯᠥᠰᠴᠦ ᠤᠮᠳᠠᠭᠠᠰᠴᠤ ᠢᠷᠡᠭᠡ ᠪᠢᠵᠡ᠃ ᠪᠢ ᠮᠢᠬ᠎ᠠ ᠴᠢᠨᠠᠵᠤ ᠥᠭᠭᠦᠶ᠎ᠡ᠃ ᠥᠨᠥᠳᠥᠷ ᠮᠠᠨᠠᠢᠬᠢ ᠬᠣᠨᠢ ᠲᠥᠬᠥᠭᠡᠷᠦᠭᠰᠡᠨ᠃ ᠰᠠᠢᠨ ᠬᠥᠮᠦᠨ ᠦ᠌ ᠰᠠᠨᠠᠭ᠎ᠠ ᠪᠠᠷ᠂ ᠬᠣᠭᠣᠯᠠ ᠲᠠᠢ ᠬᠦᠷᠦᠭᠡᠳ ᠢᠷᠡᠳᠡᠭ᠃ 
       — ᠮᠢᠬ᠎ᠠ ᠴᠢᠨᠠᠭᠠᠳ ᠬᠡᠷᠡᠭ ᠦᠭᠡᠢ᠃ ᠬᠠᠷᠢᠨ ᠡᠨᠡ ᠭᠡᠳᠡᠰᠦ ᠳᠣᠲᠣᠷ᠎ᠠ ᠠ᠋ᠴᠠ ᠬᠡᠳᠦ ᠣᠭᠲᠣᠯᠤᠶ᠎ᠠ᠃ 
       — ᠶᠠᠭᠠᠬᠢᠵᠤ ᠪᠣᠯᠬᠤ ᠶᠤᠮ? ᠴᠠᠷᠴᠠᠭᠤ᠃ ᠱᠥᠯᠦᠨ ᠳ᠋ᠦ᠍ ᠬᠠᠯᠠᠭᠠᠭᠠᠳ ᠥᠭᠭᠦᠶ᠎ᠡ᠃ 
       ᠡᠢᠨᠬᠦ ᠬᠣᠭᠣᠯᠠᠯᠠᠵᠤ ᠤᠮᠳᠠᠯᠠᠬᠤ ᠵᠠᠭᠤᠷ᠎ᠠ ᠪᠣᠭᠣᠷᠴᠢ ᠶᠡᠬᠡ ᠵᠢᠷᠦᠬᠡ ᠭᠠᠷᠭᠠᠵᠤ᠄ 
       — ᠬᠡᠷᠦᠯᠳᠵᠢᠨ ᠬᠠᠮᠢᠭ᠎ᠠ ᠶᠠᠪᠤᠪᠠ? ᠬᠡᠳᠦᠢ ᠳ᠋ᠦ᠍ ᠢᠷᠡᠬᠦ ᠪᠣᠢ? ᠭᠡᠵᠦ ᠠᠰᠠᠭᠤᠯ᠎ᠠ᠃ 
       — ᠬᠣᠯᠠ ᠦᠭᠡᠢ᠂ ᠭᠡᠬᠦ ᠳ᠋ᠡᠭᠡᠨ ᠯᠡ ᠣᠷᠣᠢᠬᠠᠨ ᠢᠷᠡᠬᠦ ᠪᠠᠢᠬ᠎ᠠ᠃ ᠢᠰᠡᠭᠡᠢ ᠬᠢᠵᠦ ᠪᠠᠢᠭ᠎ᠠ ᠠᠢᠯ ᠤᠷᠤᠭᠤ ᠶᠠᠪᠤᠭᠰᠠᠨ ᠭᠡᠬᠦ ᠳ᠋ᠦ᠍ ᠨᠢ《ᠶᠠᠭᠠᠬᠢᠨ᠎ᠠ? ᠢᠷᠡᠲᠡᠯ᠎ᠡ ᠨᠢ ᠬᠦᠯᠢᠶᠡᠬᠦ ᠤᠤ? ᠶᠠᠭᠤ ᠬᠢᠵᠦ ᠰᠠᠭᠤᠬᠤ ᠪᠣᠢ? ᠣᠴᠢᠬᠤ ᠤᠤ? ᠲᠠᠨᠢᠬᠤ ᠦᠭᠡᠢ᠂ ᠮᠡᠳᠡᠬᠦ ᠦᠭᠡᠢ ᠣᠯᠠᠨ ᠬᠥᠮᠦᠨ ᠳᠡᠭᠡᠷ᠎ᠡ ᠶᠠᠭᠤ ᠬᠢᠵᠦ ᠣᠴᠢᠬᠤ ᠪᠣᠢ? ᠲᠡᠷᠡ ᠮᠠᠨᠢ ᠢᠴᠢᠬᠦ᠂ ᠪᠢ ᠴᠦ᠍ ᠭᠡᠰᠡᠨ ᠁ 》 ᠭᠡᠵᠦ ᠳᠡᠮᠡᠢ ᠯᠡ ᠲᠡᠷᠡ ᠪᠠᠷᠠᠭᠤᠨ ᠬᠤᠸᠠ ᠶ᠋ᠢᠨ ᠣᠯᠠᠨ ᠬᠥᠮᠦᠨ ᠮᠠᠯ ᠴᠤᠭᠯᠠᠷᠠᠵᠤ ᠪᠠᠭᠰᠢᠷᠠᠭᠰᠠᠨ ᠠᠢᠯ ᠤᠷᠤᠭᠤ ᠬᠠᠷᠠᠵᠤ《ᠲᠡᠷᠡ ᠪᠠᠢᠨ᠎ᠠ ᠯᠠ ᠳᠠ 》 ᠭᠡᠮᠡᠨ ᠭᠠᠢᠬᠠᠨ ᠵᠣᠭᠰᠣᠪᠠ᠃ ᠭᠡᠷ ᠡᠴᠡ ᠡᠵᠢ ᠨᠢ ᠠᠷᠭᠠᠯ ᠤ᠋ᠨ ᠠᠪᠳᠠᠷ᠎ᠠ ᠪᠠᠨ ᠪᠠᠷᠢᠵᠤ ᠭᠠᠷᠴᠤ ᠢᠷᠡᠭᠡᠳ ᠠᠷᠤᠭ ᠲᠠᠢ ᠠᠷᠭᠠᠯ ᠠ᠋ᠴᠠ ᠶᠡᠭᠦᠯᠡᠵᠦ ᠳᠦᠭᠦᠷᠭᠡᠭᠡᠳ᠂ ᠪᠣᠭᠣᠷᠴᠢ ᠶ᠋ᠢᠨ ᠠᠳᠠᠯᠢ ᠪᠠᠷᠠᠭᠤᠨ᠎ᠠ ᠰᠢᠷᠲᠡᠨ ᠬᠠᠷᠠᠵᠤ ᠪᠠᠢᠭᠰᠠᠨ ᠢ᠋ᠶ᠋ᠠᠨ ᠭᠡᠷ ᠲᠡᠬᠢ ᠬᠡᠦᠬᠡᠳ ᠢ᠋ ᠳᠠᠭᠤᠳᠠᠲᠠᠯ᠎ᠠ ᠲᠡᠷᠡ ᠪᠡᠷ ᠭᠣᠳᠣ ᠦᠰᠦᠷᠦᠨ ᠭᠠᠷᠴᠤ ᠢᠷᠡᠬᠦ ᠳ᠋ᠦ᠍ᠨᠢ᠄ 
       — ᠮᠢᠨᠦ ᠬᠦᠦ ᠮᠣᠷᠳᠠ᠃ ᠲᠡᠷᠡ ᠢᠰᠡᠭᠡᠢ ᠬᠢᠵᠦ ᠪᠠᠢᠭ᠎ᠠ ᠠᠢᠯ ᠤᠷᠤᠭᠤ ᠣᠴᠢᠭᠠᠳ ᠡᠭᠡᠴᠢ ᠶ᠋ᠢ ᠪᠡᠨ《ᠬᠥᠮᠦᠨ ᠢᠷᠡᠯ᠎ᠡ 》 ᠭᠡᠵᠦ ᠳᠠᠭᠠᠭᠤᠯᠤᠭᠠᠳ ᠢᠷ᠎ᠡ ᠭᠡᠬᠦ ᠳ᠋ᠦ᠍ᠨᠢ ᠪᠣᠭᠣᠷᠴᠢ ᠶ᠋ᠢᠨ ᠳᠣᠲᠣᠷ᠎ᠠ ᠨᠠᠷᠠᠨ ᠭᠡᠢᠬᠦ ᠯᠤᠭ᠎ᠠ ᠨᠢᠭᠡᠨ ᠪᠣᠯᠪᠠ᠃ ᠬᠡᠦᠬᠡᠳ ᠴᠦ᠍ ᠮᠣᠷᠳᠠᠭᠠᠳ ᠲᠣᠭᠣᠰᠣ ᠮᠠᠨᠠᠷᠠᠭᠤᠯᠤᠨ ᠥᠰᠥᠷᠬᠡᠴᠢᠬᠡᠪᠡ᠃ ᠪᠣᠭᠣᠷᠴᠢ ᠭᠡᠷ ᠲᠦ᠍ ᠣᠷᠣᠵᠤ ᠨᠢᠭᠡ ᠠᠶᠠᠭ᠎ᠠ ᠠᠢᠷᠠᠭ ᠤᠤᠭᠤᠭᠠᠳ ᠲᠡᠰᠬᠡᠯ ᠦᠭᠡᠢ ᠭᠠᠷᠴᠤ ᠪᠠᠷᠠᠭᠤᠨ ᠵᠦᠭ ᠬᠠᠷᠠᠭ᠎ᠠ ᠰᠤᠩᠭᠠᠨ ᠰᠢᠷᠲᠡᠲᠡᠯ᠎ᠡ ᠲᠡᠨᠳᠡ ᠡᠴᠡ ᠬᠣᠶᠠᠷ ᠶᠠᠭᠤᠮ᠎ᠠ ᠪᠥᠷᠲᠥᠯᠵᠡᠨ ᠲᠠᠰᠤᠷᠠᠵᠤ ᠨᠠᠭᠠᠰᠢ ᠢᠷᠡᠬᠦ ᠶ᠋ᠢ ᠬᠠᠷᠠᠭᠠᠳ᠄  
       — ᠪᠢ ᠬᠡᠷᠦᠯᠦᠨᠵᠢᠨ ᠢ᠋ ᠲᠣᠰᠤᠯ᠎ᠠ ᠭᠡᠪᠡᠰᠦ ᠲᠡᠭᠦᠨ ᠦ᠌ ᠡᠵᠢ ᠭᠡᠷ ᠡᠴᠡ᠄ 
       — ᠲᠡᠭᠡ ᠳᠡ᠂ ᠬᠦᠦ ᠮᠢᠨᠢ ᠭᠡᠬᠦ ᠰᠣᠨᠣᠰᠳᠠᠵᠤ᠂ ᠲᠡᠷᠡ ᠪᠡᠷ ᠮᠣᠷᠳᠠᠨ ᠳᠠᠪᠬᠢᠪᠠ᠃ ᠣᠢᠷᠠᠲᠤᠨ ᠣᠢᠷᠠᠲᠤᠭᠰᠠᠭᠠᠷ ᠲᠡᠳᠡ ᠢᠨᠢᠶᠡᠯᠳᠦᠨ ᠠᠭᠤᠯᠵᠠᠵᠤ ᠪᠣᠭᠣᠷᠴᠢ ᠮᠣᠷᠢ ᠪᠠᠨ ᠡᠷᠭᠢᠭᠦᠯᠵᠦ ᠬᠡᠷᠦᠯᠦᠨᠵᠢᠨ ᠦ᠌ ᠵᠥᠪ ᠲᠠᠯ᠎ᠠ ᠪᠠᠷ ᠣᠷᠣᠵᠤ ᠲᠡᠭᠦᠨ ᠦ᠌ ᠭᠤᠶ᠎ᠠ ᠶ᠋ᠢ ᠠᠳᠬᠤᠬᠤ ᠳ᠋ᠤ᠌ ᠨᠥᠭᠥᠭᠡᠳᠡᠬᠢ ᠨᠢ ᠪᠠᠰᠠ ᠭᠤᠶ᠎ᠠ ᠶ᠋ᠢ ᠨᠢ ᠴᠢᠩᠭ᠎ᠠ ᠠᠳᠬᠤᠵᠤ ᠢᠨᠢᠶᠡᠯᠳᠦᠪᠡ᠃ ᠲᠡᠷᠡ ᠬᠣᠶᠠᠷ ᠮᠡᠨᠳᠦᠯᠡᠵᠦ ᠪᠠᠢᠭ᠎ᠠ ᠨᠢ ᠡᠨᠡ᠃ 
       ᠬᠡᠷᠦᠯᠳᠵᠢᠨ ᠳᠡᠭᠦᠦ ᠤᠷᠤᠭᠤ ᠪᠠᠨ ᠬᠠᠷᠠᠵᠤ᠄  
       — ᠴᠢ ᠬᠠᠷᠢᠵᠤ ᠪᠠᠢ᠃ ᠪᠢᠳᠡ ᠬᠣᠶᠠᠷ ᠭᠣᠣᠯ ᠤ᠋ᠨ ᠵᠠᠬ᠎ᠠ ᠪᠠᠷ ᠶᠠᠪᠤᠵᠤ ᠮᠠᠯ ᠢ᠋ᠶ᠋ᠠᠨ ᠴᠤᠭᠯᠠᠭᠤᠯᠤᠭᠠᠳ ᠣᠷᠣᠢᠬᠠᠨ ᠣᠴᠢᠨ᠎ᠠ ᠭᠡᠯ᠎ᠡ᠃ 
       ᠬᠡᠷᠦᠯᠦᠨ ᠭᠣᠣᠯ ᠤ᠋ᠨ ᠬᠥᠪᠡᠭᠡ ᠪᠡᠷ ᠡᠯᠢ ᠬᠤᠯᠤᠢ᠃ ᠡᠳᠡ ᠬᠣᠶᠠᠷ ᠡᠵᠡᠭᠦᠢ ᠬᠡᠭᠡᠷ᠎ᠡ ᠶ᠋ᠢᠨ ᠪᠤᠷᠭᠠᠰᠤᠨ ᠳᠤᠮᠳᠠ ᠨᠢᠭᠤᠭᠳᠠᠵᠤ ᠲᠣᠭᠯᠠᠭᠠᠳ ᠤᠰᠤᠨ ᠤ᠋ ᠭᠦᠨ ᠳ᠋ᠡᠬᠢ ᠵᠢᠭᠠᠰᠤ ᠵᠢᠷᠠᠭᠠᠬᠠᠢ ᠰᠢᠭ᠋ ᠳᠤᠷ᠎ᠠ ᠪᠠᠷ ᠢ᠋ᠶ᠋ᠠᠨ ᠠᠭᠠᠰᠢᠯᠠᠨ ᠨᠠᠮᠤᠭᠤᠬᠠᠨ ᠮᠡᠯᠲᠡᠭᠡᠨᠡᠬᠦ ᠭᠣᠣᠯ ᠤ᠋ᠨ ᠮᠠᠨᠳᠠᠯ ᠳᠡᠭᠡᠭᠦᠷ ᠬᠠᠪᠲᠠᠭᠠᠢ ᠴᠢᠯᠠᠭᠤ ᠰᠢᠲᠠᠨ ᠬᠠᠯᠲᠤᠷᠢᠭᠤᠯᠵᠤ ᠦᠰᠦᠴᠢᠭᠦᠯᠦᠨ ᠨᠠᠭᠠᠳᠪᠠ᠃ 
       ᠬᠣᠶᠠᠭᠤᠯᠠ ᠪᠠᠨ ᠭᠣᠣᠯ ᠤ᠋ᠨ ᠡᠷᠭᠢ ᠳ᠋ᠡᠬᠢ ᠪᠦᠯᠢᠶᠡᠨ ᠴᠢᠯᠠᠭᠤ ᠰᠠᠨᠳᠠᠢᠯᠠᠨ ᠪᠡᠶ᠎ᠡ ᠪᠡᠶ᠎ᠡ ᠪᠡᠨ ᠨᠠᠯᠠᠨ ᠰᠠᠭᠤᠵᠤ ᠵᠢᠷᠭᠠᠯ ᠢ᠋ᠶ᠋ᠠᠨ ᠡᠳ᠋ᠯᠡᠨ ᠬᠦᠦᠷᠨᠢᠬᠦ ᠵᠠᠭᠤᠷ᠎ᠠ ᠪᠣᠭᠣᠷᠴᠢ ᠨᠠᠭᠠᠳᠤᠮ ᠠ᠋ᠴᠠ ᠪᠤᠴᠠᠵᠤ ᠣᠴᠢᠭᠠᠳ ᠲᠡᠮᠦᠵᠢᠨ ᠲᠡᠢ ᠤᠴᠠᠷᠠᠵᠤ ᠨᠠᠢ᠍ᠮᠠᠨ ᠰᠢᠷᠭ᠎ᠠ ᠶ᠋ᠢᠨ ᠬᠢᠨᠢ ᠬᠣᠢᠨ᠎ᠠ ᠠ᠋ᠴᠠ ᠶᠠᠪᠤᠵᠤ ᠣᠯᠵᠤ ᠢᠷᠡᠭᠰᠡᠨ᠂ ᠭᠡᠷ ᠲᠡᠭᠡᠨ ᠢᠷᠡᠭᠡᠳ ᠪᠣᠯᠤᠭᠰᠠᠨ ᠪᠦᠬᠦᠨ ᠢ᠋ ᠶᠠᠷᠢᠵᠤ᠂ ᠴᠠᠭᠠᠳᠤᠬᠢ ᠨᠢ ᠶᠡᠬᠡ ᠰᠣᠨᠢᠭᠤᠴᠢᠷᠬᠠᠨ ᠱᠠᠭᠰᠢᠷᠠᠵᠤ᠂ ᠲᠡᠭᠦᠨ ᠢ᠋ ᠴᠢᠩᠭ᠎ᠠ ᠲᠡᠪᠡᠷᠢᠨ ᠪᠡᠶ᠎ᠡ ᠳ᠋ᠦ᠍ᠨᠢ ᠨᠠᠭᠠᠯᠳᠤᠬᠤ ᠪᠦᠷᠢ᠄ 
       — ᠮᠤᠨᠳᠠᠭ ᠶᠤᠮ ᠠ᠋! ᠮᠤᠨᠳᠠᠭ ᠶᠤᠮ ᠭᠡᠵᠦ ᠤᠯᠠᠮ ᠬᠠᠯᠠᠭᠤᠨ ᠢᠯᠴᠢ ᠪᠡᠷ ᠢ᠋ᠶ᠋ᠡᠨ ᠲᠥᠭᠡᠨᠡᠵᠦ ᠪᠠᠢᠪᠠ᠃ ᠪᠣᠭᠣᠷᠴᠢ ᠬᠡᠷᠦᠯᠦᠨ ᠭᠣᠣᠯ ᠢ᠋ ᠥᠭᠰᠥᠭᠦᠯᠦᠨ ᠪᠠᠷᠠᠭᠤᠨ ᠵᠦᠭ ᠲᠠᠢᠰᠢ ᠬᠠᠷᠠᠵᠤ ᠲᠩᠷᠢ ᠶ᠋ᠢᠨ ᠬᠠᠶᠠᠭ᠎ᠠ ᠦᠵᠡᠭᠳᠡᠬᠦ ᠲᠡᠳᠦᠢ ᠲᠣᠭᠣᠨᠣ ᠠᠭᠤᠯᠠ ᠶ᠋ᠢ ᠵᠢᠭᠠᠵᠤ᠄ 
       — ᠴᠢ ᠪᠢᠳᠡ ᠬᠣᠶᠠᠷ ᠢ᠋ ᠤᠴᠠᠷᠠᠭᠤᠯᠵᠤ ᠢᠩᠭᠢᠵᠦ ᠰᠠᠭᠤᠬᠤ ᠲᠠᠪᠢᠯᠠᠩ ᠵᠠᠶᠠᠭᠠᠭᠰᠠᠨ ᠲᠣᠭᠣᠨᠣ ᠠᠭᠤᠯᠠ ᠶᠠᠮᠠᠷ ᠵᠢᠭᠠᠬᠠᠨ ᠬᠠᠷᠠᠭᠳᠠᠨ᠎ᠠ ᠪᠣᠢ? ᠳᠡᠷᠭᠡᠳᠡ ᠨᠢ ᠣᠴᠢᠬᠤᠯᠠᠷ ᠪᠠᠰᠠ ᠴᠤ᠌ ᠲᠣᠮᠣ ᠠᠭᠤᠯᠠ ᠰᠢᠦ ᠭᠡᠵᠦ ᠬᠡᠯᠡᠬᠦ ᠳ᠋ᠦ᠍ ᠨᠢ  ᠬᠡᠷᠦᠯᠳᠵᠢᠨ ᠢᠨᠢᠶᠡᠪᠬᠢᠯᠡᠵᠦ᠄ 
       — ᠪᠢ ᠪᠠᠰᠠ ᠴᠢᠮ᠎ᠠ ᠶ᠋ᠢ ᠰᠠᠨᠠᠬᠤ ᠳ᠋ᠠᠭᠠᠨ ᠲᠠᠢᠰᠢ ᠪᠠᠨ ᠬᠠᠷᠠᠵᠤ᠂ ᠲᠡᠭᠡᠵᠦ ᠪᠣᠳᠣᠳᠠᠭ ᠶᠤᠮ ᠭᠡᠪᠡ᠃ 
       — ᠪᠢ ᠪᠠᠰᠠ ᠴᠢᠮ᠎ᠠ ᠶ᠋ᠢ ᠰᠠᠨᠠᠬᠤ ᠳ᠋ᠠᠭᠠᠨ 《ᠨᠠᠭᠠᠰᠢ ᠪᠠᠨ ᠶᠠᠭᠠᠬᠢᠵᠤ ᠭᠠᠷᠬᠤ ᠪᠣᠢ?》 ᠭᠡᠵᠦ ᠪᠣᠳᠣᠵᠤ ᠪᠣᠳᠣᠵᠤ ᠪᠦᠭᠦᠨᠦᠳ ᠦ᠋ᠨ ᠨᠢᠭᠡ ᠲᠠᠨᠢᠯ ᠵᠠᠯᠠᠭᠤ ᠳ᠋ᠠᠭᠠᠨ《ᠨᠠᠮ᠎ᠠ ᠶ᠋ᠢ ᠣᠴᠢᠲᠠᠯ᠎ᠠ ᠡᠨᠡ ᠬᠣᠶᠠᠷ ᠮᠣᠷᠢ ᠶ᠋ᠢ ᠰᠠᠢᠨ ᠬᠠᠳᠠᠭᠠᠯᠠᠵᠤ ᠪᠠᠢ᠃ ᠪᠢ ᠤᠳᠠᠬᠤ ᠦᠭᠡᠢ ᠣᠴᠢᠵᠤ ᠠᠪᠤᠨ᠎ᠠ》 ᠭᠡᠵᠦ ᠥᠭᠴᠦ ᠶᠠᠪᠤᠭᠤᠯᠤᠭᠰᠠᠨ ᠶᠤᠮ᠃ ᠲᠡᠭᠡᠭᠡᠳ ᠠᠪᠤ ᠳ᠋ᠠᠭᠠᠨ《ᠠᠯᠳᠠᠭᠰᠠᠨ ᠬᠣᠶᠠᠷ ᠮᠣᠷᠢᠨ ᠤ᠋ ᠰᠤᠷᠠᠭ ᠭᠠᠷᠤᠯ᠎ᠠ》 ᠭᠡᠵᠦ ᠬᠤᠳᠠᠯ ᠬᠡᠯᠡᠵᠦ ᠨᠠᠭᠠᠰᠢ ᠭᠠᠷᠤᠭᠰᠠᠨ᠃ ᠭᠠᠵᠠᠷ ᠤ᠋ᠨ ᠳᠤᠮᠳᠠ ᠠ᠋ᠴᠠ ᠨᠠᠭᠠᠰᠢ ᠪᠠᠨ ᠶᠤᠮ ᠠ᠋᠂ ᠲᠡᠨᠳᠡ ᠢᠷᠡᠵᠦ ᠬᠣᠨᠣᠭᠠᠳ ᠮᠣᠷᠢᠳ ᠢ᠋ᠶ᠋ᠠᠨ ᠠᠪᠴᠤ ᠥᠷᠯᠥᠭᠡ ᠡᠷᠲᠡᠯᠡᠨ ᠭᠠᠷᠤᠭᠠᠳ ᠰᠢᠷᠦᠭᠦᠬᠡᠨ ᠶᠠᠪᠤᠭᠰᠠᠨ᠃ ᠭᠠᠢᠭᠤᠢ ᠳᠣᠣᠷᠠᠬᠠᠨ ᠢ᠋ᠶ᠋ᠠᠨ ᠬᠦᠷᠦᠭᠡᠳ ᠢᠷᠡᠯ᠎ᠡ᠃ 
       — ᠠ ᠳᠠ᠃ ᠮᠢᠨᠦ ᠲᠣᠮᠣᠭ᠎ᠠ ᠦᠭᠡᠢᠬᠡᠨ ᠬᠠᠷ᠎ᠠ ᠬᠦᠦ᠂ ᠪᠠᠰᠠ ᠲᠡᠭᠡᠭᠡᠳ ᠵᠠᠯᠢᠲᠠᠢ ᠶᠤᠮ ᠠ᠋! ᠭᠡᠵᠦ ᠨᠢᠴᠦᠭᠦᠨ ᠭᠤᠶᠠᠨ ᠳᠡᠭᠡᠷ᠎ᠡ ᠨᠢ ᠠᠯᠠᠭᠠᠳᠠᠭᠠᠳ᠄ 
       — ᠠᠷᠠᠢ ᠴᠢᠩᠭᠠᠳᠠᠭᠤᠯᠴᠢᠬᠠᠪᠠᠤ? ᠭᠡᠵᠦ ᠵᠢᠭᠠᠬᠠᠨ ᠤᠯᠠᠢᠭᠰᠠᠨ ᠭᠠᠵᠠᠷ ᠢ᠋ ᠨᠢ ᠬᠣᠰᠢᠭᠤ ᠬᠦᠷᠭᠡᠨ ᠦᠨᠦᠰᠦᠨ ᠬᠡᠯᠡ ᠪᠡᠨ ᠱᠦᠷᠭᠦᠬᠦᠯᠵᠦ ᠬᠥᠬᠥᠵᠦ ᠭᠠᠷ ᠢ᠋ᠶ᠋ᠠᠨ ᠠᠷᠴᠢᠪᠠ᠃ 
       ᠪᠣᠭᠣᠷᠴᠢ ᠢᠨᠢᠶᠡᠵᠦ ᠤᠷᠤᠭᠤᠯ ᠳᠡᠭᠡᠷ᠎ᠡ ᠨᠢ ᠦᠨᠦᠰᠴᠦ ᠲᠡᠪᠡᠷᠢᠵᠦ ᠡᠩᠬᠦᠷᠡᠢᠯᠡᠨ᠄ 
       — ᠮᠢᠨᠦ ᠵᠦᠭ ᠦᠭᠡᠢᠬᠡᠨ ᠪᠣᠷᠣ ᠬᠡᠦᠬᠡᠨ ᠶᠠᠮᠠᠷ ᠰᠣᠨᠢᠨ ᠲᠠᠢ᠂ ᠶᠠᠭᠠᠬᠢᠵᠤ ᠰᠠᠭᠤᠵᠤ ᠪᠠᠢᠨ᠎ᠠ ᠳᠠ? ᠭᠡᠬᠦ ᠳ᠋ᠦ᠍ ᠬᠡᠷᠦᠯᠦᠨᠵᠢᠨ᠄ 
       — ᠪᠢ ᠤᠤ?᠂ ᠪᠢ᠂ ᠪᠢ᠁ ᠠᠯᠢᠪ᠂ ᠨᠠᠭᠠᠳᠤ ᠭᠠᠷ ᠢ᠋ᠶ᠋ᠠᠨ ᠭᠡᠵᠦ ᠲᠠᠲᠠᠵᠤ ᠠᠪᠤᠭᠠᠳ ᠳᠣᠲᠤᠭᠣᠵᠢᠨ ᠤ᠋ ᠪᠠᠨ ᠳᠣᠣᠭᠤᠷ ᠰᠢᠷᠭᠤᠭᠤᠯᠵᠤ ᠨᠢᠴᠦᠭᠦᠨ ᠴᠠᠪᠢᠨ ᠲᠤᠰ ᠭᠠᠵᠠᠷ ᠢ᠋ᠶ᠋ᠠᠨ ᠳᠠᠷᠤᠵᠤ ᠥᠪᠡᠷ ᠢ᠋ᠶ᠋ᠡᠨ ᠳᠡᠭᠡᠷ᠎ᠡ ᠡᠴᠡ ᠨᠢ ᠳᠠᠷᠤᠵᠤ᠄ 
       — ᠶᠠᠭᠤ ᠦᠵᠡᠭᠳᠡᠨ᠎ᠡ ᠪᠣᠢ? ᠭᠡᠯ᠎ᠡ᠃ 
       — ᠶᠠᠭᠤᠮ᠎ᠠ ᠶᠠᠭᠤᠮᠠᠬᠠᠨ᠂ ᠬᠥᠭᠡᠷᠦᠬᠦᠨ ᠬᠥᠭᠡᠷᠦᠬᠦᠨ ᠶᠠᠭᠤᠮ᠎ᠠ ᠨᠤᠭᠤᠳ ᠦᠵᠡᠭᠳᠡᠵᠦ ᠯᠡ ᠪᠠᠢᠨ᠎ᠠ ᠭᠡᠳ ᠰᠢᠭᠡᠵᠡᠢ ᠢᠳᠠᠮ ᠬᠤᠷᠤᠭᠤ ᠪᠠᠨ ᠬᠥᠳᠡᠯᠭᠡᠪᠡ᠃ 
       — ᠵᠠ᠂ ᠪᠢᠲᠡᠭᠡᠢ ᠲᠡᠨᠡᠭᠯᠡᠭᠡᠳ ᠪᠠᠢ᠂ ᠨᠠᠭᠠᠳᠤ ᠠᠯᠠᠭᠠᠨ ᠳᠣᠣᠷ᠎ᠠ ᠴᠢᠨᠢ? 
       — ᠨᠡᠭᠡᠷᠡᠨ ᠨᠢᠭᠡ ᠯᠡ ᠶᠠᠭᠤᠮ᠎ᠠ ᠪᠠᠢᠨ᠎ᠠ ᠳᠠ᠂ ᠬᠥᠳᠡᠯᠦᠭᠡᠳ ᠴᠦ᠍ ᠪᠠᠢᠬᠤ ᠰᠢᠭ᠋᠂ ᠬᠥᠯᠪᠡᠷᠢᠭᠡᠳ ᠴᠦ᠍ ᠪᠠᠢᠬᠤ ᠰᠢᠭ᠋᠂ ᠰᠤᠳᠠᠰᠤ ᠰᠢᠭ᠋ ᠯᠦᠭ᠂ ᠯᠦᠭ ᠴᠣᠬᠢᠯᠠᠵᠤ ᠪᠠᠢᠨ᠎ᠠ ᠤᠤ ᠳᠠ? ᠶᠠᠭᠤ ᠪᠠᠢᠭ᠎ᠠ ᠶᠤᠮ ᠪᠣᠢ? 
       — ᠴᠢᠨᠦ ᠯᠡ ᠨᠢᠭᠡ ᠦᠯᠡᠳᠡᠭᠡᠭᠰᠡᠨ ᠶᠠᠭᠤᠮ᠎ᠠ ᠪᠠᠢᠭ᠎ᠠ ᠭᠡᠬᠦ ᠳ᠋ᠦ᠍ ᠪᠣᠭᠣᠷᠴᠢ ᠪᠢᠲᠡᠭᠦᠦ ᠳ᠋ᠡᠭᠡᠨ ᠬᠡᠨ ᠭᠤᠸᠠᠢ ᠶ᠋ᠢ ᠨᠢ ᠮᠡᠳᠡᠭᠡᠳ ᠢᠨᠢᠶᠡᠵᠦ
       — ᠲᠡᠭᠡᠪᠡᠯ ᠪᠢ ᠦᠨᠦᠰᠦᠶ᠎ᠡ ᠭᠡᠪᠡ᠃ 
       — ᠭᠠᠷᠤᠭᠠᠳ ᠢᠷᠡᠬᠦ ᠪᠡᠷ ᠨᠢ ᠦᠨᠦᠰᠦᠭᠡᠷᠡᠢ᠃ 
       — ᠬᠡᠳᠦᠢ ᠳ᠋ᠦ᠍ ᠭᠠᠷᠬᠤ ᠪᠣᠢ? 
       — ᠡᠵᠢ ᠶ᠋ᠢᠨ ᠬᠡᠯᠡᠬᠦ ᠨᠢ ᠴᠠᠭᠠᠨ ᠰᠠᠷ᠎ᠠ ᠠ᠋ᠴᠠ ᠬᠣᠢᠰᠢ ᠤᠳᠠᠬᠤ ᠦᠭᠡᠢ ᠪᠠᠢᠬ᠎ᠠ ᠭᠡᠰᠡᠨ᠃ 
       — ᠵᠠ᠂ ᠵᠠ ᠲᠡᠭᠡᠪᠡᠯ ᠪᠢᠳᠡ ᠭᠤᠷᠪᠠᠭᠤᠯᠠ ᠪᠣᠯᠤᠭᠰᠠᠨ ᠭᠡᠰᠡᠨ ᠦᠭᠡ ᠤᠤ? ᠡᠵᠢ ᠨᠢ ᠲᠡᠭᠡᠭᠡᠳ ᠶᠠᠭᠤ ᠭᠡᠵᠦ ᠪᠠᠢᠨ᠎ᠠ ᠪᠣᠢ? ᠮᠢᠨᠦ ᠮᠠᠭᠤ ᠠᠮᠢᠲᠠᠨ ᠢ᠋ ᠵᠢᠮᠡᠯᠡᠭᠡ ᠦᠭᠡᠢ ᠪᠢᠵᠡ? 
       — ᠦᠭᠡᠢ ᠠ᠋᠂ ᠦᠭᠡᠢ᠂ ᠬᠠᠷᠢᠨ《ᠬᠡᠨ ᠦ᠌ ᠦᠷ᠎ᠡ ᠶᠦᠮ ᠪᠣᠢ?》 ᠭᠡᠵᠦ ᠠᠰᠠᠭᠤᠭᠰᠠᠨ᠃ ᠪᠢ ᠴᠢᠨᠦᠬᠢ ᠭᠡᠰᠡᠨ᠃ ᠡᠵᠢ ᠪᠣᠳᠣᠵᠤ ᠪᠣᠳᠣᠵᠤ《ᠬᠣᠯᠠ ᠶ᠋ᠢᠨ ᠬᠥᠮᠦᠨ ᠭᠡᠰᠡᠨ᠂ ᠮᠢᠨᠦ ᠥᠬᠢᠨ ᠦᠷ᠎ᠡ ᠬᠣᠯᠠ ᠶ᠋ᠢᠨ ᠬᠥᠮᠦᠨ ᠳ᠋ᠦ᠍ ᠣᠴᠢᠬᠤ ᠨᠢ ᠳᠡ᠃ ᠵᠠ᠂ ᠶᠠᠭᠠᠬᠢᠬᠤᠪ ᠶᠠᠭᠠᠬᠢᠬᠤᠪ᠃ ᠬᠠᠵᠠᠭᠤ ᠭᠠᠵᠠᠷ ᠤᠷᠭᠤᠭᠰᠠᠨ ᠨᠢ ᠪᠣᠯ ᠬᠠᠢᠯᠠᠰᠤ ᠮᠣᠳᠣᠨ ᠤ᠋ ᠵᠢᠮ᠎ᠡ ᠶᠦᠮ ᠠ᠋ ᠬᠦᠢ᠂ ᠬᠠᠷᠢ ᠶ᠋ᠢᠨ ᠭᠠᠵᠠᠷ ᠣᠴᠢᠳᠠᠭ ᠨᠢ ᠪᠣᠯ ᠪᠦᠰᠡᠭᠦᠢ ᠬᠥᠮᠦᠨ ᠦ᠌ ᠵᠠᠶᠠᠭ᠎ᠠ ᠶᠤᠮ ᠬᠦᠢ》 ᠭᠡᠵᠦ ᠬᠡᠯᠡᠭᠰᠡᠨ ᠳᠡ᠃ ᠪᠣᠭᠣᠷᠴᠢ᠄ 
           ᠲᠡᠭᠡᠪᠡᠯ ᠮᠠᠨ ᠤ᠋ ᠨᠤᠲᠤᠭ ᠲᠤ᠌ 
           ᠤᠷᠤᠭᠤ ᠭᠠᠵᠠᠷ ᠤᠷᠭᠤᠨ᠎ᠠ ᠭᠡᠳᠡᠭ ᠪᠣᠯ 
           ᠤᠯᠢᠶᠠᠰᠤ ᠮᠣᠳᠣᠨ ᠤ᠋ ᠵᠢᠮ᠎ᠡ ᠶᠦᠮ ᠠ᠋ ᠬᠦᠢ 
           ᠤᠷᠤᠭ ᠤ᠋ᠨ ᠭᠠᠵᠠᠷ ᠣᠴᠢᠨ᠎ᠠ ᠭᠡᠳᠡᠭ ᠪᠣᠯ 
           ᠪᠦᠰᠡᠭᠦᠢ ᠬᠥᠮᠦᠨ ᠦ᠌ ᠵᠠᠶᠠᠭ᠎ᠠ ᠶᠤᠮ ᠠ᠋ ᠬᠦᠢ ᠭᠡᠵᠦ ᠳᠠᠭᠤᠯᠠᠳᠠᠭ ᠶᠤᠮ ᠭᠡᠵᠦ ᠬᠡᠯᠡᠭᠡᠳ ᠬᠣᠶᠠᠭᠤᠯᠠ ᠪᠠᠨ ᠲᠡᠪᠡᠷᠢᠯᠳᠦᠪᠡ᠃ ᠬᠡᠷᠦᠯᠳᠵᠢᠨ᠄ 
       — ᠮᠢᠨᠦ ᠲᠣᠮᠣᠭ᠎ᠠ ᠦᠭᠡᠢᠬᠡᠨ ᠨᠤᠲᠤᠭ ᠲᠠᠭᠠᠨ ᠣᠴᠢᠭᠠᠳ ᠬᠢᠷᠢ ᠲᠣᠮᠣᠭ᠎ᠠ ᠥᠬᠡᠢᠳᠡᠪᠡ ᠳᠡ? ᠭᠡᠬᠦ ᠳ᠋ᠦ᠍᠄ 
       — ᠦᠭᠡᠢ ᠰᠢᠦ᠂ ᠶᠠᠭᠠᠬᠢᠯ᠎ᠠ ᠭᠡᠵᠦ᠃ ᠴᠢᠮᠠᠶ᠋ᠢ ᠪᠠᠨ ᠣᠯᠵᠤ ᠠᠪᠤᠭᠰᠠᠨ ᠬᠥᠮᠦᠨ ᠢᠯᠡᠭᠦᠦ ᠳᠤᠲᠠᠭᠤ ᠵᠠᠩ ᠭᠠᠷᠭᠠᠵᠤ ᠪᠣᠯᠬᠤ ᠦᠭᠡᠢ᠃ ᠭᠤᠷᠪᠠᠭᠤᠯᠠ ᠪᠠᠨ ᠴᠤ᠌ ᠪᠣᠯᠬᠤ ᠨᠢ᠃ ᠪᠤᠭᠤᠷᠴᠢ ᠶ᠋ᠢᠨ ᠬᠢ ᠭᠡᠳᠡᠭ ᠠᠢᠯ ᠭᠤᠷᠪᠠᠨ ᠪᠦᠷᠢᠳᠦᠨ ᠳ᠋ᠦ᠍ ᠲᠣᠭᠣᠨᠣ ᠪᠠᠨ ᠲᠤᠯᠬᠤ ᠨᠢ ᠯᠡ ᠪᠠᠢᠨ᠎ᠠ᠃ ᠬᠠᠷᠢᠨ ᠮᠢᠨᠦ ᠵᠦᠭ ᠦᠭᠡᠢ ᠪᠣᠷᠣᠬᠠᠨ ᠨᠠᠮ᠎ᠠ ᠶ᠋ᠢ ᠱᠣᠭᠯᠠᠳᠠᠭ ᠰᠢᠭ᠋ ᠢ᠋ᠶ᠋ᠡᠨ ᠠᠷᠠᠢ ᠬᠥᠮᠦᠨ ᠠᠮᠢᠲᠠᠨ ᠱᠣᠭᠯᠠᠭ᠎ᠠ ᠦᠭᠡᠢ ᠪᠢᠵᠡ ᠳᠡ? 
       — ᠱᠣᠭᠯᠠᠭᠰᠠᠨ᠃  
       — ᠶᠠᠭᠠᠬᠢᠵᠤ ᠪᠠᠢᠬᠤ ᠨᠢ ᠲᠡᠷᠡ ᠪᠣᠢ? ᠭᠡᠵᠦ ᠪᠤᠭᠤᠷᠴᠢ ᠬᠡᠷᠦᠯᠳᠵᠢᠨ ᠤᠷᠤᠭᠤ ᠰᠦᠷᠡᠬᠡᠢ ᠳᠦᠷᠯᠡᠢᠨ ᠬᠠᠷᠠᠪᠠ᠃ 
       — ᠶᠠᠭᠠᠬᠢᠳᠠᠭ ᠶᠤᠮ? ᠠᠲᠠᠷᠬᠠᠨ ᠤ᠋ ᠨᠢᠭᠡ ᠮᠠᠭᠤ ᠠᠮᠢᠲᠠᠨ᠂ ᠪᠣᠷᠣᠬᠠᠢᠲᠦ ᠭᠡᠳᠡᠭ ᠶᠦᠮ᠃ ᠴᠢ ᠰᠠᠨᠠᠵᠤ ᠪᠠᠢᠨ᠎ᠠ ᠤᠤ? ᠲᠦᠮᠡᠨ ᠲᠦᠪᠬᠦᠨ ᠦ᠌ ᠨᠠᠭᠠᠳᠤᠮ ᠳᠡᠭᠡᠷ᠎ᠡ ᠴᠢ ᠪᠢᠳᠡ ᠬᠣᠶᠠᠷ ᠤ᠋ᠨ ᠤᠷᠢᠳᠤᠭᠤᠷ ᠬᠡᠭᠡᠷ ᠮᠣᠷᠢᠲᠠᠢ᠂ ᠴᠡᠩᠬᠡᠷ ᠳᠠᠪᠠᠯᠲᠠᠢ ᠬᠥᠯᠴᠥᠭᠦᠦ ᠨᠢᠭᠡ ᠶᠠᠭᠤᠮ᠎ᠠ ᠬᠥᠨᠳᠡᠯᠢᠰᠴᠦ ᠪᠠᠢᠭᠰᠠᠨ ᠢ᠋ ᠭᠡᠬᠦ ᠳ᠋ᠦ᠍ ᠡᠨᠡ ᠶᠠᠪᠤᠳᠠᠯ ᠦᠨᠡᠬᠡᠷ ᠪᠤᠭᠤᠷᠴᠢ ᠶ᠋ᠢᠨ ᠰᠠᠨᠠᠭᠠᠨ ᠳ᠋ᠤ᠌ ᠪᠠᠭᠤᠵᠤ᠄ 
       — ᠲᠡᠢᠮᠦ᠂ ᠲᠡᠢᠮᠦ᠃ ᠲᠡᠷᠡ ᠶᠠᠭᠠᠬᠢᠪᠠ? 
       —  ᠴᠢᠮ᠎ᠠ ᠶ᠋ᠢ ᠨᠤᠲᠤᠭ ᠪᠤᠴᠠᠭᠰᠠᠨ ᠤ᠋ ᠳᠠᠷᠠᠭ᠎ᠠ ᠬᠡᠳᠦ ᠬᠣᠨᠣᠭᠠᠳ ᠪᠠᠢᠲᠠᠯ᠎ᠠ ᠥᠨᠥᠬᠢ ᠴᠢᠨᠢ ᠮᠠᠨ ᠤ᠋ ᠳ᠋ᠤ᠌ ᠢᠷᠡᠵᠦ ᠬᠣᠨᠣᠪᠠ᠃ ᠰᠥᠨᠢ ᠨᠠᠮ᠎ᠠ ᠶ᠋ᠢ ᠣᠷᠣᠯᠳᠣᠭᠠᠳ ᠰᠠᠯᠳᠠᠭ ᠦᠭᠡᠢ ᠨᠣᠢᠲᠠᠨ ᠬᠠᠮᠠᠭᠤ ᠴᠢᠨᠢ᠃ ᠲᠡᠭᠡᠬᠦ ᠪᠡᠷ ᠨᠢ ᠪᠢ ᠠᠷᠭ᠎ᠠ ᠪᠠᠨ ᠪᠠᠷᠠᠭᠠᠳ ᠠᠪᠤ ᠡᠵᠢ ᠶ᠋ᠢ ᠪᠡᠨ ᠳᠠᠭᠤᠳᠠᠵᠤ ᠰᠡᠷᠡᠭᠡᠨ ᠬᠥᠭᠡᠭᠡᠵᠦ ᠶᠠᠪᠤᠭᠤᠯᠤᠭᠰᠠᠨ ᠶᠤᠮ᠃ ᠲᠡᠭᠡᠭᠡᠳ ᠪᠠᠰᠠ ᠪᠣᠯᠤᠭ᠎ᠠ ᠦᠭᠡᠢ ᠠ᠋᠃ ᠮᠠᠨ ᠤ᠋ ᠨᠠᠭᠠᠴᠤ ᠠᠬ᠎ᠠ᠂ ᠡᠵᠢ ᠶ᠋ᠢᠨ ᠲᠥᠷᠥᠭᠰᠡᠨ ᠠᠬ᠎ᠠ ᠶ᠋ᠢᠨ ᠬᠡᠦᠬᠡᠳ ᠨᠢ ᠭᠡᠷᠯᠡᠵᠦ ᠪᠢ ᠬᠤᠷᠢᠮ ᠳ᠋ᠤᠨᠢ ᠣᠴᠢᠪᠠ᠃ ᠲᠡᠨᠳᠡ ᠥᠨᠥᠬᠢ ᠴᠢᠨᠢ ᠦᠵᠡᠭᠳᠡᠵᠦ ᠪᠠᠰᠠ ᠨᠠᠮ᠎ᠠ ᠶ᠋ᠢ ᠳᠠᠭᠠᠵᠤ ᠨᠡᠬᠡᠬᠦ ᠰᠠᠨᠠᠭᠠᠲᠠᠢ᠂ ᠪᠢ ᠴᠦ᠍ ᠠᠬ᠎ᠠ ᠳᠡᠭᠦᠦ ᠶ᠋ᠢᠨ ᠳᠤᠮᠳᠠ ᠲᠠᠤᠯᠠᠢ ᠰᠢᠭ᠋ ᠰᠢᠷᠭᠤᠨ ᠪᠠᠢᠪᠠᠯ ᠲᠡᠷᠡ ᠴᠦ᠍ ᠦᠵᠡᠭᠳᠡᠬᠦ ᠦᠭᠡᠢ ᠯᠡ ᠪᠣᠯᠪᠠ᠃ ᠪᠢ ᠬᠣᠨᠣᠭᠤᠲᠠ ᠥᠨᠵᠢᠭᠦᠲᠡ ᠪᠠᠢᠭᠠᠳ ᠮᠠᠷᠭᠠᠰᠢ ᠨᠢ ᠭᠡᠷ ᠵᠦᠭ ᠢ᠋ᠶ᠋ᠡᠨ ᠪᠤᠴᠠᠵᠤ ᠶᠠᠪᠤᠲᠠᠯ᠎ᠠ ᠶᠠᠭᠠᠬᠢᠬᠤ ᠠᠷᠭ᠎ᠠ ᠦᠭᠡᠢ ᠡᠵᠡᠭᠦᠢ ᠬᠡᠭᠡᠷ᠎ᠡ ᠥᠨᠥᠬᠢ ᠴᠢᠨᠢ ᠥᠭᠡᠳᠡ ᠡᠴᠡ ᠤᠭᠲᠤᠨ ᠢᠷᠡᠳᠡᠭ ᠪᠠᠢᠭ᠎ᠠ᠃ ᠪᠢ ᠠᠶᠤᠯ᠃《ᠠᠷᠠᠢ ᠴᠣ ᠠᠯᠠᠬᠤ ᠦᠭᠡᠢ ᠯᠡ ᠪᠠᠢᠬ᠎ᠠ᠃ ᠡᠵᠡᠭᠦᠢ ᠬᠡᠭᠡᠷ᠎ᠡ ᠡᠯᠡᠭ ᠪᠠᠷᠢᠵᠤ ᠡᠵᠡᠮᠳᠡᠬᠦ ᠰᠠᠨᠠᠭᠠᠲᠠᠢ ᠪᠢᠵᠡ᠂ ᠡᠨᠡᠨ ᠳ᠋ᠦ᠍ ᠡᠯᠡᠭ ᠪᠠᠷᠢᠭᠤᠯᠬᠤ ᠦᠭᠡᠢ》 ᠭᠡᠵᠦ ᠪᠣᠳᠣᠯ᠎ᠠ᠃ 
       — ᠲᠡᠭᠡᠭᠡᠳ? 
       — ᠲᠡᠭᠡᠭᠡᠳ ᠲᠡᠷᠡ《ᠴᠢ ᠨᠠᠮ᠎ᠠ ᠶ᠋ᠢ ᠪᠢᠲᠡᠭᠡᠢ ᠠᠳᠠ ᠦᠵᠡ᠃ ᠪᠢ ᠴᠢᠮᠠᠶ᠋ᠢ ᠶᠡᠬᠡ ᠬᠦᠰᠡᠳᠡᠭ᠃ ᠮᠢᠨᠦ ᠡᠬᠡᠨᠡᠷ ᠪᠣᠯ᠃ ᠪᠢ ᠴᠢᠮᠠᠶ᠋ᠢ ᠭᠠᠴᠢᠭᠠᠬᠤ ᠦᠭᠡᠢ᠂ ᠳᠤᠲᠠᠭᠠᠬᠤ ᠦᠭᠡᠢ᠃ ᠲᠣᠷᠭ᠎ᠠ ᠪᠠᠷ ᠣᠷᠢᠶᠠᠵᠤ ᠡᠷᠳᠡᠨᠢᠰ ᠢ᠋ᠶ᠋ᠡᠷ ᠴᠢᠮᠡᠵᠦ᠂ ᠠᠮᠲᠠᠲᠠᠨ ᠢ᠋ ᠡᠮᠦᠨ᠎ᠡ ᠴᠢᠨᠢ ᠥᠷᠥᠵᠦ᠂ ᠠᠯᠲᠠ ᠶ᠋ᠢ ᠠᠪᠳᠠᠷᠠᠨ ᠳ᠋ᠤ᠌ ᠴᠢᠨᠢ ᠳᠦᠭᠦᠷᠭᠡᠨ᠎ᠡ》 ᠭᠡᠨ᠎ᠡ᠃ ᠪᠢ ᠳᠤᠤᠭᠠᠷᠬᠤ ᠦᠭᠡᠢ ᠯᠡ᠁ ᠲᠡᠭᠡᠭᠰᠡᠨ ᠴᠢᠨᠢ ᠡᠪᠦᠷ ᠡᠴᠡ ᠪᠡᠨ ᠠᠯᠲᠠ ᠯᠠ ᠶᠤᠮ ᠪᠠᠢᠯᠭᠦᠢ᠂ ᠰᠢᠷ᠎ᠠ ᠡᠭᠡᠮᠦᠭ ᠪᠥᠭᠡᠵᠢ ᠭᠠᠷᠭᠠᠵᠤ ᠥᠭᠴᠦ ᠪᠠᠢᠨ᠎ᠠ᠃ ᠪᠢ ᠠᠪᠤᠭᠰᠠᠨ ᠦᠭᠡᠢ᠃ ᠡᠪᠦᠷ ᠤᠷᠤᠭᠤ ᠬᠢᠬᠦ ᠳ᠋ᠦ᠍ ᠨᠢ ᠪᠢ ᠭᠠᠷᠭᠠᠭᠠᠳ ᠰᠢᠳᠡᠴᠢᠬᠡᠭᠰᠡᠨ᠃ ᠲᠡᠭᠡᠭᠰᠡᠨ ᠴᠢᠨᠢ ᠴᠤᠯᠪᠤᠭᠤᠷᠳᠠᠭᠠᠳ ᠠᠪᠤᠯ᠎ᠠ᠃ ᠪᠢ ᠴᠤᠯᠪᠤᠭᠤᠷ ᠢ᠋ᠶ᠋ᠠᠨ ᠠᠪᠬᠤ ᠭᠡᠰᠡᠨ ᠴᠢᠨᠢ ᠥᠭᠭᠦᠭᠰᠡᠨ ᠦᠭᠡᠢ᠂ ᠮᠣᠷᠢᠨ ᠠ᠋ᠴᠠ ᠪᠠᠨ ᠪᠠᠭᠤᠭᠠᠳ ᠬᠣᠢᠲᠤ ᠣᠯᠣᠩ ᠢ᠋ ᠲᠠᠢᠯᠬᠤ ᠳ᠋ᠤᠨᠢ ᠪᠢ ᠦᠰᠦᠷᠦᠭᠡᠳ ᠥᠪᠡᠷ ᠦ᠋ᠨ ᠮᠣᠷᠢᠨ ᠳᠡᠭᠡᠷ᠎ᠡ ᠮᠣᠷᠳᠠᠵᠤ᠂ ᠭᠠᠷ ᠬᠤᠷᠤᠭᠤ ᠶ᠋ᠢ ᠨᠢ ᠬᠠᠢᠷ᠎ᠠ ᠨᠠᠢᠷ ᠦᠭᠡᠢ ᠲᠠᠰᠢᠭᠤᠷᠳᠠᠵᠤ ᠥᠪᠡᠷᠦᠨ ᠦ᠌᠂ ᠬᠥᠮᠦᠨ ᠦ᠌ ᠮᠣᠷᠢᠨ ᠤ᠋ ᠴᠤᠯᠪᠤᠭᠤᠷ ᠢ᠋ ᠨᠢ ᠰᠠᠯᠭᠠᠵᠤ ᠠᠪᠤᠭᠠᠳ ᠵᠠᠢᠯᠠᠵᠤ ᠣᠳᠤᠭᠰᠠᠨ᠃ ᠤᠷᠢᠳᠤ ᠣᠯᠣᠩ ᠲᠠᠢᠯᠵᠤ ᠠᠮᠵᠢᠭ᠎ᠠ ᠦᠭᠡᠢ ᠶᠦᠮ᠃ ᠪᠢ ᠯᠠᠪ ᠬᠣᠶᠠᠷ ᠭᠤᠷᠪᠠᠨ ᠮᠣᠳᠣ ᠭᠠᠵᠠᠷ ᠣᠴᠢᠵᠤ ᠲᠡᠭᠦᠨ ᠦ᠌ ᠡᠮᠡᠭᠡᠯ ᠢ᠋ ᠨᠢ ᠠᠪᠴᠤ ᠬᠠᠶᠠᠭᠠᠳ᠂ ᠵᠢᠯᠣᠭᠣ ᠴᠤᠯᠪᠤᠭᠤᠷ ᠢ᠋ ᠨᠢ ᠤᠨᠵᠢᠭᠤᠯᠤᠭᠠᠳ ᠮᠣᠷᠢ ᠶ᠋ᠢ ᠨᠢ ᠰᠤᠯᠠ ᠲᠠᠯᠪᠢᠵᠤ ᠣᠷᠬᠢᠭᠰᠠᠨ᠃ ᠥᠯ ᠮᠠᠭᠤᠲᠠᠢ ᠶᠠᠪᠤᠭᠰᠠᠨ ᠮᠣᠷᠢ ᠢᠳᠡᠭᠡᠳ ᠬᠣᠴᠣᠷᠤᠭᠰᠠᠨ᠃ ᠮᠣᠷᠢ ᠪᠠᠨ ᠪᠠᠷᠢᠵᠤ ᠤᠨᠤᠭᠰᠠᠨ ᠪᠣᠯ ᠵᠣᠯ᠂ ᠴᠢᠳᠠᠭ᠎ᠠ ᠦᠭᠡᠢ ᠪᠣᠯ ᠬᠣᠬᠢ ᠨᠢ᠂ ᠡᠮᠡᠭᠡᠯ ᠢ᠋ᠶ᠋ᠡᠨ ᠡᠭᠦᠷᠦᠭᠡᠳ ᠶᠠᠪᠤᠭᠰᠠᠨ ᠪᠢᠵᠡ!  
       — ᠪᠣᠯᠵᠤ ᠭᠡᠰᠡᠨ ᠢ᠋ᠶ᠋ᠡᠨ ᠪᠣᠭᠤᠷᠴᠢ ᠪᠣᠳᠣᠯᠬᠢᠯᠠᠨ᠂ ᠴᠢᠮᠠᠶ᠋ᠢ ᠵᠣᠪᠠᠭᠠᠬᠤ ᠪᠠᠢᠬ᠎ᠠ ᠳᠠ᠂ ᠲᠡᠷᠡ ᠮᠠᠭᠤ ᠴᠢᠨᠢ᠃ ᠦᠰ ᠬᠣᠨᠵᠢᠩ ᠡᠪᠦᠷᠯᠡᠵᠦ ᠶᠠᠪᠤᠭ᠎ᠠ ᠪᠣᠢ ᠭᠡᠪᠡ᠃ ᠬᠡᠷᠦᠯᠳᠵᠢᠨ᠄  
       — ᠪᠢ ᠲᠡᠭᠦᠨ ᠳ᠋ᠦ᠍《ᠬᠥᠮᠦᠨ ᠲᠡᠢ᠂ ᠬᠡᠯᠡᠯᠴᠡᠵᠦ ᠶᠠᠷᠢᠭᠰᠠᠨ ᠨᠥᠬᠥᠷ ᠪᠣᠢ》 ᠭᠡᠬᠦ ᠳ᠋ᠦ᠍《ᠠᠷᠤᠯᠠᠳ ᠤ᠋ᠨ ᠮᠠᠭᠤ ᠵᠤᠯᠳᠠᠷᠠᠢ ᠵᠢᠭᠠᠯ ᠤᠤ?》 ᠭᠡᠰᠡᠨ᠃ ᠲᠡᠭᠡᠬᠦ ᠳ᠋ᠦ᠍ᠨᠢ ᠪᠢ《ᠴᠢᠮᠠᠲᠤ ᠬᠠᠮᠢᠶ᠎ᠠ ᠦᠭᠡᠢ》 ᠭᠡᠵᠦ ᠬᠡᠯᠡᠭᠰᠡᠨ ᠭᠡᠪᠡ᠃ ᠪᠣᠭᠤᠷᠴᠢ᠄ 
       — ᠲᠡᠷᠡ ᠲᠡᠭᠡᠭᠡᠳ ᠬᠠᠮᠢᠭ᠎ᠠ ᠶᠠᠪᠤᠨ᠎ᠠ ᠪᠣᠢ? ᠭᠡᠵᠦ ᠠᠰᠠᠭᠤᠬᠤ ᠳ᠋ᠤ᠌ ᠬᠡᠷᠦᠯᠦᠨᠵᠢᠨ᠄ 
       — ᠣᠷᠣᠭᠰᠢ ᠪᠠᠨ ᠬᠢᠲᠠᠳ ᠤᠷᠤᠭᠤ ᠶᠠᠪᠤᠴᠢᠬᠠᠭᠰᠠᠨ ᠭᠡᠨ᠎ᠡ ᠪᠢᠯᠡ᠃ ᠲᠡᠰᠢ ᠶᠠᠪᠤᠵᠤ ᠮᠠᠢᠮᠠᠢ ᠬᠢᠳᠡᠭ᠂ ᠬᠡᠳᠦᠨ ᠰᠠᠷ᠎ᠠ ᠪᠠᠷ ᠶᠠᠪᠤᠴᠢᠬᠠᠳᠠᠭ ᠨᠢ ᠲᠠᠭᠠᠷᠠᠭᠰᠠᠨ᠂ ᠢᠷᠡᠬᠦ ᠡᠳᠦᠷ ᠪᠢᠵᠡ᠃ 
       ᠡᠨᠡ ᠬᠣᠶᠠᠷ ᠤ᠋ᠨ ᠡᠢᠨ ᠶᠠᠷᠢᠵᠤ ᠰᠠᠭᠤᠬᠤ ᠵᠠᠭᠤᠷ᠎ᠠ ᠨᠠᠷᠠ ᠠᠭᠤᠯᠠ ᠶ᠋ᠢᠨ ᠲᠣᠯᠣᠭᠠᠢ ᠤᠷᠤᠭᠤ ᠲᠡᠰᠢᠵᠦ᠂ ᠲᠡᠳᠡ ᠮᠣᠷᠳᠠᠨ ᠮᠠᠯ ᠢ᠋ᠶ᠋ᠠᠨ ᠴᠤᠭᠯᠠᠭᠤᠯᠬᠤ ᠪᠠᠷ ᠶᠠᠪᠤᠯ᠎ᠠ᠃ 
       ᠣᠷᠣᠢ ᠦᠳᠡᠰᠢ ᠶ᠋ᠢᠨ ᠠᠵᠢᠯ ᠢ᠋ ᠬᠣᠣᠰ ᠬᠣᠶᠠᠷ ᠬᠣᠯᠪᠣᠭᠠᠲᠠᠢ ᠶᠠᠪᠤᠵᠤ ᠳᠠᠭᠤᠰᠬᠠᠭᠠᠳ ᠡᠬᠡᠨᠡᠷ ᠨᠥᠬᠥᠷ ᠪᠣᠯᠬᠤ ᠡᠷ᠎ᠡ ᠡᠮ᠎ᠡ ᠶ᠋ᠢᠨ ᠨᠢᠭᠡᠨ ᠳᠡᠷ᠎ᠡ ᠶ᠋ᠢᠨ ᠵᠢᠷᠭᠠᠯ ᠢ᠋ ᠡᠳ᠋ᠯᠡᠨ ᠴᠡᠩᠭᠡᠪᠡ᠃ ᠲᠡᠷᠡ ᠬᠣᠶᠠᠷ ᠮᠠᠷᠭᠠᠰᠢ ᠡᠳᠦᠷ ᠦ᠋ᠨ ᠠᠵᠢᠯ ᠢ᠋ ᠬᠡᠷᠬᠢᠬᠦ ᠪᠡᠨ ᠦᠳᠡᠰᠢ ᠭᠠᠳᠠᠭᠤᠷ ᠶᠠᠪᠤᠬᠤ ᠳ᠋ᠠᠭᠠᠨ ᠴᠤ᠌ ᠮᠠᠷᠲᠠᠭᠰᠠᠨ ᠦᠭᠡᠢ᠃ ᠪᠣᠭᠤᠷᠴᠢ᠄ 
       — ᠬᠣᠶᠠᠭᠤᠯᠠ ᠭᠣᠣᠯ ᠤ᠋ᠨ ᠵᠠᠬ᠎ᠠ ᠪᠠᠷ ᠬᠡᠳᠦᠨ ᠦᠷᠢᠶ᠎ᠡ ᠳᠠᠭ᠎ᠠ ᠰᠢᠷᠭᠤᠭᠤᠯᠵᠤ ᠲᠣᠭᠯᠠᠬᠤ ᠤᠤ? ᠭᠡᠬᠦ ᠳ᠋ᠦ᠍ ᠬᠡᠷᠦᠯᠦᠨᠵᠢᠨ᠄ 
       — ᠶᠠᠭᠤ ᠭᠡᠰᠡᠨ ᠦᠭᠡ ᠪᠣᠢ? ᠶᠠᠭᠠᠬᠢᠵᠤ ᠪᠣᠯᠳᠠᠭ ᠶᠤᠮ? ᠮᠢᠨᠦ ᠲᠣᠮᠣᠭ᠎ᠠ ᠦᠭᠡᠢ ᠲᠣᠮᠣᠭ᠎ᠠ ᠣᠷᠣᠬᠤ ᠪᠣᠯᠤᠭ᠎ᠠ ᠦᠭᠡᠢ ᠯᠡ ᠪᠠᠢᠨ᠎ᠠ ᠳᠠ ᠭᠡᠵᠦ ᠢᠨᠢᠶᠡᠬᠦ ᠳ᠋ᠦ᠍ ᠪᠣᠭᠤᠷᠴᠢ᠄  
       — ᠨᠡᠭᠡᠷᠡᠨ ᠲᠡᠢᠮᠦ ᠯᠡ ᠳᠡ ᠭᠡᠵᠦ ᠨᠢᠭᠡ ᠶᠠᠭᠤᠮ᠎ᠠ ᠰᠠᠨᠠᠪᠠ ᠪᠣᠯᠤᠯᠲᠠᠢ᠃ 
       — ᠪᠢ ᠮᠠᠷᠭᠠᠰᠢ ᠡᠵᠢ ᠳ᠋ᠡᠭᠡᠨ ᠠᠷᠭᠠᠯ ᠲᠡᠭᠦᠵᠦ ᠥᠭᠭᠦᠨ᠎ᠡ ᠭᠡᠰᠡᠨ ᠶᠦᠮ᠃ ᠬᠣᠶᠠᠷ ᠴᠢᠩᠭᠡᠯᠢᠭ ᠲᠡᠷᠭᠡ ᠠᠪᠤᠭᠠᠳ ᠬᠣᠶᠠᠭᠤᠯᠠ ᠠᠷᠭᠠᠯ ᠲᠡᠭᠦᠶ᠎ᠡ ᠭᠡᠵᠦ ᠬᠡᠯᠡᠬᠦ ᠳ᠋ᠦ᠍ ᠬᠡᠷᠤᠯᠤᠨᠵᠢᠨ᠄ 
       — ᠲᠡᠭᠡᠶ᠎ᠡ᠂ ᠲᠡᠭᠡᠶ᠎ᠡ᠃ ᠶᠣᠰᠣᠲᠠᠢ ᠵᠤᠭᠠᠲᠠᠢ ᠠᠵᠢᠯ ᠪᠠᠢᠨ᠎ᠠ ᠭᠡᠪᠡ᠃ 
       ᠦᠨᠡᠬᠡᠷ ᠴᠦ᠍ ᠵᠤᠭᠠᠲᠠᠢ᠂ ᠮᠠᠯ ᠤ᠋ᠨ ᠪᠡᠯᠴᠢᠭᠡᠷ ᠳᠠᠭᠠᠰᠬᠢᠭᠠᠳ ᠨᠠᠮᠤᠷ ᠤ᠋ᠨ ᠦᠬᠡᠷ ᠦ᠋ᠨ ᠬᠠᠲᠠᠭᠰᠠᠨ ᠠᠷᠭᠠᠯ ᠡᠯᠪᠡᠭ ᠠᠭᠠᠳ ᠲᠡᠭᠦᠵᠦ ᠶᠠᠳᠠᠬᠤ ᠴᠤ᠌ ᠶᠠᠭᠤᠮ᠎ᠠ ᠦᠭᠡᠢ᠂ ᠬᠣᠶᠠᠭᠤᠯᠠ ᠳᠣᠣᠷᠠᠬᠠᠨ ᠢ᠋ᠶ᠋ᠠᠨ ᠬᠣᠶᠠᠷ ᠴᠢᠩᠭᠡᠯᠢᠭ ᠢ᠋ᠶ᠋ᠡᠨ ᠳᠦᠭᠦᠷᠭᠡᠴᠢᠬᠡᠭᠡᠳ ᠬᠡᠭᠡᠷ᠎ᠡ ᠵᠢᠭᠠᠯ ᠬᠥᠭᠡᠷᠴᠦ ᠶᠠᠷᠢᠵᠤ ᠡᠳᠦᠷ ᠢ᠋ ᠥᠩᠭᠡᠷᠡᠭᠡᠬᠦ ᠳ᠋ᠦ᠍᠂ ᠪᠣᠭᠣᠷᠴᠢ ᠡᠪᠦᠯ ᠦ᠋ᠨ ᠠᠳᠤᠭᠤ ᠣᠲᠣᠷᠯᠠᠨ ᠠᠯᠤᠰ ᠬᠣᠯᠠ ᠶᠠᠪᠤᠳᠠᠭ ᠲᠤᠬᠠᠢ᠂ ᠬᠡᠷᠤᠯᠤᠨᠵᠢᠨ《ᠭᠤᠷᠪᠠᠨ ᠲᠠᠷᠭᠤᠨ》 ᠵᠤᠨ ᠡᠬᠢᠯᠡᠭᠡᠳ ᠪᠣᠷᠣᠭ᠎ᠠ ᠬᠤᠷ᠎ᠠ ᠲᠠᠢ ᠪᠠᠢᠭᠰᠠᠨ ᠴᠤ᠌ ᠰᠡᠭᠦᠯ ᠳ᠋ᠡᠭᠡᠨ ᠭᠠᠩᠳᠠᠵᠤ ᠭᠠᠵᠠᠷ ᠤ᠋ᠨ ᠭᠠᠷᠤᠴᠠ ᠮᠠᠭᠤ ᠲᠤᠯᠠ ᠬᠡᠷᠦᠯᠦᠨ ᠦ᠌ ᠬᠣᠢᠲᠤ ᠲᠠᠯ᠎ᠠ ᠪᠠᠷ ᠨᠠᠮᠤᠷᠵᠢᠭᠠᠳ ᠳᠤᠯᠠᠭᠠᠨ ᠤ᠋ ᠠᠭᠤᠯᠠ ᠭᠡᠳᠡᠭ ᠭᠠᠵᠠᠷ ᠡᠪᠦᠯᠵᠢᠨ᠎ᠡ ᠭᠡᠵᠦ ᠮᠠᠨᠠᠢᠬᠢᠨ ᠶᠠᠷᠢᠳᠠᠭ ᠭᠡᠪᠡ᠃ 
       ᠡᠨᠡ ᠨᠢ ᠪᠤᠭᠤᠷᠴᠢ ᠳ᠋ᠤ᠌ ᠲᠤᠩ ᠬᠡᠷᠡᠭ ᠲᠡᠢ ᠦᠭᠡ ᠪᠠᠢᠪᠠ᠃ ᠪᠤᠭᠤᠷᠴᠢ ᠠᠳᠤᠭᠤᠨ ᠤ᠋ ᠮᠠᠨᠠᠭᠠᠨ ᠳ᠋ᠤ᠌ ᠭᠠᠷᠤᠭᠠᠳ ᠬᠣᠯᠠ ᠶ᠋ᠢᠨ ᠣᠲᠣᠷ ᠲᠤ᠌ ᠶᠠᠪᠤᠬᠤ ᠠ᠋ᠴᠠ ᠪᠠᠨ ᠡᠮᠦᠨ᠎ᠡ ᠬᠡᠷᠦᠯᠦᠨᠵᠢᠨ ᠦ᠌ ᠳ᠋ᠦ᠍ ᠢᠷᠡᠨ᠎ᠡ ᠭᠡᠵᠦ ᠪᠣᠳᠣᠵᠤ ᠪᠠᠢᠭᠰᠠᠨ᠃ ᠲᠡᠭᠡᠭᠡᠳ ᠴᠦ᠍ ᠪᠦᠷ ᠣᠢᠷᠠᠳᠬᠤ ᠶᠤᠮ ᠪᠠᠢᠨ᠎ᠠ ᠭᠡᠮᠡᠨ ᠪᠠᠶᠠᠷᠯᠠᠵᠤ ᠪᠠᠷᠠᠰᠢ ᠦᠭᠡᠢ ᠪᠥᠯᠥᠭᠡ᠃