ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠨᠠᠢ᠍ᠮᠠ〕 Цаг төрийн үймээн – Д ᠂ Намдаг - Цаг төрийн үймээн ᠂ гуравдугаар бүлэг -18 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠨᠠᠢ᠍ᠮᠠ〕 Цаг төрийн үймээн – Д ᠂ Намдаг - Цаг төрийн үймээн ᠂ гуравдугаар бүлэг -18

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠨᠠᠢ᠍ᠮᠠ〕 Цаг төрийн үймээн – Д ᠂ Намдаг - Цаг төрийн үймээн ᠂ гуравдугаар бүлэг -18

ᠠᠩᠭᠢᠯᠠᠯ:ᠲᠤᠭᠤᠵᠢ ᠷᠣᠮᠠᠨ
2026-03-03

66

ᠰᠢᠳᠬᠡᠯ(ᠰᠢᠢᠳᠬᠡᠯ)


                            (ᠳᠠᠮᠫᠢᠯ᠂ ᠳᠣᠷᠵᠢ ᠨᠠᠷ ᠤ᠋ᠨ ᠶᠠᠪᠤᠳᠠᠯ)  
       ᠬᠢᠶᠠᠭᠲᠤ ᠶ᠋ᠢ ᠴᠢᠯᠥᠭᠡᠯᠡᠭᠰᠡᠨ ᠢ᠋ᠶ᠋ᠡᠷ ᠬᠥᠮᠦᠰ ᠦ᠋ᠨ ᠰᠡᠳᠬᠢᠯ ᠶᠡᠬᠡᠳᠡ ᠬᠥᠬᠢᠨ ᠪᠠᠳᠠᠷᠠᠯ᠎ᠠ᠃ ᠦᠨᠡᠨ ᠳ᠋ᠡᠭᠡᠨ ᠳᠠᠢᠰᠤᠨ ᠢ᠋ ᠡᠢᠮᠦ ᠠᠮᠠᠷᠬᠠᠨ ᠳᠡᠢᠯᠦᠨ᠎ᠡ ᠭᠡᠵᠦ ᠪᠣᠳᠣᠭ᠎ᠠ ᠦᠭᠡᠢ ᠪᠠᠢᠭᠰᠠᠨ ᠤᠴᠢᠷ ᠳᠠᠪᠠᠨ ᠲᠤᠭᠤᠯᠵᠤ ᠥᠩᠭᠡᠷᠡᠭᠦᠯᠦᠭᠰᠡᠨ ᠢ᠋ᠶ᠋ᠡᠨ ᠰᠠᠨᠠᠬᠤ ᠳ᠋ᠠᠭᠠᠨ ᠨᠢᠭᠡᠳ ᠨᠢᠭᠡ ᠦᠭᠡᠢ ᠬᠡᠯᠡᠯᠴᠡᠨ ᠱᠤᠤᠭᠢᠯᠳᠤᠨ᠎ᠠ᠃ ᠲᠡᠷᠡ ᠪᠦᠷᠢ ᠶ᠋ᠢ  ᠡᠨᠳᠡ ᠲᠣᠭᠠᠴᠠᠪᠠᠯ ᠡᠰᠡ ᠪᠠᠷᠠᠭᠳᠠᠬᠤ ᠨᠢ ᠮᠡᠳᠡᠭᠡᠵᠢ ᠶ᠋ᠢᠨ ᠬᠡᠷᠡᠭ᠃ ᠢᠩᠭᠢᠬᠦᠯᠡᠷ ᠵᠥᠪᠬᠡᠨ ᠣᠨᠴᠠᠯᠢᠭ ᠠ᠋ᠴᠠ ᠨᠢ ᠠᠪᠰᠤᠭᠠᠢ᠃ 
       ᠨᠢᠭᠡᠳᠦᠭᠡᠷ ᠲᠦ᠍᠂ ᠬᠢᠶᠠᠭᠲᠤ ᠤᠷᠤᠭᠤ ᠠᠩᠬ᠎ᠠ ᠣᠷᠣᠭᠰᠠᠨ ᠶᠠᠪᠤᠳᠠᠯ᠄ ᠤᠲᠤᠭ᠎ᠠ ᠤᠨᠢᠶᠠᠷ ᠴᠠᠩ ᠬᠡᠦᠷᠡᠭ ᠲᠦ᠍ ᠳᠠᠷᠤᠭᠳᠠᠭᠰᠠᠨ ᠨᠠᠷᠢᠬᠠᠨ ᠭᠤᠳᠤᠮᠵᠢ ᠨᠤᠭᠤᠳ ᠬᠠᠷᠪᠤᠭᠰᠠᠨ ᠰᠤᠮᠤ ᠮᠡᠲᠦ ᠴᠢᠪᠬᠠᠳᠠᠨ ᠣᠷᠣᠬᠤ ᠳ᠋ᠤ᠌ ᠬᠥᠮᠦᠨ ᠳ᠋ᠦ᠍ ᠬᠠᠷᠠᠩᠭᠤᠢ ᠰᠥᠨᠢ ᠶ᠋ᠢᠨ ᠪᠠᠢᠳᠠᠯ ᠰᠠᠨᠠᠭᠳᠠᠭᠰᠠᠨ ᠠᠵᠢ᠃ ᠭᠡᠪᠡᠴᠦ  ᠲᠡᠳᠡ ᠠᠶᠤᠮᠰᠢᠭ ᠦᠭᠡᠢ ᠬᠠᠰᠢᠶ᠎ᠠ ᠬᠦᠷᠢᠶ᠎ᠡ ᠪᠤᠯᠤᠩ ᠲᠣᠬᠣᠢ ᠨᠤᠭᠤᠳ ᠲᠤ᠌ ᠬᠣᠷᠭᠣᠳᠠᠭᠰᠠᠨ ᠭᠠᠮᠢᠩ ᠤ᠋ᠳ ᠳᠡᠭᠡᠷ᠎ᠡ ᠭᠠᠷ ᠪᠥᠮᠪᠥᠭᠡ ᠰᠢᠳᠡᠯᠡᠨ ᠥᠩᠭᠡᠷᠡᠵᠦ ᠶᠠᠪᠤᠭᠰᠠᠨ ᠨᠢ ᠬᠥᠮᠦᠨ ᠪᠦᠷᠢ ᠶ᠋ᠢᠨ ᠰᠠᠨᠠᠭᠠᠨ ᠳ᠋ᠤ᠌ ᠲᠣᠳᠣᠬᠠᠨ ᠪᠥᠭᠡᠳ ᠡᠨᠡ ᠶᠠᠪᠤᠳᠠᠯ ᠬᠡᠵᠢᠶ᠎ᠡ ᠴᠦ᠍ ᠮᠠᠷᠲᠠᠭᠳᠠᠰᠢ ᠦᠭᠡᠢ ᠤᠴᠢᠷ᠄  
            ᠰᠢᠪᠡᠭᠡ ᠬᠢᠶᠠᠭᠲᠤ ᠶ᠋ᠢ ᠠᠪᠬᠤ ᠳ᠋ᠤ᠌ 
            ᠰᠢᠯᠦᠨ ᠳ᠋ᠧᠩᠯᠦ ᠬᠡᠷᠡᠭ ᠦᠭᠡᠢ 
            ᠰᠢᠲᠦᠭᠡᠳ ᠢᠷᠡᠭᠰᠡᠨ ᠭᠠᠮᠢᠩ ᠢ᠋ 
            ᠰᠢᠷᠡᠮᠦᠨ ᠪᠥᠮᠪᠥᠭᠡ ᠪᠡᠷ ᠰᠥᠨᠥᠭᠡᠪᠡ ᠬᠦ  ᠭᠡᠳ ᠨᠢᠭᠡᠨ ᠪᠠᠳᠠᠭ ᠰᠢᠯᠦᠭ ᠵᠣᠬᠢᠶᠠᠭᠳᠠᠨ ᠭᠠᠷᠤᠯ᠎ᠠ᠃ 
       ᠬᠣᠶᠠᠷ ᠲᠤ᠌᠂ ᠵᠠᠩᠵᠤᠨ ᠰᠦᠬᠡᠪᠠᠭᠠᠲᠤᠷ ᠲᠡᠷᠡ ᠠᠶᠤᠮᠰᠢᠭᠲᠤ ᠲᠤᠯᠤᠯᠳᠤᠭᠠᠨ ᠳᠤᠮᠳᠠᠭᠤᠷ ᠬᠤᠸᠠ ᠬᠣᠩᠭᠣᠷ ᠮᠣᠷᠢ ᠪᠠᠷ ᠲᠠᠰᠤᠷᠠᠯᠲᠠ ᠦᠭᠡᠢ ᠳᠠᠪᠬᠢᠨ ᠢᠯᠠᠨ ᠳᠡᠢᠯᠬᠦ ᠠᠷᠭ᠎ᠠ ᠤᠬᠠᠭᠠᠨ ᠢ᠋ ᠲᠠᠨᠢᠭᠤᠯᠤᠨ ᠤᠳᠤᠷᠢᠳᠴᠤ ᠶᠠᠪᠤᠭᠰᠠᠨ ᠢ᠋ ᠬᠥᠮᠦᠨ ᠪᠦᠷᠢ ᠶᠡᠬᠡᠳᠡ ᠪᠠᠬᠠᠳᠤᠨ ᠱᠤᠤᠭᠢᠬᠤ ᠤᠴᠢᠷ᠄
            ᠬᠤᠸᠠ ᠬᠣᠩᠭᠣᠷ ᠮᠣᠷᠢ ᠲᠠᠢ ᠬᠦ 
            ᠤᠯᠤᠰ ᠤ᠋ᠨ ᠶᠡᠬᠡ ᠵᠠᠩᠵᠤᠨ ᠠ ᠬᠥ 
            ᠤᠴᠢᠷ ᠤᠳᠬ᠎ᠠ ᠪᠠᠷ ᠤᠬᠠᠭᠤᠯᠤᠭᠰᠠᠨ 
            ᠤᠬᠠᠭᠠᠨ ᠶᠡᠬᠡ ᠲᠡᠢ ᠵᠠᠩᠵᠤᠨ ᠠ ᠬᠥ  ᠭᠡᠳᠡᠭ ᠬᠣᠶᠠᠳᠠᠬᠢ ᠪᠠᠳᠠᠭ ᠵᠣᠬᠢᠶᠠᠵᠠᠢ᠃        
       ᠭᠤᠷᠪᠠᠳᠠᠬᠢ ᠨᠢ᠂ ᠫᠤᠤᠳᠠᠬᠤ ᠰᠤᠮᠤ ᠦᠭᠡᠢ ᠬᠣᠲᠠ ᠠ᠋ᠴᠠ ᠤᠬᠤᠷᠢᠨ ᠪᠠᠷᠠᠭᠤᠨ ᠳᠡᠨᠵᠢ ᠳᠡᠭᠡᠷ᠎ᠡ ᠨᠢ ᠭᠠᠷᠤᠨ ᠰᠠᠨᠳᠤᠷᠴᠤ ᠪᠠᠢᠲᠠᠯ᠎ᠠ᠂ ᠰᠠᠨᠠᠮᠰᠠᠷ ᠦᠭᠡᠢ ᠰᠤᠮᠤ ᠵᠠᠯᠭᠠᠭᠳᠠᠵᠤ ᠳᠡᠨᠵᠢ ᠳᠡᠭᠡᠷᠡᠬᠢ ᠭᠡᠰᠡᠷ ᠰᠦᠮ᠎ᠡ ᠶ᠋ᠢᠨ ᠡᠭᠦᠳᠡᠨ ᠡᠴᠡ ᠰᠤᠮᠤ ᠱᠦᠭᠦᠷ ᠬᠦᠷᠲᠡᠯ᠎ᠡ ᠳᠤᠤᠭᠠᠷᠤᠭᠰᠠᠨ ᠶᠠᠪᠤᠳᠠᠯ ᠳ᠋ᠤ᠌᠄ 
            ᠳᠥᠷᠪᠡᠯᠵᠢᠨ ᠰᠦᠮ᠎ᠡ ᠶ᠋ᠢᠨ ᠡᠭᠦᠳᠡᠨ ᠳ᠋ᠦ᠍ 
            ᠳᠥᠷᠪᠡᠨ ᠫᠦᠯᠧᠮᠶᠣᠲ ᠢ᠋ᠶ᠋ᠠᠨ ᠵᠤᠭᠤᠭᠠᠳ ᠠ᠋ 
            ᠳᠥᠭᠥᠭᠡᠳ ᠢᠷᠡᠭᠰᠡᠨ ᠭᠠᠮᠢᠩ ᠢ᠋ 
            ᠲᠦᠳᠡ ᠶ᠋ᠢᠨ ᠵᠠᠮ ᠢ᠋ᠶ᠋ᠠᠷ ᠨᠢ ᠲᠣᠨᠢᠯᠭᠠᠪᠠ ᠬᠦ  ᠭᠡᠵᠦ ᠵᠣᠬᠢᠶᠠᠨ᠎ᠠ᠃ ᠡᠢᠨᠬᠦ ᠦᠭᠡ ᠵᠣᠬᠢᠶᠠᠭᠳᠠᠬᠤ ᠶ᠋ᠢᠨ ᠵᠡᠷᠭᠡᠴᠡᠭᠡ ᠪᠡᠷ ᠠᠶ᠎ᠠ ᠪᠠᠰᠠ ᠵᠣᠬᠢᠶᠠᠭᠳᠠᠵᠠᠢ᠃ ᠡᠪᠲᠡᠢᠬᠡᠨ ᠪᠣᠯᠣᠳ ᠬᠥᠩᠭᠡᠨ᠂ ᠦᠭᠡ ᠠᠶᠠᠯᠭᠤ ᠬᠣᠶᠠᠷ ᠨᠢ ᠶᠠᠪ ᠴᠠᠪ ᠲᠣᠬᠢᠷᠠᠭᠰᠠᠨ ᠢ᠋ ᠬᠥᠮᠦᠨ ᠪᠦᠷᠢ ᠰᠢᠮᠳᠠᠨ ᠰᠤᠷᠴᠤ ᠭᠠᠵᠠᠷ ᠰᠠᠢ ᠦᠭᠡᠢ ᠳᠠᠭᠤᠯᠠᠯᠳᠤᠨ᠎ᠠ᠃ ᠡᠨᠡ ᠪᠣᠯ ᠭᠠᠮᠢᠩ ᠢ᠋ ᠬᠢᠶᠠᠭᠲᠤ ᠠ᠋ᠴᠠ ᠬᠥᠭᠡᠭᠡᠨ ᠴᠡᠪᠡᠷᠯᠡᠭᠰᠡᠨ ᠦ᠌ ᠳᠠᠷᠠᠭᠠᠴᠢ ᠶ᠋ᠢᠨ ᠳᠣᠯᠣᠭᠠᠨ ᠬᠣᠨᠣᠭ ᠪᠠᠢᠯ᠎ᠠ᠃  
       ᠵᠢᠷᠤᠮᠲᠤ ᠴᠡᠷᠢᠭ ᠦ᠋ᠨ ᠶᠠᠮᠤᠨ ᠳ᠋ᠤ᠌ ᠰᠦᠬᠡᠪᠠᠭᠠᠲᠤᠷ ᠠ᠋ᠴᠠ ᠳᠠᠮᠫᠢᠯ᠂ ᠳᠣᠷᠵᠢ ᠶ᠋ᠢ ᠳᠠᠭᠤᠳᠠᠵᠠᠢ᠃ ᠡᠳᠡᠨ ᠦ᠌ ᠪᠠᠢᠷᠢᠩᠨᠠᠵᠤ ᠪᠠᠢᠭ᠎ᠠ ᠭᠠᠵᠠᠷ ᠬᠠᠭᠤᠴᠢᠨ ᠭᠠᠮᠢᠩ ᠤ᠋ᠨ ᠬᠤᠸᠠᠷᠠᠨ ᠪᠠᠢᠰᠢᠩ᠃ ᠲᠡᠨᠳᠡ ᠡᠴᠡ ᠳᠣᠷᠵᠢ ᠰᠤᠮᠤᠨ ᠳᠠᠷᠤᠭ᠎ᠠ ᠪᠠᠨ ᠳ᠋ᠠᠭᠠᠨ ᠭᠠᠷᠪᠠ᠃ ᠵᠠᠩᠵᠤᠨ ᠤ᠋ ᠡᠮᠦᠨ᠎ᠡ ᠣᠴᠢᠨ᠎ᠠ ᠭᠡᠬᠦ ᠡᠴᠡ ᠰᠡᠳᠬᠢᠯ ᠬᠥᠭᠡᠷᠦᠨ ᠬᠥᠯ ᠬᠥᠩᠭᠡᠷᠡᠨ᠎ᠡ᠃ ᠶᠡᠷᠦᠨᠢ ᠳᠣᠷᠵᠢ ᠥᠪᠡᠷ ᠢ᠋ ᠪᠡᠨ ᠪᠤᠰᠤᠳ ᠠ᠋ᠴᠠ ᠢᠯᠡᠭᠦᠦ ᠠᠵᠠ ᠬᠡᠢ ᠮᠣᠷᠢ ᠲᠠᠢ ᠶᠠᠪᠤᠭ᠎ᠠ ᠭᠡᠵᠦ ᠪᠣᠳᠣᠨ᠎ᠠ᠃ ᠶᠠᠭᠤᠨ ᠳ᠋ᠤ᠌ ᠲᠡᠷᠡ ᠪᠣᠢ ᠭᠡᠪᠡᠯ ᠨᠢᠭᠡ ᠳ᠋ᠦ᠍᠂ ᠥᠪᠡᠷ ᠦ᠋ᠨ ᠠᠮᠢ ᠪᠡᠶ᠎ᠡ ᠡᠴᠡ ᠢᠯᠡᠭᠦᠦ ᠡᠷᠬᠢᠮᠯᠡᠨ ᠪᠣᠳᠣᠳᠠᠭ ᠬᠦᠷᠡᠯ ᠦ᠋ᠨ ᠬᠦᠦ ᠴᠡᠷᠢᠨᠳᠣᠷᠵᠢ ᠨᠢ ᠰᠠᠶᠢ ᠶ᠋ᠢᠨ ᠲᠡᠢᠨ ᠢ᠋ ᠡᠨᠳᠡᠭᠳᠡᠯ ᠦᠭᠡᠢ ᠲᠤᠭᠤᠯᠤᠭᠰᠠᠨ ᠢ᠋ᠶ᠋ᠠᠷ ᠪᠠᠷᠠᠬᠤ ᠦᠭᠡᠢ ᠴᠡᠷᠢᠭ ᠡᠷ᠎ᠡ ᠶ᠋ᠢᠨ ᠢ᠋ᠶ᠋ᠡᠨ ᠡᠭᠦᠷᠭᠡ ᠶ᠋ᠢ ᠬᠡᠨ ᠡᠴᠡ ᠴᠦ᠍ ᠳᠤᠲᠠᠭᠤ ᠦᠭᠡᠢ ᠭᠦᠢᠴᠡᠳᠬᠡᠵᠡᠢ᠃ ᠬᠣᠶᠠᠷ ᠲᠤ᠌᠂ ᠥᠪᠡᠷ ᠢ᠋ᠶ᠋ᠡᠨ ᠮᠥᠨ ᠰᠠᠢᠨ ᠶᠠᠪᠤᠭᠰᠠᠨ ᠤ᠋ ᠳᠡᠭᠡᠷ᠎ᠡ ᠠᠩᠬᠠᠨ ᠤ᠋ ᠳᠠᠭᠠᠷᠢᠯᠲᠠ ᠪᠠᠷ ᠡᠷᠡᠮᠡᠬᠡᠢ ᠮᠣᠷᠢᠨ ᠤ᠋ ᠡᠷᠴᠢ ᠪᠡᠷ ᠰᠠᠨᠠᠮᠰᠠᠷ ᠦᠭᠡᠢ ᠪᠤᠰᠤᠳ ᠠ᠋ᠴᠠ ᠲᠥᠷᠥᠭᠦᠯᠦᠭᠰᠡᠨ ᠢ᠋ ᠨᠢ ᠬᠥᠮᠦᠨ ᠪᠦᠷᠢ ᠥᠪᠡᠷ ᠦ᠋ᠨ ᠬᠢᠨᠢ ᠵᠣᠷᠢᠭ ᠵᠢᠷᠦᠬᠡ ᠭᠡᠵᠦ ᠦᠵᠡᠨ ᠬᠡᠳᠦᠨ ᠳᠠᠪᠬᠤᠷ ᠪᠠᠬᠠᠳᠤᠨ ᠱᠤᠤᠭᠢᠯᠳᠤᠳᠠᠭ ᠪᠥᠭᠡᠳ ᠣᠳᠣ ᠢᠩᠭᠢᠭᠡᠳ ᠰᠦᠬᠡᠪᠠᠭᠠᠲᠤᠷ ᠤ᠋ᠨ ᠳᠠᠭᠤᠳᠠᠭᠰᠠᠨ ᠢ᠋ ᠰᠠᠢᠰᠢᠶᠠᠬᠤ ᠪᠤᠶᠤ ᠡᠰᠡᠪᠡᠯ ᠴᠢᠬᠤᠯᠠ ᠬᠡᠷᠡᠭ ᠲᠦ᠍ ᠶᠠᠪᠤᠭᠤᠯᠬᠤ ᠭᠡᠵᠦ ᠪᠠᠢᠨ᠎ᠠ᠃ ᠠᠶ᠎ᠠ ᠦᠭᠡᠢ ᠪᠣᠯ ᠪᠣᠭᠳᠠ ᠶ᠋ᠢᠨ ᠬᠦᠷᠢᠶ᠎ᠡ ᠤᠷᠤᠭᠤ ᠳᠠᠢᠰᠤᠨ ᠤ᠋ ᠪᠠᠢᠳᠠᠯ ᠢ᠋ ᠮᠡᠳᠡᠬᠦ ᠠᠵᠢᠯ ᠢ᠋ᠶ᠋ᠠᠷ ᠶᠠᠪᠤᠭᠤᠯᠬᠤ ᠭᠡᠵᠦ ᠪᠠᠢᠵᠤ ᠮᠠᠭᠠᠳ ᠦᠭᠡᠢ᠃ ᠬᠡᠷᠪᠡ ᠲᠡᠢᠮᠦ ᠪᠣᠯ ᠭᠡᠷ ᠢ᠋ᠶ᠋ᠡᠷ ᠢ᠋ᠶ᠋ᠡᠨ ᠳᠠᠭᠠᠷᠢᠬᠤ ᠶ᠋ᠢ ᠪᠣᠳᠣᠨ᠎ᠠ᠃ ᠱᠲ᠋ᠠᠪ ᠲᠤ᠌ ᠰᠦᠬᠡᠪᠠᠭᠠᠲᠤᠷ᠂ ᠪᠠᠯᠳᠠᠨᠴᠡᠷᠢᠩ᠂ ᠥᠭᠡᠯᠦᠯᠭᠡ ᠭᠤᠷᠪᠠᠭᠤᠯᠠ ᠪᠠᠨ ᠪᠠᠷᠤᠨ ᠥᠩᠧᠷᠡᠨ ᠦ᠌ ᠡᠰᠡᠷᠭᠦ ᠲᠤᠩᠬᠠᠭ ᠪᠢᠴᠢᠭ ᠭᠠᠷᠭᠠᠬᠤ ᠠᠵᠢᠯ ᠬᠢᠵᠦ ᠪᠠᠢᠭᠰᠠᠨ ᠶᠤᠮ᠃ ᠳᠠᠮᠫᠢᠯ ᠳᠣᠷᠵᠢ ᠬᠣᠶᠠᠷ ᠤ᠋ᠨ ᠣᠷᠣᠵᠤ ᠢᠷᠡᠮᠡᠭᠴᠡ ᠤᠷᠢᠶ᠎ᠠ ᠪᠠᠨ ᠵᠣᠭᠰᠣᠪᠠ᠃  
       ᠰᠦᠬᠡᠪᠠᠭᠠᠲᠤᠷ᠄ 
       — ᠨᠥᠬᠥᠳ ᠰᠠᠭᠤᠴᠢᠬ᠎ᠠ! ᠭᠡᠳ ᠲᠡᠳᠡᠨ ᠳ᠋ᠦ᠍ ᠶᠠᠷᠢᠬᠤ ᠵᠦᠢᠯ ᠢ᠋ᠶ᠋ᠡᠨ ᠪᠣᠳᠣᠪᠠ ᠪᠣᠯᠤᠯᠲᠠᠢ᠃ ᠨᠥᠭᠦᠭᠡ ᠬᠣᠶᠠᠷ ᠱᠠᠯᠠᠨ ᠳᠡᠭᠡᠷ᠎ᠡ ᠡᠪᠦᠳᠦᠭ ᠨᠤᠭᠤᠯᠤᠨ ᠰᠠᠭᠤᠵᠤ ᠶᠠᠮᠠᠷ ᠨᠢᠭᠡ ᠰᠠᠢᠨ ᠲᠠᠯ᠎ᠠ ᠶ᠋ᠢᠨ ᠶᠠᠭᠤᠮ᠎ᠠ ᠲᠤᠭᠤᠯᠤᠨ᠎ᠠ ᠭᠡᠵᠦ ᠭᠣᠷᠢᠳᠠᠨ ᠬᠦᠯᠢᠶᠡᠪᠡ᠃ ᠭᠡᠲᠡᠯ᠎ᠡ ᠰᠦᠬᠡᠪᠠᠭᠠᠲᠤᠷ᠄ 
       — ᠡᠷᠲᠡ ᠪᠡᠷ ᠲᠠᠨᠠᠷ ᠤ᠋ᠨ ᠭᠠᠮᠢᠩ ᠤ᠋ᠨ ᠨᠢᠭᠡᠳᠦᠭᠡᠷ ᠬᠠᠷᠠᠭᠤᠯ ᠢ᠋ ᠤᠰᠠᠳᠬᠠᠬᠤ ᠳ᠋ᠤ᠌ ᠲᠡᠨᠳᠡ ᠬᠡᠳᠦᠨ ᠭᠠᠮᠢᠩ ᠪᠠᠢᠭᠰᠠᠨ ᠪᠣᠢ?  
       — ᠠᠷᠪᠠᠨ ᠭᠤᠷᠪᠠ ᠭᠡᠵᠦ ᠳᠠᠮᠫᠢᠯ ᠶᠠᠭᠠᠷᠠᠨ ᠥᠨᠳᠡᠢᠨ ᠬᠠᠷᠢᠭᠤᠯᠪᠠ᠃ 
       — ᠶᠠᠭᠠᠬᠢᠭᠠᠳ ᠠᠷᠪᠠᠨ ᠭᠤᠷᠪᠠ ᠪᠠᠢᠬᠤ ᠪᠢᠯᠡ? ᠤᠭ ᠨᠢ ᠨᠢᠭᠡ ᠪᠠᠭ᠎ᠠ ᠳᠠᠷᠤᠭ᠎ᠠ ᠲᠠᠢ ᠠᠷᠪᠠᠨ ᠨᠢᠭᠡ ᠯᠡ ᠪᠠᠢᠬᠤ ᠤᠴᠢᠷ ᠲᠠᠢ᠃
       — ᠲᠡᠢᠮᠦ᠂ ᠠᠷᠪᠠᠨ ᠨᠢᠭᠡ᠂ ᠬᠣᠶᠠᠷ ᠤ᠋ᠨ ᠵᠡᠷᠭᠡ ᠡᠩ ᠦ᠋ᠨ ᠢᠷᠡᠭᠡᠳ ᠪᠠᠢᠭᠰᠠᠨ᠃ 
       — ᠲᠡᠭᠡᠭᠡᠳ ᠲᠡᠷᠡ ᠢᠷᠡᠭᠡᠳ ᠢ᠋ ᠴᠢ ᠶᠠᠭᠠᠬᠢᠭᠰᠠᠨ ᠪᠣᠢ? 
       — ᠬᠠᠮᠲᠤ ᠳ᠋ᠤᠨᠢ ᠤᠰᠠᠳᠬᠠᠭᠰᠠᠨ ᠭᠡᠵᠦ ᠳᠠᠮᠫᠢᠯ ᠬᠡᠨᠡᠭ ᠦᠭᠡᠢ ᠬᠡᠯᠡᠪᠡ᠃ 
       ᠰᠦᠬᠡᠪᠠᠭᠠᠲᠤᠷ ᠰᠣᠴᠢᠨ᠄ 
       — ᠶᠠᠭᠠᠬᠢᠯ᠎ᠠ ᠭᠡᠵᠦ? 
       — ᠶᠠᠭᠠᠬᠢᠬᠤᠪ? ᠭᠠᠮᠢᠩ ᠲᠠᠢ ᠨᠡᠢᠯᠡᠭᠰᠡᠨ ᠦ᠌ ᠬᠢᠨᠢ ᠬᠤᠪᠢ ᠳ᠋ᠤ᠌᠃ 
       — ᠰᠠᠢᠨ ᠳᠤᠷ᠎ᠠ ᠪᠠᠷ ᠨᠡᠢᠯᠡᠴᠡᠭᠰᠡᠨ ᠶᠦᠮ ᠭᠡᠵᠦ ᠤᠤ?  
       ᠳᠠᠮᠫᠢᠯ ᠵᠢᠭᠠᠬᠠᠨ ᠪᠣᠳᠣᠭᠰᠠᠨ ᠢ᠋ᠶ᠋ᠠᠨ᠂ 
       — ᠬᠡᠨ ᠮᠡᠳᠡᠯ᠎ᠡ! ᠭᠡᠵᠦ ᠰᠤᠯᠠᠬᠠᠨ ᠬᠠᠷᠢᠭᠤᠯᠪᠠ᠃ 
       ᠬᠡᠨ ᠴᠦ᠍ ᠮᠡᠳᠡᠭᠡᠵᠢ ᠶ᠋ᠢᠨ ᠡᠩ ᠦ᠋ᠨ ᠢᠷᠡᠭᠡᠳ ᠭᠠᠮᠢᠩ ᠤ᠋ᠳ ᠲᠠᠢ ᠰᠠᠢᠨ ᠳᠤᠷ᠎ᠠ ᠪᠠᠷ ᠨᠡᠢᠯᠡᠬᠦ ᠦᠭᠡᠢ ᠭᠡᠵᠦ ᠰᠦᠬᠡᠪᠠᠭᠠᠲᠤᠷ ᠰᠢᠷᠦᠭᠦᠨ ᠢ᠋ᠶ᠋ᠡᠷ ᠥᠭᠦᠯᠡᠨ᠂ ᠳᠠᠮᠫᠢᠯ ᠢ᠋ ᠬᠦᠢᠲᠡᠨ ᠢ᠋ᠶ᠋ᠡᠷ ᠰᠢᠷᠳᠡᠪᠡ᠃ ᠳᠠᠮᠫᠢᠯ ᠭᠠᠢᠬᠠᠨ ᠰᠦᠬᠡᠪᠠᠭᠠᠲᠤᠷ ᠢ᠋ ᠠᠵᠢᠭᠰᠠᠨ ᠢ᠋ᠶ᠋ᠠᠨ ᠳᠠᠷᠤᠢ ᠳᠠᠯᠳᠢᠷᠠᠨ ᠳᠣᠷᠣᠭᠰᠢ ᠬᠠᠷᠠᠪᠠ᠃ ᠳᠣᠷᠵᠢ ᠡᠷᠬᠢᠮ ᠳᠠᠷᠤᠭ᠎ᠠ ᠳ᠋ᠠᠭᠠᠨ ᠣᠳᠣ ᠵᠢᠮᠡᠯᠡᠯ ᠢᠷᠡᠬᠦ ᠭᠡᠵᠦ ᠪᠠᠢᠭ᠎ᠠ ᠶ᠋ᠢ ᠮᠡᠳᠡᠭᠡᠳ ᠲᠡᠷᠡ ᠬᠡᠷᠡᠭ ᠢ᠋ ᠥᠪᠡᠷ ᠳᠡᠭᠡᠷ᠎ᠡ ᠠᠪᠬᠤ ᠶ᠋ᠢ ᠪᠣᠳᠣᠵᠤ᠄ 
       — ᠦᠭᠡᠢ ᠵᠠᠩᠵᠤᠨ ᠠ᠋! ᠲᠡᠷᠡ ᠬᠣᠶᠠᠷ ᠢᠷᠭᠡᠨ ᠢ᠋ ᠪᠢ ᠴᠠᠭᠠᠰᠢ ᠬᠠᠷᠠᠭᠤᠯᠤᠭᠰᠠᠨ ᠪᠢᠯᠡ᠃ 
       — ᠤᠤᠬᠠᠢ! ᠶᠠᠭᠠᠬᠢᠵᠤ? 
       — ᠶᠡᠷᠦ ᠲᠠᠷᠴᠢᠯᠠᠭ᠎ᠠ ᠦᠭᠡᠢ᠂ ᠪᠠᠢᠰᠢᠩ ᠠ᠋ᠴᠠ ᠲᠦᠯᠬᠢᠨ ᠭᠠᠷᠭᠠᠩᠭᠤᠲᠠ ᠠᠷᠤ ᠠ᠋ᠴᠠ ᠨᠢ  ᠨᠢᠭᠡ ᠨᠢᠭᠡ ᠳᠠᠷᠤᠵᠤ ᠣᠷᠬᠢᠭᠰᠠᠨ᠃
       ᠦᠭᠡᠯᠦᠯᠭᠡ ᠡᠳᠦᠢ ᠪᠣᠯᠲᠠᠯ᠎ᠠ ᠲᠤᠩ ᠬᠥᠳᠡᠯᠭᠡᠭᠡᠨ ᠦᠭᠡᠢ ᠪᠠᠢᠭᠰᠠᠨ ᠢ᠋ᠶ᠋ᠠᠨ ᠳᠣᠷᠵᠢ ᠶ᠋ᠢ ᠢᠨᠢᠶᠡᠮᠰᠦᠭᠯᠡᠨ ᠠᠵᠢᠭᠯᠠᠵᠤ᠄ 
       — ᠨᠠᠭᠠᠳᠤᠬᠢ ᠴᠢᠨᠢ ᠴᠢᠮᠠᠲᠤ ᠲᠤᠰᠢᠶᠠᠭᠰᠠᠨ ᠶᠤᠮ ᠪᠢᠰᠢᠦ? ᠳᠣᠷᠵᠢ ᠲᠦᠭᠳᠡᠷᠡᠪᠡ᠃ ᠲᠡᠢᠮᠦ ᠭᠡᠪᠡᠯ ᠳᠠᠷᠤᠭ᠎ᠠ ᠰᠢᠳᠬᠡᠭᠦᠯᠬᠦ᠂ ᠦᠭᠡᠢ ᠬᠢᠴᠡᠪᠡᠯ ᠴᠡᠷᠢᠭ ᠢ᠋ᠶ᠋ᠡᠨ ᠵᠠᠬᠢᠷᠴᠤ ᠶᠠᠪᠤᠭ᠎ᠠ ᠦᠭᠡᠢ ᠭᠡᠵᠦ ᠮᠥᠨ ᠰᠢᠳᠬᠡᠭᠦᠯᠬᠦ ᠪᠣᠯᠤᠨ᠎ᠠ ᠭᠡᠵᠦ ᠪᠣᠳᠣᠨ ᠳᠠᠭᠤ ᠭᠠᠷᠴᠤ ᠴᠢᠳᠠᠬᠤ ᠪᠠᠨ ᠪᠣᠯᠢᠯ᠎ᠠ᠃ ᠭᠡᠲᠡᠯ᠎ᠡ ᠳᠠᠮᠫᠢᠯ ᠲᠣᠯᠣᠭᠠᠢ ᠪᠠᠨ ᠳᠡᠭᠡᠭᠰᠢ ᠡᠷᠭᠦᠨ 
       — ᠪᠢ ᠲᠤᠰᠢᠶᠠᠭᠰᠠᠨ! ᠭᠡᠵᠦ ᠵᠣᠷᠢᠮᠠᠭ ᠢ᠋ᠶ᠋ᠠᠷ ᠬᠡᠯᠡᠪᠡ᠃ 
       ᠰᠦᠬᠡᠪᠠᠭᠠᠲᠤᠷ᠄ 
       — ᠮᠥᠨ ᠳᠡ᠂ ᠡᠩ ᠦ᠋ᠨ ᠨᠣᠮᠣᠬᠠᠨ ᠢᠷᠡᠭᠡᠳ ᠢ᠋ ᠠᠯᠠᠬᠤ ᠡᠷᠬᠡ ᠶ᠋ᠢ ᠴᠢᠮᠠᠲᠤ ᠬᠡᠨ ᠣᠯᠭᠣᠭᠰᠠᠨ ᠬᠡᠷᠡᠭ ᠪᠣᠢ? ᠭᠡᠵᠦ ᠰᠢᠭᠤᠳ ᠠᠭᠠᠰᠢᠯᠠᠨ ᠬᠡᠯᠡᠯ᠎ᠡ᠃  
       ᠳᠠᠮᠫᠢᠯ ᠥᠪᠡᠷ ᠦ᠋ᠨ ᠡᠷᠬᠡ ᠦᠭᠡᠢ ᠱᠣᠩᠨᠣᠢᠵᠤ ᠥᠪᠡᠷ ᠦ᠋ᠨ ᠡᠵᠡᠨ ᠨᠣᠶᠠᠨ ᠦᠭᠡᠯᠦᠯᠭᠡ ᠡᠷᠬᠡ ᠦᠭᠡᠢ ᠥᠮᠥᠭᠯᠡᠬᠦ ᠪᠣᠯ ᠤᠤ ᠭᠡᠵᠦ ᠭᠣᠷᠢᠳᠠᠨ ᠬᠠᠷᠠᠪᠠ᠃ ᠦᠭᠡᠯᠦᠯᠭᠡ ᠪᠣᠯ ᠳᠠᠮᠫᠢᠯ ᠳ᠋ᠤ᠌ ᠮᠠᠰᠢ ᠰᠠᠢᠨ᠃ ᠭᠠᠵᠠᠷ ᠳᠡᠭᠡᠷ᠎ᠡ ᠭᠠᠭᠴᠠ ᠥᠮᠥᠭ ᠲᠦᠰᠢᠭ ᠪᠣᠯᠳᠠᠭ ᠬᠥᠮᠦᠨ ᠨᠢ ᠭᠡᠬᠦ ᠪᠣᠯᠪᠠᠴᠤ ᠡᠨᠡ ᠤᠳᠠᠭ᠎ᠠ ᠶᠡᠷᠦ ᠨᠢᠭᠤᠷ ᠥᠭᠬᠦ ᠰᠢᠨᠵᠢ ᠦᠭᠡᠢ ᠬᠠᠷᠢᠨ ᠴᠦ᠍ ᠬᠦᠷᠡᠩ ᠪᠣᠷᠣ ᠴᠢᠷᠠᠢ ᠪᠠᠨ ᠬᠦᠷᠡᠢᠯᠭᠡᠨ ᠪᠦᠷᠭᠦᠳ ᠨᠢᠳᠦ ᠪᠡᠨ ᠴᠠᠪᠴᠢᠯᠭ᠎ᠠ ᠦᠭᠡᠢ ᠪᠣᠯᠭᠠᠪᠠ᠃ ᠡᠢᠮᠦ ᠳ᠋ᠦ᠍ ᠳᠠᠮᠫᠢᠯ ᠥᠪᠡᠷ ᠢ᠋ᠶ᠋ᠡᠨ ᠥᠪᠡᠷ ᠢ᠋ ᠪᠡᠨ ᠥᠮᠥᠭᠯᠡᠬᠦ ᠡᠴᠡ ᠥᠭᠡᠷ᠎ᠡ ᠵᠠᠮ ᠦᠭᠡᠢ ᠪᠣᠯᠵᠠᠢ᠃ ᠶᠡᠷᠦ ᠨᠢ ᠬᠣᠶᠠᠷ ᠮᠠᠭᠤ ᠬᠢᠲᠠᠳ ᠢ᠋ ᠠᠯᠠᠭᠰᠠᠨ ᠤ᠋ ᠪᠤᠷᠤᠭᠤ ᠶᠠᠭᠤ ᠪᠢᠯᠡ! ᠭᠡᠵᠦ ᠵᠣᠷᠢᠭ ᠣᠷᠣᠬᠤ ᠠᠵᠢ᠃  
       — ᠦᠭᠡᠢ ᠠ᠋᠂ ᠵᠠᠩᠵᠤᠨ ᠠ᠋! ᠶᠡᠷᠦᠨᠢ ᠲᠡᠷᠡ ᠬᠣᠶᠠᠷ ᠢ᠋ ᠠᠯᠠᠭᠰᠠᠨ ᠤ᠋ ᠪᠤᠷᠤᠭᠤ ᠶᠠᠭᠤ ᠪᠣᠢ? ᠪᠢ ᠣᠢᠯᠠᠭᠠᠬᠤ ᠦᠭᠡᠢ ᠪᠠᠢᠨ᠎ᠠ᠃  
       — ᠬᠠᠷᠢᠨ ᠪᠢ ᠴᠢᠮ᠎ᠠ ᠠ᠋ᠴᠠ ᠠᠰᠠᠭᠤᠶ᠎ᠠ! ᠠᠯᠠᠭᠰᠠᠨ ᠤ᠋ ᠭᠠᠪᠢᠶ᠎ᠠ ᠶᠠᠭᠤ ᠪᠣᠢ? 
       — ᠭᠠᠪᠢᠶ᠎ᠠ ᠪᠠᠢᠬᠤ ᠦᠭᠡᠢ ᠪᠣᠯᠪᠠᠴᠤ᠂ ᠲᠡᠢᠨ ᠦ᠌ ᠦᠶ᠎ᠡ᠃ ᠬᠥᠮᠦᠨ ᠬᠥᠮᠦᠨ ᠢ᠋ ᠢᠲᠡᠭᠡᠬᠦ ᠳ᠋ᠦ᠍ ᠪᠡᠷᠬᠡ ᠲᠡᠢ ᠴᠠᠭ ᠭᠡᠵᠦ ᠪᠤᠬᠢᠨᠢᠳᠤᠭᠰᠠᠨ ᠰᠢᠷᠦᠭᠦᠨ ᠠᠮᠢᠰᠬᠤᠯ ᠢ᠋ᠶ᠋ᠠᠷ ᠥᠭᠦᠯᠡᠪᠡ᠃ 
       — ᠤᠤᠬᠠᠢ᠂ ᠴᠢᠨᠦ ᠪᠣᠳᠣᠯ ᠢ᠋ᠶ᠋ᠠᠷ ᠪᠣᠯ ᠪᠦᠬᠦ ᠬᠢᠲᠠᠳ ᠢᠷᠡᠭᠡᠳ ᠢ᠋ ᠬᠢᠳᠤᠬᠤ ᠬᠡᠷᠡᠭ ᠪᠣᠯᠬᠤ ᠨᠢ ᠤᠤ? 
       — ᠲᠡᠢᠮᠦ ᠠ᠋᠂ ᠶᠠᠭᠤᠨ ᠳ᠋ᠤ᠌ ᠭᠡᠪᠡᠯ ᠡᠨᠡ ᠮᠠᠭᠤᠰᠠᠢᠨ ᠬᠢᠲᠠᠳ ᠤ᠋ᠳ ᠮᠢᠨᠦ ᠣᠷᠣᠨ ᠭᠡᠷ᠂ ᠡᠴᠢᠭᠡ ᠡᠬᠡ᠂ ᠠᠬ᠎ᠠ ᠳᠡᠭᠦᠦ ᠪᠢᠳᠡᠨ ᠢ᠋ ᠰᠦᠢᠳᠬᠡᠭᠰᠡᠨ᠂ ᠠᠷᠪᠠᠨ ᠭᠤᠷᠪᠠᠨ ᠨᠠᠰᠤᠲᠠᠢ ᠳ᠋ᠤᠨᠢ ᠰᠦᠢ ᠲᠠᠯᠪᠢᠭᠰᠠᠨ ᠠᠮᠠᠷᠠᠭ ᠢ᠋ ᠮᠢᠨᠢ ᠴᠦ᠍ ᠠᠯᠠᠭᠰᠠᠨ ᠭᠡᠵᠦ ᠳᠠᠮᠫᠢᠯ ᠬᠣᠭᠣᠯᠠᠢ ᠴᠡᠴᠡᠷᠡᠭᠦᠯᠦᠭᠡᠳ ᠳᠠᠷᠠᠭ᠎ᠠ ᠨᠢ᠄ ᠡᠨᠡ ᠳᠡᠯᠡᠬᠡᠢ ᠳ᠋ᠦ᠍ ᠪᠢ ᠭᠠᠪ ᠭᠠᠭᠴᠠᠭᠠᠷ ᠢ᠋ᠶ᠋ᠠᠨ ᠪᠣᠯᠤᠭᠰᠠᠨ ᠬᠥᠮᠦᠨ᠃ ᠵᠠᠷᠢᠮ ᠳ᠋ᠠᠭᠠᠨ ᠠᠮᠢᠳᠤᠷᠠᠨ ᠠᠮᠢᠳᠤ ᠶᠠᠪᠤᠬᠤ ᠶ᠋ᠢ ᠬᠦᠰᠡᠬᠦ ᠨᠢ ᠴᠣᠬᠣᠮ ᠶᠠᠭᠤᠨ ᠤ᠋ ᠲᠥᠯᠥᠭᠡ ᠪᠠᠢᠨ᠎ᠠ ᠪᠣᠢ ᠭᠡᠵᠦ ᠥᠪᠡᠷ ᠡᠴᠡ ᠪᠡᠨ ᠠᠰᠠᠭᠤᠬᠤ ᠳ᠋ᠤ᠌ ᠠᠯᠠᠭᠳᠠᠭᠰᠠᠨ ᠬᠥᠮᠦᠰ ᠦ᠋ᠨ ᠥᠰᠢᠶ᠎ᠡ ᠶ᠋ᠢ ᠠᠯᠠᠨ ᠬᠢᠳᠤᠬᠤ ᠪᠠᠷ ᠠᠪᠬᠤ ᠶ᠋ᠢᠨ ᠲᠥᠯᠥᠭᠡᠨ ᠳ᠋ᠦ᠍ ᠴᠦ᠍ ᠶᠤᠮ ᠰᠢᠭ᠋ ᠪᠠᠢᠳᠠᠭ ᠭᠡᠵᠦ ᠬᠡᠯᠡᠨ ᠨᠢᠳᠦᠨ ᠡᠴᠡ ᠪᠡᠨ ᠨᠢᠯᠪᠤᠰᠤ ᠳᠤᠰᠤᠯᠠᠭᠤᠯᠪᠠ᠃ 
       ᠰᠦᠬᠡᠪᠠᠭᠠᠲᠤᠷ ᠳᠠᠮᠫᠢᠯ ᠤ᠋ᠨ ᠴᠢᠷᠠᠢ ᠶ᠋ᠢ ᠠᠵᠢᠭᠯᠠᠵᠤ ᠰᠠᠭᠤᠭᠰᠠᠨ ᠢ᠋ᠶ᠋ᠠᠨ᠄  
       — ᠡᠭᠦᠨ ᠦ᠌ ᠭᠠᠭᠴᠠ ᠪᠡᠶ᠎ᠡ ᠪᠣᠯᠤᠭᠰᠠᠨ ᠭᠡᠳᠡᠭ ᠨᠢ ᠦᠨᠡᠨ ᠤᠤ ᠭᠡᠵᠦ ᠥᠭᠡᠯᠦᠯᠭᠡ ᠡᠴᠡ ᠰᠠᠮ ᠠᠰᠠᠭᠤᠬᠤ ᠳ᠋ᠤ᠌᠂ 
       — ᠦᠨᠡᠨ ᠠ᠋᠂ ᠣᠷᠣᠨ ᠨᠤᠲᠤᠭ ᠲᠤᠨᠢ ᠪᠠᠢᠭᠰᠠᠨ ᠪᠦᠭᠦᠳᠡ ᠶ᠋ᠢ ᠨᠢ ᠭᠠᠮᠢᠩ ᠤ᠋ᠳ ᠬᠢᠳᠤᠴᠢᠬᠠᠭᠰᠠᠨ ᠶᠤᠮ ᠭᠡᠵᠦ ᠥᠭᠡᠯᠦᠯᠭᠡ ᠬᠠᠷᠢᠭᠤ ᠰᠢᠪᠡᠨᠡᠪᠡ᠃ ᠬᠠᠵᠠᠭᠤ ᠳ᠋ᠤᠨᠢ ᠳᠣᠷᠵᠢ ᠪᠦᠷ ᠤᠢᠮᠤᠵᠤ ᠣᠷᠬᠢᠪᠠ᠃ ᠤᠷᠢᠳᠤ ᠡᠮᠦᠨ᠎ᠡ ᠳᠠᠷᠤᠭ᠎ᠠ ᠪᠠᠨ ᠣᠯᠠᠨ ᠠ᠋ᠴᠠ ᠣᠨᠴᠠᠭᠠᠢ ᠴᠢᠯᠠᠭᠤᠨ ᠵᠢᠷᠦᠬᠡ ᠲᠡᠢ ᠲᠡᠮᠦᠷ ᠨᠢᠳᠦ ᠲᠡᠢ᠂ ᠳᠠᠢᠰᠤᠨ ᠤ᠋ ᠡᠮᠦᠨ᠎ᠡ ᠰᠢᠷᠦᠭᠦᠨ ᠶᠠᠪᠤᠳᠠᠭ ᠡᠷ᠎ᠡ ᠭᠡᠵᠦ ᠪᠣᠳᠣᠳᠠᠭ ᠪᠠᠢᠭᠰᠠᠨ ᠨᠢ ᠬᠠᠷᠢᠨ ᠲᠡᠢᠮᠦ ᠪᠢᠰᠢ ᠥᠰᠢᠶ᠎ᠡ ᠬᠣᠷᠣᠰᠤᠯ ᠤ᠋ᠨ ᠭᠦᠨ ᠢ᠋ ᠡᠪᠦᠷᠯᠡᠭᠰᠡᠨ ᠳ᠋ᠡᠭᠡᠨ ᠲᠡᠢᠮᠦ ᠪᠣᠯᠤᠭᠰᠠᠨ ᠢ᠋ ᠨᠢ ᠮᠡᠳᠡᠨ ᠤᠯᠠᠮ ᠯᠠ ᠬᠠᠢᠷᠠᠯᠠᠨ ᠬᠦᠨᠳᠦᠳᠬᠡᠬᠦ ᠡᠴᠡ ᠥᠭᠡᠷ᠎ᠡ ᠠᠷᠭ᠎ᠠ ᠦᠭᠡᠢ ᠪᠣᠯᠪᠠ᠃ ᠰᠦᠬᠡᠪᠠᠭᠠᠲᠤᠷ᠂ 
       — ᠲᠠᠢᠪᠤᠰᠢᠷᠠ᠃ ᠳᠠᠮᠫᠢᠯ ᠠ᠋ ᠲᠠᠢᠪᠤᠰᠢᠷᠠ! ᠭᠡᠵᠦ ᠠᠷᠭᠠᠳᠠᠨ ᠬᠡᠯᠡᠪᠡ᠃ ᠳᠠᠮᠫᠢᠯ ᠴᠦ᠍ ᠲᠠᠢᠪᠤᠰᠢᠷᠠᠬᠤ ᠶ᠋ᠢ ᠬᠢᠴᠢᠶᠡᠨ ᠪᠡᠶ᠎ᠡ ᠪᠡᠨ ᠪᠠᠷᠢᠯ᠎ᠠ᠂ ᠭᠡᠪᠡᠴᠦ᠄  
       — ᠡᠨᠡ ᠮᠠᠭᠤᠰᠠᠢᠨ ᠬᠢᠲᠠᠳ ᠤ᠋ᠳ ᠮᠣᠩᠭᠣᠯ ᠦᠨᠳᠦᠰᠦᠲᠡᠨ ᠢ᠋ ᠪᠦᠭᠦᠳᠡ ᠶ᠋ᠢ ᠨᠢ ᠬᠡᠵᠢᠶᠡᠨᠡᠢ ᠡᠴᠡ ᠨᠠᠭᠠᠰᠢ ᠵᠠᠯᠬᠠᠭᠠᠨ ᠴᠡᠭᠡᠷᠯᠡᠭᠦᠯᠬᠦ᠂ ᠠᠶ᠎ᠠ ᠦᠭᠡᠢ ᠪᠣᠯ ᠬᠦᠢᠰᠦ ᠲᠡᠮᠲᠡᠷᠢᠨ ᠤᠰᠠᠳᠬᠠᠬᠤ ᠶ᠋ᠢ ᠪᠣᠳᠣᠳᠠᠭ ᠤᠯᠤᠰ ᠤ᠋ᠳ ᠰᠢᠦ ᠵᠠᠩᠵᠤᠨ ᠠ᠋! ᠭᠡᠵᠦ ᠰᠠᠨᠠᠭᠤᠯᠤᠨ ᠢᠳᠬᠠᠬᠤ ᠶ᠋ᠢ ᠣᠷᠣᠯᠳᠣᠬᠤ ᠪᠠᠢᠳᠠᠯ ᠢ᠋ᠶ᠋ᠠᠷ ᠬᠡᠯᠡᠪᠡ᠃ 
       — ᠬᠠᠷᠢᠭᠤ ᠳ᠋ᠤᠨᠢ ᠪᠢᠳᠡ ᠶᠠᠭᠠᠬᠢᠬᠤ ᠶᠣᠰᠣᠲᠠᠢ ᠪᠣᠢ? ᠭᠡᠵᠦ ᠠᠰᠠᠭᠤᠯᠲᠠ ᠭᠠᠷᠭᠠᠨ ᠥᠪᠡᠷ ᠢ᠋ᠶ᠋ᠡᠨ ᠬᠠᠷᠢᠭᠤᠯᠬᠤ ᠳ᠋ᠠᠭᠠᠨ᠄ 
       — ᠠᠯᠠᠬᠤ ᠬᠡᠷᠡᠭᠲᠡᠢ! ᠥᠪᠡᠷᠰᠡᠳ ᠢ᠋ ᠨᠢ ᠬᠦᠢᠰᠦ ᠲᠡᠮᠲᠡᠷᠢᠬᠦ ᠬᠡᠷᠡᠭᠲᠡᠢ᠃ 
       ᠤᠯᠤᠰ ᠣᠷᠣᠨ ᠤ᠋ ᠳᠣᠲᠣᠷ᠎ᠠ ᠤᠯᠠ ᠱᠠᠬᠠᠢ ᠶ᠋ᠢᠨ ᠮᠥᠷ ᠢ᠋ ᠦᠵᠡᠭᠳᠡᠬᠦ ᠦᠭᠡᠢ ᠪᠣᠯᠭᠠᠬᠤ ᠬᠡᠷᠡᠭᠲᠡᠢ᠃ ᠳᠠᠮᠫᠢᠯ ᠳᠠᠬᠢᠨ ᠪᠤᠬᠢᠨᠢᠳᠤᠨ ᠥᠭᠦᠯᠡᠵᠦ ᠵᠠᠩᠭᠢᠳᠤᠭᠰᠠᠨ ᠭᠠᠷ ᠢ᠋ᠶ᠋ᠠᠷ ᠡᠪᠦᠳᠦᠭ ᠢ᠋ᠶ᠋ᠡᠨ ᠴᠣᠬᠢᠪᠠ᠃ 
       ᠰᠦᠬᠡᠪᠠᠭᠠᠲᠤᠷ᠄ 
       — ᠲᠠᠢᠪᠤᠰᠢᠷᠠ ᠳᠠᠮᠫᠢᠯ ᠠ᠋᠂ ᠲᠠᠢᠪᠤᠰᠢᠷᠠ! ᠭᠡᠵᠦ ᠳᠠᠬᠢᠨ ᠢᠳᠬᠠᠵᠤ ᠨᠢᠭᠡ ᠰᠢᠷᠬᠡᠭ ᠶᠠᠩᠵᠤᠤᠷ ᠥᠭᠭᠦᠭᠰᠡᠨ ᠢ᠋ ᠳᠠᠮᠫᠢᠯ ᠬᠡᠦᠬᠡᠳ ᠮᠡᠲᠦ ᠬᠣᠶᠠᠷ ᠭᠠᠷ ᠢ᠋ᠶ᠋ᠠᠷ ᠲᠣᠰᠣᠨ ᠠᠪᠴᠤ ᠠᠰᠠᠭᠠᠨ ᠶᠡᠬᠡ ᠶᠡᠬᠡ ᠪᠡᠷ ᠰᠣᠷᠣᠨ ᠤᠲᠤᠭ᠎ᠠ ᠶ᠋ᠢ ᠨᠢ ᠬᠡᠳᠦ ᠳᠠᠬᠢᠨ ᠵᠠᠯᠭᠢᠵᠠᠢ᠃ ᠤᠭ ᠨᠢ ᠳᠠᠮᠫᠢᠯ ᠲᠠᠮᠠᠬᠢᠴᠢᠨ ᠪᠢᠰᠢ᠃ ᠵᠥᠪᠬᠡᠨ ᠡᠨᠡ ᠤᠳᠠᠭ᠎ᠠ ᠲᠠᠲᠠᠪᠠ᠃ ᠶᠠᠭᠠᠬᠢᠭᠠᠳ ᠲᠡᠷᠡ ᠪᠣᠯ ᠭᠡᠪᠡᠯ ᠨᠢᠭᠡ ᠳ᠋ᠦ᠍ ᠰᠦᠬᠡᠪᠠᠭᠠᠲᠤᠷ ᠠ᠋ᠴᠠ ᠥᠭᠭᠦᠭᠰᠡᠨ ᠢ᠋ ᠬᠦᠨᠳᠦᠳᠬᠡᠨ᠂ ᠬᠣᠶᠠᠷ ᠲᠤ᠌᠂ ᠴᠡᠭᠡᠵᠢᠨ ᠳ᠋ᠡᠭᠡᠨ ᠪᠤᠴᠠᠯᠤᠭᠰᠠᠨ ᠪᠠᠭᠲᠠᠷᠠᠭ᠎ᠠ ᠶ᠋ᠢ ᠳᠠᠷᠤᠬᠤ ᠶ᠋ᠢᠨ ᠲᠤᠯᠠᠳᠠ ᠲᠠᠲᠠᠵᠤ ᠪᠠᠢᠭ᠎ᠠ ᠲᠤᠯᠠ ᠲᠣᠯᠣᠭᠠᠢ ᠨᠢ ᠮᠠᠩᠰᠢᠭᠤᠷᠠᠨ ᠨᠢᠳᠦ ᠡᠷᠢᠶᠡᠯᠵᠡᠯᠡᠬᠦ ᠨᠢ ᠳᠡᠷᠭᠡᠳᠡᠬᠢ ᠬᠥᠮᠦᠰ ᠲᠦ᠍ ᠮᠡᠳᠡᠭᠳᠡᠵᠦ ᠪᠠᠢᠯ᠎ᠠ᠃ ᠭᠡᠪᠡᠴᠦ ᠳᠠᠮᠫᠢᠯ ᠶᠠᠩᠵᠤᠤᠷ ᠢ᠋ᠶ᠋ᠠᠨ ᠲᠠᠲᠠᠭᠰᠠᠭᠠᠷ ᠨᠢᠭᠡ ᠦᠶ᠎ᠡ ᠴᠢᠪ ᠴᠢᠮᠡᠭᠡ ᠦᠭᠡᠢ᠂ ᠬᠥᠮᠦᠨ ᠪᠦᠷᠢ ᠳᠠᠮᠫᠢᠯ ᠤ᠋ᠨ ᠭᠠᠰᠠᠯᠠᠩᠲᠤ ᠠᠮᠢᠳᠤᠷᠠᠯ ᠤ᠋ᠨ ᠲᠤᠬᠠᠢ ᠪᠣᠳᠣᠵᠠᠢ᠃ ᠭᠠᠭᠴᠠᠬᠠᠨ ᠪᠠᠯᠳᠠᠨᠴᠡᠷᠢᠩ ᠡᠮᠦᠨᠡᠬᠢ ᠠᠵᠢᠯ ᠲᠤᠩᠬᠠᠭ ᠤ᠋ᠨ ᠡᠬᠢ ᠶ᠋ᠢ ᠵᠣᠬᠢᠶᠠᠬᠤ ᠳ᠋ᠠᠭᠠᠨ ᠤᠯᠠᠢᠷᠠᠨ ᠰᠠᠭᠤᠨ᠎ᠠ᠃ ᠪᠢᠷ ᠦ᠋ᠨ ᠬᠢᠨᠢ ᠦᠵᠦᠭᠦᠷ ᠮᠣᠣᠲᠤᠤ ᠴᠠᠭᠠᠰᠤᠨ ᠳᠡᠭᠡᠷ᠎ᠡ ᠭᠦᠶᠦᠨ ᠨᠢᠭᠡ ᠵᠢᠭᠳᠡ ᠶ᠋ᠢᠨ ᠠᠭᠰᠢᠭᠤᠨ ᠭᠣᠶᠣᠮᠰᠣᠭ ᠦᠰᠦᠭ ᠢ᠋ ᠳᠤᠷᠠᠢᠯᠭᠠᠨ ᠦᠯᠡᠳᠡᠭᠡᠭᠰᠡᠭᠡᠷ ᠯᠡ ᠪᠠᠢᠯ᠎ᠠ᠃ 
       ᠰᠦᠬᠡᠪᠠᠭᠠᠲᠤᠷ᠄  
       — ᠳᠠᠮᠫᠢᠯ ᠠ᠋᠂ ᠣᠳᠣ ᠬᠣᠶᠠᠭᠤᠯᠠ ᠪᠠᠨ ᠵᠢᠭᠠᠯ ᠵᠤᠭ᠎ᠠ ᠶᠠᠷᠢᠯᠴᠠᠬᠤ ᠤᠤ? 
       — ᠰᠣᠨᠣᠰᠤᠶ᠎ᠠ᠂ ᠵᠠᠩᠵᠤᠨ ᠠ᠋! 
       — ᠪᠢᠳᠡ ᠳᠠᠢᠰᠤᠨ ᠢ᠋ ᠵᠠᠨᠤᠬᠤ ᠨᠢ ᠲᠤᠢᠯ ᠤ᠋ᠨ ᠵᠥᠪ᠂ ᠭᠡᠪᠡᠴᠦ ᠳᠠᠢᠰᠤᠨ ᠤ᠋ ᠳᠤᠮᠳᠠ ᠮᠠᠨ ᠤ᠋ ᠬᠠᠨᠢ ᠨᠥᠬᠥᠳ ᠪᠠᠢᠳᠠᠭ ᠢ᠋ ᠮᠡᠳᠡᠬᠦ ᠬᠡᠷᠡᠭᠲᠡᠢ᠃  
       — ᠶᠠᠭᠤ? ᠳᠠᠢᠰᠤᠨ ᠤ᠋ ᠳᠤᠮᠳᠠ ᠬᠠᠨᠢ ᠨᠥᠬᠥᠳ ᠪᠠᠰᠠ ᠪᠠᠢᠨ᠎ᠠ ᠭᠡᠨ᠎ᠡ ᠠ᠋ ᠭᠡᠵᠦ ᠥᠪᠡᠷ ᠦ᠋ᠨ ᠴᠢᠬᠢᠨ ᠳ᠋ᠦ᠍ ᠦᠯᠦ ᠢᠳᠡᠭᠡᠨ ᠠᠰᠠᠭᠤᠪᠠ᠃ 
       — ᠲᠡᠢᠮᠦ᠂ ᠲᠡᠷᠡ ᠪᠣᠯ ᠠᠷᠠᠳ ᠲᠦᠮᠡᠨ ᠨᠢ᠃  
       — ᠲᠠ ᠬᠢᠲᠠᠳ ᠢᠷᠡᠭᠡᠳ ᠢ᠋ ᠬᠡᠯᠡᠵᠦ ᠪᠠᠢᠨ᠎ᠠ ᠤᠤ? 
       — ᠲᠡᠢᠮᠦ ᠳᠡ᠂ ᠪᠢᠳᠡ ᠶᠡᠷᠦ ᠨᠢ ᠤᠯᠤᠰ ᠣᠷᠣᠨ ᠪᠦᠬᠦᠨ ᠦ᠌ ᠠᠷᠠᠳ ᠢᠷᠭᠡᠳ ᠢ᠋ ᠬᠠᠨᠢ ᠨᠥᠬᠥᠳ ᠢ᠋ᠶ᠋ᠡᠨ ᠭᠡᠵᠦ ᠦᠵᠡᠬᠦ ᠵᠣᠷᠢᠯᠭ᠎ᠠ ᠲᠠᠢ᠃ 
       — ᠪᠢ ᠢᠲᠡᠭᠡᠬᠦ ᠦᠭᠡᠢ ᠪᠠᠢᠨ᠎ᠠ᠃ ᠢᠯᠠᠩᠭᠤᠶ᠎ᠠ ᠬᠢᠲᠠᠳ ᠤ᠋ᠳ ᠢ᠋᠂ ᠡᠳᠡ ᠪᠣᠯ ᠮᠠᠨ ᠢ᠋ ᠡᠵᠡᠯᠡᠨ ᠪᠣᠭᠣᠯᠴᠢᠯᠠᠬᠤ ᠶ᠋ᠢ ᠬᠦᠰᠡᠳᠡᠭ ᠤᠯᠤᠰ᠃  
       — ᠲᠡᠷᠡ ᠪᠣᠯ ᠠᠷᠠᠳ ᠲᠦᠮᠡᠨ ᠦ᠌ ᠬᠦᠰᠡᠯ ᠪᠢᠰᠢ᠂ ᠵᠠᠰᠠᠭ ᠲᠥᠷᠥ ᠶ᠋ᠢᠨ ᠬᠢᠨᠢ ᠶᠠᠪᠤᠭᠤᠯᠤᠭ᠎ᠠ᠃  
       — ᠬᠠᠷᠢᠨ ᠳᠠ᠂ ᠵᠠᠰᠠᠭ ᠲᠥᠷᠥ ᠨᠢ ᠪᠣᠳᠣᠯᠭ᠎ᠠ ᠪᠠᠨ ᠠᠷᠠᠳ ᠲᠦᠮᠡᠨ ᠳ᠋ᠡᠭᠡᠨ ᠬᠦᠯᠢᠶᠡᠯᠭᠡᠨ ᠪᠡᠶᠡᠯᠡᠭᠦᠯᠳᠡᠭ ᠡᠴᠡ ᠬᠣᠢᠰᠢ ᠶᠠᠭᠠᠬᠢᠵᠤ ᠬᠠᠨᠢ ᠨᠥᠬᠥᠳ ᠪᠣᠯᠤᠯᠴᠠᠬᠤ ᠶᠤᠮ ᠪᠣᠢ? 
       — ᠵᠠᠰᠠᠭ ᠲᠥᠷᠥ ᠶ᠋ᠢᠨ ᠢ᠋ᠶ᠋ᠡᠨ ᠬᠠᠷᠭᠢᠰ ᠪᠣᠳᠣᠯᠭ᠎ᠠ ᠶ᠋ᠢ ᠥᠪᠡᠷᠰᠡᠳ ᠢ᠋ᠶ᠋ᠡᠨ ᠣᠢᠯᠠᠭᠠᠭᠰᠠᠨ ᠢ᠋ᠶ᠋ᠠᠷ ᠪᠢᠳᠡᠨ ᠦ᠌ ᠬᠠᠨᠢ ᠨᠥᠬᠥᠳ ᠪᠣᠯᠬᠤ ᠰᠢᠦ ᠳᠡ᠃  
       — ᠳᠡᠮᠡᠢ᠂ ᠵᠠᠩᠵᠤᠨ ᠠ᠋᠂ ᠲᠡᠷᠡ ᠲᠦᠮᠡ ᠵᠢᠸ᠎ᠠ ᠬᠢᠲᠠᠳ ᠢ᠋ ᠲᠡᠭᠡᠵᠦ ᠰᠡᠩᠬᠡᠷᠡᠭᠦᠯᠬᠦ ᠶᠠᠭᠤᠮ᠎ᠠ ᠡᠨᠡ ᠳᠡᠯᠡᠬᠡᠢ ᠳ᠋ᠦ᠍ ᠶᠠᠭᠠᠬᠢᠪᠠᠴᠤ ᠪᠠᠢᠬᠤ ᠦᠭᠡᠢ᠃ 
       — ᠪᠣᠢ᠃ 
       — ᠬᠠᠮᠢᠭ᠎ᠠ? 
       — ᠬᠣᠢᠨ᠎ᠠ! ᠬᠢᠲᠠᠳ ᠤ᠋ᠨ ᠠᠷᠠᠳ ᠲᠦᠮᠡᠨ ᠪᠣᠯ ᠪᠢᠳᠡᠨ ᠦ᠌ ᠠᠳᠠᠯᠢ ᠭᠠᠳᠠᠭᠠᠳᠤ ᠳᠣᠲᠣᠭᠠᠳᠤ ᠶ᠋ᠢᠨ ᠡᠵᠡᠷᠬᠡᠭ ᠲᠦᠷᠢᠮᠡᠬᠡᠢ ᠨᠠᠷ ᠲᠤ᠌ ᠬᠡᠳᠦᠨ ᠳᠠᠪᠬᠤᠷ ᠮᠥᠯᠵᠢᠭᠳᠡᠨ ᠳᠠᠷᠤᠯᠠᠭᠳᠠᠵᠤ ᠪᠠᠢᠭ᠎ᠠ ᠠᠷᠠᠳ ᠲᠦᠮᠡᠨ ᠰᠢᠦ! ᠲᠡᠳᠡᠨ ᠢ᠋ ᠯᠧᠨᠢᠨ ᠦ᠌ ᠰᠤᠷᠭᠠᠯ᠂ ᠤᠺᠲ᠋ᠢᠶᠠᠪᠠᠷ ᠤ᠋ᠨ ᠬᠤᠪᠢᠰᠬᠠᠯ ᠤ᠋ᠨ ᠠᠭᠤᠤ ᠭᠠᠢᠬᠠᠮᠰᠢᠭᠲᠤ ᠨᠥᠯᠥᠭᠡ ᠰᠡᠩᠬᠡᠷᠡᠭᠦᠯᠦᠨ ᠪᠢᠳᠡᠨ ᠲᠡᠢ ᠬᠠᠨᠢ ᠨᠥᠬᠥᠳ ᠪᠣᠯᠭᠠᠵᠤ ᠴᠢᠳᠠᠨ᠎ᠠ᠃ 
       ᠳᠣᠷᠵᠢ ᠳᠣᠲᠣᠷ᠎ᠠ ᠪᠠᠨ《ᠶᠠᠭᠤᠲᠠᠢ ᠰᠠᠢᠬᠠᠨ ᠬᠡᠷᠡᠭ ᠪᠣᠢ》 ᠭᠡᠵᠦ ᠪᠣᠳᠣᠬᠤ ᠶ᠋ᠢᠨ ᠢ᠋ᠶ᠋ᠡᠨ ᠵᠡᠷᠭᠡᠴᠡᠭᠡ ᠪᠡᠷ ᠬᠢᠲᠠᠳ ᠤ᠋ᠨ ᠠᠷᠠᠳ ᠲᠦᠮᠡᠨ ᠲᠡᠢ ᠬᠠᠨᠢ ᠨᠥᠬᠥᠳ ᠪᠣᠯᠤᠯᠴᠠᠭᠰᠠᠨ ᠲᠡᠷᠡ ᠴᠠᠭ ᠲᠤ᠌ ᠬᠡᠴᠢᠨᠡᠭᠡᠨ ᠠᠮᠤᠭᠤᠯᠠᠩ ᠲᠠᠢᠪᠤᠩ ᠰᠠᠢᠬᠠᠨ ᠴᠠᠭ ᠪᠣᠯᠬᠤ ᠪᠣᠯ ᠭᠡᠵᠦ ᠱᠣᠬᠣᠭᠣᠷᠬᠠᠪᠠ᠃ ᠰᠦᠬᠡᠪᠠᠭᠠᠲᠤᠷ ᠦᠭᠡ ᠶ᠋ᠢᠨ ᠢ᠋ᠶ᠋ᠡᠨ ᠲᠡᠭᠦᠰᠬᠡᠯ ᠳ᠋ᠦ᠍᠄  
       — ᠡᠭᠦᠨ ᠢ᠋ ᠨᠥᠬᠥᠷ ᠴᠣᠢᠪᠠᠯᠰᠠᠩ ᠲᠠ ᠨᠠᠷ ᠲᠤ᠌ ᠲᠠᠨᠢᠭᠤᠯᠵᠤ ᠪᠠᠢᠭᠰᠠᠨ ᠦᠭᠡᠢ ᠭᠡᠵᠢ ᠤᠤ? 
       — ᠲᠠᠨᠢᠭᠤᠯᠤᠭᠰᠠᠨ᠃ ᠭᠡᠪᠡᠴᠦ ᠪᠢᠳᠡ ᠡᠨᠡ ᠶᠠᠷᠢᠶ᠎ᠠ ᠶ᠋ᠢ ᠰᠢᠭᠤᠳ ᠪᠠᠷᠢᠮᠲᠠᠯᠠᠬᠤ ᠭᠡᠵᠢ ᠤᠤ ᠭᠡᠳ ᠳᠠᠮᠫᠢᠯ ᠢ᠋ ᠰᠦᠬᠡᠪᠠᠭᠠᠲᠤᠷ ᠢ᠋ ᠨᠢᠳᠦ ᠴᠠᠪᠴᠢᠯ ᠦᠭᠡᠢ ᠰᠢᠷᠳᠡᠯ᠎ᠡ᠃  
       ᠰᠦᠬᠡᠪᠠᠭᠠᠲᠤᠷ ᠥᠭᠡᠳᠡ ᠡᠴᠡ ᠨᠢ᠄ 
       — ᠲᠠ ᠡᠭᠦᠨ ᠡᠴᠡ ᠥᠭᠡᠷ᠎ᠡ ᠶᠠᠭᠤ ᠪᠠᠷᠢᠮᠲᠠᠯᠠᠬᠤ ᠬᠡ ᠪᠣᠢ? 
       — ᠮᠡᠳᠡᠬᠦ ᠦᠭᠡᠢ ᠶᠦᠮ ᠳᠡ ᠭᠡᠳ ᠳᠠᠮᠫᠢᠯ ᠳᠣᠷᠣᠭᠰᠢ ᠬᠠᠷᠠᠨ ᠪᠣᠳᠣᠭᠰᠠᠨ ᠢ᠋ᠶ᠋ᠠᠨ᠄ ᠪᠢ ᠪᠣᠳᠣᠯᠭ᠎ᠠ ᠪᠠᠨ ᠬᠡᠯᠡᠶ᠎ᠡ᠃ ᠲᠠᠨ ᠳ᠋ᠤ᠌ ᠡᠰᠡ ᠬᠡᠯᠡᠭᠡᠳ ᠥᠭᠡᠷ᠎ᠡ ᠬᠡᠨ ᠳ᠋ᠦ᠍ ᠬᠡᠯᠡᠬᠦ ᠪᠢᠯᠡ᠃ ᠬᠥᠮᠦᠨ ᠡᠷᠢᠶᠡᠨ ᠳᠣᠲᠣᠷ᠎ᠠ ᠪᠠᠨ᠂ ᠮᠣᠭᠠᠢ ᠶ᠋ᠢᠨ ᠡᠷᠢᠶᠡᠨ ᠭᠠᠳᠠᠨ᠎ᠠ ᠪᠠᠨ ᠭᠡᠭᠴᠢ ᠪᠡᠷ ᠲᠥᠷᠥ ᠶ᠋ᠢᠨ ᠬᠡᠷᠡᠭ ᠮᠥᠨ ᠲᠡᠢᠮᠦ ᠪᠠᠢᠳᠠᠭ ᠪᠢᠰᠢᠦ᠃ ᠪᠢ ᠥᠪᠡᠷ ᠦ᠋ᠨ ᠨᠢᠳᠦ ᠪᠡᠷ ᠨᠢᠭᠡ ᠪᠤᠰᠤ ᠤᠳᠠᠭ᠎ᠠ ᠦᠵᠡᠯ᠎ᠡ ᠵᠠᠩᠵᠤᠨ ᠠ᠋᠃ 
       ᠣᠷᠣᠰ ᠤ᠋ᠨ ᠬᠠᠭᠠᠨᠲᠤ ᠵᠠᠰᠠᠭ ᠮᠠᠨ ᠤ᠋ ᠤᠯᠤᠰ ᠢ᠋ ᠡᠨᠡᠷᠢᠨ ᠲᠡᠳᠬᠦᠵᠦ ᠡᠷᠬᠡ ᠮᠠᠲᠠᠯ ᠣᠯᠤᠭᠠᠳ ᠬᠥᠭᠵᠢᠭᠦᠯᠦᠨ᠎ᠡ ᠭᠡᠵᠦ ᠪᠠᠢᠭᠠᠳ ᠶᠠᠭᠤ ᠪᠠᠷ ᠭᠡᠢᠭᠦᠯᠦᠯ᠎ᠡ᠃ ᠤᠯᠤᠰ ᠣᠷᠣᠨ ᠢ᠋ ᠮᠠᠨᠢ ᠠᠪᠤᠨ ᠵᠠᠯᠭᠢᠬᠤ ᠠᠷᠭ᠎ᠠ ᠮᠡᠬᠡ ᠵᠣᠬᠢᠶᠠᠵᠤ ᠪᠠᠢᠭᠰᠠᠨ ᠨᠢ ᠥᠨᠥ ᠦᠶ᠎ᠡ ᠳ᠋ᠦ᠍ ᠪᠠᠢᠲᠤᠭᠠᠢ᠂ ᠲᠡᠷᠡ ᠦᠶ᠎ᠡ ᠳ᠋ᠡᠭᠡᠨ ᠮᠡᠳᠡᠭᠳᠡᠵᠦ ᠪᠠᠢᠭᠰᠠᠨ ᠭᠡᠳᠡᠭ ᠪᠢᠰᠢ ᠤᠤ᠂ ᠴᠣᠬᠣᠮ ᠮᠢᠨᠦ ᠮᠡᠳᠡᠬᠦ ᠡᠴᠡ ᠭᠡᠪᠡᠯ᠂ ᠣᠷᠣᠨ ᠨᠤᠲᠤᠭ ᠢ᠋ᠶ᠋ᠠᠨ ᠬᠠᠮᠠᠭᠠᠯᠠ ᠭᠡᠵᠦ ᠠᠯᠢ ᠴᠦ᠍ ᠤᠯᠤᠰ ᠲᠤ᠌ ᠬᠡᠷᠡᠭᠯᠡᠭᠳᠡᠬᠦ ᠪᠡᠨ ᠪᠣᠯᠢᠭᠰᠠᠨ ᠪᠢᠷᠲᠡᠩᠺᠠ ᠫᠤᠤ ᠶ᠋ᠢ ᠥᠭᠴᠦ ᠪᠠᠢᠯ᠎ᠠ᠃ ᠬᠥᠭᠡᠷᠦᠬᠦᠢ ᠪᠢᠳᠡ ᠲᠡᠭᠦᠨ ᠢ᠋ ᠪᠡᠨ ᠡᠭᠦᠷᠭᠡᠯᠡᠨ ᠳᠠᠢᠰᠤᠨ ᠤ᠋ ᠡᠯᠡᠭ ᠳᠣᠭᠣᠭᠢ ᠪᠣᠯᠤᠨ ᠶᠠᠪᠤᠵᠤ ᠯᠠ ᠪᠠᠢᠯ᠎ᠠ᠃ ᠦᠬᠡᠷ ᠫᠤᠤ᠂ ᠫᠦᠯᠧᠮᠶᠣᠲ ᠮᠡᠲᠦ ᠶ᠋ᠢ ᠨᠢᠭᠡ ᠬᠣᠶᠠᠷ ᠤ᠋ᠨ ᠲᠡᠳᠦᠢ ᠥᠭᠴᠦ ᠪᠠᠢᠭᠰᠠᠨ ᠨᠢ ᠴᠢᠩ ᠰᠠᠨᠠᠭᠠᠨ ᠤ᠋ ᠬᠡᠷᠡᠭ ᠪᠢᠰᠢ᠂ ᠵᠥᠪᠬᠡᠨ ᠥᠪᠡᠷᠰᠡᠳ ᠦ᠋ᠨ ᠢ᠋ᠶ᠋ᠡᠨ ᠬᠤᠷᠴᠠ ᠵᠡᠪᠰᠡᠭ ᠲᠡᠢ ᠪᠣᠯᠬᠤ ᠪᠠᠨ ᠭᠠᠢᠬᠠᠭᠤᠯᠤᠨ ᠪᠢᠳᠡᠨ ᠢ᠋ ᠪᠢᠰᠢᠷᠡᠭᠦᠯᠦᠨ ᠰᠦᠷᠳᠡᠭᠦᠯᠬᠦ ᠯᠡ ᠭᠡᠰᠡᠨ ᠬᠡᠷᠡᠭ᠃ ᠡᠭᠦᠨᠴᠢᠯᠡᠨ ᠭᠠᠮᠢᠩ᠂ ᠬᠠᠯᠬ᠎ᠠ ᠮᠣᠩᠭᠣᠯ ᠲᠠᠨᠠᠷ ᠢ᠋ ᠬᠠᠢᠷᠠᠯᠠᠨ ᠬᠠᠮᠠᠭᠠᠯᠠᠵᠤ ᠬᠥᠭᠵᠢᠭᠡᠨ ᠪᠠᠳᠠᠷᠠᠭᠤᠯᠤᠨ᠎ᠠ ᠭᠡᠵᠦ ᠣᠷᠣᠵᠤ ᠢᠷᠡᠭᠰᠡᠨ ᠡᠴᠡ ᠪᠢᠰᠢ ᠠᠪᠤᠨ᠎ᠠ ᠵᠠᠯᠭᠢᠨ᠎ᠠ ᠭᠡᠵᠦ ᠣᠷᠣᠵᠤ ᠢᠷᠡᠭᠡ ᠦᠭᠡᠢ ᠪᠢᠯᠡ᠃ ᠨᠢᠭᠡᠨᠲᠡ ᠭᠠᠳᠠᠭᠠᠳᠤ ᠭᠦᠷᠦᠨ ᠨᠦ᠍ᠭᠦᠳ ᠡᠢᠮᠦ ᠳᠠᠪᠬᠤᠷ ᠪᠣᠳᠣᠯᠭ᠎ᠠ ᠲᠠᠢ ᠪᠠᠢᠳᠠᠭ ᠪᠣᠯᠬᠣᠷ ᠪᠢᠳᠡᠨ ᠦ᠌ ᠬᠠᠨᠢ ᠨᠥᠬᠥᠳ ᠪᠣᠯᠤᠯᠴᠠᠨ᠎ᠠ ᠭᠡᠳᠡᠭ ᠦᠭᠡ ᠮᠥᠨ ᠲᠡᠳᠡᠨ ᠦ᠌ ᠬᠢ ᠰᠢᠭ ᠴᠢᠩ ᠰᠠᠨᠠᠭ᠎ᠠ ᠪᠢᠰᠢ᠂ ᠮᠥᠨ ᠵᠥᠪᠬᠡᠨ ᠭᠠᠳᠠᠨᠠᠬᠢ ᠥᠩᠭᠡ ᠪᠠᠢᠬᠤ ᠶᠣᠰᠣᠲᠠᠢ ᠭᠡᠵᠦ ᠪᠣᠳᠣᠨ᠎ᠠ ᠭᠡᠵᠦ ᠬᠡᠯᠡᠬᠦ ᠳ᠋ᠦ᠍ᠨᠢ ᠳᠣᠷᠵᠢ《ᠠᠢ ᠳᠠ ᠮᠠᠨ ᠤ᠋ ᠳᠠᠷᠤᠭ᠎ᠠ ᠲᠤᠩ ᠵᠥᠪ ᠬᠡᠯᠡᠪᠡ》 ᠭᠡᠵᠦ ᠳᠣᠲᠣᠷ᠎ᠠ ᠪᠠᠨ ᠪᠢᠰᠢᠷᠡᠪᠡ᠃ ᠭᠡᠲᠡᠯ᠎ᠡ ᠰᠦᠬᠡᠪᠠᠭᠠᠲᠤᠷ《ᠬᠠᠮᠢᠭ᠎ᠠ ᠠ᠋ᠴᠠ》 ᠭᠡᠵᠦ ᠰᠣᠴᠢᠨ ᠬᠡᠯᠡᠪᠡ᠃ 
       — ᠲᠠ ᠡᠵᠡᠷᠬᠡᠭ ᠲᠦᠷᠢᠮᠡᠬᠡᠢ ᠤᠯᠤᠰ ᠤ᠋ᠨ ᠰᠢᠨᠵᠢ ᠴᠢᠨᠠᠷ ᠤ᠋ᠨ ᠲᠤᠬᠠᠢ ᠳ᠋ᠤ᠌ ᠭᠡᠪᠡᠯ ᠮᠠᠰᠢ ᠦᠨᠡᠨ ᠢ᠋ ᠬᠡᠯᠡᠯ᠎ᠡ᠃ ᠬᠠᠷᠢᠨ ᠣᠳᠣ ᠶ᠋ᠢᠨ ᠤᠯᠠᠭᠠᠨ ᠣᠷᠣᠰ ᠪᠣᠯ ᠡᠢᠮᠦ ᠪᠢᠰᠢ᠃ ᠪᠦᠬᠦ ᠳᠡᠯᠡᠬᠡᠢ ᠶ᠋ᠢᠨ ᠳᠠᠷᠤᠯᠠᠭᠳᠠᠭᠰᠠᠨ ᠣᠯᠠᠨ ᠲᠦᠮᠡᠨ ᠦ᠌ ᠡᠮᠦᠨ᠎ᠡ ᠴᠢᠩ ᠰᠢᠳᠤᠷᠭᠤ ᠶ᠋ᠢ ᠪᠠᠷᠢᠮᠲᠠᠯᠠᠨ ᠲᠡᠳᠡᠨ ᠦ᠌ ᠪᠡᠨ ᠲᠥᠯᠥᠭᠡ ᠴᠢᠩ ᠰᠢᠳᠤᠷᠭᠤ ᠪᠠᠷ ᠲᠡᠮᠡᠴᠡᠨ᠎ᠡ᠃ ᠡᠢᠮᠦ ᠳ᠋ᠦ᠍ ᠪᠢᠳᠡ ᠮᠥᠨ ᠲᠡᠢᠮᠦ ᠪᠠᠢᠬᠤ ᠶᠣᠰᠣᠲᠠᠢ ᠪᠠᠷ ᠦᠯᠦ ᠪᠠᠷᠠᠮ ᠲᠡᠢᠮᠦ ᠪᠠᠢᠪᠠᠯ ᠰᠠᠶᠢ ᠢᠯᠠᠨ ᠲᠠᠢᠯᠵᠤ ᠡᠩᠬᠡᠵᠢᠨ ᠵᠢᠷᠭᠠᠬᠤ ᠴᠠᠭ ᠢ᠋ ᠦᠵᠡᠨ᠎ᠡ᠃ ᠥᠭᠡᠷ᠎ᠡ ᠪᠡᠷ ᠬᠡᠯᠡᠪᠡᠯ ᠬᠠᠭᠤᠷᠮᠠᠴᠢ ᠶᠠᠭᠤᠮ᠎ᠠ ᠪᠣᠯ ᠬᠡᠵᠢᠶᠡᠳᠡ ᠬᠠᠭᠤᠷᠮᠠᠴᠢ ᠪᠠᠷ ᠢ᠋ᠶ᠋ᠠᠨ ᠬᠥᠮᠦᠨ ᠲᠡᠭᠦᠨ ᠢ᠋ ᠬᠡᠵᠢᠶ᠎ᠡ ᠴᠦ᠍ ᠪᠢᠰᠢᠷᠡᠨ ᠰᠦᠰᠦᠭᠯᠡᠬᠦ ᠦᠭᠡᠢ ᠪᠣᠯᠬᠣᠷ ᠪᠢᠳᠡ ᠭᠠᠳᠠᠭᠠᠳᠤ ᠳᠣᠲᠣᠭᠠᠳᠤ ᠠᠯᠢ ᠴᠦ᠍ ᠠᠷᠠᠳ ᠲᠦᠮᠡᠨ ᠢ᠋ ᠬᠠᠭᠤᠷᠤᠨ ᠮᠡᠬᠡᠯᠡᠬᠦ ᠲᠡᠢᠮᠦ ᠪᠤᠵᠠᠷ ᠪᠣᠳᠣᠯᠭ᠎ᠠ ᠶ᠋ᠢ ᠬᠡᠷᠬᠢᠪᠡᠴᠦ ᠶᠠᠪᠤᠭᠤᠯᠬᠤ ᠦᠭᠡᠢ᠃ ᠡᠨᠡ ᠪᠣᠯ ᠮᠠᠨ ᠤ᠋ ᠬᠤᠪᠢᠰᠬᠠᠯ ᠤ᠋ᠨ ᠭᠣᠣᠯ ᠵᠣᠷᠢᠯᠭ᠎ᠠ ᠭᠡᠰᠡᠨ ᠳ᠋ᠦ᠍ ᠳᠣᠷᠵᠢ᠂ ᠳᠠᠮᠫᠢᠯ ᠤ᠋ᠨ ᠦᠭᠡ ᠶ᠋ᠢ ᠵᠥᠪᠰᠢᠶᠡᠷᠡᠭᠰᠡᠨ ᠡᠴᠡ ᠪᠡᠨ ᠡᠷᠭᠢᠨ ᠰᠦᠬᠡᠪᠠᠭᠠᠲᠤᠷ ᠤ᠋ᠨ ᠦᠭᠡ ᠶ᠋ᠢ ᠪᠠᠬᠠᠳᠤᠬᠤ ᠶ᠋ᠢᠨ ᠢ᠋ᠶ᠋ᠡᠨ ᠵᠡᠷᠭᠡᠴᠡᠭᠡ ᠪᠡᠷ《ᠨᠡᠭᠡᠷᠡᠨ ᠮᠠᠨ ᠤ᠋ ᠳ᠋ᠤ᠌ ᠨᠢᠭᠡ ᠮᠠᠰᠢ ᠰᠠᠢᠬᠠᠨ ᠴᠠᠭ ᠢᠷᠡᠬᠦ ᠨᠢ!》 ᠭᠡᠵᠦ ᠪᠣᠳᠣᠨ ᠪᠠᠶᠠᠷᠯᠠᠪᠠ᠃ ᠭᠡᠲᠡᠯ᠎ᠡ ᠳᠠᠮᠫᠢᠯ᠄ 
       — ᠪᠢ ᠢᠲᠡᠭᠡᠬᠦ ᠦᠭᠡᠢ ᠪᠠᠢᠨ᠎ᠠ! ᠭᠡᠵᠦ ᠲᠣᠯᠣᠭᠠᠢ ᠰᠡᠭᠰᠦᠷᠦᠨ ᠰᠦᠬᠡᠪᠠᠭᠠᠲᠤᠷ ᠢ᠋ ᠬᠠᠷᠠᠬᠤ ᠵᠠᠭᠤᠷ᠎ᠠ ᠦᠭᠡᠯᠦᠯᠭᠡ ᠶ᠋ᠢ ᠠᠵᠢᠪᠠ᠃ ᠦᠭᠡᠯᠦᠯᠭᠡ ᠨᠢ ᠠᠯᠢ ᠲᠦᠷᠦᠭᠦᠴᠢ ᠡᠴᠡ ᠠᠪᠤᠨ ᠥᠪᠡᠷ ᠦ᠋ᠨ ᠬᠢᠨᠢ ᠡᠮᠦᠨ᠎ᠡ ᠡᠴᠡ ᠵᠣᠪᠠᠨᠢᠨ ᠨᠢᠭᠤᠷ ᠤᠯᠠᠢᠨ ᠮᠠᠭᠤᠬᠠᠢ ᠬᠠᠷᠠᠵᠤ ᠪᠠᠢᠵᠠᠢ᠃ ᠳᠠᠮᠫᠢᠯ ᠲᠡᠭᠦᠨ ᠢ᠋ ᠨᠢ ᠰᠠᠶᠢ ᠣᠯᠵᠤ ᠬᠠᠷᠠᠨ ᠰᠡᠳᠬᠢᠯ ᠲᠦᠭᠰᠢᠪᠡ᠃ ᠶᠠᠮᠠᠷ ᠪᠣᠯᠪᠠᠴᠤ ᠲᠠ ᠨᠠᠮᠠᠶ᠋ᠢ ᠢᠲᠡᠭᠡᠭᠡᠷᠡᠢ! ᠪᠢ ᠨᠢᠭᠡ ᠵᠢᠷ ᠦ᠋ᠨ ᠳᠣᠣᠷᠠᠲᠤ ᠠᠷᠠᠳ᠂ ᠤᠷᠢᠳᠤ ᠠ᠋ᠴᠠ ᠪᠠᠨ ᠤᠯᠤᠰ ᠢ᠋ᠶ᠋ᠠᠨ ᠭᠡᠵᠦ ᠵᠢᠳᠬᠦᠬᠦ ᠬᠦᠰᠡᠯ ᠲᠡᠢ᠃ ᠡᠨᠡ ᠤᠴᠢᠷ ᠠ᠋ᠴᠠ ᠲᠡᠷᠡ ᠤᠯᠤᠰ ᠲᠥᠷᠥ ᠶ᠋ᠢᠨ ᠨᠠᠷᠢᠨ ᠶᠠᠪᠤᠳᠠᠯ ᠤ᠋ᠨ ᠤᠴᠢᠷ ᠢ᠋ ᠮᠡᠳᠡᠬᠦ ᠬᠡᠷᠡᠭ ᠶᠠᠭᠤ ᠪᠠᠢᠭ᠎ᠠ ᠠᠵᠢ᠃ ᠵᠦᠭᠡᠷ ᠲᠠ ᠪᠣᠯᠣᠳ ᠲᠠᠨ ᠤ᠋ ᠵᠢᠭᠠᠪᠤᠷᠢ ᠶ᠋ᠢ ᠯᠡ ᠡᠭᠦᠷᠢᠳᠡ ᠳ᠋ᠡᠭᠡᠨ ᠵᠢᠳᠬᠦᠬᠦ ᠪᠡᠨ ᠮᠡᠳᠡᠶ᠎ᠡ᠃ 
       ᠳᠣᠷᠵᠢ《ᠨᠡᠭᠡᠷᠡᠨ ᠲᠡᠢᠮᠦ᠂ ᠨᠠᠳᠠ ᠴᠦ᠍ ᠥᠭᠡᠷ᠎ᠡ ᠴᠦ᠍ ᠦᠭᠡᠢ ᠳᠡ》 ᠭᠡᠵᠦ ᠪᠣᠳᠣᠪᠠ᠃ 
       ᠰᠦᠬᠡᠪᠠᠭᠠᠲᠤᠷ᠄ ᠤᠭ ᠨᠢ ᠮᠡᠳᠡᠬᠦ ᠯᠡ ᠶᠣᠰᠣᠲᠠᠢ ᠰᠠᠨ ᠳᠠ ᠭᠡᠵᠦ ᠢᠨᠢᠶᠡᠮᠰᠦᠭᠯᠡᠭᠰᠡᠨ ᠢ᠋ᠶ᠋ᠡᠨ ᠵᠠ ᠶᠠᠭᠠᠬᠢᠬᠤᠪ ᠡᠨᠡ ᠤᠳᠠᠭ᠎ᠠ ᠪᠢ ᠲᠠᠨ ᠤ᠋ ᠡᠨᠳᠡᠭᠦᠷᠡᠯ ᠢ᠋ ᠡᠷᠭᠢᠭᠦᠯᠵᠦ ᠴᠢᠳᠠᠭᠰᠠᠨ ᠦᠭᠡᠢ᠃ ᠭᠡᠪᠡᠴᠦ ᠪᠢ ᠲᠠᠨ ᠢ᠋ ᠶᠠᠪᠠᠭᠠᠨ ᠳ᠋ᠠᠭᠠᠨ ᠣᠢᠯᠠᠭᠠᠬᠤ ᠪᠢᠵᠡ ᠭᠡᠵᠦ ᠢᠲᠡᠭᠡᠨ᠎ᠡ᠃ ᠣᠳᠣ ᠢᠩᠭᠢᠭᠡᠳ ᠡᠨᠡ ᠲᠤᠬᠠᠢ ᠶᠠᠷᠢᠶ᠎ᠠ ᠶ᠋ᠢ ᠣᠷᠬᠢᠨ ᠡᠳᠦᠭᠦᠯᠦᠭᠰᠡᠨ ᠭᠡᠮᠲᠦ ᠬᠡᠷᠡᠭ ᠦ᠋ᠨ ᠴᠢᠨᠢ ᠲᠤᠬᠠᠢ ᠶᠠᠷᠢᠶ᠎ᠠ᠃ 
       ᠳᠠᠮᠫᠢᠯ ᠰᠣᠴᠢᠨ ᠥᠨᠳᠡᠰᠬᠢᠨ᠄  
       — ᠶᠠᠮᠠᠷ? 
       — ᠲᠠ ᠡᠩ ᠦ᠋ᠨ ᠬᠣᠶᠠᠷ ᠢᠷᠭᠡᠨ ᠦ᠌ ᠠᠮᠢ ᠶ᠋ᠢ ᠰᠦᠢᠳᠬᠡᠭᠰᠡᠨ ᠰᠢᠦ ᠳᠡ᠃ ᠡᠨᠡ ᠴᠢᠨᠢ ᠲᠡᠢᠮᠦ ᠪᠠᠭ᠎ᠠ ᠬᠡᠷᠡᠭ ᠪᠢᠰᠢ ᠭᠡᠵᠦ ᠰᠦᠬᠡᠪᠠᠭᠠᠲᠤᠷ ᠴᠣᠬᠣᠮ ᠬᠡᠷᠬᠢᠨ ᠰᠢᠳᠬᠡᠬᠦ ᠪᠡᠨ ᠣᠯᠬᠤ ᠦᠭᠡᠢ ᠪᠠᠢᠭ᠎ᠠ ᠳ᠋ᠠᠭᠠᠨ ᠦᠭᠡ ᠪᠡᠨ ᠤᠨᠵᠢᠷᠠᠭᠤᠯᠤᠨ ᠠᠶᠠᠷᠬᠠᠨ ᠬᠡᠯᠡᠪᠡ᠃ ᠳᠠᠮᠫᠢᠯ ᠴᠦ᠍ ᠰᠡᠳᠬᠢᠯ ᠵᠣᠪᠠᠨᠢᠨ ᠬᠡᠷᠬᠢᠬᠦ ᠤᠬᠠᠭᠠᠨ ᠢ᠋ᠶ᠋ᠠᠨ ᠣᠯᠬᠤ ᠦᠭᠡᠢ ᠪᠣᠯᠵᠠᠢ᠃ ᠬᠠᠵᠠᠭᠤ ᠶ᠋ᠢᠨ ᠬᠥᠮᠦᠰ ᠢ᠋ ᠡᠷᠬᠡ ᠦᠭᠡᠢ ᠥᠮᠥᠭᠯᠡᠬᠦ ᠪᠣᠯᠪᠠ ᠤᠤ ᠭᠡᠵᠦ ᠭᠣᠷᠢᠳᠠᠬᠤ ᠳ᠋ᠠᠭᠠᠨ ᠨᠢᠳᠦ ᠪᠦᠯᠲᠡᠯᠵᠡᠭᠦᠯᠦᠨ ᠠᠵᠢᠪᠠ᠃ ᠡᠨᠡ ᠵᠠᠭᠤᠷ᠎ᠠ ᠪᠠᠯᠳᠠᠨᠴᠡᠷᠢᠩ ᠬᠦᠩ ᠪᠢᠴᠢᠭ ᠦ᠋ᠨ ᠢ᠋ᠶ᠋ᠡᠨ ᠠᠵᠢᠯ ᠢ᠋ ᠬᠣᠢᠰᠢ ᠲᠠᠯᠪᠢᠨ ᠳᠠᠮᠫᠢᠯ ᠢ᠋ ᠰᠣᠨᠢᠷᠬᠠᠨ ᠠᠵᠢᠬᠤ ᠳ᠋ᠠᠭᠠᠨ ᠳᠠᠮᠫᠢᠯ ᠢ᠋ ᠬᠠᠢᠷᠠᠯᠠᠵᠤ ᠪᠠᠢᠭᠰᠠᠨ ᠠᠵᠢ᠃ 
       — ᠡᠨᠡ ᠳᠠᠷᠤᠭ᠎ᠠ ᠂ ᠴᠡᠷᠢᠭ ᠬᠣᠶᠠᠷ ᠲᠤᠩ ᠪᠠᠵᠠᠭᠠᠬᠤ ᠦᠭᠡᠢ ᠶᠠᠭᠤᠮ᠎ᠠ ᠬᠢᠵᠦ ᠳᠡ᠃ ᠭᠡᠪᠡᠴᠦ ᠡᠳᠡ ᠲᠡᠢᠨ ᠳᠣᠯᠣᠭᠠᠨ ᠤ᠋ ᠦᠶ᠎ᠡ ᠪᠠᠢᠭᠰᠠᠨ ᠠ᠋ᠴᠠ ᠯᠠ ᠲᠡᠷᠡ ᠪᠣᠯᠤᠭᠰᠠᠨ ᠪᠣᠢ᠂ ᠭᠡᠵᠦ ᠰᠦᠬᠡᠪᠠᠭᠠᠲᠤᠷ ᠲᠤ᠌ ᠠᠶ᠎ᠠ ᠵᠠᠰᠠᠨ ᠬᠡᠯᠡᠪᠡ᠃ 
       ᠰᠦᠬᠡᠪᠠᠭᠠᠲᠤᠷ᠄ 
       — ᠲᠡᠢᠮᠦ᠂ ᠢᠳᠡ ᠲᠡᠢᠨ ᠦ᠌ ᠦᠶ᠎ᠡ ᠪᠠᠢᠭᠰᠠᠨ᠃ ᠭᠡᠲᠡᠯ᠎ᠡ ᠤᠭ ᠬᠡᠷᠡᠭ ᠬᠥᠮᠦᠨ ᠦ᠌ ᠠᠮᠢ ᠭᠡᠵᠦ ᠪᠣᠳᠣᠯᠬᠢᠯᠠᠨ ᠥᠭᠦᠯᠡᠭᠡᠳ ᠦᠭᠡᠯᠦᠯᠭᠡ ᠤᠷᠤᠭᠤ ᠬᠠᠨᠳᠤᠨ᠂ ᠢᠩᠭᠢᠬᠦ ᠳ᠋ᠦ᠍ ᠶᠠᠭᠠᠬᠢᠪᠠᠯ ᠲᠠᠭᠠᠷᠠᠨ᠎ᠠ ᠪᠣᠢ? ᠠᠩᠬ᠎ᠠ ᠤᠳᠠᠭ᠎ᠠ ᠶ᠋ᠢᠨ ᠬᠡᠷᠡᠭ ᠭᠡᠵᠦ ᠦᠵᠡᠨ ᠰᠠᠨᠠᠭᠤᠯᠤᠭᠠᠳ ᠣᠷᠬᠢᠬᠤ ᠤᠤ? 
       — ᠦᠭᠡᠯᠦᠯᠭᠡ᠄ 
       — ᠰᠠᠨᠠᠭᠤᠯᠬᠤ ᠶ᠋ᠢ? ᠦᠭᠡᠢ ᠠ᠋! ᠡᠨᠡ ᠨᠣᠬᠠᠢ ᠡᠨᠳᠡ ᠡᠴᠡ ᠭᠠᠷᠤᠭᠰᠠᠭᠠᠷ ᠯᠠ ᠮᠠᠷᠲᠠᠨ᠎ᠠ ᠭᠡᠵᠦ ᠰᠢᠢᠳᠮᠡᠭᠡᠢ ᠬᠡᠯᠡᠭᠰᠡᠨ ᠢ᠋ᠶ᠋ᠡᠨ ᠳᠠᠮᠫᠢᠯ ᠢ᠋ ᠵᠠᠨᠤᠯᠬᠢᠯᠠᠨ ᠬᠠᠷᠠᠵᠤ᠂ ᠶᠡᠷᠦᠨᠢ ᠮᠠᠨ ᠤ᠋ ᠡᠨᠡ ᠬᠡᠵᠢᠶᠡᠨ ᠦ᠌ ᠪᠣᠯᠳᠠᠭ ᠦᠭᠡᠢ ᠨᠣᠬᠠᠢ ᠭᠡᠪᠡ᠃ 
       ᠰᠦᠬᠡᠪᠠᠭᠠᠲᠤᠷ ᠳᠠᠮᠫᠢᠯ ᠢ᠋ ᠡᠯᠢᠭᠡᠰᠡᠭ ᠢ᠋ᠶ᠋ᠡᠷ ᠬᠠᠷᠠᠨ ᠢᠨᠢᠶᠡᠮᠰᠦᠭᠯᠡᠭᠰᠡᠨ ᠢ᠋ᠶ᠋ᠡᠨ ᠡᠷᠭᠢᠨ᠄ ᠲᠠᠨ ᠤ᠋ ᠪᠣᠳᠣᠯ ᠢ᠋ᠶ᠋ᠠᠷ ᠶᠠᠮᠠᠷ ᠪᠠᠢᠨ᠎ᠠ? ᠭᠡᠵᠦ ᠦᠭᠡᠯᠦᠯᠭᠡ ᠡᠴᠡ ᠠᠰᠠᠭᠤᠭᠰᠠᠨ ᠳ᠋ᠤ᠌᠄ 
       — ᠲᠠ ᠣᠷᠭᠢ᠂ ᠪᠢ ᠵᠦᠭᠡᠷ ᠥᠪᠡᠷ ᠦ᠋ᠨ ᠢ᠋ᠶ᠋ᠡᠨ ᠮᠡᠳᠡᠳᠡᠭ ᠢ᠋ᠶ᠋ᠡᠷ ᠡᠭᠦᠷᠢᠳᠡ ᠮᠠᠷᠲᠠᠭᠳᠠᠬᠤ ᠵᠠᠮ ᠢ᠋ ᠨᠢ ᠵᠢᠭᠠᠭᠠᠳ ᠥᠭᠭᠦᠶ᠎ᠡ ᠭᠡᠵᠦ ᠬᠠᠷᠢᠭᠤᠯᠪᠠ᠃ ᠳᠠᠮᠫᠢᠯ ᠴᠢᠷᠠᠢ ᠪᠠᠷᠤᠢᠯᠭᠠᠨ ᠠᠮᠢᠰᠬᠤᠭᠠᠳᠠᠨ ᠰᠠᠭᠤᠵᠤ ᠪᠠᠢᠯ᠎ᠠ᠃ ᠦᠭᠡᠯᠦᠯᠭᠡ《ᠶᠠᠭᠠᠬᠢᠭᠰᠠᠨ ᠠᠭᠤᠷ ᠲᠠᠢ ᠨᠣᠶᠠᠨ ᠪᠣᠢ》 ᠭᠡᠵᠦ ᠪᠣᠳᠣᠨ ᠵᠢᠭᠰᠢᠪᠡ᠃ ᠭᠡᠲᠡᠯ᠎ᠡ ᠦᠭᠡᠯᠦᠯᠭᠡ ᠥᠪᠡᠷ ᠤᠷᠤᠭᠤ ᠨᠢ ᠰᠦᠷᠳᠡᠮᠡᠷ ᠰᠢᠷᠦᠭᠦᠨ ᠬᠠᠷᠠᠨ᠄ 
       — ᠬᠠᠷᠢᠨ ᠴᠢ ᠬᠠᠮᠢᠶ᠎ᠠ ᠦᠭᠡᠢ ᠳᠠᠷᠤᠭ᠎ᠠ ᠶ᠋ᠢᠨ ᠢ᠋ᠶ᠋ᠡᠨ ᠲᠤᠰᠢᠶᠠᠯ ᠢ᠋ ᠭᠦᠢᠴᠡᠳᠬᠡᠭᠰᠡᠨ ᠴᠢᠨᠢ ᠰᠠᠢᠨ᠂ ᠬᠣᠢᠰᠢᠳᠠ ᠮᠥᠨ ᠡᠢᠮᠦ ᠪᠠᠢᠬᠤ ᠨᠢ ᠴᠢᠬᠤᠯᠠ᠂ ᠣᠳᠣ ᠪᠤᠴᠠ!  
       ᠳᠣᠷᠵᠢ ᠵᠠ ᠭᠡᠬᠦ ᠪᠠᠢᠲᠤᠭᠠᠢ ᠲᠣᠯᠣᠭᠠᠢ ᠴᠦ᠍ ᠲᠣᠬᠢᠯ ᠦᠭᠡᠢ ᠭᠠᠷᠤᠯ᠎ᠠ᠃ ᠠᠷᠤ ᠳ᠋ᠤᠨᠢ ᠳᠠᠮᠫᠢᠯ ᠴᠢᠷᠠᠢ ᠲᠦᠩᠰᠦᠢᠯᠭᠡᠨ ᠠᠮᠢᠰᠬᠤᠭᠠᠳᠠᠨ ᠬᠡᠪ ᠢ᠋ᠶ᠋ᠡᠷ ᠬᠣᠴᠣᠷᠵᠠᠢ᠃ 
       ᠳᠣᠷᠵᠢ ᠪᠠᠢᠷᠢ ᠤᠷᠤᠭᠤ ᠪᠠᠨ ᠬᠣᠶᠠᠷ ᠬᠥᠯ ᠢ᠋ᠶ᠋ᠡᠨ ᠤᠷᠮ᠎ᠠ ᠦᠭᠡᠢ ᠰᠣᠯᠪᠢᠭᠤᠯᠤᠨ ᠳᠠᠷᠤᠭ᠎ᠠ ᠶ᠋ᠢᠨ ᠢ᠋ᠶ᠋ᠡᠨ ᠲᠤᠬᠠᠢ ᠵᠣᠪᠠᠨᠢᠨ ᠶᠠᠪᠤᠨ᠎ᠠ᠃ ᠪᠠᠢᠷᠢᠨ ᠳ᠋ᠠᠭᠠᠨ ᠣᠴᠢᠨ ᠴᠠᠭ ᠬᠢᠷᠢ ᠲᠡᠢ ᠪᠣᠯᠤᠭᠰᠠᠨ ᠳᠠᠷᠠᠭ᠎ᠠ ᠳᠠᠮᠫᠢᠯ ᠰᠢᠲᠦ ᠵᠠᠭᠤᠨ ᠢᠷᠪᠠᠢᠰᠬᠢᠨ ᠤᠷᠲᠤ ᠬᠥᠯ ᠢ᠋ᠶ᠋ᠡᠨ ᠠᠶᠠᠷᠬᠠᠨ ᠢ᠋ᠶ᠋ᠠᠷ ᠵᠥᠭᠡᠭᠡᠨ ᠲᠠᠯᠪᠢᠭᠰᠠᠭᠠᠷ ᠢᠷᠡᠪᠡ᠃ ᠳᠣᠷᠵᠢ ᠲᠡᠭᠦᠨ ᠢ᠋ ᠤᠭᠲᠤᠨ ᠠᠪᠤᠩᠭᠤᠲᠠ ᠪᠠᠨ 
       — ᠶᠠᠭᠤ ᠪᠣᠯᠪᠠ ᠳᠠᠷᠤᠭ᠎ᠠ ᠠ᠋? ᠭᠡᠰᠡᠨ ᠳ᠋ᠦ᠍ ᠳᠠᠮᠫᠢᠯ᠄ ᠶᠠᠭᠤ ᠪᠣᠯᠬᠤ ᠶᠠᠭᠤ ᠪᠠᠢᠬᠤ ᠪᠣᠢ᠂ ᠪᠠᠩᠵᠠᠳᠠᠭᠤᠯᠤᠯ᠎ᠠ ᠯᠠ ᠪᠢᠵᠡ ᠭᠡᠵᠦ ᠢᠨᠴᠠᠭᠯᠠᠨ ᠬᠡᠯᠡᠪᠡ᠃ 
       — ᠬᠡᠳᠦ?  
       — ᠵᠢᠷᠠ᠂ ᠭᠠᠢ ᠲᠠᠢ ᠬᠣᠶᠠᠷ ᠬᠢᠲᠠᠳ ᠤ᠋ᠨ ᠬᠡᠷᠡᠭ ᠲᠦ᠍ ᠳᠥᠴᠢ᠂ ᠵᠠᠩᠵᠤᠨ ᠤ᠋ ᠦᠭᠡ ᠶ᠋ᠢ ᠡᠰᠡ ᠬᠦᠨᠳᠦᠳᠬᠡᠨ ᠪᠡᠶ᠎ᠡ ᠪᠡᠨ ᠲᠣᠭᠣᠨ ᠮᠠᠷᠭᠤᠭᠰᠠᠨ ᠭᠡᠵᠦ ᠬᠣᠷᠢ ᠭᠡᠳ ᠳᠠᠮᠫᠢᠯ ᠨᠠᠭᠠᠷᠠᠨ ᠣᠷᠣᠨ ᠳᠡᠭᠡᠷ᠎ᠡ ᠲᠥᠷᠥᠭᠦᠯᠭᠡ ᠪᠡᠨ ᠬᠠᠷᠠᠨ ᠤᠨᠠᠪᠠ᠃
       ᠲᠡᠭᠦᠨᠴᠡ ᠬᠣᠢᠰᠢ ᠳᠠᠮᠫᠢᠯ ᠶᠠᠯ᠎ᠠ ᠰᠢᠢᠳᠬᠡᠯ ᠬᠦᠯᠢᠶᠡᠭᠰᠡᠨ ᠳ᠋ᠡᠭᠡᠨ ᠭᠣᠮᠣᠳᠠᠨ ᠭᠤᠳᠤᠷᠠᠭᠰᠠᠨ ᠵᠦᠢᠯ ᠥᠴᠦᠬᠡᠨ ᠴᠦ᠍ ᠦᠭᠡᠢ ᠵᠥᠪᠬᠡᠨ ᠵᠠᠭᠤᠷ᠎ᠠ ᠵᠠᠭᠤᠷ᠎ᠠ ᠬᠡᠲᠦᠷᠬᠡᠢ ᠭᠦᠵᠢᠷᠮᠡᠭ ᠵᠠᠩ ᠭᠠᠷᠭᠠᠳᠠᠭ ᠨᠢ ᠳᠠᠷᠤᠭᠳᠠᠭᠠᠳ ᠴᠡᠷᠢᠭ ᠦ᠋ᠳ ᠠ᠋《ᠪᠥᠭᠰᠡ ᠴᠢᠨᠢ ᠵᠠᠭᠠᠲᠤᠨᠠᠭ᠎ᠠ ᠦᠭᠡᠢ ᠪᠣᠯ ᠡᠩ ᠦ᠋ᠨ ᠬᠢᠲᠠᠳ ᠲᠤ᠌ ᠪᠤᠤ ᠬᠠᠯᠳᠠ!》 ᠭᠡᠵᠦ ᠵᠠᠬᠢᠬᠤ ᠪᠣᠯᠵᠠᠢ᠃  
  
                 ᠦᠰᠦᠭ ᠠᠮᠢᠯᠠᠭᠤᠯᠤᠭᠰᠠᠨ ᠨᠢ᠄  ᠳᠠᠪᠰᠢᠯᠲᠦ