ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠠᠷᠪᠠ> Хүлэг баатар буурч - Б. Өлзийсүрэн <Тэргүүн бүлэг-10>
ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ
ᠠᠷᠪᠠ
ᠠᠷᠪᠠ
ᠮᠢᠩᠭᠠᠨ ᠤ᠋ ᠮᠠᠩᠯᠠᠢ ᠶᠡᠬᠡ ᠴᠢᠩᠭᠢᠰ ᠬᠠᠭᠠᠨ᠂
ᠮᠠᠨ ᠤ᠋ ᠨᠤᠲᠤᠭ ᠢ᠋ᠶ᠋ᠠᠷ ᠶᠠᠪᠤᠭᠰᠠᠨ ᠮᠥᠷ ᠲᠣᠳᠣ
ᠨᠠᠷᠠᠨ ᠬᠠᠷᠠᠬᠠᠨ ᠮᠠᠨᠳᠤᠭᠠᠳᠤᠢ᠂ ᠨᠠᠷᠠᠨ ᠤ᠋ ᠰᠢᠷᠭᠠᠯ ᠲᠤᠶᠠᠭ᠎ᠠ ᠭᠡᠢᠵᠦ᠂ ᠲᠡᠨᠢᠭᠦᠨ ᠬᠥᠨᠳᠡᠢ᠂ ᠲᠡᠷᠡ ᠡᠨᠡ ᠠᠭᠤᠯᠠᠰ ᠲᠠᠨᠢᠭᠳᠠᠨ ᠥᠩᠭᠡ ᠵᠢᠰᠦ ᠨᠢ ᠢᠯᠭᠠᠷᠠᠬᠤ ᠦᠭᠡᠢ ᠯᠤᠭ᠎ᠠ ᠳᠤᠮᠳᠠ ᠪᠦᠷᠢᠳᠦ ᠶ᠋ᠢᠨ ᠵᠡᠭᠦᠬᠡᠨ ᠨᠥᠭᠡᠯᠭᠡ ᠶ᠋ᠢᠨ ᠲᠣᠯᠣᠭᠠᠢ ᠶ᠋ᠢᠨ ᠠᠷᠤ ᠳ᠋ᠤ᠌ ᠨᠤᠲᠤᠭᠯᠠᠨ ᠪᠦᠬᠦᠢ ᠳᠠᠯ᠎ᠠ ᠨᠠᠬᠤ ᠶ᠋ᠢᠨ ᠬᠢ ᠬᠣᠯᠠ ᠶ᠋ᠢᠨ ᠵᠣᠴᠢᠨ ᠢ᠋ᠶ᠋ᠠᠨ ᠦᠳᠡᠨ ᠪᠣᠷᠪᠢᠨ ᠳ᠋ᠤ᠌ ᠬᠢᠭᠰᠡᠨ ᠠᠢᠷᠠᠭ᠂ ᠪᠣᠷᠣᠬᠠᠨ ᠤᠭᠤᠲᠠᠨ ᠳ᠋ᠤ᠌ ᠬᠢᠭᠰᠡᠨ ᠳᠠᠬᠤᠯᠠᠢ ᠬᠤᠷᠠᠭᠠᠨ ᠤ᠋ ᠤᠲᠤᠵᠤ ᠰᠢᠷᠠᠭᠰᠠᠨ ᠮᠢᠬᠠᠨ ᠬᠦᠨᠡᠰᠦ ᠪᠡᠨ ᠭᠠᠨᠵᠤᠭᠠᠯᠠᠭᠤᠯᠤᠨ᠂ ᠢᠷᠦᠭᠡᠯ ᠪᠡᠯᠭᠡ ᠲᠡᠢ ᠦᠭᠡ ᠬᠡᠯᠡᠵᠦ ᠨᠠᠬᠤ ᠡᠴᠢᠭᠡ ᠠᠯᠲᠠᠵᠢᠨ ᠡᠬᠡ ᠬᠣᠶᠠᠷ ᠮᠣᠷᠳᠠᠭᠤᠯᠪᠠ᠃ ᠨᠠᠬᠤ ᠡᠴᠢᠭᠡ᠄
— ᠬᠣᠶᠠᠷ ᠵᠠᠯᠠᠭᠤᠰ ᠡᠭᠦᠨ ᠡᠴᠡ ᠬᠣᠢᠰᠢ ᠰᠠᠢᠬᠠᠨ ᠨᠥᠬᠥᠷᠯᠡ! ᠪᠡᠶ᠎ᠡ ᠪᠡᠶ᠎ᠡ ᠪᠡᠨ ᠪᠢᠲᠡᠭᠡᠢ ᠣᠷᠭᠢ! ᠭᠡᠮᠡᠨ ᠵᠠᠬᠢᠪᠠ᠃
ᠪᠣᠭᠤᠷᠴᠢ ᠨᠥᠬᠥᠷ ᠢ᠋ᠶ᠋ᠡᠨ ᠭᠠᠷᠭᠠᠵᠤ ᠥᠭᠬᠦ᠂ ᠠᠳᠤᠭᠤ ᠪᠠᠨ ᠴᠤᠭᠯᠠᠭᠤᠯᠵᠤ ᠢᠷᠡᠬᠦ ᠠᠵᠢᠯ ᠢ᠋ᠶ᠋ᠠᠷ ᠬᠠᠮᠲᠤ ᠮᠣᠷᠳᠠᠨ ᠭᠣᠣᠯ ᠭᠠᠷᠤᠨ ᠴᠡᠴᠡ ᠶ᠋ᠢᠨ ᠠᠷᠤ ᠪᠠᠷ ᠳᠠᠪᠬᠢᠨ ᠵᠢᠷᠢᠢᠨ ᠲᠤᠷᠢᠨ ᠠᠯᠠᠭ᠎ᠠ ᠪᠣᠯᠪᠠ᠃ ᠲᠡᠳᠡ ᠬᠠᠨᠠᠩ ᠤ᠋ᠨ ᠬᠠᠷ᠎ᠠ ᠠᠭᠤᠯᠠᠰ ᠳᠤᠮᠳᠠᠭᠤᠷ ᠲᠠᠷᠬᠠᠭᠰᠠᠨ ᠠᠳᠤᠭᠤ ᠪᠠᠨ ᠬᠤᠷᠢᠶᠠᠵᠤ᠂ ᠨᠠᠢ᠍ᠮᠠᠨ ᠰᠢᠷᠭ᠎ᠠ ᠶ᠋ᠢ ᠪᠠᠷᠠᠭᠤᠨ ᠬᠣᠢᠰᠢ ᠰᠠᠯᠭᠠᠵᠤ ᠬᠠᠨᠠᠩ ᠤ᠋ᠨ ᠥᠨᠳᠥᠷᠯᠢᠭ ᠲᠦ᠍ ᠭᠠᠷᠬᠤ ᠳ᠋ᠤ᠌ ᠨᠠᠷᠠᠨ ᠨᠡᠯᠢᠶᠡᠳ ᠳᠡᠭᠡᠭᠰᠢ ᠬᠥᠭᠡᠷᠴᠦ ᠠᠯᠤᠰ ᠤ᠋ᠨ ᠠᠯᠤᠰ ᠲᠤ᠌ ᠵᠡᠭᠦᠨ ᠬᠣᠢᠲᠤ᠂ ᠵᠡᠭᠦᠨ ᠵᠦᠭ ᠲᠦ᠍ ᠬᠠᠷ᠎ᠠ ᠡᠭᠦᠯᠡᠰ ᠭᠠᠷᠴᠤ ᠪᠣᠷᠣᠭ᠎ᠠ ᠴᠤ᠌ ᠣᠷᠣᠵᠤ ᠪᠣᠯᠵᠣᠰᠢ ᠦᠭᠡᠢ᠃ ᠭᠡᠬᠦ ᠳ᠋ᠡᠭᠡᠨ ᠲᠡᠮᠦᠵᠢᠨ ᠶᠠᠪᠤᠬᠤ ᠵᠦᠭ ᠡᠴᠡ ᠡᠰᠡᠬᠦ ᠲᠡᠰᠢ ᠲᠤᠯᠠ ᠪᠣᠷᠣᠭ᠎ᠠ ᠣᠷᠣᠬᠤ ᠦᠭᠡᠢ ᠪᠣᠯᠪᠠᠤ ᠭᠡᠯᠴᠡᠨ᠎ᠡ᠃
ᠥᠨᠳᠥᠷᠯᠢᠭ ᠳᠡᠭᠡᠷ᠎ᠡ ᠡᠴᠡ ᠠᠷᠤᠯᠠᠳ ᠨᠤᠲᠤᠭ ᠢ᠋ ᠠᠯᠤᠰ ᠳᠠᠰᠢ ᠵᠢᠱᠶ᠋ᠴᠢᠯᠡᠨ ᠨᠡᠷᠡᠯᠡᠵᠦ ᠪᠣᠯᠬᠤ ᠪᠠᠷ ᠠᠵᠤᠭᠤ᠃ ᠪᠣᠭᠤᠷᠴᠢ᠄
— ᠮᠢᠨᠦ ᠨᠤᠲᠤᠭ ᠤ᠋ᠨ ᠭᠣᠣᠯ ᠲᠠᠬᠢᠯᠭᠠᠲᠤ ᠰᠢᠲᠦᠭᠡᠨ ᠠᠭᠤᠯᠠ ᠲᠡᠷᠡ ᠵᠡᠭᠦᠨ ᠬᠣᠢᠲᠤ ᠲᠤᠭᠤᠯᠭ᠎ᠠ ᠠᠭᠤᠯᠠ᠃ ᠨᠠᠭᠠᠨ᠎ᠠ ᠠ᠋ᠴᠠ ᠪᠠᠨ ᠵᠢᠵᠢᠭᠬᠡᠨ ᠶᠦᠮ ᠰᠢᠭ ᠬᠠᠷᠠᠭᠳᠠᠪᠠᠴᠤ ᠠᠷᠤ ᠠ᠋ᠴᠠ ᠪᠠᠨ ᠵᠢᠷᠦᠬᠡᠨ ᠬᠡᠯᠪᠡᠷᠢᠲᠡᠢ ᠮᠣᠳᠣ ᠲᠠᠢ ᠲᠣᠮᠣ ᠠᠭᠤᠯᠠ᠃ ᠡᠨᠡ ᠪᠠᠷᠠᠭᠤᠨ ᠬᠣᠢᠲᠤ ᠲᠦᠩᠬᠦᠭᠡᠷ ᠠᠭᠤᠯᠠ ᠪᠣᠯ ᠪᠠᠲᠤ ᠥᠯᠵᠡᠢᠲᠦ᠂ ᠭᠣᠣᠯ ᠤ᠋ᠨ ᠵᠡᠭᠦᠨ ᠠᠷᠵᠠᠭᠠᠷ ᠪᠠᠷᠵᠠᠭᠠᠷ ᠬᠠᠳᠠᠲᠤ ᠠᠭᠤᠯᠠ ᠪᠣᠯ ᠳᠡᠯᠭᠡᠷ ᠥᠯᠵᠡᠢᠲᠦ᠂ ᠡᠨᠡ ᠭᠤᠷᠪᠠ ᠶ᠋ᠢ ᠨᠡᠢᠲᠡ ᠪᠡᠷ ᠢ᠋ᠶ᠋ᠡᠨ ᠭᠣᠣᠯᠯᠠᠨ ᠳᠠᠬᠢᠳᠠᠭ᠃ ᠡᠨᠳᠡ ᠲᠡᠨᠳᠡ ᠨᠤᠲᠤᠭ ᠤᠰᠤᠨ ᠳ᠋ᠤ᠌ ᠳᠠᠬᠢᠳᠠᠭ ᠠᠭᠤᠯᠠ ᠣᠯᠠᠨ᠃ ᠵᠤᠨ ᠤ᠋ ᠠᠳᠠᠭ ᠰᠠᠷ᠎ᠠ ᠳ᠋ᠤ᠌ ᠲᠠᠬᠢᠯᠭ᠎ᠠ ᠬᠢᠳᠡᠭ᠃ ᠮᠠᠨᠠᠢᠬᠢ ᠪᠣᠯ ᠲᠤᠭᠤᠯᠭ᠎ᠠ ᠠᠭᠤᠯᠠᠨ ᠳ᠋ᠤ᠌ ᠭᠠᠷᠳᠠᠭ᠃ ᠠᠭᠤᠯᠠ ᠠᠭᠤᠯᠠᠨ ᠳ᠋ᠠᠭᠠᠨ ᠥᠷᠯᠥᠭᠡ ᠨᠠᠷᠠ ᠪᠢᠲᠡᠭᠦᠦ ᠪᠡᠷ ᠭᠠᠷᠴᠤ᠂ ᠪᠥᠬᠡ ᠵᠠᠢᠷᠠᠩ ᠪᠥᠬᠡᠯᠡᠵᠦ᠂ ᠠᠭᠤᠯᠠᠨ ᠠ᠋ᠴᠠ ᠪᠠᠭᠤᠵᠤ᠂ ᠡᠨᠡ ᠭᠣᠣᠯ ᠤ᠋ᠨ ᠵᠡᠭᠦᠨ ᠬᠥᠨᠳᠡᠢ ᠳ᠋ᠦ᠍ ᠡᠷ᠎ᠡ ᠶ᠋ᠢᠨ ᠭᠤᠷᠪᠠᠨ ᠨᠠᠭᠠᠳᠤᠮ ᠢ᠋ᠶ᠋ᠠᠨ ᠬᠢᠳᠡᠭ ᠭᠡᠵᠦ ᠨᠤᠲᠤᠭ ᠣᠷᠣᠨ ᠢ᠋ᠶ᠋ᠠᠨ ᠨᠠᠢᠵᠠ ᠨᠥᠬᠥᠷ ᠲᠡᠭᠡᠨ ᠲᠠᠨᠢᠯᠴᠠᠭᠤᠯᠪᠠ᠃
ᠳᠣᠲᠣᠨᠣ ᠰᠠᠢᠨ ᠨᠥᠬᠥᠷ ᠦ᠋ᠨ ᠢ᠋ᠶ᠋ᠡᠨ ᠶᠠᠷᠢᠶ᠎ᠠ ᠶ᠋ᠢ ᠠᠩᠬᠠᠷᠤᠯᠲᠠᠢ ᠰᠣᠨᠣᠰᠴᠤ ᠰᠠᠭᠤᠭᠰᠠᠨ ᠲᠡᠮᠦᠵᠢᠨ᠄
— ᠠᠷᠤᠯᠠᠳ ᠭᠡᠵᠦ ᠲᠠᠨᠠᠢᠬᠢᠨ ᠤ᠋ ᠣᠪᠣᠭ ᠣᠮᠣᠭ ᠶᠠᠮᠠᠷ ᠤᠴᠢᠷᠲᠠᠢ ᠶᠤᠮ ᠪᠣᠢ? ᠴᠢ ᠮᠡᠳᠡᠬᠦ ᠤᠤ? ᠭᠡᠵᠦ ᠠᠰᠠᠭᠤᠬᠤ ᠳ᠋ᠤ᠌ ᠪᠣᠭᠤᠷᠴᠢ:
— ᠴᠠᠳᠵᠢᠨ ᠣᠷᠳᠠᠭᠠᠢ ᠭᠡᠵᠦ ᠡᠷᠲᠡ ᠴᠠᠭ ᠲᠤ᠌ ᠨᠢᠭᠡ ᠲᠣᠮᠣ ᠨᠣᠶᠠᠨ ᠪᠠᠢᠵᠤ᠂ ᠲᠡᠷᠡ ᠪᠡᠷ ᠣᠷᠨᠠᠷ᠂ ᠬᠣᠩᠬᠣᠳᠠᠨ᠂ ᠠᠷᠤᠯᠠᠳ᠂ ᠰᠥᠨᠢᠳ᠂ ᠬᠠᠪᠳᠠᠷᠭᠠᠰ᠂ ᠬᠠᠨᠢᠬᠢᠰ ᠬᠡᠮᠡᠬᠦ ᠵᠢᠷᠭᠤᠭᠠᠨ ᠬᠦᠦ ᠲᠡᠢ ᠪᠠᠢᠭᠰᠠᠨ ᠤ᠋ ᠠᠷᠤᠯᠠᠳ ᠤ᠋ᠨ ᠤᠳᠤᠮ ᠮᠠᠨᠠᠢᠬᠢ ᠶᠤᠮ ᠭᠡᠨ᠎ᠡ ᠯᠡ ᠭᠡᠪᠡ᠃
— ᠠ᠂ ᠮᠥᠨ᠂ ᠲᠡᠭᠡᠪᠡᠯ ᠡᠷᠲᠡᠨ ᠦ᠌ ᠢᠵᠠᠭᠤᠷᠲᠠᠨ ᠤ᠋ ᠤᠳᠤᠮ ᠶᠤᠮ ᠪᠠᠢᠨ᠎ᠠ᠃ ᠤᠭ ᠲᠠᠭᠠᠨ ᠪᠣᠳᠣᠨᠴᠠᠷ ᠪᠣᠭᠳᠠ ᠠ᠋ᠴᠠ ᠬᠥᠭᠡᠭᠡᠪᠡᠯ ᠲᠠᠪᠤᠳᠠᠬᠢ ᠦᠶ᠎ᠡ ᠶ᠋ᠢᠨ ᠬᠠᠢᠳᠣ ᠬᠠᠨ ᠭᠡᠵᠦ ᠪᠠᠢᠭᠰᠠᠨ᠃ ᠲᠡᠷᠡ ᠨᠢ ᠪᠠᠢᠰᠢᠩᠬᠣᠷ ᠳᠣᠭᠰᠢᠨ᠂ ᠴᠢᠷᠬᠠᠢ ᠯᠢᠩᠬᠤ᠎ᠠ᠂ ᠴᠠᠳᠵᠢᠨ ᠤᠷᠳᠠᠭᠠᠢ ᠭᠤᠷᠪᠠᠨ ᠬᠥᠪᠡᠭᠦᠨ ᠲᠡᠢ ᠪᠠᠢᠭᠰᠠᠨ ᠶᠤᠮ ᠭᠡᠨ᠎ᠡ ᠯᠡ᠃ ᠮᠠᠨ ᠤ᠋ ᠪᠣᠷᠵᠢᠭᠢᠨ ᠪᠣᠯ ᠨᠠᠮ᠎ᠠ ᠶ᠋ᠢ ᠬᠦᠷᠴᠦ ᠢᠷᠡᠲᠡᠯ᠎ᠡ ᠪᠣᠲᠠᠨᠴᠠᠷ ᠠ᠋ᠴᠠ ᠠᠷᠪᠠᠨ ᠦᠶ᠎ᠡ᠂ ᠬᠠᠢᠳᠣ ᠠ᠋ᠴᠠ ᠳᠣᠯᠣᠭᠠᠨ ᠦᠶ᠎ᠡ ᠶᠦᠮ᠃ ᠲᠠᠨ ᠤ᠋ ᠣᠪᠣᠭ ᠪᠣᠷᠵᠢᠭᠢᠨ ᠠ᠋ᠴᠠ ᠰᠠᠯᠤᠭᠠᠳ ᠶᠠᠪᠤᠴᠢᠬᠠᠭᠰᠠᠨ ᠠ᠋ᠴᠠ ᠪᠢᠰᠢ᠂ ᠤᠭ ᠲᠠᠭᠠᠨ ᠪᠣᠯ ᠨᠢᠭᠡᠯᠡ ᠤᠳᠤᠮ ᠶᠤᠮ ᠪᠠᠢᠨ᠎ᠠ᠃ ᠴᠢᠨᠦ ᠲᠦᠷᠦᠭᠦᠦ ᠬᠡᠯᠡᠳᠡᠭ ᠬᠣᠩᠬᠣᠳᠠᠨ ᠤ᠋ ᠬᠦᠦ ᠴᠢᠷᠬ᠎ᠠ ᠭᠡᠵᠦ ᠨᠠᠰᠤᠲᠠᠢ ᠡᠪᠦᠭᠡᠨ ᠨᠠᠮ᠎ᠠ ᠶ᠋ᠢ ᠪᠠᠭ᠎ᠠ ᠪᠠᠢᠬᠤ ᠳ᠋ᠤ᠌ ᠮᠠᠨᠠᠢᠬᠢᠨ ᠳ᠋ᠤ᠌ ᠪᠠᠢᠭᠰᠠᠨ᠃ ᠲᠡᠭᠦᠨ ᠦ᠌ ᠬᠥᠪᠡᠭᠦᠨ ᠮᠡᠩᠯᠡᠭ ᠮᠠᠨ ᠤ᠋ ᠠᠪᠤ ᠶ᠋ᠢᠨ ᠰᠢᠳᠠᠷ ᠬᠥᠮᠦᠨ ᠪᠠᠢᠵᠤ᠂ ᠪᠢᠳᠡ《ᠮᠡᠩᠯᠡᠭ ᠠᠪᠤ》 ᠭᠡᠳᠡᠭ ᠶᠦᠮ᠃ ᠲᠡᠷᠡ ᠴᠢᠷᠬ᠎ᠠ ᠡᠪᠦᠭᠡᠨ ᠲᠠᠢᠴᠢᠭᠤᠳ ᠮᠠᠨᠠᠢᠬᠢ ᠶ᠋ᠢ ᠬᠠᠶᠠᠵᠤ ᠨᠡᠭᠦᠬᠦ ᠳ᠋ᠦ᠍ ᠲᠡᠳᠡᠨ ᠢ᠋ ᠪᠤᠴᠠᠭᠠᠬᠤ ᠭᠡᠵᠦ ᠣᠴᠢᠭᠠᠳ ᠵᠢᠳᠠᠯᠠᠭᠤᠯᠵᠤ ᠨᠠᠰᠤ ᠪᠠᠷᠠᠭᠰᠠᠨ ᠢ᠋ ᠪᠢ ᠰᠠᠢᠨ ᠮᠡᠳᠡᠨ᠎ᠡ᠃ ᠪᠢ ᠲᠠᠢᠴᠢᠭᠤᠳ ᠤ᠋ᠨ ᠲᠣᠯᠣᠭᠠᠢᠯᠠᠭᠴᠢ ᠠᠮᠪᠠᠭᠠᠢ ᠬᠠᠭᠠᠨ ᠤ᠋ ᠠᠴᠢ ᠲᠠᠷᠭᠤᠲᠠᠢ ᠬᠢᠷᠢᠯᠳᠣᠭ ᠲᠠᠢ ᠲᠣᠭᠠᠴᠠᠭᠠᠲᠠᠢ᠃ ᠲᠡᠷᠡ ᠴᠠᠭ ᠲᠤ᠌ ᠴᠢᠮᠠᠶ᠋ᠢ ᠳᠠᠭᠤᠳᠠᠨ᠎ᠠ᠃ ᠴᠢ ᠪᠢᠳᠡ ᠬᠣᠶᠠᠷ ᠡᠨᠡ ᠥᠨᠳᠥᠷ ᠳᠠᠪᠠᠭᠠᠨ ᠳᠡᠭᠡᠷ᠎ᠡ ᠶᠠᠷᠢᠭᠠᠳ ᠰᠠᠭᠤᠵᠤ ᠪᠠᠢᠵᠤ ᠪᠣᠯᠬᠤ ᠦᠭᠡᠢ᠃ ᠰᠠᠯᠤᠶ᠎ᠠ ᠭᠡᠵᠦ ᠰᠠᠯᠤᠭ᠎ᠠ ᠦᠭᠡᠢ ᠰᠠᠯᠠᠭ᠎ᠠ ᠵᠠᠮ ᠤ᠋ᠨ ᠡᠷᠬᠡ ᠪᠡᠷ ᠰᠠᠯᠤᠶ᠎ᠠ ᠭᠡᠵᠦ ᠲᠡᠮᠦᠵᠢᠨ ᠪᠣᠰᠴᠤ ᠪᠣᠭᠤᠷᠴᠢ ᠶ᠋ᠢ ᠲᠡᠪᠡᠷᠢᠭᠡᠳ᠄
— ᠨᠠᠬᠤ ᠠᠪᠤ《ᠬᠣᠶᠠᠷ ᠵᠠᠯᠠᠭᠤᠰ ᠨᠥᠬᠥᠷᠯᠡ᠂ ᠪᠡᠶ᠎ᠡ ᠪᠡᠶ᠎ᠡ ᠪᠡᠨ ᠪᠤᠤ ᠣᠷᠭᠢ》 ᠭᠡᠰᠡᠨ ᠶᠣᠰᠣᠭᠠᠷ ᠬᠣᠶᠠᠭᠤᠯᠠ ᠬᠣᠢᠰᠢᠳᠠ ᠪᠠᠲᠤ ᠪᠡᠬᠢ ᠶᠠᠪᠤᠶ᠎ᠠ᠃ ᠪᠢ ᠴᠢᠮᠠᠶ᠋ᠢ ᠶ᠋ᠢ ᠳᠠᠭᠤᠳᠠᠨ᠎ᠠ ᠭᠡᠳ ᠬᠣᠶᠠᠭᠤᠯᠠ ᠮᠣᠷᠢᠨ ᠳ᠋ᠠᠭᠠᠨ ᠮᠣᠷᠢᠲᠠᠨ ᠬᠣᠶᠠᠷ ᠳᠠᠰᠢ ᠶᠠᠪᠤᠬᠤ ᠳ᠋ᠤ᠌ ᠲᠡᠷᠡᠬᠡᠨ ᠳᠣᠣᠷ᠎ᠠ ᠲᠣᠯᠣᠭᠠᠢ ᠨᠢ ᠱᠣᠪᠣᠯᠵᠠᠭᠠᠳ ᠪᠡᠶ᠎ᠡ ᠪᠡᠶ᠎ᠡ ᠪᠡᠨ ᠬᠠᠷᠠᠬᠤ ᠦᠭᠡᠢ ᠪᠣᠯᠪᠠ᠃ ᠡᠢᠮᠦ ᠨᠢᠭᠡ ᠤᠴᠠᠷᠠᠯ ᠣᠳᠣ ᠠ᠋ᠴᠠ 828 ᠵᠢᠯ ᠦ᠋ᠨ ᠲᠡᠷᠲᠡᠭᠡ ᠬᠡᠨᠲᠡᠢ ᠠᠢᠮᠠᠭ ᠤ᠋ᠨ ᠪᠠᠲᠤᠨᠣᠷᠪᠤ ᠰᠤᠮᠤ ᠶ᠋ᠢᠨ ᠨᠤᠲᠤᠭ ᠲᠤ᠌ ᠪᠣᠯᠵᠠᠢ᠃
ᠨᠠᠢ᠍ᠮᠠᠨ ᠰᠢᠷᠬ᠎ᠠ ᠪᠠᠨ ᠨᠡᠬᠡᠨ ᠬᠥᠭᠡᠭᠡᠵᠦ ᠶᠠᠪᠤᠭᠠᠳ
ᠨᠠᠬᠤ ᠪᠠᠶᠠᠨ ᠤ᠋ ᠬᠦᠦ ᠴᠢᠮᠠᠳᠠᠢ ᠤᠴᠠᠷᠠᠭᠰᠠᠨ ᠮᠢᠨᠦ
ᠨᠠᠳᠠᠳᠤ ᠵᠠᠶᠠᠭᠠᠭᠰᠠᠨ ᠠᠩᠬᠠᠨ ᠤ᠋ ᠠᠨᠳᠠ ᠨᠥᠬᠥᠷ ᠪᠤᠶᠤ
ᠨᠠᠷᠮᠠᠢ ᠶᠡᠬᠡ ᠤᠯᠤᠰ ᠢ᠋ ᠵᠤᠬᠢᠶᠠᠯᠴᠠᠬᠠᠰᠠᠨ ᠪᠠᠭᠠᠲᠤᠷ ᠮᠢᠨᠦ
ᠨᠠᠷᠠᠨ ᠤᠷᠭᠤᠬᠤ ᠰᠠᠴᠠᠭᠤ ᠴᠢᠮᠠᠳᠠᠢ ᠤᠴᠠᠷᠠᠬᠤᠢ
ᠨᠠᠢ᠍ᠮᠠᠨ ᠰᠢᠷᠬ᠎ᠠ ᠶ᠋ᠢᠨ ᠮᠢᠨᠢ ᠰᠤᠷᠠᠭ ᠢ᠋ ᠬᠡᠯᠡᠵᠦ
ᠬᠦᠬᠦᠷ ᠢ᠋ᠶ᠋ᠡᠨ ᠡᠪᠬᠡᠵᠦ ᠲᠠᠯᠪᠢᠭᠠᠳ ᠨᠠᠮ᠎ᠠ ᠶ᠋ᠢ ᠳᠠᠭᠠᠬᠤᠢ
ᠨᠥᠬᠥᠷ ᠮᠢᠨᠢ ᠴᠢ ᠶᠠᠭᠤ ᠪᠣᠳᠣᠵᠤ ᠶᠠᠪᠤᠭᠰᠠᠨ ᠪᠣᠢ?
ᠠᠷᠪᠠᠨ ᠵᠢᠷᠭᠤᠭᠠᠨ ᠨᠠᠰᠤᠨ ᠤ᠋ ᠠᠩᠬᠠᠨ ᠤ᠋ ᠠᠨᠳᠠ ᠮᠢᠨᠦ
ᠠᠯᠳᠠᠷᠠᠢᠬᠠᠨ ᠵᠣᠯᠪᠠᠷᠢᠬᠠᠨ ᠶᠠᠪᠤᠵᠤ ᠪᠢᠯᠡ
ᠠᠩᠬ᠎ᠠ ᠪᠤᠭᠤᠷᠴᠢ᠂ ᠵᠠᠯᠠᠮ᠎ᠠ ᠬᠣᠶᠠᠷ ᠠ᠋ᠴᠠ ᠥᠭᠡᠷ᠎ᠡ ᠬᠡᠨ ᠪᠠᠢᠯ᠎ᠠ?
ᠠᠬᠤ ᠲᠥᠷᠥ ᠶ᠋ᠢ ᠪᠣᠰᠬᠠᠯᠴᠠᠭᠰᠠᠨ ᠲᠠ ᠬᠣᠶᠠᠷ ᠮᠢᠨᠦ
ᠨᠠᠢ᠍ᠮᠠᠨ ᠵᠠᠭᠤᠨ ᠵᠢᠯ ᠦ᠋ᠨ ᠲᠡᠷᠲᠡᠭᠡ
ᠨᠠᠷᠠᠨ ᠤᠷᠭᠤᠭᠰᠠᠨ ᠬᠦᠬᠦᠷ ᠦ᠋ᠨ ᠲᠠᠯ᠎ᠠ ᠮᠢᠨᠦ
ᠨᠠᠬᠤ ᠪᠠᠶᠠᠨ ᠤ᠋ ᠨᠤᠲᠤᠭᠯᠠᠵᠤ ᠪᠠᠢᠭᠰᠠᠨ
ᠨᠠᠷᠠᠯᠠᠭ ᠬᠥᠨᠳᠡᠢ ᠬᠦᠬᠦᠷ ᠦ᠋ᠨ ᠲᠠᠯ᠎ᠠ ᠮᠢᠨᠦ
ᠮᠢᠩᠭᠠᠨ ᠤ᠋ ᠮᠠᠩᠯᠠᠢ ᠶᠡᠬᠡ ᠴᠢᠩᠭᠢᠰ ᠬᠠᠭᠠᠨ
ᠮᠠᠨ ᠤ᠋ ᠨᠤᠲᠤᠭ ᠢ᠋ᠶ᠋ᠠᠷ ᠶᠠᠪᠤᠵᠤ ᠥᠩᠭᠡᠷᠡᠭᠰᠡᠨ ᠮᠥᠷ ᠪᠤᠶᠤ
ᠬᠦᠬᠦᠷ ᠢ᠋ᠶ᠋ᠡᠨ ᠡᠪᠬᠡᠵᠦ ᠲᠠᠯᠪᠢᠭᠰᠠᠨ ᠪᠣᠭᠤᠷᠴᠢ ᠶ᠋ᠢᠨ ᠨᠤᠲᠤᠭ
ᠬᠥᠳᠡᠭᠡ ᠶ᠋ᠢᠨ ᠰᠠᠢᠬᠠᠨ ᠲᠠᠩᠰᠤᠭᠬᠠᠨ ᠬᠡᠪ ᠢ᠋ᠶ᠋ᠡᠷ
ᠠᠢᠷᠠᠭ ᠢ᠋ᠶ᠋ᠠᠨ ᠰᠥᠩᠨᠡᠵᠦ ᠤᠤᠭᠤᠭᠠᠳ ᠮᠠᠨᠠᠢᠬᠢᠨ
ᠠᠵᠠᠢ ᠪᠤᠭᠤᠷᠤᠯ ᠲᠠ ᠨᠠᠷ ᠢ᠋ ᠳᠤᠷᠠᠰᠤᠨ ᠳᠠᠭᠤᠯᠠᠨᠠᠮ
ᠲᠡᠮᠦᠵᠢᠨ ᠪᠣᠭᠤᠷᠴᠢ ᠶ᠋ᠢᠨ ᠨᠥᠬᠥᠷᠯᠡᠭᠰᠡᠨ ᠡᠨᠡ ᠨᠤᠲᠤᠭ
ᠲᠡᠷᠲᠡᠭᠡ ᠬᠣᠢᠴᠢ ᠪᠢᠳᠡᠨ ᠦ᠌ ᠡᠵᠡᠩᠨᠡᠭᠰᠡᠨ ᠨᠤᠲᠤᠭ ᠠ᠋!
