ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠶᠢᠰᠦ> Хүлэг баатар буурч - Б. Өлзийсүрэн <Тэргүүн бүлэг-9> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠶᠢᠰᠦ> Хүлэг баатар буурч - Б. Өлзийсүрэн <Тэргүүн бүлэг-9>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠶᠢᠰᠦ> Хүлэг баатар буурч - Б. Өлзийсүрэн <Тэргүүн бүлэг-9>

ᠠᠩᠭᠢᠯᠠᠯ:ᠲᠤᠭᠤᠵᠢ ᠷᠣᠮᠠᠨ
2026-03-01

61

ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ

ᠶᠢᠰᠦ


               ᠶᠢᠰᠦ
                  ᠬᠦᠯᠦᠭ ᠲᠡᠢ ᠪᠣᠯ 
                  ᠬᠥᠯ ᠬᠦᠷᠬᠦ ᠦᠭᠡᠢ ᠭᠠᠵᠠᠷ ᠳᠡᠯᠡᠬᠡᠢ ᠭᠡᠵᠦ ᠦᠭᠡᠢ᠂ 
                  ᠬᠦᠦ ᠲᠡᠢ ᠪᠣᠯ 
                  ᠬᠦᠴᠦᠷᠡᠬᠦ ᠦᠭᠡᠢ ᠳᠡᠢᠯᠬᠦ ᠦᠭᠡᠢ ᠳᠠᠢᠰᠤᠨ ᠭᠡᠵᠦ ᠦᠭᠡᠢ  

       ᠬᠠᠷᠠᠴᠤ ᠪᠥᠬᠡ ᠢᠷᠡᠵᠦ ᠵᠠᠰᠠᠯ ᠦᠢᠯᠡᠳᠦᠭᠡᠳ ᠬᠣᠶᠠᠷ ᠬᠣᠨᠣᠭ ᠥᠩᠭᠡᠷᠡᠵᠡᠢ᠃ ᠭᠠᠭᠴᠠ ᠬᠦᠦ ᠨᠢ ᠭᠠᠵᠠᠷ ᠤ᠋ᠨ ᠭᠠᠪᠠ ᠪᠠᠷ ᠣᠷᠣᠭᠰᠠᠨ ᠮᠡᠲᠦ ᠠᠯᠠᠭ᠎ᠠ ᠪᠣᠯᠤᠭᠠᠳ᠂ ᠣᠳᠣ ᠴᠤ᠌ ᠣᠷᠣ ᠰᠤᠷᠠᠭ ᠦᠭᠡᠢ ᠬᠡᠪ ᠢ᠋ᠶ᠋ᠡᠷ ᠲᠤᠯᠠ ᠡᠴᠢᠭᠡ ᠡᠬᠡ ᠬᠣᠶᠠᠷ ᠠᠬᠢᠨ ᠲᠦᠭᠰᠢᠵᠦ ᠡᠬᠢᠯᠡᠪᠡ᠃ ᠡᠴᠢᠭᠡ ᠳ᠋ᠦ᠍ ᠪᠣᠯ ᠭᠣᠷᠢᠳᠠᠯᠭ᠎ᠠ ᠲᠠᠰᠤᠷᠠᠴᠢᠬᠠᠬᠤ ᠠᠷᠠᠢ ᠴᠤ᠌ ᠪᠣᠯᠤᠭ᠎ᠠ ᠦᠭᠡᠢ᠂ ᠳᠣᠲᠣᠷ᠎ᠠ ᠪᠠᠨ《ᠲᠡᠮᠦᠷᠴᠢ ᠥᠬᠢᠨ ᠲᠡᠢ ᠦᠶᠡᠷᠬᠡᠭᠡᠳ ᠪᠠᠢᠬᠤ ᠰᠢᠭ᠋ ᠪᠠᠢᠭᠰᠠᠨ᠂ ᠲᠠᠰᠢ ᠪᠠᠨ ᠶᠠᠪᠤᠴᠢᠬᠠᠯ᠎ᠠ ᠪᠣᠯᠤᠯᠲᠠᠢ᠃ ᠬᠣᠢᠨ᠎ᠠ ᠠ᠋ᠴᠠ ᠨᠢ ᠶᠠᠪᠤᠳᠠᠭ ᠶᠤᠮ ᠪᠢᠯᠢᠤ ᠳᠠ》 ᠭᠡᠰᠡᠨ ᠪᠣᠳᠣᠯ ᠪᠠᠢᠭᠰᠠᠭᠠᠷ ᠪᠠᠢᠭᠰᠠᠨ ᠴᠤ᠌ ᠬᠦᠯᠢᠶᠡᠨ ᠬᠠᠷᠠᠵᠠᠨᠠᠭᠰᠠᠭᠠᠷ ᠪᠠᠢᠲᠠᠯ᠎ᠠ ᠡᠳᠦᠭᠡ ᠬᠦᠷᠦᠯ᠎ᠡ᠃ ᠡᠬᠡ ᠶ᠋ᠢᠨ ᠬᠢᠨᠢ ᠰᠡᠳᠬᠢᠯ ᠶᠡᠬᠡᠳᠡ ᠵᠣᠪᠠᠵᠤ ᠪᠠᠢᠨ᠎ᠠ᠃ ᠠᠷᠭ᠎ᠠ ᠦᠭᠡᠢ ᠰᠢᠦ ᠳᠡ᠂ ᠭᠠᠭᠴᠠ ᠠᠮᠢᠨ ᠭᠣᠣᠯ ᠦᠷ᠎ᠡ ᠨᠢ ᠶᠦᠮ ᠴᠢᠨᠢ᠃ ᠶᠠᠪᠤᠵᠤ ᠯᠠ ᠣᠯᠵᠤ ᠢᠷᠡᠬᠦ ᠶ᠋ᠢ ᠪᠣᠳᠣᠶ᠎ᠠ ᠭᠡᠵᠦ ᠪᠣᠳᠣᠭᠰᠠᠭᠠᠷ ᠠᠯᠲᠠᠵᠢᠨ ᠳ᠋ᠤ᠌᠄ 
       — ᠪᠢ ᠬᠣᠶᠠᠷ ᠮᠣᠷᠢ ᠥᠨᠥ ᠰᠥᠨᠢ ᠤᠶᠠᠵᠤ ᠰᠢᠪᠬᠠᠷᠤᠭᠠᠳ ᠮᠠᠷᠭᠠᠰᠢ ᠡᠷᠲᠡᠬᠡᠨ ᠮᠣᠷᠳᠠᠵᠤ ᠪᠠᠷᠠᠭᠤᠨ ᠲᠡᠰᠢ《ᠭᠤᠷᠪᠠᠨ ᠲᠠᠷᠭᠤᠨ》 ᠬᠦᠷᠴᠦ ᠬᠦᠦ ᠪᠡᠨ ᠰᠤᠷᠠᠭᠯᠠᠳᠠᠭ ᠶᠤᠮ ᠪᠢᠯᠢᠤ ᠳᠠ᠃ ᠲᠡᠨᠳᠡ ᠯᠠ ᠨᠢᠭᠡ ᠰᠤᠷᠠᠭ ᠭᠠᠷᠴᠤ ᠮᠠᠭᠠᠳ ᠦᠭᠡᠢ ᠭᠡᠵᠦ ᠪᠣᠳᠣᠭᠳᠠᠭᠠᠳ ᠪᠠᠢᠬᠤ ᠶᠤᠮ᠃ ᠲᠠᠰᠢ ᠪᠠᠨ ᠰᠡᠳᠬᠢᠯ ᠤᠶᠠᠭ᠎ᠠ ᠲᠠᠢ ᠪᠣᠯᠤᠭᠠᠳ ᠶᠠᠪᠤᠴᠢᠬᠠᠪᠠᠤ? ᠲᠡᠭᠡᠵᠡᠢ ᠭᠡᠬᠦ ᠳ᠋ᠦ᠍ ᠡᠳᠦᠢ ᠳ᠋ᠦ᠍ ᠬᠦᠷᠦᠭᠡᠳ ᠢᠷᠡᠮᠡᠷ ᠶᠦᠮ᠃ 
       ᠡᠬᠡ ᠠᠯᠲᠠᠵᠢᠨ ᠤ᠋ ᠴᠢᠷᠠᠢ ᠳ᠋ᠤ᠌ ᠨᠢ ᠭᠡᠷᠡᠯ ᠭᠡᠭᠡ ᠲᠠᠲᠠᠵᠤ᠄ 
       — ᠬᠦᠦ ᠮᠢᠨᠢ ᠲᠡᠢᠮᠦ ᠪᠣᠯ ᠠᠶᠠᠲᠠᠢ ᠤᠤ ᠳᠠ᠃ ᠮᠥᠩᠬᠡ ᠲᠩᠷᠢ ᠥᠷᠥᠰᠢᠶᠡᠵᠦ ᠰᠡᠳᠬᠢᠯ ᠵᠢᠷᠦᠬᠡ ᠶ᠋ᠢ ᠨᠢ ᠲᠡᠰᠢ ᠤᠶᠠᠭ᠎ᠠ ᠲᠠᠢ ᠪᠣᠯᠭᠠᠭᠰᠠᠨ ᠪᠣᠯ ᠶᠠᠪᠤᠵᠤ ᠯᠠ ᠲᠠᠭᠠᠷᠠᠨ᠎ᠠ ᠳᠠ᠁ ᠭᠡᠪᠡ᠃ 
       ᠥᠷᠯᠥᠭᠡ ᠪᠣᠯᠤᠯ᠎ᠠ᠃ ᠨᠠᠬᠤ ᠮᠣᠷᠢ ᠪᠠᠨ ᠡᠮᠡᠭᠡᠯᠯᠡᠵᠦ ᠤᠶᠠᠭᠠᠳ ᠭᠡᠷ ᠲᠡᠭᠡᠨ ᠣᠷᠣᠵᠤ ᠢᠷᠡᠨ ᠴᠠᠢ ᠠᠶᠠᠭᠠᠯᠠᠨ ᠣᠭᠣᠴᠢᠯᠠᠨ ᠠᠪᠠᠢ᠃ ᠭᠡᠷ ᠦ᠋ᠨ ᠵᠡᠭᠦᠨ ᠲᠠᠯ᠎ᠠ ᠳ᠋ᠤ᠌ ᠠᠭᠠᠷᠴᠠ ᠪᠠᠵᠠᠭᠠᠵᠤ ᠠᠭᠠᠷᠤᠤᠯ ᠳᠡᠯᠭᠡᠴᠡᠨ᠎ᠡ ᠳᠡᠯᠭᠡᠵᠦ ᠲᠠᠯᠪᠢᠵᠤ ᠰᠠᠭᠤᠭᠰᠠᠨ ᠠᠯᠲᠠᠵᠢᠨ᠄ 
       — ᠶᠠᠪᠤᠬᠤ ᠭᠠᠵᠠᠷ ᠴᠢᠨᠢ ᠬᠢᠷᠢ ᠬᠣᠯᠠ ᠪᠣᠢ? ᠡᠪᠦᠭᠡᠨ ᠮᠢᠨᠢ ᠪᠤᠰᠢᠭᠤᠬᠠᠨ ᠴᠢᠬᠢᠨ ᠳ᠋ᠦ᠍ ᠴᠢᠮᠡᠭᠲᠡᠢ᠂ ᠴᠡᠭᠡᠵᠢᠨ ᠳ᠋ᠦ᠍ ᠪᠠᠶᠠᠷᠲᠠᠢ ᠦᠭᠡ ᠰᠣᠨᠣᠰᠬᠠᠬᠤ ᠶ᠋ᠢ ᠪᠣᠳᠣ ᠳᠠ᠃ 
       — ᠬᠣᠯᠠ ᠠ᠋᠂ ᠬᠣᠯᠠ᠃150—160 ᠮᠣᠳᠣ ᠭᠠᠵᠠᠷ᠃ ᠣᠴᠢᠬᠤ ᠳ᠋ᠠᠭᠠᠨ ᠨᠢᠭᠡ ᠬᠣᠨᠣᠬᠤ᠂ ᠢᠷᠡᠬᠦ ᠳ᠋ᠡᠭᠡᠨ ᠪᠠᠰᠠ ᠨᠢᠭᠡ ᠬᠣᠨᠣᠬᠤ᠂ ᠭᠤᠷᠪᠠ ᠬᠣᠨᠣᠭ ᠠ᠋ᠴᠠ ᠨᠠᠭᠠᠰᠢ ᠴᠢᠮ᠎ᠠ ᠳ᠋ᠠᠭᠠᠨ ᠬᠡᠯᠡ ᠳᠣᠭᠣᠯᠭᠠᠵᠤ ᠠᠮᠵᠢᠬᠤ ᠦᠭᠡᠢ ᠪᠣᠯᠪᠠᠤ᠃ ᠵᠠᠮ ᠳ᠋ᠠᠭᠠᠨ ᠵᠥᠷᠢᠴᠢᠬᠡᠵᠦ ᠮᠡᠳᠡᠬᠦ ᠶᠦᠮ᠃ ᠲᠡᠭᠡᠪᠡᠯ ᠴᠦ᠍ ᠶᠠᠭᠠᠬᠢᠬᠤᠪ᠂ ᠬᠦᠷᠦᠭᠡᠳ ᠯᠡ ᠢᠷᠡᠪᠡᠯ ᠭᠡᠯᠴᠡᠵᠦ ᠪᠠᠢᠲᠠᠯ᠎ᠠ᠄ 
       — ᠪᠣᠭᠣᠷᠴᠢ ᠢᠷᠡᠯ᠎ᠡ! ᠭᠡᠰᠡᠨ ᠬᠡᠦᠬᠡᠳ ᠪᠠᠭᠠᠴᠤᠤᠯ ᠤ᠋ᠨ ᠳᠠᠭᠤ ᠱᠣᠣ ᠰᠣᠨᠣᠷ ᠲᠤ᠌ ᠬᠠᠲᠠᠯ᠎ᠠ᠃ ᠡᠴᠢᠭᠡ ᠡᠬᠡ ᠬᠣᠶᠠᠷ ᠡᠨᠡ ᠠᠪᠢᠶ᠎ᠠ ᠴᠢᠮᠡᠭᠡᠨ ᠢ᠋ᠶ᠋ᠡᠷ ᠬᠠᠭᠠᠯᠭ᠎ᠠ ᠪᠠᠷ ᠴᠢᠬᠢᠯᠳᠦᠬᠦ ᠰᠢᠬᠠᠮ ᠭᠠᠷᠪᠠᠰᠤ ᠵᠡᠭᠦᠨ ᠡᠴᠡ ᠬᠡᠳᠦᠨ ᠰᠢᠷᠭᠠᠯ ᠠᠭᠲᠠ ᠬᠥᠭᠡᠭᠡᠭᠰᠡᠨ ᠬᠣᠶᠠᠷ ᠬᠥᠮᠦᠨ ᠢᠷᠡᠵᠦ ᠶᠠᠪᠤᠭ᠎ᠠ ᠶ᠋ᠢᠨ ᠨᠢᠭᠡ ᠨᠢ ᠶᠠᠭᠠᠬᠢᠬᠤ ᠠᠷᠭ᠎ᠠ ᠦᠭᠡᠢ ᠬᠦᠰᠡᠨ ᠬᠦᠯᠢᠶᠡᠭᠰᠡᠨ ᠬᠦᠦ ᠨᠢ ᠮᠥᠨ᠃ 
       ᠬᠡᠳᠦᠨ ᠮᠣᠷᠢᠳ ᠢ᠋ᠶ᠋ᠠᠨ ᠭᠡᠷ ᠡᠴᠡ ᠥᠩᠭᠡᠷᠡᠭᠡᠵᠦ ᠪᠠᠷᠠᠭᠤᠨ ᠬᠣᠢᠰᠢ ᠵᠦᠭᠯᠡᠭᠦᠯᠦᠭᠡᠳ ᠲᠡᠳᠡ ᠮᠣᠷᠢᠨ ᠠ᠋ᠴᠠ ᠪᠠᠨ ᠪᠠᠭᠤᠵᠠᠭᠠᠪᠠ᠃ ᠨᠢᠷᠤᠭᠤᠨ ᠳ᠋ᠠᠭᠠᠨ ᠨᠤᠮᠤ ᠰᠠᠭᠠᠳᠠᠭ ᠠᠭᠰᠠᠵᠤ᠂ ᠲᠠᠰᠢᠶᠠᠨ ᠳ᠋ᠠᠭᠠᠨ ᠰᠡᠯᠡᠮ᠎ᠡ ᠵᠡᠭᠦᠭᠰᠡᠨ ᠵᠢᠭᠠᠬᠠᠨ ᠵᠠᠯᠠᠭᠤ ᠬᠦᠦ ᠬᠦᠦ ᠶ᠋ᠢᠨ ᠬᠢᠨᠢ ᠬᠠᠮᠲᠤ ᠢᠷᠡᠯ᠎ᠡ᠃ ᠡᠬᠡ ᠠᠯᠲᠠᠵᠢᠨ ᠬᠦᠦ ᠤᠷᠤᠭᠤ ᠪᠠᠨ ᠭᠦᠶᠦᠨ ᠭᠦᠶᠦᠭᠡ ᠪᠡᠷ ᠢ᠋ᠶ᠋ᠡᠨ ᠣᠴᠢᠵᠤ ᠲᠠᠰᠤ ᠲᠡᠪᠡᠷᠢᠨ᠄ 
       — ᠬᠦᠦ ᠮᠢᠨᠢ! ᠬᠦᠦ ᠮᠢᠨᠢ! ᠴᠢ ᠬᠠᠮᠢᠭᠠᠰᠢ ᠪᠠᠨ ᠠᠯᠠᠭ᠎ᠠ ᠪᠣᠯᠵᠤ ᠡᠯᠢᠭᠡ ᠵᠢᠷᠦᠬᠡ ᠶ᠋ᠢ ᠮᠢᠨᠢ ᠡᠮᠲᠡᠯᠪᠡ ᠳᠡ? ᠭᠡᠮᠡᠨ ᠤᠬᠢᠯᠠᠨ ᠬᠠᠢᠯᠠᠨ ᠥᠭᠦᠯᠡᠪᠡ᠃ 
       ᠬᠦᠦ ᠲᠡᠢ ᠨᠢ ᠢᠷᠡᠭᠰᠡᠨ ᠪᠤᠵᠠᠭᠠᠢ ᠴᠣᠪᠣᠭᠣ ᠬᠦᠦ ᠬᠡᠪᠯᠡᠭᠦᠬᠡᠨ ᠢ᠋ᠶ᠋ᠡᠷ ᠨᠠᠬᠤ ᠶ᠋ᠢᠨ ᠠᠮᠤᠷ ᠮᠡᠨᠳᠦ ᠶ᠋ᠢ ᠡᠷᠢᠵᠦ ᠵᠢᠷᠦᠬᠡᠨ ᠲᠤᠰ ᠭᠠᠵᠠᠷ ᠢ᠋ᠶ᠋ᠠᠨ ᠪᠠᠷᠠᠭᠤᠨ ᠭᠠᠷ ᠢ᠋ᠶ᠋ᠠᠷ ᠢ᠋ᠶ᠋ᠠᠨ ᠳᠠᠷᠤᠵᠤ ᠮᠡᠬᠦᠢᠰᠬᠢᠨ ᠶᠣᠰᠣᠷᠬᠠᠭ ᠠᠭᠠᠰᠢᠯᠠᠬᠤᠢ ᠳ᠋ᠤᠨᠢ᠄ 
       — ᠨᠢᠭᠤᠷᠤᠨ ᠳ᠋ᠠᠭᠠᠨ ᠭᠠᠯ ᠲᠠᠢ ᠨᠢᠳᠦᠨ ᠳ᠋ᠡᠭᠡᠨ ᠴᠣᠭᠲᠠᠢ ᠬᠦᠦ ᠬᠠᠮᠢᠭ᠎ᠠ ᠠᠯᠢ ᠨᠤᠲᠤᠭ ᠤ᠋ᠨ ᠬᠡᠨ ᠦ᠌ ᠬᠡᠨ ᠭᠡᠳᠡᠭ ᠪᠣᠢ? ᠭᠡᠵᠦ ᠨᠠᠬᠤ ᠮᠡᠨᠳᠦᠯᠡᠨ ᠠᠰᠠᠭᠤᠪᠠ᠃ 
       — ᠤᠨᠤᠨ ᠮᠥᠷᠡᠨ ᠦ᠌ ᠡᠬᠢ᠂ ᠬᠠᠨ ᠬᠡᠨᠲᠡᠢ ᠶ᠋ᠢᠨ ᠥᠪᠥᠷ᠂ ᠰᠡᠩᠭᠦᠷ ᠭᠣᠷᠣᠬᠠᠨ᠎ᠠ ᠨᠤᠲᠤᠭᠲᠠᠢ ᠶᠢᠰᠦᠭᠡᠢ ᠪᠠᠭᠠᠲᠤᠷ ᠠᠭᠰᠠᠨ ᠤ᠋ ᠬᠦᠦ ᠲᠡᠮᠦᠵᠢᠨ ᠭᠡᠵᠦ ᠬᠦᠦ ᠬᠠᠷᠢᠭᠤᠯᠪᠠ᠃  
      《ᠶᠢᠰᠦᠭᠡᠢ ᠪᠠᠭᠠᠲᠤᠷ》 ᠭᠡᠳᠡᠭ ᠡᠷᠬᠢᠮ ᠬᠥᠮᠦᠨ ᠢ᠋ ᠵᠢᠰᠦ ᠦᠵᠡᠵᠦ ᠨᠢᠭᠤᠷ ᠤᠴᠠᠷᠠᠭᠠᠳᠤᠢ ᠴᠤ᠌ ᠲᠦᠮᠡᠨᠲᠡ ᠰᠣᠨᠣᠰᠴᠤ ᠮᠢᠩᠭᠠᠨᠲᠠ ᠮᠡᠳᠡᠷᠡᠵᠦ ᠠᠭᠰᠠᠨ ᠡᠨᠡ ᠨᠡᠷ᠎ᠡ ᠶ᠋ᠢ ᠰᠣᠨᠣᠰᠤᠭᠠᠳ ᠨᠠᠬᠤ ᠨᠢᠭᠡᠨ ᠵᠠᠭᠤᠷ᠎ᠠ ᠪᠠᠯᠠᠮᠠᠭᠳᠠᠵᠤ᠄  
       — ᠠ᠂ ᠮᠥᠨ ᠠ᠋᠂ ᠮᠥᠨ ᠭᠡᠭᠰᠡᠭᠡᠷ ᠥᠭᠡᠷ᠎ᠡ ᠦᠭᠡ ᠬᠡᠯᠡᠵᠦ ᠴᠢᠳᠠᠭᠰᠠᠨ ᠦᠭᠡᠢ᠃ 
       — ᠬᠡᠦᠬᠡᠳ ᠦ᠋ᠳ ᠣᠷᠣ ᠳᠠ ᠭᠡᠵᠦ ᠭᠡᠷ ᠤᠷᠤᠭᠤ ᠪᠠᠨ ᠤᠳᠤᠷᠢᠳᠤᠨ ᠣᠷᠣᠭᠤᠯᠪᠠ᠃ ᠨᠠᠬᠤ ᠬᠦᠦ ᠪᠡᠨ ᠲᠡᠪᠡᠷᠢᠵᠦ ᠠᠪᠤᠭᠠᠳ᠄  
       — ᠴᠢ ᠶᠠᠭᠠᠬᠢᠬᠤ ᠪᠠᠷ ᠢ᠋ᠶ᠋ᠠᠨ ᠬᠡᠯᠡ ᠴᠢᠮᠡᠭᠡ ᠦᠭᠡᠢ ᠠᠯᠠᠭ᠎ᠠ ᠪᠣᠯᠪᠠ? ᠢᠷᠡᠭᠰᠡᠨ ᠨᠢ ᠰᠠᠢᠨ᠂ ᠶᠠᠪᠤᠬᠤ ᠳ᠋ᠠᠭᠠᠨ ᠬᠡᠯᠡᠳᠡᠭ ᠦᠭᠡᠢ᠃ ᠡᠬᠡ ᠶ᠋ᠢ ᠪᠡᠨ᠂ ᠪᠢᠳᠡᠨ ᠢ᠋ ᠴᠦ᠍ ᠬᠡᠴᠢᠨᠡᠨ ᠵᠣᠪᠠᠭᠠᠪᠠ? ᠭᠡᠵᠦ ᠬᠡᠯᠡᠪᠡᠯ ᠲᠡᠮᠦᠵᠢᠨ᠄ 
       — ᠮᠢᠨᠦ ᠰᠠᠢᠨ ᠨᠠᠢᠵᠠ ᠪᠤᠭᠤᠷᠴᠢ ᠳ᠋ᠤ᠌ ᠪᠢᠲᠡᠭᠡᠢ ᠪᠤᠷᠤᠭᠤ ᠥᠭ ᠳᠡ᠃ ᠨᠠᠳᠠᠳᠤ ᠯᠠ ᠲᠤᠰᠠ ᠬᠢᠵᠦ ᠶᠠᠪᠤᠭᠰᠠᠨ ᠶᠤᠮ ᠭᠡᠪᠡ᠃ ᠪᠤᠭᠤᠷᠴᠢ᠄ 
       — ᠮᠤᠩᠭᠠᠨᠢᠵᠤ ᠶᠠᠳᠠᠷᠠᠵᠤ ᠶᠠᠪᠤᠭ᠎ᠠ ᠡᠨᠡ ᠨᠥᠬᠥᠷ ᠲᠡᠭᠡᠨ ᠲᠤᠰᠠᠯᠠᠶ᠎ᠠ ᠭᠡᠵᠦ᠁ ᠡᠨᠡ ᠨᠥᠬᠥᠷ ᠦ᠋ᠨ ᠮᠠᠨᠢ ᠨᠠᠢ᠍ᠮᠠᠨ ᠰᠢᠷᠬ᠎ᠠ ᠠᠭᠲᠠ ᠶ᠋ᠢ ᠳᠡᠭᠡᠷᠡᠮᠴᠢᠳ ᠬᠤᠯᠠᠭᠠᠢᠯᠠᠨ ᠬᠥᠭᠡᠭᠡᠵᠦ ᠠᠪᠠᠴᠢᠭᠰᠠᠨ ᠢ᠋ ᠠᠷᠤ ᠠ᠋ᠴᠠ ᠨᠢ ᠭᠤᠷᠪᠠ ᠬᠣᠨᠣᠭ ᠮᠥᠷ ᠮᠥᠰᠬᠢᠵᠦ ᠮᠥᠷ ᠨᠢ ᠴᠤᠴᠠᠵᠤ ᠥᠪᠡᠷ ᠢ᠋ᠶ᠋ᠡᠨ ᠴᠦ᠍ ᠵᠦᠳᠡᠷᠡᠵᠦ ᠶᠠᠪᠤᠬᠤ ᠳ᠋ᠤᠨᠢ ᠲᠤᠰᠠ ᠬᠦᠷᠭᠡᠬᠦ ᠯᠡ ᠭᠡᠵᠦ ᠪᠢ ᠬᠠᠮᠲᠤ ᠶᠠᠪᠤᠭᠰᠠᠨ᠃ ᠮᠥᠩᠬᠡ ᠲᠩᠷᠢ ᠢᠪᠡᠭᠡᠵᠦ ᠡᠰᠡᠨ ᠮᠡᠨᠳᠦ ᠢᠷᠡᠯ᠎ᠡ᠃ ᠵᠦᠭᠡᠷ ᠴᠦ᠍ ᠰᠢᠯᠤᠭᠤᠨ ᠪᠢᠰᠢ᠂ ᠬᠠᠷᠪᠤᠵᠤ ᠬᠠᠳᠬᠤᠬᠤ ᠪᠣᠯᠬᠤ ᠳ᠋ᠤ᠌ ᠡᠨᠡ ᠰᠠᠢᠨ ᠨᠥᠬᠥᠷ ᠮᠢᠨᠢ ᠭᠠᠷᠮᠠᠭᠠᠢ ᠬᠠᠷᠪᠤᠭᠠᠴᠢ ᠶᠤᠮ᠃ ᠨᠡᠬᠡᠨ ᠬᠥᠭᠡᠭᠡᠭᠴᠢᠳ ᠦ᠋ᠨ ᠨᠢᠭᠡ ᠶ᠋ᠢ ᠨᠢ ᠭᠠᠭᠴᠠᠬᠠᠨ ᠰᠤᠮᠤ ᠪᠠᠷ ᠯᠠ᠂ ᠬᠡ᠂ ᠬᠡ᠃ ᠢᠩᠭᠢᠵᠦ ᠯᠡ ᠶᠠᠪᠤᠵᠤ ᠢᠷᠡᠯ᠎ᠡ ᠳᠠ᠂ ᠠᠪᠤ ᠮᠢᠨᠢ᠂ ᠡᠵᠢ ᠮᠢᠨᠢ ᠭᠡᠯ᠎ᠡ᠃  
       — ᠠ᠂ ᠮᠥᠩᠬᠡ ᠲᠩᠷᠢ ᠢᠪᠡᠭᠡᠵᠦ ᠳᠡ! 
       — ᠲᠩᠷᠢ ᠮᠢᠨᠢ᠂ ᠲᠩᠷᠢ ᠮᠢᠨᠢ! ᠪᠥᠬᠡ ᠬᠠᠷᠠᠴᠤ ᠭᠤᠸᠠᠢ ᠶ᠋ᠢᠨ ᠯᠡ ᠠᠴᠢ ᠭᠡᠯᠴᠡᠪᠡ᠃ ᠨᠠᠬᠤ ᠡᠴᠢᠭᠡ ᠰᠡᠳᠬᠢᠯ ᠨᠢ ᠶᠡᠬᠡᠳᠡ ᠠᠭᠤᠵᠢᠷᠠᠵᠤ᠄ 
       — ᠵᠠ᠂ ᠬᠡᠦᠬᠡᠳ ᠲᠦ᠍ ᠬᠣᠭᠣᠯᠠ ᠤᠮᠳᠠ! ᠥᠯᠥᠰᠴᠦ ᠤᠮᠳᠠᠭᠠᠰᠤᠯ᠎ᠠ ᠯᠠ ᠪᠢᠵᠡ᠃ ᠠᠢᠯ ᠢ᠋ᠶ᠋ᠠᠷ ᠣᠷᠣᠵᠤ ᠠᠮᠠ ᠬᠥᠳᠡᠯᠭᠡᠵᠦ ᠶᠠᠪᠤᠪᠠ ᠤᠤ? ᠭᠡᠬᠦ ᠳ᠋ᠦ᠍ ᠪᠣᠭᠣᠷᠴᠢ᠄ 
       — ᠦᠭᠡᠢ ᠳᠡ᠂ ᠦᠭᠡᠢ᠃ ᠬᠡᠭᠡᠷ᠎ᠡ ᠪᠡᠷ ᠭᠡᠷ ᠬᠢᠵᠦ᠂ ᠬᠡᠴᠡ ᠪᠡᠷ ᠳᠡᠷ᠎ᠡ ᠬᠢᠵᠦ ᠯᠡ ᠶᠠᠪᠤᠯ᠎ᠠ ᠭᠡᠵᠦ ᠲᠡᠮᠦᠵᠢᠨ ᠤᠷᠤᠭᠤ ᠬᠠᠷᠠᠵᠤ ᠢᠨᠢᠶᠡᠪᠡ᠃ ᠲᠡᠷᠡ ᠬᠣᠶᠠᠷ ᠢᠨᠢᠶᠡᠯᠳᠦᠨ ᠬᠣᠭᠣᠯᠠᠯᠠᠵᠤ ᠤᠮᠳᠠᠯᠠᠵᠤ ᠳᠠᠭᠤᠰᠤᠭᠠᠳ᠄ 
       — ᠬᠦᠬᠦᠷ ᠰᠠᠪᠠ ᠪᠠᠨ ᠣᠯᠵᠤ ᠢᠷᠡᠶ᠎ᠡ ᠭᠡᠳ ᠭᠠᠷᠬᠤ ᠭᠡᠲᠡᠯ᠎ᠡ ᠲᠡᠮᠦᠵᠢᠨ᠄ 
       — ᠪᠢ ᠬᠠᠮᠲᠤ ᠶᠠᠪᠤᠶ᠎ᠠ ᠭᠡᠪᠡ᠃ ᠪᠣᠭᠣᠷᠴᠢ᠄ 
       — ᠴᠢ ᠵᠢᠭᠠᠬᠠᠨ ᠠᠮᠠᠷᠠ᠃ ᠲᠡᠭᠡᠵᠦ ᠪᠠᠢᠭᠠᠳ ᠶᠠᠪᠤᠨ᠎ᠠ ᠪᠢᠵᠡ ᠳᠡ? 
       — ᠲᠡᠭᠡᠨ᠎ᠡ᠃ ᠭᠡᠬᠦ ᠳ᠋ᠡᠭᠡᠨ ᠠᠮᠠᠷᠠᠭᠠᠳ ᠪᠠᠢᠬᠤ ᠶᠠᠭᠤ ᠪᠠᠢᠬᠤ ᠪᠣᠢ? ᠡᠷᠭᠢᠵᠦ ᠢᠷᠡᠭᠡᠳ ᠯᠡ ᠶᠠᠪᠤᠶ᠎ᠠ ᠭᠡᠵᠦ ᠳ᠋ᠦ᠍ ᠲᠡᠳᠡᠨ ᠦ᠌ ᠶᠠᠷᠢᠶᠠᠨ ᠳ᠋ᠤ᠌ ᠨᠠᠬᠤ ᠣᠷᠣᠯᠴᠠᠵᠤ᠄ 
       — ᠥᠨᠥ ᠥᠨᠵᠢᠵᠦ ᠠᠮᠠᠷᠠᠭᠠᠳ ᠶᠠᠪᠤ ᠳᠠ᠂ ᠬᠦᠦ ᠮᠢᠨᠢ᠃ ᠪᠤᠴᠠᠬᠤ ᠵᠠᠮ ᠤ᠋ᠨ ᠬᠦᠨᠡᠰᠦ ᠨᠢᠭᠡ ᠳᠠᠬᠤᠯᠠᠢ ᠬᠤᠷᠠᠭ᠎ᠠ ᠲᠥᠬᠥᠭᠡᠷᠴᠦ ᠰᠢᠷᠠᠵᠤ ᠥᠭᠭᠦᠨ᠎ᠡ᠃ ᠲᠡᠭᠡᠭᠡᠳ ᠥᠷᠯᠥᠭᠡ ᠡᠷᠲᠡᠬᠡᠨ ᠮᠣᠷᠳᠠᠨ᠎ᠠ ᠪᠢᠵᠡ ᠳᠡ᠃ ᠥᠨᠵᠢᠭᠡᠳ ᠭᠡᠷ ᠲᠡᠭᠡᠨ ᠬᠦᠷᠴᠦ ᠴᠢᠳᠠᠬᠤ ᠤᠤ? ᠭᠡᠪᠡ᠃ 
       — ᠠᠷᠠᠢ ᠯᠠ ᠦᠭᠡᠢ ᠪᠣᠯᠪᠠ ᠤᠤ? 
       — ᠲᠡᠭᠡᠨ᠎ᠡ ᠳᠡ᠂ ᠬᠣᠯᠠ ᠭᠠᠵᠠᠷ᠃ ᠪᠢ ᠪᠤᠷᠬᠠᠨ ᠬᠠᠯᠳᠤᠨ ᠠᠭᠤᠯᠠ ᠶ᠋ᠢᠨ ᠲᠠᠬᠢᠯᠭ᠎ᠠ ᠳ᠋ᠤ᠌ ᠣᠴᠢᠵᠤ ᠪᠠᠢᠭᠰᠠᠨ᠃ ᠪᠠᠷᠤᠭᠯᠠᠵᠤ ᠪᠣᠳᠣᠬᠤ ᠳ᠋ᠤ᠌ ᠳᠣᠯᠣᠭᠠᠨ ᠵᠠᠭᠤ ᠰᠢᠬᠠᠭᠤ ᠮᠣᠳᠣ ᠭᠠᠵᠠᠷ ᠪᠢᠵᠡ᠃ 
       ᠬᠣᠶᠠᠷ ᠵᠠᠯᠠᠭᠤ ᠰᠠᠪᠠ ᠰᠠᠭᠤᠯᠭᠠᠨ ᠳ᠋ᠠᠭᠠᠨ ᠮᠣᠷᠳᠠᠨ ᠶᠠᠪᠤᠯ᠎ᠠ᠃ 
      《ᠨᠠᠬᠤ ᠭᠤᠸᠠᠢ ᠶ᠋ᠢᠨ ᠳ᠋ᠦ᠍ ᠶᠢᠰᠦᠭᠡᠢ ᠪᠠᠭᠠᠲᠤᠷ ᠤ᠋ᠨ ᠬᠦᠦ ᠲᠡᠮᠦᠵᠢᠨ ᠬᠡᠮᠡᠭᠴᠢ ᠢᠷᠡᠵᠦ ᠭᠡᠨ᠎ᠡ》 ᠭᠡᠰᠡᠨ ᠶᠠᠷᠢᠶ᠎ᠠ ᠲᠡᠷᠡ ᠳᠣᠣᠷᠠᠬᠠᠨ ᠢ᠋ᠶ᠋ᠠᠨ ᠡᠷᠭᠢᠨ ᠲᠣᠭᠣᠷᠢᠨ᠂ ᠣᠢᠷ᠎ᠠ ᠬᠠᠪᠢ ᠳ᠋ᠤ᠌ ᠤᠰᠤᠨ ᠤ᠋ ᠳᠣᠯᠭᠢᠶᠠᠨ ᠮᠡᠲᠦ ᠲᠠᠷᠬᠠᠵᠠᠢ᠃ 
       ᠰᠢᠲᠦᠭᠡᠨᠲᠦ ᠶ᠋ᠢᠨ ᠵᠡᠭᠦᠨ ᠰᠤᠭᠤ ᠳ᠋ᠤ᠌ ᠨᠤᠲᠤᠭᠯᠠᠵᠤ ᠪᠠᠢᠭᠰᠠᠨ ᠪᠣᠷᠴᠤ ᠪᠠᠭᠠᠲᠤᠷ ᠤ᠋ᠨ ᠳ᠋ᠤ᠌ ᠡᠨᠡ ᠰᠤᠷᠠᠭ ᠴᠢᠮᠡᠭᠡ ᠬᠦᠷᠴᠦ ᠢᠷᠡᠪᠡ᠃ ᠪᠣᠷᠴᠤ ᠬᠡᠮᠡᠭᠴᠢ ᠪᠡᠷ ᠵᠠᠯᠠᠭᠤ ᠨᠠᠰᠤᠨ ᠳ᠋ᠠᠭᠠᠨ ᠲᠡᠢᠨ ᠲᠤᠯᠤᠯᠳᠤᠭᠠᠨ ᠳ᠋ᠤ᠌ ᠣᠯᠠᠨᠲᠠ ᠣᠷᠣᠯᠴᠠᠵᠤ ᠶᠠᠪᠤᠭᠰᠠᠨ ᠪᠠᠭᠠᠲᠤᠷ ᠭᠡᠯᠴᠡᠵᠦ ᠨᠤᠲᠤᠭ ᠣᠷᠣᠨ ᠳ᠋ᠠᠭᠠᠨ ᠶᠡᠬᠡᠳᠡ ᠬᠦᠨᠳᠦᠯᠡᠭᠳᠡᠳᠡᠭ ᠠᠵᠢ᠃ ᠲᠡᠷᠡ ᠪᠡᠷ ᠡᠨᠡ ᠴᠢᠮᠡᠭᠡ ᠶ᠋ᠢ ᠰᠣᠨᠣᠰᠤᠭᠠᠳ᠄ 
       — ᠶᠢᠰᠦᠭᠡᠢ ᠪᠠᠭᠠᠲᠤᠷ ᠤ᠋ᠨ ᠬᠦᠦ ᠭᠡᠪᠡ ᠤᠤ? 
       — ᠲᠡᠢᠮᠦ ᠠ᠋᠂ ᠶᠢᠰᠦᠭᠡᠢ ᠪᠠᠭᠠᠲᠤᠷ ᠤ᠋ᠨ ᠬᠦᠦ ᠲᠡᠮᠦᠵᠢᠨ ᠭᠡᠨ᠎ᠡ᠃ 
       — ᠲᠡᠢᠮᠦ ᠯᠡ ᠪᠠᠢᠬᠤ ᠶᠣᠰᠣᠲᠠᠢ ᠳᠠ᠃ ᠲᠡᠷᠡ ᠣᠳᠣ ᠥᠰᠴᠦ ᠲᠣᠷᠨᠢᠭᠠᠳ ᠨᠠᠰᠤᠨ ᠳ᠋ᠤ᠌ ᠬᠦᠷᠴᠦ ᠶᠠᠪᠤᠭ᠎ᠠ ᠡᠷ᠎ᠡ ᠪᠣᠯᠵᠤ ᠶᠠᠪᠤᠭ᠎ᠠ ᠪᠠᠢᠬ᠎ᠠ᠃ ᠲᠡᠭᠦᠨ ᠢ᠋ ᠰᠠᠶᠢᠬᠠᠨ ᠲᠠᠢᠴᠢᠭᠤᠳ ᠪᠠᠷᠢᠵᠤ ᠠᠪᠠᠴᠢᠭᠠᠳ ᠲᠠᠮᠤᠯᠠᠵᠤ ᠳᠠᠷᠤᠩᠭᠤᠢᠯᠠᠵᠤ ᠪᠠᠢᠨ᠎ᠠ ᠭᠡᠵᠦ ᠰᠣᠨᠣᠰᠤᠭᠰᠠᠨ᠃ ᠲᠡᠨᠳᠡ ᠡᠴᠡ ᠠᠮᠢ ᠮᠡᠨᠳᠦ ᠭᠠᠷᠴᠤ ᠳᠠ᠃ ᠪᠢ ᠣᠴᠢᠵᠤ ᠶᠢᠰᠦᠭᠡᠢ ᠡᠵᠡᠨ ᠦ᠌ ᠬᠦᠦ ᠪᠠᠷᠠᠯᠬᠠᠨ᠎ᠠ ᠭᠡᠵᠦ ᠰᠡᠳᠬᠢᠯ ᠬᠥᠭᠡᠷᠦᠨ᠂ ᠬᠤᠶᠠᠭ ᠳᠤᠭᠤᠯᠠᠭ᠎ᠠ ᠪᠠᠨ ᠡᠮᠦᠰᠴᠦ ᠨᠤᠮᠤ ᠰᠠᠭᠠᠳᠠᠭ ᠢ᠋ᠶ᠋ᠠᠨ ᠠᠭᠰᠠᠵᠤ᠂ ᠰᠡᠯᠡᠮ᠎ᠡ ᠪᠡᠨ ᠵᠡᠭᠦᠵᠦ᠂ ᠪᠠᠮᠪᠠᠢ ᠪᠠᠨ ᠲᠣᠬᠣᠢᠯᠳᠠᠵᠤ᠂ ᠪᠠᠢᠯᠳᠤᠨ ᠮᠣᠷᠳᠠᠬᠤ ᠴᠡᠷᠢᠭ ᠡᠷ᠎ᠡ ᠶ᠋ᠢᠨ ᠲᠥᠷᠬᠦ ᠳ᠋ᠦ᠍ ᠣᠷᠣᠨ᠂ ᠮᠥᠨ ᠥᠪᠡᠷᠦᠨ ᠱᠠᠪᠢ ᠭᠡᠵᠦ ᠬᠥᠮᠦᠵᠢᠭᠦᠯᠵᠦ ᠪᠣᠢ ᠬᠣᠶᠠᠷ ᠵᠢᠭᠠᠬᠠᠨ ᠬᠦᠦ ᠶ᠋ᠢ ᠳᠠᠭᠠᠭᠤᠯᠤᠨ ᠨᠠᠬᠤ ᠶ᠋ᠢᠨ ᠤᠷᠤᠭᠤ ᠶᠠᠭᠠᠷᠠᠪᠴᠢᠯᠠᠨ ᠮᠣᠷᠳᠠᠪᠠ᠃ ᠲᠡᠭᠦᠨ ᠦ᠌ ᠬᠤᠶᠠᠭ ᠪᠠᠮᠪᠠᠢ ᠨᠢ ᠲᠡᠮᠡᠭᠡᠨ ᠦ᠌ ᠰᠢᠷᠢ ᠶ᠋ᠢ ᠨᠣᠢᠲᠠᠨ ᠳ᠋ᠤᠨᠢ ᠪᠡᠶ᠎ᠡ ᠳ᠋ᠦ᠍ ᠲᠠᠭᠠᠷᠠᠭᠤᠯᠤᠨ ᠳᠠᠪᠬᠤᠷᠯᠠᠨ ᠡᠰᠬᠡᠵᠦ᠂ ᠲᠣᠪᠣᠷᠤᠤ ᠲᠡᠮᠦᠷ ᠲᠣᠨᠣᠭ ᠢ᠋ᠶ᠋ᠠᠷ ᠪᠡᠬᠢᠯᠡᠵᠦ ᠴᠢᠮᠡᠭᠰᠡᠨ᠂  ᠳᠡᠷᠡᠢᠭᠰᠡᠨ ᠬᠠᠲᠠᠭᠤ ᠴᠡᠭᠡᠵᠢᠪᠴᠢ᠂ ᠪᠠᠮᠪᠠᠢ ᠨᠢ ᠲᠠᠪᠠᠭ ᠮᠠᠶᠢᠭ ᠤ᠋ᠨ ᠡᠳ᠋ ᠪᠥᠭᠡᠳ ᠲᠡᠷᠡ ᠨᠢ ᠡᠨᠳᠡ ᠲᠡᠨᠳᠡ ᠪᠡᠨ ᠴᠣᠭᠣᠷᠠᠵᠤ ᠰᠡᠮᠡᠷᠡᠵᠦ ᠡᠯᠡᠭᠳᠡᠵᠦ ᠡᠮᠲᠡᠷᠡᠭᠰᠡᠨ ᠴᠦ᠍ ᠰᠦᠬᠡ ᠪᠡᠷ ᠴᠣᠬᠢᠬᠤ ᠳ᠋ᠤ᠌ ᠴᠦ᠍ ᠬᠣᠲᠣᠢᠬᠤ ᠦᠭᠡᠢ᠂ ᠵᠢᠳᠠ ᠪᠠᠷ ᠬᠠᠳᠬᠤᠬᠤ ᠳ᠋ᠤ᠌ ᠴᠤ᠌ ᠨᠡᠪᠲᠡᠷᠡᠬᠦ ᠦᠭᠡᠢ᠂ ᠣᠨ ᠵᠢᠯ ᠢ᠋ ᠲᠤᠭᠤᠯᠵᠤ ᠦᠩᠭᠡᠷᠡᠬᠦᠭᠰᠡᠨ ᠪᠠᠭᠠᠲᠤᠷ ᠳᠠᠢᠴᠢᠨ ᠡᠷ᠎ᠡ ᠶ᠋ᠢᠨ ᠡᠳ᠋ᠯᠡᠯ ᠠᠵᠢ᠃ 
        ᠡᠪᠦᠭᠡᠨ ᠪᠠᠭᠠᠲᠤᠷ ᠨᠠᠬᠤ ᠶ᠋ᠢᠨ ᠤᠷᠤᠭᠤ ᠵᠢᠪᠬᠤᠯᠠᠩᠲᠤ ᠶ᠋ᠢᠨ ᠭᠣᠵᠣᠭᠣᠷ ᠤ᠋ᠨ ᠥᠪᠥᠷ ᠢ᠋ᠶ᠋ᠡᠷ ᠬᠣᠶᠠᠷ ᠪᠢᠴᠢᠬᠠᠨ ᠪᠠᠭᠠᠲᠤᠷ ᠤ᠋ᠨ ᠢ᠋ᠶ᠋ᠠᠨ ᠬᠠᠮᠲᠤ ᠲᠣᠭᠣᠰᠣ ᠮᠠᠨᠠᠷᠠᠭᠠᠨ ᠢᠷᠡᠬᠦ ᠰᠠᠴᠠᠭᠤ ᠲᠡᠮᠦᠵᠢᠨ ᠪᠤᠭᠤᠷᠴᠢ ᠬᠣᠶᠠᠷ ᠪᠠᠰᠠ ᠪᠣᠯᠵᠣᠭᠰᠠᠨ ᠶᠤᠮ ᠰᠢᠭ᠋ ᠵᠡᠷᠭᠡ ᠢᠷᠡᠪᠡ᠃ ᠨᠠᠬᠤ ᠶ᠋ᠢᠨ ᠭᠠᠳᠠᠨ᠎ᠠ ᠢᠷᠡᠮᠡᠭᠴᠡ ᠪᠡᠨ ᠡᠪᠦᠭᠡᠨ ᠪᠠᠭᠠᠲᠤᠷ᠄ 
       — ᠶᠢᠰᠦᠭᠡᠢ ᠪᠠᠭᠠᠲᠤᠷ ᠤ᠋ᠨ ᠬᠦᠦ ᠢᠷᠡᠭᠰᠡᠨ ᠭᠡᠰᠡᠨ ᠤᠤ? ᠲᠡᠷᠡ ᠬᠠᠮᠢᠭ᠎ᠠ ᠮᠣᠷᠢᠯᠠᠵᠤ ᠪᠠᠢᠨ᠎ᠠ? ᠭᠡᠵᠦ ᠬᠠᠰᠬᠢᠷᠬᠤᠢ ᠳ᠋ᠤ᠌ ᠲᠡᠷᠡ ᠯᠠ ᠠᠢᠯ ᠬᠣᠲᠠᠨ ᠤ᠋ ᠪᠠᠷᠤᠭ ᠶᠡᠬᠡ ᠪᠠᠭ᠎ᠠ ᠪᠦᠬᠦᠢ ᠯᠡ ᠬᠥᠮᠦᠰ ᠭᠠᠳᠠᠨ᠎ᠠ ᠪᠠᠨ ᠭᠠᠷᠤᠨ ᠭᠠᠢᠬᠠᠵᠤ᠂ ᠠᠶᠤᠬᠤ ᠵᠡᠷᠭᠡᠴᠡᠨ᠄ 
       — ᠢᠷᠡᠯ᠎ᠡ ᠭᠡᠵᠦ ᠬᠣᠶᠠᠷ ᠬᠦᠦ ᠶ᠋ᠢ ᠵᠢᠭᠠᠬᠤᠢ ᠳ᠋ᠤ᠌ ᠡᠪᠦᠭᠡᠨ ᠪᠠᠭᠠᠲᠤᠷ ᠮᠣᠷᠢᠨ ᠠ᠋ᠴᠠ ᠪᠠᠨ ᠦᠰᠦᠷᠦᠨ ᠪᠠᠭᠤᠵᠤ ᠴᠤᠯᠪᠤᠭᠤᠷ ᠢ᠋ᠶ᠋ᠠᠨ ᠳᠠᠭᠠᠵᠤ ᠶᠠᠪᠤᠭ᠎ᠠ ᠬᠥᠪᠡᠭᠦᠨ ᠤᠷᠤᠭᠤ ᠰᠢᠳᠡᠴᠢᠬᠡᠭᠡᠳ ᠥᠪᠡᠷ ᠢ᠋ᠶ᠋ᠡᠨ ᠭᠢᠯᠠᠯᠵᠠᠲᠠᠯ᠎ᠠ ᠠᠯᠬᠤᠨ ᠲᠡᠮᠦᠵᠢᠨ ᠤᠷᠤᠭᠤ ᠣᠴᠢᠬᠤ ᠳ᠋ᠤ᠌ ᠴᠠᠭᠠᠳᠤ ᠬᠦᠦ ᠮᠣᠷᠢᠨ ᠠ᠋ᠴᠠ ᠪᠠᠨ ᠪᠠᠭᠤᠵᠤ ᠲᠠᠭᠠᠷᠠᠪᠠ᠃ ᠡᠪᠦᠭᠡᠨ ᠪᠠᠭᠠᠲᠤᠷ ᠲᠡᠮᠦᠵᠢᠨ ᠦ᠌ ᠡᠮᠦᠨ᠎ᠡ ᠣᠴᠢᠵᠤ ᠵᠡᠭᠦᠨ ᠡᠪᠦᠳᠦᠭ ᠢ᠋ᠶ᠋ᠡᠨ ᠨᠤᠭᠤᠯᠤᠨ ᠪᠠᠷᠠᠭᠤᠨ ᠭᠠᠷ ᠢ᠋ᠶ᠋ᠠᠨ ᠳᠡᠯᠭᠡᠨ ᠵᠢᠷᠦᠬᠡᠨ ᠲᠤᠰ ᠭᠠᠵᠠᠷ ᠢ᠋ᠶ᠋ᠠᠨ ᠳᠠᠷᠤᠵᠤ᠄ 
       — ᠶᠢᠰᠦᠭᠡᠢ ᠪᠠᠭᠠᠲᠤᠷ ᠤ᠋ᠨ ᠬᠦᠦ ᠲᠡᠮᠦᠵᠢᠨ ᠴᠢᠨᠦ ᠡᠮᠦᠨ᠎ᠡ ᠡᠴᠢᠭᠡ ᠡᠪᠦᠭᠡ ᠶ᠋ᠢᠨ ᠴᠢᠨᠢ ᠴᠡᠷᠢᠭ ᠶᠠᠪᠤᠵᠤ ᠣᠯᠠᠨ ᠲᠡᠢᠨ ᠳ᠋ᠦ᠍ ᠣᠷᠣᠯᠴᠠᠵᠤ ᠶᠠᠪᠤᠭᠰᠠᠨ ᠤ᠋ ᠲᠤᠯᠠ ᠡᠪᠦᠭᠡᠨ ᠪᠤᠷᠴᠦ ᠰᠥᠬᠥᠷᠡᠨ ᠮᠥᠷᠭᠥᠰᠦ ᠭᠡᠬᠦ ᠳ᠋ᠦ᠍ ᠲᠡᠮᠦᠵᠢᠨ ᠡᠮᠦᠨ᠎ᠡ ᠡᠴᠡ ᠨᠢ ᠥᠪᠡᠷᠦᠨ ᠬᠢᠨᠢ ᠠᠳᠠᠯᠢ ᠡᠪᠦᠳᠦᠭ ᠨᠤᠭᠤᠯᠵᠤ ᠶᠣᠰᠣᠯᠠᠭᠠᠳ ᠡᠪᠦᠭᠡᠨ ᠢ᠋ ᠥᠭᠡᠳᠡ ᠲᠡᠳᠡᠨ ᠪᠤᠰᠬᠠᠬᠤ ᠳ᠋ᠤ᠌ ᠡᠪᠦᠭᠡᠨ ᠳᠠᠢᠴᠢᠨ ᠪᠣᠰᠴᠤ ᠭᠠᠷ ᠵᠥᠷᠢᠭᠦᠯᠦᠨ ᠦᠨᠦᠰᠴᠦ᠄ 
       — ᠲᠣᠮᠣ ᠡᠷ᠎ᠡ ᠪᠣᠯᠵᠠᠢ ᠭᠡᠵᠦ ᠣᠯᠵᠠᠭᠤᠷᠬᠠᠨ《ᠬᠠ᠂ ᠬᠠ》 ᠭᠡᠵᠦ ᠢᠨᠢᠶᠡᠬᠦ ᠠᠪᠠᠢ᠃ 
       ᠲᠡᠭᠡᠭᠡᠳ ᠭᠡᠷ ᠲᠦ᠍ ᠮᠣᠷᠢᠯᠠᠨ ᠣᠷᠣᠵᠤ ᠴᠠᠢ ᠢᠳᠡᠭᠡ ᠪᠤᠳᠠᠭ᠎ᠠ ᠪᠠᠷ ᠵᠣᠴᠢᠯᠠᠭᠤᠯᠪᠠ᠃ ᠲᠡᠳᠡᠨᠡᠢᠬᠢ ᠬᠦᠦ ᠪᠡᠨ ᠢᠷᠡᠯ᠎ᠡ ᠭᠡᠵᠦ ᠬᠣᠨᠢ ᠲᠥᠬᠥᠭᠡᠷᠦᠭᠡᠳ ᠰᠢᠨ᠎ᠡ ᠰᠢᠭᠦᠰᠦ ᠴᠦ᠍ ᠪᠡᠯᠡᠨ ᠪᠠᠢᠭᠰᠠᠨ ᠲᠤᠯᠠ ᠨᠠᠬᠤ᠂ ᠡᠪᠦᠭᠡᠨ ᠳᠠᠢᠴᠢᠨ ᠳ᠋ᠤ᠌ ᠰᠢᠭᠦᠰᠦ ᠲᠠᠯᠪᠢᠨ ᠬᠠᠲᠠᠭᠤᠬᠠᠨ ᠰᠠᠷᠬᠤᠳ ᠬᠤᠨᠳᠠᠭᠠᠯᠠᠬᠤ ᠪᠠᠨ ᠴᠤ᠌ ᠮᠠᠷᠲᠠᠭᠰᠠᠨ ᠦᠭᠡᠢ᠃ 
       ᠨᠠᠬᠤ ᠶ᠋ᠢᠨ ᠳ᠋ᠦ᠍ ᠪᠣᠯᠵᠤ ᠪᠠᠢᠭ᠎ᠠ ᠣᠨᠴᠠᠭᠠᠢ ᠶᠠᠪᠤᠳᠠᠯ ᠳ᠋ᠤ᠌ ᠲᠠᠲᠠᠭᠳᠠᠭᠰᠠᠨ ᠣᠷᠣᠭᠴᠢᠨ᠂ ᠭᠠᠷᠤᠭᠴᠢᠨ ᠣᠯᠠᠨ ᠶᠡᠷᠦ ᠨᠢ ᠯᠡ ᠬᠥᠯ ᠬᠥᠳᠡᠯᠭᠡᠭᠡᠨ ᠶᠡᠬᠡᠲᠡᠢ ᠪᠠᠢᠯ᠎ᠠ᠃ ᠡᠪᠦᠭᠡᠨ ᠳᠠᠢᠴᠢᠨ᠄ 
       — ᠨᠠᠮ᠎ᠠ ᠶ᠋ᠢ ᠳᠥᠴᠢᠨ ᠲᠠᠪᠤᠲᠠᠢ ᠶᠢᠰᠦᠭᠡᠢ ᠪᠠᠭᠠᠲᠤᠷ ᠤ᠋ᠨ ᠴᠡᠷᠢᠭ ᠪᠠᠢᠬᠤ ᠦᠶ᠎ᠡ ᠳ᠋ᠦ᠍ ᠡᠨᠡ ᠬᠦᠦ ᠮᠡᠨᠳᠦᠯᠡᠭᠰᠡᠨ ᠶᠦᠮ᠃ ᠲᠡᠷᠡ ᠴᠠᠭ ᠲᠤ᠌ ᠲᠠᠲ᠋ᠠᠷ ᠤ᠋ᠳ ᠪᠠᠯᠵᠢ ᠶ᠋ᠢᠨ ᠠᠳᠠᠭ ᠢ᠋ᠶ᠋ᠠᠷ ᠳᠣᠪᠲᠣᠯᠤᠨ ᠮᠠᠨᠠᠢᠬᠢᠨ ᠬᠠᠷᠢᠭᠤ ᠪᠠᠷᠢᠵᠤ᠂ ᠲᠡᠳᠡᠨ ᠦ᠌ ᠤᠳᠤᠷᠢᠳᠤᠭᠴᠢ ᠲᠡᠮᠦᠵᠢᠨ ᠦᠭᠡ᠂ ᠬᠣᠷᠢ ᠪᠤᠬ᠎ᠠ ᠬᠣᠶᠠᠷ ᠢ᠋ ᠪᠠᠷᠢᠪᠴᠢᠯᠠᠵᠤ ᠪᠤᠰᠤᠳ ᠨᠢ ᠵᠢᠭᠤᠲᠠᠭᠰᠠᠨ᠃ ᠲᠡᠭᠡᠭᠡᠳ ᠡᠴᠢᠭᠡ ᠨᠢ ᠲᠡᠷᠡ ᠢᠯᠠᠯᠲᠠ ᠪᠠᠨ ᠲᠡᠮᠳᠡᠭᠯᠡᠭᠡᠳ ᠰᠠᠶᠢ ᠲᠥᠷᠥᠭᠰᠡᠨ ᠬᠦᠦ ᠳ᠋ᠡᠭᠡᠨ ᠲᠡᠮᠦᠵᠢᠨ ᠨᠡᠷ᠎ᠡ ᠥᠭᠴᠦ᠂ ᠲᠡᠳᠡᠨ ᠢ᠋ ᠲᠣᠨᠢᠯᠭᠠᠭᠰᠠᠨ ᠶᠤᠮ ᠳᠠ᠃ 
       — ᠶᠠᠭᠠᠬᠢᠵᠤ ᠲᠡᠷᠡ ᠬᠣᠶᠠᠷ ᠢ᠋ ᠠᠰᠢᠭᠦᠢ ᠪᠠᠷᠢᠪᠠ? ᠬᠢᠶᠠᠷ᠎ᠠ ᠴᠣᠬᠢᠭᠰᠠᠨ ᠶᠤᠮ ᠤᠤ? ᠭᠡᠵᠦ ᠨᠢᠭᠡ ᠨᠢ ᠠᠰᠠᠭᠤᠪᠠ᠃ 
       — ᠨᠢᠭᠡ ᠶᠡᠬᠡ ᠬᠢᠶᠡᠷ᠎ᠠ ᠴᠣᠬᠢᠭᠰᠠᠨ ᠴᠤ᠌ ᠶᠠᠭᠤᠮ᠎ᠠ ᠦᠭᠡᠢ᠃ ᠬᠠᠷᠢᠨ ᠲᠡᠳᠡᠨ ᠦ᠌ ᠤᠳᠤᠷᠢᠳᠤᠭᠴᠢ ᠶ᠋ᠢ ᠲᠣᠨᠣᠭ ᠡᠳ᠋ᠯᠡᠯ ᠢ᠋ᠶ᠋ᠡᠷ ᠨᠢ ᠲᠠᠨᠢᠵᠤ ᠪᠠᠭᠠᠲᠤᠷ ᠮᠠᠨᠢ ᠪᠢᠳᠡᠨ ᠦ᠌ ᠬᠡᠳᠦᠨ ᠨᠥᠬᠥᠳ ᠢ᠋ ᠳᠠᠭᠠᠭᠤᠯᠵᠤ ᠰᠢᠭᠤᠳ ᠳᠣᠪᠲᠣᠯᠵᠤ ᠰᠣᠷᠣᠨ ᠴᠠᠯᠮ᠎ᠠ ᠬᠠᠶᠠᠭᠠᠳ ᠲᠡᠷᠡ ᠬᠣᠶᠠᠷ ᠢ᠋ ᠣᠭᠣᠰᠣᠷᠯᠠᠨ ᠤᠨᠠᠭᠠᠭᠰᠠᠨ᠃ ᠳᠠᠭᠠᠭᠤᠯ ᠤ᠋ᠳ ᠨᠢ ᠬᠠᠮᠠᠭᠠᠯᠠᠬᠤ ᠭᠡᠳ ᠵᠠᠷᠢᠮ ᠨᠢ ᠠᠯᠠᠭᠳᠠᠭᠰᠠᠨ᠃ ᠲᠡᠭᠡᠭᠡᠳ ᠯᠡ ᠲᠣᠯᠣᠭᠠᠢ ᠦᠭᠡᠢ ᠪᠣᠯᠤᠭᠰᠠᠨ ᠳᠠᠢᠰᠤᠨ ᠨᠤᠭᠤᠳ ᠰᠡᠭᠦᠯ ᠢ᠋ᠶ᠋ᠡᠨ ᠬᠠᠪᠴᠢᠭᠰᠠᠨ ᠴᠢᠨᠣ᠎ᠠ ᠰᠢᠭ᠋ ᠵᠢᠭᠤᠲᠠᠵᠤ ᠪᠢᠯᠡ᠃ ᠶᠡᠷᠦ ᠨᠢ ᠤᠳᠤᠷᠢᠳᠤᠯᠭ᠎ᠠ ᠦᠭᠡᠢ ᠪᠣᠯᠤᠭᠰᠠᠨ ᠴᠡᠷᠢᠭ ᠪᠣᠯ ᠡᠵᠡᠨ ᠦᠭᠡᠢ ᠬᠣᠨᠢ ᠯᠠ ᠭᠡᠰᠡᠨ ᠦᠭᠡ ᠭᠡᠳ ᠡᠪᠦᠭᠡᠨ ᠪᠠᠭᠠᠲᠤᠷ ᠬᠠᠬᠠᠯᠠᠪᠠ᠃ ᠰᠣᠨᠣᠰᠴᠤ ᠪᠠᠢᠭᠰᠠᠨ ᠬᠥᠮᠦᠰ ᠨᠢ ᠪᠠᠰᠠ᠄ ᠬᠠ᠂ ᠬᠠ᠂ ᠬᠡ᠂ ᠬᠡ ᠪᠣᠯᠪᠠ᠃ 
       ᠡᠪᠦᠭᠡᠨ ᠪᠠᠭᠠᠲᠤᠷ ᠨᠡᠯᠢᠶᠡᠳ ᠪᠣᠳᠣᠯᠭᠠᠰᠢᠷᠠᠨ ᠪᠠᠢᠭᠰᠠᠨ ᠢ᠋ᠶ᠋ᠠᠨ᠄ 
       — ᠡᠨᠡ ᠬᠦᠦ ᠶ᠋ᠢ ᠲᠥᠷᠥᠭᠰᠡᠨ ᠦ᠌ ᠳᠠᠷᠠᠭᠠᠬᠢ ᠵᠢᠯ ᠪᠠᠭᠠᠲᠤᠷ ᠮᠠᠨᠢ《ᠴᠢ ᠪᠣᠯ ᠪᠠᠷᠤᠭ ᠭᠤᠴᠢ ᠰᠢᠬᠠᠮ ᠵᠢᠯ ᠴᠡᠷᠢᠭ ᠦ᠋ᠨ ᠠᠯᠪᠠᠨ᠎ᠠ ᠪᠢᠳᠡᠨ ᠳ᠋ᠦ᠍ ᠰᠢᠳᠠᠷᠯᠠᠨ ᠵᠢᠳᠬᠦᠵᠦ ᠶᠡᠬᠡ ᠭᠠᠪᠢᠶ᠎ᠠ ᠪᠠᠢᠭᠤᠯᠤᠭᠰᠠᠨ ᠪᠠᠭᠠᠲᠤᠷ ᠳᠠᠢᠴᠢᠨ ᠡᠷ᠎ᠡ᠃ ᠴᠢᠮᠠᠶ᠋ᠢ ᠬᠦᠰᠡᠪᠡᠯ ᠴᠡᠷᠢᠭ ᠡᠴᠡ ᠴᠢᠯᠥᠭᠡᠯᠡᠵᠦ ᠦᠯᠡᠳᠡᠭᠰᠡᠨ ᠨᠠᠰᠤ ᠪᠠᠨ ᠬᠠᠨᠢ ᠢᠵᠢᠯᠢ᠂ ᠦᠷ᠎ᠡ ᠬᠡᠦᠬᠡᠳ ᠲᠡᠢ ᠪᠡᠨ ᠲᠠᠪᠠ ᠲᠤᠬᠠᠲᠠᠢ ᠠᠮᠢᠳᠤᠷᠠᠭ ᠳᠠ ᠭᠡᠵᠦ ᠪᠣᠳᠣᠬᠤ ᠶᠤᠮ》 ᠭᠡᠬᠦ ᠳ᠋ᠦ᠍ᠨᠢ ᠪᠢ《ᠲᠡᠭᠡᠶ᠎ᠡ》 ᠴᠦ᠍ ᠭᠡᠰᠡᠨ ᠦᠭᠡᠢ《ᠦᠭᠡᠢ》 ᠴᠦ᠍ ᠭᠡᠰᠡᠨ ᠦᠭᠡᠢ᠂ ᠵᠥᠪᠬᠡᠨ ᠲᠣᠯᠣᠭᠠᠢ ᠳᠣᠬᠢᠵᠤ ᠪᠢᠯᠡ᠃ ᠨᠢᠳᠦᠨ ᠡᠴᠡ ᠥᠪᠡᠷᠦᠨ ᠡᠷᠬᠡ ᠦᠭᠡᠢ ᠨᠢᠯᠪᠤᠰᠤ ᠭᠠᠷᠴᠤ ᠪᠠᠢᠭᠰᠠᠨ ᠰᠢᠦ᠃ ᠲᠡᠭᠡᠭᠡᠳ ᠨᠠᠳᠠᠳᠤ ᠠᠵᠢᠷᠭ᠎ᠠ ᠠᠳᠤᠭᠤ᠂ ᠭᠡᠷ ᠥᠭᠭᠦᠭᠰᠡᠨ ᠶᠦᠮ ᠳᠡ᠂ ᠥᠨᠥ ᠪᠠᠭᠠᠲᠤᠷ ᠮᠢᠨᠢ ᠪᠠᠢᠭᠰᠠᠨ ᠪᠣᠯ ᠳᠥᠴᠢᠨ ᠳᠥᠷᠪᠡ ᠲᠠᠪᠤᠨ ᠨᠠᠰᠤᠲᠠᠢ ᠪᠠᠢᠬᠤ ᠶᠣᠰᠣᠲᠠᠢ᠃ ᠳᠡᠩᠳᠡᠭᠦᠦ ᠡᠷᠲᠡ ᠲᠠᠲ᠋ᠠᠷ ᠤ᠋ᠳ ᠲᠤ᠌ ᠬᠣᠣᠷᠯᠠᠭᠳᠠᠭᠰᠠᠨ ᠳᠠ᠃ ᠬᠠᠢᠷᠠᠨ ᠬᠥᠮᠦᠨ᠃ ᠲᠡᠷᠡ ᠬᠥᠮᠦᠨ ᠡᠴᠡ ᠬᠣᠢᠰᠢ ᠬᠠᠮᠤᠭ ᠮᠣᠩᠭᠣᠯ ᠲᠠᠷᠬᠠᠵᠤ ᠪᠤᠲᠠᠷᠠᠭᠠᠳ ᠁ ᠲᠡᠷᠡ ᠬᠥᠮᠦᠨ ᠪᠣᠯ ᠭᠠᠢᠬᠠᠮᠰᠢᠭᠲᠠᠢ ᠪᠠᠭᠠᠲᠤᠷ᠂ ᠲᠡᠭᠡᠭᠡᠳ ᠯᠡ ᠬᠣᠲᠠᠯᠠ ᠬᠠᠨ ᠤ᠋ ᠳᠠᠷᠠᠭ᠎ᠠ ᠬᠠᠮᠤᠭ ᠮᠣᠩᠭᠣᠯ ᠢ᠋ ᠵᠠᠬᠢᠷᠤᠭᠰᠠᠨ ᠬᠠᠨ᠃ 
       ᠡᠪᠦᠭᠡᠨ ᠡᠮᠦᠨᠡᠬᠢ ᠬᠤᠨᠳᠠᠭ᠎ᠠ ᠲᠠᠢ ᠰᠠᠷᠬᠤᠳ ᠠ᠋ᠴᠠ ᠵᠢᠭᠠᠬᠠᠨ ᠰᠢᠮᠡᠵᠦ ᠪᠠᠯᠭᠤᠪᠠ᠃ ᠴᠤᠭᠯᠠᠷᠠᠭᠰᠠᠨ ᠬᠥᠮᠦᠰ ᠨᠠᠮ ᠭᠦᠮ᠂ ᠵᠥᠪᠬᠡᠨ ᠪᠠᠭᠠᠲᠤᠷ ᠤ᠋ᠨ ᠳᠠᠭᠤ ᠯᠠ ᠳᠦᠩᠭᠢᠨᠡᠬᠦ ᠠᠵᠢ᠃  
       — ᠪᠠᠭ᠎ᠠ ᠨᠠᠰᠤᠨ ᠠ᠋ᠴᠠ ᠪᠠᠨ ᠶᠠᠮᠠᠷ ᠶᠡᠬᠡ ᠭᠠᠢᠬᠠᠮᠰᠢᠭᠲᠠᠢ ᠡᠷ᠎ᠡ ᠴᠢᠳᠠᠯ ᠢ᠋ᠶ᠋ᠠᠨ ᠦᠵᠡᠭᠦᠯᠦᠭᠰᠡᠨ ᠢ᠋ ᠨᠢ ᠪᠣᠳᠣ ᠯᠠ ᠳᠠ᠃ ᠭᠤᠴᠢᠨ ᠨᠢᠭᠡᠨ ᠵᠢᠯ ᠦ᠋ᠨ ᠡᠮᠦᠨ᠎ᠡ ᠨᠠᠮ᠎ᠠ ᠶ᠋ᠢ ᠭᠤᠴᠢᠨ ᠨᠠᠰᠤ ᠬᠦᠷᠴᠦ ᠪᠠᠢᠬᠤ ᠳ᠋ᠤ᠌ ᠲᠡᠷᠡ ᠪᠡᠷ ᠠᠷᠪᠠᠨ ᠭᠤᠷᠪᠠ ᠳᠦᠷᠪᠡᠭᠡᠨ ᠨᠠᠰᠤᠲᠠᠢ ᠳ᠋ᠠᠭᠠᠨ ᠠᠯᠲᠠᠨ ᠤᠯᠤᠰ ᠲᠠᠢ ᠠᠮᠪᠠᠭᠠᠢ ᠬᠠᠭᠠᠨ ᠤ᠋ ᠦᠰ ᠢ᠋ ᠠᠪᠬᠤ ᠪᠠᠷ ᠬᠠᠭᠠᠨ ᠤ᠋ ᠪᠠᠢᠯᠳᠤᠭᠰᠠᠨ ᠶᠡᠬᠡ ᠲᠣᠮᠣ ᠪᠠᠢᠯᠳᠤᠭᠠᠨ ᠪᠣᠯᠬᠤ ᠴᠠᠭ ᠲᠤ᠌ ᠳᠠᠢᠰᠤᠨ ᠤ᠋ ᠴᠡᠷᠢᠭ ᠦ᠋ᠨ ᠨᠢᠭᠡ ᠨᠣᠶᠠᠨ ᠤ᠋ ᠨᠢᠷᠤᠭᠤ ᠶ᠋ᠢ ᠨᠡᠪᠲᠡ ᠬᠠᠷᠪᠤᠵᠤ᠂ ᠮᠣᠷᠢ ᠶ᠋ᠢ ᠨᠢ ᠠᠪᠤᠭᠠᠳ ᠢᠷᠡᠵᠦ ᠪᠠᠢᠭᠰᠠᠨ᠃ ᠥᠰᠴᠦ ᠨᠠᠰᠤ ᠪᠡᠶ᠎ᠡ ᠭᠦᠢᠴᠡᠭᠡᠳ ᠴᠠᠭᠯᠠᠰᠢ ᠦᠭᠡᠢ ᠵᠣᠷᠢᠭᠲᠠᠢ᠂ ᠬᠦᠴᠦᠲᠡᠢ ᠪᠠᠭᠠᠲᠤᠷ ᠪᠣᠯᠵᠤ ᠬᠣᠲᠠᠯᠠ ᠬᠠᠭᠠᠨ ᠤ᠋ ᠵᠣᠴᠢ ᠲᠡᠷᠡᠮᠡᠯᠡ᠂ ᠬᠢᠷᠮᠠᠴᠤ᠂ ᠠᠯᠲᠠᠨ ᠭᠤᠷᠪᠠᠨ ᠬᠥᠪᠡᠭᠦᠳ ᠪᠠᠢᠭᠰᠠᠭᠠᠷ ᠠᠲᠠᠯ᠎ᠠ ᠶᠢᠰᠦᠭᠡᠢ ᠪᠠᠭᠠᠲᠤᠷ ᠮᠠᠨᠢ ᠠᠪᠠᠭ᠎ᠠ ᠠᠬ᠎ᠠ ᠶ᠋ᠢᠨ ᠢ᠋ᠶ᠋ᠡᠨ ᠣᠷᠣ ᠶ᠋ᠢ ᠵᠠᠯᠭᠠᠮᠵᠢᠯᠠᠨ ᠰᠠᠭᠤᠭᠰᠠᠨ ᠶᠤᠮ ᠭᠡᠵᠦ ᠡᠪᠦᠭᠡᠨ ᠪᠠᠭᠠᠲᠤᠷ ᠦᠷᠭᠦᠯᠵᠢᠯᠡᠭᠦᠯᠦᠨ ᠬᠦᠦᠷᠨᠢᠬᠦ ᠳ᠋ᠦ᠍ ᠴᠤᠭᠯᠠᠷᠠᠭᠰᠠᠨ ᠣᠯᠠᠨ ᠶᠡᠬᠡᠳᠡ ᠲᠠᠭᠠᠰᠢᠶᠠᠵᠤ ᠱᠠᠭᠰᠢᠷᠠᠬᠤ ᠠᠪᠢᠶ᠎ᠠ ᠭᠠᠷᠴᠤ᠂ ᠡᠪᠦᠭᠡᠨ ᠪᠠᠭᠠᠲᠤᠷ ᠲᠡᠳᠡᠨ ᠢ᠋ ᠬᠡᠰᠡᠭ ᠵᠠᠭᠤᠷ᠎ᠠ ᠠᠵᠢᠨ ᠰᠠᠭᠤᠭᠰᠠᠨ ᠢ᠋ᠶ᠋ᠠᠨ᠄ 
       — ᠬᠠᠷᠢᠨ ᠲᠡᠷᠡ ᠪᠠᠢᠯᠳᠤᠭᠠᠨ ᠪᠣᠯ ᠮᠢᠨᠦ ᠣᠷᠣᠯᠴᠠᠭᠰᠠᠨ ᠬᠠᠮᠤᠭ ᠲᠣᠮᠣ ᠪᠠᠢᠯᠳᠤᠭᠠᠨ ᠨᠢ ᠶᠦᠮ᠃ ᠠᠯᠲᠠᠨ ᠤᠯᠤᠰ ᠲᠣᠮᠣ ᠬᠦᠴᠦᠷᠬᠡᠭ ᠭᠦᠷᠦᠨ᠃ ᠴᠠᠭᠠᠨ᠎ᠠ ᠪᠠᠨ ᠬᠢᠲᠠᠳ ᠢ᠋ ᠳᠣᠪᠲᠣᠯᠵᠤ ᠳᠠᠷᠤᠩᠭᠤᠢᠯᠠᠨ᠂ ᠪᠠᠰᠠ ᠳᠣᠲᠣᠷ᠎ᠠ ᠨᠢ ᠰᠠᠮᠠᠭᠤᠨ ᠦᠢᠮᠡᠭᠡᠨ ᠲᠠᠰᠤᠷᠠᠬᠤ ᠦᠭᠡᠢ ᠲᠤᠯᠠ ᠨᠠᠭᠠᠰᠢ ᠪᠠᠨ ᠨᠢᠭᠡ ᠶᠡᠬᠡ ᠬᠥᠳᠡᠯᠵᠦ ᠴᠢᠳᠠᠳᠠᠭ ᠦᠭᠡᠢ᠃ ᠲᠡᠷᠡ ᠲᠡᠢᠨ ᠳ᠋ᠦ᠍ ᠮᠣᠩᠭᠣᠯ ᠣᠯᠠᠨ ᠠᠢᠮᠠᠭ ᠨᠢᠭᠡᠳᠴᠦ ᠣᠷᠣᠭᠰᠠᠨ᠃ ᠪᠢ ᠶᠢᠰᠦᠭᠡᠢ ᠶ᠋ᠢᠨ ᠡᠴᠢᠭᠡ ᠪᠠᠷᠳᠠᠨ ᠪᠠᠭᠠᠲᠤᠷ ᠤ᠋ᠨ ᠰᠢᠳᠠᠷ ᠴᠡᠷᠢᠭ ᠶᠠᠪᠤᠭᠰᠠᠨ ᠶᠤᠮ᠃ ᠬᠡᠳᠦᠨ ᠡᠳᠦᠷ ᠲᠤᠯᠵᠤ ᠲᠡᠷᠡ ᠨᠢ ᠢᠯᠡᠭᠦᠦ ᠢᠯᠠᠴᠢᠬᠠᠯ᠎ᠠ ᠭᠡᠬᠦ ᠶᠠᠭᠤᠮ᠎ᠠ ᠦᠭᠡᠢ ᠪᠤᠬ᠎ᠠ ᠰᠢᠭ᠋ ᠭᠦᠷᠳᠡᠢᠵᠦ᠂ ᠪᠤᠤᠷ᠎ᠠ ᠰᠢᠭ᠋ ᠱᠠᠪᠵᠤ ᠯᠠ ᠁ ᠬᠠᠷᠢᠨ ᠮᠠᠨ ᠤ᠋ ᠲᠤᠷᠰᠢᠭᠤᠯ ᠳᠠᠢᠰᠤᠨ ᠢ᠋《ᠪᠥᠭᠡᠮᠨᠡᠷᠡᠯ᠎ᠡ》 ᠭᠡᠰᠡᠨ ᠮᠡᠳᠡᠭᠡ ᠦᠭᠭᠦᠮᠡᠭᠴᠡ ᠮᠠᠨ ᠤ᠋ ᠲᠡᠷᠢᠭᠦᠨ ᠨᠦ᠍ᠭᠦᠳ《ᠣᠳᠣ ᠯᠠ ᠳᠠᠭᠠᠵᠤ ᠤᠭᠤᠲᠠᠯᠠᠵᠤ ᠠᠪᠤᠶ᠎ᠠ》 ᠭᠡᠯᠴᠡᠭᠰᠡᠨ ᠶᠦᠮ᠃ ᠲᠡᠭᠡᠭᠡᠳ ᠠᠮᠪᠠᠭᠠᠢ ᠬᠠᠭᠠᠨ ᠤ᠋ ᠬᠦᠦ ᠬᠠᠲᠠᠭᠠᠨ ᠲᠠᠢᠵᠢ ᠪᠠᠷ ᠲᠣᠯᠣᠭᠠᠢᠯᠠᠭᠤᠯᠤᠭᠰᠠᠨ ᠶᠡᠬᠡ ᠴᠡᠷᠢᠭ ᠠᠭᠲᠠ ᠮᠣᠷᠢᠳ ᠵᠠᠷ ᠵᠡᠪᠰᠡᠭ ᠢ᠋ᠶ᠋ᠡᠨ ᠨᠤᠮᠤ ᠬᠡᠯᠪᠡᠷᠢ ᠪᠡᠷ ᠳᠠᠢᠰᠤᠨ ᠤᠷᠤᠭᠤ ᠬᠣᠶᠠᠷ ᠬᠢᠴᠢᠷ ᠢ᠋ ᠨᠢ ᠳᠣᠲᠣᠭᠰᠢ ᠬᠠᠷᠠᠭᠤᠯᠵᠤ ᠪᠠᠢᠷᠢᠯᠠᠭᠤᠯᠤᠭᠠᠳ ᠬᠣᠲᠠᠯᠠ ᠬᠠᠭᠠᠨ ᠥᠪᠡᠷ ᠢ᠋ᠶ᠋ᠡᠨ ᠬᠠᠮᠤᠭ ᠤ᠋ᠨ ᠬᠦᠴᠦᠲᠡᠢ ᠬᠡᠰᠡᠭ ᠢ᠋ᠶ᠋ᠡᠨ ᠠᠪᠴᠤ ᠰᠤᠮᠤ ᠬᠡᠯᠪᠡᠷᠢ ᠪᠡᠷ ᠳᠠᠢᠰᠤᠨ ᠤᠷᠤᠭᠤ ᠮᠠᠰᠢ ᠬᠤᠷᠳᠤ ᠲᠠᠢ ᠳᠣᠪᠲᠣᠯᠤᠭᠰᠠᠨ᠃ ᠲᠡᠭᠡᠬᠦ ᠳ᠋ᠦ᠍ ᠪᠢ ᠪᠠᠷᠳᠠᠨ ᠪᠠᠭᠠᠲᠤᠷ ᠤ᠋ᠨ ᠤᠳᠤᠷᠢᠳᠤᠯᠭ᠎ᠠ ᠳ᠋ᠤ᠌ ᠪᠠᠷᠠᠭᠤᠨ ᠭᠠᠷ ᠲᠤᠨᠢ ᠶᠠᠪᠤᠭᠰᠠᠨ᠃ ᠲᠦᠳᠡᠯ ᠦᠭᠡᠢ ᠭᠣᠣᠯ ᠬᠡᠰᠡᠭ ᠤᠬᠤᠷᠢᠵᠤ᠂ ᠪᠠᠷᠠᠭᠤᠨ ᠭᠠᠷ ᠤ᠋ᠨ ᠪᠢᠳᠡ ᠴᠦ᠍ ᠲᠡᠯᠡᠬᠦ ᠮᠠᠶᠢᠭ ᠢ᠋ᠶ᠋ᠠᠷ ᠬᠠᠵᠠᠭᠤ ᠲᠡᠰᠢ ᠵᠢᠳᠬᠦᠭᠰᠡᠨ᠃ ᠨᠥᠭᠦᠭᠡ ᠵᠡᠭᠦᠨ ᠭᠠᠷ ᠴᠦ᠍ ᠪᠠᠰᠠ ᠲᠡᠭᠡᠵᠦ ᠯᠡ ᠳᠡ᠃ ᠳᠠᠢᠰᠤᠨ ᠶᠡᠬᠡ ᠣᠮᠣᠭᠰᠢᠵᠤ ᠰᠢᠬᠠᠨ ᠬᠥᠭᠡᠭᠡᠵᠦ᠂ ᠣᠷᠣᠢ ᠶ᠋ᠢᠨ ᠨᠠᠷᠠ ᠵᠢᠷᠭᠠᠬᠤ ᠲᠡᠰᠢ ᠪᠣᠯᠬᠤ ᠳ᠋ᠤ᠌ ᠮᠠᠨᠠᠢᠬᠢᠨ ᠠᠷᠤ ᠳ᠋ᠤ᠌ ᠦᠯᠡᠳᠡᠭᠰᠡᠨ ᠨᠤᠮᠤ ᠲᠠᠢ ᠪᠠᠨ ᠤᠴᠠᠷᠠᠵᠤ᠂ ᠳᠠᠢᠰᠤᠨ ᠢ᠋ ᠳᠤᠮᠳᠠ ᠪᠠᠨ ᠣᠷᠣᠭᠤᠯᠤᠭᠠᠳ ᠵᠢᠭᠤᠲᠠᠨ ᠢᠷᠡᠭᠰᠡᠨ ᠪᠢᠳᠡ ᠮᠣᠷᠢ ᠵᠡᠪᠰᠡᠭ ᠢ᠋ᠶ᠋ᠡᠨ ᠰᠡᠯᠪᠢᠭᠡᠳ ᠳᠠᠢᠰᠤᠨ ᠢ᠋ ᠣᠷᠢᠶᠠᠨ ᠠᠪᠴᠤ᠂ ᠬᠠᠷᠤᠢ ᠪᠦᠷᠦᠢ ᠪᠣᠯᠣᠮᠠᠭᠴᠠ ᠭᠠᠯᠲᠤ ᠪᠠᠮᠪᠠᠷ ᠢ᠋ᠶ᠋ᠠᠷ ᠬᠠᠷᠪᠤᠵᠤ ᠰᠠᠨᠳᠤᠷᠭᠠᠨ ᠬᠢᠶᠠᠷ᠎ᠠ ᠴᠣᠬᠢᠭᠰᠠᠨ ᠶᠤᠮ᠃ ᠡᠨᠡ ᠪᠣᠯ ᠠᠯᠲᠠᠨ ᠤᠯᠤᠰ ᠤ᠋ᠨ ᠬᠠᠭᠠᠨ ᠢ᠋ ᠰᠣᠴᠢᠭᠠᠨ ᠠᠶᠤᠯᠭᠠᠵᠤ ᠪᠠᠭᠤᠯᠲᠠ ᠬᠢᠬᠦ ᠳ᠋ᠦ᠍ ᠬᠦᠷᠭᠡᠭᠰᠡᠨ ᠪᠠᠢᠯᠳᠤᠭᠠᠨ ᠪᠥᠭᠡᠳ ᠡᠨᠡ ᠪᠠᠢᠯᠳᠤᠭᠠᠨ ᠤ᠋ ᠳᠠᠷᠠᠭ᠎ᠠ ᠠᠯᠲᠠᠨ ᠤᠯᠤᠰ ᠮᠠᠨ ᠤ᠋ ᠬᠠᠭᠠᠨ ᠲᠠᠢ ᠬᠡᠯᠡᠯᠴᠡᠭᠡᠷ ᠬᠢᠵᠦ᠂ ᠠᠳᠤᠭᠤ ᠮᠠᠯ᠂ ᠠᠯᠪᠠ ᠲᠥᠯᠥᠭᠡᠰᠦ ᠥᠭᠴᠦ ᠬᠡᠳᠦᠨ ᠵᠢᠯ ᠨᠠᠮᠤᠭᠤᠨ ᠪᠠᠢᠭᠰᠠᠨ ᠳᠠ ᠭᠡᠪᠡ᠃ 
       — ᠲᠠ ᠡᠨᠡ ᠣᠯᠠᠨ ᠵᠢᠯ ᠪᠠᠢᠯᠳᠤᠬᠤ ᠳ᠋ᠠᠭᠠᠨ ᠰᠢᠷᠠᠭᠳᠤᠭᠰᠠᠨ ᠤᠤ? ᠭᠡᠵᠦ ᠠᠰᠠᠭᠤᠪᠠᠰᠤ᠄ 
       — ᠰᠢᠷᠠᠭᠳᠤᠯ ᠦᠭᠡᠢ ᠶᠠᠭᠠᠬᠢᠬᠤᠪ ᠳᠠ᠂ ᠬᠠᠮᠤᠭ ᠤ᠋ᠨ ᠢᠯᠡ ᠨᠢ ᠬᠠᠴᠠᠷ ᠤ᠋ᠨ ᠬᠠᠵᠠᠭᠤ ᠰᠤᠮᠤ ᠱᠦᠷᠭᠦᠭᠰᠡᠨ ᠶᠦᠮ᠃ ᠳᠠᠯᠳᠠ ᠪᠣᠯ ᠥᠴᠢᠨᠡᠨ ᠲᠥᠴᠢᠨᠡᠨ ᠴᠢᠰᠤ ᠦᠭᠡᠢ᠂ ᠦᠬᠦᠯ ᠦᠭᠡᠢ ᠲᠡᠢᠨ ᠭᠡᠵᠦ ᠶᠠᠭᠤ ᠪᠠᠢᠬᠤᠪ! ᠬᠠᠷᠢᠨ ᠪᠢ ᠦᠬᠦᠭᠡ ᠦᠭᠡᠢ ᠯᠡ ᠶᠦᠮ᠃ ᠳᠠᠢᠰᠤᠨ ᠢ᠋ ᠭᠡᠨᠡᠳᠡᠭᠦᠯᠦᠨ ᠳᠠᠭᠠᠷᠢᠵᠤ ᠨᠡᠪᠲᠡ ᠬᠠᠷᠪᠤᠬᠤ ᠶ᠋ᠢ ᠰᠠᠮᠨᠠᠬᠤ ᠭᠡᠳᠡᠭ᠃ ᠨᠢᠭᠡ ᠰᠠᠮᠨᠠᠬᠤ ᠲᠡᠢᠨ ᠳ᠋ᠦ᠍ ᠭᠤᠷᠪᠠ ᠨᠡᠪᠲᠡ ᠬᠠᠷᠪᠣᠭᠤᠯᠵᠤ᠂ ᠪᠢ ᠨᠥᠭᠥᠭᠡᠳᠡᠬᠢ ᠶ᠋ᠢ ᠴᠠᠪᠴᠢᠵᠤ ᠠᠮᠵᠢᠭᠰᠠᠨ᠃ ᠵᠢᠳᠠ ᠶ᠋ᠢ ᠨᠢ ᠰᠠᠯᠭᠠᠵᠤ ᠴᠢᠳᠠᠯ ᠦᠭᠡᠢ ᠰᠦᠯᠪᠡᠬᠡᠷᠲᠠᠢ ᠬᠣᠳᠣᠭᠣᠳᠣ ᠰᠢᠭ᠋ ᠨᠢᠭᠡ ᠶᠠᠭᠤᠮ᠎ᠠ ᠢᠷᠡᠵᠦ᠂ ᠨᠥᠬᠥᠳ ᠮᠢᠨᠢ ᠨᠠᠮ᠎ᠠ ᠶ᠋ᠢ ᠤᠷᠢᠯᠠᠭᠤᠯᠤᠨ ᠭᠠᠰᠠᠯᠤᠭᠤᠯᠤᠨ ᠪᠠᠢᠵᠤ ᠵᠢᠳᠠ ᠶ᠋ᠢ ᠰᠠᠯᠭᠠᠭᠠᠳ ᠲᠦᠯᠡᠵᠦ ᠪᠣᠭᠣᠵᠤ ᠪᠢᠯᠡ᠃ ᠪᠢᠳᠡᠨ ᠦ᠌ ᠤᠤᠭᠤᠬᠤ ᠡᠮ ᠡᠬᠢᠯᠡᠭᠡᠳ ᠲᠣᠭᠣᠭᠠᠨ ᠤ᠋ ᠬᠦ᠂ ᠬᠣᠢᠯᠣᠭ ᠤ᠋ᠨ ᠮᠢᠬ᠎ᠠ᠂ ᠶᠣᠯᠣ ᠶ᠋ᠢᠨ ᠬᠣᠳᠣᠭᠣᠳᠣ᠂ ᠴᠢᠨᠣ᠎ᠠ ᠶ᠋ᠢᠨ ᠡᠯᠢᠭᠡ᠁ ᠲᠡᠭᠡᠭᠡᠳ ᠯᠡ ᠶᠠᠪᠤᠵᠤ ᠪᠠᠢᠭ᠎ᠠ ᠨᠢ ᠡᠨᠡ ᠭᠡᠵᠦ ᠡᠪᠦᠭᠡᠨ ᠪᠠᠭᠠᠲᠤᠷ ᠶᠠᠷᠢᠨ᠎ᠠ᠃ ᠲᠡᠭᠡᠭᠰᠡᠨ ᠢ᠋ᠶ᠋ᠡᠨ ᠡᠪᠦᠭᠡᠨ ᠨᠢᠭᠡ ᠶᠠᠭᠤᠮ᠎ᠠ ᠰᠠᠨᠠᠬᠤ ᠰᠢᠭ᠋᠄ 
       — ᠵᠠ᠂ ᠬᠡᠦᠬᠡᠳ ᠦ᠋ᠳ ᠠ᠋! ᠦᠭᠡ ᠣᠯᠠᠳᠠᠵᠤ ᠡᠳᠦᠷ ᠬᠡᠪᠡᠢᠬᠦ ᠰᠢᠪ ᠳᠡ᠃ ᠥᠨᠳᠥᠷᠯᠡᠶ᠎ᠡ ᠭᠡᠯ᠎ᠡ᠃ 
       ᠨᠠᠬᠤ ᠠᠪᠤ ᠬᠦᠨᠳᠦᠲᠡᠢ ᠵᠣᠴᠢᠨ ᠤ᠋ ᠪᠠᠨ ᠡᠮᠦᠨ᠎ᠡ ᠰᠥᠭᠥᠳᠦᠨ ᠰᠠᠭᠤᠵᠤ ᠬᠤᠨᠳᠠᠭ᠎ᠠ ᠡᠷᠭᠦᠨ᠄ 
       — ᠥᠨᠥᠳᠥᠷ ᠶᠡᠬᠡ ᠪᠡᠯᠭᠡ ᠲᠡᠢ ᠰᠠᠢᠨ ᠡᠳᠦᠷ᠃ ᠲᠩᠷᠢ ᠵᠠᠶᠠᠭᠠᠲᠤ ᠶᠢᠰᠦᠭᠡᠢ ᠪᠠᠭᠠᠲᠤᠷ ᠤ᠋ᠨ ᠬᠦᠦ᠂ ᠡᠷᠡᠯᠬᠡᠭ ᠳᠠᠢᠴᠢᠨ ᠪᠠᠭᠠᠲᠤᠷ ᠲᠠ ᠬᠣᠶᠠᠷ ᠥᠴᠦᠬᠡᠨ ᠮᠠᠨ ᠤ᠋ ᠭᠡᠷ ᠲᠦ᠍ ᠤᠴᠠᠷᠠᠵᠤ ᠲᠣᠬᠢᠶᠠᠪᠠ᠃ ᠲᠡᠭᠡᠭᠡᠳ ᠲᠠ ᠥᠩᠭᠡᠷᠡᠭᠰᠡᠨ ᠦᠦᠬᠡ ᠲᠡᠦᠬᠡ ᠶᠠᠷᠢᠵᠤ ᠪᠢᠳᠡ ᠪᠦᠬᠦᠨ ᠢ᠋ ᠶᠡᠬᠡᠳᠡ ᠪᠠᠶᠠᠷᠯᠠᠭᠤᠯᠪᠠ᠃ ᠡᠢᠮᠦ ᠳ᠋ᠦ᠍ ᠥᠴᠦᠬᠡᠨ ᠠᠯᠪᠠᠲᠤ ᠪᠢ ᠪᠡᠷ ᠪᠠᠶᠠᠷᠯᠠᠵᠤ ᠪᠠᠷᠠᠰᠢ ᠦᠭᠡᠢ᠃ ᠪᠢᠳᠡᠨ ᠢ᠋ ᠪᠡᠨ ᠥᠮᠥᠭᠯᠡᠨ ᠬᠠᠮᠠᠭᠠᠯᠠᠵᠤ ᠢᠷᠡᠭᠰᠡᠨ ᠲᠠᠨ ᠳ᠋ᠠᠭᠠᠨ ᠨᠢᠭᠡ ᠮᠣᠷᠢ ᠵᠢᠰᠦᠯᠡᠨ ᠪᠠᠷᠢᠶ᠎ᠠ᠃ ᠲᠠᠨ ᠤ᠋ ᠥᠰᠬᠡᠨ ᠬᠥᠮᠦᠵᠢᠭᠦᠯᠵᠦ ᠪᠠᠢᠭ᠎ᠠ ᠬᠣᠶᠠᠷ ᠵᠢᠭᠠᠬᠠᠨ ᠳᠠᠢᠴᠢᠨ ᠳ᠋ᠤ᠌ ᠨᠢᠭᠡ ᠨᠢᠭᠡ ᠳᠠᠭ᠎ᠠ ᠥᠭᠭᠦᠶ᠎ᠡ᠃ ᠬᠦᠯᠦᠭ ᠪᠣᠯᠭᠠᠵᠤ ᠤᠨᠤᠭᠠᠳ ᠬᠦᠴᠦᠲᠦ ᠪᠠᠭᠠᠲᠤᠷ ᠪᠣᠯᠤᠭᠠᠷᠠᠢ ᠭᠡᠪᠡ᠃  
       ᠡᠪᠦᠭᠡᠨ ᠳᠠᠢᠴᠢᠨ ᠪᠣᠷᠴᠤ ᠶᠡᠬᠡᠳᠡ ᠪᠠᠶᠠᠷᠯᠠᠵᠤ᠄ 
       — ᠡᠨᠡ ᠬᠤᠨᠳᠠᠭ᠎ᠠ ᠶ᠋ᠢ ᠲᠣᠭᠲᠠᠭᠠᠶ᠎ᠠ᠃ ᠥᠭᠭᠢᠶᠡᠮᠦᠷ ᠰᠡᠳᠬᠢᠯᠲᠦ ᠨᠠᠬᠤ ᠳᠡᠭᠦᠦ ᠴᠢᠮᠠᠲᠠᠭᠠᠨ᠂ ᠮᠠᠯ ᠰᠦᠷᠦᠭ ᠴᠢᠨᠢ ᠳᠡᠯᠡᠬᠡᠢ ᠶ᠋ᠢ ᠪᠦᠷᠬᠦᠵᠦ᠂ ᠦᠷ᠎ᠡ ᠠᠴᠢ ᠨᠠᠷ ᠴᠢᠨᠢ ᠥᠨᠳᠥᠷ ᠳᠡᠭᠡᠳᠦ ᠰᠠᠭᠤᠷᠢ ᠡᠵᠡᠯᠡᠲᠦᠭᠡᠢ! ᠭᠡᠵᠦ ᠢᠷᠥᠭᠡᠶ᠎ᠡ ᠭᠡᠯ᠎ᠡ᠃ ᠴᠤᠭᠯᠠᠷᠠᠭᠰᠠᠨ ᠪᠦᠬᠦᠨ᠄ 
       — ᠲᠡᠷᠡ ᠢᠷᠦᠭᠡᠯ ᠪᠠᠲᠤ ᠣᠷᠣᠰᠢᠲᠤᠭᠠᠢ! ᠬᠤᠷᠤᠢ᠂ ᠬᠤᠷᠤᠢ᠂ᠬᠤᠷᠤᠢ! ᠭᠡᠯᠴᠡᠨ ᠭᠠᠷ ᠳᠠᠯᠠᠯᠬᠤ ᠠᠪᠠᠢ᠃ 
       ᠡᠪᠦᠭᠡᠨ ᠪᠠᠭᠠᠲᠤᠷ ᠣᠭᠵᠣᠮ ᠣᠭᠵᠣᠮ ᠬᠥᠳᠡᠯᠵᠦ ᠳᠠᠪ ᠲᠣᠪ ᠭᠢᠰᠬᠢᠭᠰᠡᠭᠡᠷ ᠭᠠᠷᠴᠤ ᠨᠠᠬᠤ ᠭᠡᠭᠦᠨ ᠵᠠᠯᠠᠨ ᠳᠡᠭᠡᠷ᠎ᠡ ᠪᠡᠨ ᠣᠴᠢᠵᠤ ᠲᠡᠳᠡᠨ ᠳ᠋ᠦ᠍ ᠥᠭᠬᠦ ᠮᠣᠷᠢ᠂ ᠳᠠᠭ᠎ᠠ ᠪᠠᠨ ᠵᠢᠰᠦᠯᠡᠨ ᠦᠭᠬᠦᠢ ᠳ᠋ᠦ᠍ ᠡᠪᠦᠭᠡᠨ ᠪᠠᠭᠠᠲᠤᠷ᠄  
       — ᠬᠦᠯᠦᠭ ᠲᠡᠢ ᠪᠣᠯ ᠬᠥᠯ ᠬᠦᠷᠬᠦ ᠦᠭᠡᠢ ᠭᠠᠵᠠᠷ ᠳᠡᠯᠡᠬᠡᠢ ᠭᠡᠵᠦ ᠦᠭᠡᠢ᠃ ᠨᠠᠬᠤ ᠮᠢᠨᠢ ᠤᠷᠲᠤ ᠨᠠᠰᠤᠯᠠ᠂ ᠤᠳᠠᠭᠠᠨ ᠵᠢᠷᠭ᠎ᠠ ᠭᠡᠵᠦ ᠥᠭᠡᠯᠡᠨ ᠦᠭᠡᠯᠡᠭᠰᠡᠭᠡᠷ᠄ 
       — ᠥᠨᠥ ᠰᠦᠷᠦᠭ ᠲᠤᠨᠢ ᠤᠷᠭᠢᠶ᠎ᠠ᠃ ᠤᠳᠠᠬᠤ ᠦᠭᠡᠢ ᠪᠢᠳᠡ ᠭᠤᠷᠪᠠ ᠨᠣᠭᠲᠣ ᠰᠤᠷ ᠲᠠᠢ ᠢᠷᠡᠵᠦ ᠠᠪᠤᠶ᠎ᠠ ᠭᠡᠳ ᠮᠣᠷᠢᠨ ᠳ᠋ᠠᠭᠠᠨ ᠦᠰᠦᠷᠦᠨ ᠮᠣᠷᠳᠠᠵᠤ ᠬᠣᠶᠠᠷ ᠵᠢᠭᠠᠬᠠᠨ《ᠴᠡᠷᠢᠭ》 ᠢ᠋ᠶ᠋ᠡᠨ ᠳᠠᠭᠠᠭᠤᠯᠤᠨ ᠳᠠᠪᠬᠢᠵᠤ ᠣᠳᠪᠠ᠃