ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠨᠠᠢ᠍ᠮᠠ> Хүлэг баатар буурч - Б. Өлзийсүрэн <Тэргүүн бүлэг-8> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠨᠠᠢ᠍ᠮᠠ> Хүлэг баатар буурч - Б. Өлзийсүрэн <Тэргүүн бүлэг-8>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠨᠠᠢ᠍ᠮᠠ> Хүлэг баатар буурч - Б. Өлзийсүрэн <Тэргүүн бүлэг-8>

ᠠᠩᠭᠢᠯᠠᠯ:ᠲᠤᠭᠤᠵᠢ ᠷᠣᠮᠠᠨ
2026-02-28

68

ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ

ᠨᠠᠢ᠍ᠮᠠ


               ᠨᠠᠢ᠍ᠮᠠ 
                  ᠬᠡᠨ ᠬᠡᠨ ᠦ᠌ ᠵᠣᠯ ᠪᠣᠯᠵᠤ 
                  ᠬᠡᠷᠢᠶ᠎ᠡ ᠶ᠋ᠢᠨ ᠬᠣᠭᠣᠯᠠ ᠪᠣᠯᠤᠯ ᠦᠭᠡᠢ᠂ 
                  ᠬᠠᠮᠤᠭ ᠮᠣᠩᠭᠣᠯ ᠬᠠᠭᠠᠨ ᠲᠠᠢ ᠪᠣᠯᠵᠤ 
                  ᠬᠠᠷᠢ ᠶ᠋ᠢ ᠠᠶᠤᠯᠭᠠᠬᠤ ᠴᠢᠳᠠᠯᠲᠠᠢ ᠪᠣᠯᠲᠤᠭᠠᠢ  
   
     《ᠬᠦᠦ ᠶᠠᠭᠠᠬᠢᠴᠢᠬᠠᠪᠠ?》 ᠭᠡᠯᠴᠡᠨ ᠨᠠᠬᠤ ᠶ᠋ᠢᠨ ᠬᠢᠨ ᠰᠠᠨᠳᠤᠷᠤᠯ ᠳ᠋ᠤ᠌ ᠤᠴᠠᠷᠠᠪᠠ᠃ ᠨᠠᠬᠤ ᠥᠪᠡᠷ ᠢ᠋ᠶ᠋ᠡᠨ ᠨᠢᠭᠡ ᠬᠡᠦᠬᠡᠳ ᠳᠠᠭᠠᠭᠤᠯᠵᠤ᠂ ᠱᠠᠩᠳᠠ ᠶ᠋ᠢᠨ ᠵᠡᠭᠦᠨ ᠤᠷᠢᠳᠤ ᠬᠤᠷᠢᠶᠠᠳᠠᠭ ᠬᠡᠭᠡᠷ᠎ᠡ ᠶ᠋ᠢᠨ ᠭᠡᠭᠦᠦ ᠶ᠋ᠢᠨ ᠵᠠᠯᠠᠨ ᠳᠡᠭᠡᠷ᠎ᠡ ᠢᠷᠡᠯ᠎ᠡ᠃ ᠵᠡᠯ᠎ᠡ ᠠᠯᠠᠭ᠎ᠠ᠃《ᠶᠠᠭᠤᠲᠠᠢ ᠴᠤ᠌ ᠠᠳᠤᠭᠤ ᠪᠠᠨ ᠴᠤᠭᠯᠠᠭᠤᠯᠤᠶ᠎ᠠ᠂ ᠥᠴᠥᠭᠡᠳᠦᠷ ᠰᠠᠯᠬᠢ ᠪᠠᠷᠠᠭᠤᠨ ᠬᠣᠢᠨ᠎ᠠ ᠠ᠋ᠴᠠ ᠪᠠᠢᠭᠰᠠᠨ ᠪᠣᠯᠬᠣᠷ ᠠᠳᠤᠭᠤ ᠳᠠᠰᠢ ᠪᠠᠨ ᠰᠠᠯᠬᠢᠳᠠᠵᠤ ᠲᠠᠷᠬᠠᠭᠰᠠᠨ ᠪᠠᠢᠬ᠎ᠠ》 ᠭᠡᠳ ᠳᠠᠭᠠᠭᠤᠯᠵᠤ ᠶᠠᠪᠤᠭᠰᠠᠨ ᠬᠦᠦ ᠪᠡᠨ᠄ 
       — ᠪᠠᠶᠠᠨ ᠬᠠᠨ ᠠᠷᠤᠯᠠᠭᠤᠯᠵᠤ ᠵᠢᠷᠭᠠᠯᠠᠩᠲᠤ ᠴᠢᠭ ᠦ᠋ᠨ ᠠᠳᠤᠭᠤ ᠶ᠋ᠢ ᠬᠥᠭᠡᠭᠡᠵᠦ ᠢᠷ᠎ᠡ ᠭᠡᠵᠦ ᠶᠠᠪᠤᠭᠤᠯᠤᠭᠠᠳ ᠥᠪᠡᠷ ᠢ᠋ᠶ᠋ᠡᠨ ᠬᠠᠨᠠᠩ ᠤ᠋ᠨ ᠰᠠᠷᠬᠢᠶ᠎ᠠ᠂ ᠨᠤᠭᠤᠴᠠᠭᠠᠨ ᠳᠤᠮᠳᠠᠭᠤᠷ ᠬᠢᠵᠢᠵᠦ ᠠᠳᠤᠭᠤ ᠴᠤᠭᠯᠠᠭᠤᠯᠪᠠ᠃ 
       ᠪᠠᠭ᠎ᠠ ᠦᠳᠡ ᠥᠩᠭᠡᠷᠡᠬᠦ ᠦᠶ᠎ᠡ ᠪᠡᠷ ᠲᠡᠷᠡ ᠬᠣᠶᠠᠷ ᠠᠳᠤᠭᠤ ᠪᠠᠨ ᠴᠤᠭᠯᠠᠭᠤᠯᠵᠤ ᠬᠠᠷᠭᠠᠨ᠎ᠠ ᠶ᠋ᠢᠨ ᠠᠳᠠᠭ ᠲᠤ᠌ ᠨᠡᠢᠯᠡᠵᠦ ᠪᠦᠷᠢᠳᠬᠡᠨ ᠦᠵᠡᠪᠡᠰᠦ ᠠᠳᠤᠭᠤ ᠪᠦᠷᠢᠨ᠂ ᠲᠥᠰᠦᠷ ᠲᠦᠮᠡᠨ ᠲᠦᠪᠬᠦᠨ ᠦ᠌ ᠨᠠᠭᠠᠳᠤᠮ ᠳ᠋ᠤ᠌ ᠳᠠᠪᠬᠢᠭᠤᠯᠤᠭᠰᠠᠨ ᠬᠣᠶᠠᠷ ᠮᠣᠷᠢ ᠨᠢ ᠦᠭᠡᠢ᠃ ᠬᠠᠷᠢᠨ ᠨᠢᠭᠡ ᠭᠣᠨᠳᠠᠭᠣ ᠣᠭᠳᠣᠷ ᠬᠣᠩᠭᠣᠷ ᠮᠣᠷᠢ ᠠᠳᠤᠭᠤᠨ ᠳ᠋ᠤ᠌ ᠨᠢ ᠪᠠᠢᠬᠤ ᠶᠤᠮ᠃ ᠠᠳᠤᠭᠤ ᠪᠠᠨ ᠭᠠᠳᠠᠨ᠎ᠠ ᠪᠠᠨ ᠠᠪᠴᠢᠷᠠᠵᠤ ᠵᠡᠯ᠎ᠡ ᠲᠡᠳᠡᠨ ᠠᠢᠷᠠᠭ ᠢ᠋ᠶ᠋ᠠᠨ ᠲᠠᠰᠤᠯᠬᠤ ᠦᠭᠡᠢ ᠶ᠋ᠢᠨ ᠲᠤᠯᠠ ᠤᠨᠠᠭ᠎ᠠ ᠪᠠᠨ ᠤᠶᠠᠭᠠᠳ ᠬᠦᠦ ᠪᠡᠨ ᠰᠤᠷᠠᠭᠯᠠᠭᠤᠯᠬᠤ ᠪᠠᠷ ᠵᠦᠭ ᠵᠦᠭ ᠲᠡᠰᠢ ᠬᠥᠮᠦᠰ ᠢ᠋ ᠮᠣᠷᠳᠠᠭᠤᠯᠪᠠ᠃ ᠪᠤᠴᠠᠵᠤ ᠢᠷᠡᠭᠰᠡᠨ ᠬᠥᠮᠦᠰ ᠶᠠᠮᠠᠷ ᠴᠤ᠌ ᠰᠤᠷᠠᠭ ᠴᠢᠮᠡᠭᠡ ᠭᠠᠷᠭᠠᠭᠰᠠᠨ ᠦᠭᠡᠢ᠃ ᠨᠢᠭᠡ ᠡᠳᠦᠷ ᠢᠩᠭᠢᠭᠡᠳ ᠥᠩᠭᠡᠷᠡᠪᠡ᠃ ᠮᠠᠷᠭᠠᠰᠢ ᠶᠠᠭᠠᠬᠢᠬᠤ ᠪᠣᠢ?  
       ᠮᠤᠩᠭᠠᠨᠢᠭᠰᠠᠨ ᠬᠥᠮᠦᠰ ᠲᠡᠳᠦᠢ ᠯᠡ ᠣᠯᠢᠭᠲᠠᠢ ᠰᠢᠢᠳᠪᠦᠷᠢ ᠭᠠᠷᠭᠠᠵᠤ ᠴᠢᠳᠠᠯ ᠦᠭᠡᠢ ᠦᠳᠡ ᠪᠣᠯᠭᠠᠵᠤ᠂ ᠡᠴᠦᠰ ᠦ᠋ᠨ ᠡᠴᠦᠰ ᠲᠦ᠍ ᠪᠥᠬᠡ ᠵᠠᠯᠠᠬᠤ ᠪᠣᠯᠤᠯ᠎ᠠ᠃ ᠬᠡᠨ ᠶᠠᠮᠠᠷ ᠪᠥᠬᠡ ᠵᠠᠯᠠᠬᠤ ᠳᠡᠭᠡᠷ᠎ᠡ ᠬᠡᠯᠡᠯᠴᠡᠭᠡᠨ ᠪᠣᠯᠵᠤ ᠬᠠᠷᠠᠴᠤ ᠳᠡᠭᠡᠷ᠎ᠡ ᠪᠠᠭᠤᠵᠤ᠂ ᠮᠣᠷᠢ ᠬᠥᠲᠥᠯᠦᠭᠦᠯᠦᠨ ᠬᠥᠮᠦᠨ ᠶᠠᠪᠤᠭᠤᠯᠵᠤ ᠲᠡᠷᠡ ᠨᠢ ᠴᠦ᠍ ᠢᠷᠡᠯ᠎ᠡ᠃ ᠨᠠᠰᠤᠵᠢᠭᠤ᠂ ᠤᠨᠵᠢᠭᠤ ᠤᠯᠠᠭᠠᠨ ᠰᠠᠬᠠᠯ ᠲᠠᠢ᠂ ᠥᠪᠥᠷ ᠪᠡᠶ᠎ᠡ ᠶᠡᠬᠡ᠂ ᠭᠦᠵᠡᠭᠡ ᠨᠢ ᠰᠤᠨᠵᠤ᠂ ᠲᠦᠬᠡᠢᠭᠰᠡᠨ ᠡᠯᠪᠡᠭ ᠬᠦᠷᠡᠩ ᠳᠡᠪᠡᠯ ᠲᠡᠢ ᠬᠥᠮᠦᠨ ᠢᠷᠡᠵᠦ᠂ ᠨᠠᠮᠪᠠ ᠲᠠᠢ᠂ ᠨᠠᠢᠷ ᠲᠠᠢ᠂ ᠡᠯᠪᠡᠭ ᠪᠠᠶᠠᠨ᠂ ᠤᠷᠠᠨ ᠰᠡᠴᠡᠨ ᠦᠭᠡ ᠪᠡᠷ ᠮᠡᠨᠳᠦᠯᠡᠵᠦ᠂ ᠬᠥᠮᠦᠰ ᠴᠦ᠍ ᠪᠥᠬᠥᠯᠵᠡᠵᠦ ᠨᠠᠬᠢᠯᠵᠠᠨ ᠬᠦᠨᠳᠦᠯᠡᠪᠡ᠃ ᠴᠠᠢ ᠢᠳᠡᠭᠡ᠂ ᠠᠢᠷᠠᠭ ᠴᠠᠭ᠎ᠠ ᠲᠠᠯᠪᠢᠵᠤ᠂ ᠬᠣᠨᠢ ᠲᠥᠬᠥᠭᠡᠷᠦᠨ ᠳᠠᠯᠤ ᠳᠥᠷᠪᠡᠨ ᠥᠨᠳᠥᠷ᠂ ᠨᠢᠷᠤᠭᠤ ᠨᠣᠭᠣᠯᠮᠠᠢ ᠬᠣᠮ ᠱᠠᠭᠠᠢᠲᠤ ᠴᠢᠨᠠᠵᠤ᠂ ᠵᠣᠴᠢᠨ ᠤ᠋ ᠡᠮᠦᠨ᠎ᠡ ᠥᠷᠥᠵᠦ᠂ ᠰᠠᠷᠬᠤᠳ ᠤ᠋ᠨ ᠳᠡᠭᠡᠵᠢ ᠠᠶᠠᠭᠠᠯᠠᠵᠤ ᠪᠠᠷᠢᠪᠠ᠃ ᠵᠣᠴᠢᠨ ᠭᠡᠷ ᠦ᠋ᠨ ᠬᠣᠢᠮᠣᠷ ᠵᠠᠢᠪᠢ ᠣᠷᠢᠶᠠᠨ ᠰᠠᠭᠤᠵᠤ᠂ ᠨᠤᠭᠤᠯᠤᠮᠠᠢ ᠥᠭᠡᠬᠦᠨ ᠡᠴᠡ ᠣᠭᠲᠣᠯᠵᠤ ᠭᠠᠯ ᠳ᠋ᠤ᠌ ᠡᠷᠭᠦᠵᠦ᠂ ᠪᠠᠷᠢᠭᠰᠠᠨ ᠠᠷᠢᠬᠢ ᠶ᠋ᠢ ᠭᠠᠯ ᠳ᠋ᠤ᠌ ᠰᠠᠴᠤᠬᠤ ᠳ᠋ᠤ᠌ ᠬᠥᠬᠡ ᠳᠥᠯᠥ ᠮᠠᠨᠠᠰᠬᠢᠨ ᠪᠠᠳᠠᠷᠠᠵᠤ ᠪᠥᠬᠡ ᠠᠮᠠᠨ ᠳ᠋ᠠᠭᠠᠨ ᠶᠠᠭᠤᠮ᠎ᠠ ᠤᠩᠰᠢᠵᠤ ᠨᠢᠳᠦ ᠪᠡᠨ ᠠᠨᠢᠵᠤ ᠵᠠᠯᠪᠠᠷᠢᠯ ᠦᠢᠯᠡᠳᠪᠡ᠃ ᠭᠡᠷ ᠦ᠋ᠨ ᠡᠵᠡᠨ ᠠᠬᠢᠭᠠᠳ ᠠᠷᠢᠬᠢ ᠠᠶᠠᠭᠠᠯᠠᠵᠤ ᠥᠭᠬᠦᠢ ᠳ᠋ᠦ᠍ ᠬᠠᠷᠠᠴᠤ ᠪᠥᠬᠡ ᠠᠪᠴᠤ ᠨᠢᠭᠡ ᠪᠠᠯᠭᠤᠭᠠᠳ ᠢᠳᠡᠭᠡ ᠤᠮᠳᠠ ᠵᠣᠭᠣᠭᠯᠠᠵᠤ᠂ ᠲᠠᠪᠠᠲᠠᠢᠬᠠᠨ ᠶᠠᠷᠢᠶ᠎ᠠ ᠬᠥᠭᠡᠷᠦᠭᠡ ᠡᠭᠦᠰᠬᠡᠨ ᠳᠠᠯᠤ ᠣᠭᠲᠣᠯᠤᠨ ᠬᠠᠭᠤᠳᠠᠰᠤ ᠶ᠋ᠢ ᠨᠢ ᠬᠥᠮᠦᠨ ᠪᠦᠷᠢ ᠳ᠋ᠦ᠍ ᠬᠤᠪᠢᠶᠠᠵᠤ ᠬᠡᠰᠡᠭ ᠲᠠᠷᠬᠠᠭᠠᠳ ᠥᠪᠡᠷ ᠢ᠋ᠶ᠋ᠡᠨ ᠲᠡᠷᠡ ᠲᠠᠯᠤᠨ ᠤ᠋ ᠶᠠᠰᠤ ᠶ᠋ᠢ ᠬᠢᠴᠢᠶᠡᠩᠭᠦᠢᠯᠡᠨ ᠮᠥᠯᠵᠢᠭᠡᠳ᠂ ᠲᠣᠭᠣᠭ᠎ᠠ ᠶ᠋ᠢ ᠨᠢ ᠬᠠᠷᠠᠵᠤ《ᠳᠦᠭᠦᠷᠡᠩ ᠪᠡᠯᠭᠡ ᠲᠡᠢ》 ᠳᠠᠩ ᠢ᠋ᠶ᠋ᠠᠷ ᠨᠢ ᠳᠣᠯᠢᠶᠠᠪᠤᠷ ᠬᠤᠷᠤᠭᠤ ᠪᠠᠷ ᠡᠯᠭᠦᠵᠦ ᠪᠠᠷᠢᠭᠠᠳ《ᠲᠦᠪᠰᠢᠨ ᠵᠢᠷᠭᠠᠯ ᠲᠠᠢ》 ᠥᠭᠡᠳᠡ ᠨᠢ ᠡᠷᠭᠦᠵᠦ᠂ ᠴᠠᠷᠠᠭ᠎ᠠ ᠶ᠋ᠢ ᠨᠢ ᠠᠵᠢᠭᠯᠠᠵᠤ᠂《ᠬᠣᠲᠠ ᠳᠦᠭᠦᠷᠡᠩ》 ᠬᠠᠵᠠᠭᠤ ᠠ᠋ᠴᠠ ᠨᠢ ᠰᠢᠨᠵᠢᠵᠦ᠂《ᠬᠠᠷᠭᠤᠢ ᠵᠠᠮ ᠤᠷᠲᠤ》 ᠭᠡᠵᠦ ᠢᠷᠥᠭᠡᠨ ᠲᠠᠯᠤᠨ ᠤ᠋ ᠲᠣᠭᠣᠭ᠎ᠠ ᠶ᠋ᠢ ᠬᠣᠢᠮᠣᠷ ᠤᠷᠤᠭᠤ ᠬᠠᠷᠠᠭᠤᠯᠵᠤ ᠲᠠᠯᠪᠢᠭᠠᠳ ᠵᠣᠭᠣᠭ ᠪᠠᠷᠢᠵᠤ ᠵᠢᠭᠠᠬᠠᠨ ᠳᠠᠪᠠᠯᠠᠵᠤ ᠰᠠᠭᠤᠭᠰᠠᠨ ᠢ᠋ᠶ᠋ᠠᠨ ᠳᠠᠯᠤ ᠶ᠋ᠢᠨ ᠶᠠᠰᠤ ᠪᠠᠨ ᠠᠪᠴᠤ ᠡᠷᠭᠢᠭᠦᠯᠦᠨ ᠲᠣᠭᠣᠷᠢᠭᠤᠯᠤᠨ ᠬᠠᠷᠠᠭᠠᠳ᠄ 
       — ᠵᠠ ᠬᠡᠦᠬᠡᠳ᠂ ᠪᠢ ᠳᠠᠯᠤ ᠬᠠᠢᠯᠤᠨ᠎ᠠ᠃ ᠡᠨᠡ ᠭᠡᠷ ᠦ᠋ᠨ ᠠᠮᠠ ᠪᠦᠯᠢ ᠡᠴᠡ ᠪᠤᠰᠤᠳ ᠨᠢ ᠭᠠᠷᠤᠭᠠᠳ ᠭᠠᠳᠠᠭᠤᠷ ᠪᠠᠢᠵᠤ ᠠᠵᠢᠯ ᠢ᠋ᠶ᠋ᠠᠨ ᠬᠢᠵᠦ ᠵᠢᠭᠠᠬᠠᠨ ᠬᠦᠯᠢᠶᠡ᠃ ᠤᠳᠠᠬᠤ ᠦᠭᠡᠢ ᠠ᠋᠃ ᠨᠠᠮ᠎ᠠ ᠶ᠋ᠢ ᠣᠷᠣᠵᠤ ᠪᠣᠯᠤᠨ᠎ᠠ ᠭᠡᠬᠦ ᠳ᠋ᠦ᠍ ᠣᠷᠣᠭᠠᠳ ᠢᠷᠡᠭᠡᠷᠡᠢ ᠭᠡᠪᠡᠯ ᠡᠨᠡ ᠶᠣᠰᠣ ᠦᠢᠯᠡ ᠶ᠋ᠢ ᠮᠡᠳᠡᠬᠦ ᠤᠯᠤᠰ ᠪᠦᠭᠦᠳᠡ ᠪᠢᠰᠢᠷᠡᠵᠦ ᠮᠥᠷᠭᠥᠨ ᠭᠠᠷᠪᠠ᠃ ᠭᠡᠷ ᠲᠦ᠍ ᠭᠡᠷ ᠦ᠋ᠨ ᠡᠵᠡᠨ᠂ ᠨᠢᠭᠡ ᠡᠷᠬᠡᠲᠦᠭᠡᠨ ᠵᠢᠭᠠᠬᠠᠨ ᠵᠢᠭᠡ ᠬᠦᠦ᠂ ᠠᠯᠲᠠᠵᠢᠨ ᠡᠮᠧ ᠶ᠋ᠢᠨ ᠡᠪᠦᠷ ᠳᠡᠭᠡᠷ᠎ᠡ ᠰᠠᠭᠤᠵᠤ ᠭᠤᠷᠪᠠᠭᠤᠯᠠ ᠦᠯᠡᠳᠡᠪᠡ᠃ 
       ᠪᠥᠬᠡ ᠬᠠᠭᠤᠷᠠᠢ ᠠᠷᠭᠠᠯ ᠬᠡᠳᠦ ᠶ᠋ᠢ ᠠᠪᠬᠠᠭᠤᠯᠵᠤ ᠲᠤᠯᠭᠠᠨ ᠤ᠋ ᠬᠠᠵᠠᠭᠤᠳᠠ ᠲᠠᠯᠪᠢᠭᠤᠯᠤᠭᠠᠳ᠂ ᠥᠪᠡᠷ ᠢ᠋ᠶ᠋ᠡᠨ ᠭᠠᠯ ᠤ᠋ᠨ ᠬᠠᠢᠴᠢ ᠠᠪᠴᠤ ᠰᠢᠯᠡᠭᠡᠨ ᠴᠣᠭ ᠠᠰᠠᠭᠠᠵᠤ ᠠᠷᠭᠠᠯ᠂ ᠳᠠᠯᠤ ᠪᠠᠨ ᠳᠠᠪᠬᠤᠴᠠᠭᠤᠯᠤᠨ ᠲᠠᠯᠪᠢᠵᠤ ᠭᠠᠯ ᠢ᠋ ᠨᠢ ᠵᠢᠭᠳᠡ ᠠᠰᠠᠭᠠᠨ᠂ ᠠᠮᠠᠨ ᠳ᠋ᠠᠭᠠᠨ ᠪᠤᠪᠠᠷ ᠪᠤᠪᠠᠷ ᠤᠩᠰᠢᠵᠤ ᠬᠠᠶᠠ ᠬᠠᠢᠴᠢ ᠶ᠋ᠢᠨ ᠦᠵᠦᠭᠦᠷ ᠢ᠋ᠶ᠋ᠡᠷ ᠬᠥᠨᠳᠡᠵᠦ ᠡᠳᠦᠵᠦ ᠭᠠᠯ ᠵᠢᠭᠳᠡᠯᠡᠨ ᠠᠵᠢᠵᠤ ᠰᠠᠭᠤᠬᠤ ᠠᠪᠠᠢ᠃ ᠭᠡᠷ ᠦ᠋ᠨ ᠡᠵᠡᠨ ᠡᠵᠡᠭᠲᠡᠢ ᠬᠣᠶᠠᠷ ᠪᠠᠷᠠᠭᠤᠨ ᠵᠡᠭᠦᠨ ᠲᠠᠯ᠎ᠠ ᠳ᠋ᠤ᠌ ᠵᠠᠯᠪᠠᠷᠢᠨ ᠪᠢᠰᠢᠷᠡᠵᠦ ᠰᠠᠭᠤᠬᠤ ᠪᠥᠭᠡᠳ ᠠᠯᠲᠠᠵᠢᠠ ᠨᠢᠳᠦᠨ ᠡᠴᠡ ᠠᠰᠬᠠᠷᠠᠬᠤ ᠨᠢᠯᠪᠤᠰᠤ ᠪᠠᠨ ᠠᠷᠴᠢᠨ ᠠᠷᠴᠢᠨ ᠪᠠᠢᠬᠤᠢ ᠳ᠋ᠤ᠌ ᠪᠥᠬᠡ᠄ 
       — ᠠᠯᠲᠠᠵᠢᠠ ᠬᠢᠴᠢᠶᠡᠭᠡᠷᠡᠢ! ᠨᠢᠯᠪᠤᠰᠤ ᠲᠡᠪᠴᠢ ᠭᠡᠵᠦ ᠠᠢᠯᠠᠳᠪᠠ᠃ ᠠᠯᠲᠠᠵᠢᠠ ᠨᠢᠯᠪᠤᠰᠤ ᠪᠠᠨ ᠠᠷᠴᠢᠭᠠᠳ ᠨᠢᠭᠡ ᠤᠷᠲᠤ ᠪᠠᠷ ᠰᠠᠨᠠᠭ᠎ᠠ ᠠᠯᠳᠠᠭᠠᠳ ᠦᠨᠡᠬᠡᠷ ᠲᠡᠪᠴᠢᠶᠡᠷᠢ ᠭᠠᠷᠭᠠᠨ ᠲᠥᠪ ᠲᠦᠪᠰᠢᠨ ᠰᠠᠭᠤᠬᠤᠢ ᠳ᠋ᠤ᠌ ᠵᠢᠭᠡ ᠬᠦᠦ ᠡᠮᠧ ᠡᠬᠡ ᠶ᠋ᠢᠨ ᠴᠢᠷᠠᠢ ᠶ᠋ᠢ ᠠᠵᠢᠬᠤ ᠠᠮᠤᠢ᠃ ᠭᠠᠯ ᠳ᠋ᠤ᠌ ᠰᠢᠲᠠᠵᠤ ᠪᠠᠢᠭ᠎ᠠ ᠲᠠᠯᠤᠨ ᠤ᠋ ᠶᠠᠰᠤ ᠠ᠋ᠴᠠ ᠬᠠᠶᠠ ᠬᠠᠶᠠ《ᠫᠠᠳ᠂ ᠫᠠᠳ》 ᠳᠠᠭᠤ ᠭᠠᠷᠤᠨ ᠮᠡᠷᠭᠡᠴᠢ ᠠᠷᠠᠢ ᠯᠠ ᠭᠠᠯ ᠳ᠋ᠤ᠌ ᠬᠤᠷᠤᠭᠤ ᠪᠠᠨ ᠬᠢᠴᠢᠬᠡᠯ ᠦᠭᠡᠢ᠂ ᠲᠤᠩ ᠮᠠᠬᠠᠷᠠᠭᠠᠳ ᠬᠢᠴᠢᠶᠡᠩᠭᠦᠢ ᠠᠵᠢᠯᠯᠠᠨ᠎ᠠ᠃ ᠲᠡᠭᠡᠭᠡᠳ ᠭᠠᠯ ᠨᠠᠮᠰᠠᠯ᠎ᠠ᠃ ᠮᠡᠷᠭᠡᠴᠢ ᠪᠥᠭᠲᠥᠢᠨ ᠲᠤᠩ ᠬᠢᠴᠢᠶᠡᠩᠭᠦᠢ ᠠᠵᠢᠵᠤ ᠪᠠᠢᠭᠰᠠᠨ ᠢ᠋ᠶ᠋ᠠᠨ ᠭᠠᠯ ᠢ᠋ ᠪᠦᠷ ᠰᠡᠢᠷᠡᠭᠦᠯᠦᠭᠡᠳ ᠬᠣᠷᠣᠮᠬᠠᠨ ᠵᠠᠭᠤᠷ᠎ᠠ ᠰᠠᠭᠤᠭᠰᠠᠨ ᠢ᠋ᠶ᠋ᠠᠨ ᠲᠤᠩ ᠤᠳᠠᠯ ᠦᠭᠡᠢ ᠪᠥᠭᠲᠥᠢᠨ ᠬᠠᠷᠠᠵᠤ ᠨᠢᠭᠡ ᠶᠠᠭᠤᠮ᠎ᠠ ᠠᠮᠠᠨ ᠳ᠋ᠠᠭᠠᠨ ᠪᠤᠪᠲᠤᠨᠠᠭᠠᠳ ᠳᠠᠯᠤ ᠶ᠋ᠢᠨ ᠰᠢᠲᠠᠭᠰᠠᠨ ᠶᠠᠰᠤ ᠶ᠋ᠢ ᠭᠠᠯ ᠤ᠋ᠨ ᠬᠠᠢᠴᠢ ᠪᠠᠷ ᠨᠢᠭᠲᠠ ᠨᠢᠮᠪᠠᠢ ᠬᠠᠪᠴᠢᠨ ᠠᠪᠴᠤ ᠲᠤᠯᠭᠠᠨ ᠤ᠋ ᠬᠠᠵᠠᠭᠤᠳᠠ ᠲᠠᠯᠪᠢᠪᠠ᠃ ᠶᠠᠭ ᠲᠡᠷᠡ ᠮᠥᠴᠡ ᠳ᠋ᠦ᠍ ᠠᠷᠭᠠᠯ ᠤ᠋ᠨ ᠳᠥᠯᠥ ᠤᠯᠠᠢᠰᠤᠨ ᠴᠣᠭ ᠤ᠋ᠨ ᠭᠡᠷᠡᠯ ᠳ᠋ᠦ᠍ ᠭᠠᠷᠴᠤ ᠢᠷᠡᠵᠦ ᠪᠣᠢ ᠳᠠᠯᠤ ᠶ᠋ᠢᠨ ᠶᠠᠰᠤᠨ ᠠ᠋ᠴᠠ ᠥᠩᠭᠡ ᠥᠩᠭᠡ ᠶ᠋ᠢᠨ ᠭᠡᠷᠡᠯ ᠭᠠᠷᠴᠠᠢ᠃ ᠲᠤᠯᠭᠠᠨ ᠤ᠋ ᠬᠠᠵᠠᠭᠤᠳᠠ ᠬᠠᠯᠠᠭᠤᠨ ᠶᠠᠰᠤ ᠶ᠋ᠢ ᠲᠠᠯᠪᠢᠭᠠᠳ ᠮᠡᠷᠭᠡᠨ ᠪᠥᠬᠡ᠄ 
       — ᠵᠠ ᠬᠥᠮᠦᠰ ᠣᠷᠣᠵᠤ ᠢᠷᠡᠵᠦ ᠪᠣᠯᠤᠨ᠎ᠠ ᠭᠡᠪᠡ᠃ 
       ᠡᠮᠡᠭᠡ ᠡᠬᠡ ᠶ᠋ᠢᠨ ᠡᠪᠦᠷ ᠳᠡᠭᠡᠷ᠎ᠡ ᠰᠠᠭᠤᠵᠤ ᠪᠠᠢᠭᠰᠠᠨ ᠬᠦᠦ ᠲᠡᠷᠡ ᠳᠣᠣᠷ᠎ᠠ ᠪᠠᠨ ᠦᠰᠦᠷᠦᠨ ᠭᠠᠷᠴᠤ᠄ 
       — ᠣᠷᠣ᠂ ᠣᠷᠣ ᠣᠷᠣᠵᠤ ᠪᠣᠯᠤᠨ᠎ᠠ ᠭᠡᠵᠦ ᠡᠭᠦᠳᠡᠨ ᠳ᠋ᠦ᠍ ᠳᠠᠭᠤ ᠬᠠᠲᠠᠭᠠᠪᠠ᠃ ᠲᠡᠷᠡᠬᠡᠨ ᠮᠥᠴᠡ ᠳ᠋ᠦ᠍ ᠴᠤᠬᠠᠭ ᠠᠢᠯᠠᠳᠪᠤᠷᠢ ᠰᠣᠨᠣᠰᠬᠤ ᠶ᠋ᠢ ᠬᠦᠰᠡᠭᠰᠡᠨ ᠬᠥᠮᠦᠰ ᠣᠷᠣᠵᠤ ᠢᠷᠡᠵᠦ᠂ ᠭᠣᠯᠣᠮᠲᠠ ᠠ᠋ᠴᠠ ᠤᠷᠳᠤᠭᠤᠷ ᠰᠠᠭᠤᠬᠤ ᠳ᠋ᠤ᠌ ᠪᠦᠷᠢᠨ ᠡᠷᠬᠡ ᠲᠡᠢ ᠨᠢᠭᠡ ᠵᠠᠯᠠᠭᠤ ᠡᠷ᠎ᠡ ᠠᠯᠲᠠᠵᠢᠨ ᠤ᠋ ᠠᠷᠤ ᠪᠠᠷ ᠭᠠᠷᠴᠤ ᠪᠥᠬᠡ ᠶ᠋ᠢᠨ ᠵᠡᠭᠦᠨ ᠭᠠᠷ ᠲᠤ᠌ ᠰᠠᠭᠤᠪᠠ᠃ ᠲᠡᠷᠡ ᠪᠣᠯ ᠬᠦᠷᠭᠡᠨ᠂ ᠭᠣᠯᠣᠮᠲᠠ ᠠ᠋ᠴᠠ ᠳᠣᠣᠭᠤᠷ ᠰᠠᠭᠤᠬᠤ ᠶᠣᠰᠣ ᠦᠭᠡᠢ᠂ ᠵᠢᠭᠠᠯ ᠬᠦᠦ ᠶ᠋ᠢᠨ ᠡᠴᠢᠭᠡ ᠪᠠᠢᠵᠠᠢ᠃ ᠮᠡᠷᠭᠡᠨ ᠪᠥᠬᠡ ᠶ᠋ᠢᠨ ᠠᠮᠠᠨ ᠠ᠋ᠴᠠ ᠶᠠᠮᠠᠷ ᠦᠭᠡ ᠭᠠᠷᠬᠤ ᠶ᠋ᠢ ᠪᠦᠭᠦᠳᠡ ᠯᠡ ᠰᠡᠳᠬᠢᠯ ᠳᠣᠭᠳᠣᠯᠤᠨ ᠬᠦᠯᠢᠶᠡᠨ᠎ᠡ᠃ ᠲᠡᠷᠡᠪᠡᠷ ᠰᠠᠭᠤᠳᠠᠯ ᠢ᠋ᠶ᠋ᠠᠨ ᠴᠡᠭᠴᠡᠯᠡᠨ ᠳᠠᠯᠤ ᠶ᠋ᠢ ᠳᠡᠭᠡᠳᠦ᠂ ᠳᠣᠣᠷᠠᠲᠤ ᠲᠠᠯ᠎ᠠ ᠠ᠋ᠴᠠ ᠨᠢ ᠭᠤᠷᠪᠠ ᠭᠤᠷᠪᠠᠨ ᠬᠤᠷᠤᠭᠤ ᠪᠠᠷ ᠪᠠᠷᠢᠵᠤ ᠡᠷᠭᠢᠭᠦᠯᠦᠨ ᠲᠣᠭᠣᠷᠢᠭᠤᠯᠤᠨ ᠰᠢᠭᠢᠵᠦ᠄ 
       — ᠳᠠᠯᠤ ᠶ᠋ᠢᠨ ᠬᠦᠵᠦᠭᠦᠦ ᠬᠠᠯᠠᠭᠤᠨ ᠲᠠᠯ᠎ᠠ ᠠ᠋ᠴᠠ ᠪᠠᠨ ᠬᠡᠯᠲᠡᠷᠡᠵᠦ᠁ ᠮᠠᠭᠤ ᠶᠠᠭᠤᠮ᠎ᠠ ᠣᠭᠲᠣ ᠪᠣᠯᠬᠤ ᠦᠭᠡᠢ᠃ ᠡᠵᠡᠨ ᠭᠠᠯ ᠤ᠋ᠨ ᠣᠷᠣᠨ ᠳ᠋ᠤ᠌ ᠲᠠᠢᠪᠤᠩ᠂ ᠰᠠᠢᠨ᠂ ᠨᠠᠭᠠᠰᠢ ᠪᠠᠨ ᠬᠠᠷᠠᠵᠤ ᠪᠠᠢᠨ᠎ᠠ᠃ ᠨᠢᠭᠤᠷ ᠤᠴᠠᠷᠠᠨ ᠵᠣᠯᠭᠠᠨ᠎ᠠ᠃ ᠵᠠᠮ ᠰᠢᠯᠤᠭᠤᠨ᠂ ᠲᠤᠩᠭᠠᠯᠠᠭ᠃ ᠵᠦᠭ ᠨᠢ ᠵᠡᠭᠦᠨ ᠲᠠᠯ᠎ᠠ ᠳ᠋ᠠᠭᠠᠨ ᠶᠤᠮ ᠤᠤ ᠳᠠ᠃ ᠲᠩᠷᠢ ᠶ᠋ᠢᠨ ᠣᠷᠣᠨ᠁ ᠲᠩᠷᠢ ᠶ᠋ᠢᠨ ᠬᠦᠦ᠁ ᠶᠡᠬᠡᠯᠡ ᠥᠭᠡᠳᠡᠷᠡᠭ ᠥᠨᠳᠥᠷ᠁ ᠬᠤᠷᠤᠢ᠂ ᠬᠤᠷᠤᠢ! 
       ᠪᠥᠬᠡ ᠡᠢᠮᠦᠷᠬᠦᠦ ᠥᠭᠡᠳᠡᠷᠡᠭ᠂ ᠲᠠᠰᠤᠷᠬᠠᠢ ᠦᠭᠡᠰ ᠬᠡᠯᠡᠭᠡᠳ ᠳᠠᠬᠢᠨ᠄ 
       — ᠰᠠᠢᠨ ᠶᠠᠪᠤᠭ᠎ᠠ ᠶᠤᠮ ᠪᠠᠢᠨ᠎ᠠ᠃ ᠵᠡᠭᠦᠨ ᠲᠠᠰᠢ ᠪᠠᠨ ᠶᠠᠪᠤᠬᠤ ᠤᠴᠢᠷ ᠪᠠᠢᠬᠤ ᠤᠤ? ᠭᠡᠵᠦ ᠠᠰᠠᠭᠤᠪᠠ᠃ 
       — ᠦᠭᠡᠢ ᠯᠡ ᠪᠠᠢᠮᠠᠷ᠁ ᠮᠡᠳᠡᠬᠦ ᠦᠭᠡᠢ ᠶᠦᠮ ᠤᠤ ᠳᠠ ᠭᠡᠵᠦ ᠡᠬᠡ ᠨᠢ ᠬᠡᠯᠡᠬᠦ ᠳ᠋ᠦ᠍ ᠡᠴᠢᠭᠡ ᠨᠢ᠄ 
       — ᠮᠡᠷᠭᠡ ᠨᠥᠭᠦᠭᠡ ᠲᠠᠯ᠎ᠠ ᠳ᠋ᠠᠭᠠᠨ ᠭᠠᠷᠴᠤ ᠪᠣᠯᠬᠤ ᠤᠤ? ᠭᠡᠵᠦ ᠠᠰᠠᠭᠤᠪᠠᠰᠤ ᠪᠥᠬᠡ᠄ 
       — ᠪᠣᠯᠬᠤ ᠴᠦ᠍ ᠤᠴᠢᠷ ᠪᠣᠢ ᠭᠡᠪᠡ᠃ ᠡᠬᠡ ᠠᠯᠲᠠᠵᠢᠨ᠄ 
       — ᠬᠦᠦ ᠮᠢᠨᠢ ᠰᠠᠢᠨ ᠶᠠᠪᠤᠭ᠎ᠠ ᠶ᠋ᠢ ᠲᠠ ᠠᠢᠯᠠᠳᠤᠯ᠎ᠠ᠃ ᠰᠠᠢᠨ ᠶᠠᠭᠤᠮᠠᠨ ᠳ᠋ᠤ᠌ ᠰᠠᠭᠠᠲᠠ ᠪᠠᠰᠠ ᠪᠠᠢᠬᠤ᠃ ᠲᠠ ᠰᠠᠭᠠᠳ ᠲᠣᠳᠬᠠᠷ ᠪᠠᠢᠪᠠᠯ ᠠᠷᠢᠯᠭᠠᠵᠤ ᠠᠷᠢᠭᠤᠳᠬᠠᠵᠤ ᠥᠭᠭᠦᠨ᠎ᠡ ᠪᠢᠵᠡ ᠭᠡᠵᠦ ᠬᠤᠷᠤᠭᠤᠨ ᠠ᠋ᠴᠠ ᠪᠠᠨ ᠨᠢᠭᠡ ᠪᠥᠭᠡᠵᠢ ᠪᠡᠨ ᠠᠪᠴᠤ ᠪᠠᠷᠢᠪᠠ᠃ ᠪᠥᠬᠡ ᠲᠡᠭᠦᠨ ᠢ᠋ ᠠᠪᠴᠤ᠄ 
       — ᠪᠠᠰᠠ ᠴᠤ᠌ ᠵᠠᠰᠠᠵᠤ ᠵᠠᠯᠠᠬᠤ ᠶᠠᠭᠤᠮ᠎ᠠ ᠪᠠᠢᠭ᠎ᠠ ᠭᠡᠯ᠎ᠡ᠃ 
       — ᠵᠠ ᠲᠡᠢᠮᠦ ᠠᠪᠠᠰᠤ ᠵᠠᠰᠠᠵᠤ ᠵᠠᠯᠠᠵᠤ ᠬᠠᠢᠷᠠᠯᠠ ᠭᠡᠵᠦ ᠡᠴᠢᠭᠡ ᠪᠠᠰᠠ ᠮᠡᠬᠦᠢᠰᠬᠢᠪᠡ᠃ 
       — ᠵᠠ ᠲᠡᠭᠡᠶ᠎ᠡ᠂ ᠲᠡᠭᠡᠶ᠎ᠡ᠃ ᠣᠷᠣᠢ ᠨᠠᠷᠠ ᠵᠢᠷᠭᠠᠵᠤ ᠣᠳᠣ ᠭᠠᠷᠬᠤ ᠰᠠᠴᠠᠭᠤ ᠮᠥᠩᠬᠡ ᠲᠩᠷᠢ ᠳ᠋ᠦ᠍ ᠠᠢᠯᠠᠳᠬᠠᠵᠤ ᠣᠩᠭᠣᠳ ᠳᠠᠭᠤᠳᠠᠶ᠎ᠠ᠃ 
       ᠬᠥᠮᠦᠰ ᠴᠦ᠍ ᠭᠠᠷᠴᠤ ᠭᠡᠷ ᠦ᠋ᠨ ᠡᠵᠡᠨ᠂ ᠵᠣᠴᠢᠨ ᠬᠣᠶᠠᠷ ᠦᠯᠡᠳᠡᠵᠦ ᠨᠤᠲᠤᠭ ᠤᠰᠤᠨ ᠤ᠋ ᠪᠠᠢᠳᠠᠯ᠂ ᠠᠬᠤᠢ ᠣᠷᠴᠢᠨ ᠤ᠋ ᠶᠠᠷᠢᠶ᠎ᠠ ᠬᠥᠭᠡᠷᠦᠭᠡ ᠳᠡᠯᠭᠡᠵᠦ᠂ ᠰᠡᠳᠦᠪ ᠨᠢ ᠥᠰᠴᠦ ᠲᠣᠷᠨᠢᠯ᠎ᠠ᠃ ᠬᠠᠷᠠᠴᠤ ᠪᠥᠬᠡ᠄ 
       — ᠡᠨᠡ ᠮᠣᠩᠭᠣᠯᠴᠤᠳ ᠨᠢᠭᠡ ᠡᠵᠡᠨ ᠲᠡᠢ ᠪᠣᠯᠤᠭᠠᠰᠠᠢ᠃ ᠠᠶᠠᠭᠦᠢ ᠪᠣᠯ ᠲᠠᠲ᠋ᠠᠷ ᠤ᠋ᠳ ᠲᠤ᠌ ᠬᠤᠷᠢᠶᠠᠭᠳᠠᠵᠤ ᠮᠠᠭᠠᠳ ᠦᠭᠡᠢ ᠯᠡ ᠪᠣᠯᠤᠭᠠᠳ ᠪᠠᠢᠨ᠎ᠠ ᠭᠡᠵᠦ ᠰᠡᠳᠬᠢᠯ ᠵᠣᠪᠠᠨᠢᠩᠭᠤᠢ ᠬᠡᠯᠡᠪᠡ᠃ 
       — ᠬᠠᠮᠤᠭ ᠮᠣᠩᠭᠣᠯ ᠭᠡᠳᠡᠭ ᠴᠢᠨᠢ ᠤᠨᠤᠨ᠂ ᠬᠡᠷᠦᠯᠦᠨ᠂ ᠲᠤᠤᠯᠠ ᠶ᠋ᠢᠨ ᠡᠬᠢ᠂ ᠰᠠᠪᠠ ᠳ᠋ᠤ᠌ ᠣᠷᠣᠰᠢᠳᠠᠭ ᠤᠭ ᠨᠢ ᠰᠦᠷᠡᠬᠡᠢ ᠤᠯᠤᠰ᠃ ᠲᠠᠲ᠋ᠠᠷ ᠤ᠋ᠳ ᠢ᠋ ᠠᠶᠤᠯᠭᠠᠵᠤ ᠯᠠ ᠪᠠᠢᠭᠰᠠᠨ ᠭᠡᠳᠡᠭ ᠪᠢᠵᠡ ᠳᠡ᠃ 
       — ᠲᠡᠢᠮᠦ ᠠ᠋᠂ ᠬᠠᠪᠤᠯ ᠬᠠᠨ᠂ ᠠᠮᠪᠠᠭᠠᠢ ᠬᠠᠨ᠂ ᠬᠣᠲᠠᠯᠠ ᠬᠠᠨ᠁ ᠶᠢᠰᠦᠭᠡᠢ ᠪᠠᠭᠠᠲᠤᠷ ᠭᠡᠳ ᠬᠡᠴᠢᠨᠡᠨ ᠨᠡᠷᠡᠲᠡᠢ᠂ ᠰᠦᠷᠲᠡᠢ ᠤᠯᠤᠰ ᠪᠠᠢᠯ᠎ᠠ᠃ ᠶᠢᠰᠦᠭᠡᠢ ᠪᠠᠭᠠᠲᠤᠷ ᠠ᠋ᠴᠠ ᠬᠣᠢᠰᠢ ᠬᠠᠮᠤᠭ ᠮᠣᠩᠭᠣᠯ ᠲᠠᠷᠬᠠᠵᠤ ᠪᠤᠲᠠᠷᠠᠭᠠᠳ᠂ ᠮᠠᠨ ᠤ᠋ ᠠᠷᠤᠯᠠᠳ ᠪᠣᠯ ᠥᠨᠥ ᠡᠵᠡᠨ ᠦᠭᠡᠢ ᠬᠣᠨᠢ ᠰᠢᠭ᠋ ᠪᠠᠢᠨ᠎ᠠ᠃ ᠬᠣᠷᠢ ᠭᠤᠴᠢᠨ ᠵᠡᠪᠰᠡᠭ ᠲᠡᠢ ᠬᠥᠮᠦᠨ ᠣᠷᠣᠭᠠᠳ ᠢᠷᠡᠪᠡᠯ ᠬᠠᠮᠢᠭᠠᠰᠢ ᠪᠠᠨ ᠴᠤ᠌ ᠡᠯᠳᠡᠭᠡᠳ ᠶᠠᠪᠤᠴᠢᠬᠠᠬᠤ ᠳ᠋ᠤ᠌ ᠪᠡᠯᠡᠨ ᠪᠠᠢᠭ᠎ᠠ ᠰᠢᠪ ᠳᠡ᠃ 
       — ᠬᠡᠳᠦ ᠬᠣᠨᠣᠭ ᠤ᠋ᠨ ᠡᠮᠦᠨ᠎ᠡ ᠰᠢᠪᠡᠭᠡᠲᠦ ᠶ᠋ᠢᠨ ᠬᠦᠢᠰᠦ ᠡᠴᠡ ᠲᠠᠲ᠋ᠠᠷ ᠤ᠋ᠳ ᠢᠷᠡᠵᠦ ᠠᠳᠤᠭᠤ ᠬᠥᠭᠡᠭᠡᠵᠦ ᠁ ᠲᠠ ᠲᠤᠭᠤᠯᠤᠭᠰᠠᠨ ᠤᠤ? 
       — ᠦᠭᠡᠢ᠂ ᠲᠡᠭᠡᠭᠡᠳ ᠶᠠᠭᠤ ᠪᠣᠯᠤᠭᠰᠠᠨ ᠪᠣᠢ? 
       — ᠡᠵᠡᠨ ᠨᠢ ᠠᠯᠤᠰ ᠠ᠋ᠴᠠ ᠬᠠᠷᠠᠵᠤ ᠮᠡᠳᠡᠭᠡᠳ ᠰᠢᠭᠤᠳ ᠳᠠᠪᠬᠢᠵᠤ ᠪᠠᠭᠠᠲᠤᠷ ᠪᠣᠷᠴᠤ ᠭᠤᠸᠠᠢ ᠳ᠋ᠤ᠌ ᠣᠴᠢᠵᠠᠢ᠃ ᠨᠥᠭᠦᠭᠡ ᠡᠪᠦᠭᠡᠨ ᠴᠢᠨᠢ ᠲᠡᠢᠨ ᠦ᠌ ᠡᠮᠦᠰᠬᠡᠯ᠂ ᠵᠡᠪᠰᠡᠭ ᠢ᠋ᠶ᠋ᠡᠨ ᠠᠪᠤᠭᠠᠳ ᠬᠣᠶᠠᠷ ᠵᠠᠯᠠᠭᠤ ᠳᠠᠭᠠᠭᠤᠯᠤᠨ ᠠᠮᠠᠳᠠᠨ ᠤᠲᠤᠵᠤ ᠪᠠᠢᠭᠠᠳ ᠳᠡᠭᠡᠷᠡᠮᠴᠢᠳ ᠠᠳᠤᠭᠤ ᠬᠥᠭᠡᠭᠡᠵᠦ ᠣᠢᠷᠠᠳᠴᠤ ᠢᠷᠡᠬᠦ ᠳ᠋ᠦ᠍ᠨᠢ᠄ 
       — ᠲᠠᠨᠠᠷ ᠡᠵᠡᠨ ᠦᠭᠡᠢ ᠮᠠᠯ᠂ ᠡᠷᠭᠢ ᠦᠭᠡᠢ ᠤᠰᠤ ᠬᠡ ᠤᠤ? ᠣᠷᠭᠢ! ᠡᠰᠡ ᠲᠡᠭᠡᠪᠡᠯ ᠠᠮᠢ ᠨᠠᠰᠤ ᠴᠢᠨᠢ ᠬᠣᠬᠢ ᠰᠢᠦ! ᠭᠡᠰᠡᠨ ᠭᠡᠨ᠎ᠡ᠃ ᠳᠡᠭᠡᠷᠡᠮᠴᠢᠳ ᠣᠭᠲᠣ ᠲᠣᠭᠣᠬᠤ ᠦᠭᠡᠢ ᠶᠠᠪᠤᠵᠤ ᠪᠠᠢᠵᠠᠢ ᠭᠡᠨ᠎ᠡ᠃ ᠲᠡᠷᠡ ᠪᠠᠰᠠ ᠴᠤ᠌ ᠵᠡᠪᠰᠡᠭ ᠲᠡᠢ ᠭᠡᠨ᠎ᠡ᠃ ᠪᠣᠷᠴᠦ ᠭᠤᠸᠠᠢ ᠥᠪᠡᠷ ᠢ᠋ᠶ᠋ᠡᠨ ᠨᠤᠮᠤ ᠰᠤᠮᠤ ᠪᠠᠨ ᠪᠡᠯᠡᠳᠬᠡᠭᠡᠳ ᠬᠠᠵᠠᠭᠤ ᠶ᠋ᠢᠨ ᠳᠠᠭᠠᠭᠤᠯᠵᠤ ᠶᠠᠪᠤᠭᠰᠠᠨ ᠬᠣᠶᠠᠷ ᠬᠦᠦ ᠳ᠋ᠡᠭᠡᠨ᠄ 
       — ᠠᠯᠳᠠᠵᠤ ᠪᠣᠯᠬᠤ ᠦᠭᠡᠢ ᠰᠢᠦ᠃ ᠲᠡᠷᠡ ᠬᠣᠶᠠᠷ ᠢ᠋ ᠁ ᠭᠡᠵᠦ ᠮᠣᠷᠢ ᠵᠢᠰᠦ ᠪᠡᠷ ᠨᠢ ᠬᠡᠯᠡᠵᠦ᠂ ᠲᠡᠷᠡ ᠬᠣᠶᠠᠷ ᠴᠤ᠌ ᠬᠠᠷᠪᠤᠬᠤ ᠳ᠋ᠤ᠌ ᠨᠢᠭᠡ ᠨᠢ ᠤᠨᠤᠭᠠᠳ ᠥᠭᠭᠦᠯ᠎ᠡ ᠭᠡᠨ᠎ᠡ᠃ ᠨᠥᠭᠦᠭᠡ ᠨᠢ ᠠᠯᠳᠠᠵᠤ ᠪᠣᠷᠴᠦ ᠭᠤᠸᠠᠢ《ᠠ᠂ ᠴᠠᠪᠠᠰᠤ ᠳᠠ》 ᠭᠡᠳ ᠥᠪᠡᠷ ᠢ᠋ᠶ᠋ᠡᠨ ᠳᠣᠣᠷ᠎ᠠ ᠨᠢ ᠯᠡ ᠨᠡᠮᠨᠡᠵᠡᠢ᠃ ᠬᠣᠶᠠᠷ ᠢ᠋ᠶ᠋ᠠᠨ ᠤᠨᠠᠭᠠᠭᠰᠠᠨ ᠭᠤᠷᠪᠠᠨ ᠠᠳᠤᠭᠤ ᠶ᠋ᠢ ᠣᠷᠬᠢᠭᠠᠳ ᠵᠢᠭᠤᠲᠠᠬᠤ ᠳ᠋ᠤ᠌ ᠬᠣᠢᠨ᠎ᠠ ᠠ᠋ᠴᠠ ᠬᠥᠭᠡᠭᠡᠬᠦ ᠭᠡᠲᠡᠯ᠎ᠡ ᠪᠣᠷᠴᠦ ᠭᠤᠸᠠᠢ᠄
       — ᠪᠣᠯᠢ᠂ ᠬᠣᠶᠠᠷ ᠢ᠋ ᠨᠢ ᠦᠯᠡᠳᠡᠭᠡᠯ᠎ᠡ᠃ ᠬᠥᠮᠦᠨ ᠦ᠌ ᠦᠷ᠎ᠡ ᠯᠡ ᠳᠡ᠃ ᠵᠣᠷᠢᠯᠭ᠎ᠠ ᠦᠭᠡᠢ ᠵᠣᠴᠢᠨ ᠁ ᠣᠳᠣ ᠶᠠᠭᠠᠬᠢᠶ᠎ᠠ ᠭᠡᠬᠦ ᠪᠣᠢ? ᠡᠨᠳᠡ ᠪᠡᠨ ᠰᠢᠪᠠᠭᠤ ᠨᠣᠬᠠᠢ ᠶ᠋ᠢᠨ ᠬᠣᠶᠠᠭᠤᠯᠠ ᠪᠣᠯᠵᠤ ᠳᠠ᠃ ᠤᠨᠤᠭ᠎ᠠ ᠮᠣᠷᠢᠨ ᠠ᠋ᠴᠠ ᠨᠢ ᠡᠬᠢᠯᠡᠭᠡᠳ ᠬᠥᠮᠦᠨ ᠬᠡᠷᠡᠭᠯᠡᠵᠦ ᠪᠣᠯᠬᠤ ᠪᠦᠬᠦᠨ ᠢ᠋ ᠨᠢ ᠠᠪ ᠭᠡᠰᠡᠨ ᠭᠡᠨ᠎ᠡ ᠯᠧ᠃ ᠪᠥᠬᠡ ᠲᠣᠯᠣᠭᠠᠢ ᠰᠡᠭᠰᠦᠷᠴᠦ᠄ 
       — ᠡᠢᠮᠦ ᠯᠡ ᠪᠠᠢᠭ᠎ᠠ ᠶᠤᠮ ᠳᠠ᠃ ᠲᠠᠲ᠋ᠠᠷ ᠤ᠋ᠳ ᠲᠤ᠌ ᠡᠯᠡᠭ ᠪᠠᠷᠢᠭᠤᠯᠵᠤ ᠪᠣᠯᠬᠤ ᠦᠭᠡᠢ ᠠ᠋᠃ ᠲᠡᠳᠡ ᠴᠠᠭᠠᠨ᠎ᠠ ᠪᠠᠨ ᠠᠯᠲᠠᠨ ᠤᠯᠤᠰ᠂ ᠬᠢᠳᠠᠨ᠂ ᠰᠠᠯᠵᠢᠭᠤᠳ ᠲᠠᠢ ᠬᠡᠷᠡᠯᠳᠦᠭᠡᠳ ᠨᠠᠭᠠᠰᠢᠯᠠᠬᠤ ᠵᠠᠪ ᠦᠭᠡᠢ ᠪᠠᠢᠭ᠎ᠠ ᠶᠤᠮ᠃ ᠬᠠᠲᠠᠭᠢᠨ᠂ ᠰᠠᠯᠵᠢᠭᠤᠳ ᠁ ᠤᠭ ᠨᠢ ᠪᠢᠳᠡ ᠨᠢᠭᠡ ᠤᠳᠤᠮ ᠤᠭᠰᠠᠭ᠎ᠠ ᠰᠢᠦ ᠳᠡ᠃ ᠮᠠᠨ ᠤ᠋ ᠮᠣᠩᠭᠣᠯ ᠣᠪᠣᠭᠲᠠᠨ ᠡᠪ ᠦᠭᠡᠢ ᠪᠠᠢᠨ᠎ᠠ᠃ ᠡᠪᠯᠡᠭᠦᠯᠬᠦ ᠨᠢᠭᠡ ᠯᠡ ᠬᠥᠮᠦᠨ ᠬᠡᠷᠡᠭᠲᠡᠢ᠃ ᠨᠠᠬᠤ᠄ 
       —《ᠡᠪ ᠦᠭᠡᠢ》 ᠭᠡᠰᠡᠨ ᠡᠴᠡ ᠪᠢ ᠰᠠᠶᠢᠬᠠᠨ ᠲᠦᠮᠡᠨ ᠲᠦᠪᠭᠦᠨ ᠦ᠌ ᠨᠠᠭᠠᠳᠤᠮ ᠳ᠋ᠤ᠌ ᠣᠴᠢᠯ᠎ᠠ ᠳ᠋ᠣᠣ᠃ ᠮᠣᠷᠢ ᠤᠷᠤᠯᠳᠤᠭᠤᠯᠵᠤ ᠭᠠᠢᠬᠠᠭᠤᠯᠬᠤ ᠳ᠋ᠠᠭᠠᠨ ᠪᠢᠰᠢ᠂ ᠨᠢᠭᠡ ᠰᠠᠢᠨ ᠤᠳᠤᠮ ᠣᠯᠤᠶ᠎ᠠ ᠭᠡᠵᠦ ᠪᠣᠳᠣᠭᠰᠠᠨ ᠶᠤᠮ᠃ ᠣᠯᠤᠭᠰᠠᠨ ᠭᠡᠵᠦ ᠪᠣᠳᠣᠵᠤ ᠪᠠᠢᠭ᠎ᠠ᠃ ᠨᠢᠭᠡ ᠪᠣᠷᠣ ᠠᠵᠢᠷᠭ᠎ᠠ ᠠᠪᠴᠢᠷᠠᠭᠰᠠᠨ᠃ ᠲᠡᠷᠡ ᠴᠦ᠍ ᠶᠠᠭᠠᠬᠢᠬᠤᠪ᠂ ᠨᠠᠭᠠᠳᠤᠮ ᠳ᠋ᠤ᠌ ᠬᠡᠷᠡᠢᠳ᠂ ᠪᠣᠷᠵᠢᠭᠢᠨ᠂ ᠵᠦᠷᠬᠢᠨ᠂ ᠬᠣᠩᠭᠢᠷᠠᠳ ᠭᠡᠳ ᠶᠡᠷᠦ ᠨᠢ ᠶᠡᠬᠡ ᠣᠯᠠᠨ ᠵᠣᠴᠢᠳ ᠢᠷᠡᠵᠦ ᠵᠡᠬᠡᠢ ᠰᠠᠢᠬᠠᠨ ᠨᠠᠭᠠᠳᠤᠮ ᠪᠣᠯᠳᠠᠭ ᠳᠡᠭᠡᠷ᠎ᠡ ᠵᠣᠳᠣᠭᠠᠨ ᠴᠣᠬᠢᠶᠠᠨ᠂ ᠵᠢᠳᠠ ᠰᠡᠷᠡᠭᠡ ᠪᠣᠯᠵᠤ ᠴᠢᠰᠤ ᠨᠥᠵᠢ ᠪᠡᠨ ᠬᠣᠯᠢᠯᠳᠤᠭᠰᠠᠨ᠃ ᠪᠥᠬᠡ ᠪᠠᠰᠠᠯᠠ ᠲᠣᠯᠣᠭᠠᠢ ᠰᠡᠭᠰᠦᠷᠴᠦ᠄ 
       — ᠥᠪᠡᠷᠰᠡᠳ ᠬᠣᠭᠣᠷᠣᠨᠳᠣ ᠪᠠᠨ ᠢᠩᠭᠢᠵᠦ ᠪᠠᠢᠬᠤ ᠬᠡᠷᠡᠭ ᠦᠭᠡᠢ ᠶᠦᠮ ᠳᠡ ᠭᠡᠪᠡ᠃ ᠲᠡᠷᠡ ᠬᠣᠶᠠᠷ ᠬᠥᠮᠦᠨ ᠶᠡᠬᠡᠳᠡᠨ ᠪᠣᠳᠣᠯᠭᠠᠰᠢᠷᠠᠨ ᠰᠠᠭᠤᠭᠰᠠᠨ ᠢ᠋ᠶ᠋ᠠᠨ ᠪᠥᠬᠡ᠄ 
       — ᠭᠠᠷᠴᠤ ᠮᠣᠷᠢ ᠬᠠᠷᠠᠶ᠎ᠠ᠃ ᠪᠢᠳᠡ ᠬᠣᠶᠠᠷ ᠶᠡᠷᠦ ᠨᠢ ᠰᠦᠷᠡᠬᠡᠢ ᠯᠡ ᠶᠠᠭᠤᠮ᠎ᠠ ᠶᠠᠷᠢᠴᠢᠬᠠᠬᠤ ᠰᠢᠭ᠋ ᠭᠡᠵᠦ ᠮᠡᠭ᠂ ᠮᠡᠭ ᠢᠨᠢᠶᠡᠵᠦ᠂ ᠨᠠᠬᠤ ᠪᠥᠬᠡ ᠶ᠋ᠢ ᠰᠤᠭᠤᠳᠠᠨ ᠪᠤᠰᠬᠠᠵᠤ ᠬᠣᠶᠠᠭᠤᠯᠠ ᠬᠡᠯᠬᠢᠯᠳᠦᠨ ᠭᠠᠷᠴᠤ ᠶᠠᠪᠤᠪᠠ᠃ 
       ᠬᠣᠶᠠᠭᠤᠯᠠ ᠬᠣᠯᠠ ᠶᠠᠪᠤᠵᠤ ᠰᠠᠭᠤᠨ ᠲᠣᠰᠴᠤ᠂ ᠤᠳᠠᠭᠠᠨ ᠰᠢᠭᠡᠬᠦ ᠵᠠᠭᠤᠷ᠎ᠠ ᠬᠠᠷᠠᠴᠤ ᠪᠥᠬᠡ᠄ 
       — ᠥᠨᠥ ᠴᠦ᠍ ᠶᠠᠭᠠᠬᠢᠬᠤᠪ᠂ ᠰᠠᠢᠬᠠᠨ ᠯᠠ ᠪᠠᠢᠨ᠎ᠠ᠃ ᠬᠣᠢᠰᠢᠳᠠ ᠬᠠᠮᠤᠭ ᠮᠣᠩᠭᠣᠯ ᠁ ᠰᠡᠳᠬᠢᠯ ᠶᠡᠬᠡ ᠵᠣᠪᠠᠬᠤ ᠶᠤᠮ᠃ ᠨᠢᠭᠡ ᠰᠠᠢᠨ ᠬᠦᠦ ᠭᠠᠷᠬᠤ ᠪᠠᠢᠭ᠎ᠠ᠃ ᠨᠠᠬᠤ ᠡᠪᠦᠭᠡᠨ ᠪᠥᠬᠡ ᠶ᠋ᠢ ᠤᠷᠮᠠᠰᠢᠭᠤᠯᠵᠤ᠄ 
       — ᠭᠠᠷᠬᠤ ᠪᠠᠢᠭ᠎ᠠ᠂ ᠭᠠᠷᠬᠤ ᠪᠠᠢᠭ᠎ᠠ᠃ 
       —《ᠲᠥᠷᠥ ᠶ᠋ᠢᠨ ᠲᠥᠯᠥᠭᠡ ᠣᠭᠣᠲᠣᠨ᠎ᠠ》 ᠭᠡᠵᠦ ᠪᠢ ᠶᠠᠭᠤ ᠪᠠᠨ ᠬᠡᠯᠡᠬᠦ ᠪᠣᠢ? ᠭᠡᠯᠴᠡ ᠬᠣᠶᠠᠭᠤᠯᠠ ᠠᠳᠤᠭᠤ ᠤᠷᠤᠭᠤ ᠣᠴᠢᠪᠠ᠃ ᠨᠠᠬᠤ ᠪᠠᠶᠠᠨ᠄ 
       — ᠮᠢᠨᠦ ᠬᠡᠯᠡᠳᠡᠭ ᠪᠣᠷᠣ ᠠᠵᠢᠷᠭ᠎ᠠ᠃ ᠨᠠᠰᠤ ᠭᠦᠢᠴᠡᠬᠦ ᠪᠡᠷ᠁ ᠣᠳᠣ ᠶᠠᠭᠤ ᠭᠡᠬᠦ ᠪᠣᠢ ᠳᠠ ᠭᠡᠬᠦ ᠳ᠋ᠦ᠍ ᠪᠥᠬᠡ ᠪᠣᠷᠣ ᠠᠵᠢᠷᠭ᠎ᠠ ᠶ᠋ᠢ ᠲᠠᠯ᠎ᠠ ᠲᠠᠯ᠎ᠠ ᠠ᠋ᠴᠠ ᠨᠢ ᠰᠢᠨᠵᠢᠵᠦ᠄ 
       — ᠬᠤᠷᠳᠤᠨ ᠠ᠋᠂ ᠬᠤᠷᠳᠤᠨ᠃ ᠲᠡᠩᠬᠡᠭᠡ ᠨᠢ ᠴᠡᠭᠡᠵᠢᠨ ᠳ᠋ᠡᠭᠡᠨ ᠬᠠᠷᠠᠭᠳᠠᠵᠤ ᠪᠠᠢᠨ᠎ᠠ ᠭᠡᠪᠡ᠃ ᠨᠠᠬᠤ ᠶᠡᠬᠡᠳᠡ ᠣᠯᠵᠠᠭᠤᠷᠬᠠᠨ᠄ 
       — ᠪᠢ ᠴᠦ᠍ ᠲᠡᠭᠡᠵᠦ ᠪᠣᠳᠣᠭᠠᠳ ᠯᠠ᠁ ᠭᠡᠯ᠎ᠡ᠃ 
       ᠢᠩᠭᠢᠵᠦ ᠲᠡᠷᠡ ᠬᠣᠶᠠᠭᠤᠯᠠ ᠶᠠᠷᠢᠯᠴᠠᠨ ᠭᠡᠭᠦᠨ ᠵᠡᠯ᠎ᠡ ᠲᠣᠭᠣᠷᠢᠬᠤ ᠵᠠᠭᠤᠷ᠎ᠠ ᠨᠠᠷᠠ ᠠᠭᠤᠯᠠ ᠶ᠋ᠢᠨ ᠲᠣᠯᠣᠭᠠᠢ ᠲᠡᠰᠢᠵᠦ ᠲᠡᠳᠡ ᠴᠦ᠍ ᠭᠡᠷ ᠤᠷᠤᠭᠤ ᠣᠷᠣᠯ᠎ᠠ᠃ ᠳᠠᠬᠢᠨ ᠴᠠᠢ ᠤᠮᠳᠠ ᠪᠣᠯᠤᠭᠰᠠᠨ ᠤ᠋ ᠳᠠᠷᠠᠭ᠎ᠠ ᠮᠡᠷᠭᠡᠨ ᠪᠥᠬᠡ᠄ 
       — ᠣᠳᠣ ᠮᠢᠨᠦ ᠠᠵᠢᠯ ᠢᠷᠡᠪᠡ ᠪᠣᠯᠤᠯᠲᠠᠢ᠃ ᠡᠨᠡ ᠢᠳᠡᠭᠡ ᠪᠤᠳᠠᠭ᠎ᠠ᠂ ᠰᠢᠷᠡᠭᠡ ᠲᠠᠪᠢᠯᠭ᠎ᠠ ᠶ᠋ᠢ ᠵᠠᠢᠯᠠᠭᠤᠯ᠃ ᠬᠠᠷᠢᠨ ᠠᠶᠠᠲᠠᠢᠬᠠᠨ ᠳᠡᠭᠡᠷ᠎ᠡ ᠨᠢ ᠶᠠᠭᠤᠮ᠎ᠠ ᠲᠠᠯᠪᠢᠵᠤ ᠪᠣᠯᠬᠤ ᠪᠠᠨᠰᠠ ᠮᠣᠳᠣ ᠡᠨᠡ ᠲᠤᠯᠭ᠎ᠠ ᠶ᠋ᠢᠨ ᠬᠣᠢᠨ᠎ᠠ ᠪᠠᠢᠷᠢᠯᠠᠭᠤᠯᠤᠯ᠃ ᠪᠦᠲᠦᠭᠡᠪᠡᠯ ᠵᠦᠭᠡᠷ ᠳᠡ ᠭᠡᠪᠡ᠃ ᠭᠡᠷ ᠦ᠋ᠨ ᠡᠵᠡᠭᠲᠡᠢ ᠬᠡᠯᠡᠭᠰᠡᠨ ᠪᠦᠭᠦᠳᠡ ᠶ᠋ᠢ ᠨᠢ ᠬᠡᠴᠢᠶᠩᠬᠦᠢᠯᠠᠨ ᠠᠮᠵᠢᠭᠤᠯᠪᠠ᠃ ᠪᠥᠬᠡ ᠬᠤᠪᠴᠠᠰᠤ ᠡᠮᠦᠰᠬᠡᠯ ᠢ᠋ᠶ᠋ᠡᠨ ᠪᠠᠵᠠᠭᠠᠯ᠎ᠠ᠃ ᠶᠡᠷᠦᠩᠬᠡᠢ ᠳ᠋ᠡᠭᠡᠨ ᠬᠥᠬᠡ ᠥᠩᠭᠡ ᠶ᠋ᠢᠨ᠂ ᠳᠡᠭᠡᠷ᠎ᠡ ᠨᠢ ᠡᠯᠳᠡᠪ ᠴᠠᠴᠤᠭ ᠴᠢᠮᠡᠭ ᠵᠡᠭᠦᠭᠰᠡᠨ ᠬᠤᠪᠴᠠᠰᠤ᠂ ᠳᠤᠬᠤ ᠤᠷᠤᠭᠤ ᠪᠠᠨ ᠨᠥᠮᠥᠷᠦᠭᠰᠡᠨ ᠬᠠᠷ᠎ᠠ ᠤᠨᠵᠢᠯᠭ᠎ᠠ ᠲᠠᠢ ᠣᠪᠣᠣᠲᠠᠢ ᠮᠠᠯᠠᠭᠠᠢ ᠡᠮᠦᠰᠴᠡᠢ᠃ ᠲᠤᠯᠭ᠎ᠠ ᠶ᠋ᠢᠨ ᠬᠣᠢᠲᠤ ᠲᠠᠯ᠎ᠠ ᠪᠠᠷ ᠲᠠᠯᠪᠢᠭᠰᠠᠨ ᠬᠠᠪᠲᠠᠭᠠᠢ ᠲᠠᠯᠪᠢᠭᠤᠷ ᠳᠡᠭᠡᠷ᠎ᠡ ᠥᠪᠡᠷ ᠢ᠋ᠶ᠋ᠡᠨ ᠶᠢᠰᠦᠨ ᠴᠥᠭᠥᠴᠡ᠂ ᠫᠢᠯᠠ ᠭᠠᠷᠭᠠᠨ ᠥᠷᠥᠵᠦ ᠠᠷᠢᠬᠢ ᠲᠡᠷᠢᠭᠦᠲᠦ ᠰᠦ ᠢᠳᠡᠭᠡ ᠪᠤᠳᠠᠭᠠᠨ ᠤ᠋ ᠵᠦᠢᠯ᠂ ᠤᠰᠤ ᠬᠢᠯᠭᠡᠵᠦ ᠲᠠᠯᠪᠢᠪᠠ᠃ ᠲᠡᠷᠡ ᠪᠡᠷ ᠭᠡᠷ ᠦ᠋ᠨ ᠬᠣᠷᠮᠣᠢ ᠰᠠᠭᠤᠵᠤ᠂ ᠲᠠᠯ᠎ᠠ ᠬᠡᠩᠭᠡᠷᠭᠡ ᠪᠡᠨ ᠳᠡᠯᠡᠳᠦᠨ᠂ ᠲᠡᠭᠦᠨ ᠦ᠌ ᠠᠶ᠎ᠠ ᠬᠥᠭ ᠢ᠋ᠶ᠋ᠡᠷ ᠬᠡᠰᠡᠭ ᠵᠠᠭᠤᠷ᠎ᠠ ᠭᠠᠩᠬᠤᠬᠤ ᠰᠠᠴᠠᠭᠤ ᠬᠤᠪᠴᠠᠰᠤᠨ ᠳ᠋ᠤᠨᠢ ᠵᠡᠭᠦᠭᠰᠡᠨ ᠲᠡᠮᠦᠷᠯᠢᠭ ᠡᠳ᠋ ᠲᠠᠷᠴᠢᠭᠢᠨᠠᠨ᠎ᠠ᠃ ᠲᠦᠳᠡᠯ ᠦᠭᠡᠢ ᠮᠡᠷᠭᠡᠨ ᠪᠥᠬᠡ᠄ 
            ᠪᠠᠷᠠᠭᠤᠨ ᠲᠠᠪᠤᠨ ᠲᠩᠷᠢ ᠳ᠋ᠡᠭᠡᠨ  
            ᠪᠠᠷᠠᠭᠠᠯᠠᠵᠤ ᠵᠠᠯᠪᠠᠷᠢᠵᠤ ᠮᠥᠷᠭᠥᠶ᠎ᠡ 
            ᠵᠡᠭᠦᠨ ᠳᠥᠴᠢᠨ ᠳᠥᠷᠪᠡᠨ ᠲᠩᠷᠢ ᠳ᠋ᠡᠭᠡᠨ 
            ᠵᠦᠢᠯᠴᠢᠯᠡᠨ ᠠᠢᠯᠠᠳᠬᠠᠵᠤ ᠮᠥᠷᠭᠥᠶ᠎ᠡ 
            ᠭᠠᠭ᠂ ᠭᠠᠭ᠂ ᠭᠠᠭ! 
            ᠭᠣᠭ᠂ ᠭᠤᠭ᠂ ᠭᠤᠭ! 
            ᠬᠤᠷᠤᠢ᠂ ᠬᠤᠷᠤᠢ᠂ ᠬᠤᠷᠤᠢ! 
            ᠠᠰᠤᠷᠢ ᠲᠩᠷᠢ ᠳ᠋ᠡᠭᠡᠨ ᠬᠡᠯᠡᠵᠦ 
            ᠠᠷᠢᠭᠤᠨ ᠪᠡᠶ᠎ᠡ ᠶ᠋ᠢᠨ ᠮᠡᠨᠳᠦ ᠶ᠋ᠢ ᠠᠢᠯᠠᠳᠬᠠᠶ᠎ᠠ᠃ 
            ᠠᠶᠤᠯ ᠤ᠋ᠨ ᠬᠠᠷ᠎ᠠ ᠲᠩᠷᠢ ᠳ᠋ᠡᠭᠡᠨ 
            ᠠᠯᠲᠠ ᠪᠠᠶᠠᠨ ᠤ᠋ ᠮᠡᠨᠳᠦ ᠶ᠋ᠢ ᠠᠢᠯᠠᠳᠬᠠᠶ᠎ᠠ᠃ 
            ᠱᠣᠭ᠂ ᠱᠣᠭ᠂ ᠱᠣᠭ! 
            ᠱᠩ᠂ ᠱᠩ᠂ ᠱᠩ! 
            ᠬᠤᠷᠤᠢ᠂ ᠬᠤᠷᠤᠢ᠂ ᠬᠤᠷᠤᠢ! 
            ᠠᠷᠤᠯᠠᠳ ᠤ᠋ᠨ ᠨᠠᠬᠤ ᠪᠠᠶᠠᠨ ᠤ᠋ ᠬᠥᠪᠡᠭᠦᠨ 
            ᠠᠷᠪᠠᠨ ᠳᠣᠯᠣᠭᠠᠨ ᠨᠠᠰᠤᠲᠠᠢ ᠪᠣᠭᠤᠷᠴᠢ ᠶ᠋ᠢ ᠳᠠᠭᠠᠳᠬᠠᠶ᠎ᠠ 
            ᠠᠶᠤᠯ ᠪᠠᠢᠪᠠᠯ ᠠᠷᠢᠯᠭᠠᠵᠤ ᠬᠠᠢᠷᠠᠯᠠ 
            ᠵᠠᠨᠤᠯ ᠪᠠᠢᠪᠠᠯ ᠵᠠᠢᠯᠠᠭᠤᠯᠵᠤ ᠬᠠᠢᠷᠠᠯᠠ! 
            ᠬᠤᠷᠤᠢ᠂ ᠬᠤᠷᠤᠢ ᠬᠤᠷᠤᠢ! 
            ᠬᠥᠭ᠂ ᠬᠥᠭ᠂ ᠬᠥᠭ! 
            ᠬᠤᠷᠤᠢ᠂ ᠬᠤᠷᠤᠢ᠂ ᠬᠤᠷᠤᠢ! 
            ᠴᠢᠯᠠᠭᠤ ᠪᠠᠢᠪᠠᠯ ᠬᠠᠢᠯᠤᠭᠤᠯᠵᠤ ᠬᠠᠢᠷᠠᠯᠠ!
            ᠱᠤᠯᠤᠮ ᠪᠠᠢᠪᠠᠯ ᠨᠢᠷᠭᠡᠵᠦ ᠬᠠᠢᠷᠠᠯᠠ! 
            ᠵᠡᠭᠦᠦ ᠪᠠᠢᠪᠠᠯ ᠬᠠᠶᠠᠭᠤᠯᠵᠤ ᠬᠠᠢᠷᠠᠯᠠ! 
            ᠵᠡᠳᠬᠡᠷ ᠪᠠᠢᠪᠠᠯ ᠳᠠᠷᠤᠩᠭᠤᠢᠯᠠᠵᠤ ᠬᠠᠢᠷᠠᠯᠠ! 
            ᠱᠣᠭ᠂ ᠱᠣᠭ᠂ ᠱᠣᠩ᠂ ᠱᠣᠩ! ᠂ ᠱᠣᠩ!  
            ᠬᠤᠷᠤᠢ᠂ ᠬᠤᠷᠤᠢ᠂ ᠬᠤᠷᠤᠢ! ᠭᠡᠵᠦ ᠠᠶᠠᠯᠤᠭᠤᠯᠤᠨ ᠬᠡᠩᠭᠡᠷᠭᠡ ᠪᠡᠨ ᠳᠡᠯᠡᠳᠴᠦ ᠪᠥᠵᠢᠨ ᠴᠠᠮᠨᠠᠨ ᠪᠠᠢᠭᠰᠠᠨ ᠢ᠋ᠶ᠋ᠠᠨ ᠣᠭᠵᠣᠮ ᠰᠠᠭᠤᠵᠤ ᠬᠤᠢ ᠲᠠᠢ ᠬᠢᠲᠤᠭ᠎ᠠ ᠪᠠᠨ ᠰᠤᠭᠤᠯᠵᠤ᠂ ᠬᠡᠯᠡ ᠪᠡᠨ ᠲᠠᠰᠤ ᠣᠭᠲᠣᠯᠤᠭᠠᠳ ᠭᠠᠯ ᠳ᠋ᠤ᠌ ᠬᠢᠬᠦ ᠳ᠋ᠦ᠍ ᠬᠥᠮᠦᠰ ᠦ᠋ᠨ ᠪᠡᠶ᠎ᠡ ᠰᠢᠷᠳ᠋ᠬᠢᠵᠦ᠂ ᠭᠠᠯ ᠳ᠋ᠤ᠌ ᠣᠷᠣᠭᠠᠳ ᠬᠡᠩᠰᠢᠭᠦᠦ ᠪᠣᠯᠤᠨ ᠰᠢᠲᠠᠵᠤ ᠪᠠᠢᠭ᠎ᠠ ᠪᠥᠬᠡ ᠶ᠋ᠢᠨ ᠬᠡᠯᠡ ᠶ᠋ᠢ ᠥᠨᠳᠡᠯᠵᠡᠨ ᠬᠠᠷᠠᠬᠤ ᠠᠪᠠᠢ᠃ ᠲᠡᠭᠡᠲᠡᠯ᠎ᠡ ᠰᠢᠳᠢᠲᠦ ᠪᠥᠬᠡ ᠠᠷᠤ ᠳᠠᠰᠢ ᠪᠠᠨ ᠲᠠᠲᠠᠭᠠᠨᠠᠨ ᠤᠨᠠᠪᠠ ᠤᠤ᠂ ᠦᠭᠡᠢ ᠤᠤ ᠭᠡᠮᠡᠷ ᠴᠢᠮᠡᠭᠡ ᠦᠭᠡᠢ ᠪᠣᠯᠬᠤ ᠳ᠋ᠤ᠌ ᠨᠢ ᠨᠠᠬᠤ ᠬᠡᠩᠭᠡᠷᠭᠡ ᠴᠣᠬᠢᠭᠤᠷ ᠢ᠋ ᠨᠢ ᠠᠪᠴᠤ ᠲᠣᠯᠣᠭᠠᠢ ᠳᠡᠭᠡᠷ᠎ᠡ ᠨᠢ ᠠᠶᠠᠷᠬᠠᠨ ᠴᠢᠮᠡᠭᠡ ᠭᠠᠷᠭᠠᠬᠤ ᠲᠡᠳᠦᠢ ᠴᠣᠬᠢᠵᠤ᠄ 
            ᠮᠥᠩᠬᠡ ᠲᠩᠷᠢ ᠶ᠋ᠢᠨ ᠬᠦᠴᠦ ᠨᠢ 
            ᠮᠥᠴᠢ ᠪᠦᠷᠢ ᠳ᠋ᠡᠭᠡᠨ ᠡᠷᠭᠢᠵᠦ ᠬᠠᠷᠢᠯ᠎ᠠ 
            ᠠᠰᠤᠷᠢ ᠲᠩᠷᠢ ᠶ᠋ᠢᠨ ᠰᠢᠳᠢ ᠨᠢ 
            ᠠᠯᠲᠠᠨ ᠪᠡᠶ᠎ᠡ ᠳ᠋ᠡᠭᠡᠨ ᠣᠷᠣᠰᠢᠵᠤ ᠬᠠᠷᠢᠯ᠎ᠠ ᠭᠡᠵᠦ ᠢᠷᠦᠭᠡᠯ ᠬᠡᠯᠡᠬᠦ ᠳ᠋ᠦ᠍ ᠪᠥᠬᠡ ᠴᠦ᠍ ᠪᠡᠶ᠎ᠡ ᠨᠢ ᠬᠥᠳᠡᠯᠵᠦ᠂ ᠪᠦᠬᠦ ᠪᠡᠶ᠎ᠡ ᠪᠡᠨ ᠬᠥᠪᠴᠢᠯᠡᠨ ᠰᠢᠯᠭᠡᠭᠡᠭᠰᠡᠨ ᠢ᠋ᠶ᠋ᠡᠨ ᠥᠨᠳᠡᠢᠵᠦ ᠰᠠᠭᠤᠭᠠᠳ ᠭᠡᠷ ᠦ᠋ᠨ ᠳᠣᠲᠣᠷᠠᠬᠢ ᠶ᠋ᠢ ᠲᠣᠭᠣᠷᠢᠭᠤᠯᠤᠨ ᠬᠠᠷᠠᠵᠤ᠄ 
            ᠬᠠᠷ᠎ᠠ ᠰᠢᠭᠰᠢᠷᠭᠡ ᠰᠢᠭᠰᠢᠷᠴᠦ 
            ᠬᠠᠮᠤᠭ ᠮᠠᠭᠤ ᠶ᠋ᠢ ᠬᠥᠭᠡᠭᠡᠵᠦ ᠠᠷᠢᠯᠭᠠᠯ᠎ᠠ᠃ 
            ᠴᠠᠭᠠᠨ ᠰᠢᠭᠰᠢᠷᠭᠡ ᠰᠢᠭᠰᠢᠷᠴᠦ 
            ᠴᠠᠭᠠᠳᠤ ᠮᠠᠭᠤ ᠶ᠋ᠢ ᠬᠥᠭᠡᠭᠡᠵᠦ ᠠᠷᠢᠯᠭᠠᠯ᠎ᠠ᠃ 
            ᠪᠣᠭᠣᠷᠴᠢ ᠬᠦᠦ ᠳ᠋ᠦ᠍ 
            ᠪᠣᠭᠣᠭᠳᠠᠬᠤ ᠰᠠᠭᠠᠳ ᠪᠠᠢᠬᠤ ᠦᠭᠡᠢ ᠠ᠋! 
            ᠶᠠᠪᠤᠬᠤ ᠵᠠᠮ ᠳ᠋ᠤᠨᠢ 
            ᠶᠠᠪᠤᠳᠠᠯ ᠬᠥᠨᠥᠭᠡᠯ ᠪᠠᠢᠬᠤ ᠦᠭᠡᠢ ᠠ᠋! ᠭᠡᠵᠦ ᠠᠢᠯᠠᠳᠤᠨ ᠥᠷᠥᠵᠦ ᠲᠠᠯᠪᠢᠭᠰᠠᠨ ᠶᠠᠭᠤᠮᠠᠰ ᠢ᠋ ᠭᠠᠳᠠᠭᠰᠢ ᠭᠠᠷᠭᠠᠨ ᠵᠦᠭ ᠵᠦᠭ ᠲᠡᠰᠢ ᠵᠢᠭᠠᠪᠤᠷᠢᠯᠠᠨ ᠰᠠᠴᠤᠭᠤᠯᠪᠠ᠃ ᠴᠠᠢ ᠢᠳᠡᠭᠡ ᠰᠡᠷᠭᠦᠭᠡᠨ ᠥᠷᠥᠵᠦ᠂ ᠵᠣᠴᠢᠨ ᠢ᠋ᠶ᠋ᠠᠨ ᠳᠠᠢᠯᠠᠨ ᠭᠡᠷ ᠦ᠋ᠨ ᠡᠵᠡᠨ ᠠᠯᠲᠠᠨ ᠤᠯᠤᠰ ᠤ᠋ᠨ ᠵᠣᠭᠣᠰ ᠨᠢᠭᠡ ᠶ᠋ᠢ ᠪᠠᠷᠢᠵᠤ᠄ 
       — ᠨᠢᠭᠡ ᠮᠣᠷᠢ ᠲᠠᠨ ᠳ᠋ᠤ᠌ ᠪᠠᠷᠢᠶ᠎ᠠ᠃ ᠭᠠᠳᠠᠭ᠎ᠠ ᠤᠶᠠᠭᠰᠠᠨ᠃ ᠥᠨᠥᠳᠥᠷ ᠴᠠᠭ ᠣᠷᠣᠢ ᠪᠣᠯᠵᠠᠢ᠂ ᠲᠠ ᠬᠣᠨᠣᠭᠯᠠᠭᠠᠳ ᠮᠠᠷᠭᠠᠰᠢ ᠬᠦᠷᠦᠭᠦᠯᠦᠨ᠎ᠡ ᠤᠤ? ᠭᠡᠪᠡᠰᠦ ᠪᠥᠬᠡ᠄ 
       — ᠴᠢᠩᠭᠢᠶ᠎ᠡ᠂ ᠴᠢᠩᠭᠢᠶ᠎ᠡ ᠭᠡᠵᠦ ᠲᠤᠬᠠᠯᠠᠨ ᠰᠠᠭᠤᠪᠠ᠃ ᠮᠠᠷᠭᠠᠰᠢ ᠥᠷᠯᠥᠭᠡ ᠨᠢ ᠲᠡᠳᠡᠨᠡᠢᠬᠢᠨ ᠪᠥᠬᠡ ᠶ᠋ᠢ ᠦᠳᠡᠵᠦ ᠮᠣᠷᠳᠠᠭᠤᠯᠤᠭᠠᠳ᠂ ᠢᠷᠦᠭᠡᠯ ᠦ᠋ᠨ ᠰᠠᠢᠨ ᠦᠭᠡ ᠰᠣᠨᠣᠰᠴᠤ᠂ ᠵᠠᠮ ᠤ᠋ᠨ ᠵᠠᠰᠠᠯ ᠬᠢᠯᠭᠡᠭᠰᠡᠨ ᠳ᠋ᠡᠭᠡᠨ ᠰᠡᠳᠬᠢᠯ ᠥᠶᠥᠭ ᠲᠠᠪᠠᠲᠠᠢ ᠪᠠᠢᠵᠠᠭᠠᠪᠠ᠃ ᠭᠡᠪᠡᠴᠦ ᠡᠴᠢᠭᠡ ᠡᠬᠡ ᠬᠣᠶᠠᠷ ᠤ᠋ᠨ ᠰᠡᠳᠬᠢᠯ ᠶᠠᠭᠠᠬᠢᠵᠤ ᠪᠦᠷᠢᠨ ᠠᠮᠤᠭᠤᠯᠠᠩ ᠪᠠᠢᠬᠤ ᠪᠢᠯᠡ!