ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠳᠣᠯᠣᠭ᠎ᠠ〕 Цаг төрийн үймээн – Д ᠂ Намдаг - Цаг төрийн үймээн ᠂ гуравдугаар бүлэг -17
ᠠᠩᠬᠠᠨ ᠤ᠋ ᠲᠤᠯᠤᠯᠳᠤᠭᠠᠨ
ᠣᠯᠠᠨ ᠬᠣᠨᠣᠭ ᠢ᠋ᠶ᠋ᠠᠷ ᠪᠠᠯᠪᠠᠭᠰᠠᠨ ᠬᠠᠪᠤᠷ ᠤ᠋ᠨ ᠬᠠᠷ᠎ᠠ ᠬᠠᠪᠰᠠᠷᠭ᠎ᠠ ᠭᠤᠷᠪᠠᠳᠤᠭᠠᠷ ᠰᠠᠷ᠎ᠠ ᠶ᠋ᠢᠨ ᠳᠤᠮᠳᠠᠴᠢ ᠪᠠᠷ ᠲᠠᠲᠠᠷᠠᠪᠠ᠃ ᠡᠭᠦᠯᠡ ᠦᠭᠡᠢ ᠲᠩᠷᠢ ᠳ᠋ᠦ᠍ ᠠᠯᠳᠠᠩᠬᠠᠨ ᠨᠠᠷᠠ ᠬᠡᠳᠦᠨ ᠡᠳᠦᠷ ᠳᠠᠷᠠᠭᠠᠯᠠᠨ ᠭᠠᠷᠴᠤ ᠬᠥᠮᠦᠨ ᠮᠠᠯ ᠤ᠋ᠨ ᠪᠣᠷᠪᠢ ᠲᠡᠨᠡᠢᠬᠡᠨ ᠰᠡᠳᠬᠢᠯ ᠪᠠᠶᠠᠰᠬᠠᠪᠠᠴᠤ ᠵᠢᠷᠤᠮᠲᠤ ᠴᠡᠷᠢᠭ ᠦ᠋ᠳ ᠲᠦ᠍ ᠲᠡᠳᠦᠢ ᠯᠡ ᠲᠠᠪᠠᠲᠠᠢ ᠪᠢᠰᠢ᠂ ᠭᠣᠣᠯ ᠲᠥᠯᠥᠪ ᠡᠪᠦᠯ ᠦ᠋ᠨ ᠵᠤᠵᠠᠭᠠᠨ ᠳᠡᠪᠡᠯ ᠳ᠋ᠦ᠍ ᠳᠠᠷᠤᠭᠳᠠᠨ ᠪᠡᠶ᠎ᠡ ᠨᠣᠵᠣᠭᠣᠷᠠᠨᠠ᠃
ᠲᠡᠷᠡ ᠨᠢᠭᠡ ᠡᠳᠦᠷ ᠪᠢᠯᠡ᠃ ᠡᠳᠦᠷ ᠦ᠋ᠨ ᠬᠣᠭᠣᠯᠠᠨ ᠤ᠋ ᠳᠠᠷᠠᠭᠠᠬᠠᠨ ᠲᠠᠢ ᠣᠢᠷ᠎ᠠ ᠬᠠᠪᠢ ᠶ᠋ᠢᠨ ᠠᠷᠠᠳ ᠤ᠋ᠳ ᠠᠳᠤᠭᠤ ᠪᠠᠨ ᠬᠥᠭᠡᠭᠡᠨ ᠠᠪᠴᠢᠷᠠᠪᠠ᠃ ᠡᠨᠡ ᠨᠢ ᠴᠡᠷᠢᠭ ᠦ᠋ᠳ ᠲᠦ᠍ ᠤᠨᠤᠭ᠎ᠠ ᠵᠠᠯᠭᠠᠬᠤ ᠭᠡᠰᠡᠨ ᠬᠡᠷᠡᠭ ᠪᠠᠢᠯ᠎ᠠ᠃ ᠴᠡᠷᠢᠭ ᠦ᠋ᠳ ᠦᠢᠮᠡᠯᠳᠦᠨ ᠣᠷᠣᠨ ᠪᠠᠢᠷᠢ ᠠ᠋ᠴᠠ ᠪᠠᠨ ᠭᠠᠷᠪᠠ᠃ ᠠᠳᠤᠭᠤᠨ ᠤ᠋ ᠡᠵᠡᠳ ᠮᠣᠷᠢᠳ ᠢ᠋ ᠵᠠᠬ᠎ᠠ ᠠ᠋ᠴᠠ ᠨᠢ ᠪᠠᠷᠢᠯᠠᠵᠤ ᠡᠬᠢᠯᠡᠬᠦ ᠳ᠋ᠦ᠍ ᠴᠡᠷᠢᠭ ᠦ᠋ᠳ ᠬᠣᠭᠣᠷᠣ ᠵᠠᠭᠤᠷ᠎ᠠ ᠤᠷᠤᠯᠳᠤᠨ ᠭᠦᠶᠦᠯᠳᠦᠵᠦ ᠪᠠᠷᠢᠯᠠᠨ ᠠᠪᠬᠤ ᠪᠣᠯᠪᠠᠴᠤ ᠰᠡᠭᠦᠯ ᠰᠡᠭᠦᠯ ᠳ᠋ᠡᠭᠡᠨ ᠭᠣᠯᠣᠨ ᠰᠢᠯᠢᠬᠦ ᠪᠣᠯᠵᠤ᠂ ᠤᠷᠢᠳ ᠢ᠋ᠶ᠋ᠠᠷ ᠶᠠᠮᠠᠷ ᠮᠣᠷᠢ ᠪᠠᠷᠢᠭᠳᠠᠬᠤ ᠶ᠋ᠢ ᠠᠵᠢᠭᠯᠠᠬᠤ ᠪᠣᠯᠵᠠᠢ᠃ ᠨᠢᠭᠡ ᠮᠡᠳᠡᠬᠦ ᠳ᠋ᠦ᠍ ᠬᠢᠯᠢᠩ ᠬᠠᠷ᠎ᠠ ᠵᠢᠰᠦᠮ ᠦ᠋ᠨ ᠠᠲᠠᠷ ᠲᠠᠷᠭᠤᠨ ᠮᠣᠷᠢ ᠪᠠᠷᠢᠭᠳᠠᠬᠤ ᠳᠤ ᠬᠥᠮᠦᠰ ᠶᠠᠭᠠᠷᠠᠨ ᠭᠦᠶᠦᠯᠳᠦᠭᠰᠡᠨ ᠢ᠋ᠶ᠋ᠡᠨ ᠲᠡᠷᠡ ᠮᠣᠷᠢᠨ ᠤ᠋ ᠬᠠᠮᠠᠷ ᠲᠠᠴᠢᠭᠢᠨᠠᠨ ᠵᠡᠷᠯᠢᠭ ᠠᠷᠢᠶᠠᠲᠠᠨ ᠰᠢᠭ᠋ ᠴᠣᠪᠬᠣᠴᠢᠵᠤ ᠭᠠᠷᠬᠤ ᠳ᠋ᠤ᠌ ᠬᠠᠯᠳᠠᠨ ᠪᠠᠷᠢᠵᠤ ᠠᠪᠬᠤ ᠬᠥᠮᠦᠨ ᠭᠠᠷᠤᠭᠰᠠᠨ ᠦᠭᠡᠢ᠃
ᠮᠣᠷᠢᠨ ᠤ᠋ ᠡᠵᠡᠨ᠄
— ᠬᠥᠶᠢ ᠲᠠ ᠮᠢᠨᠢ ᠡᠭᠦᠨ ᠢ᠋ ᠤᠨᠤᠬᠤ ᠬᠥᠮᠦᠨ ᠪᠠᠢᠨ᠎ᠠ ᠤᠤ? ᠤᠭ ᠨᠢ ᠰᠠᠢᠨ ᠮᠣᠷᠢ ᠰᠢᠦ ᠭᠡᠵᠦ ᠬᠠᠰᠬᠢᠷᠪᠠᠴᠤ ᠬᠥᠮᠦᠰ ᠰᠦᠷᠳᠡᠬᠦ ᠠᠵᠢ᠃
— ᠪᠠᠢᠬᠤ ᠦᠭᠡᠢ ᠪᠣᠯ ᠲᠠᠯᠪᠢᠯ᠎ᠠ ᠭᠡᠬᠦ ᠳ᠋ᠦ᠍ᠨᠢ᠂ ᠳᠣᠷᠵᠢ《ᠪᠢ》 ᠭᠡᠵᠦ ᠭᠦᠶᠦᠨ ᠣᠴᠢᠪᠠ᠃ ᠬᠠᠷ᠎ᠠ ᠮᠣᠷᠢ ᠤᠷᠢᠳ ᠬᠣᠶᠠᠷ ᠬᠥᠯ ᠢ᠋ᠶ᠋ᠡᠨ ᠳᠡᠭᠡᠷ᠎ᠡ ᠰᠠᠮᠠᠷᠳᠠᠨ ᠤᠯᠠᠮ ᠢ᠋ᠶ᠋ᠠᠷ ᠴᠣᠪᠬᠣᠴᠢᠪᠠᠴᠤ ᠳᠣᠷᠵᠢ ᠠᠶᠤᠮᠰᠢᠭ ᠦᠭᠡᠢ ᠬᠠᠯᠳᠠᠨ ᠣᠴᠢᠵᠤ ᠴᠢᠬᠢᠳᠡᠨ ᠠᠪᠤᠪᠠ᠃ ᠬᠠᠵᠠᠭᠠᠷᠯᠠᠵᠤ ᠠᠪᠤᠮᠠᠭᠴᠠ ᠮᠣᠷᠢᠨ ᠤ᠋ ᠡᠵᠡᠨ ᠤᠷᠭ᠎ᠠ ᠪᠠᠨ ᠰᠠᠯᠠᠭᠠᠨ ᠠᠪᠴᠤ᠄
— ᠵᠠ ᠬᠦ ᠭᠤᠷᠪᠠᠨ ᠵᠢᠯ ᠡᠮᠡᠭᠡᠯ ᠲᠣᠬᠣᠭᠤᠯᠤᠭᠠ ᠦᠭᠡᠢ ᠶᠦᠮ ᠳ᠋ᠠᠭ᠂ ᠮᠣᠷᠳᠠᠬᠤ ᠳ᠋ᠠᠭᠠᠨ ᠮᠡᠳᠡᠰᠬᠢᠭᠡᠷᠡᠢ ᠭᠡᠵᠦ ᠵᠠᠬᠢᠪᠠ᠃ ᠲᠣᠭᠣᠷᠢᠨ ᠬᠠᠷᠠᠭᠴᠢᠳ《ᠮᠣᠷᠢ ᠴᠤ᠌ ᠮᠣᠷᠢ᠂ ᠠᠭᠠᠰᠢ ᠴᠤ᠌ ᠭᠡᠵᠦ ᠠᠳᠠᠰᠬ᠎ᠠ ᠪᠠᠢᠨ᠎ᠠ ᠳᠠ》 ᠭᠡᠨ᠎ᠡ᠃ ᠳᠣᠷᠵᠢ ᠶ᠋ᠢᠨ ᠡᠮᠡᠭᠡᠯ ᠬᠠᠵᠠᠭᠠᠷ ᠰᠠᠢᠨ᠂ ᠰᠠᠶᠢᠬᠠᠨ ᠣᠷᠣᠨ ᠨᠤᠲᠤᠭ ᠤ᠋ᠨ ᠬᠢᠨ ᠡᠴᠡ ᠲᠤᠰᠠᠯᠠᠮᠠᠵᠢ ᠳ᠋ᠤ᠌ ᠢᠷᠡᠭᠰᠡᠨ ᠢ᠋ ᠳᠣᠷᠵᠢ ᠤᠯᠠᠮ ᠢ᠋ᠶ᠋ᠠᠷ ᠰᠠᠢᠵᠢᠷᠠᠭᠤᠯᠤᠨ ᠣᠯᠣᠩ ᠵᠢᠷᠢᠮ ᠢ᠋ ᠨᠢ ᠪᠥᠬᠡ ᠪᠠᠲᠤ ᠪᠣᠯᠭᠠᠨ ᠲᠢᠭᠯᠡᠵᠦ ᠠᠪᠴᠠᠢ᠃
ᠬᠥᠮᠦᠰ ᠲᠤᠰ ᠪᠦᠷᠢᠨ᠎ᠡ ᠤᠨᠤᠭ᠎ᠠ ᠮᠣᠷᠢ ᠲᠠᠢ ᠪᠣᠯᠤᠭᠰᠠᠨ ᠳ᠋ᠠᠭᠠᠨ ᠪᠠᠶᠠᠷᠯᠠᠯᠳᠤᠨ᠎ᠠ᠃ ᠡᠨᠡ ᠬᠢᠷᠢ ᠵᠥᠪᠯᠡᠯᠲᠦ ᠣᠷᠣᠰ ᠤᠯᠤᠰ ᠠ᠋ᠴᠠ ᠢᠷᠡᠬᠦ ᠵᠡᠪᠰᠡᠭ ᠦ᠋ᠨ ᠲᠤᠰᠠᠯᠠᠮᠵᠢ ᠠᠷᠠᠢᠬᠠᠨ ᠬᠦᠷᠦᠯᠴᠡᠨ ᠢᠷᠡᠭᠡ ᠦᠭᠡᠢ ᠪᠠᠢᠭᠰᠠᠨ ᠤᠴᠢᠷ ᠬᠥᠮᠦᠰ ᠲᠦ᠍ ᠲᠠᠪᠤ ᠲᠠᠪᠤᠨ ᠰᠤᠮᠤ᠂ ᠳᠡᠭᠡᠳᠦ ᠵᠡᠷᠭᠡ ᠶ᠋ᠢᠨ ᠫᠤᠤᠳᠠᠭᠴᠢᠳ ᠲᠤ᠌ ᠠᠷᠪᠠ ᠠᠷᠪᠠᠨ ᠰᠤᠮᠤ ᠶ᠋ᠢ ᠲᠠᠷᠬᠠᠭᠠᠨ ᠲᠦᠭᠡᠭᠡᠵᠡᠢ᠃ ᠠᠯᠢ ᠥᠷᠯᠥᠭᠡ ᠡᠴᠡ ᠠᠪᠤᠨ ᠪᠢᠲᠡᠭᠦᠦ ᠪᠦᠷᠬᠦᠭᠰᠡᠨ ᠡᠭᠦᠯᠡ ᠮᠠᠨᠠᠨ ᠨᠡᠮᠡ ᠨᠡᠮᠡᠨ ᠵᠤᠵᠠᠭᠠᠷᠠᠭᠰᠠᠭᠠᠷ ᠡᠴᠦᠰ ᠲᠦ᠋ᠨᠢ ᠲᠣᠮᠣ ᠲᠣᠮᠣ ᠰᠢᠷᠬᠡᠭᠲᠦ ᠴᠠᠰᠤ ᠬᠠᠶᠠᠯᠠᠬᠤ ᠪᠣᠯᠵᠠᠢ᠃ ᠡᠨᠳᠡ ᠲᠡᠨᠳᠡ ᠪᠥᠭᠡᠮᠨᠡᠷᠡᠭᠦᠯᠦᠨ ᠤᠶᠠᠭᠰᠠᠨ ᠡᠮᠡᠭᠡᠯᠲᠦ ᠮᠣᠷᠢᠳ ᠤ᠋ᠨ ᠬᠣᠨᠳᠣᠯᠠᠢ ᠴᠠᠰᠤᠨ ᠳ᠋ᠤ᠌ ᠳᠠᠷᠤᠭᠳᠠᠨ ᠪᠤᠭᠤᠷᠤᠯᠲᠤᠨᠠ᠃ ᠲᠤᠩ ᠰᠠᠶᠢᠬᠠᠨ ᠦᠢᠮᠡᠨ ᠪᠤᠵᠢᠭᠢᠨᠠᠵᠤ ᠪᠠᠢᠭᠰᠠᠨ ᠡᠷᠡᠰ᠂ ᠲᠤᠰ ᠲᠤᠰ ᠤ᠋ᠨ ᠢ᠋ᠶ᠋ᠠᠨ ᠣᠷᠣᠨ ᠰᠠᠭᠤᠴᠠ ᠳ᠋ᠤ᠌ ᠣᠷᠣᠵᠤ ᠠᠨᠢᠷ ᠴᠢᠮᠡᠭᠡ ᠦᠭᠡᠢ ᠪᠣᠯᠤᠭᠰᠠᠨ ᠪᠠᠢᠲᠠᠯ᠎ᠠ ᠭᠡᠨᠡᠳᠲᠡ ᠲᠤᠩ ᠪᠦᠷᠢᠨ ᠶᠠᠩᠰᠢᠵᠤ ᠳᠠᠬᠢᠨ ᠪᠤᠵᠢᠭᠢᠨᠠᠭᠠᠨ ᠪᠣᠯᠵᠤ᠂ ᠮᠣᠷᠢᠳ ᠤ᠋ᠨ ᠵᠦᠭ ᠭᠦᠶᠦᠯᠳᠦᠨ᠎ᠡ᠃ ᠳᠡᠭᠡᠳᠦ ᠳᠠᠷᠤᠭ᠎ᠠ ᠨᠠᠷ ᠤ᠋ᠨ ᠲᠤᠰᠢᠶᠠᠯ ᠢ᠋ᠶ᠋ᠠᠷ ᠬᠣᠶᠠᠷ ᠡᠩᠨᠡᠭᠡ ᠪᠣᠯᠤᠨ ᠲᠣᠭᠣᠷᠢᠨ ᠵᠣᠭᠰᠣᠬᠤ ᠳ᠋ᠤ᠌ ᠬᠣᠶᠠᠷ ᠮᠣᠷᠢ ᠲᠠᠢ ᠬᠥᠮᠦᠨ ᠳᠠᠪᠬᠢᠨ ᠢᠷᠡᠵᠡᠢ᠃ ᠲᠡᠳᠡᠨ ᠦ᠌ ᠨᠢᠭᠤᠷ ᠴᠢᠷᠠᠢ ᠠᠰᠬᠠᠷᠠᠨ ᠣᠷᠣᠵᠤ ᠪᠣᠢ ᠴᠠᠰᠤᠨ ᠳ᠋ᠤ᠌ ᠪᠠᠷᠤᠭ ᠪᠦᠷᠦᠭ ᠬᠠᠷᠠᠭᠳᠠᠬᠤ ᠪᠣᠯᠪᠠᠴᠤ ᠴᠡᠷᠢᠭ ᠦ᠋ᠳ ᠵᠠᠩᠵᠤᠨ ᠰᠦᠬᠡᠪᠠᠭᠠᠲᠤᠷ᠂ ᠨᠣᠮᠯᠠᠭᠴᠢ ᠴᠣᠢᠪᠠᠯᠰᠠᠩ ᠭᠡᠵᠦ ᠲᠠᠨᠢᠨ ᠰᠢᠪᠡᠨᠡᠯᠳᠦᠨ᠎ᠡ᠃ ᠡᠨᠳᠡ ᠪᠠᠢᠭ᠎ᠠ ᠪᠦᠬᠦ ᠴᠡᠷᠢᠭ ᠵᠠᠭᠤᠨ ᠲᠠᠪᠢ ᠰᠢᠬᠠᠮ᠂ ᠠᠭᠲᠠ ᠮᠣᠷᠢᠳ ᠤ᠋ᠨ ᠬᠠᠮᠲᠤ ᠭᠤᠷᠪᠠᠨ ᠵᠠᠭᠤ ᠭᠠᠷᠤᠢ ᠠᠮᠢ ᠪᠡᠶ᠎ᠡ᠂ ᠵᠠᠩᠵᠤᠨ ᠰᠦᠬᠡᠪᠠᠭᠠᠲᠤᠷ ᠤ᠋ᠨ ᠠᠮᠠᠨ ᠠ᠋ᠴᠠ ᠶᠠᠭᠤ ᠭᠠᠷᠬᠤ ᠶ᠋ᠢ ᠬᠦᠯᠢᠶᠡᠵᠡᠢ᠃
ᠠᠷᠤ ᠳ᠋ᠤᠨᠢ ᠭᠠᠵᠢ ᠪᠤᠷᠤᠭᠤ ᠮᠠᠯ ᠤ᠋ᠨ ᠬᠥᠯ ᠦ᠋ᠨ ᠲᠦᠪᠡᠷᠭᠡᠨ ᠰᠣᠨᠣᠰᠳᠠᠭᠰᠠᠨ ᠢ᠋ ᠡᠷᠭᠢᠨ ᠬᠠᠷᠠᠬᠤ ᠳ᠋ᠤ᠌ ᠵᠠᠮᠴᠢ ᠳᠠᠷᠬᠠᠨ ᠳᠠᠯᠢᠤ ᠲᠣᠮᠣ ᠡᠪᠡᠷ ᠲᠡᠢ ᠬᠥᠬᠡ ᠬᠠᠢᠨᠤᠭ ᠤ᠋ᠨ ᠱᠠᠷ ᠤᠨᠤᠨ ᠬᠠᠲᠠᠷᠢᠭᠤᠯᠤᠨ ᠠᠢᠰᠤᠢ᠃ ᠳᠠᠷᠬᠠᠨ ᠤ᠋ ᠰᠦᠷᠡᠬᠡᠢ ᠶᠡᠬᠡ ᠰᠠᠬᠠᠯ ᠴᠠᠰᠤᠨ ᠳ᠋ᠤ᠌ ᠬᠤᠴᠢᠭᠳᠠᠭᠰᠠᠨ ᠨᠢ ᠡᠷᠡᠦ ᠳ᠋ᠡᠭᠡᠨ ᠢᠰᠡᠭᠡᠢ ᠬᠥᠭ ᠵᠡᠭᠦᠭᠰᠡᠨ ᠰᠢᠭ ᠦᠵᠡᠭᠳᠡᠨ᠎ᠡ᠃ ᠳᠡᠪᠡᠯ ᠢ᠋ᠶ᠋ᠡᠨ ᠬᠠᠭᠤᠴᠢᠨ ᠶᠠᠩᠵᠤ ᠪᠠᠷ ᠶᠡᠬᠡᠳᠡ ᠬᠥᠭᠡᠷᠦᠬᠡᠨ ᠪᠦᠰᠡᠯᠡᠭᠡᠳ ᠲᠡᠭᠦᠨ ᠦ᠌ ᠪᠡᠨ ᠳᠡᠭᠡᠷ᠎ᠡ ᠬᠡᠳᠦᠨ ᠲᠠᠢᠰᠠ ᠰᠤᠮᠤ ᠶ᠋ᠢ ᠬᠠᠩᠬᠠᠭᠠᠷ ᠴᠡᠭᠡᠵᠢᠨ ᠳ᠋ᠡᠭᠡᠨ ᠣᠷᠢᠶᠠᠨ ᠪᠢᠷᠲᠡᠩᠺᠡ ᠫᠤᠤ ᠡᠭᠦᠷᠦᠭᠰᠡᠨ ᠨᠢ ᠣᠳᠣ ᠬᠡᠦᠬᠡᠳ ᠪᠠᠭᠠᠴᠤᠳ ᠪᠠᠢᠲᠤᠭᠠᠢ ᠲᠣᠮᠣᠴᠤᠳ ᠪᠣᠯᠪᠠᠴᠤ ᠠᠶᠤᠨ ᠰᠣᠴᠢᠮᠠᠷ ᠪᠠᠷ᠎ᠠ ᠰᠦᠷ ᠲᠡᠢ ᠪᠣᠯᠵᠠᠢ᠃
— ᠬᠥᠶᠢ ᠵᠠᠮᠴᠢ ᠭᠤᠸᠠᠢ ᠰᠠᠢᠨ ᠶᠠᠪᠤᠵᠤ ᠪᠠᠢᠨ᠎ᠠ ᠤᠤ? ᠭᠡᠵᠦ ᠳᠣᠷᠵᠢ ᠶ᠋ᠢᠨ ᠠᠰᠠᠭᠤᠬᠤ ᠳ᠋ᠤ᠌ ᠸᠴᠢᠷ ᠸᠠᠨᠢ! ᠭᠡᠵᠦ ᠳᠠᠭᠤ ᠠᠯᠲᠠᠨ ᠳᠣᠷᠵᠢ ᠶ᠋ᠢ ᠠᠵᠢᠭᠯᠠᠭᠠᠳ᠂ ᠳᠣᠷᠵᠢ ᠤᠤ? ᠰᠠᠢᠨ᠂ ᠰᠠᠢᠨ᠂ ᠴᠠᠭᠠᠨ᠎ᠠ ᠴᠢᠨᠢ ᠣᠳᠣ ᠴᠠᠭ ᠲᠤᠯᠭᠠᠷᠠᠯ᠎ᠠ ᠰᠢᠦ ᠳᠡ᠃
— ᠲᠡᠢᠮᠦ ᠠ᠋᠂ ᠲᠤᠯᠭᠠᠷᠠᠭᠠᠳ ᠪᠠᠢᠨ᠎ᠠ ᠭᠡᠳ ᠴᠠᠭᠠᠰᠢ ᠶᠠᠷᠢᠬᠤ ᠭᠡᠲᠡᠯ᠎ᠡ ᠳᠠᠮᠫᠢᠯ ᠳᠠᠷᠤᠭ᠎ᠠ《ᠴᠢᠮᠡᠭᠡ ᠪᠡᠨ!》 ᠭᠡᠵᠦ ᠬᠣᠷᠢᠭᠯᠠᠪᠠ᠃ ᠳᠠᠷᠬᠠᠨ ᠬᠠᠷᠢᠭᠤ ᠳ᠋ᠤᠨᠢ ᠬᠡᠳᠡᠷᠯᠡᠬᠦ ᠪᠣᠯᠤᠯᠲᠠᠢ᠄ ᠤᠤᠬᠠᠢ ᠡᠨᠳᠡ ᠬᠠ ᠬᠠ ᠳᠠᠮᠫᠢᠯ᠂ ᠵᠠ ᠬᠦ ᠵᠠᠩᠵᠤᠨ ᠬᠠᠮᠢᠭ᠎ᠠ ᠶᠠᠪᠤᠨ᠎ᠠ?
— ᠲᠠ ᠶᠠᠭᠠᠬᠢᠬᠤ ᠬᠡ ᠪᠣᠢ?
— ᠠᠭᠤᠯᠵᠠᠨ᠎ᠠ᠃ ᠬᠠᠪᠤᠷ ᠤ᠋ᠨ ᠴᠠᠰᠤ ᠬᠠᠯᠲᠤᠷᠢᠭ᠎ᠠ ᠲᠠᠢ ᠬᠠᠮᠢᠭᠠᠭᠤᠷ ᠶᠠᠪᠤᠪᠠᠯ ᠵᠣᠬᠢᠬᠤ ᠶ᠋ᠢ ᠵᠢᠭᠠᠨ᠎ᠠ᠃
— ᠲᠠ ᠠᠶᠠᠷ ᠶᠠᠷᠢ! ᠵᠠᠩᠵᠤᠨ ᠲᠦᠷᠦᠭᠦᠨ ᠳ᠋ᠦ᠍ ᠶᠠᠪᠤᠭ᠎ᠠ᠃
— ᠮᠡᠳᠡᠯ᠎ᠡ᠂ ᠸᠴᠢᠷ ᠸᠠᠨᠢ᠃
ᠵᠠᠮᠴᠢ ᠨᠢᠭᠡ ᠶᠠᠭᠤᠮ᠎ᠠ ᠪᠠᠷ ᠤᠨᠤᠵᠤ ᠶᠠᠪᠤᠭ᠎ᠠ ᠬᠠᠢᠨᠤᠭ ᠢ᠋ᠶ᠋ᠠᠨ ᠰᠢᠪ ᠬᠢᠯᠭᠡᠨ ᠣᠷᠢᠶᠠᠯᠭᠠᠭᠰᠠᠨ ᠨᠢ ᠮᠠᠨᠢ ᠤᠩᠰᠢᠬᠤ ᠰᠤᠸᠠᠮᠫᠠᠨ ᠤ᠋ ᠡᠷᠢᠭᠡ ᠰᠢᠭ ᠲᠣᠮᠣ ᠲᠣᠮᠣ ᠡᠷᠢᠬᠡᠲᠤ ᠡᠷᠢᠭᠡ ᠪᠡᠷ ᠢ᠋ᠶ᠋ᠡᠨ ᠭᠤᠶᠠᠳᠠᠭᠰᠠᠨ ᠠᠵᠢ᠃ ᠲᠡᠷᠡ ᠳᠣᠣᠷᠠᠬᠠᠨ ᠢ᠋ᠶ᠋ᠠᠨ ᠣᠷᠣᠭᠰᠢ ᠭᠦᠶᠦᠯᠭᠡᠨ ᠠᠯᠠᠭ᠎ᠠ ᠪᠣᠯᠪᠠ᠃
《ᠬᠠᠪᠤᠷ ᠤ᠋ᠨ ᠴᠠᠰᠤ ᠬᠠᠯᠲᠤᠷᠢᠭ᠎ᠠ ᠲᠠᠢ》 ᠭᠡᠵᠦ ᠵᠠᠮᠴᠢ ᠳᠠᠷᠬᠠᠨ ᠤ᠋ ᠥᠭᠦᠯᠡᠳᠡᠭ ᠲᠤᠩ ᠦᠨᠡᠨ ᠠᠵᠢ᠃ ᠰᠥᠨᠢ ᠲᠤᠷᠰᠢ ᠶᠠᠪᠤᠬᠤ ᠳ᠋ᠠᠭᠠᠨ ᠳᠥᠩᠭᠡᠵᠦ ᠥᠷᠲᠡᠭᠡ ᠭᠠᠷᠤᠢᠬᠠᠨ ᠭᠠᠵᠠᠷ ᠢ᠋ ᠠᠷᠠᠢᠬᠠᠨ ᠠᠪᠴᠠᠢ᠃ ᠡᠨᠡ ᠵᠠᠭᠤᠷ᠎ᠠ ᠬᠣᠶᠠᠷ ᠭᠤᠨᠠᠨ ᠫᠤᠤ ᠶ᠋ᠢᠨ ᠮᠣᠷᠢᠳ ᠡᠴᠡᠨ ᠠᠷᠤ ᠳ᠋ᠤ᠌ ᠬᠠᠶᠠᠭᠳᠠᠵᠠᠢ᠃ ᠠᠩᠬ᠎ᠠ ᠴᠠᠰᠤ ᠣᠷᠣᠯᠲᠠ ᠪᠠᠷ ᠴᠡᠷᠢᠭ ᠦ᠋ᠳ ᠳᠡᠪᠡᠯ ᠬᠤᠪᠴᠠᠰᠤ ᠨᠣᠷᠤᠨ ᠴᠢᠭᠢᠭ ᠳᠠᠭᠠᠭᠠᠵᠤ ᠪᠠᠢᠭᠰᠠᠨ ᠨᠢ ᠰᠥᠨᠢ ᠶ᠋ᠢᠨ ᠬᠦᠢᠲᠡᠨ ᠳ᠋ᠦ᠍ ᠬᠥᠯᠳᠡᠵᠦ ᠲᠠᠭᠠᠷᠠᠨ ᠴᠡᠴᠡᠷᠡᠭᠦᠯᠬᠦ ᠳ᠋ᠦ᠍ ᠬᠦᠷᠴᠡᠢ᠃ ᠰᠥᠨᠢ ᠳᠤᠮᠳᠠ ᠶ᠋ᠢᠨ ᠬᠢᠷᠢ ᠪᠡᠷ ᠬᠥᠨᠳᠡᠯᠡᠨ ᠡᠴᠡ ᠦᠭᠡᠯᠦᠯᠭᠡ ᠨᠣᠶᠠᠨ ᠥᠪᠡᠷ ᠦ᠋ᠨ ᠬᠠᠷᠢᠶᠠᠲᠤ ᠲᠠᠪᠢᠨ ᠡᠷ᠎ᠡ ᠴᠡᠷᠢᠭ ᠲᠡᠢ ᠢᠷᠡᠵᠦ ᠨᠡᠢᠯᠡᠪᠡ᠃ ᠭᠠᠵᠠᠷ ᠰᠠᠢᠨ ᠮᠡᠳᠡᠬᠦ ᠬᠥᠮᠦᠨ ᠦ᠌ ᠬᠡᠯᠡᠬᠦ ᠪᠡᠷ ᠪᠣᠯ ᠬᠢᠶᠠᠭᠲᠤ ᠬᠣᠲᠠ ᠲᠤᠩ ᠣᠢᠷᠠᠲᠤᠭᠰᠠᠨ ᠭᠡᠨ᠎ᠡ᠃ ᠦᠷ ᠴᠠᠢᠨ ᠣᠢᠷ᠎ᠠ ᠵᠠᠭᠤᠷ᠎ᠠ ᠶ᠋ᠢᠨ ᠪᠠᠷ᠎ᠠ ᠦᠵᠡᠭᠳᠡᠬᠦ ᠲᠡᠢ ᠪᠣᠯᠬᠤ ᠦᠶ᠎ᠡ ᠪᠡᠷ ᠳᠠᠮᠫᠢᠯ ᠳᠠᠭᠤᠳᠠᠭᠳᠠᠨ ᠤᠷᠤᠭᠰᠢ ᠳᠠᠪᠰᠢᠨ ᠴᠣᠪᠤᠭᠠᠨ ᠤ᠋ ᠲᠦᠷᠦᠭᠦᠨ ᠳ᠋ᠦ᠍ ᠶᠠᠪᠤᠭ᠎ᠠ ᠭᠤᠷᠪᠠᠨ ᠬᠥᠮᠦᠨ ᠳᠡᠭᠡᠷ᠎ᠡ ᠣᠴᠢᠵᠠᠢ᠃ ᠲᠡᠳᠡᠨ ᠦ᠌ ᠨᠢᠭᠡ ᠨᠢ ᠰᠦᠬᠡᠪᠠᠭᠠᠲᠤᠷ᠂ ᠬᠣᠶᠠᠳᠠᠬᠢ ᠨᠢ ᠴᠣᠢᠪᠠᠯᠰᠠᠩ᠂ ᠭᠤᠷᠪᠠᠳᠠᠬᠢ ᠨᠢ ᠦᠭᠡᠯᠦᠯᠭᠡ᠃ ᠳᠠᠮᠫᠢᠯ ᠲᠡᠨᠳᠡ ᠡᠴᠡ ᠶᠠᠭᠠᠷᠠᠯᠲᠠᠢ ᠡᠷᠭᠢᠨ ᠢᠷᠡᠵᠦ ᠰᠤᠮᠤᠨ ᠠ᠋ᠴᠠ ᠪᠠᠨ ᠲᠠᠪᠢᠨ ᠬᠥᠮᠦᠨ ᠢ᠋ ᠭᠠᠷᠭᠠᠨ ᠠᠪᠴᠤ ᠪᠦᠬᠦ ᠴᠡᠷᠢᠭ ᠡᠴᠡ ᠲᠦᠷᠦᠭᠦᠯᠡᠨ ᠶᠠᠪᠤᠯ᠎ᠠ᠃ ᠲᠡᠳᠡᠨ ᠦ᠌ ᠨᠢᠭᠡ ᠨᠢ ᠳᠣᠷᠵᠢ᠃ ᠳᠠᠮᠫᠢᠯ ᠲᠡᠳᠡᠨ ᠳ᠋ᠡᠭᠡᠨ᠄
— ᠡᠨᠡᠬᠡᠨ ᠡᠷᠢᠶᠡᠨ ᠬᠠᠪᠢᠷᠭ᠎ᠠ ᠶ᠋ᠢᠨ ᠬᠣᠩᠬᠣᠷ ᠤ᠋ᠨ ᠪᠠᠢᠰᠢᠩ ᠳ᠋ᠤ᠌ ᠪᠠᠢᠭ᠎ᠠ ᠭᠠᠮᠢᠩ ᠤ᠋ᠨ ᠬᠠᠷᠠᠭᠤᠯ ᠢ᠋ ᠤᠰᠠᠳᠬ᠎ᠠ ᠭᠡᠳ᠄ ᠮᠢᠨᠦ ᠬᠣᠢᠨ᠎ᠠ ᠠ᠋ᠴᠠ! ᠭᠡᠵᠦ ᠲᠤᠰᠢᠶᠠᠵᠤ ᠮᠣᠷᠢᠨ ᠳ᠋ᠠᠭᠠᠨ ᠲᠠᠰᠢᠭᠤᠷ ᠥᠭᠭᠦᠨ ᠤᠬᠤᠰᠬᠢᠵᠡᠢ᠃ ᠠᠷᠤ ᠠ᠋ᠴᠠ ᠨᠢ ᠳᠣᠷᠵᠢ ᠶ᠋ᠢᠨ ᠮᠣᠷᠢ ᠣᠭᠯᠣ ᠦᠰᠦᠷᠦᠨ ᠮᠥᠷᠥ ᠵᠡᠷᠭᠡᠴᠡᠨ ᠣᠴᠢᠪᠠ᠃ ᠪᠤᠰᠤᠳ ᠨᠢ ᠬᠣᠢᠨ᠎ᠠ ᠠ᠋ᠴᠠ ᠨᠢ ᠬᠤᠷᠳᠤᠯᠠᠪᠠᠴᠤ ᠠᠯᠤᠰᠯᠠᠭᠳᠠᠨ ᠬᠣᠴᠣᠷᠤᠨ᠎ᠠ᠃ ᠲᠦᠷᠦᠭᠦᠯᠡᠭᠰᠡᠨ ᠬᠣᠶᠠᠷ ᠤ᠋ᠨ ᠮᠣᠷᠢᠳ ᠤᠯᠠᠮ ᠢ᠋ᠶ᠋ᠠᠷ ᠡᠷᠴᠢᠯᠡᠨ ᠬᠤᠷᠳᠤᠯᠠᠵᠤ᠂ ᠠᠷᠤ ᠳ᠋ᠤᠨᠢ ᠴᠠᠰᠤ ᠮᠠᠨᠠᠷᠠᠨ ᠪᠣᠰᠤᠨ᠎ᠠ᠃ ᠲᠡᠳᠡ ᠳᠣᠣᠷᠠᠬᠠᠨ ᠢ᠋ᠶ᠋ᠠᠨ ᠭᠠᠮᠢᠩ ᠤ᠋ᠨ ᠬᠠᠷᠠᠭᠤᠯ ᠪᠠᠢᠭ᠎ᠠ ᠬᠣᠩᠬᠣᠷ ᠤ᠋ᠨ ᠪᠠᠢᠰᠢᠩ ᠤᠷᠤᠭᠤ ᠣᠷᠣᠵᠤ ᠢᠷᠡᠪᠡ᠃ ᠱᠣᠪᠣᠭᠣᠷ ᠤ᠋ᠨ ᠮᠠᠨᠠᠭ᠎ᠠ ᠭᠡᠨᠡᠳᠲᠡ ᠬᠠᠷᠠᠨ ᠫᠤᠤᠳᠠᠭᠰᠠᠨ ᠪᠣᠯᠪᠠᠴᠤ ᠳᠠᠪᠠᠭᠤᠯᠵᠤ ᠣᠷᠬᠢᠪᠠ᠃ ᠳᠠᠮᠫᠢᠯ ᠤ᠋ᠨ ᠭᠠᠷ ᠭᠢᠯᠠᠰᠬᠢᠨ ᠫᠤᠤ ᠪᠠᠨ ᠮᠤᠯᠲᠤᠯᠤᠨ ᠠᠪᠤᠩᠭᠤᠲᠠ ᠫᠤᠤᠳᠠᠬᠤ ᠳ᠋ᠠᠭᠠᠨ ᠳᠣᠣᠷ᠎ᠠ ᠨᠢ ᠤᠨᠠᠭᠠᠪᠠ᠃ ᠡᠨᠡ ᠨᠢ ᠳᠣᠷᠵᠢ ᠳ᠋ᠤ᠌ ᠵᠡᠭᠦᠳᠦ ᠰᠢᠭ ᠰᠠᠨᠠᠭᠳᠠᠪᠠ᠃ ᠬᠣᠢᠲᠤ ᠲᠠᠯ᠎ᠠ ᠳ᠋ᠠᠭᠠᠨ ᠤᠷᠲᠤ ᠰᠢᠪᠠᠷ ᠪᠠᠢᠰᠢᠩ ᠲᠠᠢ ᠥᠨᠳᠥᠷ ᠬᠠᠰᠢᠶᠠᠨ ᠤ᠋ ᠬᠠᠭᠠᠯᠭ᠎ᠠ ᠶ᠋ᠢᠨ ᠡᠮᠦᠨ᠎ᠡ ᠢᠷᠡᠬᠦ ᠲᠡᠢ ᠪᠡᠨ ᠵᠡᠷᠭᠡ ᠳᠠᠮᠫᠢᠯ《ᠮᠣᠷᠢ ᠠᠪᠤᠭᠠᠷᠠᠢ!》 ᠭᠡᠵᠦ ᠬᠡᠯᠡᠨ ᠦᠰᠦᠷᠦᠨ ᠪᠠᠭᠤᠪᠠ᠃ ᠰᠦᠬᠡᠪᠠᠭᠠᠲᠤᠷ ᠳᠥᠷᠥᠭᠡ ᠵᠢᠭᠢᠨ ᠡᠮᠡᠭᠡᠯ ᠳᠡᠭᠡᠷ᠎ᠡ ᠪᠡᠨ ᠪᠣᠰᠴᠤ᠄
— ᠡᠪ ᠲᠠᠩᠭᠠᠷᠢᠭ ᠨᠢᠭᠡᠲᠦ ᠵᠢᠷᠤᠮ ᠤ᠋ᠨ ᠣᠯᠠᠨ ᠠᠬ᠎ᠠ ᠳᠡᠭᠦᠦ ᠨᠠᠷ ᠠ᠋! ᠭᠡᠵᠦ ᠦᠭᠡ ᠪᠡᠨ ᠡᠬᠢᠯᠡᠨ ᠴᠠᠭᠠᠰᠢ ᠶᠠᠷᠢᠬᠤ ᠳ᠋ᠤ᠌ ᠴᠥᠮ ᠠᠮᠢᠰᠬᠤᠯ ᠬᠣᠷᠢᠶᠠᠨ ᠴᠢᠩᠨᠠᠭᠰᠠᠨ ᠪᠥᠭᠡᠳ ᠭᠠᠭᠴᠠᠬᠠᠨ ᠳᠣᠷᠵᠢ ᠶ᠋ᠢᠨ ᠮᠣᠷᠢ ᠲᠣᠭᠲᠠᠵᠤ ᠶᠠᠳᠠᠨ ᠲᠣᠩᠭᠣᠴᠢᠵᠤ ᠡᠵᠡᠨ ᠢ᠋ᠶ᠋ᠡᠨ ᠦᠢᠮᠡᠭᠦᠯᠪᠡ᠃《ᠪᠢᠳᠡ ᠣᠳᠣ ᠥᠰᠢᠶᠡᠲᠡᠨ ᠳᠠᠢᠰᠤᠨ ᠲᠠᠢ ᠡᠷᠡᠭᠴᠢᠨ ᠡᠮᠡᠭᠴᠢᠨ ᠢ᠋ᠶ᠋ᠡᠨ ᠦᠵᠡᠯᠴᠡᠬᠦ ᠴᠢᠬᠤᠯᠠ ᠴᠠᠭ ᠤ᠋ᠨ ᠡᠮᠦᠨ᠎ᠡ ᠢᠷᠡᠯ᠎ᠡ!》 ᠭᠡᠵᠦ ᠰᠦᠬᠡᠪᠠᠭᠠᠲᠤᠷ ᠤ᠋ᠨ ᠥᠭᠦᠯᠡᠬᠦ ᠶ᠋ᠢ ᠨᠢᠭᠡ ᠤᠳᠠᠭ᠎ᠠ ᠣᠯᠵᠤ ᠰᠣᠨᠣᠰᠬᠤ ᠪᠣᠯᠪᠠᠴᠤ ᠬᠠᠷ᠎ᠠ ᠮᠣᠷᠢ ᠳᠠᠬᠢᠨ ᠳᠡᠪᠬᠡᠴᠡᠵᠦ ᠪᠠᠰᠠ ᠦᠢᠮᠡᠭᠦᠯᠪᠡ᠃ ᠳᠠᠷᠠᠭ᠎ᠠ ᠨᠢ ᠰᠦᠬᠡᠪᠠᠭᠠᠲᠤᠷ ᠬᠠᠷᠭᠢᠰ ᠭᠠᠮᠢᠩ ᠳᠣᠲᠣᠭᠠᠳᠤ ᠶ᠋ᠢᠨ ᠵᠠᠷᠢᠮ ᠳᠡᠭᠡᠳᠦ ᠯᠠᠮᠠ ᠨᠣᠶᠠᠳ ᠲᠠᠢ ᠬᠤᠤᠪᠢᠯᠳᠤᠨ ᠬᠠᠯᠬ᠎ᠠ ᠣᠷᠣᠨ ᠢ᠋ ᠡᠵᠡᠯᠡᠨ ᠠᠷᠠᠳ ᠲᠦᠮᠡᠨ ᠳ᠋ᠦ᠍ ᠬᠡᠴᠢᠨᠡᠭᠡᠨ ᠶᠡᠬᠡ ᠬᠣᠣᠷ ᠬᠥᠨᠥᠭᠡᠯ ᠤᠴᠠᠷᠠᠭᠤᠯᠤᠭᠰᠠᠨ ᠢ᠋ ᠳᠤᠷᠠᠳᠤᠨ ᠲᠣᠭᠠᠴᠢᠬᠤ ᠶ᠋ᠢ ᠳᠣᠷᠵᠢ ᠣᠯᠵᠤ ᠰᠣᠨᠣᠰᠤᠯ᠎ᠠ᠃ ᠡᠴᠦᠰ ᠲᠦ᠋ᠨᠢ《ᠣᠳᠣ ᠭᠠᠮᠢᠩ ᠢ᠋ ᠬᠥᠭᠡᠭᠡᠨ ᠵᠠᠢᠯᠠᠭᠤᠯᠬᠤ ᠠᠷᠢᠭᠤᠨ ᠬᠡᠷᠡᠭ ᠲᠦ᠍ ᠬᠠᠯᠠᠭᠤᠨ ᠠᠮᠢ ᠪᠦᠯᠢᠶᠡᠨ ᠴᠢᠰᠤ ᠪᠠᠨ ᠪᠢᠲᠡᠭᠡᠢ ᠬᠠᠢᠷᠠᠯᠠᠭᠲᠤᠨ!》 ᠭᠡᠵᠦ ᠭᠠᠷ ᠤ᠋ᠨ ᠢ᠋ᠶ᠋ᠠᠨ ᠲᠠᠰᠢᠭᠤᠷ ᠢ᠋ ᠴᠢᠩᠭᠠᠳᠠ ᠠᠳᠬᠤᠨ ᠳᠡᠭᠡᠷ᠎ᠡ ᠡᠷᠭᠦᠨ ᠭᠢᠯᠠᠯᠵᠠᠭᠤᠯᠬᠤ ᠶ᠋ᠢ ᠣᠯᠵᠤ ᠬᠠᠷᠠᠯ᠎ᠠ᠃
ᠲᠡᠳᠡ ᠡᠴᠡ ᠪᠦᠬᠦ ᠴᠡᠷᠢᠭ ᠤᠷᠲᠤ ᠴᠤᠪᠤᠭ᠎ᠠ ᠪᠣᠯᠤᠨ ᠵᠡᠭᠦᠨ ᠵᠦᠭ ᠴᠢᠭᠯᠡᠪᠡ᠃ ᠥᠨᠳᠥᠷ ᠳᠠᠮᠫᠢᠯ ᠤ᠋ᠨ ᠰᠤᠮᠤ ᠲᠡᠷᠡ ᠴᠤᠪᠤᠭ᠎ᠠ ᠶ᠋ᠢᠨ ᠰᠡᠭᠦᠯ ᠳ᠋ᠦ᠍ ᠣᠷᠣᠭᠰᠠᠨ ᠠᠵᠢ᠃ ᠴᠠᠰᠤᠨ ᠤ᠋ ᠣᠷᠣᠯᠲᠠ ᠦᠷᠭᠦᠯᠵᠢᠯᠡᠵᠦ ᠶᠠᠭᠤᠮ᠎ᠠ ᠪᠦᠬᠦᠨ ᠲᠤᠩ ᠴᠠᠭᠠᠨ ᠪᠣᠯᠪᠠ᠃ ᠨᠠᠷᠠ ᠵᠢᠷᠭᠠᠨ ᠦᠳᠡᠰᠢ ᠪᠣᠯᠣᠮᠠᠭᠴᠠ ᠵᠢᠭᠰᠠᠭᠠᠯ ᠤ᠋ᠨ ᠲᠦᠷᠦᠭᠦᠴᠢ ᠦᠵᠡᠭᠳᠡᠬᠦ ᠪᠡᠨ ᠪᠠᠢᠪᠠ᠃ ᠳᠣᠷᠣᠭᠰᠢ ᠬᠠᠷᠠᠪᠠᠯ ᠤᠷᠢᠳᠠ ᠶᠠᠪᠤᠭ᠎ᠠ ᠮᠣᠷᠢᠳ ᠤ᠋ᠨ ᠬᠥᠯ ᠢ᠋ᠶ᠋ᠡᠷ ᠴᠠᠰᠤ ᠵᠠᠮᠬᠠᠷᠠᠨ ᠭᠠᠵᠠᠷ ᠬᠠᠷᠠᠯᠠᠵᠤ ᠬᠠᠮᠤᠭ ᠤ᠋ᠨ ᠲᠡᠷᠢᠭᠦᠨ ᠶᠠᠪᠤᠭ᠎ᠠ ᠣᠭᠲᠤᠷᠬᠠᠨ ᠲᠡᠮᠦᠷ ᠲᠡᠢ ᠬᠣᠶᠠᠷ ᠭᠤᠨᠠᠨ ᠫᠤᠤ ᠶ᠋ᠢᠨ ᠲᠡᠷᠭᠡᠨ ᠦ᠌ ᠮᠥᠷ ᠭᠠᠵᠠᠷ ᠰᠢᠭᠢᠳᠦᠨ ᠬᠣᠪᠢᠯᠲᠣᠭᠤᠯᠤᠭᠰᠡᠨ ᠨᠢ ᠶᠠᠭᠤ ᠶᠠᠭᠤᠨ ᠠ᠋ᠴᠠ ᠰᠣᠳᠣᠨ ᠦᠵᠡᠭᠳᠡᠨ᠎ᠡ᠃ ᠡᠢᠨᠬᠦ ᠶᠠᠪᠤᠬᠤ ᠳ᠋ᠤ᠌ ᠳᠣᠷᠵᠢ ᠶ᠋ᠢᠨ ᠰᠡᠳᠬᠢᠯ ᠨᠢᠭᠡ ᠯᠡ ᠠᠶᠠᠭᠦᠢ᠃ ᠴᠣᠬᠣᠮ ᠶᠠᠭᠤᠨ ᠠ᠋ᠴᠠ ᠪᠣᠯᠵᠤ ᠰᠡᠳᠬᠢᠯ ᠨᠢ ᠲᠡᠢᠮᠦ ᠵᠡᠷᠮᠡᠭᠡᠷ ᠶᠠᠪᠤᠭ᠎ᠠ ᠶ᠋ᠢ ᠥᠪᠡᠷ ᠢ᠋ᠶ᠋ᠡᠨ ᠴᠦ᠍ ᠦᠯᠦ ᠮᠡᠳᠡᠨ᠎ᠡ᠃ ᠬᠠᠵᠠᠭᠤ ᠳ᠋ᠤ᠌ ᠶᠠᠪᠤᠭ᠎ᠠ ᠨᠤᠲᠤᠭ ᠤ᠋ᠨ ᠨᠠᠢᠵᠢ ᠰᠠᠮᠪᠤᠤ ᠶ᠋ᠢ ᠬᠠᠷᠠᠪᠠᠯ ᠮᠥᠨ ᠯᠡ ᠲᠡᠢᠮᠦ ᠴᠦ᠍ ᠲᠠᠪᠠᠲᠠᠢ ᠪᠢᠰᠢ ᠪᠣᠯᠤᠯᠲᠠᠢ᠂ ᠮᠣᠷᠢᠨ ᠤ᠋ ᠪᠠᠨ ᠲᠣᠯᠣᠭᠠᠢ ᠶ᠋ᠢ ᠭᠥᠯᠢᠷᠡᠨ ᠰᠢᠷᠲᠡᠵᠡᠢ᠃ ᠲᠡᠭᠦᠨ ᠦ᠌ ᠵᠡᠭᠦᠨ ᠭᠠᠷ ᠲᠤ᠌ ᠴᠡᠷᠢᠨᠳᠣᠷᠵᠢ ᠠᠶᠠᠭᠦᠢᠴᠡᠬᠦ ᠶ᠋ᠢᠨ ᠣᠷᠣᠨ ᠳ᠋ᠤ᠌ ᠨᠢᠷᠤᠭᠤᠨ ᠳ᠋ᠠᠬᠢ ᠫᠤᠤ᠂ ᠲᠠᠰᠢᠶᠠᠨ ᠳ᠋ᠠᠬᠢ ᠰᠡᠯᠡᠮ᠎ᠡ ᠳ᠋ᠡᠭᠡᠨ ᠰᠡᠳᠬᠢᠯ ᠬᠥᠭᠡᠷᠦᠨ ᠪᠠᠶᠠᠰᠤᠭᠰᠠᠨ ᠰᠢᠨᠵᠢ ᠲᠡᠢ ᠪᠠᠢᠨ᠎ᠠ᠃ ᠳᠣᠷᠵᠢ ᠶ᠋ᠢᠨ ᠪᠠᠷᠠᠭᠤᠨ ᠭᠠᠷ ᠲᠤ᠌ ᠥᠨᠳᠥᠷ ᠳᠠᠮᠫᠢᠯ᠂ ᠰᠤᠮᠤ ᠶ᠋ᠢᠨ ᠢ᠋ᠶ᠋ᠡᠨ ᠮᠠᠩᠨᠠᠢ ᠪᠠᠷᠢᠨ ᠰᠣᠨᠳᠣᠭᠣᠢᠷᠠᠨ ᠶᠠᠪᠤᠨ᠎ᠠ᠃ ᠲᠡᠭᠦᠨ ᠦ᠌ ᠪᠠᠢᠳᠠᠯ ᠬᠡᠨ ᠲᠡᠢ ᠴᠦ᠍ ᠠᠳᠠᠯᠢ ᠦᠭᠡᠢ᠃ ᠴᠡᠭᠡᠵᠢᠨ ᠪᠡᠶ᠎ᠡ ᠳ᠋ᠡᠭᠡᠨ ᠳᠥᠷᠪᠡᠨ ᠲᠠᠢᠰᠠ ᠰᠤᠮᠤ ᠣᠷᠢᠶᠠᠵᠤ ᠪᠠᠰᠠ ᠭᠤᠷᠪᠠᠨ ᠵᠢᠵᠢᠭ ᠰᠢᠷ᠎ᠠ ᠬᠠᠢᠷᠴᠠᠭ ᠰᠤᠮᠤ ᠲᠠᠢ ᠰᠤᠷᠠᠨ ᠪᠦᠰᠡ ᠶ᠋ᠢ ᠳᠠᠪᠬᠤᠷ ᠪᠦᠰᠡᠯᠡᠵᠡᠢ᠃ ᠡᠭᠦᠷᠦᠭᠰᠡᠨ ᠫᠤᠤ ᠣᠷᠣᠰ ᠮᠣᠷᠢᠨ ᠴᠡᠷᠢᠭ ᠦ᠋ᠨ ᠸᠸᠨ᠋ᠲ᠋ᠸ᠋ᠸ᠂ ᠡᠨᠳᠡ ᠲᠡᠨᠳᠡ ᠨᠢ ᠮᠥᠩᠭᠥ ᠪᠡᠷ ᠴᠢᠮᠡᠨ ᠭᠤᠶᠤᠭᠠᠳ ᠭᠣᠣᠯ ᠲᠡᠮᠦᠷ ᠦ᠋ᠨ ᠨᠢᠷᠤᠭᠤ ᠪᠠᠷ ᠨᠢ《ᠰᠡᠴᠡᠨ ᠪᠢᠯᠢᠭᠲᠦ》 ᠭᠡᠵᠦ ᠮᠥᠩᠭᠥ ᠳᠠᠪᠲᠠᠨ ᠨᠡᠷ᠎ᠡ ᠰᠠᠭᠤᠯᠭᠠᠵᠠᠢ᠃ ᠲᠠᠰᠢᠶᠠᠨ ᠳ᠋ᠠᠬᠢ ᠰᠡᠯᠡᠮ᠎ᠡ ᠶ᠋ᠢᠨ ᠬᠤᠢ ᠳ᠋ᠤ᠌ ᠮᠥᠨ ᠮᠥᠩᠭᠥ ᠣᠷᠣᠭᠤᠯᠤᠨ ᠴᠢᠮᠡᠭᠯᠡᠭᠰᠡᠨ ᠨᠢ ᠪᠦᠷ ᠶᠡᠬᠡ ᠪᠥᠭᠡᠳ ᠬᠡᠷᠪᠡ ᠤᠭ ᠰᠡᠯᠡᠮ᠎ᠡ ᠶ᠋ᠢ ᠰᠤᠭᠤᠯᠤᠨ ᠦᠵᠡᠪᠡᠯ ᠪᠢᠯᠡᠭᠦᠳᠡᠨ ᠬᠤᠷᠴᠠᠯᠠᠭᠰᠠᠨ ᠨᠢ ᠵᠢᠭᠲᠡᠢᠬᠡᠨ᠂ ᠡᠳᠡᠭᠡᠷ ᠡᠴᠡ ᠭᠠᠳᠠᠨ᠎ᠠ ᠭᠤᠲᠤᠯ ᠤ᠋ᠨ ᠳᠦᠷᠢ ᠳ᠋ᠦ᠍ ᠳᠤᠮᠳᠠ ᠭᠠᠷ ᠤ᠋ᠨ ᠪᠷᠸᠢᠨᠺ ᠬᠡᠮᠡᠬᠦ ᠮᠠᠰᠢ ᠳᠡᠭᠵᠢᠨ ᠬᠢᠴᠡᠲᠡᠢ ᠪᠢᠴᠢᠬᠠᠨ ᠬᠠᠷ᠎ᠠ ᠫᠤᠤ ᠪᠠᠢᠨ᠎ᠠ᠃ ᠥᠪᠡᠷ ᠦ᠋ᠨ ᠬᠢᠨᠢ ᠶᠠᠷᠢᠬᠤ ᠪᠠᠷ ᠪᠣᠯ᠂ ᠡᠨᠡ ᠵᠦᠢᠯ ᠠᠯᠤᠰ ᠢ᠋ ᠫᠤᠤᠳᠠᠬᠤ ᠳ᠋ᠤ᠌ ᠪᠢᠰᠢ᠂ ᠬᠡᠷᠪᠡ ᠳᠠᠢᠰᠤᠨ ᠳ᠋ᠤ᠌ ᠪᠠᠷᠢᠭᠳᠠᠬᠤ ᠳ᠋ᠤ᠌ ᠬᠦᠷᠪᠡᠯ ᠠᠯᠢ ᠲᠦᠷᠦᠭᠦᠯᠡᠵᠦ ᠢᠷᠡᠭᠰᠡᠨ ᠢ᠋ ᠫᠤᠤᠳᠠᠨ ᠠᠯᠠᠭᠠᠳ ᠡᠴᠦᠰ ᠦ᠋ᠨ ᠭᠠᠭᠴᠠ ᠰᠤᠮᠤ ᠪᠠᠷ ᠥᠪᠡᠷ ᠢ᠋ ᠪᠡᠨ ᠫᠤᠤᠳᠠᠬᠤ ᠵᠡᠪᠰᠡᠭ ᠶᠦᠮ ᠭᠡᠨ᠎ᠡ᠃
ᠡᠨᠡ ᠪᠦᠬᠦᠨ ᠨᠢ ᠴᠥᠮ ᠠᠮᠢᠨ ᠤ᠋ ᠬᠢ ᠭᠡᠨ᠎ᠡ᠃ ᠶᠡᠷᠦ ᠥᠨᠳᠥᠷ ᠳᠠᠮᠫᠢᠯ ᠳ᠋ᠤ᠌ ᠪᠤᠰᠤᠳ ᠠ᠋ᠴᠠ ᠪᠤᠶᠤ ᠤᠯᠤᠰ ᠠ᠋ᠴᠠ ᠬᠡᠷᠡᠭᠯᠡᠵᠦ ᠶᠠᠪᠤᠭ᠎ᠠ ᠵᠦᠢᠯ ᠨᠢᠭᠡ ᠴᠦ᠍ ᠦᠭᠡᠢ᠃ ᠬᠠᠭᠤᠴᠢᠨ ᠠᠦ᠋ᠲ᠋ᠣᠨᠣᠮᠢᠲᠤ ᠶ᠋ᠢᠨ ᠴᠡᠷᠢᠭ ᠡᠴᠡ ᠪᠠᠭᠤᠬᠤ ᠳ᠋ᠠᠭᠠᠨ ᠡᠢᠮᠦ ᠵᠠᠷ ᠵᠡᠪᠰᠡᠭ ᠲᠡᠢ ᠪᠠᠢᠭᠰᠠᠨ ᠢ᠋ᠶ᠋ᠠᠨ ᠡᠳᠦᠢ ᠪᠣᠯᠲᠠᠯ᠎ᠠ ᠬᠠᠳᠠᠭᠠᠯᠠᠭᠰᠠᠭᠠᠷ ᠢᠷᠡᠭᠰᠡᠨ ᠪᠠᠢᠪᠠ᠃ ᠣᠳᠣ ᠶ᠋ᠢᠨ ᠤᠨᠤᠵᠤ ᠶᠠᠪᠤᠭ᠎ᠠ ᠮᠣᠷᠢ ᠨᠢ ᠴᠦ᠍ ᠠᠮᠢᠨ ᠤ᠋ ᠬᠢ᠃ ᠠᠷᠠᠳ ᠤ᠋ᠨ ᠵᠢᠷᠤᠮᠲᠤ ᠴᠡᠷᠢᠭ ᠲᠦ᠍ ᠠᠩᠬ᠎ᠠ ᠡᠯᠰᠡᠬᠦ ᠳ᠋ᠡᠭᠡᠨ ᠨᠤᠲᠤᠭ ᠤ᠋ᠨ ᠢ᠋ᠶ᠋ᠠᠨ ᠨᠢᠭᠡ ᠨᠥᠬᠥᠷ ᠲᠦ᠍ ᠮᠣᠷᠢ ᠪᠠᠨ ᠥᠭᠭᠦᠨ ᠣᠪᠢᠶᠠᠰᠤ ᠪᠠᠷ ᠲᠡᠵᠢᠭᠡᠯᠭᠡᠭᠡᠳ ᠥᠨᠥ ᠥᠷᠯᠥᠭᠡ ᠠᠪᠴᠢᠷᠠᠭᠤᠯᠵᠠᠢ᠃ ᠡᠭᠦᠨᠴᠡ ᠴᠠᠭᠠᠰᠢ ᠳᠠᠮᠫᠢᠯ ᠳ᠋ᠤ᠌ ᠬᠥᠷᠥᠩᠭᠡ ᠪᠠᠢᠬᠤ ᠦᠭᠡᠢ᠃ ᠭᠡᠷ ᠣᠷᠣᠨ ᠡᠴᠢᠭᠡ ᠡᠬᠡ᠂ ᠠᠬ᠎ᠠ ᠳᠡᠭᠦᠦ ᠨᠠᠷ ᠨᠢ ᠠᠯᠢ ᠬᠡᠳᠦᠢᠨ ᠢᠯᠢ ᠲᠠᠷᠪᠠᠭᠠᠲᠠᠢ ᠳ᠋ᠤ᠌ ᠮᠠᠨᠵᠤ— ᠬᠢᠲᠠᠳ ᠤ᠋ᠨ ᠴᠡᠷᠢᠭ ᠲᠦ᠍ ᠰᠦᠢᠷᠡᠨ ᠪᠠᠯᠠᠷᠠᠭᠠᠳ ᠬᠣᠢᠰᠢᠳᠠ ᠪᠠᠨ ᠭᠠᠵᠠᠷ ᠳᠡᠭᠡᠷ᠎ᠡ ᠭᠣᠣᠨᠢ ᠪᠡᠶ᠎ᠡ ᠭᠣᠵᠣᠩ ᠲᠣᠯᠣᠭᠠᠢ᠂ ᠬᠠᠮᠢᠭᠠᠰᠢ ᠬᠡᠰᠬᠢᠨ ᠶᠠᠭᠤ ᠬᠢᠵᠦ ᠶᠠᠪᠤᠪᠠᠴᠤ ᠬᠠᠮᠢᠶ᠎ᠠ ᠦᠭᠡᠢ ᠪᠣᠯᠤᠭᠰᠠᠨ ᠡᠷ᠎ᠡ᠃ ᠭᠡᠪᠡᠴᠦ ᠳᠠᠮᠫᠢᠯ ᠠᠯᠢ ᠲᠡᠷᠡ ᠳᠡᠭᠡᠷ᠎ᠡ ᠴᠠᠭ ᠠ᠋ᠴᠠ ᠡᠬᠢᠯᠡᠨ ᠦᠭᠡᠯᠦᠯᠭᠡ ᠨᠣᠶᠠᠨ ᠢ᠋ ᠰᠡᠭᠦᠳᠡᠷ ᠮᠡᠲᠦ ᠳᠠᠭᠠᠭᠰᠠᠨ ᠪᠥᠭᠡᠳ ᠪᠢᠰᠢᠷᠡᠨ ᠰᠦᠰᠦᠭᠯᠡᠬᠦ ᠪᠠ ᠠᠶᠤᠨ ᠡᠮᠢᠶᠡᠬᠦ ᠬᠥᠮᠦᠨ ᠨᠢ ᠭᠠᠭᠴᠠᠬᠠᠨ ᠲᠡᠷᠡ ᠪᠠᠢᠵᠠᠢ᠃ ᠨᠥᠭᠦᠭᠡ ᠲᠠᠯ᠎ᠠ ᠪᠠᠷ ᠬᠦᠰᠡᠯ ᠪᠣᠳᠣᠯ ᠨᠢ ᠮᠣᠩᠭᠣᠯ ᠣᠷᠣᠨ᠂ ᠮᠣᠩᠭᠣᠯ ᠬᠥᠮᠦᠨ ᠶᠠᠮᠠᠷ ᠪᠣᠯᠪᠠᠴᠤ ᠬᠠᠷᠢ ᠣᠷᠣᠨ ᠳ᠋ᠤ᠌ ᠡᠵᠡᠯᠡᠭᠳᠡᠨ ᠵᠠᠬᠢᠷᠤᠭᠳᠠᠬᠤ ᠤᠴᠢᠷ ᠦᠭᠡᠢ ᠪᠥᠭᠡᠳ ᠡᠭᠦᠨ ᠦ᠌ ᠲᠥᠯᠥᠭᠡ ᠮᠣᠩᠭᠣᠯ ᠬᠥᠮᠦᠨ ᠵᠢᠳᠬᠦᠬᠦ ᠪᠡᠷ ᠦᠯᠦ ᠪᠠᠷᠠᠮ ᠦᠬᠦᠵᠦ ᠪᠠᠢᠬᠤ ᠪᠣᠯ ᠬᠤᠪᠢ ᠵᠠᠶᠠᠭ᠎ᠠ ᠨᠢ ᠭᠡᠵᠦ ᠦᠵᠡᠨ᠂ ᠬᠢᠲᠠᠳ ᠬᠥᠮᠦᠨ ᠪᠦᠷᠢ ᠶ᠋ᠢ ᠥᠰᠢᠨ ᠵᠠᠨᠤᠳᠠᠭ ᠪᠠᠢᠵᠠᠢ᠃ ᠣᠳᠣ ᠵᠠᠢ ᠵᠠᠪᠰᠠᠷ ᠦᠭᠡᠢ ᠣᠷᠣᠵᠤ ᠪᠠᠢᠭ᠎ᠠ ᠴᠠᠰᠤᠨ ᠪᠦᠷᠦᠩᠬᠦᠢ ᠳᠤᠮᠳᠠᠭᠤᠷ ᠠᠭᠠᠷᠴᠠᠭ ᠳᠦᠭᠦᠷᠡᠩ ᠲᠠᠷᠭᠤᠨ ᠬᠡᠭᠡᠷ ᠮᠣᠷᠢᠨ ᠳᠡᠭᠡᠷ᠎ᠡ ᠭᠡᠳᠡᠢᠰᠬᠢᠨ ᠰᠠᠭᠤᠵᠤ ᠲᠡᠷᠲᠡᠭᠡᠬᠢ ᠬᠠᠷᠠᠩᠭᠤᠢ ᠶ᠋ᠢ ᠬᠤᠷᠴᠠ ᠨᠢᠳᠦ ᠪᠡᠷ ᠰᠢᠷᠲᠡᠨ ᠶᠠᠪᠤᠨ᠎ᠠ᠃ ᠮᠣᠷᠢ ᠨᠢ ᠡᠵᠡᠨ ᠦ᠌ ᠪᠡᠨ ᠪᠠᠭᠤᠭᠰᠠᠨ ᠢ᠋ ᠦᠯᠦ ᠮᠡᠳᠡᠨ ᠳᠠᠪᠬᠢᠭᠰᠠᠨ ᠢ᠋ ᠳᠣᠷᠵᠢ ᠵᠢᠯᠣᠭᠣ ᠠ᠋ᠴᠠ ᠨᠢ ᠰᠢᠭᠦᠷᠦᠨ ᠠᠪᠴᠤ ᠥᠪᠡᠷ ᠦ᠋ᠨ ᠢ᠋ᠶ᠋ᠡᠨ ᠮᠣᠷᠢᠨ ᠤ᠋ ᠠᠮᠠ ᠶ᠋ᠢ ᠲᠡᠳᠡᠨ ᠠᠷᠠᠢᠬᠠᠨ ᠡᠷᠭᠢᠭᠦᠯᠵᠦ ᠠᠪᠤᠯ᠎ᠠ᠃ ᠳᠠᠮᠫᠢᠯ ᠬᠠᠭᠠᠯᠭ᠎ᠠ ᠶ᠋ᠢᠨ ᠬᠠᠵᠠᠭᠤ ᠳ᠋ᠤ᠌ ᠬᠠᠰᠢᠶ᠎ᠠ ᠨᠠᠯᠠᠨ ᠵᠣᠭᠰᠣᠵᠤ ᠪᠠᠢᠭᠰᠠᠨ ᠢ᠋ᠶ᠋ᠠᠨ ᠨᠢᠭᠡ ᠬᠥᠮᠦᠨ ᠦ᠌ ᠲᠣᠯᠣᠭᠠᠢ ᠴᠤᠬᠤᠰᠬᠢᠬᠦ ᠳ᠋ᠦ᠍ ᠡᠮᠦᠨ᠎ᠡ ᠡᠴᠡ ᠨᠢ ᠣᠭᠲᠤᠭᠤᠯᠤᠨ ᠴᠣᠬᠢᠵᠤ ᠭᠡᠳᠡᠷᠭᠦ ᠤᠨᠠᠭᠠᠩᠭᠤᠲᠠ ᠤᠷᠲᠤ ᠭᠠᠷ ᠢ᠋ᠶ᠋ᠠᠨ ᠰᠤᠩᠭᠠᠨ ᠬᠥᠯ ᠡᠴᠡ ᠨᠢ ᠪᠠᠷᠢᠵᠤ ᠴᠢᠷᠦᠨ ᠭᠠᠷᠭᠠᠵᠤ ᠬᠠᠶᠠᠭᠠᠳ ᠳᠠᠬᠢᠨ ᠴᠣᠬᠢᠪᠠ᠃ ᠲᠡᠷᠡ ᠭᠠᠮᠢᠩ ᠬᠠᠷᠢᠭᠤ ᠬᠢᠬᠦ ᠪᠠᠢᠲᠤᠭᠠᠢ ᠳᠤᠤᠭᠠᠷᠴᠤ ᠴᠢᠳᠠᠭᠰᠠᠨ ᠦᠭᠡᠢ᠃ ᠨᠢᠭᠡ ᠬᠥᠮᠦᠨ ᠦ᠌ ᠠᠮᠢ ᠡᠢᠨᠬᠦ ᠥᠩᠭᠡᠷᠡᠳᠡᠭ ᠪᠠᠢᠵᠠᠢ᠃
ᠠᠷᠤ ᠳ᠋ᠤ᠌ ᠬᠣᠴᠣᠷᠤᠭᠰᠠᠨ ᠨᠥᠬᠥᠳ ᠬᠦᠷᠦᠯᠴᠡᠨ ᠢᠷᠡᠪᠡ᠃ ᠳᠠᠮᠫᠢᠯ ᠲᠡᠳᠡᠨ ᠳ᠋ᠦ᠍《ᠮᠢᠨᠦ ᠬᠣᠢᠨ᠎ᠠ ᠠ᠋ᠴᠠ!》 ᠭᠡᠳ ᠬᠠᠰᠢᠶᠠᠨ ᠳ᠋ᠤ᠌ ᠣᠷᠣᠨ᠂ ᠴᠣᠩᠬᠣ ᠨᠤᠭᠤᠳ ᠢ᠋ ᠴᠥᠮ ᠴᠣᠬᠢᠨ ᠨᠢᠭᠡ ᠨᠢᠭᠡᠨ ᠰᠤᠮᠤ ᠲᠠᠯᠪᠢᠬᠤ ᠶ᠋ᠢ ᠨᠡᠮᠡᠨ ᠲᠤᠰᠢᠶᠠᠨ ᠥᠪᠡᠷ ᠢ᠋ᠶ᠋ᠡᠨ ᠬᠠᠭᠠᠯᠭᠠᠨ ᠳᠡᠭᠡᠷ᠎ᠡ ᠵᠣᠭᠰᠣᠪᠠ᠃ ᠤᠷᠢᠳ ᠡᠮᠦᠨ᠎ᠡ ᠡᠨᠡ ᠪᠠᠢᠰᠢᠩ ᠳ᠋ᠤ᠌ ᠳᠡᠯᠭᠡᠭᠦᠷ ᠬᠤᠳᠠᠯᠳᠤᠭ᠎ᠠ ᠪᠠᠢᠬᠤ ᠳ᠋ᠤ᠌ ᠳᠠᠮᠫᠢᠯ ᠣᠯᠠᠨᠲᠠ ᠢᠷᠡᠵᠦ ᠪᠠᠢᠭᠰᠠᠨ ᠤᠴᠢᠷ ᠳᠣᠲᠣᠭᠠᠳᠤ ᠵᠣᠬᠢᠶᠠᠨ ᠪᠠᠢᠭᠤᠯᠤᠯᠲᠠ ᠶ᠋ᠢ ᠰᠠᠢᠨ ᠮᠡᠳᠡᠬᠦ ᠠᠵᠢ᠃ ᠴᠡᠷᠢᠭ ᠦ᠋ᠳ ᠨᠠᠷᠢᠨ ᠮᠣᠳᠣᠨ ᠰᠡᠷᠡᠯᠵᠢᠨ ᠴᠣᠩᠬᠣ ᠨᠤᠭᠤᠳ ᠢ᠋ ᠢᠪ ᠴᠣᠬᠢᠨ ᠫᠤᠤ ᠶ᠋ᠢᠨ ᠠᠮᠠ ᠣᠷᠣᠭᠤᠯᠤᠨ ᠫᠤᠤᠳᠠᠬᠤ ᠳ᠋ᠤ᠌ ᠳᠠᠮᠫᠢᠯ ᠳᠣᠲᠣᠭᠰᠢ ᠣᠷᠣᠨ᠂ ᠥᠭᠡᠳᠡ ᠥᠭᠡᠳᠡ ᠡᠴᠡ ᠪᠡᠨ ᠬᠠᠷᠠᠭᠰᠠᠨ ᠬᠣᠶᠠᠷ ᠬᠠᠭᠠᠯᠭ᠎ᠠ ᠶ᠋ᠢᠨ ᠪᠠᠷᠠᠭᠤᠨ ᠤᠷᠤᠭᠤ ᠬᠥᠭᠡᠭᠡᠲᠤ ᠰᠤᠮᠤ ᠪᠠᠨ ᠳᠠᠭᠤᠰᠲᠠᠯ᠎ᠠ ᠫᠤᠤᠳᠠᠭᠠᠳ ᠭᠡᠨᠡᠳᠲᠡ ᠣᠷᠣᠪᠠ᠃ ᠠᠷᠤ ᠳ᠋ᠤᠨᠢ ᠳᠣᠷᠵᠢ ᠶᠠᠪᠤᠭᠰᠠᠨ ᠪᠥᠭᠡᠳ ᠳᠤᠲᠠᠭᠤ ᠬᠠᠭᠠᠰ ᠬᠤᠪᠴᠠᠰᠤ ᠲᠠᠢ ᠵᠠᠷᠢᠮ ᠨᠢ ᠳᠣᠣᠭᠤᠷ ᠥᠮᠥᠳᠥ ᠴᠠᠮᠴᠠ ᠪᠠᠨ ᠴᠤ᠌ ᠡᠮᠦᠰᠴᠦ ᠠᠮᠵᠢᠭ᠎ᠠ ᠦᠭᠡᠢ ᠭᠠᠮᠢᠩ ᠤ᠋ᠳ ᠱᠠᠯᠠ ᠳᠡᠭᠡᠷ᠎ᠡ ᠰᠠᠨᠳᠤᠷᠤᠨ ᠮᠥᠯᠬᠦᠯᠳᠦᠵᠦ ᠪᠠᠢᠭ᠎ᠠ ᠦᠵᠡᠭᠳᠡᠪᠡ᠃ ᠳᠠᠮᠫᠢᠯ ᠸᠸᠨ᠋ᠲ᠋ᠸ᠋ᠸ ᠢ᠋ᠶ᠋ᠡᠨ ᠬᠠᠶᠠᠨ ᠪᠢᠷᠳᠡᠩᠺᠡ ᠪᠡᠷ ᠢ᠋ᠶ᠋ᠡᠨ ᠫᠤᠤᠳᠠᠭᠰᠠᠨ ᠪᠥᠭᠡᠳ ᠠᠮᠠᠨ ᠳ᠋ᠠᠭᠠᠨ ᠦᠰᠦᠨ ᠪᠠᠷᠢᠭᠤᠯᠲᠤ ᠪᠠᠬᠢᠮ ᠬᠢᠲᠤᠭ᠎ᠠ ᠪᠠᠨ ᠬᠥᠨᠳᠡᠯᠡᠨ ᠵᠠᠭᠤᠭᠰᠠᠨ ᠨᠢ ᠰᠤᠮᠤ ᠪᠠᠨ ᠳᠠᠭᠤᠰᠤᠮᠠᠭᠴᠠ ᠬᠡᠷᠡᠭᠯᠡᠬᠦ ᠳ᠋ᠦ᠍ ᠪᠡᠯᠡᠳᠬᠡᠵᠡᠢ᠃
ᠡᠢᠨᠬᠦ ᠭᠠᠮᠢᠩ ᠤ᠋ᠨ ᠨᠢᠭᠡᠳᠦᠭᠡᠷ ᠬᠠᠷᠠᠭᠤᠯ ᠤ᠋ᠨ ᠠᠷᠪᠠᠨ ᠨᠢᠭᠡᠨ ᠬᠥᠮᠦᠨ ᠭᠱᠠᠨ ᠵᠠᠭᠤᠷ᠎ᠠ ᠶ᠋ᠢᠨ ᠳᠣᠲᠣᠷ᠎ᠠ ᠤᠰᠠᠳᠬᠠᠭᠳᠠᠪᠠ᠃ ᠵᠡᠭᠦᠨ ᠲᠠᠰᠤᠯᠭᠠᠨ ᠳ᠋ᠤ᠌ ᠣᠷᠣᠭᠰᠠᠨ ᠬᠥᠮᠦᠰ ᠬᠣᠶᠠᠷ ᠬᠥᠭᠰᠢᠨ ᠯᠤᠤᠬᠠᠨ ᠢ᠋ ᠴᠢᠷᠴᠦ ᠭᠤᠯᠳᠤᠷᠤᠨ ᠠᠪᠴᠢᠷᠠᠪᠠ᠃ ᠦᠵᠡᠲᠡᠯ᠎ᠡ ᠲᠡᠷᠡ ᠬᠣᠶᠠᠷ ᠭᠠᠮᠢᠩ ᠪᠢᠰᠢ᠂ ᠲᠣᠭᠣᠭᠠᠨ ᠤ᠋ ᠬᠥᠮᠦᠰ᠃ ᠭᠡᠯᠡ ᠴᠦ᠍ ᠳᠠᠮᠫᠢᠯ ᠲᠡᠳᠡᠨ ᠢ᠋ ᠦᠵᠡᠨ ᠶᠠᠳᠠᠨ᠎ᠠ᠃ ᠨᠢᠭᠡ ᠨᠢ ᠭᠠᠷ ᠲᠠᠭᠠᠨ ᠭᠤᠷᠪᠠᠨ ᠶᠠᠩᠴᠢᠶᠠᠨ᠂ ᠨᠥᠭᠦᠭᠡ ᠨᠢ ᠳ᠋ᠦᠩᠵᠡᠨ ᠲᠠᠮᠠᠬᠢ ᠪᠠᠷᠢᠨ ᠠᠮᠢ ᠭᠤᠶᠤᠨ ᠰᠥᠭᠥᠳᠦᠨ ᠪᠠᠷᠬᠢᠷᠠᠯᠳᠤᠨᠠ᠃ ᠡᠢᠮᠦ ᠦᠶ᠎ᠡ ᠳ᠋ᠦ᠍ ᠳᠠᠮᠫᠢᠯ ᠲᠡᠢᠮᠦ ᠬᠥᠮᠦᠰ ᠢ᠋ ᠴᠦ᠍ ᠥᠷᠥᠰᠢᠶᠡᠨ ᠥᠩᠭᠡᠷᠡᠭᠦᠯᠳᠡᠭ ᠦᠭᠡᠢ ᠡᠷ᠎ᠡ ᠪᠠᠢᠵᠠᠢ᠃ ᠤᠬᠠᠭᠠᠨ ᠦᠭᠡᠢ ᠠᠶᠤᠨ ᠪᠠᠢᠰᠢᠩ ᠤ᠋ᠨ ᠱᠠᠯᠠ ᠶ᠋ᠢ ᠲᠦᠭ ᠲᠦᠭ ᠬᠢᠯᠭᠡᠨ ᠮᠥᠷᠭᠥᠵᠦ ᠪᠠᠢᠭ᠎ᠠ ᠯᠤᠤᠬᠠᠨ ᠤ᠋ ᠤᠷᠢᠳ ᠢ᠋ᠶ᠋ᠠᠨ ᠪᠠᠷᠢᠭᠰᠠᠨ ᠭᠠᠷ ᠢ᠋ ᠢᠰᠬᠦᠯᠬᠦ ᠳ᠋ᠦ᠍ ᠭᠤᠷᠪᠠᠨ ᠶᠠᠩᠴᠢᠶᠠᠨ ᠳᠡᠭᠡᠭᠰᠢ ᠦᠰᠦᠷᠦᠨ ᠪᠠᠢᠰᠢᠩ ᠤ᠋ᠨ ᠳᠠᠭᠠᠵᠠᠨ ᠳ᠋ᠤ᠌ ᠬᠠᠩ ᠭᠡᠵᠦ ᠳᠤᠤᠭᠠᠷᠤᠭᠠᠳ ᠳᠣᠷᠣᠭᠰᠢ ᠤᠨᠠᠨ ᠳᠠᠮᠫᠢᠯ ᠳᠠᠷᠤᠭ᠎ᠠ᠂ ᠳᠣᠣᠷᠠᠲᠤ ᠴᠡᠷᠢᠭ ᠲᠡᠭᠡᠨ ᠬᠣᠶᠠᠭᠤᠯᠠ ᠶ᠋ᠢ ᠫᠤᠤᠳᠠᠨ ᠠᠯᠠᠬᠤ ᠶ᠋ᠢ ᠲᠤᠰᠢᠶᠠᠪᠠ᠃ ᠳᠣᠷᠵᠢ ᠶ᠋ᠢᠨ ᠰᠡᠳᠬᠢᠯ ᠠᠶ᠎ᠠ ᠦᠭᠡᠢ ᠪᠣᠯᠤᠨ᠄ ᠵᠠ ᠶᠠᠷᠰᠢᠭ ᠡᠳᠡᠨ ᠢ᠋ ᠤᠷᠭᠢᠶ᠎ᠠ ᠭᠡᠬᠦ ᠳ᠋ᠦ᠍ ᠳᠠᠮᠫᠢᠯ᠄
— ᠴᠢ ᠶᠠᠭᠤ ᠶ᠋ᠢ ᠨᠢ ᠬᠠᠢᠷᠠᠯᠠᠨ᠎ᠠ ᠪᠣᠢ? ᠡᠳᠡ ᠴᠢᠨᠢ ᠥᠪᠡᠷᠰᠡᠳ ᠢ᠋ᠶ᠋ᠡᠨ ᠮᠣᠩᠭᠣᠯ ᠢ᠋ ᠶᠠᠭᠠᠬᠢᠬᠤ ᠠ᠋ᠴᠠ ᠪᠤᠴᠠᠳᠠᠭ ᠦᠭᠡᠢ ᠤᠯᠤᠰ ᠭᠡᠳ ᠲᠦᠷᠦᠭᠦᠴᠢ ᠶ᠋ᠢᠨ ᠢ᠋ᠶ᠋ᠡᠨ ᠲᠤᠰᠢᠶᠠᠯ ᠢ᠋ ᠳᠣᠷᠵᠢ ᠳ᠋ᠤ᠌ ᠲᠤᠯᠭᠠᠪᠠ᠃ ᠢᠩᠭᠢᠭᠡᠳ ᠲᠡᠳᠡ ᠬᠣᠶᠠᠷ ᠤ᠋ᠨ ᠠᠮᠢ ᠴᠤ᠌ ᠥᠩᠭᠡᠷᠡᠯ᠎ᠡ᠃
ᠡᠨᠳᠡᠬᠢ ᠭᠠᠮᠢᠩ ᠤ᠋ᠳ ᠲᠤᠰ ᠪᠦᠷᠢ ᠪᠡᠨ ᠪᠦᠷᠢᠨ ᠵᠡᠪᠰᠡᠭ ᠲᠡᠢ᠂ ᠰᠤᠮᠤ ᠲᠠᠪᠤ ᠲᠠᠪᠤᠨ ᠵᠠᠭᠤ ᠠ᠋ᠴᠠ ᠳᠣᠷᠣᠭᠰᠢ ᠦᠭᠡᠢ᠃ ᠲᠡᠭᠦᠨ ᠢ᠋ ᠨᠢ ᠳᠠᠮᠫᠢᠯ ᠶᠡᠬᠡᠳᠡ ᠣᠯᠵᠠᠭᠤᠷᠬᠠᠨ ᠬᠣᠷᠢᠶᠠᠨ ᠠᠪᠴᠤ ᠴᠡᠷᠢᠭ ᠦ᠋ᠳ ᠢ᠋ᠶ᠋ᠡᠨ ᠵᠡᠪᠰᠡᠭᠯᠡᠪᠡ᠃ ᠬᠠᠷᠢᠨ ᠭᠤᠷᠪᠠᠨ ᠶᠠᠩᠴᠢᠶᠠᠨ ᠢ᠋ ᠠᠪᠤᠭᠰᠠᠨ ᠦᠭᠡᠢ᠃ ᠬᠡᠨ ᠳᠠᠢᠰᠤᠨ ᠤ᠋ ᠶᠠᠭᠤᠮ᠎ᠠ ᠶ᠋ᠢ ᠠᠪᠤᠨ ᠡᠪᠦᠷᠯᠡᠪᠡᠯ ᠬᠠᠮᠤᠭ ᠤ᠋ᠨ ᠲᠦᠷᠦᠭᠦᠦ ᠳᠠᠢᠰᠤᠨ ᠤ᠋ ᠰᠤᠮᠤᠨ ᠳ᠋ᠤ᠌ ᠣᠨᠣᠭᠳᠠᠨ ᠥᠷᠭᠡᠳᠡᠬᠦ ᠭᠡᠨ᠎ᠡ᠃ ᠴᠠᠭᠠᠰᠢ ᠪᠠᠰᠠ ᠵᠡᠪᠰᠡᠭ ᠬᠡᠷᠡᠭᠯᠡᠯ ᠪᠠᠢᠵᠤ ᠮᠠᠭᠠᠳ ᠦᠭᠡᠢ ᠭᠡᠵᠦ ᠡᠷᠢᠬᠦ ᠳ᠋ᠡᠭᠡᠨ ᠰᠠᠪᠠ ᠰᠠᠭᠤᠯᠠᠭ᠎ᠠ ᠨᠤᠭᠤᠳ ᠢ᠋ ᠬᠡᠮᠬᠡ ᠪᠤᠲᠠ ᠴᠣᠬᠢᠨ᠎ᠠ᠃ ᠶᠡᠷᠦ ᠳᠠᠮᠫᠢᠯ ᠤ᠋ᠨ ᠡᠮᠦᠨ᠎ᠡ ᠡᠪᠳᠡᠷᠡᠨ ᠬᠡᠮᠬᠡᠷᠡᠬᠦ ᠦᠭᠡᠢ ᠶᠠᠭᠤᠮ᠎ᠠ ᠠᠯᠠᠭ᠎ᠠ᠃ ᠭᠠᠯ ᠵᠤᠤᠬᠠᠨ ᠳᠡᠭᠡᠷ᠎ᠡ ᠵᠢᠩᠨᠡᠭᠳᠡᠵᠦ ᠪᠠᠢᠭ᠎ᠠ ᠮᠠᠨᠲᠠᠤ ᠶ᠋ᠢᠨ ᠵᠢᠩᠨᠡᠭᠦᠷ ᠦ᠋ᠨ ᠳᠡᠭᠡᠳᠦ ᠳᠠᠪᠬᠤᠷ ᠢ᠋ ᠫᠤᠤ ᠶ᠋ᠢᠨ ᠵᠢᠳᠠ ᠪᠠᠷ ᠨᠡᠪᠲᠡ ᠰᠦᠯᠪᠡᠨ ᠬᠣᠯᠠ ᠲᠠᠶᠠᠭᠳᠠᠭᠠᠳ ᠲᠡᠷᠡ ᠮᠠᠨᠲᠠᠤ ᠠ᠋ᠴᠠ ᠠᠪᠴᠤ ᠡᠪᠦᠷᠯᠡᠬᠦ ᠳ᠋ᠡᠭᠡᠨ ᠬᠦᠷᠲᠡᠯ᠎ᠡ ᠬᠢᠲᠤᠭ᠎ᠠ ᠰᠢᠭᠠᠨ ᠠᠪᠤᠨ᠎ᠠ᠃ ᠡᠭᠦᠨ ᠢ᠋ ᠨᠢ ᠴᠡᠷᠢᠭ ᠦ᠋ᠳ ᠲᠡᠢᠨ ᠦ᠌ ᠦᠶ᠎ᠡ ᠳ᠋ᠦ᠍ ᠬᠥᠮᠦᠨ ᠢᠩᠭᠢᠵᠦ ᠶᠠᠪᠤᠬᠤ ᠶᠣᠰᠣᠲᠠᠢ ᠪᠠᠢᠵᠠᠢ ᠭᠡᠵᠦ ᠪᠣᠳᠣᠨ ᠦᠯᠢᠭᠡᠷ ᠵᠢᠱ᠌ᠢᠶ᠎ᠡ ᠪᠣᠯᠭᠠᠨ ᠬᠡᠷᠡᠭᠯᠡᠨ᠎ᠡ᠃ ᠦᠨᠡᠨ ᠴᠢᠨᠠᠷ ᠲᠠᠭᠠᠨ ᠭᠡᠪᠡᠯ ᠥᠨᠥᠬᠢ ᠠᠦ᠋ᠲ᠋ᠣᠨᠣᠮᠢᠲᠤ ᠮᠣᠩᠭᠣᠯ ᠤ᠋ᠨ ᠴᠡᠷᠢᠭ ᠡᠢᠮᠦ ᠯᠡ ᠪᠠᠢᠭᠰᠠᠨ ᠠᠵᠢ᠃
ᠲᠡᠳᠡᠨ ᠡᠴᠡ ᠳᠠᠮᠫᠢᠯ ᠶᠡᠬᠡ ᠴᠡᠷᠢᠭ ᠢ᠋ᠶ᠋ᠡᠨ ᠤᠭᠲᠤᠨ ᠠᠪᠴᠤ ᠬᠢᠶᠠᠭᠲᠤ ᠶ᠋ᠢᠨ ᠵᠦᠭ ᠲᠠᠪᠰᠢᠯᠠ᠃ ᠲᠦᠷᠦᠭᠦᠴᠢ ᠶ᠋ᠢᠨ ᠫᠤᠤ ᠶ᠋ᠢᠨ ᠫᠠᠵᠢᠬᠢᠨᠠᠬᠦ ᠪᠡᠷ ᠬᠢᠶᠠᠭᠲᠤ ᠶ᠋ᠢᠨ ᠪᠠᠷᠠᠭᠤᠨ ᠬᠠᠵᠠᠭᠤ ᠳ᠋ᠠᠬᠢ ᠭᠠᠮᠢᠩ ᠤ᠋ᠨ ᠬᠣᠶᠠᠳᠤᠭᠠᠷ ᠬᠠᠷᠠᠭᠤᠯ ᠳᠣᠬᠢᠶ᠎ᠠ ᠠᠪᠤᠨ ᠪᠡᠯᠡᠳᠬᠡᠨ ᠬᠦᠯᠢᠶᠡᠵᠦ ᠪᠠᠢᠭᠰᠠᠨ ᠠᠵᠢ᠃ ᠮᠥᠨ ᠬᠣᠲᠠ ᠶ᠋ᠢᠨ ᠪᠠᠷᠠᠭᠤᠨ ᠳ᠋ᠠᠬᠢ ᠪᠠᠭᠠᠰᠤᠲᠤ ᠬᠡᠮᠡᠬᠦ ᠭᠣᠣᠯ ᠤ᠋ᠨ ᠮᠥᠰᠥᠨ ᠳᠡᠭᠡᠷ᠎ᠡ ᠬᠣᠶᠠᠷ ᠲᠠᠯ᠎ᠠ ᠠ᠋ᠴᠠ ᠪᠠᠨ ᠠᠭᠤᠯᠵᠠᠨ ᠭᠠᠯ ᠨᠡᠭᠡᠭᠡᠪᠡ᠃ ᠭᠡᠪᠡᠴᠦ ᠲᠡᠳᠡ ᠬᠠᠷᠠᠭᠤᠯ ᠳᠣᠣᠷᠠᠬᠠᠨ ᠢ᠋ᠶ᠋ᠠᠨ ᠴᠣᠬᠢᠭᠳᠠᠨ ᠭᠡᠳᠡᠷᠭᠦ ᠵᠢᠭᠤᠳᠤᠨ ᠬᠣᠲᠠ ᠤᠷᠤᠭᠤ ᠣᠷᠣᠪᠠ᠃ ᠡᠨᠡ ᠦᠶ᠎ᠡ ᠳ᠋ᠦ᠍ ᠦᠷ ᠪᠦᠷᠢᠨ ᠴᠠᠢᠵᠤ ᠨᠠᠷᠠ ᠭᠠᠷᠬᠤ ᠭᠡᠵᠦ ᠪᠠᠢᠪᠠᠴᠤ ᠬᠢᠶᠠᠭᠲᠤ ᠥᠷᠯᠥᠭᠡᠨ ᠦ᠌ ᠵᠢᠬᠡᠭᠦᠨ ᠵᠢᠪᠠᠷ᠂ ᠤᠲᠤᠭ᠎ᠠ ᠤᠨᠢᠶᠠᠷ ᠬᠣᠶᠠᠷ ᠳᠠᠷᠤᠭᠳᠠᠨ ᠦᠳᠡᠰᠢ ᠶ᠋ᠢᠨ ᠪᠦᠷᠦᠩᠬᠦᠢ ᠳ᠋ᠦ᠍ ᠪᠠᠢᠭ᠎ᠠ ᠮᠡᠲᠦ ᠪᠥᠷᠬᠦᠯᠵᠡᠨᠡ᠃ ᠲᠡᠷᠡ ᠳᠤᠮᠳᠠ ᠢᠮᠠᠭᠠᠨ ᠪᠦᠷᠢᠶ᠎ᠡ ᠶᠠᠩᠭᠢᠨᠠᠨ《ᠳ᠋ᠣᠣ ᠸᠠ᠂ ᠳ᠋ᠣᠣ ᠸᠠ》 ᠭᠡᠵᠦ ᠬᠠᠰᠬᠢᠷᠬᠤ ᠠᠪᠢᠶ᠎ᠠ ᠬᠡᠳᠦᠨ ᠠᠷᠪᠠᠨ ᠵᠡᠷᠭᠡ ᠪᠡᠷ ᠴᠤᠤᠷᠢᠶᠠᠲᠤᠨ᠎ᠠ᠃ ᠲᠡᠭᠦᠨ ᠤᠷᠤᠭᠤ ᠠᠷᠠᠳ ᠤ᠋ᠨ ᠵᠢᠷᠤᠮᠲᠤ ᠴᠡᠷᠢᠭ ᠳᠠᠭᠠᠷᠢᠯᠲᠠ ᠬᠢᠬᠦ ᠪᠡᠷ ᠰᠢᠢᠳᠴᠡᠢ᠃ ᠬᠠᠮᠤᠭ ᠤ᠋ᠨ ᠲᠦᠷᠦᠭᠦᠨ ᠬᠣᠢᠲᠤ ᠵᠠᠬ᠎ᠠ ᠶ᠋ᠢᠨ ᠦᠵᠦᠭᠦᠷ ᠡᠴᠡ ᠬᠢᠯᠢᠩ ᠬᠠᠷ᠎ᠠ ᠮᠣᠷᠢ ᠲᠠᠢ ᠤᠯᠠᠭᠠᠨ ᠲᠣᠷᠭᠠᠨ ᠳᠡᠪᠡᠯ ᠳᠡᠭᠡᠷ᠎ᠡ ᠪᠡᠨ ᠠᠯᠲᠠᠨ ᠰᠠ ᠡᠮᠵᠢᠶᠡᠷᠲᠦ ᠬᠠᠷ᠎ᠠ ᠬᠣᠷᠭᠣᠢ ᠬᠠᠨᠲᠠᠭᠠᠰᠤ ᠲᠠᠢ ᠡᠷ᠎ᠡ᠂ ᠮᠣᠷᠢᠨ ᠳ᠋ᠠᠭᠠᠨ ᠲᠠᠰᠢᠭᠤᠷ ᠥᠭᠭᠦᠨ ᠤᠬᠤᠰᠬᠢᠪᠡ᠃ ᠡᠨᠡ ᠪᠣᠯ ᠲᠡᠢᠨ ᠳ᠋ᠦ᠍ ᠳᠠᠳᠤᠯᠭᠠᠵᠢᠨ ᠳᠠᠢᠴᠢᠨ ᠪᠠᠭᠠᠲᠤᠷ ᠭᠡᠵᠦ ᠠᠯᠳᠠᠷᠰᠢᠭᠰᠠᠨ ᠥᠭᠡᠯᠦᠯᠭᠡ ᠨᠣᠶᠠᠨ ᠠᠵᠢ᠃ ᠠᠷᠤ ᠠ᠋ᠴᠠ ᠨᠢ ᠥᠪᠡᠷ ᠦ᠋ᠨ ᠬᠢᠨᠢ ᠬᠠᠢᠷᠠᠲᠤ ᠲᠠᠪᠢᠨ ᠡᠷ᠎ᠡ ᠮᠣᠷᠢᠳ ᠤ᠋ᠨ ᠬᠤᠷᠳᠤ ᠮᠡᠳᠡᠨ ᠳᠠᠪᠬᠢᠯᠳᠤᠨ᠎ᠠ᠃ ᠡᠳᠡᠨ ᠦ᠌ ᠮᠣᠷᠢᠳ ᠪᠦᠷ ᠲᠠᠷᠭᠤᠨ᠂ ᠮᠣᠷᠢᠳ ᠪᠦᠷᠢ ᠶ᠋ᠢᠨ ᠰᠡᠭᠦᠯ ᠢ᠋ ᠴᠠᠰᠤ ᠰᠢᠪᠡᠷ ᠡᠴᠡ ᠬᠠᠮᠠᠭᠠᠯᠠᠨ ᠳᠡᠭᠡᠭᠰᠢ ᠡᠵᠡᠨᠰᠢᠶᠡᠨ ᠪᠣᠭᠣᠭᠰᠠᠨ ᠪᠥᠭᠡᠳ ᠮᠥᠨ ᠮᠣᠷᠢᠳ ᠪᠦᠷᠢ ᠲᠡᠮᠦᠷ ᠲᠠᠬ᠎ᠠ ᠲᠠᠢ ᠲᠤᠯᠠ ᠮᠥᠰᠥ ᠤᠰᠤᠨ ᠳᠡᠭᠡᠭᠦᠷ ᠬᠠᠯᠲᠤᠷᠢᠭ᠎ᠠ ᠦᠭᠡᠢ ᠶᠠᠪᠤᠨ᠎ᠠ᠃ ᠡᠷᠡᠰ ᠦ᠋ᠳ ᠦ᠋ᠨ ᠡᠮᠦᠰᠦᠭᠰᠡᠨ ᠳᠡᠪᠡᠯ ᠦ᠋ᠨ ᠥᠩᠭᠡ ᠨᠢᠭᠡ ᠵᠢᠭᠳᠡ ᠬᠥᠬᠡ ᠪᠥᠭᠡᠳ ᠬᠣᠷᠮᠣᠢ ᠪᠣᠭᠣᠨᠢ᠂ ᠤᠭ ᠠ᠋ᠴᠠ ᠬᠢᠯᠢ ᠬᠢᠵᠠᠭᠠᠷ ᠢ᠋ ᠬᠠᠷᠢᠭᠤᠴᠠᠨ ᠶᠠᠪᠤᠵᠠᠢ᠃ ᠡᠳᠡᠨ ᠦ᠌ ᠲᠠᠪᠰᠢᠬᠤ ᠶ᠋ᠢᠨ ᠵᠡᠷᠭᠡᠴᠡᠭᠡ ᠪᠡᠷ ᠪᠤᠰᠤᠳ ᠠᠩᠭᠢ ᠨᠢᠭᠡ ᠠᠳᠠᠯᠢ ᠳᠠᠪᠰᠢᠭᠰᠠᠨ ᠪᠢᠯᠡ᠃ ᠲᠡᠳᠡ ᠨᠢ ᠬᠠᠯᠬ᠎ᠠ ᠨᠤᠭᠤᠳ ᠪᠣᠯᠪᠠᠴᠤ ᠪᠤᠷᠢᠶᠠᠳ᠂ ᠴᠠᠬᠠᠷ᠂ ᠥᠪᠥᠷ ᠮᠣᠩᠭᠣᠯ ᠤ᠋ᠨ ᠬᠢᠨ ᠪᠣᠢ᠃ ᠡᠢᠨᠬᠦ ᠳᠠᠮᠫᠢᠯ ᠳᠠᠷᠤᠭ᠎ᠠ ᠬᠠᠮᠤᠭ ᠤ᠋ᠨ ᠲᠦᠷᠦᠭᠦᠨ ᠮᠣᠷᠢᠨ ᠳ᠋ᠠᠭᠠᠨ ᠲᠠᠰᠢᠭᠤᠷ ᠥᠭᠭᠦᠨ ᠣᠨᠴᠠᠭᠠᠢ ᠳ᠋ᠠᠭᠠᠨ ᠲᠦᠷᠦᠭᠦᠯᠡᠨ ᠭᠠᠷᠴᠠᠢ᠃《ᠦᠷ᠎ᠡ!》 ᠬᠠᠰᠬᠢᠷᠤᠯᠳᠤᠨ ᠴᠢᠬᠢ ᠳᠦᠯᠡᠢᠷᠡᠮ᠎ᠡ ᠴᠤᠤᠷᠢᠶᠠᠲᠤᠵᠤ ᠮᠣᠷᠢᠨ ᠲᠤᠭᠤᠷᠠᠢ ᠲᠠᠴᠢᠭᠢᠨᠠᠨ᠂ ᠳᠥᠷᠥᠭᠡ ᠬᠠᠪᠢᠷᠤᠯᠲᠠ ᠬᠠᠩ ᠶᠠᠩ ᠪᠠᠭᠤᠨ᠎ᠠ᠃ ᠭᠱᠠᠨ ᠵᠠᠭᠤᠷ᠎ᠠ ᠶ᠋ᠢᠨ ᠳᠣᠲᠣᠷ᠎ᠠ ᠬᠣᠲᠠ ᠶ᠋ᠢᠨ ᠳᠡᠷᠭᠡᠳᠡ ᠢᠷᠡᠭᠡᠳ ᠨᠠᠷᠢᠬᠠᠨ ᠭᠤᠳᠤᠮᠵᠢ ᠪᠠᠷ ᠵᠤᠷᠭᠠᠨ ᠳ᠋ᠤᠨᠢ ᠲᠠᠯᠪᠢᠵᠤ ᠨᠥᠬᠥᠳ ᠡᠴᠡ ᠪᠡᠨ ᠬᠡᠳᠦᠨ ᠵᠠᠭᠤᠨ ᠠᠯᠬᠤᠮ ᠢ᠋ᠶ᠋ᠠᠷ ᠲᠦᠷᠦᠭᠦᠯᠡᠨ ᠣᠷᠣᠵᠠᠢ᠃
ᠬᠣᠲᠠ ᠶ᠋ᠢᠨ ᠳᠡᠭᠡᠭᠦᠷ ᠥᠷᠯᠥᠭᠡᠨ ᠦ᠌ ᠴᠠᠩ ᠬᠡᠦᠷᠡᠭ ᠲᠡᠢ ᠬᠣᠯᠢᠯᠳᠤᠭᠰᠠᠨ ᠤᠲᠤᠭ᠎ᠠ ᠤᠨᠢᠶᠠᠷ ᠢᠳᠡ ᠲᠠᠲᠠᠵᠤ ᠪᠠᠢᠭᠰᠠᠨ ᠪᠥᠭᠡᠳ ᠳᠣᠲᠣᠷ᠎ᠠ ᠨᠢ ᠣᠷᠣᠬᠤ ᠪᠠᠷ ᠦᠷ ᠰᠥᠨᠢ ᠶ᠋ᠢᠨ ᠵᠠᠪᠰᠠᠷ ᠰᠢᠭ᠋ ᠪᠥᠷᠬᠦᠯᠵᠡᠨᠡ᠃ ᠨᠢᠭᠡ ᠮᠡᠳᠡᠬᠦ ᠳ᠋ᠦ᠍ ᠳᠣᠷᠵᠢ ᠭᠠᠭᠴᠠᠭᠠᠷ ᠢ᠋ᠶ᠋ᠠᠨ᠃ ᠤᠷᠢᠳᠠ ᠲᠠᠯ᠎ᠠ ᠳ᠋ᠤᠨᠢ ᠭᠠᠮᠢᠩ ᠤ᠋ᠳ ᠬᠣᠶᠠᠷ ᠭᠤᠷᠪᠠ ᠪᠠᠷ ᠢ᠋ᠶ᠋ᠠᠨ᠂ ᠲᠠᠪᠤᠭᠤᠯᠠ ᠵᠢᠷᠭᠤᠭᠠᠭᠤᠯᠠ ᠪᠠᠨ ᠳᠠᠭᠠᠷᠢᠯᠳᠤᠬᠤ ᠪᠣᠯᠪᠠᠴᠤ ᠭᠡᠨᠡᠳᠲᠡ ᠲᠤᠯᠭᠠᠮᠳᠠᠭᠰᠠᠨ ᠳ᠋ᠠᠭᠠᠨ ᠰᠠᠨᠳᠤᠷᠤᠨ ᠲᠣᠯᠣᠭᠠᠢ ᠳᠠᠷᠤᠨ ᠭᠠᠵᠠᠷ ᠬᠡᠪᠲᠡᠭᠰᠡᠭᠡᠷ ᠥᠩᠭᠡᠷᠡᠭᠦᠯᠬᠦ ᠠᠵᠢ᠃ ᠨᠢᠭᠡ ᠤᠳᠠᠭ᠎ᠠ ᠪᠦᠷ ᠵᠢᠭᠳᠡᠷᠡᠨ ᠵᠢᠭᠰᠠᠵᠤ ᠪᠠᠢᠭᠰᠠᠨ ᠪᠥᠭᠡᠮ ᠭᠠᠮᠢᠩ ᠳᠠᠭᠠᠷᠢᠯᠳᠤᠭᠰᠠᠨ ᠨᠢ ᠬᠦᠷᠲᠡᠯ᠎ᠡ ᠬᠣᠶᠠᠷ ᠲᠡᠢᠰᠢ ᠢᠷᠡᠠᠭᠳᠠᠨ ᠬᠠᠰᠢᠶ᠎ᠠ ᠨᠠᠯᠠᠵᠠᠢ᠃ ᠳᠣᠷᠵᠢ ᠥᠪᠡᠷ ᠦ᠋ᠨ ᠤᠬᠠᠭᠠᠨ ᠦᠭᠡᠢ ᠳᠠᠯᠠᠢᠭᠰᠠᠨ ᠰᠡᠯᠡᠮ᠎ᠡ ᠪᠡᠨ ᠵᠡᠭᠦᠨ ᠪᠠᠷᠠᠭᠤᠨ ᠢ᠋ ᠲᠠᠰᠤᠷᠠᠯᠲᠠ ᠦᠭᠡᠢ ᠡᠷᠭᠢᠭᠦᠯᠬᠦ ᠪᠣᠯᠪᠠᠴᠤ ᠲᠡᠭᠦᠨ ᠳ᠋ᠦ᠍ᠨᠢ ᠳᠠᠭᠠᠷᠢᠭᠳᠠᠨ ᠴᠠᠪᠴᠢᠭᠳᠠᠭᠰᠠᠨ ᠶᠠᠭᠤ ᠴᠣ ᠦᠭᠡᠢ᠃ ᠭᠡᠪᠡᠴᠦ ᠠᠷᠤ ᠠ᠋ᠴᠠ ᠢᠷᠡᠬᠦ ᠬᠥᠮᠦᠰ ᠲᠡᠭᠡᠨ ᠮᠠᠰᠢ ᠲᠠᠭᠠᠲᠠᠢ ᠪᠣᠯᠤᠮᠵᠢ ᠥᠭᠴᠦ ᠶᠠᠪᠤᠵᠠᠢ᠃ ᠬᠣᠲᠠ ᠶ᠋ᠢᠨ ᠨᠢᠭᠡ ᠵᠠᠬ᠎ᠠ ᠠ᠋ᠴᠠ ᠨᠥᠭᠦᠭᠡ ᠵᠠᠬ᠎ᠠ ᠶ᠋ᠢ ᠨᠡᠪᠲᠡ ᠭᠠᠷᠤᠭᠰᠠᠨ ᠬᠣᠢᠨ᠎ᠠ ᠪᠠᠨ ᠳᠣᠷᠵᠢ ᠰᠠᠶᠢ ᠥᠪᠡᠷ ᠢ᠋ᠶ᠋ᠡᠨ ᠤᠬᠠᠭᠠᠨ ᠠᠪᠤᠭᠠᠳ ᠳᠠᠷᠤᠢ ᠡᠷᠭᠢᠨ ᠳᠠᠬᠢᠨ ᠳᠠᠭᠠᠷᠢᠯᠲᠠ ᠬᠢᠪᠡ᠃ ᠡᠭᠦᠨ ᠳ᠋ᠡᠭᠡᠨ ᠬᠠᠷᠢᠨ ᠴᠡᠷᠢᠭ ᠡᠷ᠎ᠡ ᠶ᠋ᠢᠨ ᠡᠭᠦᠷᠭᠡ ᠶ᠋ᠢ ᠨᠡᠷ᠎ᠡ ᠲᠥᠷᠥ ᠲᠡᠢ ᠪᠡᠶᠡᠯᠡᠭᠦᠯᠦᠭᠰᠡᠨ ᠠᠵᠢ᠃
ᠭᠠᠮᠢᠩ ᠤ᠋ᠳ ᠬᠣᠲᠠ ᠠ᠋ᠴᠠ ᠵᠠᠢᠯᠠᠨ ᠵᠡᠭᠦᠨ ᠤᠷᠲᠤ ᠳᠡᠨᠵᠢ ᠳᠡᠭᠡᠷ᠎ᠡ ᠭᠠᠷᠴᠠᠢ᠃ ᠲᠡᠳᠡ ᠨᠢᠭᠡ ᠦᠶ᠎ᠡ ᠦᠢᠮᠡᠨ ᠰᠠᠨᠳᠤᠷᠤᠭᠰᠠᠨ ᠢ᠋ᠶ᠋ᠠᠨ ᠡᠮᠬᠢᠷᠡᠵᠦ ᠠᠪᠤᠭᠠᠳ ᠰᠢᠷᠦᠭᠦᠨ ᠭᠠᠯ ᠨᠡᠭᠡᠭᠡᠵᠦ ᠡᠬᠢᠯᠡᠪᠡ᠃ ᠬᠠᠷᠢᠭᠤ ᠳ᠋ᠤᠨᠢ ᠵᠢᠷᠤᠮᠲᠤ ᠴᠡᠷᠢᠭ ᠦ᠋ᠳ ᠫᠤᠤᠳᠠᠬᠤ ᠰᠤᠮᠤ ᠠᠯᠠᠭ᠎ᠠ᠃ ᠬᠣᠢᠰᠢ ᠤᠬᠤᠷᠢᠨ ᠬᠣᠲᠠ ᠠ᠋ᠴᠠ ᠭᠠᠷᠪᠠ᠃ ᠭᠠᠮᠢᠩ ᠬᠣᠶᠠᠷ ᠲᠠᠰᠤᠷᠠᠨ ᠨᠢᠭᠡ ᠬᠡᠰᠡᠭ ᠨᠢ ᠬᠣᠲᠠ ᠶ᠋ᠢ ᠡᠵᠡᠯᠡᠪᠡ᠃ ᠨᠥᠭᠦᠭᠡ ᠬᠡᠰᠡᠭ ᠨᠢ ᠳᠡᠨᠵᠢ ᠳᠡᠭᠡᠷ᠎ᠡ ᠵᠤᠵᠠᠭᠠᠨ ᠤᠨᠠᠭᠰᠠᠨ ᠴᠠᠰᠤᠨ ᠳᠤᠮᠳᠠ ᠬᠡᠰᠡᠭ ᠬᠡᠰᠡᠭ ᠢ᠋ᠶ᠋ᠡᠷ ᠵᠢᠭᠰᠠᠨ ᠴᠠᠭᠠᠰᠢ ᠨᠠᠭᠠᠰᠢ ᠬᠣᠯᠬᠢᠨᠠ᠃ ᠬᠣᠲᠠ ᠶ᠋ᠢ ᠠᠪᠤᠭᠰᠠᠨ ᠬᠡᠰᠡᠭ ᠨᠢ ᠤᠯᠠᠮ ᠵᠣᠷᠢᠭ ᠲᠠᠢ ᠭᠠᠯᠯᠠᠵᠤ ᠵᠢᠷᠤᠮᠲᠤ ᠴᠡᠷᠢᠭ ᠦ᠋ᠳ ᠦ᠋ᠨ ᠡᠮᠦᠨᠡᠬᠢ ᠭᠠᠵᠠᠷ ᠤ᠋ᠨ ᠬᠥᠷᠥᠰᠥ ᠶ᠋ᠢ ᠪᠤᠳᠠᠭ᠎ᠠ ᠬᠠᠭᠤᠷᠬᠤ ᠰᠢᠭ᠋ ᠪᠤᠵᠢᠭᠢᠨᠠᠭᠤᠯᠪᠠ᠃ ᠬᠥᠮᠦᠰ ᠬᠠᠷᠢᠭᠤ ᠫᠤᠤᠳᠠᠬᠤ ᠰᠤᠮᠤ ᠦᠭᠡᠢ ᠳ᠋ᠡᠭᠡᠨ ᠪᠤᠬᠢᠨᠢᠳᠤᠨ᠎ᠠ᠃ ᠭᠡᠪᠡᠴᠦ ᠦᠢᠯᠡᠰ ᠬᠠᠵᠠᠢᠬᠤ ᠤᠴᠢᠷ ᠦᠭᠡᠢ᠃ ᠬᠢᠯᠢ ᠶ᠋ᠢᠨ ᠴᠠᠭᠠᠨ᠎ᠠ ᠠ᠋ᠴᠠ ᠬᠣᠶᠠᠷ ᠮᠣᠷᠢᠨ ᠲᠡᠷᠭᠡ ᠰᠤᠮᠤ ᠬᠦᠷᠦᠯᠴᠡᠨ ᠢᠷᠡᠪᠡ᠃ ᠪᠠᠰᠠ ᠠᠷᠤ ᠳ᠋ᠤ᠌ ᠬᠣᠴᠣᠷᠤᠭᠰᠠᠨ ᠬᠣᠶᠠᠷ ᠭᠤᠨᠠᠨ ᠫᠤᠤ ᠮᠥᠨ ᠢᠷᠡᠪᠡ᠃ ᠢᠩᠭᠢᠭᠡᠳ ᠰᠤᠮᠤ ᠱᠦᠭᠦᠷ(ᠫᠦᠯᠧᠮᠶᠣᠲ) ᠬᠦᠷᠲᠡᠯ᠎ᠡ ᠦᠶ᠎ᠡ ᠦᠶ᠎ᠡ ᠲᠠᠴᠢᠭᠢᠨᠠᠵᠤ᠂ ᠬᠣᠶᠠᠷ ᠭᠤᠨᠠᠨ ᠫᠤᠤ ᠨᠢᠭᠡ ᠵᠡᠷᠭᠡ ᠲᠦᠰ ᠫᠢᠰ ᠪᠠᠭᠤᠵᠤ ᠲᠡᠷᠲᠡᠭᠡᠬᠢ ᠡᠩᠭᠡᠷ ᠦ᠋ᠨ ᠭᠠᠮᠢᠩ ᠤ᠋ᠨ ᠳᠡᠭᠡᠷ᠎ᠡ ᠪᠠᠭᠤᠨ᠎ᠠ᠃ ᠭᠠᠮᠢᠩ ᠤ᠋ᠳ ᠳᠠᠬᠢᠨ ᠵᠠᠮᠪᠠᠷᠠᠭ᠎ᠠ ᠪᠠᠨ ᠠᠯᠳᠠᠯ᠎ᠠ᠃ ᠭᠡᠲᠡᠯ᠎ᠡ ᠴᠠᠭᠠᠨ᠎ᠠ ᠠ᠋ᠴᠠ ᠨᠢ ᠬᠢᠷᠭᠠᠨ ᠬᠠᠷᠠᠭᠤᠯ ᠬᠡᠮᠡᠬᠦ ᠡᠴᠡ ᠮᠣᠷᠳᠠᠭᠰᠠᠨ ᠮᠥᠨ ᠬᠣᠶᠠᠷ ᠵᠠᠭᠤᠭᠠᠳ ᠵᠢᠷᠤᠮᠲᠤ ᠴᠡᠷᠢᠭ ᠬᠦᠷᠦᠯᠴᠡᠨ ᠢᠷᠡᠵᠦ ᠳᠣᠪᠲᠣᠯᠤᠭᠰᠠᠨ ᠠᠵᠢ᠃ ᠤᠭ ᠨᠢ ᠡᠨᠡ ᠠᠩᠭᠢ ᠠᠯᠲᠠᠨ ᠠ᠋ᠴᠠ ᠮᠣᠷᠳᠠᠭᠰᠠᠳ ᠤ᠋ᠨ ᠠᠳᠠᠯᠢ ᠦᠷ ᠢ᠋ᠶ᠋ᠡᠷ ᠡᠨᠳᠡ ᠢᠷᠡᠨ ᠬᠠᠪᠴᠢᠨ ᠪᠠᠢᠯᠳᠤᠬᠤ ᠶᠣᠰᠣᠲᠠᠢ ᠪᠠᠢᠭᠰᠠᠨ ᠠᠲᠠᠯ᠎ᠠ ᠵᠠᠮ ᠤ᠋ᠨ ᠪᠡᠷᠬᠡ ᠴᠠᠰᠤ ᠤᠰᠤᠨ ᠤ᠋ ᠬᠠᠯᠲᠤᠷᠢᠭᠠᠨ ᠳ᠋ᠤ᠌ ᠰᠠᠭᠠᠳᠠᠨ ᠬᠣᠵᠢᠮᠳᠠᠵᠠᠢ᠃ ᠭᠡᠪᠡᠴᠦ ᠡᠨᠡ ᠨᠢ ᠶᠡᠷᠦ ᠮᠠᠭᠤ ᠪᠣᠯᠤᠭᠰᠠᠨ ᠦᠭᠡᠢ᠂ ᠬᠠᠷᠢᠨ ᠴᠣ ᠬᠠᠮᠤᠭ ᠤ᠋ᠨ ᠵᠣᠬᠢᠰ ᠲᠠᠢ ᠦᠶ᠎ᠡ ᠪᠡᠨ ᠣᠯᠤᠭᠰᠠᠨ ᠬᠡᠷᠡᠭ ᠪᠣᠯᠪᠠ᠃ ᠭᠠᠮᠢᠩ ᠤ᠋ᠳ ᠥᠪᠡᠷ ᠦ᠋ᠨ ᠡᠷᠬᠡ ᠦᠭᠡᠢ ᠬᠣᠶᠠᠷ ᠲᠠᠯ᠎ᠠ ᠠ᠋ᠴᠠ ᠪᠠᠨ ᠬᠠᠪᠴᠢᠭᠳᠠᠨ ᠴᠣᠬᠢᠭᠳᠠᠵᠤ ᠤᠷᠲᠤ ᠵᠦᠭ ᠢ᠋ ᠪᠠᠷᠢᠨ ᠤᠬᠠᠭᠠᠨ ᠵᠢᠯᠣᠭᠣ ᠦᠭᠡᠢ ᠵᠢᠭᠤᠲᠠᠨ ᠲᠣᠨᠢᠯᠪᠠ᠃
ᠵᠢᠷᠤᠮᠲᠤ ᠴᠡᠷᠢᠭ ᠬᠣᠲᠠ ᠶ᠋ᠢ ᠡᠵᠡᠯᠡᠨ ᠠᠪᠴᠤ ᠨᠠᠮ ᠲᠠᠢᠪᠤᠩ ᠪᠣᠯᠭᠠᠵᠤ ᠠᠪᠤᠮᠠᠭᠴᠠ ᠠᠷᠤ ᠬᠢᠶᠠᠭᠲᠤ ᠠ᠋ᠴᠠ ᠬᠡᠳᠦᠨ ᠮᠣᠷᠢ ᠲᠠᠢ ᠬᠥᠮᠦᠨ ᠶᠡᠷᠦ ᠶᠠᠭᠠᠷᠠᠯ ᠦᠭᠡᠢ ᠰᠠᠵᠢᠯᠠᠭᠤᠯᠤᠨ ᠢᠷᠡᠪᠡ᠃ ᠡᠨᠡ ᠪᠣᠯ ᠠᠷᠠᠳ ᠤ᠋ᠨ ᠨᠠᠮ᠂ ᠲᠡᠭᠦᠨ ᠦ᠌ ᠲᠦᠷ ᠵᠠᠰᠠᠭ ᠤ᠋ᠨ ᠭᠠᠵᠠᠷ ᠥᠪᠡᠷ ᠦ᠋ᠨ ᠲᠥᠷᠥᠯᠬᠢ ᠡᠬᠡ ᠣᠷᠣᠨ ᠤ᠋ ᠪᠠᠨ ᠭᠠᠵᠠᠷ ᠰᠢᠷᠣᠢ ᠶ᠋ᠢᠨ ᠳᠡᠭᠡᠷ᠎ᠡ ᠨᠡᠭᠦᠳᠡᠯᠯᠡᠨ ᠢᠷᠡᠵᠦ ᠪᠠᠢᠭ᠎ᠠ ᠬᠡᠷᠡᠭ ᠪᠠᠢᠵᠠᠢ᠃ ᠲᠡᠷᠡ ᠳᠤᠮᠳᠠ ᠪᠠᠯᠳᠠᠨᠴᠡᠷᠢᠩ ᠡᠪᠦᠷ ᠲᠡᠭᠡᠨ ᠪᠢᠷ ᠶᠠᠩᠲᠠᠢ ᠠᠷᠤ ᠳ᠋ᠠᠭᠠᠨ ᠸᠠᠳᠠᠩ ᠲᠠᠢ ᠪᠢᠴᠢᠭ ᠬᠡᠷᠡᠭ ᠪᠦᠰᠡᠯᠡᠵᠡᠢ᠃ ᠬᠢᠲᠠᠳ ᠢᠷᠭᠡᠳ ᠦ᠋ᠨ ᠰᠠᠭᠤᠬᠤ ᠭᠣᠣᠯ ᠬᠡᠰᠡᠭ ᠦ᠋ᠨ ᠵᠡᠭᠦᠨ ᠳ᠋ᠡᠬᠢ ᠬᠡᠰᠡᠭ ᠬᠠᠰᠢᠶ᠎ᠠ ᠬᠦᠷᠢᠶᠡᠨ ᠦ᠌ ᠳᠤᠮᠳᠠᠬᠠᠨ ᠬᠠᠪᠢ ᠳ᠋ᠤ᠌ ᠪᠠᠢᠭ᠎ᠠ ᠬᠣᠶᠠᠷ ᠥᠷᠥᠭᠡ ᠳ᠋ᠦᠩᠵᠡᠨ ᠪᠠᠢᠰᠢᠩ ᠳ᠋ᠤ᠌ ᠲᠥᠪ ᠬᠣᠷᠢᠶ᠎ᠠ᠂ ᠵᠠᠰᠠᠭ ᠤ᠋ᠨ ᠭᠠᠵᠠᠷ᠂ ᠴᠡᠷᠢᠭ ᠦ᠋ᠨ ᠶᠠᠮᠤᠨ ᠪᠦᠭᠦᠳᠡ ᠣᠷᠣᠬᠤ ᠶᠣᠰᠣᠲᠠᠢ ᠪᠣᠯᠤᠭᠰᠠᠨ ᠢ᠋ᠶ᠋ᠠᠷ ᠦᠯᠦ ᠪᠠᠷᠠᠮ ᠡᠷᠬᠡ ᠶ᠋ᠢ ᠪᠠᠷᠢᠬᠤ ᠬᠥᠮᠦᠰ ᠴᠦ᠍ ᠮᠥᠨ ᠪᠠᠭᠲᠠᠨ ᠰᠠᠭᠤᠬᠤ ᠶᠣᠰᠣᠲᠠᠢ ᠪᠣᠯᠵᠠᠢ᠃ ᠪᠠᠯᠳᠠᠨᠴᠡᠷᠢᠩ ᠨᠥᠬᠥᠳ ᠦ᠋ᠨ ᠬᠠᠮᠲᠤ ᠨᠢᠭᠡ ᠥᠷᠥᠭᠡᠨ ᠳ᠋ᠦ᠍ ᠣᠷᠣᠵᠤ ᠸᠠᠳᠠᠩ ᠲᠠᠢ ᠠᠯᠪᠠᠨ ᠬᠡᠷᠡᠭ ᠢ᠋ᠶ᠋ᠡᠨ ᠲᠠᠯᠪᠢᠭᠠᠳ ᠨᠥᠭᠦᠭᠡ ᠥᠷᠥᠭᠡᠨ ᠳ᠋ᠦ᠍ ᠠᠯᠪᠠᠨ ᠬᠡᠷᠡᠭ ᠢ᠋ᠶ᠋ᠡᠨ ᠢᠳᠡ ᠬᠥᠲᠥᠯᠦᠨ ᠶᠠᠪᠤᠭᠤᠯᠵᠤ ᠪᠠᠢᠭ᠎ᠠ ᠴᠡᠷᠢᠭ ᠦ᠋ᠨ ᠶᠠᠮᠤᠨ ᠤ᠋ ᠨᠥᠬᠥᠳ ᠳᠡᠭᠡᠷ᠎ᠡ ᠣᠷᠣᠵᠠᠢ᠃
ᠲᠡᠳᠡ ᠪᠠᠢᠯᠳᠤᠭᠠᠨ ᠢ᠋ᠶ᠋ᠠᠨ ᠠᠮᠵᠢᠯᠲᠠ ᠲᠠᠢ ᠳᠠᠭᠤᠰᠬᠠᠭᠰᠠᠨ ᠴᠡᠷᠢᠭ ᠦ᠋ᠨ ᠳᠡᠭᠡᠳᠦ ᠳᠠᠷᠤᠭ᠎ᠠ ᠨᠠᠷ ᠭᠠᠮᠢᠩ ᠬᠤᠪᠴᠠᠰᠤ ᠲᠠᠢ ᠨᠢᠭᠡ ᠬᠥᠮᠦᠨ ᠦ᠌ ᠶᠠᠷᠢᠶ᠎ᠠ ᠶ᠋ᠢ ᠠᠩᠬᠠᠷᠤᠨ ᠴᠢᠩᠨᠠᠵᠤ ᠰᠠᠭᠤᠨ᠎ᠠ᠃ ᠪᠠᠯᠳᠠᠨᠴᠡᠷᠢᠩ ᠦ᠋ᠨ ᠣᠷᠣᠵᠤ ᠢᠷᠡᠬᠦ ᠳ᠋ᠦ᠍ ᠲᠡᠳᠡ ᠬᠥᠮᠦᠨ ᠦ᠌ ᠡᠷᠭᠢᠨ ᠬᠠᠷᠠᠬᠤ ᠶ᠋ᠢ ᠦᠵᠡᠪᠡᠯ ᠥᠪᠡᠷ ᠦ᠋ᠨ ᠤᠷᠪᠠᠭᠰᠠᠨ ᠱᠠᠪᠢ ᠨᠠᠮᠰᠠᠷᠠᠢ ᠪᠠᠢᠵᠠᠢ᠃ ᠪᠠᠯᠳᠠᠨᠴᠡᠷᠢᠩ ᠨᠢᠳᠦᠨ ᠳ᠋ᠡᠭᠡᠨ ᠢᠲᠡᠭᠡᠵᠦ ᠴᠢᠳᠠᠬᠤ ᠦᠭᠡᠢ ᠪᠣᠯᠤᠨ ᠵᠣᠭ ᠲᠤᠰᠪᠠ᠃ ᠨᠠᠮᠰᠠᠷᠠᠢ ᠪᠠᠯᠳᠠᠨᠴᠡᠷᠢᠩ ᠢ᠋ ᠨᠢᠳᠤᠨᠤᠨ ᠭᠠᠮᠢᠩ ᠳ᠋ᠤ᠌ ᠪᠠᠢᠵᠠᠭᠠᠭᠳᠠᠨ ᠰᠠᠨᠳᠤᠷᠴᠤ ᠰᠠᠭᠤᠬᠤ ᠳ᠋ᠤ᠌ ᠣᠷᠣᠵᠤ ᠢᠷᠡᠨ ᠨᠢᠳᠦ ᠭᠦᠢᠯᠭᠡᠨᠡᠭᠦᠯᠦᠭᠰᠡᠨ ᠰᠢᠭ ᠢ᠋ᠶ᠋ᠡᠨ ᠭᠥᠯᠢᠭᠡᠨᠡᠭᠦᠯᠦᠨ ᠪᠣᠰᠤᠨ ᠬᠠᠷᠠᠢᠵᠤ ᠠᠮᠤᠷ ᠡᠷᠢᠨ ᠵᠣᠯᠭᠠᠬᠤ ᠭᠡᠬᠦ ᠳ᠋ᠦ᠍ᠨᠢ ᠪᠠᠯᠳᠠᠨᠴᠡᠷᠢᠩ ᠦ᠋ᠨ ᠠᠭᠤᠷ ᠲᠦᠷᠦᠰᠭᠢᠨ ᠬᠠᠴᠠᠷ ᠳᠡᠭᠡᠷ᠎ᠡ ᠨᠢ ᠳᠡᠰ ᠪᠠᠭᠤᠯᠭᠠᠨ ᠠᠯᠠᠭᠠᠳᠠᠪᠠ᠃《ᠪᠠᠭᠰᠢ ᠠ᠋ ᠪᠠᠢᠶ᠎ᠠ!》 ᠭᠡᠵᠦ ᠪᠠᠷᠠᠭᠤᠨ ᠲᠠᠢᠰᠢ ᠬᠠᠵᠠᠢᠬᠤ ᠳ᠋ᠤᠨᠢ ᠳᠠᠬᠢᠨ ᠠᠯᠠᠭᠠᠳᠠᠬᠤ ᠳ᠋ᠤ᠌ ᠪᠠᠰᠠ ᠯᠠ《ᠪᠠᠭᠰᠢ ᠠ᠋ ᠪᠠᠢᠶ᠎ᠠ!》 ᠭᠡᠵᠦ ᠪᠡᠶ᠎ᠡ ᠨᠢ ᠲᠡᠭᠰᠢᠷᠡᠭᠰᠡᠨ ᠪᠥᠭᠡᠳ ᠬᠥᠮᠦᠰ ᠭᠠᠢᠬᠠᠨ ᠰᠠᠨᠳᠤᠷᠴᠤ ᠪᠣᠰᠴᠠᠭᠠᠵᠠᠢ᠃ ᠭᠤᠷᠪᠠ ᠳᠠᠬᠢᠨ ᠠᠯᠠᠭᠠᠳᠠᠬᠤ ᠭᠡᠲᠡᠯ᠎ᠡ ᠰᠦᠬᠡᠪᠠᠭᠠᠲᠤᠷ ᠬᠣᠭᠣᠷᠣᠨᠳᠣᠭᠤᠷ ᠨᠢ ᠣᠷᠣᠵᠤ᠄
— ᠦᠭᠡᠢ ᠭᠦᠩᠲᠡᠨ ᠠ᠋! ᠶᠠᠭᠤ ᠪᠣᠯᠪᠠ? ᠦᠭᠡᠢ ᠶᠠᠭᠤᠨ ᠳ᠋ᠤ᠌᠁ ᠭᠡᠬᠦ ᠳ᠋ᠦ᠍ᠨᠢ᠄
— ᠡᠨᠡ ᠤᠤ? ᠤᠷᠪᠠᠭᠴᠢ! ᠠᠮᠢᠳᠤ ᠪᠠᠷ ᠢ᠋ᠶ᠋ᠠᠨ ᠮᠢᠨᠦ ᠨᠢᠳᠦᠨ ᠳ᠋ᠦ᠍ ᠦᠵᠡᠭᠳᠡᠵᠦ ᠦᠯᠦ ᠪᠣᠯᠬᠤ ᠪᠤᠵᠠᠷ ᠤᠷᠪᠠᠭᠴᠢ ᠦᠬᠦᠭᠡᠷ!
— ᠦᠭᠡᠢ᠂ ᠲᠠ ᠪᠠᠢᠵᠠ! ᠬᠠᠷᠢᠨ ᠡᠨᠡ ᠴᠢᠨᠢ ᠮᠠᠨ ᠤ᠋ ᠬᠥᠮᠦᠨ᠃ ᠬᠠᠮᠤᠭ ᠤ᠋ᠨ ᠬᠦᠨᠳᠦ ᠬᠠᠮᠤᠭ ᠤ᠋ᠨ ᠴᠢᠬᠤᠯᠠ ᠶ᠋ᠢ ᠭᠦᠢᠴᠡᠳᠬᠡᠵᠦ ᠪᠠᠢᠭᠰᠠᠨ ᠰᠠᠢᠨ ᠡᠷ᠎ᠡ᠃
ᠪᠠᠯᠳᠠᠨᠴᠡᠷᠢᠩ ᠣᠳᠣ ᠤᠴᠢᠷ ᠢ᠋ ᠣᠢᠯᠠᠭᠠᠯ᠎ᠠ᠃ ᠠᠭᠤᠷ ᠨᠢ ᠲᠡᠷᠡ ᠳᠣᠣᠷᠠᠬᠠᠨ ᠢ᠋ᠶ᠋ᠠᠨ ᠵᠠᠮᠬᠠᠷᠠᠪᠠ᠃ ᠭᠡᠪᠡᠴᠦ ᠨᠢᠭᠡᠨᠲᠡ ᠳᠡᠭᠡᠷ᠎ᠡ ᠬᠥᠭᠡᠷᠦᠭᠰᠡᠨ ᠠᠮᠢᠰᠬᠤᠯ ᠬᠡᠪ ᠢ᠋ᠶ᠋ᠡᠷ ᠪᠥᠭᠡᠳ ᠲᠡᠷᠡ ᠠᠮᠢᠰᠬᠤᠯ ᠢ᠋ᠶ᠋ᠠᠷ ᠢ᠋ᠶ᠋ᠠᠨ ᠪᠠᠯᠳᠠᠨᠴᠡᠷᠢᠩ᠄
— ᠲᠡᠷᠡ ᠨᠢ ᠶᠠᠭᠠᠬᠢᠬᠤᠪ ᠵᠠᠩᠵᠤᠨ ᠠ᠋! ᠵᠦᠭᠡᠷ ᠡᠨᠡ ᠲᠡᠷᠡ ᠶᠠᠪᠤᠳᠠᠯ ᠢ᠋ᠶ᠋ᠠᠨ ᠨᠠᠳᠠ ᠠ᠋ᠴᠠ ᠨᠢᠭᠤᠭᠰᠠᠨ ᠡᠲᠡᠭᠡᠳ ᠪᠠᠢᠭ᠎ᠠ ᠶᠤᠮ ᠭᠡᠵᠦ ᠳᠠᠬᠢᠨ ᠤᠬᠤᠰᠬᠢᠪᠡ᠃ ᠡᠨᠡ ᠨᠢ ᠦᠨᠡᠨ ᠳ᠋ᠡᠭᠡᠨ ᠬᠠᠭᠤᠷᠮᠠᠴᠢ ᠬᠡᠲᠦᠷᠬᠡᠢ ᠢᠳᠡᠭᠦᠯᠦᠭᠰᠡᠨ ᠢ᠋ᠶ᠋ᠡᠨ ᠣᠯᠠᠨ ᠠ᠋ᠴᠠ ᠨᠢᠭᠤᠨ ᠲᠠᠷᠢᠬᠤ ᠭᠡᠰᠡᠨ ᠬᠡᠷᠡᠭ᠃ ᠨᠥᠭᠦᠭᠡ ᠬᠢ ᠨᠢ《ᠠ᠂ ᠪᠠᠭᠰᠢ ᠠ᠋᠂ ᠪᠠᠢᠶ᠎ᠠ》 ᠭᠡᠵᠦ ᠪᠡᠶ᠎ᠡ ᠬᠤᠮᠢᠨ ᠰᠦᠬᠡᠪᠠᠭᠠᠲᠤᠷ ᠤ᠋ᠨ ᠠᠷᠤ ᠪᠠᠷ ᠣᠷᠣᠪᠠ᠃
— ᠦᠭᠡᠢ ᠲᠡᠭᠡᠭᠡᠳ ᠡᠨᠡ ᠡᠬᠢ ᠵᠠᠬ᠎ᠠ ᠪᠠᠨ ᠠᠯᠳᠠᠭᠰᠠᠨ ᠠᠮᠢᠲᠠᠨ ᠬᠡᠵᠢᠶ᠎ᠡ ᠡᠨᠳᠡ ᠢᠷᠡᠪᠡ ᠪᠣᠢ? ᠭᠡᠬᠦ ᠳ᠋ᠦ᠍ ᠰᠦᠬᠡᠪᠠᠭᠠᠲᠤᠷ᠄
— ᠡᠨᠡ ᠤᠤ? ᠪᠠᠷᠠᠭᠤᠨ ᠠ᠋ᠴᠠ ᠭᠠᠮᠢᠩ ᠤ᠋ᠳ ᠲᠠᠢ ᠵᠢᠭᠤᠲᠠᠵᠤ ᠢᠷᠡᠭᠡᠳ ᠤᠲᠠᠰᠤᠨ ᠤ᠋ ᠬᠣᠷᠢᠶᠠᠨ ᠳ᠋ᠤ᠌᠁
ᠦᠰᠦᠭ ᠠᠮᠢᠯᠠᠭᠤᠯᠤᠭᠰᠠᠨ ᠨᠢ᠄ ᠪᠠᠭᠠᠲᠤᠷ
