ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠳᠣᠯᠣᠭ᠎ᠠ> Хүлэг баатар буурч - Б. Өлзийсүрэн <Тэргүүн бүлэг-7>
ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ
ᠳᠣᠯᠣᠭ᠎ᠠ᠂ ᠰᠠᠨᠠᠭᠰᠠᠨ ᠬᠥᠮᠦᠨ ᠦ᠌ ᠰᠡᠳᠬᠢᠯ ᠨᠢ ᠨᠢᠭᠡ ᠂ ᠰᠠᠭᠠᠳᠠᠭ ᠨᠣᠮᠣᠨ ᠤ᠋ ᠬᠥᠪᠴᠢ ᠨᠢ ᠨᠢᠭᠡ
ᠲᠡᠮᠦᠵᠢᠨ᠂ ᠪᠤᠭᠤᠷᠴᠢ ᠬᠣᠶᠠᠷ ᠬᠥᠪᠡᠭᠦᠨ ᠳᠤᠮᠳᠠ ᠪᠦᠷᠢᠳᠦ ᠡᠴᠡ ᠭᠠᠷᠤᠭᠰᠠᠨ ᠠ᠋ᠴᠠ ᠬᠣᠢᠰᠢᠬᠢ ᠭᠤᠷᠪᠠᠳᠠᠬᠢ ᠣᠷᠣᠢ ᠪᠠᠨ ᠶᠠᠪᠤᠭ᠎ᠠ ᠨᠢ ᠡᠨᠡ ᠠᠵᠢ᠃
— ᠮᠠᠨ ᠤ᠋ ᠨᠠᠢ᠍ᠮᠠ᠁ ᠭᠡᠳ ᠲᠡᠮᠦᠵᠢᠨ ᠠᠳᠤᠭᠤᠨ ᠤ᠋ ᠵᠠᠬ᠎ᠠ ᠤᠷᠤᠭᠤ ᠵᠢᠭᠠᠪᠠ᠃
— ᠶᠠᠭᠠᠬᠢᠬᠤ ᠪᠣᠢ? ᠬᠣᠶᠠᠭᠤᠯᠠ ᠳᠠᠭᠠᠷᠢᠬᠤ ᠤᠤ?
— ᠮᠢᠨᠦ ᠡᠮᠦᠨ᠎ᠡ ᠡᠴᠡ ᠴᠢ ᠡᠷᠡᠰᠳᠡᠵᠦ ᠪᠣᠯᠬᠤ ᠦᠭᠡᠢ᠃ ᠴᠢ ᠡᠨᠳᠡ ᠪᠡᠨ ᠦᠯᠡᠳᠡᠵᠦ ᠪᠠᠢ᠃ ᠨᠠᠮᠠᠶ᠋ᠢ ᠪᠠᠷᠢᠭᠳᠠᠪᠠᠯ ᠵᠦᠭ ᠢ᠋ᠶ᠋ᠡᠨ ᠪᠤᠷᠤᠭᠤᠯᠠᠵᠤ ᠪᠤᠴᠠᠭᠠᠷᠠᠢ ᠭᠡᠰᠡᠨ ᠢ᠋ᠶ᠋ᠡᠨ ᠨᠤᠮᠤ ᠰᠠᠭᠠᠳᠠᠭ ᠢ᠋ᠶ᠋ᠠᠨ ᠪᠥᠰᠡᠨ ᠡᠴᠡ ᠪᠡᠨ ᠲᠠᠢᠯᠵᠤ ᠥᠭᠭᠦᠭᠡᠳ ᠲᠣᠭᠣᠰᠣ ᠲᠠᠲᠠᠭᠤᠯᠤᠨ ᠳᠠᠪᠬᠢᠭᠠᠳ ᠶᠠᠪᠤᠴᠢᠬᠠᠬᠤ ᠳ᠋ᠤᠨᠢ《ᠨᠠᠮᠠᠶ᠋ᠢ ᠵᠡᠪᠰᠡᠭᠯᠡᠯᠡ᠃ ᠨᠢᠭᠡᠯᠡ ᠤᠬᠠᠭᠠᠨ ᠪᠠᠢᠬ᠎ᠠ》 ᠭᠡᠮᠡᠨ ᠭᠠᠢᠬᠠᠰᠬᠢᠨ ᠬᠣᠴᠣᠷᠪᠠ᠃
ᠠᠳᠤᠭᠤᠨ ᠳᠤᠮᠳᠠ ᠮᠣᠷᠢᠲᠠᠢ ᠶᠠᠪᠠᠭᠠᠨ ᠬᠥᠮᠦᠰ ᠦᠵᠡᠭᠳᠡᠨ᠎ᠡ᠃ ᠭᠡᠪᠡᠴᠦ ᠲᠡᠮᠦᠵᠢᠨ ᠲᠡᠳᠡᠨ ᠢ᠋ ᠲᠣᠭᠣᠭᠰᠠᠨ ᠰᠢᠨᠵᠢ ᠦᠭᠡᠢ ᠠᠳᠤᠭᠤᠨ ᠤ᠋ ᠵᠠᠬ᠎ᠠ ᠪᠠᠷ ᠳᠠᠪᠬᠢᠨ ᠣᠷᠣᠵᠤ ᠭᠡᠨᠡᠳᠲᠡ ᠡᠷᠭᠢᠭᠡᠳ ᠮᠣᠷᠢᠳ ᠢ᠋ᠶ᠋ᠠᠨ ᠲᠠᠰᠤᠯᠤᠨ ᠡᠯᠳᠡᠵᠦ᠂ ᠢᠰᠬᠢᠷᠦᠨ ᠭᠤᠤᠭᠯᠠᠬᠤ ᠳ᠋ᠤ᠌ ᠡᠵᠡᠨ ᠦ᠌ ᠪᠡᠨ ᠳᠠᠭᠤ ᠶ᠋ᠢ ᠲᠠᠨᠢᠭᠰᠠᠨ ᠨᠠᠢ᠍ᠮᠠᠨ ᠰᠢᠷᠭ᠎ᠠ ᠴᠣᠢᠯᠤᠨ ᠳᠠᠪᠬᠢᠯᠳᠤᠵᠤ ᠲᠣᠭᠣᠰᠣ ᠬᠠᠲᠠᠭᠠᠨ᠎ᠠ᠃ ᠠᠷᠤ ᠠ᠋ᠴᠠ ᠨᠢ ᠲᠠᠪᠤ ᠵᠢᠷᠭᠤᠭᠠᠨ ᠮᠣᠷᠢᠲᠠᠨ ᠭᠠᠷᠴᠤ ᠡᠯᠳᠡᠬᠦᠢ ᠯᠤᠭ᠎ᠠ ᠪᠤᠭᠤᠷᠴᠢ ᠬᠣᠰᠢᠭᠤᠯᠳᠤᠨ ᠤᠭᠲᠤᠵᠤ ᠨᠡᠢᠯᠡᠪᠡ᠃
ᠨᠠᠭᠠᠳᠤᠮ ᠤ᠋ᠨ ᠮᠣᠷᠢᠳ ᠪᠠᠷᠢᠶᠠᠨ ᠳ᠋ᠤ᠌ ᠣᠷᠣᠬᠤ ᠰᠢᠭ᠋ ᠴᠤᠪᠤᠷᠠᠯᠳᠤᠨ᠂ ᠲᠤᠭᠤᠷᠠᠢ ᠲᠠᠴᠢᠭᠢᠨᠠᠨ ᠲᠣᠭᠣᠰᠣ ᠲᠠᠲᠠᠭᠤᠯᠤᠨ ᠬᠡᠭᠡᠷ᠎ᠡ ᠲᠠᠯ᠎ᠠ ᠶ᠋ᠢ ᠴᠣᠴᠢᠭᠠᠨᠠᠮᠠ ᠭᠡᠯᠲᠡᠢ᠃ ᠲᠡᠳᠡᠭᠡᠷ ᠡᠴᠡ ᠴᠠᠭᠠᠨ ᠮᠣᠷᠢᠲᠠᠢ ᠤᠯᠠᠭᠠᠨ ᠳᠡᠪᠡᠯ ᠲᠡᠢ ᠨᠢᠭᠡᠨ ᠢ᠋ᠶ᠋ᠡᠷ ᠲᠦᠷᠦᠭᠦᠯᠡᠵᠦ ᠲᠠᠰᠤᠷᠠᠭᠠᠳ ᠲᠤᠩ ᠣᠮᠣᠭᠯᠠᠩ᠃
— ᠴᠠᠭᠠᠨ ᠮᠣᠷᠢ ᠴᠤ᠌ ᠮᠣᠷᠢ ᠶᠤᠮ᠃ ᠤᠯᠠᠭᠠᠨ ᠳᠡᠪᠡᠯᠲᠦ ᠬᠢᠷᠢ ᠡᠷ᠎ᠡ ᠪᠣᠯ? ᠦᠵᠡᠭᠡᠳ ᠠᠯᠳᠠᠶ᠎ᠠ ᠭᠡᠮᠡᠨ ᠲᠡᠮᠦᠵᠢᠨ ᠪᠤᠭᠤᠷᠴᠢ ᠠ᠋ᠴᠠ ᠵᠡᠪᠰᠡᠭ ᠢ᠋ᠶ᠋ᠡᠨ ᠠᠪᠤᠭᠠᠳ᠄
— ᠴᠢ ᠬᠤᠷᠳᠤ ᠪᠠᠨ ᠰᠠᠭᠠᠷᠠᠭᠤᠯᠵᠤ ᠪᠣᠯᠬᠤ ᠦᠭᠡᠢ ᠰᠢᠦ ᠭᠡᠵᠦ ᠬᠠᠰᠬᠢᠷᠤᠭᠠᠳ ᠮᠣᠷᠢᠨ ᠤ᠋ ᠪᠠᠨ ᠠᠮᠠ ᠶ᠋ᠢ ᠲᠠᠲᠠᠵᠤ ᠬᠣᠴᠤᠷᠤᠰᠬᠢᠭᠡᠳ ᠪᠠᠢ ᠪᠠᠨ ᠨᠡᠯᠢᠶᠡᠳ ᠣᠢᠷᠠᠲᠤᠭᠤᠯᠤᠨ ᠬᠣᠷᠣᠮᠬᠠᠨ ᠵᠠᠭᠤᠷ᠎ᠠ ᠨᠤᠮᠤ ᠪᠠᠨ ᠡᠪᠰᠢᠶᠡᠯᠭᠡᠨ ᠲᠠᠲᠠᠬᠤ ᠳ᠋ᠤ᠌ ᠰᠤᠮᠤ《ᠱᠣᠩ》 ᠭᠡᠳ ᠤᠯᠠᠭᠠᠨ ᠳᠡᠪᠡᠯᠲᠦ ᠨᠢᠷᠤᠭᠤ ᠪᠠᠨ ᠲᠤᠶᠠᠯᠵᠠᠭᠤᠯᠤᠨ ᠮᠣᠷᠢᠨ ᠤ᠋ ᠪᠠᠨ ᠬᠠᠵᠠᠭᠤ ᠤᠷᠤᠭᠤ ᠤᠨᠠᠵᠤ᠂ ᠠᠷᠤ ᠠ᠋ᠴᠠ ᠨᠢ ᠨᠥᠬᠥᠳ ᠨᠢ ᠢᠷᠡᠵᠦ ᠪᠦᠴᠢᠨ ᠪᠥᠭᠡᠮᠨᠡᠷᠡᠪᠡ᠃ ᠡᠨᠡ ᠬᠣᠭᠣᠷᠣᠨᠳᠣ ᠬᠥᠭᠡᠭᠡᠭᠴᠢ᠂ ᠬᠥᠭᠡᠭᠡᠭᠳᠡᠭᠴᠢ ᠬᠣᠯᠠ ᠲᠠᠰᠤᠷᠠᠵᠤ᠂ ᠬᠠᠷᠠᠩᠭᠤᠢ ᠪᠦᠷᠦᠩᠬᠦᠢ ᠪᠣᠯᠪᠠ᠃ ᠬᠣᠶᠠᠷ ᠬᠥᠪᠡᠭᠦᠨ ᠴᠦ᠍ ᠬᠤᠷᠳᠤ ᠦᠯᠦ ᠰᠠᠭᠠᠷᠠᠭᠤᠯᠤᠨ ᠳᠣᠪᠲᠣᠯᠭᠠᠭᠰᠠᠭᠠᠷ ᠯᠠᠪᠲᠠᠢᠶ᠎ᠠ ᠬᠣᠷᠢᠨ ᠮᠣᠳᠣ ᠬᠣᠯᠠᠳᠠᠪᠠ᠃ ᠵᠡᠭᠦᠨ ᠡᠴᠡ ᠪᠠᠷᠠᠭᠤᠨᠰᠢ ᠤᠷᠤᠰᠬᠤ ᠭᠣᠣᠯ ᠲᠠᠭᠠᠷᠠᠵᠤ᠂ ᠤᠰᠤᠨ ᠳᠤᠮᠳᠠᠭᠤᠷ ᠱᠠᠯ ᠫᠠᠯ ᠬᠢᠯᠭᠡᠨ ᠤᠷᠤᠭᠤᠳᠠᠵᠤ ᠬᠣᠶᠠᠷ ᠮᠣᠳᠣ ᠭᠠᠵᠠᠷ ᠱᠣᠭᠰᠢᠭᠤᠯᠤᠨ ᠵᠦᠭ ᠪᠤᠷᠤᠭᠤᠯᠠᠵᠤ᠂ ᠮᠥᠷ ᠰᠠᠷᠨᠢᠭᠤᠯᠬᠤ ᠤᠬᠠᠭᠠᠨ ᠰᠡᠢᠯᠵᠦ ᠶᠠᠪᠤᠪᠠ᠃ ᠲᠦᠳᠡᠯ ᠦᠭᠡᠢ ᠤᠮᠠᠷ᠎ᠠ ᠠ᠋ᠴᠠ ᠳᠠᠭᠤ ᠴᠠᠬᠢᠯᠭᠠᠨ ᠲᠠᠢ ᠠᠭᠠᠳᠠᠷ ᠪᠣᠷᠣᠭᠠᠨ ᠨᠥᠮᠥᠷᠴᠦ᠂ ᠬᠦᠴᠦᠲᠡᠢ ᠰᠠᠯᠬᠢᠯᠠᠨ ᠠᠶᠤᠮᠰᠢᠭ ᠲᠦᠷᠦᠭᠦᠯᠡᠯ᠎ᠡ᠃
ᠭᠡᠰᠡᠨ ᠴᠦ᠍ ᠠᠵᠠ ᠪᠠᠷ ᠪᠣᠷᠣᠭᠠᠨ ᠤ᠋ ᠵᠠᠬ᠎ᠠ ᠲᠠᠭᠠᠷᠠᠵᠤ ᠵᠢᠭᠠᠬᠠᠨ ᠴᠣᠬᠢᠭᠳᠠᠭᠠᠳ ᠥᠩᠭᠡᠷᠡᠪᠡ᠃ ᠲᠡᠷᠡ ᠬᠣᠶᠠᠷ《ᠮᠥᠩᠬᠡ ᠲᠩᠷᠢ ᠢᠪᠡᠭᠡᠪᠡ᠃ ᠬᠠᠷᠢᠨ ᠮᠥᠷᠳᠡᠨ ᠬᠥᠭᠡᠭᠡᠵᠦ ᠶᠠᠪᠤᠭ᠎ᠠ ᠪᠣᠯ ᠲᠡᠳᠡ ᠱᠠᠯᠠᠪ ᠴᠣᠬᠢᠭᠤᠯᠤᠭᠰᠠᠨ ᠳᠠ》 ᠭᠡᠵᠦ ᠢᠨᠢᠶᠡᠯᠳᠦᠨ ᠭᠣᠣᠯ ᠠ᠋ᠴᠠ ᠭᠠᠷᠴᠤ᠂ ᠲᠡᠮᠦᠵᠢᠨ《ᠴᠢᠨᠳᠠᠭ᠎ᠠ》 ᠭᠡᠵᠦ ᠲᠥᠰᠬᠡᠷᠬᠦ ᠳ᠋ᠦ᠍ ᠨᠢᠭᠡ ᠰᠢᠷᠭ᠎ᠠ ᠰᠦᠯᠦᠯᠵᠡᠨ ᠡᠵᠡᠨ ᠨᠢ ᠮᠣᠷᠢᠨ ᠳᠡᠭᠡᠷ᠎ᠡ ᠡᠴᠡ ᠣᠭᠣᠰᠣᠷᠯᠠᠵᠤ᠄
— ᠪᠣᠭᠣᠷᠴᠢ ᠠ᠋᠂ ᠮᠣᠷᠢ ᠪᠠᠨ ᠰᠣᠯᠢᠴᠢᠬᠠ ᠭᠡᠪᠡ᠃ ᠳᠠᠷᠠᠭ᠎ᠠ ᠨᠢ《ᠰᠤᠰᠤᠷ》 ᠭᠡᠳ ᠥᠪᠡᠷ ᠢ᠋ᠶ᠋ᠡᠨ ᠰᠣᠯᠢᠵᠤ ᠴᠤᠴᠠᠭᠰᠠᠨ ᠮᠣᠷᠢᠳ ᠢ᠋ᠶ᠋ᠠᠨ ᠲᠠᠯᠪᠢᠭᠠᠳ ᠴᠠᠭᠠᠰᠢ ᠬᠤᠷᠳᠤᠯᠠᠪᠠ᠃ ᠲᠩᠷᠢ ᠴᠡᠯᠮᠡᠵᠦ ᠣᠳᠣᠳ ᠲᠦᠮᠡ ᠪᠤᠮ ᠢ᠋ᠶ᠋ᠠᠷ ᠢ᠋ᠶ᠋ᠠᠨ ᠭᠢᠯᠠᠯᠵᠠᠨ ᠰᠡᠳᠬᠢᠯ ᠪᠠᠰᠠ ᠴᠡᠯᠮᠡᠯᠡ᠃ ᠲᠡᠮᠦᠵᠢᠨ᠄
— ᠵᠠ᠂ ᠳᠠᠢᠴᠢᠨ ᠡᠷᠡᠰ ᠦ᠋ᠨ ᠤᠨᠲᠠᠯᠭ᠎ᠠ ᠪᠠᠷ ᠶᠠᠯᠢᠭᠦᠢ ᠵᠢᠭᠠᠬᠠᠨ ᠨᠣᠢᠷ ᠠᠪᠤᠶ᠎ᠠ᠂ ᠬᠣᠶᠠᠭᠤᠯᠠ᠃ ᠪᠤᠭᠤᠷᠴᠢ ᠴᠢ ᠲᠠᠰᠢᠭᠤᠷ ᠤ᠋ᠨ ᠢ᠋ᠶ᠋ᠠᠨ ᠰᠠᠭᠠᠯᠳᠤᠷᠭ᠎ᠠ ᠶ᠋ᠢ ᠡᠮᠡᠭᠡᠯ ᠦ᠋ᠨ ᠢ᠋ᠶ᠋ᠡᠨ ᠪᠦᠭᠦᠷᠭᠡᠨ ᠳ᠋ᠦ᠍ ᠤᠭᠯᠠᠵᠤ ᠳᠡᠭᠡᠭᠰᠢ ᠨᠢ ᠪᠣᠰᠬᠠᠵᠤ ᠪᠠᠷᠢᠭᠠᠳ ᠪᠠᠷᠠᠭᠤᠨ ᠭᠠᠷ ᠢ᠋ᠶ᠋ᠠᠷ ᠢ᠋ᠶ᠋ᠠᠨ ᠪᠦᠭᠦᠷᠭᠡ ᠪᠡᠨ ᠲᠠᠰᠢᠭᠤᠷ ᠲᠠᠢ ᠪᠠᠨ ᠳᠠᠪᠬᠤᠷ ᠠᠳᠬᠤᠨ ᠳᠡᠷᠡᠯᠡᠵᠦ ᠳᠤᠭᠬᠢ᠃ ᠲᠡᠭᠰᠢ ᠰᠠᠭᠤᠵᠤ ᠳᠥᠷᠥᠭᠡ ᠪᠡᠨ ᠵᠢᠭᠢ ᠭᠡᠵᠦ ᠵᠢᠭᠠᠪᠤᠷᠢᠯᠠᠪᠠ᠃ ᠬᠣᠶᠠᠷ ᠵᠠᠯᠠᠭᠤ ᠲᠡᠷᠡ ᠳᠣᠣᠷ᠎ᠠ ᠪᠠᠨ ᠵᠡᠭᠦᠷᠮᠡᠭᠯᠡᠨ ᠮᠣᠷᠢᠳ ᠴᠤ᠌ ᠡᠵᠡᠨ ᠦ᠌ ᠪᠡᠨ ᠬᠦᠰᠡᠭᠰᠡᠨ ᠶᠣᠰᠣᠭᠠᠷ ᠰᠢᠷᠭᠤᠯᠵᠢᠨ ᠴᠤᠪᠤᠭ᠎ᠠ ᠪᠠᠷ ᠵᠠᠷᠢᠮ ᠳ᠋ᠠᠭᠠᠨ ᠰᠡᠭᠦᠯ ᠬᠥᠳᠡᠯᠭᠡᠬᠦ ᠲᠡᠳᠦᠢ ᠱᠣᠭᠰᠢᠨ ᠭᠠᠵᠠᠷ ᠦᠨᠦᠷᠯᠡᠨ ᠳᠣᠷᠭᠢᠵᠤ ᠨᠤᠲᠤᠭ ᠤ᠋ᠨ ᠵᠦᠭ ᠱᠤᠭᠤᠮ ᠲᠡᠳᠡᠨ ᠠᠯᠬᠤᠭᠤᠯᠤᠨ᠎ᠠ᠃
ᠦᠦᠷ ᠮᠠᠩᠬᠠᠢᠲᠠᠯ᠎ᠠ ᠴᠠᠢᠵᠤ᠂ ᠬᠣᠶᠠᠷ ᠵᠠᠯᠠᠭᠤ ᠰᠡᠷᠢᠵᠦ ᠡᠪᠰᠢᠶᠡᠨ ᠰᠤᠨᠢᠶᠠᠬᠤ ᠵᠠᠭᠤᠷ᠎ᠠ《ᠬᠠᠢᠷᠠᠨ!》 ᠭᠡᠵᠦ ᠬᠠᠷᠠᠮᠰᠠᠨ ᠱᠠᠭᠰᠢᠷᠠᠪᠠ᠃
— ᠶᠠᠭᠠᠬᠢᠭᠰᠠᠨ ᠪᠣᠢ? ᠵᠡᠭᠦᠳᠦ ᠤᠤ? ᠰᠠᠢᠬᠠᠨ ᠵᠡᠭᠦᠳᠦ ᠪᠢᠵᠡ!
— ᠶᠠᠭᠤ ᠬᠡᠯᠡᠬᠦ ᠪᠣᠢ ᠱᠠᠭᠰᠢᠷᠠᠬᠤ ᠳ᠋ᠤᠨᠢ᠄
— ᠬᠡᠯᠡᠯ ᠳᠡ ᠭᠡᠯᠡ᠃
— ᠲᠠᠨ ᠤ᠋ ᠬᠥᠪᠴᠢ ᠳ᠋ᠦ᠍ ᠶᠦᠮ ᠳᠡ᠃ ᠪᠢ ᠤᠷᠢᠳᠤ ᠬᠥᠪᠴᠢ ᠡᠴᠡ ᠮᠣᠳᠣ ᠲᠡᠭᠡᠭᠡᠵᠦ ᠶᠠᠪᠤᠭᠰᠠᠨ ᠯᠠ ᠳᠠ᠃ ᠶᠡᠬᠡ ᠥᠳᠬᠡᠨ ᠣᠢ ᠲᠠᠢ ᠠᠭᠤᠯᠠ ᠶ᠋ᠢᠨ ᠬᠢᠷ᠎ᠠ ᠳ᠋ᠤ᠌ ᠭᠠᠷᠴᠠᠢ᠃ ᠶᠠᠭᠠᠬᠢᠵᠤ ᠭᠠᠷᠤᠭᠰᠠᠨ ᠢ᠋ᠶ᠋ᠠᠨ ᠮᠡᠳᠡᠭᠰᠡᠨ ᠦᠭᠡᠢ᠃ ᠲᠡᠷᠡ ᠬᠢᠷ᠎ᠠ ᠳ᠋ᠤ᠌ ᠠᠶᠠᠭᠠᠨ ᠳ᠋ᠤ᠌ ᠬᠢᠭᠰᠡᠨ ᠷᠠᠰᠢᠶᠠᠨ ᠮᠡᠲᠦ ᠭᠦᠨ ᠴᠡᠩᠬᠡᠷ ᠨᠠᠭᠤᠷ ᠮᠡᠯᠲᠡᠯᠵᠡᠵᠦ ᠪᠠᠢᠬᠤ ᠶᠤᠮ᠃ ᠪᠢ ᠨᠠᠭᠤᠷ ᠤ᠋ᠨ ᠤᠰᠤᠨ ᠠ᠋ᠴᠠ ᠬᠦᠷᠲᠡᠵᠦ ᠬᠠᠷᠠᠲᠠᠯ᠎ᠠ ᠡᠮᠦᠨ᠎ᠡ ᠮᠢᠨᠢ ᠨᠢᠭᠡ ᠦᠵᠡᠰᠬᠦᠯᠡᠩᠲᠡᠢ ᠭᠤᠸ᠎ᠠ ᠪᠦᠰᠡᠭᠦᠢ ᠨᠠᠳᠠ ᠤᠷᠤᠭᠤ ᠬᠠᠷᠠᠵᠤ ᠢᠨᠢᠶᠡᠮᠰᠦᠭᠯᠡᠨ ᠭᠠᠷ ᠢ᠋ᠶ᠋ᠠᠨ ᠰᠤᠩᠭᠠᠬᠤ ᠶᠤᠮ᠃ ᠬᠤᠷᠮᠤᠰᠲᠠ ᠶ᠋ᠢᠨ ᠳᠠᠭᠢᠨᠢ ᠭᠡᠳᠡᠭ ᠯᠡ ᠲᠡᠷᠡ ᠪᠠᠢᠬ᠎ᠠ᠃ ᠪᠢ ᠪᠠᠶᠠᠷᠯᠠᠭᠠᠳ ᠭᠠᠷ ᠢ᠋ᠶ᠋ᠠᠨ ᠰᠤᠩᠭᠠᠯ᠎ᠠ᠃ ᠬᠦᠷᠳᠡᠭ ᠦᠭᠡᠢ ᠠ᠋᠂ ᠶᠠᠭᠠᠬᠢᠭᠰᠠᠨ ᠴᠤ᠌ ᠬᠦᠷᠳᠡᠭ ᠦᠭᠡᠢ᠃ ᠵᠢᠳᠬᠦᠯ᠎ᠡ᠂ ᠪᠠᠰᠠᠯᠠ ᠬᠦᠷᠳᠡᠭ ᠦᠭᠡᠢ᠃ ᠲᠤᠩ ᠴᠤ᠌ ᠣᠢᠷᠠᠬᠠᠨ᠃ ᠥᠰᠥᠷᠬᠡᠶᠡ ᠭᠡᠲᠡᠯ᠎ᠡ ᠰᠡᠷᠡᠴᠢᠬᠡᠯᠡ᠃
— ᠬᠠᠢᠷᠠᠨ ᠪᠠᠢᠨ᠎ᠠ! ᠪᠢ ᠴᠦ᠍ ᠭᠡᠰᠡᠨ ᠬᠠᠢᠷᠠᠨ! ᠭᠡᠳ ᠲᠡᠮᠦᠵᠢᠨ ᠢᠨᠢᠶᠡᠮᠰᠦᠭᠯᠡᠨ ᠲᠣᠯᠣᠭᠠᠢ ᠪᠠᠨ ᠡᠷᠭᠦᠵᠦ᠄
— ᠪᠥᠷᠲᠡ ᠲᠡᠢ ᠪᠡᠨ ᠨᠠᠷᠢᠨ ᠭᠣᠣᠯ ᠤ᠋ᠨ ᠡᠷᠭᠢ ᠳᠡᠭᠡᠷ᠎ᠡ ᠥᠷᠭᠡᠰᠦᠨ ᠦ᠌ ᠮᠣᠷᠢ ᠤᠷᠤᠯᠳᠤᠭᠤᠯᠵᠤ ᠪᠠᠢᠬᠤ ᠶᠤᠮ᠃ ᠮᠢᠨᠦ ᠮᠣᠷᠢ ᠲᠦᠷᠦᠭᠦᠯᠡᠭᠡᠳ ᠢᠷᠡᠯ᠎ᠡ᠃ ᠲᠡᠭᠡᠮᠡᠭᠴᠡ ᠥᠨᠥᠬᠢ ᠴᠢᠨᠢ ᠰᠢᠭᠦᠷᠴᠦ ᠠᠪᠤᠭᠠᠳ ᠵᠢᠭᠤᠲᠠᠯ᠎ᠠ᠃ ᠪᠢ ᠬᠥᠭᠡᠭᠡᠳ ᠭᠦᠢᠴᠡᠳᠡᠭ ᠦᠭᠡᠢ᠃ ᠬᠡᠯᠡ ᠪᠡᠨ ᠭᠠᠷᠭᠠᠨ ᠡᠷᠭᠢᠵᠦ ᠬᠠᠷᠠᠨ ᠳᠣᠭᠣᠭᠢᠯᠠᠭᠠᠳ᠂ ᠪᠢ ᠴᠦ᠍ ᠠᠷᠤ ᠠ᠋ᠴᠠ ᠨᠢ ᠬᠣᠷᠣᠨ ᠳ᠋ᠠᠭᠠᠨ ᠭᠦᠢᠴᠡᠬᠦ ᠭᠡᠵᠦ ᠬᠥᠭᠡᠭᠡᠭᠡᠳ ᠠᠰᠢᠭᠦᠢ ᠭᠦᠢᠴᠡᠵᠦ ᠲᠡᠪᠡᠷᠢᠵᠦ ᠠᠪᠤᠭᠠᠳ᠄《ᠴᠢ ᠶᠠᠭᠠᠬᠢᠭᠰᠠᠨ ᠶᠡᠬᠡ ᠬᠡᠯᠡ ᠲᠡᠢ ᠬᠥᠮᠦᠨ ᠪᠣᠢ? ᠣᠳᠣ ᠭᠠᠷᠭ᠎ᠠ᠃ ᠲᠠᠰᠤ ᠬᠠᠵᠠᠭᠠᠳ ᠥᠭᠭᠦᠶ᠎ᠡ》 ᠭᠡᠲᠡᠯ᠎ᠡ᠄《ᠲᠡᠭᠡ ᠯᠡ ᠳᠡ᠃ ᠪᠢᠲᠡᠭᠡᠢ ᠨᠢᠰᠠᠯᠠᠭᠠᠷᠠᠢ ᠡᠪᠡᠳᠬᠡᠭᠡᠷᠡᠢ!》 ᠭᠡᠳ ᠬᠡᠯᠡ ᠪᠡᠨ ᠭᠠᠷᠭᠠᠪᠠ᠃ ᠪᠢ ᠡᠮᠬᠦᠭᠡᠳ ᠠᠪᠬᠤ ᠭᠡᠲᠡᠯ᠎ᠡ ᠰᠡᠷᠡᠴᠢᠬᠦ ᠨᠢ ᠲᠡᠷᠡ! ᠬᠠᠢᠷᠠᠨ ᠪᠠᠢᠭ᠎ᠠ ᠪᠢᠵᠡ᠃
— ᠬᠠᠢᠷᠠᠨ! ᠴᠢ ᠲᠡᠭᠡᠭᠡᠳ ᠬᠠᠵᠠᠬᠤ ᠪᠠᠢᠭᠰᠠᠨ ᠤᠤ?
— ᠶᠠᠭᠠᠬᠢᠯ᠎ᠠ ᠭᠡᠵᠦ? ᠲᠡᠷᠡ ᠬᠥᠭᠡᠷᠦᠬᠦᠨ ᠶᠠᠭᠤᠮ᠎ᠠ ᠶ᠋ᠢ ᠭᠡᠳ ᠬᠣᠶᠠᠭᠤᠯᠠ ᠪᠠᠨ ᠢᠨᠢᠶᠡᠯᠳᠦᠯᠡ᠃
ᠨᠠᠷᠠ ᠭᠠᠷᠤᠯ᠎ᠠ᠃ ᠨᠠᠷᠠᠳᠠᠭᠤᠯᠵᠤ ᠨᠢᠭᠡ ᠲᠠᠷᠪᠠᠭ᠎ᠠ ᠭᠠᠨᠵᠤᠭᠠᠯᠠᠪᠠ᠃ ᠨᠠᠷᠠ ᠳᠡᠭᠡᠭᠰᠢ ᠬᠥᠭᠡᠷᠦᠨ ᠴᠢᠭᠢᠭ ᠲᠠᠲᠠᠷᠠᠯᠠ᠃ ᠵᠠᠮ ᠳ᠋ᠠᠭᠠᠨ ᠠᠷᠭᠠᠯ ᠰᠢᠭᠦᠷᠴᠦ ᠬᠣᠶᠠᠭᠤᠯᠠ ᠳᠥᠨᠳᠥᠢᠲᠡᠯᠡ ᠪᠣᠭᠣᠭᠠᠳ ᠲᠡᠷᠲᠡᠭᠡ ᠬᠠᠳᠠᠨ ᠬᠣᠰᠢᠭᠤ ᠬᠦᠷᠴᠦ ᠪᠣᠭᠣᠳᠠᠭ ᠢ᠋ᠶ᠋ᠠᠨ ᠬᠢᠶ᠎ᠡ ᠭᠡᠯᠴᠡᠯ᠎ᠡ᠃
ᠲᠡᠨᠳᠡ ᠲᠤᠩ ᠲᠠᠭᠠᠲᠠᠢ ᠭᠠᠵᠠᠷ ᠣᠯᠵᠠᠢ᠃ ᠬᠣᠶᠠᠷ ᠵᠠᠯᠠᠭᠤ ᠮᠡᠷᠭᠡᠵᠢᠵᠦ ᠰᠤᠷᠤᠭᠰᠠᠨ ᠢ᠋ᠶ᠋ᠠᠷ ᠢ᠋ᠶ᠋ᠠᠨ ᠬᠣᠭᠣᠯᠠ ᠪᠠᠨ ᠲᠤᠩ ᠬᠤᠷᠳᠤᠨ ᠠᠮᠵᠢᠭᠤᠯᠤᠯᠠ᠃ ᠬᠠᠳᠠᠨ ᠳᠡᠭᠡᠷ᠎ᠡ ᠭᠠᠷᠴᠤ ᠠᠶᠠᠲᠠᠢ ᠲᠠᠪᠴᠠᠩ ᠳᠡᠭᠡᠷ᠎ᠡ ᠪᠣᠭᠣᠳᠠᠭ ᠢ᠋ᠶ᠋ᠠᠨ ᠲᠠᠯᠪᠢᠭᠰᠠᠨ ᠨᠢ ᠪᠠᠰᠠ ᠠᠯᠤᠰ ᠤ᠋ᠨ ᠪᠠᠷ᠎ᠠ ᠠᠵᠢᠵᠤ᠂ ᠲᠠᠪᠠ ᠲᠤᠬᠠᠲᠠᠢ ᠬᠣᠭᠣᠯᠠᠯᠠᠬᠤ ᠪᠣᠯᠤᠮᠵᠢ ᠶᠤᠮ᠃
ᠲᠡᠷᠡ ᠬᠣᠶᠠᠷ ᠨᠠᠰᠤ ᠪᠡᠶ᠎ᠡ ᠭᠦᠢᠴᠡᠭᠰᠡᠨ ᠡᠷᠡᠴᠦᠦᠯ ᠰᠢᠭ ᠵᠠᠪᠢᠯᠠᠨ ᠰᠠᠭᠤᠵᠤ《ᠡᠷ᠎ᠡ ᠬᠥᠮᠦᠨ ᠦ᠌ ᠵᠢᠷᠭᠠᠯ ᠡᠵᠡᠭᠦᠢ ᠬᠡᠭᠡᠷ᠎ᠡ》 ᠭᠡᠵᠦ ᠶᠡᠬᠡ ᠦᠭᠡ ᠬᠡᠯᠡᠵᠦ ᠢᠨᠢᠶᠡᠯᠳᠦᠨ ᠲᠤᠬᠠᠲᠠᠢ ᠨᠢ ᠠᠷᠭ᠎ᠠ ᠦᠭᠡᠢ ᠬᠣᠭᠣᠯᠠᠯᠠᠯᠠ᠃
ᠲᠡᠮᠦᠵᠢᠨ ᠶᠡᠬᠡ ᠯᠡ ᠪᠣᠳᠣᠯ ᠪᠣᠯᠤᠭᠰᠠᠨ ᠶᠠᠩᠵᠤᠲᠠᠢ ᠠᠯᠤᠰ ᠵᠡᠭᠦᠨ ᠡᠮᠦᠨ᠎ᠡ ᠵᠦᠭ ᠢ᠋ ᠰᠢᠷᠲᠡᠨ ᠲᠡᠰᠢᠶ᠎ᠡ ᠲᠤᠯᠤᠨ ᠰᠠᠭᠤᠬᠤᠢ ᠳ᠋ᠤ᠌ ᠪᠤᠭᠤᠷᠴᠢ᠄
— ᠴᠢ ᠴᠦ᠍ ᠡᠷ᠎ᠡ ᠬᠥᠮᠦᠨ ᠪᠣᠯᠵᠤ᠂ ᠴᠠᠭᠠᠳᠤᠬᠢ ᠴᠢᠨᠢ ᠶᠡᠬᠡ ᠰᠠᠢᠬᠠᠨ ᠬᠡᠦᠬᠡᠨ ᠪᠣᠯᠤᠭᠠᠳ ᠴᠢᠮ᠎ᠠ ᠶ᠋ᠢ ᠰᠠᠨᠠᠵᠤ ᠪᠠᠢᠭ᠎ᠠ ᠶᠤᠮ ᠪᠠᠢᠨ᠎ᠠ ᠳᠠ᠃ ᠲᠡᠭᠦᠨ ᠲᠡᠢ ᠪᠡᠨ ᠭᠡᠷᠯᠡᠨ᠎ᠡ ᠪᠢᠵᠡ ᠳᠡ ᠭᠡᠵᠦ ᠠᠰᠠᠭᠤᠬᠤ ᠳ᠋ᠤ᠌ ᠨᠢ᠄
— ᠲᠡᠢᠮᠦ ᠠ᠋ ᠂ ᠪᠢ ᠶᠡᠬᠡ ᠰᠠᠨᠠᠳᠠᠭ᠃ ᠳᠣᠯᠣᠭᠠᠨ ᠵᠢᠯ ᠥᠩᠭᠡᠷᠡᠵᠡᠢ᠃ ᠣᠳᠣ ᠶᠠᠮᠠᠷ ᠬᠡᠦᠬᠡᠨ ᠪᠣᠯᠤᠭ᠎ᠠ ᠪᠣᠯ? ᠤᠷᠲᠤ ᠰᠣᠷᠮᠤᠤᠰᠤ ᠲᠠᠢ᠂ ᠳᠠᠪᠬᠤᠷᠭᠠᠯᠢᠭ ᠣᠨᠢᠭᠠᠷ ᠪᠣᠷᠣ ᠨᠢᠳᠦ᠂ ᠵᠢᠵᠢᠭᠬᠡᠨ ᠵᠣᠮᠪᠣᠭᠣᠷ ᠤᠷᠤᠭᠤᠯ ᠢ᠋ᠶ᠋ᠠᠷ ᠵᠠᠯᠢᠲᠠᠢ ᠴᠢᠷᠠᠢ ᠭᠠᠷᠭᠠᠨ ᠦᠷᠭᠦᠯᠵᠢ ᠢᠨᠢᠶᠡᠮᠰᠦᠭᠯᠡᠬᠦ᠁ ᠲᠡᠷᠡ ᠪᠦᠷᠢ ᠬᠣᠶᠠᠷ ᠪᠣᠮᠪᠣᠭᠣᠷ ᠬᠠᠴᠠᠷ ᠨᠢ ᠬᠣᠩᠬᠣᠢᠵᠤ᠁ ᠬᠥᠭᠡᠷᠦᠬᠦᠨ ᠯᠡ ᠭᠡᠬᠦ ᠤᠤ ᠳᠠ᠁
— ᠬᠥᠭᠡᠷᠦᠬᠦᠨ ᠯᠡ ᠪᠠᠢᠵᠤ ᠲᠠᠭᠠᠷᠠᠨ᠎ᠠ᠃ ᠬᠡᠦᠬᠡᠨ ᠶᠦᠮ ᠴᠢᠨᠢ ᠭᠡᠵᠦ ᠪᠣᠭᠤᠷᠴᠢ ᠨᠥᠬᠥᠷ ᠲᠡᠭᠡᠨ ᠤᠷᠮ᠎ᠠ ᠥᠭᠪᠡ᠃
— ᠲᠡᠷᠡ ᠨᠠᠳᠠ ᠠ᠋ᠴᠠ ᠨᠢᠭᠡ ᠨᠠᠰᠤ ᠢᠯᠡᠭᠦᠦ᠃ ᠲᠡᠷᠡ ᠨᠢ ᠶᠡᠬᠡ ᠬᠥᠭᠡᠷᠦᠬᠦᠨ᠂ ᠡᠭᠡᠴᠢ ᠶᠦᠮ ᠪᠣᠯᠬᠣᠷ ᠶᠠᠭᠤᠮ᠎ᠠ ᠶᠠᠭᠤᠮ᠎ᠠ ᠵᠢᠭᠠᠬᠤ ᠭᠡᠨ᠎ᠡ᠃ ᠲᠡᠷᠡ ᠨᠢ ᠪᠠᠰᠠ ᠬᠥᠭᠡᠷᠦᠬᠦᠨ᠃
— ᠣᠳᠣ ᠠᠪᠴᠢᠷᠠᠬᠤ ᠯᠠ ᠁
— ᠲᠡᠢᠮᠦ ᠠ᠋᠂ ᠡᠨᠡ ᠬᠡᠳᠦᠨ ᠮᠣᠷᠢᠳ ᠢ᠋ᠶ᠋ᠠᠨ ᠠᠪᠠᠴᠢᠭᠠᠳ ᠲᠠᠢᠰᠢ ᠪᠠᠨ ᠶᠠᠪᠤᠨ᠎ᠠ᠃ ᠡᠬᠡᠨᠡᠷ ᠢ᠋ᠶ᠋ᠡᠨ ᠠᠪᠴᠢᠷᠠᠵᠤ ᠡᠷᠦᠬᠡ ᠭᠡᠷ ᠢ᠋ᠶ᠋ᠡᠨ ᠪᠤᠰᠬᠠᠨ᠎ᠠ᠃ ᠲᠡᠷᠡ ᠪᠣᠯ ᠮᠢᠨᠦ ᠡᠬᠢᠨ ᠦ᠌ ᠠᠯᠬᠤᠮ᠃
— ᠳᠠᠷᠠᠭᠠᠬᠢ ᠨᠢ?
— ᠡᠴᠢᠭᠡ ᠶ᠋ᠢᠨ ᠵᠠᠬᠢᠷᠴᠤ ᠪᠠᠢᠭᠰᠠᠨ ᠤᠯᠤᠰ ᠭᠡᠷ ᠢ᠋ ᠲᠡᠭᠦᠨ ᠦ᠌ ᠲᠤᠭ ᠰᠦᠯᠳᠡ ᠶ᠋ᠢᠨ ᠳᠣᠣᠷ᠎ᠠ ᠨᠢᠭᠡᠳᠬᠡᠬᠦ᠃ ᠡᠨᠡ ᠪᠣᠯ ᠶᠢᠰᠦᠭᠡᠢ ᠪᠠᠭᠠᠲᠤᠷ ᠤ᠋ᠨ ᠬᠦᠦ ᠶ᠋ᠢᠨ ᠡᠭᠦᠷᠭᠡ᠃ ᠳᠠᠢᠴᠢᠨ ᠨᠥᠬᠥᠳ ᠢ᠋ᠶ᠋ᠡᠷ ᠴᠡᠷᠢᠭ ᠪᠠᠢᠭᠤᠯᠵᠤ ᠲᠠᠷᠭᠤᠲᠠᠢ ᠬᠢᠷᠢᠯᠲᠤᠭ ᠤ᠋ᠨ ᠲᠠᠷᠢᠬᠢᠨ ᠳᠡᠭᠡᠷ᠎ᠡ ᠴᠠᠬᠢᠭᠤᠷ ᠬᠠᠭᠠᠯᠬᠤ! ᠭᠡᠳ ᠲᠡᠮᠦᠵᠢᠨ ᠣᠭᠯᠣ ᠦᠰᠦᠷᠦᠨ ᠪᠣᠰᠴᠤ ᠵᠡᠭᠦᠨ ᠭᠠᠷ ᠢ᠋ᠶ᠋ᠠᠷ ᠢ᠋ᠶ᠋ᠠᠨ ᠰᠡᠯᠡᠮ᠎ᠡ ᠶ᠋ᠢᠨ ᠭᠡᠷ ᠢ᠋ ᠠᠳᠬᠤᠨ ᠨᠥᠭᠦᠭᠡ ᠭᠠᠷ ᠢ᠋ᠶ᠋ᠠᠷ ᠢ᠋ᠶ᠋ᠠᠨ ᠰᠡᠯᠡᠮ᠎ᠡ ᠪᠡᠨ ᠳᠤᠲᠠᠭᠤ ᠰᠤᠭᠤᠯᠵᠤ ᠲᠡᠰᠬᠢᠲᠡᠯᠡ ᠬᠤᠢ ᠳ᠋ᠤᠨᠢ ᠬᠠᠭᠠᠭᠠᠳ ᠨᠢᠳᠤᠷᠭ᠎ᠠ ᠪᠠᠨ ᠴᠢᠩᠭ᠎ᠠ ᠠᠳᠬᠤᠵᠤ ᠳᠡᠭᠡᠭᠰᠢ ᠡᠷᠭᠦᠨ᠄
— ᠡᠨᠡ ᠪᠣᠯ ᠲᠠᠩᠭᠠᠷᠢᠭ! ᠭᠡᠯᠡ᠃
ᠲᠡᠭᠦᠨ ᠦ᠌ ᠬᠠᠷᠠᠴᠠ ᠶᠡᠬᠡ ᠯᠡ ᠰᠢᠷᠦᠭᠦᠨ ᠠᠭᠠᠳ ᠵᠣᠷᠪᠣᠭᠣᠷ ᠣᠨᠢᠭᠠᠷ ᠨᠢᠳᠦ ᠨᠢ ᠬᠠᠷᠢᠶᠠᠴᠠᠢ ᠶ᠋ᠢᠨ ᠳᠠᠯᠢ ᠠᠳᠠᠯᠢ ᠠᠲᠤᠷᠢᠭᠰᠠᠨ ᠬᠥᠮᠥᠰᠬᠡ ᠳᠣᠣᠷ᠎ᠠ ᠪᠠᠨ ᠭᠢᠯᠠᠯᠵᠠᠨ ᠬᠡᠦᠬᠡᠳ ᠦ᠋ᠨ ᠪᠤᠯᠪᠠᠷᠠᠢ ᠪᠣᠮᠪᠣᠭᠣᠷ ᠬᠠᠴᠠᠷ ᠨᠢ ᠵᠠᠭᠤᠭᠰᠠᠨ ᠲᠦᠭᠦᠰᠢ ᠯᠦ᠍ᠭᠡ ᠭᠦᠷᠡᠯᠵᠡᠬᠦ ᠨᠢ ᠬᠦᠳᠡᠷ ᠡᠷ᠎ᠡ ᠮᠡᠲᠦ ᠶᠡᠬᠡ ᠯᠡ ᠰᠦᠷᠯᠢᠭ ᠠᠵᠢ᠃
ᠪᠣᠭᠣᠷᠴᠢ ᠰᠦᠷᠳᠡᠨ ᠪᠢᠰᠢᠷᠡᠵᠦ ᠡᠪᠦᠳᠦᠭ ᠰᠥᠭᠥᠳᠦᠨ᠄
— ᠴᠢᠨᠦ ᠲᠥᠷᠥ ᠶ᠋ᠢᠨ ᠰᠦᠯᠳᠡ ᠳᠣᠣᠷ᠎ᠠ ᠴᠢᠮᠠᠲᠤ ᠬᠦᠴᠦ ᠪᠡᠨ ᠡᠷᠭᠦᠬᠦ ᠶ᠋ᠢ ᠪᠢ ᠪᠠᠰᠠ ᠠᠨᠳᠠᠭᠠᠢᠯᠠᠶᠠ ᠭᠡᠬᠦ ᠳ᠋ᠦ᠍ ᠲᠡᠮᠦᠵᠢᠨ ᠭᠠᠷ ᠠ᠋ᠴᠠ ᠨᠢ ᠥᠭᠡᠳᠡ ᠲᠠᠲᠠᠵᠤ ᠪᠣᠰᠬᠠᠭᠠᠳ ᠬᠣᠶᠠᠷ ᠵᠠᠯᠠᠭᠤ ᠥᠭᠡᠳᠡ ᠥᠭᠡᠳᠡ ᠡᠴᠡ ᠪᠡᠨ ᠬᠠᠷᠢᠯᠴᠠᠨ ᠵᠡᠭᠦᠨ ᠭᠠᠷ ᠢ᠋ᠶ᠋ᠠᠷ ᠲᠠᠰᠢᠶ᠎ᠠ ᠲᠤᠯᠤᠨ᠂ ᠪᠠᠷᠠᠭᠤᠨ ᠭᠠᠷ ᠢ᠋ᠶ᠋ᠠᠨ ᠵᠥᠷᠢᠭᠦᠯᠵᠦ ᠠᠳᠬᠤᠨ ᠲᠩᠷᠢ ᠥᠭᠡᠳᠡ ᠡᠷᠭᠦᠭᠡᠳ᠄《ᠲᠠᠩᠭᠠᠷᠢᠭ! ᠲᠠᠩᠭᠠᠷᠢᠭ! ᠲᠠᠩᠭᠠᠷᠢᠭ!》 ᠭᠡᠮᠡᠨ ᠬᠠᠳᠠ ᠴᠤᠤᠷᠢᠶᠠᠳᠠᠲᠠᠯᠠ ᠬᠠᠰᠬᠢᠷᠪᠠ᠃
ᠬᠣᠶᠠᠷ ᠵᠠᠯᠠᠭᠤ ᠶᠡᠬᠡ ᠪᠣᠳᠣᠯ ᠳ᠋ᠤ᠌ ᠣᠷᠣᠭᠰᠠᠨ ᠶᠠᠩᠵᠤᠲᠠᠢ ᠬᠠᠳᠠᠨ ᠠ᠋ᠴᠠ ᠪᠠᠭᠤᠵᠤ᠂ ᠮᠣᠷᠢᠨ ᠳ᠋ᠠᠭᠠᠨ ᠮᠣᠷᠳᠠᠭᠠᠳ ᠢᠰᠭᠢᠷᠴᠤ ᠮᠣᠷᠢᠳ ᠢ᠋ᠶ᠋ᠠᠨ ᠬᠥᠭᠡᠭᠡᠨ ᠬᠠᠲᠠᠷᠢᠭᠤᠯᠤᠯ᠎ᠠ᠃ ᠨᠡᠯᠢᠶᠡᠳ ᠴᠦ᠍ ᠬᠣᠯᠠ ᠶᠠᠪᠤᠴᠢᠬᠠᠭᠰᠠᠨ ᠪᠥᠭᠡᠳ ᠦᠳᠡ ᠶ᠋ᠢᠨ ᠬᠠᠯᠠᠭᠤᠨ ᠴᠤ᠌ ᠪᠣᠯᠤᠯ᠎ᠠ᠃ ᠲᠡᠮᠦᠵᠢᠨ᠄
— ᠪᠣᠭᠣᠷᠴᠢ ᠠ᠋᠂ ᠬᠣᠶᠠᠭᠤᠯᠠ ᠰᠡᠭᠦᠳᠡᠷ ᠭᠠᠵᠠᠷ ᠪᠠᠷᠠᠳᠠᠵᠤ ᠬᠡᠳᠦᠨ ᠮᠣᠷᠢᠳ ᠢ᠋ᠶ᠋ᠠᠨ ᠬᠣᠷᠭᠤᠭᠠᠭᠠᠳ ᠵᠢᠭᠠᠬᠠᠨ ᠨᠣᠢᠷ ᠠᠪᠬᠤ ᠤᠤ? ᠭᠡᠪᠡᠯ᠄
— ᠲᠡᠭᠡᠪᠡᠯ ᠴᠦ᠍ ᠳᠡᠭᠡᠷ᠎ᠡ ᠭᠡᠵᠦ ᠪᠣᠭᠤᠷᠴᠢ ᠬᠡᠯᠡᠯ᠎ᠡ᠃
— ᠲᠡᠷᠡ ᠬᠣᠶᠠᠷ ᠬᠠᠲᠠᠲᠠᠢ ᠠᠷᠤ ᠬᠤᠰᠢᠭᠤᠨ ᠳ᠋ᠤ᠌ ᠣᠴᠢᠵᠤ ᠮᠣᠷᠢᠳ ᠢ᠋ᠶ᠋ᠠᠨ ᠬᠣᠷᠭᠣᠭᠠᠭᠠᠳ ᠪᠣᠭᠣᠳᠠᠭ ᠤ᠋ᠨ ᠢ᠋ᠶ᠋ᠠᠨ ᠦᠯᠡᠳᠡᠭᠳᠡᠯ ᠢ᠋ ᠢᠳᠡᠵᠦ᠂ ᠴᠤᠯᠪᠤᠭᠤᠷ ᠢ᠋ᠶ᠋ᠠᠨ ᠠᠳᠬᠤᠵᠤ ᠠᠷᠤ ᠵᠣ ᠪᠠᠨ ᠨᠡᠢᠯᠡᠭᠦᠯᠦᠨ ᠪᠡᠶ᠎ᠡ ᠪᠡᠶ᠎ᠡ ᠪᠡᠨ ᠨᠠᠯᠠᠨ ᠨᠣᠢᠷᠰᠤᠯᠠ᠃ ᠦᠳᠡ ᠶ᠋ᠢᠨ ᠬᠠᠯᠠᠭᠤᠨ ᠥᠩᠭᠡᠷᠡᠵᠦ ᠣᠷᠣᠢ ᠶ᠋ᠢᠨ ᠰᠡᠷᠢᠭᠦᠨ ᠣᠷᠣᠬᠤ ᠶ᠋ᠢᠨ ᠰᠠᠴᠠᠭᠤ ᠲᠡᠷᠡ ᠬᠣᠶᠠᠷ ᠵᠠᠮ ᠳ᠋ᠠᠭᠠᠨ ᠭᠠᠷᠤᠯ᠎ᠠ᠃ ᠨᠠᠷᠠ ᠵᠢᠷᠭᠠᠬᠤ ᠰᠠᠴᠠᠭᠤ ᠰᠦᠷᠡᠬᠡᠢ ᠡᠯᠪᠡᠭ ᠤᠰᠤ ᠲᠠᠢ ᠭᠣᠣᠯ ᠳᠡᠭᠡᠷ᠎ᠡ ᠢᠷᠡᠬᠦ ᠳ᠋ᠦ᠍《ᠬᠠᠷᠠᠵᠠ ᠶ᠋ᠢᠨ ᠭᠣᠣᠯ》 ᠭᠡᠵᠦ ᠪᠣᠭᠤᠷᠴᠢ ᠬᠡᠯᠡᠪᠡ᠃ ᠬᠣᠶᠠᠭᠤᠯᠠ ᠡᠨᠳᠡ ᠪᠠᠭᠤᠵᠤ ᠬᠤᠪᠴᠠᠰᠤ ᠬᠤᠨᠠᠷ ᠢ᠋ᠶ᠋ᠠᠨ ᠳᠠᠢᠴᠢᠨ ᠭᠣᠣᠯ ᠤ᠋ᠨ ᠤᠰᠤᠨ ᠳ᠋ᠤ᠌ ᠣᠷᠣᠵᠤ ᠭᠬᠢᠷ ᠬᠥᠯᠥᠰᠥ ᠪᠡᠨ ᠬᠥᠩᠭᠡᠯᠡᠯᠡ᠃ ᠴᠠᠮᠴᠠ ᠥᠮᠥᠳᠥ ᠪᠡᠨ ᠬᠦᠷᠲᠡᠯ᠎ᠡ ᠤᠬᠢᠶᠠᠵᠤ ᠵᠢᠭᠠᠬᠠᠨ ᠡᠪᠡᠷᠡᠭᠡᠭᠡᠳ ᠡᠮᠦᠰᠴᠢᠬᠡᠯᠡ᠃
— ᠦᠳᠡ ᠶ᠋ᠢᠨ ᠬᠠᠯᠠᠭᠤᠨ ᠳ᠋ᠤ᠌ ᠯᠠ ᠣᠷᠣᠵᠤ ᠪᠠᠢᠪᠠᠯ ᠲᠠᠭᠠᠷᠠᠬᠤ ᠪᠠᠢᠵᠠᠢ᠃ ᠭᠡᠬᠦ ᠳ᠋ᠡᠭᠡᠨ ᠶᠠᠭᠠᠬᠢᠬᠤᠪ᠂ ᠨᠥᠬᠥᠭᠡᠳ ᠰᠡᠷᠢᠭᠦᠴᠡᠵᠡᠭᠡᠶᠠ ᠭᠡᠯᠴᠡᠨ ᠬᠣᠶᠠᠭᠤᠯᠠ ᠢᠨᠢᠶᠡᠯᠳᠦᠪᠡ᠃ ᠦᠳᠡᠰᠢ ᠶ᠋ᠢᠨ ᠪᠦᠷᠦᠢ ᠶ᠋ᠢ ᠭᠣᠣᠯ ᠳᠡᠭᠡᠷ᠎ᠡ ᠥᠩᠭᠡᠷᠡᠭᠡᠳ ᠬᠥᠳᠡᠯᠪᠡ᠃ ᠰᠥᠨᠢ ᠱᠣᠭᠰᠢᠭᠤᠯᠵᠤ ᠦᠷᠭᠡᠯᠡᠬᠦ ᠭᠠᠵᠠᠷ ᠨᠢ ᠦᠷᠭᠡᠯᠡᠭᠡᠳ ᠦᠦᠷ ᠴᠠᠢᠭᠠᠳ ᠢᠷᠡᠯ᠎ᠡ᠂ ᠨᠠᠷᠠ ᠭᠠᠷᠬᠤ ᠨᠢ᠃ ᠪᠣᠭᠤᠷᠴᠢ᠄
— ᠬᠦᠷᠦᠭᠡᠳ ᠢᠷᠡᠯ᠎ᠡ ᠳᠠ᠃ ᠡᠨᠡ ᠱᠣᠪᠬᠣ ᠥᠨᠳᠥᠷ ᠦ᠋ᠨ ᠤᠷᠢᠳᠤᠭᠤᠷ ᠳᠠᠪᠠᠭᠠᠳ ᠯᠠ ᠣᠷᠣᠴᠢᠬᠠᠨ᠎ᠠ ᠭᠡᠬᠦ ᠳ᠋ᠦ᠍ ᠲᠡᠮᠦᠵᠢᠨ᠄
— ᠰᠠᠢᠨ ᠨᠥᠬᠥᠷ ᠴᠢᠨᠦ ᠠᠴᠢ ᠪᠠᠷ ᠬᠡᠳᠦᠨ ᠮᠣᠷᠢᠳ ᠢ᠋ᠶ᠋ᠠᠨ ᠳᠡᠭᠡᠷᠡᠮᠴᠢᠳ ᠦ᠋ᠨ ᠭᠠᠷ ᠠ᠋ᠴᠠ ᠰᠠᠯᠭᠠᠵᠤ ᠠᠪᠤᠯ᠎ᠠ᠃ ᠴᠢ ᠦᠭᠡᠢ ᠪᠣᠯ ᠪᠢ ᠨᠢᠭᠡ ᠴᠦ᠍ ᠮᠣᠷᠢ ᠦᠭᠡᠢ ᠬᠣᠴᠣᠷᠬᠤ ᠪᠠᠢᠯ᠎ᠠ᠃ ᠴᠢ ᠬᠡᠳᠦ ᠶ᠋ᠢ ᠨᠢ ᠠᠪᠬᠤ ᠪᠣᠢ?
— ᠶᠠᠭᠠᠬᠢᠯ᠎ᠠ ᠭᠡᠵᠦ ᠳᠡ᠃ ᠨᠢᠭᠡ ᠴᠦ᠍ ᠮᠣᠷᠢ ᠠᠪᠬᠤ ᠦᠭᠡᠢ᠃ ᠶᠠᠳᠠᠷᠠᠭᠰᠠᠨ ᠰᠠᠢᠨ ᠨᠥᠬᠥᠷ ᠲᠦ᠍ ᠲᠤᠰᠠᠯᠠᠶ᠎ᠠ ᠭᠡᠰᠡᠨ ᠡᠴᠡ ᠪᠢᠰᠢ ᠪᠢ ᠣᠯᠵᠠ ᠬᠠᠢᠵᠤ ᠶᠠᠪᠤᠭ᠎ᠠ ᠦᠭᠡᠢ᠃ ᠮᠢᠨᠦ ᠡᠴᠢᠭᠡ ᠶ᠋ᠢᠨ ᠬᠤᠷᠢᠶᠠᠭᠰᠠᠨ ᠵᠥᠭᠡᠭᠡᠭᠰᠡᠨ ᠬᠥᠷᠥᠩᠭᠡ ᠬᠦᠷᠦᠯᠴᠡᠭᠡ ᠲᠡᠢ᠃ ᠪᠢ ᠪᠣᠯ ᠨᠠᠬᠤ ᠪᠠᠶᠠᠨ ᠤ᠋ ᠭᠠᠭᠴᠠ ᠬᠦᠦ ᠰᠢᠦ ᠳᠡ ᠭᠡᠯᠡ᠃
ᠲᠡᠮᠦᠵᠢᠨ ᠲᠦᠳᠡᠯ ᠦᠭᠡᠢ ᠬᠥᠲᠥᠯ ᠳᠡᠭᠡᠷ᠎ᠡ ᠭᠠᠷᠲᠠᠯ᠎ᠠ ᠬᠡᠰᠡᠭ ᠪᠦᠯᠦᠭ ᠠᠢᠯ ᠤ᠋ᠨ ᠪᠠᠷ᠎ᠠ ᠬᠠᠷᠠᠭᠳᠠᠬᠤ ᠳ᠋ᠤ᠌ ᠪᠣᠭᠤᠷᠴᠢ᠄
— ᠮᠠᠨᠠᠢᠬᠢᠨ ᠭᠡᠪᠡ᠃ ᠶᠡᠬᠡ ᠣᠯᠠᠨ ᠮᠠᠯ ᠲᠠᠢ ᠨᠦᠰᠡᠷ ᠠᠢᠯ ᠠᠵᠢ᠃
