ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠵᠢᠷᠭᠤᠭ᠎ᠠ> Хүлэг баатар буурч - Б. Өлзийсүрэн <Тэргүүн бүлэг-6>
ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ
ᠵᠢᠷᠭᠤᠭ᠎ᠠ᠂ ᠵᠣᠪᠠᠭᠰᠠᠨ ᠴᠠᠭ ᠤ᠋ᠨ ᠨᠥᠬᠥᠷ ᠵᠢᠩᠬᠢᠨᠢ ᠬᠠᠨᠢ᠂ᠵᠤᠯᠠᠵᠤ ᠲᠠᠷᠭᠤᠯᠠᠭᠰᠠᠨ ᠮᠣᠷᠢ ᠵᠢᠩᠬᠢᠨᠢ ᠤᠨᠤᠭ᠎ᠠ
ᠨᠠᠬᠤ ᠶ᠋ᠢᠨ ᠬᠢ ᠶᠢᠰᠦᠨ ᠠᠵᠢᠷᠭ᠎ᠠ ᠠᠳᠤᠭᠤ ᠲᠠᠢ ᠪᠠᠢᠵᠤ᠂ ᠰᠠᠶᠢᠬᠠᠨ ᠵᠦᠷᠬᠢᠨ ᠦ᠌ ᠬᠢᠨ ᠡᠴᠡ ᠠᠪᠴᠢᠷᠠᠭᠰᠠᠨ ᠪᠣᠷᠣ ᠠᠵᠢᠷᠭᠠᠨ ᠳ᠋ᠠᠭᠠᠨ ᠲᠠᠪᠤᠨ ᠭᠡᠭᠦᠦ ᠨᠡᠢᠯᠡᠭᠦᠯᠵᠦ ᠲᠠᠯᠪᠢᠭᠠᠳ ᠨᠠᠢ᠍ᠮᠠᠨ ᠭᠡᠭᠦᠦ ᠲᠡᠢ ᠨᠢᠭᠡ ᠰᠦᠷᠦᠭ ᠪᠣᠯᠭᠠᠪᠠ᠃ ᠬᠡᠳᠦᠨ ᠦᠷᠢᠶ᠎ᠡ ᠮᠣᠷᠢᠳ ᠢᠵᠢᠯᠢᠳᠦᠭᠦᠯᠵᠦ ᠲᠠᠯᠪᠢᠭᠰᠠᠨ ᠢ᠋ᠶ᠋ᠠᠷ ᠠᠷᠪᠠᠨ ᠠᠵᠢᠷᠭ᠎ᠠ ᠠᠳᠤᠭᠤ ᠲᠠᠢ ᠪᠣᠯᠵᠠᠢ᠃ ᠲᠠᠪᠤᠨ ᠭᠡᠭᠦᠦ ᠪᠠᠢᠳᠠᠰᠤ ᠪᠠᠨ ᠥᠭᠡᠷ᠎ᠡ ᠠᠵᠢᠷᠭᠠᠨ ᠳ᠋ᠤ᠌ ᠭᠢᠰᠬᠢᠭᠦᠯᠬᠦ ᠦᠭᠡᠢ ᠶ᠋ᠢᠨ ᠲᠤᠯᠠᠳᠠ ᠬᠣᠨᠢ ᠮᠠᠯ ᠤ᠋ᠨ ᠬᠡᠦᠬᠡᠳ ᠪᠠᠭᠠᠴᠤᠳ ᠲᠤ᠌ ᠤᠨᠤᠭ᠎ᠠ ᠪᠣᠯᠭᠠᠨ ᠦᠯᠡᠳᠡᠭᠡᠵᠦ᠂ ᠰᠣᠢᠵᠤ ᠪᠠᠢᠭᠠᠳ ᠰᠢᠨ᠎ᠡ ᠠᠵᠢᠷᠭᠠᠨ ᠳ᠋ᠤ᠌ ᠨᠡᠢᠯᠡᠭᠦᠯᠦᠭᠰᠡᠨ ᠳ᠋ᠦ᠍ ᠲᠡᠷᠡ ᠨᠢ ᠬᠤᠷᠢᠶᠠᠭᠠᠳ ᠠᠪᠤᠭᠰᠠᠨ ᠪᠠᠢᠨ᠎ᠠ᠃ ᠡᠳᠡᠨᠡᠢᠬᠢ ᠬᠣᠨᠢ ᠮᠠᠯ ᠤ᠋ᠨ ᠨᠡᠯᠢᠶᠡᠳ ᠬᠡᠳᠦᠨ ᠪᠦᠯᠢ ᠠᠢᠯ ᠲᠠᠢ᠂ ᠮᠠᠯ ᠣᠯᠠᠨ ᠤᠴᠢᠷ ᠪᠦᠭᠦᠳᠡ ᠶ᠋ᠢ ᠨᠢᠭᠡ ᠳᠣᠣᠷ᠎ᠠ ᠬᠤᠷᠢᠶᠠᠬᠤ ᠠᠷᠭ᠎ᠠ ᠦᠭᠡᠢ᠂ ᠠᠢᠯ ᠤ᠋ᠳ ᠲᠠᠷᠬᠠᠭᠠᠵᠤ ᠮᠠᠯᠯᠠᠭᠤᠯᠳᠠᠭ᠃ ᠠᠳᠤᠭᠤ ᠭᠡᠬᠦ ᠳ᠋ᠦ᠍ ᠯᠡ ᠳᠥᠷᠪᠡᠨ ᠠᠵᠢᠷᠭ᠎ᠠ ᠶ᠋ᠢ ᠨᠢ ᠥᠭᠡᠷ᠎ᠡ ᠭᠠᠵᠠᠷ ᠬᠥᠮᠦᠨ ᠮᠠᠯᠯᠠᠳᠠᠭ᠃ ᠬᠠᠷᠢᠨ ᠲᠠᠪᠤᠨ ᠠᠵᠢᠷᠭ᠎ᠠ ᠠᠳᠤᠭᠤ ᠶ᠋ᠢ ᠭᠠᠳᠠᠭᠤᠷ ᠢ᠋ᠶ᠋ᠠᠨ ᠪᠠᠢᠯᠭᠠᠵᠤ ᠰᠦ ᠰᠠᠭᠠᠮ᠎ᠠ ᠶ᠋ᠢ ᠨᠢ ᠥᠪᠡᠷᠰᠡᠳ ᠢ᠋ᠶ᠋ᠡᠨ ᠬᠡᠷᠡᠭᠯᠡᠬᠦ ᠠᠵᠤᠭᠤ᠃
ᠪᠣᠭᠣᠷᠴᠢ ᠵᠤᠨ ᠤ᠋ ᠰᠥᠨᠢ ᠰᠥᠨᠢ ᠬᠠᠭᠠᠰᠯᠠᠨ ᠪᠣᠰᠴᠤ ᠲᠠᠪᠤᠨ ᠠᠵᠢᠷᠭ᠎ᠠ ᠠᠳᠤᠭᠤ ᠪᠠᠨ ᠱᠠᠩᠳᠠ ᠶ᠋ᠢᠨ ᠵᠡᠭᠦᠨ ᠡᠮᠦᠨᠡᠬᠢ ᠲᠠᠯ᠎ᠠ ᠳ᠋ᠤ᠌ ᠭᠠᠷᠭᠠᠵᠤ᠂ ᠲᠠᠲᠠᠭᠰᠠᠨ ᠵᠠᠯᠠᠨ ᠳ᠋ᠠᠭᠠᠨ ᠤᠨᠠᠭ᠎ᠠ ᠪᠠᠨ ᠪᠠᠷᠢᠵᠤ ᠤᠶᠠᠭᠠᠳ ᠨᠥᠮᠥᠷᠭᠡ ᠪᠡᠨ ᠨᠥᠮᠥᠷᠵᠦ ᠬᠡᠭᠡᠷ᠎ᠡ ᠤᠨᠲᠠᠨ᠎ᠠ᠃ ᠲᠡᠭᠡᠭᠡᠳ ᠥᠷᠯᠥᠭᠡ ᠨᠠᠷᠠᠨ ᠭᠠᠷᠬᠤ ᠰᠠᠴᠠᠭᠤ ᠰᠡᠷᠡᠵᠦ ᠭᠡᠭᠦᠦ ᠪᠡᠨ ᠰᠠᠭᠠᠵᠤ ᠬᠦᠬᠦᠷ ᠳᠦᠭᠦᠷᠡᠩ ᠰᠠᠭᠠᠮ᠎ᠠ ᠠᠪᠴᠤ ᠭᠡᠷ ᠲᠡᠭᠡᠨ ᠢᠷᠡᠳᠡᠭ ᠪᠣᠯᠠᠢ᠃ ᠡᠨᠡ ᠠᠵᠢᠯ ᠳ᠋ᠠᠭᠠᠨ ᠣᠷᠣᠭᠠᠳ ᠪᠠᠢᠲᠠᠯ᠎ᠠ ᠪᠠᠷᠠᠭᠤᠨ ᠬᠣᠢᠨ᠎ᠠ ᠠ᠋ᠴᠠ ᠲᠠᠰᠤᠷᠬᠠᠢ ᠡᠩᠭᠡᠷᠯᠡᠨ ᠨᠢᠭᠡᠨ ᠮᠣᠷᠢᠲᠠᠨ ᠰᠠᠵᠢᠯᠠᠭᠤᠯᠤᠨ ᠢᠷᠡᠵᠦ ᠶᠠᠪᠤᠨ᠎ᠠ᠃ ᠣᠢᠷᠠᠳᠬᠤ ᠲᠣᠰᠤᠮ ᠨᠤᠲᠤᠭ ᠤᠰᠤᠨ ᠤ᠋ ᠪᠤᠰᠤ ᠦᠯᠦ ᠲᠠᠨᠢᠬᠤ ᠬᠣᠯᠠ ᠶ᠋ᠢᠨ ᠬᠥᠮᠦᠨ ᠪᠣᠯᠬᠤ ᠨᠢ ᠢᠯᠭᠠᠷᠠᠨ ᠶᠠᠭᠤᠮ᠎ᠠ ᠪᠦᠬᠦᠨ ᠨᠢ ᠲᠣᠳᠣᠷᠠᠨ ᠨᠤᠮᠤ ᠰᠠᠭᠠᠳᠠᠭ᠂ ᠵᠠᠷ ᠵᠡᠪᠰᠡᠭ ᠤᠨᠵᠢᠵᠤ ᠰᠠᠨᠵᠢᠵᠤ ᠦᠵᠡᠭᠳᠡᠨ᠎ᠡ᠃ ᠬᠦᠷᠦᠭᠡᠳ ᠢᠷᠡᠯ᠎ᠡ᠃ ᠥᠪᠡᠷᠦᠨ ᠬᠢᠨᠢ ᠠᠳᠠᠯᠢ ᠵᠢᠭᠠᠬᠠᠨ ᠵᠠᠯᠠᠭᠤ ᠬᠦᠦ ᠠᠵᠢ᠃ ᠲᠡᠷᠡ ᠪᠡᠷ ᠬᠦᠷᠴᠦ ᠢᠷᠡᠭᠡᠳ᠄
— ᠠᠮᠤᠷ ᠠᠮᠤᠭᠤᠯᠠᠩ ᠰᠠᠭᠤᠵᠤ ᠪᠠᠢᠨ᠎ᠠ ᠤᠤ? ᠠᠳᠤᠭᠤ ᠮᠠᠯ ᠲᠠᠷᠭᠤᠨ ᠲᠠᠪᠠᠲᠠᠢ ᠤᠤ? ᠰᠠᠭᠠᠯᠢ ᠰᠦ ᠠᠷᠪᠢᠨ ᠤᠤ? ᠰᠠᠪᠠ ᠰᠠᠭᠤᠯᠠᠭ᠎ᠠ ᠳᠦᠭᠦᠷᠡᠩ ᠤᠤ? ᠭᠡᠵᠦ ᠮᠡᠨᠳᠦᠯᠡᠬᠦᠢ ᠯᠤᠭ᠎ᠠ ᠪᠣᠭᠣᠷᠴᠢ᠄
— ᠠᠮᠤᠭᠤᠯᠠᠩ᠂ ᠠᠮᠤᠭᠤᠯᠠᠩ᠁ ᠭᠡᠵᠦ ᠲᠣᠪᠴᠢᠬᠠᠨ ᠬᠠᠷᠢᠭᠤ ᠬᠡᠯᠡᠭᠡᠳ ᠰᠦᠷᠭᠦᠭᠦᠯᠵᠦ᠄
— ᠬᠡᠳᠦ ᠨᠤᠲᠤᠭ ᠬᠠᠮᠢᠭ᠎ᠠ ᠪᠣᠢ? ᠬᠡᠨ ᠬᠥᠮᠦᠨ ᠦ᠌ ᠦᠷ᠎ᠡ ᠪᠣᠢ? ᠠᠯᠢ ᠭᠠᠵᠠᠷ ᠢ᠋ ᠵᠣᠷᠢᠵᠤ ᠶᠠᠪᠤᠨ᠎ᠠ ᠪᠣᠢ? ᠠᠯᠳᠠᠷ ᠨᠡᠷ᠎ᠡ ᠬᠡᠨ ᠪᠣᠢ? ᠭᠡᠵᠦ ᠠᠰᠠᠭᠤᠪᠠ᠃
— ᠪᠢ ᠭᠡᠳᠡᠭ ᠬᠥᠮᠦᠨ ᠰᠡᠩᠭᠦᠮ ᠭᠣᠷᠣᠬᠠᠨ ᠤ᠋ ᠡᠬᠢ ᠵᠦᠷᠭᠢᠨ ᠦ᠌ ᠬᠥᠬᠡ ᠨᠠᠭᠤᠷ ᠲᠤ᠌ ᠨᠤᠲᠤᠭ ᠲᠠᠢ ᠶᠢᠰᠦᠭᠡᠢ ᠪᠠᠭᠠᠲᠤᠷ ᠤ᠋ᠨ ᠬᠦᠦ ᠲᠡᠮᠦᠵᠢᠨ᠃ ᠨᠠᠢ᠍ᠮᠠᠨ ᠰᠢᠷᠭ᠎ᠠ ᠠᠭᠲᠠ ᠪᠠᠨ ᠳᠡᠭᠡᠷᠡᠮᠴᠢᠨ ᠳ᠋ᠦ᠍ ᠬᠥᠭᠡᠭᠡᠯᠭᠡᠭᠡᠳ ᠠᠷᠤ ᠠ᠋ᠴᠠ ᠨᠢ ᠨᠡᠬᠡᠵᠦ ᠶᠠᠪᠤᠨ᠎ᠠ ᠭᠡᠳ ᠮᠣᠷᠢᠨ ᠠ᠋ᠴᠠ ᠪᠠᠨ ᠪᠠᠭᠤᠵᠤ ᠰᠠᠭᠤᠬᠤ ᠳ᠋ᠤ᠌ ᠨᠢ ᠪᠤᠭᠤᠷᠴᠢ ᠬᠠᠵᠠᠭᠤ ᠳ᠋ᠤᠨᠢ ᠣᠴᠢᠵᠤ ᠰᠠᠭᠤᠭᠠᠳ᠄
— ᠠ᠂ ᠲᠡᠷᠡ ᠨᠡᠬᠡᠵᠦ ᠶᠠᠪᠤᠭ᠎ᠠ ᠮᠣᠷᠢᠳ ᠢ᠋ ᠴᠢᠨᠢ ᠥᠨᠥ ᠥᠷᠯᠥᠭᠡ ᠨᠠᠷᠠᠨ ᠭᠠᠷᠬᠤ ᠰᠠᠴᠠᠭᠤ ᠭᠤᠷᠪᠠᠨ ᠬᠥᠮᠦᠨ ᠬᠥᠭᠡᠭᠡᠭᠡᠳ ᠨᠠᠷᠠᠨ ᠰᠥᠷᠬᠦ ᠶᠠᠪᠤᠴᠢᠬᠠᠭᠰᠠᠨ᠃ ᠰᠢᠯᠢ ᠶ᠋ᠢ ᠨᠢ ᠳᠠᠷᠤᠵᠤ᠂ ᠮᠥᠷ ᠢ᠋ ᠨᠢ ᠮᠥᠰᠬᠢᠵᠦ ᠯᠡ ᠶᠠᠪᠤᠭ᠎ᠠ ᠶᠤᠮ ᠪᠠᠢᠨ᠎ᠠ ᠳᠠ᠃ ᠬᠣᠯᠠ ᠭᠠᠵᠠᠷ ᠮᠣᠩᠭᠢᠨᠠᠵᠤ ᠶᠠᠳᠠᠵᠤ ᠶᠠᠪᠤᠬᠤ ᠬᠡᠴᠡᠭᠦᠦ᠃ ᠡᠨᠳᠡ ᠵᠢᠭᠠᠬᠠᠨ ᠠᠢᠷᠠᠭ ᠤ᠋ᠨ ᠦᠯᠡᠳᠡᠭᠳᠡᠯ ᠪᠠᠢᠨ᠎ᠠ᠃ ᠤᠤᠭᠤᠬᠤ ᠤᠤ?
— ᠤᠤᠭᠤᠶ᠎ᠠ ᠭᠡᠵᠦ ᠲᠡᠮᠦᠵᠢᠨ ᠳᠤᠷᠠᠲᠠᠢᠶ᠎ᠠ ᠬᠡᠯᠡᠵᠦ ᠵᠢᠵᠢᠭᠬᠡᠨ ᠲᠤᠯᠤᠮᠠᠨ ᠬᠦᠬᠦᠷ ᠡᠴᠡ ᠨᠢ《ᠭᠦᠳ᠂ ᠭᠦᠳ》 ᠵᠠᠯᠭᠢᠯᠠᠪᠠ᠃ ᠪᠤᠭᠤᠷᠴᠢ᠄
— ᠵᠠᠮ ᠳ᠋ᠠᠭᠠᠨ ᠠᠢᠯ ᠬᠤᠨᠠᠷ ᠢ᠋ᠶ᠋ᠠᠷ ᠣᠷᠣᠵᠤ ᠶᠠᠭᠤᠮ᠎ᠠ ᠢᠳᠡᠵᠦ ᠤᠤᠭᠤᠵᠤ ᠶᠠᠪᠤᠭ᠎ᠠ ᠤᠤ ᠳᠠ?
— ᠦᠭᠡᠢ ᠳᠡ᠃ ᠬᠡᠭᠡᠷ᠎ᠡ ᠪᠡᠷ ᠭᠡᠷ ᠬᠢᠵᠦ᠂ ᠬᠡᠴᠡ ᠪᠡᠷ ᠳᠡᠷᠡ ᠬᠢᠵᠦ ᠯᠡ ᠶᠠᠪᠤᠨ᠎ᠠ᠃ ᠭᠠᠭᠴᠠ ᠨᠢᠭᠡ ᠲᠠᠷᠪᠠᠭ᠎ᠠ ᠮᠥᠨᠳᠥᠯ ᠱᠣᠭᠯᠠᠵᠤ ᠰᠢᠷᠠᠵᠤ ᠢᠳᠡᠭᠡᠳ᠂ ᠤᠰᠤ ᠤᠤᠭᠤᠵᠤ ᠭᠣᠣᠯ ᠵᠢᠭᠤᠵᠤ ᠶᠠᠪᠤᠨ᠎ᠠ ᠳᠠ᠃ ᠲᠡᠷᠡ ᠪᠡᠷ ᠪᠤᠭᠤᠷᠴᠢ ᠶ᠋ᠢᠨ ᠥᠭᠭᠦᠭᠰᠡᠨ ᠵᠢᠭᠠᠬᠠᠨ ᠠᠭᠠᠷᠤᠤᠯ᠂ ᠬᠤᠷᠤᠳ ᠠ᠋ᠴᠠ ᠠᠪᠴᠤ ᠡᠪᠦᠷᠯᠡᠭᠡᠳ᠄
— ᠵᠠ ᠭᠢᠯᠠᠢᠯ᠎ᠠ᠃ ᠰᠠᠢᠨ ᠨᠥᠬᠥᠷ ᠲᠦ᠍ ᠰᠠᠢᠨ ᠰᠠᠢᠬᠠᠨ ᠪᠦᠭᠦᠳᠡ ᠶ᠋ᠢ ᠢᠷᠥᠭᠡᠶ᠎ᠡ ᠭᠡᠳ ᠬᠣᠯᠠ ᠶ᠋ᠢᠨ ᠭᠡᠢᠴᠢᠨ ᠢ᠋ ᠮᠣᠷᠳᠠᠬᠤ ᠭᠡᠲᠡᠯ᠎ᠡ ᠪᠤᠭᠤᠷᠴᠢ᠄
— ᠮᠤᠩᠭᠢᠨᠠᠵᠦ ᠶᠠᠪᠤᠭ᠎ᠠ ᠨᠥᠬᠥᠷ ᠲᠦ᠍ ᠲᠤᠰᠠᠯᠠᠶ᠎ᠠ᠃ ᠮᠣᠷᠢ ᠴᠢᠨᠢ ᠭᠤᠨᠳᠠᠵᠤ ᠶᠠᠳᠠᠷᠠᠭᠰᠠᠨ ᠪᠠᠢᠨ᠎ᠠ᠃ ᠡᠢᠮᠦ ᠤᠨᠤᠭ᠎ᠠ ᠲᠠᠢ ᠶᠠᠪᠤᠵᠤ ᠪᠣᠯᠬᠤ ᠦᠭᠡᠢ᠃ ᠪᠢ ᠮᠣᠷᠢ ᠪᠠᠷᠢᠵᠤ ᠥᠭᠭᠦᠶ᠎ᠡ ᠭᠡᠳ ᠠᠳᠤᠭᠤ ᠤᠷᠤᠭᠤ ᠣᠴᠢᠵᠤ ᠨᠢᠭᠡ ᠰᠠᠢᠬᠠᠨ ᠤᠷᠤᠭ ᠱᠤᠩᠬᠤᠯᠠᠨ ᠮᠣᠷᠢ ᠪᠠᠷᠢᠵᠤ ᠥᠭᠭᠦᠭᠡᠳ ᠪᠤᠭᠤᠷᠴᠢ᠄
— ᠰᠠᠶᠢᠬᠠᠨ ᠲᠦᠮᠡᠨ ᠲᠥᠪᠬᠥᠨ ᠦ᠌ ᠨᠠᠭᠠᠳᠤᠮ ᠳ᠋ᠤ᠌ ᠴᠡᠭᠡᠵᠢᠨ ᠳ᠋ᠦ᠍ ᠳᠠᠪᠬᠢᠭᠰᠠᠨ ᠮᠣᠷᠢ᠂ ᠳᠠᠢᠰᠤᠨ ᠠ᠋ᠴᠠ ᠵᠢᠭᠤᠲᠠᠬᠤ ᠳ᠋ᠤ᠌ ᠠᠪᠤᠭᠠᠳ ᠭᠠᠷᠴᠢᠬᠠᠨ᠎ᠠ ᠭᠡᠵᠦ ᠬᠡᠯᠡᠯ᠎ᠡ᠃ ᠲᠡᠮᠦᠵᠢᠨ ᠮᠣᠷᠢᠨ ᠤ᠋ ᠲᠣᠯᠣᠭᠠᠢ ᠶ᠋ᠢ ᠢᠯᠢᠵᠦ ᠵᠥᠭᠡᠯᠡᠨ ᠤᠷᠤᠭᠤᠯ ᠳ᠋ᠤᠨᠢ ᠬᠣᠰᠢᠭᠤ ᠪᠠᠨ ᠬᠦᠷᠭᠡᠵᠦ᠄ ᠬᠦᠯᠦᠭ ᠪᠠᠭᠠᠲᠤᠷ ᠡᠳ᠋ᠯᠡᠭᠦᠰᠢᠲᠡᠢ ᠬᠦᠴᠦᠲᠦ ᠰᠠᠢᠬᠠᠨ ᠬᠦᠯᠦᠭ ᠶᠦ᠍ᠭᠡᠨ ᠨᠠᠭᠠᠳᠤᠮ ᠤ᠋ᠨ ᠮᠠᠩᠯᠠᠢ ᠳ᠋ᠤ᠌ ᠬᠤᠷᠳᠤᠯᠠᠭᠰᠠᠨ ᠨᠠᠴᠢᠨ ᠱᠣᠩᠬᠣᠷ ᠠᠷᠭᠤᠮᠠᠭ ᠶᠤᠭᠠᠨ ᠵᠠᠮ ᠤ᠋ᠨ ᠬᠥᠮᠦᠨ ᠳ᠋ᠦ᠍ ᠪᠠᠷᠢᠵᠤ ᠥᠭᠭᠦᠭᠰᠡᠨ ᠵᠠᠩ ᠠᠭᠠᠯᠢ ᠳ᠋ᠤ᠌ ᠴᠢᠨᠢ ᠪᠢᠰᠢᠷᠡᠮᠦ ᠪᠢ ᠠᠴᠢ ᠲᠤᠰᠠ ᠶ᠋ᠢ ᠴᠢᠨᠢ ᠬᠠᠷᠢᠭᠤᠯᠬᠤ ᠪᠠᠨ ᠠᠯᠲᠠ ᠪᠡᠶ᠎ᠡ ᠳ᠋ᠡᠭᠡᠨ ᠠᠨᠳᠠᠭᠠᠢᠯᠠᠨᠠᠮ ᠭᠡᠯᠡ᠃
ᠪᠤᠭᠤᠷᠴᠢ ᠮᠠᠰᠢᠳᠠ ᠶᠡᠬᠡ ᠪᠠᠶᠠᠷᠯᠠᠵᠤ᠂ ᠶᠡᠷᠦ ᠡᠴᠡ ᠪᠡᠨ ᠨᠥᠬᠥᠷ ᠦ᠋ᠨ ᠬᠠᠮᠲᠤ ᠶᠠᠪᠤᠵᠤ ᠲᠤᠰᠠᠯᠠᠶ᠎ᠠ ᠭᠡᠳ ᠬᠤᠷᠳᠤᠨ ᠬᠣᠩᠭᠣᠷ ᠮᠣᠷᠢ ᠪᠠᠨ ᠪᠠᠷᠢᠵᠤ ᠤᠨᠤᠭᠠᠳ ᠬᠦᠬᠦᠷ ᠰᠠᠪᠠ᠂ ᠵᠡᠯ᠎ᠡ ᠭᠠᠳᠠᠰᠤ ᠪᠠᠨ ᠬᠤᠷᠢᠶᠠᠵᠤ ᠴᠢᠯᠠᠭᠤ ᠪᠠᠷ ᠳᠠᠷᠤᠵᠤ ᠰᠢᠷᠣᠢ ᠪᠠᠷ ᠪᠤᠯᠠᠭᠠᠳ ᠨᠠᠷᠠᠨ ᠤᠷᠭᠤᠬᠤ ᠵᠦᠭ ᠢ᠋ ᠪᠠᠷᠢᠮᠵᠢᠶᠠᠯᠠᠨ ᠬᠠᠲᠠᠷᠢᠭᠤᠯᠤᠯ᠎ᠠ᠃ ᠤᠳᠠᠯ ᠦᠭᠡᠢ ᠭᠣᠣᠯ ᠤ᠋ᠨ ᠣᠰᠤᠨ᠎ᠠ ᠣᠴᠢᠵᠤ ᠮᠣᠷᠢᠳ ᠢ᠋ᠶ᠋ᠠᠨ ᠤᠰᠤᠯᠠᠬᠤ ᠳ᠋ᠤᠨᠢ ᠲᠡᠮᠦᠵᠢᠨ᠄
— ᠠᠯᠢ ᠶᠠᠮᠠᠷ ᠨᠤᠲᠤᠭ ᠤᠰᠤᠨ ᠳ᠋ᠤ᠌ ᠶᠠᠪᠤᠨ᠎ᠠ ᠪᠣᠢ ᠴᠢ? ᠭᠡᠵᠦ ᠠᠰᠠᠭᠤᠯ᠎ᠠ᠃ ᠪᠤᠭᠤᠷᠴᠢ᠄
— ᠮᠠᠨᠠᠢᠬᠢᠨ ᠢ᠋ ᠠᠷᠣᠯᠠᠳ ᠤ᠋ᠨ ᠬᠢᠨ ᠭᠡᠳᠡᠭ᠃ ᠪᠢᠳᠡᠨ ᠦ᠌ ᠮᠣᠷᠢ ᠤᠰᠤᠯᠠᠵᠤ ᠪᠠᠢᠭ᠎ᠠ ᠡᠨᠡ ᠭᠣᠣᠯ ᠢ᠋ ᠳᠤᠮᠳᠠ ᠪᠦᠷᠢᠳᠦ ᠶ᠋ᠢᠨ ᠭᠣᠣᠯ ᠭᠡᠳᠡᠭ᠃ ᠡᠨᠡ ᠬᠣᠢᠲᠤ ᠬᠥᠨᠳᠡᠢ ᠶ᠋ᠢ ᠥᠭᠰᠥᠪᠡᠯ ᠳᠥᠴᠢ ᠭᠠᠷᠤᠢ ᠮᠣᠳᠣ ᠭᠠᠵᠠᠷ ᠶᠠᠪᠤᠭᠠᠳ ᠡᠬᠢᠨ ᠪᠦᠷᠢᠳᠦ ᠳ᠋ᠦ᠍ ᠣᠴᠢᠨ᠎ᠠ᠃ ᠭᠤᠷᠪᠠᠨ ᠡᠢᠮᠦ ᠵᠢᠵᠢᠭ ᠪᠦᠷᠢᠳᠦ ᠡᠴᠡ ᠤᠰᠤ ᠣᠨᠳᠣᠷᠴᠤ ᠡᠬᠢᠨ᠂ ᠳᠤᠮᠳᠠ᠂ ᠠᠳᠠᠭ ᠪᠦᠷᠢᠳᠦ ᠬᠣᠭᠣᠷᠣᠨᠳᠣ ᠪᠠᠨ ᠵᠠᠯᠭᠠᠯᠳᠤᠨ ᠬᠡᠷᠦᠯᠦᠨ ᠮᠥᠷᠡᠨ ᠳ᠋ᠦ᠍ ᠴᠢᠳᠬᠤᠳᠠᠭ᠃
— ᠠ᠂ ᠮᠥᠨ ᠮᠥᠨ᠃ ᠬᠡᠷᠦᠯᠦᠨ ᠣᠢᠷᠠᠬᠠᠨ ᠪᠠᠢᠬᠤ ᠨᠢ ᠠ᠋᠃ ᠪᠢ ᠪᠠᠭ᠎ᠠ ᠳ᠋ᠠᠭᠠᠨ ᠠᠪᠤ ᠲᠠᠢ ᠪᠠᠨ ᠬᠡᠷᠦᠯᠦᠨ ᠮᠥᠷᠡᠨ ᠢ᠋ ᠭᠠᠲᠤᠯᠵᠤ ᠬᠣᠩᠭᠢᠷᠠᠳ ᠠᠢᠮᠠᠭ ᠲᠤ᠌ ᠣᠴᠢᠵᠤ ᠪᠠᠢᠭᠰᠠᠨ᠃ ᠶᠡᠬᠡ ᠯᠡ ᠮᠥᠷᠡᠨ ᠪᠠᠢᠭᠰᠠᠨ ᠰᠠᠨᠠᠭᠳᠠᠨ᠎ᠠ᠃ ᠬᠠᠷᠢᠨ ᠣᠳᠣ ᠦᠵᠡᠪᠡᠯ ᠶᠠᠮᠠᠷ ᠪᠣᠯ? ᠭᠡᠵᠦ ᠥᠪᠡᠷ ᠡᠴᠡ ᠪᠡᠨ ᠠᠰᠠᠭᠤᠬᠤ ᠰᠢᠭ᠋ ᠪᠣᠳᠣᠯᠭᠠᠰᠢᠷᠠᠭᠰᠠᠨ ᠢ᠋ᠶ᠋ᠠᠨ᠄ ᠲᠠᠨ ᠤ᠋ ᠨᠤᠲᠤᠭ ᠰᠣᠨᠢᠨ ᠰᠠᠢᠬᠠᠨ ᠭᠠᠵᠠᠷ ᠶᠤᠮ ᠠ᠋᠃ ᠮᠠᠨ ᠤ᠋ ᠲᠡᠨᠳᠡ ᠪᠣᠯ ᠠᠭᠤᠯᠠ᠂ ᠠᠭᠤᠯᠠᠨ ᠠ᠋ᠴᠠ ᠠᠭᠤᠯᠠ᠂ ᠪᠠᠰᠠ ᠴᠠᠭᠠᠨ᠎ᠠ ᠨᠢ ᠠᠭᠤᠯᠠ᠃ ᠡᠢᠮᠦ ᠠᠭᠤᠵᠢᠮ ᠭᠠᠵᠠᠷ ᠨᠤᠲᠤᠭ ᠬᠠᠷᠠᠭᠳᠠᠬᠤ ᠨᠢ ᠬᠣᠪᠣᠷ ᠳᠠ᠃ ᠡᠨᠡ ᠣᠯᠠᠨ ᠱᠣᠪᠣᠭᠣᠷ ᠵᠢᠭᠠᠬᠠᠨ ᠠᠭᠤᠯᠠ ᠤ᠋ᠳ ᠪᠦᠭᠦᠳᠡ ᠯᠡ ᠨᠡᠷ᠎ᠡ ᠲᠡᠢ ᠴᠣᠯᠠ ᠲᠠᠢ ᠪᠠᠢᠬ᠎ᠠ ᠳᠠ ᠭᠡᠬᠦ ᠳ᠋ᠦ᠍ ᠪᠤᠭᠤᠷᠴᠢ ᠶᠡᠬᠡ ᠪᠠᠷᠳᠠᠮᠰᠠᠭ᠄
— ᠪᠠᠢᠯᠭᠦᠢ ᠶᠠᠭᠠᠬᠢᠬᠤᠪ᠂ ᠰᠣᠨᠣᠰᠤᠨ᠎ᠠ ᠤᠤ? ᠴᠢ᠃
— ᠰᠣᠨᠣᠰᠤᠶ᠎ᠠ᠃
— ᠵᠠ ᠪᠢ ᠬᠣᠢᠮᠣᠷ ᠠ᠋ᠴᠠ ᠨᠢ ᠡᠬᠢᠯᠡᠵᠦ ᠁ ᠭᠡᠵᠦ ᠭᠠᠷ ᠢ᠋ᠶ᠋ᠠᠷ ᠢ᠋ᠶ᠋ᠠᠨ ᠵᠢᠭᠠᠨ᠄
— ᠲᠤᠭᠤᠯᠭ᠎ᠠ ᠠᠭᠤᠯᠠ᠂ ᠳᠤᠬᠤ ᠮᠠᠩᠨᠠᠢ᠂ ᠵᠡᠭᠦᠨ ᠲᠠᠰᠢ ᠪᠠᠨ ᠨᠠᠷᠠ ᠵᠥᠪ ᠲᠣᠭᠣᠷᠢᠭᠤᠯᠤᠨ ᠬᠠᠶᠠᠭ᠎ᠠ ᠳᠡᠯᠭᠡᠷ ᠬᠠᠨ᠂ ᠬᠠᠷᠠᠵᠠ ᠶ᠋ᠢᠨ ᠬᠠᠷᠠᠵᠠᠨ ᠥᠨᠳᠥᠷ᠂ ᠬᠣᠰᠢᠨ ᠬᠠᠨ᠂ ᠬᠤᠰᠤᠲᠤ ᠰᠢᠲᠦᠭᠡᠨ᠂ ᠤᠷᠤᠭᠰᠢᠯᠠᠭᠠᠳ ᠶᠣᠯᠣ ᠶ᠋ᠢᠨ ᠥᠨᠳᠥᠷ᠂ ᠶᠣᠪᠰᠢᠯ ᠤᠯᠠᠭᠠᠨ ᠬᠠᠳᠠ᠂ ᠭᠤᠷᠪᠠᠨ ᠬᠠᠷᠠᠭᠠᠨᠠᠲᠠᠢ᠂ ᠵᠢᠰᠦᠨ ᠬᠦᠮᠦᠨᠲᠡᠢ᠂ ᠲᠠᠯ᠎ᠠ ᠶ᠋ᠢᠨ ᠬᠥᠨᠳᠡᠯᠡᠨ᠂ ᠳᠠᠨᠵᠠᠭᠠᠷ ᠬᠠᠷ᠎ᠠ ᠠᠭᠤᠯᠠᠰ᠂ ᠡᠨᠡᠦᠬᠡᠨ ᠤᠷᠢᠳᠤ ᠬᠠᠷᠠᠭᠳᠠᠵᠤ ᠪᠠᠢᠭ᠎ᠠ ᠨᠣᠶᠠᠨ ᠬᠠᠲᠤᠨ᠂ ᠨᠣᠮᠣᠬᠠᠨ ᠪᠣᠷᠣ ᠣᠪᠣᠭᠠᠲᠤ᠂ ᠪᠠᠷᠠᠭᠤᠨᠰᠢᠯᠠᠭᠠᠳ ᠳᠠᠪᠬᠤᠷ᠂ ᠰᠡᠷᠪᠡᠩ᠂ ᠳᠠᠯᠠᠨ ᠪᠤᠯᠳᠤᠷᠤᠤ᠂ ᠪᠡᠷᠬᠡ ᠶ᠋ᠢᠨ ᠬᠠᠷ᠎ᠠ ᠠᠭᠤᠯᠠᠰ᠂ ᠬᠠᠪᠴᠢᠭ᠂ ᠪᠤᠶᠠᠨᠲᠤ ᠶ᠋ᠢᠨ ᠳᠠᠪᠠᠭ᠎ᠠ᠂ ᠬᠤᠲᠤᠭ ᠠᠭᠤᠯᠠ᠂ ᠬᠤᠰᠤᠲᠤ ᠮᠢᠩᠭᠠᠨ ᠲᠡᠷᠡ ᠬᠠᠷᠠᠭᠳᠠᠨ᠎ᠠ᠃ ᠢᠩᠭᠢᠭᠡᠳ ᠬᠣᠯᠠ ᠶ᠋ᠢᠨ ᠠᠭᠤᠯᠠᠰ ᠳᠠᠭᠤᠰᠴᠤ ᠪᠠᠢᠭ᠎ᠠ ᠶᠤᠮ ᠳᠠ ᠭᠡᠯᠡ᠃
ᠲᠡᠮᠦᠵᠢᠨ ᠠᠮᠠᠨ ᠳ᠋ᠠᠭᠠᠨ ᠶᠠᠭᠤᠮ᠎ᠠ ᠬᠡᠯᠡᠵᠦ ᠪᠠᠢᠬᠤ ᠰᠢᠭ᠋ ᠤᠷᠤᠭᠤᠯ ᠬᠥᠳᠡᠯᠭᠡᠵᠦ ᠪᠠᠢᠭᠰᠠᠨ ᠢ᠋ᠶ᠋ᠠᠨ᠄
— ᠴᠢᠨᠦ ᠨᠡᠷᠡᠯᠡᠭᠰᠡᠨ ᠠᠭᠤᠯᠠ ᠣᠪᠣᠭ᠎ᠠ ᠶ᠋ᠢ ᠪᠢ ᠨᠡᠷᠡᠯᠡᠵᠦ ᠦᠵᠡᠬᠦ ᠤᠤ? ᠲᠣᠭᠲᠠᠭᠠᠵᠤ ᠤᠤ? ᠦᠭᠡᠢ ᠤᠤ? ᠦᠵᠡᠶ᠎ᠡ ᠭᠡᠬᠦ ᠳ᠋ᠦ᠍ᠨᠢ ᠪᠣᠭᠣᠷᠴᠢ᠄
–– ᠲᠡᠭᠡ ᠯᠡ ᠳᠡ᠃ ᠴᠢᠳᠠᠬᠤ ᠦᠭᠡᠢ ᠪᠣᠯ ᠶᠠᠭᠠᠬᠢᠬᠤ ᠪᠣᠢ!
— ᠳᠤᠬᠤᠨ ᠳᠡᠭᠡᠷ᠎ᠡ ᠭᠤᠷᠪᠠ ᠨᠢᠰᠠᠯᠠᠭᠠᠷᠠᠢ᠃
— ᠲᠡᠭᠡᠪᠡᠯ ᠴᠢ ᠵᠥᠪ ᠲᠣᠭᠠᠯᠠᠵᠤ ᠴᠢᠳᠠᠪᠠᠯ ᠮᠢᠨᠦ ᠳᠤᠬᠤᠨ ᠳᠡᠭᠡᠷ᠎ᠡ ᠭᠤᠷᠪᠠ ᠨᠢᠰᠠᠯᠠᠭᠠᠷᠠᠢ᠃
— ᠶᠠᠭᠠᠬᠢᠵᠤ ᠪᠠᠢᠭ᠎ᠠ ᠨᠢ ᠲᠡᠷᠡ ᠪᠣᠢ?
— ᠮᠤᠷᠤᠢ ᠢᠵᠢᠯᠢ ᠥᠭᠭᠦᠭᠡ ᠠᠪᠤᠭ᠎ᠠ ᠲᠠᠢ ᠪᠠᠢᠬᠤ ᠶᠣᠰᠣ ᠲᠠᠢ ᠪᠢᠵᠡ ᠳᠡ ᠭᠡᠵᠦ ᠪᠤᠭᠤᠷᠴᠢ ᠰᠦᠷᠭᠦᠬᠦ ᠳ᠋ᠦ᠍ᠨᠢ《ᠪᠣᠯᠤᠨ᠎ᠠ᠂ ᠪᠣᠯᠤᠨ᠎ᠠ》 ᠭᠡᠵᠦ ᠲᠡᠮᠦᠵᠢᠨ ᠬᠡᠯᠡᠭᠡᠳ᠄
— ᠵᠠ᠂ ᠲᠡᠭᠡᠪᠡᠯ ᠪᠢ ᠨᠡᠷᠡᠯᠡᠭᠡᠳ ᠦᠵᠡᠶ᠎ᠡ ᠭᠡᠳ ᠪᠤᠭᠤᠷᠴᠢ ᠶ᠋ᠢᠨ ᠠᠳᠠᠯᠢ ᠤᠮᠠᠷ᠎ᠠ ᠵᠦᠭ ᠵᠢᠭᠠᠵᠤ᠄
— ᠲᠤᠭᠤᠯᠭ᠎ᠠ ᠠᠭᠤᠯᠠᠰ᠂ ᠳᠤᠬᠤ ᠮᠠᠩᠨᠠᠢ᠂ ᠬᠤᠲᠤᠭ ᠠᠭᠤᠯᠠ᠂ ᠬᠤᠰᠤᠲᠤ ᠮᠢᠩᠭᠠᠨ᠂ ᠭᠡᠵᠦ ᠨᠠᠷᠠ ᠵᠥᠪ ᠲᠣᠭᠣᠷᠢᠭᠤᠯᠵᠤ ᠶᠠᠭ ᠵᠥᠪ ᠨᠡᠷᠡᠯᠡᠪᠡ᠃ ᠪᠤᠭᠤᠷᠴᠢ《ᠶᠠᠮᠠᠷ ᠶᠡᠬᠡ ᠣᠢ ᠲᠠᠢ ᠶᠤᠮ ᠪᠣᠢ?》 ᠭᠡᠵᠦ ᠭᠠᠢᠬᠠᠨ᠄
— ᠵᠠ ᠵᠠ᠂ ᠵᠥᠪ ᠨᠠᠷᠠᠯᠠᠯᠠ᠃ ᠭᠠᠭᠴᠠᠬᠠᠨ《ᠨᠣᠶᠠᠨ ᠬᠠᠲᠤᠨ᠂ ᠨᠣᠮᠣᠬᠠᠨ ᠪᠣᠷᠣ ᠣᠪᠣᠭᠠᠲᠤ》 ᠭᠡᠬᠦ ᠶ᠋ᠢ《ᠨᠣᠮᠣᠬᠠᠨ ᠪᠤᠭᠤᠷᠴᠢ ᠵᠠᠩᠵᠤᠨ》 ᠭᠡᠰᠡᠨ᠃ ᠲᠡᠷᠡ ᠪᠣᠯ ᠲᠣᠭᠲᠠᠭᠠᠭ᠎ᠠ ᠦᠭᠡᠢ ᠳ᠋ᠡᠭᠡᠨ ᠪᠢᠰᠢ᠂ ᠲᠣᠭᠯᠠᠭᠠᠮ ᠪᠣᠯᠭᠠᠵᠤ ᠲᠡᠭᠡᠵᠦ ᠬᠡᠯᠡᠵᠦ ᠪᠠᠢᠭ᠎ᠠ ᠶᠤᠮ᠃ ᠲᠡᠷᠡ ᠢᠷᠦᠭᠡᠯ ᠢ᠋ᠶ᠋ᠡᠷ ᠪᠢ ᠵᠠᠩᠵᠤᠨ ᠪᠣᠯᠲᠤᠭᠠᠢ᠃ ᠨᠢᠰᠠᠯᠠ᠂ ᠨᠢᠰᠠᠯᠠ᠃ ᠠᠢᠬᠤᠪᠲᠤᠷ ᠴᠡᠭᠡᠵᠢ ᠲᠡᠢ ᠪᠠᠢᠨ᠎ᠠ ᠠ᠋ ᠴᠢ ᠭᠡᠬᠦ ᠳ᠋ᠦ᠍ ᠲᠡᠮᠦᠵᠢᠨ ᠢᠨᠢᠶᠡᠵᠦ᠄
— ᠮᠥᠩᠬᠡ ᠲᠩᠷᠢ ᠶ᠋ᠢᠨ ᠳᠣᠣᠷ᠎ᠠ ᠴᠢ ᠵᠠᠩᠵᠤᠨ ᠪᠣᠯᠲᠤᠭᠠᠢ ᠭᠡᠳ ᠳᠤᠬᠤ ᠤᠷᠤᠭᠤ ᠨᠢ ᠨᠢᠰᠠᠯᠠᠬᠤ ᠳᠦᠷᠢ ᠦᠵᠡᠭᠦᠯᠬᠦ ᠳ᠋ᠦ᠍ ᠪᠤᠭᠤᠷᠴᠢ ᠨᠢᠳᠦ ᠪᠡᠨ ᠲᠠᠰᠤ ᠠᠨᠢᠬᠤ ᠳ᠋ᠤᠨᠢ ᠳᠤᠬᠤᠨ ᠳ᠋ᠤᠨᠢ ᠬᠤᠷᠤᠭᠤ ᠬᠦᠷᠬᠦ ᠲᠡᠳᠦᠢ ᠢᠯᠢᠭᠡᠳ᠄
— ᠵᠠ᠂ ᠨᠢᠰᠠᠯᠠᠴᠢᠬᠠᠯᠠ᠂ ᠨᠢᠰᠠᠯᠠᠴᠢᠬᠠᠯᠠ ᠭᠡᠪᠡ᠃
ᠬᠣᠶᠠᠷ ᠵᠠᠯᠠᠭᠤ ᠬᠤᠸᠠ ᠬᠥᠪᠡᠭᠡ ᠬᠢᠵᠢᠨ ᠳᠠᠪᠠᠵᠤ ᠶᠡᠬᠡ ᠭᠠᠵᠠᠷ ᠲᠤᠭᠤᠯᠠᠯᠠ᠃ ᠬᠠᠷᠠᠵᠠ ᠶ᠋ᠢᠨ ᠭᠣᠣᠯ ᠭᠠᠷᠴᠤ ᠵᠡᠭᠦᠨ ᠬᠠᠷᠠᠭᠠᠨᠠᠲᠠᠢ ᠶ᠋ᠢᠨ ᠠᠷᠤ ᠶ᠋ᠢᠨ ᠶᠡᠬᠡ ᠬᠣᠭᠣᠯᠠᠢ ᠤᠷᠤᠭᠤ ᠣᠷᠣᠵᠤ ᠶᠠᠪᠤᠲᠠᠯ᠎ᠠ ᠵᠢᠭᠠᠬᠠᠨ ᠭᠣᠷᠣᠬ᠎ᠠ ᠤᠷᠤᠰᠴᠤ ᠪᠠᠢᠨ᠎ᠠ᠃ ᠬᠦᠢᠲᠡᠨ ᠤᠰᠤᠨ ᠠ᠋ᠴᠠ ᠨᠢ ᠬᠡᠳᠦ ᠪᠠᠯᠭᠤᠭᠠᠳ ᠪᠤᠭᠤᠷᠴᠢ᠄
— ᠶᠠᠭᠤᠮ᠎ᠠ ᠢᠳᠡᠮᠡᠷ ᠯᠡ ᠪᠠᠢᠨ᠎ᠠ᠃ ᠥᠯᠥᠰᠬᠦ ᠨᠢ ᠭᠡᠪᠡᠰᠦ ᠲᠡᠮᠦᠵᠢᠨ᠄
–– ᠲᠡᠷᠡ ᠪᠠᠷᠠᠭᠤᠨ ᠤᠷᠢᠳᠤ ᠬᠣᠭᠣᠯᠠ ᠴᠤ᠌ ᠪᠠᠢᠨ᠎ᠠ ᠯᠠ ᠳᠠ᠃ ᠣᠢᠷᠠᠲᠤᠭᠤᠯᠬᠤ ᠦᠭᠡᠢ ᠪᠠᠢᠬ᠎ᠠ ᠯᠠ ᠳᠠ ᠭᠡᠵᠦ ᠪᠠᠬᠠᠨ ᠪᠡᠯᠴᠢᠵᠦ ᠶᠠᠪᠤᠭ᠎ᠠ ᠴᠠᠭᠠᠨ ᠵᠡᠭᠡᠷ᠎ᠡ ᠤᠷᠤᠭᠤ ᠵᠢᠭᠠᠪᠠ᠃ ᠪᠣᠭᠤᠷᠴᠢ᠄
— ᠦ᠂ ᠨᠡᠭᠡᠷᠡᠨ ᠲᠡᠢᠮᠦ ᠯᠡ ᠳᠡ᠃ ᠪᠢ ᠲᠠᠭᠤᠭᠠᠳ ᠢᠷᠡᠶ᠎ᠡ᠃
— ᠲᠠᠭᠤᠭᠠᠳ ᠠ᠋? ᠭᠡᠵᠦ ᠲᠡᠮᠦᠵᠢᠨ ᠭᠠᠢᠬᠠᠰᠬᠢᠨ ᠢᠨᠢᠶᠡᠭᠡᠳ᠄
— ᠵᠠ ᠶᠠᠭᠠᠬᠢᠬᠤᠪ᠂ ᠦᠵᠡᠭᠡᠳ ᠠᠯᠳᠠᠶ᠎ᠠ᠃ ᠬᠣᠶᠠᠭᠤᠯᠠ ᠮᠣᠷᠳᠠᠬᠤ ᠤᠤ?
— ᠦᠭᠡᠢ᠂ ᠴᠢ ᠡᠨᠡ ᠬᠠᠪᠢ ᠳ᠋ᠠᠭᠠᠨ ᠪᠠᠢᠵᠤ ᠪᠠᠢ᠃ ᠪᠢ ᠬᠥᠭᠡᠭᠡᠭᠡᠳ ᠢᠷᠡᠨ᠎ᠡ ᠠ᠋ ᠭᠡᠳ ᠲᠡᠮᠦᠵᠢᠨ ᠦ᠌ ᠮᠣᠷᠢ ᠶ᠋ᠢ ᠬᠥᠲᠥᠯᠦᠭᠡᠳ ᠪᠠᠷᠤᠭ ᠪᠤᠴᠠᠭᠠᠳ ᠶᠠᠪᠤᠴᠢᠬᠠᠯ᠎ᠠ᠃ ᠲᠡᠭᠡᠭᠰᠡᠨ ᠢ᠋ᠶ᠋ᠡᠨ ᠭᠥᠷᠥᠭᠡᠰᠦ ᠤᠷᠤᠭᠤ ᠡᠷᠭᠢᠵᠦ ᠣᠢᠷᠠᠲᠤᠲᠠᠯ᠎ᠠ ᠵᠡᠷᠯᠢᠭ ᠰᠣᠷᠭᠣᠭ ᠠᠮᠢᠲᠠᠳ ᠡᠰᠢ ᠲᠡᠰᠢ ᠦᠰᠦᠴᠢᠨ ᠨᠠᠭᠠᠳᠴᠤ ᠪᠣᠭᠤᠷᠴᠢ ᠪᠠᠷ ᠲᠣᠭᠯᠠᠭᠠᠮ ᠲᠣᠬᠣᠭᠤ ᠬᠢᠵᠦ ᠪᠠᠢᠨ᠎ᠠ ᠤᠤ? ᠭᠡᠯᠲᠡᠢ᠃ ᠲᠡᠭᠡᠲᠡᠯ᠎ᠡ ᠬᠡᠰᠡᠭ ᠵᠡᠭᠡᠷ᠎ᠡ ᠶᠡᠬᠡ ᠰᠦᠷᠦᠭ ᠡᠴᠡ ᠲᠠᠰᠤᠷᠠᠭᠠᠳ ᠨᠠᠰᠢ ᠳᠠᠪᠬᠢᠨ ᠪᠣᠭᠤᠷᠴᠢ ᠶ᠋ᠢ ᠴᠠᠭᠠᠰᠢ ᠶᠠᠪᠤᠬᠤ ᠳᠣᠳᠣᠮ ᠨᠠᠭᠠᠰᠢ ᠪᠠᠨ ᠡᠷᠭᠢᠵᠦ ᠴᠠᠭᠠᠰᠢ ᠨᠠᠭᠠᠰᠢ ᠪᠠᠨ ᠬᠡᠷᠦᠵᠦ ᠬᠡᠷᠦᠯᠳᠦᠭᠰᠡᠭᠡᠷ ᠰᠢᠭᠤᠳᠬᠠᠨ ᠲᠡᠮᠦᠵᠢᠨ ᠤᠷᠤᠭᠤ ᠬᠦᠷᠦᠭᠡᠳ ᠢᠷᠡᠪᠡ᠃ ᠲᠡᠷᠡ ᠪᠡᠷ ᠥᠭᠡᠳᠡ ᠡᠴᠡ ᠨᠢ ᠨᠤᠮᠤ ᠪᠠᠨ ᠪᠡᠯᠡᠳᠬᠡᠵᠦ ᠪᠠᠭᠠᠪᠲᠤᠷ ᠨᠢᠭᠡ ᠵᠡᠭᠡᠷ᠎ᠡ ᠤᠷᠤᠭᠤ ᠰᠤᠮᠤ ᠪᠠᠨ ᠲᠠᠯᠪᠢᠬᠤ ᠳ᠋ᠤ᠌ ᠭᠥᠷᠥᠭᠡᠰᠦ ᠴᠦ᠍ ᠲᠡᠢᠴᠢᠯᠡᠭᠡᠳ ᠤᠨᠠᠯ᠎ᠠ᠃ ᠭᠥᠷᠥᠭᠡᠰᠦ ᠨᠦ᠍ᠭᠦᠳ ᠨᠢᠭᠡ ᠦᠷᠭᠦᠵᠦ ᠰᠣᠴᠢᠨ ᠴᠠᠭᠠᠰᠢ ᠴᠣᠢᠯᠤᠭᠰᠠᠨ ᠢ᠋ᠶ᠋ᠠᠨ ᠡᠷᠭᠢᠵᠦ ᠬᠠᠷᠠᠭᠠᠳ ᠲᠡᠷᠭᠡᠢᠯᠳᠤᠨ ᠵᠣᠭᠰᠣᠪᠠ᠃ ᠲᠡᠮᠦᠵᠢᠨ ᠠᠩᠨᠠᠭᠰᠠᠨ ᠠᠩ ᠢ᠋ᠶ᠋ᠠᠨ ᠠᠪᠬᠤ ᠪᠠᠷ ᠭᠦᠶᠦᠲᠡᠯᠡ ᠵᠡᠭᠡᠷ᠎ᠡ ᠨᠦ᠍ᠭᠦᠳ ᠪᠦᠷ ᠬᠥᠨᠳᠡᠯᠡᠨ ᠳᠠᠰᠢ ᠳᠠᠪᠬᠢᠯᠳᠤᠨ᠂ ᠡᠨᠡ ᠵᠠᠭᠤᠷ᠎ᠠ ᠪᠣᠭᠤᠷᠴᠢ ᠳᠠᠪᠬᠢᠨ ᠢᠷᠡᠵᠦ ᠬᠣᠶᠠᠭᠤᠯᠠ ᠬᠣᠭᠣᠯᠠ ᠲᠠᠢ ᠪᠣᠯᠤᠭᠰᠠᠨ ᠳ᠋ᠠᠭᠠᠨ ᠪᠡᠶᠡᠰᠦᠨ ᠴᠢᠯᠠᠭᠤ᠂ ᠠᠷᠭᠠᠯ ᠬᠣᠷᠭᠣᠯ ᠲᠡᠭᠦᠵᠦ ᠭᠠᠯ ᠨᠣᠴᠣᠭᠠᠨ ᠵᠡᠭᠡᠷ᠎ᠡ ᠶ᠋ᠢᠨ ᠢ᠋ᠶ᠋ᠡᠨ ᠬᠣᠶᠠᠷ ᠭᠤᠶ᠎ᠠ ᠶ᠋ᠢ ᠬᠥᠰᠬᠥᠯᠡᠵᠦ ᠬᠣᠳᠣᠭᠣᠳᠣᠨ ᠳ᠋ᠤᠨᠢ ᠤᠯᠠᠢᠰᠤᠭᠰᠠᠨ ᠴᠢᠯᠠᠭᠤ ᠲᠠᠢ ᠬᠢᠵᠦ ᠭᠠᠳᠠᠨ᠎ᠠ ᠠ᠋ᠴᠠ ᠨᠢ ᠪᠠᠭ᠎ᠠ ᠵᠡᠷᠭᠡ ᠰᠢᠷᠠᠵᠤ ᠪᠣᠯᠭᠣᠭᠠᠳ ᠬᠣᠶᠠᠭᠤᠯᠠ ᠲᠤᠬᠠᠲᠠᠢᠬᠠᠨ ᠬᠣᠭᠣᠯᠠᠯᠠᠪᠠ᠃ ᠡᠨᠡ ᠵᠠᠭᠤᠷ᠎ᠠ ᠦᠯᠡᠳᠡᠭᠰᠡᠨ ᠮᠢᠬ᠎ᠠ ᠶ᠋ᠢ ᠨᠢ ᠤᠯᠠᠢᠰᠤᠭᠰᠠᠨ ᠴᠢᠯᠠᠭᠤᠨ ᠳᠡᠭᠡᠷ᠎ᠡ ᠲᠠᠯᠪᠢᠵᠤ ᠡᠷᠭᠢᠭᠦᠯᠦᠨ ᠭᠠᠯ ᠨᠡᠮᠡᠵᠦ ᠰᠢᠷᠠᠵᠤ ᠪᠣᠯᠭᠣᠭᠠᠭᠠᠳ ᠰᠠᠶᠢᠬᠢ ᠬᠣᠳᠣᠭᠣᠳᠣᠨ ᠳ᠋ᠤᠨᠢ ᠬᠢᠵᠦ ᠴᠠᠭᠠᠰᠢ ᠠᠯᠤᠰ ᠤ᠋ᠨ ᠵᠠᠮ ᠳ᠋ᠠᠭᠠᠨ ᠬᠥᠳᠡᠯᠬᠦ ᠳ᠋ᠦ᠍ ᠡᠯᠳᠡᠪ ᠲᠣᠮᠣ ᠪᠠᠭ᠎ᠠ ᠰᠢᠪᠠᠭᠤᠳ ᠵᠡᠭᠡᠷ᠎ᠡ ᠶ᠋ᠢᠨ ᠵᠢᠭᠠᠬᠠᠨ ᠶᠠᠰᠤ᠂ ᠭᠡᠳᠡᠰᠦ᠂ ᠦᠯᠡᠳᠡᠭᠳᠡᠯ ᠳᠡᠭᠡᠷ᠎ᠡ ᠨᠠᠢᠷᠯᠠᠬᠤ ᠪᠠᠷ ᠴᠤᠭᠯᠠᠷᠠᠪᠠ᠃ ᠬᠣᠶᠠᠷ ᠵᠠᠯᠠᠭᠤ ᠠᠩᠴᠢᠨ ᠠᠩ ᠤ᠋ᠨ ᠢ᠋ᠶ᠋ᠠᠨ ᠠᠷᠠᠰᠤ ᠶ᠋ᠢ ᠳᠡᠯᠭᠡᠨ ᠲᠣᠯᠣᠭᠠᠢ ᠶ᠋ᠢ ᠨᠢ ᠳᠡᠭᠡᠷ᠎ᠡ ᠨᠢ ᠬᠣᠢᠰᠢ ᠬᠠᠷᠠᠭᠤᠯᠵᠤ ᠲᠠᠯᠪᠢᠭᠠᠳ ᠮᠣᠷᠳᠠᠪᠠ᠃ ᠲᠡᠮᠦᠵᠢᠨ ᠶᠡᠬᠡᠳᠡ ᠭᠠᠢᠬᠠᠵᠤ᠄
— ᠴᠢ ᠨᠡᠭᠡᠷᠡᠨ ᠵᠡᠭᠡᠷ᠎ᠡ ᠲᠡᠢ ᠶᠠᠷᠢᠳᠠᠭ ᠶᠤᠮ ᠰᠢᠭ᠋ ᠨᠡᠭᠡᠷᠡᠨ ᠯᠡ ᠲᠠᠭᠤᠭᠠᠳ ᠢᠷᠡᠯ᠎ᠡ᠂ ᠬᠠᠴᠢᠨ ᠶᠤᠮ ᠭᠡᠬᠦ ᠳ᠋ᠦ᠍ᠨᠢ ᠪᠤᠭᠤᠷᠴᠢ᠄
— ᠡᠨᠡ ᠴᠠᠭᠠᠨ ᠵᠡᠭᠡᠷ᠎ᠡ ᠭᠡᠳᠡᠭ ᠴᠢᠨᠢ ᠶᠡᠬᠡ ᠬᠡᠷᠡᠭᠦᠯᠴᠢ ᠠᠮᠢᠲᠠᠨ᠃ ᠲᠠᠩᠳᠠ ᠳᠠᠢᠰᠤᠨ ᠤ᠋ ᠪᠠᠨ ᠤᠷᠢᠳᠤᠭᠤᠷ ᠬᠥᠨᠳᠡᠯᠡᠨ ᠬᠡᠷᠦᠵᠦ ᠭᠠᠷᠬᠤ ᠭᠡᠵᠦ ᠳᠠᠪᠬᠢᠳᠠᠭ ᠶᠤᠮ᠃ ᠲᠡᠭᠦᠨ ᠢ᠋ ᠨᠢ ᠡᠪᠲᠡᠢᠬᠡᠨ ᠠᠰᠢᠭᠯᠠᠵᠤ ᠪᠠᠢᠭ᠎ᠠ ᠨᠢ ᠡᠨᠡ᠃
— ᠠᠯᠢᠪᠠ ᠶᠠᠭᠤᠮᠠᠨ ᠤ᠋ ᠠᠷᠭ᠎ᠠ ᠶ᠋ᠢ ᠣᠯᠬᠤ ᠭᠡᠳᠡᠭ ᠡᠨᠡ ᠶᠦᠮ ᠪᠢᠵᠡ ᠳᠡ᠃ ᠠᠷᠠᠨᠰᠢᠨ ᠠ᠋ᠴᠠ ᠪᠠᠨ ᠪᠣᠯᠵᠤ ᠦᠬᠦᠯ ᠤᠷᠤᠭᠤ ᠢᠷᠡᠳᠡᠭ᠁ ᠮᠥᠨ ᠴᠦ᠍ ᠶᠠᠩᠵᠤ ᠪᠦᠷᠢ ᠶ᠋ᠢᠨ ᠠᠷᠠᠨᠰᠢᠨ ᠪᠠᠢᠳᠠᠭ ᠪᠠᠢᠨ᠎ᠠ ᠰᠢᠦ ᠭᠡᠵᠦ《ᠴᠥᠬᠥ》 ᠭᠡᠳ ᠲᠡᠳᠡ ᠬᠤᠷᠳᠤᠯᠠᠪᠠ᠃
