ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠭᠤᠷᠪᠠ〕 Цаг төрийн үймээн – Д ᠂ Намдаг - Цаг төрийн үймээн ᠂ гуравдугаар бүлэг -13
ᠠᠷᠠᠳ ᠤ᠋ᠨ ᠵᠢᠷᠤᠮᠲᠤ ᠴᠡᠷᠢᠭ ᠠᠯᠲᠠᠨ ᠳ᠋ᠤ᠌
ᠡᠨᠡ ᠪᠣᠯ ᠠᠯᠲᠠᠨ ᠬᠡᠮᠡᠬᠦ ᠭᠠᠵᠠᠷ ᠪᠠᠢᠯ᠎ᠠ᠃ ᠠᠯᠳᠠᠷ ᠨᠡᠷ᠎ᠡ ᠨᠢ ᠠᠯᠤᠰ ᠤ᠋ᠨ ᠠᠯᠤᠰ ᠲᠤ᠌ ᠴᠤᠤᠷᠢᠶᠠᠲᠤᠨ ᠠᠮᠢᠲᠠᠨ ᠬᠥᠮᠦᠨ ᠢ᠋ ᠳᠠᠭᠤᠳᠠᠬᠤ ᠪᠣᠯᠪᠠᠴᠤ᠂ ᠤᠷᠢᠳᠤ ᠠ᠋ᠴᠠ ᠪᠠᠨ ᠡᠯᠡᠰᠦᠷᠬᠡᠭ ᠵᠢᠯᠠᠭ᠎ᠠ ᠪᠣᠯᠬᠤ ᠠ᠋ᠴᠠ ᠥᠭᠡᠷ᠎ᠡ ᠶᠠᠭᠤᠮ᠎ᠠ ᠦᠭᠡᠢ᠃ ᠵᠢᠯᠠᠭ᠎ᠠ ᠤᠷᠤᠭᠤᠳᠠᠭᠤᠯᠤᠨ ᠪᠠᠷᠢᠭᠰᠠᠨ ᠣᠷᠣᠨ ᠰᠠᠭᠤᠴᠠ ᠨᠤᠭᠤᠳ ᠨᠢ ᠬᠠᠭᠠᠰ ᠳᠤᠲᠠᠭᠤ ᠪᠦᠷᠢᠶᠡᠰᠦ ᠲᠡᠢ ᠭᠡᠷ ᠦ᠋ᠳ ᠠᠵᠢ᠃ ᠤᠲᠤᠭᠠᠨ ᠳ᠋ᠤ᠌ ᠢᠳᠡᠭᠳᠡᠭᠰᠡᠨ ᠤᠷᠠᠩᠬᠠᠢ ᠴᠣᠭᠣᠷᠣᠬᠠᠶ ᠮᠠᠢᠬᠠᠨ ᠨᠤᠭᠤᠳ᠂ ᠵᠤᠤᠭᠠᠷ᠂ ᠣᠷᠣᠴᠠ ᠣᠪᠣᠬᠠᠢ ᠮᠡᠲᠦ ᠶ᠋ᠢᠨ ᠶᠠᠭᠤᠮᠠᠰ ᠪᠠᠢᠯ᠎ᠠ᠃ ᠪᠦᠬᠦ ᠬᠣᠶᠠᠷ ᠵᠠᠭᠤᠭᠠᠳ ᠴᠡᠷᠢᠭ ᠦ᠋ᠨ ᠳᠣᠲᠣᠷ᠎ᠠ ᠣᠯᠢᠭ ᠲᠠᠢ ᠬᠤᠪᠴᠠᠰᠤ ᠡᠮᠦᠰᠦᠭᠰᠡᠨ ᠨᠢ ᠲᠤᠩ ᠬᠣᠪᠣᠷ᠃ ᠡᠳᠡᠨ ᠦ᠌ ᠳᠤᠮᠳᠠ ᠪᠤᠷᠢᠶᠠᠳ᠂ ᠴᠠᠬᠠᠷ᠂ ᠯᠠᠮᠠ ᠡᠪᠦᠭᠡᠳ᠂ ᠴᠠᠷᠢᠨᠳᠣᠷᠵᠢ ᠶ᠋ᠢᠨ ᠨᠠᠰᠤᠨ ᠤ᠋ ᠬᠡᠦᠬᠡᠳ ᠬᠦᠷᠲᠡᠯ᠎ᠡ ᠪᠠᠢᠨ᠎ᠠ᠃ ᠵᠢᠭᠰᠠᠭᠠᠯ ᠤ᠋ᠨ ᠠᠷᠤ ᠠ᠋ᠴᠠ ᠬᠦᠷᠡᠩ ᠥᠩᠭᠡ ᠶ᠋ᠢᠨ ᠲᠣᠷᠭᠠᠨ ᠳᠠᠯᠢᠩᠪᠤᠤ ᠳᠡᠪᠡᠯ ᠲᠡᠢ ᠵᠠᠯᠠᠭᠤᠬᠠᠨ ᠡᠷ᠎ᠡ ᠭᠦᠶᠦᠨ ᠢᠷᠡᠵᠦ: ᠨᠥᠬᠥᠳ ᠰᠠᠢᠨ ᠬᠣᠨᠣᠵᠠᠭᠠᠭᠰᠠᠨ ᠤᠤ ᠭᠡᠵᠦ ᠮᠡᠨᠳᠦᠯᠡᠭᠰᠡᠨ ᠬᠥᠮᠦᠨ ᠢ᠋ ᠲᠡᠷᠡ ᠭᠤᠷᠪᠠ ᠶ᠋ᠢᠨ ᠬᠡᠨ ᠨᠢ ᠴᠦ᠍ ᠲᠠᠨᠢᠬᠤ ᠦᠭᠡᠢ ᠪᠣᠯᠪᠠᠴᠤ ᠤᠷᠢᠳ ᠰᠥᠨᠢ ᠶ᠋ᠢᠨ ᠤᠭᠲᠤᠨ ᠠᠪᠴᠤ ᠮᠠᠢᠬᠠᠨ ᠳ᠋ᠤ᠌ ᠣᠷᠣᠭᠤᠯᠤᠭᠰᠠᠨ ᠬᠥᠮᠦᠨ ᠮᠥᠨ ᠭᠡᠵᠦ ᠲᠤᠰ ᠪᠦᠷᠢ ᠪᠡᠨ ᠲᠠᠭᠠᠪᠤᠷᠢᠯᠠᠨᠠ᠃ ᠨᠡᠭᠡᠷᠡᠨ ᠴᠦ᠍ ᠮᠥᠨ ᠪᠠᠢᠭᠰᠠᠨ ᠪᠥᠭᠡᠳ ᠪᠦᠬᠦ ᠠᠷᠠᠳ ᠤ᠋ᠨ ᠵᠢᠷᠤᠮᠲᠤ ᠴᠡᠷᠢᠭ ᠦ᠋ᠨ ᠨᠣᠮ ᠤ᠋ᠨ ᠪᠠᠭᠰᠢ《ᠺᠣᠮᠢᠰᠰᠠᠷ》 ᠴᠣᠢᠪᠠᠯᠰᠠᠩ ᠭᠡᠭᠴᠢ ᠲᠡᠷᠡ ᠪᠠᠢᠵᠠᠶ᠃
- ᠲᠠ ᠨᠠᠭᠠᠰᠢ ᠪᠠᠨ ᠢᠷ᠎ᠡ ᠭᠡᠵᠦ ᠳᠠᠭᠠᠭᠤᠯᠤᠨ ᠶᠠᠪᠤᠵᠤ ᠨᠢᠭᠡ ᠭᠡᠷ ᠲᠦ᠍ ᠣᠷᠣᠭᠤᠯᠤᠨ ᠨᠡᠷ᠎ᠡ ᠣᠪᠣᠭ᠂ ᠠᠢᠮᠠᠭ᠂ ᠬᠣᠰᠢᠭᠤ ᠲᠡᠳᠦᠢᠬᠡᠨ ᠢ᠋ ᠯᠠᠪᠯᠠᠨ ᠪᠢᠴᠢᠵᠦ ᠠᠪᠤᠭᠠᠨ ᠲᠡᠳᠡᠨ ᠢ᠋ ᠳᠠᠭᠠᠭᠤᠯᠤᠨ ᠭᠠᠷᠴᠤ ᠲᠣᠭᠣᠨᠣ ᠨᠢ ᠲᠣᠮᠣᠳᠠᠭᠰᠠᠨ ᠨᠡᠪᠰᠡᠭᠡᠷ ᠬᠠᠷ᠎ᠠ ᠭᠡᠷ ᠲᠦ᠍ ᠣᠷᠣᠪᠠ᠃ ᠲᠡᠨᠳᠡ ᠬᠥᠯ ᠭᠢᠰᠬᠢᠬᠦ ᠵᠠᠢ ᠦᠭᠡᠢ᠂ ᠬᠥᠮᠦᠰ ᠴᠢᠬᠢᠴᠢᠡᠯᠳᠦᠨᠠ᠃ ᠭᠣᠯᠣᠮᠲᠠ ᠠ᠋ᠴᠠ ᠨᠢ ᠨᠣᠢᠲᠠᠨ ᠬᠤᠰᠤ ᠮᠣᠳᠣᠨ ᠤ᠋ ᠭᠠᠰᠢᠭᠤᠨ ᠬᠠᠷ᠎ᠠ ᠤᠲᠤᠭ᠎ᠠ ᠰᠠᠪᠰᠠᠵᠤ᠂ ᠨᠢᠭᠡ ᠲᠠᠯ᠎ᠠ ᠶ᠋ᠢᠨ ᠬᠠᠶᠠᠭᠠᠨ ᠤ᠋ ᠬᠥᠮᠦᠨ᠂ ᠨᠥᠭᠦᠭᠡ ᠲᠠᠯ᠎ᠠ ᠶ᠋ᠢᠨ ᠬᠢ ᠳ᠋ᠦ᠍ᠨᠢ ᠬᠠᠭᠠᠰ ᠬᠤᠭᠤᠰ ᠬᠠᠷᠠᠭᠳᠠᠨ᠎ᠠ᠃ ᠡᠢᠮᠦ ᠪᠠᠢᠳᠠᠯ ᠲᠠᠢ ᠠᠵᠤ ᠲᠥᠷᠥᠵᠦ ᠰᠠᠭᠤᠭ᠎ᠠ ᠬᠥᠮᠦᠰ ᠳᠤᠮᠳᠠ ᠥᠨᠥ ᠭᠤᠷᠪᠠ ᠶ᠋ᠢ ᠳᠠᠭᠠᠭᠤᠯᠤᠨ ᠣᠷᠣᠵᠤ ᠢᠷᠡᠭᠰᠡᠨ ᠴᠣᠢᠪᠠᠯᠰᠠᠩ:
- ᠳᠠᠮᠫᠢᠯ ᠭᠤᠸᠠᠢ ᠪᠠᠢᠨ᠎ᠠ ᠤᠤ? ᠦᠭᠡᠢ ᠲᠠ ᠮᠢᠨᠢ ᠴᠢᠮᠡᠭᠡ ᠪᠡᠨ! ᠭᠡᠵᠦ ᠬᠠᠰᠬᠢᠷᠪᠠ᠃
ᠵᠡᠭᠦᠨ ᠬᠣᠢᠮᠤᠷ ᠠ᠋ᠴᠠ ᠨᠢᠭᠡ ᠬᠥᠮᠦᠨ ᠬᠠᠷᠢᠭᠤ ᠳᠤᠤᠭᠠᠷᠤᠨ ᠡᠭᠦᠯᠡ ᠮᠠᠨᠠᠨ ᠠ᠋ᠴᠠ ᠳᠡᠭᠡᠭᠰᠢ ᠠᠰᠠᠬᠤ ᠮᠡᠲᠦ ᠬᠦᠪᠦᠷᠡᠯᠳᠦᠨ ᠪᠣᠰᠤᠯ᠎ᠠ᠃ ᠡᠨᠡ ᠬᠥᠮᠦᠨ ᠥᠷᠯᠥᠭᠡ ᠵᠢᠬᠡᠭᠦᠨ ᠵᠢᠪᠠᠷ ᠢ᠋ᠶ᠋ᠠᠷ ᠮᠠᠢᠬᠠᠨ ᠤ᠋ ᠡᠭᠦᠳᠡ ᠪᠡᠷ ᠱᠠᠭᠠᠢᠭᠰᠠᠨ ᠬᠥᠮᠦᠨ ᠮᠥᠨ᠃ ᠲᠣᠯᠣᠭᠠᠢ ᠪᠠᠨ ᠣᠨᠢᠨ ᠳ᠋ᠤ᠌ ᠲᠤᠯᠭᠠᠨ ᠪᠡᠶ᠎ᠡ ᠨᠤᠮᠤᠯᠠᠨ ᠵᠣᠭᠰᠣᠵᠤ᠄
- ᠪᠢ ᠲᠠᠨ ᠳ᠋ᠤ᠌ ᠭᠤᠷᠪᠠᠨ ᠬᠥᠮᠦᠨ ᠠᠪᠴᠢᠷᠠᠯ᠎ᠠ ᠭᠡᠬᠦ ᠳ᠋ᠦ᠍ ᠣᠷᠣᠭᠰᠢ ᠳᠥᠭᠥᠨ ᠠᠵᠢᠵᠤ᠄
- ᠦᠭᠡᠢ ᠲᠠ ᠮᠢᠨᠢ ᠢᠨᠠᠳᠤ ᠬᠣᠶᠠᠷ ᠨᠢ ᠴᠦ᠍ ᠶᠠᠭᠠᠬᠢᠬᠤᠪ᠂ ᠴᠢᠨᠠᠳᠤ ᠵᠢᠭᠠᠯ ᠨᠢ ᠶᠠᠭᠤ ᠪᠣᠢ?
- ᠵᠦᠭᠡᠷ᠂ ᠡᠨᠡ ᠬᠦᠦ ᠤᠳᠠᠬᠤ ᠦᠭᠡᠢ ᠲᠠᠨ ᠲᠠᠢ ᠠᠳᠠᠯᠢᠬᠠᠨ ᠥᠨᠳᠥᠷ ᠪᠣᠯᠤᠨ᠎ᠠ ᠭᠡᠵᠦ ᠵᠠᠯᠠᠭᠤ ᠡᠷ᠎ᠡ ᠶ᠋ᠢᠨ ᠬᠡᠯᠡᠬᠦ ᠳ᠋ᠦ᠍ ᠴᠡᠷᠢᠭ ᠦ᠋ᠳ ᠢᠨᠢᠶᠡᠯᠳᠦᠪᠡ᠃
- ᠢᠷᠡᠭᠡᠳᠦᠢ ᠳ᠋ᠦ᠍ ᠲᠡᠷᠡ ᠨᠠᠳᠠ ᠰᠢᠭ᠋ ᠪᠠᠶᠲᠤᠭᠠᠶ ᠠᠭᠤᠯᠠ ᠰᠢᠭ᠋ ᠴᠦ᠍ ᠥᠨᠳᠥᠷ ᠡᠷ᠎ᠡ ᠪᠣᠯᠣᠯᠭᠦᠢ ᠯᠡ ᠶᠠᠭᠠᠬᠢᠬᠤᠪ ᠯᠠ ᠳᠠ᠂ ᠥᠨᠥᠳᠥᠷ ᠦ᠋ᠨ ᠬᠤᠪᠢ ᠳ᠋ᠤ᠌ ᠭᠡᠪᠡᠯ ᠨᠠᠳᠠ ᠬᠣᠨᠢ ᠬᠠᠷᠢᠭᠤᠯᠬᠤ ᠬᠡᠦᠬᠡᠳ ᠪᠢᠰᠢ᠂ ᠬᠣᠮᠣᠬᠠᠢ ᠳᠠᠢᠰᠤᠨ ᠲᠠᠢ ᠪᠠᠶᠢᠯᠳᠤᠬᠤ ᠡᠷ᠎ᠡ ᠬᠡᠷᠡᠭᠲᠡᠢ ᠰᠢᠦ ᠳᠡ᠂ ᠴᠣᠢᠪᠠᠯᠰᠠᠩ ᠠ᠋! ᠭᠡᠲᠡᠯ᠎ᠡ᠄
- ᠮᠡᠳᠡᠭᠡᠵᠢ ᠶ᠋ᠢᠨ ᠬᠡᠷᠡᠭ ᠡᠨᠡ ᠬᠦᠦ ᠴᠦ᠍ ᠬᠣᠨᠢ ᠬᠠᠷᠢᠭᠤᠯᠬᠤ ᠲᠡᠳᠦᠢ ᠪᠢᠰᠢ ᠳᠠᠢᠰᠤᠨ ᠲᠠᠢ ᠪᠠᠢᠯᠳᠤᠬᠤ ᠦᠵᠡᠯᠴᠡᠬᠦ ᠭᠡᠵᠦ ᠪᠡᠶ᠎ᠡ ᠵᠣᠷᠢᠭᠤᠯᠤᠨ ᠢᠷᠡᠭᠰᠡᠨ ᠡᠴᠡ ᠬᠣᠢᠰᠢ ᠲᠠ ᠯᠠ ᠵᠠᠮ ᠢ᠋ ᠬᠥᠲᠥᠯᠬᠦ ᠪᠣᠯᠤᠨ᠎ᠠ ᠳᠠ ᠭᠡᠵᠦ ᠵᠠᠯᠠᠭᠤ ᠡᠷ᠎ᠡ ᠢᠨᠢᠶᠡᠮᠰᠦᠭᠯᠡᠨ ᠥᠭᠦᠯᠡᠭᠡᠳ ᠭᠡᠳᠡᠷᠭᠦ ᠡᠭᠡᠨ ᠭᠠᠷᠪᠠ᠃ᠥᠨᠳᠥᠷ ᠬᠥᠮᠦᠨ ᠭᠤᠨᠢᠭᠲᠠᠢ ᠴᠢᠷᠠᠢ ᠭᠠᠷᠭᠠᠨ ᠦᠯᠡᠳᠡᠭᠡᠳ ᠰᠢᠨ᠎ᠡ ᠡᠯᠰᠡᠭᠰᠡᠳ ᠢ᠋ ᠬᠣᠢᠰᠢ ᠭᠠᠷᠭᠠᠨ ᠴᠠᠢ ᠤᠤᠭᠤᠵᠠᠭ᠎ᠠ ᠭᠡᠪᠡ᠃《ᠠᠶᠠᠭ᠎ᠠ ᠪᠠᠢᠨ᠎ᠠ ᠤᠤ?》 ᠭᠡᠳ《ᠪᠠᠢᠬᠤ ᠦᠭᠡᠢ》 ᠭᠡᠬᠦ ᠳ᠋ᠦ᠍᠄
- ᠮᠥᠨ ᠳᠡ ᠵᠥᠪᠬᠡᠨ ᠲᠣᠯᠣᠭᠠᠢ ᠪᠠᠨ ᠴᠢᠷᠴᠦ ᠢᠷᠡᠭᠰᠡᠨ ᠡᠴᠡ ᠥᠭᠡᠷ᠎ᠡ ᠶᠠᠭᠤ ᠴᠦ᠍ ᠦᠭᠡᠢ ᠬᠤᠪᠠᠬᠠᠢ ᠲᠠᠶᠠᠭ ᠨᠤᠭᠤᠳ! ᠭᠡᠳ ᠤᠷᠲᠤ ᠬᠥᠯ ᠢ᠋ᠶ᠋ᠡᠨ ᠬᠥᠮᠦᠰ ᠦ᠋ᠨ ᠮᠥᠷᠥ ᠳᠡᠭᠡᠭᠦᠷ ᠳᠠᠪᠠᠭᠤᠯᠵᠤ ᠭᠢᠰᠬᠢᠯᠡᠨ ᠭᠠᠷᠪᠠ᠃ ᠤᠳᠠᠵᠤ ᠲᠦᠳᠡᠭᠰᠡᠨ ᠴᠦ᠍ ᠦᠭᠡᠢ ᠭᠤᠷᠪᠠᠨ ᠲᠣᠮᠣ ᠲᠠᠩᠬᠤᠭᠠᠷ ᠮᠣᠳᠣᠨ ᠠᠶᠠᠭ᠎ᠠ ᠠᠪᠴᠢᠷᠠᠵᠤ ᠲᠤᠰ ᠪᠦᠷᠢ ᠶ᠋ᠢᠨ ᠡᠪᠦᠷ ᠳᠡᠭᠡᠷ᠎ᠡ ᠬᠠᠶᠠᠨ᠂ ᠬᠠᠶᠠᠭᠰᠠᠨ ᠪᠠᠢᠪᠠᠯ ᠤᠤ? ᠰᠠᠢᠬᠠᠨ ᠮᠡᠳᠡᠭᠡᠷᠡᠢ! ᠱᠠᠬᠠᠢᠳᠠᠬᠤ ᠶᠤᠮ ᠬᠣᠨᠳᠠ ᠭᠡᠵᠦ ᠠᠬᠠᠷᠬᠠᠵᠤ ᠵᠠᠬᠠᠷᠬᠠᠨ ᠬᠡᠯᠡᠪᠡ᠃
ᠳᠣᠷᠵᠢ 《ᠡᠨᠡ ᠴᠢᠨᠢ ᠬᠠᠷᠢᠨ ᠨᠢᠷᠤᠭᠤᠨ ᠠ᠋ᠴᠠ ᠪᠠᠨ ᠳᠠᠪᠠᠬᠤ ᠰᠢᠵᠢᠶᠡᠷ ᠦᠭᠡᠢ ᠡᠳ᠋ ᠪᠠᠢᠨ᠎ᠠ ᠳᠠ》 ᠭᠡᠵᠦ ᠳᠣᠲᠣᠷ᠎ᠠ ᠪᠠᠨ ᠵᠢᠪᠡᠭᠦᠴᠡᠪᠡ᠃ ᠴᠠᠷᠢᠨᠳᠤᠷᠵᠢ ᠠᠶᠤᠨ ᠰᠦᠷᠳᠡᠬᠦ ᠳ᠋ᠡᠭᠡᠨ ᠠᠯᠢ ᠪᠣᠯᠬᠣᠷ ᠬᠣᠯᠠ ᠪᠠᠢᠬᠤ ᠶ᠋ᠢ ᠬᠢᠴᠢᠶᠡᠨ ᠬᠣᠢᠰᠢ ᠬᠣᠯᠬᠢᠨᠠ᠃ ᠭᠤᠷᠪᠠᠳᠠᠬᠢ ᠨᠥᠬᠥᠷ ᠨᠢ ᠬᠠᠭᠤᠷᠮᠠᠴᠢ ᠪᠠᠷ ᠢᠨᠢᠶᠡᠮᠰᠦᠭᠯᠡᠨ ᠬᠠᠯᠠᠭᠤᠨ ᠬᠠᠷ᠎ᠠ ᠴᠠᠢ ᠠᠶᠠᠭᠠᠯᠠᠨ ᠠᠪᠴᠤ ᠤᠤᠭᠤᠭᠠᠳ ᠠᠯᠢ ᠨᠢᠭᠡᠲᠡᠢ ᠡᠴᠡ ᠢᠳᠡᠬᠦ ᠶᠦᠮ ᠮᠠᠢ ᠭᠡᠵᠦ ᠰᠠᠷᠪᠠᠢᠬᠤ ᠠᠮᠢᠲᠠᠨ ᠪᠠᠢᠳᠠᠭ ᠦᠭᠡᠢ ᠶᠦᠮ ᠪᠣᠯ ᠤᠤ ᠭᠡᠵᠦ ᠪᠣᠳᠣᠨ ᠪᠠᠢᠲᠠᠯ᠎ᠠ ᠲᠤᠩ ᠤ᠋ᠨ ᠳᠠᠭᠤ ᠶᠣᠭᠰᠢᠨ ᠴᠤᠤᠷᠢᠶᠠᠲᠤᠪᠠ᠃ ᠡᠨᠡ ᠨᠢ ᠳᠠᠬᠢᠨ ᠰᠤᠷᠭᠠᠭᠤᠯᠢ ᠳ᠋ᠤ᠌ ᠭᠠᠷᠬᠤ ᠶ᠋ᠢᠨ ᠳᠣᠬᠢᠶ᠎ᠠ ᠪᠠᠢᠯ᠎ᠠ᠃ ᠬᠥᠮᠦᠰ ᠶᠠᠭᠠᠷᠠᠨ ᠪᠣᠰᠴᠤ᠂ ᠬᠠᠨ᠎ᠠ ᠶ᠋ᠢᠨ ᠲᠣᠯᠣᠭᠠᠢ ᠳ᠋ᠤ᠌ ᠡᠯᠭᠦᠭᠰᠡᠨ ᠫᠤᠤ ᠰᠡᠯᠡᠮ᠎ᠡ ᠪᠡᠨ ᠠᠪᠤᠨ ᠴᠢᠬᠢᠴᠡᠯᠳᠦᠨ ᠭᠠᠷᠪᠠ᠃ ᠮᠠᠨᠠᠢ ᠭᠤᠷᠪᠠ ᠴᠦ᠍ ᠭᠡᠷ ᠲᠦ᠍ ᠦᠯᠡᠳᠡᠵᠦ ᠦᠯᠦ ᠪᠣᠯᠬᠤ ᠶ᠋ᠢ ᠮᠡᠳᠡᠨ ᠤᠤᠭᠤᠵᠤ ᠪᠠᠢᠭ᠎ᠠ ᠴᠠᠢ ᠪᠠᠨ ᠭᠣᠯᠣᠮᠳᠠᠨ ᠤ᠋ ᠵᠠᠬ᠎ᠠ ᠤᠷᠤᠭᠤ ᠰᠠᠴᠤᠨ ᠠᠶᠠᠭ᠎ᠠ ᠪᠠᠨ ᠡᠪᠦᠷᠯᠡᠵᠦ ᠳᠠᠭᠠᠯᠳᠤᠨ ᠭᠠᠷᠪᠠ᠃
ᠥᠨᠳᠥᠷ ᠬᠥᠮᠦᠨ᠂ ᠰᠤᠮᠤᠨ ᠳᠠᠷᠤᠭ᠎ᠠ ᠳᠠᠮᠫᠢᠯ ᠭᠡᠭᠴᠢ ᠪᠠᠢᠵᠠᠶ᠃ ᠳᠣᠣᠷ᠎ᠠ ᠪᠠᠨ ᠰᠠᠯᠠᠭ᠎ᠠ ᠲᠠᠰᠤᠭ ᠤ᠋ᠨ ᠳᠠᠷᠤᠭ᠎ᠠ ᠨᠠᠷ ᠲᠠᠢ ᠪᠣᠯᠪᠠᠴᠤ ᠨᠥᠭᠦᠭᠡ ᠭᠤᠷᠪᠠ ᠶ᠋ᠢ ᠥᠪᠡᠷ ᠳᠡᠭᠡᠷ᠎ᠡ ᠪᠡᠨ ᠠᠪᠤᠨ ᠲᠤᠰᠬᠠᠢ ᠳ᠋ᠤᠨᠢ ᠰᠤᠷᠭᠠᠭᠤᠯᠢ ᠬᠢᠯᠭᠡᠬᠦ ᠪᠡᠷ ᠰᠢᠢᠳᠴᠠᠶ᠃ ᠫᠤᠤ ᠵᠡᠪᠰᠡᠭ ᠣᠯᠭᠣᠭᠰᠠᠨ ᠨᠢ ᠥᠴᠥᠭᠡᠳᠦᠷ ᠦ᠋ᠨ ᠵᠠᠮᠴᠢ ᠳᠠᠷᠬᠠᠨ ᠤ᠋ ᠠᠪᠴᠢᠷᠠᠭᠰᠠᠨ ᠪᠢᠷᠲᠡᠩᠭᠡ᠂ ᠬᠤᠢ ᠪᠠᠷᠢᠭᠤᠯ ᠢ᠋ ᠰᠢᠨᠡᠳᠬᠡᠨ ᠰᠡᠯᠪᠢᠭᠰᠡᠨ ᠰᠡᠯᠡᠮ᠎ᠡ ᠪᠠᠢᠯ᠎ᠠ᠃ ᠳᠠᠷᠤᠭ᠎ᠠ ᠳᠠᠮᠫᠢᠯ ᠨᠥᠭᠥᠭᠡᠳᠦᠭᠦᠯᠡ ᠶ᠋ᠢ ᠳᠡᠨᠵᠢ ᠳᠡᠭᠡᠷ᠎ᠡ ᠠᠪᠠᠴᠢᠨ ᠡᠷᠭᠢᠴᠡᠭᠦᠯᠦᠨ ᠵᠣᠭᠰᠣᠭᠠᠵᠤ 《ᠭᠡᠭᠡᠮ ᠭᠡᠭ ! ᠨᠣᠮᠣᠬᠠᠨ! ᠬᠠᠷᠠᠭ᠎ᠠ ᠵᠡᠭᠦᠨ ᠪᠠᠷᠠᠭᠤᠨ ᠳᠠᠰᠢ! ᠠᠯᠬᠤᠭᠠᠳ! 》 ᠭᠡᠬᠦ ᠨᠢ ᠲᠡᠢᠮᠦ ᠴᠦ᠍ ᠠᠮᠤᠷ ᠦᠭᠡᠢ ᠬᠡᠷᠡᠭ ᠪᠣᠯᠵᠤ ᠡᠬᠢᠯᠡᠪᠡ᠃ ᠳᠠᠷᠤᠭ᠎ᠠ ᠳᠠᠮᠫᠢᠯ ᠳᠠᠬᠢᠨ ᠳᠠᠪᠲᠠᠨ ᠲᠠᠨᠢᠭᠤᠯᠪᠠᠴᠤ ᠲᠡᠷᠡ ᠭᠤᠷᠪᠠ ᠪᠤᠳᠤᠯᠢᠨᠠ᠃ ᠢᠯᠠᠩᠭᠤᠶ᠎ᠠ ᠴᠠᠷᠢᠨᠳᠣᠷᠵᠢ ᠳᠠᠮᠫᠢᠯ ᠤ᠋ᠨ ᠨᠢᠷᠤᠭᠤᠨ ᠤ᠋ ᠥᠨᠳᠥᠷ᠂ ᠳᠠᠭᠤᠨ ᠤ᠋ ᠬᠢᠨᠢ ᠰᠢᠷᠦᠭᠦᠨ᠂ ᠶᠡᠷᠦ ᠶᠠᠭᠤᠮ᠎ᠠ ᠪᠦᠬᠦᠨ ᠦ᠌ ᠬᠢᠨᠢ ᠣᠨᠴᠠᠯᠢᠭ ᠠ᠋ᠴᠠ ᠰᠦᠷᠳᠡᠬᠦ ᠳ᠋ᠡᠭᠡᠨ ᠲᠡᠪᠡᠳᠡᠨ ᠮᠣᠩᠭᠠᠢᠨᠠ᠃ ᠳᠠᠮᠫᠢᠯ ᠴᠦ᠍ ᠠᠭᠤᠷᠯᠠᠨ᠄
- ᠴᠢ ᠮᠡᠳᠡᠵᠦ ᠪᠠᠢᠨ᠎ᠠ ᠤᠤ? ᠳᠠᠢᠰᠤᠨ ᠴᠢᠮᠠᠶ᠋ᠢ ᠡᠢᠮᠦ ᠪᠠᠢᠯ᠎ᠠ ᠭᠡᠵᠦ ᠬᠠᠢᠷᠠᠯᠠᠬᠤ ᠦᠭᠡᠢ ᠬᠠᠮᠤᠭ ᠤ᠋ᠨ ᠲᠦᠷᠦᠭᠦᠦ ᠬᠠᠮᠠᠷ ᠳᠡᠭᠡᠷ᠎ᠡ ᠴᠢᠨᠢ ᠨᠢᠰᠠᠯᠤᠨ᠎ᠠ ᠭᠡᠵᠦ ᠵᠠᠩᠳᠤᠷᠤᠨ《ᠭᠡᠭᠡᠮ ᠭᠡᠭ ! ᠠᠯᠬᠤᠭᠠᠳ ᠮᠠᠷᠱᠢ! ᠦᠭᠡᠢ ᠵᠣᠭᠰᠣ! ᠪᠠᠷᠠᠭᠤᠨ ᠬᠥᠯ ᠡᠴᠡ ᠪᠡᠨ ᠡᠬᠢᠯᠡ᠂ ᠪᠢ ᠬᠡᠴᠢᠨᠡᠭᠡᠨ ᠬᠡᠯᠡᠬᠦ ᠶᠣᠰᠣᠲᠠᠢ ᠪᠠᠢᠨ᠎ᠠ ᠪᠣᠢ》 ᠭᠡᠵᠦ ᠬᠠᠰᠬᠢᠷᠤᠨ᠎ᠠ᠃
ᠡᠢᠨᠬᠦ ᠡᠷᠭᠢᠵᠦ ᠪᠤᠴᠠᠭᠰᠠᠭᠠᠷ ᠡᠳᠦᠷ ᠦ᠋ᠨ ᠶᠡᠬᠡᠩᠬᠢ ᠶ᠋ᠢ ᠠᠪᠤᠪᠠ᠃ ᠲᠤᠩ ᠤ᠋ᠨ ᠳᠠᠭᠤ ᠳᠤᠤᠭᠠᠷᠬᠤ ᠳ᠋ᠤ᠌ ᠰᠠᠶᠢ ᠰᠤᠷᠭᠠᠭᠤᠯᠢ ᠪᠠᠭᠤᠪᠠ᠃ᠬᠤᠸᠠᠷᠠᠩᠨᠠᠭᠰᠠᠨ ᠪᠠᠢᠷᠢ ᠨᠤᠭᠤᠳ ᠤ᠋ᠨ ᠭᠠᠳᠠᠨ᠎ᠠ ᠭᠠᠵᠠᠷ ᠵᠣᠭᠣᠵᠤ ᠰᠠᠭᠤᠯᠭᠠᠭᠰᠠᠨ ᠲᠣᠮᠣ ᠲᠣᠭᠣᠭᠠᠨ ᠳ᠋ᠤ᠌ ᠬᠣᠮᠬᠣᠷᠤᠰᠤᠲᠤ ᠰᠢᠷ᠎ᠠ ᠪᠤᠳᠠᠭ᠎ᠠ ᠪᠤᠵᠢᠭᠢᠨᠠᠨ ᠪᠣᠴᠯᠠᠵᠤ ᠪᠦᠬᠦ ᠰᠤᠷᠭᠠᠭᠤᠯᠢ ᠳ᠋ᠤ᠌ ᠭᠠᠷᠤᠭᠰᠠᠳ ᠢ᠋ ᠬᠦᠯᠢᠶᠡᠨ᠎ᠡ᠃ ᠴᠡᠷᠢᠭ ᠦ᠋ᠳ ᠦ᠋ᠨ ᠢᠳᠡᠬᠦ ᠵᠦᠢᠯ ᠠᠷᠠᠢ ᠴᠦ᠍ ᠡᠨᠡ ᠳᠠᠩ ᠢ᠋ᠶ᠋ᠠᠷ ᠪᠢᠰᠢ᠂ ᠲᠤᠷᠠᠩᠬᠠᠢ ᠴᠦ᠍ ᠪᠣᠯ ᠦᠬᠡᠷ ᠦ᠋ᠨ ᠶᠠᠰᠤ ᠲᠠᠢ ᠮᠢᠬ᠎ᠠ ᠨᠢᠭᠡ ᠨᠢᠭᠡᠨ ᠰᠢᠷᠬᠡᠭ ᠣᠨᠣᠭᠳᠠᠨ᠎ᠠ᠃ ᠴᠠᠭ ᠤ᠋ᠨ ᠶᠠᠭᠤᠮ᠎ᠠ ᠴᠠᠭ ᠲᠠᠭᠠᠨ᠂ ᠴᠠᠭ ᠦᠶ᠎ᠡ ᠳ᠋ᠦ᠍ᠨᠢ ᠪᠠᠰᠠ ᠠᠵᠠ ᠵᠠᠪᠰᠢᠶᠠᠨ ᠭᠡᠵᠦ ᠪᠠᠢᠳᠠᠭ᠃ ᠲᠡᠷᠡ ᠶᠣᠰᠣᠭᠠᠷ ᠶᠠᠰᠤ ᠨᠢ ᠪᠠᠭ᠎ᠠ᠂ ᠮᠢᠬ᠎ᠠ ᠪᠠᠷ ᠠᠷᠪᠢᠨ ᠵᠦᠢᠯ ᠣᠨᠣᠭᠳᠠᠪᠠᠯ ᠲᠡᠷᠡ ᠬᠥᠮᠦᠨ ᠥᠪᠡᠷ ᠢ᠋ ᠪᠡᠨ ᠠᠵᠠ ᠲᠠᠢ ᠭᠡᠵᠦ ᠪᠠᠶᠠᠷᠯᠠᠨ᠎ᠠ᠃ ᠭᠡᠯᠡ ᠴᠦ᠍ ᠬᠥᠮᠦᠰ ᠶᠠᠭᠤᠨ ᠤ᠋ ᠤᠷᠢᠳ ᠰᠢᠷ᠎ᠠ ᠪᠤᠳᠠᠭ᠎ᠠ ᠪᠠᠷ ᠭᠡᠳᠡᠰᠦ ᠪᠡᠨ ᠳᠦᠭᠦᠷᠭᠡᠵᠦ ᠠᠪᠬᠤ ᠶ᠋ᠢ ᠬᠢᠴᠢᠶᠡᠨ᠎ᠡ᠃ ᠡᠳᠦᠷ ᠰᠥᠨᠢ ᠶ᠋ᠢᠨ ᠬᠣᠷᠢᠨ ᠳᠥᠷᠪᠡᠨ ᠴᠠᠭ ᠭᠠᠭᠴᠠᠬᠠᠨ ᠤᠳᠠᠭ᠎ᠠ ᠲᠣᠬᠢᠶᠠᠯᠳᠤᠬᠤ ᠬᠣᠭᠣᠯᠠᠨ ᠤ᠋ ᠮᠢᠬᠠᠨ ᠤ᠋ ᠬᠠᠭᠠᠰ ᠢ᠋ ᠦᠯᠡᠳᠡᠭᠡᠵᠦ ᠮᠠᠷᠭᠠᠰᠢ ᠶ᠋ᠢᠨ ᠴᠠᠢ ᠳᠡᠭᠡᠷ᠎ᠡ ᠢᠳᠡᠬᠦ ᠶᠠᠭᠤᠮ᠎ᠠ ᠲᠠᠢ ᠪᠠᠢᠨ᠎ᠠ᠃ ᠬᠣᠭᠣᠯᠠᠨ ᠤ᠋ ᠳᠠᠷᠠᠭ᠎ᠠ ᠪᠠᠰᠠ ᠯᠠ ᠰᠤᠷᠭᠠᠭᠤᠯᠢ᠂ ᠰᠢᠨ᠎ᠡ ᠢᠷᠡᠭᠰᠡᠨ ᠬᠥᠮᠦᠰ ᠲᠦᠷᠦᠭᠦᠴᠢ ᠶ᠋ᠢᠨ ᠬᠢ ᠳ᠋ᠡᠭᠡᠨ ᠳᠠᠰᠤᠭ᠎ᠠ ᠦᠭᠡᠢ ᠪᠠᠢᠭ᠎ᠠ ᠪᠣᠯᠪᠠᠴᠤ ᠳᠠᠮᠫᠢᠯ ᠲᠡᠳᠡᠨ ᠳ᠋ᠦ᠍ ᠫᠤᠤ ᠱᠠᠭᠠᠢᠬᠤ᠂ ᠮᠥᠯᠬᠥᠨ ᠳᠠᠪᠰᠢᠬᠤ᠂ ᠪᠡᠶ᠎ᠡ ᠬᠠᠮᠠᠭᠠᠯᠠᠬᠤ᠂ ᠨᠦᠬᠡ ᠮᠠᠯᠲᠠᠬᠤ ᠰᠤᠷᠭᠠᠭᠤᠯᠢ ᠳ᠋ᠤ᠌ ᠣᠷᠣᠪᠠ᠃ ᠡᠳᠦᠷ ᠦ᠋ᠨ ᠰᠢᠪᠲᠤᠷᠠᠭᠠᠨ ᠳ᠋ᠤ᠌ ᠨᠥᠭᠦᠭᠡ ᠭᠤᠷᠪᠠ ᠦᠨᠡᠬᠡᠷ ᠶᠠᠳᠠᠷᠠᠨ ᠬᠦᠨᠳᠦ ᠪᠢᠷᠲᠡᠩᠭᠡ ᠫᠤᠤ ᠳ᠋ᠤ᠌ ᠨᠢᠷᠤᠭᠤ ᠨᠢ ᠲᠠᠷᠣᠭᠳᠠᠨ᠂ ᠬᠥᠯ ᠳᠡᠭᠡᠷ᠎ᠡ ᠪᠡᠨ ᠳᠥᠩᠭᠡᠨ ᠲᠠᠩᠭᠠᠨ ᠰᠠᠵᠢᠯᠠᠨ ᠢᠷᠡᠪᠡ᠃ ᠭᠡᠷ ᠲᠦ᠍ ᠣᠷᠣᠵᠤ ᠢᠷᠡᠬᠦ ᠳ᠋ᠦ᠍ ᠮᠥᠨ ᠰᠤᠷᠭᠠᠭᠤᠯᠢ ᠠ᠋ᠴᠠ ᠰᠠᠶᠢᠬᠠᠨ ᠪᠠᠭᠤᠭᠰᠠᠨ ᠬᠥᠮᠦᠰ ᠪᠠᠭᠲᠠᠵᠤ ᠶᠠᠳᠠᠨ ᠴᠢᠬᠢᠴᠡᠯᠳᠦᠨᠡ᠃ ᠲᠡᠳᠡ ᠰᠢᠨ᠎ᠡ ᠢᠷᠡᠭᠰᠡᠳ ᠢ᠋ ᠪᠣᠳᠣᠪᠠᠯ ᠡᠳᠦᠷ ᠳᠣᠳᠣᠮ ᠤ᠋ᠨ ᠰᠤᠷᠭᠠᠭᠤᠯᠢ ᠳ᠋ᠤ᠌ ᠪᠡᠶ᠎ᠡ ᠳᠠᠰᠤᠨ ᠴᠠᠭᠠᠷᠠᠭᠰᠠᠨ ᠤᠯᠤᠰ ᠪᠣᠯᠬᠣᠷ ᠠᠮᠠ ᠠᠮᠠᠨ ᠳ᠋ᠠᠭᠠᠨ ᠡᠯᠳᠡᠪ ᠰᠣᠨᠢᠨ ᠢ᠋ ᠥᠭᠦᠯᠡᠯᠳᠦᠨ 《ᠬᠠ ᠬᠠ᠂ ᠬᠡ ᠬᠡ ᠬᠥᠭᠵᠢᠯᠳᠦᠨ᠎ᠡ᠃ ᠡᠨᠡ ᠨᠢ ᠶᠡᠬᠡᠳᠡ ᠶᠠᠳᠠᠷᠠᠭᠰᠠᠨ ᠬᠥᠮᠦᠰ ᠲᠦ᠍ ᠶᠠᠭᠠᠬᠢᠨ ᠲᠠᠭᠠᠲᠠᠢ ᠪᠠᠢᠬᠤ ᠪᠢᠯᠡ᠃《ᠳᠤᠭᠤᠢ ᠪᠠᠢᠭᠠᠳ ᠥᠭᠭᠦᠭᠡᠴᠢ》 ᠭᠡᠵᠦ ᠬᠠᠰᠬᠢᠷᠤᠮᠠᠷ ᠪᠣᠳᠣᠭᠳᠠᠨ᠎ᠠ᠃
ᠤᠨᠲᠠᠬᠤ ᠶ᠋ᠢᠨ ᠴᠠᠭ ᠲᠤ᠌ ᠳᠡᠷᠡ ᠳᠡᠪᠢᠰᠬᠡᠷ ᠭᠠᠷᠭᠠᠨ ᠪᠡᠯᠡᠳᠬᠡᠬᠦ ᠬᠥᠮᠦᠨ ᠬᠡᠨ ᠴᠦ᠍ ᠦᠭᠡᠢ᠃ ᠭᠤᠲᠤᠯ ᠢ᠋ᠶ᠋ᠠᠨ ᠲᠠᠢᠯᠵᠤ ᠳᠡᠷᠡ ᠬᠢᠭᠡᠳ ᠪᠦᠰᠡ ᠲᠠᠢᠯᠤᠨ ᠳᠡᠪᠡᠯ ᠨᠥᠮᠥᠷᠴᠦ ᠵᠠᠢ ᠵᠠᠪᠰᠠᠷ ᠦᠭᠡᠢ ᠴᠢᠭᠢᠵᠡᠭᠡᠨᠡ᠃ ᠭᠠᠯ ᠤᠨᠲᠠᠷᠠᠬᠤ ᠲᠠᠢ ᠵᠡᠷᠭᠡ ᠵᠢᠬᠡᠭᠦᠨ ᠵᠢᠪᠠᠷ ᠤᠷᠠᠩᠬᠠᠢ ᠢᠰᠡᠭᠡᠢ ᠪᠦᠷᠬᠦᠭᠡᠰᠦ ᠶ᠋ᠢᠨ ᠴᠤᠭᠤᠷᠬᠠᠢ ᠪᠠᠷ ᠰᠡᠩᠭᠢᠨᠡᠬᠦ ᠠᠲᠠᠯ᠎ᠠ᠂ ᠠᠭᠠᠷ ᠬᠦᠨᠳᠦᠷᠡᠨ ᠠᠮᠢᠰᠬᠤᠯ ᠳᠠᠷᠤᠨ᠎ᠠ᠃ ᠶᠡᠷᠦ ᠨᠢ ᠬᠥᠮᠦᠨ ᠡᠨᠳᠡ ᠢᠳᠡᠭᠡᠰᠢᠬᠦ ᠨᠥᠬᠥᠴᠡᠯ ᠦᠭᠡᠢ᠃ ᠢᠳᠡᠵᠦ ᠪᠠᠢᠭ᠎ᠠ ᠬᠣᠭᠣᠯᠠ᠂ ᠰᠠᠭᠤᠵᠤ ᠪᠠᠢᠭ᠎ᠠ ᠣᠷᠣᠨ ᠪᠠᠢᠷᠢ᠂ ᠡᠳᠦᠷ ᠳᠣᠳᠣᠮ ᠤ᠋ᠨ ᠰᠤᠷᠭᠠᠭᠤᠯᠢ ᠶ᠋ᠢᠨ ᠬᠦᠨᠳᠦ᠂ ᠬᠠᠵᠠᠭᠤ ᠪᠠᠷ ᠨᠢ ᠬᠠᠪᠤᠷ ᠤ᠋ᠨ ᠬᠠᠷ᠎ᠠ ᠬᠠᠪᠰᠠᠷᠭ᠎ᠠ᠂ ᠬᠠᠪᠢ ᠤᠢᠷ᠎ᠡ ᠡᠴᠡ ᠲᠤᠰᠠᠯᠠᠨ ᠲᠡᠳᠬᠦᠵᠦ ᠪᠠᠢᠭ᠎ᠠ ᠠᠢᠯ ᠠᠮᠢᠲᠠᠳ ᠤ᠋ᠨ ᠮᠠᠯ ᠤ᠋ᠨ ᠡᠴᠡᠵᠦ ᠵᠤᠳᠠᠷᠠᠭᠰᠠᠨ ᠨᠢ ᠴᠥᠮ ᠬᠠᠪᠴᠢᠨ ᠬᠢᠬᠠᠨᠠ᠃ ᠭᠡᠪᠡᠴᠦ ᠡᠨᠡ ᠪᠦᠬᠦᠨ ᠢ᠋ ᠬᠠᠷᠠᠭᠰᠠᠭᠠᠷ ᠮᠡᠳᠡᠭᠰᠡᠭᠡᠷ ᠨᠢᠴᠤᠬᠤ᠂ ᠰᠣᠴᠢᠬᠤ ᠬᠡᠨ ᠴᠦ᠍ ᠦᠭᠡᠢ ᠠᠵᠢ᠃ ᠲᠡᠳᠡᠨ ᠦ᠌ ᠭᠠᠭᠴᠠ ᠴᠢᠩ ᠬᠦᠰᠡᠯ ᠨᠢ ᠳᠠᠢᠰᠤᠨ ᠢ᠋ ᠢᠯᠠᠨ ᠲᠠᠢᠯᠵᠤ᠂ ᠤᠯᠤᠰ ᠣᠷᠣᠨ ᠢ᠋ᠶ᠋ᠠᠨ ᠲᠣᠭᠣᠨᠢᠭᠤᠯᠬᠤ ᠯᠠ ᠶᠠᠪᠤᠳᠠᠯ ᠠᠵᠢ᠃ ᠡᠳᠡᠨ ᠦ᠌ ᠳᠤᠮᠳᠠ ᠳᠣᠷᠵᠢ᠂ ᠰᠠᠮᠪᠤᠤ᠂ ᠴᠠᠷᠢᠨᠳᠤᠷᠵᠢ ᠭᠤᠷᠪᠠ ᠴᠦ᠍ ᠥᠭᠡᠷ᠎ᠡ ᠴᠦ᠍ ᠦᠭᠡᠢ ᠰᠠᠨᠠᠨ᠎ᠠ ᠰᠢᠯᠤᠭᠤᠳᠤᠭᠰᠠᠨ ᠤᠯᠤᠰ ᠪᠣᠯᠪᠠ᠃
