ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠥᠲᠥᠭᠡᠷ ᠪᠦᠯᠦᠭ 5–7> Бүлжхэн хатан– [монгол] Дамбын Төрбат <дөтгөр бүлэг 5–7>
ᠪᠦᠯᠵᠢᠬᠢᠨ ᠬᠠᠲᠤᠨ– <ᠳᠥᠲᠥᠭᠡᠷ ᠪᠦᠯᠦᠭ 5–7>
ᠬᠣᠲᠣᠯᠠ ᠨᠣᠶᠠᠨ ᠤ᠋ ᠬᠢ ᠰᠡᠩᠬᠦᠷ ᠭᠣᠷᠣᠬᠠᠨ ᠤ᠋ ᠰᠠᠯᠬᠢᠨ ᠳᠣᠣᠷ᠎ᠠ ᠵᠤᠰᠠᠵᠤ ᠪᠠᠢᠯ᠎ᠠ᠃ ᠶᠡᠬᠡ ᠦᠷᠭᠦᠭᠡᠨ ᠦ᠌ ᠡᠷᠦᠬᠡᠨ ᠦ᠌ ᠣᠭᠣᠰᠣᠷ ᠬᠦᠷᠦᠮ᠎ᠡ ᠣᠢᠷᠠᠬᠠᠨ ᠳ᠋ᠤ᠌ ᠪᠦᠯᠵᠢᠭᠡᠨ ᠬᠠᠲᠤᠨ ᠤ᠋ ᠪᠠᠭ᠎ᠠ ᠭᠡᠷ ᠪᠣᠢ ᠶᠤᠮ᠃ ᠲᠡᠷᠡ ᠪᠡᠷ ᠬᠣᠲᠣᠯᠠ ᠨᠣᠶᠠᠨ ᠢ᠋ ᠶᠠᠪᠤᠭᠰᠠᠨ ᠠ᠋ᠴᠠ ᠬᠣᠢᠰᠢ ᠰᠡᠳᠬᠢᠯ ᠳᠣᠨᠣᠭᠣᠯᠵᠠᠨ ᠪᠠᠢᠪᠠ᠃ ᠶᠡᠷᠦ ᠡᠪᠦᠭᠡᠨ ᠬᠠᠭᠠᠨ ᠲᠡᠭᠦᠨ ᠳ᠋ᠦ᠍ ᠰᠠᠢᠨ ᠡᠰᠡ ᠭᠡᠬᠦ ᠳ᠋ᠦ᠍ ᠮᠠᠭᠤ ᠪᠠᠢᠭᠰᠠᠨ ᠦᠭᠡᠢ᠃ ᠲᠦᠰᠢᠭ ᠲᠡᠢ ᠬᠥᠮᠦᠨ ᠦ᠌ ᠠᠯᠤᠰ ᠤ᠋ᠨ ᠨᠥᠮᠥᠷᠢ ᠳ᠋ᠦ᠍ ᠡᠳᠦᠢ ᠬᠦᠷᠦᠭᠰᠡᠨ ᠢ᠋ᠶ᠋ᠡᠨ ᠭᠤᠸ᠎ᠠ ᠪᠦᠯᠵᠢᠭᠡᠨ ᠮᠡᠳᠡᠵᠦ ᠠᠪᠠᠢ᠃ ᠬᠠᠪᠢ ᠣᠢᠷ᠎ᠠ ᠶ᠋ᠢᠨ ᠬᠢᠨ ᠳ᠋ᠡᠭᠡᠨ ᠬᠠᠶᠠᠭ᠎ᠠ ᠬᠠᠶᠠᠯᠠᠭ᠎ᠠ ᠰᠠᠢᠲᠠᠢ ᠪᠤᠭᠤᠷᠤᠯ ᠬᠠᠭᠠᠨ ᠤ᠋ ᠪᠡᠶ᠎ᠡ ᠴᠢᠯᠡᠭᠡᠷᠬᠡᠪᠡ ᠭᠡᠮᠡᠨ ᠳᠤᠭᠤᠯᠤᠭᠠᠳ ᠭᠠᠷᠪᠠᠴᠤ᠂ ᠣᠷᠣᠪᠠᠴᠤ ᠰᠡᠳᠬᠢᠯ ᠲᠣᠭᠲᠠᠬᠤ ᠦᠭᠡᠢ ᠪᠣᠯᠵᠠᠢ᠃ ᠲᠡᠷᠡ ᠪᠡᠷ ᠵᠢᠷᠭᠠᠯ ᠵᠣᠪᠠᠯᠠᠩ ᠢ᠋ᠶ᠋ᠠᠨ ᠬᠤᠪᠢᠶᠠᠯᠴᠠᠬᠤ ᠬᠥᠮᠦᠨ ᠦᠭᠡᠢ ᠠᠮᠢᠲᠠᠨ ᠳᠡᠮᠡᠢ ᠯᠡ ᠳᠥᠷᠪᠡᠨ ᠬᠠᠨᠠᠲᠤ ᠳ᠋ᠠᠭᠠᠨ ᠡᠷᠭᠢᠯᠳᠦᠵᠦ᠂ ᠠᠶᠠᠭ᠎ᠠ ᠠᠶᠠᠭ᠎ᠠ ᠪᠠᠷ ᠵᠡᠯᠡᠬᠡᠨ ᠴᠠᠢ ᠪᠠᠯᠭᠤᠨ ᠴᠢᠮᠡᠭᠡ ᠴᠢᠩᠨᠠᠵᠤ ᠰᠠᠭᠤᠪᠠ᠃ ᠬᠣᠲᠣᠯᠠ ᠬᠠᠭᠠᠨ ᠳ᠋ᠤ᠌ ᠢᠷᠡᠵᠦ ᠠᠭᠰᠠᠨ ᠦᠶ᠎ᠡ ᠶ᠋ᠢ ᠪᠣᠳᠣᠪᠠᠯ ᠶᠠᠯᠢ ᠦᠭᠡᠢ ᠮᠠᠷᠢᠶᠠᠯᠠᠵᠤ᠂ ᠴᠢᠷᠠᠢ ᠶ᠋ᠢᠨ ᠵᠣᠪᠠᠭᠤᠷᠢ ᠰᠢᠩᠭᠡᠷᠡᠨ ᠦᠵᠡᠰᠬᠦᠯᠡᠩ ᠲᠡᠭᠦᠰ ᠪᠣᠯᠵᠠᠢ᠃ ᠡᠢᠨ ᠵᠣᠪᠠᠬᠤ ᠲᠣᠰᠤᠮ ᠵᠢᠰᠦ ᠣᠷᠣᠬᠤ ᠳ᠋ᠤ᠌ ᠶᠡᠬᠡ ᠬᠠᠲᠤᠨ ᠳᠤᠷ᠎ᠠ ᠦᠭᠡᠢ ᠶᠦᠮ᠃ ᠲᠠᠲᠠᠪᠤᠷᠢ ᠡᠮ᠎ᠡ ᠭᠡᠮᠡᠨ ᠬᠢᠯᠠᠪᠠᠯᠵᠠᠵᠤ ᠵᠣᠴᠢ᠂ ᠬᠢᠷᠮᠡᠦ᠂ ᠠᠯᠲᠠᠨ ᠭᠤᠷᠪᠠ ᠶ᠋ᠢ ᠵᠢᠵᠢᠭ ᠥᠷᠭᠥᠭᠡ ᠪᠡᠷ ᠱᠠᠭᠠᠢᠯᠭᠠᠬᠤ ᠴᠤ᠌ ᠦᠭᠡᠢ ᠲᠤᠯᠠ ᠦᠭᠡ ᠨᠣᠶᠠᠨ ᠠ᠋ᠴᠠ ᠬᠣᠢᠰᠢ ᠦᠨᠡᠰᠦᠨ ᠳ᠋ᠦ᠍ ᠬᠠᠶᠠᠭᠳᠠᠭᠰᠠᠨ ᠱᠠᠯᠵᠠ ᠰᠢᠭ᠋ ᠪᠣᠯᠪᠠ᠃ ᠭᠠᠭᠴᠠ ᠪᠠᠶᠠᠷ ᠪᠠᠶᠠᠰᠬᠤᠯᠠᠩ ᠨᠢ ᠬᠣᠲᠣᠯᠠ ᠪᠢᠯᠡ᠃ ᠭᠡᠲᠡᠯ᠎ᠡ ᠨᠣᠶᠠᠨᠲᠠᠨ ᠬᠠᠭᠠᠨ ᠥᠷᠭᠥᠭᠡ ᠤᠷᠤᠭᠤ ᠮᠣᠷᠢᠯᠠᠭᠠᠳ ᠨᠡᠯᠢᠶᠡᠳ ᠬᠣᠨᠣᠭᠰᠠᠨ ᠪᠣᠯᠪᠠᠴᠤ ᠴᠢᠬᠢ ᠮᠢᠯᠢᠶᠠᠬᠤ ᠰᠤᠷᠠᠭ ᠡᠰᠡ ᠰᠣᠨᠣᠰᠳᠠᠵᠠᠢ᠃ ᠨᠠᠮᠤᠷ ᠤ᠋ᠨ ᠴᠠᠭᠠᠨ ᠮᠠᠨᠠᠨ ᠳᠤᠮᠳᠠ ᠬᠣᠲᠣᠯᠠ ᠨᠣᠶᠠᠨ ᠤ᠋ ᠬᠦᠷᠢᠶ᠎ᠡ ᠴᠢᠮᠡᠭᠡ ᠴᠢᠩᠨᠠᠨ ᠲᠦᠩᠰᠦᠢᠵᠦ ᠪᠠᠢᠪᠠ᠃ ᠴᠢᠩᠭᠢᠲᠡᠯ᠎ᠡ ᠦᠷ ᠴᠥᠷ ᠢ᠋ᠶ᠋ᠡᠷ ᠮᠣᠷᠢᠨ ᠲᠤᠭᠤᠷᠠᠢ ᠠᠳᠠ ᠲᠠᠢ ᠲᠠᠴᠢᠭᠢᠨᠠᠵᠤ᠂ ᠨᠣᠢᠲᠠᠨ ᠠᠷᠠᠰᠤᠨ ᠮᠤᠨᠠ ᠪᠠᠷ ᠭᠠᠵᠠᠷ ᠳᠡᠯᠡᠬᠡᠢ ᠶ᠋ᠢ ᠪᠥᠮᠪᠥᠷᠳᠡᠨ ᠣᠢᠷᠠᠳᠴᠠᠢ᠃ ᠪᠦᠯᠵᠢᠭᠡᠨ ᠬᠠᠲᠤᠨ ᠮᠠᠭᠤ ᠰᠤᠪᠢᠨ ᠳ᠋ᠤ᠌ ᠠᠪᠲᠠᠵᠤ ᠤᠬᠤᠰᠬᠢᠨ ᠭᠠᠷᠤᠯ᠎ᠠ᠃ ᠶᠡᠬᠡ ᠬᠠᠲᠤᠨ ᠢᠨᠵᠢᠮᠡᠢ ᠦᠷᠭᠦᠭᠡᠨ ᠦ᠌ ᠡᠭᠦᠳᠡᠨ ᠳ᠋ᠦ᠍ ᠪᠠᠭ᠎ᠠ ᠠᠭᠡ ᠠᠯᠲᠠᠨ ᠢ᠋ᠶ᠋ᠠᠨ ᠬᠥᠲᠥᠯᠦᠨ ᠵᠣᠭᠰᠣᠨ᠎ᠠ ᠠᠵᠢ᠃ ᠰᠡᠩᠬᠦᠷ ᠭᠣᠷᠣᠬᠠᠨ ᠤ᠋ ᠥᠳᠬᠡᠨ ᠪᠤᠷᠭᠠᠰᠤᠨ ᠳᠤᠮᠳᠠ ᠪᠢᠴᠢᠬᠠᠨ ᠤᠯᠠᠭᠠᠨ ᠭᠠᠯ ᠴᠣᠷᠣᠯᠵᠠᠨ ᠰᠦᠮᠡᠯᠵᠡᠨ ᠪᠠᠢᠭᠰᠠᠨ ᠢ᠋ᠶ᠋ᠠᠨ ᠲᠦᠳᠡᠬᠡᠨ ᠪᠠᠮᠪᠠᠷ ᠪᠠᠷᠢᠭᠰᠠᠨ ᠮᠣᠷᠢᠲᠠᠨ ᠭᠠᠷᠴᠤ ᠢᠷᠡᠯ᠎ᠡ᠃
— ᠪᠤᠷᠬᠠᠨ ᠮᠢᠨᠢ! ᠪᠦᠯᠵᠢᠭᠡᠨ ᠬᠠᠲᠤᠨ ᠡᠢᠨ ᠳᠠᠭᠤ ᠠᠯᠳᠠᠭᠠᠳ ᠣᠷᠴᠢᠯᠠᠩ ᠳ᠋ᠤ᠌ ᠲᠦᠰᠢᠭ ᠲᠤᠯᠭᠠᠭᠤᠷᠢ ᠡᠷᠢᠬᠦ ᠮᠡᠲᠦ ᠴᠠᠪᠤᠭ᠂ ᠬᠣᠰᠢᠯᠠᠩ ᠲᠡᠮᠲᠡᠴᠢᠨ ᠪᠠᠷᠢᠴᠠ ᠠᠯᠳᠠᠬᠤ ᠳ᠋ᠤ᠌ ᠶᠡᠬᠡ ᠦᠷᠭᠦᠭᠡᠨ ᠦ᠌ ᠭᠠᠳᠠᠨ᠎ᠠ ᠠ᠋ᠴᠠ᠂
— ᠮᠠᠭᠤ ᠶᠠᠭᠤᠮᠠᠨ ᠤ᠋ ᠭᠠᠢ ᠭᠡᠵᠦ᠁ ᠭᠡᠮᠡᠨ ᠶᠠᠩᠰᠢᠬᠤ ᠰᠣᠨᠣᠰᠳᠠᠪᠠ᠃ ᠶᠡᠬᠡ ᠬᠠᠲᠤᠨ ᠰᠡᠭᠦᠯ ᠦ᠋ᠨ ᠦᠶ᠎ᠡ ᠳ᠋ᠦ᠍ ᠶᠡᠷᠦ ᠭᠠᠭᠴᠠ ᠥᠨᠥᠴᠢᠨ ᠢᠰᠢᠭᠡ ᠣᠰᠤᠭᠤᠵᠤ ᠦᠬᠦᠭᠰᠡᠨ ᠴᠦ᠍《ᠮᠠᠭᠤ ᠶᠠᠭᠤᠮᠠᠨ ᠤ᠋ ᠭᠠᠢ》 ᠭᠡᠬᠦ ᠪᠣᠯᠠᠢ᠃ ᠲᠡᠷᠡ ᠬᠦ᠌《ᠮᠠᠭᠤ ᠶᠠᠭᠤᠮ᠎ᠠ》 ᠭᠡᠮᠡᠨ ᠴᠡᠭᠡᠷᠯᠡᠵᠦ ᠨᠡᠷᠡᠯᠡᠭᠰᠡᠨ ᠬᠥᠮᠦᠨ ᠨᠢ ᠪᠦᠯᠵᠢᠭᠡᠨ ᠬᠠᠲᠤᠨ ᠠᠵᠢ᠂ ᠮᠥᠨᠥᠬᠡᠨ ᠡᠯᠴᠢ ᠴᠠᠭᠠᠨ ᠬᠥᠭᠡᠰᠦ ᠴᠢᠬᠠᠷᠠᠭᠰᠠᠨ ᠮᠣᠷᠢ ᠪᠠᠨ ᠠᠩᠭᠠᠯᠵᠠᠭᠤᠯᠤᠨ ᠲᠠᠲᠠᠭᠰᠠᠨ ᠢ᠋ᠶ᠋ᠠᠨ᠂
— ᠬᠠᠮᠤᠭ ᠮᠣᠩᠭᠣᠯ ᠤᠯᠤᠰ ᠤ᠋ᠨ ᠬᠠᠭᠠᠨ ᠲᠠᠢᠴᠢᠭᠤᠳ ᠠᠮᠪᠠᠭᠠᠢ ᠶ᠋ᠢᠨ ᠵᠠᠷᠯᠢᠭ᠃ ᠶᠢᠰᠦᠨ ᠶᠢᠰᠦ ᠬᠣᠨᠣᠭ ᠤᠯᠠᠢ ᠶ᠋ᠢ ᠳᠠᠪᠴᠢ! ᠶᠢᠰᠦᠨ ᠶᠢᠰᠦ ᠬᠣᠨᠣᠭ ᠲᠡᠢᠨ ᠢ᠋ ᠳᠠᠪᠴᠢ! ᠶᠢᠰᠦᠨ ᠶᠢᠰᠦ ᠬᠣᠨᠣᠭ ᠮᠠᠭᠤ ᠦᠢᠯᠡ ᠶ᠋ᠢ ᠲᠡᠪᠴᠢ ᠭᠡᠯᠡ᠃ ᠪᠦᠯᠵᠢᠭᠡᠨ ᠦ᠌ ᠨᠢᠳᠦᠨ ᠳ᠋ᠦ᠍ ᠨᠢᠯᠪᠤᠰᠤ ᠴᠢᠢᠯᠡᠵᠦ ᠲᠡᠢᠨ ᠳ᠋ᠦ᠍ ᠮᠣᠷᠳᠠᠭᠰᠠᠨ ᠬᠠᠨ ᠬᠥᠪᠡᠭᠦᠨ ᠢ᠋ᠶ᠋ᠡᠨ ᠬᠦᠯᠢᠶᠡᠵᠦ ᠴᠢᠳᠠᠭᠰᠠᠨ ᠦᠭᠡᠢ᠂ ᠬᠥᠭᠡᠷᠦᠬᠦᠢ ᠭᠡᠵᠦ ᠪᠣᠳᠣᠯ ᠰᠦᠮᠡᠯᠵᠡᠨ ᠠᠰᠠᠭᠤᠶ᠎ᠠ ᠤᠤ ᠭᠡᠮᠡᠨ ᠠᠮᠠᠨ ᠳᠡᠭᠡᠷ᠎ᠡ ᠭᠠᠷᠴᠤ ᠢᠷᠡᠲᠡᠯ᠎ᠡ ᠬᠠᠲᠤᠨ ᠲᠦᠷᠦᠭᠦᠯᠡᠵᠦ᠂
— ᠠᠶᠠᠨ ᠲᠡᠢᠨ ᠡᠴᠡ ᠬᠠᠨ ᠬᠥᠪᠡᠭᠦᠨ ᠨᠢ ᠢᠷᠡᠭᠡ ᠤᠤ? ᠭᠡᠮᠡᠨ ᠠᠰᠠᠭᠤᠬᠤ ᠰᠣᠨᠣᠰᠳᠠᠪᠠ᠃ ᠪᠦᠯᠵᠢᠭᠡᠨ ᠬᠠᠲᠤᠨ ᠴᠢᠬᠢ ᠲᠠᠯᠪᠢᠵᠤ ᠴᠢᠩᠨᠠᠯ᠎ᠠ᠃
— ᠢᠷᠡᠭᠰᠡᠨ᠂ ᠬᠠᠲᠤᠨ ᠠᠬᠠᠢ᠃
— ᠬᠥᠶᠢ᠂ ᠡᠯᠴᠢᠨ ᠳ᠋ᠦ᠍ ᠬᠢᠷᠠᠮ᠎ᠠ᠁ ᠭᠡᠰᠡᠨ ᠢ᠋ᠶ᠋ᠡᠨ ᠶᠡᠬᠡ ᠬᠠᠲᠤᠨ ᠦᠭᠡᠨ ᠳ᠋ᠦ᠍ ᠳᠤᠷᠠᠯᠠᠵᠤ᠂
— ᠪᠦᠭᠦᠳᠡ ᠠᠮᠢᠳᠤ ᠮᠡᠨᠳᠦ ᠢᠷᠡᠵᠡᠢ ᠤᠤ?
— ᠲᠡᠭᠡᠵᠡᠢ᠂ ᠬᠠᠲᠤᠨ ᠠᠬᠠᠢ᠁ ᠭᠡᠬᠦ ᠦᠶᠡᠰ ᠰᠢᠪᠡᠭᠴᠢᠨ ᠥᠬᠢᠨ ᠲᠣᠮᠣ ᠬᠠᠰ ᠠᠶᠠᠭ᠎ᠠ ᠳᠦᠭᠦᠷᠡᠩ ᠬᠢᠷᠠᠮ᠎ᠠ ᠴᠡᠯᠡᠯᠵᠡᠭᠦᠯᠵᠦ ᠪᠠᠷᠢᠨ ᠢᠷᠡᠪᠡ᠃ ᠡᠯᠴᠢ ᠨᠢᠭᠡ ᠠᠮᠢᠰᠬᠤᠭ᠎ᠠ ᠪᠠᠷ ᠵᠠᠯᠭᠢᠯᠠᠵᠤ᠂ ᠬᠣᠶᠠᠷ ᠵᠠᠪᠠᠵᠢ ᠪᠠᠷ ᠨᠢ ᠰᠠᠳᠠᠷᠠᠬᠤ ᠶ᠋ᠢ ᠶᠠᠷᠪᠠᠢᠨ ᠬᠠᠷᠠᠵᠤ ᠵᠣᠭᠰᠣᠭᠰᠠᠨ ᠢᠨᠵᠢᠮᠡᠢ ᠬᠠᠲᠤᠨ᠂
— ᠮᠠᠭᠤ ᠰᠠᠢᠨ ᠲᠠᠲ᠋ᠠᠷ ᠤ᠋ᠨ ᠰᠤᠮᠤ ᠨᠢ ᠲᠡᠨᠦᠵᠦ᠂ ᠵᠢᠳᠠ ᠨᠢ ᠮᠣᠬᠣᠵᠠᠢ ᠯᠠ ᠳᠠ᠃ ᠮᠠᠭᠤ ᠵᠠᠶᠠᠭᠠᠨ ᠤ᠋ ᠠᠮᠢᠲᠠᠰ! ᠬᠡᠮᠡᠪᠡ᠃ ᠡᠨᠡ ᠪᠦᠯᠦᠭ ᠦᠭᠡᠰ ᠢ᠋ ᠭᠡᠷ ᠦ᠋ᠨ ᠢ᠋ᠶ᠋ᠡᠨ ᠭᠠᠳᠠᠭ᠎ᠠ ᠭᠠᠭᠴᠠᠭᠠᠷ ᠪᠥᠷᠲᠥᠢᠬᠦ ᠪᠦᠯᠵᠢᠭᠡᠨ ᠬᠠᠲᠤᠨ ᠳ᠋ᠤ᠌ ᠵᠣᠷᠢᠭᠤᠯᠤᠨ ᠬᠡᠯᠡᠵᠦ ᠠᠪᠠᠢ᠃ ᠡᠷᠬᠡᠪᠰᠢ ᠠᠮᠢᠰᠬᠤᠭ᠎ᠠ ᠨᠢ ᠳᠠᠷᠤᠭᠳᠠᠵᠤ ᠬᠥᠬᠡ ᠮᠢᠬᠠᠨ ᠤ᠋ ᠴᠡᠴᠡᠷᠡᠭᠡ ᠨᠠᠮᠲᠠᠨ ᠠᠭᠰᠠᠨ ᠬᠦᠯᠦᠭ ᠮᠣᠷᠢ ᠪᠠᠨ ᠳᠠᠪᠢᠷᠠᠨ᠂
— ᠬᠠᠮᠤᠭ ᠮᠣᠩᠭᠣᠯ ᠤ᠋ᠨ ᠬᠠᠭᠠᠨ ᠲᠠᠢᠴᠢᠭᠤᠳ ᠤ᠋ᠨ ᠠᠮᠪᠠᠭᠠᠢ ᠶ᠋ᠢᠨ ᠵᠠᠷᠯᠢᠭ᠁ ᠭᠡᠵᠦ ᠬᠠᠰᠬᠢᠷᠤᠨ ᠳᠠᠪᠬᠢᠨ ᠣᠳᠤᠯ᠎ᠠ᠃ ᠪᠦᠯᠵᠢᠭᠡᠨ ᠬᠠᠲᠤᠨ ᠪᠠᠷ᠎ᠠ ᠲᠠᠰᠤᠷᠠᠲᠠᠯ᠎ᠠ ᠬᠣᠢᠨ᠎ᠠ ᠠ᠋ᠴᠠ ᠨᠢ ᠬᠠᠷᠠᠵᠤ ᠵᠣᠭᠰᠣᠪᠠ᠃ ᠴᠢᠩᠭᠢᠲᠡᠯ᠎ᠡ ᠶᠡᠬᠡ ᠦᠷᠭᠦᠭᠡᠨ᠎ᠡ ᠢᠨᠵᠢᠮᠡᠢ ᠬᠠᠲᠤᠨ ᠤ᠋ ᠳᠠᠭᠤᠨ ᠬᠠᠲᠠᠵᠤ᠂ ᠬᠦᠷᠢᠶ᠎ᠡ ᠭᠡᠷ ᠳᠠᠭᠠᠭᠠᠵᠤ ᠦᠯᠡᠳᠡᠭᠰᠡᠨ ᠮᠡᠬᠦᠰ ᠪᠣᠭᠣᠯ ᠤ᠋ᠳ ᠡᠢᠰᠢ ᠲᠠᠢᠰᠢ ᠲᠦᠭᠳᠦᠭᠡᠨᠡᠨ ᠭᠦᠶᠦᠯᠳᠦᠯᠡ᠃ ᠨᠢᠭᠡ ᠰᠢᠪᠡᠭᠴᠢᠨ ᠭᠡᠷ ᠦ᠋ᠨ ᠰᠡᠬᠦᠭᠰᠡᠨ ᠬᠠᠶᠠᠭ᠎ᠠ ᠪᠠᠭᠤᠯᠭᠠᠵᠤ᠂ ᠨᠥᠭᠦᠭᠡ ᠰᠢᠪᠡᠭᠴᠢᠨ ᠡᠷᠦᠬᠡᠨ ᠦ᠌ ᠣᠭᠣᠰᠣᠷ ᠲᠠᠢᠯᠤᠨ ᠨᠠᠷᠠ ᠵᠥᠪ ᠲᠣᠭᠣᠷᠢᠵᠤ ᠬᠠᠷᠠᠭᠳᠠᠨ᠎ᠠ᠃ ᠬᠣᠲᠣᠯᠠ ᠨᠣᠶᠠᠨ ᠤ᠋ ᠲᠣᠭᠣᠭᠠᠴᠢ ᠡᠪᠦᠭᠡᠨ ᠪᠡᠭᠡᠴᠡᠭᠡᠨᠡᠨ ᠭᠦᠶᠦᠵᠦ ᠤᠭᠰᠠᠷᠠᠵᠤ ᠲᠠᠯᠪᠢᠭᠰᠠᠨ ᠴᠢᠩᠭᠡᠯᠢᠭ ᠲᠡᠢ ᠬᠣᠭᠣᠯᠠᠨ ᠤ᠋ ᠪᠣᠷᠴᠠ᠂ ᠵᠠᠮ ᠤ᠋ᠨ ᠬᠦᠨᠡᠰᠦ ᠪᠣᠭᠴᠣᠨ ᠳ᠋ᠤ᠌ ᠪᠠᠵᠠᠭᠠᠵᠤ ᠡᠬᠢᠯᠡᠪᠡ᠃ ᠠᠳᠤᠭᠤᠴᠢᠨ ᠳ᠋ᠤᠭᠠ ᠤᠶᠠᠭ᠎ᠠ ᠱᠣᠩ ᠳᠡᠭᠡᠷ᠎ᠡ ᠡᠴᠡ ᠮᠣᠷᠢ ᠪᠠᠨ ᠲᠠᠢᠯᠤᠨ ᠮᠣᠷᠳᠠᠵᠤ ᠣᠢᠷᠠᠬᠠᠨ ᠢᠳᠡᠰᠢᠯᠡᠬᠦ ᠰᠤᠪᠠᠢ ᠠᠳᠤᠭᠤᠨ ᠤ᠋ ᠬᠣᠢᠨ᠎ᠠ ᠠ᠋ᠴᠠ ᠳᠡᠷᠭᠡᠭᠦᠯᠵᠦ ᠣᠳᠤᠯ᠎ᠠ᠃ ᠲᠡᠳᠡ ᠬᠠᠭᠠᠨ ᠡᠴᠢᠭᠡ ᠶ᠋ᠢᠨ ᠬᠣᠢᠯᠭᠠ ᠶ᠋ᠢᠨ ᠨᠠᠢᠷ ᠲᠤ᠌ ᠣᠳᠬᠤ ᠨᠢ ᠪᠣᠯᠤᠯᠲᠠᠢ᠃
《᠁ ᠨᠠᠮᠠᠶ᠋ᠢ ᠠᠪᠤᠭᠠᠳ ᠶᠠᠪᠤᠭᠠᠰᠠᠢ》 ᠭᠡᠮᠡᠨ ᠪᠢᠲᠡᠭᠦᠬᠡᠨ ᠬᠦᠰᠡᠮᠵᠢᠯᠡᠵᠦ᠂ ᠬᠠᠨ ᠨᠣᠶᠠᠨ ᠤ᠋ ᠬᠠᠶᠠᠭ᠎ᠠ ᠪᠠᠷᠠᠳᠠᠵᠤ ᠶᠠᠪᠤᠳᠠᠭ ᠵᠢᠵᠢᠭᠬᠡᠨ ᠭᠡᠷ ᠲᠡᠭᠡᠨ ᠣᠷᠣᠯ᠎ᠠ᠃ ᠲᠡᠮᠦᠵᠢᠨ ᠦᠭᠡ ᠶᠠᠪᠤᠭᠰᠠᠨ ᠠ᠋ᠴᠠ ᠬᠣᠢᠰᠢ ᠬᠣᠢᠮᠣᠷ ᠬᠠᠩᠬᠠᠢᠨ ᠡᠵᠡᠭᠦᠢᠷᠡᠵᠦ ᠶᠡᠬᠡ ᠯᠡ ᠡᠯᠦᠢ ᠬᠤᠯᠤᠢ ᠪᠣᠯᠤᠭᠰᠠᠨ ᠠᠪᠠᠢ᠃ ᠬᠠᠲᠤᠨ ᠭᠡᠷ ᠲᠡᠭᠡᠨ ᠣᠷᠣᠵᠤ ᠣᠢᠷ᠎ᠠ ᠵᠠᠭᠤᠷ᠎ᠠ ᠶ᠋ᠢᠨ ᠥᠮᠪᠦᠦ ᠴᠦᠮᠪᠤᠤ ᠶᠠᠭᠤᠮ᠎ᠠ ᠪᠠᠨ ᠡᠮᠬᠢᠯᠡᠵᠦ ᠶᠠᠩᠵᠤᠯᠠᠭᠠᠳ᠂ ᠲᠣᠢ ᠬᠤᠷᠢᠮ ᠤ᠋ᠨ ᠬᠢ ᠪᠢᠰᠢ ᠴᠦ᠍ ᠭᠡᠯᠡ ᠲᠥᠪ ᠳᠠᠷᠤᠤᠬᠠᠨ ᠬᠤᠪᠴᠠᠰᠤᠯᠠᠵᠤ ᠬᠥᠯ ᠦ᠋ᠨ ᠴᠢᠮᠡᠭᠡ ᠴᠢᠩᠨᠠᠵᠤ ᠵᠣᠮᠪᠣᠢᠨ ᠰᠠᠭᠤᠪᠠ᠃《᠁ ᠲᠩᠷᠢ ᠮᠢᠨᠢ᠂ ᠨᠠᠮᠠᠶ᠋ᠢ ᠠᠪᠤᠭᠠᠳ ᠶᠠᠪᠤᠵᠤ ᠬᠠᠢᠷᠠᠯᠠ᠃ ᠬᠠᠢᠷ᠎ᠠ ᠨᠢ ᠳᠣᠲᠣᠷ᠎ᠠ ᠪᠠᠨ᠂ ᠬᠠᠯᠠ ᠨᠢ ᠭᠠᠳᠠᠨ᠎ᠠ ᠪᠠᠨ ᠬᠠᠭᠠᠨ ᠴᠣᠭᠴᠠᠰ ᠤ᠋ᠨ ᠡᠪᠦᠳᠦᠭ ᠡᠴᠡ ᠨᠢ ᠨᠢᠭᠡ ᠠᠳᠢᠰ ᠠᠪᠬᠤ ᠶᠤᠮ ᠰᠠᠨ᠁ ᠪᠤᠢᠷ ᠤ᠋ᠨ ᠵᠦᠭ ᠠᠶᠠᠨ ᠲᠡᠢᠨ ᠳ᠋ᠦ᠍ ᠮᠣᠷᠳᠠᠭᠰᠠᠨ ᠬᠥᠪᠡᠭᠦᠳ ᠦ᠋ᠨ ᠠᠮᠠᠨ ᠠ᠋ᠴᠠ ᠲᠠᠲ᠋ᠠᠷ ᠲᠦᠮᠡᠨ ᠦ᠌ ᠪᠡᠨ ᠰᠤᠷᠠᠭ ᠢ᠋ ᠰᠣᠨᠣᠰᠬᠤ ᠶᠤᠮ ᠰᠠᠨ》 ᠭᠡᠵᠦ ᠵᠠᠯᠪᠠᠷᠢᠵᠠᠢ᠃ ᠳᠠᠯᠳᠠᠬᠠᠨ ᠰᠡᠳᠬᠢᠯ ᠦ᠋ᠨ ᠭᠦᠨ ᠳ᠋ᠡᠭᠡᠨ ᠮᠠᠭᠤ ᠬᠦᠦ ᠮᠢᠨᠢ ᠶᠠᠭᠠᠬᠢᠵᠤ ᠰᠢᠦ ᠶᠠᠪᠤᠭ᠎ᠠ ᠪᠣᠯ᠂ ᠬᠠᠷᠢᠶᠠᠯ ᠤ᠋ᠨ ᠦᠭᠡᠨ ᠦ᠌ ᠦᠵᠦᠭᠦᠷ ᠲᠦ᠍ ᠴᠦ᠍ ᠪᠣᠯᠬᠤᠨ᠎ᠠ ᠰᠤᠷᠠᠭ ᠢ᠋ ᠨᠢ ᠰᠣᠨᠣᠰᠬᠤ ᠶᠤᠮ ᠰᠠᠨ ᠭᠡᠮᠡᠨ ᠬᠦᠰᠡᠮᠵᠢᠯᠡᠵᠦ ᠪᠠᠢᠯ᠎ᠠ᠃ ᠴᠢᠩᠭᠢᠲᠡᠯ᠎ᠡ ᠭᠠᠳᠠᠭ᠎ᠠ ᠶᠡᠬᠡ ᠬᠠᠲᠤᠨ ᠤ᠋ ᠵᠠᠩᠳᠠᠴᠢᠨ ᠬᠠᠰᠬᠢᠴᠢᠬᠤ ᠳᠠᠭᠤ᠂ ᠦᠬᠡᠷ ᠮᠥᠭᠡᠷᠡᠬᠦ᠂ ᠮᠣᠷᠢᠳ ᠳᠣᠷᠭᠢᠯᠠᠬᠤ ᠠᠪᠢᠶ᠎ᠠ ᠭᠠᠷᠴᠤ᠂
— ᠬᠥᠪᠡᠭᠦᠳ ᠢ᠋ ᠬᠤᠪᠴᠠᠰᠤᠯᠠ! ᠠᠯᠲᠠᠨ ᠴᠢ ᠪᠦᠦ ᠳᠦᠷᠰᠦ ᠦᠭᠡᠢᠳᠡ! ᠡᠪᠦᠭᠡ ᠴᠢᠨᠢ ᠲᠩᠷᠢ ᠪᠣᠯᠵᠠᠢ ᠬᠡᠮᠡᠪᠡ᠃ ᠡᠨᠡ ᠦᠶᠡᠰ ᠮᠤᠬᠤᠯᠠᠭ ᠲᠡᠷᠭᠡ ᠠᠶᠠᠷᠬᠠᠨ ᠬᠢᠬᠤᠲᠤᠨᠠᠬᠤ ᠰᠣᠨᠣᠰᠳᠠᠵᠤ ᠠᠳᠤᠭᠤᠴᠢᠨ ᠳ᠋ᠤᠭᠠ ᠶ᠋ᠢᠨ ᠫᠠᠷᠭᠢᠶ᠎ᠠ ᠳᠠᠭᠤ ᠫᠠᠷᠵᠢᠭᠢᠨᠠᠨ᠂
— ᠬᠠᠲᠤᠨ ᠠᠬᠠᠢ᠂ ᠢᠳᠤᠭᠠᠨ ᠪᠤᠭᠤᠷᠤᠯ ᠢ᠋ ᠬᠥᠯᠯᠡᠬᠦ ᠤᠤ? ᠭᠡᠯᠡ᠃ ᠶᠡᠬᠡ ᠬᠠᠲᠤᠨ᠂
— ᠪᠢᠲᠡᠭᠡᠢ ᠲᠣᠭᠣᠰᠣ ᠰᠢᠷᠣᠢ ᠪᠤᠵᠢᠭᠢᠨᠠᠭᠤᠯᠤᠭᠠᠳ ᠪᠠᠢ! ᠬᠡᠮᠡᠬᠦ ᠶ᠋ᠢ ᠪᠣᠳᠣᠬᠤ ᠳ᠋ᠤ᠌ ᠰᠢᠪᠡᠭᠴᠢᠨ ᠥᠬᠢᠳ ᠮᠤᠬᠤᠯᠠᠭ ᠲᠡᠷᠭᠡ ᠶ᠋ᠢ ᠴᠡᠪᠡᠷᠯᠡᠵᠦ ᠲᠣᠭᠣᠰᠣ ᠰᠢᠷᠣᠢ ᠶ᠋ᠢ ᠨᠢ ᠠᠷᠴᠢᠵᠤ᠂ ᠬᠡᠪᠢᠰ ᠰᠡᠯᠲᠡ ᠳᠡᠪᠢᠰᠴᠦ ᠪᠣᠢ ᠬᠡᠷᠡᠭ ᠪᠢᠵᠡ᠃ ᠳ᠋ᠤᠭᠠ ᠠᠳᠤᠭᠤᠴᠢ ᠳᠠᠬᠢᠭᠠᠳ ᠯᠠ᠂
— ᠬᠠᠲᠤᠨ ᠠᠬᠠᠢ᠂ ᠢᠳᠤᠭᠠᠨ ᠪᠤᠭᠤᠷᠤᠯ ᠢ᠋ ᠬᠥᠯᠯᠡᠬᠦ ᠤᠤ? ᠭᠡᠬᠦ ᠳ᠋ᠦ᠍ ᠶᠡᠬᠡ ᠬᠠᠲᠤᠨ᠂
— ᠲᠡᠭᠡ᠂ ᠲᠡᠭᠡ᠃ ᠠᠷᠠᠢ ᠵᠥᠭᠡᠯᠡᠨ ᠶᠠᠪᠤᠳᠠᠯ ᠲᠠᠢ ᠶᠤᠮ ᠭᠡᠮᠡᠨ ᠶᠠᠮᠪᠠᠷᠬᠠᠵᠤ ᠠᠪᠠᠢ᠃ ᠶᠡᠷᠦ ᠬᠠᠳᠠᠮ ᠡᠴᠢᠭᠡ ᠬᠠᠭᠠᠨ ᠡᠪᠦᠭᠡᠨ ᠦ᠌ ᠬᠣᠢᠯᠭᠠ ᠳ᠋ᠤ᠌ ᠪᠤᠰᠤ ᠲᠣᠢ ᠬᠤᠷᠢᠮ ᠳ᠋ᠤ᠌ ᠮᠣᠷᠢᠯᠠᠵᠤ ᠪᠣᠢ ᠮᠡᠲᠦ ᠶᠠᠯᠠᠷᠬᠠᠨᠠ ᠠᠵᠢ᠃ ᠴᠢᠩᠭᠢᠲᠡᠯ᠎ᠡ᠂
— ᠡᠵᠢ᠂ ᠡᠵᠢ ᠠ᠋᠂ ᠡᠨᠡ ᠳᠡᠪᠡᠯ ᠭᠣᠶᠣ ᠪᠠᠢᠨ᠎ᠠ ᠤᠤ? ᠭᠡᠭᠰᠡᠭᠡᠷ ᠠᠯᠲᠠᠨ ᠬᠥᠪᠡᠭᠦᠨ ᠳᠡᠭᠳᠡᠨ ᠢᠷᠡᠪᠡ ᠪᠣᠯᠤᠯᠲᠠᠢ᠃ ᠨᠢᠯᠬ᠎ᠠ ᠠᠮᠢᠲᠠᠨ ᠶᠠᠭᠤ ᠪᠠᠨ ᠮᠡᠳᠡᠨ᠎ᠡ ᠪᠢᠯᠡ᠃ ᠬᠠᠷᠢᠨ ᠡᠪᠦᠭᠡ ᠨᠢ ᠲᠩᠷᠢ ᠪᠣᠯᠤᠭᠰᠠᠨ ᠤ᠋ ᠭᠤᠨᠢᠭᠲᠤ ᠤᠴᠢᠷ ᠢ᠋ ᠬᠥᠪᠡᠭᠦᠨ ᠳ᠋ᠦ᠍ ᠤᠬᠠᠭᠠᠷᠠᠭᠤᠯᠵᠤ ᠥᠭᠬᠦ ᠡᠬᠡ ᠶ᠋ᠢᠨ ᠰᠡᠳᠬᠢᠯ ᠳᠤᠲᠠᠪᠠ᠃
— ᠭᠣᠶᠣ ᠪᠠᠢᠨ᠎ᠠ᠂ ᠭᠣᠶᠣ ᠪᠠᠢᠨ᠎ᠠ᠃
— ᠪᠢ ᠠᠯᠢ ᠮᠣᠷᠢ ᠶ᠋ᠢ ᠤᠨᠤᠨ᠎ᠠ ᠪᠢᠯᠡ?
— ᠮᠤᠬᠤᠯᠠᠭ ᠲᠡᠷᠭᠡᠨ ᠳ᠋ᠦ᠍ ᠰᠠᠭᠤ!
— ᠬᠠᠲᠤᠨ ᠢᠵᠢᠢ ᠠ᠋!
— ᠰᠠᠭᠤ! ᠭᠡᠮᠡᠨ ᠵᠠᠬᠢᠭᠰᠠᠨ ᠢ᠋ᠶ᠋ᠠᠷ ᠶᠠᠷᠢᠶ᠎ᠠ ᠳᠠᠭᠤᠰᠴᠤ᠂ ᠮᠤᠬᠤᠯᠠᠭ ᠲᠡᠷᠭᠡᠨ ᠦ᠌ ᠬᠡᠭᠡᠰᠦᠲᠦ ᠳᠤᠭᠤᠢ ᠶ᠋ᠢᠨ ᠬᠢᠬᠤᠲᠤᠨᠠᠨ ᠡᠷᠭᠢᠬᠦ ᠰᠣᠨᠣᠰᠳᠠᠵᠤ᠂ ᠮᠣᠷᠢᠳ ᠤ᠋ᠨ ᠲᠤᠭᠤᠷᠠᠢ ᠶ᠋ᠢᠨ ᠲᠣᠪᠣᠷ ᠲᠣᠪᠣᠷ ᠠᠯᠬᠤᠭ᠎ᠠ ᠪᠦᠳᠡᠭᠢᠷᠡᠨ ᠠᠯᠤᠰᠯᠠᠵᠠᠢ᠃ ᠪᠦᠯᠵᠢᠭᠡᠨ ᠬᠠᠲᠤᠨ ᠢ᠋ ᠬᠥᠮᠦᠨ ᠴᠢᠨᠡᠭᠡ ᠲᠣᠭᠣᠭᠰᠠᠨ ᠦᠭᠡᠢ ᠠᠵᠢ᠃ ᠲᠡᠷᠡ ᠪᠡᠷ ᠡᠯᠦᠢ ᠬᠤᠯᠤᠢᠬᠠᠨ ᠭᠡᠷ ᠳᠣᠲᠣᠷ᠎ᠠ ᠪᠠᠨ ᠲᠠᠭᠠᠷᠠᠬᠤ ᠮᠡᠲᠦ ᠴᠡᠴᠡᠷᠡᠭᠦᠳᠡᠰᠦ ᠬᠦᠷᠴᠦ ᠡᠬᠢᠯᠡᠬᠦ ᠶ᠋ᠢ ᠮᠡᠳᠡᠷᠡᠨ ᠪᠤᠰᠢᠭᠤᠬᠠᠨ ᠭᠠᠷᠤᠯ᠎ᠠ᠃ ᠬᠣᠲᠣᠯᠠ ᠨᠣᠶᠠᠨ ᠤ᠋ ᠪᠢᠴᠢᠬᠠᠨ ᠬᠦᠷᠢᠶ᠎ᠡ ᠨᠠᠮ ᠭᠦᠮ ᠠᠭᠠᠳ ᠥᠷᠭᠥᠭᠡ ᠰᠠᠬᠢᠵᠤ ᠦᠯᠡᠳᠡᠭᠰᠡᠨ ᠰᠢᠪᠡᠭᠴᠢᠨ ᠡᠮᠡᠰ ᠬᠣᠰᠢᠭᠤ ᠬᠣᠯᠪᠣᠨ ᠰᠢᠪᠡᠨᠡᠯᠳᠦᠵᠦ᠂ ᠠᠳᠤᠭᠤᠴᠢ ᠳ᠋ᠣᠭᠠ ᠬᠠᠨ ᠬᠥᠪᠡᠭᠦᠳ ᠦ᠋ᠨ ᠤᠨᠤᠵᠤ ᠠᠭᠰᠠᠨ ᠮᠣᠷᠢᠨ ᠤ᠋ ᠡᠮᠡᠭᠡᠯ ᠠᠪᠴᠤ ᠪᠠᠢᠪᠠ᠃ ᠪᠦᠯᠵᠢᠭᠡᠨ ᠬᠠᠲᠤᠨ ᠨᠢᠯᠬ᠎ᠠ ᠬᠠᠷᠭᠤᠢ ᠶ᠋ᠢᠨ ᠲᠣᠭᠣᠰᠣ ᠫᠣᠷᠭᠢᠭᠤᠯᠤᠨ ᠴᠠᠭᠠᠰᠢᠯᠠᠵᠤ ᠶᠠᠪᠤᠭ᠎ᠠ ᠪᠢᠴᠢᠬᠠᠨ ᠬᠥᠰᠬᠡ ᠶ᠋ᠢ ᠭᠤᠨᠢᠭ ᠲᠠᠢ ᠬᠠᠷᠠᠵᠤ᠂《᠁ ᠬᠣᠢᠯᠭᠠ ᠶ᠋ᠢᠨ ᠶᠣᠰᠣᠯᠠᠯ ᠳ᠋ᠤ᠌ ᠣᠴᠢᠭᠰᠠᠨ ᠪᠣᠯ ᠮᠠᠭᠤ ᠬᠦᠦ ᠶ᠋ᠢᠨ ᠢ᠋ᠶ᠋ᠡᠨ ᠰᠤᠷᠠᠭ ᠢ᠋ ᠰᠣᠨᠣᠰᠬᠤ ᠪᠠᠢᠭᠰᠠᠨ ᠳᠠ》 ᠭᠡᠵᠦ ᠭᠣᠮᠣᠳᠠᠯ ᠲᠠᠢ ᠪᠣᠳᠣᠯ᠎ᠠ᠃ ᠪᠦᠰᠡᠭᠦᠢ ᠶ᠋ᠢᠨ ᠨᠢᠯᠪᠤᠰᠤ ᠭᠣᠣᠯ ᠵᠢᠷᠤᠨ ᠳᠣᠲᠣᠭᠰᠢ ᠪᠠᠨ ᠤᠷᠤᠰᠬᠤ ᠮᠡᠲᠦ ᠰᠠᠨᠠᠭᠳᠠᠵᠠᠢ᠃
— ᠳ᠋ᠤᠭᠠ! ᠮᠣᠷᠢᠨ ᠤ᠋ ᠬᠥᠯᠥᠰᠥ ᠲᠡᠢ ᠲᠣᠬᠣᠮ ᠠᠪᠴᠤ ᠡᠮᠡᠭᠡᠯ ᠦ᠋ᠨ ᠪᠥᠭᠥᠷᠭᠡᠨ ᠳᠡᠭᠡᠷ᠎ᠡ ᠬᠠᠶᠠᠨ ᠡᠪᠡᠷᠡᠭᠡᠵᠦ ᠶᠠᠪᠤᠭᠰᠠᠨ ᠨᠠᠮᠬᠠᠨ ᠮᠠᠢᠭ᠎ᠠ ᠡᠷ᠎ᠡ᠂
— ᠬᠠᠲᠤᠨ ᠲᠠ ᠶᠠᠭᠤ ᠠᠢᠯᠠᠳᠬᠤ ᠰᠠᠨ ᠪᠣᠯ? ᠬᠡᠮᠡᠪᠡ᠃ ᠲᠡᠭᠦᠨ ᠢ᠋ ᠴᠢᠮᠡᠭᠡ ᠦᠭᠡᠢ ᠬᠠᠷᠠᠵᠤ ᠬᠠᠷᠠᠵᠤ᠂
— ᠳ᠋ᠤᠭᠠ ᠠ᠋᠂ ᠴᠢ ᠨᠠᠳᠠ ᠳ᠋ᠤ᠌ ᠨᠢᠭᠡ ᠤᠨᠤᠭᠠᠨ ᠤ᠋ ᠶᠠᠭᠤᠮ᠎ᠠ ᠪᠣᠳᠣᠭᠠᠴᠢ ᠭᠡᠪᠡᠯ ᠨᠠᠷᠠ ᠰᠠᠯᠬᠢᠨ ᠳ᠋ᠤ᠌ ᠣᠩᠭᠣᠵᠤ ᠭᠠᠩᠳᠠᠭᠰᠠᠨ ᠪᠣᠳᠢ ᠡᠷ᠎ᠡ ᠤᠴᠢᠷ ᠦᠭᠡᠢ ᠳᠠᠯᠳᠢᠴᠢᠨ ᠰᠠᠨᠳᠤᠷᠴᠤ᠂
— ᠬᠠᠲᠤᠨ ᠲᠠ ᠥᠴᠦᠬᠡᠨ ᠪᠣᠭᠣᠯ ᠢ᠋ ᠥᠷᠥᠰᠢᠶᠡᠨ ᠰᠣᠶᠣᠷᠬ᠎ᠠ᠃ ᠶᠡᠬᠡ ᠬᠠᠲᠤᠨ ᠬᠥᠯ ᠳᠡᠭᠦᠵᠢᠯᠡᠬᠦ ᠶᠠᠭᠤᠮ᠎ᠠ ᠪᠤᠤ ᠳᠥᠭᠥᠭᠦᠯ ᠭᠡᠵᠦ ᠠᠢᠯᠠᠳᠤᠭᠰᠠᠨ ᠪᠢᠯᠡ ᠭᠡᠪᠡ᠃ ᠳ᠋ᠤᠭᠠ ᠥᠪᠡᠷ ᠢ᠋ᠶ᠋ᠡᠨ ᠪᠤᠷᠤᠭᠤ ᠲᠠᠢ ᠮᠡᠲᠦ ᠭᠥᠯᠢᠯᠵᠡᠨ ᠭᠠᠵᠠᠷ ᠰᠢᠷᠳᠡᠵᠦ᠂ ᠨᠢᠰᠦ ᠪᠡᠨ ᠱᠣᠷ ᠬᠢᠲᠡᠯ᠎ᠡ ᠲᠠᠲᠠᠯ᠎ᠠ᠃ ᠪᠦᠯᠵᠢᠭᠡᠨ ᠬᠠᠲᠤᠨ ᠨᠡᠮᠡᠵᠦ ᠶᠠᠭᠤ ᠠᠢᠯᠠᠳᠬᠤ ᠶ᠋ᠢ ᠬᠠᠷᠠᠵᠠᠨᠠᠨ ᠠᠯᠠᠭ᠎ᠠ ᠬᠠᠪᠰᠤᠷᠴᠤ ᠤᠳᠠᠭᠠᠨ ᠬᠦᠯᠢᠶᠡᠪᠡ᠃ ᠴᠢᠩᠭᠢᠲᠡᠯ᠎ᠡ ᠬᠡᠨ ᠴᠦ᠍ ᠶᠠᠭᠤ ᠴᠦ᠍ ᠡᠰᠡ ᠳᠤᠤᠭᠠᠷᠤᠭᠰᠠᠨ ᠳ᠋ᠤ᠌ ᠳ᠋ᠤᠭᠠ ᠠᠳᠤᠭᠤᠴᠢ ᠭᠠᠢᠬᠠᠨ ᠬᠠᠷᠠᠪᠠᠯ ᠬᠠᠯᠢᠭᠤᠷᠠᠭᠰᠠᠨ ᠰᠢᠷᠭᠠᠯ ᠡᠪᠡᠰᠦᠨ ᠳᠤᠮᠳᠠᠭᠤᠷ ᠬᠠᠲᠤᠨ ᠪᠦᠯᠵᠢᠭᠡᠨ ᠤᠷᠢ ᠭᠠᠭᠴᠠᠭᠠᠷ ᠴᠠᠭᠠᠰᠢᠯᠠᠵᠤ ᠶᠠᠪᠤᠯ᠎ᠠ᠃ ᠳ᠋ᠣᠭᠠ ᠠᠳᠤᠭᠤᠴᠢ ᠭᠠᠢᠬᠠᠵᠤ ᠬᠣᠴᠣᠷᠪᠠ᠃ ᠰᠢᠪᠡᠭᠴᠢᠨ ᠡᠮᠡᠰ ᠪᠡᠶ᠎ᠡ ᠪᠡᠶ᠎ᠡ ᠪᠡᠨ ᠨᠢᠳᠤᠴᠢᠨ᠂
— ᠠᠷᠤ ᠠ᠋ᠴᠠ ᠨᠢ ᠶᠠᠪᠤᠭᠠᠴᠢ᠁ ᠬᠣᠢᠨ᠎ᠠ ᠠ᠋ᠴᠠ ᠨᠢ ᠣᠴᠢᠭᠠᠴᠢ ᠭᠡᠮᠡᠨ ᠶᠠᠪᠢᠲᠤᠨᠠᠯᠳᠤᠵᠠᠢ᠃
6
ᠪᠣᠷᠣ ᠪᠣᠷᠣᠬᠠᠨ ᠪᠢᠯᠵᠤᠤᠬᠠᠢ ᠵᠢᠷᠭᠢᠬᠦ ᠦᠷ ᠦ᠋ᠨ ᠨᠠᠮ ᠭᠦᠮ ᠳ᠋ᠦ᠍ ᠰᠡᠷᠡᠵᠦ᠂ ᠲᠣᠷᠭᠠᠨ ᠳᠡᠪᠡᠯ ᠢ᠋ᠶ᠋ᠡᠨ ᠵᠠᠬᠠᠯᠠᠨ ᠨᠥᠮᠥᠷᠴᠦ ᠡᠪᠦᠷ ᠲᠡᠭᠡᠨ ᠬᠣᠨᠣᠭᠰᠠᠨ ᠲᠣᠷᠯᠣᠭ ᠲᠤᠭᠤᠷᠢᠯ ᠢ᠋ ᠳᠠᠭᠤᠳᠠᠨ ᠬᠣᠶᠠᠭᠤᠯᠠ ᠪᠣᠰᠴᠠᠢ᠃ ᠡᠴᠢᠭᠡ ᠶ᠋ᠢᠨ ᠨᠢᠳᠦᠨ ᠡᠴᠡ ᠳᠠᠯᠳᠠ ᠭᠡᠮᠡᠨ ᠠᠮᠰᠠᠵᠤ ᠦᠵᠡᠭᠰᠡᠨ ᠨᠡᠷᠡᠮᠡᠯ ᠦ᠋ᠨ ᠳᠡᠭᠡᠵᠢ ᠲᠣᠯᠣᠭᠠᠢ ᠳ᠋ᠤ᠌ ᠭᠠᠷᠴᠤ᠂ ᠲᠠᠷᠢᠬᠢ ᠵᠠᠭᠠᠳᠠᠰᠤ ᠪᠠᠷ ᠢ᠋ᠶ᠋ᠠᠨ ᠠᠩᠭᠠᠯᠵᠠᠨ ᠪᠠᠢᠪᠠ᠃ ᠭᠠᠵᠠᠷ ᠤ᠋ᠨ ᠬᠣᠯᠠ ᠳ᠋ᠤ᠌ ᠵᠣᠪᠠᠵᠤ ᠵᠢᠷᠭᠠᠵᠤ ᠶᠡᠬᠡ ᠶ᠋ᠢ ᠦᠵᠡᠭᠰᠡᠨ ᠲᠣᠷᠯᠣᠭ ᠲᠣᠭᠣᠷᠢᠯ᠂
— ᠦᠵᠦᠮ ᠦ᠋ᠨ ᠳᠠᠷᠠᠰᠤ ᠭᠡᠮᠡᠨ ᠨᠥᠵᠢ ᠦᠭᠡᠢ ᠴᠢᠰᠤ ᠮᠡᠲᠦ ᠪᠤᠳᠤᠭᠷᠠᠭᠰᠠᠨ ᠬᠦᠷᠡᠩ ᠤᠯᠠᠭᠠᠨ ᠠᠷᠢᠬᠢ ᠥᠭᠭᠦᠭᠰᠡᠨ ᠨᠢ ᠪᠠᠰᠠ ᠨᠡᠷᠮᠡᠭᠰᠡᠨ ᠪᠣᠯᠤᠯᠲᠠᠢ᠃
— ᠬᠣᠶᠠᠭᠤᠯᠠ ᠪᠠᠨ ᠪᠣᠰᠤᠶ᠎ᠠ᠃
— ᠠᠮᠠ ᠬᠠᠲᠠᠵᠤ ᠪᠠᠢᠨ᠎ᠠ ᠭᠡᠳᠡᠭ ᠵᠢᠭᠲᠡᠢ᠁ ᠭᠡᠳ ᠲᠣᠷᠯᠣᠭ ᠲᠤᠭᠤᠷᠢᠯ ᠲᠠᠮᠰᠢᠶᠠᠯᠠᠨ ᠪᠣᠰᠴᠤ ᠴᠠᠴᠠᠷ ᠤ᠋ᠨ ᠡᠭᠦᠳᠡ ᠪᠡᠷ ᠱᠠᠭᠠᠢᠭᠰᠠᠨ ᠢ᠋ᠶ᠋ᠠᠨ᠂
— ᠬᠥᠶᠢ ᠠ᠋! ᠭᠡᠮᠡᠨ ᠳᠠᠭᠤ ᠠᠯᠳᠠᠵᠤ᠂
— ᠲᠠᠲ᠋ᠠᠷ ᠤ᠋ᠳ ᠭᠡᠮᠡᠨ ᠤᠬᠤᠰᠬᠢᠯᠡ᠃ ᠶᠢᠰᠦᠭᠡᠢ ᠳᠡᠪᠡᠯ ᠢ᠋ᠶ᠋ᠡᠨ ᠬᠠᠮ ᠬᠣᠮ ᠬᠠᠨᠴᠤᠢᠯᠠᠵᠤ ᠢᠯᠳᠦ ᠪᠡᠨ ᠪᠠᠷᠢᠭᠰᠠᠭᠠᠷ ᠭᠠᠷᠴᠤ ᠢᠷᠡᠲᠡᠯ᠎ᠡ ᠨᠡᠭᠡᠷᠡᠨ ᠯᠡ ᠡᠷᠭᠢᠨ ᠲᠣᠭᠣᠷᠢᠨ ᠤ᠋ ᠶᠡᠬᠡ ᠠᠭᠤᠯᠠᠰ ᠤ᠋ᠨ ᠣᠷᠣᠢ ᠳᠡᠭᠡᠭᠦᠷ ᠬᠦᠯᠦᠭ ᠮᠣᠷᠢᠲᠠᠢ ᠡᠷᠡᠰ ᠰᠡᠷᠪᠡᠯᠵᠡᠨ ᠪᠦᠰᠡᠯᠡᠵᠡᠢ᠃ ᠲᠣᠷᠯᠣᠭ ᠲᠣᠭᠣᠷᠢᠯ᠂
— ᠲᠠᠢ ᠲᠡᠮᠦᠷ? ᠭᠡᠮᠡᠨ ᠳᠠᠭᠤᠳᠠᠲᠠᠯ᠎ᠠ ᠮᠥᠨᠥᠬᠡᠨ ᠢᠯᠮ᠎ᠠ ᠬᠠᠲᠤᠨ ᠤ᠋ ᠮᠤᠬᠤᠯᠠᠭ ᠲᠡᠷᠭᠡᠨ ᠡᠴᠡ ᠭᠦᠳ ᠭᠦᠳ ᠢᠨᠢᠶᠡᠬᠦ ᠰᠣᠨᠣᠰᠳᠠᠵᠤ᠂ ᠭᠢᠰᠬᠢᠭᠦᠷ᠂
— ᠰᠡᠷᠪᠡᠩ ᠬᠡᠭᠡᠷ᠎ᠡ ᠮᠣᠷᠢ ᠶ᠋ᠢ ᠴᠢᠨᠢ ᠬᠠᠷᠠᠬᠤ ᠲᠣᠭᠠᠯᠠᠨ ᠴᠢᠮᠠᠶ᠋ᠢ ᠰᠠᠨᠠᠨ᠎ᠠ ᠪᠢᠯᠡ᠂ ᠠᠨᠳᠠ ᠮᠢᠨᠢ᠃ ᠢᠯᠳᠦ ᠢᠯᠳᠦᠨ ᠦ᠌ ᠪᠡᠨ ᠢᠷ ᠪᠣᠯᠵᠤ ᠶᠠᠪᠤᠶ᠎ᠠ ᠭᠡᠯᠡ᠃ ᠴᠢᠩᠭᠢᠵᠦ ᠬᠡᠯᠡᠭᠰᠡᠨ ᠲᠣᠷᠯᠣᠭ ᠲᠣᠭᠣᠷᠢᠯ ᠪᠠᠷ᠎ᠠ ᠪᠣᠯᠤᠭᠠᠴᠢᠳ ᠤ᠋ᠨ ᠬᠠᠮᠲᠤ ᠬᠠᠯᠢᠭᠤᠷᠠᠨ ᠰᠢᠷᠭᠠᠯᠲᠤᠬᠤ ᠲᠤᠯᠤᠭᠠᠳ ᠤ᠋ᠨ ᠲᠡᠷᠲᠡᠭᠡ ᠲᠣᠷᠣᠢᠭᠰᠠᠭᠠᠷ ᠬᠣᠴᠣᠷᠴᠠᠢ᠃ ᠶᠡᠬᠡ ᠲᠠᠯ᠎ᠠ ᠶ᠋ᠢᠨ ᠳᠡᠭᠡᠭᠦᠷ ᠬᠦ ᠬᠤᠶᠠᠭ ᠱᠠᠷᠬᠢᠬᠤ᠂ ᠢᠯᠳᠦ ᠪᠠᠮᠪᠠᠢ ᠬᠠᠷᠰᠢᠬᠤ ᠳᠠᠭᠤᠨ ᠴᠤᠤᠷᠢᠶᠠᠳᠠᠨ ᠰᠢᠷᠭᠠᠯ ᠲᠠᠯ᠎ᠠ ᠣᠭᠲᠣᠯᠤᠭᠰᠠᠨ ᠬᠠᠷᠭᠤᠢ ᠵᠠᠮ ᠢ᠋ᠶ᠋ᠠᠷ ᠤᠰᠤᠨ ᠬᠤᠯᠤᠭᠠᠨ᠎ᠠ ᠪᠣᠯᠤᠭᠰᠠᠨ ᠮᠣᠷᠢᠲᠠᠨ ᠡᠷᠡᠰ ᠳᠣᠪᠲᠣᠯᠭᠠᠨ᠎ᠠ᠃ ᠲᠡᠳᠡᠨ ᠦ᠌ ᠮᠠᠩᠨᠠᠢ ᠳ᠋ᠤ᠌ ᠵᠠᠯᠠᠭᠤ ᠶᠢᠰᠦᠭᠡᠢ ᠳᠥᠷᠦᠭᠡᠨ ᠳᠡᠭᠡᠷ᠎ᠡ ᠪᠡᠨ ᠳᠠᠷᠴᠤᠭᠯᠠᠨ ᠪᠣᠰᠤᠭᠠᠳ ᠬᠠᠷ᠎ᠠ ᠬᠤᠷᠳᠤ ᠪᠠᠷ ᠢ᠋ᠶ᠋ᠠᠨ ᠬᠠᠷᠪᠤᠵᠤ ᠶᠠᠪᠤᠯ᠎ᠠ᠃ ᠵᠠᠯᠠᠭᠤ ᠵᠠᠩᠵᠤᠨ ᠤ᠋ ᠨᠢᠭᠤᠷ ᠲᠤ᠌ ᠶᠡᠬᠡ ᠴᠡᠷᠢᠭ ᠲᠡᠷᠢᠭᠦᠯᠡᠭᠰᠡᠨ ᠦ᠌ ᠪᠠᠶᠠᠷ ᠪᠠᠶᠠᠰᠬᠤᠯᠠᠩ ᠨᠡᠪᠲᠡ ᠬᠡᠷᠡᠯᠳᠦᠵᠦ᠂ ᠪᠠᠰᠠ ᠬᠦ᠌ ᠶᠢᠰᠦᠨ ᠲᠠᠲ᠋ᠠᠷ ᠢ᠋ ᠳᠠᠭᠠᠷᠢᠬᠤ ᠣᠯᠵᠠ ᠣᠮᠣᠭᠲᠤ ᠠᠶᠠᠨ ᠲᠡᠢᠨ ᠳ᠋ᠦ᠍ ᠶᠡᠬᠡ ᠴᠡᠷᠢᠭ ᠦ᠋ᠨ ᠪᠠᠷᠠᠭᠤᠨ ᠭᠠᠷ ᠪᠣᠯᠵᠤ ᠮᠣᠷᠳᠠᠭᠰᠠᠨ ᠤ᠋ ᠪᠠᠬᠠᠷᠬᠠᠯ ᠠᠷᠢᠯᠤᠭ᠎ᠠ ᠦᠭᠡᠢ ᠶᠠᠪᠤᠵᠤ ᠪᠢᠯᠡ᠃ ᠲᠡᠷᠡ ᠪᠡᠷ ᠭᠡᠨᠡᠳᠲᠡ ᠵᠢᠯᠣᠭᠣ ᠲᠠᠲᠠᠵᠤ᠂ ᠪᠠᠷᠠᠭᠤᠨ ᠭᠠᠷ ᠢ᠋ᠶ᠋ᠠᠨ ᠡᠷᠭᠦᠬᠦ ᠳ᠋ᠦ᠍ ᠵᠠᠭᠤᠲᠤ ᠴᠡᠷᠢᠭ ᠬᠦᠯᠦᠭ ᠢ᠋ᠶ᠋ᠡᠨ ᠲᠠᠲᠠᠵᠤ᠂ ᠤᠯᠠᠭᠠᠨ ᠲᠣᠭᠣᠰᠣ ᠨᠥᠮᠥᠷᠦᠨ ᠢᠷᠡᠭᠡᠳ ᠰᠠᠷᠨᠢᠨ ᠣᠳᠪᠠ᠃ ᠰᠢᠷᠭᠠᠯ ᠲᠠᠯ᠎ᠠ ᠪᠠᠷ ᠭᠠᠭᠴᠠ ᠪᠦᠰᠡᠭᠦᠢ ᠬᠥᠮᠦᠨ ᠶᠠᠪᠠᠭᠠᠨ ᠠᠯᠬᠤᠵᠤ ᠪᠠᠢᠯ᠎ᠠ᠃ ᠶᠢᠰᠦᠭᠡᠢ ᠶ᠋ᠢᠨ ᠵᠢᠷᠦᠬᠡ ᠭᠠᠷᠠᠬᠠᠨ ᠬᠤᠶᠠᠭ ᠱᠠᠷᠬᠢᠲᠠᠯᠠ ᠳᠡᠯᠡᠰᠦᠨ ᠣᠪᠣᠯᠵᠠᠵᠤ᠂ — ᠪᠦᠯᠵᠢᠭᠡᠨ᠁ ᠭᠡᠮᠡᠨ ᠠᠮᠠᠨ ᠳ᠋ᠠᠭᠠᠨ ᠰᠢᠪᠡᠨᠡᠭᠰᠡᠨ ᠢ᠋ᠶ᠋ᠡᠨ᠂
— ᠴᠦ! ᠭᠡᠵᠦ ᠳᠡᠷᠭᠡᠭᠦᠯᠦᠨ ᠣᠢᠷᠠᠳᠪᠠᠯ ᠶᠠᠭᠠᠬᠢᠪᠠᠴᠤ ᠬᠥᠯ ᠳᠡᠭᠦᠵᠢᠯᠡᠬᠦ ᠤᠨᠤᠭ᠎ᠠ ᠲᠠᠢ ᠪᠠᠢᠮᠠᠷ ᠲᠥᠪ ᠳᠠᠷᠤᠤᠬᠠᠨ ᠬᠤᠪᠴᠠᠰᠤ ᠲᠠᠢ ᠪᠦᠰᠡᠭᠦᠢ ᠠᠵᠢ᠃ ᠶᠢᠰᠦᠭᠡᠢ ᠶᠡᠬᠡ ᠴᠤᠪᠤᠭᠠᠨ ᠠ᠋ᠴᠠ ᠰᠠᠯᠤᠨ ᠥᠪᠡᠷ ᠦ᠋ᠨ ᠬᠥᠲᠥᠴᠢ ᠴᠡᠷᠢᠭ ᠦ᠋ᠨ ᠬᠠᠮᠲᠤ ᠬᠠᠲᠠᠷᠢᠭᠤᠯᠤᠨ ᠣᠴᠢᠭᠠᠳ᠂
— ᠠᠮᠤᠷ ᠪᠠᠢᠨ᠎ᠠ ᠤᠤ᠂ ᠲᠠ? ᠭᠡᠰᠡᠨ ᠢ᠋ᠶ᠋ᠡᠨ ᠭᠠᠴᠠᠨ ᠡᠭᠡᠷᠡᠨ ᠲᠠᠭ ᠪᠣᠯᠤᠯ᠎ᠠ᠃ ᠲᠡᠭᠦᠨ ᠦ᠌ ᠡᠮᠦᠨ᠎ᠡ ᠱᠠᠩᠬᠤ ᠳᠠᠷᠤᠵᠤ ᠪᠣᠭᠣᠭᠰᠠᠨ ᠴᠡᠩᠬᠡᠷ ᠠᠯᠴᠢᠭᠤᠷ ᠠ᠋ᠴᠠ ᠥᠭᠡᠷ᠎ᠡ ᠭᠣᠶᠣᠯ ᠦᠭᠡᠢ ᠭᠤᠸ᠎ᠠ ᠪᠦᠯᠵᠢᠭᠡᠨ ᠬᠠᠲᠤᠨ ᠭᠤᠨᠢᠭ ᠲᠠᠢ ᠵᠣᠭᠰᠣᠵᠤ ᠪᠠᠢᠪᠠ᠃
— ᠮᠡᠨᠳᠦ ᠠ᠋᠂ ᠬᠠᠨ ᠲᠠ ᠠᠮᠤᠭᠤᠯᠠᠩ ᠮᠣᠷᠢᠯᠠᠵᠤ ᠶᠠᠪᠤᠨ᠎ᠠ ᠤᠤ?
— ᠠᠮᠤᠭᠤᠯᠠᠩ ᠠ᠋᠃ ᠬᠠᠲᠤᠨ ᠲᠠ ᠬᠠᠮᠢᠭ᠎ᠠ ᠬᠦᠷᠴᠦ ᠶᠠᠪᠤᠨ᠎ᠠ ᠭᠡᠬᠦ ᠳ᠋ᠦ᠍ ᠬᠥᠮᠥᠰᠬᠡ ᠡᠷᠭᠦᠨ ᠭᠠᠢᠬᠠᠨ ᠬᠠᠷᠠᠭᠰᠠᠨ ᠢ᠋ᠶ᠋ᠠᠨ᠂
— ᠲᠠ ᠬᠠᠮᠢᠭ᠎ᠠ ᠠ᠋ᠴᠠ ᠢᠷᠡᠪᠡ ᠭᠡᠯᠡ᠃
— ᠬᠡᠷᠡᠢᠳ ᠡᠴᠡ᠃
— ᠠᠩ ᠭᠡᠰᠡᠨ ᠢ᠋ᠶ᠋ᠡᠨ ᠮᠡᠬᠦᠰᠬᠢᠨ᠂
— ᠡᠷᠬᠢᠮ ᠬᠠᠨ ᠲᠠᠨ ᠳ᠋ᠤ᠌ ᠳᠠᠭ᠎ᠠ ᠦᠭᠡᠢ ᠦᠭᠡ ᠰᠣᠨᠣᠰᠬᠠᠬᠤ ᠨᠢ᠂ ᠥᠷᠥᠰᠢᠶᠡᠭᠡᠷᠡᠢ! ᠬᠡᠮᠡᠬᠦ ᠳ᠋ᠦ᠍ ᠬᠡᠯᠡᠭᠦᠯᠦᠯᠲᠡ ᠥᠬᠡᠢ ᠪᠦᠭᠦᠳᠡ ᠶ᠋ᠢ ᠣᠢᠯᠠᠭᠠᠭᠰᠠᠨ ᠵᠠᠯᠠᠭᠤ ᠶᠢᠰᠦᠭᠡᠢ ᠶ᠋ᠢᠨ ᠨᠢᠳᠦᠨ ᠳ᠋ᠦ᠍ ᠨᠢᠯᠪᠤᠰᠤ ᠴᠢᠢᠯᠡᠯᠵᠡᠭᠡᠳ ᠢᠷᠡᠬᠦ ᠳ᠋ᠦ᠍ ᠤᠬᠢᠯᠠᠬᠤ ᠦᠭᠡᠢ ᠭᠡᠮᠡᠨ ᠬᠥᠮᠥᠰᠬᠡ ᠵᠠᠩᠭᠢᠳᠤᠯ᠎ᠠ᠃
7
ᠶᠡᠬᠡ ᠥᠲᠥᠭ ᠣᠷᠣᠰᠢᠬᠤ ᠳᠠᠭᠰᠢᠨ ᠭᠠᠵᠠᠷ ᠴᠥᠭᠡᠬᠡᠨ ᠬᠥᠮᠦᠨ ᠢᠷᠡᠳᠡᠭ ᠪᠢᠯᠡ᠃ ᠲᠩᠷᠢ ᠶ᠋ᠢᠨ ᠣᠷᠣᠨ ᠳ᠋ᠤ᠌ ᠣᠳᠤᠭᠰᠠᠨ ᠶᠡᠬᠡᠰ ᠦ᠋ᠨ ᠠᠮᠤᠭᠤᠯᠠᠩ ᠣᠷᠣᠰᠢᠭᠰᠠᠨ ᠪᠡᠶ᠎ᠡ ᠶ᠋ᠢ ᠣᠯᠠᠨ ᠤ᠋ ᠬᠥᠯ ᠦ᠋ᠨ ᠴᠢᠮᠡᠭᠡ ᠪᠡᠷ ᠰᠣᠴᠢᠭᠠᠨ ᠰᠡᠷᠡᠭᠡᠬᠦ ᠪᠣᠢ ᠭᠡᠮᠡᠨ ᠠᠷᠠᠰᠤᠨ ᠪᠣᠢᠲᠣᠭ ᠦᠰᠦ ᠶ᠋ᠢ ᠨᠢ ᠭᠠᠳᠠᠭᠰᠢ ᠪᠠᠨ ᠬᠠᠷᠠᠭᠤᠯᠵᠤ ᠡᠮᠦᠰᠬᠦ ᠪᠢᠯᠡ᠃ ᠴᠢᠩᠭᠢᠭᠡᠳ ᠳᠡᠭᠡᠳᠦᠰ ᠦ᠋ᠨ ᠣᠩᠭᠣᠨ ᠳ᠋ᠤ᠌ ᠪᠡᠶ᠎ᠡ ᠠᠷᠢᠭᠤᠨ ᠢᠷᠡᠬᠦ ᠶ᠋ᠢᠨ ᠤᠴᠢᠷ ᠴᠠᠭᠠᠨ ᠢᠳᠡᠭᠡᠨ ᠡᠴᠡ ᠥᠭᠡᠷ᠎ᠡ ᠶ᠋ᠢ ᠡᠰᠡ ᠬᠡᠷᠡᠭᠯᠡᠭᠰᠡᠨ ᠨᠠᠢ᠍ᠮᠠᠨ ᠬᠥᠮᠦᠨ ᠯᠡ ᠢᠷᠡᠪᠡ᠃ ᠡᠯ᠎ᠡ ᠳᠠᠭᠤ ᠬᠤᠷᠢᠶᠠᠭᠰᠠᠨ ᠴᠥᠭᠡᠨ ᠡᠷ᠎ᠡ ᠶ᠋ᠢ ᠬᠣᠲᠣᠯᠠ ᠲᠣᠯᠣᠭᠠᠢᠯᠠᠵᠤ᠂ ᠨᠡᠭᠦᠨ ᠲᠠᠢᠵᠢ ᠳᠠᠷᠠᠭᠠᠯᠠᠵᠠᠢ᠃ ᠪᠤᠭᠤᠷᠤᠯ ᠬᠠᠭᠠᠨ ᠤ᠋ ᠬᠥᠪᠡᠭᠦᠳ ᠬᠢᠭᠡᠳ ᠠᠴᠢ ᠨᠠᠷ ᠢ᠋ ᠲᠥᠯᠥᠭᠡᠯᠡᠵᠦ ᠡᠨᠡ ᠬᠣᠶᠠᠷ ᠬᠥᠮᠦᠨ ᠶᠠᠪᠤᠬᠤ ᠠᠪᠠᠢ᠃ ᠪᠣᠢᠲᠣᠭ ᠲᠠᠢ ᠤᠴᠢᠷ ᠮᠥᠷ ᠡᠰᠡ ᠦᠯᠡᠳᠡᠬᠦ᠂ ᠴᠠᠭᠠᠨ ᠢᠳᠡᠭᠡ ᠬᠦᠷᠲᠡᠭᠡᠬᠦ ᠶ᠋ᠢᠨ ᠨᠢᠭᠦᠯᠲᠦ ᠦᠨᠦᠷ ᠦᠯᠦ ᠭᠠᠷᠬᠤ ᠪᠢᠴᠢᠬᠠᠨ ᠪᠠᠭ ᠤ᠋ᠨ ᠬᠠᠮᠤᠭ ᠤ᠋ᠨ ᠭᠣᠣᠯ ᠬᠥᠮᠦᠨ ᠨᠢ ᠬᠥᠩᠬᠥᠷ ᠬᠣᠷᠴᠢ ᠪᠣᠯᠵᠤ ᠲᠠᠭᠠᠷᠠᠪᠠ᠃ ᠲᠡᠷᠡ ᠪᠡᠷ ᠵᠢᠰᠦ ᠲᠠᠨᠢᠬᠤ ᠡᠪᠦᠭᠡᠨ ᠬᠤᠱ᠌ᠢ᠂ ᠬᠠᠳᠠᠨ ᠴᠣᠬᠢᠶ᠎ᠠ ᠪᠠᠷ ᠪᠠᠷᠢᠮᠵᠢᠶᠠᠯᠠᠨ᠂ ᠨᠢᠳᠦᠯᠡᠵᠦ ᠠᠪᠤᠭᠰᠠᠨ ᠴᠢᠯᠠᠭᠤ᠂ ᠬᠠᠢᠷᠭᠤ ᠪᠠᠷ ᠬᠦᠷᠲᠡᠯ᠎ᠡ ᠵᠦᠭ ᠴᠢᠭ ᠠᠪᠤᠨ ᠪᠦᠲᠦᠨ ᠬᠣᠶᠠᠷ ᠡᠳᠦᠷ ᠶᠠᠪᠤᠵᠤ᠂ ᠳᠠᠷᠠᠭ᠎ᠠ ᠡᠳᠦᠷ ᠦ᠋ᠨ ᠬᠠᠷᠤᠢ ᠪᠦᠷᠦᠢ ᠪᠡᠷ ᠶᠡᠬᠡ ᠠᠭᠤᠯᠠᠰ ᠤ᠋ᠨ ᠳᠤᠮᠳᠠᠬᠢ ᠨᠠᠮ ᠭᠦᠮᠬᠡᠨ ᠭᠠᠵᠠᠷ ᠢᠷᠡᠯ᠎ᠡ᠃ ᠰᠢᠪᠠᠭᠤ ᠴᠤ᠌ ᠦᠯᠦ ᠦᠵᠡᠭᠳᠡᠬᠦ ᠪᠣᠢᠳᠠ ᠣᠷᠣᠨ ᠠᠵᠢ᠃ ᠬᠥᠩᠬᠥᠷ ᠬᠣᠷᠴᠢ ᠪᠠᠭᠤᠨ ᠬᠠᠷᠠᠢᠵᠤ ᠰᠥᠭᠥᠳᠦᠨ ᠨᠠᠮ ᠭᠦᠮ ᠪᠣᠯᠪᠠ᠃ ᠶᠡᠬᠡᠰ᠂ ᠳᠡᠭᠡᠳᠦᠰ ᠮᠥᠩᠬᠡ ᠶ᠋ᠢᠨ ᠨᠣᠢᠷ ᠢ᠋ᠶ᠋ᠠᠷ ᠡᠯ᠎ᠡ ᠬᠥᠷᠥᠰᠥᠨ ᠳᠣᠣᠷ᠎ᠠ ᠣᠷᠣᠰᠢᠵᠤ ᠪᠣᠢ ᠠᠵᠢ ᠠ᠋᠃ ᠡᠪᠦᠳᠦᠭ ᠴᠢᠨᠡᠭᠡ ᠲᠠᠲᠠᠭᠰᠠᠨ ᠶᠡᠬᠡ ᠡᠪᠡᠰᠦ ᠲᠡᠢ᠂ ᠨᠠᠷᠠᠨ ᠡᠭᠡᠪᠦᠷ ᠭᠠᠵᠠᠷ ᠶᠤᠮ᠃ ᠬᠣᠲᠣᠯᠠ᠂ ᠳᠠᠷᠠᠭ᠎ᠠ ᠨᠢ ᠨᠡᠭᠦᠨ ᠲᠠᠢᠵᠢ ᠴᠢᠮᠡᠭᠡ ᠦᠭᠡᠢ ᠰᠥᠭᠥᠳᠬᠦ ᠳ᠋ᠦ᠍ ᠵᠢᠷᠭᠤᠭᠠᠨ ᠴᠡᠷᠢᠭ ᠳᠠᠭᠠᠯᠳᠤᠪᠠ᠃ ᠬᠥᠩᠬᠥᠷ ᠬᠣᠷᠴᠢ ᠭᠠᠵᠠᠷ ᠲᠤ᠌ ᠶᠠᠮᠠᠷ ᠨᠢᠭᠡ ᠶᠠᠭᠤᠮ᠎ᠠ ᠤᠴᠢᠷᠯᠠᠨ ᠰᠢᠪᠡᠨᠡᠬᠦ ᠮᠡᠲᠦ ᠰᠢᠷᠣᠢ ᠳ᠋ᠤ᠌ ᠳᠤᠬᠤ ᠪᠠᠨ ᠨᠠᠭᠠᠨ ᠤᠳᠠᠭᠠᠨ ᠵᠠᠯᠪᠠᠷᠢᠯ᠎ᠠ᠃ ᠴᠢᠩᠭᠢᠭᠰᠡᠨ ᠢ᠋ᠶ᠋ᠡᠨ ᠬᠣᠶᠠᠷ ᠭᠠᠷ ᠢ᠋ᠶ᠋ᠠᠨ ᠲᠩᠷᠢ ᠳ᠋ᠦ᠍ ᠰᠡᠷᠪᠡᠢᠨ᠂
— ᠮᠥᠩᠬᠡ ᠬᠥᠬᠡ ᠲᠩᠷᠢ ᠮᠢᠨᠢ
ᠮᠥᠷᠭᠥᠨ ᠭᠤᠶᠤᠶ᠎ᠠ᠂ ᠥᠷᠥᠰᠢᠶᠡᠨ ᠰᠣᠶᠣᠷᠬ᠎ᠠ
ᠬᠠᠮᠤᠭ ᠮᠣᠩᠭᠣᠯ ᠤ᠋ᠨ ᠬᠠᠭᠠᠨ ᠣᠳᠣ
ᠬᠠᠷᠪᠤᠨ ᠣᠳᠤᠯ᠎ᠠ᠂ ᠥᠷᠥᠰᠢᠶᠡᠨ ᠰᠣᠶᠣᠷᠬ᠎ᠠ᠁ ᠭᠡᠮᠡᠨ ᠠᠶᠠᠯᠤᠭᠤᠯᠤᠨ ᠭᠤᠶᠤᠭᠰᠠᠨ ᠢ᠋ᠶ᠋ᠠᠨ ᠬᠥᠪᠴᠢ ᠶ᠋ᠢᠨ ᠬᠥᠬᠡ ᠴᠢᠨᠣ᠎ᠠ ᠮᠡᠲᠦ ᠰᠠᠨᠵᠠᠢ᠃ ᠶᠡᠬᠡ ᠣᠪᠣᠭ ᠤ᠋ᠨ ᠰᠦᠷᠯᠢᠭ ᠳᠠᠭᠤᠳᠠᠯᠭ᠎ᠠ ᠠᠭᠤᠯᠠ ᠬᠠᠳᠠᠨ᠎ᠠ ᠰᠢᠩᠭᠡᠬᠦ ᠮᠡᠲᠦ ᠨᠠᠮ ᠭᠦᠮ ᠪᠣᠯᠬᠤ ᠳ᠋ᠤ᠌ ᠬᠥᠩᠬᠥᠷ ᠬᠣᠷᠴᠢ ᠦᠰᠦ ᠲᠡᠢ ᠳᠡᠪᠡᠯ ᠦ᠋ᠨ ᠢ᠋ᠶ᠋ᠡᠨ ᠳᠠᠯᠪᠠᠭᠠᠷ ᠨᠢᠳᠤᠷᠭᠠᠨ ᠠ᠋ᠴᠠ ᠪᠤᠭᠤ ᠶ᠋ᠢᠨ ᠱᠣᠷᠣ ᠡᠪᠡᠷ ᠭᠠᠷᠭᠠᠭᠰᠠᠨ ᠢ᠋ᠶ᠋ᠠᠨ ᠬᠣᠶᠠᠷ ᠭᠤᠷᠪᠠᠨ ᠭᠡᠷ ᠦ᠋ᠨ ᠪᠠᠭᠤᠷᠢᠨ ᠴᠢᠨᠡᠭᠡ ᠲᠣᠮᠣ ᠭᠠᠵᠠᠷ ᠲᠣᠭᠣᠷᠢᠭ ᠲᠠᠲᠠᠯ᠎ᠠ᠃ ᠡᠨᠳᠡ ᠶᠡᠬᠡ ᠬᠠᠭᠠᠨ ᠮᠥᠩᠬᠡᠵᠢᠨ ᠣᠷᠣᠰᠢᠬᠤ ᠠᠵᠢ᠃ ᠭᠦᠨ ᠰᠦᠰᠦᠭ ᠢ᠋ᠶ᠋ᠡᠷ ᠭᠦᠶᠦᠨ ᠠᠯᠳᠠᠵᠤ ᠭᠠᠵᠠᠷ ᠵᠢᠷᠤᠬᠤ ᠬᠣᠷᠴᠢ ᠶ᠋ᠢ ᠨᠡᠭᠦᠨ ᠲᠠᠢᠵᠢ ᠳᠠᠰᠢᠮᠠᠭ ᠲᠠᠢ ᠰᠦ ᠲᠣᠰᠤᠩᠨᠠᠭᠤᠯᠤᠨ ᠳᠠᠭᠠᠪᠠ᠃ ᠡᠢᠨ ᠬᠤᠷᠮᠤᠰᠲᠠ ᠲᠩᠷᠢ ᠡᠴᠡ ᠭᠠᠵᠠᠷ ᠭᠤᠶᠤᠵᠤ ᠠᠪᠤᠭᠰᠠᠨ ᠢ᠋ᠶ᠋ᠠᠷ ᠥᠨᠥᠬᠢ ᠣᠢ ᠶ᠋ᠢᠨ ᠭᠠᠴᠤᠷ᠎ᠠ ᠰᠢᠭ᠋ ᠭᠤᠸᠠᠯᠢᠭ ᠡᠷᠡᠰ ᠦ᠋ᠨ ᠠᠵᠢᠯ ᠡᠬᠢᠯᠡᠵᠡᠢ᠃ ᠪᠠᠭᠠᠬᠠᠨ ᠰᠢᠭ᠋ ᠬᠣᠲᠠ ᠠᠢᠯ ᠤ᠋ᠨ ᠪᠠᠭᠤᠳᠠᠯ ᠪᠠᠢᠵᠤ ᠪᠣᠯᠬᠤ ᠪᠠᠷ ᠥᠷᠭᠡᠨ ᠭᠠᠵᠠᠷ ᠢ᠋ ᠪᠣᠰᠤᠭ᠎ᠠ ᠬᠥᠮᠦᠨ ᠦ᠌ ᠮᠥᠷᠦᠨ ᠳᠡᠭᠡᠷ᠎ᠡ ᠭᠢᠰᠬᠢᠵᠦ ᠭᠠᠷᠬᠤᠢᠴᠠ ᠭᠦᠨᠵᠡᠭᠡᠢᠯᠡᠪᠡ᠃ ᠵᠤᠨ ᠤ᠋ ᠬᠤᠷ᠎ᠠ ᠪᠣᠷᠣᠭᠠᠨ ᠤ᠋ ᠴᠢᠭᠢᠭ ᠠᠷᠪᠢᠨ᠂ ᠲᠡᠭᠡᠭᠡᠳ ᠴᠦ᠍ ᠪᠤᠶᠠᠨ ᠲᠠᠢ ᠬᠥᠮᠦᠨ ᠦ᠌ ᠭᠠᠵᠠᠷ ᠴᠢᠯᠠᠭᠤ ᠦᠭᠡᠢ ᠲᠠᠭᠠᠷᠠᠭᠰᠠᠨ ᠲᠤᠯᠠ ᠬᠢᠷᠢ ᠳ᠋ᠡᠭᠡᠨ ᠬᠤᠷᠳᠤᠨ ᠤᠬᠤᠵᠠᠢ᠃ ᠴᠢᠩᠭᠢᠭᠡᠳ ᠨᠣᠢᠲᠠᠨ ᠬᠠᠨ᠎ᠠ ᠶ᠋ᠢ ᠨᠢ ᠬᠠᠭᠤᠷᠠᠢ ᠱᠤᠷᠭᠠᠭ ᠢ᠋ᠶ᠋ᠠᠷ ᠨᠢᠮᠪᠠᠢ ᠳᠣᠲᠣᠷᠯᠠᠨ ᠭᠠᠵᠠᠷ ᠳᠣᠣᠷᠠᠬᠢ ᠮᠣᠳᠣᠨ ᠬᠠᠷᠰᠢ ᠮᠡᠲᠦ ᠶ᠋ᠢ ᠬᠢᠪᠡ᠃ ᠳᠠᠷᠠᠭ᠎ᠠ ᠨᠢ ᠨᠦᠬᠡᠨ ᠦ᠌ ᠢᠷᠣᠭᠠᠷ ᠲᠤ᠌ ᠬᠠᠪᠲᠠᠭᠠᠢ ᠴᠢᠯᠠᠭᠤ ᠦ᠋ ᠦᠭᠡᠢ ᠲᠡᠭᠰᠢᠬᠡᠨ ᠥᠷᠥᠵᠦ ᠱᠠᠯᠠᠯᠠᠭᠠᠳ᠂ ᠳᠡᠭᠡᠷ᠎ᠡ ᠨᠢ ᠠᠷᠴᠠᠨ ᠤ᠋ ᠮᠥᠴᠢᠷ ᠵᠣᠯᠠᠵᠤ ᠠᠩᠬᠢᠯᠤᠭᠤᠨ ᠲᠠᠩᠰᠤᠭ ᠤᠷᠲᠤ ᠥᠷᠭᠥᠭᠡ ᠮᠡᠲᠦ ᠪᠣᠯᠭᠠᠯ᠎ᠠ᠃ ᠶᠡᠷᠦ ᠬᠣᠶᠠᠷ ᠪᠦᠲᠦᠨ ᠡᠳᠦᠷ ᠬᠡᠨ ᠴᠦ᠍ ᠡᠰᠡ ᠳᠤᠤᠭᠠᠷᠴᠠᠢ᠃ ᠠᠮᠠ ᠴᠠᠩᠭᠠᠵᠤ ᠬᠡᠮᠡᠨ᠎ᠡ ᠰᠦ ᠵᠠᠯᠭᠢᠯᠠᠭᠠᠳ᠂ ᠡᠷᠬᠢᠮᠰᠦᠭ ᠬᠦᠨᠳᠦᠲᠡᠢ ᠠᠯᠪᠠᠨ ᠳ᠋ᠠᠭᠠᠨ ᠠᠨᠢᠷ ᠴᠢᠮᠡᠭᠡ ᠦᠭᠡᠢ ᠵᠢᠳᠬᠦᠬᠦ ᠠᠵᠢ᠃ ᠰᠡᠭᠦᠯᠴᠢ ᠶ᠋ᠢᠨ ᠱᠤᠷᠭᠠᠭ ᠪᠤᠰᠬᠠᠵᠤ᠂ ᠡᠴᠦᠰ ᠦ᠋ᠨ ᠪᠡᠬᠢᠯᠡᠭᠡ ᠪᠡᠨ ᠬᠢᠭᠰᠡᠨ ᠡᠷᠡᠰ ᠨᠡᠭᠦᠨ ᠲᠠᠢᠵᠢ ᠶ᠋ᠢᠨ ᠤᠨᠵᠢᠭᠤᠯᠵᠤ ᠦᠭᠭᠦᠭᠰᠡᠨ ᠡᠷ᠎ᠡ ᠬᠠᠷ᠎ᠠ ᠰᠤᠷ ᠳᠠᠮᠵᠢᠨ ᠭᠠᠷᠴᠤ ᠢᠷᠡᠯ᠎ᠡ᠃ ᠲᠡᠭᠡᠭᠡᠳ ᠪᠠᠰᠠ ᠯᠠ ᠦᠭᠡ ᠰᠣᠯᠢᠭᠰᠠᠨ ᠦᠭᠡᠢ᠂ ᠠᠨᠢᠷ ᠦᠭᠡᠢ ᠭᠢᠯᠠᠯᠵᠠᠬᠤ ᠬᠠᠷᠠᠴᠠ ᠪᠠᠷ ᠢ᠋ᠶ᠋ᠠᠨ ᠦᠭᠡ ᠦᠭᠡᠢ ᠣᠢᠯᠠᠭᠠᠯᠴᠠᠵᠤ᠂ ᠶᠡᠬᠡ ᠣᠩᠭᠣᠨ ᠤ᠋ ᠳᠡᠷᠭᠡᠳᠡ ᠬᠣᠷᠴᠢ ᠦᠯᠡᠳᠡᠭᠡᠳ ᠪᠤᠰᠤᠳ ᠨᠢ ᠮᠣᠷᠳᠠᠨ ᠤᠷᠤᠭᠤᠳᠠᠵᠠᠢ᠃ ᠬᠥᠩᠬᠥᠷ ᠬᠣᠷᠴᠢ ᠪᠣᠯ ᠵᠢᠰᠦ ᠲᠠᠨᠢᠳᠠᠭ ᠬᠥᠮᠦᠨ ᠮᠡᠲᠦ ᠪᠣᠯᠤᠭᠰᠠᠨ ᠲᠡᠮᠳᠡᠭᠲᠦ ᠮᠣᠳᠣ ᠪᠠᠷ ᠪᠠᠷᠢᠮᠵᠢᠶᠠᠯᠠᠨ ᠡᠯ᠎ᠡ ᠭᠠᠵᠠᠷ ᠢ᠋ ᠣᠯᠳᠠᠭ ᠪᠢᠯᠡ᠃ ᠬᠠᠷᠢᠨ ᠪᠤᠴᠠᠬᠤ ᠬᠠᠷᠭᠤᠢ ᠶ᠋ᠢ ᠬᠥᠮᠦᠨ ᠦ᠌ ᠪᠠᠭ᠎ᠠ ᠭᠡᠮᠡᠨ ᠨᠡᠭᠦᠨ ᠲᠠᠢᠵᠢ ᠨᠢᠳᠦᠯᠡᠬᠦ ᠤᠴᠢᠷ ᠲᠠᠢ ᠪᠥᠯᠥᠭᠡ᠃ ᠳᠠᠢᠯᠭ᠎ᠠ ᠶ᠋ᠢᠨ ᠴᠠᠭ ᠲᠤ᠌ ᠬᠥᠩᠬᠥᠷ ᠬᠣᠷᠴᠢ᠂ ᠠᠯᠲᠠᠨ ᠤᠷᠤᠭ ᠤ᠋ᠨ ᠬᠢᠨ ᠡᠴᠡ ᠴᠥᠭᠡᠪᠦᠷᠢ ᠬᠥᠮᠦᠨ ᠳᠠᠭᠠᠭᠤᠯᠤᠨ ᠢᠷᠡᠵᠦ ᠲᠠᠢᠲᠠᠭ ᠠᠵᠢ᠃ ᠶᠡᠷᠦ ᠨᠡᠭᠦᠨ ᠲᠠᠢᠵᠢ ᠶ᠋ᠢ ᠮᠡᠳᠡᠭᠡ ᠣᠷᠣᠬᠤ ᠶ᠋ᠢᠨ ᠯᠡ ᠬᠥᠩᠬᠥᠷ ᠬᠣᠷᠴᠢ ᠬᠡᠮᠡᠬᠦ ᠦᠰᠦ ᠲᠡᠢ ᠳᠡᠪᠡᠯ ᠲᠡᠢ᠂ ᠦᠨᠡᠭᠡᠨ ᠯᠣᠪᠤᠤᠵᠠ ᠲᠠᠢ ᠬᠥᠮᠦᠨ ᠪᠠᠢᠪᠠ᠃ ᠣᠷᠴᠢᠯᠠᠩ ᠳᠡᠯᠡᠬᠡᠢ ᠳ᠋ᠦ᠍ ᠡᠪᠦᠭᠡᠨ ᠴᠢᠭ ᠢ᠋ᠶ᠋ᠡᠷ ᠢ᠋ᠶ᠋ᠡᠨ ᠲᠥᠷᠥᠭᠰᠡᠨ ᠮᠡᠲᠦ ᠰᠠᠨᠠᠭᠳᠠᠬᠤ ᠨᠢᠭᠡᠨ ᠪᠢᠯᠡ᠃ ᠶᠡᠷᠦ ᠠᠩᠬ᠎ᠠ ᠡᠪᠡᠳᠴᠡᠲᠠᠢ᠂ ᠰᠣᠯᠢᠶ᠎ᠠ ᠲᠠᠢ ᠠᠮᠢᠲᠠᠨ ᠪᠢᠵᠡ ᠭᠡᠮᠡᠨ ᠦᠯᠦ ᠲᠣᠭᠣᠮᠰᠠᠷᠯᠠᠭᠰᠠᠨ ᠨᠢ ᠪᠣᠢ᠃ ᠭᠡᠲᠡᠯ᠎ᠡ ᠲᠩᠷᠢ ᠪᠣᠯᠤᠭᠠᠴᠢ ᠬᠠᠭᠠᠨᠲᠠᠨ᠂
— ᠨᠡᠭᠦᠨ᠂ ᠴᠢ ᠬᠣᠷᠴᠢ ᠶ᠋ᠢ ᠶᠠᠭᠤᠨ ᠳ᠋ᠤ᠌ ᠡᠰᠡ ᠲᠣᠭᠣᠮᠰᠠᠷᠯᠠᠨᠠ ᠪᠣᠢ? ᠡᠮᠦᠰᠦᠭᠰᠡᠨ ᠬᠤᠪᠴᠠᠰᠤ ᠪᠠᠷ ᠬᠥᠮᠦᠨ ᠢ᠋ ᠪᠤᠤ ᠳ᠋ᠤᠭᠠᠷᠯᠠᠭᠲᠤᠨ! ᠳᠠᠬᠤᠨ ᠳᠣᠣᠷ᠎ᠠ ᠡᠷ᠎ᠡ ᠶᠠᠪᠤᠭ᠎ᠠ ᠨᠢ ᠴᠠᠭᠠᠳᠤ ᠬᠢ ᠴᠢᠨᠢ ᠶᠦᠮ ᠰᠢᠦ᠁ ᠬᠡᠮᠡᠵᠦ ᠠᠪᠠᠢ᠃ ᠬᠠᠮᠤᠭ ᠮᠣᠩᠭᠣᠯ ᠲᠥᠷᠥ ᠶ᠋ᠢᠨ ᠬᠣᠷᠴᠢ ᠪᠠᠨ ᠦᠬᠡᠷ ᠤᠨᠤᠭᠰᠠᠨ ᠭᠤᠶᠤᠯᠭᠠᠴᠢᠨ ᠳᠦᠷᠢ ᠪᠡᠷ ᠨᠢᠭᠤᠵᠤ ᠶᠠᠪᠤᠭᠰᠠᠨ ᠨᠢ ᠡᠨᠡ ᠪᠢᠵᠡ᠃ ᠶᠡᠷᠦ ᠬᠣᠷᠴᠢ ᠬᠣᠭᠣᠰᠣᠨ ᠦᠭᠡᠢ ᠡᠷ᠎ᠡ ᠶᠦ᠍ᠮ ᠭᠡᠵᠦ ᠪᠣᠳᠣᠵᠤ ᠶᠠᠪᠤᠯ᠎ᠠ᠃ ᠨᠡᠭᠦᠨ ᠲᠠᠢᠵᠢ ᠲᠦᠷᠦᠭᠦᠯᠡᠨ ᠭᠠᠵᠠᠷᠴᠢᠯᠠᠵᠤ᠂ ᠵᠢᠷᠭᠤᠭᠠᠨ ᠡᠷ᠎ᠡ ᠰᠢᠯᠢ ᠰᠢᠯᠢ ᠪᠡᠨ ᠬᠠᠷᠠᠨ ᠴᠤᠪᠤᠵᠤ᠂ ᠬᠠᠮᠤᠭ ᠤ᠋ᠨ ᠰᠡᠭᠦᠯ ᠳ᠋ᠦ᠍ ᠬᠣᠲᠣᠯᠠ ᠨᠣᠶᠠᠨ ᠬᠠᠰᠢᠵᠤ ᠤᠷᠤᠭᠤᠳᠠᠪᠠ᠃ ᠠᠭᠤᠯᠠ ᠤᠷᠤᠭᠤ ᠪᠠᠭᠤᠬᠤ ᠨᠢ ᠶ᠋ᠢ ᠥᠭᠰᠥᠬᠦ ᠡᠴᠡ ᠶᠠᠷᠰᠢᠭ ᠲᠠᠢ ᠶᠤᠮ᠃ ᠲᠡᠳᠡ ᠦᠷ ᠢ᠋ᠶ᠋ᠡᠷ ᠶᠠᠪᠠᠭᠠᠨ ᠪᠠᠭᠤᠵᠤ ᠶᠡᠬᠡ ᠦᠳᠡ ᠶ᠋ᠢᠨ ᠠᠯᠲᠠ ᠳ᠋ᠤ᠌ ᠬᠠᠳᠠᠨ ᠬᠣᠩᠭᠢᠯ ᠳ᠋ᠤ᠌ ᠬᠠᠰᠢᠵᠤ ᠣᠷᠬᠢᠭᠰᠠᠨ ᠤᠨᠤᠭᠠᠨ ᠳ᠋ᠠᠭᠠᠨ ᠬᠦᠷᠪᠡ᠃ ᠨᠡᠭᠦᠨ ᠲᠠᠢᠵᠢ ᠲᠥᠭᠡᠷᠢᠭᠦᠵᠡᠢ ᠭᠡᠮᠡᠨ ᠳᠣᠲᠣᠷ᠎ᠠ ᠪᠠᠨ ᠵᠣᠪᠠᠨᠢᠵᠤ ᠶᠠᠪᠤᠭᠰᠠᠨ ᠨᠢ ᠲᠠᠢᠯᠤᠭᠳᠠᠵᠤ᠂ ᠡᠷᠬᠡᠪᠰᠢ ᠥᠪᠡᠷ ᠢ᠋ ᠨᠢ ᠳᠠᠭᠠᠵᠤ ᠶᠠᠪᠤᠭᠰᠠᠨ ᠤ᠋ ᠬᠡᠷᠡᠭ ᠢ᠋ ᠭᠠᠷᠭᠠᠭᠰᠠᠨ ᠳ᠋ᠠᠭᠠᠨ ᠪᠠᠶᠠᠷᠯᠠᠵᠠᠢ᠃ ᠨᠠᠢ᠍ᠮᠠᠨ ᠬᠦᠯᠦᠭ ᠮᠣᠷᠢ ᠦᠷ ᠦ᠋ᠨ ᠬᠢᠷᠠᠭᠤᠨ ᠳ᠋ᠤ᠌ ᠴᠣᠬᠢᠭᠤᠯᠵᠤ᠂ ᠥᠷᠯᠥᠭᠡᠨ ᠦ᠌ ᠵᠢᠪᠠᠷ ᠲᠤ᠌ ᠬᠠᠭᠠᠷᠢᠭᠳᠠᠨ ᠪᠥᠮᠪᠥᠷᠢᠲᠡᠯ᠎ᠡ ᠴᠡᠴᠡᠷᠡᠵᠦ ᠪᠠᠢᠯ᠎ᠠ᠃ ᠬᠥᠩᠬᠥᠷ ᠬᠣᠷᠴᠢ ᠶ᠋ᠢᠨ ᠶᠡᠬᠡ ᠬᠠᠷ᠎ᠠ ᠦᠰᠦ ᠲᠡᠢ ᠬᠠᠷ᠎ᠠ ᠰᠠᠷᠯᠤᠭ ᠯᠠ ᠶᠡᠷᠦ ᠶᠠᠭᠤ ᠴᠣ ᠪᠣᠯᠤᠭ᠎ᠠ ᠦᠭᠡᠢ ᠮᠡᠲᠦ ᠠᠢᠪᠠᠨ ᠲᠠᠢᠪᠤᠩ ᠬᠡᠪᠢᠵᠦ ᠵᠣᠭᠰᠣᠪᠠ᠃ ᠡᠢᠨ ᠬᠥᠯ ᠳᠡᠭᠦᠵᠢᠯᠡᠬᠦ ᠤᠨᠤᠭ᠎ᠠ ᠲᠠᠢ ᠪᠣᠯᠤᠭᠰᠠᠨ ᠡᠷᠡᠰ ᠵᠢᠯᠣᠭᠣ ᠲᠠᠲᠠᠯ ᠦᠭᠡᠢ ᠣᠢ ᠰᠦᠯᠵᠢᠨ ᠤᠷᠤᠭᠤᠳᠠᠵᠤ᠂ ᠰᠥᠨᠢ ᠶ᠋ᠢᠨ ᠰᠠᠷ᠎ᠠ ᠲᠠᠢ ᠵᠣᠯᠭᠠᠯ᠎ᠠ᠃ ᠶᠡᠬᠡ ᠠᠭᠤᠯᠠᠰ ᠤ᠋ᠨ ᠪᠠᠯ ᠤᠷᠤᠭᠤ ᠣᠷᠣᠵᠤ ᠢᠷᠡᠭᠰᠡᠨ ᠲᠤᠯᠠ ᠮᠣᠷᠢᠳ ᠤ᠋ᠨ ᠲᠤᠭᠤᠷᠠᠢ ᠳ᠋ᠤ᠌ ᠬᠠᠢᠷᠭᠤ ᠴᠢᠯᠠᠭᠤ ᠬᠠᠷᠰᠢᠵᠤ ᠡᠬᠢᠯᠡᠵᠡᠢ᠃ ᠰᠥᠨᠢ ᠶ᠋ᠢᠨ ᠠᠨᠢᠷ ᠭᠦᠮ ᠢ᠋ ᠡᠪᠳᠡᠬᠦ ᠡᠯ᠎ᠡ ᠴᠢᠮᠡᠭᠡ ᠪᠤᠷᠭᠠᠰᠤᠨ ᠰᠢᠭᠤᠢ ᠳ᠋ᠤ᠌ ᠪᠦᠭᠭᠦᠵᠦ ᠰᠠᠭᠤᠭᠰᠠᠨ ᠤᠲᠤᠭᠤᠯ ᠡᠷᠡᠰ ᠲᠦ᠍ ᠦᠬᠦᠯ ᠡᠭᠦᠳᠬᠦ ᠳᠣᠬᠢᠶ᠎ᠠ ᠪᠠᠢᠪᠠ᠃ ᠰᠠᠷᠠᠨ ᠤ᠋ ᠭᠡᠷᠡᠯ ᠬᠠᠯᠬᠠᠯᠠᠭᠰᠠᠨ ᠮᠥᠴᠢᠷ ᠳᠣᠣᠭᠤᠷ ᠰᠢᠷᠭᠤᠨ ᠵᠢᠳᠬᠦᠭᠰᠡᠭᠡᠷ ᠠᠷᠠᠢ ᠬᠢᠨ ᠭᠡᠭᠡ ᠲᠡᠢ ᠭᠠᠵᠠᠷ ᠭᠠᠷᠴᠤ ᠢᠷᠡᠲᠡᠯ᠎ᠡ ᠬᠡᠪ ᠭᠡᠨᠡᠳᠲᠡ ᠰᠤᠮᠤ ᠱᠤᠩᠭᠢᠨᠠᠨ ᠢᠰᠬᠡᠷᠴᠦ ᠨᠡᠭᠦᠨ ᠲᠠᠢᠵᠢ ᠶ᠋ᠢ ᠬᠠᠷᠠᠭᠰᠠᠭᠠᠷ ᠪᠠᠢᠲᠠᠯ᠎ᠠ ᠨᠢᠭᠡ᠂ ᠬᠣᠶᠠᠷ᠂ ᠭᠤᠷᠪᠠᠨ ᠡᠷ᠎ᠡ ᠦᠬᠦᠳᠬᠢᠨ ᠤᠨᠠᠬᠤ ᠳ᠋ᠤ᠌᠂
— ᠬᠣᠲᠣᠯᠠ! ᠭᠡᠮᠡᠨ ᠬᠠᠰᠬᠢᠷᠤᠭᠠᠳ ᠦᠷᠭᠦᠨ ᠡᠷᠭᠢᠴᠡᠬᠦ ᠮᠣᠷᠢ ᠪᠠᠨ ᠳᠠᠪᠢᠴᠢᠨ ᠵᠢᠯᠣᠭᠣ ᠪᠠᠨ ᠳᠤᠭᠲᠤᠴᠢᠨ ᠰᠠᠨᠳᠤᠷᠬᠤ ᠳ᠋ᠤ᠌ ᠬᠣᠲᠣᠯᠠ ᠴᠤᠯᠪᠤᠭᠤᠷᠳᠠᠨ ᠠᠪᠴᠤ᠂
— ᠴᠢᠮᠡᠭᠡ ᠪᠡᠨ ᠠᠶᠠᠳᠠ! ᠲᠩᠷᠢ ᠶ᠋ᠢᠨ ᠵᠠᠷᠯᠢᠭ ᠡᠢᠮᠦ ᠶᠦᠮ! ᠭᠡᠳ ᠡᠷᠭᠢᠨ ᠬᠠᠷᠠᠬᠤ ᠳ᠋ᠤ᠌ ᠰᠠᠶᠢᠬᠠᠨ ᠳᠥᠷᠥᠭᠡ ᠬᠠᠷᠰᠢᠭᠤᠯᠵᠤ ᠶᠠᠪᠤᠭᠰᠠᠨ ᠵᠢᠷᠭᠤᠭᠠᠨ ᠰᠠᠢᠬᠠᠨ ᠡᠷ᠎ᠡ ᠴᠢᠰᠤ ᠨᠥᠵᠢ ᠲᠡᠢ ᠪᠡᠨ ᠬᠣᠯᠢᠯᠳᠤᠨ ᠠᠮᠢᠰᠬᠤᠭ᠎ᠠ ᠬᠤᠷᠢᠶᠠᠵᠤ ᠪᠠᠢᠯ᠎ᠠ᠃ ᠨᠡᠭᠦᠨ ᠲᠠᠢᠵᠢ ᠶ᠋ᠢᠨ ᠴᠡᠭᠡᠵᠢ ᠳᠣᠲᠣᠷ᠎ᠠ ᠵᠢᠷᠦᠬᠡ ᠭᠡᠭᠴᠢ ᠶᠠᠭᠤᠮ᠎ᠠ ᠪᠠᠢᠬᠤ ᠦᠭᠡᠢ᠂ ᠡᠵᠡᠭᠦᠢ ᠪᠣᠯᠤᠭᠰᠠᠨ ᠮᠡᠲᠦ ᠬᠣᠭᠣᠰᠣᠷᠠᠵᠠᠢ᠃ ᠬᠣᠲᠣᠯᠠ ᠠᠷᠭᠠᠳᠠᠩᠭᠤᠢ ᠳᠠᠭᠤ ᠪᠠᠷ᠂
— ᠢᠩᠭᠢᠬᠦ ᠶ᠋ᠢ ᠲᠩᠷᠢ ᠳᠠᠭᠠᠯᠠᠭᠰᠠᠨ ᠶᠤᠮ! ᠭᠡᠬᠦ ᠦᠶᠡᠰ ᠪᠤᠷᠭᠠᠰᠤ ᠱᠠᠷᠵᠢᠭᠢᠨᠠᠨ ᠬᠤᠭᠤᠷᠠᠵᠤ ᠬᠠᠩᠭᠠᠢ ᠰᠢᠭ᠋ ᠬᠦᠳᠡᠷ ᠡᠷᠡᠰ ᠭᠠᠷᠴᠤ ᠢᠷᠡᠯ᠎ᠡ᠃ ᠲᠡᠳᠡᠨ ᠦ᠌ ᠲᠡᠷᠢᠭᠦᠨ ᠳ᠋ᠦ᠍ ᠬᠦ ᠬᠤᠶᠠᠭ ᠠᠭᠰᠠᠵᠤ᠂ ᠬᠠᠷ᠎ᠠ ᠨᠤᠮᠤ ᠪᠠᠷᠢᠭᠰᠠᠨ ᠶᠢᠰᠦᠭᠡᠢ ᠪᠠᠭᠠᠲᠤᠷ ᠵᠣᠭᠰᠣᠵᠤ ᠪᠠᠢᠪᠠ᠃ ᠬᠣᠲᠣᠯᠠ ᠨᠣᠶᠠᠨ᠂
— ᠡᠳᠡᠨ ᠢ᠋ ᠨᠢᠳᠦᠨ ᠡᠴᠡ ᠳᠠᠯᠳᠠ ᠪᠣᠯᠭ᠎ᠠ! ᠣᠳᠣ ᠬᠤᠢᠯᠠᠭ᠎ᠠ ᠶ᠋ᠢᠨ ᠨᠡᠭᠦᠳᠡᠯ ᠨᠠᠭᠠᠰᠢᠯᠠᠭᠰᠠᠨ ᠭᠡᠳ ᠮᠣᠷᠢ ᠪᠠᠨ ᠳᠠᠪᠢᠷᠠᠨ ᠤᠷᠤᠭᠤᠳᠠᠯᠠ᠃ ᠨᠡᠭᠦᠨ ᠲᠠᠢᠵᠢ᠂ ᠠᠪᠠᠭ᠎ᠠ ᠠᠬ᠎ᠠ ᠲᠠᠢ ᠪᠠᠨ ᠬᠠᠷ᠎ᠠ ᠴᠠᠭᠠᠨ ᠳᠠᠭᠤ ᠦᠭᠡᠢ ᠬᠠᠭᠠᠰ ᠡᠳᠦᠷᠴᠢ ᠶ᠋ᠢᠨ ᠬᠢᠷᠢ ᠶᠠᠪᠤᠵᠤ ᠪᠤᠷᠬᠠᠨ ᠬᠠᠯᠳᠤᠨ ᠠᠭᠤᠯᠠ ᠶ᠋ᠢᠨ ᠥᠪᠥᠷ ᠪᠠᠯ ᠤᠷᠤᠭᠤ ᠣᠷᠣᠵᠤ ᠢᠷᠡᠬᠦ ᠦᠶᠡᠰ ᠤᠷᠲᠤ ᠠ᠋ᠴᠠ ᠨᠢ ᠬᠣᠨᠢ ᠮᠠᠢᠯᠠᠵᠤ᠂ ᠦᠬᠡᠷ ᠮᠥᠭᠡᠷᠡᠬᠦ᠂ ᠡᠮᠡᠰ ᠥᠬᠢᠳ ᠤᠬᠢᠯᠠᠬᠤ ᠨᠡᠢᠯᠡᠵᠦ ᠲᠡᠷᠡ ᠭᠡᠬᠦ ᠶ᠋ᠢᠨ ᠲᠡᠮᠳᠡᠭ ᠦᠭᠡᠢ ᠶᠡᠬᠡ ᠴᠢᠮᠡᠭᠡ ᠱᠤᠤᠭᠢᠶᠠᠨ ᠨᠠᠭᠠᠰᠢᠯᠠᠵᠤ ᠶᠠᠪᠤᠯ᠎ᠠ᠃ ᠲᠦᠳᠡᠬᠡᠨ ᠠᠷᠠᠮᠠᠭ ᠲᠠᠷᠠᠮᠠᠭ ᠮᠣᠳᠣ ᠲᠠᠢ ᠬᠣᠰᠢᠭᠤ ᠣᠷᠢᠶᠠᠨ ᠶᠡᠬᠡ ᠨᠡᠭᠦᠳᠡᠯ ᠬᠥᠰᠬᠡ ᠶ᠋ᠢᠨ ᠪᠠᠷ᠎ᠠ ᠭᠠᠷᠴᠤ ᠢᠷᠡᠪᠡ᠃ ᠬᠤᠢᠯᠠᠭ᠎ᠠ ᠳ᠋ᠤ᠌ ᠬᠡᠷᠡᠭᠯᠡᠨ᠎ᠡ ᠭᠡᠮᠡᠨ ᠬᠠᠷ᠎ᠠ ᠬᠠᠯᠵᠠᠨ ᠢᠷᠭᠡ ᠪᠡᠨ ᠵᠢᠰᠦᠯᠡᠨ ᠰᠢᠯᠢᠵᠦ᠂ ᠬᠠᠭᠠᠨ ᠤ᠋ ᠤᠨᠤᠳᠠᠭ ᠬᠠᠯᠢᠭᠤᠨ ᠴᠣᠬᠣᠷ ᠮᠣᠷᠢ ᠶ᠋ᠢ ᠬᠥᠮᠥᠯᠳᠥᠷᠭᠡ ᠬᠤᠳᠠᠷᠭ᠎ᠠ ᠲᠠᠢ ᠨᠢ ᠬᠥᠲᠥᠯᠵᠦ᠂ ᠬᠠᠭᠠᠨ ᠤ᠋ ᠠᠯᠲᠠᠨ ᠱᠠᠷᠢᠯ ᠢ᠋ ᠭᠡᠷᠯᠦᠭ ᠲᠦ᠍ ᠵᠠᠯᠠᠵᠤ ᠶᠠᠪᠤᠯ᠎ᠠ᠃ ᠡᠯ᠎ᠡ ᠪᠤᠵᠢᠭᠢᠨᠠᠭᠰᠠᠨ ᠶᠡᠬᠡ ᠨᠡᠭᠦᠳᠡᠯ ᠪᠤᠷᠬᠠᠨ ᠬᠠᠯᠳᠤᠨ ᠤ᠋ ᠥᠪᠥᠷ ᠲᠦ᠍ ᠵᠣᠭᠰᠣᠨ ᠶᠡᠬᠡ ᠶᠣᠰᠣᠯᠠᠯ ᠢ᠋ ᠦᠢᠯᠡᠳᠬᠦ ᠪᠥᠯᠥᠭᠡ᠃ ᠲᠡᠷᠡ ᠭᠠᠵᠠᠷ ᠨᠢ ᠮᠥᠨᠥᠬᠡᠨ ᠶᠢᠰᠦᠭᠡᠢ ᠮᠡᠷᠭᠡᠨ ᠦ᠌ ᠤᠲᠤᠭ᠎ᠠ ᠬᠢᠳᠡᠭ ᠣᠢ ᠶ᠋ᠢᠨ ᠴᠢᠯᠥᠭᠡ ᠶᠦᠮ᠃ ᠲᠣᠪᠯᠠᠭᠰᠠᠨ ᠴᠠᠷᠠᠮ ᠳ᠋ᠤ᠌ ᠣᠢ ᠭᠠᠰᠢᠭᠤ ᠳ᠋ᠤ᠌ ᠠᠪᠲᠠᠭᠰᠠᠨ ᠡᠮᠡᠰ ᠥᠬᠢᠳ᠂ ᠨᠢᠯᠬᠠᠰ᠂ ᠥᠲᠡᠭᠦᠰ ᠤᠬᠢᠯᠠᠯᠳᠤᠨ ᠦᠯᠡᠳᠡᠬᠦ ᠠᠭᠠᠳ ᠳᠡᠭᠡᠳᠦ ᠣᠩᠭᠣᠨ ᠤᠷᠤᠭᠤ ᠠᠯᠲᠠᠨ ᠱᠠᠷᠢᠯ ᠳ᠋ᠤ᠌ ᠪᠠᠷ᠎ᠠ ᠪᠣᠯᠵᠤ ᠦᠬᠡᠷ ᠲᠦ᠍ ᠨᠢᠷᠤᠭᠤ ᠠᠴᠢᠭᠰᠠᠨ ᠳᠠᠢᠯᠭ᠎ᠠ ᠶ᠋ᠢᠨ ᠥᠷᠭᠥᠭᠡ᠂ ᠲᠩᠷᠢ ᠳ᠋ᠦ᠍ ᠬᠦᠷᠬᠦ ᠬᠠᠯᠢᠭᠤᠨ ᠪᠤᠭᠤᠷᠤᠯ ᠮᠣᠷᠢ᠂ ᠵᠤᠮ᠎ᠠ ᠶᠣᠰᠣᠯᠠᠵᠤ ᠴᠢᠨᠠᠭᠰᠠᠨ ᠶᠢᠰᠦᠨ ᠬᠣᠨᠢᠨ ᠮᠢᠬ᠎ᠠ ᠰᠡᠯᠲᠡ ᠶ᠋ᠢ ᠵᠥᠪᠬᠡᠨ ᠠᠯᠲᠠᠨ ᠤᠷᠤᠭ ᠤ᠋ᠨ ᠶᠡᠬᠡᠰ ᠯᠡ ᠠᠪᠴᠤ ᠶᠠᠪᠤᠬᠤ ᠪᠥᠯᠥᠭᠡ᠃ ᠶᠣᠰᠣ ᠡᠢᠮᠦ ᠶᠦᠮ᠃ ᠬᠠᠭᠠᠨ ᠵᠠᠯᠠᠷᠠᠬᠤ ᠭᠡᠷᠯᠦᠭ ᠠᠭᠠᠵᠢᠭᠤᠬᠠᠨ ᠤᠷᠤᠭᠰᠢᠯᠠᠵᠤ ᠬᠠᠷᠯᠢ ᠺᠤ ᠲᠡᠷᠢᠭᠦᠲᠦ ᠬᠠᠲᠤᠳ ᠤᠬᠢᠯᠠᠯᠳᠤᠨ᠂ ᠪᠠᠷᠠᠳᠠᠨᠪᠠᠭᠠᠲᠤᠷ ᠣᠷᠣᠢᠯᠠᠭᠰᠠᠨ ᠡᠷᠡᠰ ᠴᠢᠷᠠᠢ ᠳᠠᠷᠤᠵᠠᠢ᠃ ᠬᠣᠲᠣᠯᠠ ᠮᠣᠷᠢᠨ ᠤ᠋ ᠵᠢᠯᠣᠭᠣ ᠲᠡᠳᠡᠨ ᠵᠣᠭᠰᠣᠵᠤ᠂ ᠶᠡᠬᠡ ᠴᠤᠪᠤᠭ᠎ᠠ ᠶ᠋ᠢ ᠵᠠᠮ ᠤᠷᠤᠭᠤ ᠣᠷᠣᠨ ᠣᠷᠣᠲᠠᠯ᠎ᠠ ᠴᠢᠮᠡᠭᠡ ᠦᠭᠡᠢ ᠬᠠᠷᠠᠵᠤ ᠵᠣᠭᠰᠣᠬᠤ ᠨᠢ ᠬᠠᠳᠠᠨ ᠳᠡᠭᠡᠷ᠎ᠡ ᠰᠢᠪᠠᠭᠰᠠᠨ ᠠᠭᠤᠯᠠ ᠶ᠋ᠢᠨ ᠪᠦᠷᠭᠦᠳ ᠮᠡᠲᠦ ᠪᠢᠯᠡ᠃ ᠴᠢᠩᠭᠢᠲᠡᠯ᠎ᠡ ᠪᠦᠯᠵᠢᠭᠡᠨ ᠬᠠᠲᠤᠨ ᠬᠣᠷᠮᠣᠢ ᠢᠰᠬᠦᠴᠢᠨ ᠶᠠᠳᠠᠭᠤᠰ ᠤ᠋ᠨ ᠳᠤᠮᠳᠠ ᠶᠠᠪᠠᠭᠠᠨ ᠭᠦᠶᠦᠵᠦ ᠶᠠᠪᠤᠭ᠎ᠠ ᠬᠠᠷᠠᠭᠳᠠᠪᠠ᠃ ᠲᠡᠷᠡ ᠪᠡᠷ ᠬᠣᠲᠣᠯᠠ ᠶ᠋ᠢ ᠣᠯᠵᠤ ᠬᠠᠷᠠᠭᠠᠳ ᠨᠢᠭᠡ ᠶᠡᠬᠡ ᠰᠠᠢᠬᠠᠨ ᠢᠨᠢᠶᠡᠮᠰᠦᠭᠯᠡᠨ ᠳᠥᠭᠥᠵᠦ ᠢᠷᠡᠭᠰᠡᠨ ᠢ᠋ᠶ᠋ᠡᠨ ᠥᠩᠭᠡᠲᠦ ᠴᠢᠷᠠᠢ ᠨᠢ ᠬᠣᠪᠢᠰᠬᠢᠨ ᠳᠣᠣᠷ᠎ᠠ ᠪᠠᠨ ᠰᠥᠭᠥᠳᠴᠢᠬᠡᠯᠡ᠃ ᠬᠣᠲᠣᠯᠠ ᠰᠠᠨᠳᠤᠷᠤᠨ ᠪᠠᠭᠤᠨ ᠬᠠᠷᠠᠢᠵᠤ᠂
— ᠪᠦᠯᠵᠢᠭᠡᠨ ᠴᠢ ᠶᠠᠭᠠᠬᠢᠪᠠ? ᠭᠡᠬᠦ ᠳ᠋ᠦ᠍ ᠬᠡᠪᠡᠯᠢ ᠪᠡᠨ ᠳᠠᠷᠤᠨ ᠰᠠᠭᠤᠵᠤ ᠠᠭᠰᠠᠨ ᠡᠬᠡ ᠶ᠋ᠢᠨ ᠵᠣᠪᠠᠭᠤᠷᠢᠲᠤ ᠴᠢᠷᠠᠢ ᠳ᠋ᠤ᠌ ᠡᠷᠡᠭᠦᠯ ᠴᠢᠰᠤᠨ ᠤ᠋ ᠶᠠᠭᠠᠨ ᠲᠤᠶᠠᠭ᠎ᠠ ᠲᠠᠢ ᠴᠣᠭ ᠪᠠᠶᠠᠷ ᠪᠠᠶᠠᠰᠬᠤᠯᠠᠩ ᠭᠦᠶᠦᠨ ᠬᠡᠷᠡᠯᠳᠦᠵᠦ᠂
— ᠵᠦᠭᠡᠷ ᠠ᠋! ᠭᠡᠮᠡᠨ ᠥᠬᠢᠳ ᠮᠡᠲᠦ ᠢᠴᠢᠩᠭᠦᠢᠷᠡᠯᠡ᠃
ᠡᠯ᠎ᠡ ᠤᠶᠠᠷᠠᠯ ᠢ᠋ ᠲᠣᠭᠣᠰᠣᠲᠤ ᠣᠢ ᠶ᠋ᠢᠨ ᠳᠦᠢᠷᠡᠨ ᠮᠠᠨᠠᠷᠠᠬᠤ ᠴᠢᠯᠥᠭᠡ ᠪᠡᠷ ᠲᠠᠯᠠᠮᠠᠨ ᠭᠤᠸ᠎ᠠ ᠬᠠᠲᠤᠨ ᠨᠤᠮᠤ ᠰᠢᠭ᠋ ᠬᠥᠮᠥᠰᠬᠡ ᠳᠣᠣᠷ᠎ᠠ ᠠ᠋ᠴᠠ ᠰᠤᠮᠤ ᠰᠢᠭ᠋ ᠬᠠᠷᠠᠴᠠ ᠨᠢᠰᠬᠡᠨ ᠰᠢᠷᠪᠢᠭᠰᠡᠨ ᠢ᠋ᠶ᠋ᠡᠨ᠂ ᠴᠦ! ᠭᠡᠮᠡᠨ ᠮᠣᠷᠢ ᠪᠠᠨ ᠳᠠᠪᠢᠷᠠᠵᠠᠢ᠃ ᠲᠡᠷᠡ ᠪᠡᠷ ᠮᠣᠷᠢᠨ ᠳ᠋ᠤ᠌ ᠭᠠᠷᠭᠠᠭᠠᠳ᠂ ᠰᠤᠮᠤᠨ ᠳ᠋ᠤ᠌ ᠮᠡᠷᠭᠡᠨ ᠡᠷᠡᠮᠡᠭ ᠲᠥᠷᠥᠭᠰᠡᠨ ᠪᠦᠰᠡᠭᠦᠢ ᠶᠦᠮ᠂ ᠪᠤᠷᠬᠠᠨ ᠮᠡᠳᠡᠵᠡᠢ᠁
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠮᠥᠩᠭᠥᠨ᠂ ᠡᠷᠳᠡᠨᠢᠭᠤᠸ᠎ᠠ᠂
ᠠᠯᠲᠠᠨᠴᠡᠴᠡᠭ᠂ ᠡᠩᠬᠡᠪᠠᠲᠤ᠂ ᠡᠭᠦᠯᠡᠩᠬᠤᠸᠠᠷ᠂ ᠣᠶᠤᠨᠴᠢᠮᠡᠭ᠂
ᠤᠷᠠᠨᠴᠢᠮᠡᠭ᠂ ᠬᠡᠷᠡᠢᠳ· ᠮᠥᠩᠬᠡᠨᠠᠰᠤᠨ
ᠬᠢᠨᠠᠭᠴᠢ᠄ ᠣᠳᠬᠠᠨᠰᠣ᠎ᠠ᠂ ᠭᠠᠷᠮ᠎ᠠ᠂ ᠬᠡᠷᠡᠢᠳ ᠵᠤᠯ᠂ ᠪᠤᠤ ᠸᠧᠨ ᠬᠤᠸᠠ᠂ ᠪᠠᠶᠠᠨᠴᠡᠴᠡᠭ
