ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠬᠣᠶᠠᠷ〕 Цаг төрийн үймээн – Д ᠂ Намдаг - Цаг төрийн үймээн ᠂ гуравдугаар бүлэг -12 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠬᠣᠶᠠᠷ〕 Цаг төрийн үймээн – Д ᠂ Намдаг - Цаг төрийн үймээн ᠂ гуравдугаар бүлэг -12

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠬᠣᠶᠠᠷ〕 Цаг төрийн үймээн – Д ᠂ Намдаг - Цаг төрийн үймээн ᠂ гуравдугаар бүлэг -12

ᠠᠩᠭᠢᠯᠠᠯ:ᠲᠤᠭᠤᠵᠢ ᠷᠣᠮᠠᠨ
2026-01-30

155

ᠡᠪᠦᠭᠡᠨ ᠳᠠᠷᠬᠠᠨ ᠤ ᠬᠠᠭᠤᠴᠢ


       - ᠵᠠ ᠵᠠᠯᠠᠭᠤᠰ ᠠ᠂ ᠬᠡᠭᠡᠷ᠎ᠡ ᠶ᠋ᠢᠨ ᠵᠠᠮ ᠳ᠋ᠤ᠌ ᠬᠠᠭᠤᠴᠢ ᠬᠥᠭᠡᠷᠴᠦ ᠶᠠᠪᠤᠪᠠᠯ ᠵᠤᠭ᠎ᠠ ᠲᠠᠢ ᠪᠣᠯᠣᠭᠠᠳ᠂ ᠭᠠᠵᠠᠷ ᠳᠥᠭᠥᠬᠦ ᠨᠢ ᠬᠤᠷᠳᠤᠨ ᠪᠠᠢᠳᠠᠭ ᠭᠡᠳ ᠡᠪᠦᠭᠡᠨ ᠠᠮᠢᠳᠤᠷᠠᠯ ᠳ᠋ᠠᠭᠠᠨ ᠥᠩᠭᠡᠷᠡᠭᠦᠯᠦᠭᠰᠡᠨ ᠡᠴᠡ ᠪᠡᠨ ᠶᠠᠷᠢᠵᠤ ᠭᠠᠷᠤᠯ᠎ᠠ᠃ 
       - ᠣᠮ ᠪᠠᠽᠠᠷ ᠸᠠᠨᠢ ᠡ᠂ ᠡᠷᠲᠡ ᠤᠷᠢᠳᠤ ᠪᠢ ᠵᠠᠯᠠᠭᠤ ᠳ᠋ᠠᠭᠠᠨ ᠡᠷᠳᠡᠨᠢ ᠲᠤᠰᠠᠯᠠᠭᠴᠢ ᠶ᠋ᠢᠨ ᠭᠠᠯᠳᠠᠨ ᠲᠠᠢᠵᠢ ᠭᠡᠭᠴᠢ ᠲᠡᠢ ᠠᠷᠠᠯᠵᠢᠶ᠎ᠠ ᠮᠠᠢᠮᠠᠢ ᠶ᠋ᠢᠨ ᠶᠠᠪᠤᠳᠠᠯ ᠳᠡᠭᠡᠷ᠎ᠡ ᠡᠴᠡ ᠠᠮᠠ ᠮᠤᠷᠤᠢᠵᠤ ᠡᠬᠢᠯᠡᠪᠡ ᠰᠢᠦ᠃ ᠲᠡᠷᠡ ᠮᠠᠨᠢ ᠲᠤᠰᠠᠯᠠᠭᠴᠢ ᠶ᠋ᠢᠨ ᠬᠦᠦ ᠪᠣᠯᠬᠣᠷ ᠡᠷᠬᠡᠲᠡᠨ ᠳᠠᠷᠤᠭᠠᠲᠠᠨ ᠪᠠᠢᠯᠭᠦᠢ ᠶᠠᠭᠠᠬᠢᠬᠤᠪ᠃ ᠲᠡᠭᠦᠪᠡᠷ ᠢ᠋ᠶ᠋ᠡᠨ ᠰᠦᠷ ᠳᠠᠯᠠᠢᠯᠭᠠᠨ ᠰᠦᠷᠡᠬᠡᠢ ᠬᠤᠷᠳᠤᠨ ᠮᠣᠷᠢᠨ ᠳ᠋ᠤ᠌ ᠮᠢᠨᠢ ᠰᠢᠨᠤᠬᠠᠢᠷᠠᠨ ᠦᠨ᠎ᠡ ᠬᠠᠢᠷᠠᠯᠠᠬᠤ ᠦᠭᠡᠢ ᠭᠡᠵᠦ ᠠᠪᠤᠭᠠᠳ ᠠᠳᠠᠭ ᠰᠡᠭᠦᠯ ᠳ᠋ᠦ᠍ᠨᠢ ᠯᠣᠢᠪᠠᠷᠳᠠᠬᠤ ᠭᠡᠵᠦ ᠵᠣᠯᠢᠭ ᠣᠷᠬᠢᠪᠠ᠃ ᠲᠡᠷᠡ ᠴᠠᠭ ᠲᠤ᠌ ᠨᠠᠰᠤ ᠵᠠᠯᠠᠭᠤ᠂ ᠴᠢᠰᠤ ᠰᠢᠩᠭᠡᠨ᠂ ᠬᠣᠢᠴᠢ ᠡᠳᠦᠷ ᠬᠣᠵᠢᠮ ᠤ᠋ᠨ ᠮᠠᠷᠭᠠᠰᠢ ᠶᠠᠭᠤ ᠪᠣᠯᠬᠤ ᠶ᠋ᠢ ᠪᠣᠳᠣᠳᠠᠭ ᠦᠭᠡᠢ ᠴᠦ᠍ ᠴᠠᠭ ᠪᠠᠢᠵᠤ ᠳᠠ᠃ ᠵᠣᠳᠣᠯᠳᠤᠨ ᠨᠦᠳᠦᠯᠳᠡᠬᠦ ᠳ᠋ᠦ᠍ ᠬᠦᠷᠦᠯ᠎ᠡ᠃ ᠤᠭ ᠨᠢ ᠬᠠᠮᠤᠭ ᠬᠡᠷᠡᠭ ᠢ᠋ ᠠᠩᠬ᠎ᠠ ᠲᠡᠷᠡ ᠥᠳᠥᠭᠡᠭᠰᠡᠨ ᠪᠣᠯᠪᠠᠴᠤ ᠨᠠᠳᠠ ᠵᠣᠳᠣᠭᠤᠯᠤᠭᠰᠠᠨ ᠳ᠋ᠠᠭᠠᠨ ᠬᠣᠷᠣᠰᠤᠨ ᠲᠠᠮᠠᠭ᠎ᠠ ᠶ᠋ᠢᠨ ᠭᠠᠵᠠᠷ ᠮᠡᠳᠡᠭᠦᠯᠦᠨ᠂ ᠶᠠᠭᠠᠬᠢᠵᠤ ᠰᠣᠶᠳ ᠬᠢᠭᠰᠡᠨ ᠭᠡᠵᠦ ᠰᠠᠨᠠᠨ᠎ᠠ ᠳᠠ!
       - ᠵᠠ ᠲᠡᠭᠡᠭᠡᠳ? 
       - ᠪᠢ ᠭᠡᠳᠡᠭ ᠢᠵᠠᠭᠤᠷᠲᠠᠨ ᠤ᠋ ᠪᠡᠶ᠎ᠡ ᠳ᠋ᠦ᠍ ᠬᠠᠯᠳᠠᠭᠰᠠᠨ ᠬᠡᠷᠡᠭ ᠲᠦ᠍ ᠬᠣᠯᠪᠣᠭᠳᠠᠨ ᠬᠣᠩᠭᠣ᠂ ᠬᠠᠴᠠᠷ ᠬᠣᠶᠠᠷ ᠢ᠋ᠶ᠋ᠠᠨ ᠣᠷᠣᠭᠤᠯᠤᠨ ᠠᠮᠢ ᠭᠣᠣᠯ ᠲᠠᠢ ᠯᠠ ᠭᠠᠷᠤᠯ᠎ᠠ᠃ ᠭᠡᠪᠡᠴᠦ᠂ ᠥᠨᠥᠬᠢ ᠬᠡᠷᠡᠭ ᠲᠡᠭᠡᠭᠡᠳ ᠵᠣᠭᠰᠣᠭᠰᠠᠨ ᠦᠭᠡᠢ᠂ ᠨᠢᠭᠡ ᠮᠡᠳᠡᠬᠦ ᠳ᠋ᠦ᠍ ᠠᠪᠤ ᠶ᠋ᠢᠨ ᠦᠯᠡᠳᠡᠭᠡᠭᠰᠡᠨ ᠵᠢᠭᠠᠯ ᠭᠦᠷᠦᠩᠭᠡᠨ ᠳ᠋ᠦ᠍ ᠠᠯᠪᠠᠨ ᠲᠠᠲᠠᠪᠤᠷᠢ ᠬᠡᠳᠦᠨ ᠳᠠᠪᠬᠤᠷ ᠨᠡᠮᠡᠭᠳᠡᠵᠦ ᠦᠭᠡᠢᠷᠡᠨ ᠬᠣᠭᠣᠰᠣᠷᠠᠬᠤ ᠲᠡᠢᠰᠢ ᠬᠡᠯᠪᠡᠢᠪᠡ ᠰᠢᠦ᠃ ᠡᠨᠡ ᠴᠦ᠍ ᠪᠠᠰᠠ ᠮᠡᠳᠡᠭᠡᠵᠢ ᠶ᠋ᠢᠨ ᠬᠡᠷᠡᠭ᠃ ᠭᠠᠯᠳᠠᠨ ᠲᠠᠢᠵᠢ ᠶ᠋ᠢᠨ ᠬᠢᠬᠠᠭᠤᠷᠠᠯ ᠲᠠᠢ ᠬᠣᠯᠪᠣᠭ᠎ᠠ ᠲᠠᠢ ᠬᠡᠷᠡᠭ᠃ ᠨᠠᠳᠠ ᠬᠠᠷᠢᠭᠤ ᠲᠡᠮᠡᠴᠡᠬᠦ ᠠᠷᠭ᠎ᠠ ᠬᠠᠮᠢᠭ᠎ᠠ ᠠ᠋ᠴᠠ ᠪᠠᠢᠬᠤᠪ ᠳᠠ᠃ ᠵᠦᠢᠯ ᠵᠦᠢᠯ ᠢ᠋ᠶ᠋ᠡᠷ ᠠᠷᠭ᠎ᠠ ᠤᠬᠠᠭᠠᠨ ᠰᠦᠪᠡᠭᠴᠢᠯᠡᠭᠰᠡᠨ ᠤ ᠡᠴᠦᠰ ᠲᠦ᠍ ᠳᠡᠭᠡᠳᠦ ᠲᠩᠷᠢ ᠶ᠋ᠢᠨ ᠡᠵᠡᠳ᠂ ᠳᠣᠣᠷᠠᠲᠤ ᠭᠠᠵᠠᠷ ᠤ᠋ᠨ ᠯᠤᠤᠰ ᠰᠠᠪᠳᠠᠭ ᠤ᠋ᠳ ᠲᠠᠢ ᠨᠥᠬᠥᠷᠯᠡᠭᠴᠢ ᠪᠥᠬᠡ ᠪᠣᠯᠵᠤ ᠲᠣᠯᠣᠭᠠᠢ ᠳᠡᠭᠡᠷ᠎ᠡ ᠨᠢ ᠠᠶᠤᠩᠭ᠎ᠠ ᠪᠠᠭᠤᠯᠭᠠᠬᠤ ᠶᠤᠮ ᠤᠤ᠂ ᠡᠰᠡᠪᠡᠯ ᠬᠣᠭᠣᠯᠠᠢ ᠳ᠋ᠤᠨᠢ ᠬᠣᠯᠪᠣᠭᠣ ᠭᠦᠶᠦᠯᠭᠡᠨ ᠲᠠᠷᠴᠢᠯᠠᠭᠠᠬᠤ ᠶ᠋ᠢ ᠬᠠᠯᠬᠠᠯᠠᠨ ᠪᠣᠳᠣᠯ᠎ᠠ᠃
       - ᠤᠣᠬᠠᠶ ᠲᠠ ᠲᠡᠭᠡᠭᠡᠳ ᠪᠥᠬᠡ ᠪᠣᠯᠬᠤ ᠭᠡᠵᠦ ᠤᠷᠤᠯᠳᠤᠪᠠᠤ? 
       - ᠣᠷᠣᠯᠳᠣᠬᠤ ᠪᠠᠷ ᠪᠠᠷᠠᠬᠤ ᠤᠤ ᠳᠠ! ᠸᠴᠢᠷ ᠸᠠᠨᠢ ᠡ᠂ ᠨᠢᠭᠡ ᠰᠥᠨᠢ ᠬᠣᠶᠠᠷ ᠰᠠᠢᠨ ᠮᠣᠷᠢ ᠲᠠᠢ ᠭᠡᠷ ᠡᠴᠡ ᠭᠠᠷᠤᠨ᠂ ᠭᠠᠯᠳᠠᠨ ᠤ᠋ ᠭᠠᠳᠠᠭ᠎ᠠ ᠢᠷᠡᠭᠡᠳ᠂ ᠲᠠᠷᠢᠬᠢᠳᠠᠬᠤ ᠶ᠋ᠢᠨ ᠴᠠᠭᠠᠭᠤᠷ ᠲᠠᠷᠢᠬᠢᠳᠠᠨ᠂ ᠲᠠᠷᠢᠬᠢ ᠳᠡᠭᠡᠷ᠎ᠡ ᠴᠢᠨᠢ ᠠᠶᠤᠩᠭ᠎ᠠ ᠪᠠᠭᠤᠯᠭᠠᠬᠤ ᠴᠠᠭ ᠪᠣᠢ ᠳᠠ ᠬᠦ ᠭᠡᠵᠦ ᠭᠡᠷ ᠢ᠋ ᠨᠢ ᠭᠤᠷᠪᠠ ᠲᠠᠰᠢᠭᠤᠷᠳᠠᠵᠤ ᠠᠪᠤᠭᠠᠳ ᠳᠠᠷᠬᠠᠨ ᠣᠷᠢᠶᠠᠩᠬᠠᠨ ᠤ᠋ ᠵᠦᠭ ᠳᠠᠯᠠᠢᠵᠤ ᠥᠭᠪᠡ ᠰᠢᠦ ᠪᠢ ᠴᠢᠨᠢ᠃ 
       - ᠲᠠᠢᠰᠢ ᠶᠠᠪᠤᠬᠤ ᠶ᠋ᠢᠨ ᠤᠴᠢᠷ ᠶᠠᠭᠤ ᠪᠣᠢ? 
       - ᠠ᠋ ᠬᠦ᠂ ᠲᠡᠨᠳᠡ ᠴᠢᠨᠢ ᠬᠠᠷᠢᠶᠠᠯ ᠬᠢᠬᠦ ᠪᠡᠷ ᠪᠠᠢᠲᠤᠭᠠᠶ ᠭᠢᠯᠠᠢᠬᠤ ᠶ᠋ᠢᠨ ᠲᠡᠳᠦᠢ ᠪᠡᠷ ᠬᠥᠮᠦᠨ ᠦ᠌ ᠠᠭᠤᠰᠬᠢ ᠵᠢᠷᠦᠬᠡ ᠰᠤᠭᠤᠯᠬᠤ ᠬᠡᠴᠡᠭᠦᠦ ᠪᠥᠬᠡ ᠨᠠᠷ ᠲᠠᠢ ᠭᠡᠵᠦ ᠶᠠᠷᠢᠯᠴᠠᠳᠠᠭ ᠪᠠᠢᠭᠰᠠᠨ ᠶᠤᠮ᠃ 
       - ᠲᠡᠭᠡᠭᠡᠳ ᠲᠡᠷᠡ ᠭᠠᠵᠠᠷ ᠬᠦᠷᠴᠦ ᠴᠢᠳᠠᠭᠰᠠᠨ ᠤᠤ? 
       - ᠴᠢᠳᠠᠬᠤ ᠪᠠᠷ ᠪᠠᠷᠠᠬᠤ ᠤᠤ ᠳᠠ᠃ ᠬᠠᠷᠢᠶᠠᠯᠴᠢᠳ ᠤ᠋ᠨ ᠳᠣᠲᠣᠷ᠎ᠠ ᠠ᠋ᠴᠠ ᠬᠠᠮᠤᠭ ᠤ᠋ᠨ ᠠᠢᠬᠤᠪᠲᠤᠷ ᠭᠡᠵᠦ ᠴᠤᠤ ᠳ᠋ᠤ᠌ ᠭᠠᠷᠤᠭᠰᠠᠨ ᠲᠡᠮᠦᠷ ᠢᠳᠤᠭᠠᠨ ᠭᠡᠭᠴᠢ ᠳ᠋ᠦ᠍ ᠬᠣᠶᠠᠷ ᠮᠣᠷᠢ ᠪᠠᠨ ᠡᠷᠭᠦᠨ ᠱᠠᠪᠢ ᠪᠣᠯᠬᠤ ᠭᠡᠵᠦ ᠦᠵᠡᠵᠦ ᠡᠰᠡ ᠪᠣᠯᠤᠭᠰᠠᠨ ᠳ᠋ᠤ᠌ ᠲᠥᠷᠥᠭᠦᠯᠦᠭᠰᠡᠨ ᠭᠠᠭᠴᠠ ᠥᠬᠢᠨ ᠲᠡᠢ ᠨᠢ ᠡᠢᠮᠦ ᠲᠡᠢᠮᠦ ᠪᠣᠯᠤᠨ ᠬᠦᠷᠭᠡᠨ ᠣᠷᠣᠬᠤ ᠶ᠋ᠢᠨ ᠬᠦᠴᠦ ᠪᠡᠷ ᠰᠠᠶᠢ ᠱᠠᠪᠢ ᠨᠢ ᠪᠣᠯᠤᠯ᠎ᠠ᠃ ᠡᠪᠦᠷ ᠲᠡᠭᠡᠨ ᠶᠠᠪᠤᠭᠰᠠᠨ ᠬᠣᠷᠢᠨ ᠲᠠᠪᠤᠨ ᠯᠠᠩ ᠮᠥᠩᠭᠥ ᠪᠡᠷ ᠰᠢᠷ᠎ᠠ ᠰᠢᠪᠠᠭᠤ ᠶ᠋ᠢᠨ ᠥᠳᠥᠲᠦ ᠮᠠᠯᠠᠭᠠᠢ᠂ ᠠᠷᠤ ᠥᠪᠥᠷ ᠲᠦ᠍ ᠭᠢᠯᠠᠯᠵᠠᠬᠤ ᠲᠣᠯᠢ᠂ ᠵᠦᠭ ᠪᠦᠷᠢ ᠡᠴᠡ ᠤᠨᠵᠢᠭᠤᠯᠬᠤ ᠲᠠᠪᠤᠨ ᠥᠩᠭᠡ ᠶ᠋ᠢᠨ ᠬᠠᠳᠠᠭ᠂ ᠲᠡᠭᠦᠨ ᠡᠴᠡ ᠴᠢᠨᠠᠭᠰᠢᠯᠠᠪᠠᠯ ᠬᠢᠮᠡᠯ ᠮᠥᠷᠲᠡᠭᠡᠨ ᠠᠮᠢᠳᠤ ᠮᠡᠲᠦ ᠭᠡᠨᠡᠳᠲᠡ ᠮᠤᠰᠬᠢᠷᠠᠯᠳᠤᠨ ᠭᠠᠷᠬᠤ ᠮᠣᠭᠠᠢ᠂ ᠪᠠᠰᠠ ᠪᠤᠰᠤᠳ ᠬᠡᠷᠡᠭᠲᠡᠢ ᠪᠦᠬᠦᠨ ᠢ᠋ ᠭᠦᠢᠴᠡᠳᠬᠡᠨ ᠤᠩᠰᠢᠨ ᠳᠠᠭᠤᠳᠠᠳᠠᠭ ᠪᠦᠬᠦᠨ ᠢ᠋ ᠨᠢ ᠴᠦ᠍ ᠪᠠᠰᠠ ᠪᠦᠷᠢᠨ ᠳᠦᠭᠦᠷᠡᠩ ᠴᠡᠭᠡᠵᠢᠯᠡᠵᠦ ᠠᠪᠤᠭᠠᠳ ᠲᠠᠯ᠎ᠠ ᠬᠡᠩᠭᠡᠷᠭᠡ ᠶ᠋ᠢ ᠲᠠᠪᠤᠨ ᠵᠢᠯ ᠪᠠᠯᠪᠠᠪᠠ ᠰᠢᠦ᠃ 
       - ᠪᠤᠷᠬᠠᠨ ᠮᠢᠨᠢ ᠷᠢᠳᠢ ᠰᠢᠳᠢ ᠭᠡᠳᠡᠭ ᠴᠦ᠍ ᠬᠡᠮᠵᠢᠶ᠎ᠡ ᠬᠢᠵᠠᠭᠠᠷ ᠦᠭᠡᠢ ᠪᠣᠯᠤᠭ᠎ᠠ ᠪᠢᠵᠡ?  
       - ᠲᠡᠷᠡ ᠲᠤᠬᠠᠢ ᠪᠦᠦ ᠳᠤᠷᠠᠰ! ᠰᠦᠰᠦᠭ ᠶᠡᠬᠡᠳᠦᠭᠰᠡᠨ ᠶᠦᠮ ᠤᠤ᠂ ᠰᠡᠳᠬᠢᠯ ᠴᠢᠷᠮᠠᠢᠭᠰᠠᠨ ᠠ᠋ᠴᠠ ᠴᠦ᠍ ᠪᠣᠯᠪᠠ ᠤᠤ ᠦᠶ᠎ᠡ ᠦᠶ᠎ᠡ ᠤᠬᠠᠭᠠᠨ ᠠᠯᠳᠠᠬᠤ ᠡᠪᠡᠳᠴᠢᠨ ᠣᠯᠤᠭᠰᠠᠨ ᠠ᠋ᠴᠠ ᠥᠭᠡᠷ᠎ᠡ ᠶᠠᠭᠤ ᠴᠦ᠍ ᠦᠭᠡᠢ ᠭᠡᠳ ᠴᠠᠭᠠᠰᠢ ᠥᠭᠦᠯᠡᠬᠦ ᠨᠢ᠂ ᠢᠳᠤᠭᠠᠨ ᠪᠥᠬᠡ ᠨᠠᠷ ᠤ᠋ᠨ ᠬᠠᠭᠤᠷᠮᠠᠭ ᠢ᠋ ᠮᠡᠳᠡᠭᠡᠳ ᠲᠡᠨᠳᠡ ᠡᠴᠡ ᠪᠡᠨ ᠵᠠᠢᠯᠠᠨ ᠣᠳᠤᠭᠰᠠᠨ ᠠᠵᠢ᠃ ᠭᠡᠪᠡᠴᠦ ᠪᠤᠷᠬᠠᠨ ᠤ᠋ ᠪᠠᠭᠰᠢ ᠪᠤᠳ᠋ᠳ᠋ᠾᠠ ᠪᠠ ᠪᠣᠭᠳᠠ ᠽᠤᠩᠺᠠᠸ᠎ᠠ ᠶ᠋ᠢᠨ ᠠᠷᠢᠭᠤᠨ ᠨᠣᠮᠯᠠᠯ ᠤᠨ ᠭᠠᠳᠠᠭᠤᠷ ᠭᠠᠷᠤᠭᠰᠠᠨ ᠵᠤᠲᠠ ᠯᠦᠵᠠᠩ ᠤ᠋ᠨ ᠨᠣᠮ ᠳ᠋ᠤ᠌ ᠬᠥᠮᠦᠨ ᠦ᠌ ᠰᠦᠨᠡᠰᠦ ᠶ᠋ᠢ ᠭᠱᠠᠨ ᠵᠠᠭᠤᠷ᠎ᠠ ᠶ᠋ᠢᠨ ᠳᠣᠲᠣᠷ᠎ᠠ ᠡᠷᠯᠢᠭ ᠨᠣᠮᠣᠨ ᠬᠠᠭᠠᠨ ᠤ᠋ ᠳ᠋ᠤ᠌ ᠲᠣᠨᠢᠯᠭᠠᠬᠤ ᠶᠡᠬᠡ ᠴᠢᠳᠠᠯ ᠪᠣᠢ ᠭᠡᠵᠦ ᠬᠡᠯᠡᠨ ᠰᠠᠨᠸᠠᠷᠲᠠᠨ ᠨᠤᠭᠤᠳ ᠤ᠋ᠨ ᠵᠢᠭᠰᠢᠨ ᠵᠢᠪᠡᠭᠦᠴᠢᠳᠡᠭ ᠢ᠋ ᠪᠠᠲᠤᠳᠠ ᠢᠳᠡᠭᠡᠨ ᠲᠡᠭᠦᠨ ᠢ᠋ ᠪᠠᠶᠠᠰᠤᠭᠤᠯᠬᠤ ᠪᠠᠷ ᠰᠢᠢᠳᠦᠯ᠎ᠠ᠃ ᠬᠠᠯᠬ᠎ᠠ ᠶ᠋ᠢᠨ ᠲᠠᠮᠠᠭᠠᠲᠤ ᠳᠣᠯᠣᠭᠠᠨ ᠬᠤᠲᠤᠭᠲᠤ ᠶ᠋ᠢᠨ ᠨᠢᠭᠡ ᠪᠣᠯᠬᠤ ᠨᠠᠷᠠ ᠸᠠᠩᠴᠢᠨ ᠭᠡᠭᠡᠨ ᠦ᠌ ᠬᠡᠢᠳ ᠲᠦ᠍ ᠣᠴᠢᠨ ᠡᠭᠡᠯ ᠦᠭᠡᠢ ᠫᠦᠷᠪᠦ ᠭᠡᠳᠡᠭ ᠲᠦ᠍ ᠱᠠᠪᠢ ᠣᠷᠣᠨ ᠵᠤᠲᠠ ᠶ᠋ᠢᠨ ᠨᠣᠮ ᠢ᠋ ᠵᠢᠭᠠᠯᠭᠠᠵᠠᠢ᠃ ᠠᠶᠤᠬᠤ ᠡᠮᠢᠶᠡᠬᠦ ᠰᠡᠵᠢᠭᠯᠡᠬᠦ ᠴᠡᠭᠡᠷᠯᠡᠬᠦ ᠴᠥᠮ ᠢ᠋ ᠮᠠᠷᠲᠠᠨ ᠭᠤᠷᠪᠠᠨ ᠵᠠᠭᠤᠨ ᠪᠤᠯᠠᠭ᠂ ᠭᠤᠷᠪᠠᠨ ᠵᠠᠭᠤᠨ ᠬᠠᠳᠠᠨ ᠬᠣᠰᠢᠭᠤ᠂ ᠭᠤᠷᠪᠠᠨ ᠵᠠᠭᠤᠨ ᠬᠥᠮᠦᠨ ᠤ ᠬᠡᠭᠦᠷ ᠬᠡᠰᠦᠭᠦᠴᠢᠯᠡᠭᠰᠡᠨ ᠢ᠋ᠶ᠋ᠡᠨ ᠶᠠᠷᠢᠵᠠᠢ᠃  
       - ᠢᠩᠭᠢᠭᠰᠡᠨ ᠡᠴᠡ ᠬᠣᠢᠰᠢ ᠲᠠ ᠥᠰᠢᠶᠡᠲᠡᠨ ᠡᠴᠡ ᠪᠡᠨ ᠥᠰᠢᠶ᠎ᠡ ᠪᠡᠨ ᠠᠪᠬᠤ ᠲᠠᠢ ᠪᠣᠯᠤᠭ᠎ᠠ ᠪᠢᠵᠡ ᠳᠡ ? 
       - ᠳᠠᠩᠴᠤ ᠦᠭᠡᠢ ᠭᠡᠵᠦ ᠳᠠᠷᠬᠠᠨ ᠬᠠᠷᠢᠭᠤᠯᠤᠭᠠᠳ᠂ ᠴᠠᠭᠠᠰᠢ ᠶᠠᠷᠢᠭᠰᠠᠨ ᠨᠢ᠄ ᠢᠩᠭᠢᠵᠦ ᠶᠠᠪᠤᠬᠤ ᠬᠣᠭᠣᠷᠣᠨᠳᠣ ᠨᠢ ᠭᠠᠯᠳᠠᠨ ᠲᠠᠢᠵᠢ ᠬᠤᠰᠢᠭᠤ ᠵᠠᠬᠢᠷᠤᠭᠴᠢ ᠶ᠋ᠢᠨ ᠲᠤᠰᠢᠶᠠᠯ ᠳ᠋ᠤ᠌ ᠲᠠᠪᠰᠢᠭᠰᠠᠨ ᠪᠠᠢᠪᠠ᠃ ᠲᠡᠭᠦᠨ ᠢ ᠨᠢ ᠮᠠᠨ ᠤ᠋ ᠳᠠᠷᠬᠠᠨ ᠳᠠᠮ ᠲᠤᠭᠤᠯᠤᠨ ᠤᠯᠠᠮ ᠢ᠋ᠶ᠋ᠠᠷ ᠬᠣᠷᠣᠰᠤᠨ ᠨᠢᠭᠡ ᠦᠶ᠎ᠡ ᠳᠡᠮᠡᠢ ᠬᠡᠰᠦᠭᠦᠴᠢᠯᠡᠨ ᠲᠡᠨᠦᠭᠰᠡᠨ ᠭᠡᠨ᠎ᠡ᠃ ᠨᠢᠭᠡ ᠡᠳᠦᠷ ᠪᠣᠭᠳᠠ ᠶ᠋ᠢᠨ ᠬᠦᠷᠢᠶᠡᠨ ᠡᠴᠡ ᠢᠷᠡᠭᠰᠡᠨ ᠬᠥᠮᠦᠨ ᠬᠠᠷᠢ ᠣᠷᠣᠨ ᠤ᠋ ᠣᠷᠣᠰ ᠮᠠᠶᠢᠭ ᠦᠨ ᠬᠥᠮᠦᠨ ᠴᠢᠴᠧ ᠬᠡᠮᠡᠬᠦ ᠥᠪᠡᠷ ᠢ᠋ᠶ᠋ᠡᠨ ᠶᠠᠪᠤᠳᠠᠭ ᠲᠣᠮᠣ ᠲᠡᠷᠭᠡ ᠬᠥᠯᠦᠯᠡᠨ ᠬᠦᠷᠴᠢᠭᠢᠨᠡᠭᠦᠯᠦᠨ ᠳᠠᠪᠬᠢᠵᠤ ᠶᠠᠪᠤᠬᠤ ᠶ᠋ᠢ ᠦᠵᠡᠪᠡ ᠭᠡᠵᠦ ᠶᠠᠷᠢᠬᠤ ᠶ᠋ᠢ ᠰᠣᠨᠣᠰᠤᠭᠠᠳ ᠪᠢ ᠢᠩᠭᠢᠵᠦ ᠶᠠᠪᠤᠬᠤ ᠶ᠋ᠢᠨ ᠣᠷᠣᠨ ᠳ᠋ᠤ᠌ ᠤᠷᠠᠨ ᠳᠠᠷᠬᠠᠨ ᠦ ᠠᠵᠢᠯ ᠬᠢᠪᠡᠯ ᠨᠢᠭᠡ ᠮᠡᠳᠡᠬᠦ ᠳ᠋ᠦ᠍ ᠲᠡᠢᠮᠦ ᠲᠡᠷᠭᠡ ᠬᠢᠬᠦ ᠲᠡᠢ ᠪᠣᠯᠬᠤ ᠪᠤᠰᠤ ᠤᠤ᠂ ᠬᠡᠷᠪᠡ ᠲᠡᠭᠡᠭᠡᠳ ᠲᠡᠷᠭᠡ ᠬᠢᠵᠦ ᠴᠢᠳᠠᠪᠠᠯ ᠥᠨᠥᠬᠢ ᠵᠠᠬᠢᠷᠤᠭᠴᠢ ᠶ᠋ᠢᠨ ᠳᠡᠷᠭᠡᠳᠡᠭᠦᠷ ᠬᠦᠷᠴᠢᠭᠢᠨᠡᠭᠦᠯᠦᠨ ᠳᠠᠪᠬᠢᠬᠤ ᠰᠢᠦ ᠳᠡ ᠭᠡᠵᠦ ᠪᠣᠳᠣᠪᠠ᠃ ᠲᠡᠭᠡᠭᠡᠳ ᠠᠯᠤᠬ᠎ᠠ᠂ ᠳᠥᠰᠢ᠂ ᠬᠠᠰᠤᠭᠤᠷ ᠴᠤᠭᠣᠯᠳᠠᠭᠤᠷ ᠵᠡᠷᠭᠡ ᠶ᠋ᠢ ᠴᠤᠭᠯᠠᠷᠠᠭᠤᠯᠤᠨ ᠲᠣᠭᠣᠭ᠎ᠠ᠂ ᠰᠢᠨᠠᠭ᠎ᠠ ᠬᠠᠲᠠᠬᠤ ᠠ᠋ᠴᠠ ᠡᠬᠢᠯᠡᠵᠡᠢ᠃ ᠬᠣᠶᠠᠷᠬᠠᠨ ᠵᠢᠯ ᠦ᠋ᠨ ᠳᠣᠲᠣᠷ᠎ᠠ ᠰᠦᠷᠡᠬᠡᠢ ᠳᠠᠷᠬᠠᠨ ᠭᠡᠵᠦ ᠠᠯᠳᠠᠷᠰᠢᠭᠰᠠᠨ ᠭᠡᠨ᠎ᠡ᠂ ᠥᠪᠡᠷ ᠦ᠋ᠨ ᠬᠢᠨᠢ ᠪᠣᠳᠣᠯ ᠢ᠋ᠶ᠋ᠠᠷ ᠪᠣᠯ᠂ ᠥᠪᠡᠷ ᠢ᠋ᠶ᠋ᠡᠨ ᠶᠠᠪᠤᠳᠠᠭ ᠴᠢᠴᠧ ᠬᠢᠬᠦ ᠤᠬᠠᠭᠠᠨ ᠢ᠋ ᠣᠯᠤᠭ᠎ᠠ ᠦᠭᠡᠢ ᠲᠤᠯᠠ ᠶᠠᠭᠠᠬᠢᠭ᠎ᠠ ᠴᠦ᠍ ᠦᠭᠡᠢ ᠮᠡᠲᠦ ᠰᠠᠨᠠᠭᠳᠠᠨ᠎ᠠ᠃ ᠣᠯᠬᠤ ᠳ᠋ᠤ᠌ ᠪᠠᠰᠠ ᠪᠡᠷᠬᠡ ᠲᠡᠢ ᠨᠢ ᠥᠪᠡᠷ ᠦ᠋ᠨ ᠡᠷᠬᠡ ᠦᠭᠡᠢ ᠢᠯᠡᠷᠡᠬᠦ ᠳ᠋ᠦ᠍᠂ ᠣᠷᠣᠰ ᠣᠯᠠᠨ ᠲᠠᠢ ᠡᠨᠡ ᠭᠠᠵᠠᠷ ᠢ᠋ ᠪᠠᠷᠠᠭᠠᠳᠠᠪᠠᠯ ᠵᠣᠬᠢᠨ᠎ᠠ ᠭᠡᠵᠦ ᠪᠣᠳᠣᠭᠰᠠᠨ ᠭᠡᠨ᠎ᠡ᠃ ᠡᠨᠳᠡ ᠢᠷᠡᠭᠡᠳ ᠣᠷᠣᠰ ᠤ᠋ᠳ ᠤ᠋ᠨ ᠪᠠᠶᠠᠨ ᠳ᠋ᠤᠨᠢ ᠵᠠᠷᠤᠭᠳᠠᠨ ᠶᠠᠳᠠᠭᠤᠰ ᠲᠠᠢ ᠨᠢ ᠨᠠᠢᠵᠢᠷᠬᠠᠨ ᠪᠠᠬᠠᠨ ᠴᠠᠭ ᠢ ᠠᠪᠴᠠᠢ᠃ ᠭᠡᠪᠡᠴᠦ ᠠᠷᠭ᠎ᠠ ᠤᠬᠠᠭᠠᠨ᠂ ᠪᠠᠭᠠᠵᠢ ᠬᠡᠷᠡᠭᠰᠡᠯ ᠠᠯᠢ ᠶ᠋ᠢ ᠨᠢ ᠴᠦ᠍ ᠣᠯᠤᠭᠰᠠᠨ ᠦᠭᠡᠢ᠂ ᠬᠠᠷᠢᠨ ᠣᠢᠷ᠎ᠠ ᠵᠠᠭᠤᠷ᠎ᠠ ᠶ᠋ᠢ ᠣᠢᠯᠠᠭᠠᠯᠴᠠᠬᠤ ᠬᠡᠯᠡ ᠲᠡᠢ ᠪᠣᠯᠤᠭᠰᠠᠨ ᠢ᠋ᠶ᠋ᠠᠷ ᠢ᠋ᠶ᠋ᠠᠨ ᠰᠤᠷᠠᠭᠯᠠᠨ ᠰᠤᠳᠤᠯᠵᠤ ᠦᠵᠡᠬᠦ ᠳ᠋ᠦ᠍ ᠥᠨᠥᠬᠢ ᠵᠦᠢᠯ᠂ ᠨᠢᠭᠡ ᠬᠥᠮᠦᠨ ᠦ᠌ ᠭᠠᠷ ᠢ᠋ᠶ᠋ᠠᠷ ᠬᠡᠷᠬᠢᠪᠡᠴᠦ ᠪᠦᠲᠦᠬᠦ ᠤᠴᠢᠷ ᠦᠭᠡᠢ ᠪᠣᠯᠵᠤ ᠢᠷᠡᠬᠦ ᠳ᠋ᠦ᠍ ᠰᠢᠭᠤᠳ ᠣᠷᠬᠢᠨ ᠣᠷᠣᠨ ᠳ᠋ᠤᠨᠢ ᠵᠠᠷ ᠵᠡᠮᠰᠡᠭ ᠬᠢᠳᠡᠭ ᠪᠣᠯᠬᠤ ᠶ᠋ᠢ ᠰᠢᠢᠳᠦᠭᠰᠡᠨ ᠠᠵᠢ᠃  ᠭᠡᠲᠡᠯ᠎ᠡ ᠡᠨᠡ ᠨᠢ ᠮᠥᠨ ᠪᠦᠲᠦᠭᠰᠡᠨ ᠦᠭᠡᠢ᠂ ᠭᠠᠭᠴᠠᠬᠠᠨ ᠠᠯᠤᠭ᠎ᠠ ᠳᠥᠰᠢ ᠬᠣᠶᠠᠷ ᠢ᠋ ᠣᠯᠠᠨ ᠵᠢᠯ ᠬᠠᠷᠰᠢᠭᠤᠯᠤᠨ ᠪᠠᠯᠪᠠᠭᠰᠠᠨ ᠤ᠋ ᠠᠴᠢ ᠪᠠᠷ ᠡᠪᠳᠡᠷᠡᠭᠰᠡᠨ ᠢ᠋ ᠵᠠᠰᠠᠬᠤ᠂ ᠭᠣᠣᠯ ᠲᠡᠮᠦᠷ ᠡᠴᠡ ᠪᠤᠰᠤᠳ ᠢ᠋ ᠰᠢᠨᠡᠳᠬᠡᠨ ᠰᠡᠯᠪᠢᠬᠦ ᠮᠡᠷᠭᠡᠵᠢᠯ ᠲᠡᠢ ᠪᠣᠯᠤᠭᠰᠠᠨ ᠭᠡᠳᠡᠭ ᠢ᠋ᠶ᠋ᠡᠷ ᠳᠠᠷᠬᠠᠨ ᠤ᠋ ᠶᠠᠷᠢᠶ᠎ᠠ ᠰᠢᠪᠲᠤᠷᠠᠪᠠ᠃ 
       - ᠢᠩᠭᠢᠬᠦ ᠳ᠋ᠦ᠍ ᠲᠠ ᠥᠰᠢᠶ᠎ᠡ ᠪᠡᠨ ᠠᠪᠴᠤ ᠴᠢᠳᠠᠭ᠎ᠠ ᠦᠭᠡᠢ ᠶᠦᠮ ᠰᠢᠪ ᠳᠡ ᠭᠡᠵᠦ ᠳᠣᠷᠵᠢ ᠶ᠋ᠢᠨ ᠠᠰᠠᠭᠤᠬᠤ ᠳ᠋ᠤ᠌ : 
       - ᠲᠡᠢᠮᠦ ᠠ᠋᠂ ᠴᠢᠳᠠᠭ᠎ᠠ ᠦᠭᠡᠢ᠃ ᠥᠰᠢᠶ᠎ᠡ ᠬᠣᠷᠣᠰᠤᠯ ᠮᠠᠨᠢ ᠴᠦ᠍ ᠨᠠᠰᠤ ᠪᠡᠶ᠎ᠡ ᠶ᠋ᠢᠨ ᠬᠠᠮᠲᠤ ᠡᠯᠡᠭᠳᠡᠨ ᠠᠷᠢᠯᠤᠭᠰᠠᠨ᠃ ᠭᠡᠪᠡᠴᠦ ᠬᠡᠷᠡᠭ ᠶᠠᠪᠤᠳᠠᠯ ᠳᠠᠭᠤᠰᠤᠭ᠎ᠠ ᠦᠭᠡᠢ ᠳ᠋ᠡᠭ ᠠ᠋᠃ ᠪᠠᠭᠠᠲᠤᠷ᠂ ᠮᠢᠨᠦ ᠡᠨᠡ ᠶᠠᠪᠤᠳᠠᠯ ᠢ᠋ ᠰᠣᠨᠣᠰᠤᠭᠠᠳ ᠮᠠᠨ ᠤ᠋ ᠬᠡᠷᠡᠭ ᠪᠣᠯ ᠲᠠ ᠮᠡᠲᠦ ᠶ᠋ᠢᠨ ᠳᠠᠷᠤᠯᠠᠭᠳᠠᠭᠰᠠᠨ ᠣᠯᠠᠨ ᠤ᠋ ᠲᠥᠯᠥᠭᠡ ᠶᠦᠮ ᠭᠡᠵᠦ ᠪᠠᠢᠨ᠎ᠠ ᠪᠢᠯᠡ᠃ 
       ᠳᠠᠷᠬᠠᠨ ᠤ᠋ ᠶᠠᠷᠢᠶᠠᠨ ᠳ᠋ᠤ᠌ ᠲᠡᠳᠡ ᠰᠡᠳᠬᠢᠯ ᠰᠠᠭᠠᠲᠠᠨ ᠬᠡᠴᠢᠨᠡᠭᠡᠨ ᠬᠣᠯᠠ ᠶᠠᠪᠤᠭᠰᠠᠨ ᠢ᠋ᠶ᠋ᠠᠨ ᠡᠰᠡ ᠮᠡᠳᠡᠪᠡ᠃ ᠨᠠᠷᠠ ᠠᠯᠢ ᠬᠡᠳᠦᠢᠨ ᠵᠢᠷᠭᠠᠭᠰᠠᠨ ᠪᠠᠢᠯ᠎ᠠ᠃ ᠣᠳᠣᠨ ᠮᠡᠴᠢᠳ ᠲᠩᠷᠢ ᠳᠦᠭᠦᠷᠡᠩ ᠬᠢᠯᠠᠯᠵᠡᠵᠦ᠂ ᠬᠠᠯᠢᠮᠠᠨ ᠴᠠᠭᠠᠨ ᠬᠠᠪᠢᠷᠭᠠᠨ ᠰᠠᠷᠠ ᠪᠠᠷᠠᠭᠤᠨ᠎ᠠ ᠲᠣᠩᠭᠣᠢᠵᠤ ᠪᠠᠢᠬᠤ ᠳ᠋ᠤ᠌᠂ ᠲᠡᠳᠡ ᠨᠡᠯᠢᠶᠡᠳᠨ ᠣᠷᠣᠢ ᠪᠣᠯᠤᠭᠰᠠᠨ ᠢ᠋ ᠮᠡᠳᠡᠪᠡ᠃ ᠬᠣᠷᠢᠭᠠᠳ ᠠᠯᠬᠤᠮ ᠤ᠋ᠨ ᠲᠡᠷᠲᠡᠭᠡ ᠡᠴᠡ ᠨᠢᠭᠡ ᠬᠥᠮᠦᠨ᠄ ᠵᠣᠭᠰᠣ! ᠶᠠᠭᠤᠨ ᠬᠥᠮᠦᠨ ᠪᠣᠢ? ᠭᠡᠵᠦ ᠬᠠᠰᠬᠢᠷᠪᠠ᠃ ᠡᠨᠡ ᠨᠢ ᠠᠯᠲᠠᠨ ᠬᠡᠮᠡᠬᠦ ᠭᠠᠵᠠᠷ ᠴᠤᠭᠯᠠᠷᠠᠭᠰᠠᠨ ᠵᠢᠷᠤᠮᠲᠠᠨ ᠴᠡᠷᠢᠭ ᠦ᠋ᠨ ᠮᠠᠨᠠᠭ᠎ᠠ ᠪᠠᠢᠪᠠ᠃ 
       ᠳᠠᠷᠬᠠᠨ ᠬᠠᠷᠢᠭᠤ ᠳ᠋ᠤᠨᠢ: 
       - ᠸᠴᠢᠷ ᠲᠠᠨᠢ! ᠪᠠᠢᠵᠠ! ᠪᠢ ᠵᠠᠮᠴᠢ ᠪᠠᠢᠨ᠎ᠠ᠂ ᠫᠤᠤ ᠵᠡᠮᠰᠡᠭ ᠲᠤᠰᠢᠶᠠᠨ᠎ᠠ᠃ 
       ᠮᠠᠨᠠᠭᠠᠨ ᠤ᠋ ᠬᠥᠮᠦᠨ ᠦ᠌ ᠳᠠᠭᠤ ᠵᠥᠭᠡᠯᠡᠷᠡᠨ:  
       - ᠵᠠ ᠳᠠᠷᠬᠠᠨ ᠭᠤᠸᠠᠢ ᠤᠤ᠃ ᠵᠠ᠂ ᠵᠠ ᠨᠠᠭᠠᠰᠢ ᠪᠠᠨ ᠭᠡᠵᠡᠢ᠃