ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠥᠲᠥᠭᠡᠷ ᠪᠦᠯᠦᠭ 3–4> Бүлжхэн хатан– [монгол] Дамбын Төрбат <дөтгөр бүлэг 3–4> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠥᠲᠥᠭᠡᠷ ᠪᠦᠯᠦᠭ 3–4> Бүлжхэн хатан– [монгол] Дамбын Төрбат <дөтгөр бүлэг 3–4>

ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠥᠲᠥᠭᠡᠷ ᠪᠦᠯᠦᠭ 3–4> Бүлжхэн хатан– [монгол] Дамбын Төрбат <дөтгөр бүлэг 3–4>

ᠠᠩᠭᠢᠯᠠᠯ:ᠲᠤᠭᠤᠵᠢ ᠷᠣᠮᠠᠨ
2026-01-29

172


                3
       ᠲᠠᠢᠴᠢᠭᠤᠳ ᠤ᠋ᠨ ᠠᠮᠪᠠᠭᠠᠢ ᠬᠠᠭᠠᠨ ᠬᠡᠯᠡ ᠠᠪᠤᠭᠰᠠᠨ ᠡᠳᠦᠷ ᠢ᠋ᠶ᠋ᠡᠨ ᠶᠠᠭᠠᠷᠠᠪᠴᠢᠯᠠᠨ ᠡᠪᠦᠭᠡᠨ ᠠᠨᠳᠠ ᠶ᠋ᠢᠨ ᠥᠷᠭᠥᠭᠡ ᠲᠡᠢᠰᠢ ᠮᠣᠷᠳᠠᠵᠠᠢ᠃ ᠨᠠᠮᠤᠷ ᠤ᠋ᠨ ᠠᠳᠠᠭ ᠰᠠᠷ᠎ᠠ ᠪᠠᠷ ᠠᠩ ᠬᠣᠮᠣᠷᠭᠠᠨ ᠳ᠋ᠤ᠌ ᠳᠥᠷᠥᠭᠡ ᠬᠠᠷᠰᠢᠭᠤᠯᠵᠤ ᠮᠣᠷᠳᠠᠵᠤ᠂ ᠵᠤᠨ ᠤ᠋ ᠳᠡᠯᠭᠡᠷ ᠴᠠᠭ ᠲᠤ᠌ ᠬᠠᠷ᠎ᠠ ᠵᠢᠷᠦᠬᠡᠨ ᠦ᠌ ᠬᠥᠬᠡ ᠨᠠᠭᠤᠷ ᠤ᠋ᠨ ᠬᠦᠪᠡᠭᠡᠨ᠎ᠡ ᠬᠠᠶᠠᠭ᠎ᠠ ᠨᠡᠢᠯᠡᠨ ᠵᠤᠰᠠᠬᠤ ᠡᠪᠦᠭᠡᠨ ᠬᠠᠭᠠᠨ ᠴᠢᠯᠡᠭᠡᠷᠬᠡᠭᠰᠡᠨ ᠨᠢ ᠠᠮᠪᠠᠭᠠᠢ ᠶ᠋ᠢ ᠪᠠᠭ᠎ᠠ ᠦᠭᠡᠢ ᠰᠠᠨᠳᠤᠷᠭᠠᠪᠠ᠃ ᠲᠡᠷᠡ ᠪᠡᠷ ᠵᠢᠯᠣᠭᠣ ᠲᠠᠲᠠᠯ ᠦᠭᠡᠢ ᠲᠡᠷᠭᠡᠭᠦᠯᠦᠭᠰᠡᠭᠡᠷ ᠬᠣᠶᠠᠳᠠᠬᠢ ᠡᠳᠦᠷ ᠦ᠋ᠨ ᠦᠳᠡ ᠬᠡᠯᠪᠡᠢᠭᠰᠡᠨ ᠬᠣᠢᠨ᠎ᠠ ᠲᠦᠩᠬᠡᠯᠢᠭ ᠭᠣᠷᠣᠬᠠᠨ ᠤ᠋ ᠬᠥᠪᠡᠭᠡᠨ ᠳ᠋ᠦ᠍ ᠵᠤᠰᠠᠵᠤ ᠪᠣᠢ ᠬᠠᠭᠠᠨ ᠦᠷᠭᠦᠭᠡᠨ ᠦ᠌ ᠪᠠᠷ᠎ᠠ ᠬᠠᠷᠠᠵᠠᠢ᠃ ᠨᠠᠢ᠍ᠮᠠᠨ ᠵᠣᠪᠬᠢᠰ  ᠲᠤ᠌ ᠮᠣᠷᠢᠲᠠᠢ ᠬᠠᠷᠠᠭᠤᠯ ᠤ᠋ᠳ ᠬᠣᠷᠣᠮᠰᠠᠭ᠎ᠠ ᠰᠤᠮᠤ ᠪᠠᠨ ᠰᠡᠷᠡᠯᠵᠡᠭᠦᠯᠦᠨ ᠬᠥᠯᠬᠢᠵᠦ᠂ ᠡᠷᠭᠢᠨ ᠲᠣᠭᠣᠷᠢᠨ ᠬᠠᠶᠠᠭ᠎ᠠ ᠰᠢᠭᠤᠭᠰᠠᠨ ᠬᠠᠭᠠᠨ ᠴᠠᠭᠠᠨ ᠭᠡᠷ ᠦ᠋ᠨ ᠳᠥᠷᠪᠡᠨ ᠲᠠᠯ᠎ᠠ ᠳ᠋ᠤ᠌ ᠮᠠᠢ ᠶ᠋ᠢᠨ ᠬᠥᠬᠡ ᠤᠲᠤᠭ᠎ᠠ ᠰᠤᠭᠤᠨᠠᠭᠯᠠᠬᠤ ᠠᠵᠢ᠃ ᠬᠠᠷᠠᠭᠤᠯ ᠥᠩᠭᠡᠷᠡᠨ ᠮᠣᠷᠢᠨ ᠤ᠋ ᠵᠢᠯᠣᠭᠣ ᠲᠠᠲᠠᠵᠤ᠂ ᠵᠦᠩ ᠢ᠋ᠶ᠋ᠡᠷ ᠬᠡᠯᠲᠦᠷᠢᠨ ᠤᠶᠠᠭ᠎ᠠ ᠱᠣᠩ ᠳᠡᠭᠡᠷ᠎ᠡ ᠢᠷᠠ ᠵᠠᠭᠤᠵᠤ ᠪᠠᠭᠤᠪᠠ᠃ ᠬᠠᠭᠠᠨ ᠦᠷᠭᠦᠭᠡᠨ ᠦ᠌ ᠢᠰᠡᠭᠡᠢ ᠡᠭᠦᠳᠡ ᠶ᠋ᠢ ᠲᠣᠲᠣᠭᠣᠨ ᠳᠡᠭᠡᠷ᠎ᠡ ᠪᠡᠨ ᠣᠷᠬᠢᠵᠠᠢ᠃ ᠭᠡᠷ ᠲᠦ᠍ ᠣᠯᠠᠨ ᠬᠥᠮᠦᠨ ᠪᠠᠢᠬᠤ ᠪᠣᠯᠤᠯᠲᠠᠢ᠃ ᠲᠡᠭᠦᠨ ᠦ᠌ ᠪᠠᠷ᠎ᠠ ᠪᠣᠯᠣᠭᠰᠠᠳ ᠨᠢ ᠲᠣᠬᠣᠢ ᠲᠦᠰᠢᠨ ᠪᠠᠭᠤᠯᠭᠠᠬᠤ ᠦᠶᠡᠰ ᠲᠣᠳᠣᠢᠨ ᠣᠳᠴᠢᠬᠢᠨ ᠭᠣᠳᠬᠢᠨ ᠭᠠᠷᠴᠤ ᠢᠷᠡᠪᠡ᠃᠂ ᠲᠡᠭᠡᠭᠰᠡᠨ ᠢ᠋ᠶ᠋ᠡᠨ ᠬᠣᠲᠠ ᠠᠢᠯ ᠢ᠋ ᠡᠵᠡᠮᠳᠡᠨ ᠲᠦᠩᠰᠦᠢᠭᠰᠡᠨ ᠲᠦᠭᠰᠢᠭᠦᠷᠢᠲᠦ ᠨᠠᠮ ᠭᠦᠮ ᠢ᠋ ᠡᠪᠳᠡᠨ᠂ 
       — ᠠᠮᠪᠠᠭᠠᠢ ᠬᠠᠨ ᠠᠬᠠᠳᠠᠨ ᠠᠢᠰᠤᠢ! ᠭᠡᠵᠦ ᠬᠠᠲᠠᠭᠠᠬᠤ ᠳ᠋ᠤ᠌ ᠬᠠᠷᠯᠢ ᠺᠤ ᠬᠠᠲᠤᠨ ᠭᠠᠷᠴᠤ ᠢᠷᠡᠭᠰᠡᠨ ᠢ᠋ᠶ᠋ᠡᠨ᠂ 
       — ᠮᠢᠨᠦ ᠬᠦᠦ ᠴᠢᠮᠡᠭᠡ ᠦᠭᠡᠢ ᠭᠡᠯ᠎ᠡ᠃ ᠠᠮᠪᠠᠭᠠᠢ ᠶᠡᠬᠡ ᠬᠠᠲᠤᠨ ᠲᠠᠢ ᠲᠣᠯᠣᠭᠠᠢ ᠳᠣᠬᠢᠵᠤ ᠮᠡᠨᠳᠦᠯᠡᠭᠡᠳ ᠭᠡᠷ ᠲᠦ᠍ ᠣᠷᠣᠪᠠᠯ ᠬᠠᠨ ᠬᠥᠪᠡᠭᠦᠳ ᠪᠦᠭᠦᠳᠡ ᠴᠤᠭᠯᠠᠵᠠᠢ᠃ ᠬᠠᠮᠤᠭ ᠤ᠋ᠨ ᠬᠣᠢᠮᠣᠷ ᠰᠠᠭᠤᠬᠤ ᠪᠠᠷᠳᠠᠨᠪᠠᠭᠠᠲᠤᠷ ᠤ᠋ᠨ ᠨᠢᠳᠦ ᠤᠯᠠᠢᠵᠤ᠂ ᠵᠣᠪᠬᠢ ᠪᠥᠯᠴᠡᠢᠨ ᠬᠠᠪᠤᠳᠤᠭᠰᠠᠨ ᠬᠠᠷᠠᠭᠳᠠᠨ᠎ᠠ᠃ ᠬᠦᠷᠡᠯᠭᠡᠷ ᠬᠦᠷᠡᠩ ᠡᠷ᠎ᠡ ᠬᠠᠮᠠᠷ ᠳᠣᠣᠷ᠎ᠠ ᠪᠠᠨ ᠱᠤᠤᠬᠢᠲᠤᠨᠠᠨ᠂ 
       — ᠲᠠ ᠨᠠᠭᠠᠰᠢ ᠪᠠᠨ ᠰᠠᠭᠤᠭᠠᠴᠢ ᠭᠡᠬᠦ ᠳ᠋ᠦ᠍ ᠬᠤᠲᠤᠭᠲᠤ ᠮᠣᠩᠬᠣᠷ ᠣᠯᠪᠣᠭ ᠠᠪᠴᠤ ᠳᠡᠪᠢᠰᠪᠡ᠃ ᠬᠤᠯᠠᠨ᠂ ᠬᠠᠭᠠᠨ ᠤ᠋ ᠬᠥᠯ ᠳ᠋ᠦ᠍ ᠰᠠᠭᠤᠵᠤ ᠬᠠᠯᠠᠭᠤᠨ ᠵᠤᠨ ᠢ᠋ᠶ᠋ᠠᠷ ᠪᠤᠯᠠᠭᠠᠨ ᠬᠥᠨᠵᠢᠯᠡ ᠪᠡᠷ ᠬᠤᠴᠢᠭᠰᠠᠨ ᠴᠤ᠌ ᠦᠯᠦ ᠳᠤᠯᠠᠭᠠᠴᠠᠬᠤ ᠬᠥᠯ ᠢ᠋ ᠨᠢ ᠠᠳᠬᠤᠯᠠᠬᠤ ᠠᠵᠢ᠃ ᠬᠣᠲᠣᠯᠠ ᠨᠣᠶᠠᠨ ᠴᠢᠰᠤ ᠦᠭᠡᠢ ᠮᠡᠲᠦ ᠴᠠᠢᠭᠰᠠᠨ ᠭᠠᠷ ᠢ᠋ ᠨᠢ ᠪᠠᠵᠠᠯᠠᠨ᠎ᠠ᠃ ᠶᠡᠷᠦ ᠬᠠᠨ ᠬᠦᠦ ᠶ᠋ᠢᠨ ᠬᠠᠷᠠᠭᠤᠰᠤᠯ ᠭᠤᠨᠢᠭ ᠠ᠋ᠴᠠ ᠳᠤᠲᠠᠭᠤ ᠦᠭᠡᠢ ᠰᠡᠳᠬᠢᠯ ᠢ᠋ᠶ᠋ᠡᠷ ᠬᠥᠩᠬᠥᠷ ᠬᠣᠷᠴᠢ ᠬᠤᠨ ᠬᠤᠭᠤᠷ ᠤ᠋ᠨ ᠢ᠋ᠶ᠋ᠠᠨ ᠡᠮᠵᠡᠭ ᠴᠠᠪᠬᠠᠳᠠᠰᠤ ᠶ᠋ᠢ ᠪᠠᠵᠠᠯᠠᠨ ᠰᠠᠭᠤᠬᠤ ᠠᠵᠢ᠃ ᠭᠠᠳᠠᠨ᠎ᠠ ᠪᠠᠨ ᠮᠠᠭᠤᠬᠠᠢ ᠴᠤ᠌ ᠳᠣᠲᠣᠷ᠎ᠠ ᠪᠠᠨ ᠭᠡᠭᠡᠨ ᠠᠮᠢᠲᠠᠨ ᠠ᠋᠃ ᠭᠡᠷ ᠲᠦ᠍ ᠨᠠᠮ ᠭᠦᠮ ᠪᠣᠯᠪᠠ᠃ ᠡᠪᠡᠳᠴᠢᠨ ᠵᠣᠪᠠᠭᠤᠷᠢ ᠮᠡᠲᠦ ᠡᠯ᠎ᠡ ᠳᠠᠭ᠎ᠠ ᠦᠭᠡᠢ ᠪᠠᠢᠳᠠᠯ ᠠ᠋ᠴᠠ ᠬᠠᠯᠠᠰᠢᠷᠠᠭᠰᠠᠨ ᠬᠠᠷᠯᠢ ᠺᠤ ᠬᠠᠲᠤᠨ ᠬᠣᠯᠠ ᠶ᠋ᠢᠨ ᠵᠣᠴᠢᠨ ᠳ᠋ᠤ᠌ ᠴᠠᠢ ᠬᠢᠵᠦ ᠥᠭᠭᠦᠭᠡᠳ ᠭᠠᠷᠴᠤ ᠣᠳᠤᠯ᠎ᠠ᠃ ᠲᠠᠯ᠎ᠠ ᠰᠢᠭ᠋ ᠬᠠᠩᠬᠠᠢ ᠭᠡᠷ ᠲᠦ᠍ ᠠᠬᠢᠭᠠᠳ ᠯᠠ ᠴᠢᠮᠡᠭᠡ ᠠᠯᠳᠠᠷᠠᠪᠠ᠃ ᠬᠠᠪᠤᠯ ᠬᠠᠭᠠᠨ ᠨᠢᠳᠦ ᠪᠡᠨ ᠠᠨᠢᠨ ᠳᠡᠭᠡᠭᠰᠢ ᠬᠠᠷᠠᠵᠤ ᠬᠡᠪᠲᠡᠬᠦ ᠠᠭᠠᠳ ᠰᠤᠯᠠᠬᠠᠨ ᠠᠨᠢᠭᠰᠠᠨ ᠰᠣᠷᠮᠤᠤᠰᠤᠨ ᠤ᠋ ᠬᠢᠨᠢ ᠵᠠᠪᠰᠠᠷ ᠢ᠋ᠶ᠋ᠠᠷ ᠲᠤᠩᠭᠠᠯᠠᠭᠬᠠᠨ ᠨᠢᠯᠪᠤᠰᠤ ᠭᠢᠯᠠᠯᠵᠠᠨ ᠭᠠᠷᠴᠤ᠂ ᠰᠢᠨᠡ ᠶ᠋ᠢ ᠳᠠᠭᠠᠨ ᠠᠨᠢᠷ ᠦᠭᠡᠢ ᠤᠷᠤᠰᠴᠤ ᠪᠠᠢᠯ᠎ᠠ᠃ 
       — ᠠᠪᠤ ᠠ᠋᠂ ᠠᠮᠪᠠᠭᠠᠢ ᠨᠣᠶᠠᠨ ᠢᠷᠡᠯ᠎ᠡ ᠭᠡᠵᠦ ᠬᠣᠲᠣᠯᠠ ᠠᠷᠭᠠᠳᠠᠩᠭᠤᠢ ᠥᠭᠦᠯᠡᠬᠦ ᠳ᠋ᠦ᠍ ᠡᠪᠦᠭᠡᠨ ᠬᠠᠭᠠᠨ ᠨᠢᠳᠦ ᠪᠡᠨ ᠬᠠᠭᠠᠰ ᠨᠡᠭᠡᠭᠡᠨ ᠬᠠᠷᠠᠴᠠ ᠪᠠᠷ ᠢ᠋ᠶ᠋ᠠᠨ ᠡᠷᠢᠬᠦ ᠮᠡᠲᠦ ᠭᠡᠷ ᠳᠣᠲᠣᠷ᠎ᠠ ᠬᠢ ᠶ᠋ᠢ ᠲᠣᠭᠣᠷᠢᠭᠤᠯᠤᠨ ᠬᠠᠷᠠᠪᠠ᠃ ᠠᠮᠪᠠᠭᠠᠢ ᠮᠡᠬᠦᠢᠰᠬᠢᠨ᠂ 
       — ᠬᠠᠭᠠᠨ ᠠᠬ᠎ᠠ ᠶ᠋ᠢᠨ ᠵᠠᠷᠯᠢᠭ ᠢ᠋ᠶ᠋ᠠᠷ ᠪᠢ ᠢᠷᠡᠯ᠎ᠡ ᠭᠡᠬᠦ ᠳ᠋ᠦ᠍ ᠰᠠᠶᠢ ᠣᠯᠵᠤ ᠬᠠᠷᠠᠨ ᠲᠠᠨᠢᠵᠤ ᠶᠠᠳᠠᠬᠤ ᠮᠡᠲᠦ ᠤᠳᠠᠭᠠᠨ ᠰᠢᠷᠲᠡᠵᠦ᠂ 
       — ᠪᠢ ᠲᠠᠨᠢᠯ᠎ᠠ ᠭᠡᠪᠡ᠃ ᠴᠢᠩᠭᠢᠭᠡᠳ ᠲᠣᠳᠣᠢᠨ ᠣᠳᠴᠢᠬᠢᠨ ᠤ᠋ ᠬᠠᠯᠠᠭᠤᠨ ᠠᠯᠠᠭᠠᠨ ᠠ᠋ᠴᠠ ᠲᠠᠮᠢᠷ ᠮᠠᠭᠤᠲᠠᠢ ᠭᠠᠷ ᠢ᠋ᠶ᠋ᠠᠨ ᠰᠤᠭᠤᠯᠤᠨ ᠠᠪᠴᠤ᠂ 
       — ᠬᠥᠪᠡᠭᠦᠳ ᠮᠢᠨᠢ ᠲᠠ ᠨᠠᠷ ᠭᠠᠷᠴᠤ ᠪᠠᠢ! ᠬᠡᠮᠡᠪᠡ《ᠶᠠᠭᠤ ᠭᠡᠪᠡ ᠠ᠋》ᠭᠡᠬᠦ ᠰᠢᠭ ᠪᠠᠷᠳᠠᠨᠪᠠᠭᠠᠲᠤᠷ ᠳᠦᠷᠯᠡᠢᠭᠰᠡᠨ ᠤᠯᠠᠭᠠᠨ ᠨᠢᠳᠦ ᠪᠡᠷ ᠰᠢᠷᠲᠡᠰᠬᠢᠨ ᠨᠢᠭᠡ ᠶᠡᠬᠡ ᠲᠣᠮᠣ ᠬᠠᠷᠠᠭᠰᠠᠨ ᠢ᠋ᠶ᠋ᠠᠨ ᠦᠷᠭᠦᠭᠰᠡᠨ ᠲᠣᠷᠣᠮ ᠰᠢᠭ᠋ ᠰᠦᠷ ᠫᠡᠷ ᠬᠢᠨ ᠪᠣᠰᠤᠭᠠᠳ ᠳᠡᠭᠦᠦ ᠨᠠᠷ ᠢ᠋ᠶ᠋ᠠᠨ ᠳᠠᠭᠠᠭᠤᠯᠤᠨ ᠭᠠᠷᠤᠯ᠎ᠠ᠃ 
       — ᠥᠬᠢᠨᠪᠠᠷᠬᠠᠭ ᠢ᠋ ᠮᠢᠨᠢ ᠲᠠᠲ᠋ᠠᠷ ᠤ᠋ᠳ ᠡᠰᠡ ᠥᠭᠴᠡᠢ᠃ 
       — ᠪᠢ ᠲᠤᠭᠤᠯᠤᠭᠰᠠᠨ᠂ ᠬᠠᠭᠠᠨ ᠠᠬ᠎ᠠ ᠮᠢᠨᠢ᠁ 
       — ᠤᠤᠭᠠᠨ ᠬᠦᠦ ᠲᠡᠢ ᠪᠡᠨ ᠠᠭᠤᠯᠵᠠᠳᠠᠭ ᠵᠠᠶᠠᠭ᠎ᠠ ᠲᠥᠭᠡᠷᠢᠪᠡ ᠪᠣᠯᠤᠯᠲᠠᠢ᠃ ᠲᠣᠢᠪᠤᠯᠠᠬᠤ ᠭᠡᠵᠦ ᠯᠡ ᠠᠪᠤᠪᠠ ᠭᠡᠵᠦ ᠳᠡ ᠲᠠᠲ᠋ᠠᠷ ᠤ᠋ᠳ᠂ ᠲᠣᠯᠣᠭᠠᠢ ᠶ᠋ᠢ ᠨᠢ ᠵᠠᠯᠭᠢᠬᠤ ᠭᠡᠵᠦ ᠠᠪᠤᠭ᠎ᠠ ᠪᠢᠵᠡ ᠳᠡ᠁ ᠭᠡᠳ ᠤᠳᠠᠭᠠᠨ ᠶᠠᠷᠢᠭᠰᠠᠨ ᠳ᠋ᠠᠭᠠᠨ ᠲᠠᠮᠢᠷᠳᠠᠨ ᠨᠢᠭᠡᠨ ᠬᠣᠷᠣᠮ ᠰᠦᠷᠡᠬᠡᠢ ᠠᠮᠢᠰᠬᠤᠭᠠᠳᠠᠪᠠ᠃ ᠡᠢᠨ ᠬᠣᠷᠣᠮ ᠬᠢᠷᠢ ᠪᠣᠯᠤᠭᠰᠠᠨ ᠢ᠋ᠶ᠋ᠠᠨ᠂ 
       — ᠠᠮᠪᠠᠭᠠᠢ ᠮᠢᠨᠢ! ᠰᠡᠩᠭᠦᠨ ᠪᠢᠯᠭᠡ ᠠᠪᠠᠭ᠎ᠠ ᠶ᠋ᠢᠨ ᠬᠦᠦ ᠶᠦᠮ ᠴᠢ᠃ ᠮᠢᠨᠦ ᠦᠷ᠎ᠡ ᠡᠴᠡ ᠢᠯᠭᠠᠭ᠎ᠠ ᠶᠠᠭᠤᠨ ᠪᠠᠢᠬᠤ ᠪᠣᠢ᠃ ᠬᠠᠮᠤᠭ ᠮᠣᠩᠭᠣᠯ ᠤ᠋ᠨ ᠬᠤᠪᠢ ᠵᠠᠶᠠᠭ᠎ᠠ ᠶ᠋ᠢ ᠴᠢ ᠳᠠᠭᠠᠭᠠᠵᠤ ᠦᠯᠡᠲᠡᠯ᠎ᠡ ᠰᠢᠦ ᠭᠡᠬᠦ ᠳ᠋ᠦ᠍ ᠠᠮᠪᠠᠭᠠᠢ ᠣᠪᠤᠭᠤᠰᠬᠢᠲᠠᠯ᠎ᠠ ᠴᠣᠴᠢᠨ ᠰᠠᠨᠳᠤᠷᠴᠤ᠂ 
       — ᠬᠠᠭᠠᠨ ᠠᠬ᠎ᠠ ᠲᠠ ᠶᠠᠭᠤ ᠶᠠᠷᠢᠨ᠎ᠠ᠃ ᠠᠭᠤᠯᠠ ᠮᠡᠲᠦ ᠵᠢᠷᠭᠤᠭᠠᠨ ᠰᠠᠢᠬᠠᠨ ᠦᠷ᠎ᠡ ᠲᠡᠢ ᠪᠠᠢᠵᠤ᠁ ᠭᠡᠪᠡᠯ ᠬᠠᠭᠠᠨ ᠡᠪᠦᠭᠡᠨ ᠦᠭᠡ ᠶ᠋ᠢ ᠨᠢ ᠲᠠᠰᠤᠯᠵᠤ᠂ 
       — ᠲᠩᠷᠢ ᠵᠠᠶᠠᠭᠠᠭᠰᠠᠨ ᠳᠣᠯᠣᠭᠠᠨ ᠰᠠᠢᠬᠠᠨ ᠬᠦᠦ ᠪᠣᠢ ᠨᠢ ᠪᠣᠢ᠃ ᠡᠨᠡ ᠬᠡᠳᠦ ᠡᠴᠡ ᠤᠯᠤᠰ ᠠᠪᠤᠭᠠᠳ ᠶᠠᠪᠤᠴᠢᠬᠤ ᠤᠬᠠᠭᠠᠨ ᠲᠡᠭᠰᠢ ᠬᠥᠮᠦᠨ ᠬᠣᠲᠣᠯᠠ ᠮᠢᠨᠢ ᠶᠦᠮ ᠰᠠᠨ᠁ ᠭᠡᠲᠡᠯ᠎ᠡ ᠡᠷ᠎ᠡ ᠬᠥᠮᠦᠨ ᠦ᠌ ᠬᠢᠳᠡᠭ ᠢ᠋ ᠬᠢᠭᠰᠡᠨ ᠡᠴᠡ ᠪᠣᠯᠵᠤ ᠡᠨᠡ ᠬᠡᠳᠦ ᠳ᠋ᠡᠭᠡᠨ ᠨᠡᠷ᠎ᠡ ᠠᠯᠳᠠᠭᠠᠳ ᠪᠠᠢᠨ᠎ᠠ᠂ ᠬᠦᠦ ᠮᠢᠨᠢ᠃ ᠵᠢᠷᠭᠤᠭᠠᠨ ᠬᠦᠦ ᠶ᠋ᠢᠨ ᠳᠤᠮᠳᠠ ᠭᠠᠷᠤᠭᠰᠠᠨ ᠠᠩ ᠴᠠᠪᠠ ᠶ᠋ᠢ ᠬᠠᠷᠠᠭᠰᠠᠭᠠᠷ ᠪᠠᠢᠵᠤ ᠶᠠᠰᠤ ᠬᠠᠶᠠᠵᠤ ᠪᠣᠢ ᠮᠡᠲᠦ ᠬᠣᠲᠣᠯᠠ ᠳ᠋ᠤ᠌ ᠬᠠᠭᠠᠨ ᠲᠠᠮᠠᠭ᠎ᠠ ᠥᠭᠭᠦᠭᠡᠳ ᠶᠠᠭᠠᠬᠢᠬᠤ ᠪᠣᠢ ᠳᠠ᠃ ᠦᠷᠡᠰ ᠢ᠋ᠶ᠋ᠡᠨ ᠬᠢᠲᠤᠭᠠᠯᠠᠭᠰᠠᠨ ᠲᠠᠢ ᠠᠳᠠᠯᠢ ᠪᠣᠯᠤᠨ᠎ᠠ᠁ ᠲᠡᠭᠦᠨ ᠦ᠌ ᠵᠠᠶᠠᠭ᠎ᠠ ᠶ᠋ᠢ ᠴᠢ ᠮᠢᠨᠢ ᠳᠠᠭᠠᠭᠠᠵᠤ ᠦᠯᠡᠳᠡ᠁ ᠴᠠᠷᠬᠠᠢᠯᠢᠩᠬᠤᠸ᠎ᠠ ᠶ᠋ᠢᠨ ᠬᠥᠪᠡᠭᠦᠨ ᠢ᠋ᠶ᠋ᠡᠨ ᠪᠠᠢᠭᠰᠠᠭᠠᠷ ᠠᠲᠠᠯ᠎ᠠ ᠬᠠᠮᠤᠭ ᠮᠣᠩᠭᠣᠯ ᠣᠪᠣᠭ  ᠲᠤ᠌ ᠬᠠᠭᠠᠨ ᠵᠢᠯᠣᠭᠣ ᠶ᠋ᠢ ᠨᠠᠳᠠ ᠳ᠋ᠤ᠌ ᠠᠳᠬᠤᠭᠤᠯᠤᠭᠰᠠᠨ ᠶᠤᠮ᠃ ᠬᠠᠭᠠᠨ ᠤ᠋ ᠠᠯᠪᠠ ᠬᠠᠯᠠᠭ᠎ᠠ ᠲᠠᠢ᠂ ᠡᠵᠡᠨ ᠦ᠌ ᠠᠵᠢᠯ ᠡᠭᠡᠯᠵᠢ ᠲᠡᠢ᠂ ᠠᠮᠪᠠᠭᠠᠢ ᠮᠢᠨᠢ᠁ ᠲᠠᠢᠴᠢᠭᠤᠳ ᠲᠥᠷᠥ ᠪᠠᠷᠢᠬᠤ ᠴᠠᠭ ᠢᠷᠡᠪᠡ᠃ ᠭᠤᠷᠪᠠᠨ ᠭᠣᠣᠯ ᠳᠠᠶᠠᠭᠠᠷ᠂ ᠪᠤᠷᠬᠠᠨ ᠬᠠᠯᠳᠤᠨ ᠳᠠᠶᠠᠭᠠᠷ ᠠᠮᠪᠠᠭᠠᠢ ᠨᠣᠶᠠᠨ ᠲᠠᠨ ᠳ᠋ᠤ᠌ ᠲᠠᠯ᠎ᠠ ᠲᠠᠢ ᠪᠠᠢᠳᠠᠭ ᠠᠯᠪᠠᠲᠤ ᠢᠷᠭᠡᠳ ᠢ᠋ᠶ᠋ᠡᠨ ᠵᠠᠬᠢᠷ! ᠭᠡᠪᠡ᠃ ᠴᠢᠩᠭᠢᠭᠡᠳ ᠠᠮᠢᠰᠬᠤᠭᠠᠳᠠᠨ ᠪᠠᠢᠭᠰᠠᠨ ᠢ᠋ᠶ᠋ᠠᠨ᠂ 
       — ᠮᠢᠨᠦ ᠬᠡᠯᠡᠬᠦ ᠦᠭᠡ ᠳᠠᠭᠤᠰᠪᠠ᠃ ᠬᠥᠪᠡᠭᠦᠳ ᠢ᠋ ᠤᠷᠤᠭᠤᠯ! ᠭᠡᠯ᠎ᠡ᠃ ᠠᠮᠪᠠᠭᠠᠢ ᠨᠣᠶᠠᠨ ᠨᠡᠭᠡᠭᠡᠯᠲᠡ ᠲᠡᠢ ᠡᠭᠦᠳᠡ ᠪᠡᠷ ᠱᠠᠭᠠᠢᠨ᠂ — ᠬᠠᠨ ᠬᠥᠪᠡᠭᠦᠳ ᠢ᠋ ᠳᠠᠭᠤᠳᠠᠵᠤ ᠪᠠᠢᠨ᠎ᠠ ᠭᠡᠬᠦ ᠳ᠋ᠦ᠍ ᠤᠶᠠᠭ᠎ᠠ ᠱᠣᠩ ᠤ᠋ᠨ ᠳᠡᠷᠭᠡᠳᠡ ᠰᠢᠪᠠᠭᠠᠷᠠᠯᠳᠤᠨ ᠠᠮᠪᠠᠭᠠᠢ ᠶ᠋ᠢᠨ ᠬᠥᠪᠡᠭᠦᠨ ᠬᠠᠲᠠᠭᠠᠨ ᠬᠢᠭᠡᠳ ᠪᠠᠷ᠎ᠠ ᠪᠣᠯᠤᠭᠠᠴᠢ ᠨᠠᠷ ᠲᠠᠢ ᠬᠠᠭᠠᠨ ᠡᠴᠢᠭᠡ ᠶ᠋ᠢᠨ ᠪᠡᠶ᠎ᠡ ᠶ᠋ᠢᠨ ᠲᠠᠯ᠎ᠠ ᠪᠠᠷ ᠨᠠᠮ ᠳᠠᠭᠤ ᠪᠠᠷ ᠶᠠᠷᠢᠯᠴᠠᠨ ᠠᠭᠰᠠᠨ ᠬᠥᠪᠡᠭᠦᠳ ᠳᠠᠷᠬᠢᠨ ᠨᠠᠭᠠᠰᠢᠯᠠᠪᠠ᠃ ᠠᠭᠤᠯᠠ ᠰᠢᠭ᠋ ᠬᠠᠩᠬᠠᠷ ᠬᠥᠪᠡᠭᠦᠳ ᠡᠭᠦᠳᠡ ᠪᠡᠷ ᠪᠠᠭᠲᠠᠵᠤ ᠶᠠᠳᠠᠨ ᠣᠷᠣᠵᠤ ᠢᠷᠡᠵᠦ ᠬᠥᠨᠳᠡᠯᠢᠳᠦᠨ ᠵᠣᠭᠰᠣᠬᠤ ᠳ᠋ᠤ᠌ ᠬᠠᠪᠤᠯ ᠬᠠᠭᠠᠨ᠂ 
       — ᠬᠣᠲᠣᠯᠠ ᠴᠢ ᠨᠠᠭᠠᠰᠢ ᠢᠷ᠎ᠡ ᠭᠡᠰᠡᠨ ᠢ᠋ᠶ᠋ᠡᠨ ᠬᠥᠪᠡᠭᠦᠨ ᠦ᠌ ᠪᠡᠨ ᠲᠣᠮᠣ ᠭᠠᠷ ᠢ᠋ ᠠᠶᠠᠷᠬᠠᠨ ᠠᠳᠬᠤᠵᠤ ᠳᠡᠷᠭᠡᠳᠡ ᠪᠡᠨ ᠰᠠᠭᠤᠯᠭᠠᠯ᠎ᠠ᠃ ᠲᠡᠭᠡᠭᠡᠳ᠂ 
       — ᠪᠠᠷᠳᠠᠨ ᠬᠥᠪᠡᠭᠦᠨ ᠮᠢᠨᠢ ᠲᠣᠯᠣᠭᠠᠢ ᠶ᠋ᠢ ᠮᠢᠨᠢ ᠲᠦᠰᠢᠭᠡᠳ ᠠᠯᠢ ᠳᠠ! ᠭᠡᠵᠦ ᠭᠤᠶᠤᠬᠤ ᠳ᠋ᠤ᠌ ᠰᠡᠷ ᠰᠡᠷ ᠵᠠᠩ ᠲᠠᠢ ᠤᠤᠭᠠᠨ ᠬᠦᠦ ᠪᠡᠨ ᠦᠭᠡᠢᠯᠡᠪᠡ ᠪᠣᠯᠤᠯᠲᠠᠢ ᠬᠣᠭᠣᠯᠠᠢ ᠨᠢ ᠵᠠᠩᠭᠢᠷᠠᠯ᠎ᠠ᠃ ᠪᠠᠷᠳᠠᠨᠪᠠᠭᠠᠲᠤᠷ ᠬᠠᠭᠠᠨ ᠡᠴᠢᠭᠡ ᠶ᠋ᠢᠨ ᠲᠣᠯᠣᠭᠠᠢ ᠶ᠋ᠢ ᠵᠥᠭᠡᠯᠡᠬᠡᠨ ᠡᠷᠭᠦᠵᠦ ᠡᠪᠦᠳᠦᠭ ᠢ᠋ᠶ᠋ᠡᠨ ᠳᠡᠷᠡᠯᠡᠭᠦᠯᠵᠦ᠂ ᠴᠡᠭᠡᠵᠢ ᠶ᠋ᠢ ᠨᠢ ᠰᠡᠭᠡᠢᠯᠭᠡᠨ ᠲᠦᠰᠢᠪᠡ᠃ ᠬᠤᠯᠠᠨ ᠬᠥᠯ ᠢ᠋ ᠪᠠᠷᠠᠳᠠᠨ ᠰᠠᠭᠤᠵᠤ᠂ ᠲᠣᠳᠣᠢᠨ ᠣᠳᠴᠢᠬᠢᠨ ᠡᠯ᠎ᠡ ᠴᠢᠮᠡᠭᠡ ᠦᠭᠡᠢ ᠰᠦᠷᠯᠢᠭ ᠶᠣᠰᠣᠯᠠᠯ ᠠ᠋ᠴᠠ ᠡᠮᠢᠶᠡᠨ ᠬᠠᠷᠯᠢ ᠺᠤ ᠢᠵᠢᠢ ᠶ᠋ᠢᠨ ᠬᠣᠷᠮᠣᠢ ᠠ᠋ᠴᠠ ᠵᠠᠭᠤᠷᠠᠨ ᠪᠠᠢᠯ᠎ᠠ᠃ 
       ᠬᠠᠪᠤᠯ ᠬᠠᠭᠠᠨ ᠶᠡᠷᠦ ᠪᠤᠰᠤ ᠶ᠋ᠢᠨ ᠬᠤᠷᠴᠠ ᠨᠢᠳᠦ ᠪᠡᠷ ᠬᠥᠪᠡᠭᠦᠳ ᠢ᠋ᠶ᠋ᠡᠨ ᠴᠣᠭᠣ ᠰᠢᠷᠲᠡᠨ ᠤᠳᠠᠭᠠᠨ ᠳᠠᠭᠤ ᠦᠭᠡᠢ ᠰᠠᠭᠤᠭᠰᠠᠨ ᠢ᠋ᠶ᠋ᠠᠨ᠂ 
       — ᠥᠬᠢᠨᠪᠠᠷᠬᠠᠭ ᠦᠷ᠎ᠡ ᠮᠢᠨᠢ ᠠᠯᠠᠭ᠎ᠠ ᠪᠠᠢᠨ᠎ᠠ᠃ ᠬᠠᠲᠠᠭᠠᠨ ᠦᠷ᠎ᠡ ᠮᠢᠨᠢ ᠠᠯᠠᠭ᠎ᠠ ᠪᠠᠢᠨ᠎ᠠ᠃ ᠪᠠᠷᠠᠳᠠᠨ ᠬᠦᠦ ᠮᠢᠨᠢ ᠴᠢ ᠳᠡᠭᠦᠦ ᠨᠠᠷ ᠢ᠋ᠶ᠋ᠠᠨ ᠠᠬᠠᠯᠠᠬᠤ ᠴᠠᠭ ᠢᠷᠡᠪᠡ᠃ ᠶᠠᠭᠤᠮᠠᠨ ᠤ᠋ ᠲᠦᠷᠦᠭᠦᠨ ᠳ᠋ᠦ᠍ ᠰᠦᠷ ᠰᠡᠷ ᠬᠢᠬᠦ ᠪᠡᠨ ᠪᠣᠯᠢᠭᠲᠤᠨ! ᠬᠥᠮᠦᠨ ᠪᠦᠬᠦᠨ ᠥᠪᠡᠷ ᠦ᠋ᠨ ᠳᠤᠷ᠎ᠠ ᠪᠠᠷ ᠪᠤᠤ ᠲᠣᠩᠭᠣᠴᠢ! ᠣᠯᠠᠨ ᠲᠣᠯᠣᠭᠠᠢ ᠲᠠᠢ ᠮᠣᠭᠠᠢ ᠶ᠋ᠢᠨ ᠦᠯᠢᠭᠡᠷ ᠪᠣᠯᠬᠤ ᠮᠡᠲᠦ᠃ ᠨᠢᠭᠡ ᠲᠣᠯᠣᠭᠠᠢ ᠲᠠᠢ᠂ ᠣᠯᠠᠨ ᠰᠡᠭᠦᠯ ᠲᠡᠢ ᠮᠣᠭᠠᠢ ᠮᠡᠲᠦ ᠶᠠᠪᠤᠪᠠᠯ ᠬᠠᠮᠤᠭ ᠮᠣᠩᠭᠣᠯ ᠤ᠋ᠨ ᠬᠠᠪᠤᠯ ᠬᠠᠭᠠᠨ ᠮᠢᠨᠦ ᠪᠡᠶ᠎ᠡ ᠶᠠᠰᠤ ᠠᠮᠤᠷ ᠨᠣᠢᠷᠰᠤᠬᠤ ᠪᠢᠯᠡ᠃ ᠲᠠᠩᠭᠠᠷᠢᠭᠯᠠ! ᠬᠡᠮᠡᠬᠦ ᠳ᠋ᠦ᠍ ᠭᠡᠷ ᠲᠦ᠍ ᠨᠠᠮ ᠭᠦᠮ ᠠᠭᠠᠳ ᠬᠠᠷᠯᠢ ᠺᠤ ᠬᠠᠲᠤᠨ ᠯᠠ ᠮᠡᠭᠰᠢᠬᠦ ᠠᠪᠠᠢ᠃ ᠬᠥᠪᠡᠭᠦᠳ ᠪᠡᠶ᠎ᠡ ᠪᠡᠶ᠎ᠡ ᠪᠡᠨ ᠬᠠᠷᠠᠭᠰᠠᠨ ᠢ᠋ᠶ᠋ᠠᠨ ᠪᠠᠷᠳᠠᠨᠪᠠᠭᠠᠲᠤᠷ᠂ ᠳᠠᠷᠠᠭ᠎ᠠ ᠨᠢ ᠬᠤᠲᠤᠭᠲᠤ ᠮᠣᠩᠬᠣᠷ ᠵᠥᠪ ᠭᠠᠷ ᠢ᠋ᠶ᠋ᠠᠨ ᠡᠷᠭᠦᠬᠦ ᠳ᠋ᠦ᠍ ᠬᠥᠪᠡᠭᠦᠳ ᠳᠠᠭᠠᠯᠳᠤᠨ ᠡᠷᠭᠦᠵᠡᠢ᠃ ᠡᠪᠦᠭᠡᠨ ᠬᠠᠭᠠᠨ ᠤᠷᠲᠤ ᠪᠠᠷ ᠰᠠᠨᠠᠭ᠎ᠠ ᠠᠯᠲᠠᠨ᠂ 
       — ᠰᠡᠳᠬᠢᠯ ᠠᠮᠤᠷ ᠡᠪᠦᠭᠡᠳ ᠦ᠋ᠨ ᠠᠷᠤ ᠠ᠋ᠴᠠ ᠣᠴᠢᠵᠤ ᠪᠣᠯᠬᠤ ᠲᠠᠢ ᠪᠣᠯᠪᠠ ᠭᠡᠳ ᠬᠣᠲᠣᠯᠠ ᠶ᠋ᠢᠨ ᠭᠠᠷ ᠢ᠋ ᠲᠠᠯᠪᠢᠵᠤ᠂ ᠰᠠᠭᠤᠳᠠᠯ ᠢ᠋ᠶ᠋ᠠᠨ ᠵᠠᠰᠠᠨ ᠥᠨᠳᠡᠢᠵᠦ ᠢᠷᠡᠭᠰᠡᠨ ᠢ᠋ᠶ᠋ᠡᠨ᠂ 
       — ᠲᠠ ᠪᠦᠭᠦᠳᠡ ᠮᠡᠳᠡᠲᠦᠭᠡᠢ! ᠬᠠᠮᠤᠭ ᠮᠣᠩᠭᠣᠯ ᠤ᠋ᠨ ᠬᠠᠭᠠᠨ᠂ ᠲᠠᠢᠴᠢᠭᠤᠳ ᠤ᠋ᠨ ᠠᠮᠪᠠᠭᠠᠢ ᠰᠡᠴᠡᠨ᠁ ᠭᠡᠬᠦ ᠳ᠋ᠦ᠍ ᠬᠠᠭᠠᠨ ᠦᠷᠭᠦᠭᠡᠨ ᠳ᠋ᠦ᠍ ᠡᠰᠡ ᠴᠢᠮᠡᠭᠡ ᠭᠠᠷᠪᠠ᠃ ᠴᠢᠷᠠᠢ ᠳᠠᠷᠤᠤ᠂ ᠬᠤᠪᠴᠠᠰᠤ ᠭᠤᠨᠳᠠᠭᠤ ᠬᠥᠩᠬᠥᠷ ᠬᠣᠷᠴᠢ ᠶ᠋ᠢᠨ ᠨᠢᠯᠪᠤᠰᠤ ᠲᠤᠰᠬᠤ ᠭᠡᠮ ᠢ᠋ᠶ᠋ᠡᠷ ᠬᠤᠨ ᠬᠤᠭᠤᠷ ᠤ᠋ᠨ ᠴᠢᠪᠬᠠᠳᠠᠰᠤ ᠲᠤᠩ ᠲᠤᠩ ᠬᠢᠨ ᠳᠤᠤᠭᠠᠷᠬᠤ ᠪᠥᠯᠥᠭᠡ᠃ ᠨᠢᠯᠪᠤᠰᠤ ᠲᠠᠢ ᠤᠷᠤᠰᠬᠤ ᠡᠯ᠎ᠡ ᠠᠶᠠᠯᠭᠤ ᠬᠡᠵᠢᠶ᠎ᠡ ᠨᠢᠭᠡᠨ ᠴᠠᠭ  ᠲᠤ᠌ ᠳᠣᠮᠣᠭ ᠲᠠᠢ ᠨᠡᠢᠯᠡᠵᠦ ᠤᠷᠤᠰᠤᠨ᠎ᠠ ᠠᠪᠠᠢ᠃ ᠬᠠᠷᠢᠨ ᠲᠦᠳᠡᠬᠡᠨ ᠬᠠᠭᠠᠨ ᠪᠠᠮᠪᠠᠷ ᠪᠠᠷᠢᠭᠰᠠᠨ ᠮᠣᠷᠢᠲᠠᠨ ᠡᠯᠴᠢᠰ ᠵᠦᠭ ᠵᠦᠭ ᠲᠡᠢᠰᠢ ᠬᠠᠷᠪᠤᠭᠰᠠᠨ ᠰᠤᠮᠤ ᠰᠢᠭ᠋ ᠳᠣᠪᠲᠣᠯᠭᠠᠵᠤ ᠬᠠᠮᠤᠭ ᠮᠣᠩᠭᠣᠯ ᠬᠢᠭᠡᠳ ᠲᠠᠢᠴᠢᠭᠤᠳ᠂ ᠬᠣᠩᠭᠢᠷᠠᠳ᠂ ᠣᠯᠬᠣᠨᠤᠳ ᠠᠢᠮᠠᠭ ᠤ᠋ᠨ ᠨᠤᠲᠤᠭ ᠳᠠᠶᠠᠭᠠᠷ ᠬᠠᠮᠤᠭ ᠮᠣᠩᠭᠣᠯ ᠤ᠋ᠨ ᠬᠠᠪᠤᠯ ᠬᠠᠭᠠᠨ ᠤ᠋ ᠵᠠᠷᠯᠢᠭ ᠢ᠋ ᠬᠠᠤᠯᠢᠴᠢᠯᠠᠨ ᠲᠤᠩᠬᠠᠭᠯᠠᠵᠤ ᠠᠪᠠᠢ᠃ ᠡᠢᠨ ᠭᠠᠯᠲᠤ ᠵᠠᠷᠯᠢᠭ ᠢᠰᠦᠯᠳᠦᠨ ᠠᠭᠰᠠᠨ ᠪᠠᠮᠪᠠᠷᠲᠤ ᠰᠥᠨᠢ ᠬᠠᠪᠤᠯ ᠬᠠᠭᠠᠨ ᠲᠩᠷᠢ ᠪᠣᠯᠪᠠ᠃  

                 
       ᠬᠣᠷᠵᠠᠬᠤᠰ ᠪᠣᠶᠤᠷᠤᠭ ᠤ᠋ᠨ ᠭᠡᠷᠡᠯ ᠰᠠᠴᠤᠷᠠᠭᠰᠠᠨ ᠴᠠᠭᠠᠨ ᠣᠷᠳᠣᠨ ᠤ᠋ ᠪᠠᠷ᠎ᠠ ᠬᠣᠯᠠ ᠠ᠋ᠴᠠ ᠨᠣᠭᠣᠭᠠᠨ ᠲᠠᠯ᠎ᠠ ᠳ᠋ᠤ᠌ ᠰᠢᠭᠢᠳᠬᠡᠭᠰᠡᠨ ᠰᠤᠪᠤᠳ ᠮᠡᠲᠦ ᠴᠠᠢᠷᠠᠨ ᠦᠵᠡᠭᠳᠡᠪᠡ᠃ ᠤᠷᠲᠤ ᠪᠠᠯᠭᠠᠰᠤᠨ ᠤ᠋ ᠪᠠᠷ᠎ᠠ ᠬᠠᠷᠠᠭᠰᠠᠨ ᠲᠣᠷᠯᠣᠭ ᠲᠤᠭᠤᠷᠢᠯ ᠰᠡᠳᠬᠢᠯ ᠬᠥᠳᠡᠯᠵᠦ᠂ 
       — ᠬᠠᠲᠤᠨ ᠢᠵᠢᠢ ᠮᠢᠨᠢ᠂ ᠶᠠᠭ ᠶᠠᠪᠠᠭᠠᠨ ᠤ᠋ ᠭᠣᠣᠯ ᠳ᠋ᠠᠭᠠᠨ ᠱᠤᠮᠪᠠᠬᠤ ᠴᠠᠭ ᠢᠷᠡᠪᠡ ᠪᠢᠰᠢ ᠤᠤ ᠭᠡᠮᠡᠨ ᠬᠠᠰᠬᠢᠷᠬᠤ ᠳ᠋ᠤ᠌ ᠢᠯᠮ᠎ᠠ ᠬᠠᠲᠤᠨ ᠮᠤᠬᠤᠯᠠᠭ ᠲᠡᠷᠭᠡᠨ ᠦ᠌ ᠰᠡᠬᠡᠭᠡᠪᠴᠢ ᠪᠡᠷ ᠴᠤᠬᠤᠢᠨ ᠬᠠᠷᠠᠵᠤ᠂ 
       — ᠶᠢᠰᠦᠭᠡᠢ ᠪᠠᠭᠠᠲᠤᠷ ᠠᠨᠳᠠ ᠳ᠋ᠠᠭᠠᠨ ᠵᠠᠯᠪᠠᠷᠢ! ᠭᠡᠵᠡᠢ᠃ ᠲᠣᠷᠯᠣᠭ ᠲᠣᠭᠣᠷᠢᠯ ᠴᠡᠭᠡᠵᠢ ᠳᠦᠭᠦᠷᠡᠩ ᠠᠮᠢᠰᠬᠤᠯᠯᠠᠵᠤ᠂ 
       — ᠠᠨᠳᠠ ᠮᠢᠨᠢ᠂ ᠠᠯᠲᠠᠨ ᠤᠯᠤᠰ ᠤ᠋ᠨ ᠭᠠᠷ ᠠ᠋ᠴᠠ ᠰᠠᠯᠭᠠᠵᠤ ᠥᠭᠭᠦᠭᠰᠡᠨ ᠠᠴᠢ ᠭᠠᠪᠢᠶ᠎ᠠ ᠶ᠋ᠢ ᠲᠠᠨᠢ ᠶᠢᠰᠦᠨ ᠦᠶ᠎ᠡ ᠳ᠋ᠡᠭᠡᠨ ᠵᠠᠬᠢᠨ᠎ᠠ ᠪᠢ᠁ ᠭᠡᠳ ᠮᠣᠷᠢᠨ ᠠ᠋ᠴᠠ ᠠᠯᠠᠪᠬᠢᠨ ᠪᠠᠭᠤᠵᠤ ᠪᠦᠰᠡ ᠪᠡᠨ ᠲᠠᠢᠯᠤᠨ᠂ 
       — ᠶᠢᠰᠦᠭᠡᠢ᠂ ᠪᠠᠭᠠᠲᠤᠷ ᠡᠷ᠎ᠡ ᠶ᠋ᠢᠨ ᠬᠡᠢ ᠮᠣᠷᠢ ᠪᠦᠰᠡ ᠪᠡᠨ ᠰᠣᠯᠢᠵᠤ ᠪᠦᠰᠡᠯᠡᠶ᠎ᠡ᠃ ᠳᠡᠪᠡᠯ ᠲᠡᠢ ᠲᠥᠷᠥᠭᠰᠡᠨ ᠠᠬ᠎ᠠ  ᠳᠡᠭᠦᠦᠰ ᠪᠣᠯᠲᠤᠭᠠᠢ᠂ ᠠᠨᠳᠠ ᠮᠢᠨᠢ᠃ ᠤᠨᠠᠭᠠᠨ ᠰᠠᠢᠨ ᠬᠦᠯᠦᠭ ᠢ᠋ᠶ᠋ᠡᠨ ᠰᠣᠯᠢᠵᠤ ᠤᠨᠤᠶ᠎ᠠ᠃ ᠤᠷᠤᠭ ᠤ᠋ᠨ ᠤᠷᠤᠭ  ᠲᠤ᠌ ᠵᠠᠬᠢᠵᠤ ᠤᠳᠤᠮ ᠰᠤᠳᠤᠷ ᠪᠠᠷᠢᠲᠤᠭᠠᠢ! ᠭᠡᠪᠡ᠃ ᠶᠢᠰᠦᠭᠡᠢ ᠪᠠᠭᠠᠲᠤᠷ ᠶᠣᠰᠣ ᠪᠠᠷ ᠪᠣᠯᠵᠤ ᠠᠯᠲᠠᠨ ᠲᠣᠪᠣᠷᠤᠤ ᠲᠠᠢ ᠰᠣᠷᠣᠨ ᠪᠦᠰᠡ ᠪᠡᠨ ᠰᠣᠯᠢᠭᠠᠳ᠂ ᠡᠴᠢᠭᠡ ᠶ᠋ᠢᠨ ᠬᠠᠢᠷᠠᠲᠠᠢ ᠰᠡᠷᠪᠡᠩ ᠬᠡᠭᠡᠷ ᠮᠣᠷᠢ ᠪᠠᠨ ᠪᠠᠭᠤᠵᠤ ᠥᠭᠭᠦᠯ᠎ᠡ᠃ ᠡᠨᠡ ᠦᠶᠡᠰ ᠶᠢᠰᠦᠭᠡᠢ ᠶ᠋ᠢᠨ ᠲᠣᠷᠭᠠᠨ ᠵᠠᠭᠤᠲᠤ ᠲᠡᠷᠢᠭᠦᠯᠡᠭᠰᠡᠨ ᠴᠤᠮᠯᠤᠷ ᠪᠠᠭᠠᠲᠤᠷ᠂ 
       — ᠶᠢᠰᠦᠭᠡᠢ ᠬᠠᠨ ᠮᠢᠨᠢ᠂ ᠲᠣᠰᠤᠭᠤᠯ ᠠᠢᠰᠤᠢ ᠭᠡᠵᠦ ᠥᠭᠦᠯᠡᠭᠡᠳ ᠠᠯᠤᠰ ᠢ᠋ ᠲᠣᠭᠲᠠᠭᠤᠬᠠᠨ ᠬᠠᠷᠠᠭᠰᠠᠨ ᠢ᠋ᠶ᠋ᠠᠨ᠂ 
       — ᠬᠤᠷᠵᠠᠬᠤᠰ ᠪᠣᠶᠤᠷᠤᠭ ᠬᠠᠲᠤᠨ ᠬᠦᠦ ᠬᠣᠶᠠᠷ ᠢ᠋ᠶ᠋ᠠᠨ ᠣᠭᠲᠣ ᠭᠡᠮᠡᠨ ᠢᠯᠡᠭᠡᠭᠰᠡᠨ ᠪᠢᠵᠡ ᠭᠡᠯ᠎ᠡ᠃ ᠨᠠᠮᠤᠷ ᠤ᠋ᠨ ᠠᠶᠠᠰ ᠣᠷᠣᠭᠰᠠᠨ ᠤᠨᠢᠶᠠᠷ  ᠲᠤ᠌ ᠠᠭᠤᠵᠢᠮ ᠪᠠᠯ ᠢ᠋ᠶ᠋ᠠᠷ ᠲᠤᠭ ᠰᠦᠯᠳᠡ ᠱᠣᠪᠣᠯᠵᠠᠨ ᠤᠯᠠᠮ ᠢ᠋ᠶ᠋ᠠᠷ ᠳᠤᠭᠤᠯᠠᠭᠠᠨ ᠤ᠋ ᠣᠷᠣᠢ ᠭᠢᠯᠠᠯᠵᠠᠨ ᠭᠠᠷᠴᠤ ᠢᠷᠡᠭᠡᠳ ᠲᠦᠷᠭᠡᠨ ᠵᠠᠭᠤᠷ᠎ᠠ ᠵᠢᠯᠣᠭᠣ ᠲᠡᠳᠡᠨ ᠬᠠᠷᠠᠴᠠ ᠪᠡᠯᠴᠢᠭᠡᠭᠰᠡᠨ ᠢ᠋ᠶ᠋ᠡᠨ ᠰᠢᠭᠤᠳ ᠴᠢᠭᠯᠡᠨ ᠳᠠᠪᠬᠢᠪᠠ᠃ ᠴᠥᠭᠡᠪᠦᠷᠢ ᠴᠡᠷᠢᠭ ᠦ᠋ᠨ ᠮᠠᠩᠯᠠᠢ ᠳ᠋ᠤ᠌ ᠬᠦᠳᠡᠷ ᠴᠢᠬᠢᠷᠡᠭ ᠬᠣᠶᠠᠷ ᠪᠠᠭᠠᠲᠤᠷ ᠳᠣᠪᠲᠣᠯᠭᠠᠨ ᠢᠷᠡᠭᠰᠡᠨ ᠢ᠋ᠶ᠋ᠡᠨ ᠦᠰᠦᠷᠦᠨ ᠪᠠᠭᠤᠵᠤ᠂ 
       — ᠲᠣᠷᠯᠣᠭ ᠲᠤᠭᠤᠷᠢᠯ ᠠᠬ᠎ᠠ ᠠᠮᠤᠭᠤᠯᠠᠩ ᠮᠣᠷᠢᠯᠠᠵᠤ ᠶᠠᠪᠤᠨ᠎ᠠ ᠤᠤ? ᠭᠡᠮᠡᠨ ᠴᠡᠭᠡᠵᠢᠨ ᠲᠤᠰ ᠳᠠᠷᠤᠨ ᠮᠡᠬᠦᠰᠬᠢᠨ ᠶᠣᠰᠣ ᠦᠢᠯᠡᠳᠪᠡ᠃ ᠮᠤᠬᠤᠯᠠᠭ ᠲᠡᠷᠭᠡᠨ ᠡᠴᠡ ᠢᠯᠮ᠎ᠠ ᠬᠠᠲᠤᠨ ᠴᠤᠬᠤᠢᠨ᠂ 
       — ᠲᠠᠢ ᠲᠡᠮᠦᠷ ᠤᠤ᠂ ᠠᠯᠢ ᠪᠣᠢ᠂ ᠦᠨᠦᠰᠦᠶ᠎ᠡ ᠭᠡᠬᠦ ᠳ᠋ᠦ᠍ ᠬᠡᠦᠬᠡᠳ ᠵᠠᠩ ᠢ᠋ᠶ᠋ᠠᠨ ᠬᠠᠷᠠᠬᠠᠨ ᠬᠡᠭᠡᠭᠡ ᠦᠭᠡᠢ ᠬᠣᠶᠠᠷ ᠬᠥᠪᠡᠭᠦᠨ ᠤᠷᠤᠯᠳᠤᠨ ᠭᠦᠶᠦᠵᠦ ᠣᠴᠢᠵᠤ ᠬᠠᠴᠠᠷ ᠢ᠋ᠶ᠋ᠠᠨ ᠥᠭᠭᠦᠯ᠎ᠡ᠂ ᠢᠯᠮ᠎ᠠ ᠬᠠᠲᠤᠨ ᠳᠣᠲᠣᠷ᠎ᠠ ᠭᠠᠵᠠᠷ ᠤ᠋ᠨ ᠠᠩᠬᠢᠯᠤᠭᠤᠨ ᠲᠠᠩᠰᠤᠭ ᠢ᠋ ᠦᠨᠦᠷᠲᠦᠭᠦᠯᠵᠦ ᠳᠤᠬᠤᠨ ᠳᠡᠭᠡᠷ᠎ᠡ ᠨᠢ ᠦᠨᠦᠰᠦᠭᠡᠳ᠂ 
       — ᠪᠤᠬ᠎ᠠ ᠲᠡᠮᠦᠷ ᠲᠩᠷᠢ ᠶ᠋ᠢᠨ ᠪᠠᠭᠠᠨ᠎ᠠ ᠪᠣᠯᠵᠠᠢ ᠭᠡᠮᠡᠨ ᠥᠬᠥᠭᠡᠷᠳᠡᠪᠡᠴᠦ ᠨᠢᠳᠦ ᠨᠢ ᠣᠭᠲᠣ ᠥᠭᠡᠷ᠎ᠡ ᠶ᠋ᠢ ᠥᠭᠦᠯᠡᠵᠦ ᠪᠠᠢᠪᠠ᠃ ᠲᠣᠷᠯᠣᠭ ᠲᠤᠭᠤᠷᠢᠯ ᠠ᠋ᠴᠠ ᠭᠤᠷᠪᠠ ᠬᠢᠷᠢ ᠳᠡᠭᠦᠦᠮᠡᠳ ᠡᠨᠡ ᠬᠦ᠌ ᠡᠷᠡᠰ ᠪᠣᠯ ᠬᠣᠷᠵᠠᠬᠣᠰ ᠪᠣᠶᠣᠷᠣᠭ ᠤ᠋ᠨ ᠪᠠᠭ᠎ᠠ ᠬᠠᠲᠤᠨ ᠤ᠋ ᠬᠥᠪᠡᠭᠦᠳ ᠶᠦᠮ᠃ 
       — ᠬᠠᠭᠠᠨ ᠡᠴᠢᠭᠡ ᠨᠢ ᠤᠷᠲᠤ ᠪᠠᠯᠭᠠᠰᠤᠨ ᠳ᠋ᠤ᠌ ᠤᠤ? 
       — ᠪᠠᠭ᠎ᠠ ᠬᠠᠲᠤᠨ ᠤ᠋ ᠳ᠋ᠠᠭᠠᠨ ᠮᠣᠷᠢᠯᠠᠨ ᠪᠣᠢ᠃ 
       — ᠪᠠᠰᠠ ᠪᠠᠭ᠎ᠠ ᠬᠠᠲᠤᠨ ᠲᠠᠢ ᠪᠣᠯᠤᠭᠠᠳ ᠠᠪᠴᠠᠢ ᠭᠡᠬᠦ ᠳ᠋ᠦ᠍ ᠢᠯᠮ᠎ᠠ ᠬᠠᠲᠤᠨ ᠤ᠋ ᠳᠠᠭᠤᠨ ᠳ᠋ᠤ᠌ ᠠᠷᠭ᠎ᠠ ᠪᠠᠨ ᠪᠠᠷᠠᠭᠰᠠᠨ ᠠᠶᠠᠰ ᠰᠣᠨᠣᠰᠳᠠᠵᠤ ᠠᠪᠠᠢ᠃ ᠲᠡᠷᠡ ᠡᠯᠵᠢᠭᠡᠳᠡᠢ ᠨᠣᠶᠠᠨ ᠳ᠋ᠤ᠌ ᠬᠠᠢᠷ᠎ᠠ ᠪᠠᠨ ᠥᠭᠭᠦᠭᠰᠡᠨ ᠢ᠋ᠶ᠋ᠡᠨ ᠡᠨᠡᠬᠡᠨ ᠵᠠᠭᠤᠷ᠎ᠠ ᠳᠠᠪᠲᠠᠨ ᠪᠣᠳᠣᠵᠤ《ᠵᠠ᠂ ᠴᠢ ᠬᠠᠷᠠᠪᠠ ᠤᠤ》 ᠭᠡᠰᠡᠨ ᠬᠠᠷᠠᠴᠠ ᠪᠠᠷ ᠲᠣᠷᠯᠣᠭ ᠲᠤᠭᠤᠷᠢᠯ ᠬᠥᠪᠡᠭᠦᠨ ᠢ᠋ᠶ᠋ᠡᠨ ᠰᠢᠪᠬᠠᠷᠠᠭᠠᠳ ᠠᠪᠴᠤ ᠠᠮᠵᠢᠪᠠ᠃ ᠶᠢᠰᠦᠭᠡᠢ ᠶᠠᠭᠤ ᠴᠣ ᠡᠰᠡ ᠬᠡᠯᠡᠵᠦ᠂ 
       — ᠬᠥᠷ ᠬᠠᠭᠠᠨ ᠬᠠᠮᠢᠭ᠎ᠠ ᠵᠠᠯᠠᠷᠠᠵᠤ ᠪᠣᠢ ᠪᠣᠯ ᠭᠡᠬᠦ ᠳ᠋ᠦ᠍ ᠲᠡᠢ ᠲᠡᠮᠦᠷ᠂ 
       — ᠬᠠᠷ᠎ᠠ ᠪᠤᠷᠭᠠᠰᠤᠨ ᠤ᠋ ᠣᠷᠳᠣᠨ ᠳ᠋ᠤ᠌ ᠮᠣᠷᠢᠯᠠᠭᠰᠠᠨ ᠬᠡᠮᠡᠵᠡᠢ᠃ ᠡᠨᠡ ᠬᠢᠷᠢ ᠲᠣᠰᠤᠭᠤᠯ ᠴᠡᠷᠢᠭ ᠦ᠋ᠨ ᠬᠥᠰᠬᠡ ᠢᠷᠡᠵᠦ᠂ ᠬᠠᠳᠠᠨ ᠴᠣᠬᠢᠶᠠᠲᠤ ᠠᠭᠤᠯᠠᠰ ᠤᠨ ᠪᠠᠯ ᠪᠠᠷᠠᠳᠠᠭᠤᠯᠤᠨ ᠡᠷᠢᠶᠡᠨ ᠠᠰᠠᠷ ᠪᠣᠰᠬᠠᠵᠤ᠂ ᠬᠣᠶᠠᠷ ᠠᠢᠮᠠᠭ ᠤ᠋ᠨ ᠴᠡᠷᠢᠭ ᠴᠠᠴᠠᠷ ᠮᠠᠢᠬᠠᠨ ᠢ᠋ᠶ᠋ᠠᠨ ᠳᠡᠷᠪᠡᠭᠦᠯᠦᠨ ᠬᠠᠶᠠᠭ᠎ᠠ ᠨᠡᠢᠯᠡᠨ ᠪᠠᠭᠤᠪᠠ᠃ ᠲᠠᠢ ᠲᠡᠮᠦᠷ᠂ ᠪᠤᠬ᠎ᠠ ᠲᠡᠮᠦᠷ ᠬᠣᠶᠠᠷ ᠡᠴᠢᠭᠡ ᠨᠢᠭᠡ ᠲᠡᠢ ᠠᠬ᠎ᠠ ᠪᠠᠨ ᠬᠠᠷᠢ ᠶ᠋ᠢᠨ ᠳᠠᠢᠰᠤᠨ ᠤ᠋ ᠣᠯᠵᠠᠨ ᠠ᠋ᠴᠠ ᠢᠷᠡᠪᠡ ᠭᠡᠮᠡᠨ ᠬᠡᠭᠡᠷ᠎ᠡ ᠶ᠋ᠢᠨ ᠵᠣᠭᠣᠭ ᠪᠠᠷᠢᠨ ᠬᠥᠭᠵᠢᠯᠳᠦᠨ ᠬᠣᠨᠣᠵᠤ ᠠᠪᠠᠢ᠃ ᠬᠠᠷᠢᠨ ᠢᠯᠮ᠎ᠠ ᠬᠠᠲᠤᠨ ᠮᠤᠬᠤᠯᠠᠭ ᠲᠡᠷᠭᠡᠨ ᠡᠴᠡ ᠭᠠᠷᠤᠭᠰᠠᠨ ᠦᠭᠡᠢ ᠳᠡᠷ᠎ᠡ ᠲᠣᠬᠣᠢᠯᠳᠠᠨ ᠭᠦᠨ ᠪᠣᠳᠣᠯ ᠳ᠋ᠤ᠌ ᠠᠪᠲᠠᠵᠠᠢ᠃ ᠲᠡᠭᠦᠨ ᠦ᠌ ᠡᠮᠦᠨ᠎ᠡ ᠬᠢ ᠪᠢᠴᠢᠬᠠᠨ ᠰᠢᠷᠡᠭᠡᠨ᠎ᠡ ᠴᠢᠨᠠᠵᠤ ᠲᠠᠯᠪᠢᠭᠰᠠᠨ ᠲᠠᠷᠭᠤᠨ ᠮᠢᠬᠠᠨ ᠳ᠋ᠤ᠌ ᠠᠮᠠ ᠬᠦᠷᠦᠭᠰᠡᠨ ᠶᠠᠩᠵᠤ ᠦᠭᠡᠢ ᠠᠭᠠᠳ ᠬᠢᠲᠤᠭ᠎ᠠ ᠨᠢ ᠲᠣᠰᠣ ᠴᠤ᠌ ᠪᠣᠯᠤᠭ᠎ᠠ ᠦᠭᠡᠢ ᠭᠢᠯᠠᠯᠵᠠᠨ᠎ᠠ᠃ ᠢᠯᠮ᠎ᠠ ᠬᠠᠲᠤᠨ ᠥᠰᠴᠦ ᠲᠣᠷᠨᠢᠭᠰᠠᠨ ᠨᠤᠲᠤᠭ ᠢ᠋ᠶ᠋ᠠᠨ ᠬᠠᠷᠠᠭᠠᠳ ᠡᠷᠬᠡᠪᠰᠢ ᠰᠡᠳᠬᠢᠯ ᠨᠢᠯᠬᠠᠮᠰᠠᠵᠤ᠂ ᠭᠤᠨᠢᠭ ᠭᠤᠲᠤᠷᠠᠯ ᠥᠷᠯᠥᠭᠡᠨ ᠦ᠌ ᠮᠠᠨᠠᠨ ᠮᠡᠲᠦ ᠰᠡᠮᠡᠷᠡᠨ ᠰᠠᠷᠨᠢᠵᠤ ᠪᠠᠢᠭᠰᠠᠨ ᠶᠤᠮ ᠰᠠᠨᠵᠠᠢ᠃ ᠴᠢᠩᠭᠢᠲᠡᠯ᠎ᠡ ᠬᠣᠷᠵᠠᠬᠤᠰ ᠪᠣᠶᠣᠷᠤᠭ ᠠᠬᠢᠨ ᠪᠠᠭ᠎ᠠ ᠬᠠᠲᠤᠨ ᠠᠪᠴᠤ᠂ ᠲᠡᠭᠦᠨ ᠲᠡᠢ ᠠᠩᠬ᠎ᠠ ᠳᠡᠷ᠎ᠡ ᠨᠡᠢᠯᠡᠭᠰᠡᠨ ᠭᠣᠩᠰᠤᠳᠠᠨ ᠵᠠᠩᠰᠤᠳᠠᠨ ᠤ᠋ ᠤᠷᠲᠤ ᠤᠷᠤᠭᠤ ᠣᠳᠤᠭᠰᠠᠨ ᠰᠤᠷᠠᠭ ᠪᠦᠰᠡᠭᠦᠢ ᠶ᠋ᠢᠨ ᠰᠡᠳᠬᠢᠯ ᠢ᠋ ᠡᠪᠳᠡᠴᠢᠨ ᠬᠡᠮᠬᠡᠴᠢᠵᠦ ᠭᠦᠢᠴᠡᠪᠡ᠃ ᠡᠢᠨ ᠭᠠᠭᠴᠠᠭᠠᠷᠳᠠᠬᠤ ᠶ᠋ᠢᠨ ᠴᠠᠭ  ᠲᠤ᠌ ᠡᠯᠵᠢᠭᠡᠳᠡᠢ ᠨᠣᠶᠠᠨ ᠤ᠋ ᠦᠨᠡᠨ ᠦᠭᠡ᠂ ᠲᠠᠬᠢᠮᠳᠠᠭᠤ ᠵᠠᠩ ᠥᠪᠡᠷ ᠦ᠋ᠨ ᠡᠷᠬᠡ ᠦᠭᠡᠢ ᠦᠭᠡᠢᠯᠡᠭᠳᠡᠬᠦ ᠪᠢᠯᠡ᠃ ᠬᠥᠪᠡᠭᠦᠨ ᠲᠡᠢ ᠪᠡᠨ ᠬᠥᠳᠡᠯᠦᠯᠴᠡᠨ ᠤᠷᠭᠤᠭᠰᠠᠨ ᠲᠦᠭᠰᠢᠭᠦᠷᠢᠲᠦ ᠬᠠᠷᠠᠩᠭᠤᠢ ᠰᠥᠨᠢ ᠰᠢᠪᠠᠷ ᠬᠡᠷᠡᠮ ᠦ᠋ᠨ ᠪᠤᠯᠤᠩ ᠲᠣᠬᠣᠢ ᠳ᠋ᠤ᠌ ᠨᠢᠭᠤᠭᠳᠠᠵᠤ᠂ ᠰᠢᠪᠠᠭᠠᠷᠠᠯᠳᠤᠨ ᠰᠠᠭᠤᠭᠴᠢ ᠰᠠᠭᠤᠷᠢᠨ ᠠᠮᠢᠳᠤᠷᠠᠯ ᠠ᠋ᠴᠠ ᠬᠣᠯᠠᠳᠤᠭᠰᠠᠨ ᠤ᠋ ᠲᠠᠪᠤᠳᠠᠬᠢ ᠬᠣᠨᠣᠭ ᠤ᠋ᠨ ᠰᠥᠨᠢ ᠶᠦᠮ ᠰᠠᠨ᠃ ᠲᠤᠢᠯᠳᠠᠵᠤ ᠶᠠᠳᠠᠷᠠᠭᠰᠠᠨ ᠢᠵᠢᠢ ᠡᠷᠭᠢᠨ ᠬᠥᠷᠪᠡᠵᠦ᠂ ᠡᠳᠦᠷ ᠦ᠋ᠨ ᠠᠯᠵᠢᠶᠠᠯ ᠳ᠋ᠠᠭᠠᠨ ᠳᠠᠷᠤᠭᠳᠠᠨ ᠬᠤᠷᠬᠢᠷᠠᠬᠤ ᠬᠦᠦ ᠪᠡᠨ ᠡᠷ᠎ᠡ ᠶ᠋ᠢᠨ ᠬᠤᠭᠤᠷᠬᠠᠢ ᠭᠡᠮᠡᠨ ᠥᠬᠥᠭᠡᠷᠳᠡᠨ ᠬᠠᠷᠠᠵᠤ ᠬᠡᠪᠲᠡᠪᠡ᠃ ᠠᠨᠢᠪᠴᠢᠨ ᠭᠢᠯᠠᠯᠵᠠᠬᠤ ᠣᠳᠣᠳ ᠠ᠋ᠴᠠ ᠰᠤᠷᠠᠭ ᠰᠣᠨᠣᠰᠴᠤ ᠪᠣᠯᠬᠤ ᠨᠠᠮ ᠬᠦᠮᠬᠡᠨ ᠰᠥᠨᠢ ᠶᠦᠮ᠃ ᠪᠥᠷᠲᠡ ᠰᠠᠷᠠᠨ ᠤ᠋ ᠴᠠᠪᠢᠳᠠᠷ ᠲᠤᠶᠠᠭ᠎ᠠ ᠬᠠᠪᠢ ᠣᠷᠴᠢᠨ ᠢ᠋ ᠭᠡᠢᠭᠦᠯᠦᠭᠰᠡᠨ ᠡᠢᠮᠦ ᠰᠥᠨᠢ ᠦᠵᠢᠮᠡᠢ ᠬᠠᠭᠠᠨ ᠤ᠋ ᠠᠩᠬᠢᠯᠤᠭᠤᠨ ᠴᠡᠴᠡᠷᠯᠢᠭ ᠲᠦ᠍ ᠡᠯᠵᠢᠭᠡᠳᠡᠢ ᠨᠣᠶᠠᠨ ᠤ᠋ ᠴᠡᠭᠡᠵᠢᠨ ᠦ᠌ ᠨᠥᠮᠥᠷᠢ ᠪᠠᠷᠠᠳᠠᠨ ᠰᠠᠭᠤᠭᠰᠠᠨ ᠨᠢ ᠣᠯᠠᠨ ᠪᠢᠯᠡ᠃ ᠲᠡᠭᠦᠨ ᠦ᠌ ᠶᠠᠷᠢᠶ᠎ᠠ ᠨᠠᠮᠳᠠᠭᠤ᠂ ᠤᠳᠬ᠎ᠠ ᠭᠦᠨ ᠠᠭᠠᠳ ᠬᠠᠷᠢ ᠨᠤᠲᠤᠭ ᠤ᠋ᠨ ᠣᠯᠵᠠᠨ ᠤ᠋ ᠬᠥᠮᠦᠨ ᠭᠡᠮᠡᠨ ᠡᠯᠡᠭ ᠪᠠᠷᠢᠬᠤ ᠨᠢ ᠦᠭᠡᠢ ᠶᠦᠮ᠃ ᠶᠡᠷᠦ ᠨᠢ ᠡᠨᠡ ᠣᠪᠢᠳᠠᠰ ᠢ᠋ᠶ᠋ᠠᠷ ᠢᠯᠮ᠎ᠠ ᠬᠠᠲᠤᠨ ᠤ᠋ ᠰᠡᠳᠬᠢᠯ ᠢ᠋ ᠪᠠᠢᠯᠳᠤᠨ ᠳᠠᠭᠠᠭᠤᠯᠤᠭᠰᠠᠨ ᠪᠠᠢᠵᠤ ᠴᠤ᠌ ᠮᠡᠳᠡᠨ᠎ᠡ᠃ ᠲᠡᠷᠡ ᠬᠦ᠌ ᠰᠡᠷᠢᠭᠦᠬᠡᠨ ᠴᠡᠩᠬᠡᠷ ᠰᠥᠨᠢ ᠬᠦᠷᠲᠡᠯ᠎ᠡ ᠵᠢᠷᠦᠬᠡᠨ ᠳ᠋ᠦ᠍ᠨᠢ ᠠᠮᠢᠯᠠᠨ ᠳᠠᠭᠠᠭᠤᠯᠤᠭᠠᠳ ᠶᠠᠪᠤᠴᠢᠬᠠᠬᠤ ᠪᠠᠨ ᠠᠯᠳᠠᠵᠤ ᠪᠢᠯᠡ᠃ ᠳᠡᠷᠡᠰᠦᠨ ᠦ᠌ ᠨᠥᠮᠥᠷᠢ ᠪᠠᠷᠠᠳᠠᠨ ᠠᠲᠤᠷᠢᠵᠤ ᠬᠡᠪᠲᠡᠭᠰᠡᠨ ᠠᠯᠠᠭ ᠦᠷ᠎ᠡ ᠪᠡᠨ ᠤᠨᠲᠠᠭ᠎ᠠ ᠪᠠᠷ ᠨᠢ ᠤᠷᠭᠢᠶ᠎ᠠ ᠭᠡᠮᠡᠨ ᠪᠠᠷᠤᠭ ᠰᠢᠢᠳᠦᠭᠰᠡᠨ ᠨᠢ ᠪᠣᠢ᠃ ᠠᠯᠲᠠᠨ ᠤᠯᠤᠰ ᠤ᠋ᠨ ᠠᠷᠠᠭ᠎ᠠ ᠰᠢᠳᠦᠨ ᠡᠴᠡ ᠭᠠᠷᠪᠠ ᠭᠡᠵᠦ ᠥᠪᠡᠷ ᠢ᠋ ᠪᠡᠨ ᠲᠠᠢᠳᠬᠤᠷᠠᠭᠤᠯᠵᠤ ᠬᠣᠷᠢ ᠳᠥᠭᠥᠵᠦ ᠶᠠᠪᠤᠭ᠎ᠠ ᠡᠷ᠎ᠡ ᠳ᠋ᠦ᠍ ᠢᠵᠢᠢ ᠶ᠋ᠢᠨ ᠲᠦᠰᠢᠭ ᠶᠠᠭᠤ ᠪᠠᠢᠬᠤ ᠪᠣᠢ ᠳᠠ ᠭᠡᠵᠦ ᠪᠡᠶ᠎ᠡ ᠪᠡᠨ ᠵᠣᠷᠢᠭᠵᠢᠭᠤᠯᠤᠨ ᠥᠨᠳᠡᠢᠵᠦ ᠠᠪᠠᠢ᠃ ᠡᠢᠨ ᠴᠢᠮᠡᠭᠡ ᠦᠭᠡᠢ ᠴᠠᠭᠠᠨ ᠰᠥᠨᠢ᠂ ᠴᠢᠮᠡᠭᠡ ᠦᠭᠡᠢ ᠬᠠᠷ᠎ᠠ ᠬᠤᠪᠴᠠᠰᠤ ᠪᠠᠨ ᠡᠮᠦᠰᠴᠦ᠂ ᠴᠢᠮᠡᠭᠡ ᠦᠭᠡᠢ ᠴᠡᠩᠬᠡᠷ ᠢᠷᠭᠤᠢ ᠪᠠᠷᠠᠳᠠᠨ ᠭᠡᠲᠡᠵᠦ ᠬᠣᠯᠠᠳᠲᠠᠯ᠎ᠠ ᠨᠢᠭᠡᠨ ᠪᠦᠷᠭᠦᠳ ᠰᠢᠭᠦᠷᠡᠭᠡᠳ ᠠᠪᠬᠤ ᠰᠢᠭ᠋ ᠪᠣᠯᠵᠠᠢ᠃ ᠡᠨᠡ ᠰᠠᠴᠠᠭᠤ ᠮᠣᠷᠢᠨ ᠲᠦᠪᠡᠷᠭᠡᠨ ᠲᠠᠴᠢᠭᠢᠨᠠᠵᠤ᠂ ᠥᠨᠥᠴᠢᠨ ᠪᠤᠲᠠᠨ ᠤ᠋ ᠥᠪᠥᠷ ᠡᠴᠡ ᠥᠷᠪᠥᠢᠲᠡᠯ᠎ᠡ ᠪᠣᠰᠴᠤ ᠢᠷᠡᠭᠰᠡᠨ ᠮᠠᠭᠤ ᠬᠦᠦ ᠶ᠋ᠢ ᠨᠢ ᠰᠢᠭᠦᠷᠡᠭᠡᠳ ᠳᠡᠭᠦᠷᠴᠢᠬᠡᠵᠡᠢ᠃ ᠴᠢᠩᠭᠢᠭᠡᠳ ᠠᠯᠠᠭ᠎ᠠ ᠶ᠋ᠢᠨ ᠴᠢᠨᠡᠭᠡᠨ ᠬᠠᠷᠠᠯᠠᠭ ᠪᠤᠲᠠ ᠲᠠᠢ ᠰᠢᠷᠠᠯᠠᠭ ᠲᠠᠯ᠎ᠠ ᠪᠠᠷ ᠦᠷ ᠴᠠᠢᠲᠠᠯ᠎ᠠ ᠳᠣᠪᠲᠣᠯᠭᠠᠭᠰᠠᠨ ᠠᠷᠪᠠᠭᠠᠳ ᠮᠣᠷᠢᠲᠠᠨ ᠡᠯᠡᠰᠦᠨ ᠲᠣᠪᠴᠠᠭ ᠤ᠋ᠨ ᠳᠤᠮᠳᠠ ᠠᠯᠠᠭᠠᠨ ᠤ᠋ ᠬᠣᠩᠬᠣᠷ ᠰᠢᠭ᠋ ᠨᠢᠭᠤᠴᠠᠭᠠᠢᠬᠠᠨ ᠭᠠᠵᠠᠷ  ᠲᠤ᠌ ᠪᠠᠷᠢᠭᠰᠠᠨ ᠴᠠᠴᠠᠷ ᠮᠠᠢᠬᠠᠨ ᠤ᠋ ᠭᠠᠳᠠᠨ᠎ᠠ ᠢᠷᠡᠭᠰᠡᠨ ᠠᠪᠠᠢ᠃ ᠲᠡᠳᠡ ᠮᠠᠭᠤ ᠬᠦᠦ ᠶ᠋ᠢ ᠨᠢ ᠠᠮᠢ ᠦᠭᠡᠢ ᠵᠣᠪᠠᠯᠭ᠎ᠠ ᠠᠴᠢᠵᠤ ᠢᠷᠡᠭᠰᠡᠨ ᠮᠡᠲᠦ ᠡᠯᠡᠰᠦᠨ ᠳᠡᠭᠡᠷ᠎ᠡ ᠫᠦᠳ᠋ ᠬᠢᠲᠡᠯ᠎ᠡ ᠬᠠᠶᠠᠴᠢᠬᠠᠵᠠᠢ᠃ ᠰᠠᠨᠠᠭ᠎ᠠ ᠵᠣᠪᠠᠭᠰᠠᠨ ᠢᠵᠢᠢ《ᠬᠥᠶᠢ ᠠ᠋》 ᠭᠡᠬᠦ ᠶ᠋ᠢᠨ ᠵᠠᠪᠳᠤᠯ ᠦᠭᠡᠢ ᠥᠪᠡᠷ ᠢ᠋ ᠨᠢ ᠴᠦ᠍ ᠮᠥᠨ ᠰᠢᠳᠡᠴᠢᠬᠡᠪᠡ᠃ ᠰᠦᠯᠵᠢᠶ᠎ᠡ ᠨᠢ ᠵᠠᠳᠠᠷᠠᠵᠤ ᠰᠡᠭᠰᠡᠢᠭᠰᠡᠨ ᠦᠰᠦ ᠪᠡᠨ ᠰᠠᠵᠢᠯᠠᠨ ᠪᠣᠰᠴᠤ ᠢᠷᠡᠲᠡᠯ᠎ᠡ᠂ ᠴᠠᠴᠠᠷ ᠤ᠋ᠨ ᠬᠡ ᠲᠡᠢ ᠡᠭᠦᠳᠡ ᠶ᠋ᠢ ᠲᠠᠯᠤᠨ ᠳ᠋ᠠᠭᠠᠨ ᠬᠦᠷᠭᠡᠯ ᠦᠭᠡᠢ ᠰᠢᠳᠡᠵᠦ ᠬᠦᠳᠡᠷ ᠡᠷ᠎ᠡ ᠭᠠᠷᠴᠤ ᠢᠷᠡᠯ᠎ᠡ᠃ ᠲᠡᠷᠡ ᠪᠡᠷ ᠨᠠᠷᠠ ᠰᠠᠯᠬᠢᠨ ᠳ᠋ᠤ᠌ ᠤᠩᠭᠤᠵᠤ ᠪᠣᠷᠣᠯᠠᠭᠰᠠᠨ ᠵᠦᠯᠭᠦᠮᠡᠯ ᠬᠦᠷᠡᠩ ᠴᠢᠷᠠᠢ ᠲᠠᠢ᠂ ᠪᠤᠯᠠᠭ ᠤ᠋ᠨ ᠤᠰᠤᠨ ᠳ᠋ᠤ᠌ ᠤᠬᠢᠶᠠᠭᠰᠠᠭᠠᠷ ᠥᠩᠭᠡ ᠵᠠᠰᠠᠭᠰᠠᠨ ᠬᠢᠯ ᠬᠠᠷ᠎ᠠ ᠦᠰᠦ ᠲᠡᠢ ᠶᠦᠮ᠃ ᠶᠡᠷᠦ ᠬᠡᠢᠮᠣᠷᠢ ᠵᠢᠪᠬᠤᠭ᠎ᠠ ᠲᠡᠭᠦᠰ ᠨᠢᠭᠡᠨ ᠠᠵᠢ᠃ ᠣᠨ ᠵᠢᠯ ᠦ᠋ᠨ ᠪᠤᠳᠠᠩ ᠠᠯᠭᠤᠷ ᠰᠠᠷᠨᠢᠵᠤ ᠲᠣᠷᠯᠣᠭ ᠲᠣᠭᠣᠷᠢᠯ ᠤ᠋ᠨ ᠨᠢᠳᠦᠨ᠎ᠡ ᠬᠠᠭᠠᠨ ᠡᠴᠢᠭᠡ ᠶ᠋ᠢᠨ ᠢ᠋ᠶ᠋ᠡᠨ ᠬᠠᠷ᠎ᠠ ᠲᠣᠯᠣᠭᠠᠢ ᠶ᠋ᠢ ᠲᠠᠰᠤ ᠲᠡᠪᠡᠷᠢᠭᠡᠳ ᠬᠠᠳᠠ ᠴᠢᠯᠠᠭᠤᠨ ᠳ᠋ᠤ᠌ ᠪᠦᠳᠦᠴᠢᠨ ᠥᠭᠰᠥᠵᠦ ᠠᠭᠰᠠᠨ ᠵᠢᠭᠠᠯ ᠬᠦᠦ ᠲᠣᠳᠣᠷᠠᠭᠠᠳ ᠢᠷᠡᠪᠡ᠃ ᠬᠠᠷᠠᠩᠭᠤᠲᠠ ᠯᠠ ᠲᠠᠨᠢᠵᠠᠢ᠃ ᠲᠡᠮᠦᠵᠢᠨ ᠦᠭᠡ ᠨᠣᠶᠠᠨ ᠤ᠋ ᠢᠯᠳᠦᠨ ᠢᠷ ᠲᠦ᠍ ᠢᠪᠡᠬᠦ ᠲᠣᠯᠣᠭᠠᠢ ᠪᠠᠢᠵᠠᠢ ᠭᠡᠮᠡᠨ ᠭᠤᠨᠢᠭ ᠲᠠᠢ ᠪᠣᠳᠣᠪᠠ᠃ 
       — ᠡᠨᠡ ᠶᠠᠭᠤᠨ ᠤᠯᠤᠰ ᠪᠣᠢ? 
       — ᠣᠯᠵᠠᠨ ᠤ᠋ ᠬᠢᠨ᠃ 
       — ᠬᠠᠮᠢᠭ᠎ᠠ ᠠ᠋ᠴᠠ ᠣᠯᠪᠠ? ᠶᠠᠭᠤᠨ ᠳ᠋ᠤ᠌ ᠠᠪᠴᠢᠷᠠᠪᠠ? 
       — ᠪᠤᠲᠠᠨ ᠤ᠋ ᠨᠥᠮᠥᠷᠢ ᠳ᠋ᠦ᠍ ᠪᠥᠵᠥᠩ ᠮᠡᠲᠦ ᠤᠨᠲᠠᠵᠤ ᠠᠬᠤᠢ ᠳ᠋ᠤᠨᠢ ᠣᠯᠵᠠᠯᠠᠵᠤ ᠢᠷᠡᠪᠡ᠂ ᠪᠢᠳᠡ ᠭᠡᠵᠦ ᠮᠥᠨᠥᠬᠡᠨ ᠪᠠᠭ᠎ᠠ ᠴᠡᠷᠢᠭ ᠦ᠋ᠨ ᠲᠡᠷᠢᠭᠦᠨ ᠪᠠᠭᠠᠲᠤᠷ ᠬᠦᠯᠢᠴᠡᠩᠭᠦᠢ ᠥᠭᠦᠯᠡᠬᠦ ᠳ᠋ᠦ᠍ ᠬᠡᠢᠮᠣᠷᠢᠯᠢᠭ ᠡᠷ᠎ᠡ ᠢᠯᠮ᠎ᠠ ᠬᠠᠲᠤᠨ ᠤ᠋ ᠬᠥᠯ ᠡᠴᠡ ᠲᠣᠯᠣᠭᠠᠢ ᠬᠦᠷᠲᠡᠯ᠎ᠡ ᠬᠠᠷᠠᠭᠰᠠᠨ ᠢ᠋ᠶ᠋ᠠᠨ 
       — ᠲᠠ ᠬᠡᠨ ᠪᠣᠢ? ᠭᠡᠯ᠎ᠡ᠃ ᠲᠡᠭᠦᠨ ᠦ᠌ ᠦᠭᠡ ᠲᠣᠪᠴᠢ᠂ ᠬᠠᠷᠠᠴᠠ ᠰᠢᠷᠦᠭᠦᠨ ᠨᠢᠭᠡᠨ ᠠᠵᠢ᠃ 
       — ᠪᠢ ᠬᠡᠷᠡᠢᠳ ᠦ᠋ᠨ ᠬᠣᠷᠵᠠᠬᠤᠰ ᠪᠣᠶᠣᠷᠣᠭ ᠤ᠋ᠨ ᠶᠡᠬᠡ ᠬᠠᠲᠤᠨ ᠪᠢᠯᠡ ᠭᠡᠬᠦ ᠳ᠋ᠦ᠍ ᠮᠥᠨᠥᠬᠢ ᠡᠷ᠎ᠡ ᠶ᠋ᠢᠨ ᠴᠢᠷᠠᠢ ᠳ᠋ᠤ᠌ ᠵᠢᠪᠡᠭᠦᠨ ᠬᠥᠬᠡ ᠢᠨᠢᠶᠡᠳᠦ ᠲᠣᠳᠣᠷᠠᠵᠤ᠂ ᠨᠢᠳᠦᠨ ᠳ᠋ᠦ᠍ᠨᠢ ᠴᠢᠨᠣ᠎ᠠ ᠶ᠋ᠢᠨ ᠭᠦᠶᠦᠳᠡᠯᠲᠦ ᠬᠦᠢᠲᠡᠨ ᠬᠠᠷᠠᠴᠠ ᠲᠣᠳᠣᠷᠠᠭᠠᠳ ᠢᠷᠡᠪᠡ᠃ 
       — ᠢᠯᠮ᠎ᠠ ᠬᠠᠲᠤᠨ ᠤᠤ? 
       — ᠵᠠ᠂ ᠲᠡᠢᠮᠦ ᠠ᠋! 
       — ᠡᠨᠡ ᠲᠣᠷᠯᠣᠭ ᠲᠣᠭᠣᠷᠢᠯ ᠬᠠᠨ ᠤᠤ? 
       — ᠲᠠ ᠲᠠᠨᠢᠪᠠ᠂ ᠡᠷᠬᠢᠮ ᠠ᠋ ᠭᠡᠬᠦ ᠳ᠋ᠦ᠍ ᠵᠠᠯᠠᠭᠤ ᠪᠠᠭᠠᠲᠤᠷ ᠤ᠋ᠨ ᠴᠢᠷᠠᠢ ᠳ᠋ᠤ᠌ ᠭᠦᠨ ᠬᠠᠷᠠᠭᠤᠰᠤᠯ ᠲᠣᠳᠣᠷᠠᠵᠤ᠂ ᠬᠣᠯᠠ ᠶ᠋ᠢᠨ ᠬᠥᠬᠡ ᠠᠭᠤᠯᠠᠰ ᠤ᠋ᠨ ᠭᠡᠭᠡᠨ ᠵᠤᠯᠠᠢ ᠰᠢᠷᠳᠡᠨ ᠪᠣᠳᠣᠯᠭᠠᠰᠢᠷᠠᠵᠤ ᠪᠢᠯᠡ᠃ ᠲᠣᠷᠯᠣᠭ ᠲᠤᠭᠤᠷᠢᠯ ᠬᠥᠪᠡᠭᠦᠨ ᠦ᠌ ᠪᠣᠳᠣᠯ ᠦᠨᠡᠨ ᠪᠣᠯᠵᠤ ᠲᠠᠭᠠᠷᠠᠪᠠ᠃ ᠡᠨᠡ ᠬᠢᠷᠢ ᠴᠠᠷᠺᠢᠯ ᠨᠣᠳᠣᠢ ᠶ᠋ᠢ ᠴᠠᠭᠠᠵᠠᠯᠠᠬᠤ ᠳ᠋ᠤ᠌ ᠰᠣᠨᠣᠰᠳᠠᠵᠤ ᠠᠭᠰᠠᠨ ᠬᠠᠳᠠ ᠬᠠᠩ ᠬᠢᠲᠡᠯ᠎ᠡ ᠴᠠᠪᠴᠢᠬᠤ ᠢᠯᠳᠦᠨ ᠦ᠌ ᠳᠠᠭᠤ ᠬᠠᠮᠢᠭ᠎ᠠ ᠬᠣᠯᠠ ᠠ᠋ᠴᠠ ᠴᠤᠤᠷᠢᠶᠠᠲᠤᠵᠤ ᠰᠣᠨᠣᠰᠳᠠᠵᠠᠢ᠃ ᠭᠡᠲᠡᠯ᠎ᠡ ᠶᠡᠷᠦ ᠳᠡᠷᠭᠡᠳᠡ ᠡᠴᠡ᠂ 
       — ᠠᠴᠢᠶᠠᠯᠠ! ᠭᠡᠳ ᠥᠭᠡᠷ᠎ᠡ ᠶᠠᠭᠤ ᠴᠤ᠌ ᠡᠰᠡ ᠳᠤᠤᠭᠠᠷᠤᠨ ᠬᠥᠮᠥᠯᠳᠥᠷᠭᠡ ᠲᠡᠢ ᠵᠠᠭᠠᠯ ᠮᠣᠷᠢᠨ ᠳ᠋ᠤ᠌ ᠠᠯᠠᠪᠬᠢᠨ ᠮᠣᠷᠳᠠᠭᠠᠳ ᠲᠣᠭᠣᠰᠣ ᠮᠠᠨᠠᠷᠠᠭᠠᠨ ᠳᠣᠪᠲᠣᠯᠵᠤ ᠣᠳᠬᠤ ᠳ᠋ᠤ᠌ ᠡᠯᠡᠰᠦᠨ ᠳᠣᠪᠣᠴᠠᠭ ᠤ᠋ᠨ ᠴᠢᠨᠠᠳᠤ ᠭᠠᠵᠠᠷ ᠲᠤᠷᠭᠢᠬᠤ ᠰᠢᠭ᠋ ᠪᠣᠯᠤᠭᠰᠠᠨ ᠨᠢ ᠴᠡᠷᠢᠭ ᠬᠥᠳᠡᠯᠦᠭᠰᠡᠨ ᠬᠡᠷᠡᠭ ᠪᠠᠢᠵᠠᠢ᠃ ᠵᠠᠯᠠᠭᠤ ᠵᠠᠩᠵᠤᠨ ᠤ᠋ ᠰᠦᠷ ᠲᠦ᠍ ᠳᠠᠷᠤᠭᠳᠠᠨ ᠨᠣᠮᠣᠬᠠᠷᠠᠭᠰᠠᠨ ᠪᠠᠭ᠎ᠠ ᠴᠡᠷᠢᠭ ᠦ᠋ᠨ ᠠᠬᠠᠯᠠᠭᠴᠢ ᠠ᠋ᠴᠠ᠂ 
       — ᠬᠡᠨ ᠭᠡᠳᠡᠭ ᠬᠥᠮᠦᠨ ᠪᠢᠯᠡ ᠭᠡᠬᠦ ᠳ᠋ᠦ᠍ ᠮᠥᠨᠥᠬᠡᠨ ᠴᠡᠷᠢᠭ ᠢᠯᠮ᠎ᠠ ᠬᠠᠲᠤᠨ ᠤᠷᠤᠭᠤ ᠴᠣᠴᠢᠮᠠᠭ ᠬᠠᠷᠠᠭᠰᠠᠨ ᠢ᠋ᠶ᠋ᠠᠨ᠂ 
       — ᠶᠢᠰᠦᠨ ᠲᠠᠲ᠋ᠠᠷ ᠤ᠋ᠨ ᠲᠡᠮᠦᠵᠢᠨ ᠦᠭᠡ ᠨᠣᠶᠠᠨ᠁ ᠭᠡᠳ ᠵᠠᠷᠯᠢᠭ ᠬᠦᠯᠢᠶᠡᠵᠦ ᠵᠣᠭᠰᠣᠬᠤ ᠴᠡᠷᠢᠭ ᠡᠷᠡᠰ ᠲᠡᠭᠡᠨ《ᠠᠴᠢᠶᠠᠯᠠ》 ᠭᠡᠮᠡᠨ ᠬᠠᠰᠬᠢᠷᠴᠠᠢ᠃ ᠡᠢᠨ ᠠᠷᠰᠯᠠᠨ ᠤ᠋ ᠠᠮᠠᠨ ᠠ᠋ᠴᠠ ᠭᠠᠷᠴᠤ ᠪᠠᠷᠰ ᠤ᠋ᠨ ᠠᠮᠠᠨ ᠳ᠋ᠤ᠌ ᠣᠷᠣᠭᠰᠠᠨ ᠶᠤᠮ᠃ ᠲᠠᠲ᠋ᠠᠷ ᠡᠷᠡᠰ ᠦ᠋ᠨ ᠳᠤᠮᠳᠠ ᠡᠯᠵᠢᠭᠡᠳᠡᠢ ᠨᠣᠶᠠᠨ ᠰᠢᠭ᠋ ᠲᠠᠬᠢᠮᠳᠠᠭᠤ ᠬᠥᠮᠦᠨ ᠡᠰᠡ ᠭᠠᠷᠪᠠ᠃ ᠶᠡᠷᠦ ᠰᠦᠷ ᠰᠡᠷ ᠬᠢᠭᠰᠡᠨ ᠬᠦᠯᠦᠭ ᠪᠠᠭᠠᠲᠤᠷ ᠤ᠋ᠳ ᠣᠯᠠᠨ ᠠᠭᠠᠳ ᠬᠡᠷᠡᠢᠳ ᠢ᠋ ᠳᠠᠢᠰᠤᠨ ᠢ᠋ᠶ᠋ᠠᠨ ᠭᠡᠮᠡᠨ ᠲᠣᠭᠠᠴᠠᠬᠤ ᠲᠤᠯᠠ ᠨᠢᠭᠤᠷ ᠦᠯᠦ ᠥᠭᠭᠦᠨ᠎ᠡ᠃ ᠡᠨᠡ ᠦᠶ᠎ᠡ ᠳ᠋ᠦ᠍ ᠯᠡ ᠴᠣᠬᠣᠮ ᠬᠣᠷᠵᠠᠬᠤᠰ ᠪᠣᠶᠣᠷᠣᠭ ᠢ᠋ ᠤᠴᠢᠷ ᠦᠭᠡᠢ ᠦᠭᠡᠢᠯᠡᠭᠰᠡᠨ ᠨᠢ ᠪᠣᠢ᠃ 
       ᠡᠨᠡ ᠬᠢᠷᠢ ᠮᠤᠬᠤᠯᠠᠭ ᠲᠡᠷᠭᠡᠨ ᠦ᠌ ᠱᠠ ᠲᠣᠷᠭᠠᠨ ᠬᠥᠰᠢᠭᠡᠨ ᠴᠠᠭᠠᠭᠤᠷ ᠬᠡᠨ ᠨᠢᠭᠡᠨ ᠦ᠌ ᠰᠡᠭᠦᠳᠡᠷ ᠰᠡᠭᠦᠳᠡᠭᠡᠨᠡᠬᠦ ᠰᠢᠭ ᠪᠣᠯᠬᠤ ᠳ᠋ᠤ᠌ ᠢᠯᠮ᠎ᠠ ᠬᠠᠲᠤᠨ ᠰᠣᠴᠢᠨ ᠰᠠᠨᠳᠤᠷᠴᠤ᠂ 
       — ᠬᠡᠨ ᠪᠣᠢ? ᠭᠡᠪᠡᠯ᠂ 
       — ᠪᠢ ᠪᠠᠢᠨ᠎ᠠ᠁ ᠭᠡᠮᠡᠨ ᠲᠠᠨᠢᠯ ᠳᠠᠭᠤ ᠭᠠᠷᠴᠤ᠂ ᠲᠣᠮᠣ ᠫᠠᠷᠪᠠᠭᠠᠷ ᠭᠠᠷ ᠨᠢᠮᠭᠡᠨ ᠲᠣᠷᠭᠠᠨ ᠬᠥᠰᠢᠭᠡ ᠶ᠋ᠢ ᠬᠤᠮᠢᠨ ᠪᠠᠵᠠᠵᠤ ᠱᠠᠭᠠᠢᠬᠤ ᠨᠢ ᠬᠣᠷᠵᠠᠬᠤᠰ ᠪᠣᠶᠣᠷᠤᠭ ᠪᠠᠢᠯ᠎ᠠ᠃ ᠲᠡᠷᠡ ᠪᠡᠷ ᠨᠢᠭᠡ ᠮᠠᠭᠤ ᠢᠨᠢᠶᠡᠬᠦᠢᠴᠡ ᠪᠡᠨ ᠠᠶᠠᠳᠠᠨ᠂ 
       — ᠰᠠᠢᠨ ᠤᠤ? ᠭᠡᠬᠦ ᠳ᠋ᠦ᠍ ᠢᠯᠮ᠎ᠠ ᠬᠠᠲᠤᠨ ᠳᠤᠤᠭᠠᠷᠴᠤ ᠡᠰᠡ ᠴᠢᠳᠠᠨ ᠵᠦᠭᠡᠷ ᠯᠡ ᠲᠣᠯᠣᠭᠠᠢ ᠳᠣᠬᠢᠵᠠᠢ᠃ 

            ~ ᠦᠷᠭᠦᠯᠵᠢᠯᠡᠯ ᠪᠣᠢ ~