ᠪᠠᠲᠤ ᠬᠠᠭᠠᠨ 5-02ᠷᠶᠡᠽᠡᠨ ᠦ᠌ ᠬᠡᠷᠡᠮ ᠦ᠋ᠨ ᠳᠡᠭᠡᠷ᠎ᠡ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ
ᠬᠣᠶᠠᠷ ᠷᠶᠡᠽᠡᠨ ᠦ᠌ ᠬᠡᠷᠡᠮ ᠦ᠋ᠨ ᠳᠡᠭᠡᠷ᠎ᠡ
ᠨᠠᠢᠳᠠᠪᠤᠷᠢ ᠪᠣᠯ ᠲᠠᠢᠪᠤᠩ ᠴᠠᠭ ᠲᠸ᠋ ᠢᠷᠡᠳᠡᠭ ᠦᠭᠡᠢ᠂
ᠲᠡᠢᠨ ᠲᠡᠢ ᠴᠠᠭ ᠲᠸ᠋ ᠢᠷᠡᠳᠡᠭ ᠶᠤᠮ᠃
(ᠡᠷᠲᠡᠨ ᠦ᠌ ᠡᠮᠭᠡᠨᠢᠯᠲᠦ ᠵᠦᠴᠦᠭᠡ ᠡᠴᠡ)
ᠤᠺᠠ ᠮᠥᠷᠡᠨ ᠦ᠌ ᠴᠠᠪᠴᠢᠮ᠎ᠠ ᠥᠨᠳᠥᠷ ᠡᠷᠭᠢᠨ ᠳᠡᠭᠡᠷ᠎ᠡ ᠣᠷᠣᠰᠢᠬᠤ ᠷᠶᠡᠽᠡᠨ ᠬᠣᠲᠠ ᠢᠯᠠᠭᠳᠠᠰᠢ ᠦᠭᠡᠢ ᠦᠵᠡᠭᠳᠡᠨ᠎ᠡ᠃ ᠲᠡᠭᠦᠨ ᠦ᠌ ᠰᠢᠪᠠᠷ ᠲᠤᠭᠤᠷᠭ᠎ᠠ ᠨᠢ ᠲᠣᠮ ᠮᠣᠳᠣ ᠪᠠᠷ ᠬᠢᠭᠰᠡᠨ ᠱᠣᠩ ᠢ᠋ᠶ᠋ᠠᠷ ᠬᠦᠷᠢᠶᠡᠯᠡᠭᠳᠡᠭᠰᠡᠨ ᠠᠵᠢ᠃ ᠥᠨᠳᠥᠷ ᠲᠤᠭᠤᠷᠭ᠎ᠠ ᠨᠤᠭᠤᠳ ᠤ᠋ᠨ ᠲᠠᠰᠢᠭᠤ ᠬᠠᠵᠠᠭᠤ᠂ ᠮᠥᠰᠥ ᠪᠡᠷ ᠪᠦᠷᠬᠦᠭᠳᠡᠭᠰᠡᠨ ᠲᠤᠯᠠ ᠳᠡᠭᠡᠭᠰᠢ ᠭᠠᠷᠬᠤ ᠳ᠋ᠤ᠌ ᠶᠠᠮᠠᠷ ᠴᠤ᠌ ᠪᠣᠯᠤᠯᠴᠠᠭ᠎ᠠ ᠦᠭᠡᠢ ᠪᠠᠢᠯ᠎ᠠ᠃ ᠬᠣᠲᠠ ᠶ᠋ᠢᠨ ᠪᠦᠬᠦ ᠠᠷᠠᠳ ᠢᠷᠭᠡᠳ ᠪᠠ ᠣᠢᠷ᠎ᠠ ᠬᠠᠪᠢ ᠶ᠋ᠢᠨ ᠲᠣᠰᠬᠣᠨ ᠤ᠋ ᠢᠷᠭᠡᠳ ᠥᠪᠡᠷ ᠦ᠋ᠨ ᠷᠶᠡᠽᠡᠨ ᠢ᠋ ᠬᠠᠮᠠᠭᠠᠯᠠᠬᠤ ᠪᠠᠷ ᠴᠤᠭᠯᠠᠷᠠᠵᠠᠭᠠᠪᠠ᠃ ᠡᠳᠡᠭᠡᠷ ᠪᠠᠢᠯᠳᠤᠭᠴᠢ ᠨᠠᠷ ᠡᠷᠲᠡ ᠴᠠᠭ ᠲᠤ᠌ ᠲᠠᠯ᠎ᠠ ᠭᠠᠵᠠᠷ ᠠ᠋ᠴᠠ ᠢᠷᠡᠭᠰᠡᠨ ᠫᠣᠯᠣᠸᠧᠼᠠ ᠤ᠋ᠳ ᠪᠠ ᠥᠪᠡᠷ ᠢ᠋ᠶ᠋ᠡᠨ ᠣᠷᠣᠰ ᠠᠬ᠎ᠠ ᠳᠡᠭᠦᠦ ᠨᠠᠷ ᠢ᠋ ᠳᠡᠭᠡᠷᠡᠮᠳᠡᠵᠦ ᠪᠠᠢᠭᠰᠠᠨ ᠨᠢᠩᠵᠢᠨ ᠰᠡᠳᠬᠢᠯ ᠦᠭᠡᠢ ᠰᠦᠽᠳᠡᠯᠢᠴᠢᠳ ᠨᠠᠷ ᠲᠤᠰ ᠬᠣᠲᠠ ᠶ᠋ᠢ ᠬᠡᠷᠬᠢᠨ ᠪᠦᠰᠡᠯᠡᠵᠦ ᠪᠠᠢᠭᠰᠠᠨ ᠲᠤᠬᠠᠢ ᠲᠡᠦᠬᠡᠲᠦ ᠳᠣᠮᠣᠭ ᠦᠯᠢᠭᠡᠷ ᠦ᠋ᠳ ᠨᠡᠯᠢᠶᠡᠳ ᠢ᠋ ᠳᠤᠷᠠᠰᠤᠨ ᠶᠠᠷᠢᠵᠠᠭᠠᠵᠤ ᠪᠠᠢᠪᠠ᠃ ᠳᠡᠭᠡᠷ᠎ᠡ ᠡᠴᠡ ᠨᠢ ᠬᠠᠯᠠᠭᠤᠨ ᠤᠰᠤ ᠪᠠ ᠪᠤᠴᠠᠯᠠᠮᠠᠭᠠᠢ ᠬᠠᠯᠠᠭᠤᠨ ᠳᠠᠪᠠᠷᠬᠠᠢ ᠠᠰᠬᠠᠷᠠᠵᠤ ᠪᠠᠢᠭ᠎ᠠ ᠡᠨᠡ ᠡᠭᠴᠡ ᠬᠠᠨ᠎ᠠ ᠨᠤᠭᠤᠳ ᠢ᠋ ᠢᠯᠠᠵᠤ ᠳᠠᠪᠠᠬᠤ ᠨᠢ ᠬᠢᠯᠪᠠᠷᠬᠠᠨ ᠬᠡᠷᠡᠭ ᠪᠢᠰᠢ ᠪᠠᠢᠪᠠ᠃ ᠳᠠᠢᠰᠤᠨ ᠲᠠᠢ ᠭᠠᠭᠴᠠᠬᠠᠨ ᠨᠢᠭᠲᠠᠷᠠᠭᠰᠠᠨ ᠬᠦᠴᠦ ᠪᠡᠷ ᠠᠭᠤᠯᠵᠠᠬᠤ ᠬᠡᠷᠡᠭᠲᠡᠢ ᠪᠣᠯᠵᠠᠢ᠃
ᠵᠠᠩᠭᠢ᠂ ᠵᠡᠢᠰᠡᠭ ᠦ᠋ᠳ ᠰᠠᠢᠨ ᠳᠤᠷ᠎ᠠ ᠶ᠋ᠢᠨ ᠴᠡᠷᠢᠭ ᠦ᠋ᠳ ᠢ᠋ ᠳᠠᠭᠤᠳᠠᠨ ᠴᠤᠭᠯᠠᠭᠤᠯᠬᠤ ᠶ᠋ᠢ ᠵᠣᠭᠰᠣᠭᠰᠠᠨ ᠪᠠᠢᠨ᠎ᠠ᠃ ᠤᠴᠢᠷ ᠨᠢ ᠬᠣᠲᠠ ᠶ᠋ᠢᠨ ᠭᠤᠳᠤᠮᠵᠢ ᠬᠣᠷᠢᠶ᠎ᠠ ᠪᠦᠷᠢ ᠳ᠋ᠦ᠍ ᠰᠠᠢᠨ ᠳᠤᠷ᠎ᠠ ᠶ᠋ᠢᠨ ᠴᠡᠷᠢᠭ ᠦ᠋ᠨ ᠠᠩᠭᠢ ᠨᠤᠭᠤᠳ ᠪᠣᠢ ᠪᠣᠯᠵᠤ᠂ ᠬᠥᠮᠦᠨ ᠪᠦᠷᠢ ᠴᠡᠷᠢᠭ ᠲᠦ᠍ ᠢᠷᠡᠬᠦ ᠳ᠋ᠡᠭᠡᠨ ᠰᠡᠯᠡᠮ᠎ᠡ ᠢᠯᠳᠦ ᠵᠢᠳᠠ ᠪᠤᠶᠤ ᠡᠰᠡᠪᠡᠯ ᠬᠠᠲᠠᠭᠤ ᠨᠤᠮᠤ ᠰᠤᠮᠤ ᠶ᠋ᠢ ᠥᠪᠡᠷ ᠢ᠋ᠶ᠋ᠡᠨ ᠠᠪᠴᠢᠷᠠᠳᠠᠭ ᠪᠣᠯᠤᠯ᠎ᠠ᠃ ᠡᠳᠦᠷ ᠰᠥᠨᠢ ᠶ᠋ᠢᠨ ᠴᠠᠭ ᠲᠤ᠌ ᠠᠯᠤᠬ᠎ᠠ ᠳᠥᠰᠢ ᠶ᠋ᠢᠨ ᠳᠠᠭᠤ ᠲᠠᠰᠤᠷᠠᠯ ᠦᠭᠡᠢ᠃ ᠲᠡᠮᠦᠷᠴᠢᠳ ᠬᠥᠭᠡᠷᠭᠡ ᠶ᠋ᠢᠨ ᠭᠠᠯ ᠳ᠋ᠤ᠌ ᠲᠡᠮᠦᠷ ᠢ᠋ ᠤᠯᠠᠢᠰᠬᠠᠵᠤ ᠡᠷᠬᠢᠮ ᠰᠠᠢᠨ ᠭᠠᠩ ᠪᠣᠯᠣᠳ ᠰᠡᠯᠡᠮ᠎ᠡ ᠨᠤᠭᠦᠳ ᠢ᠋ ᠳᠠᠪᠲᠠᠵᠤ ᠦᠢᠯᠡᠳᠪᠦᠷᠢᠯᠡᠨ ᠭᠠᠷᠭᠠᠵᠤ ᠪᠠᠢᠵᠠᠢ᠃ ᠴᠢᠳᠠᠪᠤᠷᠢ ᠪᠦᠬᠦᠢ ᠭᠠᠷ ᠤ᠋ᠨ ᠳᠠᠷᠬᠠᠴᠤᠳ ᠬᠤᠶᠠᠭ ᠳᠤᠭᠤᠯᠠᠭ᠎ᠠ᠂ ᠰᠤᠮᠤ ᠵᠡᠪᠡ᠂ ᠪᠠᠮᠪᠠᠢ ᠵᠡᠷᠭᠡ ᠶ᠋ᠢ ᠪᠡᠯᠡᠳᠬᠡᠵᠦ ᠪᠠᠢᠵᠠᠢ᠃ ᠤᠳᠠᠭᠠᠨ ᠬᠤᠭᠤᠴᠠᠭᠠᠨ ᠤ᠋ ᠬᠡᠴᠡᠭᠦᠦ ᠪᠡᠷᠬᠡ ᠪᠦᠰᠡᠯᠡᠯᠲᠡ ᠳ᠋ᠦ᠍ ᠴᠥᠮ ᠪᠡᠯᠡᠳᠬᠡᠵᠦ ᠪᠠᠢᠯ᠎ᠠ᠃ ᠬᠣᠲᠠ ᠶ᠋ᠢᠨ ᠬᠡᠷᠡᠮ ᠦ᠋ᠨ ᠳᠡᠭᠡᠷ᠎ᠡ ᠰᠡᠸᠸᠯᠢ ᠳ᠋ᠢᠺᠦᠷᠦᠰ ᠦ᠋ᠨ ᠬᠠᠮᠠᠭᠠᠯᠠᠬᠤ ᠪᠠᠢᠷᠢ ᠶ᠋ᠢ ᠲᠣᠳᠣᠷᠬᠠᠢᠯᠠᠨ ᠲᠤᠰᠢᠶᠠᠵᠠᠢ᠃ ᠭᠣᠣᠯ ᠤ᠋ᠨ ᠡᠭᠴᠡ ᠡᠷᠭᠢ ᠶ᠋ᠢᠨ ᠴᠢᠭ ᠳᠠᠷᠤᠭ᠎ᠠ ᠨᠢ ᠰᠡᠸᠸᠯᠢ ᠶ᠋ᠢ ᠲᠠᠪᠢᠨ ᠴᠡᠷᠢᠭ ᠦ᠋ᠨ ᠳᠠᠷᠤᠭ᠎ᠠ ᠪᠠᠷ ᠲᠣᠮᠢᠯᠠᠵᠠᠢ᠃ ᠲᠡᠷᠡ᠂ ᠴᠠᠭ ᠢ᠋ ᠳᠡᠮᠡᠢ ᠥᠩᠭᠡᠷᠡᠭᠦᠯᠦᠭᠰᠡᠨ ᠦᠭᠡᠢ᠂ ᠴᠡᠷᠢᠭ ᠪᠦᠷᠢ ᠶ᠋ᠢᠨ ᠳᠡᠷᠭᠡᠳᠡ ᠲᠣᠮᠣ ᠲᠣᠮᠣ ᠴᠢᠯᠠᠭᠤ ᠣᠪᠣᠭᠠᠯᠠᠵᠤ ᠪᠡᠯᠡᠳᠬᠡᠨ ᠬᠠᠷᠪᠤᠭᠴᠢ ᠨᠠᠷ ᠢ᠋ ᠴᠤᠭᠯᠠᠭᠤᠯᠬᠤ ᠵᠡᠷᠭᠡ ᠠᠷᠭ᠎ᠠ ᠬᠡᠮᠵᠢᠶ᠎ᠡ ᠠᠪᠤᠯ᠎ᠠ᠃ ᠪᠤᠰᠤᠳ ᠤ᠋ᠨ ᠬᠠᠮᠲᠤ ᠪᠠᠷ ᠭᠠᠵᠠᠷ ᠤᠬᠤᠵᠤ᠂ ᠲᠡᠭᠷᠢ ᠮᠠᠭᠤᠬᠠᠢ ᠡᠳᠦᠷ ᠪᠣᠯ ᠣᠷᠣᠬᠤ ᠨᠦᠬᠡᠨ ᠪᠠᠢᠷᠢ ᠶ᠋ᠢ ᠵᠠᠰᠠᠭᠠᠳ ᠬᠥᠮᠦᠨ ᠲᠣᠮᠣ ᠢᠯᠳᠦ ᠪᠠ ᠵᠢᠳᠠ ᠪᠣᠷᠣᠣᠬᠠᠢ ᠶ᠋ᠢ ᠣᠯᠵᠤ ᠠᠪᠴᠠᠢ᠃
ᠨᠣᠸᠣᠭᠤᠷᠤᠳ᠋ ᠤ᠋ᠨ ᠢᠷᠭᠡᠨ ᠵᠢᠸᠢᠯᠢ ᠶᠥ᠋ᠷᠶᠡᠲ᠋ᠢᠴᠡ ᠶ᠋ᠢᠨ ᠳᠡᠯᠭᠡᠭᠦᠷ ᠲᠡᠳᠦᠢ ᠯᠡ ᠬᠣᠯᠠ ᠦᠭᠡᠢ ᠪᠠᠢᠬᠤ ᠪᠥᠭᠡᠳ ᠲᠡᠨᠳᠡ ᠵᠥᠭᠡᠬᠡᠢ᠂ ᠲᠣᠰᠣ᠂ ᠳᠠᠪᠤᠰᠤ᠂ ᠲᠠᠯᠬ᠎ᠠ ᠪᠣᠯᠤᠨ ᠪᠤᠰᠤᠳ ᠪᠠᠷᠠᠭ᠎ᠠ ᠬᠠᠳᠠᠭᠠᠯᠠᠭᠳᠠᠵᠤ ᠪᠠᠢᠳᠠᠭ ᠠᠵᠢ᠃
ᠰᠡᠸᠸᠯᠢ ᠲᠡᠷᠡ ᠬᠤᠳᠠᠯᠳᠤᠭᠠᠴᠢᠨ ᠤ᠋ ᠭᠡᠷ ᠲᠦ᠍ ᠣᠴᠢᠵᠤ ᠰᠢᠷᠦᠭᠦᠨ ᠢ᠋ᠶ᠋ᠡᠷ ᠠᠰᠠᠭᠤᠪᠠ᠃
— ᠴᠢ ᠵᠢᠸᠢᠯᠢ ᠶᠥ᠋ᠷᠶᠡᠲ᠋ᠢᠴᠡ ᠳᠤᠯᠠᠭᠠᠬᠠᠨ ᠬᠡᠪᠲᠡᠷᠢ ᠳ᠋ᠡᠭᠡᠨ ᠬᠠᠯᠠᠭᠤᠴᠠᠵᠤ ᠬᠡᠪᠲᠡᠨ᠎ᠡ ᠤᠤ? ᠶᠠᠭᠠᠬᠢᠭᠠᠳ ᠮᠠᠨ ᠤ᠋ ᠬᠡᠷᠡᠮ ᠦ᠋ᠨ ᠳᠡᠭᠡᠷ᠎ᠡ ᠣᠴᠢᠵᠤ ᠦᠵᠡᠭᠰᠡᠨ ᠦᠭᠡᠢ ᠪᠣᠢ? ᠪᠢᠳᠡ ᠡᠳᠦᠷ ᠰᠥᠨᠢ ᠦᠭᠡᠢ ᠲᠡᠭᠷᠢ ᠪᠣᠷᠣᠭᠠᠨ ᠲᠠᠢ ᠴᠤ᠌ ᠪᠣᠯᠪᠠ᠂ᠬᠦᠢᠲᠡᠨ ᠳ᠋ᠦ᠍ ᠴᠦ᠍ ᠬᠦᠷᠦᠵᠦ᠂ ᠬᠠᠯᠠᠭᠤᠨ ᠳ᠋ᠤ᠌ ᠴᠤ᠌ ᠬᠠᠯᠠᠵᠤ ᠦᠷᠭᠦᠯᠵᠢ ᠮᠠᠨᠠᠭᠠᠨ ᠳ᠋ᠤ᠌ ᠵᠣᠭᠰᠣᠵᠤ ᠪᠠᠢᠨ᠎ᠠ᠃ ᠭᠡᠳᠡᠰᠦ ᠳᠣᠲᠣᠷ᠎ᠠ ᠪᠠᠨ ᠬᠢᠭᠰᠡᠨ ᠬᠠᠯᠠᠭᠤᠨ ᠬᠣᠭᠣᠯᠠ ᠴᠤ᠌ ᠦᠭᠡᠢ ᠬᠠᠯᠠᠭᠤᠨ ᠪᠦᠯᠢᠶᠡᠨ ᠤᠮᠳᠠ ᠴᠦ᠍ ᠠᠮᠰᠠᠯ ᠦᠭᠡᠢ ᠪᠠᠢᠵᠠᠭᠠᠨ᠎ᠠ᠃ ᠴᠢ ᠪᠢᠳᠡᠨᠡᠷ ᠲᠦ᠍ ᠬᠡᠷᠬᠢᠨ ᠲᠤᠰᠠᠯᠠᠨ᠎ᠠ ᠭᠡᠵᠦ ᠪᠣᠳᠣᠵᠤ ᠪᠠᠢᠨ᠎ᠠ ᠪᠣᠢ? ᠭᠡᠵᠦ ᠠᠰᠠᠭᠤᠭᠰᠠᠨ ᠳ᠋ᠤ᠌ ᠣᠷᠣᠯᠭ᠎ᠠ ᠶᠡᠬᠡᠲᠡᠢ᠂ ᠥᠨᠳᠥᠷ ᠪᠡᠶᠡᠲᠡᠢ᠂ ᠦᠨᠡᠭᠡᠨ ᠳᠡᠪᠡᠯ ᠲᠡᠢ ᠲᠡᠷᠡ ᠬᠤᠳᠠᠯᠳᠤᠭᠠᠴᠢᠨ ᠳᠠᠯᠤ ᠮᠥᠷᠥ ᠪᠡᠨ ᠬᠠᠪᠴᠢᠵᠤ ᠤᠢᠳᠬᠠᠷ ᠲᠠᠢ ᠨᠠᠮᠤᠭᠤᠬᠠᠨ ᠳᠠᠭᠤ ᠪᠠᠷ᠄
— ᠪᠢ ᠴᠦ᠍ ᠡᠨᠳᠡᠬᠢ ᠶ᠋ᠢᠨ ᠬᠥᠮᠦᠨ ᠪᠢᠰᠢ ᠰᠢᠦ ᠳ᠋ᠠ᠃ ᠪᠢ ᠨᠤᠸᠣᠭᠣᠷᠣᠳ᠋ ᠤ᠋ᠨ ᠬᠥᠮᠦᠨ᠂ ᠶᠡᠷᠦ ᠳᠠᠪᠠᠷᠬᠠᠢ ᠲᠠᠢ ᠭᠠᠩ ᠤ᠋ᠳ ᠢ᠋ ᠥᠩᠬᠥᠷᠢᠭᠦᠯᠵᠦ ᠪᠠᠢᠭᠠᠳ ᠬᠦᠢᠰᠦ ᠪᠡᠨ ᠭᠡᠮᠲᠦᠭᠡᠭᠰᠡᠨ ᠮᠢᠨᠢ ᠣᠳᠣ ᠴᠤ᠌ ᠳᠣᠲᠣᠷ᠎ᠠ ᠮᠢᠨᠢ ᠬᠣᠷᠣᠰᠴᠤ ᠪᠠᠢᠨ᠎ᠠ᠃ ᠪᠢ ᠥᠪᠡᠷ ᠦ᠋ᠨ ᠢ᠋ᠶ᠋ᠡᠨ ᠵᠠᠷᠤᠴᠠ ᠵᠠᠯᠠᠭᠤᠰ ᠢ᠋ ᠬᠡᠷᠡᠮ ᠦ᠋ᠨ ᠳᠡᠭᠡᠷ᠎ᠡ ᠶᠠᠪᠤᠭᠤᠯᠪᠠᠯ ᠳᠡᠭᠡᠷ᠎ᠡ ᠪᠢᠵᠡ᠂ ᠭᠠᠭᠴᠠᠬᠠᠨ ᠠᠵᠢᠯ ᠲᠥᠷᠥᠯ ᠢ᠋ᠶ᠋ᠡᠨ ᠨᠢᠭᠡ ᠲᠡᠰᠢ ᠪᠣᠯᠭᠠᠭᠠᠳ ᠶᠠᠪᠤᠭᠤᠯᠤᠶ᠎ᠠ᠃ ᠪᠢ ᠴᠡᠷᠢᠭ ᠦ᠋ᠨ ᠬᠡᠷᠡᠭᠴᠡᠭᠡᠨ ᠳ᠋ᠦ᠍ ᠵᠣᠷᠢᠭᠤᠯᠵᠤ ᠠᠷᠪᠠᠨ ᠵᠠᠪᠢ ᠲᠠᠷᠢᠶ᠎ᠠ ᠶ᠋ᠢ ᠸᠠᠩ ᠶᠦᠷᠢ ᠢᠩᠭ᠌ᠸᠡᠷᠸᠸᠢᠴ ᠲᠦ᠍ ᠪᠡᠯᠡᠭᠯᠡᠭᠰᠡᠨ ᠪᠢᠯᠡ᠃ ᠣᠳᠣ ᠲᠠᠨᠠᠷ ᠢ᠋ ᠴᠦ᠍ ᠬᠣᠭᠣᠯᠠ ᠪᠠᠷ ᠬᠠᠩᠭᠠᠶ᠎ᠠ᠃ ᠭᠡᠳᠡᠰᠦ ᠳᠣᠲᠣᠷ ᠢ᠋ᠶ᠋ᠠᠷ ᠬᠢᠭᠰᠡᠨ ᠬᠣᠭᠣᠯᠠ ᠨᠢᠭᠡ ᠬᠤᠪᠢᠩ ᠪᠠ ᠮᠥᠨ ᠠᠭᠰᠢᠭᠠᠭᠰᠠᠨ ᠪᠤᠳᠠᠭ᠎ᠠ ᠨᠢᠭᠡ ᠬᠤᠪᠢᠩ ᠢ᠋ ᠴᠢᠨᠦ ᠴᠡᠷᠢᠭ ᠦ᠋ᠳ ᠲᠦ᠍ ᠡᠳᠦᠷ ᠪᠦᠷᠢ ᠥᠭᠴᠦ ᠪᠠᠢᠬᠤ ᠶ᠋ᠢ ᠥᠪᠡᠷ ᠦ᠋ᠨ ᠲᠣᠭᠣᠭᠠᠴᠢ ᠨᠠᠷ ᠲᠸ᠋ ᠡᠨᠡ ᠡᠳᠦᠷ ᠦ᠋ᠨ ᠳᠣᠲᠣᠷ᠎ᠠ ᠲᠤᠰᠢᠶᠠᠶ᠎ᠠ᠃ ᠠᠪᠤᠷᠠᠭᠴᠢ ᠲᠩᠷᠢ ᠮᠢᠨᠢ ᠨᠢᠭᠦᠯ ᠬᠢᠯᠢᠩᠴᠢᠳ ᠢ᠋ ᠮᠢᠨᠢ ᠥᠷᠥᠰᠢᠶᠡᠵᠦ ᠠᠭᠤᠴᠢᠯᠠᠬᠤ ᠪᠣᠯᠪᠠ ᠤᠤ? ᠭᠡᠵᠡᠢ᠃
ᠰᠡᠸᠸᠯᠢ ᠦᠰᠦᠲᠡᠢ ᠳᠡᠪᠡᠯ ᠳ᠋ᠡᠭᠡᠨ ᠣᠷᠣᠵᠤ ᠬᠡᠷᠡᠮ ᠤ᠋ᠨ ᠳᠡᠭᠡᠷ᠎ᠡ ᠬᠣᠨᠣᠳᠠᠭ ᠪᠣᠯᠪᠠᠴᠤ ᠵᠢᠷᠦᠬᠡ ᠨᠢ ᠦᠷᠭᠦᠯᠵᠢ ᠲᠦᠭᠰᠢᠭᠦᠷᠢᠲᠡᠢ ᠪᠠᠢᠬᠤ ᠲᠤᠯᠠ ᠶᠡᠷᠦ ᠤᠨᠲᠠᠵᠤ ᠴᠢᠳᠠᠬᠤ ᠦᠭᠡᠢ ᠪᠢᠯᠡ᠃ ᠰᠥᠨᠢ ᠳ᠋ᠡᠭᠡᠨ ᠣᠯᠠᠨ ᠪᠣᠰᠴᠤ ᠴᠢᠬᠢ ᠪᠡᠨ ᠲᠠᠯᠪᠢᠵᠤ ᠴᠢᠩᠨᠠᠬᠤ ᠪᠤᠶᠤ ᠲᠠᠲ᠋ᠠᠷ ᠤ᠋ᠨ ᠭᠠᠯ ᠦᠵᠡᠭᠳᠡᠬᠦ ᠡᠰᠡᠬᠦ ᠶ᠋ᠢ ᠬᠠᠷᠠᠵᠤ ᠠᠭᠤᠷ ᠮᠠᠨᠠᠨ ᠲᠠᠲᠠᠭᠰᠠᠨ ᠬᠣᠯᠠ ᠲᠠᠯ᠎ᠠ ᠶ᠋ᠢ ᠰᠢᠷᠳᠡᠨ ᠰᠠᠭᠤᠳᠠᠭ ᠪᠠᠢᠵᠠᠢ᠃ ᠥᠷᠯᠥᠭᠡ ᠨᠢ ᠪᠠᠭ᠎ᠠ ᠰᠢᠭ᠋ ᠪᠡᠶᠡᠲᠡᠢ ᠠᠯᠠᠭ ᠮᠣᠷᠢᠳ ᠤᠨᠤᠵᠤ ᠤᠯᠠᠭᠠᠨ ᠡᠮᠵᠢᠶᠡᠷᠢ ᠲᠡᠢ ᠬᠣᠪᠴᠠᠰᠤᠲᠠᠢ᠂ ᠦᠰᠦᠲᠡᠢ ᠡᠩᠭᠡᠷᠲᠡᠢ ᠥᠩᠭᠡ ᠶ᠋ᠢᠨ ᠬᠠᠨᠲᠠᠭᠠᠵᠠ ᠨᠥᠮᠥᠷᠦᠭᠰᠡᠨ ᠬᠣᠶᠠᠷ ᠺᠢᠫᠴᠠᠺ ᠢᠷᠡᠭᠡᠳ᠄
— ᠰᠡᠸᠸᠯᠢ ᠴᠢ ᠨᠠᠮᠠᠶ᠋ᠢ ᠲᠠᠨᠢᠬᠤ ᠦᠭᠡᠢ ᠴᠢᠷᠠᠢ ᠭᠠᠷᠭᠠᠵᠤ ᠪᠠᠢᠨ᠎ᠠ ᠤᠤ? ᠭᠡᠵᠦ ᠨᠢᠭᠡ ᠨᠢ ᠳᠠᠭᠤᠳᠠᠬᠤ ᠳ᠋ᠤ᠌
— ᠺᠥ᠋ᠳ᠋ᠷᠶᠡᠱ ᠤᠤ? ᠴᠢ ᠶᠠᠭᠠᠬᠢᠵᠤ ᠲᠡᠢᠨᠬᠦ ᠬᠠᠴᠢᠨ ᠬᠤᠪᠴᠠᠰᠤᠯᠠᠭᠰᠠᠨ ᠪᠢᠯᠡ?
— ᠸᠠᠩ ᠹᠸᠤᠲᠣᠷ ᠤ᠋ᠨ ᠬᠡᠭᠦᠷ ᠢ᠋ ᠣᠯᠵᠤ ᠢᠷᠡᠭᠲᠦᠨ ᠭᠡᠵᠦ ᠳᠠᠷᠤᠭ᠎ᠠ ᠠ᠋ᠴᠠ ᠲᠤᠰᠢᠶᠠᠭᠰᠠᠨ ᠤᠴᠢᠷ ᠨᠤᠲᠤᠭ ᠤ᠋ᠨ ᠨᠢᠭᠡ ᠺᠢᠫᠴᠠᠺ ᠲᠠᠢ ᠬᠠᠮᠲᠤ ᠪᠠᠷ ᠵᠡᠷᠯᠢᠭ ᠲᠠᠯ᠎ᠠ ᠬᠦᠷᠬᠦ ᠪᠡᠷ ᠪᠣᠯᠤᠭᠠᠳ ᠪᠠᠢᠨ᠎ᠠ᠃ ᠪᠢᠳᠡ ᠳ᠋ᠣᠷᠤᠨᠧᠵ ᠮᠥᠷᠡᠨ ᠢ᠋ ᠬᠦᠷᠲᠡᠯ᠎ᠡ ᠶᠠᠪᠤᠵᠤ ᠪᠠᠲᠤ ᠬᠠᠭᠠᠨ ᠤ᠋ ᠪᠠᠭᠤᠳᠠᠯᠯᠠᠨ ᠪᠠᠢᠭᠰᠠᠨ ᠭᠠᠵᠠᠷ ᠣᠴᠢᠨ᠎ᠠ᠃ ᠣᠳᠣ ᠲᠡᠨᠳᠡ ᠲᠠᠲ᠋ᠠᠷ ᠤ᠋ᠳ ᠪᠠᠢᠬᠤ ᠦᠭᠡᠢ᠂ ᠭᠠᠭᠴᠠᠬᠠᠨ ᠬᠡᠭᠡᠷ᠎ᠡ ᠶ᠋ᠢᠨ ᠵᠢᠬᠡᠭᠦᠨ ᠰᠠᠯᠬᠢ ᠬᠡᠢᠰᠴᠦ ᠴᠢᠨᠣ᠎ᠠ ᠨᠤᠭᠤᠳ ᠬᠡᠰᠦᠭᠦᠴᠢᠯᠡᠵᠦ ᠪᠠᠢᠭ᠎ᠠ᠃ ᠪᠢᠳᠡ ᠬᠣᠶᠠᠷ᠂ ᠬᠥᠮᠦᠨ ᠠᠮᠢᠲᠠᠨ ᠶᠠᠪᠤᠳᠠᠭ ᠦᠭᠡᠢ ᠵᠠᠮ ᠲᠣᠭᠣᠷᠢᠭᠤ ᠪᠠᠷ (ᠲᠣᠭᠣᠷᠢᠭᠤ ᠵᠠᠮ ᠢ᠋ᠶ᠋ᠠᠷ)ᠶᠠᠪᠤᠵᠤ ᠬᠡᠭᠦᠷ ᠢ᠋ ᠽᠡᠷᠡᠢᠰᠺ ᠲᠦ᠍ ᠬᠦᠷᠭᠡᠵᠦ ᠠᠪᠴᠢᠷᠠᠨ᠎ᠠ᠃ ᠲᠡᠭᠦᠨ ᠢ᠋ ᠥᠪᠡᠷ ᠦ᠋ᠨ ᠬᠢᠨᠢ ᠪᠢᠴᠢᠬᠠᠨ ᠬᠡᠦᠬᠡᠳ ᠪᠠ ᠡᠬᠡᠨᠡᠷ ᠶᠸᠧᠫᠷᠡᠺᠰᠧᠶᠥ᠋ᠱᠺᠠ ᠶ᠋ᠢᠨ ᠬᠢᠨᠢ ᠬᠠᠮᠲᠤ ᠣᠷᠣᠰᠢᠭᠤᠯᠤᠨ᠎ᠠ ᠭᠡᠪᠡ᠃
ᠰᠡᠸᠧᠯᠢ ᠣᠷᠣᠢᠪᠴᠢ ᠮᠠᠯᠠᠭᠠᠢ ᠪᠠᠨ ᠠᠪᠴᠤ ᠵᠠᠯᠠᠮᠠᠭᠠᠢᠯᠠᠨ ᠮᠥᠷᠭᠥᠪᠡ᠃ ᠲᠡᠳᠡ ᠨᠠᠷ ᠤ᠋ᠨ ᠠᠷᠢᠭᠤᠨ ᠰᠦᠨᠡᠰᠦ ᠶ᠋ᠢ ᠪᠤᠷᠬᠠᠨ ᠬᠠᠷᠠᠲᠤᠭᠠᠢ ᠭᠡᠵᠦ ᠵᠠᠯᠪᠠᠷᠢᠭᠠᠳ᠂
— ᠺᠦᠳ᠋ᠷᠶᠠᠱ ᠠ᠋᠂ ᠴᠢ ᠳᠡᠮᠡᠢ ᠶᠠᠪᠤᠵᠤ ᠪᠠᠢᠨ᠎ᠠ᠃ ᠲᠠᠲ᠋ᠠᠷ ᠤ᠋ᠳ ᠵᠠᠮ ᠪᠦᠷᠢ ᠪᠡᠷ ᠬᠡᠰᠦᠭᠦᠴᠢᠯᠡᠨ ᠣᠯᠵᠠ ᠠᠰᠢᠭ ᠢ᠋ ᠬᠠᠢᠵᠤ ᠶᠠᠪᠤᠵᠠᠭᠠᠨ᠎ᠠ᠃ ᠪᠠᠲᠤ ᠬᠠᠭᠠᠨ᠂ ᠠᠴᠢᠶ᠎ᠠ ᠬᠥᠰᠬᠡ ᠪᠣᠯᠤᠨ ᠠᠶᠤᠯ ᠬᠥᠨᠥᠭᠡᠯ ᠬᠢᠭᠡᠳ ᠭᠠᠯ ᠳᠥᠯᠥ ᠶ᠋ᠢᠨ ᠬᠠᠮᠲᠤ ᠨᠠᠰᠢ ᠪᠠᠨ ᠢᠷᠡᠵᠦ ᠶᠠᠪᠤᠭ᠎ᠠ ᠶ᠋ᠢ ᠰᠣᠨᠣᠰᠤᠭᠰᠠᠨ ᠤᠤ? ᠲᠠᠲ᠋ᠠᠷ ᠤ᠋ᠳ ᠴᠢᠮ᠎ᠠ ᠶ᠋ᠢ ᠪᠠᠷᠢᠵᠤ ᠠᠪᠤᠭᠠᠳ ᠠᠷᠠᠰᠤ ᠶ᠋ᠢ ᠴᠢᠨᠢ ᠠᠮᠢᠳᠤ ᠪᠠᠷ ᠥᠪᠴᠢᠵᠦ ᠣᠷᠬᠢᠨ᠎ᠠ᠃
— ᠡᠨᠡ ᠳᠡᠮᠡᠢ ᠦᠭᠡ᠃ ᠪᠠᠲᠤ ᠬᠠᠭᠠᠨ ᠪᠢᠲᠡᠭᠡᠢ ᠳᠡᠩᠳᠡᠭᠦᠦ ᠭᠠᠢᠬᠠᠭᠤᠯᠤᠭ! ᠪᠦᠳᠦᠷᠢᠵᠦ ᠤᠨᠠᠬᠤ ᠨᠢ ᠮᠠᠭᠠᠳ ᠦᠭᠡᠢ᠃ ᠲᠡᠷᠡ ᠨᠢ ᠬᠣᠶᠠᠷ ᠭᠠᠷ ᠲᠠᠢ ᠪᠣᠯᠪᠠᠴᠤ ᠮᠥᠨ ᠨᠠᠳᠠ ᠶ᠋ᠢ ᠥᠷᠥᠭᠡᠰᠦᠨ ᠭᠠᠷ ᠲᠠᠢ ᠡᠬᠡ ᠲᠥᠷᠥᠭᠦᠯᠦᠭᠡ ᠦᠭᠡᠢ ᠶᠤᠮ᠃ ᠥᠨᠥᠳᠥᠷ ᠲᠦᠷ ᠬᠦᠯᠢᠶᠡᠵᠡᠭᠡᠨ᠎ᠡ᠃ ᠮᠠᠷᠭᠠᠰᠢ ᠶᠠᠭᠤ ᠪᠣᠯᠬᠤ ᠶ᠋ᠢ ᠬᠠᠷᠠᠶ᠎ᠠ᠃ ᠨᠡᠪᠲᠡᠷᠡᠨ ᠭᠠᠷᠬᠤ ᠵᠠᠮ ᠦᠭᠡᠢ ᠪᠣᠯᠪᠠᠯ ᠵᠠᠯᠠᠭᠤ ᠡᠷᠡᠰ ᠢ᠋ ᠴᠤᠭᠯᠠᠭᠤᠯᠤᠨ ᠠᠪᠴᠤ ᠲᠠᠲ᠋ᠠᠷ᠂ ᠮᠣᠩᠭᠣᠯᠴᠤᠳ ᠤ᠋ᠨ ᠬᠣᠢᠨ᠎ᠠ ᠠ᠋ᠴᠠ ᠮᠥᠷᠳᠡᠨ ᠶᠠᠪᠤᠵᠤ ᠲᠡᠳᠡᠭᠡᠷ ᠦ᠋ᠨ ᠬᠥᠯ ᠡᠴᠡ ᠴᠢᠩᠭᠠᠭᠠᠨ᠎ᠠ᠃ ᠲᠡᠳᠡᠨᠡᠷ ᠢ᠋ ᠭᠠᠵᠠᠷ ᠲᠤ᠌ ᠤᠨᠠᠬᠤ ᠠ᠋ᠴᠠ ᠨᠡᠰᠢ ᠦᠭᠡᠢ ᠪᠣᠯ ᠥᠪᠡᠷᠰᠡᠳ ᠢ᠋ᠶ᠋ᠡᠨ ᠤᠨᠠᠵᠤ ᠦᠬᠦᠬᠦ ᠡᠴᠡ ᠨᠠᠰᠢ ᠠᠮᠤᠷ ᠵᠢᠷᠭᠠᠯ ᠢ᠋ ᠲᠡᠳᠡᠨ ᠳ᠋ᠦ᠍ ᠦᠵᠡᠭᠦᠯᠬᠦ ᠦᠭᠡᠢ ᠰᠢᠦ᠃ ᠰᠡᠸᠧᠯᠢ ᠨᠠᠳᠠᠲᠠᠢ ᠬᠠᠮᠲᠤ ᠶᠠᠪᠤᠶ᠎ᠠ ᠭᠡᠵᠦ ᠺᠦᠳ᠋ᠷᠶᠠᠱ ᠬᠠᠷᠢᠭᠤᠯᠪᠠ᠃ ᠰᠡᠸᠧᠯᠢ ᠪᠣᠳᠣᠯᠭ᠎ᠠ ᠪᠣᠳᠣᠨ ᠬᠣᠭᠣᠯᠠᠢ ᠪᠠᠨ ᠵᠠᠰᠠᠭᠠᠳ᠂
— ᠦᠭᠡᠢ! ᠺᠦᠳ᠋ᠷᠶᠠᠱ ᠮᠢᠨᠢ᠂ ᠳᠠᠷᠤᠭ᠎ᠠ ᠨᠠᠮᠠᠶ᠋ᠢ ᠡᠨᠡ ᠬᠡᠷᠡᠮ ᠦ᠋ᠨ ᠳᠡᠭᠡᠷ᠎ᠡ ᠪᠠᠢ ᠭᠡᠵᠦ ᠲᠣᠮᠢᠯᠠᠭᠰᠠᠨ᠃ ᠪᠢ ᠥᠪᠡᠷ ᠦ᠋ᠨ ᠳᠤᠷ᠎ᠠ ᠵᠣᠷᠢᠭ ᠢ᠋ᠶ᠋ᠠᠷ ᠡᠨᠡ ᠪᠠᠢᠷᠢ ᠪᠠᠨ ᠣᠷᠬᠢᠵᠤ ᠶᠠᠪᠤᠬᠤ ᠦᠭᠡᠢ᠃ ᠴᠢ ᠮᠣᠷᠢ ᠲᠠᠢ ᠪᠠᠢᠨ᠎ᠠ᠂ ᠪᠢ ᠰᠦᠬᠡ ᠲᠡᠢ ᠪᠠᠢᠨ᠎ᠠ᠃ ᠬᠣᠶᠠᠭᠤᠯᠠ ᠪᠠᠨ ᠨᠢᠭᠡ ᠦᠢᠯᠡ ᠬᠡᠷᠡᠭ ᠢ᠋ ᠦᠢᠯᠡᠳᠦᠨ᠎ᠡ ᠭᠡᠪᠡ᠃
— ᠵᠠ᠂ ᠲᠡᠢᠮᠦ ᠪᠣᠯᠲᠤᠭᠠᠢ᠁ ᠪᠠᠶᠠᠷᠲᠠᠢ ᠰᠠᠸᠸᠯᠢ ᠭᠡᠳ ᠺᠥ᠋ᠳ᠋ᠷᠶᠡᠱ ᠬᠡᠳᠦᠨ ᠠᠯᠬᠤᠮ ᠶᠠᠪᠤᠭᠠᠳ ᠪᠤᠴᠠᠵᠤ ᠢᠷᠡᠯ᠎ᠡ᠃
— ᠬᠠᠮᠤᠭ ᠤ᠋ᠨ ᠴᠢᠬᠤᠯᠠ ᠶ᠋ᠢ ᠴᠢᠮᠠᠲᠤ ᠬᠡᠯᠡᠬᠦ ᠪᠡᠨ ᠮᠠᠷᠲᠠᠯ᠎ᠠ᠃ ᠪᠢ ᠴᠢᠨᠦ ᠳᠣᠷᠤᠫᠺᠡ ᠶ᠋ᠢ ᠬᠠᠷᠠᠭᠰᠠᠨ ᠰᠢᠦ᠃ ᠲᠡᠷᠡ ᠴᠢᠨᠢ ᠠᠮᠢᠳᠤ ᠪᠠᠢᠨ᠎ᠠ᠃ ᠲᠠᠲ᠋ᠡᠷ ᠦ᠋ᠨ ᠮᠣᠷᠢ ᠶ᠋ᠢ ᠤᠨᠤᠵᠤ ᠣᠯᠵᠠᠯᠠᠯᠲᠠ ᠠ᠋ᠴᠠ ᠵᠢᠭᠤᠲᠠᠵᠤ ᠭᠠᠷᠤᠭᠰᠠᠨ᠃ ᠲᠡᠭᠦᠨ ᠦ᠌ ᠮᠣᠷᠢ ᠨᠢ ᠬᠠᠮᠤᠭ ᠤ᠋ᠨ ᠰᠢᠯᠢᠳᠡᠭ ᠰᠠᠢᠨ ᠮᠣᠷᠢ ᠶᠤᠮ᠂ ᠲᠡᠭᠦᠨ ᠦ᠌ ᠳᠠᠪᠬᠢᠭᠠᠨ ᠳ᠋ᠤᠨᠢ ᠭᠠᠵᠠᠷ ᠤ᠋ᠨ ᠬᠥᠷᠥᠰᠥ ᠳᠣᠭᠳᠣᠯᠵᠤ ᠴᠢᠬᠢ ᠪᠠ ᠬᠠᠮᠠᠷ ᠠ᠋ᠴᠠ ᠨᠢ ᠤᠲᠤᠭ᠎ᠠ ᠮᠠᠨᠠᠨ ᠰᠠᠴᠤᠷᠠᠨ ᠣᠷᠬᠢᠨ᠎ᠠ ᠭᠡᠬᠦ ᠳ᠋ᠦ᠍ᠨᠢ ᠰᠡᠸᠸᠯᠢ ᠭᠦᠶᠦᠨ ᠣᠴᠢᠭᠠᠳ ᠺᠥ᠋ᠳ᠋ᠷᠶᠡᠱ ᠢ᠋ ᠪᠠᠷᠢᠵᠤ ᠠᠪᠤᠭᠠᠳ᠂
— ᠦᠨᠡᠨ ᠢ᠋ ᠬᠡᠯᠡ᠂ ᠬᠤᠳᠠᠯ ᠬᠡᠯᠡᠵᠦ ᠪᠠᠢᠭ᠎ᠠ ᠦᠭᠡᠢ ᠪᠢᠵᠡ? ᠨᠠᠮᠠᠶ᠋ᠢ ᠬᠠᠭᠤᠷᠴᠤ ᠰᠡᠳᠬᠢᠯ ᠢ᠋ ᠮᠢᠨᠢ ᠲᠠᠢᠳᠬᠤᠷᠠᠭᠤᠯᠬᠤ ᠭᠡᠪᠡ ᠤᠤ? ᠴᠢ᠂
— ᠦᠭᠡᠢ ᠦᠭᠡᠢ᠂ ᠪᠢ ᠬᠤᠳᠠᠯ ᠬᠡᠯᠡᠭᠡ ᠦᠭᠡᠢ᠂ ᠸᠠᠩ ᠫᠷᠤᠡᠰᠺ ᠦ᠋ᠨ ᠡᠯᠴᠢ ᠪᠡᠷ ᠲᠣᠷᠤᠫᠺᠡ ᠡᠨᠳᠡ ᠪᠢᠴᠢᠭ ᠬᠦᠷᠭᠡᠵᠦ ᠢᠷᠡᠭᠡᠳ ᠪᠤᠴᠠᠵᠤ ᠶᠠᠪᠤᠭᠰᠠᠨ ᠰᠢᠦ᠃ ᠪᠢ ᠲᠡᠭᠦᠨ ᠲᠡᠢ ᠳᠥᠩᠭᠡᠵᠢ ᠠᠭᠤᠯᠵᠠᠭᠰᠠᠨ᠃ 《ᠬᠡᠷᠪᠡ ᠠᠪᠤ ᠰᠡᠸᠸᠯᠢ ᠮᠢᠺᠢᠲ᠋ᠢᠴ ᠲᠡᠢ ᠠᠭᠤᠯᠵᠠᠪᠠᠯ ᠮᠢᠨᠦ ᠮᠡᠨᠳᠦ ᠶ᠋ᠢ ᠬᠦᠷᠭᠡᠭᠡᠷᠡᠢ᠃ ᠪᠢ ᠲᠠᠲ᠋ᠠᠷ ᠤ᠋ᠳ ᠲᠤ᠌ ᠬᠥᠯ ᠦ᠋ᠨ ᠢ᠋ᠶ᠋ᠡᠨ ᠤᠯᠠ ᠶ᠋ᠢ ᠦᠵᠡᠭᠦᠯᠵᠦ ᠥᠪᠡᠷ ᠦ᠋ᠨ ᠠᠷᠢᠭᠤᠨ ᠨᠡᠷ᠎ᠡ ᠶ᠋ᠢ ᠪᠤᠵᠠᠷᠯᠠᠬᠤ ᠦᠭᠡᠢ ᠰᠢᠦ᠃ ᠪᠢ ᠨᠢᠭᠡ ᠤᠳᠠᠭ᠎ᠠ ᠲᠡᠲ᠋ᠠᠷ ᠨᠠᠷ ᠲᠤ᠌ ᠪᠠᠷᠢᠭᠳᠠᠵᠤ ᠲᠡᠳᠡᠨ ᠦ᠌ ᠳᠠᠷᠤᠯᠠᠭᠳᠠᠯ ᠢ᠋ ᠪᠡᠶ᠎ᠡ ᠪᠡᠷ ᠲᠤᠭᠤᠯᠵᠤ ᠭᠠᠷᠤᠭᠰᠠᠨ ᠲᠤᠯᠠ ᠣᠳᠣ ᠨᠠᠮᠠᠶ᠋ᠢ ᠳᠠᠬᠢᠨ ᠪᠠᠷᠢᠬᠤ ᠦᠭᠡᠢ ᠰᠢᠦ᠁ 》ᠭᠡᠵᠦ ᠨᠠᠳᠠᠳᠤ ᠬᠡᠯᠡᠭᠰᠡᠨ᠃
— ᠵᠠ᠂ ᠪᠠᠶᠠᠷᠲᠠᠢ! ᠰᠡᠸᠸᠯᠢ ᠪᠢᠳᠡ ᠬᠣᠶᠠᠷ ᠳᠠᠬᠢᠨ ᠠᠭᠤᠯᠵᠠᠬᠤ ᠡᠰᠡᠬᠦ ᠶ᠋ᠢ ᠪᠤᠷᠬᠠᠨ ᠲᠩᠷᠢ ᠮᠡᠳᠡᠲᠦᠭᠡᠢ᠃ ᠴᠠᠭ ᠴᠥᠮ ᠡᠢᠮᠦ ᠪᠣᠯᠵᠠᠢ ᠭᠡᠳ ᠵᠠᠯᠠᠭᠤ ᠺᠥ᠋ᠳ᠋ᠷᠶᠡᠱ ᠮᠣᠷᠢ ᠪᠠᠨ ᠲᠠᠰᠢᠭᠤᠷᠳᠠᠵᠤ ᠬᠠᠮᠲᠤ ᠶᠠᠪᠤᠭ᠎ᠠ ᠺᠢᠫᠴᠡᠺ ᠬᠥᠮᠦᠨ ᠲᠡᠢ ᠳᠠᠪᠬᠢᠵᠤ ᠣᠳᠤᠯ᠎ᠠ᠃ ᠰᠡᠸᠸᠯᠢ ᠡᠷᠭᠢᠵᠦ ᠬᠡᠷᠡᠮ ᠦ᠋ᠨ ᠳᠡᠭᠡᠷ᠎ᠡ ᠭᠠᠷᠤᠯ᠎ᠠ᠃ ᠲᠡᠷᠡ ᠥᠪᠡᠷ ᠦ᠋ᠨ ᠬᠦᠦ ᠶ᠋ᠢᠨ ᠠᠮᠢᠳᠤ ᠪᠠᠢᠬᠤ ᠶ᠋ᠢ ᠰᠣᠨᠣᠰᠴᠤ ᠶᠡᠬᠡᠳᠡ ᠪᠠᠶᠠᠰᠤᠭᠰᠠᠨ ᠠ᠋ᠴᠠ ᠪᠣᠯᠵᠤ ᠶᠠᠭᠤᠮ᠎ᠠ ᠪᠦᠬᠦᠨ ᠴᠥᠮ ᠭᠡᠷᠡᠯ ᠣᠷᠣᠭᠰᠠᠨ ᠮᠡᠲᠦ ᠰᠠᠨᠠᠭᠳᠠᠵᠤ ᠴᠠᠰᠤ ᠴᠥ᠍ ᠤᠯᠠᠮ ᠴᠠᠭᠠᠨ ᠤᠨᠢᠶᠠᠷ ᠮᠠᠨᠠᠨ ᠲᠠᠲᠠᠭᠰᠠᠨ ᠬᠣᠯᠠ ᠶ᠋ᠢᠨ ᠭᠠᠵᠠᠷ ᠴᠥ᠍ ᠥᠭᠡᠷ᠎ᠡ ᠪᠣᠯᠤᠭᠰᠠᠨ ᠮᠡᠲᠦ ᠦᠵᠡᠭᠳᠡᠯ᠎ᠡ᠃ ᠰᠡᠸᠸᠯᠢ ᠬᠡᠷᠡᠮ ᠦ᠋ᠨ ᠱᠠᠲᠤᠨ ᠳᠡᠭᠡᠷ᠎ᠡ ᠭᠠᠷᠴᠤ ᠰᠢᠨ᠎ᠡ ᠲᠤᠯᠵᠤ ᠰᠠᠭᠤᠬᠤ ᠳ᠋ᠤᠨᠢ ᠬᠥᠪᠡᠭᠦᠨ ᠲᠤᠷᠤᠫᠺᠠ ᠶ᠋ᠢᠨ ᠬᠥᠬᠡ ᠠᠯᠠᠭ ᠨᠢᠳᠦ ᠨᠢ ᠡᠷᠭᠢᠯᠳᠦᠨ ᠬᠠᠷᠠᠵᠤ ᠪᠦᠳᠡᠭᠢ ᠲᠤᠷᠠᠩᠬᠠᠢᠪᠲᠤᠷ ᠴᠢᠷᠠᠢ ᠨᠢ ᠢᠨᠢᠶᠡᠮᠰᠦᠭᠯᠡᠨ ᠦᠵᠡᠭᠳᠡᠬᠦ ᠶ᠋ᠢ ᠪᠣᠯᠢᠯ᠎ᠠ᠃《ᠣᠲᠣ ᠲᠤᠷᠤᠫᠺᠠ ᠮᠢᠨᠢ ᠭᠠᠪᠰᠢᠭᠠᠢ ᠰᠠᠢᠨ ᠡᠷ᠎ᠡ ᠪᠣᠯᠵᠤ ᠰᠠᠢᠬᠠᠨ ᠮᠣᠷᠢ ᠶ᠋ᠢ ᠤᠨᠤᠵᠤ ᠶᠠᠪᠤᠭ᠎ᠠ ᠨᠢ ᠪᠠᠭᠠᠲᠤᠷ ᠵᠣᠷᠢᠭᠲᠠᠢ ᠶᠸᠭᠤᠷᠢ ᠥᠪᠡᠷ ᠢ᠋ᠶ᠋ᠡᠨ ᠰᠢᠭ᠌ ᠪᠣᠯᠵᠠᠢ》ᠭᠡᠵᠦ ᠰᠡᠸᠸᠯᠢ ᠪᠣᠳᠣᠯ ᠪᠣᠯᠤᠨ ᠰᠠᠭᠤᠯ᠎ᠠ᠃
ᠦᠰᠦᠭ ᠠᠮᠢᠯᠠᠭᠤᠯᠤᠭᠴᠢ᠄ ᠮᠡᠷᠭᠡᠨᠭᠣᠣ᠎ᠠ᠂ ᠠᠯᠲᠠᠨᠴᠢᠮᠡᠭ᠂ ᠵᠢᠩᠯᠢᠬᠤᠸᠠᠷ᠂ ᠪᠠᠶᠠᠨᠴᠡᠴᠡᠭ
ᠬᠢᠨᠠᠭᠴᠢ᠄ ᠠᠯᠲᠠᠨᠴᠢᠮᠡᠭ᠂ ᠠᠷᠢᠭᠤᠨ
