ᠪᠠᠲᠤ ᠬᠠᠭᠠᠨ 5-01ᠰᠦᠬᠡ ᠨᠤᠭᠦᠳ ᠢ᠋ᠶ᠋ᠡᠨ ᠴᠢᠩᠭ᠎ᠠ ᠪᠠᠷᠢᠵᠠᠭᠠᠭᠲᠤᠨ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ
ᠲᠠᠪᠤᠳᠤᠭᠠᠷ ᠪᠦᠯᠦᠭ ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠ
᠁ ᠠᠢ᠂ ᠠᠷᠢᠭᠤᠨ ᠭᠡᠭᠡᠬᠡᠨ ᠣᠷᠣᠨ ᠤ᠋ ᠪᠠᠨ ᠠᠯᠳᠠᠷ ᠢ᠋ ᠬᠦᠰᠡᠵᠦ ᠢᠷᠥᠭᠡᠬᠦ ᠳ᠋ᠦ᠍ ᠬᠡᠨ ᠦ᠌ ᠵᠢᠷᠦᠬᠡ ᠴᠡᠴᠡᠷᠡᠬᠦ ᠦᠭᠡᠢ ᠪᠣᠢ?
(ᠵᠦᠺᠦᠸᠰᠺᠢ)
ᠨᠢᠭᠡ ᠰᠦᠬᠡ ᠨᠤᠭᠦᠳ ᠢ᠋ᠶ᠋ᠡᠨ ᠴᠢᠩᠭ᠎ᠠ ᠪᠠᠷᠢᠵᠠᠭᠠᠭᠲᠤᠨ
ᠰᠡᠸᠸᠯᠢ ᠳ᠋ᠢᠺᠦᠷᠦᠰ ᠤᠮᠠᠷᠠᠲᠤ ᠵᠦᠭ ᠢ᠋ ᠴᠢᠭᠯᠡᠨ ᠡᠷᠭᠢᠵᠦ ᠷᠶᠠᠽᠡᠨ ᠳᠠᠰᠢ ᠰᠢᠢᠳᠪᠦᠷᠢ ᠲᠡᠢ ᠪᠡᠷ ᠠᠯᠬᠤᠯᠠᠨ ᠶᠠᠪᠤᠵᠤ ᠪᠠᠢᠬᠤ ᠳ᠋ᠤ᠌ ᠬᠤᠪᠠᠬᠠᠢᠷᠠᠭᠰᠠᠨ ᠰᠢᠭᠤᠢ ᠪᠤᠷᠭᠠᠰᠤ ᠪᠠ ᠴᠠᠰᠤ ᠪᠠᠷ ᠪᠦᠷᠬᠦᠭᠳᠡᠭᠰᠡᠨ ᠭᠣᠣ ᠵᠢᠯᠠᠭ᠎ᠠ ᠪᠦᠬᠦᠢ ᠴᠠᠭᠠᠨ ᠲᠠᠯ᠎ᠠ ᠬᠣᠭᠣᠰᠣᠨ ᠪᠠᠢᠯ᠎ᠠ᠃ ᠵᠠᠷᠢᠮ ᠳ᠋ᠠᠭᠠᠨ ᠬᠠᠷ᠎ᠠ ᠪᠠᠷᠠᠭᠠᠨ ᠲᠣᠯᠪᠣ ᠨᠤᠭᠤᠳ ᠡᠨᠳᠡ ᠲᠡᠨᠳᠡ ᠦᠵᠡᠭᠳᠡᠬᠦ ᠪᠥᠭᠡᠳ ᠡᠨᠡ ᠨᠢ ᠵᠣᠯ ᠵᠠᠶᠠᠭ᠎ᠠ ᠪᠠᠷ ᠠᠮᠢᠳᠤ ᠦᠯᠡᠳᠡᠭᠰᠡᠨ ᠴᠥᠭᠡᠨ ᠲᠣᠭᠠᠨ ᠤ᠋ ᠷᠶᠠᠽᠠᠨ ᠤ᠋ ᠬᠥᠮᠦᠰ ᠪᠠᠢᠯ᠎ᠠ᠃ ᠡᠳᠡ ᠪᠦᠭᠦᠳᠡᠭᠡᠷ ᠢ᠋ᠶ᠋ᠡᠨ ᠲᠥᠷᠥᠭᠰᠡᠨ ᠨᠤᠲᠤᠭ ᠲᠠᠰᠢ ᠪᠠᠨ ᠬᠠᠨᠳᠤᠨ ᠶᠠᠪᠤᠵᠤ ᠪᠠᠢᠨ᠎ᠠ᠃ ᠤᠷᠢᠳᠤ ᠴᠠᠭ ᠲᠤ᠌ ᠡᠨᠳᠡ ᠵᠢᠵᠢᠭ ᠲᠣᠰᠬᠣᠨ ᠨᠤᠭᠤᠳ ᠪᠠᠢᠵᠤ ᠲᠠᠯ᠎ᠠ ᠶ᠋ᠢᠨ ᠬᠥᠮᠦᠰ ᠲᠡᠢ ᠠᠷᠠᠯᠵᠢᠶ᠎ᠠ ᠮᠠᠢᠮᠠᠢ ᠬᠢᠵᠦ ᠪᠠᠢᠭᠰᠠᠨ ᠶᠤᠮ᠃ ᠣᠳᠣ ᠡᠳᠡᠭᠡᠷ ᠦ᠋ᠳ ᠨᠢ ᠬᠣᠭᠣᠰᠣᠷᠠᠵᠤ ᠣᠩᠭᠣᠷᠬᠠᠢ ᠡᠭᠦᠳᠡ ᠬᠠᠭᠠᠯᠭ᠎ᠠ ᠤ᠋ᠳ ᠢ᠋ ᠨᠢ ᠰᠠᠯᠬᠢ ᠢᠰᠬᠡᠷᠦᠨ ᠰᠠᠪᠠᠴᠢᠵᠤ ᠪᠠᠢᠪᠠ᠃
ᠬᠡᠷᠢᠶ᠎ᠡ ᠰᠢᠪᠠᠭᠤ ᠨᠤᠭᠤᠳ ᠡᠵᠡᠨ ᠦᠭᠡᠢ ᠬᠠᠰᠢᠶᠠᠨ ᠠ᠋ᠴᠠ ᠰᠦᠷᠦᠭ ᠢ᠋ᠶ᠋ᠡᠷ ᠨᠢᠰᠴᠦ ᠪᠠᠭᠤᠳᠠᠯᠯᠠᠨ᠂ ᠶᠠᠭᠤ ᠴᠤ᠌ ᠣᠯᠵᠤ ᠢᠳᠡᠰᠢᠯᠡᠯ ᠦᠭᠡᠢ ᠭᠣᠮᠣᠳᠠᠯ ᠲᠠᠢ ᠪᠠᠷ ᠪᠠᠷᠬᠢᠷᠠᠯᠳᠤᠨ ᠨᠢᠰᠴᠦ ᠶᠠᠪᠤᠨ᠎ᠠ᠃ ᠰᠡᠸᠸᠯᠢ ᠵᠠᠮ ᠵᠠᠭᠤᠷ᠎ᠠ ᠮᠣᠩᠭᠣᠯᠴᠤᠳ ᠲᠠᠢ ᠳᠠᠭᠠᠷᠢᠯᠳᠤᠭᠰᠠᠨ ᠦᠭᠡᠢ᠂《ᠮᠠᠭᠠᠳ᠂ ᠪᠠᠢᠯᠳᠤᠭᠠᠨ ᠤ᠋ ᠰᠡᠭᠦᠯ ᠳ᠋ᠦ᠍ ᠠᠮᠠᠷᠠᠵᠠᠭᠠᠵᠤ ᠥᠪᠡᠷᠰᠡᠳ ᠦ᠋ᠨ ᠰᠢᠷᠬᠠᠳᠤᠭᠴᠢᠳ ᠢ᠋ ᠴᠤᠭᠯᠠᠭᠤᠯᠤᠨ ᠠᠪᠴᠤ ᠪᠠᠢᠭ᠎ᠠ ᠪᠤᠶᠤ ᠮᠠᠨ ᠤ᠋ ᠲᠠᠯ᠎ᠠ ᠠ᠋ᠴᠠ ᠦᠬᠦᠭᠰᠡᠨ ᠬᠥᠮᠦᠰ ᠢ᠋ ᠳᠡᠭᠡᠷᠡᠮᠳᠡᠵᠦ ᠪᠠᠢᠭ᠎ᠠ ᠪᠢᠵᠡ ? 》ᠭᠡᠵᠦ ᠰᠡᠳᠬᠢᠵᠦ ᠶᠠᠪᠤᠵᠠᠢ᠃
ᠰᠦᠯᠵᠢᠮᠡᠯ ᠪᠦᠬᠡᠭᠡᠭ ᠲᠡᠢ ᠨᠢᠭᠡᠨ ᠬᠡᠰᠡᠭ ᠴᠢᠷᠭ᠎ᠠ ᠲᠠᠢ ᠬᠥᠮᠦᠰ ᠲᠡᠭᠦᠨ ᠢ᠋ ᠭᠦᠢᠴᠡᠵᠦ ᠢᠷᠡᠯ᠎ᠡ᠃ ᠴᠢᠷᠭᠠᠨ ᠳ᠋ᠤ᠌ ᠣᠷᠣᠭᠤᠯᠤᠭᠰᠠᠨ ᠮᠣᠷᠢᠳ ᠨᠢ ᠦᠰᠦᠯᠢᠭ ᠪᠥᠭᠡᠳ ᠴᠢᠭᠢᠷᠠᠭ ᠪᠡᠶ᠎ᠡ ᠲᠡᠢ ᠠᠵᠢ᠃ ᠴᠢᠷᠭ᠎ᠠ ᠨᠤᠭᠤᠳ ᠤ᠋ᠨ ᠬᠣᠢᠨ᠎ᠠ ᠠ᠋ᠴᠠ ᠦᠬᠡᠷ᠂ ᠬᠣᠨᠢ᠂ ᠲᠤᠭᠤᠯ᠂ ᠪᠢᠷᠠᠭᠤ ᠨᠤᠭᠤᠳ ᠴᠤᠪᠤᠷᠠᠨ ᠶᠠᠪᠤᠨ᠎ᠠ᠃ ᠪᠦᠬᠡᠭᠡᠭ ᠦ᠋ᠳ ᠦ᠋ᠨ ᠳᠣᠲᠣᠷ᠎ᠠ ᠠ᠋ᠴᠠ ᠬᠡᠦᠬᠡᠳ ᠦ᠋ᠨ ᠲᠣᠯᠣᠭᠠᠢ ᠨᠤᠭᠤᠳ ᠴᠤᠬᠤᠢᠵᠤ ᠦᠵᠡᠭᠳᠡᠨ᠎ᠡ᠃ ᠡᠷᠡᠴᠦᠳ ᠪᠠ ᠡᠮᠡᠰ ᠥᠬᠢᠳ ᠨᠢ ᠬᠣᠢᠨ᠎ᠠ ᠠ᠋ᠴᠠ ᠨᠢ ᠳᠠᠭᠠᠵᠤ ᠡᠴᠡᠵᠦ ᠵᠦᠳᠡᠷᠡᠭᠰᠡᠨ ᠦᠨᠢᠶ᠎ᠡ᠂ ᠲᠤᠭᠤᠯ᠂ ᠬᠣᠨᠢ ᠮᠠᠯ ᠤ᠋ᠳ ᠢ᠋ ᠪᠤᠷᠭᠠᠰᠤᠨ ᠤ᠋ ᠮᠥᠴᠢᠷ ᠢ᠋ᠶ᠋ᠡᠷ ᠰᠢᠯᠪᠢᠭᠦᠷᠲᠡᠨ ᠲᠠᠭᠤᠵᠤ ᠶᠠᠪᠤᠵᠠᠭᠠᠨ᠎ᠠ᠃
— ᠰᠠᠢᠨ ᠰᠠᠨᠠᠭᠠᠲᠤ ᠬᠥᠮᠦᠰ ᠠ᠋! ᠲᠠ ᠨᠠᠷ ᠬᠠᠮᠢᠭ᠎ᠠ ᠠ᠋ᠴᠠ ᠶᠠᠪᠤᠭ᠎ᠠ ᠪᠣᠢ?
— ᠪᠢᠳᠡ ᠫᠷᠤᠨᠰᠺᠢ ᠶ᠋ᠢᠨ ᠴᠠᠭᠠᠳᠤᠬᠢ ᠬᠠᠷᠠᠭᠤᠯ ᠠ᠋ᠴᠠ ᠶᠠᠪᠤᠨ᠎ᠠ᠂ ᠴᠠᠭ ᠲᠤᠬᠠᠢ ᠳ᠋ᠤ᠌ ᠬᠥᠳᠡᠯᠵᠦ ᠲᠠᠯ᠎ᠠ ᠶ᠋ᠢᠨ ᠬᠥᠮᠦᠰ ᠡᠴᠡ ᠠᠷᠠᠢᠬᠢᠵᠤ ᠤᠷᠢᠲᠠᠵᠤ ᠭᠠᠷᠤᠯ᠎ᠠ᠃ ᠰᠥᠨᠢ ᠶ᠋ᠢᠨ ᠬᠠᠷᠠᠩᠭᠤᠢ ᠪᠠ ᠴᠠᠰᠤᠨ ᠰᠢᠭᠤᠷᠭ᠎ᠠ ᠪᠢᠳᠡᠨ ᠢ᠋ ᠳᠠᠯᠳᠠᠯᠠᠨ ᠭᠠᠷᠭᠠᠪᠠ᠃ ᠪᠢᠳᠡ ᠷᠶᠡᠽᠡᠨ ᠬᠦᠷᠬᠦ ᠶ᠋ᠢ ᠶᠠᠭᠠᠷᠠᠨ ᠶᠠᠪᠤᠨ᠎ᠠ᠃ ᠲᠡᠨᠳᠡ ᠪᠢᠳᠡᠨ ᠢ᠋ ᠬᠠᠮᠠᠭᠠᠯᠠᠨ᠎ᠠ ᠪᠢᠵᠡ? ᠡᠨᠳᠡ ᠠᠶᠤᠯ ᠲᠠᠢ ᠪᠠᠢᠨ᠎ᠠ᠃ ᠲᠠᠲ᠋ᠠᠷ ᠤ᠋ᠳ ᠬᠦᠷᠦᠯᠴᠡᠨ ᠢᠷᠡᠪᠡᠯ ᠪᠢᠳᠡ ᠨᠠᠷ ᠲᠤ᠌ ᠶᠢᠷᠲᠢᠨᠴᠦ ᠶ᠋ᠢ ᠦᠵᠡᠬᠦ ᠡᠴᠡ ᠪᠡᠨ ᠥᠩᠭᠡᠷᠡᠴᠢᠬᠡᠨᠡ! ᠠᠯᠠᠭᠴᠢᠨ ᠦᠨᠢᠶ᠎ᠡ ᠮᠢᠨᠢ ᠶᠠᠪᠤᠭᠠᠷᠠᠢ᠂ ᠤᠯᠠᠭᠴᠢᠨ ᠬᠤᠴᠠ ᠮᠢᠨᠢ ᠣᠷᠣᠭᠰᠢ ᠪᠠᠨ ᠬᠤᠷᠳᠤᠨ ᠶᠠᠪᠤᠭᠠᠷᠠᠢ ᠭᠡᠵᠦ ᠮᠠᠯ ᠢ᠋ᠶ᠋ᠠᠨ ᠳᠠᠭᠤᠳᠠᠨ ᠶᠠᠪᠤᠨ᠎ᠠ᠃
ᠰᠡᠸᠸᠯᠢ ᠴᠦ᠍ ᠣᠢ ᠮᠣᠳᠣᠨ ᠳᠣᠲᠣᠷ᠎ᠠ ᠪᠤᠶᠤ ᠠᠨᠵᠢᠰᠤᠨ ᠤ᠋ ᠬᠣᠢᠨ᠎ᠠ ᠠ᠋ᠴᠠ ᠶᠠᠪᠤᠵᠤ ᠰᠤᠷᠤᠭᠰᠠᠨ ᠲᠠᠢ ᠪᠠᠨ ᠠᠳᠠᠯᠢ ᠨᠢᠭᠡᠨ ᠵᠢᠭᠳᠡ ᠠᠯᠬᠤᠯᠠᠨ ᠶᠠᠪᠤᠵᠤ ᠪᠠᠢᠯ᠎ᠠ᠃
ᠲᠡᠷᠡ ᠪᠠᠭ᠎ᠠ ᠪᠠᠭ᠎ᠠ ᠪᠠᠷ ᠠᠮᠠᠷᠠᠵᠤ᠂ ᠡᠳᠦᠷ ᠰᠥᠨᠢ ᠦᠭᠡᠢ ᠶᠠᠪᠤᠵᠤ ᠪᠠᠢᠬᠤ ᠳ᠋ᠠᠭᠠᠨ ᠳᠠᠬᠢᠨ ᠲᠠᠲ᠋ᠠᠷ ᠤ᠋ᠳ ᠲᠠᠢ ᠲᠠᠭᠠᠷᠠᠯᠳᠤᠬᠤ ᠠ᠋ᠴᠠ ᠠᠶᠤᠵᠤ ᠶᠠᠮᠠᠷ ᠨᠢᠭᠡᠨ ᠳᠠᠭᠤ ᠴᠢᠮᠡᠭᠡᠨ ᠳ᠋ᠦ᠍ ᠮᠠᠰᠢ ᠶᠡᠬᠡ ᠰᠡᠷᠡᠮᠵᠢᠲᠡᠢ ᠶᠠᠪᠤᠵᠠᠢ᠃ ᠲᠡᠢᠨᠬᠦ ᠶᠠᠪᠤᠭᠰᠠᠭᠠᠷ ᠡᠴᠦᠰ ᠲᠤᠨᠢ ᠨᠢᠭᠡᠨ ᠥᠷᠯᠥᠭᠡ ᠡᠷᠲᠡ ᠷᠶᠡᠽᠡᠨ ᠦ᠌ ᠴᠠᠰᠤ ᠪᠠᠷ ᠪᠦᠷᠬᠦᠭᠳᠡᠭᠰᠡᠨ ᠰᠢᠪᠡᠷ ᠲᠤᠭᠤᠷᠭ᠎ᠠ ᠪᠠ ᠳ᠋ᠦᠨᠵᠡ ᠮᠣᠳᠣ ᠪᠠᠷ ᠬᠢᠭᠰᠡᠨ ᠥᠨᠳᠥᠷ ᠬᠡᠷᠡᠮ ᠢ᠋ ᠤᠨᠵᠢᠢᠭᠰᠠᠨ ᠡᠭᠦᠯᠡ ᠶ᠋ᠢᠨ ᠳᠣᠭᠤᠤᠷ ᠬᠠᠷᠠᠯ᠎ᠠ᠃ ᠲᠡᠭᠦᠨ ᠦ᠌ ᠴᠠᠭᠠᠨ᠎ᠠ ᠰᠦᠮ᠎ᠡ ᠨᠤᠭᠦᠳ ᠦ᠋ᠨ ᠥᠩᠭᠡ ᠪᠦᠷᠢ ᠶ᠋ᠢᠨ ᠣᠷᠣᠢ ᠨᠤᠭᠤᠳ ᠬᠠᠷᠠᠭᠳᠠᠵᠤ ᠪᠠᠢᠯ᠎ᠠ᠃ ᠬᠣᠲᠠ ᠶ᠋ᠢᠨ ᠣᠷᠴᠢᠮ ᠤ᠋ᠨ ᠪᠠᠢᠰᠢᠩ ᠤ᠋ᠳ ᠤ᠋ᠨ ᠳᠡᠭᠡᠭᠦᠷ ᠴᠡᠩᠬᠡᠷ ᠬᠥᠬᠡ ᠤᠲᠤᠭ᠎ᠠ ᠮᠠᠨᠠᠨ ᠤᠨᠢᠶᠠᠷᠲᠤᠵᠤ ᠦᠰᠦᠲᠡᠢ ᠪᠣᠭᠣᠨᠢ ᠳᠡᠪᠡᠯ ᠲᠡᠢ ᠡᠮᠡᠰ ᠥᠬᠢᠳ ᠠᠳᠤᠭᠤ ᠮᠠᠯ ᠢ᠋ᠶ᠋ᠠᠨ ᠴᠤᠭᠤᠯᠭ᠎ᠠ ᠠ᠋ᠴᠠ ᠤᠰᠤᠯᠬᠤ ᠪᠠᠷ ᠭᠣᠣᠯ ᠤ᠋ᠨ ᠡᠷᠭᠢ ᠳᠠᠰᠢ ᠲᠠᠭᠤᠵᠤ ᠶᠠᠪᠤᠵᠠᠭᠠᠬᠤ ᠨᠢ ᠦᠵᠡᠭᠳᠡᠯ᠎ᠡ᠃ ᠡᠨᠡ ᠪᠦᠭᠦᠳᠡ ᠶ᠋ᠢ ᠬᠠᠷᠠᠬᠤ ᠳ᠋ᠤ᠌ ᠶᠠᠮᠠᠷ ᠴᠤ᠌ ᠠᠶᠤᠯ ᠲᠣᠬᠢᠶᠠᠯᠳᠤᠨ ᠤᠴᠠᠷᠠᠭ᠎ᠠ ᠦᠭᠡᠢ ᠪᠠ ᠵᠡᠷᠯᠢᠭ ᠲᠠᠯ᠎ᠠ ᠶ᠋ᠢᠨ ᠪᠠᠢᠯᠳᠤᠭᠠᠨ ᠴᠤ᠌ ᠪᠣᠯᠤᠭᠰᠠᠨ ᠦᠭᠡᠢ ᠮᠡᠲᠦ ᠴᠥᠮ ᠲᠠᠢᠪᠤᠩ ᠰᠠᠢᠬᠠᠨ ᠪᠠᠢᠵᠠᠢ᠃ ᠦᠰᠦᠲᠡᠢ ᠳᠡᠪᠡᠯ ᠦ᠋ᠨ ᠳᠡᠭᠡᠭᠦᠷ ᠲᠡᠮᠦᠷ ᠳᠤᠭᠤᠯᠠᠭ᠎ᠠ ᠡᠮᠦᠰᠦᠭᠰᠡᠨ ᠮᠠᠨᠠᠭᠠᠨ ᠤ᠋ ᠬᠥᠮᠦᠰ ᠰᠡᠸᠧᠯᠢ ᠶ᠋ᠢ ᠬᠣᠲᠠ ᠶ᠋ᠢᠨ ᠬᠡᠷᠡᠮ ᠦ᠋ᠨ ᠨᠡᠭᠡᠭᠡᠯᠲᠡᠲᠡᠢ ᠬᠠᠭᠠᠯᠭ᠎ᠠ ᠶ᠋ᠢᠨ ᠳᠡᠷᠭᠡᠳᠡ ᠵᠣᠭᠰᠣᠭᠠᠭᠠᠳ᠂
— ᠬᠡᠨ ᠪᠣᠢ? ᠬᠠᠮᠢᠭ᠎ᠠ ᠠ᠋ᠴᠠ ᠪᠣᠢ? ᠶᠠᠮᠠᠷ ᠬᠡᠷᠡᠭ ᠢ᠋ᠶ᠋ᠡᠷ ᠷᠶᠡᠽᠡᠨ ᠳ᠋ᠦ᠍ ᠢᠷᠡᠪᠡ? ᠭᠡᠵᠦ ᠠᠰᠠᠭᠤᠵᠤ ᠢᠯᠳᠦ ᠪᠡᠨ ᠲᠤᠯᠵᠤ ᠬᠠᠭᠠᠯᠭ᠎ᠠ ᠶ᠋ᠢ ᠬᠥᠨᠳᠡᠯᠢᠳᠦᠨ ᠵᠣᠭᠰᠣᠵᠠᠭᠠᠪᠠ᠃ ᠰᠡᠸᠧᠯᠢ ᠨᠢ ᠷᠶᠡᠽᠡᠨ ᠴᠡᠷᠢᠭ ᠦ᠋ᠨ ᠬᠣᠷᠢᠶ᠎ᠠ ᠨᠤᠭᠤᠳ ᠢᠯᠠᠭᠳᠠᠵᠤ ᠳᠡᠢᠯᠦᠭᠳᠡᠭᠡᠳ ᠡᠵᠡᠭᠦᠢ ᠲᠠᠯ᠎ᠠ ᠠ᠋ᠴᠠ ᠢᠷᠡᠭᠰᠡᠨ ᠪᠣᠯᠬᠤ ᠶ᠋ᠢ ᠲᠡᠷᠡ ᠮᠠᠨᠠᠭᠠᠨ ᠤ᠋ ᠬᠥᠮᠦᠰ ᠮᠡᠳᠡᠵᠦ ᠠᠪᠤᠭᠠᠳ ᠵᠠᠷᠯᠢᠭ ᠢ᠋ ᠳᠠᠭᠤᠳᠠᠵᠤ᠂ ᠰᠡᠸᠧᠯᠢ ᠶ᠋ᠢ ᠳᠠᠷᠤᠭ᠎ᠠ ᠳ᠋ᠤ᠌ ᠬᠦᠷᠭᠡᠵᠦ ᠥᠭᠬᠦ ᠶ᠋ᠢ ᠲᠤᠰᠢᠶᠠᠪᠠ᠃ ᠬᠣᠲᠠ ᠶ᠋ᠢᠨ ᠭᠤᠳᠤᠮᠵᠢ ᠨᠤᠭᠤᠳ ᠢ᠋ᠶ᠋ᠠᠷ ᠲᠠᠷᠢᠶ᠎ᠠ ᠪᠤᠳᠠᠭ᠎ᠠ ᠪᠠ ᠲᠦᠯᠡᠭᠡ ᠲᠦᠯᠡᠰᠢ ᠠᠴᠢᠭᠰᠠᠨ ᠶᠡᠷᠦᠳᠡ ᠶ᠋ᠢᠨ ᠬᠥᠰᠬᠡ ᠲᠡᠷᠭᠡ ᠨᠤᠭᠦᠳ ᠪᠣᠯᠤᠨ ᠨᠡᠢᠰᠯᠡᠯ ᠬᠣᠲᠠ ᠶ᠋ᠢᠨ ᠬᠡᠷᠡᠮ ᠦ᠋ᠨ ᠴᠠᠭᠠᠨ᠎ᠠ ᠠᠮᠢ ᠬᠣᠷᠭᠣᠳᠠᠬᠤ ᠶ᠋ᠢ ᠨᠠᠢᠳᠠᠵᠤ ᠣᠷᠣᠨ ᠨᠤᠲᠤᠭ ᠠ᠋ᠴᠠ ᠪᠠᠨ ᠵᠢᠭᠤᠲᠠᠵᠤ ᠢᠷᠡᠭᠰᠡᠨ ᠬᠥᠮᠦᠰ ᠦ᠋ᠨ ᠬᠣᠭᠰᠢᠯ ᠬᠥᠷᠥᠩᠭᠡ ᠶ᠋ᠢ ᠠᠴᠢᠭᠰᠠᠨ ᠬᠥᠰᠬᠡ ᠲᠡᠷᠭᠡ ᠨᠤᠭᠦᠳ ᠣᠯᠠᠨ ᠢ᠋ᠶ᠋ᠠᠷ ᠦᠵᠡᠭᠳᠡᠨ᠎ᠡ᠃
ᠡᠪᠦᠭᠡᠨ ᠪᠤᠭᠤᠷᠤᠯ ᠳᠠᠷᠤᠭ᠎ᠠ᠂ ᠳᠡᠪᠡᠯ ᠢ᠋ᠶ᠋ᠡᠨ ᠥᠷᠥᠭᠡᠰᠦᠨ ᠮᠥᠷᠦᠨ ᠳ᠋ᠡᠭᠡᠨ ᠨᠥᠮᠥᠷᠴᠦ ᠳ᠋ᠥ᠋ᠨᠵᠡᠨ ᠪᠠᠢᠰᠢᠩ ᠤ᠋ᠨ ᠱᠠᠲᠤᠨ ᠳᠡᠭᠡᠷ᠎ᠡ ᠵᠣᠭᠰᠣᠵᠤ ᠲᠣᠯᠣᠭᠠᠢ ᠪᠠᠨ ᠤᠢᠳᠬᠠᠷ ᠲᠠᠢ ᠭᠠᠩᠬᠤᠯᠤᠨ ᠴᠡᠷᠢᠭ ᠦ᠋ᠨ ᠬᠡᠳᠦᠨ ᠬᠥᠮᠦᠰ ᠦ᠋ᠨ ᠬᠡᠯᠡᠬᠦ ᠶ᠋ᠢ ᠰᠣᠨᠣᠰᠴᠤ ᠪᠠᠢᠯ᠎ᠠ᠃ ᠲᠡᠳᠡᠭᠡᠷ ᠴᠡᠷᠢᠭ ᠦ᠋ᠳ ᠪᠦᠭᠦᠳᠡᠭᠡᠷ ᠢ᠋ᠶ᠋ᠡᠨ ᠴᠢᠰᠤᠲᠠᠢ ᠳᠠᠪᠤᠤ ᠪᠠᠷ ᠥᠪᠡᠷᠰᠡᠳ ᠦ᠋ᠨ ᠰᠢᠷᠬ᠎ᠠ ᠶ᠋ᠢ ᠪᠣᠭᠣᠭᠰᠠᠨ᠂ ᠵᠠᠷᠢᠮ ᠨᠢ ᠲᠣᠯᠣᠭᠠᠢ ᠳ᠋ᠠᠭᠠᠨ ᠰᠢᠷᠬ᠎ᠠ ᠲᠠᠢ᠂ ᠵᠠᠷᠢᠮ ᠨᠢ ᠳᠠᠯᠤ ᠮᠥᠷᠥ ᠳ᠋ᠡᠭᠡᠨ ᠪᠤᠶᠤ ᠵᠠᠷᠢᠮ ᠨᠢ ᠬᠥᠯ ᠭᠠᠷ ᠲᠠᠭᠠᠨ ᠰᠢᠷᠬ᠎ᠠ ᠲᠠᠢ ᠠᠵᠢ᠃
ᠬᠡᠴᠡᠭᠦᠦ ᠪᠡᠷᠬᠡ ᠪᠠᠢᠯ᠎ᠠ ᠭᠡᠵᠦ ᠰᠠᠭᠰᠠᠢᠭᠰᠠᠨ ᠲᠣᠯᠣᠭᠠᠢ ᠪᠠᠨ ᠪᠣᠭᠣᠭᠰᠠᠨ ᠨᠢᠭᠡᠨ ᠨᠣᠣᠷᠠᠩᠬᠠᠢ ᠡᠷ᠎ᠡ ᠶᠠᠷᠢᠵᠤ ᠪᠠᠢᠯ᠎ᠠ᠃
— ᠪᠢᠳᠡ ᠴᠦ᠍ ᠶᠡᠬᠡᠯ᠎ᠡ ᠰᠠᠢᠨ ᠪᠠᠢᠯᠳᠤᠭᠰᠠᠨ ᠶᠤᠮ᠃ ᠭᠡᠲᠡᠯ᠎ᠡ ᠲᠠᠲ᠋ᠠᠷ ᠤ᠋ᠳ ᠬᠡᠲᠦᠷᠬᠡᠢ ᠣᠯᠠᠨ ᠪᠠᠢᠯ᠎ᠠ᠃ ᠮᠠᠨ ᠤ᠋ ᠨᠢᠭᠡ ᠬᠥᠮᠦᠨ ᠢ᠋ ᠲᠡᠳᠡᠨ ᠦ᠌ ᠠᠷᠪᠠᠨ ᠬᠥᠮᠦᠨ ᠳᠠᠭᠠᠷᠢᠨ ᠢᠷᠡᠵᠦ ᠪᠠᠢᠪᠠ᠃ ᠲᠠᠢᠯᠵᠤ ᠣᠷᠬᠢᠭᠠᠳ ᠪᠢᠴᠢᠬᠠᠨ ᠠᠮᠠᠷᠠᠨ᠎ᠠ ᠭᠡᠵᠦ ᠪᠣᠳᠣᠵᠤ ᠪᠠᠢᠲᠠᠯ᠎ᠠ— ᠶᠠᠭᠤᠨ ᠠᠮᠠᠷᠠᠬᠤ— ᠦᠵᠡᠲᠡᠯ᠎ᠡ ᠨᠥᠭᠦᠭᠡ ᠵᠣᠯᠢᠭ ᠤ᠋ᠳ ᠴᠢᠨᠢ ᠳᠠᠬᠢᠨ ᠳᠣᠪᠲᠣᠯᠵᠤ ᠢᠷᠡᠵᠡᠭᠡᠪᠡ᠃
— ᠬᠥᠶᠢ! ᠬᠥᠶᠢ! ᠣᠷᠣᠭᠰᠢ ᠪᠠᠨ ᠭᠡᠵᠦ ᠵᠢᠭᠲᠡᠢ ᠪᠡᠷ ᠬᠥᠮᠦᠨ ᠦ᠌ ᠪᠤᠰᠤ ᠳᠠᠭᠤ ᠪᠠᠷ ᠬᠠᠰᠬᠢᠷᠴᠠᠭᠠᠬᠤ ᠶᠤᠮ᠃ ᠪᠢᠳᠡ ᠣᠯᠠᠨ ᠢ᠋ ᠴᠠᠪᠴᠢᠯᠠᠨ ᠠᠯᠠᠭᠰᠠᠨ ᠪᠢᠯᠡ᠃ ᠮᠥᠨ ᠮᠠᠨ ᠤ᠋ ᠬᠢᠨ ᠴᠦ᠍ ᠦᠯᠡᠳᠡᠭᠰᠡᠨ ᠦᠭᠡᠢ ᠪᠦᠭᠦᠳᠡᠭᠡᠷ ᠢ᠋ᠶ᠋ᠡᠨ ᠲᠡᠨᠳᠡ ᠦᠬᠦᠵᠦ ᠬᠣᠴᠣᠷᠤᠯ᠎ᠠ᠃ ᠪᠠᠰᠠ ᠮᠠᠨ ᠤ᠋ ᠨᠣᠶᠠᠨ ᠸᠠᠩ ᠶᠦᠷᠢ ᠢᠩᠭ᠌ᠸᠡᠷᠧᠸᠢᠴ ᠥᠪᠡᠷ ᠦ᠋ᠨ ᠲᠣᠯᠣᠭᠠᠢ ᠶ᠋ᠢ ᠵᠡᠷᠯᠢᠭ ᠲᠠᠯ᠎ᠠ ᠳ᠋ᠤ᠌ ᠲᠠᠯᠪᠢᠯ᠎ᠠ᠃
— ᠴᠢ ᠶᠠᠭᠠᠬᠢᠵᠤ ᠠᠮᠢ ᠭᠠᠷᠤᠭᠰᠠᠨ ᠪᠣᠢ?
— ᠰᠥᠨᠢ ᠪᠣᠯᠬᠤ ᠳ᠋ᠤ᠌ ᠲᠠᠲ᠋ᠠᠷ ᠤ᠋ᠳ ᠤ᠋ᠨ ᠴᠢᠮᠡᠭᠡ ᠨᠠᠮᠳᠠᠬᠤ ᠳ᠋ᠤ᠌ ᠪᠢ ᠵᠢᠯᠠᠭᠠᠨ ᠳ᠋ᠤ᠌ ᠣᠷᠣᠵᠤ ᠴᠠᠮᠴᠠ ᠪᠠᠷ ᠢ᠋ᠶ᠋ᠠᠨ ᠲᠣᠯᠣᠭᠠᠢ ᠪᠠᠨ ᠪᠣᠭᠣᠭᠠᠳ ᠴᠠᠰᠤᠨ ᠳᠣᠲᠣᠷ᠎ᠠ ᠰᠢᠷᠭᠤᠵᠤ ᠬᠡᠪᠲᠡᠭᠰᠡᠨ ᠪᠢᠯᠡ᠃ ᠥᠷᠯᠥᠭᠡ ᠪᠣᠯᠣᠮᠠᠭᠴᠠ ᠴᠢᠨᠣ᠎ᠠ ᠣᠯᠢᠵᠤ ᠪᠢ ᠤᠮᠠᠷᠠᠲᠤ ᠵᠦᠭ ᠴᠢᠭᠯᠡᠨ ᠫᠷᠣᠨᠰᠺᠢ ᠳ᠋ᠤ᠌ ᠣᠴᠢᠬᠤ ᠵᠠᠮ ᠢ᠋ ᠬᠣᠯᠠᠭᠤᠷ ᠲᠣᠭᠣᠷᠢᠨ ᠭᠠᠷᠴᠤ ᠶᠠᠪᠤᠲᠠᠯ᠎ᠠ ᠵᠢᠭᠤᠲᠠᠵᠤ ᠶᠠᠪᠤᠭᠰᠠᠨ ᠬᠥᠮᠦᠰ ᠲᠡᠢ ᠲᠣᠬᠢᠶᠠᠯᠳᠤᠵᠤ ᠢᠷᠡᠯ᠎ᠡ᠃ ᠳᠠᠷᠤᠭ᠎ᠠ ᠦᠰᠦᠲᠡᠢ ᠮᠠᠯᠠᠭᠠᠢ ᠪᠠᠨ ᠠᠪᠴᠤ᠂ ᠶᠡᠬᠡ ᠰᠦᠮ᠎ᠡ ᠶ᠋ᠢᠨ ᠠᠯᠲᠠᠨ ᠭᠠᠨᠵᠤᠤᠷ (ᠬᠡᠷᠡᠭᠡᠰᠦ) ᠲᠤ᠌ ᠶᠣᠰᠣᠯᠠᠨ ᠮᠥᠷᠭᠥᠭᠡᠳ᠂
— ᠲᠥᠷᠥᠭᠰᠡᠨ ᠨᠤᠲᠤᠭ ᠡᠬᠡ ᠣᠷᠣᠨ ᠤ᠋ ᠪᠠᠨ ᠲᠥᠯᠥᠭᠡᠨ᠎ᠡ ᠪᠠᠢᠯᠳᠤᠭᠠᠨ ᠳ᠋ᠤ᠌ ᠨᠠᠰᠤ ᠪᠠᠷᠠᠭᠰᠠᠨ ᠬᠥᠮᠦᠰ ᠦ᠋ᠨ ᠡᠭᠦᠷᠢᠳᠡ ᠶ᠋ᠢᠨ ᠳᠤᠷᠠᠰᠬᠠᠯ ᠪᠠᠲᠤ ᠣᠷᠣᠰᠢᠲᠤᠭᠠᠢ! ᠵᠡᠷᠯᠢᠭ ᠲᠠᠯ᠎ᠠ ᠳ᠋ᠤ᠌ ᠠᠰᠬᠠᠷᠠᠭᠰᠠᠨ ᠲᠡᠷᠡ ᠶᠡᠬᠡ ᠴᠢᠰᠤ ᠶ᠋ᠢ ᠮᠠᠨ ᠤ᠋ ᠦᠷ᠎ᠡ ᠠᠴᠢ ᠨᠠᠷ ᠬᠡᠵᠢᠶ᠎ᠡ ᠴᠦ᠍ ᠮᠠᠷᠲᠠᠬᠤ ᠦᠭᠡᠢ᠃ ᠪᠢᠳᠡ ᠲᠠᠲ᠋ᠠᠷ ᠤ᠋ᠳ ᠢ᠋ ᠳᠣᠪᠲᠣᠯᠤᠭᠰᠠᠨ ᠪᠢᠰᠢ! ᠬᠠᠷᠢᠨ ᠲᠡᠳᠡ ᠨᠠᠷ ᠮᠠᠨ ᠤ᠋ ᠣᠷᠣᠨ ᠰᠠᠭᠤᠴᠠ ᠶ᠋ᠢ ᠰᠢᠲᠠᠭᠠᠵᠤ᠂ ᠮᠠᠨ ᠤ᠋ ᠠᠭᠲᠠ ᠮᠣᠷᠢᠳ ᠢ᠋ ᠳᠡᠭᠡᠷᠡᠮᠳᠡᠨ ᠠᠪᠬᠤ ᠪᠠᠷ ᠳᠣᠪᠲᠣᠯᠤᠨ ᠢᠷᠡᠭᠰᠡᠨ ᠶᠤᠮ᠃ ᠮᠥᠨ ᠯᠡ ᠲᠡᠳᠡᠨᠡᠷ ᠮᠠᠨ ᠤ᠋ ᠲᠠᠷᠢᠶᠠᠴᠢᠳ ᠢ᠋ ᠬᠢᠳᠤᠵᠤ ᠮᠠᠨ ᠤ᠋ ᠡᠮᠡᠰ ᠬᠡᠦᠬᠡᠳ ᠢ᠋ ᠬᠦᠴᠦᠷᠬᠡᠨ ᠪᠤᠵᠠᠷᠲᠤᠭᠤᠯᠬᠤ ᠶ᠋ᠢ ᠬᠦᠰᠡᠵᠦ ᠪᠠᠢᠨ᠎ᠠ᠃ ᠠᠬ᠎ᠠ ᠳᠡᠭᠦᠦ ᠨᠠᠷ ᠮᠢᠨᠢ ᠠ᠋!
— ᠪᠢᠳᠡ ᠲᠤᠯᠤᠯᠳᠤᠨ᠎ᠠ ᠰᠢᠦ᠃ ᠪᠢᠳᠡ ᠲᠥᠷᠥᠭᠰᠡᠨ ᠣᠷᠣᠨ ᠨᠤᠲᠤᠭ ᠢ᠋ᠶ᠋ᠠᠨ ᠥᠭᠬᠦ ᠦᠭᠡᠢ ᠰᠢᠦ! ᠭᠡᠵᠦ ᠴᠢᠩᠭ᠎ᠠ ᠪᠠᠷ ᠬᠡᠯᠡᠯ᠎ᠡ᠃ ᠬᠥᠮᠦᠨ ᠪᠦᠬᠦᠨ ᠦ᠌ ᠴᠢᠷᠠᠢ ᠳ᠋ᠤ᠌ ᠬᠠᠲᠠᠭᠤ ᠵᠣᠷᠢᠭᠲᠤ ᠰᠢᠢᠳᠪᠦᠷᠢ ᠢᠯᠡᠷᠬᠡᠢ ᠪᠠᠢᠨ᠎ᠠ᠃
—ᠪᠢᠳᠡ ᠪᠤᠴᠠᠵᠤ ᠨᠢᠴᠤᠬᠤ ᠦᠭᠡᠢ! ᠪᠢᠳᠡ ᠪᠠᠢᠯᠳᠤᠨ᠎ᠠ! ᠭᠡᠵᠦ ᠨᠢᠭᠡ ᠬᠥᠮᠦᠨ ᠬᠡᠯᠡᠬᠦ ᠳ᠋ᠦ᠍᠂
— ᠪᠢᠳᠡᠨᠡᠷ ᠦᠬᠦᠪᠡᠴᠦ ᠪᠢᠳᠡᠨ ᠦ᠌ ᠦᠷ᠎ᠡ ᠠᠴᠢᠨᠠᠷ ᠣᠢ ᠬᠥᠪᠴᠢ ᠳ᠋ᠦ᠍ ᠦᠯᠡᠳᠡᠵᠦ ᠬᠣᠴᠣᠷᠤᠭᠠᠳ ᠥᠰᠴᠦ ᠲᠣᠷᠨᠢᠭᠰᠠᠨ ᠬᠣᠢᠨ᠎ᠠ ᠪᠠᠨ ᠪᠠᠲᠤ ᠬᠠᠭᠠᠨ ᠤ᠋ ᠬᠥᠪᠡᠭᠦᠳ ᠲᠤ᠌ ᠬᠠᠷᠢᠭᠤ ᠥᠭᠬᠦ ᠡᠭᠡᠯᠵᠢ ᠪᠣᠢ᠃ ᠪᠣᠳᠣᠪᠠᠯ ᠲᠠᠲ᠋ᠠᠷ ᠤ᠋ᠳ ᠮᠥᠳᠳᠥ ᠨᠡᠰᠢ ᠢᠷᠡᠵᠦ ᠷᠶᠡᠽᠡᠨ ᠦ᠌ ᠬᠡᠷᠡᠮ ᠢ᠋ ᠳᠣᠪᠲᠣᠯᠤᠨ᠎ᠠ ᠪᠢᠵᠡ ᠠ᠋! ᠲᠡᠳᠡᠨᠡᠷ ᠬᠡᠷᠴᠡᠭᠡᠢ ᠪᠠ ᠲᠦᠷᠢᠮᠡᠬᠡᠢ ᠲᠤᠯᠠ ᠪᠠᠰᠠ ᠨᠡᠰᠢ ᠰᠦᠽᠳ᠋ᠠᠯᠢ᠂ ᠷᠣᠰᠲ᠋ᠣᠸ ᠪᠠ ᠨᠣᠸᠤᠭᠤᠷᠤᠳ᠋ ᠢ᠋ ᠴᠦ᠍ ᠳᠣᠪᠲᠣᠯᠬᠤ ᠪᠢᠵᠡ ᠠ᠋? ᠲᠡᠢᠮᠦ ᠪᠣᠯᠪᠠᠴᠤ ᠲᠡᠳᠡᠨᠡᠷ ᠲᠡᠨᠳᠡ ᠤᠳᠠᠭᠠᠨ ᠢ᠋ᠶ᠋ᠠᠷ ᠣᠷᠣᠰᠢᠵᠤ ᠰᠠᠭᠤᠬᠤ ᠪᠣᠯ ᠤᠤ ᠳ᠋ᠠ? ᠪᠢᠳᠡ ᠵᠡᠷᠯᠢᠭ ᠭᠠᠵᠠᠷ ᠢ᠋ ᠬᠠᠭᠠᠯᠵᠤ ᠨᠠᠮᠤᠭ ᠲᠠᠢ ᠭᠠᠵᠠᠷ ᠢ᠋ ᠬᠠᠲᠠᠭᠠᠭᠰᠠᠨ ᠪᠢᠯᠡ᠃
— ᠡᠷᠲᠡ ᠴᠠᠭ ᠤ᠋ᠨ ᠣᠢ ᠮᠣᠳᠣ ᠨᠤᠭᠤᠳ ᠪᠣᠯᠤᠨ ᠬᠡᠳᠦᠨ ᠵᠠᠭᠤᠨ ᠵᠢᠯ ᠦ᠋ᠨ ᠨᠠᠰᠤᠲᠠᠢ ᠤᠭ ᠦᠨᠳᠦᠰᠦ ᠨᠤᠭᠦᠳ ᠢ᠋ ᠮᠥᠨ ᠯᠡ ᠪᠢᠳᠡ ᠴᠠᠪᠴᠢᠵᠤ ᠴᠡᠪᠡᠷᠯᠡᠭᠰᠡᠨ ᠪᠢᠯᠡ᠃ ᠲᠠᠲ᠋ᠠᠷ ᠤ᠋ᠳ ᠲᠤ᠌ ᠡᠨᠳᠡ ᠲᠡᠳᠦᠢ ᠯᠡ ᠲᠠᠭᠠᠯᠠᠮᠵᠢᠲᠠᠢ ᠪᠢᠰᠢ ᠪᠣᠯᠤᠨ᠎ᠠ ᠳ᠋ᠠ᠃ ᠲᠡᠳᠡᠨᠡᠷ ᠬᠤᠢ ᠰᠠᠯᠬᠢ ᠮᠡᠲᠦ ᠵᠠᠮ ᠢ᠋ᠶ᠋ᠠᠷ ᠳᠠᠪᠬᠢᠵᠠᠭᠠᠵᠤ ᠡᠮᠡᠰ ᠦ᠋ᠳ ᠦ᠋ᠨ ᠴᠡᠭᠡᠵᠢᠪᠴᠢ ᠳᠡᠪᠡᠯ ᠬᠤᠪᠴᠠᠰᠤ ᠶ᠋ᠢ ᠪᠤᠯᠢᠶᠠᠨ ᠠᠪᠤᠭᠠᠳ ᠳᠠᠷᠠᠭ᠎ᠠ ᠳ᠋ᠤᠨᠢ ᠬᠡᠵᠢᠶᠡᠳᠡ ᠥᠪᠡᠷᠰᠡᠳ ᠦ᠋ᠨ ᠲᠠᠯ᠎ᠠ ᠳ᠋ᠤ᠌ ᠡᠷᠭᠢᠵᠦ ᠪᠤᠴᠠᠨ᠎ᠠ᠃ ᠲᠡᠳᠡᠨᠡᠷ ᠦ᠋ᠨ ᠮᠣᠷᠢᠳ ᠬᠥᠯ ᠬᠥᠩᠭᠡᠨ ᠲᠡᠢ ᠪᠠ ᠰᠢᠷᠠᠯᠵᠢ ᠡᠪᠡᠰᠦᠨ ᠳ᠋ᠦ᠍ ᠳᠠᠳᠤᠭᠰᠠᠨ ᠲᠤᠯᠠ ᠨᠠᠮᠤᠭᠲᠤ ᠭᠠᠵᠠᠷ ᠲᠤ᠌ ᠬᠠᠲᠠᠵᠤ ᠬᠤᠪᠠᠬᠠᠢᠷᠠᠨ ᠮᠠᠨ ᠤ᠋ ᠠᠮᠢᠳᠤᠷᠠᠯ ᠤ᠋ᠨ ᠭᠣᠣᠯ ᠪᠣᠯᠤᠭᠰᠠᠨ ᠠᠨᠵᠢᠰᠤ ᠶ᠋ᠢ ᠴᠢᠷᠴᠦ ᠴᠢᠳᠠᠬᠤ ᠦᠭᠡᠢ᠃ ᠠᠬ᠎ᠠ ᠳᠡᠭᠦᠦ ᠨᠠᠷ ᠮᠢᠨᠢ ᠠ᠋! ᠨᠥᠬᠥᠳ ᠮᠢᠨᠢ! ᠭᠠᠷ ᠢ᠋ᠶ᠋ᠠᠨ ᠪᠤᠤ ᠰᠤᠯᠠᠷᠠᠭᠤᠯᠤᠭᠲᠤᠨ! ᠰᠦᠬᠡ ᠨᠦ᠍ᠭᠦᠳ ᠢ᠋ᠶ᠋ᠡᠨ ᠴᠢᠩᠭ᠎ᠠ ᠪᠠᠷᠢᠭᠲᠤᠨ! ᠷᠶᠡᠽᠡᠨ ᠦ᠌ ᠬᠡᠷᠡᠮ ᠦ᠋ᠨ ᠳᠡᠭᠡᠷ᠎ᠡ ᠭᠠᠷᠴᠠᠭᠠᠭᠲᠤᠨ! ᠪᠢᠳᠡ ᠰᠢᠷᠭᠠᠭᠤ ᠪᠠᠷ ᠪᠠᠢᠯᠳᠤᠵᠤ ᠴᠢᠳᠠᠨ᠎ᠠ! ᠪᠢᠳᠡ ᠳᠠᠢᠰᠤᠨ ᠢ᠋ ᠨᠢᠴᠤᠭᠠᠵᠤ ᠴᠢᠳᠠᠨ᠎ᠠ᠃
ᠦᠰᠦᠭ ᠠᠮᠢᠯᠠᠭᠤᠯᠤᠭᠴᠢ᠄ ᠠᠯᠲᠠᠨᠴᠢᠮᠡᠭ·ᠮᠡᠷᠭᠡᠨᠭᠣᠣ᠎ᠠ· ᠵᠢᠩᠯᠢᠬᠤᠸᠠᠷ· ᠪᠠᠶᠠᠨᠴᠡᠴᠡᠭ
ᠬᠢᠨᠠᠭᠴᠢ᠄ ᠠᠯᠲᠠᠨᠴᠢᠮᠡᠭ᠂ ᠭᠡᠷᠡᠯ᠂ ᠠᠷᠢᠭᠤᠨ᠂ ᠪᠠᠶᠠᠨᠴᠡᠴᠡᠭ᠂ ᠠᠯᠲᠠᠨᠴᠢᠮᠡᠭ᠂ ᠠᠷᠢᠭᠤᠨ
