ᠪᠠᠲᠤ ᠬᠠᠭᠠᠨ 5-03ᠲᠠᠲ᠋ᠠᠷ ᠤ᠋ᠳ ᠠᠢᠰᠤᠢ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ
ᠭᠤᠷᠪᠠ《ᠲᠠᠲ᠋ᠠᠷ ᠤ᠋ᠳ ᠠᠢᠰᠤᠢ》
ᠷᠶᠠᠽᠠᠨ ᠬᠣᠲᠠ ᠶ᠋ᠢᠨ ᠬᠡᠷᠡᠮ ᠳᠡᠭᠡᠷ᠎ᠡ ᠲᠤᠬᠠᠢ ᠶ᠋ᠢᠨ ᠠᠮᠢᠳᠤᠷᠠᠯ ᠪᠠ ᠲᠤᠰᠬᠠᠢ ᠵᠢᠷᠤᠮ ᠲᠠᠢ ᠪᠣᠯᠵᠠᠢ᠃ ᠬᠣᠲᠠ ᠶ᠋ᠢᠨ ᠥᠨᠴᠥᠭ ᠪᠤᠯᠤᠩ ᠪᠦᠷᠢ ᠡᠴᠡ ᠰᠠᠢᠨ ᠳᠤᠷ᠎ᠠ ᠶ᠋ᠢᠨ ᠴᠡᠷᠢᠭ ᠦ᠋ᠳ ᠢ᠋ ᠲᠤᠰᠬᠠᠢᠯᠠᠨ ᠭᠠᠷᠭᠠᠵᠤ ᠬᠡᠷᠡᠮ ᠢ᠋ ᠳᠠᠢᠰᠤᠨ ᠠ᠋ᠴᠠ ᠬᠠᠮᠠᠭᠠᠯᠠᠬᠤ ᠪᠠᠢᠷᠢ ᠶ᠋ᠢ ᠡᠵᠡᠯᠡᠭᠦᠯᠦᠯᠡ᠃ ᠮᠣᠳᠣᠨ ᠤ᠋ ᠳᠠᠷᠬᠠᠴᠤᠳ᠂ ᠴᠢᠯᠠᠭᠤᠴᠢᠳ᠂ ᠲᠣᠨᠣᠭᠴᠢᠳ᠂ ᠲᠡᠮᠦᠷ ᠦ᠋ᠨ ᠳᠠᠷᠬᠠᠴᠤᠳ ᠵᠡᠷᠭᠡ ᠲᠥᠷᠥᠯ ᠪᠦᠷᠢ ᠶ᠋ᠢᠨ ᠳᠠᠷᠬᠠᠴᠤᠳ ᠲᠤᠰ ᠲᠤᠰ ᠲᠠᠭᠠᠨ ᠲᠣᠭᠲᠠᠮᠠᠯ ᠪᠠᠢᠷᠢ ᠶ᠋ᠢ ᠡᠵᠡᠯᠡᠵᠦ᠂ ᠬᠤᠳᠠᠯᠳᠤᠭᠠᠴᠢᠳ ᠥᠪᠡᠷᠰᠡᠳ ᠦ᠋ᠨ ᠵᠠᠷᠤᠴᠠ ᠠᠵᠢᠯᠴᠢᠳ ᠤ᠋ᠨ ᠬᠠᠮᠲᠤ ᠪᠠᠷ ᠣᠨᠴᠣᠭᠣᠢ ᠳ᠋ᠠᠭᠠᠨ ᠪᠠᠢᠷᠢᠯᠠᠭᠠᠳ ᠮᠥᠨ ᠡᠩ ᠦ᠋ᠨ ᠬᠥᠮᠦᠰ ᠬᠣᠯᠢᠯᠴᠠᠯᠳᠤᠨ ᠪᠥᠭᠡᠨᠡᠷᠡᠵᠦ ᠪᠠᠢᠷᠢᠯᠠᠭᠰᠠᠨ ᠭᠠᠵᠠᠷ ᠲᠸ᠋ ᠪᠠᠢᠪᠠ᠃
ᠬᠣᠲᠠ ᠶ᠋ᠢᠨ ᠬᠠᠮᠠᠭᠠᠯᠠᠯᠲᠠ ᠶ᠋ᠢ ᠸᠡᠳᠢᠮ ᠺᠣᠹᠠ ᠭᠡᠭᠴᠢ ᠸᠠᠩ ᠵᠠᠬᠢᠷᠴᠤ ᠪᠠᠢᠪᠠ᠃ ᠲᠡᠭᠦᠨ ᠦ᠌ ᠦᠨᠡᠨᠴᠢ ᠰᠢᠳᠤᠷᠭᠤ ᠪᠠ ᠠᠵᠢᠯ ᠬᠡᠷᠡᠭ ᠲᠦ᠍ ᠢᠳᠡᠪᠬᠢᠲᠡᠢ ᠴᠡᠷᠢᠭ ᠦ᠋ᠨ ᠭᠠᠪᠢᠶ᠎ᠠ ᠪᠦᠬᠦᠢ ᠪᠠᠢᠳᠠᠯ ᠢ᠋ ᠬᠠᠷᠠᠭᠠᠯᠵᠠᠨ ᠬᠣᠲᠠ ᠶ᠋ᠢᠨ ᠪᠦᠬᠦ ᠠᠷᠠᠳ ᠢᠷᠭᠡᠳ ᠦ᠋ᠨ ᠬᠤᠷᠠᠯ ᠢ᠋ᠶ᠋ᠠᠷ ᠲᠤᠰ ᠬᠣᠲᠠ ᠶ᠋ᠢ ᠬᠠᠮᠠᠭᠠᠯᠠᠬᠤ ᠬᠡᠷᠡᠭ ᠢ᠋ ᠡᠷᠭᠢᠯᠡᠭᠦᠯᠬᠦ ᠪᠡᠷ ᠰᠣᠩᠭᠣᠵᠠᠢ᠃ ᠸᠠᠩ ᠶᠸᠭᠤᠷᠢ᠂ ᠵᠡᠷᠯᠢᠭ ᠲᠠᠯ᠎ᠠ ᠶ᠋ᠢᠨ ᠪᠠᠢᠯᠳᠤᠭᠠᠨ ᠳ᠋ᠤ᠌ ᠮᠣᠷᠳᠠᠬᠤ ᠶ᠋ᠢᠨ ᠡᠮᠦᠨ᠎ᠡ ᠪᠠᠲᠤᠯᠠᠭᠰᠠᠨ ᠠᠵᠢ᠃
ᠪᠤᠭᠤᠷᠤᠯ ᠪᠣᠯᠤᠭᠰᠠᠨ ᠪᠤᠷᠵᠢᠭᠢᠷ ᠦᠰᠦᠲᠡᠢ ᠮᠥᠩᠭᠥᠯᠢᠭ ᠴᠠᠭᠠᠨ ᠰᠠᠬᠠᠯ ᠲᠠᠢ ᠢᠵᠠᠭᠤᠷᠲᠠᠨ ᠵᠠᠩᠭᠢ ᠺᠤᠹᠠ ᠸᠠᠳᠢᠮ ᠳ᠋ᠨᠢᠯᠢᠴ ᠤᠷᠲᠤ ᠳᠡᠯ ᠲᠡᠢ ᠬᠥᠭᠰᠢᠨ ᠴᠠᠭᠠᠨ ᠮᠣᠷᠢ ᠶ᠋ᠢ ᠤᠨᠤᠵᠤ ᠬᠣᠲᠠ ᠶ᠋ᠢᠨ ᠪᠤᠯᠤᠩ ᠤ᠋ᠳ ᠢ᠋ᠶ᠋ᠠᠷ ᠡᠳᠦᠷ ᠰᠥᠨᠢ ᠦᠭᠡᠢ ᠬᠡᠰᠦᠭᠦᠴᠢᠯᠡᠨ ᠶᠠᠪᠤᠵᠤ ᠬᠡᠷᠡᠮ ᠦ᠋ᠨ ᠪᠠᠢᠷᠢᠯᠠᠯ ᠢ᠋ ᠰᠢᠯᠭᠠᠨ ᠬᠢᠨᠠᠵᠤ ᠶᠠᠪᠤᠨ᠎ᠠ᠃ ᠢᠩᠭᠢᠵᠦ ᠶᠠᠪᠤᠬᠤ ᠳ᠋ᠠᠭᠠᠨ ᠴᠢᠯᠠᠭᠤᠳᠠᠬᠤ ᠴᠢᠯᠠᠭᠤ ᠶ᠋ᠢ ᠠᠯᠢ ᠬᠢᠷᠢ ᠶᠡᠬᠡᠪᠡᠷ ᠴᠤᠭᠯᠠᠭᠤᠯᠤᠨ ᠬᠤᠷᠢᠶᠠᠭᠰᠠᠨ ᠪᠠ ᠰᠡᠯᠡᠮ᠎ᠡ ᠨᠤᠭᠦᠳ ᠦ᠋ᠨ ᠢᠷ ᠦ᠋ᠨ ᠬᠤᠷᠴᠠ ᠶ᠋ᠢ᠂ ᠪᠣᠯᠣᠳ ᠬᠠᠲᠠᠭᠠᠬᠳᠠᠬᠰᠠᠨ ᠵᠡᠪᠡ ᠪᠦᠬᠦᠢ ᠪᠡᠯᠡᠳᠬᠡᠯ ᠰᠤᠮᠤ ᠨᠤᠭᠤᠳ ᠢ᠋ ᠬᠡᠳᠦ ᠬᠡᠴᠢᠨᠡᠨ ᠢ᠋ ᠦᠢᠯᠡᠳᠪᠦᠷᠢᠯᠡᠵᠦ ᠭᠠᠷᠭᠠᠭᠰᠠᠨ᠂ ᠭᠣᠣᠯ ᠠ᠋ᠴᠠ ᠤᠰᠤ ᠠᠪᠴᠢᠷᠠᠭᠰᠠᠨ ᠡᠰᠡᠬᠦ ᠵᠡᠷᠭᠡ ᠶ᠋ᠢ ᠬᠢᠨᠠᠵᠤ ᠰᠢᠯᠭᠠᠵᠤ ᠶᠠᠪᠤᠬᠤ ᠵᠠᠭᠤᠷ᠎ᠠ᠂
— ᠬᠡᠷᠡᠮ ᠦ᠋ᠨ ᠲᠤᠭᠤᠷᠭ᠎ᠠ ᠳᠠᠭᠠᠤ ᠤᠰᠤ ᠶᠡᠬᠡᠬᠡᠨ ᠢ᠋ᠶ᠋ᠠᠷ ᠠᠰᠬᠠᠭᠲᠤᠨ! ᠬᠠᠨ᠎ᠠ ᠨᠢ ᠬᠥᠯ ᠭᠢᠰᠬᠢᠵᠦ ᠪᠣᠯᠬᠤ ᠦᠭᠡᠢ ᠪᠣᠯᠲᠠᠯ᠎ᠠ ᠮᠥᠰᠥ ᠪᠡᠷ ᠪᠦᠷᠬᠦᠭᠳᠡᠭ᠂ ᠬᠠᠯᠠᠭᠤᠨ ᠤᠰᠤ ᠲᠠᠢ ᠭᠠᠩ ᠨᠤᠭᠤᠳ ᠪᠠ ᠪᠡᠯᠡᠳᠬᠡᠯ ᠤᠰᠤ ᠪᠦᠬᠦᠢ ᠲᠣᠷᠬ᠎ᠠ ᠨᠤᠭᠤᠳ ᠢ᠋ ᠭᠠᠷ ᠤ᠋ᠨ ᠳᠣᠣᠷ᠎ᠠ ᠪᠡᠯᠡᠬᠡᠨ ᠪᠠᠢᠯᠭᠠᠵᠤ ᠲᠦᠯᠡᠰᠢ ᠶ᠋ᠢ ᠬᠠᠩᠭᠠᠯᠲᠠᠲᠠᠢ ᠪᠠᠷ ᠪᠡᠯᠡᠳᠬᠡᠭᠲᠦᠨ᠃ ᠬᠥᠮᠦᠨ ᠪᠦᠷᠢ ᠥᠪᠡᠷ ᠦ᠋ᠨ ᠪᠠᠢᠷᠢ ᠶ᠋ᠢ ᠡᠵᠡᠯᠡᠵᠦ ᠬᠢᠬᠦ ᠠᠵᠢᠯ ᠢ᠋ᠶ᠋ᠠᠨ ᠰᠠᠢᠨ ᠢ᠋ᠶ᠋ᠠᠷ ᠮᠡᠳᠡᠵᠦ ᠠᠪᠤᠭᠠᠳ ᠬᠠᠷᠠᠭᠤᠯ ᠤ᠋ᠨ ᠪᠠᠢᠷᠢ ᠶ᠋ᠢ ᠪᠤᠤ ᠬᠠᠶᠠᠵᠤ ᠪᠢᠲᠡᠭᠡᠢ ᠶᠠᠪᠤᠭᠲᠤᠨ᠃ ᠵᠥᠪᠬᠡᠨ ᠡᠮᠦᠨᠡᠬᠢ ᠪᠡᠨ ᠪᠢᠲᠡᠭᠡᠢ ᠬᠠᠷ᠎ᠠ᠂ ᠶᠡᠷᠦ ᠨᠢ ᠵᠦᠭ ᠪᠦᠷᠢ ᠶ᠋ᠢ ᠰᠠᠢᠨ ᠢ᠋ᠶ᠋ᠠᠷ ᠰᠢᠷᠳᠡᠨ ᠬᠠᠷᠠᠵᠠᠭᠠᠵᠤ ᠪᠠᠢᠭᠲᠤᠨ! ᠳᠠᠢᠰᠤᠨ ᠮᠡᠬᠡ ᠲᠡᠢ ᠰᠢᠦ᠃ ᠰᠥᠨᠢ ᠶ᠋ᠢᠨ ᠬᠠᠷᠠᠩᠭᠤᠢ ᠳ᠋ᠤ᠌ ᠣᠢᠷᠠᠲᠤᠵᠤ ᠢᠷᠡᠭᠡᠳ ᠡᠳᠦᠷ ᠨᠢ ᠨᠢᠭᠤᠭᠳᠠᠵᠤ ᠣᠷᠬᠢᠨ᠎ᠠ᠃ ᠲᠠᠨᠠᠷ ᠪᠢᠲᠡᠭᠡᠢ ᠭᠡᠨᠡᠳᠡᠭᠡᠷᠡᠢ! ᠭᠡᠵᠦ ᠰᠤᠷᠭᠠᠮᠵᠢᠯᠠᠨ ᠶᠠᠪᠤᠵᠠᠢ᠃ ᠲᠡᠳᠡᠨᠡᠷ ᠶᠠᠭᠠᠬᠢᠵᠤ ᠡᠨᠳᠡ ᠭᠠᠷᠴᠤ ᠢᠷᠡᠳᠡᠭ ᠶᠤᠮ? ᠬᠡᠷᠡᠮ ᠦ᠋ᠨ ᠲᠤᠭᠤᠷᠭᠠᠨ ᠳᠡᠭᠡᠷ᠎ᠡ ᠭᠢᠰᠬᠢᠬᠦ ᠲᠡᠢ ᠵᠡᠷᠭᠡ ᠭᠤᠯᠭᠤᠵᠤ ᠳᠣᠷᠣᠭᠰᠢ ᠪᠠᠨ ᠣᠢᠴᠢᠨ᠎ᠠ ᠪᠢᠵᠡ ᠭᠡᠵᠦ ᠴᠡᠷᠢᠭ ᠦ᠋ᠳ ᠬᠣᠭᠣᠷᠣᠨᠳᠣ ᠪᠠᠨ ᠶᠠᠷᠢᠯᠴᠠᠵᠠᠭᠠᠨ᠎ᠠ᠃ ᠳᠠᠷᠤᠭ᠎ᠠ ᠺᠤᠹᠠ᠂ ᠰᠠᠸᠸᠯᠢ (ᠳ᠋ᠢᠺᠤᠷᠤᠰ) ᠲᠠᠢ ᠦᠷᠭᠦᠯᠵᠢ ᠬᠡᠷᠡᠮ ᠦ᠋ᠨ ᠳᠡᠭᠡᠷ᠎ᠡ ᠤᠴᠠᠷᠠᠳᠠᠭ ᠪᠠᠢᠪᠠ᠃ ᠰᠡᠸᠸᠯᠢ ᠳ᠋ᠢᠺᠤᠷᠤᠰ ᠵᠠᠷᠢᠮ ᠳ᠋ᠠᠭᠠᠨ ᠳ᠋ᠦᠨᠵᠡᠨ ᠮᠣᠳᠣ ᠶ᠋ᠢ ᠴᠢᠷᠴᠦ ᠨᠣᠴᠣᠯᠳᠤᠵᠤ ᠪᠠᠢᠬᠤ ᠪᠤᠶᠤ ᠵᠠᠷᠢᠮ ᠳ᠋ᠠᠭᠠᠨ ᠭᠠᠩ ᠲᠠᠢ ᠤᠰᠤ ᠶ᠋ᠢ ᠣᠯᠣᠰᠣ ᠪᠠᠷ ᠳᠡᠭᠡᠭᠰᠢ ᠲᠠᠲᠠᠵᠤ ᠪᠠᠢᠬᠤ᠂ ᠵᠠᠷᠢᠮ ᠳ᠋ᠠᠭᠠᠨ ᠲᠦᠯᠡᠭᠡ ᠠᠪᠴᠢᠷᠠᠵᠤ ᠶᠠᠪᠤᠬᠤ ᠵᠡᠷᠭᠡ ᠪᠡᠷ ᠴᠠᠭ ᠢᠮᠠᠭᠲᠠ ᠠᠵᠢᠯ ᠬᠥᠳᠡᠯᠮᠦᠷᠢ ᠲᠡᠢ ᠪᠠᠢᠳᠠᠭ ᠪᠠᠢᠪᠠ᠃ ᠨᠢᠭᠡ ᠡᠳᠦᠷ ᠵᠠᠩᠭᠢ ᠬᠡᠷᠡᠮ ᠦ᠋ᠨ ᠳᠡᠭᠡᠷ᠎ᠡ ᠬᠠᠷᠠᠩᠭᠤᠢ ᠬᠠᠷ᠎ᠠ ᠡᠭᠦᠯᠡ ᠮᠡᠲᠦ ᠠᠭᠤᠷᠲᠠᠢ ᠬᠦᠷᠴᠦ ᠢᠷᠡᠪᠡ᠃ ᠲᠡᠷᠡ ᠪᠡᠷ ᠰᠡᠸᠸᠯᠢ ᠶ᠋ᠢᠨ ᠳᠡᠷᠭᠡᠳᠡ ᠢᠷᠡᠭᠡᠳ ᠭᠠᠷ ᠢ᠋ᠶ᠋ᠠᠷ ᠢ᠋ᠶ᠋ᠠᠨ ᠨᠢᠳᠦ ᠪᠡᠨ ᠰᠠᠷᠠᠪᠴᠢᠯᠠᠵᠤ ᠷᠶᠡᠽᠡᠨ ᠦ᠌ ᠴᠠᠰᠤᠨ ᠳ᠋ᠤ᠌ ᠳᠠᠷᠤᠭᠳᠠᠭᠰᠠᠨ ᠬᠣᠯᠠ ᠶ᠋ᠢᠨ ᠶᠡᠬᠡ ᠠᠭᠤᠳᠠᠮ ᠲᠠᠯ᠎ᠠ ᠭᠠᠵᠠᠷ ᠢ᠋ ᠤᠳᠠᠲᠠᠯ᠎ᠠ ᠰᠢᠷᠲᠡᠨ ᠬᠠᠷᠠᠭᠠᠳ ᠰᠠᠨᠠᠭ᠎ᠠ ᠠᠯᠳᠠᠵᠤ ᠥᠭᠦᠯᠡᠪᠡ᠃
— ᠴᠢ ᠪᠢᠳᠡ ᠬᠣᠶᠠᠷ ᠶᠠᠭᠤᠨ ᠳ᠋ᠤ᠌ ᠴᠤ᠌ ᠡᠢᠨᠬᠦ ᠬᠡᠴᠡᠭᠦᠦ ᠪᠡᠷᠬᠡ ᠵᠢᠪᠡᠭᠦᠨ ᠴᠠᠭ ᠲᠤ᠌ ᠲᠥᠷᠥᠭᠰᠡᠨ ᠪᠢᠯᠡ ᠳ᠋ᠠ! ᠪᠢᠳᠡ ᠬᠡᠴᠡᠭᠦᠦ ᠬᠦᠨᠳᠦ ᠵᠣᠪᠠᠯᠠᠩ ᠵᠦᠳᠡᠭᠦᠷᠢ ᠶ᠋ᠢ ᠦᠵᠡᠵᠦ ᠴᠢᠰᠤᠨ ᠳᠣᠲᠣᠷ᠎ᠠ ᠪᠠᠨ ᠤᠮᠪᠠᠬᠤ ᠴᠠᠭ ᠢᠷᠡᠨ᠎ᠡ ᠳ᠋ᠠ᠃
— ᠵᠠᠩᠭᠢ ᠠ᠋᠂ ᠴᠢ ᠶᠠᠭᠤᠨ ᠳ᠋ᠤ᠌ ᠢᠩᠭᠢᠵᠦ ᠭᠠᠰᠠᠯᠵᠤ ᠰᠢᠨᠠᠯᠵᠤ ᠪᠠᠢᠭ᠎ᠠ ᠶᠤᠮ ᠪᠣᠢ? ᠬᠡᠷᠪᠡ ᠴᠢ ᠮᠠᠨ ᠤ᠋ ᠳᠠᠷᠤᠭ᠎ᠠ ᠠᠲᠠᠯ᠎ᠠ ᠡᠢᠨᠬᠦ ᠭᠠᠰᠠᠯᠤᠨ ᠰᠠᠨᠠᠭ᠎ᠠ ᠠᠯᠳᠠᠬᠤ ᠶᠤᠮ ᠪᠣᠯ ᠪᠢᠳᠡ ᠮᠡᠲᠦ ᠶ᠋ᠢᠨ ᠳᠣᠣᠷᠠᠲᠤ ᠴᠡᠷᠢᠭ ᠦ᠋ᠳ ᠶᠠᠭᠠᠬᠢᠬᠤ ᠶᠤᠮ ᠪᠣᠢ? ᠷᠶᠠᠽᠠᠨ ᠳ᠋ᠤ᠌ ᠨᠠᠷᠠ ᠮᠠᠨᠳᠤᠵᠤ ᠭᠡᠢᠭᠦᠯᠦᠭᠰᠡᠭᠡᠷ ᠪᠠᠢᠨ᠎ᠠ᠃ ᠪᠢᠳᠡ ᠡᠷᠬᠡ ᠴᠢᠯᠥᠭᠡᠲᠦ ᠬᠦᠢᠲᠡᠨ ᠠᠭᠤᠷ ᠰᠠᠯᠬᠢ ᠪᠠᠷ ᠠᠮᠢᠰᠬᠤᠯᠯᠠᠵᠤ ᠪᠠᠢᠨ᠎ᠠ ᠰᠢᠦ᠂ ᠪᠢᠳᠡᠨ ᠦ᠌ ᠭᠠᠷ ᠤ᠋ᠳ ᠰᠤᠯᠠᠷᠠᠵᠤ ᠳᠣᠷᠣᠭᠰᠢ ᠤᠨᠵᠢᠭᠠ ᠦᠭᠡᠢ ᠪᠠᠢᠨ᠎ᠠ᠃ ᠪᠢᠳᠡᠨᠡᠷ ᠡᠬᠡ ᠨᠤᠲᠤᠭ ᠤ᠋ᠨ ᠲᠥᠯᠥᠭᠡ ᠪᠠᠢᠯᠳᠤᠵᠤ ᠪᠠᠰᠠᠴᠤ ᠴᠢᠳᠠᠬᠤᠢᠴᠠ ᠪᠠᠢᠨ᠎ᠠ ᠰᠢᠦ! ᠭᠡᠬᠦ ᠳ᠋ᠦ᠍᠂
— ᠷᠶᠠᠽᠠᠨ ᠤ᠋ ᠪᠦᠬᠦ ᠴᠡᠷᠢᠭ ᠦ᠋ᠳ ᠶᠠᠭᠠᠬᠢᠭᠰᠠᠨ ᠪᠣᠢ? ᠮᠢᠨᠦ ᠭᠤᠷᠪᠠᠨ ᠬᠦᠦ ᠪᠠ ᠬᠦᠷᠭᠡᠨ ᠮᠢᠨᠢ ᠶᠠᠭᠠᠬᠢᠭᠰᠠᠨ ᠪᠢᠯᠡ? ᠮᠠᠨ ᠤ᠋ ᠡᠵᠡᠨ ᠨᠣᠶᠠᠨ ᠪᠠᠭᠠᠲᠤᠷ ᠵᠣᠷᠢᠭᠲᠤ ᠸᠠᠩ ᠶᠥᠷᠢ ᠢᠩᠬ᠌ᠸᠨᠷᠸᠸᠢᠴ ᠬᠠᠮᠢᠭ᠎ᠠ ᠪᠠᠢᠨ᠎ᠠ? ᠷᠶᠠᠽᠠᠨ ᠤ᠋ ᠴᠢᠮᠡᠭ ᠪᠣᠯᠤᠭᠰᠠᠨ ᠪᠠᠭᠠᠲᠤᠷ ᠤ᠋ᠳ᠂ ᠰᠠᠢᠨ ᠡᠷᠡᠴᠦᠳ ᠳᠠᠢᠴᠢᠳ ᠡᠳᠡ ᠪᠦᠭᠦᠳᠡ ᠶᠠᠭᠠᠬᠢᠭᠰᠠᠨ ᠪᠣᠢ? ᠰᠡᠸᠸᠯᠢ ᠤᠷᠲᠤ ᠰᠡᠭᠦᠷᠡᠰᠦ ᠠᠯᠳᠠᠵᠤ᠂
— ᠡᠰᠡᠪᠡᠯ ᠲᠠᠲ᠋ᠠᠷ ᠤ᠋ᠳ ᠮᠠᠨ ᠤ᠋ ᠡᠨᠳᠡ ᠶᠡᠷᠦ ᠨᠢ ᠢᠷᠡᠬᠦ ᠴᠦ᠍ ᠦᠭᠡᠢ ᠪᠢᠵᠡ ᠭᠡᠬᠦ ᠳ᠋ᠦ᠍᠂
— ᠦᠭᠡᠢ ᠲᠡᠢᠮᠦ ᠪᠢᠰᠢ᠂ ᠲᠠᠲ᠋ᠠᠷ ᠤ᠋ᠨ ᠬᠦᠴᠦᠨ ᠨᠠᠰᠢ ᠪᠠᠨ ᠢᠷᠡᠵᠦ ᠶᠠᠪᠤᠨ᠎ᠠ᠃ ᠲᠡᠳᠡᠨᠡᠷ ᠣᠷᠣᠰ ᠤ᠋ᠨ ᠭᠠᠵᠠᠷ ᠨᠤᠲᠤᠭ ᠤ᠋ᠳ ᠲᠤ᠌ ᠭᠡᠨᠡᠳᠲᠡ ᠴᠥᠮᠥᠷᠡᠨ ᠣᠷᠣᠵᠤ ᠢᠷᠡᠭᠡᠳ ᠮᠠᠨ ᠤ᠋ ᠴᠢᠰᠤ ᠶ᠋ᠢ ᠤᠤᠭᠤᠵᠤ ᠬᠠᠨᠤᠭ᠎ᠠ ᠦᠭᠡᠢ ᠴᠠᠭ ᠲᠤ ᠡᠨᠳᠡ ᠡᠴᠡ ᠵᠠᠢᠯᠠᠵᠤ ᠶᠠᠪᠤᠬᠤ ᠦᠭᠡᠢ᠃
— ᠲᠡᠭᠡᠪᠡᠯ ᠬᠠᠬᠠᠵᠤ ᠦᠬᠦᠵᠦ ᠮᠠᠭᠠᠳ ᠶᠤᠮ ᠪᠢᠰᠢᠦ!
ᠰᠡᠸᠸᠯᠢ ᠬᠡᠷᠡᠮ ᠦ᠋ᠨ ᠳᠡᠭᠡᠷ᠎ᠡ ᠰᠥᠨᠢ ᠶ᠋ᠢᠨ ᠲᠤᠷᠰᠢ ᠮᠠᠨᠠᠨ ᠵᠣᠭᠰᠣᠵᠤ ᠦᠷ ᠴᠠᠢᠬᠤ ᠶ᠋ᠢᠨ ᠦᠶ᠎ᠡ ᠳ᠋ᠦ᠍ ᠨᠣᠢᠷ ᠢ᠋ᠶ᠋ᠠᠨ ᠬᠥᠭᠡᠭᠡᠵᠦ ᠪᠡᠶ᠎ᠡ ᠪᠡᠨ ᠠᠯᠪᠠᠲᠠᠨ ᠰᠡᠷᠭᠦᠭᠡᠵᠦ ᠬᠣᠯᠠ ᠶ᠋ᠢᠨ ᠴᠠᠰᠤᠲᠠᠢ ᠲᠠᠯ᠎ᠠ ᠭᠠᠵᠠᠷ ᠢ᠋ ᠪᠠᠰᠠ ᠯᠠ ᠰᠢᠷᠳᠡᠨ ᠬᠠᠷᠠᠭᠰᠠᠭᠠᠷ ᠪᠠᠢᠯ᠎ᠠ᠃ ᠲᠩᠷᠢ ᠶ᠋ᠢᠨ ᠬᠠᠶᠠᠭ᠎ᠠ ᠶ᠋ᠢ ᠪᠦᠷᠬᠦᠭᠰᠡᠨ ᠠᠯᠲᠠᠨ ᠬᠣᠩᠭᠣᠷ ᠰᠢᠷ᠎ᠠ ᠡᠭᠦᠯᠡ ᠶ᠋ᠢᠨ ᠴᠠᠭᠠᠨ᠎ᠠ ᠠ᠋ᠴᠠ ᠨᠠᠷᠠᠨ ᠮᠠᠨᠳᠤᠵᠤ ᠭᠠᠷᠤᠯ᠎ᠠ᠃ ᠥᠨᠳᠥᠷ ᠬᠡᠷᠡᠮ ᠳᠡᠭᠡᠷ᠎ᠡ ᠡᠴᠡ ᠬᠡᠳᠦᠨ ᠠᠷᠪᠠᠭᠠᠳ ᠮᠣᠳᠣ ᠬᠣᠯᠠ ᠦᠵᠡᠭᠳᠡᠬᠦ ᠪᠣᠯᠪᠠᠴᠤ ᠦᠷᠭᠦᠯᠵᠢᠯᠡᠭᠰᠡᠨ ᠲᠠᠯ᠎ᠠ ᠭᠠᠵᠠᠷ ᠬᠣᠭᠣᠰᠣᠨ ᠪᠤᠶᠤ ᠡᠨᠳᠡ ᠲᠡᠨᠳᠡ ᠭᠠᠭᠴᠠ ᠨᠢᠭᠡ ᠥᠨᠥᠴᠢᠨ ᠮᠣᠳᠣ ᠨᠤᠭᠤᠳ ᠪᠠᠷᠠᠭᠠᠨᠳᠠᠵᠤ ᠦᠵᠡᠭᠳᠡᠬᠦ ᠠᠵᠢ᠃
ᠭᠡᠨᠡᠳᠲᠡ ᠨᠢᠭᠡᠨ ᠶᠠᠭᠤᠮ᠎ᠠ ᠰᠡᠸᠸᠯᠢ ᠶ᠋ᠢᠨ ᠠᠩᠬᠠᠷᠤᠯ ᠢ᠋ ᠲᠠᠲᠠᠯ᠎ᠠ᠃
ᠲᠡᠷᠡ ᠨᠢᠳᠦ ᠪᠡᠨ ᠠᠷᠴᠢᠵᠤ ᠮᠠᠨᠠᠨᠲᠤᠭᠰᠠᠨ ᠲᠠᠯ᠎ᠠ ᠶ᠋ᠢ ᠰᠢᠷᠲᠡᠵᠦ ᠬᠠᠷᠠᠯ᠎ᠠ᠃ ᠴᠠᠰᠤᠲᠤ ᠲᠠᠯ᠎ᠠ ᠳ᠋ᠤ᠌ ᠪᠠᠷᠠᠭᠠᠨ ᠲᠣᠯᠪᠣ ᠳᠠᠷᠬᠠᠨ ᠦᠵᠡᠭᠳᠡᠯ᠎ᠡ᠃ ᠲᠡᠳᠡ ᠨᠠᠷ ᠬᠤᠷᠳᠤᠨ ᠬᠥᠳᠡᠯᠦᠭᠰᠡᠭᠡᠷ ᠤᠯᠠᠮ ᠣᠯᠠᠰᠢᠷᠠᠨ ᠣᠢᠷᠠᠲᠤᠵᠤ ᠶᠠᠪᠤᠬᠤ ᠨᠢ ᠴᠠᠭᠠᠨ ᠳᠠᠪᠤᠤ ᠳᠡᠭᠡᠷ᠎ᠡ ᠶᠠᠪᠤᠭ᠎ᠠ ᠰᠢᠷᠭᠤᠯᠵᠢ ᠨᠤᠭᠤᠳ ᠲᠠᠢ ᠠᠳᠠᠯᠢ ᠪᠠᠢᠯ᠎ᠠ᠃ ᠬᠠᠷᠠᠭᠰᠠᠭᠠᠷ ᠪᠠᠢᠲᠠᠯ᠎ᠠ ᠲᠡᠳᠡ ᠨᠠᠷ ᠬᠡᠰᠡᠭ ᠬᠡᠰᠡᠭ ᠢ᠋ᠶ᠋ᠡᠷ ᠲᠠᠰᠤᠷᠠᠨ ᠵᠦᠭ ᠪᠦᠷᠢ ᠳᠠᠷᠬᠠᠨ ᠶᠠᠪᠤᠵᠠᠭᠠᠪᠠ᠃ ᠲᠡᠳᠦᠢ ᠯᠡ ᠤᠳᠠᠯ ᠦᠭᠡᠢ ᠦᠵᠡᠭᠳᠡᠬᠦ ᠳᠠᠪᠬᠢᠵᠤ ᠶᠠᠪᠤᠭ᠎ᠠ ᠮᠣᠷᠢᠲᠠᠢ ᠬᠥᠮᠦᠰ ᠲᠣᠳᠣᠷᠬᠠᠢ ᠲᠠᠨᠢᠭᠳᠠᠬᠤ ᠪᠣᠯᠤᠯ᠎ᠠ᠃
— ᠲᠠᠲ᠋ᠠᠷ ᠤ᠋ᠳ! ᠥᠭᠡᠷ᠎ᠡ ᠬᠡᠨ ᠪᠠᠢᠬᠤ ᠪᠢᠯᠡ? ᠭᠡᠵᠦ ᠰᠡᠸᠸᠯᠢ ᠣᠢᠯᠠᠭᠠᠵᠤ ᠠᠪᠤᠮᠠᠭᠴᠠ ᠡᠵᠡᠭᠦᠢ ᠭᠤᠳᠤᠮᠵᠢ ᠶ᠋ᠢ ᠤᠷᠤᠭᠤᠳᠠᠵᠤ ᠳᠠᠷᠤᠭ᠎ᠠ ᠶ᠋ᠢᠨ ᠪᠠᠢᠷᠢ ᠲᠡᠰᠢ ᠬᠠᠷ᠎ᠠ ᠬᠤᠷᠳᠤ ᠪᠠᠷ ᠢ᠋ᠶ᠋ᠠᠨ ᠭᠦᠶᠦᠨ ᠶᠠᠪᠤᠲᠠᠯ᠎ᠠ ᠳᠠᠷᠤᠭ᠎ᠠ ᠴᠠᠭᠠᠨ ᠮᠣᠷᠢ ᠪᠠᠨ ᠲᠠᠰᠢᠭᠤᠷᠳᠠᠨ ᠡᠮᠦᠨ᠎ᠡ ᠡᠴᠡ ᠨᠢ ᠢᠷᠡᠵᠦ ᠶᠠᠪᠤᠯ᠎ᠠ᠃
— ᠥᠨᠥᠬᠢ ᠨᠤᠭᠦᠳ! ᠲᠠᠲ᠋ᠠᠷ ᠤ᠋ᠳ! ᠤᠴᠢᠷ ᠦᠭᠡᠢ ᠣᠯᠠᠨ ᠢ᠋ᠶ᠋ᠠᠷ ᠢ᠋ᠶ᠋ᠠᠨ ᠢᠷᠡᠵᠦ ᠶᠠᠪᠤᠨ᠎ᠠ ᠭᠡᠵᠦ ᠰᠡᠸᠸᠯᠢ ᠠᠮᠢᠰᠬᠤᠭ᠎ᠠ ᠳᠠᠪᠬᠤᠴᠠᠨ ᠬᠠᠰᠬᠢᠷᠪᠠ᠃
— ᠰᠦᠮ᠎ᠡ ᠳ᠋ᠦ᠍ ᠭᠦᠶᠦᠨ ᠣᠴᠢᠲᠤᠭᠠᠢ᠂ ᠬᠣᠩᠬᠠᠴᠢ ᠶ᠋ᠢ ᠪᠣᠰᠬᠠᠵᠤ ᠠᠶᠤᠯ ᠤ᠋ᠨ ᠳᠣᠬᠢᠶ᠎ᠠ ᠶ᠋ᠢ ᠴᠣᠬᠢᠭᠤᠯ! ᠭᠡᠵᠦ ᠳᠠᠷᠤᠭ᠎ᠠ ᠲᠤᠰᠢᠶᠠᠪᠠ᠃ ᠰᠡᠸᠸᠯᠢ ᠭᠦᠶᠦᠭᠰᠡᠭᠡᠷ ᠶᠡᠬᠡ ᠴᠢᠯᠥᠭᠡᠨ ᠦ᠌ ᠰᠦᠮ᠎ᠡ ᠳ᠋ᠦ᠍ ᠬᠦᠷᠴᠦ ᠢᠷᠡᠪᠡᠯ ᠬᠠᠭᠠᠯᠭ᠎ᠠ ᠨᠢ ᠨᠡᠭᠡᠭᠡᠯᠲᠡᠲᠡᠢ ᠰᠦᠮ᠎ᠡ ᠶ᠋ᠢᠨ ᠳᠣᠲᠣᠷᠠᠬᠢ ᠠᠯᠲᠠ ᠪᠠ ᠮᠥᠩᠭᠥᠨ ᠭᠣᠣ ᠲᠠᠢ ᠪᠤᠷᠬᠠᠨ ᠨᠤᠭᠤᠳ ᠤ᠋ᠨ ᠡᠮᠦᠨ᠎ᠡ ᠵᠤᠯᠠ ᠲᠠᠢᠪᠤᠩ ᠢ᠋ᠶ᠋ᠠᠷ ᠪᠠᠳᠠᠷᠠᠵᠤ ᠪᠠᠢᠨ᠎ᠠ᠃ ᠤᠷᠲᠤ ᠬᠠᠷ᠎ᠠ ᠳᠡᠪᠡᠯ ᠲᠡᠢ ᠰᠦᠯᠵᠢᠮᠡᠯ ᠵᠢᠵᠢᠭᠬᠡᠨ ᠭᠡᠵᠢᠭᠡᠲᠡᠢ ᠬᠥᠭᠰᠢᠨ ᠳᠤᠭᠠᠩᠴᠢ ᠴᠢᠯᠠᠭᠤᠨ ᠱᠠᠯᠠ ᠶ᠋ᠢ ᠱᠦᠭᠦᠷᠳᠡᠵᠦ ᠪᠠᠢᠪᠠ᠃
—ᠬᠣᠩᠬᠠᠴᠢ ᠬᠠᠮᠢᠭ᠎ᠠ ᠪᠠᠢᠨ᠎ᠠ? ᠶᠡᠬᠡ ᠬᠤᠩᠬ᠎ᠠ ᠶ᠋ᠢ ᠴᠣᠬᠢᠭᠲᠤᠨ!
— ᠬᠣᠶᠠᠷ ᠬᠣᠩᠬᠠᠴᠢ ᠬᠣᠶᠠᠭᠤᠯᠠ ᠪᠠᠨ ᠬᠡᠷᠡᠮ ᠦ᠋ᠨ ᠳᠡᠭᠡᠷᠡᠬᠢ ᠮᠠᠨᠠᠭᠠᠨ ᠳ᠋ᠤ᠌ ᠵᠣᠭᠰᠣᠬᠤ ᠪᠠᠷ ᠶᠠᠪᠤᠭᠰᠠᠨ᠃ ᠶᠡᠬᠡ ᠯᠠᠮᠠ ᠥᠪᠡᠷ ᠦ᠋ᠨ ᠠᠷᠢᠭᠤᠨ ᠠᠳᠢᠰᠯᠠᠯ ᠦᠭᠡᠢ ᠪᠡᠷ ᠬᠤᠩᠬ᠎ᠠ ᠴᠣᠬᠢᠬᠤ ᠶ᠋ᠢ ᠵᠥᠪᠰᠢᠶᠡᠷᠡᠳᠡᠭ ᠦᠭᠡᠢ ᠪᠢᠯᠡ ᠭᠡᠬᠦ ᠳ᠋ᠦ᠍ ᠰᠠᠸᠧᠯᠢ᠂
— ᠲᠠᠲ᠋ᠠᠷ ᠤ᠋ᠳ ᠢᠷᠡᠵᠦ ᠶᠠᠪᠤᠨ᠎ᠠ᠂ ᠴᠢ ᠮᠡᠳᠡᠵᠦ ᠪᠠᠢᠨ᠎ᠠ ᠤᠤ? ᠶᠠᠭᠤᠨ ᠤ᠋ ᠪᠠᠨ ᠯᠠᠮᠠ ᠪᠠᠭᠰᠢ ᠭᠡᠵᠦ ᠴᠠᠯᠴᠢᠵᠤ ᠪᠠᠢᠭ᠎ᠠ ᠶᠤᠮ ᠪᠣᠢ? ᠴᠢ ᠬᠣᠩᠬᠠᠴᠢ ᠪᠠᠨ ᠠᠪᠴᠤ ᠢᠷᠡᠭᠲᠦᠨ! ᠭᠡᠳ ᠳᠤᠭᠠᠩᠴᠢ ᠶ᠋ᠢ ᠭᠠᠷᠳᠠᠵᠤ ᠠᠪᠤᠭᠠᠳ ᠴᠢᠷᠬᠦ ᠳ᠋ᠦ᠍᠄
— ᠴᠢ ᠶᠠᠭᠠᠬᠢᠵᠤ ᠪᠠᠢᠭ᠎ᠠ ᠪᠤᠵᠠᠷ ᠠᠮᠢᠲᠠᠨ ᠪᠣᠢ? ᠶᠠᠭᠤᠨ ᠳ᠋ᠤ᠌ ᠨᠣᠴᠣᠯᠳᠤᠵᠤ ᠪᠠᠢᠭ᠎ᠠ ᠶᠤᠮ ᠪᠣᠢ? ᠶᠠᠭᠤᠨ ᠳ᠋ᠤ᠌ ᠠᠷᠢᠭᠤᠨ ᠰᠠᠨᠸᠠᠷᠲᠠᠨ ᠢ᠋ ᠲᠦᠯᠬᠢᠪᠡ?
— ᠬᠣᠩᠬᠠᠴᠢ ᠬᠠᠮᠢᠭ᠎ᠠ ᠪᠠᠢᠨ᠎ᠠ? ᠲᠡᠭᠦᠨ ᠢ᠋ ᠣᠯᠵᠤ ᠢᠷ᠎ᠡ! ᠪᠢ ᠥᠪᠡᠷ ᠢ᠋ᠶ᠋ᠡᠨ ᠴᠣᠬᠢᠨ᠎ᠠ ᠰᠢᠦ᠃ ᠥᠨᠥ ᠳᠤᠭᠠᠩᠴᠢ ᠰᠡᠸᠧᠯᠢ ᠶ᠋ᠢᠨ ᠴᠠᠬᠢᠷᠠᠭ ᠭᠠᠷ ᠠ᠋ᠴᠠ ᠮᠤᠯᠲᠤᠷᠠᠬᠤ ᠶ᠋ᠢ ᠤᠷᠤᠯᠳᠤᠵᠤ᠂
— ᠮᠠᠨ ᠤ᠋ ᠬᠠᠭᠤᠴᠢᠨ ᠬᠣᠩᠬᠠᠴᠢ ᠲᠡᠷᠡ ᠶᠠᠪᠤᠨ᠎ᠠ᠂ ᠣᠳᠣ ᠠᠯᠪᠠ ᠦᠭᠡᠢ ᠪᠠᠢᠭ᠎ᠠ ᠶᠤᠮ᠂ ᠰᠣᠬᠣᠷ ᠶᠤᠮ᠃
ᠶᠡᠬᠡᠪᠡᠷ ᠣᠩᠭᠣᠢᠯᠭᠠᠭᠰᠠᠨ ᠬᠣᠶᠠᠷ ᠨᠢᠳᠦᠨ ᠳ᠋ᠡᠭᠡᠨ ᠡᠭᠦᠯᠡ ᠲᠡᠢ ᠨᠢᠭᠡᠨ ᠡᠪᠦᠭᠡᠨ ᠵᠤᠯᠠ ᠶ᠋ᠢᠨ ᠬᠠᠢᠷᠴᠠᠭ ᠤ᠋ᠨ ᠳᠡᠷᠭᠡᠳᠡ ᠰᠠᠭᠤᠵᠤ ᠡᠨᠡ ᠶᠠᠷᠢᠶ᠎ᠠ ᠶ᠋ᠢ ᠰᠣᠨᠣᠰᠤᠭᠰᠠᠨ ᠲᠤᠯᠠ ᠪᠣᠰᠴᠤ ᠭᠠᠷ ᠢ᠋ᠶ᠋ᠠᠨ ᠤᠷᠤᠭᠰᠢ ᠪᠠᠨ ᠰᠠᠷᠪᠠᠢᠵᠤ ᠰᠠᠸᠸᠯᠢ ᠶ᠋ᠢᠨ ᠵᠦᠭ ᠲᠡᠮᠲᠡᠷᠢᠨ ᠶᠠᠪᠤᠯ᠎ᠠ᠃ ᠬᠤᠩᠬ᠎ᠠ ᠴᠣᠬᠢᠵᠤ ᠴᠢᠳᠠᠬᠤ ᠤᠤ? ᠭᠡᠵᠦ ᠰᠡᠸᠸᠯᠢ ᠠᠰᠠᠭᠤᠬᠤ ᠳ᠋ᠤ᠌ ᠲᠡᠷᠡ ᠡᠪᠦᠭᠡᠨ᠂
— ᠶᠠᠭᠤᠨ ᠳ᠋ᠤ᠌ ᠴᠢᠳᠠᠬᠤ ᠦᠭᠡᠢ ᠪᠢᠯᠡ᠃ ᠪᠢ ᠳᠥᠴᠢᠨ ᠵᠢᠯ ᠬᠤᠩᠬ᠎ᠠ ᠴᠣᠬᠢᠭᠰᠠᠨ ᠶᠤᠮ᠃ ᠣᠯᠣᠰᠣ ᠪᠦᠷᠢ ᠶ᠋ᠢ ᠨᠢ (ᠲᠡᠮᠲᠡᠷᠢᠪᠡᠯ) ᠶᠠᠮᠠᠷ ᠣᠯᠣᠰᠣ ᠨᠢ ᠶᠡᠬᠡ ᠪᠠᠭ᠎ᠠ ᠬᠤᠩᠬ᠎ᠠ (ᠶ᠋ᠢᠨ) ᠠᠯᠢ ᠨᠢ (ᠠᠯᠢᠨ ᠤ᠋ ᠬᠢᠨᠢ) ᠪᠣᠯᠬᠤ ᠶ᠋ᠢ ᠴᠥᠮ ᠢ᠋ ᠮᠡᠳᠡᠨ᠎ᠡ ᠭᠡᠪᠡ᠃ ᠭᠤᠷᠪᠠᠭᠤᠯᠠ ᠪᠠᠨ ᠬᠣᠩᠬᠠᠨ ᠤ᠋ ᠳᠣᠣᠷᠠᠬᠢ ᠴᠣᠬᠢᠯᠭ᠎ᠠ ᠶ᠋ᠢᠨ ᠥᠷᠥᠭᠡᠨ ᠳ᠋ᠦ᠍ ᠶᠠᠭᠠᠷᠠᠨ ᠢᠷᠡᠵᠡᠭᠡᠬᠦ ᠳ᠋ᠦ᠍ ᠲᠠᠭᠠᠵᠠᠨ ᠦ ᠨᠦᠬᠡ ᠨᠤᠭᠦᠳ ᠢ᠋ᠶ᠋ᠡᠷ ᠲᠥᠷᠥᠯ ᠪᠦᠷᠢ ᠶ᠋ᠢᠨ ᠪᠦᠳᠦᠭᠦᠨ ᠨᠠᠷᠢᠨ ᠣᠯᠣᠰᠣ ᠨᠤᠭᠤᠳ ᠤᠨᠵᠢᠢᠵᠤ ᠪᠠᠢᠪᠠ᠃ ᠰᠣᠬᠣᠷ ᠬᠣᠩᠬᠠᠴᠢ ᠲᠡᠳᠡᠭᠡᠷ ᠢ᠋ ᠪᠠᠷᠢᠯᠠᠵᠤ ᠦᠵᠡᠭᠡᠳ ᠬᠠᠮᠤᠭ ᠤ᠋ᠨ ᠪᠦᠳᠦᠭᠦᠨ ᠮᠤᠰᠬᠢᠮᠠᠯ ᠣᠯᠣᠰᠣ ᠶ᠋ᠢ ᠪᠠᠷᠢᠵᠤ᠂
— ᠶᠡᠬᠡ ᠠᠶᠤᠯ ᠤ᠋ᠨ ᠳᠣᠬᠢᠶ᠎ᠠ ᠶ᠋ᠢ ᠴᠣᠬᠢᠬᠤ ᠤᠤ? ᠶᠡᠬᠡ ᠯᠠᠮᠠᠲᠠᠨ ᠠᠭᠠᠰᠢᠯᠠᠬᠤ ᠦᠭᠡᠢ ᠪᠢᠵᠡ ᠭᠡᠵᠦ ᠠᠰᠠᠭᠤᠬᠤ ᠳ᠋ᠤ᠌᠂
— ᠬᠣᠩᠬᠠᠴᠢ ᠨᠠᠷ ᠠ᠋᠂ ᠬᠣᠩᠬᠠᠨ ᠤ᠋ ᠪᠠᠨ ᠳᠡᠷᠭᠡᠳᠡ ᠪᠠᠢᠯᠭᠠᠭᠠ ᠦᠭᠡᠢ ᠶᠠᠯ᠎ᠠ ᠶ᠋ᠢ ᠴᠢᠨᠦ ᠲᠡᠷᠡ ᠯᠠᠮᠠ ᠳ᠋ᠤ᠌ ᠴᠢᠨᠢ ᠵᠠᠩᠭᠢ ᠠ᠋ᠴᠠ ᠣᠨᠣᠬᠳᠠᠭᠣᠯᠣᠨᠠ ᠳ᠋ᠠ᠃ ᠪᠦᠬᠦ ᠬᠦᠴᠦ ᠪᠡᠷ ᠡᠪᠦᠭᠡᠨ ᠰᠢᠮᠳᠠᠨ ᠴᠣᠬᠢᠭᠲᠤᠨ᠃ ᠶᠡᠬᠡ ᠲᠦᠭᠰᠢᠭᠦᠷᠢ ᠶ᠋ᠢᠨ ᠳᠣᠬᠢᠶ᠎ᠠ ᠶ᠋ᠢ ᠴᠣᠬᠢᠬᠤ ᠳ᠋ᠠᠭᠠᠨ᠂ ᠠᠶᠤᠯ ᠤ᠋ᠨ ᠳᠣᠬᠢᠶ᠎ᠠ ᠶ᠋ᠢ ᠴᠣᠬᠢᠬᠤ ᠳ᠋ᠠᠭᠠᠨ ᠭᠠᠯ ᠤ᠋ᠨ ᠠᠶᠤᠯ ᠪᠣᠯᠬᠤ ᠳ᠋ᠤ᠌ ᠴᠣᠬᠢᠳᠠᠭ ᠲᠠᠢ ᠪᠠᠨ ᠠᠳᠠᠯᠢ ᠤᠤ?
— ᠬᠠᠮᠤᠭ ᠤ᠋ᠨ ᠶᠡᠬᠡ ᠭᠠᠯ ᠤ᠋ᠨ ᠠᠶᠤᠯ ᠤ᠋ᠨ ᠳᠣᠬᠢᠶ᠎ᠠ ᠶ᠋ᠢ ᠴᠣᠬᠢᠭᠲᠤᠨ! ᠭᠡᠵᠦ ᠰᠡᠸᠸᠯᠢ ᠥᠭᠦᠯᠡᠵᠡᠢ᠃ ᠰᠣᠬᠣᠷ ᠬᠣᠩᠬᠠᠴᠢ ᠪᠦᠬᠦᠢᠯᠡ ᠬᠦᠴᠦ ᠪᠡᠨ ᠭᠠᠷᠭᠠᠵᠤ ᠬᠣᠶᠠᠷ ᠭᠠᠷ ᠤ᠋ᠨ ᠳᠠᠳᠮᠠᠭᠠᠢ ᠬᠥᠳᠡᠯᠭᠡᠭᠡᠨ ᠢ᠋ᠶ᠋ᠡᠷ ᠣᠯᠣᠰᠣ ᠶ᠋ᠢ ᠵᠢᠭᠳᠡ ᠲᠠᠲᠠᠵᠤ ᠡᠬᠢᠯᠡᠬᠦ ᠳ᠋ᠦ᠍ ᠳᠡᠭᠡᠷᠡᠬᠢ ᠬᠣᠩᠬᠠᠨ ᠦ᠌ ᠥᠷᠥᠭᠡᠨ ᠡᠴᠡ ᠲᠣᠮᠣ ᠬᠣᠩᠬᠠᠨ ᠦ᠌ ᠶᠡᠷᠦᠳᠡ ᠶ᠋ᠢᠨ ᠪᠤᠰᠤ ᠳᠠᠭᠤ ᠲᠦᠷᠭᠡᠨ ᠲᠦᠷᠭᠡᠨ ᠢ᠋ᠶ᠋ᠡᠷ ᠠᠰᠬᠠᠷᠠᠬᠤ ᠰᠢᠭ᠋ ᠣᠯᠠᠨᠲᠠ ᠰᠠᠷᠬᠢᠷᠠᠬᠣ ᠡᠮᠵᠡᠭᠯᠡᠯ ᠢ᠋ ᠲᠦᠷᠦᠭᠦᠯᠡᠨ ᠳᠤᠭᠤᠯᠳᠠᠵᠤ᠂ ᠣᠢᠷᠠᠲᠤᠨ ᠢᠷᠡᠭᠰᠡᠨ ᠭᠠᠰᠠᠯᠠᠩ ᠵᠣᠪᠠᠯᠠᠩ ᠤ᠋ᠨ ᠲᠦᠭᠰᠢᠭᠦᠷᠢᠲᠦ ᠪᠠᠢᠳᠠᠯ ᠢ᠋ ᠲᠤᠩᠬᠠᠭᠯᠠᠨ ᠵᠠᠷᠯᠠᠯ᠎ᠠ᠃ ᠤᠨᠲᠠᠵᠤ ᠪᠠᠢᠭᠰᠠᠨ ᠬᠣᠲᠠ ᠰᠡᠷᠢᠵᠦ ᠦᠢᠮᠡᠯᠳᠦᠪᠡ᠃ ᠬᠦᠯᠢᠶᠡᠵᠦ ᠪᠠᠢᠭᠰᠠᠨ ᠪᠣᠯᠪᠠᠴᠤ ᠬᠠᠮᠤᠭ ᠤ᠋ᠨ ᠰᠡᠭᠦᠯ ᠦ᠋ᠨ ᠦᠶ᠎ᠡ ᠳ᠋ᠦ᠍ ᠬᠦᠷᠲᠡᠯ᠎ᠡ ᠢᠲᠡᠭᠡᠬᠦ ᠦᠭᠡᠢ ᠪᠠᠢᠭᠰᠠᠨ ᠭᠠᠰᠠᠯᠠᠩ ᠵᠣᠪᠠᠯᠠᠩ ᠣᠳᠣ ᠨᠢᠳᠦᠨ ᠡᠮᠦᠨ᠎ᠡ ᠢᠯᠡ ᠲᠣᠬᠢᠶᠠᠯᠳᠤᠯ᠎ᠠ᠃ ᠬᠣᠩᠬᠠᠨ ᠤ᠋ ᠳᠠᠭᠤ ᠨᠢ ᠪᠦᠭᠦᠳᠡ ᠶ᠋ᠢ ᠬᠡᠷᠡᠮ ᠳᠡᠭᠡᠷ᠎ᠡ ᠣᠴᠢᠵᠤ ᠬᠣᠲᠠ ᠪᠠᠨ ᠬᠠᠮᠠᠭᠠᠯᠠᠬᠤ ᠶ᠋ᠢ ᠱᠠᠭᠠᠷᠳᠠᠨ᠎ᠠ᠃ ᠬᠠᠰᠢᠶ᠎ᠠ ᠪᠠᠢᠰᠢᠩ ᠤ᠋ᠨ ᠡᠭᠦᠳᠡ ᠬᠠᠭᠠᠯᠭ᠎ᠠ ᠤ᠋ᠳ ᠳᠡᠰ ᠨᠢᠰ ᠳᠤᠤᠭᠠᠷᠴᠤ ᠬᠣᠲᠠ ᠶ᠋ᠢᠨ ᠨᠣᠬᠠᠳ ᠬᠤᠴᠠᠵᠠᠭᠠᠨᠠ᠃ ᠬᠥᠮᠦᠰ ᠭᠤᠳᠤᠮᠵᠢᠨ ᠳ᠋ᠤ᠌ ᠭᠦᠶᠦᠯᠳᠦᠨ ᠭᠠᠷᠴᠤ ᠵᠣᠭ ᠲᠣᠰᠣᠨ ᠵᠣᠭᠰᠣᠵᠤ ᠴᠢᠩᠨᠠᠭᠰᠠᠨ ᠢ᠋ᠶ᠋ᠠᠨ ᠴᠠᠰᠢ ᠬᠡᠷᠡᠮ ᠲᠡᠰᠢ ᠭᠦᠶᠦᠯᠳᠦᠪᠡ᠃ ᠬᠣᠲᠠ ᠶ᠋ᠢᠨ ᠪᠦᠬᠦ ᠰᠦᠮ᠎ᠡ ᠨᠤᠭᠦᠳ ᠲᠡᠷᠡ ᠳᠠᠭᠤᠳᠠᠯᠲᠠ ᠶ᠋ᠢ ᠤᠯᠠᠮᠵᠢᠯᠠᠨ ᠠᠪᠴᠤ ᠲᠡᠳᠡᠭᠡᠷ ᠦ᠋ᠨ ᠬᠣᠩᠬᠠᠴᠢ ᠶᠡᠬᠡ ᠬᠤᠩᠬ᠎ᠠ ᠪᠠᠨ ᠴᠣᠬᠢᠵᠠᠭᠠᠪᠠ᠃ ᠬᠣᠲᠠ ᠶ᠋ᠢᠨ ᠣᠢᠷᠠᠬᠢ ᠲᠣᠰᠬᠣᠨ ᠤ᠋ ᠰᠦᠮ᠎ᠡ ᠨᠤᠭᠦᠳ ᠷᠶᠡᠽᠡᠨ ᠡᠴᠡ ᠳᠤᠭᠤᠯᠳᠠᠭᠰᠠᠨ ᠠᠶᠤᠯ ᠤ᠋ᠨ ᠳᠣᠬᠢᠶ᠎ᠠ ᠶ᠋ᠢ ᠤᠯᠠᠮᠵᠢᠯᠠᠨ ᠴᠣᠩᠬᠣ ᠪᠠᠨ ᠴᠣᠬᠢᠵᠤ ᠳᠣᠬᠢᠶᠠᠯᠠᠬᠤ ᠨᠢ ᠰᠡᠯᠡᠮ᠎ᠡ ᠪᠠ ᠰᠦᠬᠡ ᠪᠡᠨ ᠪᠠᠷᠢᠵᠤ᠂ ᠤᠷᠢᠶᠠᠯᠠᠯ ᠦᠭᠡᠢ ᠠᠶᠤᠮᠰᠢᠭᠲᠤ ᠭᠡᠢᠴᠢᠳ ᠲᠡᠢ ᠪᠠᠢᠯᠳᠤᠬᠤ ᠶ᠋ᠢ ᠬᠥᠮᠦᠨ ᠪᠦᠬᠦᠨ ᠱᠠᠭᠠᠷᠳᠠᠵᠤ ᠪᠠᠢᠨ᠎ᠠ᠃ ᠰᠡᠸᠸᠯᠢ ᠭᠦᠶᠦᠨ ᠭᠦᠶᠦᠭᠰᠡᠭᠡᠷ ᠬᠡᠷᠡᠮ ᠦ᠋ᠨ ᠳᠡᠭᠡᠷ᠎ᠡ ᠪᠤᠴᠠᠵᠤ ᠢᠷᠡᠭᠡᠳ ᠢᠯᠳᠦ ᠪᠡᠨ ᠲᠤᠯᠵᠤ ᠵᠣᠭᠰᠣᠭᠠᠳ ᠵᠢᠳᠠ ᠤ᠋ᠳ ᠢ᠋ᠶ᠋ᠠᠨ ᠢᠷᠠᠯᠵᠠᠭᠤᠯᠤᠭᠰᠠᠨ ᠮᠣᠷᠢᠲᠠᠢ ᠬᠥᠮᠦᠰ ᠪᠥᠭᠡᠮ ᠬᠠᠷ᠎ᠠ ᠡᠭᠦᠯᠡ ᠮᠡᠲᠦ ᠣᠢᠷᠠᠲᠤᠵᠤ ᠶᠠᠪᠤᠭ᠎ᠠ ᠶ᠋ᠢ ᠵᠠᠨᠤᠯ ᠲᠠᠢ ᠪᠠᠷ ᠰᠢᠷᠲᠡᠨ ᠬᠠᠷᠠᠵᠤ ᠪᠠᠢᠪᠠ᠃ ᠡᠨᠡ ᠵᠠᠪᠰᠠᠷ ᠭᠣᠣᠯ ᠤ᠋ᠨ ᠨᠥᠭᠦᠭᠡ ᠲᠠᠯ᠎ᠠ ᠳ᠋ᠠᠬᠢ ᠬᠠᠰᠢᠶ᠎ᠠ ᠪᠠᠢᠰᠢᠩ ᠤ᠋ᠳ ᠠ᠋ᠴᠠ ᠬᠥᠮᠦᠰ ᠭᠠᠷᠴᠤ ᠭᠦᠶᠦᠯᠳᠦᠨ ᠭᠠᠷ ᠢ᠋ᠶ᠋ᠠᠷ ᠢ᠋ᠶ᠋ᠠᠨ ᠳᠠᠯᠠᠯᠤᠨ ᠴᠠᠭᠠᠨ ᠲᠠᠯ᠎ᠠ ᠳᠠᠰᠢ ᠵᠢᠭᠠᠨ ᠦᠢᠮᠡᠯᠴᠡᠨᠡ᠃ ᠵᠠᠷᠢᠮ ᠨᠢ ᠷᠶᠡᠽᠡᠨ ᠢ᠋ ᠴᠢᠭᠯᠡᠨ ᠭᠦᠶᠦᠯᠳᠦᠨ᠎ᠡ᠃ ᠵᠠᠷᠢᠮ ᠨᠢ ᠴᠢᠷᠭ᠎ᠠ ᠲᠠᠢ ᠳᠠᠪᠬᠢᠬᠤ ᠪᠤᠶᠤ
ᠪᠣᠭᠣᠳᠠᠯᠲᠠᠢ ᠶᠠᠭᠤᠮ᠎ᠠ ᠨᠤᠭᠤᠳ ᠢ᠋ᠶ᠋ᠠᠨ ᠡᠭᠦᠷᠴᠦ ᠶᠠᠪᠠᠭᠠᠨ ᠢ᠋ᠶ᠋ᠠᠷ ᠭᠦᠶᠦᠯᠳᠦᠨ ᠭᠣᠣᠯ ᠤ᠋ᠨ ᠬᠥᠪᠡᠭᠡ ᠶ᠋ᠢ ᠥᠭᠰᠥᠵᠦ ᠦᠬᠡᠷ ᠮᠠᠯ ᠢ᠋ᠶ᠋ᠠᠨ ᠲᠠᠭᠤᠵᠤ ᠴᠠᠰᠤ ᠪᠠᠷ ᠪᠦᠷᠬᠦᠭᠳᠡᠭᠰᠡᠨ ᠣᠢ ᠶ᠋ᠢ ᠴᠢᠭᠯᠡᠨ ᠶᠠᠪᠤᠵᠠᠭᠠᠨ᠎ᠠ᠃ ᠲᠠᠲ᠋ᠠᠷ ᠤ᠋ᠳ ᠮᠠᠰᠢ ᠲᠦᠷᠭᠡᠨ ᠢᠷᠡᠵᠦ ᠶᠠᠪᠤᠨ᠎ᠠ᠃ ᠬᠣᠲᠠ ᠳ᠋ᠤ᠌ ᠣᠢᠷᠠᠲᠤᠬᠤ ᠳᠣᠳᠣᠮ ᠮᠣᠷᠢᠳ ᠤ᠋ᠨ ᠢ᠋ᠶ᠋ᠠᠨ ᠭᠦᠶᠦᠳᠡᠯ ᠢ᠋ ᠬᠤᠷᠳᠤᠰᠬᠠᠨ᠎ᠠ᠃ ᠬᠠᠷᠠᠭᠰᠠᠭᠠᠷ ᠪᠠᠢᠲᠠᠯ᠎ᠠ ᠬᠣᠩᠭᠣᠷ ᠬᠣᠯᠠ ᠮᠣᠷᠢᠲᠤ ᠲᠡᠷᠢᠭᠦᠨ ᠦ᠌ ᠣᠲ᠋ᠷᠢᠶᠠᠳ᠋ ᠨᠢ ᠭᠠᠯᠵᠠᠭᠤᠷᠠᠭᠰᠠᠨ ᠮᠡᠲᠦ ᠵᠡᠷᠯᠢᠭ ᠢ᠋ᠶ᠋ᠡᠷ ᠬᠠᠰᠬᠢᠷᠤᠯᠳᠤᠨ ᠢᠰᠬᠡᠷᠦᠨ ᠪᠠᠷᠬᠢᠷᠠᠵᠤ ᠷᠶᠡᠽᠡᠨ ᠦ᠌ ᠬᠡᠷᠡᠮ ᠦ᠋ᠨ ᠢᠷᠣᠭᠠᠷ ᠳᠤ ᠬᠦᠷᠴᠦ ᠢᠷᠡᠭᠡᠳ ᠵᠣᠭᠰᠣᠬᠤ ᠳ᠋ᠤᠨᠢ ᠬᠥᠯᠥᠷᠡᠭᠰᠡᠨ ᠮᠣᠷᠢᠳ ᠤ᠋ᠨ ᠠᠭᠤᠷ ᠴᠠᠩ ᠨᠢ ᠡᠭᠦᠯᠡ ᠴᠠᠩ ᠮᠡᠲᠦ ᠬᠥᠭᠡᠷᠴᠦ ᠪᠠᠢᠪᠠ᠃ ᠮᠣᠷᠢᠲᠠᠢ ᠬᠥᠮᠦᠰ ᠦ᠋ᠨ ᠱᠤᠤᠭᠢᠶᠠᠨ ᠨᠠᠮᠳᠠᠵᠤ ᠮᠥᠰᠥ ᠪᠡᠷ ᠪᠦᠷᠬᠦᠭᠳᠡᠭᠰᠡᠨ ᠥᠨᠳᠥᠷ ᠲᠤᠭᠤᠷᠭ᠎ᠠ ᠶ᠋ᠢ ᠪᠠ ᠳᠡᠭᠡᠷᠡᠬᠢ ᠳ᠋ᠥ᠋ᠨᠵᠡᠨ ᠮᠣᠳᠣᠨ ᠪᠡᠬᠢᠯᠡᠯᠲᠡ ᠶ᠋ᠢ ᠠᠵᠢᠭᠯᠠᠨ ᠬᠠᠷᠠᠬᠤ ᠳ᠋ᠤ᠌ ᠶᠠᠮᠠᠷ ᠴᠥ᠍ ᠬᠥᠳᠡᠯᠭᠡᠭᠡᠨ ᠦᠭᠡᠢ ᠵᠣᠭᠰᠣᠵᠤ ᠪᠠᠢᠬᠤ ᠳ᠋ᠤ᠌ ᠮᠥᠨ ᠪᠡᠬᠢᠯᠡᠯᠲᠡ ᠶ᠋ᠢᠨ ᠨᠠᠷᠢᠨ ᠵᠠᠪᠰᠠᠷ ᠢ᠋ᠶ᠋ᠠᠷ ᠷᠶᠡᠽᠡᠨ ᠦ᠌ ᠬᠠᠮᠠᠭᠠᠯᠠᠭᠴᠢᠳ ᠤ᠋ᠨ ᠲᠣᠯᠣᠭᠠᠢ ᠴᠤᠬᠤᠢᠵᠤ ᠦᠵᠡᠭᠳᠡᠨ᠎ᠡ᠃ ᠲᠠᠲ᠋ᠠᠷ ᠤ᠋ᠳ ᠦᠢᠮᠡᠯᠳᠦᠵᠦ ᠲᠡᠳᠡᠭᠡᠷ ᠦ᠋ᠨ ᠳᠣᠲᠣᠷ᠎ᠠ ᠠ᠋ᠴᠠ ᠵᠠᠭᠤᠭᠠᠳ ᠨᠢ ᠲᠠᠰᠤᠷᠠᠵᠤ ᠭᠤᠷᠪᠠ ᠭᠤᠷᠪᠠ ᠪᠠᠷ ᠢ᠋ᠶ᠋ᠠᠨ ᠡᠩᠨᠡᠵᠦ ᠵᠢᠭᠰᠠᠭᠠᠳ ᠠᠭᠠᠵᠢᠮ ᠢ᠋ᠶ᠋ᠠᠷ ᠬᠣᠲᠠ ᠶ᠋ᠢ ᠲᠣᠭᠣᠷᠢᠨ ᠶᠠᠪᠤᠯ᠎ᠠ᠃ ᠡᠮᠦᠨ᠎ᠡ ᠨᠢ ᠶᠠᠪᠤᠭ᠎ᠠ ᠮᠣᠩᠭᠣᠯ ᠬᠥᠮᠦᠨ᠂ ᠤᠷᠲᠤ ᠵᠢᠳᠠᠨ ᠤ᠋ ᠦᠵᠦᠭᠦᠷ ᠲᠦ᠍ ᠬᠡᠭᠡᠷ ᠠᠳᠤᠭᠤᠨ ᠤ᠋ ᠰᠡᠭᠦᠯ ᠢ᠋ ᠤᠶᠠᠵᠤ ᠲᠡᠮᠳᠡᠭ ᠪᠣᠯᠭᠠᠨ ᠶᠠᠪᠤᠨ᠎ᠠ᠃ ᠲᠡᠭᠦᠨ ᠦ᠌ ᠬᠣᠢᠨ᠎ᠠ ᠠ᠋ᠴᠠ ᠪᠠᠭᠴᠠ ᠴᠠᠭᠠᠨ ᠥᠳᠥᠲᠠᠢ ᠭᠢᠯᠠᠯᠵᠠᠭᠰᠠᠨ ᠮᠥᠩᠭᠥᠨ ᠳᠤᠭᠤᠯᠠᠭ᠎ᠠ ᠲᠠᠢ ᠪᠠ ᠠᠯᠲᠠᠨ ᠰᠢᠷᠠᠮᠠᠯ ᠬᠤᠶᠠᠭᠲᠠᠢ ᠬᠥᠮᠦᠨ᠂ ᠮᠣᠷᠢ ᠤᠨᠤᠵᠤ ᠶᠠᠪᠤᠨ᠎ᠠ᠃ ᠳᠠᠷᠠᠭ᠎ᠠ ᠨᠢ ᠮᠥᠨ ᠬᠤᠶᠠᠭ ᠳᠤᠭᠤᠯᠠᠭ᠎ᠠ ᠡᠮᠦᠰᠦᠭᠰᠡᠨ ᠪᠥᠭᠡᠳ ᠵᠡᠭᠦᠨ ᠭᠠᠷ ᠲᠠᠭᠠᠨ ᠪᠠᠮᠪᠠᠢ ᠪᠠᠷᠢᠭᠰᠠᠨ ᠪᠣᠭᠣᠨᠢ ᠵᠢᠳᠠ ᠲᠠᠢ ᠮᠣᠩᠭᠣᠯᠴᠤᠳ ᠴᠤᠪᠤᠷᠠᠨ ᠶᠠᠪᠤᠨ᠎ᠠ᠃
ᠮᠣᠩᠭᠣᠯ ᠴᠡᠷᠢᠭ ᠦ᠋ᠳ ᠡᠴᠡ ᠬᠣᠶᠠᠳᠤᠭᠠᠷ ᠵᠠᠭᠤᠨ ᠴᠡᠷᠢᠭ ᠠᠩᠭᠢᠯᠠᠭᠳᠠᠵᠤ ᠭᠠᠷᠤᠭᠠᠳ ᠰᠦᠮ᠎ᠡ ᠶ᠋ᠢᠨ ᠬᠣᠩᠬᠠᠨ ᠤ᠋ ᠲᠦᠭᠰᠢᠭᠦᠷᠢᠲᠡᠢ ᠳᠠᠭᠤᠨ ᠰᠣᠨᠣᠰᠤᠭᠳᠠᠭᠰᠠᠭᠠᠷ ᠪᠠᠢᠭ᠎ᠠ ᠣᠢᠷ᠎ᠠ ᠶ᠋ᠢᠨ ᠲᠣᠰᠬᠣᠨ ᠢ᠋ ᠴᠢᠭᠯᠡᠨ ᠳᠠᠪᠬᠢᠵᠤ ᠣᠳᠤᠯ᠎ᠠ᠃ ᠤᠳᠠᠯ ᠦᠭᠡᠢ ᠬᠣᠩᠬᠠᠨ ᠤ᠋ ᠳᠠᠭᠤ ᠲᠠᠰᠤᠷᠠᠵᠤ ᠪᠠᠢᠰᠢᠩ ᠤ᠋ᠳ ᠤ᠋ᠨ ᠳᠡᠭᠡᠭᠦᠷ ᠡᠭᠦᠯᠡ ᠮᠡᠲᠦ ᠬᠠᠷ᠎ᠠ ᠤᠲᠤᠭ᠎ᠠ ᠵᠠᠩᠭᠢᠷᠠᠯᠳᠤᠨ ᠳᠡᠭᠳᠡᠯ᠎ᠡ᠃ ᠮᠣᠩᠭᠣᠯᠴᠤᠳ ᠤ᠋ᠨ ᠭᠤᠷᠪᠠᠳᠠᠬᠢ ᠵᠠᠭᠤᠨ ᠴᠡᠷᠢᠭ ᠨᠢ ᠣᠺᠠ ᠮᠥᠷᠡᠨ ᠦ᠌ ᠨᠥᠭᠦᠭᠡ ᠡᠷᠭᠢ ᠶ᠋ᠢᠨ ᠳᠡᠭᠡᠷ᠎ᠡ ᠵᠣᠭᠰᠣᠵᠤ ᠷᠶᠡᠽᠡᠨ ᠦ᠌ ᠬᠡᠷᠡᠮ ᠦ᠋ᠨ ᠳᠡᠭᠡᠷ᠎ᠡ ᠶᠠᠭᠤ ᠪᠣᠯᠵᠤ ᠪᠠᠢᠬᠤ ᠶ᠋ᠢ ᠬᠢᠨᠠᠨ ᠬᠠᠷᠠᠯᠴᠠᠵᠤ ᠪᠠᠢᠲᠠᠯ᠎ᠠ ᠠᠷᠪᠠᠭᠠᠳ ᠮᠣᠷᠢᠲᠠᠢ ᠬᠥᠮᠦᠨ ᠡᠨᠡ ᠤᠲ᠋ᠷᠢᠶᠠᠳ᠋ ᠠ᠋ᠴᠠ ᠰᠠᠯᠵᠤ ᠭᠠᠷᠤᠭᠠᠳ ᠭᠣᠣᠯ ᠤ᠋ᠨ ᠮᠥᠰᠥᠨ ᠳᠡᠭᠡᠭᠦᠷ ᠶᠠᠭᠠᠷᠠᠯ ᠦᠭᠡᠢ ᠶᠠᠪᠤᠵᠤ ᠬᠣᠲᠠ ᠶ᠋ᠢᠨ ᠲᠥᠪ ᠮᠣᠳᠣᠨ ᠶᠡᠬᠡ ᠬᠠᠭᠠᠯᠭ᠎ᠠ ᠶ᠋ᠢᠨ ᠵᠦᠭ ᠲᠦ᠍ ᠳᠡᠭᠡᠭᠰᠢ ᠭᠠᠷᠴᠤ ᠢᠷᠡᠯ᠎ᠡ᠃
ᠷᠶᠡᠽᠡᠨ ᠦ᠌ ᠬᠢᠨ ᠤᠷᠢᠳᠤ ᠦᠵᠡᠭᠡ ᠦᠭᠡᠢ ᠲᠠᠲ᠋ᠠᠷ ᠤ᠋ᠳ ᠢ᠋ ᠶᠡᠬᠡᠳᠡ ᠰᠣᠨᠢᠷᠬᠠᠨ ᠬᠠᠷᠠᠭᠠᠯᠵᠠᠵᠤ ( ᠬᠠᠷᠠᠯᠴᠠᠵᠤ )ᠬᠠᠷᠢᠨ ᠴᠤ᠌ ᠠᠶᠤᠬᠤ ᠪᠠᠨ ᠮᠠᠷᠲᠠᠨ ᠮᠣᠳᠣᠨ ᠪᠡᠬᠢᠯᠡᠯᠲᠡ ᠶ᠋ᠢᠨ ᠳᠡᠭᠡᠷ᠎ᠡ ᠭᠠᠷᠴᠤ ᠳᠠᠢᠳᠤᠬᠤ ᠨᠦᠬᠡ ᠪᠡᠷ ᠭᠠᠳᠠᠭᠰᠢ ᠪᠠᠨ ᠴᠤᠬᠤᠢᠵᠤ ᠬᠠᠷᠠᠵᠠᠭᠠᠨ᠎ᠠ᠃ ᠳᠠᠢᠰᠤᠨ ᠨᠤᠭᠤᠳ ᠱᠠᠭᠠᠢ ᠳ᠋ᠠᠭᠠᠨ ᠬᠦᠷᠦᠭᠰᠡᠨ ᠤᠷᠲᠤ ᠬᠣᠷᠮᠣᠢ ᠲᠠᠢ ᠳᠡᠪᠡᠯ ᠲᠡᠢ᠃ ᠵᠠᠷᠢᠮ ᠨᠢ ᠴᠡᠭᠡᠵᠢᠨ ᠳ᠋ᠡᠭᠡᠨ ᠲᠡᠮᠦᠷ ᠪᠠ ᠵᠡᠰ ᠲᠣᠯᠢ① ᠶ᠋ᠢ ᠬᠠᠲᠠᠭᠰᠠᠨ ᠪᠣᠯᠪᠠᠴᠤ ᠨᠢᠷᠤᠭᠤᠨ ᠳ᠋ᠠᠭᠠᠨ ᠬᠠᠮᠠᠭᠠᠯᠠᠯᠲᠠ ᠶ᠋ᠢᠨ ᠲᠣᠯᠢ ᠦᠭᠡᠢ ᠪᠠᠢᠯ᠎ᠠ᠃ ᠤᠯᠠᠭᠠᠨ ᠵᠡᠪᠡ ᠰᠤᠮᠤ ᠪᠠᠷ ᠳᠥᠭᠥᠷᠭᠡᠭᠳᠡᠭᠰᠡᠨ ᠨᠤᠮᠤ ᠰᠠᠭᠠᠳᠠᠭ ᠢ᠋ ᠡᠮᠡᠭᠡᠯ ᠦ᠋ᠨ ᠪᠦᠭᠦᠷᠭᠡ ᠡᠴᠡ ᠪᠡᠬᠢᠯᠡᠵᠦ ᠤᠶᠠᠭᠰᠠᠨ ᠪᠠᠢᠨ᠎ᠠ᠃ ᠮᠣᠩᠭᠣᠯᠴᠤᠳ ᠤ᠋ᠨ ᠴᠢᠷᠠᠢ ᠨᠢ ᠨᠠᠷᠠᠰᠤ( ᠨᠠᠷᠠᠰᠤᠨ ) ᠮᠣᠳᠣᠨ ᠤ᠋ ᠬᠣᠯᠲᠣᠰᠣ ᠮᠡᠲᠦ ᠬᠠᠷ᠎ᠠ ᠪᠠᠷᠠᠭᠠᠨ ᠠᠵᠢ᠃ ᠤᠷᠲᠤ ᠰᠠᠬᠠᠯᠲᠠᠢ ᠨᠢᠭᠡᠨ ᠡᠪᠦᠭᠡᠨ ᠲᠠᠲ᠋ᠠᠷ᠂ ᠬᠠᠭᠠᠯᠭᠠᠨ ᠳ᠋ᠤ᠌ ᠳᠠᠪᠬᠢᠵᠤ ᠢᠷᠡᠭᠡᠳ ᠲᠠᠰᠢᠭᠤᠷ ᠤ᠋ᠨ ᠮᠣᠳᠣ ᠪᠠᠷ ᠲᠣᠭᠰᠢᠵᠤ ᠬᠡᠷᠡᠮ ᠦ᠋ᠨ ᠳᠡᠭᠡᠷᠡᠬᠢ ᠬᠥᠮᠦᠰ ᠢ᠋ ᠳᠠᠭᠤᠳᠠᠨ ᠳᠠᠯᠠᠯᠤᠭᠠᠳ᠂
— ᠷᠶᠡᠽᠡᠨ ᠦ᠌ ᠬᠢᠨ ᠰᠠᠢᠨ ᠪᠠᠢᠨ᠎ᠠ ᠤᠤ? ᠳᠡᠯᠡᠬᠡᠢ ᠳ᠋ᠠᠬᠢᠨ ᠢ᠋ ᠡᠵᠡᠯᠡᠨ ᠠᠪᠤᠭᠰᠠᠨ ᠶᠡᠬᠡ ᠬᠠᠭᠠᠨ ᠪᠠᠲᠤ᠂ ᠲᠠᠨ ᠤ᠋ ᠬᠢᠨ ᠳ᠋ᠦ᠍ ᠮᠣᠷᠢᠯᠠᠨ ᠢᠷᠡᠯ᠎ᠡ᠃ ᠬᠡᠷᠡᠮ ᠳᠡᠭᠡᠷ᠎ᠡ ᠡᠴᠡ ᠲᠠᠨᠠᠷ ᠡᠯᠴᠢᠨ ᠨᠠᠷ ᠢ᠋ᠶ᠋ᠠᠨ ᠪᠡᠯᠡᠭ ᠲᠡᠢ ᠪᠡᠷ ᠢᠷᠡᠭᠦᠯᠵᠦ ᠲᠡᠭᠦᠨ ᠳ᠋ᠦ᠍ ᠪᠠᠷᠠᠯᠠᠭᠤᠯᠵᠤ ᠰᠥᠭᠥᠳᠦᠨ ᠮᠥᠷᠭᠥᠭᠲᠦᠨ᠃ ᠰᠢᠳᠤᠷᠭᠤ ᠦᠨᠡᠨ ᠢ᠋ᠶ᠋ᠡᠷ ᠬᠦᠨᠳᠦᠳᠬᠡᠨ ᠪᠢᠰᠢᠷᠡᠵᠦ ᠲᠡᠭᠦᠨ ᠦ᠌ ᠡᠷᠬᠡᠰᠢᠶᠡᠯ ᠳ᠋ᠦ᠍ ᠣᠷᠣᠭᠲᠤᠨ ᠭᠡᠵᠦ ᠣᠷᠣᠰ ᠬᠡᠯᠡ ᠪᠡᠷ ᠬᠠᠰᠬᠢᠷᠤᠨ ᠬᠡᠯᠡᠪᠡ᠃
— ᠲᠡᠷᠡ ᠪᠡᠯᠡᠭ ᠢ᠋ ᠬᠡᠴᠢᠨᠡᠨ ᠬᠦᠯᠢᠶᠡᠪᠡᠴᠦ ᠪᠦᠲᠦᠬᠦ ᠨᠢ ᠪᠡᠷᠬᠡ ᠪᠢᠵᠡ ᠳ᠋ᠠ᠃ ᠲᠠᠨᠠᠷ ᠢᠷᠡᠭᠰᠡᠨ ᠵᠠᠮ ᠢ᠋ᠶ᠋ᠠᠷ ᠢ᠋ᠶ᠋ᠠᠨ ᠥᠪᠡᠷ ᠦ᠋ᠨ ᠬᠠᠭᠠᠨ ᠪᠠᠲᠤ ᠶᠤᠭᠠᠨ ᠠᠪᠤᠭᠠᠳ ᠪᠤᠴᠠᠵᠤ ᠲᠣᠨᠢᠯᠤᠭᠲᠤᠨ ᠭᠡᠵᠦ ᠬᠠᠷᠢᠭᠤ ᠥᠭᠭᠦᠭᠡᠳ᠂
—————————
① ᠴᠡᠷᠢᠭ ᠦ᠋ᠨ ᠬᠥᠮᠦᠨ ᠴᠡᠭᠡᠵᠢ ᠪᠡᠨ ᠬᠠᠮᠠᠭᠠᠯᠠᠬᠤ ᠠ᠋ᠴᠠ ᠪᠢᠰᠢ᠂ ᠳᠠᠢᠰᠤᠨ ᠠ᠋ᠴᠠ ᠵᠢᠭᠤᠲᠠᠵᠤ ᠶᠠᠪᠤᠭ᠎ᠠ ᠠᠶᠤᠮᠠᠲᠠᠭᠠᠢ ᠡᠲᠡᠭᠡᠳ ᠠᠷᠤ ᠨᠢᠷᠤᠭᠤ ᠪᠠᠨ ᠬᠠᠮᠠᠭᠠᠯᠠᠳᠠᠭ ᠶᠤᠮ ᠭᠡᠵᠦ ᠮᠣᠩᠭᠣᠯᠴᠤᠳ ᠠᠶᠤᠯᠭᠠᠳᠠᠭ ᠪᠠᠢᠵᠠᠢ᠃
— ᠵᠠᠯᠢᠲᠤ ᠮᠠᠭᠤ ᠬᠤᠯᠠᠭᠠᠢ ᠴᠢ ᠬᠠᠮᠢᠭ᠎ᠠ ᠠ᠋ᠴᠠ ᠭᠠᠷᠴᠤ ᠢᠷᠡᠪᠡ? ᠴᠢ ᠲᠥᠷᠥᠯᠬᠢ ᠶ᠋ᠢᠨ ᠷᠶᠠᠽᠠᠨ ᠤ᠋ ᠬᠥᠮᠦᠨ ᠪᠢᠰᠢ ᠪᠢᠵᠡ?
— ᠬᠠᠭᠠᠯᠭ᠎ᠠ ᠪᠠᠨ ᠨᠡᠭᠡᠭᠡᠵᠦ ᠡᠷᠬᠢᠮ ᠬᠦᠨᠳᠦᠲᠦ ᠵᠣᠴᠢᠳ ᠢ᠋ ᠬᠦᠯᠢᠶᠡᠨ ᠠᠪᠤᠭᠲᠤᠨ! ᠬᠡᠷᠪᠡ ᠲᠠᠨᠠᠷ ᠪᠠᠭᠤᠵᠤ ᠥᠭᠪᠡᠯ ᠲᠠᠨᠠᠷ ᠲᠤ᠌ ᠶᠠᠮᠠᠷ ᠴᠤ᠌ ᠵᠣᠪᠠᠯᠠᠩ ᠵᠦᠳᠡᠭᠦᠷᠢ ᠲᠣᠬᠢᠶᠠᠯᠳᠤᠬᠤ ᠦᠭᠡᠢ᠂ ᠬᠠᠷᠢᠨ ᠲᠠᠨᠠᠷ ᠡᠭᠦᠨ ᠢ᠋ ᠳᠠᠭᠠᠬᠤ ᠦᠭᠡᠢ ᠪᠣᠯ ᠪᠦᠭᠦᠳᠡ ᠶ᠋ᠢ ᠴᠢᠨᠢ ᠬᠦᠢᠰᠦ ᠲᠡᠮᠲᠡᠷᠢᠨ ᠠᠯᠠᠵᠤ ᠬᠣᠲᠠ ᠶ᠋ᠢ ᠴᠢᠨᠢ ᠰᠢᠲᠠᠭᠠᠵᠤ ᠲᠠᠨᠠᠷ ᠤ᠋ᠨ ᠣᠷᠣᠨ ᠪᠠᠢᠰᠢᠩ ᠤ᠋ᠨ ᠳ᠋ᠥ᠋ᠨᠵᠡᠨ ᠨᠤᠭᠦᠳ ᠢ᠋ ᠨᠢᠭᠡ ᠨᠢᠭᠡ ᠪᠡᠷ ᠨᠢ ᠰᠠᠯᠭᠠᠵᠤ ᠬᠠᠶᠠᠯᠠᠨ ᠦᠨᠡᠰᠦᠨ ᠲᠣᠪᠷᠠᠭ ᠪᠣᠯᠭᠠᠨ᠎ᠠ ᠭᠡᠵᠦ ᠨᠥᠭᠦᠭᠡ ᠰᠠᠬᠠᠯ ᠲᠠᠢ ᠬᠥᠮᠦᠨ ᠦᠷᠭᠦᠯᠵᠢᠯᠡᠨ ᠬᠠᠰᠬᠢᠷᠴᠤ ᠪᠠᠢᠪᠠ᠃
— ᠵᠠᠯᠢᠲᠤ ᠮᠠᠭᠤ ᠤᠷᠪᠠᠭᠴᠢ ᠴᠢ ᠲᠥᠷᠥᠭᠰᠡᠨ ᠨᠤᠲᠤᠭ ᠢ᠋ᠶ᠋ᠠᠨ ᠬᠤᠳᠠᠯᠳᠤᠭᠠᠳ ᠴᠢ ᠲᠡᠷᠰᠯᠡᠭᠦᠦ ᠨᠣᠮᠲᠠᠨ ᠤ᠋ ᠬᠠᠭᠠᠨ ᠠ᠋ᠴᠠ ᠶᠡᠬᠡ ᠶᠠᠭᠤᠮ᠎ᠠ ᠠᠪᠴᠤ ᠢᠳᠡᠪᠡᠦ? ᠨᠢᠭᠦᠯᠲᠦ ᠬᠠᠷ᠎ᠠ ᠤᠷᠪᠠᠭᠴᠢ᠃
ᠬᠡᠷᠡᠮ ᠦ᠋ᠨ ᠳᠡᠭᠡᠷ᠎ᠡ ᠡᠴᠡ ᠴᠢᠯᠠᠭᠤ ᠨᠢᠰᠦᠨ ᠪᠠᠭᠤᠵᠤ ᠰᠤᠮᠤ ᠬᠠᠷᠪᠤᠵᠤ ᠢᠷᠡᠯ᠎ᠡ᠃ ᠲᠠᠲ᠋ᠠᠷ ᠤ᠋ᠳ ᠤ᠋ᠨ ᠮᠣᠷᠢᠳ ᠨᠢ ᠦᠷᠭᠦᠵᠦ ᠦᠢᠮᠡᠯᠳᠦᠬᠦ ᠳ᠋ᠦ᠍ ᠲᠡᠳᠡ ᠬᠤᠷᠳᠤᠨ ᠳᠠᠪᠬᠢᠯᠳᠤᠵᠤ ᠪᠤᠴᠠᠵᠠᠭᠠᠪᠠ᠃
ᠦᠰᠦᠭ ᠠᠮᠢᠯᠠᠭᠤᠯᠤᠭᠴᠢ᠄ ᠠᠯᠲᠠᠨᠴᠢᠮᠡᠭ᠂ ᠮᠡᠷᠭᠡᠨᠭᠣᠣ᠎ᠠ᠂ ᠵᠢᠩᠯᠢᠬᠤᠸᠠᠷ᠂ ᠪᠠᠶᠠᠨᠴᠡᠴᠡᠭ᠂ ᠬᠡᠷᠡᠢᠳ᠂ ᠮᠥᠩᠬᠡᠨᠠᠰᠤᠨ
ᠬᠢᠨᠠᠭᠴᠢ᠄ ᠲ· ᠬᠦᠮᠦᠵᠢᠯᠲᠦ᠂ ᠠᠯᠲᠠᠨᠴᠢᠮᠡᠭ᠂ ᠠᠷᠢᠭᠤᠨ᠂ ᠪᠠᠶᠠᠨᠴᠡᠴᠡᠭ᠂ ᠪᠠᠯ᠂ ᠵᠢᠩᠯᠢᠬᠤᠸᠠᠷ
