ᠪᠠᠲᠤ ᠬᠠᠭᠠᠨ 3-07ᠲᠠᠲ᠋ᠠᠷ ᠤ᠋ᠨ ᠡᠯᠴᠢᠨ ᠨᠠᠷ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ
ᠳᠣᠯᠣᠭ᠎ᠠ ᠲᠠᠲ᠋ᠠᠷ ᠤ᠋ᠨ ᠡᠯᠴᠢᠨ ᠨᠠᠷ
ᠬᠡᠳᠦᠨ ᠴᠡᠷᠢᠭ ᠦ᠋ᠳ ᠸᠠᠩ ᠤ᠋ᠨ ᠪᠠᠢᠰᠢᠩ ᠳ᠋ᠤ᠌ ᠶᠠᠭᠠᠷᠠᠨ ᠣᠷᠣᠵᠤ ᠣᠴᠢᠭᠠᠳ ᠲᠡᠨᠳᠡ ᠡᠴᠡ ᠪᠡᠨ ᠲᠠᠲ᠋ᠠᠷ ᠤ᠋ᠨ ᠡᠯᠴᠢᠨ ᠨᠠᠷ ᠤ᠋ᠨ ᠬᠠᠮᠲᠤ ᠡᠷᠭᠢᠵᠦ ᠢᠷᠡᠵᠡᠢ᠃ ᠲᠡᠳᠡ ᠨᠠᠷ ᠢ᠋ ᠸᠠᠩ ᠤ᠋ᠨ ᠪᠠᠢᠰᠢᠩ ᠤ᠋ᠨ ᠥᠨᠳᠥᠷ ᠱᠠᠲᠤ ᠥᠭᠡᠳᠡ ᠭᠠᠷᠭᠠᠵᠤ ᠥᠭᠴᠡᠢ᠃ ᠡᠯᠴᠢᠨ ᠨᠠᠷ ᠭᠤᠷᠪᠠᠭᠤᠯᠠ ᠠᠵᠢ᠃ ᠨᠢᠭᠡᠳᠦᠭᠡᠷ ᠨᠢ ᠦᠰᠦ ᠲᠡᠢ ᠮᠠᠯᠠᠭᠠᠢ ᠶ᠋ᠢ ᠴᠠᠭᠠᠨ ᠡᠳ᠋ ᠢ᠋ᠶ᠋ᠡᠷ ᠪᠡᠬᠢᠯᠡᠨ ᠪᠣᠭᠣᠵᠤ ᠡᠮᠦᠰᠦᠭᠰᠡᠨ᠂ ᠥᠰᠦᠭᠡᠢ ᠪᠡᠷ ᠨᠢ ᠬᠦᠷᠦᠭᠰᠡᠨ ᠤᠷᠲᠤ ᠰᠢᠷ᠎ᠠ ᠦᠨᠡᠭᠡᠨ ᠳᠡᠪᠡᠯ ᠲᠡᠢ ᠡᠪᠦᠭᠡᠨ ᠪᠠᠢᠯ᠎ᠠ᠃ ᠨᠥᠭᠦᠭᠡ ᠨᠢ ᠪᠡᠶᠡᠯᠢᠭ ᠵᠠᠯᠠᠭᠤ ᠴᠡᠷᠢᠭ ᠦ᠋ᠨ ᠬᠥᠮᠦᠨ᠂ ᠢᠰᠡᠭᠡᠢ ᠮᠠᠯᠠᠭᠠᠢ ᠰᠡᠬᠡᠬᠦ᠂ ᠬᠥᠬᠡ ᠳᠡᠪᠡᠯ ᠡᠮᠦᠰᠦᠭᠰᠡᠨ ᠪᠥᠭᠡᠳ ᠪᠥᠰᠡᠨ ᠳ᠋ᠡᠭᠡᠨ ᠲᠠᠬᠢᠷ ᠰᠡᠯᠡᠮ᠎ᠡ ᠵᠡᠭᠦᠵᠡᠢ᠃ ᠡᠨᠡ ᠴᠡᠷᠢᠭ ᠲᠦ᠍ ᠡᠭᠡᠯ ᠪᠤᠰᠤ ᠪᠠᠢᠳᠠᠯ ᠦᠵᠡᠭᠳᠡᠬᠦ ᠠᠵᠢ᠃ ᠪᠣᠭᠣᠨᠢ ᠬᠦᠵᠦᠭᠦᠦ ᠲᠡᠢ᠂ᠪᠠᠭᠠᠲᠤᠷ ᠤ᠋ᠨ ᠮᠥᠷᠥ ᠲᠡᠢ᠂ ᠭᠡᠶᠦᠷᠬᠡᠭ ᠴᠢᠷᠠᠢ ᠲᠠᠢ ᠪᠥᠭᠡᠳ ᠰᠠᠬᠠᠯ ᠦᠭᠡᠢ ᠨᠣᠶᠠᠯᠠᠭᠤ ᠬᠠᠷᠠᠴᠠ ᠲᠠᠢ᠃ ᠡᠨᠡ ᠬᠥᠮᠦᠨ ᠣᠯᠠᠨ ᠳᠠᠰᠢ ᠲᠣᠭᠲᠠᠭᠤᠬᠠᠨ ᠪᠥᠭᠡᠳ ᠰᠠᠨᠠᠭ᠎ᠠ ᠠᠮᠤᠷ᠂ ᠠᠮᠤᠷᠯᠢᠩᠭᠤᠢ ᠪᠠᠷ ᠬᠠᠷᠠᠬᠤ ᠨᠢ ᠶᠡᠷᠦ ᠡᠴᠡ ᠪᠡᠨ ᠶᠠᠯᠠᠯᠠᠬᠤ᠂ ᠥᠷᠥᠰᠢᠶᠡᠬᠦ᠂ ᠵᠠᠬᠢᠷᠬᠤ᠂ ᠲᠤᠰᠢᠶᠠᠬᠤ ᠳ᠋ᠤ᠌ ᠳᠠᠳᠤᠯᠭ᠎ᠠ ᠲᠠᠢ ᠪᠣᠯᠤᠯᠲᠠᠢ᠃ ᠭᠤᠷᠪᠠᠳᠤᠭᠠᠷ ᠡᠯᠴᠢᠨ ᠦ᠌ ᠪᠠᠢᠳᠠᠯ ᠣᠯᠠᠨ ᠢ᠋ ᠶᠡᠬᠡᠳᠡ ᠭᠠᠢᠬᠠᠭᠤᠯᠤᠨ᠎ᠠ᠃ ᠡᠨᠡ ᠨᠢ ᠨᠠᠰᠤᠲᠠᠢ ᠡᠮᠡᠭᠡᠨ ᠪᠥᠭᠡᠳ ᠨᠢᠭᠤᠷ ᠨᠢ ᠬᠠᠪᠠᠭᠠᠨᠠᠵᠤ ᠤᠬᠠᠭᠠᠨ ᠦᠭᠡᠢ ᠨᠢᠳᠦ ᠨᠢ ᠭᠦᠶᠦᠯᠬᠡᠨᠡᠨ ᠰᠢᠷᠲᠡᠬᠦ ᠶ᠋ᠢᠨ ᠳᠡᠭᠡᠷ᠎ᠡ ᠮᠥᠷᠦᠨ ᠳᠡᠭᠡᠷ᠎ᠡ ᠪᠡᠨ ᠪᠠᠭᠠᠪᠠᠭᠠᠢ ᠶ᠋ᠢᠨ ᠠᠷᠠᠰᠤ ᠨᠥᠮᠥᠷᠴᠦ ᠲᠣᠯᠣᠭᠠᠢ ᠳᠡᠭᠡᠷ᠎ᠡ ᠪᠡᠨ ᠥᠨᠳᠥᠷ ᠮᠠᠯᠠᠭᠠᠢ ᠲᠠᠯᠪᠢᠵᠠᠢ᠃ ᠪᠥᠰᠡᠨ ᠳ᠋ᠡᠭᠡᠨ ᠪᠠᠭᠠᠪᠠᠭᠠᠢ ᠶ᠋ᠢᠨ ᠰᠠᠪᠠᠷ ᠪᠠ ᠰᠢᠳᠦ᠂ ᠲᠤᠩ ᠪᠦᠷᠢᠶ᠎ᠡ᠂ ᠤᠷᠲᠤ ᠬᠢᠲᠤᠭ᠎ᠠ᠂ ᠣᠳᠣᠨ ᠭᠠᠷᠠᠭ ᠵᠢᠷᠤᠭᠰᠠᠨ ᠲᠣᠮᠣ ᠲᠣᠭᠣᠷᠢᠭ ᠬᠡᠩᠭᠡᠷᠭᠡ ᠳᠡᠭᠦᠵᠢᠯᠡᠵᠡᠢ᠃ ᠲᠡᠷᠡ ᠨᠢ ᠲᠦᠷ ᠵᠠᠭᠤᠷ᠎ᠠ ᠴᠤ᠌ ᠲᠣᠭᠲᠠᠪᠤᠷᠢᠲᠠᠢ ᠪᠠᠢᠵᠤ ᠴᠢᠳᠠᠬᠤ ᠦᠭᠡᠢ᠂ ᠡᠷᠭᠢᠨ ᠲᠣᠭᠣᠷᠢᠨ ᠤ᠋ ᠶᠠᠭᠤᠮ᠎ᠠ ᠶ᠋ᠢ ᠡᠷᠢᠵᠦ ᠪᠠᠢᠭ᠎ᠠ ᠶᠤᠮᠰᠢᠭ᠋ ᠴᠠᠭ ᠦᠷᠭᠦᠯᠵᠢ ᠠᠵᠢᠭᠯᠠᠨ ᠬᠠᠷᠠᠵᠤ ᠠᠮᠠᠨ ᠳ᠋ᠠᠭᠠᠨ ᠴᠢᠩᠭ᠎ᠠ ᠪᠤᠰᠤ ᠳᠠᠭᠤ ᠪᠠᠷ ᠰᠦᠷᠡᠬᠡᠢ ᠠᠶᠤᠮᠰᠢᠭᠲᠠᠢ ᠦᠭᠡ ᠴᠠᠯᠴᠢᠯᠠ᠃ ᠡᠨᠡ ᠪᠣᠯ ᠶᠣᠰᠣᠲᠠᠢ ᠤᠪᠠᠳᠢᠰ ᠲᠠᠢ ᠴᠢᠳᠬᠥᠷ ᠡᠮ᠎ᠡ ᠪᠢᠵᠡ ᠭᠡᠵᠦ ᠣᠯᠠᠨ ᠠ᠋ᠴᠠ ᠬᠡᠯᠡᠬᠦ ᠰᠣᠨᠣᠰᠳᠠᠪᠠ᠃
— ᠸᠠᠩ ᠲᠠ ᠪᠢᠳᠡᠨ ᠳ᠋ᠦ᠍ ᠬᠡᠯᠡᠵᠦ ᠦᠭᠭᠦᠨᠠᠤ? ᠡᠯᠴᠢᠳ ᠶᠠᠭᠤ ᠬᠦᠰᠡᠵᠦ ᠪᠠᠢᠭ᠎ᠠ ᠶᠤᠮ ᠪᠣᠯ? ᠲᠡᠳᠡᠨᠡᠷ ᠪᠢᠳᠡᠨ ᠠ᠋ᠴᠠ ᠶᠠᠭᠤ ᠭᠣᠷᠢᠳᠠᠵᠤ ᠪᠠᠢᠭ᠎ᠠ ᠶᠤᠮ ᠪᠣᠯ? ᠭᠡᠬᠦ ᠳ᠋ᠦ᠍ᠨᠢ ᠸᠠᠩ ᠳᠡᠷᠭᠡᠳᠡ ᠪᠡᠨ ᠣᠢᠷ᠎ᠠ ᠪᠠᠢᠭ᠎ᠠ ᠭᠠᠵᠠᠷ ᠤ᠋ᠨ ᠪᠠᠶᠠᠨ ᠡᠵᠡᠨ ᠳ᠋ᠦ᠍ ᠥᠭᠦᠯᠡᠭᠰᠡᠨ ᠨᠢ:
— ᠮᠠᠨ ᠤ᠋ ᠬᠣᠲᠠᠨ ᠳ᠋ᠤ᠌ ᠶᠠᠭᠤᠨ ᠳ᠋ᠤ᠌ ᠬᠦᠷᠴᠦ ᠢᠷᠡᠭᠰᠡᠨ ᠢ᠋ᠶ᠋ᠡᠨ ᠡᠳᠡᠨᠠᠷ ᠠᠷᠠᠳ ᠣᠯᠠᠨ ᠳ᠋ᠤ᠌ ᠬᠡᠯᠡᠭ ᠭᠡᠪᠡ᠃
ᠡᠯᠴᠢᠨ ᠨᠣᠶᠠᠳ ᠤ᠋ᠨ ᠳᠡᠷᠭᠡᠳᠡ ᠬᠡᠯᠡᠮᠦᠷᠴᠢ ᠬᠦᠷᠴᠦ ᠢᠷᠡᠯ᠎ᠡ᠃
ᠯᠢᠬᠠᠷᠢ ᠺᠦᠳ᠋ᠷᠶᠠᠱ ᠲᠣᠬᠣᠢ ᠪᠠᠷ ᠶᠣᠪᠣᠷᠴᠤ᠂
— ᠡᠭᠦᠨ ᠢ᠋ ᠬᠠᠷᠠᠭᠠᠴᠢ! ᠬᠡᠯᠡᠮᠦᠷᠴᠢ ᠶ᠋ᠢ ᠲᠠᠨᠢᠵᠤ ᠪᠠᠢᠨ᠎ᠠ ᠤᠤ? ᠲᠡᠷᠡ ᠮᠠᠨ ᠤ᠋ ᠫᠸᠷᠦᠨᠣᠸ—ᠪᠣᠷ ᠲᠤ᠌ ᠪᠣᠯᠭᠠᠷᠢ ᠶ᠋ᠢᠨ ᠬᠤᠳᠠᠯᠳᠤᠭᠠᠴᠢᠨ ᠪᠣᠯᠵᠤ ᠢᠷᠡᠭᠡᠳ ᠠᠯᠴᠢᠭᠤᠷ᠂ ᠵᠡᠭᠦᠦ᠂ ᠠᠩ ᠤ᠋ᠨ ᠦᠰᠦ ᠰᠣᠯᠢᠯᠴᠠᠵᠤ ᠪᠠᠢᠭᠰᠠᠨ ᠰᠢᠦ ᠳ᠋ᠠ᠃ ᠡᠨᠡ ᠴᠢᠨᠢ ᠡᠳᠡᠨ ᠦ᠌ ᠬᠥᠮᠦᠨ ᠪᠠᠢᠭᠰᠠᠨ ᠪᠠᠢᠨ᠎ᠠ ᠰᠢᠦ! ᠵᠠᠮ ᠮᠥᠷ ᠢ᠋ᠶ᠋ᠡᠨ ᠰᠤᠳᠤᠯᠵᠤ ᠪᠠᠢᠭᠰᠠᠨ ᠪᠠᠢᠬᠤ ᠨᠢ ᠠ᠋᠂ ᠲᠡᠭᠦᠨ ᠢ᠋ ᠬᠡᠰᠡᠭᠯᠡᠨ ᠲᠠᠰᠤᠴᠢᠵᠤ ᠠᠯᠠᠬᠤ ᠶᠤᠮᠰᠠᠨ ᠭᠡᠪᠡ᠃ ᠬᠡᠯᠡᠮᠦᠷᠴᠢ ᠡᠯᠴᠢᠨ ᠨᠦ᠍ᠭᠦᠳ ᠲᠡᠢ ᠶᠠᠷᠢᠯᠴᠠᠭᠠᠳ ᠴᠢᠩᠭ᠎ᠠ ᠪᠤᠰᠤ ᠳᠠᠭᠤᠨ ᠢ᠋ᠶ᠋ᠠᠷ ᠭᠠᠵᠠᠷ ᠤ᠋ᠨ ᠪᠠᠶᠠᠨ ᠡᠵᠡᠨ ᠳ᠋ᠦ᠍ ᠬᠠᠷᠢᠭᠤᠯᠲᠠ ᠶ᠋ᠢ ᠬᠡᠯᠡᠵᠦ ᠥᠭᠬᠦ ᠳ᠋ᠦ᠍ᠨᠢ ᠲᠡᠷᠡ ᠣᠯᠠᠨ ᠲᠡᠰᠢ ᠬᠠᠨᠳᠤᠵᠤ ᠴᠢᠩᠭ᠎ᠠ ᠳᠠᠭᠤ ᠪᠠᠷ ᠲᠠᠢᠯᠪᠤᠷᠢᠯᠠᠬᠤ ᠨᠢ᠄
— ᠸᠠᠩ ᠬᠠᠭᠠᠳ ᠪᠣᠯᠤᠨ ᠰᠢᠳᠤᠷᠭᠤ ᠣᠯᠠᠨ ᠠᠷᠠᠳ ᠤ᠋ᠳ ᠠ᠋ᠴᠠ᠂ ᠮᠣᠩᠭᠣᠯ ᠤ᠋ᠨ ᠡᠯᠴᠢᠨ ᠨᠦ᠍ᠭᠦᠳ ᠶᠠᠭᠤ ᠱᠠᠭᠠᠷᠳᠠᠵᠤ ᠪᠠᠢᠭ᠎ᠠ ᠶ᠋ᠢ ᠰᠣᠨᠣᠰᠴᠠᠭ᠎ᠠ! ᠡᠳᠡᠨ ᠦ᠌ ᠪᠠᠲᠤ ᠪᠣᠯ ᠪᠦᠭᠦᠳᠡ ᠬᠠᠭᠠᠨ ᠸᠠᠩ ᠤ᠋ᠳ ᠤ᠋ᠨ ᠡᠵᠡᠨ ᠬᠠᠭᠠᠨ ᠶᠤᠮ ᠭᠡᠨ᠎ᠡ᠃ ᠪᠦᠬᠦ ᠤᠯᠤᠰ ᠤ᠋ᠳ ᠢ᠋ ᠥᠪᠡᠷ ᠦ᠋ᠨ ᠭᠠᠷ ᠳᠣᠣᠷ᠎ᠠ ᠵᠠᠬᠢᠷᠴᠤ ᠪᠠᠢᠭᠰᠠᠨ ᠴᠢᠩᠭᠢᠰ ᠦ᠋ᠨ ᠠᠴᠢ ᠪᠠᠲᠤ ᠬᠠᠭᠠᠨ ᠡᠨᠡ ᠡᠯᠴᠢ ᠶ᠋ᠢ ᠶᠠᠪᠤᠭᠤᠯᠵᠠᠢ᠃ ᠣᠳᠣ ᠡᠨᠡ ᠡᠯᠴᠢ ᠨᠦ᠍ᠭᠦᠳ ᠦ᠋ᠨ ᠥᠭᠦᠯᠡᠬᠦ ᠨᠢ᠄ ᠣᠷᠣᠰ ᠤ᠋ᠨ ᠠᠷᠠᠳ ᠲᠦᠮᠡᠨ ᠬᠠᠭᠠᠨ ᠪᠠᠲᠤ ᠳ᠋ᠤ᠌ ᠵᠠᠬᠢᠷᠤᠭᠳᠠᠬᠤ ᠶᠣᠰᠣᠲᠠᠢ ᠭᠡᠨ᠎ᠡ ᠭᠡᠪᠡ᠃ ᠬᠡᠷᠪᠡ ᠡᠰᠡ ᠵᠠᠬᠢᠷᠤᠭᠳᠠᠵᠤ ᠲᠡᠭᠦᠨ ᠢ᠋ ᠡᠰᠡᠷᠭᠦᠴᠡᠪᠡᠯ ᠪᠠᠲᠤ ᠬᠠᠭᠠᠨ ᠴᠥᠮ ᠢ᠋ ᠮᠣᠷᠢᠨ ᠲᠤᠭᠤᠷᠠᠢ ᠪᠠᠷ ᠭᠢᠰᠬᠢᠯᠡᠵᠦ ᠫᠤᠯᠤᠸᠸᠼᠠ ᠶ᠋ᠢᠨ ᠬᠠᠭᠠᠳ ᠲᠠᠢ ᠠᠳᠠᠯᠢ ᠮᠠᠯᠴᠢᠨ ᠠᠳᠤᠭᠤᠴᠢᠨ ᠪᠣᠯᠭᠠᠨ᠎ᠠ ᠭᠡᠨ᠎ᠡ᠃
— ᠳᠡᠮᠡᠢ ᠭᠠᠢᠬᠠᠭᠤᠯᠵᠤ ᠪᠠᠢᠨ᠎ᠠ᠃ ᠲᠡᠭᠦᠨ ᠳ᠋ᠦ᠍ ᠲᠡᠭᠡᠵᠦ ᠵᠠᠬᠢᠷᠤᠭᠳᠠᠬᠤ ᠦᠭᠡᠢ ᠭᠡᠵᠦ ᠸᠠᠩ ᠤ᠋ᠨ ᠳᠡᠷᠭᠡᠳᠡ ᠣᠢᠷ᠎ᠠ ᠵᠣᠭᠰᠣᠵᠤ ᠪᠠᠢᠭᠰᠠᠨ ᠶᠸᠸᠫᠡᠲ ᠬᠠᠰᠬᠢᠷᠪᠠ᠃
— ᠶᠠᠭᠤᠨ ᠳ᠋ᠤ᠌ ᠲᠡᠭᠡᠵᠦ ᠭᠠᠢᠬᠠᠭᠤᠯᠤᠨ᠎ᠠ ᠪᠣᠢ?
— ᠡᠳᠡᠨᠡᠷ ᠲᠦ᠍ ᠤᠬᠠᠭᠤᠯᠵᠤ ᠥᠭ᠂ ᠪᠢᠳᠡᠨ ᠢ᠋ ᠰᠦᠷᠳᠡᠭᠦᠯᠬᠦ ᠶ᠋ᠢ ᠣᠷᠤᠯᠳᠤᠯ ᠦᠭᠡᠢ᠂ ᠡᠳᠡᠨᠡᠷ ᠷᠶᠡᠽᠡᠨ ᠦ᠌ ᠭᠠᠵᠠᠷ ᠠ᠋ᠴᠠ ᠶᠠᠭᠤ ᠶ᠋ᠢ ᠬᠦᠰᠡᠭᠰᠡᠨ ᠢ᠋ᠶ᠋ᠡᠨ ᠲᠣᠳᠣᠷᠬᠠᠢ ᠪᠠᠷ ᠬᠡᠯᠡᠭ ᠭᠡᠵᠦ ᠸᠠᠩ ᠶᠦᠷᠢ ᠢᠩᠭ᠌ᠸᠡᠷᠸᠸᠢᠴ ᠬᠡᠯᠡᠪᠡ᠃
ᠲᠡᠭᠡᠬᠦ ᠳ᠋ᠦ᠍ ᠵᠠᠯᠠᠭᠤ ᠮᠣᠩᠭᠣᠯ ᠬᠥᠯ ᠢ᠋ᠶ᠋ᠡᠨ ᠳᠡᠪᠢᠰᠦᠨ ᠲᠠᠬᠢᠷ ᠰᠡᠯᠡᠮ᠎ᠡ ᠶ᠋ᠢᠨ ᠶᠠᠰᠤᠨ ᠪᠠᠷᠢᠭᠤᠯ ᠠ᠋ᠴᠠ ᠪᠠᠷᠢᠵᠤ ᠦᠭᠡ ᠬᠡᠯᠡᠪᠡ᠃ ᠬᠥᠭᠰᠢᠨ ᠡᠯᠴᠢ ᠠᠯᠠᠭ᠎ᠠ ᠪᠠᠨ ᠬᠠᠪᠰᠤᠷᠴᠤ ᠬᠥᠳᠡᠯᠦᠯ ᠦᠭᠡᠢ ᠵᠣᠭᠰᠣᠬᠤ ᠪᠥᠭᠡᠳ ᠬᠥᠭᠰᠢᠨ ᠡᠮᠡᠭᠲᠡᠢ ᠲᠡᠢ ᠪᠥᠵᠢᠭᠯᠡᠨ ᠳᠡᠪᠬᠡᠴᠡᠨ ᠪᠠᠢᠵᠤ ᠦᠯᠦ ᠮᠡᠳᠡᠭᠳᠡᠬᠦ ᠦᠭᠡᠰ ᠢ᠋ ᠴᠠᠯᠴᠢᠯᠠ᠃
ᠭᠠᠵᠠᠷ ᠤ᠋ᠨ ᠡᠵᠡᠨ ᠬᠡᠯᠡᠮᠦᠷᠴᠢ ᠶ᠋ᠢᠨ ᠦᠭᠡ ᠶ᠋ᠢ ᠰᠣᠨᠣᠰᠤᠭᠠᠳ ᠳᠠᠬᠢᠨ ᠬᠡᠯᠡᠭᠰᠡᠨ ᠨᠢ᠄
— ᠡᠨᠡᠬᠦ ᠢᠴᠢᠭᠦᠷᠢ ᠦᠭᠡᠢ ᠮᠣᠩᠭᠣᠯ ᠤ᠋ᠨ ᠡᠯᠴᠢ ᠨᠦ᠍ᠭᠦᠳ ᠵᠢᠭᠲᠡᠢ ᠵᠡᠷᠯᠢᠭ ᠦᠭᠡ ᠬᠡᠯᠡᠵᠦ ᠪᠠᠢᠨ᠎ᠠ᠃ ᠸᠠᠩ ᠲᠠᠨ ᠠ᠋ᠴᠠ ᠬᠠᠮᠤᠭ ᠣᠯᠵᠠ ᠲᠣᠭᠲᠠᠪᠤᠷᠢ ᠶ᠋ᠢᠨ ᠠᠷᠪᠠᠨ ᠤ᠋ ᠨᠢᠭᠡ ᠶ᠋ᠢ ᠬᠤᠷᠢᠶᠠᠵᠤ ᠠᠪᠤᠨ᠎ᠠ ᠭᠡᠵᠦ ᠪᠠᠢᠨ᠎ᠠ᠃ ᠬᠥᠮᠦᠰ ᠡᠴᠡ ᠴᠦ᠍ ᠲᠡᠷᠡ᠂ ᠮᠣᠷᠢᠳ ᠠ᠋ᠴᠠ ᠴᠥ᠍ ᠲᠡᠷᠡ᠂ ᠴᠥᠮ ᠠᠷᠪᠠᠨ ᠤ᠋ ᠨᠢᠭᠡ ᠶ᠋ᠢ ᠠᠪᠬᠤ ᠭᠡᠨ᠎ᠡ ᠭᠡᠬᠦ ᠳ᠋ᠦ᠍ᠨᠢ ᠣᠯᠠᠨ ᠤ᠋ ᠳᠣᠲᠣᠷ᠎ᠠ ᠰᠢᠭᠤᠷᠭ᠎ᠠ ᠪᠣᠯᠬᠤ ᠶ᠋ᠢᠨ ᠡᠮᠦᠨᠡᠬᠢ ᠲᠡᠢ ᠠᠳᠠᠯᠢ ᠨᠠᠮ ᠭᠦᠮ ᠪᠣᠯᠴᠢᠬᠠᠯ᠎ᠠ᠃ ᠡᠨᠡ ᠦᠶ᠎ᠡ ᠳ᠋ᠦ᠍᠄
— ᠪᠢᠳᠡᠨᠡᠷ ᠦᠭᠡᠢ ᠪᠣᠯᠤᠭᠰᠠᠨ ᠤ᠋ ᠬᠣᠢᠨ᠎ᠠ᠂ ᠲᠡᠷᠡ ᠪᠦᠭᠦᠳᠡ ᠶ᠋ᠢ ᠠᠪᠤᠭᠲᠤᠨ! ᠭᠡᠵᠦ ᠸᠠᠩ ᠤ᠋ᠨ ᠬᠡᠯᠡᠬᠦ ᠦᠭᠡ ᠲᠣᠳᠣ ᠰᠣᠨᠣᠰᠲᠠᠯ᠎ᠠ᠃ ᠣᠯᠠᠨ ᠤ᠋ ᠳᠣᠲᠣᠷ᠎ᠠ ᠱᠤᠤᠭᠢᠶᠠᠨ ᠳᠡᠭᠳᠡᠵᠦ ᠲᠠᠴᠢᠭᠢᠨᠠᠲᠠᠯ᠎ᠠ ᠢᠨᠢᠶᠡᠬᠦ ᠰᠣᠨᠣᠰᠲᠠᠯ᠎ᠠ᠃
— ᠬᠦ᠋᠂ ᠬᠦ᠋᠂ ᠬᠦ᠋ ᠶᠠᠭᠤ ᠬᠦᠰᠡᠵᠦ ᠪᠠᠢᠭ᠎ᠠ ᠶ᠋ᠢ ᠨᠢ ᠬᠠᠷᠠᠪᠠ ᠤᠤ? ᠪᠠᠷᠢᠭᠠᠳ ᠬᠠᠵᠠᠵᠤ ᠣᠷᠬᠢᠭᠲᠤᠨ! ᠸᠠᠩ ᠲᠠ ᠡᠳᠡ ᠨᠠᠷ ᠢ᠋ ᠵᠡᠷᠯᠢᠭ ᠲᠠᠯ᠎ᠠ ᠤᠷᠤᠭᠤ ᠨᠢ ᠬᠥᠭᠡᠭᠡᠵᠦ ᠬᠣᠢᠨ᠎ᠠ ᠠ᠋ᠴᠠ ᠨᠢ ᠨᠣᠬᠠᠢ ᠪᠠᠨ ᠲᠠᠯᠪᠢᠭᠲᠤᠨ! ᠭᠡᠵᠡᠭᠡᠪᠡ᠃
ᠲᠡᠷᠡ ᠡᠯᠴᠢ ᠨᠠᠷ ᠠᠶᠤᠮᠰᠢᠭᠲᠠᠢ ᠴᠢᠮᠡᠭᠡ ᠭᠠᠷᠭᠠᠵᠤ ᠪᠣᠢ᠂ ᠲᠠᠯᠠᠪᠠᠢ ᠳᠡᠭᠡᠷᠡᠬᠢ ᠣᠯᠠᠨ ᠬᠥᠮᠦᠰ ᠢ᠋ ᠠᠭᠤᠷ ᠲᠠᠢ ᠬᠠᠷᠠᠴᠠ ᠪᠠᠷ ᠠᠵᠢᠭᠯᠠᠨ ᠬᠠᠷᠠᠵᠤ ᠪᠠᠢᠯ᠎ᠠ᠃ ᠸᠠᠩ ᠡᠷᠭᠢᠵᠦ ᠶᠸᠸᠫᠡᠲ ᠲᠦ᠍ ᠬᠡᠯᠡᠭᠰᠡᠨ ᠨᠢ᠄
— ᠴᠢ ᠮᠠᠨ ᠤ᠋ ᠬᠠᠰᠬᠢᠷᠤᠭ᠎ᠠ ᠡᠳᠡ ᠨᠠᠷ ᠲᠠᠢ ᠶᠠᠷᠢᠵᠤ ᠴᠢᠳᠠᠨ᠎ᠠ ᠰᠢᠦ ᠳ᠋ᠠ᠂ ᠡᠳᠡ ᠨᠠᠷ ᠢ᠋ ᠲᠠᠢᠪᠤᠰᠢᠷᠠᠭᠤᠯᠵᠤ ᠦᠵᠡ᠃ ᠲᠡᠭᠡᠬᠦ ᠦᠭᠡᠢ ᠪᠣᠯ ᠡᠯᠴᠢ ᠨᠠᠷ ᠢ᠋ ᠤᠷᠠᠵᠤ ᠲᠠᠰᠤᠳᠠᠬᠤ ᠨᠢ ᠪᠠᠢᠨ᠎ᠠ ᠰᠢᠦ ᠭᠡᠪᠡ᠃
ᠶᠸᠧᠫᠡᠲ᠂ ᠸᠠᠩ ᠤ᠋ᠨ ᠪᠠᠢᠰᠢᠩ ᠤ᠋ᠨ ᠱᠠᠲᠤ ᠥᠭᠡᠳᠡ ᠭᠦᠶᠦᠨ ᠢᠷᠡᠵᠦ ᠰᠢᠬᠠᠴᠠᠯᠳᠤᠭᠰᠠᠨ ᠣᠯᠠᠨ ᠤ᠋ ᠵᠦᠭ ᠭᠠᠷ ᠡᠷᠭᠦᠨ ᠴᠢᠩᠭ᠎ᠠ ᠲᠣᠳᠣ ᠳᠠᠭᠤ ᠪᠠᠷ ᠬᠠᠰᠬᠢᠷᠬᠤ ᠨᠢ ᠬᠠᠮᠤᠭ ᠤ᠋ᠨ ᠵᠠᠬ᠎ᠠ ᠳ᠋ᠤ᠌ ᠠᠴᠢᠶ᠎ᠠ ᠲᠠᠢ ᠡᠪᠡᠰᠦᠨ ᠳᠡᠭᠡᠷ᠎ᠡ ᠰᠠᠭᠤᠵᠤ ᠪᠠᠢᠭ᠎ᠠ ᠲᠠᠷᠢᠶᠠᠴᠢᠳ ᠲᠸ᠋ ᠬᠦᠷᠲᠡᠯ᠎ᠡ ᠰᠣᠨᠣᠰᠳᠠᠵᠤ ᠪᠠᠢᠪᠠ᠃
— ᠰᠣᠨᠣᠰᠴᠠᠭ᠎ᠠ! ᠷᠶᠡᠽᠡᠨ ᠦ᠌ ᠠᠷᠠᠳ ᠤ᠋ᠳ ᠠ᠋! ᠤᠷᠢᠳᠤ ᠶ᠋ᠢᠨ ᠷᠶᠡᠽᠡᠨ ᠪᠣᠯ ᠬᠥᠳᠡᠭᠡ ᠭᠠᠵᠠᠷ ᠭᠡᠭᠡᠭᠳᠡᠵᠦ ᠪᠠᠢᠭᠰᠠᠨ᠂ ᠣᠳᠣ ᠶ᠋ᠢᠨ ᠷᠶᠡᠽᠡᠨ ᠪᠣᠯ ᠨᠡᠢᠰᠯᠡᠯ ᠬᠣᠲᠠ ᠭᠡᠵᠦ ᠨᠡᠷᠡᠯᠡᠭᠳᠡᠨ᠎ᠡ᠃ ᠡᠢᠮᠦ ᠬᠣᠲᠠ ᠳ᠋ᠤ᠌ ᠲᠠᠷᠢᠶᠠᠴᠢᠳ ᠤ᠋ᠨ ᠪᠦᠳᠦᠭᠦᠯᠢᠭ ᠵᠠᠩ ᠲᠣᠬᠢᠷᠠᠬᠤ ᠦᠭᠡᠢ᠂ ᠬᠠᠷᠢᠨ ᠤᠶᠠᠬᠠᠨ ᠡᠪᠯᠢᠭ ᠢᠨᠢᠶᠡᠮᠰᠦᠭᠯᠡᠭᠰᠡᠨ ᠪᠠᠢᠬᠤ ᠬᠡᠷᠡᠭᠲᠡᠢ᠃ ᠭᠠᠳᠠᠭᠠᠳᠤ ᠶ᠋ᠢᠨ ᠡᠯᠴᠢᠨ ᠢ᠋ ᠬᠠᠷᠢᠶᠠᠯ ᠢ᠋ᠶ᠋ᠠᠷ ᠤᠭᠲᠤᠵᠤ᠂ ᠨᠣᠬᠠᠢ ᠪᠠᠷ ᠦᠳᠡᠵᠦ ᠪᠣᠯᠬᠤ ᠦᠭᠡᠢ᠃ ᠲᠠᠨᠠᠷ ᠪᠣᠯ ᠴᠥᠮ ᠢ᠋ᠶ᠋ᠡᠷ ᠷᠶᠠᠽᠠᠨ ᠳ᠋ᠤ᠌ ᠬᠥᠮᠦᠵᠢᠭᠰᠡᠨ ᠴᠢᠳᠠᠮᠠᠭᠠᠢ ᠬᠥᠮᠦᠰ᠂ ᠨᠢᠭᠤᠷ ᠢ᠋ᠶ᠋ᠠᠷ ᠢ᠋ᠶ᠋ᠠᠨ ᠰᠢᠪᠠᠷ ᠲᠸ᠋ ᠪᠤᠤ ᠤᠨᠠᠭᠲᠤᠨ! ᠪᠦᠷᠭᠦᠳ ᠰᠢᠭ᠌ ᠭᠠᠷᠴᠤ ᠢᠷᠡᠭᠲᠦᠨ! ᠭᠡᠬᠦ ᠳ᠋ᠦ᠍ᠨᠢ᠂
— ᠬᠦ᠋᠂ ᠬᠦ᠋᠂ ᠬᠦ᠋ ᠮᠠᠨ ᠤ᠋ ᠶᠸᠧᠫᠠᠲ ᠤ᠋ᠨ ᠤᠷᠤᠰᠬᠠᠵᠤ ᠪᠠᠢᠭ᠎ᠠ ᠨᠢ ᠭᠡᠵᠦ ᠱᠤᠤᠭᠢᠯᠳᠤᠪᠠ᠃
— ᠮᠣᠩᠭᠣᠯ ᠤ᠋ᠨ ᠡᠯᠴᠢ ᠨᠤᠭᠦᠳ ᠪᠢᠳᠡᠨ ᠡᠴᠡ ᠶᠡᠬᠡ ᠶᠠᠭᠤᠮ᠎ᠠ ᠬᠦᠰᠡᠵᠦ ᠪᠠᠢᠨ᠎ᠠ᠃ ᠫᠣᠯᠤᠸᠸᠼᠠ ᠨᠤᠭᠤᠳ ᠲᠠᠢ ᠮᠣᠷᠢᠨ ᠤ᠋ ᠬᠤᠳᠠᠯᠳᠤᠭ᠎ᠠ ᠬᠢᠵᠦ ᠪᠠᠢᠬᠤ ᠳ᠋ᠤ᠌ ᠭᠤᠷᠪᠠᠨ ᠳᠠᠪᠬᠤᠷ ᠦᠨ᠎ᠡ ᠬᠡᠯᠡᠳᠡᠭ ᠪᠠᠢᠭᠰᠠᠨ ᠦᠭᠡᠢ ᠪᠢᠯᠢᠤ? ᠲᠡᠭᠦᠨ ᠲᠡᠢ ᠠᠳᠠᠯᠢ ᠶᠠᠭᠤᠮ᠎ᠠ ᠰᠢᠪ ᠳ᠋ᠠ᠃ ᠲᠠᠨᠠᠷ ᠲᠸ᠋ ᠪᠠᠶᠠᠷᠯᠠᠯ᠎ᠠ᠃ ᠡᠷᠬᠢᠮ ᠵᠣᠴᠢᠳ ᠢ᠋ᠶ᠋ᠠᠨ ( ᠲᠤ᠌ ᠪᠠᠨ )᠄ᠪᠢᠳᠡ ᠪᠣᠯ ᠡᠵᠡᠳ ᠨᠢ ᠪᠢᠰᠢ᠂ ᠪᠢᠳᠡᠨᠡᠷ ᠬᠠᠷᠢᠭᠤᠯᠵᠤ ᠴᠢᠳᠠᠬᠤ ᠦᠭᠡᠢ ᠭᠡᠵᠦ ᠠᠶᠠᠲᠠᠢ ᠦᠭᠡ ᠬᠡᠯᠡᠭᠡᠳ ᠪᠢᠳᠡᠨ ᠦ᠌ ᠳᠡᠭᠡᠷ᠎ᠡ ᠠᠭᠤᠤ ᠶᠡᠬᠡ ᠸᠠᠩ ᠸᠰᠧᠸᠤᠯᠤᠳᠤᠸᠢᠴ ᠡᠵᠡᠨ ᠨᠡᠢᠰᠯᠡᠯ ᠬᠣᠲᠠ ᠸᠯᠠᠳᠢᠮᠢᠷ— ᠰᠦᠽᠳᠠᠯᠢ ᠳ᠋ᠤ᠌ ᠰᠠᠭᠤᠵᠤ ᠪᠠᠢᠳᠠᠭ ᠶᠤᠮ ᠭᠡᠵᠦ ᠬᠡᠯᠡᠭᠡᠳ ᠪᠢᠳᠡ ᠮᠣᠩᠭᠣᠯ ᠤ᠋ᠨ ᠪᠠᠲᠤ ᠬᠠᠭᠠᠨ ᠤ᠋ ᠡᠯᠴᠢᠨ ᠨᠠᠷ ᠢ᠋ ᠶᠡᠬᠡ ᠸᠠᠩ ᠳ᠋ᠤ᠌ ᠣᠴᠢᠭᠤᠯᠬᠤ ᠬᠡᠷᠡᠭᠲᠡᠢ᠂ ᠭᠡᠬᠦ ᠳ᠋ᠡᠭᠡᠨ ᠡᠳᠡ ᠡᠯᠴᠢᠨ ᠨᠤᠭᠦᠳ ᠢ᠋ ᠶᠣᠰᠣ ᠬᠦᠨᠳᠦᠳᠬᠡᠯ ᠲᠡᠢ ᠪᠡᠷ ᠪᠠᠭᠠᠪᠠᠭᠠᠢ ᠶ᠋ᠢᠨ ᠠᠷᠠᠰᠤ ᠨᠥᠮᠥᠷᠥᠭᠦᠯᠵᠦ ᠬᠤᠩᠬ᠎ᠠ ᠮᠣᠯᠴᠣᠭ ᠪᠣᠯᠤᠭᠰᠠᠨ ᠴᠢᠷᠭᠠᠨ ᠳᠡᠭᠡᠷ᠎ᠡ ᠬᠡᠪᠢᠰ ᠳᠡᠪᠢᠰᠴᠦ ᠶᠠᠪᠤᠭᠤᠯᠬᠤ ᠬᠡᠷᠡᠭᠲᠡᠢ᠃ ᠲᠡᠭᠡᠭᠡᠳ ᠶᠡᠬᠡ ᠸᠠᠩ ᠭᠧᠦᠷᠬᠢ ᠸᠰᠧᠸᠤᠯᠤᠳᠤᠸᠢᠴ ᠡᠳᠡᠨ ᠳ᠋ᠦ᠍ ᠥᠪᠡᠷ ᠦ᠋ᠨ ᠢ᠋ᠶ᠋ᠡᠨ ᠦᠭᠡ ᠶ᠋ᠢ ᠬᠡᠯᠡᠵᠦ ᠲᠠᠷᠢᠶᠠᠴᠢᠨ ᠤ᠋ ᠠᠷᠪᠠᠨ ᠤ᠋ ᠨᠢᠭᠡ᠂ ᠮᠥᠨ ᠠᠷᠪᠠᠨ ᠤ᠋ ᠨᠢᠭᠡ ᠮᠣᠷᠢ ᠪᠠᠨ ᠲᠠᠲ᠋ᠠᠷ ᠤ᠋ᠳ ᠲᠤ᠌ ᠥᠭᠬᠦ ᠳ᠋ᠦ᠍ ᠡᠰᠡᠪᠡᠯ ᠲᠠᠲᠠᠭᠠᠯᠵᠠᠬᠤ ᠤᠤ᠂ ᠲᠡᠳᠡ ᠨᠠᠷ ᠰᠢᠢᠳᠦᠨ᠎ᠡ ᠪᠢᠵᠡ? ᠭᠡᠬᠦ ᠳ᠋ᠦ᠍ᠨᠢ᠄
— ᠵᠥᠪ᠂ ᠶᠧᠸᠫᠡᠲ ᠵᠥᠪ ᠬᠡᠯᠡᠵᠦ ᠪᠠᠢᠨ᠎ᠠ ᠭᠡᠪᠡ᠃
— ᠵᠣᠴᠢᠳ ᠢ᠋ ᠸᠯᠠᠳᠢᠮᠢᠷ ᠬᠣᠲᠠᠨ ᠳ᠋ᠤ᠌ ᠬᠦᠷᠭᠡᠶ᠎ᠡ ᠭᠡᠵᠡᠭᠡᠪᠡ᠃
— ᠣᠳᠣ ᠸᠠᠩ ᠶᠥᠷᠢ ᠢᠩᠬ᠌ᠸᠨᠷᠸᠸᠢᠴ ᠡᠷᠬᠢᠮ ᠵᠣᠴᠢᠳ ᠢ᠋ ᠥᠪᠡᠷ ᠦ᠋ᠨ ᠪᠠᠢᠰᠢᠩ ᠳ᠋ᠤ᠌ ᠤᠷᠢᠵᠤ ᠲᠠᠯᠬ᠎ᠠ᠂ ᠳᠠᠪᠤᠰᠤ᠂ ᠨᠠᠷᠢᠨ ᠪᠣᠣᠪᠣ ᠲᠡᠷᠢᠭᠦᠲᠡᠨ ᠢ᠋ ᠵᠣᠭᠣᠭᠯᠠᠬᠤ ᠶ᠋ᠢ ᠬᠦᠰᠡᠪᠡ ᠭᠡᠵᠦ ᠶᠸᠧᠫᠡᠲ ᠡᠯᠴᠢ ᠳ᠋ᠦ᠍ ᠬᠡᠯᠡᠪᠡ᠃ ᠡᠯᠴᠢ ᠨᠤᠭᠦᠳ ᠱᠠᠲᠤᠨ ᠳᠡᠭᠡᠷ᠎ᠡ ᠡᠴᠡ ᠬᠣᠯᠠᠳᠠᠯ᠎ᠠ᠃ ᠲᠠᠯᠠᠪᠠᠢ ᠳᠡᠭᠡᠷ᠎ᠡ ᠪᠠᠢᠭ᠎ᠠ ᠬᠥᠮᠦᠰ ᠤᠳᠠᠲᠠᠯ᠎ᠠ ᠲᠠᠷᠬᠠᠭᠰᠠᠨ ᠦᠭᠡᠢ᠂ ᠰᠡᠳᠬᠢᠯ ᠬᠥᠳᠡᠯᠦᠨ ᠥᠭᠦᠯᠡᠯᠴᠡᠬᠦ ᠨᠢ᠄ ᠲᠥᠷᠥᠭᠰᠡᠨ ᠭᠠᠵᠠᠷ ᠤ᠋ᠨ ᠲᠥᠯᠥᠭᠡ ᠠᠮᠢ ᠪᠠᠨ ᠬᠠᠢᠷᠠᠯᠠᠬᠤ ᠦᠭᠡᠢ ᠲᠡᠮᠡᠴᠡᠨ᠎ᠡ᠃ᠮᠠᠭᠤ ᠬᠤᠯᠠᠭᠠᠢᠴᠢᠳ ᠢ᠋ ᠷᠶᠡᠽᠡᠨ ᠦ᠌ ᠭᠠᠵᠠᠷ ᠣᠷᠣᠵᠤ ᠢᠷᠡᠵᠦ ᠠᠮᠵᠢᠭ᠎ᠠ ᠦᠭᠡᠢ ᠪᠠᠢᠬᠤ ᠳ᠋ᠤᠨᠢ ᠬᠥᠭᠡᠭᠡᠬᠦ ᠬᠡᠷᠡᠭᠲᠡᠢ ᠭᠡᠯᠴᠡᠨ᠎ᠡ᠃ ᠸᠠᠩ ᠲᠠᠲ᠋ᠠᠷ ᠤ᠋ᠨ ᠡᠯᠴᠢ ᠨᠠᠷ ᠢ᠋ ᠨᠡᠷ᠎ᠡ ᠲᠡᠢ ᠲᠥᠷᠥ ᠲᠡᠢ ᠵᠣᠴᠢᠯᠠᠵᠠᠢ᠃ ᠵᠠᠷᠤᠴᠠ ᠨᠠᠷ ᠡᠯᠳᠡᠪ ᠠᠮᠲᠠᠲᠤ ᠢᠳᠡᠭᠡᠨ ᠨᠤᠭᠦᠳ ᠢ᠋ ᠲᠣᠭ᠎ᠠ ᠦᠭᠡᠢ ᠣᠯᠠᠨ ᠢ᠋ᠶ᠋ᠠᠷ ᠠᠪᠴᠢᠷᠠᠵᠤ ᠪᠠᠢᠯ᠎ᠠ᠃ ᠡᠯᠴᠢ ᠨᠤᠭᠦᠳ ᠦ᠋ᠨ ᠬᠠᠮᠲᠤ ᠪᠠᠷ ᠭᠠᠵᠠᠷ ᠤ᠋ᠨ ᠡᠵᠡᠳ ᠪᠣᠯᠤᠨ ᠪᠤᠰᠤᠳ ᠬᠠᠭᠤᠴᠢᠨ ᠴᠡᠷᠢᠭ ᠣᠷᠣᠢ ᠶ᠋ᠢᠨ ᠬᠣᠭᠣᠯᠠ ᠶ᠋ᠢ ᠢᠳᠡᠵᠡᠢ᠃ ᠡᠯᠴᠢ ᠨᠤᠭᠦᠳ ᠮᠠᠰᠢ ᠪᠠᠭ᠎ᠠ ᠢᠳᠡᠯ᠎ᠡ᠃ ᠢᠳᠡᠬᠦ ᠶ᠋ᠢᠨ ᠡᠮᠦᠨ᠎ᠡ ᠬᠡᠰᠡᠭ ᠲᠠᠯᠬ᠎ᠠ ᠪᠦᠬᠦᠨ ᠢ᠋ ᠦᠨᠦᠷᠯᠡᠨ ᠦᠵᠡᠬᠦ ᠶ᠋ᠢᠨ ᠳᠡᠭᠡᠷ᠎ᠡ ᠵᠢᠮᠢᠰ ᠦ᠋ᠨ ᠠᠷᠢᠬᠢ᠂ ᠵᠥᠭᠡᠢ ᠶ᠋ᠢᠨ ᠪᠠᠯ ᠠ᠋ᠴᠠ ᠶᠡᠷᠦ ᠲᠤᠷᠰᠢᠵᠤ ᠦᠵᠡᠭᠰᠡᠨ ᠦᠭᠡᠢ ᠪᠢᠯᠡ᠃ ᠦᠳᠡᠰᠢ ᠶ᠋ᠢᠨ ᠬᠣᠭᠣᠯᠠᠨ ᠤ᠋ ᠳᠠᠷᠠᠭ᠎ᠠ ᠰᠦᠯᠵᠢᠮᠡᠯ ᠪᠤᠷᠭᠠᠰᠤᠨ ᠬᠠᠰᠢᠯᠭ᠎ᠠ ᠲᠠᠢ ᠦᠰᠦᠯᠢᠭ ᠠᠷᠠᠰᠤ ᠲᠠᠯᠪᠢᠵᠤ ᠲᠠᠲᠠᠭᠰᠠᠨ ᠴᠢᠷᠭ᠎ᠠ ᠨᠤᠭᠤᠳ ᠢ᠋ ᠱᠠᠲᠤᠨ ᠤ᠋ ᠳᠡᠷᠭᠡᠳᠡ ᠪᠡᠯᠡᠬᠡᠨ ᠪᠠᠢᠯᠭᠠᠭᠰᠠᠨ ᠳ᠋ᠤ᠌ ᠡᠯᠴᠢ ᠨᠤᠭᠦᠳ ᠴᠢᠷᠭ᠎ᠠ ᠪᠠᠷ ᠶᠠᠪᠤᠬᠤ ᠦᠭᠡᠢ ᠭᠡᠵᠦ ᠥᠪᠡᠷᠰᠡᠳ ᠦ᠋ᠨ ᠢ᠋ᠶ᠋ᠡᠨ ᠮᠣᠷᠢ ᠶ᠋ᠢ ᠤᠨᠤᠵᠤ ᠬᠥᠳᠡᠯᠪᠡ᠃ ᠮᠠᠭᠠᠳ ᠦᠭᠡᠢ ᠡᠯᠴᠢ ᠨᠤᠭᠦᠳ ᠵᠠᠮ ᠳ᠋ᠠᠭᠠᠨ ᠤᠨᠲᠠᠬᠤ ᠶ᠋ᠢ ᠬᠦᠰᠡᠵᠦ ᠪᠣᠯᠤᠨ᠎ᠠ ᠭᠡᠵᠦ ᠸᠠᠩ ᠠ᠋ᠴᠠ ᠴᠢᠷᠭ᠎ᠠ ᠶ᠋ᠢ ᠳᠠᠭᠠᠭᠤᠯᠤᠨ ᠬᠠᠮᠠᠭᠠᠯᠠᠯ ᠳ᠋ᠤ᠌ ᠲᠠᠪᠢᠨ ᠮᠣᠷᠢ ᠲᠠᠢ ᠴᠡᠷᠢᠭ ᠢ᠋ ᠥᠭᠴᠦ ᠥᠪᠡᠷ ᠢ᠋ᠶ᠋ᠡᠨ ᠡᠯᠴᠢᠨ ᠨᠠᠷ ᠢ᠋ ᠡᠭᠦᠳᠡ ᠬᠦᠷᠲᠡᠯ᠎ᠡ ᠭᠠᠷᠭᠠᠵᠤ ᠥᠭᠭᠦᠭᠡᠳ ᠶᠸᠸᠫᠠᠲ ᠢ ᠳᠠᠭᠤᠳᠠᠵᠤ ᠬᠡᠯᠡᠭᠰᠡᠨ ᠨᠢ:
—ᠮᠢᠨᠦ ᠵᠢᠷᠦᠬᠡ᠂ ᠵᠡᠷᠯᠢᠭ ᠲᠠᠯ᠎ᠠ ᠠ᠋ᠴᠠ ᠠᠶᠤᠮᠰᠢᠭᠲᠤ ᠡᠭᠦᠯᠡ ᠮᠠᠨ ᠤ᠋ ᠵᠦᠭ ᠢᠷᠡᠬᠦ ᠶ᠋ᠢ ᠮᠡᠳᠡᠨ ᠲᠦᠭᠰᠢᠵᠦ ᠪᠠᠢᠨ᠎ᠠ᠃ ᠰᠡᠯᠡᠮ᠎ᠡ ᠪᠠᠷᠢᠵᠤ ᠴᠢᠳᠠᠬᠤ ᠬᠥᠮᠦᠨ ᠪᠦᠬᠦᠨ ᠢ᠋ ᠬᠦᠴᠦᠨ ᠲᠤᠰᠠᠯᠠᠭᠤᠯᠬᠤ ᠪᠠᠷ ᠳᠠᠢᠴᠢᠯᠠᠬᠤ ᠬᠡᠷᠡᠭᠲᠡᠢ᠃ ᠮᠣᠩᠭᠣᠯ ᠤ᠋ᠨ ᠡᠯᠴᠢ ᠨᠤᠭᠦᠳ ᠦ᠋ᠨ ᠬᠠᠮᠲᠤᠪᠠᠷ ᠸᠯᠠᠳ᠋ᠢᠮᠢᠷ ᠲᠸ᠋ ᠳᠡᠭᠦᠦ ᠪᠡᠨ ᠶᠠᠪᠤᠭᠤᠯᠵᠤ ᠰᠦᠽᠳᠠᠯᠢ ᠶ᠋ᠢᠨ ᠪᠣᠯᠣᠳ ᠷᠤᠰᠲ᠋ᠤᠸ ᠤ᠋ᠨ ᠪᠸᠯᠤᠽᠸᠷᠸᠺ ᠤ᠋ᠨ ᠪᠦᠬᠦ ᠠᠷᠠᠳ ᠢᠷᠭᠡᠳ ᠢ᠋ ᠪᠣᠰᠬᠠᠵᠤ ᠶᠡᠬᠡ ᠨᠤᠸᠭᠤᠷᠤᠳ᠋ ᠢ᠋ᠶ᠋ᠠᠷ ᠲᠤᠰᠠᠯᠠᠭᠤᠯᠬᠤ ᠪᠠᠷ ᠤᠷᠢᠶᠠᠯᠠᠵᠤ ᠥᠭᠬᠦ ᠶ᠋ᠢ ᠶᠡᠬᠡ ᠸᠠᠩ ᠭᠸᠣᠷᠬᠢ ᠸᠰᠸᠸᠤᠯᠤᠳᠤᠸᠢ᠍ᠴ ᠠ᠋ᠴᠠ ᠭᠤᠶᠤᠯᠭᠠᠯᠠ᠃ ᠪᠢᠳᠡ ᠡᠨᠳᠡ᠂ ᠲᠡᠳᠡ ᠨᠠᠷ ᠲᠠᠢ ᠬᠡᠯᠡᠯᠴᠡᠭᠡ ᠬᠢᠵᠦ ᠪᠠᠢᠬᠤ ᠬᠣᠭᠣᠷᠣᠨᠳᠣ ᠲᠡᠳᠡ ᠲᠠᠲ᠋ᠠᠷ ᠤ᠋ᠳ ᠲᠠᠢ ᠪᠠᠢᠯᠳᠤᠬᠤ ᠪᠠᠷ ᠡᠨᠳᠡ ᠶᠠᠭᠠᠷᠠᠨ ᠬᠦᠷᠦᠯᠴᠡᠵᠦ ᠢᠷᠡᠬᠦ ᠬᠡᠷᠡᠭᠲᠡᠢ ᠪᠠᠢᠨ᠎ᠠ᠃ ᠵᠡᠷᠯᠢᠭ ᠲᠠᠯ᠎ᠠ ᠳᠠᠰᠢ ᠲᠠᠲ᠋ᠠᠷ ᠤ᠋ᠨ ᠬᠠᠭᠠᠨ ᠳ᠋ᠤ᠌ ᠥᠪᠡᠷ ᠦ᠋ᠨ ᠬᠦᠦ ᠫᠧᠲ᠋ᠷ ᠢ᠋ ᠪᠡᠯᠡᠭ ᠦ᠋ᠨ ᠬᠠᠮᠲᠤ ᠮᠥᠨ ᠤᠬᠠᠭᠠᠨᠲᠠᠢ ᠭᠠᠵᠠᠷ ᠤ᠋ᠨ ᠡᠵᠡᠳ ᠪᠠᠶᠠᠨ ᠢ᠋ ᠳᠠᠭᠠᠯᠳᠤᠭᠤᠯᠤᠨ ᠶᠠᠪᠤᠭᠤᠯᠵᠤ ᠪᠠᠲᠤ ᠬᠠᠭᠠᠨ ᠢ᠋ ᠠᠷᠭᠠᠳᠠᠭᠤᠯᠤᠶᠠ᠂ ᠶᠸᠧᠫᠡᠲ ᠴᠢ ᠶᠠᠪᠤᠵᠤ ᠴᠧᠷᠨᠢᠭᠤᠸ ᠲᠸ᠋ ᠣᠴᠢᠵᠤ ᠸᠠᠩ ᠮᠢᠬᠠᠢᠯ ᠢ᠋ ᠭᠤᠶᠤᠵᠤ ᠲᠡᠭᠦᠨ ᠦ᠌ ᠴᠡᠷᠢᠭ ᠢ᠋ ᠬᠦᠴᠦᠨ ᠲᠤᠰᠠᠯᠠᠭᠤᠯᠬᠤ ᠪᠠᠷ ᠨᠠᠰᠢ ᠶᠠᠪᠤᠭᠤᠯ᠂ ᠳᠠᠰᠢ ᠪᠠᠨ ᠥᠭᠡᠷ᠎ᠡ ᠬᠥᠮᠦᠨ ᠶᠠᠪᠤᠭᠤᠯᠬᠤ ᠪᠠᠢᠭᠰᠠᠨ ᠪᠣᠯᠪᠠᠴᠤ ᠢᠷᠡᠬᠦ ᠴᠥ᠍ ᠦᠭᠡᠢ᠂ ᠴᠡᠷᠢᠭ ᠴᠦ᠍ ᠠᠪᠴᠢᠷᠠᠬᠤ ᠦᠭᠡᠢ ᠪᠣᠯ ᠤᠤ ᠭᠡᠵᠦ ᠠᠶᠤᠨ᠎ᠠ᠃ ᠶᠸᠧᠫᠡᠲ ᠴᠢᠮᠠᠶ᠋ᠢ ᠪᠢ ᠮᠡᠳᠡᠨ᠎ᠡ ᠰᠢᠦ᠂ ᠥᠪᠡᠷ ᠦ᠋ᠨ ᠴᠢᠰᠤᠨ ᠪᠠᠷᠢᠯᠳᠤᠯᠭ᠎ᠠ ᠲᠠᠢ ᠠᠬ᠎ᠠ ᠳᠡᠭᠦᠦ ᠪᠣᠯᠬᠤ ᠷᠶᠡᠽᠡᠨ ᠦ᠌ ᠬᠥᠮᠦᠨ ᠳ᠋ᠦ᠍ ᠵᠣᠬᠢᠬᠤ ᠴᠠᠭ ᠲᠸ᠋ ᠢᠷᠡᠵᠦ ᠬᠦᠴᠦᠨ ᠲᠤᠰᠠᠯᠠ ᠭᠡᠵᠦ ᠬᠡᠯᠡ! ᠮᠢᠨᠦ ᠠᠳᠤᠭᠤᠨ ᠠ᠋ᠴᠠ ᠰᠣᠯᠢᠵᠤ ᠤᠨᠤᠬᠤ ᠮᠣᠷᠢ ᠬᠡᠴᠢᠨᠡᠨ ᠬᠡᠷᠡᠭ ᠲᠡᠢ ᠪᠣᠯ ᠠᠪᠤᠭᠲᠤᠨ! ᠲᠡᠭᠡᠭᠡᠳ ᠬᠤᠷᠳᠤᠨ ᠡᠷᠭᠢᠵᠦ ᠢᠷᠡᠭᠲᠦᠨ!
ᠶᠸᠧᠫᠡᠲ ᠲᠡᠷᠡ ᠰᠥᠨᠢ ᠳ᠋ᠡᠭᠡᠨ ᠴᠧᠷᠨᠢᠭᠤᠸ ᠳᠠᠰᠢ ᠳᠠᠪᠬᠢᠨ ᠣᠳᠤᠯ᠎ᠠ᠃
ᠦᠰᠦᠭ ᠠᠮᠢᠯᠠᠭᠤᠯᠤᠭᠴᠢ᠄ ᠭᠡᠷᠡᠯ᠂ ᠬᠡᠷᠡᠢᠳ· ᠮᠥᠩᠬᠡᠨᠠᠰᠤᠨ᠂ ᠠᠯᠲᠠᠨᠴᠢᠮᠡᠭ᠂ ᠪᠠᠶᠠᠨᠴᠡᠴᠡᠭ
ᠬᠢᠨᠠᠭᠴᠢ᠄ ᠲ· ᠬᠦᠮᠦᠵᠢᠯᠲᠦ᠂ ᠠᠷᠢᠭᠤᠨ᠂ ᠪᠠᠶᠠᠨᠴᠡᠴᠡᠭ᠂ ᠠᠯᠲᠠᠨᠴᠢᠮᠡᠭ