ᠪᠠᠲᠤ ᠬᠠᠭᠠᠨ 3-06ᠷᠶᠡᠽᠡᠨ ᠦ᠌ ᠬᠤᠷᠠᠯ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ
ᠵᠢᠷᠭᠤᠭ᠎ᠠ ᠷᠶᠡᠽᠡᠨ ᠦ᠌ ᠬᠤᠷᠠᠯ
ᠴᠡᠴᠡᠭᠯᠡᠨ ᠪᠠᠢᠭᠰᠠᠨ ᠠᠯᠳᠠᠷ ᠤ᠋ᠨ ᠴᠢᠨᠢ ᠦᠶ᠎ᠡ ᠬᠠᠮᠢᠭ᠎ᠠ ᠣᠴᠢᠪᠠ? ᠴᠢᠨᠦ ᠳᠠᠭᠤ ᠨᠣᠶᠠᠨ ᠤ᠋ ᠲᠠᠰᠢᠭᠤᠷ᠂ ᠱᠤᠤᠭᠢᠶᠠᠨ ᠲᠠᠢ ᠬᠤᠷᠠᠯ ᠳᠡᠭᠡᠷ᠎ᠡ
ᠵᠡᠰ ᠮᠡᠲᠦ ᠬᠠᠩᠭᠢᠨᠠᠵᠤ ᠪᠠᠢᠭᠰᠠᠨ ᠪᠢᠵᠡ? ᠳᠤᠭᠤᠯᠭᠠᠪᠤᠷᠢᠲᠠᠢ ᠬᠥᠪᠡᠭᠦᠳ ᠢ᠋ᠶ᠋ᠡᠨ ᠰᠢᠭᠦᠬᠦ ᠳ᠋ᠦ᠍ ᠳᠠᠭᠤᠳᠠᠪᠠᠤ᠂ ᠡᠰᠡᠬᠦᠯ᠎ᠡ ᠴᠢᠰᠤᠲᠤ
ᠵᠣᠳᠣᠯᠳᠤᠭᠠᠨ ᠳ᠋ᠤ᠌ ᠳᠠᠭᠤᠳᠠᠪᠠᠤ? ᠠᠯᠢ ᠨᠢ ᠪᠣᠯᠬᠤ ᠶ᠋ᠢ ᠠᠭᠤᠤ ᠶᠡᠬᠡ ᠬᠣᠲᠠ ᠴᠢ ᠬᠠᠷᠢᠭᠤᠯᠵᠤ ᠠᠯᠢ!
(ᠳ᠂ ᠮ᠂ ᠸᠸᠨ᠋ᠸᠸᠢᠲ᠋ᠢᠺᠣᠸ)
ᠬᠤᠷᠠᠯ ᠤ᠋ᠨ ᠬᠤᠩᠬ᠎ᠠ ᠥᠷᠯᠥᠭᠡᠭᠦᠷ ᠬᠠᠩᠭᠢᠨᠠᠵᠤ ᠠᠷᠠᠳ ᠤ᠋ᠳ ᠢ᠋( ᠤᠨ)ᠴᠤᠭᠯᠠᠷᠠᠬᠤ ᠶ᠋ᠢ ᠳᠠᠭᠤᠳᠠᠪᠠ᠃ ᠲᠣᠭᠲᠠᠭᠤᠬᠠᠨ ᠬᠦᠢᠲᠡᠨ ᠠᠭᠠᠷ ᠲᠸ᠋ ᠥᠳᠬᠡᠨ ᠤᠷᠲᠤ ᠲᠠᠲᠠᠭᠰᠠᠨ ᠳᠠᠭᠤ ᠲᠠᠢ ᠬᠤᠩᠬ᠎ᠠ ᠣᠷᠴᠢᠨ ᠲᠣᠭᠣᠷᠢᠨ ᠢ᠋ ᠰᠣᠴᠢᠭᠠᠵᠤ ᠪᠠᠢᠯ᠎ᠠ᠃ ᠬᠣᠯᠠ ᠬᠥᠳᠡᠭᠡ ᠬᠦᠷᠲᠡᠯ᠎ᠡ ᠰᠣᠨᠣᠰᠤᠭᠳᠠᠭᠰᠠᠨ ᠲᠤᠯᠠ ᠬᠥᠮᠦᠰ ᠱᠠᠲᠤᠨ ᠳᠡᠭᠡᠷ᠎ᠡ ᠭᠠᠷᠴᠤ ᠰᠣᠨᠣᠰᠤᠭᠠᠳ᠂ ᠳᠡᠪᠡᠯ ᠮᠠᠯᠠᠭᠠᠢ ᠪᠠᠨ ᠲᠦᠷᠭᠡᠨ ᠡᠮᠦᠰᠴᠦ ᠶᠠᠪᠤᠵᠠᠭᠠᠨ᠎ᠠ᠃ ᠭᠣᠣᠯ ᠤ᠋ᠨ ᠬᠣᠶᠠᠷ ᠡᠷᠭᠢ ᠳᠠᠭᠠᠤ ᠴᠠᠰᠤᠨ ᠳᠡᠭᠡᠷ᠎ᠡ ᠬᠣᠲᠠ ᠣᠷᠣᠬᠤ ᠪᠠᠷ ᠶᠠᠪᠤᠬᠤ ᠲᠠᠷᠢᠶᠠᠴᠢᠳ ᠦᠵᠡᠭᠳᠡᠵᠦ ᠪᠠᠢᠯ᠎ᠠ᠃
— ᠬᠤᠷᠠᠯ ᠤ᠋ᠨ ᠬᠤᠩᠬ᠎ᠠ ᠴᠣᠬᠢᠬᠤ ᠶ᠋ᠢ ᠰᠣᠨᠣᠰᠪᠠᠤ? ᠨᠢᠭᠡ ᠶᠠᠭᠤᠮ᠎ᠠ ᠪᠣᠯᠵᠤ ᠳ᠋ᠠ ᠭᠡᠵᠦ ᠲᠠᠷᠢᠶᠠᠴᠢᠳ ᠬᠣᠭᠣᠷᠣᠨᠳᠣ ᠪᠠᠨ ᠶᠠᠷᠢᠯᠴᠠᠨ ᠶᠠᠪᠤᠨ᠎ᠠ᠃
ᠬᠠᠭᠤᠴᠢᠨ ᠷᠶᠡᠽᠡᠨ᠂ ᠤᠺᠠ ᠭᠣᠣᠯ ᠤ᠋ᠨ ᠥᠨᠳᠥᠷ ᠡᠭᠴᠡ ᠡᠷᠭᠢᠨ ᠳᠡᠭᠡᠷ᠎ᠡ ᠴᠠᠰᠤᠨ ᠳ᠋ᠤ᠌ ᠪᠤᠯᠠᠭᠳᠠᠭᠰᠠᠨ ᠲᠤᠯᠠ ᠮᠥᠩᠭᠥᠨ ᠥᠩᠭᠡᠲᠡᠢ ᠬᠠᠷᠠᠭᠳᠠᠨ᠎ᠠ᠃ ᠥᠨᠳᠥᠷ ᠰᠢᠪᠡᠷ ᠬᠡᠷᠡᠮ ᠬᠣᠲᠠ ᠶ᠋ᠢ ᠲᠣᠭᠣᠷᠢᠨ᠎ᠠ᠃ ᠬᠣᠲᠠ ᠶ᠋ᠢ ᠬᠦᠷᠢᠶᠡᠯᠡᠭᠰᠡᠨ ᠳᠣᠲᠣᠭᠠᠳᠤ ᠬᠡᠷᠡᠮ ᠢ᠋ ᠵᠠᠭᠤᠨ ᠵᠢᠯ ᠦ᠋ᠨ ᠴᠠᠷᠠᠰᠤ ᠮᠣᠳᠣ ᠪᠠᠷ ᠬᠠᠷᠠᠭᠤᠯ ᠤ᠋ᠨ ᠴᠠᠮᠬᠠᠭ ᠪᠡᠬᠢᠯᠡᠯᠲᠡ ᠶ᠋ᠢᠨ ᠬᠠᠮᠲᠤ ᠪᠠᠷᠢᠵᠤ ᠪᠤᠰᠬᠠᠭᠰᠠᠨ ᠲᠤᠯᠠ ᠷᠶᠡᠽᠡᠨ ᠰᠦᠷᠲᠡᠢ ᠪᠠᠲᠤ ᠴᠠᠢᠵᠠ ᠪᠠᠢᠵᠠᠢ᠃ ᠡᠨᠡ ᠷᠶᠡᠽᠡᠨ ᠬᠣᠲᠠ ᠶ᠋ᠢ ᠶᠠᠭᠤ ᠰᠦᠷᠳᠡᠭᠦᠯᠬᠦ ᠶᠤᠮ ᠪᠣᠢ? ᠶᠠᠭᠤᠨ ᠳ᠋ᠤ᠌ ᠢᠩᠭᠢᠵᠦ ᠬᠤᠷᠠᠯ ᠤ᠋ᠨ ᠭᠠᠤᠯᠢᠨ ᠬᠤᠩᠬ᠎ᠠ ᠲᠠᠰᠤᠷᠠᠯᠲᠠ ᠦᠭᠡᠢ ᠳᠤᠤᠭᠠᠷᠤᠨ᠎ᠠ ᠪᠣᠢ? ᠳᠠᠬᠢᠭᠠᠳ ᠸᠠᠩ ᠤ᠋ᠨ ᠪᠤᠳᠤᠯᠢᠶᠠᠨ ᠲᠠᠩᠳᠠᠪᠠᠤ? ᠳᠠᠬᠢᠭᠠᠳ ᠲᠠᠷᠢᠶᠠᠴᠢᠳ ᠢ᠋ ᠶᠠᠪᠤᠭᠤᠯᠵᠤ ᠨᠢᠭᠡ ᠨᠢᠭᠡᠨ ᠲᠡᠢ ᠨᠢ ᠠᠷᠪᠠᠨ ᠵᠢᠯ ᠦ᠋ᠨ ᠡᠮᠦᠨ᠎ᠡ ᠯᠢᠫᠢᠼ ᠭᠣᠣᠯ ᠳᠡᠭᠡᠷ᠎ᠡ ᠴᠣᠬᠢᠭᠤᠯᠤᠭᠰᠠᠨ ᠲᠠᠢ ᠠᠳᠠᠯᠢ ᠴᠣᠬᠢᠭᠤᠯᠬᠤ ᠭᠡᠪᠡ ᠤᠤ? ᠡᠨᠡ ᠪᠦᠬᠦᠨ ᠶᠠᠭᠤᠨ ᠤ᠋ ᠲᠥᠯᠥᠭᠡ ᠶᠤᠮ ᠪᠣᠢ? ᠥᠪᠡᠷ ᠦ᠋ᠨ ᠬᠦᠵᠦᠭᠦᠨ ᠳᠡᠭᠡᠷ᠎ᠡ ᠡᠴᠡ ᠨᠢᠭᠡ ᠸᠠᠩ ᠢ᠋ ᠲᠦᠯᠬᠢᠵᠦ ᠤᠨᠠᠭᠠᠭᠠᠳ ᠳᠠᠬᠢᠭᠠᠳ ᠨᠢᠭᠡ ᠶ᠋ᠢ ᠰᠠᠭᠤᠯᠭᠠᠬᠤ ᠶ᠋ᠢᠨ ᠲᠤᠯᠠᠳᠠ ᠤᠤ? ᠸᠠᠩ ᠤ᠋ᠳ ᠬᠣᠭᠣᠷᠣᠨᠳᠣ ᠪᠠᠨ ᠵᠠᠨᠴᠢᠯᠳᠤᠪᠠᠯ ᠵᠠᠨᠴᠢᠯᠳᠤᠭ! ᠲᠠᠷᠢᠶᠠᠴᠢᠳ ᠢ᠋ ᠶᠠᠭᠠᠬᠢᠬᠤ ᠭᠡᠵᠦ ᠬᠢᠳᠤᠯᠭ᠎ᠠ ᠶ᠋ᠢᠨ ᠭᠠᠵᠠᠷ ᠲᠠᠭᠤᠵᠤ ᠠᠪᠴᠢᠷᠠᠨ᠎ᠠ ᠪᠣᠢ? ᠹᠤᠲ᠋ᠢᠶᠠᠨᠤᠸ ᠪᠠᠭᠠᠨ᠎ᠠ ᠶ᠋ᠢᠨ ᠳᠡᠷᠭᠡᠳᠡᠬᠢ ᠰᠤᠺᠤᠯᠢᠶᠠᠢ ᠠᠭᠤᠯᠠ ᠳᠡᠭᠡᠷᠡᠬᠢ ᠲᠠᠯᠠᠪᠠᠢ ᠤᠷᠢᠳᠤ ᠵᠡᠭᠡᠯᠢ ᠶ᠋ᠢᠨ ᠶᠠᠮᠠᠷ ᠪᠠᠢᠳᠠᠭᠴᠢᠯᠠᠨ ᠲᠠᠷᠢᠶ᠎ᠠ ᠭᠤᠷᠢᠯ( ᠭᠤᠯᠢᠷ)᠂ ᠬᠥᠯᠳᠡᠭᠰᠡᠨ ᠭᠠᠬᠠᠢ ᠪᠣᠯᠤᠨ ᠲᠤᠭᠤᠯ ᠤ᠋ᠨ ᠮᠢᠬ᠎ᠠ᠂ ᠰᠢᠪᠠᠷ ᠰᠠᠪᠠ᠂ ᠮᠣᠳᠣᠨ ᠬᠤᠪᠢᠩ ᠪᠣᠯᠤᠨ ᠪᠤᠰᠤᠳ ᠶᠠᠭᠤᠮᠠᠰ ᠢ᠋ ᠠᠴᠢᠭᠰᠠᠨ ᠲᠠᠷᠢᠶᠠᠴᠢᠳ ᠤ᠋ᠨ ᠲᠡᠷᠭᠡ ᠪᠡᠷ ᠳᠦᠭᠦᠷᠡᠩ ᠪᠠᠢᠪᠠᠴᠤ ᠡᠨᠡ ᠡᠳᠦᠷ ᠵᠡᠭᠡᠯᠢ ᠶ᠋ᠢᠨ ᠲᠠᠯᠠᠪᠠᠢ ᠳ᠋ᠤ᠌ ᠴᠤᠭᠯᠠᠷᠠᠭᠰᠠᠨ ᠬᠥᠮᠦᠨ ᠨᠡᠩ ᠣᠯᠠᠨ ᠲᠤᠯᠠ ᠲᠠᠷᠢᠶᠠᠴᠢᠳ ᠤ᠋ᠨ ᠠᠵᠢᠯᠯᠠᠭ᠎ᠠ ᠲᠠᠢ ᠲᠡᠷᠭᠡ ᠨᠦ᠍ᠭᠦᠳ ᠬᠠᠯᠬᠠᠯᠠᠭᠳᠠᠵᠤ ᠦᠵᠡᠭᠳᠡᠬᠦ ᠶ᠋ᠢ ᠪᠣᠯᠢᠵᠠᠢ᠃
ᠲᠠᠷᠢᠶᠠᠴᠢᠳ ᠪᠣᠯᠤᠨ ᠬᠣᠲᠠ ᠶ᠋ᠢᠨ ᠪᠦᠰᠡᠭᠦᠢᠴᠦᠳ ᠲᠠᠯᠠᠪᠠᠢ ᠶ᠋ᠢᠨ ᠵᠦᠭ ᠪᠦᠬᠦᠨ ᠡᠴᠡ ᠢᠷᠡᠵᠦ᠂ ᠬᠤᠷᠠᠯᠳᠤᠭᠠᠨ ᠤ᠋ ᠰᠦᠮ᠎ᠡ ᠶ᠋ᠢᠨ ᠡᠮᠦᠨ᠎ᠡ ᠠᠭᠤᠯᠵᠠᠭᠤᠷ ᠳᠡᠭᠡᠷ᠎ᠡ ᠬᠦᠷᠦᠯᠴᠡᠨ ᠣᠴᠢᠭᠠᠳ ᠸᠠᠩ᠂ ᠬᠠᠲᠤᠨ ᠤ᠋ ᠬᠦᠷᠴᠦ ᠢᠷᠡᠳᠡᠭ ᠭᠠᠵᠠᠷ ᠣᠢᠷᠠᠲᠤᠬᠤ ᠶ᠋ᠢ ᠣᠷᠣᠯᠳᠣᠨ᠎ᠠ᠃ ᠳ᠋ᠢᠺᠦᠷᠣᠰ ᠪᠠ ᠲᠡᠭᠦᠨ ᠦ᠌ ᠫᠸᠷᠦᠨᠣᠸ ᠣᠢ ᠠ᠋ᠴᠠ ᠬᠠᠮᠲᠤ ᠢᠷᠡᠭᠰᠡᠨ ᠬᠥᠮᠦᠰ ᠬᠠᠮᠤᠭ ᠤ᠋ᠨ ᠤᠷᠢᠳ ᠬᠦᠷᠴᠦ ᠢᠷᠡᠪᠡᠯ ᠬᠣᠶᠠᠷ ᠵᠠᠯᠠᠭᠤ ᠬᠥᠮᠦᠨ ᠮᠠᠯᠠᠭᠠᠢ ᠪᠠᠨ ᠭᠡᠳᠡᠷᠭᠦ ᠲᠠᠯᠪᠢᠵᠤ ᠳᠡᠪᠡᠯ ᠢ᠋ᠶ᠋ᠡᠨ ᠵᠠᠳᠠᠭᠠᠢᠯᠠᠭᠠᠳ ᠰᠦᠮ᠎ᠡ ᠶ᠋ᠢᠨ ᠮᠣᠳᠣᠨ ᠪᠠᠭᠠᠨ᠎ᠠ ᠠ᠋ᠴᠠ ᠪᠡᠬᠢᠯᠡᠭᠰᠡᠨ ᠲᠣᠮᠣ ᠭᠠᠤᠯᠢ ᠶ᠋ᠢᠨ ᠬᠣᠩᠬᠠᠨ ᠤ᠋ ᠲᠡᠮᠦᠷ ᠬᠡᠯᠡ ᠶ᠋ᠢ ᠵᠠᠢᠮᠤᠷᠠᠭᠤᠯᠤᠨ ᠬᠤᠩᠬ᠎ᠠ ᠶ᠋ᠢ ᠳᠤᠤᠭᠠᠷᠭᠠᠵᠤ ᠪᠠᠢᠬᠤ ᠨᠢ ᠦᠵᠡᠭᠳᠡᠪᠡ᠃ ᠵᠢᠵᠢᠭ ᠬᠤᠩᠬ᠎ᠠ ᠨᠤᠭᠤᠳ ᠤ᠋ᠨ ᠳᠠᠭᠤ ᠲᠠᠰᠤᠷᠠᠭᠰᠠᠨ ᠤ᠋ ᠳᠠᠷᠠᠭ᠎ᠠ ᠰᠦᠮ᠎ᠡ ᠳᠣᠲᠣᠷ᠎ᠠ ᠠ᠋ᠴᠠ ᠭᠡᠵᠢᠭᠡ ᠪᠡᠨ ᠬᠦᠷᠦᠭᠰᠡᠨ ᠵᠠᠷᠤᠴᠠ ᠬᠡᠦᠬᠡᠨ ᠨᠦ᠍ᠭᠦᠳ ᠭᠦᠶᠦᠨ ᠭᠠᠷᠴᠤ ᠢᠷᠡᠭᠡᠳ ᠵᠠᠯᠠᠭᠤ ᠬᠣᠩᠬᠠᠴᠢᠨ ᠨᠤᠭᠤᠳ ᠲᠸ᠋ ᠤᠯᠠᠭᠠᠨ ᠠᠯᠴᠢᠭᠤᠷ ᠢ᠋ᠶ᠋ᠠᠷ ᠲᠣᠬᠢᠬᠤ ᠳ᠋ᠤ᠌ ᠬᠤᠩᠬ᠎ᠠ ᠴᠣᠬᠢᠬᠤ ᠶ᠋ᠢ ᠪᠣᠯᠢᠵᠤ ᠲᠡᠳᠡ ᠮᠠᠩᠨᠠᠢ ᠶ᠋ᠢᠨ ᠢ᠋ᠶ᠋ᠡᠨ ᠬᠥᠯᠥᠰᠥ ᠶ᠋ᠢ ᠠᠷᠴᠢᠪᠠ᠃
ᠣᠯᠠᠨ ᠬᠥᠮᠦᠰ ᠤᠯᠠᠮ ᠤᠷᠤᠭᠰᠢ ᠰᠢᠬᠠᠯᠴᠠᠯᠳᠤᠬᠣ ᠲᠤᠯᠠ ᠲᠠᠷᠢᠶᠠᠴᠢᠳ ᠠᠴᠢᠶᠠᠨ ᠳᠡᠭᠡᠷ᠎ᠡ ᠭᠠᠷᠴᠤ ᠰᠠᠭᠤᠵᠠᠭᠠᠪᠠ᠃ ᠵᠠᠷᠢᠮ ᠨᠢ ᠮᠣᠷᠢᠨ ᠳᠡᠭᠡᠷ᠎ᠡ ᠴᠥ᠍ ᠮᠣᠷᠳᠠᠬᠤ ᠦᠵᠡᠭᠳᠡᠨ᠎ᠡ᠃ ᠶᠠᠭᠤᠨ ᠳ᠋ᠤ᠌ ᠠᠷᠠᠳ ᠣᠯᠠᠨ ᠢ᠋ ᠳᠠᠭᠤᠳᠠᠭᠰᠠᠨ ᠲᠤᠬᠠᠢ ᠴᠥᠮ ᠢ᠋ᠶ᠋ᠡᠷ ᠰᠣᠨᠢᠷᠬᠠᠨ᠎ᠠ᠃ ᠰᠦᠮ᠎ᠡ ᠡᠴᠡ ᠤᠷᠲᠤ ᠪᠠᠷ ᠲᠠᠲᠠᠭᠰᠠᠨ ᠠᠶᠠᠯᠭᠤ ᠲᠠᠢ ᠳᠠᠭᠤᠤ ᠪᠠᠨ ᠳᠠᠭᠤᠯᠠᠭᠰᠠᠨ ᠮᠥᠷᠭᠥᠯ ᠦ᠋ᠨ ᠳᠠᠭᠤᠴᠢᠳ ᠭᠠᠷᠴᠤ ᠢᠷᠡᠪᠡ᠃ ᠲᠡᠳᠡ ᠨᠠᠷ ᠤ᠋ᠨ ᠬᠣᠢᠨ᠎ᠠ ᠠ᠋ᠴᠠ ᠳᠥᠷᠪᠡᠨ ᠬᠥᠮᠦᠨ ᠰᠠᠩ ᠤ᠋ᠨ ᠤᠲᠤᠭ᠎ᠠ ᠰᠠᠪᠰᠠᠭᠤᠯᠤᠨ ᠶᠠᠪᠤᠨ᠎ᠠ᠃ ᠲᠡᠭᠦᠨ ᠦ᠌ ᠳᠠᠷᠠᠭ᠎ᠠ ᠪᠠᠷ ᠠᠯᠲᠠᠨ ᠨᠥᠮᠥᠷᠭᠡ ᠲᠡᠢ ᠠᠷᠪᠠᠨ ᠯᠠᠮᠠ ᠭᠠᠷ ᠲᠠᠭᠠᠨ ᠮᠥᠩᠭᠥᠨ ᠪᠤᠶᠤ ᠭᠠᠤᠯᠢᠨ ᠲᠣᠭᠣᠨᠣᠯᠵᠢᠨ ᠵᠠᠭᠠᠯᠮᠠᠢ ᠪᠠᠷᠢᠵᠤ ᠭᠠᠷᠴᠤ ᠢᠷᠡᠪᠡ᠃ ᠲᠡᠳᠡᠨ ᠦ᠌ ᠬᠣᠢᠨ᠎ᠠ ᠠ᠋ᠴᠠ ᠬᠣᠶᠠᠷ ᠬᠡᠦᠬᠡᠳ ᠢ᠋ᠶ᠋ᠡᠷ ᠲᠦᠰᠢᠭᠦᠯᠦᠭᠰᠡᠨ ᠬᠠᠮᠪᠤ ᠯᠠᠮᠠ ᠭᠠᠷᠴᠤ ᠢᠷᠡᠯ᠎ᠡ᠃
ᠯᠠᠮᠠ ᠨᠠᠷ ᠤ᠋ᠨ ᠬᠣᠢᠨ᠎ᠠ ᠠ᠋ᠴᠠ ᠰᠦᠮ᠎ᠡ ᠳᠣᠲᠣᠷ᠎ᠠ ᠠ᠋ᠴᠠ ᠷᠶᠡᠽᠡᠨ ᠦ᠌ ᠸᠠᠩ ᠶᠦᠷᠢ ᠢᠩᠭ᠌ᠸᠠᠷᠸᠸᠢᠴ ᠰᠤᠪᠤᠳ ᠪᠣᠯᠤᠨ ᠦᠨᠡᠲᠦ ᠡᠷᠳᠡᠨᠢᠰ ᠦ᠋ᠨ ᠴᠢᠯᠠᠭᠤ ᠬᠠᠳᠬᠤᠵᠤ ᠣᠶᠣᠭᠰᠠᠨ ᠤᠯᠠᠭᠠᠨ ᠨᠥᠮᠥᠷᠭᠡ ᠲᠡᠢ ᠭᠠᠷᠴᠤ ᠢᠷᠡᠬᠦ ᠳ᠋ᠦ᠍ ᠬᠣᠷᠢᠨ ᠨᠥᠬᠥᠳ ᠨᠢ ᠰᠢᠯᠤᠭᠤᠨ ᠰᠡᠯᠡᠮ᠎ᠡ ᠪᠡᠨ ᠪᠠᠷᠢᠭᠠᠳ ᠮᠥᠷᠦᠨ ᠳᠡᠭᠡᠷ᠎ᠡ ᠪᠡᠨ ᠲᠠᠯᠪᠢᠵᠤ ᠰᠢᠬᠠᠯᠳᠤᠭᠰᠠᠨ ᠣᠯᠠᠨ ᠤ᠋ ᠳᠤᠮᠳᠠᠭᠤᠷ ᠵᠠᠮ ᠲᠠᠯᠪᠢᠭᠤᠯᠤᠨ ᠸᠠᠩ ᠣᠨ ᠪᠡᠶ᠎ᠡ ᠶ᠋ᠢ ᠬᠠᠮᠠᠭᠠᠯᠠᠨ ᠮᠥᠷᠭᠥᠯ ᠦ᠋ᠨ ᠪᠠᠨᠲᠠᠩ ᠳᠡᠭᠡᠷ᠎ᠡ ᠬᠦᠷᠴᠦ ᠢᠷᠡᠲᠡᠯ᠎ᠡ ᠡᠨᠡ ᠵᠠᠪᠰᠠᠷ ᠰᠢᠨ᠎ᠡ ᠰᠢᠨ᠎ᠡ ᠬᠥᠮᠦᠰ ᠭᠠᠷᠴᠤ ᠢᠷᠡᠬᠦ ᠪᠥᠭᠡᠳ ᠠᠭᠤᠤ ᠶᠡᠬᠡ ᠬᠠᠲᠤᠨ ᠠᠬᠷᠢᠫᠫᠢ᠍ᠨᠤᠢ ᠷᠤᠰᠲ᠋ᠢᠰᠯᠡᠸᠨᠤᠢ ᠥᠪᠡᠷ ᠦ᠋ᠨ ᠵᠠᠯᠠᠭᠤ ᠪᠡᠷᠢ ᠨᠦ᠍ᠭᠦᠳ ᠢ᠋ᠶ᠋ᠡᠷ ᠬᠦᠷᠢᠶᠡᠯᠡᠭᠦᠯᠦᠨ ᠬᠦᠷᠴᠦ ᠢᠷᠡᠪᠡ᠃ ᠮᠥᠨ ᠭᠠᠵᠠᠷ ᠤ᠋ᠨ ᠡᠵᠡᠳ ᠪᠣᠯᠤᠨ ᠸᠠᠩ ᠤ᠋ᠨ ᠠᠯᠳᠠᠷᠲᠠᠢ ᠰᠢᠳᠠᠷ ᠤ᠋ᠳ ᠴᠥᠮ ᠢᠷᠡᠵᠡᠢ᠃ ᠶᠦᠷᠢ ᠢᠩᠭ᠌ᠸᠡᠷᠸᠸᠢᠴ ᠬᠤᠷᠠᠯ ᠤ᠋ᠨ ᠬᠣᠩᠬᠠᠨ ᠣ ᠳᠡᠷᠭᠡᠳᠡᠬᠢ ᠴᠢᠯᠠᠭᠤᠨ ᠥᠨᠳᠥᠷᠯᠢᠭ ᠳᠡᠭᠡᠷ᠎ᠡ ᠭᠠᠷᠴᠤ ᠪᠤᠰᠤᠳ ᠪᠡᠶ᠎ᠡ ᠬᠠᠮᠠᠭᠠᠯᠠᠭᠴᠢᠳ ᠯᠠᠮᠠ ᠨᠠᠷ ᠲᠡᠭᠦᠨ ᠦ᠌ ᠣᠷᠴᠢᠮ ᠤ᠋ᠨ ᠪᠠᠨᠲᠠᠩ ᠳᠡᠭᠡᠷ᠎ᠡ ᠵᠣᠭᠰᠣᠵᠠᠭᠠᠪᠠ᠃
ᠡᠭᠦᠨ ᠦ᠌ ᠨᠥᠭᠦᠭᠡ ᠦᠵᠦᠭᠦᠷ ᠲᠦ᠍ ᠬᠣᠲᠠ ᠶ᠋ᠢᠨ ᠣᠢᠷ᠎ᠠ ᠬᠣᠯᠠ ᠶ᠋ᠢᠨ ᠦᠵᠦᠭᠦᠷ ᠦ᠋ᠳ ᠦ᠋ᠨ ᠠᠬᠠᠯᠠᠭᠴᠢᠳ ᠵᠣᠭᠰᠣᠵᠠᠢ᠃ ᠲᠡᠳᠡ ᠬᠣᠨᠢᠨ ᠤ᠋ ᠠᠷᠠᠰᠤᠨ ᠳᠡᠪᠡᠯ ᠲᠡᠢ ᠪᠤᠶᠤ ᠬᠤᠳᠠᠯᠳᠤᠭᠠᠴᠢᠨ ᠴᠠᠮᠪᠠᠨ ᠭᠠᠳᠠᠷ ᠲᠠᠢ ᠳᠡᠪᠡᠯ ᠡᠮᠦᠰᠴᠡᠭᠡᠭᠰᠡᠨ ᠳᠠᠷᠤᠤ ᠲᠥᠪ ᠪᠠᠢᠳᠠᠯᠲᠠᠢ ᠠᠵᠢ᠃
ᠲᠡᠳᠡᠨ ᠦ᠌ ᠳᠣᠲᠣᠷ᠎ᠠ ᠠ᠋ᠴᠠ ᠨᠢᠭᠡ ᠲᠥᠯᠥᠪ ᠪᠠᠢᠳᠠᠯ ᠲᠠᠢ᠂ ᠪᠤᠭᠤᠷᠤᠯ ᠰᠠᠬᠠᠯ ᠲᠠᠢ ᠳᠣᠣᠷᠠᠲᠤ ᠲᠤᠰᠢᠶᠠᠯ ᠤ᠋ᠨ ᠠᠬᠠᠯᠠᠭᠴᠢ ᠨᠠᠰᠤᠲᠠᠢ ᠬᠥᠭᠰᠢᠨ ᠬᠥᠮᠦᠨ ᠸᠠᠩ ᠪᠣᠯᠤᠨ ᠬᠠᠲᠤᠨ ᠨᠠᠷ ᠲᠤ᠌ ᠮᠡᠬᠦᠢᠰᠬᠢᠵᠦ ᠪᠤᠯᠠᠭᠠᠨ ᠮᠠᠯᠠᠭᠠᠢ ᠪᠠᠨ ᠠᠪᠴᠤ ᠴᠡᠭᠡᠵᠢᠨ ᠳ᠋ᠡᠭᠡᠨ ᠪᠠᠷᠢᠭᠠᠳ ᠴᠢᠩᠭ᠎ᠠ ᠪᠠᠷ ᠥᠭᠦᠯᠡᠭᠰᠡᠨ ᠨᠢ᠄
— ᠮᠠᠨ ᠤ᠋ ᠡᠷᠬᠢᠮ ᠸᠠᠩ ᠶᠦᠷᠢ ᠢᠩᠭ᠌ᠸᠡᠷᠸᠸᠢᠴ ᠲᠠᠨ᠂ ᠬᠠᠲᠤᠨ ᠠᠭᠷᠢᠫᠫᠢᠨᠤᠢ ᠷᠤᠰᠲ᠋ᠢᠰᠯᠠᠸᠨᠤᠢ ᠶ᠋ᠢᠨ ᠬᠠᠮᠲᠤ ᠪᠠᠷ ᠡᠷᠡᠭᠦᠯ ᠡᠩᠬᠡ ᠪᠥᠭᠡᠳ ᠵᠣᠪᠠᠯᠠᠩ ᠦᠵᠡᠯ ᠦᠭᠡᠢ᠂ ᠥᠴᠦᠬᠡᠨ ᠪᠢᠳᠡᠨ ᠢ᠋ ᠮᠠᠷᠲᠠᠯ ᠦᠭᠡᠢ ᠤᠷᠲᠤ ᠨᠠᠰᠤᠯᠠᠬᠤ ᠪᠣᠯᠲᠤᠭᠠᠢ᠃ ᠲᠡᠭᠡᠭᠡᠳ ᠯᠠᠪᠯᠠᠬᠤ ᠨᠢᠭᠡᠨ ᠦᠭᠡ ᠶ᠋ᠢ ᠠᠭᠤᠴᠢᠯᠠᠨ ᠰᠣᠶᠣᠷᠬᠠᠨ᠎ᠠ ᠤᠤ? ᠶᠠᠭᠤᠨ ᠳ᠋ᠤ᠌ ᠠᠷᠠᠳ ᠠᠯᠪᠠᠲᠤ ᠪᠠᠨ ᠴᠤᠭᠯᠠᠭᠤᠯᠪᠠ? ᠶᠠᠭᠤᠨ ᠳ᠋ᠤ᠌ ᠬᠤᠷᠠᠯᠳᠤᠭᠠᠨ ᠤ᠋ ᠭᠠᠵᠠᠷ ᠢᠷᠡᠬᠦ ᠲᠤᠰᠢᠶᠠᠯ ᠥᠭᠪᠡ? ᠷᠶᠠᠽᠠᠨ ᠤ᠋ ᠠᠷᠠᠳ ᠢᠷᠭᠡᠳ ᠡᠴᠡ ᠪᠡᠨ ᠶᠠᠭᠤ ᠶ᠋ᠢ ᠬᠦᠰᠡᠭᠰᠡᠨ ᠶᠤᠮ ᠪᠣᠯ? ᠭᠡᠪᠡ᠃
ᠸᠠᠩ ᠣᠯᠠᠨ ᠰᠢᠬᠠᠯᠴᠯᠲᠤᠭᠰᠠᠳ ᠤ᠋ᠨ ᠵᠦᠭ ᠬᠠᠷᠠᠵᠤ ᠪᠤᠭᠤᠷᠤᠯ ᠰᠠᠭᠤᠭᠰᠠᠨ ᠤᠷᠲᠤ ᠰᠠᠬᠠᠯ ᠢ᠋ᠶ᠋ᠠᠨ ᠢᠯᠪᠢᠵᠦ ᠴᠢᠮᠡᠭᠡ ᠦᠭᠡᠢ ᠪᠣᠯᠤᠭᠰᠠᠨ ᠣᠯᠠᠨ ᠤ᠋ ᠵᠦᠭ ᠭᠤᠷᠪᠠᠨ ᠡᠲᠡᠭᠡᠳ ᠮᠡᠬᠦᠢᠰᠬᠢᠨ ᠶᠣᠰᠣᠯᠠᠭᠠᠳ᠂
— ᠦᠨᠡᠨ ᠠᠯᠳᠠᠷᠲᠤ ᠶ᠋ᠢᠨ ᠱᠠᠰᠢᠨᠲᠠᠨ ᠰᠣᠨᠣᠰᠤᠭᠲᠤᠨ! ᠴᠢᠬᠤᠯᠠ ᠬᠡᠷᠡᠭ ᠦ᠋ᠨ ᠲᠥᠯᠥᠭᠡ ᠲᠠᠨᠠᠷ ᠢ᠋ ᠪᠢ ᠳᠠᠭᠤᠳᠠᠭᠰᠠᠨ ᠪᠢᠯᠡ᠃ ᠠᠶᠤᠯᠲᠤ ᠶᠠᠪᠤᠳᠠᠯ ᠤ᠋ᠨ ᠤᠷᠰᠢᠭ ᠦᠭᠡᠢ ᠪᠠᠢᠪᠠᠯ ᠥᠷᠯᠥᠭᠡᠨ ᠡᠴᠡ ᠡᠬᠢᠯᠡᠨ ᠬᠤᠷᠠᠯᠳᠤᠭᠠᠨ ᠤ᠋ ᠬᠤᠩᠬ᠎ᠠ ᠳᠤᠤᠭᠠᠷᠬᠤ ᠦᠭᠡᠢ ᠪᠠᠢᠬᠤ ᠪᠢᠰᠢ ᠤᠤ? ᠪᠢᠳᠡ ᠨᠠᠷ ᠬᠣᠢᠰᠢ ᠲᠠᠯᠪᠢᠵᠤ ᠦᠯᠦ ᠪᠣᠯᠬᠤ ᠨᠢᠭᠡᠨ ᠶᠠᠭᠠᠷᠠᠯᠲᠠᠢ ᠬᠡᠷᠡᠭ ᠢ᠋ ᠡᠷᠡᠰ ᠲᠠᠰᠤ ᠰᠢᠢᠳᠪᠦᠷᠢᠯᠡᠬᠦ ᠬᠡᠷᠡᠭᠲᠡᠢ ᠪᠣᠯᠪᠠ᠃
— ᠵᠠ ᠵᠠ ᠸᠠᠩ ᠲᠠᠨ᠂ ᠠᠢᠯᠠᠳᠤᠭᠠᠷᠠᠢ! ᠪᠢᠳᠡ ᠰᠠᠨᠠᠯ ᠢ᠋ᠶ᠋ᠠᠨ ᠬᠡᠯᠡᠶ᠎ᠡ ᠭᠡᠬᠦ ᠳᠠᠭᠤᠨ ᠰᠣᠨᠣᠰᠳᠠᠪᠠ᠃
— ᠬᠡᠳᠦᠨ ᠬᠠᠪᠤᠷ ᠠ᠋ᠴᠠ ᠡᠬᠢᠯᠡᠨ ᠵᠡᠷᠯᠢᠭ ᠲᠠᠯ᠎ᠠ ᠠ᠋ᠴᠠ ᠰᠠᠢᠨ ᠦᠭᠡᠢ ᠮᠡᠳᠡᠭᠡᠨ ᠢᠷᠡᠳᠡᠭ ᠪᠠᠢᠯ᠎ᠠ᠃ ᠫᠤᠯᠤᠸᠧᠼᠠ ᠶ᠋ᠢᠨ ᠬᠠᠭᠠᠳ ᠤ᠋ᠳ ᠠᠶᠤᠵᠤ ᠰᠠᠨᠳᠤᠷᠴᠤ ᠪᠠᠢᠨ᠎ᠠ᠃ ᠸᠠᠤᠯᠠᠭᠠ ᠮᠥᠷᠡᠨ ᠦ᠌ ᠴᠠᠭᠠᠨ᠎ᠠ ᠠ᠋ᠴᠠ ᠬᠣᠯᠠ ᠠ᠋ᠴᠠ ᠢᠷᠡᠭᠰᠡᠨ ᠲᠠᠨᠢᠭᠳᠠᠭ᠎ᠠ ᠦᠭᠡᠢ ᠤᠯᠤᠰ ᠲᠠᠢ ᠫᠤᠯᠤᠸᠧᠼᠠ ᠶ᠋ᠢᠨ ᠴᠡᠷᠢᠭ ᠦ᠋ᠳ ᠪᠠᠢᠯᠳᠤᠵᠤ ᠪᠠᠢᠨ᠎ᠠ ᠭᠡᠳᠡᠭ ᠪᠠᠢᠯ᠎ᠠ᠃ ᠡᠨᠡ ᠤᠯᠤᠰ ᠬᠡᠷᠴᠡᠭᠡᠢ ᠬᠦᠴᠦᠲᠡᠢ ᠪᠣᠯᠤᠭᠠᠳ ᠫᠤᠯᠤᠸᠧᠼᠠ ᠶ᠋ᠢᠨ ᠬᠠᠭᠠᠳ ᠢ᠋ ᠪᠤᠲᠠ ᠴᠣᠬᠢᠵᠤ ᠪᠦᠬᠦ ᠵᠡᠷᠯᠢᠭ ᠲᠠᠯ᠎ᠠ ᠠ᠋ᠴᠠ ᠨᠢ ᠬᠥᠭᠡᠭᠡᠵᠦ ᠭᠠᠷᠭᠠᠭᠠᠳ ᠲᠡᠳᠡᠨ ᠦ᠌ ᠥᠮᠴᠢ ᠶ᠋ᠢ ᠢᠷᠣᠭᠠᠯ ᠰᠢᠪᠬᠠᠨ ᠳᠡᠭᠡᠷᠡᠮᠳᠡᠭᠰᠡᠨ ᠭᠡᠨ᠎ᠡ᠃
— ᠦᠨᠡᠨ ᠠᠯᠳᠠᠷᠲᠠᠢ ᠶ᠋ᠢᠨ ᠱᠠᠰᠢᠨᠲᠠᠨ ᠬᠥᠮᠦᠰ ᠰᠣᠨᠣᠰᠤᠭᠲᠤᠨ! ᠶᠠᠮᠠᠷ ᠤᠯᠤᠰ ᠪᠣᠢ ᠪᠣᠯᠤᠭᠰᠠᠨ ᠢ᠋ ᠮᠡᠳᠡᠭᠲᠦᠨ! ᠡᠳᠡᠨ ᠦ᠌ ᠬᠠᠮᠤᠭ ᠤ᠋ᠨ ᠠᠯᠳᠠᠷᠲᠠᠢ ᠬᠠᠭᠠᠳ ᠢ᠋ ᠨᠢ ᠵᠡᠷᠯᠢᠭ ᠤᠯᠤᠰ ᠬᠠᠪᠴᠢᠵᠤ ᠳᠠᠷᠤᠭᠠᠳ ᠥᠪᠡᠷ ᠦ᠋ᠨ ᠢ᠋ᠶ᠋ᠡᠨ ᠠᠳᠤᠭᠤ ᠬᠠᠷᠢᠭᠤᠯᠳᠠᠭ ᠠᠯᠪᠠᠲᠤ ᠪᠣᠭᠣᠯ ᠪᠣᠯᠭᠠᠭᠰᠠᠨ ᠭᠡᠨ᠎ᠡ᠃
— ᠡᠨᠡ ᠶᠠᠮᠠᠷ ᠶᠠᠩᠵᠤ ᠶ᠋ᠢᠨ ᠤᠯᠤᠰ ᠪᠣᠢ? ᠡᠳᠡ ᠨᠠᠷ ᠢ᠋ ᠶᠠᠭᠤ ᠭᠡᠵᠦ ᠨᠡᠷᠡᠯᠡᠳᠡᠭ ᠶᠤᠮ ᠪᠣᠢ? ᠡᠳᠡ ᠨᠠᠷ ᠮᠥᠨ ᠠᠳᠤᠭᠤᠴᠢᠨ ᠤᠯᠤᠰ ᠤᠤ?
— ᠡᠳᠡ ᠨᠠᠷ ᠢ᠋ ᠪᠤᠷᠤᠩᠬᠤᠢ ᠮᠣᠩᠭᠣᠯ ᠲᠠᠲ᠋ᠠᠷ ᠤ᠋ᠳ ᠭᠡᠵᠦ ᠨᠡᠷᠡᠯᠡᠳᠡᠭ ᠭᠡᠨ᠎ᠡ᠃
— ᠡᠳᠡ ᠨᠠᠷ ᠫᠤᠯᠤᠸᠧᠼᠠ ᠶ᠋ᠢᠨ ᠠᠰᠠᠷ ᠤ᠋ᠳ ᠢ᠋ ᠰᠦᠢᠳᠯᠡᠨ ᠲᠡᠯᠡᠵᠦ᠂ ᠦᠬᠡᠷ ᠬᠣᠨᠢ ᠶ᠋ᠢ ᠨᠢ ᠠᠯᠠᠵᠤ ᠢᠳᠡᠭᠡᠳ ᠣᠳᠣ ᠮᠠᠨ ᠤ᠋ ᠵᠦᠭ ᠬᠥᠳᠡᠯᠵᠦ ᠸᠤᠷᠦᠨᠧᠵ ᠭᠣᠣᠯ ᠳ᠋ᠠᠬᠢ ᠮᠠᠨ ᠤ᠋ ᠬᠠᠷᠠᠭᠤᠯ ᠳ᠋ᠤ᠌ ᠣᠢᠷᠠᠬᠠᠨ ᠢᠷᠡᠵᠡᠢ᠃ ᠦᠵᠡᠲᠡᠯ᠎ᠡ ᠪᠢᠳᠡᠨ ᠲᠡᠢ ᠪᠠᠢᠯᠳᠤᠬᠤ ᠪᠠᠷ ᠢᠷᠡᠬᠦ ᠭᠡᠵᠦ ᠬᠦᠰᠡᠵᠦ ᠪᠠᠢᠭ᠎ᠠ ᠪᠣᠯᠤᠯᠲᠠᠢ᠃ ᠲᠠᠲ᠋ᠠᠷ ᠤ᠋ᠳ ᠮᠠᠨ ᠤ᠋ ᠳ᠋ᠤ᠌ ᠡᠯᠴᠢ ᠢᠯᠡᠭᠡᠭᠰᠡᠨ ᠪᠠᠢᠨ᠎ᠠ᠃ ᠲᠡᠳᠡ ᠨᠠᠷ ᠤ᠋ᠨ ᠬᠣᠶᠠᠷ ᠨᠢ ᠡᠷ᠎ᠡ᠂ ᠨᠢᠭᠡ ᠨᠢ ᠡᠮ᠎ᠡ᠂ ᠲᠡᠳᠡ ᠨᠠᠷ ᠶᠠᠭᠤᠮ᠎ᠠ ᠪᠦᠷᠢ ᠶ᠋ᠢᠨ ᠲᠤᠬᠠᠢ ᠠᠰᠠᠭᠤᠵᠤ ᠶᠠᠭᠤᠮ᠎ᠠ ᠪᠦᠬᠦᠨ ᠢ᠋ ᠮᠡᠳᠡᠬᠦ ᠶ᠋ᠢ ᠬᠦᠰᠡᠵᠦ ᠪᠠᠢᠨ᠎ᠠ ᠭᠡᠬᠦ ᠳ᠋ᠦ᠍ᠨᠢ ᠴᠤᠭᠯᠠᠷᠠᠭᠴᠢᠳ ᠬᠡᠯᠡᠪᠡ᠃
— ᠲᠡᠳᠡ ᠨᠠᠷ ᠢ᠋ ᠨᠠᠰᠢ ᠪᠠᠨ ᠠᠯᠢ᠂ ᠪᠢᠳᠡ ᠲᠡᠳᠡ ᠨᠠᠷ ᠢ᠋ ᠴᠢᠨᠢ ᠬᠠᠷᠠᠶ᠎ᠠ᠂ ᠲᠡᠭᠡᠭᠡᠳ ᠲᠡᠷᠡ ᠡᠷᠬᠢᠮ ᠦ᠋ᠳ ᠬᠡᠷᠬᠢᠨ ᠶᠠᠮᠠᠷ ᠵᠠᠮ ᠢ᠋ᠶ᠋ᠠᠷ ᠡᠭᠡᠵᠦ ᠬᠠᠷᠢᠬᠤ ᠲᠤᠬᠠᠢ ᠬᠡᠯᠡᠵᠦ ᠥᠭᠭᠦᠶ᠎ᠡ᠃
— ᠠ᠋᠂ ᠬᠦ ᠲᠠᠲ᠋ᠠᠷ ᠤ᠋ᠨ ᠡᠯᠴᠢᠨ ᠨᠠᠷ ᠢ᠋ ᠨᠠᠰᠢ ᠪᠠᠨ ᠠᠪᠴᠢᠷᠠ ᠭᠡᠵᠦ ᠸᠠᠩ ᠠ᠋ᠴᠠ ᠰᠢᠳᠠᠷ ᠴᠡᠷᠢᠭ ᠦ᠋ᠳ ᠲᠡᠭᠡᠨ ᠲᠤᠰᠢᠶᠠᠭᠠᠳ ᠬᠡᠯᠡᠭᠰᠡᠨ ᠨᠢ᠂
— ᠲᠡᠳᠡ ᠨᠠᠷ ᠢ᠋ ᠥᠪᠡᠷᠰᠡᠳ ᠦ᠋ᠨ ᠨᠢᠳᠦ ᠰᠢᠭ ᠢ᠋ᠶ᠋ᠡᠷ ᠬᠠᠮᠠᠭᠠᠯᠠᠭᠲᠤᠨ! ᠮᠠᠨ ᠤ᠋ ᠵᠠᠯᠠᠭᠤᠰ ᠡᠳᠡ ᠨᠠᠷ ᠲᠠᠢ ᠦᠢᠮᠡᠭᠡᠨ ᠭᠠᠷᠭᠠᠵᠤ ᠶᠠᠭᠤ ᠮᠠᠭᠠᠳ᠂ ᠪᠢᠳᠡ ᠶᠠᠮᠠᠷ ᠲᠡᠳᠡᠨ ᠢ᠋ ᠠᠭᠤᠷᠯᠠᠭᠤᠯᠬᠤ ᠠᠯᠪᠠ ᠲᠠᠢ ᠪᠢᠰᠢ᠂ ᠶᠠᠮᠠᠷ ᠴᠥ᠍ ᠭᠡᠰᠡᠨ ᠲᠡᠳᠡᠨᠡᠷ ᠲᠠᠲ᠋ᠠᠷ ᠤ᠋ᠨ ᠬᠦᠴᠦᠷᠬᠡᠭ ᠬᠠᠭᠠᠨ ᠪᠠᠲᠤ ᠶ᠋ᠢᠨ ᠡᠯᠴᠢ ᠨᠠᠷ ᠶᠤᠮ ᠰᠢᠦ ᠭᠡᠪᠡ᠃
ᠦᠰᠦᠭ ᠠᠮᠢᠯᠠᠭᠤᠯᠤᠭᠴᠢ᠄ ᠠᠯᠲᠠᠨᠴᠢᠮᠡᠭ᠂ ᠪᠠᠯ᠂ ᠬᠡᠷᠡᠢᠳ· ᠮᠥᠩᠬᠡᠨᠠᠰᠤᠨ᠂ ᠪᠠᠶᠠᠨᠴᠡᠴᠡᠭ
ᠬᠢᠨᠠᠭᠴᠢ᠄ ᠲ· ᠬᠦᠮᠦᠵᠢᠯᠲᠦ᠂ ᠠᠷᠢᠭᠤᠨ᠂ ᠪᠠᠯ᠂ ᠠᠯᠲᠠᠨᠴᠢᠮᠡᠭ