ᠪᠠᠲᠤ ᠬᠠᠭᠠᠨ 3-05ᠠᠷᠠᠳ ᠤ᠋ᠨ ᠬᠢᠯᠢᠩ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 3-05ᠠᠷᠠᠳ ᠤ᠋ᠨ ᠬᠢᠯᠢᠩ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ

ᠪᠠᠲᠤ ᠬᠠᠭᠠᠨ 3-05ᠠᠷᠠᠳ ᠤ᠋ᠨ ᠬᠢᠯᠢᠩ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-10-07

74

ᠲᠠᠪᠤ ᠠᠷᠠᠳ ᠤ᠋ᠨ ᠬᠢᠯᠢᠩ


      ᠡᠳᠦᠷ ᠳᠤᠮᠳᠠ ᠠ᠋ᠴᠠ ᠡᠮᠦᠨ᠎ᠡ ᠫᠧᠷᠦ᠋ᠨᠦᠸ— ᠪᠣᠷ ᠠ᠋ᠴᠠ ᠭᠠᠷᠤᠭᠰᠠᠨ ᠡᠷᠡᠰ ᠶᠡᠷᠡᠰᠲ᠋ᠦᠧ ᠳ᠋ᠦ᠍ ᠮᠥᠷᠥᠮ ᠡᠴᠡ ᠷᠶᠠᠽᠠᠨ ᠬᠦᠷᠬᠦ ᠶᠡᠬᠡ ᠵᠠᠮ ᠳᠡᠭᠡᠷ᠎ᠡ ᠬᠦᠷᠦᠯᠴᠡᠨ ᠢᠷᠡᠵᠡᠢ᠃ ᠤᠷᠢᠳᠤ ᠨᠢᠭᠡᠨ ᠡᠳᠦᠷ ᠪᠦᠭᠦᠳᠡᠭᠡᠷ ᠬᠠᠮᠲᠤ ᠡᠯᠪᠡᠵᠦ ᠪᠠᠷᠢᠭᠰᠠᠨ ᠬᠠᠷ᠎ᠠ ᠮᠣᠳᠣᠨ ᠰᠦᠮ᠎ᠡ ᠶ᠋ᠢ ᠲᠣᠭᠣᠷᠢᠨ ᠵᠠᠭᠠᠯᠮᠠᠢ ᠮᠣᠳᠣ ᠬᠦᠷᠢᠶᠡᠯᠡᠭᠦᠯᠦᠨ ᠬᠠᠳᠬᠤᠭᠰᠠᠨ ᠪᠤᠯᠠᠰᠢ ᠬᠠᠷᠠᠭᠳᠠᠨ᠎ᠠ᠃ ᠵᠠᠭᠠᠯᠮᠠᠢ  ᠨᠤᠭᠤᠳ ᠤ᠋ᠨ ᠳᠤᠮᠳᠠ ᠰᠡᠷᠡᠭᠡ ᠵᠢᠳᠠ ᠬᠠᠯᠬᠠᠪᠴᠢ ᠪᠠᠷᠢᠭᠰᠠᠨ ᠡᠷᠡᠴᠦᠳ ᠰᠢᠬᠠᠯᠴᠠᠯᠳᠤᠵᠤ ᠦᠵᠡᠭᠳᠡᠨ᠎ᠡ᠃ ᠲᠡᠳᠡᠨ ᠦ᠌ ᠬᠠᠰᠬᠢᠷᠤᠯᠳᠤᠬᠤ ᠴᠢᠮᠡᠭᠡ ᠱᠤᠤᠭᠢᠶᠠᠨ ᠬᠣᠯᠠ ᠠ᠋ᠴᠠ ᠰᠣᠨᠣᠰᠳᠠᠨ᠎ᠠ᠃ ᠮᠢᠩᠭ᠎ᠠ ᠮᠢᠩᠭᠠᠨ ᠰᠢᠬᠠᠴᠠᠯᠲᠤᠭᠴᠢᠳ ᠤ᠋ᠨ ᠳᠡᠭᠡᠭᠦᠷ ᠭᠠᠤᠯᠢᠨ ᠬᠤᠩᠬ᠎ᠠ ᠶ᠋ᠢᠨ ᠪᠠᠴᠢᠮᠳᠠᠨ ᠳᠤᠤᠭᠠᠷᠬᠤ ᠳᠠᠭᠤᠨ ᠰᠣᠨᠣᠰᠳᠠᠨ᠎ᠠ᠃ ᠰᠦᠮ᠎ᠡ ᠶ᠋ᠢᠨ ᠳᠣᠪᠣᠴᠠᠭ ᠢ᠋ ᠲᠣᠭᠣᠷᠢᠨ ᠪᠤᠯᠠᠭ ᠤ᠋ᠨ ᠤᠰᠤ ᠬᠣᠷᠴᠢᠭᠢᠨᠠᠵᠤ ᠡᠷᠭᠢ ᠶ᠋ᠢᠨ ᠴᠠᠰᠤᠨ ᠳᠣᠲᠣᠷ᠎ᠠ ᠠ᠋ᠴᠠ ᠬᠠᠷᠠᠵᠠ ᠤᠰᠤ ᠨᠢ ᠬᠠᠷᠠᠯᠠᠨ ᠬᠠᠷᠠᠭᠳᠠᠨ᠎ᠠ᠃ ᠡᠨᠳᠡ ᠤᠰᠤᠨ ᠤ᠋ ᠳᠡᠷᠭᠡᠳᠡ ᠣᠪᠣᠬᠠᠢ ᠮᠠᠢᠬᠠᠨ ᠨᠤᠭᠤᠳ ᠠᠯᠠᠭᠯᠠᠨ ᠬᠠᠷᠠᠭᠳᠠᠵᠤ ᠡᠨᠳᠡ ᠬᠠᠴᠢᠨ ᠬᠤᠪᠴᠠᠰᠤᠯᠠᠭᠰᠠᠨ ᠬᠡᠳᠦᠨ ᠵᠠᠭᠤᠨ ᠬᠥᠮᠦᠨ ᠦᠵᠡᠭᠳᠡᠬᠦ ᠪᠥᠭᠡᠳ ᠡᠷᠡᠴᠦᠳ ᠢᠰᠡᠭᠡᠢ ᠮᠠᠯᠠᠭᠠᠢ ᠶ᠋ᠢ ᠤᠯᠠᠭᠠᠨ ᠡᠮᠵᠢᠶᠡᠷᠢ ᠪᠡᠷ ᠡᠮᠵᠢᠵᠦ ᠪᠦᠰᠡᠭᠦᠢᠴᠦᠳ ᠬᠤᠷᠴᠠ ᠤᠯᠠᠭᠠᠨ ᠥᠩᠭᠡ ᠶ᠋ᠢᠨ ᠳᠡᠪᠡᠯ ᠡᠮᠦᠰᠴᠦ ᠰᠢᠷ᠎ᠠ ᠪᠣᠷᠣ ᠨᠣᠭᠣᠭᠠᠨ ᠠᠯᠴᠢᠭᠤᠷ ᠪᠣᠭᠣᠭᠰᠠᠨ ᠪᠥᠭᠡᠳ ᠪᠠᠷᠤᠭ ᠨᠢᠴᠦᠭᠦᠨ ᠰᠢᠬᠠᠮ ᠬᠡᠦᠬᠡᠳ ᠦ᠋ᠳ ᠨᠢ ᠭᠠᠯ ᠤ᠋ᠨ ᠳᠡᠷᠭᠡᠳᠡ ᠬᠤᠮᠢᠷᠠᠨ ᠰᠠᠭᠤᠵᠠᠭᠠᠵᠤ ᠥᠩᠭᠡᠷᠡᠨ ᠶᠠᠪᠤᠭᠴᠢᠳ ᠢ᠋ ᠨᠡᠭᠦᠳᠡᠯᠴᠢᠨ ᠦ᠌ ᠳᠡᠷᠭᠡᠳᠡ ᠵᠣᠭᠰᠣᠬᠤ ᠳ᠋ᠤ᠌ ᠬᠡᠦᠬᠡᠳ ᠦ᠋ᠳ ᠭᠦᠶᠦᠯᠳᠦᠨ ᠢᠷᠡᠵᠦ᠂ ᠰᠠᠭᠠᠷᠢ ᠢᠳᠡᠭᠰᠡᠨ ᠨᠢᠴᠦᠭᠦᠨ ᠭᠠᠷ ᠢ᠋ᠶ᠋ᠠᠨ ᠰᠠᠷᠪᠠᠢᠵᠤ ᠡᠮᠡᠭᠲᠡᠢᠴᠦᠳ ᠨᠢ ᠮᠥᠯᠬᠥᠨ ᠢᠷᠡᠵᠦ᠂
      — ᠲᠠᠯᠬ᠎ᠠ ᠥᠭᠭᠦᠭᠡᠴᠢ᠂ ᠢᠳᠡᠬᠦ ᠶᠠᠭᠤᠮ᠎ᠠ ᠥᠭᠭᠦᠭᠡᠴᠢ᠃ ᠮᠠᠨ ᠤ᠋ ᠪᠣᠯᠭᠠᠷᠢ ᠨᠤᠭᠤᠳ ᠢ᠋ ᠲᠠᠲ᠋ᠠᠷ ᠬᠢᠳᠤᠭᠰᠠᠨ ᠭᠡᠵᠦ ᠶᠠᠭᠤᠮ᠎ᠠ ᠭᠣᠶᠣᠵᠠᠭᠠᠨ᠎ᠠ᠃ ᠥᠩᠭᠡᠷᠡᠨ ᠶᠠᠪᠤᠭᠴᠢᠳ ᠵᠢᠵᠢᠭ ᠵᠣᠭᠣᠰ ᠥᠭᠬᠦ ᠪᠤᠶᠤ ᠡᠰᠡᠬᠦᠯ᠎ᠡ ᠬᠡᠰᠡᠭ ᠲᠠᠯᠬ᠎ᠠ ᠥᠭᠴᠦ ᠠᠯᠬᠤᠭ᠎ᠠ ᠪᠠᠨ ᠬᠤᠷᠳᠤᠳᠬᠠᠨ᠎ᠠ᠃
      — ᠪᠠᠰᠠ ᠯᠠ ᠪᠣᠯᠭᠠᠷᠢ᠂ ᠪᠠᠰᠠ ᠯᠠ ᠪᠣᠯᠭᠠᠷᠢ᠂ ᠡᠳᠡ ᠬᠡᠴᠢᠨᠡᠨ ᠢ᠋ᠶ᠋ᠡᠷ ᠵᠢᠭᠤᠲᠠᠵᠤ ᠢᠷᠡᠭᠰᠡᠨ ᠶᠤᠮ ᠪᠣᠯ? ᠡᠳᠡ ᠨᠠᠷ ᠲᠤ᠌ ᠶᠠᠮᠠᠷ ᠵᠣᠪᠠᠯᠠᠩ ᠲᠣᠬᠢᠶᠠᠯᠳᠤᠬᠤ ᠨᠢ ᠡᠨᠡ ᠪᠣᠢ ᠭᠡᠨ᠎ᠡ᠃ ᠰᠦᠮ᠎ᠡ ᠶ᠋ᠢᠨ ᠱᠠᠲᠤᠨ ᠳᠡᠭᠡᠷ᠎ᠡ ᠬᠥᠭᠰᠢᠨ ᠰᠠᠨᠸᠠᠷᠲᠠᠨ ᠦᠵᠡᠭᠳᠡᠬᠦ ᠪᠥᠭᠡᠳ ᠶᠠᠭᠠᠨ ᠳᠠᠪᠤᠤ ᠶ᠋ᠢ ᠪᠣᠯᠬᠢ ᠪᠠᠷ ᠪᠣᠳᠣᠵᠤ ᠳᠡᠭᠡᠷ᠎ᠡ ᠨᠢ ᠰᠢᠷ᠎ᠠ ᠡᠳ᠋ ᠢ᠋ᠶ᠋ᠡᠷ ᠵᠠᠭᠠᠯᠮᠠᠢ ᠣᠶᠣᠵᠤ ᠡᠮᠦᠰᠴᠡᠢ᠃ ᠬᠣᠶᠠᠷ ᠭᠠᠷ ᠢ᠋ᠶ᠋ᠠᠷ ᠲᠣᠮᠣ ᠭᠠᠤᠯᠢᠨ ᠵᠠᠭᠠᠯᠮᠠᠢ ᠶ᠋ᠢ ᠥᠨᠳᠥᠷ ᠡᠷᠭᠦᠵᠦ ᠠᠳᠢᠰ ᠲᠠᠯᠪᠢᠭᠠᠳ ᠬᠥᠨᠳᠡᠢ ᠲᠣᠮᠣ ᠳᠠᠭᠤ ᠪᠠᠷ ᠬᠡᠯᠡᠬᠦ ᠨᠢ᠄
      — ᠦᠨᠡᠨ ᠵᠢᠷᠤᠮᠲᠠᠨ ᠴᠤᠭᠯᠠᠷᠠᠭᠲᠤᠨ! ᠣᠷᠣᠰ ᠳᠸ᠋ ᠠᠶᠤᠯᠲᠤ ᠳᠠᠢᠰᠤᠨ ᠢᠷᠡᠵᠦ ᠶᠠᠪᠤᠨ᠎ᠠ᠃ ᠡᠭᠦᠨ ᠦ᠌ ᠤᠳᠤᠷᠢᠳᠤᠭᠴᠢ ᠪᠣᠯ ᠲᠡᠷᠰ ᠨᠣᠮᠲᠠᠨ ᠮᠣᠩᠭᠣᠯ ᠤ᠋ᠨ ᠠᠳᠤᠭᠤᠴᠢᠨ ᠪᠠᠲᠤ ᠬᠠᠭᠠᠨ ᠭᠡᠭᠴᠢ ᠭᠡᠨ᠎ᠡ᠃ ᠳᠠᠢᠰᠤᠨ ᠨᠤᠭᠤᠳ ᠵᠡᠷᠯᠢᠭ ᠲᠠᠯ᠎ᠠ ᠳ᠋ᠤ᠌ ᠢᠷᠡᠵᠦ ᠸᠤᠷᠤᠨᠧᠵ ᠭᠣᠣᠯ ᠳ᠋ᠤ᠌ ᠪᠠᠭᠤᠳᠠᠯᠯᠠᠵᠠᠢ ᠭᠡᠬᠦ ᠳ᠋ᠦ᠍ᠨᠢ ᠡᠷᠡᠴᠦᠳ ᠠᠩᠬᠠᠷᠤᠯᠲᠠᠢ ᠪᠠᠷ ᠰᠣᠨᠣᠰᠪᠠ᠃ ᠰᠠᠨᠸᠠᠷᠲᠠᠨ ᠦᠷᠭᠦᠯᠵᠢᠯᠡᠨ ᠬᠡᠯᠡᠬᠦ ᠨᠢ᠂
      — ᠸᠠᠩ ᠡᠴᠢᠭᠡ ᠢᠩᠬ᠌ᠸᠨᠷᠸᠸᠢᠴ ᠦ᠋ᠨ ᠬᠢ ᠶ᠋ᠢ ᠰᠣᠨᠣᠰᠤᠭᠲᠤᠨ! ᠦᠷᠦ ᠡᠪᠡᠳᠬᠦ ᠰᠡᠳᠬᠢᠯ ᠦᠭᠡᠢ ᠠᠳᠤᠭᠤᠴᠢᠨ ᠪᠠᠲᠤ ᠬᠠᠭᠠᠨ ᠮᠠᠨ ᠤ᠋ ᠷᠶᠠᠽᠠᠨ ᠭᠠᠵᠠᠷ ᠳᠡᠭᠡᠷ᠎ᠡ ᠢᠷᠡᠵᠦ ᠪᠠᠢᠨ᠎ᠠ᠃ ᠮᠠᠨ ᠤ᠋ ᠸᠠᠩ ᠥᠪᠡᠷ ᠦ᠋ᠨ ᠠᠬ᠎ᠠ ᠳᠡᠭᠦᠦ ᠨᠠᠷ ᠲᠤ᠌ ᠡᠯᠴᠢ ᠶᠠᠪᠤᠭᠤᠯᠤᠭᠰᠠᠨ᠃ ᠮᠥᠷᠥᠮ ᠳ᠋ᠦ᠍᠂ᠺᠣᠯᠣᠮᠤᠨ ᠳ᠋ᠤ᠌᠂ ᠺᠷᠠᠰᠨᠢ ᠳ᠋ᠤ᠌᠂ ᠮᠥᠨ ᠥᠪᠡᠷ ᠦ᠋ᠨ ᠬᠥᠪᠡᠭᠦᠨ ᠹᠸᠤᠳ᠋ᠤᠷ ᠶᠦᠷᠢᠶᠧᠸᠢᠴ ᠲᠦ᠍᠂ ᠫᠷᠤᠨᠰᠺ ᠲᠸ᠋ ᠪᠠᠢᠭ᠎ᠠ ᠥᠪᠡᠷ ᠦ᠋ᠨ ᠬᠥᠪᠡᠭᠦᠨ ᠸᠰᠧᠸᠦᠯᠦᠳ᠋ ᠶᠦᠷᠢᠶᠧᠸᠢᠴ ᠲᠦ᠍ ᠲᠤᠰ ᠲᠤᠰ ᠡᠯᠴᠢ ᠮᠣᠷᠳᠠᠭᠤᠯᠤᠭᠰᠠᠨ᠃ ᠪᠦᠬᠦ ᠸᠠᠩ ᠤ᠋ᠳ ᠣᠯᠠᠨ ᠴᠡᠷᠢᠭ ᠢ᠋ᠶ᠋ᠡᠷ ᠬᠦᠴᠦᠨ ᠲᠤᠰᠠᠯᠠᠨ᠎ᠠ ᠭᠡᠵᠦ ᠬᠠᠷᠢᠭᠤᠯᠤᠭᠰᠠᠨ ᠪᠠᠢᠨ᠎ᠠ᠃ ᠮᠠᠨ ᠤ᠋ ᠭᠠᠵᠠᠷ ᠢ᠋ ᠶᠠᠭᠠᠬᠢᠭᠰᠠᠨ ᠴᠤ᠌ ᠣᠷᠬᠢᠬᠤ ᠦᠭᠡᠢ᠂ ᠷᠶᠠᠽᠠᠨ ᠤ᠋ ᠬᠥᠮᠦᠰ ᠲᠡᠢ ᠮᠥᠷᠥ ᠵᠡᠷᠭᠡᠴᠡᠵᠦ ᠲᠤᠯᠤᠨ᠎ᠠ ᠭᠡᠰᠡᠨ ᠪᠠᠢᠨ᠎ᠠ ᠭᠡᠳ ᠰᠠᠨᠸᠠᠷᠲᠠᠨ ᠳᠠᠭᠤ ᠦᠭᠡᠢ ᠪᠣᠯᠤᠭᠰᠠᠨ ᠳ᠋ᠤ᠌᠂
      — ᠲᠠᠯᠬ᠎ᠠ ᠥᠭᠭᠦᠭᠡᠴᠢ᠂ ᠲᠠᠯᠬ᠎ᠠ ᠥᠭᠭᠦᠭᠡᠴᠢ ᠭᠡᠵᠦ ᠪᠣᠯᠭᠠᠷᠢ ᠶ᠋ᠢᠨ ᠨᠡᠭᠦᠳᠡᠯᠴᠢᠨ ᠪᠠᠷᠬᠢᠷᠠᠯᠳᠤᠪᠠ᠃ ᠳ᠋ᠢᠺᠣᠷᠣᠰ ᠰᠢᠬᠠᠯᠴᠠᠯᠳᠤᠭᠠᠨ ᠳᠣᠲᠣᠷ᠎ᠠ ᠵᠢᠳᠠ ᠪᠠᠨ ᠲᠤᠯᠤᠭᠠᠳ ᠵᠣᠭᠰᠣᠵᠤ ᠪᠠᠢᠯ᠎ᠠ᠃ ᠲᠡᠭᠦᠨ ᠦ᠌ ᠬᠠᠵᠠᠭᠤ ᠳ᠋ᠤ᠌ ᠲᠣᠷᠣᠫᠺᠠ ᠵᠣᠭᠰᠣᠵᠤ ᠡᠴᠢᠭᠡ ᠶ᠋ᠢᠨ ᠢ᠋ᠶ᠋ᠡᠨ ᠨᠢᠭᠤᠷ ᠢ᠋ ᠰᠡᠮᠬᠡᠨ ᠰᠡᠮᠬᠡᠨ ᠠᠵᠢᠭᠯᠠᠪᠠᠯ ᠳ᠋ᠢᠺᠣᠷᠣᠰ ᠤ᠋ᠨ ᠨᠢᠳᠦᠨ ᠦ᠌ ᠬᠠᠷᠠᠴᠠ ᠰᠢᠷᠦᠭᠦᠨ ᠪᠥᠭᠡᠳ ᠭᠤᠨᠢᠭᠲᠠᠢ ᠪᠣᠳᠣᠯ ᠪᠣᠳᠣᠭᠰᠠᠨ ᠨᠢ ᠢᠯᠡᠳᠲᠡ ᠪᠠᠢᠯ᠎ᠠ᠃
       ᠲᠣᠷᠣᠫᠺᠠ ᠠᠪᠤ ᠶ᠋ᠢᠨ ᠢ᠋ᠶ᠋ᠡᠨ ᠬᠠᠨᠴᠤᠢ ᠠ᠋ᠴᠠ ᠠᠶᠠᠷᠬᠠᠨ ᠳᠤᠭᠲᠤᠷᠴᠤ᠂
      — ᠠᠪᠤ ᠠ᠋ ᠭᠡᠵᠦ ᠳᠠᠭᠤᠳᠠᠭᠠᠳ᠂
      — ᠠᠳᠤᠭᠤᠴᠢᠨ ᠬᠥᠮᠦᠨ ᠮᠠᠨ ᠤ᠋ ᠵᠦᠭ ᠤᠷᠤᠭᠤ ᠢᠷᠡᠵᠦ ᠶᠠᠪᠤᠨ᠎ᠠ ᠭᠡᠳᠡᠭ ᠦᠨᠡᠨ ᠤᠤ? ᠡᠰᠡᠪᠡᠯ ᠡᠨᠡ ᠬᠥᠭᠰᠢᠨ ᠳᠡᠮᠡᠢ ᠴᠠᠯᠴᠢᠵᠤ ᠪᠠᠢᠨ᠎ᠠ ᠤᠤ? ᠭᠡᠪᠡ᠃
      — ᠡᠭᠦᠨ ᠢ᠋ ᠬᠠᠷᠠᠵᠤ ᠰᠣᠨᠣᠰᠴᠤ ᠪᠠᠢᠵᠤ ᠪᠣᠯᠤᠶ᠎ᠠ ᠭᠡᠵᠦ ᠳ᠋ᠢᠺᠦᠷᠤᠰ ᠬᠡᠯᠡᠭᠡᠳ᠂
      — ᠺᠦᠳ᠋ᠷᠶᠠᠱ ᠴᠢ ᠶᠠᠭᠤ ᠬᠠᠷᠠᠭᠤᠯᠳᠠᠭᠠᠪᠠ ᠭᠡᠵᠦ ᠠᠰᠠᠭᠤᠬᠤ ᠳ᠋ᠤᠨᠢ ᠺᠦᠳ᠋ᠷᠶᠠᠱ ᠲᠣᠯᠣᠭᠠᠢ ᠪᠠᠨ ᠰᠡᠭᠰᠦᠷᠴᠦ᠂
      — ᠲᠡᠷᠡ ᠭᠣᠣᠯ ᠤᠷᠤᠭᠤᠳᠠᠭᠠᠳ ᠢᠷᠡᠵᠦ ᠶᠠᠪᠤᠭ᠎ᠠ ᠪᠣᠯᠭᠠᠷᠢ ᠨᠤᠭᠤᠳ ᠢ᠋ ᠬᠠᠷᠠᠯ᠎ᠠ᠃ ᠤᠷᠢᠳᠤ ᠪᠣᠯᠭᠠᠷᠢ ᠬᠥᠮᠦᠰ ᠴᠥᠮ ᠰᠠᠪᠢᠬᠢᠨ ᠭᠤᠲᠤᠯ ᠡᠮᠦᠰᠴᠦ ᠰᠡᠦᠬᠡ ᠲᠡᠷᠭᠡᠨ ᠳᠡᠭᠡᠷ᠎ᠡ ᠰᠠᠭᠤᠭᠠᠳ᠂ ᠪᠢᠳᠡᠨ ᠳ᠋ᠦ᠍ ᠵᠣᠴᠢᠨ ᠪᠣᠯᠵᠤ ᠢᠷᠡᠳᠡᠭ ᠪᠠᠢᠯ᠎ᠠ᠃ ᠭᠠᠵᠠᠷ ᠠ᠋ᠴᠠ ᠨᠢᠴᠦᠭᠦᠨ ᠱᠠᠯᠳᠠᠩ ᠵᠢᠭᠤᠲᠠᠬᠤ ᠶᠠᠪᠤᠳᠠᠯ ᠪᠢᠳᠡᠨ ᠳ᠋ᠦ᠍ ᠡᠨᠡ ᠮᠡᠲᠦ ᠪᠡᠷ ᠲᠣᠬᠢᠶᠠᠯᠳᠤᠬᠤ ᠪᠣᠯ ᠤᠤ? ᠭᠡᠵᠦ ᠪᠣᠳᠣᠭᠳᠠᠯ᠎ᠠ᠃ᠲᠡᠭᠡᠪᠡᠯ ᠬᠠᠮᠢᠭ᠎ᠠ ᠵᠢᠭᠤᠲᠠᠬᠤ ᠶᠤᠮ ᠪᠢᠯᠡ? ᠭᠡᠪᠡ᠃
      — ᠦᠨᠡᠨ ᠵᠢᠷᠤᠮᠲᠠᠨ᠂ ᠴᠤᠭᠯᠠᠷᠠᠭᠲᠤᠨ! ᠬᠡᠷᠴᠡᠭᠡᠢ ᠪᠠᠲᠤ ᠬᠠᠭᠠᠨ ᠳ᠋ᠤ᠌ ᠣᠷᠣᠰ ᠤ᠋ᠨ ᠭᠠᠵᠠᠷ ᠢ᠋ ᠪᠤᠤ ᠵᠠᠬᠢᠷᠤᠭᠤᠯᠤᠭᠲᠤᠨ! ᠪᠦᠭᠦᠳᠡᠭᠡᠷ ᠸᠠᠩ ᠶᠥᠷᠢ ᠢᠩᠭ᠌ᠸᠠᠷᠸᠸᠢᠴ ᠦ᠋ᠨ ᠶᠡᠬᠡ ᠴᠡᠷᠢᠭ ᠲᠦ᠍ ᠡᠯᠰᠡᠭᠳᠡᠭᠲᠦᠨ ᠭᠡᠵᠦ ᠶᠠᠷᠢᠶ᠎ᠠ ᠪᠠᠨ ᠦᠷᠭᠦᠯᠵᠢᠯᠡᠭᠦᠯᠪᠡ᠃
      — ᠲᠡᠢᠮᠦ ᠪᠣᠯ ᠬᠠᠮᠢᠭᠠᠰᠢ ᠣᠴᠢᠬᠤ ᠶᠤᠮ ᠪᠣᠢ? ᠬᠠᠮᠢᠭ᠎ᠠ ᠴᠤᠭᠯᠠᠷᠠᠵᠤ ᠪᠠᠢᠭ᠎ᠠ ᠶᠤᠮ ᠪᠣᠢ? ᠭᠡᠵᠦ ᠳ᠋ᠢᠺᠦᠷᠤᠰ ᠳᠤᠤᠭᠠᠷᠪᠠ᠃ ᠲᠡᠳᠦᠢ ᠣᠯᠠᠨ ᠤ᠋ ᠳᠣᠲᠣᠷ᠎ᠠ ᠠ᠋ᠴᠠ᠂
      — ᠬᠠᠮᠢᠭ᠎ᠠ ᠴᠤᠭᠯᠠᠷᠠᠵᠤ ᠪᠠᠢᠭ᠎ᠠ ᠶᠤᠮ ᠪᠣᠢ? ᠬᠡᠨ ᠠᠪᠴᠤ ᠶᠠᠪᠤᠬᠤ ᠶᠤᠮ ᠪᠣᠢ? ᠭᠡᠵᠦ ᠳᠠᠭᠤᠳᠠᠨ ᠠᠰᠠᠭᠤᠵᠠᠭᠠᠭᠰᠠᠨ ᠳ᠋ᠤ᠌᠂
      — ᠣᠳᠣ ᠲᠠᠨᠠᠷ ᠲᠸ᠋ ᠷᠶᠡᠽᠡᠨ ᠦ᠌ ᠴᠡᠷᠢᠭ ᠦ᠋ᠨ ᠡᠷᠬᠢᠮ ᠡᠷ᠎ᠡ ᠶᠸᠸᠫᠠᠲ ᠺᠣᠯᠤᠸᠷᠠᠲ ᠦᠭᠡ ᠬᠡᠯᠡᠨ᠎ᠡ ᠭᠡᠵᠦ ᠰᠠᠨᠸᠠᠷᠲᠠᠨ ᠬᠠᠷᠢᠭᠤᠯᠤᠭᠠᠳ ᠭᠠᠤᠯᠢᠨ ᠵᠠᠭᠠᠯᠮᠠᠢ ᠪᠠᠨ ᠡᠪᠦᠷᠲᠦᠯᠡᠵᠦ ᠭᠠᠷ ᠢ᠋ᠶ᠋ᠠᠨ ᠡᠷᠭᠦᠨ ᠬᠠᠨᠴᠤᠢ ᠳᠣᠲᠣᠷ᠎ᠠ ᠪᠠᠨ ᠬᠢᠪᠡ᠃ ᠲᠡᠳᠦᠢ ᠪᠣᠭᠣᠨᠢ ᠦᠰᠦ ᠲᠡᠢ ᠳᠡᠪᠡᠯ ᠲᠡᠢ᠂ ᠲᠡᠮᠦᠷ ᠮᠠᠯᠠᠭᠠᠢ ᠲᠠᠢ᠂ᠴᠢᠩᠭ᠎ᠠ ᠪᠦᠰᠡᠯᠡᠭᠰᠡᠨ ᠰᠤᠷ ᠤ᠋ᠨ ᠪᠥᠰᠡᠨ ᠳ᠋ᠡᠭᠡᠨ ᠤᠷᠲᠤ ᠲᠠᠬᠢᠷ ᠬᠤᠢ ᠲᠠᠢ ᠰᠡᠯᠡᠮ᠎ᠡ ᠵᠡᠭᠦᠭᠰᠡᠨ ᠥᠨᠳᠥᠷ ᠪᠡᠶ᠎ᠡ ᠲᠡᠢ ᠪᠠᠢᠯᠳᠤᠭᠴᠢ ᠪᠠᠢᠯᠳᠤᠭᠠᠨ ᠤ᠋ ᠠᠯᠲᠠᠨ ᠵᠢᠷᠤᠭᠠᠰᠤᠲᠤ ᠰᠦᠬᠡ ᠪᠠᠷᠢᠨ ᠭᠠᠷᠴᠤ ᠢᠷᠡᠭᠡᠳ᠂ ᠪᠡᠶ᠎ᠡ ᠪᠡᠨ ᠳᠡᠭᠡᠭᠰᠢᠯᠡᠭᠦᠯᠵᠦ ᠣᠯᠠᠨ ᠤ᠋ ᠵᠦᠭ ᠬᠥᠭᠵᠢᠯᠲᠡᠢ ᠬᠠᠷᠠᠴᠠ ᠪᠠᠷ ᠬᠠᠷᠠᠮᠠᠭᠴᠠ ᠭᠤᠷᠪᠠᠨ ᠵᠦᠭ ᠳᠠᠰᠢ  ᠮᠡᠬᠦᠢᠰᠬᠢᠨ ᠶᠣᠰᠣᠯᠠᠭᠠᠳ ᠬᠡᠯᠡᠭᠰᠡᠨ ᠨᠢ᠄
      — ᠬᠦᠴᠦᠲᠦ ᠪᠠᠢᠯᠳᠤᠭᠴᠢᠳ᠂ ᠪᠠᠭᠠᠪᠠᠭᠠᠢ ᠶ᠋ᠢᠨ ᠠᠩᠴᠢᠳ᠂ ᠵᠣᠷᠢᠭᠲᠤ ᠠᠷᠠᠳ ᠤ᠋ᠳ᠂ ᠰᠡᠷᠭᠦᠯᠡᠩ ᠢ᠋ᠶ᠋ᠡᠷ ᠬᠥᠮᠦᠵᠢᠭᠰᠡᠨ ᠷᠶᠠᠽᠠᠨ ᠤ᠋ ᠬᠥᠮᠦᠰ ᠨᠠᠳᠠᠳᠤ ᠦᠭᠡ ᠬᠡᠯᠡᠬᠦ ᠵᠥᠪᠰᠢᠶᠡᠷᠡᠯ ᠣᠯᠭᠣᠭᠲᠤᠨ᠃ ᠲᠠᠨᠠᠷ ᠲᠸ᠋ ᠪᠢ ᠮᠡᠬᠦᠢᠨ ᠰᠥᠭᠥᠳᠴᠦ ᠬᠡᠯᠡᠶ᠎ᠡ ᠭᠡᠬᠦ ᠳ᠋ᠦ᠍᠄
      — ᠬᠡᠯᠡ᠂ ᠬᠡᠯᠡ! ᠶᠧᠸᠫᠡᠲ᠂ ᠪᠢᠳᠡ ᠰᠣᠨᠣᠰᠤᠨ᠎ᠠ ᠭᠡᠬᠦ ᠬᠠᠷᠢᠭᠤ ᠰᠣᠨᠣᠰᠳᠠᠪᠠ᠃
      —ᠡᠨᠡ ᠠᠳᠤᠭᠤᠴᠢᠨ ᠲᠠᠲ᠋ᠠᠷ ᠤ᠋ᠳ ᠬᠡᠨ ᠪᠣᠯᠬᠤ ᠶ᠋ᠢ ᠪᠢ ᠮᠡᠳᠡᠨ᠎ᠡ᠃ ᠥᠪᠡᠷ ᠦ᠋ᠨ ᠨᠢᠳᠦ ᠪᠡᠷ ᠲᠡᠳᠡᠨ ᠢ᠋ ᠦᠵᠡᠭᠰᠡᠨ᠂ ᠥᠪᠡᠷ ᠦ᠋ᠨ ᠭᠠᠷ ᠢ᠋ᠶ᠋ᠠᠷ  ᠲᠡᠳᠡᠨ ᠢ᠋ ᠲᠡᠮᠲᠡᠷᠢᠭᠰᠡᠨ᠂ ᠪᠡᠬᠢᠯᠡᠯᠲᠡ ᠶ᠋ᠢ ᠨᠢ ᠥᠪᠡᠷ ᠢ᠋ᠶ᠋ᠡᠨ ᠡᠪᠳᠡᠭᠰᠡᠨ᠃ ᠲᠡᠢᠮᠦ ᠤᠴᠢᠷ ᠠ᠋ᠴᠠ ᠲᠡᠳᠡᠨ ᠮᠢᠨᠦ ᠴᠡᠭᠡᠵᠢᠨ ᠳ᠋ᠦ᠍ ᠪᠠᠭ᠎ᠠ ᠪᠤᠰᠤ ᠰᠣᠷᠪᠢ ᠦᠯᠡᠳᠡᠭᠡᠭᠰᠡᠨ! ᠡᠨᠡ ᠲᠡᠮᠦᠷ ᠮᠠᠯᠠᠭᠠᠢ ᠪᠣᠯᠤᠨ ᠲᠠᠬᠢᠷ ᠰᠡᠯᠡᠮ᠎ᠡ ᠶ᠋ᠢ ᠠᠯᠠᠭᠳᠠᠭᠰᠠᠨ ᠲᠠᠲ᠋ᠠᠷ ᠤ᠋ᠨ ᠬᠠᠭᠠᠨ ᠠ᠋ᠴᠠ ᠠᠪᠤᠭᠰᠠᠨ ᠶᠤᠮ ᠭᠡᠬᠦ ᠳ᠋ᠦ᠍ᠨᠢ᠂
      — ᠬᠠᠷᠠᠪᠠ ᠤᠤ᠂ ᠮᠠᠨ ᠤ᠋ ᠶᠧᠸᠫᠡᠲ ᠢ᠋ ᠭᠡᠬᠦ ᠦᠭᠡ ᠣᠯᠠᠨ ᠤ᠋ ᠳᠤᠮᠳᠠ ᠠ᠋ᠴᠠ ᠰᠣᠨᠣᠰᠳᠠᠪᠠ᠃
      ᠺᠣᠯᠣᠸᠷᠠᠲ ᠳᠠᠬᠢᠨ ᠬᠡᠯᠡᠭᠰᠡᠨ ᠨᠢ᠄
      —ᠠᠷᠪᠠᠨ ᠬᠣᠶᠠᠷ ᠵᠢᠯ ᠦ᠋ᠨ ᠡᠮᠦᠨ᠎ᠡ ᠲᠠᠨᠠᠷ ᠤ᠋ᠨ ᠣᠯᠠᠩᠬᠢ ᠨᠢ ᠡᠭᠦᠨ ᠢ᠋ ᠰᠠᠨᠠᠵᠤ ᠪᠠᠢᠭ᠎ᠠ ᠪᠢᠵᠡ? ᠷᠣᠰᠲ᠋ᠣᠸ ᠤ᠋ᠨ ᠴᠡᠷᠢᠭ ᠦ᠋ᠨ ᠬᠠᠮᠲᠤ ᠮᠢᠨᠦ ᠪᠡᠶ᠎ᠡ ᠡᠨᠡ ᠲᠠᠲ᠋ᠠᠷ ᠤ᠋ᠳ ᠲᠠᠢ ᠡᠰᠡᠷᠭᠦᠴᠡᠨ ᠶᠠᠪᠤᠵᠤ ᠪᠢᠳᠡᠨᠡᠷ ᠬᠣᠯᠠ ᠶ᠋ᠢᠨ ᠬᠥᠬᠡ ᠳᠠᠯᠠᠢ ᠳ᠋ᠤ᠌ ᠬᠦᠷᠴᠦ᠂ ᠲᠠᠲ᠋ᠠᠷ ᠤ᠋ᠨ ᠴᠡᠷᠢᠭ ᠲᠡᠢ ᠤᠴᠠᠷᠠᠭᠰᠠᠨ ᠪᠢᠯᠡ᠃ ᠲᠡᠭᠡᠬᠦ ᠳ᠋ᠦ᠍ ᠪᠢᠳᠡ ᠠᠩᠬᠠᠳᠤᠭᠠᠷ ᠤᠳᠠᠭ᠎ᠠ ᠲᠡᠳᠡ ᠨᠠᠷ ᠤ᠋ᠨ ᠶᠠᠭᠠᠬᠢᠵᠤ ᠳᠠᠭᠠᠷᠢᠨ ᠳᠣᠪᠲᠣᠯᠳᠠᠭ ᠢ᠋ ᠦᠵᠡᠭᠰᠡᠨ ᠶᠤᠮ᠃ ᠲᠡᠳᠡ ᠪᠠᠢᠯᠳᠤᠵᠤ ᠪᠠᠢᠭᠠᠳ ᠭᠡᠨᠡᠳᠲᠡ ᠡᠷᠭᠢᠵᠦ ᠪᠢᠳᠡᠨᠡᠷ ᠡᠴᠡ ᠠᠶᠤᠭᠰᠠᠨ ᠶᠤᠮ ᠰᠢᠭ᠋ ᠵᠢᠭᠤᠲᠠᠭᠠᠳ ᠮᠠᠨ ᠢ᠋ ᠥᠪᠡᠷ ᠦ᠋ᠨ  ᠪᠦᠭᠭᠦᠭᠰᠡᠨ ᠴᠡᠷᠢᠭ ᠳᠡᠭᠡᠷ᠎ᠡ ᠠᠪᠠᠴᠢᠬᠤ ᠶ᠋ᠢ ᠨᠢ ᠦᠵᠡᠭᠰᠡᠨ ᠶᠤᠮ᠃ ᠲᠡᠳᠡ ᠶᠡᠷᠦᠨᠢ ᠰᠦᠷᠡᠬᠡᠢ ᠪᠠᠢᠯᠳᠤᠨ᠎ᠠ᠃ ᠭᠡᠰᠡᠨ ᠴᠥ᠍ ᠲᠣᠭᠲᠠᠪᠤᠷᠢ ᠮᠠᠭᠤᠲᠠᠢ᠂ ᠥᠴᠦᠬᠡᠨ ᠲᠡᠳᠦᠢ ᠪᠣᠯᠤᠮᠵᠢ ᠦᠭᠡᠢ ᠶᠠᠪᠤᠳᠠᠯ ᠪᠣᠯᠪᠠᠯ ᠡᠷᠭᠢᠵᠦ ᠬᠠᠷᠠᠯ ᠦᠭᠡᠢ ᠵᠢᠭᠤᠲᠠᠭᠠᠳ ᠬᠣᠯᠠ ᠣᠴᠢᠵᠤ ᠳᠠᠬᠢᠨ ᠭᠠᠷᠴᠤ ᠢᠷᠡᠨ᠎ᠡ ᠭᠡᠪᠡ᠃
      ᠺᠦᠳ᠋ᠷᠶᠡᠱ᠂ ᠳ᠋ᠢᠺᠣᠷᠣᠰ ᠤ᠋ᠨ ᠬᠠᠵᠠᠭᠤ ᠠ᠋ᠴᠠ ᠲᠦᠯᠬᠢᠵᠦ᠄
      — ᠰᠣᠨᠣᠰᠪᠠ ᠤᠤ᠂ ᠲᠠᠲ᠋ᠠᠷ ᠤ᠋ᠳ ᠶᠠᠭᠤ ᠬᠢᠳᠡᠭ ᠪᠠᠢᠨ᠎ᠠ? ᠪᠢᠳᠡᠨᠡᠷ ᠲᠦ᠍ ᠲᠡᠢᠮᠦ ᠠᠮᠠᠷᠬᠠᠨ ᠵᠠᠵᠢᠯᠠᠭᠳᠠᠬᠤ ᠦᠭᠡᠢ ᠪᠣᠯᠤᠯᠲᠠᠢ ᠭᠡᠪᠡ᠃
      — ᠪᠢᠳᠡᠨ ᠣ ᠡᠨᠡ ᠪᠠᠢᠯᠳᠤᠭᠠᠨ ᠤ᠋ ᠤᠳᠤᠷᠢᠳᠤᠭᠴᠢ ᠪᠠᠷ ᠮᠠᠨ ᠤ᠋ ᠪᠠᠭᠠᠪᠠᠭᠠᠢ ᠠᠩᠨᠠᠭᠴᠢ ᠶᠧᠸᠫᠡᠲ ᠮᠡᠲᠦ ᠶ᠋ᠢᠨ ᠬᠥᠮᠦᠨ ᠶᠠᠪᠤᠵᠤ ᠲᠠᠲ᠋ᠠᠷ ᠦ᠋ᠳ ᠲᠡᠢ ᠪᠠᠢᠯᠳᠤᠪᠠᠯ ᠰᠠᠢᠨ ᠶᠤᠮ ᠰᠠᠨ ᠭᠡᠪᠡ᠃ ᠶᠸᠸᠫᠡᠲ ᠪᠠᠰᠠ ᠬᠡᠳᠦᠨ ᠬᠠᠯᠠᠭᠤᠨ ᠦᠭᠡ ᠬᠡᠯᠡᠵᠦ ᠪᠦᠭᠦᠳᠡ ᠶ᠋ᠢ ᠷᠶᠡᠽᠡᠨ ᠳᠠᠰᠢ ᠸᠠᠩ ᠤ᠋ᠨ ᠬᠠᠰᠢᠶᠠᠨ ᠳ᠋ᠤ᠌ ᠣᠴᠢᠬᠤ ᠶ᠋ᠢ ᠤᠷᠢᠶᠠᠯᠠᠭᠠᠳ᠂ ᠲᠡᠨᠳᠡ ᠡᠴᠡ ᠶᠡᠬᠡ ᠴᠡᠷᠢᠭ ᠲᠡᠢ ᠨᠡᠢᠯᠡᠨ᠎ᠡ ᠭᠡᠪᠡ᠃
       ᠲᠡᠭᠡᠭᠡᠳ ᠱᠠᠲᠤᠨ ᠳᠡᠭᠡᠷ᠎ᠡ ᠡᠴᠡ ᠲᠦᠷᠭᠡᠨ ᠪᠠᠭᠤᠵᠤ ᠰᠢᠬᠠᠯᠴᠠᠯᠳᠤᠭᠰᠠᠨ ᠣᠯᠠᠨ ᠤ᠋ ᠳᠤᠮᠳᠠ ᠣᠷᠣᠲᠠᠯ᠎ᠠ ᠳ᠋ᠢᠺᠤᠷᠤᠰ ᠢ᠋ ᠦᠵᠡᠪᠡ᠃
      — ᠰᠠᠢᠨ ᠤᠤ? ᠰᠡᠸᠸᠯᠢ᠂ ᠠᠷᠭ᠎ᠠ ᠦᠭᠡᠢ ᠯᠡ ᠪᠠᠢᠯᠳᠤᠬᠤ ᠪᠠᠷ ᠪᠡᠯᠡᠳᠬᠡᠪᠡ ᠤᠤ ᠳ᠋ᠠ? ᠭᠡᠪᠡ᠃
      — ᠬᠦᠦ ᠪᠡᠨ ᠪᠠᠰᠠ ᠬᠠᠮᠲᠤ ᠠᠪᠴᠤ ᠶᠠᠪᠤᠨ᠎ᠠ᠃ ᠠᠢᠯ ᠤ᠋ᠨ ᠬᠢᠨ ᠮᠠᠨᠢ ᠴᠤ᠌ ᠶᠠᠪᠤᠨ᠎ᠠ᠃ ᠴᠢᠨᠦ ᠣᠲ᠋ᠷᠢᠶᠠᠳ᠋ ᠲᠤ᠌ ᠬᠠᠮᠲᠤ ᠶᠠᠪᠤᠵᠤ ᠪᠠᠢᠯᠳᠤᠬᠤ ᠶ᠋ᠢ ᠬᠦᠰᠡᠨ᠎ᠡ ᠭᠡᠪᠡ᠃
      — ᠠᠸᠨᠠ᠂ ᠠᠸᠨᠠ᠂ ᠪᠤᠰᠢᠭᠤᠬᠠᠨ ᠷᠶᠠᠽᠠᠨ ᠳ᠋ᠤ᠌ ᠣᠴᠢᠭᠲᠤᠨ! ᠨᠠᠳᠠᠲᠠᠢ ᠸᠠᠩ ᠤ᠋ᠨ ᠬᠠᠰᠢᠶᠠᠨ ᠳ᠋ᠤ᠌ ᠠᠭᠤᠯᠵᠠᠵᠤ ᠪᠣᠯᠤᠨ᠎ᠠ᠃ ᠭᠡᠲᠡᠯ᠎ᠡ ᠬᠣᠶᠠᠷ ᠳᠠᠭᠠᠯᠲᠠ ᠨᠢ ᠠᠭᠰᠤᠮ ᠮᠣᠷᠢ ᠶ᠋ᠢ ᠨᠢ ᠠᠪᠴᠢᠷᠠᠪᠠ᠃ ᠶᠸᠸᠫᠡᠲ ᠲᠡᠭᠦᠨ ᠳᠡᠭᠡᠷ᠎ᠡ ᠮᠥᠷᠳᠡᠵᠦ ᠷᠶᠡᠽᠡᠨ ᠦ᠌ ᠵᠦᠭ ᠳᠠᠪᠬᠢᠨ ᠣᠳᠤᠯ᠎ᠠ᠃

        ᠦᠰᠦᠭ ᠠᠮᠢᠯᠠᠭᠤᠯᠤᠭᠴᠢ᠄ ᠭᠡᠷᠡᠯ᠂ ᠬᠡᠷᠡᠢᠳ· ᠮᠥᠩᠬᠡᠨᠠᠰᠤᠨ
        ᠬᠢᠨᠠᠭᠴᠢ᠄ ᠲ· ᠬᠦᠮᠦᠵᠢᠯᠲᠦ᠂ ᠠᠷᠢᠭᠤᠨ᠂ ᠠᠯᠲᠠᠨᠴᠢᠮᠡᠭ