ᠪᠠᠲᠤ ᠬᠠᠭᠠᠨ 3-04ᠵᠡᠷᠯᠢᠭ ᠲᠠᠯ᠎ᠠ ᠳ᠋ᠤ᠌ ᠣᠳᠪᠠ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ
ᠳᠥᠷᠪᠡ ᠵᠡᠷᠯᠢᠭ ᠲᠠᠯ᠎ᠠ ᠳ᠋ᠤ᠌ ᠣᠳᠪᠠ
ᠰᠡᠸᠧᠯᠢ ᠳ᠋ᠢᠺᠣᠷᠣᠰ ᠪᠠᠢᠯᠳᠤᠭᠠᠨ ᠤ᠋ ᠠᠶᠠᠨ ᠳ᠋ᠤ᠌ ᠶᠠᠪᠤᠬᠤ ᠪᠠᠷ ᠪᠡᠯᠡᠳᠬᠡᠪᠡ᠃ ᠬᠠᠮᠤᠭ ᠤ᠋ᠨ ᠰᠡᠭᠦᠯᠴᠢ ᠶ᠋ᠢᠨ ᠪᠠᠷᠢᠭᠰᠠᠨ ᠬᠡᠷᠡᠮᠦ ᠶ᠋ᠢᠨ ᠠᠷᠠᠰᠤ ᠶ᠋ᠢ ᠥᠪᠴᠢᠵᠦ ᠵᠣᠭᠣᠷᠢ ᠶ᠋ᠢᠨ ᠳᠣᠲᠣᠷ᠎ᠠ ᠳᠡᠭᠡᠷ᠎ᠡ ᠡᠴᠡ ᠳᠡᠭᠦᠵᠢᠯᠡᠭᠡᠳ᠂
— ᠬᠡᠷᠪᠡ ᠬᠡᠷᠡᠭ ᠲᠣᠬᠢᠶᠠᠯᠳᠤᠪᠠᠯ ᠬᠡᠷᠡᠮᠦ ᠪᠡᠨ ᠪᠤᠳᠠᠭ᠎ᠠ ᠪᠠᠷ ᠰᠣᠯᠢᠭᠠᠷᠠᠢ ᠭᠡᠵᠦ ᠡᠬᠡᠨᠡᠷ ᠲᠡᠭᠡᠨ ᠵᠠᠬᠢᠪᠠ᠃ ᠪᠠᠭᠠᠪᠠᠭᠠᠢ ᠠᠩᠨᠠᠬᠤ ᠳ᠋ᠠᠭᠠᠨ ᠠᠪᠴᠤ ᠶᠠᠪᠤᠳᠠᠭ ᠬᠢᠲᠤᠭ᠎ᠠ ᠪᠠᠨ ᠵᠠᠰᠠᠵᠤ ᠰᠢᠨ᠎ᠡ ᠪᠠᠷᠢᠭᠤᠯ ᠣᠷᠢᠶᠠᠪᠠ᠃ ᠰᠦᠬᠡ ᠪᠡᠨ ᠠᠷᠠᠢ ᠤᠷᠲᠤ ᠡᠰᠢᠨ ᠳ᠋ᠦ᠍ ᠰᠠᠭᠤᠯᠭᠠᠵᠤ ᠪᠡᠯᠡᠳᠬᠡᠪᠡ᠃ ᠣᠢ ᠳᠣᠲᠣᠷ᠎ᠠ ᠠ᠋ᠴᠠ ᠤᠨᠠᠭᠰᠠᠨ ᠬᠠᠭᠤᠷᠠᠢ ᠮᠣᠳᠣ ᠠᠪᠴᠢᠷᠠᠵᠤ᠂ ᠡᠬᠡᠨᠡᠷ ᠨᠢ ᠫᠢᠰᠢᠩ ᠳ᠋ᠡᠭᠡᠨ ᠲᠦᠯᠡᠬᠦ ᠳ᠋ᠦ᠍ ᠠᠮᠠᠷ ᠪᠣᠯᠭᠠᠪᠠ᠃ ᠬᠠᠳᠤᠭᠤᠷ ᠤ᠋ᠨ ᠬᠤᠭᠤᠷᠬᠠᠢ ᠪᠠᠷ ᠬᠣᠶᠠᠳᠤᠭᠠᠷ ᠬᠢᠲᠤᠭ᠎ᠠ ᠶ᠋ᠢ ᠦᠢᠯᠡᠳᠴᠦ ᠲᠣᠷᠣᠫᠺᠠ ᠳ᠋ᠤ᠌ ᠥᠭᠭᠦᠯ᠎ᠡ᠃ ᠬᠥᠩᠭᠡᠨ ᠮᠤᠵᠢᠶᠠᠩ ᠤ᠋ᠨ ᠰᠦᠬᠡ ᠶ᠋ᠢ ᠡᠬᠡᠨᠡᠷ ᠲᠡᠭᠡᠨ ᠠᠵᠤ ᠠᠬᠤᠢ ᠳ᠋ᠤᠨᠢ ᠵᠣᠷᠢᠭᠤᠯᠤᠨ ᠦᠯᠡᠳᠡᠭᠡᠵᠡᠢ᠃ ᠲᠡᠭᠦᠨ ᠦ᠌ ᠡᠬᠡᠨᠡᠷ ᠮᠠᠷᠢᠼᠠ᠂ᠸᠸᠱᠨ᠋ᠶᠠᠩᠺᠡ ᠶ᠋ᠢᠨ ᠬᠠᠮᠲᠤ ᠰᠢᠩᠭᠡᠨ ᠺᠸᠠᠰ ᠤ᠋ᠨ ᠬᠥᠷᠥᠩᠭᠡ ᠬᠢᠵᠦ ᠭᠤᠷᠪᠠᠨ ᠲᠣᠮᠣ ᠲᠠᠯᠬ᠎ᠠ ᠪᠠᠷᠢᠵᠤ ᠮᠥᠨ ᠠᠮᠲᠠᠲᠤ ᠲᠠᠯᠬ᠎ᠠ ᠨᠡᠯᠢᠶᠡᠳ ᠢ᠋ ᠪᠠᠷᠢᠵᠠᠢ᠃ ᠲᠣᠮᠣ ᠲᠠᠯᠬ᠎ᠠ ᠶ᠋ᠢ ᠨᠠᠷᠢᠨ ᠬᠡᠷᠴᠢᠵᠦ ᠫᠢᠰᠢᠩ ᠳ᠋ᠦ᠍ ᠬᠢᠵᠦ ᠬᠠᠲᠠᠭᠠᠯᠠ᠃ ᠬᠠᠲᠠᠭᠰᠠᠨ ᠲᠠᠯᠬ᠎ᠠ ᠪᠠᠷ ᠰᠢᠭᠤᠳᠠᠢ ᠶ᠋ᠢ ᠳᠦᠭᠦᠷᠭᠡᠵᠦ ᠳᠣᠲᠣᠷ᠎ᠠ ᠲᠡᠭᠦᠨ ᠪᠡᠨ ( ᠲᠡᠭᠦᠨ ᠦ᠌ ᠪᠡᠨ ᠳᠣᠲᠣᠷ᠎ᠠ ) ᠰᠣᠩᠭᠢᠨ᠎ᠠ ᠮᠠᠨᠵᠢᠩ ᠵᠡᠷᠭᠡ ᠶ᠋ᠢ ᠬᠢᠵᠦ ᠪᠠᠰᠠ ᠠᠳᠬᠤ ᠳᠠᠪᠤᠰᠤ ᠶ᠋ᠢ ᠠᠯᠴᠢᠭᠤᠷ ᠲᠸ᠋ ᠪᠣᠭᠣᠵᠠᠢ᠃
—ᠮᠠᠨ ᠤ᠋ ᠳᠠᠪᠤᠰᠤ ᠴᠤ᠌ ᠢᠷᠣᠭᠠᠷ ᠢ᠋ᠶ᠋ᠠᠨ ᠬᠠᠷᠠᠵᠤ ᠪᠠᠢᠬᠤ ᠰᠢᠭ᠋ ᠪᠠᠢᠨ᠎ᠠ᠃ ᠣᠯᠠᠨ ᠤ᠋ ᠭᠠᠵᠠᠷ ᠠ᠋ᠴᠠ ᠳᠠᠪᠤᠰᠤ ᠠᠮᠠᠷᠬᠠᠨ ᠣᠯᠳᠠᠬᠤ ᠪᠢᠵᠡ? ᠭᠡᠵᠦ ᠮᠠᠷᠢᠼᠠ ᠬᠡᠯᠡᠪᠡ᠃
ᠥᠷᠯᠥᠭᠡ ᠡᠷᠲᠡ ᠨᠣᠢᠷᠮᠤᠭ ᠪᠠᠢᠭ᠎ᠠ ᠭᠠᠴᠤᠷ᠎ᠠ ᠮᠣᠳᠣᠨ ᠤ᠋ ᠵᠠᠪᠰᠠᠷ ᠢ᠋ᠶ᠋ᠠᠷ ᠤᠯᠠᠭᠠᠨ ᠲᠤᠶᠠᠭ᠎ᠠ ᠳᠥᠩᠭᠡᠵᠢ ᠲᠤᠰᠬᠤ ᠶ᠋ᠢᠨ ᠰᠠᠴᠠᠭᠤ ᠡᠷᠡᠴᠦᠳ ᠳ᠋ᠢᠺᠦᠷᠤᠰ ᠤ᠋ᠨ ᠪᠠᠢᠰᠢᠩ ᠤ᠋ᠨ ᠳᠡᠷᠭᠡᠳᠡ ᠴᠤᠭᠯᠠᠷᠠᠪᠠ᠃ ᠬᠥᠮᠦᠨ ᠪᠦᠷᠢ ᠨᠢᠭᠡᠨ ᠰᠢᠭᠤᠳᠠᠢ ᠪᠡᠯᠡᠳᠬᠡᠯ ᠶᠠᠭᠤᠮ᠎ᠠ ᠨᠢᠷᠤᠭᠤᠨ ᠳ᠋ᠠᠭᠠᠨ ᠡᠪᠯᠢᠭᠬᠡᠨ ᠡᠭᠦᠷᠴᠦ ᠪᠥᠰᠡᠨ ᠳ᠋ᠡᠭᠡᠨ ᠰᠦᠬᠡ ᠬᠠᠪᠴᠢᠭᠤᠯᠵᠤ᠂ ᠰᠢᠨ᠎ᠡ ᠬᠣᠯᠲᠣᠰᠣᠨ ᠱᠠᠬᠠᠢ ᠶ᠋ᠢ ᠤᠶᠠᠵᠠᠢ᠃
ᠡᠬᠡᠨᠡᠷ ᠦ᠋ᠳ ᠡᠷᠡᠴᠦᠳ ᠢ᠋ ᠭᠤᠷᠪᠠᠨ ᠮᠣᠳᠣ ᠲᠠᠯᠪᠢᠵᠤ ᠶᠠᠪᠠᠭᠠᠨ ᠭᠦᠦᠷ ᠬᠢᠭᠰᠡᠨ ᠬᠠᠷᠠᠵᠠ ᠤᠰᠤ ᠬᠦᠷᠲᠡᠯ᠎ᠡ ᠭᠠᠷᠭᠠᠵᠤ ᠦᠭᠭᠦᠭᠡᠳ᠂ ᠬᠠᠷᠠᠴᠤᠳ ᠢ᠋ᠶ᠋ᠠᠨ ᠬᠦᠵᠦᠭᠦᠦ ᠪᠡᠷ ᠨᠢ ᠲᠡᠪᠡᠷᠢᠵᠦ᠂ ᠬᠠᠭᠠᠴᠠᠬᠤ ᠶᠣᠰᠣᠯᠠᠯ ᠭᠦᠢᠴᠡᠳᠬᠡᠬᠦ ᠳ᠋ᠡᠭᠡᠨ᠂
— ᠬᠥᠭᠡᠷᠦᠬᠦᠢ ᠨᠥᠬᠥᠳ ᠮᠢᠨᠢ ᠬᠡᠨ ᠳ᠋ᠦ᠍ ᠭᠡᠵᠦ ᠪᠢᠳᠡᠨ ᠢ᠋ ᠦᠯᠡᠳᠡᠭᠡᠵᠦ ᠪᠠᠢᠨ᠎ᠠ? ᠬᠡᠨ ᠳ᠋ᠦ᠍ ᠨᠠᠢᠳᠠᠵᠤ ᠪᠢᠳᠡᠨ ᠢ᠋ ᠣᠷᠬᠢᠵᠤ ᠪᠠᠢᠨ᠎ᠠ ? ᠭᠡᠬᠦ ᠳ᠋ᠦ᠍ ᠳ᠋ᠢ᠍ᠺᠦᠷᠤᠰ᠂ ᠮᠠᠷᠢᠼᠠ ᠶ᠋ᠢ ᠡᠷᠭᠦᠵᠦ ᠪᠣᠰᠬᠠᠭᠠᠳ ᠥᠭᠦᠯᠡᠭᠰᠡᠨ ᠨᠢ:
— ᠶᠠᠭᠤᠨ ᠳ᠋ᠤ᠌ ᠭᠠᠰᠠᠯᠵᠤ ᠪᠠᠢᠨ᠎ᠠ? ᠪᠠᠭᠠᠪᠠᠭᠠᠢ ᠠᠩᠨᠠᠬᠤ ᠠ᠋ᠴᠠ ᠢᠯᠭᠠᠪᠤᠷᠢ ᠪᠠᠢᠨ᠎ᠠ ᠤᠤ? ᠪᠦᠭᠦᠳᠡ ᠠᠳᠠᠯᠢ ᠪᠢᠰᠢ ᠤᠤ? ᠬᠡᠭᠡᠷ ᠮᠣᠷᠢ ᠪᠠᠨ ᠠᠷᠠᠴᠢᠯᠠᠵᠤ ᠪᠠᠢ᠂ ᠠᠷᠢᠶᠠᠲᠠᠨ ᠪᠣᠯᠣᠳ ᠮᠠᠭᠤ ᠬᠥᠮᠦᠨ ᠡᠴᠡ ᠰᠡᠷᠭᠡᠢᠯᠡᠭᠲᠦᠨ!
— ᠪᠢ ᠲᠠᠲ᠋ᠠᠷ ᠤ᠋ᠳ ᠤ᠋ᠨ ᠰᠠᠢᠨ ᠮᠣᠷᠢ ᠶ᠋ᠢ ᠤᠨᠤᠵᠤ ᠴᠢᠮ᠎ᠠ ᠳ᠋ᠠᠭᠠᠨ ᠲᠣᠷᠭᠠᠨ ᠭᠠᠳᠠᠷ ᠲᠠᠢ ᠳᠡᠪᠡᠯ᠂ ᠳᠤᠯᠠᠭᠠᠨ ᠨᠣᠣᠰᠣᠨ ᠴᠠᠮᠴᠠ ᠪᠠᠰᠠ ᠪᠤᠰᠤ ᠰᠢᠨ᠎ᠡ ᠶᠠᠭᠤᠮ᠎ᠠ ᠶ᠋ᠢᠨ ᠬᠠᠮᠲᠤ ᠡᠭᠡᠵᠦ ᠢᠷᠡᠵᠦ ᠶᠠᠭᠤ ᠮᠠᠭᠠᠳ᠂
— ᠨᠠᠳᠠᠳᠤ ᠶᠠᠭᠤ ᠴᠤ᠌ ᠬᠡᠷᠡᠭ ᠦᠭᠡᠢ ᠂ ᠭᠠᠭᠴᠠ ᠴᠢ ᠮᠢᠨᠦ ᠭᠡᠷᠡᠯ᠃ᠰᠡᠸᠸᠯᠢ ᠮᠢᠨᠢ ᠭᠡᠷ ᠲᠡᠭᠡᠨ ᠮᠡᠨᠳᠦ ᠡᠭᠡᠵᠦ ᠢᠷᠡᠪᠡᠯ ᠪᠠᠷᠠᠪᠠ᠃ ᠴᠢᠨᠦ ᠲᠣᠯᠣᠭᠠᠢ ᠶ᠋ᠢ ᠪᠤᠷᠤᠩᠬᠤᠢ ᠤᠯᠠᠩᠭᠠᠰᠤᠭᠰᠠᠨ ᠬᠥᠮᠦᠰ ᠲᠠᠰᠤ ᠴᠠᠪᠴᠢᠵᠤ ᠴᠢᠨᠦ ᠬᠡᠭᠦᠷ ᠳᠡᠭᠡᠷ᠎ᠡ ᠤᠬᠢᠯᠠᠬᠤ ᠬᠥᠮᠦᠨ ᠦᠭᠡᠢ ᠪᠠᠢᠨ᠎ᠠ᠃ ᠡᠬᠡᠨᠡᠷ ᠦ᠋ᠳ ᠪᠢᠳᠡᠨ ᠦ᠌ ᠵᠣᠪᠠᠯᠠᠩ ᠶᠡᠬᠡ ᠪᠠᠢᠨ᠎ᠠ᠂ ᠬᠦᠦ ᠪᠡᠨ ᠬᠠᠮᠠᠭᠠᠯᠠᠵᠤ ᠶᠠᠪᠤᠭᠠᠷᠠᠢ! ᠶᠠᠭᠤᠨ ᠳ᠋ᠤ᠌ ᠪᠢ ᠲᠡᠭᠦᠨ ᠢ᠋ ᠲᠥᠷᠥᠭᠦᠯᠵᠦ᠂ ᠶᠠᠭᠤᠨ ᠳ᠋ᠤ᠌ ᠪᠢ ᠲᠡᠭᠦᠨ ᠢ᠋ ᠲᠡᠵᠢᠭᠡᠵᠦ ᠥᠰᠬᠡᠭᠰᠡᠨ ᠪᠢᠯᠡ᠂ ᠶᠠᠭᠤᠨ ᠳ᠋ᠤ᠌ ᠬᠦᠦ ᠪᠡᠨ ᠬᠠᠮᠲᠤ ᠠᠪᠴᠤ ᠶᠠᠪᠤᠨ᠎ᠠ ᠪᠣᠢ? ᠲᠡᠭᠦᠨ ᠢ᠋ ᠮᠣᠳᠣᠨ ᠳᠣᠲᠣᠷ᠎ᠠ ᠨᠢᠭᠤᠵᠤ ᠦᠯᠡᠳᠡᠭᠡᠬᠦ ᠪᠡᠨ ᠶᠠᠭᠠᠬᠢᠪᠠ? ᠴᠢᠮᠠᠲᠠᠢ ᠳᠠᠬᠢᠨ ᠠᠭᠤᠯᠵᠠᠬᠤ ᠪᠣᠯ ᠤᠤ? ᠮᠢᠨᠦ ᠬᠠᠢᠷᠠᠲᠤ ᠮᠢᠨᠢ! ᠭᠡᠵᠦ ᠮᠠᠷᠢᠼᠠ᠂ ᠲᠣᠷᠤᠫᠺᠠ ᠶ᠋ᠢ ᠲᠡᠪᠡᠷᠢᠨ ᠠᠪᠴᠤ ᠡᠬᠡᠷ ᠲᠡᠳᠡᠨ ᠤᠬᠢᠯᠠᠪᠠ᠃ ᠳ᠋ᠢᠺᠤᠷᠤᠰ ᠭᠠᠷ ᠢ᠋ᠶ᠋ᠠᠨ ᠮᠠᠷᠢᠼᠠ ᠶ᠋ᠢᠨ ᠮᠥᠷᠦᠨ ᠳᠡᠭᠡᠷ᠎ᠡ ᠲᠠᠯᠪᠢᠵᠤ ᠠᠶᠠᠷᠬᠠᠨ ᠪᠥᠭᠡᠳ ᠮᠠᠰᠢ ᠤᠶᠠᠬᠠᠨ ᠢ᠋ᠶ᠋ᠠᠷ ᠥᠭᠦᠯᠡᠭᠰᠡᠨ ᠨᠢ᠂
— ᠮᠢᠨᠦ ᠬᠤᠨ ᠰᠢᠪᠠᠭᠤ ᠮᠢᠨᠢ ᠰᠣᠨᠣᠰ! ᠴᠢᠨᠦ ᠲᠥᠯᠥᠭᠡ ᠬᠡᠳᠦᠨ ᠦᠭᠡ ᠬᠡᠯᠡᠶ᠎ᠡ ᠭᠡᠬᠦ ᠳ᠋ᠦ᠍ᠨᠢ ᠮᠠᠷᠢᠼᠠ ᠳᠤᠭᠤᠢ ᠪᠣᠯᠪᠠ᠃
— ᠬᠡᠷᠪᠡ ᠡᠨᠡ ᠪᠥᠭᠯᠡᠭᠦᠦ ᠨᠠᠭᠤᠷ ᠤ᠋ᠨ ᠳᠡᠷᠭᠡᠳᠡ ᠰᠠᠭᠤᠬᠤ ᠳ᠋ᠤ᠌ ᠪᠡᠷᠬᠡ ᠪᠣᠯᠵᠤ ᠠᠷᠢᠶᠠᠲᠠᠨ ᠬᠠᠯᠳᠠᠬᠤ ᠪᠣᠯ ᠪᠠᠢᠰᠢᠩ ᠢ᠋ᠶ᠋ᠠᠨ ᠨᠡᠭᠦᠯᠭᠡᠭᠡᠳ ᠲᠠᠷᠢᠶᠠᠴᠢᠨ ᠲᠸᠷᠸᠨᠲ᠋ᠢᠵ ᠲᠦ᠍ ᠣᠴᠢᠨ᠎ᠠ ᠪᠢᠵᠡ? ᠪᠢ ᠲᠡᠭᠦᠨ ᠳ᠋ᠦ᠍ ᠶᠡᠬᠡ ᠢᠲᠡᠭᠡᠵᠦ ᠪᠠᠢᠨ᠎ᠠ ᠭᠡᠪᠡ᠃ ᠡᠷᠡᠴᠦᠳ᠂ ᠵᠢᠭᠤᠷᠠᠯᠳᠤᠭᠰᠠᠨ ᠡᠬᠡᠨᠡᠷ ᠦ᠋ᠳ ᠡᠴᠡ ᠰᠠᠯᠵᠤ ᠪᠤᠯᠠᠭ ᠤ᠋ᠨ ᠶᠠᠪᠠᠭᠠᠨ ᠭᠦᠦᠷ ᠳᠡᠭᠡᠭᠦᠷ ᠭᠠᠲᠤᠯᠵᠤ ᠠᠯᠬᠤᠯᠠᠪᠠ᠃ ᠲᠡᠭᠡᠭᠡᠳ ᠡᠷᠭᠢᠵᠦ ᠬᠠᠷᠠᠯ ᠦᠭᠡᠢ ᠴᠠᠰᠢ ᠶᠠᠪᠤᠵᠤ ᠥᠷᠯᠥᠭᠡ ᠶ᠋ᠢᠨ ᠮᠠᠨᠠᠨ ᠳᠣᠲᠣᠷ᠎ᠠ ᠳᠠᠯᠳᠠ ᠣᠷᠣᠪᠠ᠃ ᠦᠶ᠎ᠡ ᠤᠯᠠᠷᠢᠨ ᠤᠷᠭᠤᠭᠰᠠᠨ ᠪᠦᠷᠡᠭ ᠮᠣᠳᠣᠨ ᠤ᠋ ᠳᠤᠮᠳᠠᠭᠤᠷ ᠶᠠᠪᠤᠬᠤ ᠳ᠋ᠤ᠌ ᠪᠤᠯᠠᠭ ᠤ᠋ᠨ ᠳᠡᠷᠭᠡᠳᠡ ᠬᠣᠴᠣᠷᠤᠭᠰᠠᠨ ᠡᠬᠡᠨᠡᠷ ᠦ᠋ᠳ ᠦ᠋ᠨ ᠤᠬᠢᠯᠠᠬᠤ ᠨᠢ ᠤᠳᠠᠲᠠᠯ᠎ᠠ ᠰᠣᠨᠣᠰᠳᠠᠪᠠ᠃
ᠸᠸᠱᠨ᠋ᠶᠠᠩᠺᠠ ᠡᠬᠡ ᠨᠠᠷ ᠤ᠋ᠨ ᠬᠠᠮᠲᠤ ᠬᠣᠴᠣᠷᠤᠭᠰᠠᠨ ᠪᠥᠭᠡᠳ ᠤᠬᠢᠯᠠᠭᠰᠠᠨ ᠦᠭᠡᠢ᠂ ᠨᠢᠳᠦ ᠪᠡᠨ ᠲᠣᠮᠣ ᠪᠣᠯᠭᠠᠵᠤ ᠠᠯᠤᠰ ᠢ᠋ ᠰᠢᠷᠲᠡᠨ᠎ᠡ᠃ ᠡᠬᠡ ᠨᠠᠷ ᠤ᠋ᠳ ᠭᠠᠰᠠᠯᠤᠭᠰᠠᠭᠠᠷ ᠪᠤᠴᠠᠭᠰᠠᠨ ᠳ᠋ᠤ᠌ ᠸᠸᠱᠨ᠋ᠶᠠᠩᠺᠠ ᠰᠠᠷᠠᠪᠴᠢᠨ ᠳ᠋ᠤ᠌ ᠣᠷᠣᠵᠤ ᠳ᠋ᠢᠺᠤᠷᠤᠰ ᠤ᠋ᠨ ᠬᠡᠭᠡᠷ ᠮᠣᠷᠢ ᠵᠣᠭᠰᠣᠬᠤ ᠶ᠋ᠢ ᠦᠵᠡᠭᠡᠳ ᠮᠣᠷᠢ ᠶ᠋ᠢ ᠬᠦᠵᠦᠭᠦᠦ ᠪᠡᠷ ᠨᠢ ᠲᠡᠪᠡᠷᠢᠵᠦ ᠴᠢᠬᠢᠨ ᠳ᠋ᠦ᠍ᠨᠢ ᠥᠭᠦᠯᠡᠭᠰᠡᠨ ᠨᠢ᠂
— ᠪᠢᠳᠡ ᠴᠢᠨᠦ ᠬᠠᠮᠲᠤ ᠥᠨᠥᠴᠢᠷᠡᠨ ᠬᠣᠴᠣᠷᠪᠠ᠃ ᠬᠡᠭᠡᠷ ᠮᠣᠷᠢ ᠮᠢᠨᠢ᠂ ᠮᠠᠨ ᠤ᠋ ᠡᠵᠡᠨ ᠳᠠᠬᠢᠨ ᠦᠵᠡᠭᠳᠡᠬᠦ ᠪᠣᠯ ᠤᠤ᠂ ᠦᠭᠡᠢ ᠪᠣᠯ ᠤᠤ? ᠡᠰᠡᠪᠡᠯ ᠴᠡᠪᠡᠷᠬᠡᠨ ᠲᠠᠯ᠎ᠠ ᠳᠣᠲᠣᠷ᠎ᠠ ᠬᠠᠲᠠᠭᠰᠠᠨ ᠰᠢᠷᠠᠯᠵᠢ ᠮᠡᠲᠦ ᠬᠡᠷᠡᠭ ᠦᠭᠡᠢ ᠶᠠᠭᠤᠮ᠎ᠠ ᠪᠣᠯᠵᠤ ᠬᠣᠴᠣᠷᠬᠤ ᠪᠣᠯ ᠤᠤ? ᠨᠢᠰᠦᠨ ᠥᠩᠭᠡᠷᠡᠬᠦ ᠬᠡᠷᠢᠶ᠎ᠡ ᠪᠣᠯᠪᠠᠴᠤ ᠲᠡᠳᠡᠨᠡᠷ ᠦ᠋ᠨ ᠲᠤᠬᠠᠢ ᠮᠡᠳᠡᠭᠡ ᠠᠪᠴᠢᠷᠠᠬᠤ ᠦᠭᠡᠢ ᠪᠢᠵᠡ? ᠭᠡᠬᠦ ᠳ᠋ᠦ᠍ᠨᠢ ᠬᠡᠭᠡᠷ ᠮᠣᠷᠢ ᠲᠣᠯᠣᠭᠠᠢ ᠪᠠᠨ ᠳᠣᠬᠢᠵᠤ ᠵᠥᠭᠡᠯᠡᠨ ᠤᠷᠤᠭᠤᠯ ᠢ᠋ᠶ᠋ᠠᠷ ᠸᠸᠱᠨ᠋ᠶᠠᠩᠺᠠ ᠶ᠋ᠢᠨ ᠮᠥᠷᠥ ᠡᠴᠡ ᠬᠠᠵᠠᠪᠠ᠃
ᠦᠰᠦᠭ ᠠᠮᠢᠯᠠᠭᠤᠯᠤᠭᠴᠢ᠄ ᠭᠡᠷᠡᠯ᠂ ᠬᠡᠷᠡᠢᠳ· ᠮᠥᠩᠬᠡᠨᠠᠰᠤᠨ᠂ ᠠᠷᠢᠭᠤᠨ
ᠬᠢᠨᠠᠭᠴᠢ᠄ ᠲ· ᠬᠦᠮᠦᠵᠢᠯᠲᠦ᠂ ᠠᠷᠢᠭᠤᠨ᠂ ᠠᠯᠲᠠᠨᠴᠢᠮᠡᠭ