ᠪᠠᠲᠤ ᠬᠠᠭᠠᠨ 3-03ᠠᠶᠤᠯ ᠤ᠋ᠨ ᠠᠩᠬᠠᠳᠤᠭᠠᠷ ᠳᠣᠬᠢᠶ᠎ᠠ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 3-03ᠠᠶᠤᠯ ᠤ᠋ᠨ ᠠᠩᠬᠠᠳᠤᠭᠠᠷ ᠳᠣᠬᠢᠶ᠎ᠠ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ

ᠪᠠᠲᠤ ᠬᠠᠭᠠᠨ 3-03ᠠᠶᠤᠯ ᠤ᠋ᠨ ᠠᠩᠬᠠᠳᠤᠭᠠᠷ ᠳᠣᠬᠢᠶ᠎ᠠ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-10-05

61

ᠭᠤᠷᠪᠠ ᠠᠶᠤᠯ ᠤ᠋ᠨ ᠠᠩᠬᠠᠳᠤᠭᠠᠷ ᠳᠣᠬᠢᠶ᠎ᠠ

      ᠬᠤᠳᠠᠯᠳᠤᠭᠠᠴᠢᠨ ᠶᠠᠪᠤᠵᠤ ᠲᠠᠷᠢᠶᠠᠴᠢᠨ ᠡᠷᠡᠰ ᠲᠠᠲ᠋ᠠᠷ ᠮᠣᠩᠭᠣᠯᠴᠤᠳ ᠪᠠ ᠴᠢᠩᠭᠢᠰ ᠦ᠋ᠨ ᠲᠤᠬᠠᠢ ᠶᠠᠷᠢᠵᠠᠭᠠᠭᠰᠠᠨ ᠪᠣᠯᠪᠠᠴᠤ ᠤᠳᠠᠯ ᠦᠭᠡᠢ ᠲᠡᠳᠡ ᠨᠠᠷ ᠢ᠋ ᠮᠠᠷᠲᠠᠵᠠᠢ᠃《ᠮᠠᠨ ᠢ᠋ ᠬᠦᠷᠲᠡᠯ᠎ᠡ ᠬᠣᠯᠠ᠂ ᠪᠢᠳᠡ ᠨᠠᠷ ᠲᠠᠰᠢ ᠰᠢᠷᠭᠤᠯᠠᠵᠤ ᠴᠢᠳᠠᠬᠤ ᠦᠭᠡᠢ 》 ᠭᠡᠵᠦ ᠪᠣᠳᠣᠵᠠᠭᠠᠵᠠᠢ᠃ ᠬᠠᠭᠠᠰ ᠵᠢᠯ ᠥᠩᠭᠡᠷᠡᠵᠦ ᠨᠠᠮᠤᠷ ᠣᠷᠣᠢ ᠪᠣᠯᠤᠭᠰᠠᠨ ᠤ᠋ ᠬᠣᠢᠨ᠎ᠠ᠂ ᠬᠣᠷᠢᠨ ᠮᠣᠳᠣᠨ ᠤ᠋ ᠴᠠᠭᠠᠳᠤᠬᠢ ᠪᠣᠷ ᠤ᠋ᠨ ᠬᠥᠨᠳᠡᠢ ᠳ᠋ᠡᠬᠢ ᠣᠢᠷ᠎ᠠ ᠶ᠋ᠢᠨ ᠲᠣᠰᠬᠣᠨ ᠤ᠋ ᠼᠰᠲ᠋ᠡᠪ ᠡᠴᠡ ᠬᠥᠯᠥᠰᠥ ᠤᠰᠤ ᠪᠣᠯᠴᠢᠬᠠᠭᠰᠠᠨ ᠡᠯᠴᠢ ᠳᠠᠪᠬᠢᠵᠤ ᠢᠷᠡᠪᠡ᠃ ᠲᠡᠷᠡ ᠡᠯᠴᠢ ᠬᠥᠯᠳᠡᠭᠰᠡᠨ ᠰᠢᠪᠠᠷ ᠨᠠᠮᠤᠭ ᠳᠤᠮᠳᠠᠭᠤᠷ ᠴᠢᠭ ᠢ᠋ᠶ᠋ᠡᠷ ᠢ᠋ᠶ᠋ᠡᠨ ᠢᠷᠡᠭᠰᠡᠨ ᠲᠤᠯᠠ ᠪᠠᠢᠰᠢᠩ ᠪᠦᠷᠢ ᠶ᠋ᠢᠨ ᠭᠡᠭᠡᠪᠴᠢ  ᠪᠡᠷ᠄《ᠸᠠᠩ ᠲᠠᠨ ᠠ᠋ᠴᠠ ᠲᠤᠰᠢᠶᠠᠯ ᠢᠷᠡᠭᠰᠡᠨ᠂ ᠴᠥᠮ ᠢ᠋ᠶ᠋ᠡᠷ ᠢ᠋ᠶ᠋ᠡᠨ ᠢᠷᠡᠵᠦ ᠸᠠᠩ ᠤ᠋ᠨ ᠬᠦᠰᠡᠯ ᠢ᠋ ᠰᠣᠨᠣᠰᠴᠠᠭ᠎ᠠ! 》ᠭᠡᠵᠦ ᠪᠠᠷᠬᠢᠷᠠᠭᠠᠳ ᠡᠷᠡᠴᠦᠳ ᠢ᠋ ᠢᠷᠡᠲᠡᠯ᠎ᠡ ᠲᠡᠷᠡ ᠡᠯᠴᠢ ᠬᠤᠷᠢᠶᠠᠯᠲᠠ ᠲᠠᠢ ᠮᠣᠳᠣᠨ ᠳᠡᠭᠡᠷ᠎ᠡ ᠰᠠᠭᠤᠨ ᠬᠦᠯᠢᠶᠡᠵᠦ ᠪᠠᠢᠯ᠎ᠠ᠃ ᠡᠬᠡᠨᠡᠷ ᠬᠡᠦᠬᠡᠳ ᠴᠦ᠍ ᠬᠦᠷᠦᠯᠴᠡᠨ ᠢᠷᠡᠵᠡᠭᠡᠵᠡᠢ᠃
       — ᠷᠶᠡᠽᠡᠨ ᠦ᠌ ᠸᠠᠩ ᠶᠦᠷᠢ ᠢᠩᠸᠡᠷᠸᠸᠢᠴ᠂ ᠮᠠᠨ ᠤ᠋ ᠡᠴᠢᠭᠡ ᠭᠡᠵᠦ ᠡᠯᠴᠢ ᠦᠭᠡ ᠪᠡᠨ ᠡᠬᠢᠯᠡᠭᠰᠡᠨ ᠳ᠋ᠦ᠍᠂
      — ᠶᠠᠭᠤᠨ ᠤ᠋ ᠴᠢᠨᠢ ᠡᠴᠢᠭᠡ ᠭᠡᠵᠦ ᠺᠦᠳ᠋ᠷᠶᠠᠱ ᠲᠡᠭᠦᠨ ᠦ᠌ ᠦᠭᠡ ᠶ᠋ᠢ ᠲᠠᠰᠤᠯᠪᠠ᠃
       — ᠬᠡᠵᠢᠶ᠎ᠡ ᠴᠦ᠍ ᠭᠡᠰᠡᠨ ᠪᠢᠳᠡ ᠡᠨᠡ ᠡᠴᠢᠭᠡ ᠶ᠋ᠢ ᠦᠵᠡᠭᠰᠡᠨ ᠦᠭᠡᠢ᠃ ᠴᠢᠨᠦ ᠮᠡᠲᠦ ᠶ᠋ᠢᠨ ᠬᠠᠯᠵᠠᠨ ᠨᠣᠬᠠᠳ ᠤ᠋ᠨ ᠡᠴᠢᠭᠡ ᠶᠤᠮ ᠪᠢᠵᠡ? ᠭᠡᠬᠦ ᠳ᠋ᠦ᠍ᠨᠢ ᠡᠯᠴᠢ ᠬᠠᠨᠴᠤᠢ ᠪᠠᠷ ᠬᠠᠮᠠᠷ ᠢ᠋ᠶ᠋ᠠᠨ ᠠᠷᠴᠢᠭᠠᠳ ᠵᠣᠪᠠᠭᠰᠠᠨ ᠪᠠᠢᠳᠠᠯ ᠦᠭᠡᠢ ᠴᠠᠰᠢ ᠦᠷᠭᠦᠯᠵᠢᠯᠡᠭᠦᠯᠵᠦ᠂
       — ᠸᠠᠩ ᠠ᠋ᠴᠠ ᠠᠷᠠᠳ ᠢᠷᠭᠡᠳ ᠢ᠋ᠶ᠋ᠡᠨ ᠪᠠᠢᠯᠳᠤᠭᠠᠨ ᠳ᠋ᠤ᠌ ᠮᠣᠷᠳᠠᠭᠤᠯᠬᠤ ᠪᠠᠷ ᠳᠠᠭᠤᠳᠠᠵᠤ ᠪᠠᠢᠨ᠎ᠠ᠂ ᠳᠠᠢᠰᠤᠨ ᠤ᠋ ᠶᠡᠬᠡ ᠬᠦᠴᠦᠨ ᠷᠶᠡᠽᠡᠨ ᠦ᠌ ᠭᠠᠵᠠᠷ ᠲᠡᠰᠢ ᠢᠷᠡᠵᠦ ᠶᠠᠪᠤᠨ᠎ᠠ᠃ ᠣᠳᠣ ᠬᠠᠷᠠᠬᠠᠨ ᠲᠡᠷᠰ ᠨᠣᠮᠲᠠᠨ ᠵᠡᠷᠯᠢᠭ ᠲᠠᠯ᠎ᠠ ᠠ᠋ᠴᠠ ᠭᠠᠷᠴᠤ ᠢᠷᠡᠭᠡ ᠦᠭᠡᠢ ᠪᠠᠢᠬᠤ ᠳ᠋ᠤᠨᠢ ᠲᠣᠰᠣᠨ ᠣᠴᠢᠵᠤ ᠥᠪᠡᠷ ᠦ᠋ᠨ ᠭᠠᠵᠠᠷ ᠲᠠᠭᠠᠨ ᠣᠷᠣᠭᠤᠯᠬᠤ ᠦᠭᠡᠢ ᠪᠠᠢᠬᠤ ᠬᠡᠷᠡᠭᠲᠡᠢ᠃
      — ᠴᠢ ᠡᠭᠦᠨ ᠢ᠋ ᠬᠠᠮᠢᠭ᠎ᠠ ᠠ᠋ᠴᠠ ᠰᠣᠨᠣᠰᠪᠠ? ᠭᠡᠵᠦ ᠡᠯᠴᠢ ᠶ᠋ᠢᠨ ᠦᠭᠡ ᠶ᠋ᠢ ᠼᠪᠶᠠᠭ᠎ᠠ ᠲᠠᠰᠤᠯᠪᠠ᠃
      — ᠬᠡᠨ ᠴᠢᠮ᠎ᠠ ᠶ᠋ᠢ ᠪᠢᠳᠡᠨᠡᠷ ᠲᠦ᠍ ᠶᠠᠪᠤᠭᠤᠯᠪᠠ? ᠲᠦᠰᠢᠮᠡᠯ ᠤᠤ᠂ ᠯᠠᠮᠠ ᠤᠤ? ᠡᠰᠡᠪᠡᠯ ᠥᠭᠡᠷ᠎ᠡ ᠬᠡᠨ ᠪᠣᠢ? ᠶᠠᠭᠤᠨ ᠳ᠋ᠤ᠌ ᠪᠢᠳᠡᠨ ᠢ᠋ ᠠᠶᠤᠯᠭᠠᠨ᠎ᠠ ᠪᠣᠢ ? ᠭᠡᠬᠦ ᠳ᠋ᠦ᠍ᠨᠢ᠂
      — ᠮᠠᠨ ᠤ᠋ ᠶᠡᠷᠡᠰᠲ᠋ᠤᠸ ᠲᠤ᠌ ᠸᠠᠩ ᠲᠠᠨ ᠣ ᠲᠦᠰᠢᠮᠡᠯ ᠬᠣᠷᠢᠨ ᠪᠡᠶ᠎ᠡ ᠬᠠᠮᠠᠭᠠᠯᠠᠭᠴᠢ ᠵᠠᠯᠠᠭᠤᠰ ᠤ᠋ᠨ ᠬᠠᠮᠲᠤ ᠢᠷᠡᠭᠰᠡᠨ᠃ ᠲᠡᠳᠡ ᠴᠥᠮ ᠰᠠᠢᠬᠠᠨ ᠮᠣᠷᠢᠳ ᠢ᠋ᠶ᠋ᠠᠨ ᠤᠨᠤᠵᠤ ᠢᠷᠡᠭᠰᠡᠨ᠂ ᠮᠠᠨ ᠤ᠋ ᠠᠬᠠᠯᠠᠭᠴᠢ ᠮᠣᠷᠢᠳ ᠢ᠋ ᠠᠢᠯ ᠤ᠋ᠳ ᠢ᠋ᠶ᠋ᠠᠷ ᠲᠠᠷᠬᠠᠭᠠᠨ ᠥᠭᠴᠦ ᠪᠢᠳᠡᠨᠡᠷ ᠬᠣᠶᠠᠷ ᠬᠣᠨᠣᠭ ᠲᠡᠵᠢᠭᠡᠵᠦ ᠪᠠᠢᠨ᠎ᠠ᠃ ᠶᠠᠭᠤ ᠦᠭᠭᠦᠭᠰᠡᠨ ᠢ᠋ ᠢᠳᠡᠬᠦ ᠶᠤᠮ᠃ ᠷᠶᠡᠽᠡᠨ ᠳ᠋ᠦ᠍ ᠲᠡᠳᠡᠨᠡᠷ ᠢ᠋ ᠲᠡᠭᠡᠵᠦ ᠲᠡᠵᠢᠭᠡᠵᠦ ᠪᠠᠢᠭᠰᠠᠨ ᠦᠭᠡᠢ ᠪᠢᠵᠡ? ᠲᠦᠰᠢᠮᠡᠳ ᠨᠡᠢᠲᠡ ᠶ᠋ᠢ ᠴᠤᠭᠯᠠᠭᠤᠯᠵᠤ ᠬᠡᠯᠡᠬᠦ ᠳ᠋ᠡᠭᠡᠨ᠄ 《ᠮᠠᠨ ᠤ᠋ ᠵᠦᠭ ᠲᠠᠲ᠋ᠠᠷ ᠭᠡᠳᠡᠭ ᠦᠯᠦ ᠮᠡᠳᠡᠭᠳᠡᠬᠦ ᠤᠯᠤᠰ ᠢᠷᠡᠵᠦ ᠶᠠᠪᠤᠨ᠎ᠠ ᠭᠡᠰᠡᠨ᠂ ᠲᠡᠭᠡᠭᠡᠳ ᠲᠦᠰᠢᠮᠡᠯ ᠡᠴᠡ ᠲᠤᠰᠢᠶᠠᠬᠤ ᠳ᠋ᠠᠭᠠᠨ ᠡᠷᠡᠴᠦᠳ ᠵᠠᠯᠠᠭᠤᠴᠤᠳ ᠠᠷᠪᠠᠨ ᠵᠢᠷᠭᠤᠭᠠᠨ ᠨᠠᠰᠤᠨ ᠠ᠋ᠴᠠ ᠡᠬᠢᠯᠡᠭᠡᠳ ᠰᠦᠬᠡ ᠵᠢᠳᠠ ᠬᠡᠨ ᠳ᠋ᠦ᠍ ᠪᠣᠢ ᠪᠣᠯ ᠲᠡᠭᠦᠨ ᠢ᠋ᠶ᠋ᠡᠨ ᠠᠪᠴᠤ ᠷᠶᠡᠽᠡᠨ ᠲᠠᠰᠢ ᠣᠴᠢᠭᠲᠤᠨ! ᠭᠡᠰᠡᠨ᠂
ᠲᠡᠨᠳᠡ ᠸᠠᠩ ᠲᠠᠨ ᠶᠡᠬᠡ ᠴᠡᠷᠢᠭ ᠴᠤᠭᠯᠠᠷᠠᠭᠤᠯᠵᠤ ᠴᠥᠮ ᠳ᠋ᠦ᠍ᠨᠢ ᠰᠡᠯᠡᠮ᠎ᠡ ᠵᠢᠳᠠ ᠰᠢᠳᠠᠮ ᠵᠡᠷᠭᠡ ᠶ᠋ᠢ ᠲᠦᠭᠡᠭᠡᠵᠦ ᠪᠠᠢᠨ᠎ᠠ ᠭᠡᠰᠡᠨ᠁ ᠸᠠᠩ ᠲᠠᠨ ᠤ᠋ ᠲᠦᠰᠢᠮᠡᠯ ᠪᠣᠯᠤᠨ ᠴᠡᠷᠢᠭ ᠦ᠋ᠳ ᠬᠠ ᠶᠠ ᠦᠭᠡᠢ ᠳᠠᠪᠬᠢᠯᠳᠤᠨ ᠷᠶᠡᠽᠠᠨᠰᠺ ᠪᠠ ᠮᠥᠷᠥᠮ ᠸᠯᠠᠳ᠋ᠢᠮᠢᠷ ᠴᠥᠮ ᠳ᠋ᠦ᠍ᠨᠢ ᠠᠷᠠᠳ ᠢᠷᠭᠡᠳ ᠢ᠋ ᠴᠤᠭᠯᠠᠷᠠᠭᠤᠯᠬᠤ ᠪᠠᠷ ᠶᠠᠪᠤᠭᠰᠠᠨ᠁ 》ᠭᠡᠬᠦ ᠳ᠋ᠦ᠍ᠨᠢ᠂
      ᠳ᠋ᠢᠺᠥᠷᠤᠰ ᠡᠯᠴᠢ ᠶ᠋ᠢᠨ ᠦᠭᠡ ᠶ᠋ᠢ ᠭᠤᠨᠢᠭ ᠲᠠᠢ ᠪᠠᠷ ᠰᠣᠨᠣᠰᠤᠭᠠᠳ᠂
      — ᠴᠢᠨᠦ ᠨᠡᠷ᠎ᠡ ᠬᠡᠨ ᠪᠣᠢ? ᠭᠡᠵᠦ ᠠᠰᠠᠭᠤᠪᠠ᠃
      — ᠶᠠᠱᠺᠠ ᠪᠷᠸᠾ ᠭᠡᠵᠦ ᠬᠠᠷᠢᠭᠤᠯᠬᠤ ᠳ᠋ᠤᠨᠢ᠂
      — ᠴᠢ ᠴᠢᠨᠢ ᠬᠠᠮᠢᠭᠠᠬᠢ ᠶ᠋ᠢᠨ ᠬᠥᠮᠦᠨ ᠪᠣᠢ? ᠲᠠᠷᠢᠶᠠᠴᠢᠨ ᠤᠤ? ᠵᠢᠭᠠᠰᠤᠴᠢᠨ ᠤᠤ?
      — ᠶᠠᠭ ᠲᠡᠢᠮᠦ᠂ ᠮᠢᠨᠦ ᠡᠴᠢᠭᠡ ᠲᠠᠷᠢᠶᠠᠴᠢᠨ ᠲᠸᠷᠸᠡᠲ᠋ᠢᠴ ᠭᠡᠳᠡᠭ ᠪᠠᠢᠭᠰᠠᠨ᠃
      —ᠳᠡᠭᠦᠦ ᠮᠢᠨᠢ ᠲᠣᠬᠢᠷᠠᠮᠵᠢᠲᠠᠢ ᠴᠠᠭ ᠢ᠋ᠶ᠋ᠠᠷ ᠢᠷᠡᠭᠰᠡᠨ ᠦᠭᠡᠢ ᠪᠠᠢᠨ᠎ᠠ᠃ ᠲᠡᠷᠡ ᠸᠠᠩ ᠴᠢᠨᠢ ᠶᠠᠭᠤᠨ ᠳ᠋ᠤ᠌ ᠣᠷᠣᠢ ᠬᠥᠳᠡᠯᠳᠡᠭ ᠶᠤᠮ ᠪᠣᠢ? ᠲᠠᠲ᠋ᠠᠷ ᠤ᠋ᠳ ᠬᠡᠳᠦᠢᠨ ᠷᠶᠡᠽᠡᠨ ᠦ᠌ ᠭᠠᠵᠠᠷ ᠳᠡᠭᠡᠷ᠎ᠡ ᠶᠠᠪᠤᠵᠤ ᠪᠠᠢᠬᠤ ᠳ᠋ᠤ᠌᠂ ᠲᠡᠳᠡ ᠨᠠᠷ ᠰᠠᠶᠢ ᠠᠷᠠᠳ ᠢᠷᠭᠡᠳ ᠢ᠋ ᠬᠥᠳᠡᠯᠭᠡᠵᠦ ᠪᠠᠢᠨ᠎ᠠ᠃ ᠤᠷᠢᠳ ᠨᠢ ᠶᠠᠭᠤ ᠪᠠᠨ ᠬᠠᠷᠠᠵᠤ ᠰᠠᠭᠤᠭᠰᠠᠨ ᠶᠤᠮ ᠪᠣᠢ? ᠶᠠᠭᠤᠨ ᠳ᠋ᠤ᠌ ᠵᠡᠷᠯᠢᠭ ᠲᠠᠯ᠎ᠠ ᠳ᠋ᠤ᠌ ᠬᠠᠷᠠᠭᠤᠯ ᠤ᠋ᠨ ᠭᠠᠵᠠᠷ ᠰᠦᠽᠳᠡᠯᠢ ᠶ᠋ᠢᠨ ᠴᠡᠷᠢᠭ ᠦ᠋ᠳ ᠣᠴᠢᠭᠰᠠᠨ ᠦᠭᠡᠢ ᠪᠣᠢ? ᠰᠦᠽᠳᠡᠯᠢ ᠶ᠋ᠢᠨ ᠶᠡᠬᠡ ᠴᠡᠷᠢᠭ ᠮᠠᠨ ᠤ᠋ ᠷᠶᠡᠽᠡᠨ ᠦ᠌ ᠴᠡᠷᠢᠭ ᠡᠴᠡ ᠬᠠᠪᠢ ᠦᠭᠡᠢ ᠢᠯᠡᠭᠦᠦ ᠬᠦᠴᠦᠲᠡᠢ ᠰᠢᠦ ᠳ᠋ᠠ᠃ ᠣᠳᠣ ᠲᠠᠲ᠋ᠠᠷ ᠤ᠋ᠳ ᠷᠶᠡᠽᠡᠨ ᠥᠭᠡᠳᠡ ᠬᠦᠴᠦᠯᠡᠵᠦ ᠪᠠᠢᠬᠤ ᠳ᠋ᠤ᠌ ᠰᠦᠽᠳᠡᠯᠢ ᠶ᠋ᠢᠨ ᠬᠥᠮᠦᠰ ᠬᠡᠷᠡᠮ ᠦ᠋ᠨ ᠠᠷᠤ ᠳ᠋ᠤ᠌ ᠰᠠᠭᠤᠵᠤ ᠪᠢᠳᠡᠨ ᠢ᠋ ᠡᠯᠡᠭᠯᠡᠨ ᠢᠨᠢᠶᠡᠯᠳᠦᠵᠦ ᠰᠠᠬᠠᠯ ᠢ᠋ᠶ᠋ᠠᠨ ᠢᠯᠪᠢᠵᠦ ᠰᠠᠭᠤᠬᠤ ᠪᠣᠯᠤᠨ᠎ᠠ᠃ ᠶᠠᠭᠤᠨ ᠳ᠋ᠤ᠌ ᠴᠥᠮ ᠢ᠋ᠶ᠋ᠡᠷ ᠨᠢᠭᠡᠨ ᠵᠡᠷᠭᠡ ᠬᠡᠷᠡᠮ ᠠᠳᠠᠯᠢ ᠪᠣᠰᠴᠤ ᠲᠡᠮᠡᠴᠡᠳᠡᠭ ᠦᠭᠡᠢ ᠪᠢᠯᠡ?
      — ᠶᠠᠭᠤᠨ ᠶᠡᠬᠡ ᠳᠤᠷᠠᠲᠠᠢ ᠶᠤᠮ ᠪᠣᠢ? ᠸᠠᠩ ᠤ᠋ᠳ ᠨᠢᠭᠡ ᠨᠢᠭᠡᠨ ᠳ᠋ᠡᠭᠡᠨ ᠲᠤᠰᠠᠯᠠᠬᠤ ᠪᠠᠢᠲᠤᠭᠠᠢ ᠪᠡᠶ᠎ᠡ ᠪᠡᠶ᠎ᠡ ᠪᠡᠨ ᠪᠠᠭᠠᠯᠵᠤᠷᠳᠠᠬᠤ ᠭᠡᠵᠦ ᠪᠡᠯᠡᠳᠬᠡᠵᠦ ᠪᠠᠢᠨ᠎ᠠ ᠰᠢᠦ ᠳ᠋ᠠ ᠭᠡᠪᠡ᠃ ᠳ᠋ᠢᠺᠣᠷᠣᠰ ᠠ᠋ᠴᠠ ᠶᠡᠷᠡᠰᠲ᠋ᠦᠸ ᠦ᠋ᠨ ᠡᠯᠴᠢ ᠳ᠋ᠦ᠍ ᠬᠡᠯᠡᠭᠰᠡᠨ ᠨᠢ᠄ 《ᠨᠣᠶᠠᠨ ᠲᠦᠰᠢᠮᠡᠳ ᠲᠡᠭᠡᠨ ᠬᠡᠯᠡᠭᠲᠦᠨ! ᠮᠠᠨ ᠤ᠋ ᠲᠣᠰᠬᠣᠨ ᠠ᠋ᠴᠠ ᠮᠠᠷᠭᠠᠰᠢ ᠷᠶᠡᠽᠡᠨ ᠲᠡᠰᠢ ᠪᠦᠬᠦ ᠡᠷᠡᠴᠦᠳ ᠣᠴᠢᠨ᠎ᠠ᠃ ᠪᠢ ᠶᠡᠷᠡᠰᠲ᠋ᠦᠸ ᠲᠠᠨ ᠤ᠋ ᠡᠵᠡᠨ ᠳᠡᠭᠡᠷ᠎ᠡ ᠣᠴᠢᠨ᠎ᠠ᠃ ᠲᠡᠭᠡᠭᠡᠳ ᠬᠡᠷᠬᠢᠬᠦ ᠶᠠᠭᠠᠬᠢᠬᠤ ᠲᠤᠬᠠᠢ ᠵᠥᠪᠯᠡᠶ᠎ᠡ 》 ᠭᠡᠪᠡ᠃ ᠡᠯᠴᠢ ᠭᠤᠲᠤᠯ ᠤ᠋ᠨ ᠤᠯᠠ ᠪᠠᠨ ᠬᠢᠯᠠᠰᠬᠢᠯᠭᠡᠨ ᠦᠰᠦᠷᠴᠦ ᠳᠣᠣᠷ᠎ᠠ ᠪᠠᠨ ᠡᠷᠭᠢᠵᠦ ᠳᠠᠪᠬᠢᠭᠰᠠᠨ ᠪᠥᠭᠡᠳ ᠤᠳᠠᠯ ᠦᠭᠡᠢ ᠴᠠᠰᠤᠨ ᠳ᠋ᠤ᠌ ᠳᠠᠷᠤᠭᠳᠠᠭᠰᠠᠨ ᠭᠠᠴᠤᠷ᠎ᠠ ᠶ᠋ᠢᠨ ᠳᠤᠮᠳᠠᠭᠤᠷ ᠠᠯᠠᠭ᠎ᠠ ᠪᠣᠯᠤᠨ᠎ᠠ( ᠪᠣᠯᠤᠯ᠎ᠠ )᠃

        ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠯᠲᠠᠨᠴᠢᠮᠡᠭ᠂ ᠬᠡᠷᠡᠢᠳ· ᠮᠥᠩᠬᠡᠨᠠᠰᠤᠨ
        ᠬᠢᠨᠠᠭᠴᠢ᠄ ᠪᠠᠯ᠂ ᠠᠷᠢᠭᠤᠨ᠂ ᠠᠯᠲᠠᠨᠴᠢᠮᠡᠭ᠂ ᠲ ᠂ ᠬᠦᠮᠦᠵᠢᠯᠲᠦ