ᠪᠠᠲᠤ ᠬᠠᠭᠠᠨ 3-02ᠣᠷᠴᠢᠯᠠᠩᠲᠤ ᠶᠢᠷᠲᠢᠨᠴᠦ ᠡᠴᠡ ᠢᠷᠡᠭᠴᠢᠳ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ
ᠬᠣᠶᠠᠷ ᠣᠷᠴᠢᠯᠠᠩᠲᠤ ᠶᠢᠷᠲᠢᠨᠴᠦ ᠡᠴᠡ ᠢᠷᠡᠭᠴᠢᠳ
ᠫᠧᠷᠥ᠋ᠨᠦᠧ— ᠪᠣᠷ ᠲᠸ᠋ ᠣᠴᠢᠬᠤ ᠬᠥᠮᠦᠨ ᠬᠣᠪᠣᠷᠬᠠᠨ᠂ ᠶᠡᠬᠡ ᠵᠠᠮ ᠠ᠋ᠴᠠ ᠬᠠᠵᠠᠭᠤ ᠣᠷᠣᠰᠢᠬᠤ ᠤᠴᠢᠷ ᠬᠥᠮᠦᠨ ᠣᠴᠢᠬᠤ ᠠ᠋ᠴᠠ ᠠᠷᠢᠶᠠᠲᠠᠨ ᠠᠮᠢᠲᠠᠨ ᠡᠯᠪᠡᠭ ᠣᠴᠢᠨ᠎ᠠ ᠭᠡᠬᠦ ᠳ᠋ᠦ᠍ ᠪᠣᠯᠤᠨ᠎ᠠ᠃ ᠠᠰᠤᠷᠤ ᠶᠡᠬᠡ ᠭᠦᠨ ᠣᠢ ᠶ᠋ᠢᠨ ᠳᠣᠲᠣᠷ᠎ᠠ ᠲᠣᠮᠣ ᠪᠡᠶ᠎ᠡ ᠲᠡᠢ ᠬᠠᠨᠳᠠᠭᠠᠢ᠂ ᠮᠠᠢᠭ ᠬᠥᠯᠲᠦ ᠪᠠᠭᠠᠪᠠᠭᠠᠢ᠂ ᠬᠤᠷᠳᠤᠨ ᠭᠤᠸ᠎ᠠ ᠪᠤᠭᠤ ᠵᠡᠷᠭᠡ ᠭᠦᠶᠦᠯᠳᠦᠨ᠎ᠡ᠃
ᠪᠤᠭᠤ ᠰᠢᠯᠦᠭᠦᠰᠦ ᠡᠴᠡ ᠠᠶᠤᠵᠤ ᠮᠣᠳᠣᠨ ᠠ᠋ᠴᠠ ᠵᠢᠭᠤᠲᠠᠨ ᠭᠠᠷᠤᠨ᠎ᠠ᠃ ᠡᠪᠦᠯ ᠪᠣᠯ ᠪᠠᠢᠰᠢᠩ ᠳ᠋ᠤ᠌ ᠴᠢᠨᠣ᠎ᠠ ᠶ᠋ᠢᠨ ᠰᠦᠷᠦᠭ ᠦ᠋ᠳ ᠣᠢᠷᠠᠲᠤᠨ ᠢᠷᠡᠵᠦ ᠣᠷᠴᠢᠨ ᠲᠣᠭᠣᠷᠢᠨ ᠳ᠋ᠤ᠌ ᠲᠠᠤᠯᠠᠢ ᠪᠠᠷᠢᠵᠤ ᠢᠳᠡᠨ᠎ᠡ᠃ ᠡᠪᠦᠯ ᠨᠠᠮᠤᠭ ᠬᠥᠯᠳᠡᠵᠦ ᠮᠥᠰᠥ ᠪᠡᠷ ᠪᠦᠷᠬᠦᠬᠦ ᠳ᠋ᠦ᠍ ᠣᠷᠴᠢᠯᠠᠩᠲᠤ ᠶᠢᠷᠲᠢᠨᠴᠦ ᠡᠴᠡ ᠬᠣᠶᠠᠷ ᠰᠣᠨᠢᠨ ᠬᠥᠮᠦᠨ᠂ ᠵᠠᠷᠤᠴᠠ ᠨᠠᠷ ᠢ᠋ ᠳᠠᠭᠠᠭᠤᠯᠵᠤ ᠪᠥᠭᠯᠡᠭᠦᠦ ᠨᠠᠭᠤᠷ ᠲᠸ᠋ ᠢᠷᠡᠯ᠎ᠡ᠃ ᠲᠡᠳᠡ ᠮᠥᠩᠭᠥ ᠪᠡᠷ ᠴᠢᠮᠡᠭᠯᠡᠭᠰᠡᠨ ᠵᠡᠪᠰᠡᠭᠲᠡᠢ ᠰᠠᠢᠨ ᠮᠣᠷᠢᠳ ᠲᠠᠢ ᠪᠠᠢᠵᠠᠢ᠃
ᠨᠢᠭᠡ ᠨᠢ ᠵᠠᠯᠠᠭᠤ ᠪᠥᠭᠡᠳ ᠬᠦᠳᠡᠷ ᠡᠷ᠎ᠡ᠂ ᠤᠳᠠᠯ ᠦᠭᠡᠢ ᠫᠸᠷᠥ᠋ᠨᠦᠸ— ᠪᠣᠷ ᠤ᠋ᠨ ᠬᠥᠮᠦᠰ ᠲᠡᠢ ᠣᠢᠷᠠᠲᠤᠨ ᠲᠠᠨᠢᠯᠴᠠᠵᠠᠢ᠃ ᠨᠥᠭᠦᠭᠡ ᠨᠢ ᠠᠭᠤᠷ ᠲᠠᠢ ᠬᠥᠭᠰᠢᠨ ᠭᠡᠯᠦᠩ᠂ ᠤᠷᠲᠤ ᠪᠥᠭᠡᠳ ᠪᠤᠭᠤᠷᠤᠯ ᠰᠠᠭᠤᠭᠰᠠᠨ ᠦᠰᠦ ᠲᠡᠢ ᠳᠡᠪᠡᠯ ᠳᠡᠭᠡᠭᠦᠷ ᠦᠰᠦ ᠲᠡᠢ ᠬᠠᠷ᠎ᠠ ᠨᠥᠮᠥᠷᠭᠡ ᠪᠥᠭᠲᠥᠷᠢᠵᠦ᠂ ᠬᠤᠷᠴᠠ ᠦᠵᠦᠭᠦᠷ ᠲᠡᠢ ᠯᠣᠪᠤᠤᠵᠠ ᠮᠠᠯᠠᠭᠠᠢ ᠡᠮᠦᠰᠴᠡᠢ᠃ ᠺᠦᠳ᠋ᠷᠶᠠᠱ ᠳ᠋ᠢᠺᠦᠷᠦᠰ ᠨᠠᠷ ᠠ᠋ᠴᠠ ᠵᠡᠷᠯᠢᠭ ᠠᠩ ᠪᠣᠯᠤᠨ ᠪᠠᠭᠠᠪᠠᠭᠠᠢ ᠶ᠋ᠢᠨ ᠢᠴᠡᠭᠡ ᠬᠠᠮᠢᠭ᠎ᠠ ᠪᠠᠢᠭ᠎ᠠ ᠶ᠋ᠢ ᠠᠰᠠᠭᠤᠬᠤ ᠵᠡᠷᠭᠡ ᠪᠡᠷ ᠠᠩᠨᠠᠬᠤ ᠳ᠋ᠤ᠌ ᠠᠮᠠᠷ ᠠᠷᠭ᠎ᠠ ᠶ᠋ᠢ ᠣᠯᠵᠤ ᠠᠪᠳᠠᠭ ᠪᠠᠢᠯ᠎ᠠ᠃ ᠲᠡᠭᠡᠭᠡᠳ ᠲᠡᠷᠡ ᠯᠠᠮᠠ ᠤᠷᠲᠤ ᠤᠨᠵᠢᠭᠢᠷ ᠬᠣᠷᠮᠣᠢ ᠲᠠᠢ ᠬᠤᠪᠴᠠᠰᠤ ᠪᠠᠨ ᠲᠠᠢᠯᠵᠤ ᠲᠠᠤᠯᠠᠢ ᠶ᠋ᠢᠨ ᠠᠷᠠᠰᠤᠨ ᠪᠡᠭᠡᠯᠡᠢ᠂ ᠦᠰᠦ ᠲᠡᠢ ᠪᠣᠭᠣᠨᠢ ᠳᠡᠪᠡᠯ ᠡᠮᠦᠰᠴᠦ ᠬᠢᠲᠤᠭ᠎ᠠ ᠬᠠᠪᠴᠢᠭᠤᠯᠤᠭᠠᠳ ᠬᠣᠶᠠᠭᠤᠯᠠ ᠴᠠᠨ᠎ᠠ ᠵᠡᠭᠦᠵᠦ ᠳ᠋ᠢᠺᠦᠷᠦᠰ᠂ ᠺᠦᠳ᠋ᠷᠶᠠᠱ᠂ ᠲᠣᠷᠤᠫᠺᠠ ᠨᠠᠷ ᠤ᠋ᠨ ᠬᠠᠮᠲᠤ ᠪᠠᠭᠠᠪᠠᠭᠠᠢ ᠵᠡᠷᠭᠡ ᠠᠩ ᠠᠮᠢᠲᠠᠨ ᠢ᠋ ᠢᠴᠡᠭᠡᠨ ᠳ᠋ᠦ᠍ᠨᠢ ᠨᠠᠮᠨᠠᠬᠤ ᠪᠠᠷ ᠶᠠᠪᠤᠨ᠎ᠠ! ᠠᠩ ᠣᠯᠲᠠᠯ᠎ᠠ ᠪᠠᠨ ᠪᠦᠬᠦᠢᠯᠡ ᠡᠳᠦᠷ ᠢ᠋ᠶ᠋ᠡᠷ ᠣᠢ ᠳᠣᠲᠣᠷ᠎ᠠ ᠲᠡᠨᠦᠵᠦ ᠰᠥᠨᠢ ᠳ᠋ᠦ᠍ᠨᠢ ᠳ᠋ᠢᠺᠦᠷᠦᠰ ᠦ᠋ᠨ ᠪᠠᠢᠰᠢᠩ ᠳ᠋ᠤ᠌ ᠢᠷᠡᠭᠡᠳ ᠠᠩᠨᠠᠵᠤ ᠶᠠᠪᠤᠬᠤ ᠳ᠋ᠤ᠌ ᠬᠡᠨ ᠳ᠋ᠦ᠍ ᠶᠠᠮᠠᠷ ᠶᠠᠪᠤᠳᠠᠯ ᠲᠣᠬᠢᠶᠠᠯᠳᠤᠭᠰᠠᠨ ᠢ᠋ ᠶᠠᠷᠢᠯᠴᠠᠨ᠎ᠠ᠃ ᠨᠢᠭᠡᠨ ᠤᠳᠠᠭ᠎ᠠ ᠳ᠋ᠢᠺᠦᠷᠦᠰ ᠬᠥᠭᠰᠢᠨ ᠭᠡᠯᠦᠩ ᠡᠴᠡ ᠠᠰᠠᠭᠤᠭᠰᠠᠨ ᠨᠢ᠂
— ᠶᠠᠭᠤᠨ ᠳ᠋ᠤ᠌ ᠭᠡᠯᠦᠩ ᠲᠠ ᠬᠠᠷ᠎ᠠ ᠨᠥᠮᠥᠷᠭᠡ ᠡᠮᠦᠰᠦᠭᠰᠡᠨ ᠶᠤᠮ ᠪᠣᠢ? ᠲᠠᠨ ᠳ᠋ᠤ᠌ ᠰᠡᠯᠡᠮ᠎ᠡ ᠵᠢᠳᠠ ᠲᠣᠬᠢᠷᠠᠬᠤ ᠪᠠᠢᠨ᠎ᠠ᠂ ᠲᠠ ᠪᠠᠭᠠᠪᠠᠭᠠᠢ ᠠᠩᠨᠠᠬᠤ ᠳ᠋ᠤ᠌ ᠱᠠᠯᠠᠮᠠᠭᠠᠢ ᠲᠤᠯᠠᠳᠠ ᠲᠠᠨ ᠳ᠋ᠤ᠌ ᠪᠣᠯ ᠪᠠᠢᠯᠳᠤᠬᠤ ᠶᠠᠪᠤᠳᠠᠯ ᠴᠢᠬᠤᠯᠠ ᠠ᠋ᠴᠠ ᠪᠤᠰᠤ᠂ ᠬᠠᠷᠢᠨ ᠭᠠᠵᠠᠷ ᠲᠸ᠋ ᠰᠥᠬᠥᠷᠡᠬᠦ ᠬᠡᠷᠡᠭ ᠦᠭᠡᠢ ᠶᠤᠮ ᠰᠢᠭ᠌ ᠪᠠᠢᠨ᠎ᠠ ᠭᠡᠬᠦ ᠳ᠋ᠦ᠍ᠨᠢ᠄
— ᠫᠣᠯᠤᠸᠸᠼᠠ ᠶ᠋ᠢᠨ ᠵᠡᠷᠯᠢᠭ ᠲᠠᠯ᠎ᠠ ᠳ᠋ᠤ᠌ ᠪᠠᠢᠯᠳᠤᠬᠤ ᠲᠠᠲᠠᠯᠭ᠎ᠠ (ᠳᠠᠳᠤᠯᠭ᠎ᠠ ) ᠲᠠᠢ ᠷᠠᠲ᠋ᠢᠪᠤᠷ ᠤ᠋ᠨ ᠪᠠᠭᠠᠲᠤᠷ ᠭᠡᠵᠦ ᠨᠠᠮᠠᠶ᠋ᠢ ᠪᠣᠳᠣᠬᠤ ᠦᠭᠡᠢ ᠪᠠᠢᠨ᠎ᠠ ᠤᠤ? ᠬᠦ ᠬᠤᠶᠠᠭ ᠡᠮᠦᠰᠴᠦ ᠶᠠᠪᠤᠪᠠᠯ ᠪᠢ ᠳᠤᠷᠠᠲᠠᠢ ᠪᠠᠢᠬᠤ ᠰᠠᠨ ᠭᠡᠨ᠎ᠡ᠃
— ᠨᠠᠮᠠᠶ᠋ᠢ ᠥᠪᠡᠷ ᠦ᠋ᠨ ᠳᠤᠷ᠎ᠠ ᠪᠠᠷ ᠰᠦᠮ᠎ᠡ ᠶ᠋ᠢᠨ ᠬᠣᠷᠢᠭᠳᠠᠯ ᠪᠣᠯᠤᠭᠰᠠᠨ ᠭᠡᠵᠦ ᠪᠣᠳᠣᠵᠤ ᠪᠠᠢᠨ᠎ᠠ ᠤᠤ? ᠶᠠᠮᠠᠷ ᠨᠢᠭᠡᠨ ᠬᠥᠮᠦᠨ ᠦ᠌ ᠵᠠᠮ ᠳ᠋ᠤ᠌ ᠪᠢ ᠬᠥᠨᠳᠡᠯᠢᠳᠴᠦ ᠪᠠᠢᠭᠰᠠᠨ ᠳᠡᠭᠡᠷ᠎ᠡ ᠡᠴᠡ ᠬᠤᠪᠢ ᠵᠠᠶᠠᠭ᠎ᠠ ᠲᠠᠢ ᠪᠠᠨ ᠡᠪᠯᠡᠷᠡᠭᠡᠳ ᠨᠠᠮ ᠭᠦᠮ ᠳ᠋ᠦ᠍ ᠵᠠᠢᠯᠠᠵᠤ ᠥᠭᠬᠦ ᠬᠡᠷᠡᠭᠲᠡᠢ ᠪᠣᠯᠤᠯ᠎ᠠ᠃ ᠣᠳᠣ ᠪᠣᠯ ᠸᠠᠩ ᠬᠦᠩ ᠦ᠋ᠳ ᠣᠯᠠᠨ ᠪᠣᠯᠤᠭᠰᠠᠨ ᠤᠴᠢᠷ ᠠ᠋ᠴᠠ ᠠᠮᠲᠠᠲᠤ ᠵᠠᠭᠤᠰᠢ ᠣᠯᠵᠤ ᠢᠳᠡᠬᠦ ᠶ᠋ᠢᠨ ᠲᠤᠯᠠᠳᠠ ᠰᠢᠳᠦ ᠪᠡᠨ ᠬᠠᠪᠢᠷᠴᠠᠭᠠᠨ ᠠᠯᠢ ᠶᠠᠮᠠᠷ ᠰᠢᠷᠡᠭᠡᠨ ᠳᠡᠭᠡᠷ᠎ᠡ ᠭᠠᠷᠪᠠᠯ ᠠᠰᠢᠭ ᠶᠡᠬᠡᠲᠡᠢ ᠪᠣᠢ ? ᠭᠡᠵᠦ ᠬᠠᠷᠠᠵᠠᠭᠠᠨ᠎ᠠ᠃ ᠸᠠᠩ ᠬᠦᠩ ᠦ᠋ᠳ ᠬᠣᠭᠣᠷᠣᠨᠳᠣ ᠪᠠᠨ ᠬᠢᠮᠤᠷᠠᠯᠳᠤᠵᠤ ᠯᠠ ᠪᠠᠢᠭ᠃ ᠪᠢ ᠥᠪᠡᠷ ᠦ᠋ᠨ ᠢ᠋ᠶ᠋ᠡᠨ ᠨᠦᠬᠡᠨ ᠥᠷᠥᠭᠡᠨ ᠳ᠋ᠦ᠍ ᠰᠠᠭᠤᠵᠤ ᠦᠵᠡᠭᠰᠡᠨ ᠬᠠᠷᠠᠭᠰᠠᠨ ᠶᠠᠭᠤᠮ᠎ᠠ ᠪᠠᠨ ᠲᠡᠮᠳᠡᠭᠯᠡᠨ ᠪᠢᠴᠢᠵᠦ ᠱᠠᠰᠲᠢᠷ ᠪᠣᠯᠭᠠᠵᠤ ᠯᠠ ᠪᠠᠢᠪᠠᠯ ᠪᠠᠷᠠᠪᠠ᠃ ᠬᠡᠷᠪᠡ ᠵᠠᠯᠠᠭᠤ ᠪᠠᠭᠠᠲᠤᠷ ᠶᠸᠧᠫᠡᠲ ᠰᠤᠷᠠᠭᠯᠠᠵᠤ ᠢᠷᠡᠪᠡᠯ ᠪᠢ ᠭᠠᠯᠠᠭᠤᠨ ᠥᠲᠥᠨ ᠦᠵᠦᠭ ᠢ᠋ᠶ᠋ᠡᠨ ᠬᠠᠶᠠᠵᠤ ᠪᠠᠭᠠᠪᠠᠭᠠᠢ ᠶ᠋ᠢᠨ ᠵᠢᠳᠠ ᠶ᠋ᠢ ᠪᠠᠷᠢᠳᠠᠭ ᠶᠤᠮ᠃ ᠲᠡᠭᠡᠭᠡᠳ ᠪᠢ ᠴᠡᠭᠡᠵᠢ ᠪᠡᠨ ᠲᠡᠯᠡᠵᠦ ᠬᠦᠴᠦ ᠪᠡᠨ ᠰᠢᠯᠭᠠᠵᠤ ᠦᠵᠡᠬᠦ ᠪᠡᠷ ᠪᠠᠭᠠᠪᠠᠭᠠᠢ ᠲᠠᠢ ᠬᠠᠯᠵᠠ ᠲᠤᠯᠬᠤ ᠳ᠋ᠤ᠌ ᠠᠶᠠᠲᠠᠢ ᠪᠠᠢᠳᠠᠭ ᠶᠤᠮ ᠭᠡᠪᠡ᠃
— ᠲᠡᠭᠡᠪᠡᠯ ᠬᠣᠣᠷᠲᠠᠨ ᠳᠠᠢᠰᠤᠨ ᠮᠠᠨ ᠤ᠋ ᠭᠠᠵᠠᠷ ᠲᠸ᠋ ᠬᠠᠯᠳᠠᠵᠤ ᠢᠷᠡᠪᠡᠯ ᠴᠢ ᠪᠠᠰᠠ ᠥᠪᠡᠷ ᠦ᠋ᠨ ᠢ᠋ᠶ᠋ᠡᠨ ᠨᠦᠬᠡᠨ ᠥᠷᠥᠭᠡᠨ ᠳ᠋ᠦ᠍ ᠰᠠᠭᠤᠵᠤ ᠬᠣᠴᠣᠷᠬᠤ ᠬᠡᠷᠡᠭ ᠤᠤ? ᠭᠡᠵᠦ ᠳ᠋ᠢᠺᠣᠷᠣᠰ ᠠᠰᠠᠭᠤᠬᠤ ᠳ᠋ᠤ᠌ ᠂
—ᠲᠡᠭᠡᠪᠡᠯ ᠨᠠᠮᠠᠶ᠋ᠢ ᠬᠡᠢᠳ ᠳᠡᠭᠡᠷ᠎ᠡ ᠴᠢᠯᠠᠭᠤᠨ ᠬᠡᠷᠡᠮ ᠴᠣᠣᠵᠢᠲᠠᠢ ᠰᠦᠮ᠎ᠡ ᠠᠯᠢ ᠴᠥ᠍ ᠲᠣᠭᠲᠠᠭᠠᠵᠤ ᠴᠢᠳᠠᠬᠤ ᠦᠭᠡᠢ᠂ ᠪᠢ ᠴᠡᠷᠢᠭ ᠲᠦ᠍ ᠡᠯᠰᠡᠵᠦ ᠡᠷᠡᠯᠬᠡᠭ ᠶᠸᠧᠫᠡᠲ ᠦ᠋ᠨ ᠨᠥᠬᠥᠷᠯᠡᠯ ᠳ᠋ᠦ᠍ ᠣᠷᠣᠵᠤ ᠡᠩ ᠦ᠋ᠨ ᠨᠢᠭᠡᠨ ᠪᠠᠢᠯᠳᠤᠭᠴᠢ ᠪᠠᠷ ᠴᠥ᠍ ᠪᠣᠯᠤᠭᠰᠠᠨ ᠣᠷᠣᠰ ᠤ᠋ᠨ ᠠᠷᠢᠭᠤᠨ ᠭᠠᠵᠠᠷ ᠤ᠋ᠨ ᠲᠥᠯᠥᠭᠡᠨ᠎ᠡ ᠶᠠᠰᠤ ᠪᠠᠨ ᠲᠠᠯᠪᠢᠨ᠎ᠠ ᠭᠡᠪᠡ᠃
ᠨᠢᠭᠡ ᠤᠳᠠᠭ᠎ᠠ ᠫᠸᠷᠦᠨᠤᠸ — ᠪᠣᠷ ᠲᠸ᠋ ᠬᠣᠶᠠᠷ ᠪᠥᠭᠲᠥᠷ ᠮᠣᠷᠢ ᠬᠥᠯᠯᠡᠭᠰᠡᠨ ᠴᠢᠷᠭ᠎ᠠ ᠲᠠᠢ ᠲᠠᠨᠤᠮᠠᠯ ᠬᠤᠳᠠᠯᠳᠤᠭᠠᠴᠢᠨ ᠬᠦᠷᠴᠦ ᠢᠷᠡᠯ᠎ᠡ᠃ ᠡᠭᠦᠨ ᠦ᠌ ᠠᠴᠢᠶᠠᠨ ᠳ᠋ᠤ᠌ ᠬᠥᠮᠦᠨ ᠦ᠌ ᠳᠤᠷ᠎ᠠ ᠶ᠋ᠢ ᠲᠠᠲᠠᠬᠤ ᠪᠠᠷᠠᠭ᠎ᠠ ᠲᠠᠸᠠᠷ ᠡᠯᠪᠡᠭ᠂ ᠪᠣᠯᠬᠤ ᠨᠢ ᠵᠡᠭᠦᠦ ᠨᠦ᠍ᠭᠦᠳ᠂ ᠥᠩᠭᠡ ᠶ᠋ᠢᠨ ᠲᠤᠤᠰᠠ ᠨᠤᠭᠤᠳ᠂ ᠤᠲᠠᠰᠤ᠂ ᠮᠢᠨᠳᠠᠰᠤ᠂ ᠴᠡᠴᠡᠭ ᠬᠠᠳᠬᠤᠭᠰᠠᠨ ᠠᠯᠴᠢᠭᠤᠷ ᠤ᠋ᠳ᠂ ᠰᠢᠯ ᠦ᠋ᠨ ᠰᠠᠪᠠ ᠨᠤᠭᠤᠳ᠂ ᠵᠥᠭᠡᠢ ᠪᠠᠯ ᠲᠠᠢ ᠨᠠᠷᠢᠨ ᠪᠣᠣᠪᠣ ᠶ᠋ᠢᠨ ᠵᠦᠢᠯ ᠪᠠᠢᠵᠠᠢ᠃ ᠲᠡᠷᠡ ᠬᠤᠳᠠᠯᠳᠤᠭᠠᠴᠢᠨ ᠮᠥᠩᠭᠥ ᠠᠪᠬᠤ ᠦᠭᠡᠢ ᠭᠠᠭᠴᠠᠬᠠᠨ ᠡᠩ ( ᠠᠩ ) ᠤ᠋ᠨ ᠦᠰᠦ— ᠪᠤᠯᠠᠭ᠎ᠠ᠂ ᠦᠨᠡᠭᠡ᠂ ᠮᠢᠨᠵᠢ ᠪᠡᠷ ᠠᠷᠠᠯᠵᠢᠬᠤ ᠶ᠋ᠢ ᠣᠷᠣᠯᠳᠣᠨ᠎ᠠ᠃ ᠲᠣᠷᠣᠫᠺᠠ ᠲᠡᠭᠦᠨ ᠳ᠋ᠦ᠍ ᠴᠢᠨᠳᠠᠭ᠎ᠠ ᠶ᠋ᠢᠨ ᠠᠷᠠᠰᠤ ᠥᠭᠴᠦ ᠨᠣᠭᠣᠭᠠᠨ ᠰᠢᠯ ᠦ᠋ᠨ ᠰᠠᠪᠠ ᠠᠪᠤᠭᠠᠳ ᠸᠸᠱᠨ᠋ᠶᠠᠩᠺᠡ ᠥᠬᠢᠨ ᠳ᠋ᠦ᠍ ᠪᠡᠯᠡᠭᠯᠡᠵᠡᠢ᠃ ᠲᠡᠷᠡ ᠬᠤᠳᠠᠯᠳᠤᠭᠠᠴᠢᠳ ᠣᠷᠣᠰ ᠪᠤᠰᠤ ᠪᠣᠯᠤᠯᠲᠠᠢ᠂ ᠮᠠᠯᠠᠭᠠᠢ ᠨᠢ ᠥᠭᠡᠷ᠎ᠡ ᠮᠠᠶᠢᠭᠲᠠᠢ ᠪᠥᠭᠡᠳ ᠴᠠᠭᠠᠨ ᠠᠯᠴᠢᠭᠤᠷ ᠢ᠋ᠶ᠋ᠠᠷ ᠣᠷᠣᠢ ᠶ᠋ᠢ ᠣᠷᠢᠶᠠᠵᠠᠢ᠃ ᠥᠩᠭᠡ ᠶ᠋ᠢᠨ ᠳᠠᠪᠤᠤ ᠪᠠᠷ ᠵᠦᠢᠵᠦ ᠣᠶᠣᠭᠰᠠᠨ ᠬᠠᠯᠴᠠᠭᠠᠢ ᠦᠰᠦ ᠲᠡᠢ ᠬᠤᠪᠴᠠᠰᠤ ᠨᠢ ᠣᠨᠴᠣᠭᠣᠢ ᠪᠥᠭᠡᠳ ᠪᠤᠷᠤᠭᠤ ᠡᠩᠭᠡᠷ ᠲᠡᠢ ᠪᠣᠯᠬᠤ ᠶ᠋ᠢ ᠨᠢ ᠡᠬᠡᠨᠡᠷ ᠦ᠋ᠳ ᠠᠵᠢᠨ ᠬᠠᠷᠠᠵᠠᠢ᠃ ᠲᠠᠷᠢᠶᠠᠴᠢᠳ ᠴᠥᠮ ᠡᠩᠭᠡᠷ ᠢ᠋ᠶ᠋ᠡᠨ ᠪᠠᠷᠠᠭᠤᠨ ᠲᠠᠰᠢ ᠲᠣᠪᠴᠢᠯᠠᠬᠤ ᠠᠲᠠᠯ᠎ᠠ ᠡᠨᠡ ᠬᠥᠮᠦᠨ ᠲᠡᠷᠰ ᠨᠣᠮᠲᠠᠨ ᠲᠠᠢ ᠠᠳᠠᠯᠢ ᠵᠡᠭᠦᠨ ᠭᠠᠷ ᠳᠠᠰᠢ ᠲᠣᠪᠴᠢᠯᠠᠨ᠎ᠠ᠃ ᠡᠨᠡ ᠬᠤᠳᠠᠯᠳᠤᠭᠠᠴᠢᠳ ᠠ᠋ᠴᠠ ᠫᠸᠷᠦᠨᠣᠸ—ᠪᠣᠷ ᠤ᠋ᠨ ᠬᠥᠮᠦᠰ ᠠᠩᠬᠠᠳᠤᠭᠠᠷ ᠤᠳᠠᠭ᠎ᠠ ᠳᠣᠷᠣᠨ᠎ᠠ ᠵᠦᠭ ᠦ᠋ᠨ ᠭᠠᠵᠠᠷ ᠠ᠋ᠴᠠ ᠬᠡᠨ ᠢ᠋ ᠴᠦ᠍ ᠦᠯᠦ ᠡᠨᠡᠷᠢᠭᠴᠢ ᠠᠶᠤᠮᠰᠢᠭᠲᠠᠢ ᠤᠯᠤᠰ ᠤ᠋ᠳ ᠬᠠᠯᠳᠠᠨ ᠢᠷᠡᠵᠦ ᠬᠥᠭᠰᠢᠨ ᠵᠠᠯᠠᠭᠤ ᠪᠦᠷᠢ ᠶ᠋ᠢ ᠠᠯᠠᠵᠤ ᠬᠣᠲᠠ ᠲᠣᠰᠬᠣᠨ ᠨᠤᠭᠤᠳ ᠢ᠋ ᠰᠢᠲᠠᠭᠠᠵᠤ ᠪᠠᠢᠨ᠎ᠠ ᠭᠡᠵᠦ ᠰᠣᠨᠣᠰᠪᠠ᠃ ᠡᠨᠡ ᠬᠥᠮᠦᠰ ᠮᠠᠨ ᠤ᠋ ᠪᠣᠯᠭᠠᠷᠢ ᠶ᠋ᠢᠨ ᠺᠠᠮᠸ ᠭᠣᠣᠯ ᠳ᠋ᠠᠬᠢ ᠪᠢᠯᠶᠡᠷ ᠬᠣᠲᠠ ᠳ᠋ᠤ᠌ ᠳᠣᠪᠲᠣᠯᠤᠨ ᠢᠷᠡᠭᠰᠡᠨ ᠭᠡᠵᠦ ᠬᠤᠳᠠᠯᠳᠤᠭᠠᠴᠢᠨ ᠶᠠᠷᠢᠵᠠᠢ᠃
—ᠴᠢᠩᠭᠢᠰ ᠦ᠋ᠨ ᠠᠴᠢ ᠬᠦᠦ ᠱᠸᠢ᠍ᠢ᠍ᠪᠠᠨᠢ ᠭᠡᠭᠴᠢ ᠶ᠋ᠢᠨ ᠲᠡᠷᠢᠭᠦᠨ ᠦ᠌ ᠣᠲ᠋ᠷᠢᠶᠠᠳ᠋ ᠴᠡᠷᠢᠭ ᠲᠠᠲ᠋ᠠᠷ ᠮᠣᠩᠭᠣᠯᠴᠤᠳ ᠭᠡᠭᠴᠢᠳ ᠮᠠᠨ ᠤ᠋ ᠲᠣᠯᠣᠭᠠᠢ ᠳᠡᠭᠡᠷ᠎ᠡ ᠭᠡᠭᠡᠨ ᠴᠠᠭᠠᠨ ᠡᠳᠦᠷ ᠪᠠᠭᠤᠵᠤ ᠢᠷᠡᠭᠰᠡᠨ ᠮᠥᠨᠳᠥᠷ ᠰᠢᠭ ᠢᠷᠡᠵᠦ ᠬᠣᠲᠠ ᠤ᠋ᠳ ᠢ᠋ ᠳᠡᠭᠡᠷᠡᠮᠳᠡᠵᠦ ᠬᠥᠮᠦᠰ ᠢ᠋ ᠠᠯᠪᠠᠨ ( ᠳ᠋ᠤ᠌ ) ᠪᠠᠷᠢᠵᠤ ᠤᠷᠠᠨ ᠳᠠᠷᠬᠠᠨ ᠤ᠋ ᠴᠢᠳᠠᠪᠤᠷᠢᠲᠠᠢ ᠬᠥᠮᠦᠰ ᠢ᠋ ᠢᠯᠭᠠᠨ ᠠᠪᠴᠤ ᠬᠦᠯᠢᠭᠡᠳ ᠬᠠᠮᠢᠭ᠎ᠠ ᠨᠢ ᠦᠯᠦ ᠮᠡᠳᠡᠭᠳᠡᠬᠦ ᠬᠠᠷᠢ ᠭᠠᠵᠠᠷ ᠤᠷᠤᠭᠤ ᠠᠪᠴᠤ ᠣᠳᠤᠭᠰᠠᠨ᠃ ᠭᠠᠭᠴᠠᠬᠠᠨ ᠣᠢ ᠮᠣᠳᠣᠨ ᠳᠣᠲᠣᠷ᠎ᠠ ᠪᠦᠭᠭᠦᠭᠰᠡᠨ ᠬᠥᠮᠦᠰ ᠠᠮᠢ ᠭᠠᠷᠴᠤ ᠦᠯᠡᠳᠡᠭᠰᠡᠨ ᠲᠡᠳᠦᠢ ᠪᠠᠢᠨ᠎ᠠ᠃ ᠲᠠᠲ᠋ᠠᠷ ᠤ᠋ᠳ ᠣᠲ᠋ᠷᠢᠶᠠᠳ᠋ ᠴᠡᠷᠢᠭ ᠢ᠋ᠶ᠋ᠡᠨ ᠲᠠᠪᠤᠨ ᠬᠣᠲᠠ ᠳ᠋ᠤ᠌ ᠪᠠᠢᠷᠢᠯᠠᠭᠤᠯᠤᠨ ᠦᠯᠡᠳᠡᠭᠡᠵᠦ ᠪᠣᠯᠭᠠᠷᠢ ᠨᠤᠭᠤᠳ ᠢ᠋ ᠪᠠᠷᠢᠮᠲᠠᠯᠠᠨ ᠵᠠᠬᠢᠷᠬᠤ ᠶᠠᠪᠤᠳᠠᠯ ᠢ᠋ ᠪᠡᠬᠢᠯᠡᠭᠡᠳ ᠴᠡᠷᠢᠭ ᠦ᠋ᠨ ᠭᠣᠣᠯ ᠬᠦᠴᠦ ᠨᠢ ᠴᠠᠰᠢ ᠪᠠᠨ ᠫᠣᠯᠤᠸᠸᠼᠠ ᠶ᠋ᠢᠨ ᠲᠠᠯ᠎ᠠ ᠤᠷᠤᠭᠤ ᠣᠴᠢᠭᠰᠠᠨ᠂ ᠤᠳᠠᠬᠤ ᠦᠭᠡᠢ ᠲᠠᠨᠠᠷ ᠲᠡᠳᠡᠨ ᠢ᠋ ᠦᠵᠡᠬᠦ ᠪᠣᠯᠤᠨ᠎ᠠ ᠭᠡᠵᠡᠢ᠃
—ᠲᠡᠳᠡᠨ ᠲᠡᠢ ᠪᠠᠢᠯᠳᠤᠬᠤ ᠭᠡᠭᠴᠢ ᠬᠢᠯᠪᠠᠷ ᠪᠢᠰᠢ ᠬᠡᠷᠡᠭ᠂ ᠲᠡᠳᠡ ᠨᠠᠮᠤᠭ ᠤ᠋ᠨ ᠰᠢᠮᠠᠭᠤᠯ ᠰᠢᠭ᠋ ᠣᠯᠠᠨ᠂ ᠲᠡᠳᠡ ᠨᠠᠷ ᠵᠡᠷᠯᠢᠭ ᠢ᠋ᠶ᠋ᠡᠷ ᠬᠠᠰᠬᠢᠷᠤᠯᠳᠤᠵᠤ ᠣᠯᠠᠨ ᠢ᠋ᠶ᠋ᠠᠷ ᠳᠠᠭᠠᠷᠢᠨ ᠳᠣᠪᠲᠣᠯᠤᠨ᠎ᠠ᠃ ᠬᠣᠨᠢᠨ ᠳᠡᠪᠡᠯ ᠡᠮᠦᠰᠴᠦ ᠮᠢᠩᠭ᠎ᠠ ᠮᠢᠩᠭ᠎ᠠ ᠪᠠᠷ ᠢ᠋ᠶ᠋ᠠᠨ ᠳᠠᠭᠠᠷᠢᠨ ᠣᠷᠣᠵᠤ ᠢᠷᠡᠬᠦ ᠨᠢ ᠰᠦᠷᠳᠡᠮᠡᠷ᠂ ᠲᠡᠳᠡᠨ ᠡᠴᠡ ᠠᠪᠤᠷᠠᠭᠳᠠᠨ᠎ᠠ ᠭᠡᠵᠦ ᠰᠠᠨᠠᠬᠤ ᠶ᠋ᠢᠨ ᠬᠡᠷᠡᠭ ᠦᠭᠡᠢ ᠭᠡᠬᠦ ᠵᠡᠷᠭᠡᠪᠡᠷ ᠶᠠᠷᠢᠬᠤ ᠳ᠋ᠤᠨᠢ᠂
— ᠲᠡᠷᠡ ᠲᠠᠲ᠋ᠠᠷ ᠤ᠋ᠳ ᠲᠠᠨ ᠤ᠋ ᠮᠡᠲᠦ ᠶ᠋ᠢᠨ ᠪᠣᠯᠭᠠᠷᠢ ᠨᠤᠭᠤᠳ ᠲᠸ᠋ ᠠᠶᠤᠮᠰᠢᠭᠲᠠᠢ ᠬᠣᠣᠷᠲᠠᠢ ᠪᠠᠢᠬᠤ ᠨᠢ ᠠᠷᠭ᠎ᠠ ᠪᠠᠢᠨ᠎ᠠ ᠤᠤ? ᠲᠠᠨ ᠤ᠋ ᠪᠣᠯᠭᠠᠷᠢ ᠨᠤᠭᠤᠳ ᠭᠤᠲᠤᠯ ᠬᠤᠪᠴᠠᠰᠤ ᠲᠡᠭᠡᠭᠡᠪᠦᠷᠢᠯᠡᠵᠦ ᠬᠤᠳᠠᠯᠳᠤᠭ᠎ᠠ ᠠᠷᠠᠯᠵᠢᠶ᠎ᠠ ᠬᠢᠬᠦ ᠡᠴᠡ ᠪᠢᠰᠢ᠂ ᠲᠠᠨᠠᠷ ᠠ᠋ᠴᠠ ᠬᠡᠵᠢᠶ᠎ᠡ ᠴᠦ᠍ ᠭᠡᠰᠡᠨ ᠵᠣᠷᠢᠭᠲᠠᠢ ᠪᠠᠢᠯᠳᠤᠭᠴᠢᠳ ᠲᠥᠷᠥᠵᠦ ᠭᠠᠷᠬᠤ ᠦᠭᠡᠢ ᠭᠡᠬᠦ ᠳ᠋ᠦ᠍ᠨᠢ᠂
— ᠲᠠᠲ᠋ᠠᠷ ᠤ᠋ᠳ ᠳᠠᠭᠠᠷᠢᠬᠤ ᠳ᠋ᠤ᠌ ᠲᠠᠨᠠᠷ ᠲᠸ᠋ ᠶᠠᠭᠤ ᠦᠯᠡᠳᠡᠭᠡᠬᠦ ᠶ᠋ᠢ ᠦᠵᠡᠨ᠎ᠡ ᠭᠡᠵᠦ ᠲᠡᠷᠡ ᠬᠤᠳᠠᠯᠳᠤᠭᠠᠴᠢᠨ ᠬᠡᠯᠡᠪᠡ᠃
— ᠴᠢ ᠠᠮᠠ ᠪᠠᠨ ᠲᠠᠭᠯᠠ᠃
— ᠲᠡᠷᠡ ᠪᠤᠷᠤᠭᠤ ᠨᠣᠮ ᠢ᠋ ᠰᠢᠲᠦᠭᠴᠢᠳ ᠨᠠᠰᠢ ᠢᠷᠡᠭ᠂ ᠪᠢᠳᠡ ᠲᠡᠷᠡ ᠴᠢᠩᠭᠢᠰ ᠦ᠋ᠳ ᠢ᠋ ᠰᠦᠬᠡ ᠪᠡᠷ ᠢ᠋ᠶ᠋ᠡᠨ ᠤᠭᠲᠤᠨ᠎ᠠ᠂ ᠡᠬᠡᠨᠡᠷ ᠦ᠋ᠳ ᠬᠦᠷᠲᠡᠯ᠎ᠡ ᠡᠷᠡᠴᠦᠳ ᠦ᠋ᠨ ᠬᠠᠮᠲᠤ ᠶᠠᠪᠤᠵᠤ ᠴᠣᠬᠢᠯᠴᠠᠨᠠ ᠭᠡᠵᠦ ᠣᠫᠠᠯᠧᠨᠢᠬ᠎ᠠ ᠬᠠᠰᠬᠢᠷᠪᠠ᠃
— ᠲᠠᠲ᠋ᠠᠷ ᠤ᠋ᠳ ᠪᠠᠷᠬᠢᠷᠠᠯᠳᠤᠵᠤ ᠪᠢᠳᠡᠨ ᠲᠡᠰᠢ ᠠᠭᠤᠯᠠ ᠰᠢᠭ᠋ ᠣᠪᠣᠭᠠᠷᠠᠨ ᠢᠷᠡᠪᠡᠯ ᠢᠷᠡᠭ᠃
— ᠪᠠᠭᠠᠪᠠᠭᠠᠢ ᠬᠦᠷᠲᠡᠯ᠎ᠡ ᠵᠢᠳᠠ ᠲᠥᠷᠥᠬᠦ ᠳ᠋ᠦ᠍ ᠠᠷᠬᠢᠷᠠᠳᠠᠭ ᠶᠤᠮ ᠭᠠᠵᠠᠷ᠃ ᠫᠣᠯᠤᠸᠸᠼᠠ ᠨᠤᠭᠤᠳ ᠬᠦᠷᠲᠡᠯ᠎ᠡ ᠪᠠᠢᠯᠳᠤᠭᠠᠨ ᠳ᠋ᠤ᠌ ᠣᠷᠣᠬᠤ ᠳ᠋ᠠᠭᠠᠨ ᠠᠷᠢᠶᠠᠲᠠᠨ ᠰᠢᠭ᠋ ᠠᠷᠬᠢᠷᠠᠵᠤ ᠠᠶᠤᠯᠭᠠᠬᠤ ᠶ᠋ᠢ ᠣᠷᠣᠯᠳᠣᠳᠠᠭ ᠦᠭᠡᠢ ᠪᠠᠢᠭᠰᠠᠨ ᠭᠡᠬᠦ ᠤᠤ? ᠮᠠᠨ ᠤ᠋ ᠷᠶᠠᠽᠠᠨ ᠤ᠋ ᠴᠡᠷᠢᠭ ᠦ᠋ᠳ ᠡᠭᠦᠨ ᠳ᠋ᠦ᠍ ᠳᠠᠰᠤᠭᠰᠠᠨ ᠲᠤᠯᠠ ᠲᠠᠲ᠋ᠠᠷ ᠤ᠋ᠳ ᠲᠡᠳᠡ ᠨᠠᠷ ᠠ᠋ᠴᠠ ᠬᠡᠴᠡᠭᠦᠦ ᠠᠶᠤᠮᠰᠢᠭᠲᠠᠢ ᠨᠢ ᠶᠠᠭᠤ ᠪᠠᠢᠪᠠ? ᠭᠡᠵᠦ ᠪᠢᠳᠡ ᠲᠡᠳᠡᠨ ᠢ᠋ ᠭᠣᠪᠢ ᠲᠠᠯ᠎ᠠ ᠤᠷᠤᠭᠤ ᠨᠢ ᠡᠭᠡᠭᠦᠯᠦᠨ ᠬᠥᠭᠡᠭᠡᠵᠦ ᠴᠢᠳᠠᠨ᠎ᠠ ᠭᠡᠵᠦ ᠳ᠋ᠢᠺᠦᠷᠦᠰ ᠬᠡᠯᠡᠪᠡ᠃
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠯᠲᠠᠨᠴᠢᠮᠡᠭ᠂ ᠭᠡᠷᠡᠯ᠂ ᠬᠡᠷᠡᠢᠳ· ᠮᠥᠩᠬᠡᠨᠠᠰᠤᠨ
ᠬᠢᠨᠠᠭᠴᠢ᠄ ᠲ· ᠬᠦᠮᠦᠵᠢᠯᠲᠦ᠂ ᠪᠠᠯ᠂ ᠠᠷᠢᠭᠤᠨ᠂ ᠠᠯᠲᠠᠨᠴᠢᠮᠡᠭ᠂ ᠪᠠᠶᠠᠨᠴᠡᠴᠡᠭ᠂ ᠭᠡᠷᠡᠯ᠂ ᠬᠡᠷᠡᠶ᠋ᠢᠳ ᠮᠥᠩᠬᠡᠨᠠᠰᠤᠨ