ᠪᠠᠲᠤ ᠬᠠᠭᠠᠨ 3-01ᠣᠢ ᠶ᠋ᠢᠨ ᠠᠬᠠᠯᠠᠭᠴᠢ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ
ᠭᠤᠷᠪᠠᠳᠤᠭᠠᠷ ᠪᠦᠯᠦᠭ ᠮᠣᠩᠭᠣᠯᠴᠤᠳ ᠣᠷᠣᠰ ᠲᠡᠰᠢ ᠬᠥᠳᠡᠯᠪᠡ
ᠨᠢᠭᠡ ᠣᠢ ᠶ᠋ᠢᠨ ᠠᠬᠠᠯᠠᠭᠴᠢ
ᠲᠡᠷᠡ ᠠᠶᠤᠯ ᠪᠣᠯᠬᠤ ᠶ᠋ᠢᠨ ᠡᠮᠦᠨ᠎ᠡ ᠮᠥᠷᠡᠨ ᠦ᠌ ᠴᠠᠭᠠᠳᠤᠬᠢ ᠣᠢ ᠮᠣᠳᠣ ᠰᠢᠲᠠᠪᠠ᠃ ᠬᠠᠷ᠎ᠠ ᠤᠲᠤᠭ᠎ᠠ ᠮᠠᠨᠠᠷᠠᠵᠤ ᠲᠩᠷᠢ ᠶ᠋ᠢ ᠪᠦᠷᠬᠦᠭᠡᠳ ᠲᠡᠭᠦᠨ ᠳᠡᠭᠡᠭᠦᠷ ᠰᠢᠪᠠᠭᠤ ᠨᠢᠰᠴᠦ ᠦᠯᠦ ᠴᠢᠳᠠᠯ᠎ᠠ᠃ ᠲᠡᠷᠡ ᠦᠶ᠎ᠡ ᠳ᠋ᠦ᠍ ᠠᠶᠤᠯᠲᠤ ᠮᠡᠳᠡᠭᠡ ᠲᠡᠢᠨ ᠦ᠌ ᠮᠡᠳᠡᠭᠡ ᠵᠠᠷᠯᠠᠭᠳᠠᠵᠠᠢ᠃
ᠭᠠᠯᠵᠠᠭᠤ ᠵᠠᠩᠲᠤ ᠳ᠋ᠢᠺᠦᠷᠦᠰ᠂ᠷᠶᠠᠽᠡᠨ ᠦ᠌ ᠭᠦᠨ ᠬᠥᠪᠴᠢ ᠶ᠋ᠢᠨ ᠳᠣᠲᠣᠷᠠᠬᠢ ᠨᠢᠷᠤᠭᠤ ᠶ᠋ᠢᠨ ᠳᠡᠷᠭᠡᠳᠡ ᠰᠠᠭᠤᠨ᠎ᠠ᠃ ᠡᠨᠡ ᠨᠢᠭᠡ ᠰᠠᠭᠤᠷᠢ ᠶ᠋ᠢᠨ ᠲᠣᠰᠬᠣᠨ ᠤ᠋ ᠮᠣᠳᠣᠨ ᠪᠠᠢᠰᠢᠩ ᠤ᠋ᠳ ᠪᠣᠯᠤᠨ ᠬᠠᠷᠠᠭᠤᠯ ᠤ᠋ᠨ ᠱᠣᠪᠣᠭᠣᠷ᠂ ᠡᠷᠭᠢᠨ ᠲᠣᠭᠣᠷᠢᠨ ᠰᠢᠬᠠᠭᠤ ᠤᠷᠭᠤᠭᠰᠠᠨ ᠡᠪᠡᠰᠦ᠂ ᠪᠤᠲᠠᠷᠭᠠᠨ᠎ᠠ᠂ ᠭᠦᠵᠡᠯᠵᠡᠭᠡᠨ᠎ᠡ ᠪᠦᠬᠦᠢ ᠨᠠᠷᠠᠰᠤᠨ ᠣᠢ ᠳᠣᠲᠣᠷ᠎ᠠ ᠪᠢᠴᠢᠬᠠᠨ ᠲᠠᠯᠠᠪᠠᠢ ᠳ᠋ᠤ᠌ ᠣᠷᠣᠰᠢᠨ᠎ᠠ᠃ ᠡᠨᠡ ᠭᠠᠵᠠᠷ ᠪᠣᠯᠤᠨ ᠰᠠᠭᠤᠷᠢᠨ ᠢ᠋ ᠫᠧᠷᠥ᠋ᠨᠣᠧ— ᠪᠣᠷ ᠭᠡᠵᠦ ᠨᠡᠷᠡᠯᠡᠳᠡᠭ ᠪᠠᠢᠵᠠᠢ᠃ ᠬᠠᠭᠤᠴᠢᠨ ᠡᠪᠦᠭᠡᠳ ᠦ᠋ᠨ ᠬᠡᠯᠡᠯᠴᠡᠬᠦ ᠨᠢ ᠡᠨᠳᠡ ᠡᠷᠲᠡ ᠤᠷᠢᠳᠤ ᠴᠠᠭ ᠲᠸ᠋ ᠪᠥᠬᠡ ᠨᠠᠷ ᠮᠣᠳᠣᠨ ᠣᠩᠭᠣᠳ ᠤ᠋ᠨ ᠬᠥᠷᠥᠭ ᠢ᠋ ᠲᠡᠭᠡᠭᠡᠳᠡᠭ ᠪᠠᠢᠭᠰᠠᠨ ᠭᠡᠨ᠎ᠡ᠃ ᠨᠢᠭᠡ ᠬᠠᠲᠠᠵᠤ ᠬᠠᠭᠤᠴᠢᠷᠠᠭᠰᠠᠨ ᠮᠣᠳᠣᠨ ᠬᠥᠭᠥᠷᠭᠡ ᠣᠳᠣ ᠴᠤ᠌ ᠰᠢᠯᠮᠦᠦᠰᠦᠲᠦ ᠣᠢ ᠶ᠋ᠢᠨ ᠳᠣᠲᠣᠷ᠎ᠠ ᠭᠠᠵᠠᠷ ᠬᠡᠪᠲᠡᠭᠰᠡᠭᠡᠷ ᠪᠠᠢᠨ᠎ᠠ᠃ ᠵᠦᠭ ᠪᠦᠬᠦᠨ ᠳ᠋ᠦ᠍ ᠰᠢᠪᠠᠷ ᠨᠠᠮᠤᠭ ᠦᠷᠭᠦᠯᠵᠢᠯᠡᠵᠦ ᠳᠥᠩᠭᠡᠵᠢ ᠦᠵᠡᠭᠳᠡᠬᠦ ᠪᠢᠴᠢᠬᠠᠨ ᠵᠥᠷᠢᠭ ᠢ᠋ᠶ᠋ᠡᠷ ᠲᠠᠤᠯᠠᠢ ᠠ᠋ᠴᠠ ᠥᠭᠡᠷ᠎ᠡ ᠶᠠᠭᠤᠮ᠎ᠠ ᠶᠠᠪᠤᠳᠠᠭ ᠦᠭᠡᠢ ᠪᠠᠢᠵᠠᠢ᠃ ᠡᠨᠡ ᠨᠠᠮᠤᠭ ᠪᠠᠯᠴᠢᠭ ᠢ᠋ ᠰᠠᠢᠬᠠᠨ ᠵᠦᠯᠭᠡ ᠭᠡᠵᠦ ᠠᠨᠳᠠᠭᠤᠷᠠᠭᠰᠠᠨ ᠪᠣᠯᠭᠣᠮᠵᠢ ᠦᠭᠡᠢ ᠠᠩᠴᠢᠳ ᠢ᠋ ᠵᠢᠪᠪᠦᠭᠦᠯᠵᠦ ᠠᠯᠠᠭᠰᠠᠨ ᠨᠢ ᠣᠯᠠᠨ ᠪᠢᠯᠡ᠃ ᠡᠨᠡ ᠰᠠᠭᠤᠷᠢᠨ ᠳ᠋ᠤ᠌ ᠳ᠋ᠢᠺᠤᠷᠤᠰ ᠠ᠋ᠴᠠ ᠭᠠᠳᠠᠨ᠎ᠠ ᠬᠥᠪᠴᠢ ᠶ᠋ᠢᠨ ᠲᠠᠷᠢᠶᠠᠴᠢᠨ ᠬᠡᠳᠦᠨ ᠠᠢᠯ ᠰᠠᠭᠤᠳᠠᠭ ᠪᠠᠢᠯ᠎ᠠ᠃
ᠪᠠᠷᠠᠭᠤᠨ ᠲᠠᠯ᠎ᠠ ᠠ᠋ᠴᠠ ᠬᠠᠮᠤᠭ ᠤ᠋ᠨ ᠣᠢᠷᠠᠬᠠᠨ ᠬᠥᠷᠰᠢ ᠶ᠋ᠢ ᠨᠢ ᠸᠠᠤᠯᠠᠭᠠ ᠶ᠋ᠢᠨ ᠬᠢᠨ ᠭᠡᠨ᠎ᠡ᠃ ᠡᠨᠡ ᠪᠣᠯ ᠮᠣᠷᠳ᠋ᠣᠸ ᠤ᠋ᠨ ᠬᠥᠮᠦᠨ ᠪᠥᠭᠡᠳ ᠲᠥᠷᠥᠭᠰᠡᠨ ᠭᠠᠵᠠᠷ ᠠ᠋ᠴᠠ ᠰᠠᠢᠨ ᠠᠮᠢᠳᠤᠷᠠᠯ ᠡᠷᠢᠵᠦ ᠡᠨᠳᠡ ᠵᠢᠭᠤᠲᠠᠨ ᠢᠷᠡᠭᠰᠡᠨ ᠠᠵᠢ᠃ ᠨᠢᠷᠤᠭᠤ ᠥᠨᠳᠥᠷ ᠪᠤᠰᠤ᠂ ᠦᠰᠦ ᠨᠢ ᠬᠠᠷ᠎ᠠ᠂ ᠨᠢᠭᠤᠷ ᠨᠢ ᠴᠣᠬᠣᠷ᠂ ᠡᠬᠡᠨᠡᠷ ᠨᠢ ᠮᠥᠨ ᠠᠳᠠᠯᠢ ᠨᠠᠮᠬᠠᠨ ᠨᠢᠷᠤᠭᠤ ᠲᠠᠢ᠂ ᠴᠣᠬᠣᠷ ᠨᠢᠭᠤᠷ ᠲᠠᠢ ᠪᠥᠭᠡᠳ ᠬᠣᠭᠣᠷᠣᠨᠳᠣ ᠪᠠᠨ ᠮᠤᠷᠳᠤᠸ ᠤ᠋ᠨ ᠬᠡᠯᠡ ᠪᠡᠷ ᠶᠠᠷᠢᠯᠴᠠᠨ᠎ᠠ᠃ ᠵᠢᠵᠢᠭᠬᠡᠨ ᠬᠤᠯᠤᠭᠠᠨ᠎ᠠ ᠠᠳᠠᠯᠢ ᠨᠢᠳᠦ ᠲᠡᠢ ᠬᠡᠦᠬᠡᠳ ᠦ᠋ᠳ ᠪᠠᠢᠰᠢᠩ ᠳᠦᠭᠦᠷᠡᠩ ᠪᠠᠢᠨ᠎ᠠ᠃
ᠳ᠋ᠢᠺᠤᠷᠤᠰ ᠤ᠋ᠨ ᠨᠥᠭᠦᠭᠡ ᠵᠡᠷᠭᠡᠯᠡᠳᠡᠭᠡ ᠠᠢᠯ ᠨᠢ ᠼᠪᠶᠠᠭ᠎ᠠ ᠶ᠋ᠢᠨ ᠬᠢᠨ ᠭᠡᠳᠡᠭ ᠪᠥᠭᠡᠳ ᠷᠶᠠᠽᠠᠨ ᠠ᠋ᠴᠠ ᠢᠷᠡᠭᠰᠡᠨ ᠥᠨᠳᠥᠷ ᠲᠤᠷᠠᠩᠬᠠᠢ ᠪᠥᠭᠡᠳ ᠶᠠᠰᠤᠯᠢᠭ ᠬᠥᠮᠦᠨ ᠠᠵᠢ᠃ᠲᠡᠳᠡᠨ ᠦ᠌ ᠬᠢᠨ ᠳᠠᠷᠠᠰᠤ ᠰᠦᠷᠡᠯ ᠢ᠋ᠶ᠋ᠡᠷ ᠳᠡᠭᠡᠪᠦᠷ ᠢ᠋ ᠬᠤᠴᠢᠭᠰᠠᠨ ᠪᠢᠴᠢᠬᠠᠨ ᠪᠠᠢᠰᠢᠩ ᠳ᠋ᠤ᠌ ᠰᠠᠭᠤᠬᠤ ᠲᠤᠯᠠ ᠪᠠᠢᠰᠢᠩ ᠤ᠋ᠨ ᠳᠣᠲᠣᠷ᠎ᠠ ᠭᠣᠣᠯ ᠪᠠᠢᠷᠢ ᠶ᠋ᠢ ᠰᠢᠪᠠᠷ ᠫᠢᠰᠢᠩ ᠡᠵᠡᠯᠡᠵᠡᠢ᠃ ᠬᠡᠦᠬᠡᠳ ᠣᠯᠠᠨᠲᠠᠢ᠂ ᠲᠡᠳᠡ ᠨᠢ ᠴᠠᠢᠪᠤᠷ ᠦᠰᠦᠲᠡᠢ᠂ ᠪᠦᠭᠦᠳᠡᠭᠡᠷ ᠬᠦ ᠲᠣᠷᠲᠣᠭ ᠪᠣᠯᠤᠭᠰᠠᠨ ᠨᠢᠭᠤᠷ ᠲᠠᠢ ᠠᠵᠢ᠃ ᠫᠢᠰᠢᠩ ᠨᠢ ᠤᠲᠤᠭ᠎ᠠ ᠲᠠᠲᠠᠬᠤ ᠶᠠᠨᠲᠤᠩ ᠦᠭᠡᠢ ᠲᠤᠯᠠ ᠤᠲᠤᠭ᠎ᠠ ᠨᠢ ᠭᠠᠭᠴᠠᠬᠠᠨ ᠬᠠᠭᠠᠯᠭᠠᠨ ᠤ᠋ ᠪᠠᠨ ᠳᠡᠭᠡᠷᠡᠬᠢ ᠴᠣᠭᠣᠷᠬᠠᠢ ᠪᠠᠷ ᠭᠠᠷᠤᠨ᠎ᠠ᠃ ᠼᠪᠶᠠᠭ᠎ᠠ ᠶ᠋ᠢᠨ ᠡᠬᠡᠨᠡᠷ ᠮᠥᠨ ᠥᠨᠳᠥᠷ ᠲᠤᠷᠠᠩᠬᠠᠢ ᠪᠥᠭᠡᠳ ᠭᠡᠷ ᠦ᠋ᠨ ᠢ᠋ᠶ᠋ᠡᠨ ᠠᠵᠢᠯ ᠲᠥᠷᠥᠯ ᠣᠢ ᠶ᠋ᠢᠨ ᠠᠵᠢᠯ ᠢ᠋ ᠳᠥᠩᠭᠡᠵᠢ ᠬᠢᠵᠦ ᠠᠮᠵᠢᠳᠠᠭ ᠲᠡᠳᠦᠢ ᠪᠠᠢᠵᠠᠢ᠃ ᠵᠤᠨ ᠴᠠᠭ ᠲᠤ᠌ ᠨᠥᠬᠥᠷ ᠲᠡᠭᠡᠨ ᠂ ᠣᠢ ᠳ᠋ᠤ᠌ ᠭᠠᠷᠴᠤ ᠨᠠᠷᠠᠰᠤ ᠬᠤᠰᠢ ᠴᠠᠪᠴᠢᠬᠤ ᠳ᠋ᠤᠨᠢ ᠲᠤᠰᠠᠯᠠᠨ᠎ᠠ᠃ᠡᠪᠦᠯ ᠪᠣᠯ ᠲᠦᠯᠡᠭᠡ ᠶ᠋ᠢ ᠮᠥᠰᠥᠨ ᠳᠡᠭᠡᠭᠦᠷ ᠴᠢᠷᠴᠦ ᠥᠪᠡᠷ ᠢ᠋ᠶ᠋ᠡᠨ ᠬᠡᠢᠳ ᠲᠦ᠍ ᠬᠦᠷᠭᠡᠨ᠎ᠡ᠃
ᠡᠨᠡ ᠰᠠᠭᠤᠷᠢᠨ ᠳ᠋ᠤ᠌ ᠮᠥᠨ ᠲᠠᠷᠢᠶᠠᠴᠢᠨ ᠯᠢᠬᠠᠷᠢ ᠺᠦᠳ᠋ᠷᠶᠠᠱ ᠭᠡᠳᠡᠭ ᠬᠥᠮᠦᠨ ᠰᠠᠭᠤᠬᠤ ᠪᠥᠭᠡᠳ ᠪᠤᠰᠤᠳ ᠠ᠋ᠴᠠ ᠬᠣᠵᠢᠮ ᠰᠦᠽᠳ᠋ᠠᠯᠢ ᠶ᠋ᠢᠨ ᠭᠠᠵᠠᠷ ᠠ᠋ᠴᠠ ᠵᠠᠯᠠᠭᠤ ᠡᠬᠡᠨᠡᠷ ᠦ᠋ᠨ ᠬᠠᠮᠲᠤ ᠢᠷᠡᠭᠰᠡᠨ ᠠᠵᠢ᠃ ᠲᠡᠷᠡ ᠬᠣᠶᠠᠷ ᠲᠡᠭᠰᠢ ᠤᠷᠭᠤᠭᠰᠠᠨ ᠨᠠᠷᠠᠰᠤᠨ ᠮᠣᠳᠣ ᠣᠭᠲᠣᠯᠤᠨ ᠴᠠᠪᠴᠢᠵᠤ ᠪᠠᠢᠰᠢᠩ ᠪᠠᠷᠢᠯᠭ᠎ᠠ ᠪᠠ ᠮᠠᠯ ᠳ᠋ᠠᠭᠠᠨ ᠰᠠᠷᠠᠪᠴᠢ ᠪᠤᠰᠬᠠᠵᠠᠢ᠃ ᠰᠢᠨ᠎ᠡ ᠪᠠᠢᠰᠢᠩ ᠳ᠋ᠤ᠌ ᠣᠷᠣᠭᠰᠠᠨ ᠤ᠋ ᠳᠠᠷᠠᠭ᠎ᠠ ᠥᠬᠢᠨ ᠲᠡᠢ ᠪᠣᠯᠵᠤ ᠲᠡᠭᠦᠨ ᠢ᠋ ᠪᠡᠨ ᠸᠸᠱᠨ᠋ᠶᠠᠩᠺᠠ ᠭᠡᠵᠦ ᠨᠡᠷᠡᠯᠡᠭᠰᠡᠨ ᠪᠣᠯᠪᠠᠴᠤ ᠤᠳᠠᠯ ᠦᠭᠡᠢ ᠡᠬᠡᠨᠡᠷ ᠨᠢ ᠬᠠᠯᠠᠭᠤᠨ ᠡᠪᠡᠳᠴᠢᠨ ᠢ᠋ᠶ᠋ᠡᠷ ᠨᠠᠰᠤ ᠪᠠᠷᠠᠭᠰᠠᠨ ᠲᠤᠯᠠ ᠺᠦᠳ᠋ᠷᠶᠠᠱ ᠲᠣᠮᠣ ᠮᠣᠳᠣᠨ ᠤ᠋ ᠬᠣᠯᠲᠣᠰᠣ ᠪᠠᠷ ᠠᠪᠰᠠ ᠦᠢᠯᠡᠳᠴᠦ ᠵᠠᠯᠠᠭᠤ ᠡᠬᠡᠨᠡᠷ ᠦ᠋ᠨ ᠬᠡᠭᠦᠷ ᠢ᠋ ᠪᠢᠴᠢᠬᠠᠨ ᠬᠣᠰᠢ ᠮᠣᠳᠣᠨ ᠤ᠋ ᠳᠣᠣᠷ᠎ᠠ ᠣᠷᠣᠰᠢᠭᠤᠯᠤᠨ ᠥᠨᠥᠴᠢᠨ ᠥᠬᠢᠨ ᠦ᠌ ᠬᠠᠮᠲᠤ ᠬᠣᠶᠠᠭᠤᠯᠠ ᠪᠠᠨ ᠠᠮᠢᠳᠤᠷᠠᠳᠠᠭ ᠪᠣᠯᠵᠠᠢ᠃ ᠺᠦᠳ᠋ᠷᠶᠠᠱ ᠥᠬᠢᠨ ᠢ᠋ᠶ᠋ᠡᠨ ᠦᠬᠡᠷ ᠦ᠋ᠨ ᠰᠢᠷᠢ ᠶ᠋ᠢᠨ ᠬᠥᠬᠥᠯᠲᠦ ᠤᠭᠵᠢ ᠪᠠᠷ ᠤᠭᠵᠢᠵᠤ᠂ ᠲᠠᠷᠢᠶ᠎ᠠ ᠪᠤᠳᠠᠭ᠎ᠠ ᠪᠠᠷ ᠲᠡᠵᠢᠭᠡᠵᠦ ᠲᠣᠮᠣ ᠪᠣᠯᠭᠠᠭᠰᠠᠨ᠃ ᠡᠭᠦᠨ ᠳ᠋ᠦ᠍ ᠥᠪᠡᠷ ᠢ᠋ᠶ᠋ᠡᠨ ᠪᠠᠢᠰᠬᠢᠭᠡᠳ ᠷᠶᠡᠽᠡᠨ ᠣᠷᠣᠵᠤ ᠪᠠᠷᠢᠯᠭ᠎ᠠ ᠪᠠᠷᠢᠬᠤ ᠠᠵᠢᠯ ᠢ᠋ᠶ᠋ᠠᠷ ᠶᠠᠪᠤᠬᠤ ᠪᠠ ᠵᠠᠷᠢᠮ ᠳ᠋ᠠᠭᠠ ᠫᠣᠯᠣᠸᠸᠼᠠ ᠶ᠋ᠢᠨ ᠨᠡᠭᠦᠳᠡᠯᠴᠢᠨ ᠣᠷᠣᠰᠢᠳᠠᠭ ᠵᠡᠷᠯᠢᠭ ᠲᠠᠯ᠎ᠠ ᠳ᠋ᠤ᠌ ᠣᠴᠢᠵᠤ ᠬᠠᠷᠠᠭᠤᠯ ᠤ᠋ᠨ ᠭᠠᠵᠠᠷ ᠤ᠋ᠨ ᠬᠥᠮᠦᠰ ᠲᠡᠢ ᠬᠤᠳᠠᠯᠳᠤᠭ᠎ᠠ ᠠᠷᠠᠯᠵᠢᠶ᠎ᠠ ᠬᠢᠬᠦ᠂ ᠵᠠᠷᠢᠮ ᠳ᠋ᠠᠭᠠᠨ ᠳᠣᠯᠣᠭᠠᠨ ᠬᠣᠨᠣᠭ ᠢ᠋ᠶ᠋ᠠᠷ ᠣᠢ ᠳᠣᠲᠣᠷ᠎ᠠ ᠠᠯᠠᠭ᠎ᠠ ᠪᠣᠯᠵᠤ ᠬᠡᠷᠡᠮᠦ᠂ ᠴᠢᠨᠳᠠᠭ᠎ᠠ᠂ ᠰᠤᠤᠰᠠᠷ ᠵᠡᠷᠭᠡ ᠠᠩ ᠠᠮᠢᠲᠠᠨ ᠢ᠋ ᠭᠥᠷᠥᠭᠡᠯᠡᠳᠡᠭ ᠪᠠᠢᠵᠠᠢ᠃ ᠡᠨᠡ ᠦᠶᠡᠰ ᠲᠦ᠍ ᠸᠸᠱᠨ᠋ᠶᠠᠩᠺᠠ ᠬᠦᠷᠰᠢ ᠳ᠋ᠢᠺᠤᠷᠤᠰ ᠤ᠋ᠨ ᠭᠡᠷ ᠲᠦ᠍ ᠥᠪᠡᠷ ᠦ᠋ᠨ ᠲᠥᠷᠥᠭᠰᠡᠨ ᠭᠡᠷ ᠰᠢᠭ᠌ ᠰᠠᠭᠤᠳᠠᠭ ᠪᠠᠢᠯ᠎ᠠ᠃
ᠡᠨᠡ ᠰᠠᠭᠤᠷᠢᠨ ᠤ᠋ ᠳᠣᠲᠣᠷ᠎ᠠ ᠰᠡᠸᠸᠯᠢᠶᠠ ᠳ᠋ᠢᠺᠦᠷᠤᠰ ᠢ᠋ ᠠᠬᠠᠯᠠᠭᠴᠢᠳ ᠲᠤ᠌ ᠲᠣᠭᠠᠴᠠᠨ᠎ᠠ᠃ ᠲᠡᠷᠡ ᠨᠢ ᠪᠦᠭᠦᠳᠡ ᠡᠴᠡ ᠤᠷᠢᠳ ᠡᠨᠡᠬᠦ ᠫᠸᠷᠦᠨᠤᠸ — ᠪᠣᠷ ᠭᠡᠳᠡᠭ ᠭᠠᠵᠠᠷ ᠢᠷᠡᠭᠰᠡᠨ ᠪᠥᠭᠡᠳ ᠪᠤᠰᠤᠳ ᠲᠠᠭᠠᠨ ᠦᠯᠢᠭᠡᠷ ᠵᠢᠱ᠌ᠢᠶ᠎ᠡ ᠦᠵᠡᠭᠦᠯᠦᠭᠰᠡᠨ ᠬᠥᠮᠦᠨ ᠪᠠᠢᠵᠠᠢ᠃ ᠬᠡᠵᠢᠶ᠎ᠡ ᠭᠠᠵᠠᠷ ᠬᠠᠭᠠᠯᠬᠤ ᠲᠠᠷᠢᠶ᠎ᠠ ᠲᠠᠷᠢᠬᠤ ᠴᠠᠭ ᠪᠣᠯᠪᠠᠯ ᠥᠷᠯᠥᠭᠡᠨ ᠦ᠌ ᠬᠦᠢᠲᠡᠨ ᠡᠴᠡ ᠠᠶᠤᠬᠤ ᠦᠭᠡᠢ ᠡᠷᠲᠡᠯᠡᠨ ᠠᠵᠢᠯᠯᠠᠬᠤ ᠶ᠋ᠢᠨ ᠳᠡᠭᠡᠷ᠎ᠡ ᠵᠠᠷᠢᠮ ᠳ᠋ᠠᠭᠠᠨ ᠵᠢᠮᠢᠰ ᠲᠡᠭᠦᠬᠦ ᠮᠥᠭᠥ ᠳᠠᠪᠤᠰᠤᠯᠠᠬᠤ ᠵᠡᠷᠭᠡ ᠪᠡᠷ ᠬᠡᠢᠳ ᠲᠡᠰᠢ ᠠᠪᠠᠴᠢᠨ᠎ᠠ᠃ ᠳ᠋ᠢᠺᠦᠷᠤᠰ ᠥᠷᠭᠡᠨ ᠴᠡᠭᠡᠵᠢ ᠲᠡᠢ ᠶᠠᠰᠤᠯᠢᠭ ᠬᠦᠳᠡᠷ ᠡᠷ᠎ᠡ ᠪᠠᠢᠭᠰᠠᠨ ᠪᠥᠭᠡᠳ ᠮᠠᠩᠨᠠᠢ ᠤᠷᠤᠭᠤ ᠤᠨᠵᠢᠢᠭᠰᠠᠨ ᠦᠰᠦᠨ ᠦ᠌ ᠳᠣᠣᠷ᠎ᠠ ᠠ᠋ᠴᠠ ᠭᠤᠨᠢᠯᠠᠭᠤᠨ (ᠭᠤᠨᠢᠭᠯᠠᠭᠤᠨ)ᠨᠢᠳᠦ ᠨᠢ ᠭᠢᠯᠠᠯᠵᠠᠵᠤ ᠥᠪᠡᠷ ᠦ᠋ᠨ ᠭᠠᠷ ᠢ᠋ᠶ᠋ᠠᠷ ᠥᠪᠡᠷ ᠦ᠋ᠨ ᠡᠴᠢᠭᠡ ᠪᠣᠯᠤᠨ ᠡᠪᠦᠭᠡ ᠶ᠋ᠢᠨ ᠬᠠᠮᠲᠤ ᠣᠢ ᠳᠣᠲᠣᠷᠠᠬᠢ ᠲᠠᠯᠠᠪᠠᠢ ᠳ᠋ᠠᠬᠢ ᠬᠠᠭᠤᠴᠢᠷᠠᠨ ᠤᠨᠠᠭᠰᠠᠨ ᠦᠮᠡᠬᠡᠢ ᠮᠣᠳᠣᠳ ᠢ᠋ ᠬᠤᠷᠢᠶᠠᠵᠤ ᠰᠢᠲᠠᠭᠠᠭᠠᠳ ᠠᠩᠬᠠᠳᠤᠭᠠᠷ ᠤᠳᠠᠭ᠎ᠠ ᠲᠠᠷᠢᠶᠠᠨ ᠤ᠋ ᠦᠷ᠎ᠡ ᠰᠠᠴᠤᠵᠤ ᠲᠠᠷᠢᠶ᠎ᠠ ᠲᠠᠷᠢᠬᠤ ᠵᠤᠷᠰᠢᠯ ᠢ᠋ ᠡᠭᠦᠰᠬᠡᠭᠰᠡᠨ ᠬᠥᠮᠦᠨ ᠪᠢᠯᠡ᠃ ᠲᠡᠷᠡ ᠨᠢ ᠦᠨᠡᠰᠦᠲᠦ ᠭᠠᠵᠠᠷ ᠢ᠋ᠶ᠋ᠠᠨ ᠬᠠᠭᠠᠯᠵᠤ ᠬᠠᠮᠤᠭ ᠤ᠋ᠨ ᠲᠦᠷᠦᠭᠦᠨ ᠳ᠋ᠦ᠍ ᠣᠪᠢᠶᠠᠰᠤ ᠲᠠᠷᠢᠵᠤ᠂ ᠳᠠᠷᠠᠭ᠎ᠠ ᠨᠢ ᠪᠤᠭᠤᠳᠠᠢ ᠲᠠᠷᠢᠭᠰᠠᠨ ᠠᠵᠢ᠃
ᠳ᠋ᠢᠺᠣᠷᠣᠰ ᠲᠡᠭᠦᠨ ᠳ᠋ᠡᠭᠡᠨ ᠰᠡᠳᠬᠢᠯ ᠨᠢ ᠬᠥᠭᠵᠢᠵᠦ ᠴᠠᠰᠢ ᠣᠢ ᠳ᠋ᠤ᠌ ᠤᠯᠠᠮ ᠭᠦᠨᠵᠡᠭᠡᠢ ᠣᠷᠣᠵᠤ ᠬᠠᠷᠢ ᠡᠵᠡᠨ ᠦ᠌ ᠨᠢᠳᠦ ᠬᠦᠷᠬᠦ ᠦᠭᠡᠢ ᠭᠠᠵᠠᠷ ᠥᠪᠡᠷ ᠦ᠋ᠨ ᠳᠤᠷ᠎ᠠ ᠬᠦᠰᠡᠯᠲᠦ ᠠᠵᠢᠯ ᠢ᠋ᠶ᠋ᠠᠷ ᠤᠷᠤᠯᠳᠤᠵᠤ ᠪᠠᠢᠭᠰᠠᠨ ᠪᠣᠯᠪᠠᠴᠤ ᠰᠦᠮ᠎ᠡ ᠬᠡᠢᠳ ᠦ᠋ᠨ ᠤᠷᠲᠤ ᠭᠠᠷᠳᠠᠨ ᠠ᠋ᠴᠠ ᠮᠤᠯᠲᠤᠷᠠᠵᠤ ᠬᠣᠮᠣᠬᠠᠢ ᠨᠢᠳᠦᠲᠡᠨ ᠡᠴᠡ ᠳᠠᠯᠳᠢᠷᠠᠵᠤ ᠴᠢᠳᠠᠬᠤ ᠦᠭᠡᠢ ᠨᠢ ᠮᠠᠭᠠᠳ ᠪᠠᠢᠵᠠᠢ᠃ ᠡᠰᠡᠪᠡᠯ ᠸᠠᠩ ᠤ᠋ᠳ ᠤ᠋ᠨ ᠠᠷᠢᠶᠠᠲᠠᠨ ᠠᠳᠠᠯᠢ ᠲᠦᠰᠢᠮᠡᠳ ᠣᠢ ᠳᠣᠲᠣᠷ᠎ᠠ ᠣᠷᠣᠵᠤ ᠲᠠᠷᠢᠭᠰᠠᠨ ᠭᠠᠵᠠᠷ ᠢ᠋ ᠦᠵᠡᠵᠦ ᠠᠯᠪᠠᠨ ᠲᠠᠲᠠᠪᠤᠷᠢ ᠶ᠋ᠢ ᠨᠡᠮᠡᠵᠦ ᠬᠤᠷᠢᠶᠠᠬᠤ ᠪᠣᠯᠭᠠᠨ᠎ᠠ᠃ ᠲᠡᠭᠡᠬᠦ ᠳ᠋ᠦ᠍ᠨᠢ ᠳ᠋ᠢᠺᠣᠷᠣᠰ ᠭᠠᠵᠠᠷ ᠲᠤ᠌ ᠨᠣᠬᠠᠢ ᠶ᠋ᠢᠨ ᠠᠷᠠᠰᠤᠨ ᠮᠠᠯᠠᠭᠠᠢ ᠪᠠᠨ ᠬᠠᠶᠠᠵᠤ ᠰᠠᠨᠠᠭ᠎ᠠ ᠠᠯᠲᠠᠨ ᠬᠣᠷᠮᠣᠢ ᠪᠠᠨ ᠰᠡᠭᠰᠦᠷᠴᠦ ᠥᠭᠦᠯᠡᠬᠦ ᠨᠢ᠄
— ᠥᠷᠥᠰᠢᠶᠡ ᠡᠵᠡᠨ ᠮᠢᠨᠢ᠂ ᠠᠯᠪᠠᠨ ᠲᠠᠲᠠᠪᠤᠷᠢ ᠶ᠋ᠢ ᠬᠣᠢᠰᠢᠯᠠᠭᠤᠯᠵᠤ ᠠᠯᠢ᠂ ᠮᠣᠷᠢ ᠮᠠᠯ ᠢ᠋ ᠬᠡᠮᠵᠢᠶᠡᠨ ᠡᠴᠡ ᠬᠡᠲᠦᠷᠡᠲᠡᠯ᠎ᠡ ᠠᠵᠢᠯ ᠬᠢᠯ᠎ᠡ ᠭᠡᠵᠦ ᠲᠠᠯ᠎ᠠ ᠳ᠋ᠤ᠌ ᠲᠠᠯᠪᠢᠵᠤ ᠪᠡᠯᠴᠢᠭᠡᠳᠡᠭ ᠰᠢᠦ ᠳ᠋ᠠ᠃ ᠬᠥᠮᠦᠨ ᠢ᠋ ᠶᠠᠭᠤᠨ ᠳ᠋ᠤ᠌ ᠢᠩᠭᠢᠵᠦ ᠬᠥᠳᠡᠯᠮᠦᠷᠢᠯᠡᠭᠦᠯᠦᠨᠡ ᠪᠣᠢ? ᠦᠵᠡᠲᠡᠯ᠎ᠡ ᠭᠠᠭᠴᠠᠭᠠᠷ ᠭᠠᠷ ᠬᠣᠮᠬᠢᠯ ᠦᠭᠡᠢ ᠠᠵᠢᠯ ᠬᠢᠵᠦ ᠪᠠᠢᠭᠰᠠᠨ ᠪᠢᠰᠢ ᠤᠤ ᠪᠢ᠂ ᠬᠡᠵᠢᠶ᠎ᠡ ᠪᠠᠰᠠ ᠬᠥᠪᠡᠭᠦᠨ ᠮᠢᠨᠢ ᠥᠰᠴᠦ ᠲᠤᠰᠠᠯᠠᠬᠤ ᠪᠣᠯ ᠳ᠋ᠠ ᠭᠡᠪᠡ᠃ ᠲᠡᠭᠡᠭᠰᠡᠨ ᠴᠦ᠍ ᠲᠡᠷᠡ ᠨᠢ ᠠᠨᠵᠢᠰᠤ ᠶ᠋ᠢᠨ ᠢ᠋ᠶ᠋ᠡᠨ ᠪᠠᠷᠢᠭᠤᠯ ᠲᠠᠢ ᠵᠠᠭᠤᠷᠠᠭᠰᠠᠭᠠᠷ᠂ ᠡᠰᠡᠪᠡᠯ ᠲᠣᠮᠣ ᠰᠦᠬᠡ ᠠᠪᠴᠤ ᠵᠠᠩᠰᠢᠭᠰᠠᠨ ᠠᠵᠢᠯ ᠳ᠋ᠠᠭᠠᠨ ᠭᠠᠷᠤᠭᠠᠳ ᠵᠠᠭᠤᠨ ᠨᠠᠰᠤᠲᠤ ᠲᠣᠮᠣ ᠮᠣᠳᠣ ᠶ᠋ᠢ ᠤᠨᠠᠭᠠᠵᠠᠢ᠃ ᠲᠠᠷᠢᠶᠠᠨ ᠤ᠋ ᠲᠠᠯᠠᠪᠠᠢ ᠭᠠᠷᠭᠠᠬᠤ ᠶ᠋ᠢ ᠣᠷᠣᠯᠳᠣᠳᠠᠭ ᠪᠠ ᠡᠰᠡᠪᠡᠯ ᠪᠦᠰᠡᠯᠡᠬᠦᠢ ᠪᠡᠨ ᠬᠦᠷᠲᠡᠯ᠎ᠡ ᠨᠠᠮᠤᠭ ᠳᠣᠲᠣᠷ᠎ᠠ ᠵᠣᠭᠰᠣᠵᠤ ᠰᠤᠪᠠᠭ ᠱᠤᠤᠳᠤᠭᠤ ᠲᠠᠲᠠᠬᠤ ᠶ᠋ᠢ ᠣᠷᠣᠯᠳᠣᠳᠠᠭ ᠪᠠᠢᠯ᠎ᠠ᠃ ᠳ᠋ᠢᠺᠣᠷᠣᠰ ᠪᠦᠬᠦ ᠢᠲᠡᠭᠡᠯ ᠢ᠋ᠶ᠋ᠡᠨ ᠭᠠᠭᠴᠠ ᠬᠦᠦ ᠳᠡᠭᠡᠷ᠎ᠡ ᠪᠡᠨ ᠲᠠᠯᠪᠢᠳᠠᠭ ᠪᠠᠢᠯ᠎ᠠ᠃ ᠲᠡᠷᠡ ᠨᠢ ᠪᠠᠯᠴᠢᠷ ᠪᠠᠢᠬᠤ ᠦᠶ᠎ᠡ ᠳ᠋ᠡᠭᠡᠨ ᠭᠢᠯᠦ᠋ᠽᠳᠢᠷᠧᠮ ᠭᠡᠳᠡᠭ ᠨᠡᠷᠡᠲᠡᠢ ᠪᠠᠢᠭᠰᠠᠨ ᠪᠠ ᠲᠡᠭᠦᠨ ᠢ᠋ ᠥᠰᠴᠦ ᠲᠣᠮᠣ ᠪᠣᠯᠤᠭᠰᠠᠨ ᠤ᠋ ᠬᠣᠢᠨ᠎ᠠ ᠠᠢᠯ ᠤ᠋ᠨ ᠬᠥᠮᠦᠰ ᠡᠴᠡ ᠲᠣᠷᠣᠫᠺᠠ ᠭᠡᠳᠡᠭ ᠬᠣᠴᠢ ᠥᠭᠴᠡᠢ᠃ ᠲᠡᠭᠦᠨ ᠡᠴᠡ ᠭᠠᠳᠠᠨ᠎ᠠ ᠲᠣᠷᠣᠫᠺᠠ ᠳ᠋ᠤ᠌ ᠬᠥᠭᠰᠢᠨ ᠯᠠᠮᠠ ᠶ᠋ᠢᠨ ᠥᠭᠭᠦᠭᠰᠡᠨ ᠨᠡᠷ᠎ᠡ ᠪᠠᠢᠭᠰᠠᠨ᠃ ᠭᠡᠪᠡᠴᠦ ᠠᠨᠧᠠᠫᠣᠲᠢᠰᠲ ᠭᠡᠳᠡᠭ ᠨᠡᠷ᠎ᠡ ᠶ᠋ᠢ ᠬᠡᠯᠡᠬᠦ ᠳ᠋ᠦ᠍ ᠬᠡᠯᠡ ᠣᠷᠢᠶᠠᠯᠳᠤᠬᠤ ᠬᠡᠴᠡᠭᠦᠦ ᠦᠭᠡ ᠲᠤᠯᠠ ᠬᠥᠮᠦᠨ ᠪᠦᠷᠢ ᠥᠭᠡᠷ᠎ᠡ ᠪᠡᠷ ᠨᠡᠷᠡᠯᠡᠵᠦ ᠵᠠᠩᠰᠢᠵᠠᠢ᠃ ᠡᠴᠢᠭᠡ ᠪᠡᠨ ᠳᠠᠭᠠᠵᠤ ᠠᠵᠢᠯ ᠳ᠋ᠤ᠌ ᠶᠠᠪᠤᠬᠤ ᠪᠣᠯᠤᠭᠰᠠᠭᠠᠷ ᠮᠣᠳᠣ ᠴᠠᠪᠴᠢᠬᠤ᠂ ᠭᠠᠵᠠᠷ ᠬᠠᠭᠠᠯᠬᠤ ᠶ᠋ᠢᠨ ᠳᠡᠭᠡᠷ᠎ᠡ ᠮᠥᠨ ᠨᠤᠮᠤ ᠪᠠᠷᠢᠵᠤ ᠮᠥᠴᠢᠷ ᠳᠠᠮᠵᠢᠨ ᠭᠦᠶᠦᠭᠴᠢ ᠬᠡᠷᠡᠮᠦ ᠶ᠋ᠢ ᠨᠠᠮᠨᠠᠳᠠᠭ ᠪᠠᠢᠯ᠎ᠠ᠃
ᠫᠧᠷᠦ᠋ᠨᠦᠸ — ᠪᠣᠷ ᠲᠸ᠋ ᠪᠠᠰᠠ ᠣᠫᠠᠯᠤᠨᠠ ᠭᠡᠳᠡᠭ ᠡᠬᠡᠨᠡᠷ ᠪᠠᠢᠭᠰᠠᠨ ᠪᠥᠭᠡᠳ ᠲᠡᠷᠡ ᠨᠢ ᠪᠠᠰᠠ ᠲᠠᠷᠢᠶᠠᠴᠢᠨ ᠳ᠋ᠤ᠌ ᠲᠣᠭᠠᠴᠠᠭᠳᠠᠳᠠᠭ ᠪᠠᠢᠵᠠᠢ᠃
ᠥᠪᠡᠷ ᠢ᠋ᠶ᠋ᠡᠨ ᠭᠠᠵᠠᠷ ᠢ᠋ᠶ᠋ᠠᠨ ᠬᠠᠭᠠᠯᠬᠤ ᠪᠣᠯᠤᠨ ᠮᠣᠳᠣ ᠴᠠᠪᠴᠢᠨ᠎ᠠ᠃ ᠪᠠᠰᠠ ᠨᠠᠭᠤᠷ ᠲᠸ᠋ ᠲᠣᠣᠷ ᠬᠠᠶᠠᠵᠤ ᠵᠢᠭᠠᠰᠤ ᠪᠠᠷᠢᠨ᠎ᠠ᠃ ᠤᠷᠢᠳᠤ ᠤᠺᠠ ᠭᠣᠣᠯ ᠳ᠋ᠤ᠌ ᠠᠮᠢᠳᠤᠷᠠᠵᠤ ᠪᠠᠢᠬᠤ ᠳ᠋ᠤᠨᠢ ᠸᠠᠤᠯᠠᠭᠠ ᠮᠥᠷᠡᠨ ᠦ᠌ ᠳᠡᠭᠡᠷᠡᠮᠴᠢᠳ ᠲᠡᠭᠦᠨ ᠦ᠌ ᠪᠦᠰᠡᠲᠡᠢ ᠪᠦᠰᠡᠭᠦᠢ ᠬᠣᠶᠠᠷ ᠬᠡᠦᠬᠡᠳ ᠢ᠋ ᠪᠤᠯᠢᠶᠠᠨ ᠠᠪᠴᠤ ᠪᠣᠯᠭᠠᠷᠢ ᠶ᠋ᠢᠨ ᠬᠤᠳᠠᠯᠳᠤᠭᠠᠴᠢᠨ ᠳ᠋ᠤ᠌ ᠬᠤᠳᠠᠯᠳᠤᠭᠰᠠᠨ ᠪᠥᠭᠡᠳ ᠬᠡᠦᠬᠡᠳ ᠢ᠋ᠶ᠋ᠡᠨ ᠲᠡᠳᠡᠨ ᠡᠴᠡ ᠰᠠᠯᠭᠠᠨ ᠠᠪᠬᠤ ᠶ᠋ᠢ ᠣᠷᠣᠯᠳᠣᠭᠰᠠᠨ ᠨᠥᠬᠥᠷ ᠢ᠋ ᠨᠢ ᠭᠠᠯ ᠳ᠋ᠤ᠌ ᠬᠠᠶᠠᠵᠤ ᠰᠢᠲᠠᠭᠠᠵᠤ ᠠᠯᠠᠭᠰᠠᠨ ᠭᠡᠨ᠎ᠡ᠃ ᠲᠡᠷᠡ ᠴᠠᠭ ᠠ᠋ᠴᠠ ᠡᠬᠢᠯᠡᠨ ᠣᠫᠠᠯᠧᠨᠢᠬ᠎ᠠ (ᠰᠢᠲᠠᠩᠬᠠᠢ)ᠭᠡᠵᠦ ᠨᠡᠷᠡᠰᠢᠵᠡᠢ᠃ ᠲᠡᠭᠡᠭᠡᠳ ᠣᠫᠠᠯᠧᠨᠢᠬ᠎ᠠ ᠡᠨᠡᠬᠦ ᠫᠧᠷᠥ᠋ᠨᠦᠧ— ᠪᠣᠷ ᠲᠸ᠋ ᠨᠡᠭᠦᠵᠦ ᠢᠷᠡᠭᠡᠳ ᠠᠵᠢᠯ ᠢ᠋ᠶ᠋ᠠᠷ ᠰᠡᠳᠬᠢᠯ ᠦ᠋ᠨ ᠵᠣᠪᠠᠯᠠᠩ ᠢ᠋ᠶ᠋ᠠᠨ ᠲᠠᠢᠳᠬᠤᠷᠠᠭᠤᠯᠬᠤ ᠶ᠋ᠢ ᠤᠷᠤᠯᠳᠤᠨ ᠬᠡᠳᠦᠨ ᠬᠣᠨᠢ ᠥᠰᠬᠡᠭᠰᠡᠨ ᠨᠢ ᠪᠤᠰᠤᠳ ᠤ᠋ᠨ ᠬᠣᠨᠢ ᠦᠬᠦᠵᠦ ᠪᠠᠢᠬᠤ ᠳ᠋ᠤ᠌ ᠲᠡᠭᠦᠨ ᠦ᠌ ᠬᠣᠨᠢ ᠥᠰᠦᠭᠰᠡᠭᠡᠷ ᠪᠠᠢᠯ᠎ᠠ᠃ ᠣᠫᠠᠯᠧᠨᠢᠬ᠎ᠠ ᠥᠪᠡᠷ ᠦ᠋ᠨ ᠬᠡᠦᠬᠡᠳ ᠦ᠋ᠳ ᠢ᠋ᠶ᠋ᠡᠨ ᠰᠠᠨᠠᠬᠤ ᠲᠤᠯᠠ ᠸᠸᠱᠨ᠋ᠶᠠᠩᠺᠠ ᠲᠠᠢ ᠪᠠᠲᠤ ᠬᠣᠯᠪᠣᠭᠠᠲᠠᠢ ᠪᠣᠯᠵᠤ ᠪᠤᠰᠤᠳ ᠠᠢᠯ ᠵᠡᠷᠭᠡᠯᠡᠳᠡᠭᠡ ᠬᠥᠮᠦᠰ ᠡᠴᠡ ᠢᠯᠡᠭᠦᠦ ᠪᠡᠷ ᠸᠸᠱᠨ᠋ᠶᠠᠩᠺᠠ ᠶ᠋ᠢ ᠠᠷᠠᠴᠢᠯᠠᠵᠤ ᠪᠠᠢᠭᠰᠠᠨ ᠪᠠ ᠥᠯᠥᠰᠬᠦᠯᠡᠩ ᠲᠣᠬᠢᠶᠠᠯᠳᠤᠭᠰᠠᠨ ᠵᠢᠯ ᠦ᠋ᠳ ᠲᠦ᠍ ᠬᠣᠶᠠᠷ ᠥᠨᠥᠴᠢᠨ ᠬᠡᠦᠬᠡᠳ ᠣᠯᠵᠤ ᠥᠪᠡᠷ ᠦ᠋ᠨ ᠲᠥᠷᠥᠭᠰᠡᠨ ᠬᠡᠦᠬᠡᠳ ᠰᠢᠭ᠌ ᠲᠡᠳᠬᠦᠵᠦ ᠪᠠᠢᠵᠠᠢ᠃
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠯᠲᠠᠨᠴᠢᠮᠡᠭ᠂ ᠬᠡᠷᠡᠢᠳ· ᠮᠥᠩᠬᠡᠨᠠᠰᠤᠨ᠂ ᠭᠡᠷᠡᠯ
ᠬᠢᠨᠠᠭᠴᠢ᠄ ᠪᠠᠯ᠂ ᠠᠷᠢᠭᠤᠨ᠂ ᠠᠯᠲᠠᠨᠴᠢᠮᠡᠭ᠂ ᠲ· ᠬᠦᠮᠦᠵᠢᠯᠲᠦ