ᠪᠠᠲᠤ ᠬᠠᠭᠠᠨ 2-09ᠴᠢᠩᠭᠢᠰ ᠬᠠᠭᠠᠨ ᠤ᠋ ᠠᠴᠢ ᠦᠷᠡᠰ ᠦ᠋ᠨ ᠶᠡᠬᠡ ᠴᠢᠭᠤᠯᠭᠠᠨ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 2-09ᠴᠢᠩᠭᠢᠰ ᠬᠠᠭᠠᠨ ᠤ᠋ ᠠᠴᠢ ᠦᠷᠡᠰ ᠦ᠋ᠨ ᠶᠡᠬᠡ ᠴᠢᠭᠤᠯᠭᠠᠨ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ

ᠪᠠᠲᠤ ᠬᠠᠭᠠᠨ 2-09ᠴᠢᠩᠭᠢᠰ ᠬᠠᠭᠠᠨ ᠤ᠋ ᠠᠴᠢ ᠦᠷᠡᠰ ᠦ᠋ᠨ ᠶᠡᠬᠡ ᠴᠢᠭᠤᠯᠭᠠᠨ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-09-24

170

ᠶᠢᠰᠦ ᠴᠢᠩᠭᠢᠰ ᠬᠠᠭᠠᠨ ᠤ᠋ ᠠᠴᠢ ᠦᠷᠡᠰ ᠦ᠋ᠨ ᠶᠡᠬᠡ ᠴᠢᠭᠤᠯᠭᠠᠨ


                       ᠠᠲᠠᠭ᠎ᠠ ᠵᠠᠨᠤᠯ ᠬᠢᠯᠢᠩ ᠭᠤᠷᠪᠠ ᠡᠨᠡ ᠤᠯᠤᠰ ᠤ᠋ᠨ ᠠᠪᠤᠷᠢ ᠮᠥᠨ

                              (ᠷᠠᠰᠢᠳ᠋ ᠡᠳ᠋ ᠳ᠋ᠢᠨ)

      ᠰᠠᠯᠬᠢ ᠦᠭᠡᠢ ᠨᠠᠮᠤᠭᠤᠬᠠᠨ ᠦᠳᠡᠰᠢ ᠪᠢᠯᠡ᠃ ᠤᠢᠳᠬᠠᠷᠯᠠᠭᠤᠯᠤᠭᠴᠢ ᠲᠣᠭᠣᠰᠣ ᠰᠢᠪᠡᠷ ᠪᠣᠷᠣᠭᠠᠨ ᠳ᠋ᠤ᠌ ᠳᠠᠷᠤᠭᠳᠠᠵᠤ᠂ ᠭᠠᠵᠠᠷ ᠰᠠᠢ ᠦᠭᠡᠢ ᠲᠦᠳᠡᠭ ᠳᠦᠷᠡᠯᠵᠡᠨ᠂ ᠬᠣᠨᠢ ᠶ᠋ᠢᠨ ᠰᠢᠷᠠᠭᠰᠠᠨ ᠥᠭᠡᠬᠦ ᠶ᠋ᠢᠨ ᠬᠡᠩᠰᠢᠭᠦᠦ ᠦᠨᠦᠷᠲᠦᠵᠦ ᠪᠠᠢᠯ᠎ᠠ᠃
      ᠬᠠᠭᠠᠳ ᠰᠣᠭᠲᠣᠭᠤ ᠪᠠᠷ ᠢᠨᠢᠶᠡᠨ᠂ ᠲᠡᠨᠡᠭ ᠪᠠᠷᠬᠢᠷᠠᠯᠳᠤᠨ ᠢᠷᠡᠵᠦ ᠠᠯᠲᠠᠯᠢᠭ ᠰᠢᠷ᠎ᠠ ᠠᠰᠠᠷ ᠠ᠋ᠴᠠ ᠠᠷᠪᠠᠨ ᠠᠯᠬᠤᠮ ᠵᠠᠢᠲᠠᠢ ᠭᠠᠵᠠᠷ ᠮᠣᠷᠢ ᠪᠠᠨ ᠲᠠᠲᠠᠵᠤ ᠵᠣᠭᠰᠣᠭᠠᠵᠠᠢ᠃ ᠲᠠᠷᠭᠤᠨ ᠴᠡᠷᠢᠭ ᠬᠥᠨᠳᠡᠯᠢᠳᠴᠦ ᠵᠢᠳᠠ ᠪᠠᠷ ᠵᠠᠮ ᠢ᠋ ᠬᠠᠭᠠᠵᠤ ᠴᠠᠰᠢ ᠶᠠᠪᠤᠭᠤᠯᠤᠭᠰᠠᠨ ᠦᠭᠡᠢ᠃ ᠬᠠᠭᠠᠳ ᠠᠰᠠᠷ ᠤᠷᠤᠭᠤ ᠰᠢᠭᠤᠳ ᠣᠷᠣᠬᠤ ᠭᠡᠲᠡᠯ᠎ᠡ ᠭᠤᠷᠪᠠᠨ ᠶᠡᠬᠡ ᠪᠥᠬᠡ ᠡᠮᠦᠨ᠎ᠡ ᠨᠢ ᠵᠣᠭᠰᠣᠵᠠᠢ᠃
      — ᠭᠠᠯ ᠤ᠋ᠨ ᠳᠤᠮᠳᠠᠭᠤᠷ ᠭᠠᠷᠭᠠᠭᠲᠤᠨ᠃ ᠪᠢᠳᠡ ᠠᠷᠢᠭᠤᠨ ᠤᠲᠤᠭ᠎ᠠ ᠪᠠᠷ ᠠᠷᠢᠭᠤᠯᠠᠰᠤᠭᠠᠢ᠃ ᠡᠨᠡ ᠰᠠᠩ ᠵᠢᠷᠦᠬᠡᠨ ᠳ᠋ᠡᠬᠢ ᠬᠣᠣᠷᠲᠤ ᠰᠠᠨᠠᠭ᠎ᠠ ᠶ᠋ᠢ ᠴᠢᠨᠢ ᠠᠷᠢᠯᠭᠠᠨ ᠮᠤᠩᠬᠠᠭ ᠬᠠᠷᠠᠩᠭᠤᠢ ᠶ᠋ᠢᠨ ᠬᠠᠷ᠎ᠠ ᠰᠦᠨᠡᠰᠦ  ᠶ᠋ᠢ ᠬᠥᠭᠡᠭᠡᠨ᠎ᠡ ᠭᠡᠪᠡ᠃
      ᠮᠠᠨᠠᠭᠠᠴᠢᠳ᠂ ᠠᠰᠠᠷ ᠲᠸ᠋ ᠣᠷᠣᠬᠤ ᠵᠠᠮ ᠤ᠋ᠨ ᠬᠣᠶᠠᠷ ᠬᠠᠵᠠᠭᠤ ᠳ᠋ᠤ᠌ ᠬᠣᠶᠠᠷ ᠡᠭᠡᠨᠡᠭᠡ ᠪᠡᠷ ᠵᠣᠭᠰᠣᠵᠠᠢ᠃ ᠬᠠᠭᠠᠳ᠂ ᠴᠡᠷᠢᠭ ᠦ᠋ᠨ ᠵᠠᠬᠢᠷᠤᠯ ᠤ᠋ᠳ ᠴᠢᠯᠠᠭᠤ ᠨᠠᠩᠭᠢ ᠰᠢᠷᠣᠢ ᠪᠠᠷ ᠬᠢᠭᠰᠡᠨ ᠨᠠᠢ᠍ᠮᠠᠨ ᠲᠠᠬᠢᠯ ᠤ᠋ᠨ ᠳᠡᠷᠭᠡᠳᠡ ᠵᠣᠭᠰᠣᠭᠠᠳ᠂ ᠠᠯᠭᠤᠷ ᠶᠠᠪᠤᠪᠠ᠃ ᠲᠡᠨᠳᠡ ᠣᠯᠠᠨ ᠲᠦᠳᠡᠭ ᠨᠣᠴᠣᠵᠤ ᠪᠠᠢᠯ᠎ᠠ᠃ ᠪᠥᠬᠡ ᠨᠠᠷ ᠤᠲᠤᠭ᠎ᠠ ᠶ᠋ᠢ ᠬᠠᠭᠠᠳ ᠤ᠋ᠨ ᠵᠦᠭ ᠴᠢᠭᠯᠡᠭᠦᠯᠬᠦ ᠭᠡᠵᠦ ᠤᠷᠤᠯᠳᠤᠨ᠂ ᠵᠡᠭᠡᠰᠦᠨ ᠳᠡᠪᠢᠭᠦᠷ ᠢ᠋ᠶ᠋ᠡᠷ ᠭᠠᠯ ᠢ᠋ ᠳᠡᠪᠢᠵᠦ ᠪᠢᠯᠡ᠃ ᠪᠤᠰᠤᠳ ᠨᠢ ᠬᠡᠩᠭᠡᠷᠭᠡ ᠴᠠᠩ ᠳᠡᠯᠡᠳᠦᠨ ᠬᠠᠭᠤᠴᠢᠨ ᠤ᠋ ᠤᠩᠰᠢᠯᠭ᠎ᠠ ᠶ᠋ᠢ ᠤᠩᠰᠢᠵᠤ ᠪᠠᠢᠵᠠᠢ᠃ ᠠᠰᠠᠷ ᠤ᠋ᠨ ᠡᠭᠦᠳᠡᠨ ᠦ᠌ ᠬᠠᠷᠠᠭᠤᠯ ᠤ᠋ᠨ ᠬᠣᠶᠠᠷ ᠴᠡᠷᠢᠭ ᠬᠥᠰᠢᠭᠡ ᠶ᠋ᠢ ᠵᠢᠳᠠ ᠪᠠᠷ ᠡᠷᠭᠦᠵᠦ᠂ ᠣᠷᠣᠭᠴᠢᠳ ᠤ᠋ᠨ ᠬᠥᠯ ᠢ᠋ ᠠᠷᠢᠭᠤᠨ ᠪᠣᠱᠣᠭᠠᠨ ᠳ᠋ᠤ᠌ ᠭᠥᠷᠦᠭᠦᠯᠬᠦ ᠦᠭᠡᠢ ᠭᠡᠵᠦ ᠪᠥᠬᠥᠢᠨ ᠬᠠᠷᠠᠭᠠᠯᠵᠠᠵᠤ ᠪᠠᠢᠪᠠ᠃
      ᠠᠰᠠᠷ ᠳᠣᠲᠣᠷ᠎ᠠ ᠥᠨᠳᠥᠷ ᠬᠦᠷᠡᠯ ᠬᠠᠳᠬᠤᠭᠤᠷ ᠳᠡᠭᠡᠷ᠎ᠡ ᠬᠦᠵᠢ ᠰᠢᠳᠡᠵᠦ ᠬᠦᠳᠡᠷ ᠦ᠋ᠨ ᠵᠢᠭᠠᠷ᠂ ᠠᠭᠠᠷᠤ ᠶ᠋ᠢᠨ ᠦᠨᠦᠷ ᠠᠩᠬᠢᠯᠵᠠᠢ᠃ ᠳᠡᠪᠢᠰᠦᠭᠰᠡᠨ ᠡᠷᠢᠶᠡᠨ ᠬᠡᠪᠢᠰᠦᠨ ᠳᠡᠭᠡᠭᠦᠷ ᠰᠠᠷᠢᠰᠤᠨ ᠪᠠ ᠲᠣᠷᠭᠠᠨ ᠣᠯᠪᠣᠭ ᠲᠣᠭᠣᠷᠢᠭᠤᠯᠤᠨ ᠲᠠᠯᠪᠢᠵᠠᠢ᠃ ᠠᠰᠠᠷ ᠤ᠋ᠨ ᠳᠣᠲᠣᠷ᠎ᠠ ᠳᠡᠭᠡᠪᠦᠷ ᠡᠴᠡ ᠨᠢ ᠠᠯᠲᠠᠨ ᠱᠠ ᠪᠠᠷ ᠰᠢᠪᠠᠭᠤ᠂ ᠴᠡᠴᠡᠭ ᠣᠶᠣᠭᠰᠠᠨ ᠥᠷᠭᠡᠨ ᠶᠠᠭᠠᠨ ᠲᠣᠷᠭᠠᠨ ᠬᠥᠰᠢᠭᠡ ᠤᠨᠵᠢᠢᠵᠤ ᠠᠷᠤ ᠲᠤᠭᠤᠷᠭ᠎ᠠ ᠶ᠋ᠢ ᠬᠠᠯᠬᠠᠯᠠᠵᠠᠢ᠃
      ᠰᠥᠪᠡᠭᠡᠳᠡᠢ ᠪᠠᠭᠠᠲᠤᠷ᠂ ᠠᠯᠲᠠᠨ ᠬᠢᠯᠠᠪᠠᠯᠵᠠᠬᠤ ᠬᠢᠲᠠᠳ ᠶᠣᠰᠣᠯᠠᠯ ᠤ᠋ᠨ ᠬᠤᠪᠢᠰᠴᠤ ᠡᠮᠦᠰᠴᠦ᠂ ᠡᠭᠦᠳᠡᠨ ᠦ᠌ ᠳᠡᠷᠭᠡᠳᠡ ᠵᠣᠭᠰᠣᠭᠠᠳ᠂ ᠣᠷᠣᠭᠴᠢᠳ ᠢ᠋ ᠵᠡᠪᠰᠡᠭ ᠢ᠋ᠶ᠋ᠡᠨ ᠲᠠᠢᠯᠵᠤ ᠡᠭᠦᠳᠡᠨ ᠦ᠌ ᠲᠡᠨᠳᠡ ᠲᠠᠯᠪᠢᠭᠠᠳ᠂ ᠪᠠᠷᠠᠭᠤᠨ ᠡᠲᠡᠭᠡᠳ ᠲᠦ᠍ ᠰᠠᠭᠤᠵᠠᠭ᠎ᠠ ᠭᠡᠵᠦ ᠤᠷᠢᠪᠠ᠃ ᠮᠥᠩᠬᠡ ᠬᠠᠭᠠᠨ᠂ ᠪᠠᠲᠤ ᠬᠠᠭᠠᠨ ᠤ᠋ ᠳᠥᠷᠪᠡᠨ ᠳᠡᠭᠦᠦ ᠵᠡᠭᠦᠨ ᠲᠠᠯ᠎ᠠ ᠳ᠋ᠤ᠌ ᠰᠠᠭᠤᠪᠠ᠃ ᠬᠠᠭᠠᠳ ᠤ᠋ᠨ ᠳᠠᠷᠠᠭ᠎ᠠ ᠴᠡᠷᠢᠭ ᠦ᠋ᠨ ᠵᠠᠩᠵᠤᠨ᠂ ᠶᠡᠬᠡᠬᠡᠨ ᠢᠵᠠᠭᠤᠷᠲᠤ ᠨᠣᠶᠠᠳ᠂ ᠪᠠᠭᠠᠲᠤᠷ ᠤ᠋ᠳ ᠰᠠᠭᠤᠵᠠᠢ᠃
      ᠬᠥᠶᠦᠭ ᠬᠠᠭᠠᠨ ᠮᠠᠰᠢ ᠥᠨᠳᠥᠷ ᠲᠣᠪᠬᠤ ᠲᠠᠢ᠂ ᠤᠯᠠᠭᠠᠨ ᠰᠠᠷᠢᠰᠤᠨ ᠭᠤᠲᠤᠯ ᠡᠮᠦᠰᠴᠦ᠂ ᠣᠢᠷ᠎ᠠ ᠣᠢᠷᠠᠬᠠᠨ ᠠᠯᠬᠤᠯᠠᠵᠤ᠂ ᠬᠠᠮᠤᠭ ᠤ᠋ᠨ ᠰᠡᠭᠦᠯ ᠳ᠋ᠦ᠍ ᠣᠷᠣᠵᠤ ᠢᠷᠡᠪᠡ᠃ ᠪᠦᠳᠦᠭᠦᠨ ᠬᠡᠪᠡᠯᠢ ᠪᠡᠷ ᠢ᠋ᠶ᠋ᠡᠨ ᠬᠣᠷᠭᠣᠢ ᠪᠦᠰᠡ ᠪᠦᠰᠡᠯᠡᠵᠦ᠂ ᠫᠢᠰᠦ ᠡᠰᠢᠲᠡᠢ ᠬᠢᠲᠠᠳ ᠺᠢᠨᠵᠢᠶᠡᠯ ᠬᠢᠲᠤᠭ᠎ᠠ ᠬᠠᠪᠴᠢᠭᠤᠯᠵᠠᠢ᠃ ᠬᠥᠬᠡ ᠲᠣᠷᠭᠠᠨ ᠳᠡᠪᠡᠯ ᠢ᠋ ᠲᠣᠮᠣ ᠪᠠᠳᠮᠠᠷᠠᠭ᠎ᠠ ᠲᠣᠪᠴᠢ ᠪᠠᠷ ᠲᠣᠪᠴᠢᠯᠠᠵᠤ᠂ ᠪᠠᠰᠠ ᠠᠯᠲᠠᠨ ᠯᠤᠤ ᠲᠠᠢ ᠶᠠᠭᠠᠨ ᠬᠠᠨᠵᠢᠶᠠᠷ ᠡᠮᠦᠰᠴᠡᠢ᠃
      ᠬᠥᠶᠦᠭ ᠬᠠᠭᠠᠨ ᠲᠣᠭᠣᠮᠰᠠᠷ ᠦᠭᠡᠢ ᠢᠨᠢᠶᠡᠮᠰᠦᠭᠯᠡᠵᠦ᠂ ᠠᠰᠠᠷ ᠤ᠋ᠨ ᠬᠣᠢᠨ᠎ᠠ ᠰᠠᠭᠤᠭᠠᠳ ᠢᠲᠡᠭᠡᠮᠵᠢ ᠦᠭᠡᠢ ᠶᠠᠩᠵᠤ ᠪᠠᠷ ᠪᠦᠭᠦᠳᠡ ᠶ᠋ᠢ ᠲᠣᠭᠣᠷᠢᠭᠤᠯᠤᠨ ᠬᠠᠷᠠᠪᠠ᠃ ᠪᠡᠶ᠎ᠡ ᠬᠠᠮᠠᠭᠠᠯᠠᠭᠴᠢ ᠭᠤᠷᠪᠠᠨ ᠮᠣᠩᠭᠣᠯ ᠬᠣᠢᠨ᠎ᠠ ᠠ᠋ᠴᠠ ᠨᠢ ᠣᠷᠣᠬᠤ ᠭᠡᠲᠡᠯ᠎ᠡ ᠰᠥᠪᠡᠭᠡᠳᠡᠢ ᠪᠠᠭᠠᠲᠤᠷ᠂
      — ᠬᠣᠢᠰᠢ ᠪᠠᠨ ᠪᠠᠢ᠂ ᠨᠣᠶᠠᠳ ᠴᠢᠭᠤᠯᠭᠠᠨ ᠳ᠋ᠤ᠌ ᠣᠷᠣᠬᠤ ᠵᠥᠪᠰᠢᠶᠡᠷᠡᠯ ᠢ᠋ ᠲᠠᠨᠠᠷ ᠲᠸ᠋ ᠬᠡᠨ ᠣᠯᠭᠣᠭᠰᠠᠨ ᠪᠣᠢ? ᠭᠡᠵᠦ ᠵᠠᠩᠳᠤᠷᠴᠠᠢ᠃
      ᠭᠦᠶᠦᠭ ᠬᠠᠭᠠᠨ᠂ ᠬᠠᠵᠠᠭᠤ ᠠ᠋ᠴᠠ ᠨᠢ᠂
      — ᠣᠷᠣᠲᠤᠭᠠᠢ! ᠬᠡᠷᠬᠢᠨ ᠵᠠᠬᠢᠷᠬᠤ ᠶᠣᠰᠣ ᠶ᠋ᠢ ᠰᠤᠷᠲᠤᠭᠠᠢ ᠭᠡᠬᠦ ᠳ᠋ᠦ᠍ ᠰᠥᠪᠡᠭᠡᠳᠡᠢ᠂
      — ᠠᠷᠠᠫᠱᠠ! ᠡᠳᠡᠨ ᠢ᠋ ᠦᠯᠳᠡᠨ ᠵᠠᠢᠯᠠᠭᠤᠯᠤᠭᠲᠤᠨ ᠭᠡᠵᠦ ᠬᠠᠰᠬᠢᠷᠪᠠ᠃ ᠢᠷᠡᠭᠰᠡᠨ ᠮᠣᠩᠭᠣᠯᠴᠤᠳ ᠭᠦᠶᠦᠭ ᠬᠠᠭᠠᠨ ᠤᠷᠤᠭᠤ ᠲᠡᠮᠡᠦᠯᠬᠦ ᠳ᠋ᠦ᠍ ᠠᠷᠠᠫᠱᠠ ᠨᠢᠭᠡᠨ ᠢ᠋ ᠨᠢ ᠠᠷᠤ ᠠ᠋ᠴᠠ ᠰᠢᠭᠦᠷᠦᠨ ᠠᠪᠴᠤ ᠠᠰᠠᠷ ᠠ᠋ᠴᠠ ᠭᠠᠷᠭᠠᠪᠠ᠃ ᠪᠠᠲᠤ ᠬᠠᠭᠠᠨ ᠤ᠋ ᠳᠡᠭᠦᠦ ᠨᠠᠷ ᠪᠣᠰᠴᠤ᠂ ᠨᠥᠭᠦᠭᠡ ᠬᠣᠶᠠᠷ ᠢ᠋ ᠨᠢ ᠲᠦᠯᠬᠢᠵᠦ ᠪᠤᠴᠠᠭᠠᠵᠠᠢ᠃
      ᠬᠢᠲᠠᠳ ᠥᠷᠭᠡᠨ ᠬᠤᠪᠴᠠᠰᠤ ᠲᠠᠢ ᠭᠤᠷᠪᠠᠨ ᠪᠣᠭᠣᠯ ᠬᠥᠭᠡᠰᠦᠷᠡᠭᠰᠡᠨ ᠴᠠᠭᠠᠨ ᠠᠢᠷᠠᠭ ᠲᠠᠢ ᠶᠡᠷᠦᠳᠡ ᠶ᠋ᠢᠨ ᠮᠣᠳᠣᠨ ᠠᠶᠠᠭ᠎ᠠ ᠶ᠋ᠢ ᠤᠭᠠᠯᠵᠠ ᠲᠠᠢ ᠠᠯᠲᠠᠨ ᠲᠠᠯᠪᠢᠭᠤᠷ ᠳᠡᠭᠡᠷ᠎ᠡ ᠲᠠᠯᠪᠢᠨ ᠠᠪᠴᠢᠷᠠᠵᠠᠢ᠃ ᠡᠨᠡ ᠮᠡᠷᠡᠭᠳᠡᠭᠰᠡᠨ ᠬᠥᠪᠡᠭᠡ ᠲᠡᠢ ᠪᠣᠷᠣ ᠠᠶᠠᠭ᠎ᠠ ᠪᠠᠷ ᠤᠷᠢᠳᠤ ᠴᠠᠭ ᠲᠸ᠋ ᠴᠢᠩᠭᠢᠰ ᠬᠠᠭᠠᠨ ᠤᠤᠭᠤᠵᠤ ᠪᠠᠢᠭᠰᠠᠨ ᠪᠥᠭᠡᠳ ᠲᠡᠭᠦᠨ ᠢ᠋ ᠪᠠᠲᠤ ᠬᠠᠭᠠᠨ ᠬᠠᠳᠠᠭᠠᠯᠠᠵᠤ ᠪᠠᠢᠵᠠᠢ᠃ ᠶᠠᠳᠠᠭᠤ ᠠᠢᠯ ᠳ᠋ᠤ᠌ ᠦᠵᠡᠭᠳᠡᠳᠡᠭ ᠶᠡᠷᠦ ᠶ᠋ᠢᠨ ᠲᠡᠷᠡ ᠬᠠᠭᠤᠴᠢᠨ ᠠᠶᠠᠭ᠎ᠠ ᠨᠤᠭᠤᠳ ᠢ᠋ ᠬᠥᠮᠦᠰ ᠴᠥᠮ ᠬᠦᠨᠳᠦᠳᠬᠡᠨ ᠬᠠᠷᠠᠪᠠ᠃ ᠴᠢᠩᠭᠢᠰ ᠦ᠋ᠨ ᠤᠳᠤᠮ ᠤ᠋ᠨ ᠬᠠᠭᠠᠳ ᠤ᠋ᠨ ᠲᠣᠭ᠎ᠠ ᠪᠠᠷ ᠠᠷᠪᠠᠨ ᠨᠢᠭᠡᠨ ᠠᠶᠠᠭ᠎ᠠ ᠪᠠᠢᠯ᠎ᠠ᠃ ᠪᠣᠭᠣᠯᠴᠤᠳ ᠭᠠᠷ ᠢ᠋ᠶ᠋ᠠᠨ ᠰᠤᠩᠭᠠᠨ᠂ ᠲᠠᠯᠪᠢᠭᠤᠷ ᠢ᠋ ᠡᠷᠭᠦᠵᠦ ᠬᠥᠳᠡᠯᠦᠯ ᠦᠭᠡᠢ ᠵᠣᠭᠰᠣᠵᠠᠢ᠃
      ᠰᠦᠪᠡᠭᠡᠳᠡᠢ ᠠᠰᠠᠷ ᠤ᠋ᠨ ᠬᠣᠢᠮᠣᠷ ᠣᠴᠢᠵᠤ᠂ ᠠᠯᠲᠠᠨ ᠱᠠ ᠲᠠᠢ ᠶᠠᠭᠠᠨ ᠬᠥᠰᠢᠭᠡ ᠶ᠋ᠢ ᠬᠢᠴᠢᠶᠡᠩᠭᠦᠢ ᠪᠡᠷ ᠢᠷᠠᠬᠤ ᠳ᠋ᠤ᠌᠂ ᠠᠯᠲᠠᠨ ᠴᠢᠮᠡᠭ ᠲᠡᠢ ᠥᠷᠭᠡᠨ ᠨᠠᠮᠬᠠᠨ ᠰᠢᠷᠡᠭᠡᠨ ᠳᠡᠭᠡᠷ᠎ᠡ ᠬᠥᠳᠡᠯᠭᠡᠭᠡ ᠦᠭᠡᠢ ᠲᠣᠭᠰᠢᠨ ᠪᠠᠲᠤ ᠬᠠᠭᠠᠨ ᠰᠠᠭᠤᠵᠤ ᠪᠠᠢᠯ᠎ᠠ᠃ ᠲᠤᠶᠠᠭ᠎ᠠ ᠰᠠᠴᠤᠷᠠᠨ ᠭᠢᠯᠠᠯᠵᠠᠬᠤ ᠪᠣᠯᠣᠳ ᠬᠤᠶᠠᠭ᠂ ᠣᠷᠣᠢ ᠳᠡᠭᠡᠷ᠎ᠡ ᠨᠢ ᠲᠠᠭᠲᠠᠭᠠᠨ ᠤ᠋ ᠥᠨᠳᠡᠭᠡᠨ ᠦ᠌ ᠬᠢᠷᠢ ᠲᠡᠢ ᠲᠣᠮᠣ ᠠᠯᠮᠠᠰ ᠰᠢᠭᠢᠳᠬᠡᠭᠰᠡᠨ ᠪᠥᠭᠡᠳ ᠪᠦᠴᠡ ᠲᠡᠢ ᠬᠢᠲᠠᠳ ᠠᠯᠲᠠᠨ ᠳᠤᠭᠤᠯᠠᠭ᠎ᠠ ᠡᠮᠦᠰᠴᠡᠢ᠃ ᠳᠤᠭᠤᠯᠠᠭᠠᠨ ᠠ᠋ᠴᠠ ᠨᠢ ᠳᠥᠷᠪᠡᠨ ᠬᠠᠷ᠎ᠠ ᠦᠨᠡᠭᠡᠨ ᠦ᠌ ᠰᠡᠭᠦᠯ ᠤᠨᠵᠢᠢᠵᠠᠢ᠃
      ᠠᠯᠲᠠᠨ ᠣᠭᠣᠰᠣᠷ ᠲᠠᠢ ᠲᠣᠮᠣ ᠠᠯᠲᠠᠨ ᠲᠣᠯᠢ᠂ ᠤᠯᠠᠩᠭᠠᠰᠤᠭᠰᠠᠨ ᠪᠠᠷᠰ ᠤ᠋ᠨ ᠲᠣᠯᠣᠭᠠᠢ ᠲᠠᠢ ᠫᠠᠢᠰᠠ ᠪᠠᠲᠤ ᠬᠠᠭᠠᠨ ᠤ᠋ ᠡᠩᠭᠡᠷ ᠳᠡᠭᠡᠷ᠎ᠡ ᠭᠢᠯᠠᠯᠵᠠᠨ ᠪᠠᠢᠪᠠ᠃ ᠡᠨᠡ ᠫᠠᠢᠰᠠ ᠶ᠋ᠢ ᠪᠠᠲᠤ ᠬᠠᠭᠠᠨ ᠤ᠋ ᠡᠴᠢᠭᠡ—ᠰᠢᠷᠦᠭᠦᠨ ᠵᠣᠷᠢᠭᠲᠤ ᠵᠥᠴᠢ ᠬᠠᠭᠠᠨ᠂ ᠴᠢᠩᠭᠢᠰ ᠬᠠᠭᠠᠨ ᠠ᠋ᠴᠠ ᠭᠠᠷᠳᠠᠵᠤ ᠠᠪᠤᠭᠰᠠᠨ ᠶᠤᠮ ᠪᠠᠢᠵᠠᠢ᠃ ᠪᠠᠷᠰ ᠤ᠋ᠨ ᠲᠣᠯᠣᠭᠠᠢ ᠨᠢ ᠬᠠᠭᠠᠨ ᠤ᠋ ᠵᠠᠷᠯᠢᠭ ᠭᠡᠰᠡᠨ ᠲᠡᠮᠳᠡᠭ ᠪᠥᠭᠡᠳ《ᠪᠢᠳᠡ ᠥᠪᠡᠷᠰᠡᠳ ᠢ᠋ᠶ᠋ᠡᠨ᠂ ᠲᠤᠰᠢᠶᠠᠯ ᠤ᠋ᠨ ᠨᠢᠭᠡᠨ ᠠᠳᠠᠯᠢ ᠪᠠᠷ᠂ ᠡᠨᠡ ᠫᠠᠢᠰᠠ ᠶ᠋ᠢ ᠬᠠᠳᠠᠭᠠᠯᠠᠭᠴᠢᠳ ᠴᠥᠮ ᠵᠠᠬᠢᠷᠤᠭᠳᠠᠬᠤ ᠶᠣᠰᠣᠲᠠᠢ》ᠭᠡᠰᠡᠨ ᠤᠳᠬ᠎ᠠ ᠲᠠᠢ ᠠᠵᠢ᠃ ᠪᠠᠲᠤ ᠬᠠᠭᠠᠨ᠂ ᠠᠯᠮᠠᠰ ᠭᠢᠯᠠᠪᠠᠯᠵᠠᠭᠰᠠᠨ ᠤᠷᠲᠤ ᠡᠰᠢᠲᠡᠢ ᠬᠢᠲᠠᠳ ᠰᠡᠯᠡᠮ᠎ᠡ ᠶ᠋ᠢ ᠡᠪᠦᠳᠦᠭ ᠳᠡᠭᠡᠷ᠎ᠡ ᠪᠡᠨ ᠪᠠᠷᠢᠵᠤ ᠪᠠᠢᠪᠠ᠃
      ᠠᠶᠤᠮᠰᠢᠭᠲᠤ ᠳ᠋ᠵᠢᠬᠠᠩᠬᠢᠷ ᠢ᠋ ᠴᠥᠮ ᠰᠢᠷᠲᠡᠵᠦ ᠴᠢᠮᠡᠭᠡ ᠦᠭᠡᠢ ᠪᠣᠯᠵᠠᠢ᠃ ᠪᠠᠲᠤ ᠬᠠᠭᠠᠨ᠂ ᠬᠥᠮᠥᠰᠬᠡ ᠵᠠᠩᠭᠢᠳᠴᠤ᠂ ᠪᠠᠷᠤᠢᠭᠰᠠᠨ ᠴᠢᠷᠠᠢ ᠪᠠᠷ ᠶᠡᠷᠦᠳᠡ ᠶ᠋ᠢᠨ ᠶᠢᠷᠲᠢᠨᠴᠦ ᠡᠴᠡ ᠬᠣᠯᠠᠳᠠᠭᠰᠠᠨ ᠮᠡᠲᠦ ᠬᠥᠮᠦᠰ ᠦ᠋ᠨ ᠳᠡᠭᠡᠭᠦᠷ ᠬᠠᠷᠠᠵᠤ ᠪᠠᠢᠪᠠ᠃
      ᠬᠥᠶᠦᠭ ᠬᠠᠭᠠᠨ᠂ ᠬᠥᠳᠡᠯᠦᠯ ᠦᠭᠡᠢ ᠲᠦᠷ ᠵᠠᠭᠤᠷ᠎ᠠ ᠰᠠᠭᠤᠭᠰᠠᠨ ᠢ᠋ᠶ᠋ᠠᠨ ᠳᠡᠷᠭᠡᠳᠡᠬᠢ ᠺᠦᠯᠢ ᠬᠠᠭᠠᠨ ᠤ᠋ ᠵᠦᠭ ᠡᠷᠭᠢᠵᠦ᠂ ᠪᠦᠭᠦᠳᠡᠭᠡᠷ ᠰᠣᠨᠣᠰᠬᠤᠢᠴᠠ ᠰᠢᠪᠡᠨᠡᠨ ᠬᠡᠯᠡᠭᠰᠡᠨ ᠨᠢ:
      — ᠠᠷᠰᠯᠠᠨ ᠲᠠᠢ ᠠᠳᠠᠯᠢ ᠭᠡᠵᠦ ᠰᠠᠨᠠᠭᠴᠢ᠂ ᠬᠡᠭᠡᠷ᠎ᠡ ᠶ᠋ᠢᠨ ᠬᠤᠯᠤᠭᠠᠨ᠎ᠠ ᠪᠠᠢᠨ᠎ᠠ! (ᠭᠡᠵᠡᠢ )᠃
       ᠰᠦᠪᠡᠭᠡᠲᠡᠢ ᠪᠠᠭᠠᠲᠤᠷ ᠰᠢᠷᠡᠭᠡᠨ ᠦ᠌ ᠡᠮᠦᠨ᠎ᠡ ᠰᠥᠭᠥᠳᠴᠦ᠄
      — ᠡᠨᠡ ᠠᠶᠠᠨ ᠲᠡᠢᠨ ᠦ᠌ ᠳ᠋ᠵᠢᠬᠠᠩᠬᠢᠷ᠂ ᠪᠠᠲᠤ ᠬᠠᠭᠠᠨ ᠪᠣᠯᠤᠭᠰᠠᠨ ᠢ᠋ ᠲᠤᠩᠬᠠᠭᠯᠠᠵᠤ ᠪᠠᠢᠨ᠎ᠠ᠃ ᠡᠨᠡ ᠪᠣᠯ ᠰᠢᠳᠤᠷᠭᠤ᠃ ᠪᠠᠲᠤ ᠵᠣᠷᠢᠭᠲᠠᠢ ᠡᠷ᠎ᠡ ᠰᠠᠢᠨ ᠬᠠᠭᠠᠨ ᠭᠡᠵᠦ ᠡᠷᠭᠦᠮᠵᠢᠯᠡᠰᠦᠭᠡᠢ᠃ ᠬᠦᠴᠦᠲᠦ ᠴᠡᠭᠡᠵᠢᠨ ᠳᠡᠭᠡᠷᠡᠬᠢ ᠠᠯᠲᠠᠨ ᠫᠠᠢᠰᠠ ᠶ᠋ᠢ ᠨᠢ ᠲᠠᠨᠠᠷ ᠦᠵᠡᠵᠦ ᠪᠠᠢᠨ᠎ᠠ᠃ ᠤᠯᠠᠩᠭᠠᠰᠤᠭᠰᠠᠨ ᠪᠠᠷᠰ ᠤ᠋ᠨ ᠲᠣᠯᠣᠭᠠᠢ ᠶᠠᠮᠠᠷ ᠤᠴᠢᠷ ᠲᠠᠢ ᠶ᠋ᠢ ᠮᠥᠨ ᠮᠡᠳᠡᠨ᠎ᠡ᠃ ᠪᠣᠭᠳᠠ ᠡᠵᠡᠨ ᠦ᠌ ᠠᠳᠠᠯᠢ ᠪᠠᠷ ᠪᠠᠲᠤ ᠬᠠᠭᠠᠨ ᠢ᠋ ᠬᠦᠨᠳᠦᠯᠡᠭᠲᠦᠨ᠃ ᠬᠡᠷᠪᠡ ᠪᠦᠬᠦ ᠴᠡᠷᠢᠭ ᠶᠡᠬᠡ ᠡᠵᠡᠨ ᠳ᠋ᠦ᠍ ᠵᠠᠬᠢᠷᠤᠭᠳᠠᠭᠰᠠᠨ ᠤ᠋ ᠠᠳᠠᠯᠢ ᠪᠠᠷ ᠰᠠᠢᠨ ᠬᠠᠭᠠᠨ ᠳ᠋ᠤ᠌ ᠵᠠᠬᠢᠷᠤᠭᠳᠠᠪᠠᠯ ᠪᠦᠬᠦ ᠳᠡᠯᠡᠬᠡᠢ ᠮᠠᠨ ᠤ᠋ ᠮᠣᠷᠢᠨ ᠲᠤᠭᠤᠷᠠᠢ ᠶ᠋ᠢᠨ ᠳᠣᠣᠷ᠎ᠠ ᠪᠠᠢᠬᠤ ᠪᠣᠯᠤᠨ᠎ᠠ᠃ ᠳ᠋ᠵᠢᠬᠠᠩᠬᠢᠷ ᠤ᠋ᠨ ᠡᠮᠦᠨ᠎ᠡ ᠰᠥᠭᠥᠳᠦᠭᠲᠦᠨ!
       ᠪᠠᠲᠤ ᠬᠠᠭᠠᠨ ᠤ᠋ ᠳᠡᠭᠦᠦ ᠨᠠᠷ ᠪᠣᠰᠤᠭᠠᠳ᠂ ᠭᠠᠷ ᠢ᠋ᠶ᠋ᠠᠨ ᠴᠡᠭᠡᠵᠢᠨ ᠲᠤᠰᠢᠶ᠎ᠠ ᠠᠪᠠᠴᠢᠵᠤ ᠳᠣᠷᠣᠭᠰᠢ ᠬᠠᠨᠳᠤᠨ ᠰᠥᠬᠥᠷᠡᠪᠡ᠃ ᠳᠠᠷᠠᠭ᠎ᠠ ᠨᠢ ᠮᠥᠩᠬᠡ ᠬᠠᠭᠠᠨ᠂ ᠬᠡᠳᠦᠨ ᠡᠪᠦᠭᠡᠨ ᠵᠠᠩᠵᠤᠨ ᠪᠣᠰᠴᠤ ᠬᠡᠪᠢᠰ ᠢ᠋ ᠨᠢ ᠦᠨᠦᠰᠦᠨ ᠮᠥᠷᠭᠥᠪᠡ᠃ ᠬᠠᠭᠠᠨ ᠤ᠋ ᠳᠣᠯᠣᠭᠠᠨ ᠠᠴᠢ᠂ ᠬᠥᠶᠦᠭ ᠬᠠᠭᠠᠨ ᠤᠷᠤᠭᠤ ᠭᠢᠯᠦᠢᠵᠦ᠂ ᠬᠥᠳᠡᠯᠦᠯ ᠦᠭᠡᠢ ᠬᠣᠴᠣᠷᠪᠠ᠃
       ᠪᠠᠲᠤ ᠬᠠᠭᠠᠨ ᠤ᠋ ᠤᠷᠤᠭᠤᠯ ᠪᠢᠴᠢᠬᠠᠨ ᠬᠥᠳᠡᠯᠵᠦ᠂
       — ᠠᠶᠠᠭ᠎ᠠ ᠶ᠋ᠢ ᠲᠦᠭᠡᠭᠡᠭᠲᠦᠨ! ᠭᠡᠪᠡ᠃
       ᠰᠦᠪᠡᠭᠡᠲᠡᠢ ᠪᠡᠶ᠎ᠡ ᠪᠡᠨ ᠬᠤᠷᠢᠶᠠᠵᠤ᠂ ᠤᠯᠠᠮ ᠪᠥᠭᠲᠥᠢᠭᠡᠳ ᠪᠣᠭᠣᠯᠴᠤᠳ ᠤ᠋ᠨ ᠵᠦᠭ ᠳᠣᠬᠢᠵᠠᠢ᠃ ᠲᠡᠳᠡ ᠴᠢᠩᠭᠢᠰ ᠦ᠋ᠨ ᠦᠷ᠎ᠡ ᠠᠴᠢ ᠨᠠᠷ ᠲᠤ᠌ ᠠᠢᠷᠠᠭ ᠲᠠᠢ ᠬᠠᠭᠤᠴᠢᠨ ᠮᠣᠳᠣᠨ ᠠᠶᠠᠭ᠎ᠠ ᠶ᠋ᠢ ᠴᠢᠮᠡᠭᠡ ᠦᠭᠡᠢ ᠲᠠᠷᠬᠠᠭᠠᠵᠤ ᠥᠭᠪᠡ᠃ ᠪᠠᠲᠤ ᠬᠠᠭᠠᠨ ᠪᠠᠰᠠ ᠡᠩ ᠦ᠋ᠨ ᠠᠶᠠᠭ᠎ᠠ ᠠᠪᠴᠤ ᠡᠮᠦᠨ᠎ᠡ ᠪᠡᠨ ᠪᠠᠷᠢᠭᠠᠳ᠂ ᠢᠷᠦᠭᠡᠯ ᠲᠠᠯᠪᠢᠬᠤ ᠪᠠᠷ ᠪᠡᠯᠡᠳᠬᠡᠵᠡᠢ᠃
      ᠭᠦᠶᠦᠭ ᠬᠠᠭᠠᠨ ᠰᠠᠭᠠᠳ ᠪᠣᠯᠵᠤ ᠥᠪᠡᠷ ᠢ᠋ ᠪᠡᠨ ᠶᠡᠬᠡ ᠬᠠᠭᠠᠨ ᠰᠢᠷᠡᠭᠡ ᠶ᠋ᠢ ᠵᠠᠯᠭᠠᠮᠵᠢᠯᠠᠭᠴᠢ ᠪᠥᠭᠡᠳ ᠡᠨᠡ ᠬᠤᠷᠠᠯ ᠳᠡᠭᠡᠷ᠎ᠡ ᠲᠦᠷᠦᠭᠦᠯᠡᠬᠦ ᠬᠠᠭᠠᠨ ᠭᠡᠵᠦ ᠦᠵᠡᠭᠦᠯᠬᠦ ᠭᠡᠵᠦ ᠪᠠᠲᠤ ᠬᠠᠭᠠᠨ ᠤ᠋ ᠦᠭᠡ ᠶ᠋ᠢ ᠲᠠᠰᠤᠯᠬᠤ ᠶ᠋ᠢ ᠪᠣᠳᠣᠵᠤ ᠶᠠᠭᠠᠷᠠᠨ ᠬᠡᠯᠡᠭᠰᠡᠨ ᠨᠢ᠄
      — ᠡᠨᠡ ᠠᠷᠢᠭᠤᠨ ᠮᠣᠳᠣᠨ ᠠᠶᠠᠭ᠎ᠠ ᠲᠠᠢ ᠠᠢᠷᠠᠭ ᠤ᠋ᠨ ᠠᠩᠬᠠᠳᠤᠭᠠᠷ ᠪᠠᠯᠭᠤ ᠶ᠋ᠢ ᠪᠢᠳᠡ ᠪᠦᠬᠦ ᠮᠣᠩᠭᠣᠯ ᠤ᠋ᠨ ᠶᠡᠬᠡ ᠡᠵᠡᠨ —ᠵᠠᠭᠤᠨ ᠳᠠᠯᠠᠨ ᠪᠤᠰᠤᠳ ᠦᠨᠳᠦᠰᠦᠲᠡᠨ ᠢ᠋ ᠵᠠᠬᠢᠷᠤᠭᠰᠠᠨ ᠪᠥᠭᠡᠳ ᠮᠥᠩᠬᠡ ᠬᠥᠬᠡ ᠲᠩᠷᠢ ᠪᠡᠷ ᠢᠪᠡᠭᠡᠭᠳᠡᠭᠰᠡᠨ ᠥᠭᠡᠳᠡᠢ ᠬᠠᠭᠠᠨ ᠤ᠋ ᠡᠷᠡᠭᠦᠯ ᠡᠩᠬᠡ᠂ ᠰᠦᠷ ᠵᠢᠪᠬᠤᠯᠠᠩ ᠲᠡᠭᠦᠯᠳᠡᠷ ᠪᠠᠢᠬᠤ ᠶ᠋ᠢ ᠢᠷᠥᠭᠡᠨ ᠤᠤᠭᠤᠰᠤᠭᠠᠢ ᠭᠡᠪᠡ᠃(ᠥᠭᠡᠳᠡᠢ ᠪᠣᠯ ᠭᠦᠶᠦᠭ ᠬᠠᠭᠠᠨ ᠤ᠋ ᠡᠴᠢᠭᠡ ᠪᠥᠭᠡᠳ ᠮᠣᠩᠭᠣᠯ ᠤ᠋ᠨ ᠶᠡᠬᠡ ᠡᠵᠡᠨ ᠬᠠᠭᠠᠨ ᠪᠢᠯᠡ᠃)
      ᠵᠠᠷᠢᠮ ᠬᠠᠭᠠᠳ᠂ ᠠᠶᠠᠭ᠎ᠠ ᠶ᠋ᠢ ᠤᠷᠤᠭᠤᠯ ᠳ᠋ᠤ᠌ ᠬᠦᠷᠭᠡᠨ ᠤᠤᠭᠤᠵᠤ᠂ ᠵᠠᠷᠢᠮ ᠨᠢ ᠪᠠᠲᠤ ᠬᠠᠭᠠᠨ ᠢ᠋ ᠬᠠᠷᠠᠨ ᠬᠦᠯᠢᠶᠡᠵᠡᠢ᠃ ᠪᠠᠲᠤ ᠬᠠᠭᠠᠨ ᠬᠥᠳᠡᠯᠦᠯ ᠦᠭᠡᠢ ᠪᠠᠢᠭᠠᠳ ᠴᠢᠮᠡᠭᠡ ᠨᠠᠮᠵᠢᠬᠤ ᠳ᠋ᠤ᠌ ᠨᠤᠷᠱᠤᠵᠤ ᠬᠡᠯᠡᠭᠰᠡᠨ ᠨᠢ᠄
      — ᠮᠠᠨ ᠤ᠋ ᠠᠢᠷᠠᠭ ᠤ᠋ᠨ ᠠᠩᠬᠠᠳᠤᠭᠠᠷ ᠬᠤᠨᠳᠠᠭ᠎ᠠ ᠶ᠋ᠢ ᠮᠠᠨ ᠠ᠋ᠴᠠ ᠬᠠᠭᠠᠴᠠᠵᠤ ᠡᠭᠦᠯᠡᠨ ᠦ᠌ ᠴᠠᠭᠠᠳᠤᠬᠢ ᠶᠢᠷᠲᠢᠨᠴᠦ ᠶ᠋ᠢ ᠵᠠᠬᠢᠷᠬᠤ ᠪᠠᠷ ᠣᠳᠤᠭᠰᠠᠨ ᠪᠥᠭᠡᠳ ᠮᠣᠩᠭᠣᠯ ᠭᠡᠳᠡᠭ ᠠᠶᠤᠮᠰᠢᠭᠲᠤ ᠨᠡᠷ᠎ᠡ ᠶ᠋ᠢ ᠳᠡᠯᠡᠬᠡᠢ ᠶ᠋ᠢᠨ ᠵᠠᠬ᠎ᠠ ᠬᠢᠵᠠᠭᠠᠷ ᠲᠸ᠋ ᠬᠦᠷᠲᠡᠯ᠎ᠡ ᠠᠯᠳᠠᠷᠰᠢᠭᠤᠯᠬᠤ ᠪᠠᠷ ᠡᠨᠡ ᠠᠶᠠᠨ ᠲᠡᠢᠨ ᠢ᠋ ᠡᠬᠢᠯᠡᠭᠲᠦᠨ ᠭᠡᠵᠦ ᠵᠠᠷᠯᠢᠭ ᠪᠠᠭᠤᠯᠭᠠᠭᠰᠠᠨ ᠶᠡᠬᠡ ᠳᠠᠢᠴᠢᠨ ᠪᠣᠭᠳᠠ ᠡᠵᠡᠨ ᠢ᠋ ᠳᠤᠷᠠᠰᠤᠨ ᠤᠤᠭᠤᠵᠠᠭᠠᠶ᠎ᠠ᠁ ᠭᠡᠪᠡ᠃
      ᠪᠠᠲᠤ ᠬᠠᠭᠠᠨ ᠠᠶᠠᠭ᠎ᠠ ᠲᠠᠢ ᠠᠢᠷᠠᠭ ᠢ᠋ ᠳᠠᠭᠤᠰᠲᠠᠯ᠎ᠠ ᠠᠯᠭᠤᠷ ᠤᠤᠭᠤᠭᠠᠳ᠂ ᠦᠯᠡᠳᠡᠭᠰᠡᠨ ᠰᠢᠪᠬᠠᠷᠤᠤ ᠶ᠋ᠢ ᠠᠯᠠᠭᠠᠨ ᠳᠡᠭᠡᠷ᠎ᠡ ᠪᠡᠨ ᠲᠤᠰᠬᠠᠵᠤ ᠬᠡᠩᠬᠦᠳᠡᠭ ᠢ᠋ᠶ᠋ᠡᠨ ᠠᠷᠴᠢᠪᠠ᠃ ᠬᠠᠭᠠᠨ ᠤ᠋ ᠠᠴᠢ ᠨᠠᠷ ᠴᠥᠮ ᠤᠷᠤᠭᠤᠯ ᠢ᠋ᠶ᠋ᠠᠨ ᠳᠠᠷᠤᠢ ᠠᠶᠠᠭᠠᠨ ᠳ᠋ᠤ᠌ ᠲᠥᠷᠥᠯ᠎ᠡ᠃ ᠶᠡᠬᠡ ᠴᠢᠩᠭᠢᠰ ᠬᠠᠭᠠᠨ ᠢ᠋ ᠳᠤᠷᠠᠰᠤᠨ ᠤᠤᠭᠤᠬᠤ ᠴᠠᠭ ᠴᠠᠭᠠᠷᠠᠭᠤᠯᠵᠤ ᠪᠣᠯᠬᠤ ᠪᠤᠶᠤ᠃
      ᠪᠣᠭᠣᠯᠴᠤᠳ ᠠᠯᠲᠠᠨ ᠬᠤᠨᠳᠠᠭ᠎ᠠ᠂ ᠵᠦᠢᠯ ᠪᠦᠷᠢ ᠶ᠋ᠢᠨ ᠠᠶᠠᠭ᠎ᠠ ᠶ᠋ᠢ ᠲᠠᠯᠪᠢᠭᠰᠠᠨ ᠮᠥᠩᠭᠥᠨ ᠲᠠᠯᠪᠢᠭᠤᠷ ᠠᠪᠴᠢᠷᠠᠵᠤ᠂ ᠡᠭᠦᠳᠡᠨ ᠦ᠌ ᠳᠡᠷᠭᠡᠳᠡ ᠳᠡᠭᠦᠵᠢᠯᠡᠭᠰᠡᠨ ᠬᠦᠬᠦᠷ ᠲᠡᠢ ᠠᠢᠷᠠᠭ ᠠ᠋ᠴᠠ ᠳᠦᠭᠦᠷᠭᠡᠨ ᠬᠢᠪᠡ᠃ ᠮᠣᠩᠭᠣᠯ ᠭᠦᠷᠦᠨ ᠦ᠌ ᠶᠡᠬᠡ ᠵᠣᠬᠢᠶᠠᠨ ᠪᠠᠢᠭᠤᠯᠤᠭᠴᠢ ᠪᠠ ᠢᠷᠡᠭᠡᠳᠦᠢ ᠳ᠋ᠦ᠍ ᠢᠯᠠᠵᠤ ᠳᠡᠢᠯᠬᠦ ᠶ᠋ᠢᠨ ᠲᠥᠯᠥᠭᠡ ᠪᠦᠭᠦᠳᠡᠭᠡᠷ ᠢ᠋ᠶ᠋ᠡᠨ ᠤᠤᠭᠤᠵᠠᠭᠠᠪᠠ᠃
      ᠪᠠᠲᠤ ᠬᠠᠭᠠᠨ ᠳᠠᠬᠢᠨ ᠠᠶᠠᠷᠬᠠᠨ ᠶᠠᠷᠢᠬᠤ ᠳ᠋ᠤ᠌ ᠴᠢᠩᠭᠢᠰ ᠦ᠋ᠨ ᠠᠴᠢ ᠨᠠᠷ ᠤ᠋ᠨ ᠴᠡᠭᠡᠵᠢᠨ ᠳᠣᠲᠣᠷ᠎ᠠ ᠪᠤᠴᠠᠯᠤᠨ ᠪᠠᠢᠭ᠎ᠠ ᠳᠠᠯᠳᠠ ᠲᠠᠴᠢᠶᠠᠳᠠᠬᠤ ᠬᠣᠣᠷᠲᠤ ᠰᠠᠨᠠᠯ ᠣᠳᠣ ᠳᠡᠯᠪᠡᠷᠡᠨ ᠭᠠᠷᠴᠤ ᠪᠣᠯᠵᠣᠰᠢ ᠦᠭᠡᠢ ᠭᠡᠵᠦ ᠴᠥᠮ  ᠢ᠋ᠶ᠋ᠡᠷ ᠢ᠋ᠶ᠋ᠡᠨ ᠬᠥᠳᠡᠯᠭᠡᠭᠡ ᠦᠭᠡᠢ ᠰᠠᠭᠤᠭ᠎ᠠ ᠠᠰᠠᠷ ᠳᠣᠲᠣᠷ᠎ᠠ ᠪᠠᠲᠤ ᠶ᠋ᠢᠨ ᠦᠭᠡ ᠲᠣᠳᠣᠬᠠᠨ ᠰᠣᠨᠤᠰᠤᠭᠳᠠᠵᠠᠢ᠃
      — ᠣᠳᠣ ᠪᠢᠳᠡ ᠡᠨᠡ ᠠᠶᠠᠨ ᠲᠡᠢᠨ ᠳ᠋ᠦ᠍ ᠶᠠᠭᠤ  ᠲᠤᠰᠠᠲᠠᠢ ᠪᠣᠢ?ᠶᠠᠭᠤ ᠬᠡᠷᠡᠭ ᠦᠭᠡᠢ ᠪᠣᠢ ᠭᠡᠳᠡᠭ ᠢ᠋ ᠶᠠᠷᠢᠨ᠎ᠠ᠃ ᠲᠠᠨᠠᠷ ᠲᠸ᠋ ᠰᠣᠨᠣᠰᠬᠠᠬᠤ ᠶ᠋ᠢ ᠬᠦᠰᠡᠵᠦ ᠪᠠᠢᠭ᠎ᠠ ᠵᠦᠢᠯ ᠮᠢᠨᠢ᠁ ᠭᠡᠵᠦ ᠥᠭᠦᠯᠡᠲᠡᠯ᠎ᠡ᠂ ᠬᠥᠶᠦᠭ ᠬᠠᠭᠠᠨ ᠰᠠᠭᠤᠳᠠᠯ ᠳᠡᠭᠡᠷ᠎ᠡ ᠪᠡᠨ ᠳᠠᠪ ᠬᠢᠨ ᠂ᠬᠠᠵᠠᠭᠤ ᠳ᠋ᠠᠬᠢ ᠬᠣᠶᠠᠷ ᠬᠠᠭᠠᠨ ᠲᠠᠢ ᠰᠢᠪᠡᠨᠡᠯᠳᠦᠪᠡ᠃ ᠭᠦᠶᠦᠭ ᠬᠠᠭᠠᠨ᠂ ᠡᠳᠦᠷ ᠨᠢ ᠰᠠᠷᠬᠤᠳ ᠢ᠋ ᠬᠡᠲᠦᠷᠬᠡᠢ ᠶᠡᠬᠡ ᠤᠤᠭᠤᠭᠰᠠᠨ ᠪᠥᠭᠡᠳ ᠣᠳᠣ ᠨᠢᠳᠦ ᠨᠢ ᠤᠯᠠᠢᠵᠠᠢ᠃ ᠲᠡᠷᠡ ᠰᠥᠭᠡᠩᠭᠢ ᠬᠣᠭᠣᠯᠠᠢ ᠪᠠᠷ ᠰᠢᠮᠳᠠᠨ ᠬᠠᠰᠬᠢᠷᠴᠤ ᠬᠡᠯᠡᠭᠰᠡᠨ ᠨᠢ᠄
      — ᠴᠢ ᠶᠠᠭᠤ ᠰᠣᠨᠣᠰᠬᠠᠬᠤ ᠭᠡᠰᠡᠨ ᠪᠣᠢ? ᠬᠡᠨ ᠴᠢᠨᠦ ᠦᠭᠡ ᠶ᠋ᠢ ᠰᠣᠨᠣᠰᠬᠤ ᠶ᠋ᠢ ᠬᠦᠰᠡᠵᠦ ᠪᠠᠢᠭ᠎ᠠ ᠶᠤᠮ ᠪᠣᠢ? ᠴᠢ ᠬᠠᠭᠠᠨ ᠰᠢᠷᠡᠭᠡᠨ ᠳᠡᠭᠡᠷ᠎ᠡ ᠰᠠᠭᠤᠵᠤ ᠴᠡᠷᠢᠭ ᠢ᠋ ᠴᠢ ᠵᠠᠬᠢᠷᠬᠤ ᠭᠡᠵᠦ ᠤᠤ? ᠭᠡᠳ ᠬᠥᠶᠦᠭ ᠬᠠᠭᠠᠨ ᠢᠨᠢᠶᠡᠨ ᠭᠠᠩᠬᠤᠵᠤ ᠪᠤᠰᠤᠳ ᠬᠠᠭᠠᠳ ᠤ᠋ᠨ ᠵᠦᠭ ᠬᠠᠨᠳᠤᠵᠤ᠂
      —ᠪᠠᠲᠤ ᠬᠠᠭᠠᠨ ᠰᠠᠬᠠᠯ ᠲᠠᠢ ᠠᠮᠠ ᠠ᠋ᠴᠠ ᠶᠡᠷᠦ ᠥᠭᠡᠷ᠎ᠡ ᠴᠥ᠍ ᠦᠭᠡᠢ ᠂ ᠲᠡᠢᠮᠦ ᠪᠢᠵᠡ ᠳᠡ ? ᠪᠢ ᠬᠠᠮᠤᠭ ᠤ᠋ᠨ ᠳᠣᠷᠣᠢ ᠳᠠᠭᠠᠭᠤᠯᠢ ᠳ᠋ᠠᠭᠠᠨ ᠲᠡᠭᠦᠨ ᠢ᠋ ᠰᠢᠳᠠᠮ ᠢ᠋ᠶ᠋ᠠᠷ ᠵᠠᠨᠴᠢᠭᠲᠤᠨ ᠭᠡᠵᠦ ᠲᠤᠰᠢᠶᠠᠰᠤᠭᠠᠢ ᠭᠡᠵᠡᠢ᠃
      ᠬᠥᠶᠦᠭ ᠬᠠᠭᠠᠨ ᠤ᠋ ᠳᠣᠲᠣᠨᠣ ᠵᠠᠩᠵᠤᠨ ᠪᠦᠷ ᠴᠢᠩᠭ᠎ᠠ ᠳᠠᠭᠤ ᠪᠠᠷ᠄
      —ᠬᠠ ᠬᠠ! ᠲᠡᠭᠡ ᠭᠡᠵᠦ ᠨᠠᠳᠠᠳᠤ ᠬᠡᠯᠡᠭᠡᠴᠢ! ᠪᠠᠲᠤ ᠬᠠᠭᠠᠨ ᠢ᠋ ᠪᠢ ᠥᠰᠥᠭᠡᠢ ᠪᠡᠷ ᠢ᠋ᠶ᠋ᠡᠨ ᠲᠦᠯᠬᠢᠨ ᠤᠨᠠᠭᠠᠵᠤ᠂ ᠪᠢᠴᠠ ᠭᠢᠰᠬᠢᠰᠦᠭᠡᠢ ᠭᠡᠯ᠎ᠡ᠃
      ᠬᠠᠨ ᠬᠥᠪᠡᠭᠦᠨ ᠭᠥᠯᠦᠭᠡᠨ ᠬᠠᠭᠠᠨ ᠢᠨᠢᠶᠡᠨ ᠰᠣᠭᠲᠣᠮᠠᠯ ᠢ᠋ᠶ᠋ᠠᠷ ᠴᠢᠷᠠᠯᠠᠵᠤ᠂ ᠲᠣᠭᠣᠷᠢᠨ ᠰᠠᠭᠤᠭᠰᠠᠨ ᠬᠠᠭᠠᠳ ᠤ᠋ᠨ ᠳᠡᠭᠡᠭᠦᠷ ᠠᠯᠬᠤᠵᠤ ᠭᠠᠷᠬᠤ ᠭᠡᠵᠦ ᠣᠷᠣᠯᠳᠣᠪᠠ᠃
      — ᠡᠨᠡ ᠰᠠᠬᠠᠯ ᠲᠠᠢ ᠠᠮᠠᠨ ᠳ᠋ᠤ᠌ ᠮᠣᠳᠣᠨ ᠰᠡᠭᠦᠯ ᠬᠠᠳᠬᠤᠭᠲᠤᠨ! ᠨᠠᠮᠠᠶ᠋ᠢ ᠶᠠᠪᠤᠭᠤᠯ᠂ ᠪᠢ ᠭᠦᠢᠴᠡᠳᠬᠡᠰᠦᠭᠡᠢ ᠭᠡᠪᠡ᠃
      ᠬᠥᠶᠦᠭ ᠲᠣᠬᠢᠮᠠᠭᠴᠠ᠂ ᠲᠡᠭᠦᠨ ᠦ᠌ ᠲᠠᠯ᠎ᠠ ᠶ᠋ᠢᠨ ᠬᠥᠮᠦᠰ ᠴᠥᠮ ᠪᠣᠰᠤᠨ ᠬᠠᠷᠠᠢᠵᠤ ᠡᠪᠦᠷ ᠡᠴᠡ ᠪᠡᠨ ᠬᠢᠲᠤᠭ᠎ᠠ ᠭᠠᠷᠭᠠᠨ ᠬᠠᠷᠢᠯᠴᠠᠨ ᠲᠦᠯᠬᠢᠯᠡᠭᠰᠡᠭᠡᠷ᠂ ᠬᠠᠭᠠᠨ ᠰᠢᠷᠡᠭᠡᠨ ᠦ᠌ ᠵᠦᠭ ᠤᠬᠤᠰᠬᠢᠪᠡ᠃
      ᠪᠠᠲᠤ ᠬᠠᠭᠠᠨ ᠤ᠋ ᠲᠣᠯᠣᠭᠠᠢ᠂ ᠮᠥᠷᠥ ᠤᠷᠤᠭᠤ ᠪᠠᠨ ᠰᠢᠭᠢᠳᠴᠦ᠂ ᠰᠢᠳᠦ ᠵᠠᠭᠤᠨ᠂ ᠨᠢᠳᠦ ᠪᠡᠨ ᠠᠨᠢᠭᠰᠠᠨ ᠢ᠋ᠶ᠋ᠠᠨ ᠭᠡᠨᠡᠳᠲᠡ ᠪᠣᠰᠤᠨ ᠰᠡᠯᠡᠮ᠎ᠡ ᠪᠡᠨ ᠬᠠᠵᠠᠭᠤ ᠳᠠᠰᠢ ᠬᠠᠶᠠᠵᠤ ᠲᠦᠷᠡᠢ ᠡᠴᠡ ᠪᠡᠨ ᠪᠣᠭᠣᠨᠢ ᠲᠠᠰᠢᠭᠤᠷ ᠭᠠᠷᠭᠠᠭᠠᠳ ᠳᠠᠪᠰᠢᠯᠠᠭᠰᠠᠨ ᠬᠠᠭᠠᠳ ᠤ᠋ᠨ ᠲᠣᠯᠣᠭᠠᠢ ᠤᠷᠤᠭᠤ ᠳᠠᠯᠠᠢᠨ ᠴᠣᠬᠢᠯ᠎ᠠ᠃
      —ᠠᠶᠠᠨ ᠲᠡᠢᠨ ᠳ᠋ᠦ᠍ ᠳ᠋ᠵᠢᠬᠠᠩᠬᠢᠷ ᠲᠸ᠋ ᠦᠯᠦ ᠵᠠᠬᠢᠷᠤᠭᠳᠠᠬᠤ ᠡᠲᠡᠭᠡᠳ ᠢ᠋ ᠪᠢ ᠶᠡᠬᠡᠳᠡ ᠵᠠᠨᠤᠵᠤ ᠲᠡᠮᠳᠡᠭᠯᠡᠨ᠎ᠡ᠃ ᠲᠠᠬᠢᠶ᠎ᠠ ᠡᠭᠦᠯᠡᠨ ᠦ᠌ ᠳᠡᠭᠡᠭᠦᠷ ᠦᠯᠦ ᠨᠢᠰᠬᠦ ᠲᠡᠢ ᠠᠳᠠᠯᠢ᠂ ᠬᠥᠶᠦᠭ ᠴᠢ ᠶᠡᠬᠡ ᠬᠠᠭᠠᠨ ᠰᠠᠭᠤᠵᠤ ᠡᠰᠡ ᠴᠢᠳᠠᠨ᠎ᠠ᠃ ᠬᠣᠢᠰᠢ ᠪᠠᠨ ᠪᠠᠢ! ᠰᠥᠭᠥᠳᠦᠭᠲᠦᠨ! ᠭᠡᠵᠡᠢ᠃
      ᠰᠦᠪᠡᠭᠡᠳᠡᠢ ᠪᠠᠭᠠᠲᠤᠷ ᠤ᠋ᠨ ᠰᠥᠭᠡᠩᠭᠢ ᠳᠠᠭᠤ ᠭᠡᠨᠡᠳᠲᠡ ᠰᠢᠮᠳᠠᠨ ᠬᠦᠷᠴᠢᠭᠢᠨᠡᠵᠦ᠂
      — ᠠᠢ ᠦᠷᠶᠠᠩᠾ— ᠭᠠᠳᠠᠩ! 《ᠭᠠᠯᠵᠠᠭᠤᠴᠤᠳ 》ᠪᠠ《ᠦᠯᠦ ᠳᠡᠢᠯᠦᠭᠳᠡᠭᠴᠢᠳ 》ᠢ᠋ ᠳᠠᠭᠤᠳᠠᠭᠲᠤᠨ ᠭᠡᠬᠦ ᠳ᠋ᠦ᠍ ᠵᠠᠯᠠᠭᠤ ᠬᠥᠮᠦᠨ ᠦ᠌ ᠳᠠᠭᠤ ᠲᠡᠭᠦᠨ ᠢ᠋ ᠳᠠᠪᠲᠠᠵᠤ᠂
      —《ᠦᠯᠦ ᠳᠡᠢᠯᠦᠭᠳᠡᠭᠴᠢᠳ 》《ᠭᠠᠯᠵᠠᠭᠤᠴᠤᠳ》ᠢᠷᠡᠵᠡᠭᠡ ᠭᠡᠪᠡ᠃ ᠬᠥᠰᠢᠭᠡ ᠶ᠋ᠢᠨ ᠠᠷᠤ ᠪᠠ ᠰᠢᠷᠢᠨ ᠠᠪᠳᠠᠷ᠎ᠠ᠂ ᠬᠤᠢᠯᠠᠭᠰᠠᠨ ᠬᠡᠪᠢᠰ ᠦ᠋ᠨ ᠳᠣᠲᠣᠷ᠎ᠠ ᠠ᠋ᠴᠠ ᠮᠣᠩᠭᠣᠯ ᠴᠡᠷᠢᠭ ᠦ᠋ᠳ ᠭᠱᠠᠨ ᠵᠠᠭᠤᠷ᠎ᠠ ᠭᠠᠷᠴᠠᠭᠠᠨ ᠪᠠᠲᠤ ᠬᠠᠭᠠᠨ ᠤ᠋ ᠵᠦᠭ ᠤᠬᠤᠰᠬᠢᠵᠦ᠂ ᠲᠡᠭᠦᠨ ᠢ᠋ ᠭᠠᠷ ᠳᠡᠭᠡᠷ᠎ᠡ ᠪᠡᠨ ᠡᠷᠭᠦᠨ ᠠᠪᠤᠭᠠᠳ ᠠᠰᠠᠷ ᠤ᠋ᠨ ᠴᠠᠭᠠᠳᠤ ᠤᠷᠤᠭᠤ ᠠᠯᠠᠭ᠎ᠠ ᠪᠣᠯᠪᠠ᠃
      ᠪᠤᠰᠤᠳ ᠴᠡᠷᠢᠭ ᠦ᠋ᠳ ᠬᠠᠭᠠᠳ ᠤ᠋ᠨ ᠨᠢᠭᠤᠷ ᠤᠷᠤᠭᠤ ᠨᠢᠳᠤᠷᠭ᠎ᠠ ᠪᠠᠷ ᠴᠣᠬᠢᠨ ᠤᠨᠠᠭᠠᠵᠤ᠂ ᠬᠥᠯ ᠡᠴᠡ ᠨᠢ ᠴᠢᠷᠴᠦ ᠠᠰᠠᠷ ᠠ᠋ᠴᠠ ᠭᠠᠷᠭᠠᠪᠠ᠃
      ᠬᠦᠵᠢ ᠰᠢᠲᠠᠭᠠᠭᠰᠠᠨ ᠬᠦᠷᠡᠯ ᠬᠠᠳᠬᠤᠭᠤᠷ᠂ ᠵᠣᠳᠣᠯᠳᠤᠨ ᠪᠠᠢᠭ᠎ᠠ ᠬᠠᠭᠠᠳ ᠤ᠋ᠨ ᠳᠡᠭᠡᠷ᠎ᠡ ᠡᠴᠡ ᠤᠨᠠᠭᠠᠳ᠂ ᠠᠰᠠᠷ ᠳᠣᠲᠣᠷ᠎ᠠ ᠬᠠᠷᠠᠩᠭᠤᠢ ᠪᠣᠯᠪᠠ᠃ ᠬᠠᠭᠠᠳ ᠨᠣᠶᠠᠳ ᠤ᠋ᠨ ᠰᠡᠭᠦᠯᠴᠢ ᠨᠢ ᠡᠭᠦᠳᠡᠨ ᠦ᠌ ᠵᠦᠭ ᠮᠥᠯᠬᠥᠬᠦ ᠭᠡᠵᠦ ᠣᠷᠣᠯᠳᠣᠯ᠎ᠠ᠃
      ᠬᠠᠭᠠᠳ᠂ ᠰᠢᠳᠠᠷᠴᠤᠳ ᠠᠭᠤᠷᠰᠠᠨ ᠬᠡᠷᠡᠯᠳᠦᠭᠡᠳ᠂ ᠪᠠᠰᠠ ᠯᠠ ᠲᠦᠭ ᠲᠦᠭ ᠭᠡᠲᠡᠯ᠎ᠡ ᠴᠣᠬᠢᠯᠠᠵᠤ᠂ ᠬᠠᠭᠠᠷᠠᠭᠰᠠᠨ ᠰᠠᠪᠠ ᠰᠠᠭᠤᠯᠠᠭ᠎ᠠ ᠬᠠᠷᠴᠢᠭᠢᠨᠠᠭᠰᠠᠭᠠᠷ᠂ ᠠᠰᠠᠷ ᠤ᠋ᠨ ᠳᠡᠷᠭᠡᠳᠡ ᠴᠤᠭᠯᠠᠷᠠᠵᠠᠢ᠃ ᠤᠷᠠᠭᠳᠠᠭᠰᠠᠨ ᠬᠤᠪᠴᠠᠰᠤ ᠲᠠᠢ ᠵᠠᠷᠢᠮ ᠨᠢ ᠨᠢᠭᠤᠷ ᠤ᠋ᠨ ᠢ᠋ᠶ᠋ᠠᠨ ᠴᠢᠰᠤ ᠶ᠋ᠢ ᠭᠠᠷ ᠢ᠋ᠶ᠋ᠠᠷ ᠠᠷᠴᠢᠨ᠂ ᠠᠰᠠᠷ ᠲᠤ᠌ ᠪᠤᠴᠠᠵᠤ ᠡᠭᠡᠬᠦ ᠶ᠋ᠢ ᠵᠠᠪᠳᠤᠭᠰᠠᠨ ᠪᠢᠯᠡ᠃ ᠭᠡᠲᠡᠯ᠎ᠡ ᠬᠠᠷᠠᠭᠤᠯ ᠤ᠋ᠨ ᠳᠣᠭᠰᠢᠨ ᠬᠥᠮᠦᠰ ᠵᠢᠳᠠ ᠪᠠᠷ ᠵᠣᠷᠢᠮᠠᠭ ᠲᠦᠯᠬᠢᠵᠦ ᠡᠰᠡ ᠣᠷᠣᠭᠤᠯᠪᠠ᠃
ᠰᠦᠪᠡᠭᠡᠳᠡᠢ ᠪᠠᠭᠠᠲᠤᠷ᠂ ᠪᠠᠲᠤ ᠬᠠᠭᠠᠨ ᠤ᠋ ᠣᠷᠬᠢᠭᠰᠠᠨ᠂ ᠲᠡᠭᠦᠨ ᠦ᠌ ᠠᠯᠮᠠᠰ ᠡᠰᠢᠲᠡᠢ ᠲᠠᠬᠢᠷ ᠰᠡᠯᠡᠮ᠎ᠡ ᠶ᠋ᠢ ᠭᠠᠮ ᠲᠠᠢ ᠪᠠᠷ ᠪᠠᠷᠢᠵᠤ ᠠᠰᠠᠷ ᠤ᠋ᠨ ᠬᠠᠵᠠᠭᠤ ᠶ᠋ᠢᠨ ᠪᠠᠨᠲᠠᠩ ᠳᠣᠣᠷ᠎ᠠ ᠠ᠋ᠴᠠ ᠭᠠᠷᠴᠤ ᠢᠷᠡᠬᠦ ᠳ᠋ᠦ᠍《ᠭᠠᠯᠵᠠᠭᠤᠴᠤᠳ 》《ᠦᠯᠦ ᠳᠡᠢᠯᠦᠭᠳᠡᠭᠴᠢᠳ 》ᠰᠦᠪᠡᠭᠡᠳᠡᠢ ᠶ᠋ᠢᠨ ᠳᠡᠷᠭᠡᠳᠡ ᠨᠢᠭᠲᠠ ᠡᠩᠨᠡᠨ ᠵᠢᠭᠰᠠᠵᠤ᠂ ᠪᠦᠬᠦ ᠰᠢᠨ᠎ᠡ ᠳᠠᠭᠠᠭᠤᠯᠢ ᠨᠤᠭᠤᠳ ᠭᠦᠶᠦᠵᠦ ᠢᠷᠡᠵᠡᠭᠡᠪᠡ᠃
ᠰᠦᠪᠡᠭᠡᠲᠡᠢ ᠪᠠᠭᠠᠲᠤᠷ᠂ ᠨᠣᠴᠣᠯᠳᠤᠨ ᠪᠠᠢᠭ᠎ᠠ ᠬᠥᠶᠦᠭ ᠢ᠋ ᠬᠥᠪᠡᠭᠦᠨ ᠦᠷᠶᠠᠩᠾ— ᠭᠠᠳᠠᠩ ᠪᠤᠰᠤᠳ ᠴᠡᠷᠢᠭ ᠦ᠋ᠨ ᠬᠠᠮᠲᠤ ᠭᠠᠷᠭᠠᠨ ᠠᠪᠴᠢᠷᠠᠬᠤ ( ᠶ᠋ᠢ )ᠲᠠᠢᠪᠤᠩ ᠬᠦᠯᠢᠶᠡᠭᠡᠳ ᠮᠠᠢᠭ ᠬᠥᠯ ᠢ᠋ᠶ᠋ᠡᠨ ᠡᠭᠡᠯᠵᠢᠯᠡᠨ ᠭᠢᠰᠬᠢᠵᠦ᠂ ᠣᠢᠷᠠᠲᠤᠭᠠᠳ ᠬᠠᠰᠬᠢᠷᠤᠨ ᠳᠤᠤᠭᠠᠷᠴᠤ᠂ ᠭᠠᠵᠠᠷ ᠬᠦᠷᠲᠡᠯ᠎ᠡ ᠪᠥᠬᠥᠢᠨ ᠰᠥᠬᠥᠷᠡᠵᠦ᠂ ᠳᠤᠬᠤ ᠪᠠᠨ ᠭᠠᠵᠠᠷ ᠲᠤ᠌ ᠬᠦᠷᠭᠡᠪᠡ᠃ ᠭᠦᠶᠦᠭ ᠤᠯᠠᠭᠠᠨ ᠰᠠᠷᠢᠰᠤᠨ ᠭᠤᠲᠤᠯ ᠢ᠋ᠶ᠋ᠠᠷ ᠢ᠋ᠶ᠋ᠠᠨ ᠰᠦᠪᠡᠭᠡᠲᠡᠢ ᠶ᠋ᠢᠨ ᠨᠢᠭᠤᠷ ᠤᠷᠤᠭᠤ ᠢᠰᠬᠦᠯᠬᠦ ᠭᠡᠰᠡᠨ ᠪᠣᠯᠪᠠᠴᠤ ᠮᠣᠩᠭᠣᠯᠴᠤᠳ᠂ ᠲᠡᠭᠦᠨ ᠢ᠋ ᠭᠡᠳᠡᠷᠭᠦ ᠲᠠᠲᠠᠯ᠎ᠠ᠃
ᠰᠦᠪᠡᠭᠡᠳᠡᠢ ᠪᠣᠰᠴᠤ ᠵᠣᠭᠰᠣᠭᠠᠳ᠂
— ᠳᠡᠭᠡᠳᠦᠰ ᠦ᠋ᠨ ᠬᠥᠪᠡᠭᠦᠳ ᠠᠩᠬᠠᠷᠤᠨ ᠳᠠᠭᠠᠭᠲᠤᠨ! ᠰᠢᠳᠤᠷᠭᠤ ᠪᠣᠭᠣᠯ ᠳ᠋ᠤ᠌ ᠶᠠᠮᠠᠷ ᠲᠤᠰᠢᠶᠠᠯ ᠥᠭᠬᠦ ᠪᠣᠢ? ᠭᠡᠬᠦ ᠳ᠋ᠦ᠍
— ᠲᠡᠷᠡ ᠬᠠᠮᠢᠭ᠎ᠠ ᠪᠠᠢᠨ᠎ᠠ? ᠪᠢ ᠠᠷᠠᠰᠤ ᠶ᠋ᠢ ᠨᠢ ᠥᠪᠴᠢᠰᠦᠭᠡᠢ᠃ ᠲᠡᠷᠡ ᠴᠢᠨᠦ ᠳ᠋ᠵᠢᠬᠠᠩᠬᠢᠷ ᠪᠢᠰᠢ᠂ ᠮᠣᠳᠣᠨ ᠰᠡᠭᠦᠯᠲᠦ ᠭᠡᠵᠦ ᠭᠦᠶᠦᠭ ᠳᠠᠬᠢᠨ ᠬᠠᠰᠬᠢᠷᠪᠠ᠃
ᠰᠦᠪᠡᠭᠡᠳᠡᠢ ᠤᠯᠠᠭᠠᠨ ᠨᠢᠳᠦ ᠪᠡᠨ ᠣᠨᠢᠯᠭᠠᠵᠤ(ᠣᠨᠢᠢᠯᠭᠠᠵᠤ)᠄
— ᠪᠣᠭᠳᠠ ᠡᠵᠡᠨ᠂ ᠶᠠᠭᠠᠷᠠᠨ ᠲᠤᠶᠠᠭᠠᠷᠠᠭᠴᠢ ᠡᠭᠦᠯᠡᠨ ᠦ᠌ ᠴᠠᠭᠠᠳᠤᠬᠢ ᠲᠡᠭᠷᠢ ᠨᠠᠷᠠ ᠲᠠᠢ ᠣᠳᠣ ᠶᠠᠷᠢᠯᠴᠠᠵᠤ ᠪᠠᠢᠨ᠎ᠠ᠃ ᠲᠡᠷᠡ ᠲᠡᠨᠳᠡ ᠡᠴᠡ ᠠᠶᠠᠨ ᠲᠡᠢᠨ ᠬᠢᠷᠢ ᠵᠡᠷᠭᠡ ᠣᠯᠵᠠ ᠣᠮᠣᠭᠲᠠᠢ ᠶᠠᠪᠤᠭ᠎ᠠ ᠦᠯᠦ ᠳᠡᠢᠯᠦᠭᠳᠡᠬᠦ ᠮᠣᠩᠭᠣᠯ ᠴᠡᠷᠢᠭ ᠥᠷᠥᠨ᠎ᠡ ᠵᠦᠭ ᠲᠦ᠍ ᠬᠡᠷᠬᠢᠨ ᠬᠥᠳᠡᠯᠵᠦ ᠪᠠᠢᠭ᠎ᠠ ᠶ᠋ᠢ ᠬᠠᠷᠠᠨ᠎ᠠ᠃ ᠬᠠᠷᠢᠨ ᠠᠴᠢ ᠨᠢ ᠶᠠᠭᠠᠬᠢᠵᠤ ᠪᠠᠢᠨ᠎ᠠ ᠲᠡᠭᠦᠨ ᠦ᠌ ᠪᠠᠭᠠᠲᠤᠷ ᠤ᠋ᠳ ᠬᠣᠭᠣᠷᠣᠨᠳᠣ ᠪᠠᠨ ᠬᠡᠷᠡᠯᠳᠦᠬᠦ ᠳᠠᠢᠰᠤᠩᠨᠠᠬᠤ ᠶᠣᠰᠣ ᠦᠭᠡᠢ᠂ ᠴᠥᠮ ᠢ᠋ᠶ᠋ᠡᠷ ᠢ᠋ᠶ᠋ᠡᠨ ᠭᠦᠨ ᠣᠢ ᠶ᠋ᠢᠨ ᠮᠣᠳᠣ ᠮᠡᠲᠦ ᠨᠢᠭᠲᠠ᠂ ᠴᠢᠨᠣ᠎ᠠ ᠶ᠋ᠢᠨ ᠰᠦᠷᠦᠭ ᠮᠡᠲᠦ ᠡᠪᠲᠡᠢ ᠪᠠᠢᠪᠠᠯ ᠵᠣᠬᠢᠨ᠎ᠠ᠃ ᠲᠡᠭᠡᠭᠡᠳ ᠡᠪᠲᠡᠢ ᠪᠠᠢᠭᠲᠤᠨ! ᠭᠡᠵᠦ ᠰᠥᠪᠡᠭᠡᠳᠡᠢ᠂ ᠰᠡᠭᠦᠯ ᠦ᠋ᠨ ᠢ᠋ᠶ᠋ᠡᠨ ᠦᠭᠡ ᠶ᠋ᠢ ᠠᠷᠢᠶᠠᠲᠠᠨ ᠮᠡᠲᠦ ᠰᠦᠷᠡᠯᠬᠡᠭ ᠪᠠᠷᠬᠢᠷᠠᠵᠠᠢ᠃
      ᠰᠥᠪᠡᠭᠡᠳᠡᠢ ᠶ᠋ᠢᠨ ᠦᠭᠡ ᠶ᠋ᠢ ᠴᠢᠩᠨᠠᠭᠰᠠᠨ ᠬᠠᠭᠠᠳ ᠪᠦᠭᠦᠳᠡᠭᠡᠷ ᠴᠢᠮᠡᠭᠡ ᠦᠭᠡᠢ ᠪᠣᠯᠵᠤ ᠭᠦᠶᠦᠭ ᠣᠳᠣ ᠥᠷᠥᠭᠡᠰᠦᠨ ᠨᠢᠳᠦᠲᠦ ᠡᠪᠦᠭᠡᠨ ᠲᠡᠢ ᠡᠰᠡᠷᠭᠦᠴᠡᠯᠳᠡᠬᠦ ᠨᠢ ᠠᠶᠤᠯᠲᠠᠢ ᠭᠡᠵᠦ ᠮᠡᠳᠡᠮᠡᠭᠴᠡ᠂ ᠲᠡᠮᠡᠴᠡᠬᠦ  ᠦᠭᠡᠢ ᠨᠣᠮᠣᠬᠠᠷᠠᠵᠠᠢ᠃ ᠰᠥᠪᠡᠭᠡᠳᠡᠢ᠂
      —《ᠦᠯᠦ ᠳᠡᠢᠯᠦᠭᠳᠡᠭᠴᠢᠳ》 ᠪᠡᠯᠡᠳᠴᠡᠭᠡ ᠭᠡᠵᠦ ᠬᠠᠰᠬᠢᠷᠪᠠ᠃
      ᠨᠥᠬᠥᠷᠯᠡᠭᠴᠢᠳ᠂ ᠲᠠᠬᠢᠷ ᠰᠡᠯᠡᠮ᠎ᠡ ᠶ᠋ᠢᠨ ᠡᠰᠢ ᠶ᠋ᠢ ᠠᠯᠠᠭᠠᠳᠠᠨ᠂ ᠰᠤᠭᠤ ᠲᠠᠲᠠᠬᠤ ᠳ᠋ᠤ᠌ ᠰᠥᠪᠡᠭᠡᠳᠡᠢ᠂ ᠬᠥᠶᠦᠭ ᠤᠷᠤᠭᠤ ᠳᠠᠪᠰᠢᠭᠰᠠᠭᠠᠷ ᠪᠠᠢᠭᠠᠳ᠂
      — ᠳᠡᠢᠯᠦᠭᠳᠡᠰᠢ ᠦᠭᠡᠢ ᠶᠡᠬᠡ ᠴᠡᠷᠢᠭ ᠢ᠋ ᠳᠠᠢᠴᠢᠨ ᠪᠣᠭᠳᠠ ᠶ᠋ᠢᠨ ᠲᠣᠮᠢᠯᠠᠭᠰᠠᠨ ᠳ᠋ᠵᠢᠬᠠᠩᠭᠢᠷ ᠪᠠᠲᠤ ᠬᠠᠭᠠᠨ ᠤᠳᠤᠷᠢᠳᠴᠤ᠂ ᠭᠦᠶᠦᠭ ᠬᠠᠭᠠᠨ ᠴᠢᠮᠠᠶ᠋ᠢ ᠣᠳᠣ ᠳᠠᠷᠤᠢᠬᠠᠨ ᠢᠵᠢᠯ ᠮᠥᠷᠡᠨ ᠦ᠌ ᠬᠥᠪᠡᠭᠡᠨ ᠳ᠋ᠦ᠍ ᠣᠴᠢᠵᠤ ᠲᠡᠭᠦᠨ ᠳ᠋ᠦ᠍ ᠴᠢᠳᠬᠤᠭᠰᠠᠨ ᠶᠧᠷᠥ᠋ᠰᠯᠡᠩ ᠭᠣᠣᠯ ᠤ᠋ᠨ ᠪᠡᠯᠴᠢᠭᠡᠷ ᠳᠡᠭᠡᠷ᠎ᠡ ᠬᠦᠯᠢᠶᠡᠲᠦᠭᠡᠢ ᠭᠡᠵᠦ ᠲᠤᠰᠢᠶᠠᠪᠠ ᠭᠡᠬᠦ ᠳ᠋ᠦ᠍ ᠬᠥᠶᠦᠭ ᠳᠠᠬᠢᠨ ᠠᠭᠤᠷ ᠪᠠᠳᠠᠷᠠᠵᠤ᠂
      — ᠴᠢ ᠬᠠᠭᠠᠨ ᠤ᠋ ᠠᠯᠲᠠᠨ ᠰᠢᠷᠡᠭᠡᠨ ᠳ᠋ᠦ᠍ ᠰᠠᠭᠤᠬᠤ ᠨᠠᠳᠠᠲᠠᠢ ᠢᠩᠭᠢᠵᠦ ᠶᠠᠷᠢᠯᠴᠠᠬᠤ ᠡᠷᠬᠡ ᠦᠭᠡᠢ᠂ ᠴᠢ ᠪᠣᠯ ᠮᠢᠨᠦ ᠡᠪᠦᠭᠡ ᠡᠴᠢᠭᠡ ᠶ᠋ᠢᠨ ᠡᠷᠭᠦᠮᠵᠢᠯᠡᠭᠰᠡᠨ ᠲᠡᠨᠦᠮᠡᠯ ᠮᠠᠯᠴᠢᠨ᠂ ᠮᠢᠨᠦ ᠵᠠᠷᠤᠴᠠ ᠭᠢᠯᠦᠷ ᠨᠢᠳᠦᠲᠦ ᠡᠷᠡᠮᠳᠡᠭ ᠴᠢ᠂ ᠳᠤᠭᠤᠢ ᠪᠠᠢ ᠭᠡᠪᠡ᠃
      ᠰᠥᠪᠡᠭᠡᠳᠡᠢ ᠠᠭᠠᠰᠢᠯᠠᠨ ᠱᠤᠤᠬᠢᠨᠠᠵᠤ᠂ ᠳᠣᠣᠷ᠎ᠠ ᠪᠠᠨ ᠴᠣᠪᠬᠣᠴᠢᠪᠠ᠃ ᠲᠡᠷᠡ ᠦᠶ᠎ᠡ ᠳ᠋ᠦ᠍ ᠠᠭᠤᠷᠰᠠᠭᠰᠠᠨ ᠰᠥᠪᠡᠭᠡᠳᠡᠢ ᠶ᠋ᠢᠨ ᠤᠯᠠᠭᠠᠨ ᠨᠢᠳᠦ᠂ ᠤᠯᠠᠢᠳᠬᠠᠭᠰᠠᠨ ᠬᠠᠳᠠᠭᠠᠰᠤ ᠮᠡᠲᠦ ᠴᠣᠷᠭᠢᠨ ᠲᠦᠯᠡᠮᠡᠷ ᠳᠦᠷᠡᠯᠵᠡᠵᠦ ᠪᠠᠢᠯ᠎ᠠ ᠭᠡᠵᠦ ᠨᠥᠬᠥᠷᠯᠡᠭᠴᠢᠳ ᠬᠣᠵᠢᠮ ᠥᠭᠦᠯᠡᠵᠡᠢ᠃ ᠡᠪᠦᠭᠡᠨ ᠠᠶᠠᠷᠬᠠᠨ ᠢ᠋ᠶ᠋ᠠᠷ᠂
      —ᠲᠡᠢᠮᠦ ᠪᠢ ᠨᠥᠬᠥᠷ᠂ ᠪᠢ ᠪᠦᠭᠦᠳᠡ ᠶ᠋ᠢ ᠵᠠᠬᠢᠷᠤᠭᠴᠢ ᠭᠠᠭᠴᠠ ᠳ᠋ᠵᠢᠬᠠᠩᠬᠢᠷ ᠪᠠᠲᠤ ᠬᠠᠭᠠᠨ ᠤ᠋ ᠰᠠᠨᠠᠯ ᠢ᠋ ᠭᠦᠢᠴᠡᠳᠬᠡᠨ᠎ᠡ᠃ ᠪᠢ ᠲᠡᠭᠦᠨ ᠦ᠌ ᠨᠥᠬᠥᠷ᠂ ᠪᠣᠭᠣᠯ ᠮᠥᠨ᠃ ᠬᠡᠨ ᠮᠠᠷᠭᠤᠪᠠᠯ᠂ ᠲᠡᠭᠦᠨ ᠢ᠋ ᠵᠠᠮ ᠠ᠋ᠴᠠ ᠦᠯᠳᠡᠨ ᠵᠠᠢᠯᠠᠭᠤᠯᠤᠨ᠎ᠠ᠃ ᠬᠡᠨ ᠲᠤᠰᠢᠶᠠᠯ ᠢ᠋ ᠡᠰᠡ ᠳᠠᠭᠠᠪᠠᠯ ᠲᠡᠭᠦᠨ ᠢ᠋ ᠶᠢᠰᠦᠨ ᠬᠡᠰᠡᠭ ᠪᠣᠯᠭᠠᠵᠤ ᠴᠠᠪᠴᠢᠨ᠎ᠠ᠃ ᠠᠢ᠂《ᠦᠯᠦ ᠳᠡᠢᠯᠦᠭᠳᠡᠭᠴᠢᠳ 》ᠨᠢᠭᠡᠳᠦᠭᠡᠷ ᠠᠷᠪᠠᠲᠤ ᠶ᠋ᠢᠨ ᠴᠡᠷᠢᠭ ᠦ᠋ᠳ ᠠ᠋! ᠬᠥᠯᠴᠥᠭᠦᠦ ᠬᠥᠶᠦᠭ ᠬᠠᠭᠠᠨ ᠢ᠋ ᠮᠣᠷᠳᠠᠭᠤᠯᠵᠤ ᠲᠣᠬᠣᠢ ᠶ᠋ᠢ ᠨᠢ ᠬᠠᠨᠲᠠᠢᠷᠠᠭᠲᠤᠨ᠃ ᠳᠡᠩᠳᠡᠭᠦᠦ ᠵᠠᠯᠠᠭᠤ ᠪᠠᠢᠨ᠎ᠠ᠂ ᠰᠠᠷᠬᠤᠳ ᠲᠸ᠋ ᠴᠣᠬᠢᠭᠳᠠᠵᠠᠢ᠃ ᠵᠠᠯᠠᠭᠤ ᠬᠠᠭᠠᠨ ᠢ᠋ ᠳᠠᠷᠤᠢ ᠲᠦᠷᠭᠡᠨ ᠴᠡᠷᠢᠭ ᠦ᠋ᠨ ᠬᠦᠷᠢᠶᠡᠨ ᠳ᠋ᠦ᠍ ᠬᠦᠷᠭᠡᠵᠦ ᠪᠣᠷᠣᠨᠲᠠᠢ ᠨᠣᠶᠠᠨ ᠤ᠋ ᠭᠡᠷ ᠲᠦ᠍ ᠲᠤᠰᠢᠶᠠᠭᠠᠳ ᠳᠠᠷᠤᠢ ᠪᠤᠴᠠᠵᠤ ᠢᠷᠡᠵᠡᠭᠡ᠃ ᠨᠠᠮᠠᠶ᠋ᠢ ᠡᠨᠳᠡ ᠪᠠᠢᠬᠤ ᠦᠭᠡᠢ ᠪᠣᠯ ᠭᠦᠢᠴᠡᠵᠦ ᠣᠴᠢᠲᠤᠭᠠᠢ᠃ ᠣᠷᠣᠭᠰᠢ ᠪᠠᠨ! ᠬᠤᠷᠤᠢ ᠬᠤᠷᠤᠢ! ᠭᠡᠪᠡ ᠃
      ᠭᠦᠶᠦᠭ ᠬᠠᠭᠠᠨ ᠢ᠋ ᠪᠠᠷᠢᠭᠰᠠᠨ ᠳᠠᠭᠠᠭᠤᠯᠢ ᠨᠤᠭᠤᠳ ᠭᠠᠷ ᠢ᠋ ᠨᠢ ᠠᠷᠤ ᠳ᠋ᠤᠨᠢ ᠬᠦᠯᠢᠭᠡᠳ᠂ ᠮᠣᠷᠢ ᠤᠷᠤᠭᠤ ᠠᠪᠴᠤ ᠣᠴᠢᠪᠠ᠃ ᠰᠦᠪᠡᠭᠡᠳᠡᠢ ᠪᠠᠭᠠᠲᠤᠷ ᠤ᠋ᠨ ᠡᠷᠭᠢᠵᠦ ᠬᠠᠷᠠᠬᠤ ᠳ᠋ᠤ᠌ ᠳᠠᠭᠠᠭᠤᠯᠢ ᠨᠤᠭᠤᠳ ᠪᠠᠷᠠᠭᠤᠨ ᠮᠥᠷᠦᠨ ᠳᠡᠭᠡᠷ᠎ᠡ ᠪᠡᠨ  ᠭᠢᠯᠠᠪᠠᠯᠵᠠᠭᠤᠯᠤᠭᠰᠠᠨ ᠰᠡᠯᠡᠮ᠎ᠡ ᠶ᠋ᠢ ᠲᠠᠯᠪᠢᠭᠠᠳ ᠴᠢᠯᠠᠭᠤ ᠮᠡᠲᠦ ᠵᠣᠭᠰᠣᠪᠠ᠃ ᠬᠠᠭᠠᠳ᠂ ᠨᠣᠶᠠᠳ ᠬᠣᠭᠣᠷᠣᠨᠳᠣ ᠪᠠᠨ ᠠᠶᠠᠷᠬᠠᠨ ᠶᠠᠷᠢᠯᠴᠠᠭᠰᠠᠭᠠᠷ ᠬᠣᠯᠠᠳᠠᠵᠤ ᠣᠳᠤᠯ᠎ᠠ᠃ ᠰᠦᠪᠡᠭᠡᠳᠠᠢ ᠴᠢᠷᠠᠢ ᠪᠠᠨ ᠪᠠᠷᠤᠢᠯᠭᠠᠨ ᠪᠦᠭᠦᠳᠡ ᠶ᠋ᠢ ᠲᠠᠢᠪᠤᠩ ᠠᠵᠢᠭᠯᠠᠵᠤ ᠪᠠᠢᠭ᠎ᠠ ᠠᠷᠠᠫ᠊ᠱᠠ ᠶ᠋ᠢ ᠳᠠᠭᠤᠳᠠᠵᠤ᠂ 《ᠳ᠋ᠵᠢᠬᠠᠩᠬᠢᠷ ᠬᠠᠮᠢᠭ᠎ᠠ ᠪᠠᠢᠨ᠎ᠠ? 》ᠭᠡᠬᠦ ᠳ᠋ᠦ᠍᠂
      — ᠪᠢᠳᠡ᠂ ᠴᠢᠨᠦ ᠠᠰᠠᠷ ᠲᠸ᠋ ᠣᠷᠣᠭᠤᠯᠤᠯ᠎ᠠ᠃ ᠬᠠᠷᠠᠭᠤᠯ ᠢ᠋ ᠨᠡᠮᠡᠭᠳᠡᠭᠦᠯᠪᠡ ᠭᠡᠪᠡ᠃
      — ᠵᠥᠪ ᠬᠢᠵᠡᠢ᠃ ᠳᠠᠬᠢᠨ ᠳᠠᠭᠠᠷᠢᠬᠤ ᠪᠢᠵᠡ ᠠ᠋ ? ᠪᠦᠷᠢᠶᠡᠴᠢᠨ ᠬᠡᠩᠭᠡᠷᠭᠡᠴᠢᠨ ᠳ᠋ᠦ᠍ ᠲᠠᠬᠢᠶᠠᠨ ᠤ᠋ ᠲᠦᠷᠦᠭᠦᠴᠢ ᠶ᠋ᠢᠨ ᠳᠠᠭᠤ ᠪᠠᠷ ᠴᠡᠷᠢᠭ ᠢ᠋ ᠪᠣᠰᠬᠠᠨ ᠬᠥᠳᠡᠯᠭᠡ ᠭᠡᠵᠦ ᠲᠤᠰᠢᠶᠠᠭᠲᠤᠨ ᠭᠡᠵᠡᠢ᠃

   ᠦᠰᠦᠭ ᠠᠮᠢᠯᠠᠭᠤᠯᠤᠭᠴᠢ᠄ ᠬᠡᠷᠡᠢᠳ·ᠮᠥᠩᠬᠡᠨᠠᠰᠤᠨ᠂ ᠠᠯᠲᠠᠨᠴᠢᠮᠡᠭ᠂ ᠭᠡᠷᠡᠯ᠂ ᠡᠷᠳᠡᠨᠢᠭᠣᠸ᠎ᠠ᠂ ᠪᠠᠶᠠᠨᠴᠡᠴᠡᠭ
   ᠬᠢᠨᠠᠭᠴᠢ᠄ ᠪᠠᠯ᠂  ᠲ· ᠬᠦᠮᠦᠵᠢᠯᠲᠦ᠂ ᠪᠠᠶᠠᠨᠴᠡᠴᠡᠭ᠂ ᠠᠯᠲᠠᠨᠴᠢᠮᠡᠭ᠂ ᠠᠷᠢᠭᠤᠨ