ᠪᠠᠲᠤ ᠬᠠᠭᠠᠨ 2-08ᠳ᠋ᠵᠢᠬᠠᠩᠬᠢᠷ ᠲᠠᠢ ᠶᠠᠷᠢᠯᠴᠠᠭᠰᠠᠨ ᠲᠤᠬᠠᠢ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ
ᠨᠠᠢ᠍ᠮᠠ ᠳ᠋ᠵᠢᠬᠠᠩᠬᠢᠷ ᠲᠠᠢ ᠶᠠᠷᠢᠯᠴᠠᠭᠰᠠᠨ ᠲᠤᠬᠠᠢ
ᠬᠠᠳ᠋ᠵᠢ ᠷᠠᠾᠢᠮ ᠪᠢᠴᠢᠭᠰᠡᠨ ᠨᠢ᠄ ᠲᠡᠭᠦᠨ ᠦ᠌ ᠶᠡᠷᠦ ᠪᠢᠰᠢ ᠶ᠋ᠢᠨ ᠶᠠᠪᠤᠳᠠᠯ ᠳ᠋ᠤ᠌ ᠲᠩᠷᠢ ᠲᠤᠰᠠᠯᠠᠲᠤᠭᠠᠢ᠃ ᠷᠧᠪᠢ ᠭᠡᠳᠡᠭ ᠬᠣᠶᠠᠳᠤᠭᠠᠷ (ᠵᠢᠷᠭᠤᠳᠤᠭᠠᠷ) ᠰᠠᠷ᠎ᠠ ᠶ᠋ᠢᠨ ᠠᠷᠪᠠᠨ ᠲᠠᠪᠤᠨ ᠤ᠋ ᠥᠷᠯᠥᠭᠡ ᠭᠡᠷᠡᠯᠲᠦ ᠡᠵᠡᠨ ᠠᠯᠲᠠᠨ ᠰᠢᠷ᠎ᠠ ᠠᠰᠠᠷ ᠲᠠᠭᠠᠨ ᠬᠠᠳ᠋ᠵᠢ ᠷᠠᠾᠢᠮ ᠢ᠋ ᠳᠠᠭᠤᠳᠠᠭᠤᠯᠪᠠ᠃
ᠪᠠᠲᠤ ᠬᠠᠭᠠᠨ᠂ ᠫᠧᠷᠰ ᠬᠢᠯᠢᠩ ᠬᠡᠪᠢᠰᠦᠨ ᠳᠡᠭᠡᠷ᠎ᠡ ᠲᠠᠯᠪᠢᠭᠰᠠᠨ ᠬᠡᠰᠡᠭᠬᠡᠨ ᠪᠣᠷᠣ ᠢᠰᠡᠭᠡᠢ ᠳᠡᠭᠡᠷ᠎ᠡ ᠰᠠᠭᠤᠵᠤ ᠪᠠᠢᠪᠠ᠃ ᠳᠡᠷᠭᠡᠳᠡ ᠨᠢ ᠭᠤᠷᠪᠠᠨ ᠤᠯᠠᠭᠠᠨ ᠰᠤᠮᠤ ᠲᠠᠢ ᠰᠠᠭᠠᠳᠠᠭ ᠨᠤᠮᠤ᠂ ᠲᠠᠬᠢᠷ ᠰᠡᠯᠡᠮ᠎ᠡ ᠬᠡᠪᠲᠡᠵᠦ᠂ ᠳᠡᠭᠡᠷ᠎ᠡ ᠨᠢ ᠬᠦᠷᠡᠯ ᠪᠠᠮᠪᠠᠢ ᠳᠡᠭᠦᠵᠢᠯᠡᠵᠡᠢ᠃ ᠳ᠋ᠵᠢᠬᠠᠩᠭᠢᠷ ᠭᠠᠷ ᠢ᠋ᠶ᠋ᠠᠷ ᠳᠣᠬᠢᠵᠤ᠂ ᠹᠠᠺᠢᠾ ᠢ᠋ ᠳᠡᠷᠭᠡᠳᠡ ᠪᠡᠨ ᠰᠠᠭᠤ ᠭᠡᠬᠦ ᠳ᠋ᠦ᠍ ᠬᠠᠳ᠋ᠵᠢ ᠷᠠᠾᠢ᠍ᠮ᠂ ᠲᠡᠭᠦᠨ ᠦ᠌ ᠡᠮᠦᠨᠡᠬᠢ ᠭᠠᠵᠠᠷ ᠢ᠋ ᠦᠨᠦᠰᠴᠦ᠂ ᠡᠪᠦᠳᠦᠭ ᠳᠡᠭᠡᠷ᠎ᠡ ᠪᠡᠨ ᠰᠥᠬᠥᠷᠡᠭᠡᠳ᠂ ᠶᠠᠭᠤ ᠰᠣᠨᠣᠰᠤᠭᠰᠠᠨ ᠢ᠋ᠶ᠋ᠠᠨ ᠪᠢᠴᠢᠬᠦ ᠪᠡᠷ ᠪᠡᠯᠡᠳᠬᠡᠪᠡ᠃
ᠳ᠋ᠵᠢᠬᠠᠩᠭᠢᠷ ᠰᠢᠪᠡᠨᠡᠨ ᠬᠡᠯᠡᠪᠡ᠃ ᠦᠭᠡ ᠨᠢ ᠵᠠᠷᠢᠮ ᠳ᠋ᠠᠭᠠᠨ ᠡᠮᠬᠢ ᠦᠭᠡᠢ᠂ ᠪᠢᠴᠢᠬᠦ ᠳ᠋ᠦ᠍ ᠲᠦᠪᠡᠭᠲᠡᠢ ᠮᠠᠰᠢ ᠬᠤᠷᠳᠤᠨ ᠪᠣᠯᠪᠠᠴᠤ ᠬᠠᠳ᠋ᠵᠢ ᠷᠠᠾᠢ᠍ᠮ ᠵᠢᠷᠦᠬᠡᠨ ᠳ᠋ᠡᠭᠡᠨ ᠲᠣᠭᠲᠠᠭᠠᠵᠤ ᠠᠪᠬᠤ ᠭᠡᠵᠦ ᠡᠷᠡᠮᠡᠯᠵᠡᠯᠡ᠃
—ᠥᠨᠥᠳᠥᠷ ᠬᠠᠭᠠᠳ ᠤ᠋ᠨ ᠶᠡᠬᠡ ᠴᠢᠭᠤᠯᠭᠠᠨ ᠪᠣᠯᠤᠨ᠎ᠠ᠁ ᠮᠣᠩᠭᠣᠯᠴᠤᠳ ᠤᠯᠠᠢᠷᠠᠵᠤ᠂ ᠪᠡᠶ᠎ᠡ ᠪᠡᠶ᠎ᠡ ᠪᠡᠨ ᠴᠠᠪᠴᠢᠪᠠᠯ ᠴᠢᠰᠤᠨ ᠠᠰᠬᠠᠷᠠᠵᠤ ᠲᠡᠭᠦᠰᠴᠦ ᠮᠠᠭᠠᠳ ᠦᠭᠡᠢ᠁ ᠲᠡᠭᠡᠪᠡᠯ ᠤᠯᠤᠰ ᠤ᠋ᠨ ᠡᠭᠦᠳᠡᠨ ᠦ᠌ ᠴᠤᠪᠤᠴᠠ ᠳᠡᠭᠡᠷ᠎ᠡ ᠰᠢᠨ᠎ᠡ ᠬᠥᠬᠡ ᠣᠪᠣᠭ᠎ᠠ ᠪᠣᠰᠤᠨ᠎ᠠ᠃ ᠯᠠᠪ ᠲᠡᠭᠡᠨ᠎ᠡ᠁ ᠮᠢᠨᠦ ᠡᠪᠦᠭᠡ —ᠳᠡᠢᠯᠦᠭᠳᠡᠰᠢ ᠦᠭᠡᠢ ᠴᠢᠩᠭᠢᠰ ᠬᠠᠭᠠᠨ ᠤ᠋ ᠶᠡᠬᠡ ᠬᠤᠷᠠᠯᠳᠤᠭᠠᠨ ᠢ᠋ ᠰᠠᠨᠠᠵᠤ ᠪᠠᠢᠨ᠎ᠠ ᠤᠤ ? ᠴᠢ ! ᠪᠢ ᠲᠡᠷᠡ ᠦᠶ᠎ᠡ ᠳᠣᠯᠣᠭᠠᠨ ᠨᠠᠰᠤᠲᠠᠢ ᠪᠠᠢᠭᠰᠠᠨ ᠪᠣᠯᠪᠠᠴᠤ ᠴᠥᠮ ᠮᠢᠨᠦ ᠰᠠᠨᠠᠭᠠᠨ ᠳ᠋ᠤ᠌ ᠲᠣᠳᠣᠷᠬᠠᠢ ᠪᠠᠢᠨ᠎ᠠ᠁ ᠡᠬᠢᠯᠡᠭᠡᠳ᠂ ᠪᠣᠭᠳᠠ ᠡᠵᠡᠨ ᠬᠠᠶᠠ ᠬᠠᠶᠠ ᠦᠭᠡ ᠠᠰᠠᠭᠤᠬᠤ ᠳ᠋ᠤ᠌ ᠬᠠᠭᠠᠳ ᠴᠥᠮ ᠴᠢᠷᠮᠠᠢᠨ ᠰᠠᠨᠳᠤᠷᠴᠤ ᠬᠠᠷᠢᠯᠴᠠᠨ ᠲᠠᠰᠤᠯᠳᠠᠯ ᠦᠭᠡᠢ ᠬᠠᠷᠢᠭᠤᠯᠵᠤ᠂ ᠬᠥᠮᠦᠨ ᠪᠦᠷᠢ ᠬᠡᠯᠡᠭᠰᠡᠨ ᠦᠭᠡ ᠪᠡᠨ ᠪᠣᠯᠭᠣᠮᠵᠢᠯᠠᠨ ᠴᠢᠩᠨᠠᠵᠤ ᠪᠠᠢᠯ᠎ᠠ᠃ ᠲᠡᠭᠡᠭᠡᠳ ᠳᠡᠯᠡᠬᠡᠢ ᠳ᠋ᠠᠬᠢᠨ ᠢ᠋ ᠡᠵᠡᠯᠡᠭᠴᠢ ᠵᠠᠷᠯᠢᠭ ᠪᠠᠭᠤᠯᠭᠠᠵᠤ ᠡᠬᠢᠯᠡᠬᠦ ᠳ᠋ᠦ᠍ ᠲᠡᠭᠦᠨ ᠦ᠌ ᠦᠭᠡ ᠵᠢᠷᠦᠬᠡᠨ ᠳ᠋ᠦ᠍ ᠴᠠᠬᠢᠯᠭᠠᠨ ᠪᠠᠭᠤᠬᠤ ᠮᠡᠲᠦ᠂ ᠰᠡᠯᠡᠮ᠎ᠡ ᠶ᠋ᠢᠨ ᠴᠠᠪᠴᠢᠯᠲᠠ ᠮᠡᠲᠦ᠂ ᠬᠠᠷᠠᠩᠭᠤᠢ ᠬᠠᠪᠴᠢᠯ ᠳᠡᠭᠡᠭᠦᠷ ᠬᠠᠷᠠᠢᠬᠤ ᠮᠣᠷᠢᠨ ᠤ᠋ ᠬᠠᠷᠠᠢᠯᠲᠠ ᠮᠡᠲᠦ᠂ ᠡᠷᠭᠢᠵᠦ ᠦᠯᠦ ᠪᠤᠴᠠᠬᠤ ᠬᠠᠷᠠᠢᠯᠲᠠ ᠮᠡᠲᠦ ᠲᠣᠰᠤᠯ᠎ᠠ᠃ ᠠᠶᠠᠨ ᠲᠡᠢᠨ ᠦ᠌ ᠠᠮᠵᠢᠯᠲᠠ ᠳ᠋ᠤ᠌ ᠡᠷᠡᠭᠡᠯᠵᠡᠬᠦ ᠦᠭᠡ ᠬᠡᠯᠡᠬᠦ ᠪᠤᠶᠤ ᠲᠠᠲᠠᠭᠠᠯᠵᠠᠬᠤ ᠡᠲᠡᠭᠡᠳ ᠨᠢᠭᠡ ᠴᠦ᠍ ᠦᠭᠡᠢ ᠪᠥᠯᠥᠭᠡ᠃ ᠣᠳᠣ ᠬᠠᠭᠠᠳ᠂ ᠰᠣᠳᠣ ᠮᠡᠷᠭᠡᠨ ᠦ᠌ ᠶᠡᠬᠡ ᠰᠤᠷᠭᠠᠯ ᠢ᠋ ᠮᠠᠷᠲᠠᠵᠠᠢ᠃ ᠲᠡᠳᠡ ᠨᠠᠷ ᠪᠣᠭᠳᠠ ᠡᠵᠡᠨ ᠴᠥᠮ ᠢ᠋ ᠬᠦᠴᠦᠲᠦ ᠭᠠᠷ ᠲᠠᠭᠠᠨ ᠠᠳᠬᠤᠬᠤ ᠶ᠋ᠢᠨ ᠤᠷᠢᠳ᠂ ᠮᠠᠨ ᠤ᠋ ᠮᠣᠩᠭᠣᠯ ᠤ᠋ᠨ ᠲᠠᠯ᠎ᠠ ᠳᠡᠭᠡᠷ᠎ᠡ ᠪᠠᠢᠭᠰᠠᠨ ᠤ᠋ ᠠᠳᠠᠯᠢ ᠪᠠᠷ ᠬᠣᠭᠣᠷᠣᠨᠳᠣ ᠪᠠᠨ ᠠᠳᠬᠤᠯᠴᠠᠯᠳᠤᠨ ᠲᠡᠮᠡᠴᠡᠯᠳᠦᠵᠦ ᠪᠠᠢᠨ᠎ᠠ᠃ ᠮᠥᠩᠬᠡ ᠬᠠᠭᠠᠨ᠂ ᠮᠢᠨᠦ ᠳᠡᠭᠦᠦ ᠨᠠᠷ ᠠ᠋ᠴᠠ ᠪᠤᠰᠤᠳ ᠬᠠᠭᠠᠳ ᠴᠥᠮ ᠥᠨᠳᠥᠷ ᠶᠡᠬᠡ ᠴᠢᠭᠤᠯᠭᠠᠨ ᠳᠡᠭᠡᠷ᠎ᠡ ᠨᠠᠮᠠᠶ᠋ᠢ ᠢᠴᠢᠭᠡᠵᠦ᠂ ᠰᠤᠮᠤ ᠰᠢᠭᠠᠭᠰᠠᠨ ᠪᠣᠳᠣᠩ ᠭᠠᠬᠠᠢ ᠮᠡᠲᠦ ᠵᠡᠭᠡᠰᠦ ᠤᠷᠤᠭᠤ ᠠᠶᠤᠨ ᠵᠢᠭᠤᠲᠠᠭᠤᠯᠬᠤ ᠶ᠋ᠢ ᠪᠣᠳᠣᠵᠤ ᠪᠠᠢᠨ᠎ᠠ᠃ ᠲᠡᠭᠡᠬᠦ ᠦᠭᠡᠢ᠃ ᠡᠰᠡᠬᠦᠯ᠎ᠡ ᠮᠢᠨᠦ ᠡᠮᠦᠨᠡᠬᠢ ᠭᠠᠵᠠᠷ ᠢ᠋ ᠦᠯᠦ ᠦᠨᠦᠰᠦᠭᠴᠢ ᠪᠦᠭᠦᠳᠡ ᠶ᠋ᠢ ᠪᠢ ᠰᠥᠨᠥᠭᠡᠨ᠎ᠡ᠂ ᠡᠰᠡᠬᠦᠯ᠎ᠡ ᠪᠢ ᠥᠪᠡᠷ ᠢ᠋ᠶ᠋ᠡᠨ ᠲᠠᠰᠤ ᠴᠠᠪᠴᠢᠭᠳᠠᠨ ᠦᠬᠦᠨ᠎ᠡ᠃ ᠪᠢ ᠬᠡᠳᠦᠢᠨ ᠴᠥᠮ ᠦ᠋ᠨ ᠨᠢᠷᠤᠭᠤ ᠶ᠋ᠢ ᠬᠤᠭᠤ ᠲᠠᠲᠠᠬᠤ ᠪᠠᠢᠯ᠎ᠠ᠃ ᠭᠡᠪᠡᠴᠦ ᠡᠪᠦᠭᠡᠨ ᠡᠴᠢᠭᠡ ᠶ᠋ᠢᠨ ᠭᠡᠷᠢᠶᠡᠰ —《ᠤᠭᠰᠠᠭ᠎ᠠ ᠤᠳᠤᠮ ᠤ᠋ᠨ ᠳᠣᠲᠣᠷ᠎ᠠ ᠦᠢᠮᠡᠭᠡᠨ ᠢ᠋ ᠪᠤᠤ ᠳᠡᠭᠳᠡᠭᠡ》ᠭᠡᠰᠡᠨ ᠢ᠋ ᠪᠣᠳᠣᠵᠤ ᠪᠠᠢᠨ᠎ᠠ᠃ ᠳᠡᠯᠡᠬᠡᠢ ᠳ᠋ᠠᠬᠢᠨ ᠢ᠋ ᠡᠵᠡᠯᠡᠬᠦ ᠡᠷᠬᠡ ᠲᠡᠳᠡᠨ ᠦ᠌ ᠭᠠᠷ ᠲᠤ᠌ ᠪᠠᠢᠨ᠎ᠠ ᠤᠤ? ᠶᠠᠭᠠᠬᠢᠭᠠᠳ ᠲᠡᠳᠡ᠂ ᠴᠢᠩᠭᠢᠰ ᠦ᠋ᠨ ᠬᠢᠨ ᠦ᠌ ᠤᠷᠤᠭ ᠤ᠋ᠨ ᠠᠰᠠᠷ ᠲᠤᠯᠤᠭᠰᠠᠨ ᠪᠠᠭᠠᠨ᠎ᠠ ᠶ᠋ᠢ ᠭᠠᠩᠬᠤᠭᠤᠯᠵᠤ ᠴᠠᠪᠴᠢᠯᠠᠵᠤ ᠪᠠᠢᠨ᠎ᠠ? ᠪᠢ ᠡᠪᠦᠭᠡ ᠡᠴᠢᠭᠡ ᠶ᠋ᠢᠨ ᠢ᠋ᠶ᠋ᠡᠨ ᠶᠢᠰᠦᠨ ᠰᠡᠭᠦᠯᠲᠦ ᠲᠤᠭ ᠢ᠋ ᠪᠠᠷᠢᠬᠤ ᠡᠷᠬᠡ ᠪᠣᠢ ᠡᠰᠡᠬᠦ ᠪᠡᠨ ᠪᠢ ᠥᠨᠥᠳᠥᠷ ᠲᠡᠳᠡᠨ ᠳ᠋ᠦ᠍ ᠦᠵᠡᠭᠦᠯᠰᠦᠭᠡᠢ!᠁ ᠭᠡᠵᠡᠢ᠃
ᠮᠣᠳᠣᠨ ᠬᠠᠭᠠᠯᠭ᠎ᠠ ᠬᠥᠳᠡᠯᠵᠦ᠂ ᠲᠣᠮᠣ ᠳᠥᠷᠪᠡᠯᠵᠢᠨ ᠠᠶᠠᠭ᠎ᠠ ᠲᠠᠢ ᠭᠠᠷ ᠣᠷᠣᠵᠤ ᠬᠠᠵᠠᠭᠤ ᠶ᠋ᠢᠨ ᠮᠣᠳᠣᠨ ᠪᠠᠭᠠᠨ᠎ᠠ ᠶ᠋ᠢ ᠰᠢᠭᠦᠷᠡᠨ ᠪᠠᠷᠢᠵᠠᠢ᠃ ᠠᠭᠤᠷᠰᠠᠨ ᠬᠠᠰᠬᠢᠷᠬᠤ ᠴᠢᠮᠡᠭᠡ ᠭᠠᠷᠤᠯ᠎ᠠ᠃
— ᠡᠨᠡ ᠭᠠᠳᠠᠨ᠎ᠠ ᠶ᠋ᠢᠨ ᠬᠥᠮᠦᠨ ᠪᠠᠢᠨ᠎ᠠ! ᠮᠠᠨ ᠤ᠋ ᠬᠢ ᠪᠢᠰᠢ! ᠭᠡᠵᠦ ᠪᠠᠲᠤ ᠬᠠᠭᠠᠨ ᠰᠢᠪᠡᠨᠡᠨ ᠬᠡᠯᠡᠭᠡᠳ ᠨᠤᠮᠤ ᠪᠠᠨ ᠣᠨᠢᠯᠠᠨ ᠲᠠᠲᠠᠭᠰᠠᠨ ᠳ᠋ᠤ᠌ ᠤᠯᠠᠭᠠᠨ ᠰᠤᠮᠤ ᠠᠯᠠᠭ᠎ᠠ ᠶ᠋ᠢ ᠨᠡᠪᠲᠡᠯᠦᠨ ᠡᠭᠦᠳᠡᠨ ᠦ᠌ ᠮᠣᠳᠣᠨ ᠪᠠᠭᠠᠨ᠎ᠠ ᠳ᠋ᠤ᠌ ᠰᠢᠭᠠᠵᠤ ᠴᠡᠴᠡᠷᠭᠡᠨᠡᠪᠡ᠃ ᠲᠡᠷᠡ ᠭᠠᠷ᠂ ᠰᠤᠮᠤ ᠶ᠋ᠢ ᠨᠢ ᠠᠪᠴᠤ ᠣᠳᠤᠯ᠎ᠠ᠃
ᠬᠥᠮᠦᠰ ᠦ᠋ᠨ ᠳᠠᠭᠤ ᠨᠠᠮᠵᠢᠪᠠ᠃ ᠪᠠᠲᠤ ᠬᠠᠭᠠᠨ ᠲᠣᠭᠰᠢᠭᠤᠷ ᠢ᠋ᠶ᠋ᠠᠷ ᠬᠦᠷᠡᠩ ᠪᠠᠮᠪᠠᠢ ᠶ᠋ᠢ ᠴᠣᠬᠢᠬᠤ ᠳ᠋ᠤ᠌ ᠤᠷᠲᠤ ᠮᠣᠩᠭᠣᠯ ᠳᠡᠪᠡᠯ ᠲᠡᠢ᠂ ᠪᠦᠴᠡ ᠲᠡᠢ᠂ ᠬᠦᠳᠦᠰᠦᠨ ᠮᠠᠯᠠᠭᠠᠢ ᠲᠠᠢ᠂ ᠪᠣᠭᠣᠨᠢ ᠵᠢᠳᠠ ᠪᠠᠷᠢᠭᠰᠠᠨ ᠬᠠᠷᠠᠭᠤᠯ ᠤ᠋ᠨ ᠬᠥᠮᠦᠨ ᠣᠷᠣᠵᠤ ᠢᠷᠡᠪᠡ᠃
— ᠬᠡᠨ ᠨᠡᠰᠢ ᠣᠷᠣᠬᠤ ᠭᠡᠵᠦ ᠲᠡᠮᠡᠦᠯᠪᠡ?
— ᠬᠥᠶᠦᠭ ᠬᠠᠭᠠᠨ ᠤ᠋ ᠡᠯᠴᠢ᠂ ᠨᠠᠮᠠᠶ᠋ᠢ ᠲᠦᠯᠬᠢᠵᠦ ᠤᠨᠠᠭᠠᠬᠤ ᠶ᠋ᠢ ᠵᠠᠪᠳᠤᠨ ᠠᠯᠲᠠᠨ ᠫᠠᠢᠵᠠ ᠦᠵᠡᠭᠦᠯᠵᠦ᠂ ᠠᠰᠠᠷ ᠲᠤ᠌ ᠵᠥᠪᠰᠢᠶᠡᠷᠡᠯ ᠦᠭᠡᠢ ᠣᠷᠣᠪᠠ᠃ ᠪᠢ ᠰᠡᠯᠡᠮ᠎ᠡ ᠰᠤᠭᠤᠯᠵᠤ ᠪᠠᠷᠢᠭᠤᠯ ᠢ᠋ᠶ᠋ᠠᠷ ᠨᠢ ᠲᠡᠭᠦᠨ ᠦ᠌ ᠰᠢᠳᠦ ᠶ᠋ᠢ ᠴᠣᠬᠢᠯ᠎ᠠ᠃ ᠬᠡᠷᠪᠡ ᠳᠠᠬᠢᠨ ᠨᠢᠭᠡᠨ ᠠᠯᠬᠤᠮ ᠬᠥᠳᠡᠯᠪᠡᠯ ᠮᠢᠨᠦ ᠰᠡᠯᠡᠮ᠎ᠡ ᠬᠠᠪᠢᠰᠤᠨ ᠤ᠋ ᠳᠣᠭᠤᠤᠷ ᠴᠡᠭᠡᠵᠢ ᠶ᠋ᠢ ᠴᠢᠨᠢ ᠨᠡᠪᠲᠡ ᠰᠢᠭᠠᠨ᠎ᠠ ᠭᠡᠵᠦ ᠪᠢ ᠬᠡᠯᠡᠭᠰᠡᠨ᠁ ᠭᠡᠬᠦ ᠳ᠋ᠦ᠍ ᠪᠠᠲᠤ ᠬᠠᠭᠠᠨ
— ᠴᠢ ᠵᠢᠩᠬᠢᠨᠢ ᠳᠠᠭᠠᠭᠤᠯᠢ ᠶ᠋ᠢᠨ ᠶᠣᠰᠣᠭᠠᠷ ᠬᠥᠳᠡᠯᠵᠡᠢ᠃ ᠪᠢ ᠴᠢᠮᠠᠶ᠋ᠢ ᠳᠡᠪᠰᠢᠭᠦᠯᠦᠨ᠎ᠡ᠃ ᠵᠠᠭᠤᠲᠤ ᠶ᠋ᠢᠨ ᠳᠠᠷᠤᠭ᠎ᠠ ᠠᠷᠠᠫ᠊ᠱᠠ ᠬᠠᠮᠢᠭ᠎ᠠ ᠪᠠᠢᠨ᠎ᠠ?
— ᠡᠯᠴᠢ ᠶ᠋ᠢ ᠭᠡᠷ ᠲᠡᠭᠡᠨ ᠠᠪᠠᠴᠢᠪᠠ᠃
— ᠶᠠᠭᠤᠨ ᠳ᠋ᠤ᠌?
— ᠵᠡᠭᠦᠨ ᠴᠢᠬᠢ ᠶ᠋ᠢ ᠨᠢ ᠣᠭᠲᠣᠯᠬᠤ ᠶ᠋ᠢᠨ ᠲᠤᠯᠠᠳᠠ᠁ ᠭᠡᠵᠡᠢ᠃ ᠪᠠᠲᠤ ᠬᠠᠭᠠᠨ ᠪᠣᠳᠣᠯᠭᠠᠰᠢᠷᠠᠨ᠂ ᠨᠢᠳᠦ ᠪᠡᠨ ᠭᠢᠯᠦᠢᠵᠦ ᠬᠠᠷᠠᠭᠠᠳ ᠵᠢᠴᠢ ᠢᠨᠢᠶᠡᠨ᠂
— ᠴᠢᠨᠦ ᠨᠡᠷ᠎ᠡ ᠬᠡᠨ ᠪᠣᠢ?
— ᠮᠥᠰᠥᠢ᠍ᠺ᠃
— ᠪᠢ ᠴᠢᠮᠠᠶ᠋ᠢ ᠬᠠᠮᠢᠭ᠎ᠠ ᠬᠠᠷᠠᠭᠰᠠᠨ ᠪᠢᠯᠡ?
— ᠴᠢᠮᠠᠲᠤ ᠬᠡᠭᠡᠷ ᠠᠵᠢᠷᠭ᠎ᠠ ᠪᠠᠷᠢᠵᠤ ᠥᠭᠬᠦ ᠳ᠋ᠦ᠍ ᠨᠠᠮᠠᠶ᠋ᠢ ᠦᠵᠡᠭᠰᠡᠨ᠃ ᠣᠳᠣ ᠲᠡᠷᠡ ᠠᠵᠢᠷᠭ᠎ᠠ ᠶ᠋ᠢ ᠵᠠᠭᠤᠲᠤ ᠶ᠋ᠢᠨ ᠳᠠᠷᠤᠭ᠎ᠠ ᠠᠷᠠᠫ᠊ᠱᠠ ᠤᠨᠤᠵᠤ ᠪᠠᠢᠨ᠎ᠠ᠃ ᠲᠡᠷᠡ ᠨᠠᠮᠠᠶ᠋ᠢ ᠵᠠᠭᠤᠲᠤ ᠳ᠋ᠠᠭᠠᠨ ᠠᠪᠤᠯ᠎ᠠ ᠭᠡᠪᠡ᠃
—ᠠᠷᠠᠫ᠊ᠱᠠ ᠶ᠋ᠢ ᠮᠡᠳᠡᠨ᠎ᠡ᠂ ᠲᠡᠭᠦᠨ ᠦ᠌ ᠵᠠᠮ ᠳ᠋ᠤ᠌ ᠰᠠᠭᠠᠳ ᠬᠢᠭᠰᠡᠨ ᠬᠥᠮᠦᠨ ᠳ᠋ᠦ᠍ ᠮᠠᠭᠤ ᠪᠣᠯᠤᠨ᠎ᠠ᠂ ᠬᠠᠷᠢᠨ ᠲᠤᠰᠠ ᠪᠣᠯᠤᠭᠰᠠᠨ ᠬᠥᠮᠦᠨ ᠢ᠋ ᠲᠡᠷᠡ ᠮᠠᠷᠲᠠᠬᠤ ᠦᠭᠡᠢ᠃
—ᠵᠠ᠂ ᠶᠠᠪᠤ ᠭᠡᠵᠡᠢ᠃
ᠬᠠᠷᠠᠭᠤᠯ ᠤ᠋ᠨ ᠬᠥᠮᠦᠨ ᠭᠠᠷᠪᠠ᠃ ᠪᠠᠲᠤ ᠬᠠᠭᠠᠨ ᠳᠠᠬᠢᠨ ᠬᠠᠳ᠋ᠵᠢ ᠷᠡᠾᠢ᠍ᠮ ᠦ᠋ᠨ ᠵᠦᠭ ᠬᠠᠨᠳᠤᠵᠤ᠂
—ᠪᠢ ᠥᠷᠥᠨ᠎ᠡ ᠵᠦᠭ ᠲᠦ᠍ ᠴᠡᠷᠢᠭ ᠮᠣᠷᠳᠠᠭᠤᠯᠬᠤ ᠪᠥᠭᠡᠳ ᠲᠡᠨᠳᠡ ᠶᠠᠭᠤ ᠲᠠᠢ ᠤᠴᠠᠷᠠᠬᠤ ᠪᠠᠨ ᠮᠡᠳᠡᠵᠦ ᠪᠠᠢᠨ᠎ᠠ᠃ ᠣᠷᠣᠰ ᠭᠠᠵᠠᠷ ᠮᠢᠨᠦ ᠶᠠᠪᠤᠭᠤᠯᠤᠭᠰᠠᠨ ᠲᠠᠩᠨᠠᠭᠤᠯᠴᠢᠨ ᠬᠤᠳᠠᠯᠳᠤᠭᠠᠴᠢᠨ ᠴᠥᠮ ᠨᠠᠳᠠ ᠳ᠋ᠤ᠌ ᠶᠠᠷᠢᠭᠰᠠᠨ᠁ ᠣᠷᠣᠰ᠂ ᠲᠡᠭᠦᠨ ᠦ᠌ ᠴᠠᠭᠠᠨ᠎ᠠ ᠣᠷᠣᠰᠢᠬᠤ ᠤᠯᠤᠰ ᠤ᠋ᠳ ᠢ᠋ ᠪᠢ ᠡᠵᠡᠯᠡᠨ᠎ᠡ᠃ ᠣᠢ ᠶ᠋ᠢᠨ ᠪᠠᠭᠠᠪᠠᠭᠠᠢ ᠣᠷᠣᠰ ᠤ᠋ᠳ ᠢ᠋ ᠳᠠᠭᠠᠭᠤᠯᠤᠨ ᠡᠵᠡᠯᠡᠬᠦ ᠳ᠋ᠦ᠍ ᠬᠡᠴᠡᠭᠦᠦ ᠪᠢᠰᠢ᠂ ᠴᠥᠮ ᠪᠢᠴᠢᠬᠠᠨ ᠣᠪᠣᠭ ᠠᠢᠮᠠᠭ ᠢ᠋ᠶ᠋ᠠᠷ ᠲᠠᠰᠤᠷᠠᠵᠤ᠂ ᠬᠠᠭᠠᠨ ᠸᠠᠩ ᠤ᠋ᠳ ᠨᠢ ᠪᠡᠶ᠎ᠡ ᠪᠡᠶ᠎ᠡ ᠪᠡᠨ ᠦᠵᠡᠨ ᠶᠠᠳᠠᠳᠠᠭ ᠪᠠᠢᠨ᠎ᠠ᠃ ᠪᠦᠭᠦᠳᠡ ᠶ᠋ᠢ ᠨᠢᠭᠡᠳᠬᠡᠨ᠂ ᠨᠢᠭᠡᠨ ᠤᠯᠤᠰ ᠰᠢᠭ᠋ ᠪᠣᠯᠭᠠᠭᠰᠠᠨ ᠴᠢᠩᠭᠢᠰ ᠰᠢᠭ ᠬᠥᠮᠦᠨ ᠲᠡᠳᠡᠨ ᠳ᠋ᠦ᠍ ᠣᠳᠣ ᠬᠦᠷᠲᠡᠯ᠎ᠡ ᠭᠠᠷᠤᠭ᠎ᠠ ᠦᠭᠡᠢ᠃ ᠪᠢ ᠲᠡᠳᠡᠨ ᠢ᠋ ᠬᠣᠲᠠ ᠳ᠋ᠤ᠌ ᠠᠯᠪᠠᠨ ᠭᠤᠪᠴᠢᠭᠤᠷ ᠬᠤᠷᠢᠶᠠᠬᠤ ᠲᠥᠯᠥᠭᠡᠨ ᠦ᠌ ᠲᠦᠰᠢᠮᠡᠯ ᠢ᠋ ᠰᠠᠭᠤᠯᠭᠠᠭᠠᠳ᠂ ᠲᠣᠬᠢᠶᠠᠯᠳᠤᠭᠰᠠᠨ ᠤᠯᠤᠰ ᠢ᠋ ᠮᠣᠷᠢᠨ ᠤ᠋ ᠪᠠᠨ ᠲᠤᠭᠤᠷᠠᠢ ᠳᠣᠣᠷ᠎ᠠ ᠴᠤᠭᠯᠠᠭᠤᠯᠬᠤ ᠪᠠᠷ ᠡᠴᠦᠰ ᠦ᠋ᠨ ᠲᠠᠩᠭᠢᠰ ᠬᠦᠷᠲᠡᠯ᠎ᠡ ᠥᠪᠡᠷ ᠢ᠋ᠶ᠋ᠡᠨ ᠴᠠᠰᠢ ᠶᠠᠪᠤᠰᠤᠭᠠᠢ᠃ ᠲᠡᠭᠡᠭᠡᠳ ᠪᠦᠬᠦ ᠳᠡᠯᠡᠬᠡᠢ ᠮᠣᠩᠭᠣᠯ ᠤ᠋ᠨ ᠠᠳᠬᠤᠨ ᠳ᠋ᠤ᠌ ᠣᠷᠣᠨ᠎ᠠ ᠭᠡᠪᠡ᠃
ᠲᠣᠮᠣ᠂ ᠯᠤᠲᠤ ᠰᠦᠪᠡᠭᠡᠳᠡᠢ ᠪᠠᠭᠠᠲᠤᠷ ᠠᠰᠠᠷ ᠲᠸ᠋ ᠴᠢᠮᠡᠭᠡ ᠦᠭᠡᠢ ᠣᠷᠣᠭᠠᠳ ᠣᠭᠵᠣᠮ ᠡᠷᠭᠢᠵᠦ᠂ ᠭᠠᠷ ᠢ᠋ᠶ᠋ᠠᠨ ᠡᠷᠭᠦᠨ ᠲᠣᠮᠣ ᠴᠢᠬᠢ ᠶ᠋ᠢᠨ ᠢ᠋ᠶ᠋ᠠᠨ ᠲᠤᠰᠢᠶ᠎ᠠ ᠠᠪᠠᠴᠢᠵᠤ ᠰᠠᠢᠲᠤᠷ ᠴᠢᠩᠨᠠᠪᠠ᠃ ᠭᠠᠭᠴᠠᠬᠦ ᠲᠣᠰᠣᠨ ᠲᠣᠯᠪᠣ ᠲᠠᠢ ᠬᠠᠭᠤᠴᠢᠨ ᠬᠥᠬᠡ ᠲᠣᠷᠭᠠᠨ ᠳᠡᠪᠡᠯ ᠲᠡᠢ ᠪᠥᠭᠲᠥᠷ ᠳᠤᠭᠤᠢ ᠨᠢᠷᠤᠭᠤ ᠨᠢ ᠦᠵᠡᠭᠳᠡᠵᠦ ᠪᠠᠢᠯ᠎ᠠ᠃ ᠲᠡᠭᠡᠭᠡᠳ ᠬᠠᠳ᠋ᠵᠢ ᠷᠠᠾᠢ᠍ᠮ ᠤᠷᠤᠭᠤ ᠭᠢᠯᠦᠢᠵᠦ ᠬᠠᠷᠠᠭᠠᠳ᠂ ᠮᠠᠢᠭ᠋ ᠬᠥᠯ ᠢ᠋ᠶ᠋ᠡᠨ ᠴᠢᠷᠦᠭᠰᠡᠭᠡᠷ ᠪᠠᠲᠤ ᠬᠠᠭᠠᠨ ᠤ᠋ ᠳᠡᠷᠭᠡᠳᠡ ᠬᠦᠷᠴᠦ ᠢᠷᠠᠭᠯᠠᠨ ᠮᠡᠬᠦᠢᠵᠦ ᠭᠠᠵᠠᠷ ᠱᠦᠷᠭᠦᠲᠡᠯᠡ ᠰᠥᠭᠥᠳᠪᠡ᠃ ᠪᠠᠲᠤ ᠬᠠᠭᠠᠨ ᠲᠡᠭᠦᠨ ᠦ᠌ ᠮᠥᠷᠭᠥᠬᠦ ᠶᠣᠰᠣ ᠭᠦᠢᠴᠡᠭᠡᠬᠦ ᠶ᠋ᠢ ᠬᠦᠯᠢᠶᠡᠭᠡᠳ᠂ ᠡᠪᠦᠭᠡᠨ ᠵᠠᠩᠵᠤᠨ ᠢ᠋ ᠬᠠᠵᠠᠭᠤ ᠳ᠋ᠠᠭᠠᠨ ᠰᠠᠭᠤᠯᠭᠠᠪᠠ᠃
ᠰᠦᠪᠡᠭᠡᠳᠠᠢ ᠬᠠᠳ᠋ᠵᠢ ᠷᠠᠾᠢ᠍ᠮ ᠤᠷᠤᠭᠤ ᠳᠠᠬᠢᠨ ᠮᠠᠭᠤᠬᠠᠢ ᠬᠠᠷᠠᠵᠤ ᠬᠦᠩᠭᠢᠨᠡᠨ ᠰᠠᠨᠠᠭ᠎ᠠ ᠠᠯᠳᠠᠪᠠ᠃
—ᠠᠶᠤᠯ ᠦᠭᠡᠢ᠂ ᠴᠥᠮ ᠢ᠋ ᠬᠡᠯᠡᠭᠲᠦᠨ! ᠮᠢᠨᠦ ᠪᠠᠭᠰᠢ ᠨᠠᠳᠠᠳᠤ ᠰᠢᠳᠤᠷᠭᠤ᠂ ᠵᠠᠮ ᠤ᠋ᠨ ᠬᠠᠵᠠᠭᠤ ᠳ᠋ᠠᠬᠢ ᠴᠢᠯᠠᠭᠤ ᠮᠡᠲᠦ ᠳᠤᠭᠤᠢ ᠬᠥᠮᠦᠨ᠃
— ᠮᠢᠨᠦ ᠤᠷᠢᠳ ᠥᠭᠦᠯᠡᠭᠰᠡᠨ ᠦᠨᠡᠨ ᠪᠣᠯᠪᠠ᠃ ᠭᠦᠶᠦᠭ ᠬᠠᠭᠠᠨ ᠮᠠᠨ ᠤ᠋ ᠴᠡᠷᠢᠭ ᠦ᠋ᠨ ᠬᠦᠷᠢᠶ᠎ᠡ ᠤᠷᠤᠭᠤ ᠮᠢᠩᠭᠠᠲᠤ ᠪᠠᠨ ᠠᠪᠴᠢᠷᠠᠵᠠᠢ᠃ ᠬᠠᠮᠠᠭᠠᠯᠠᠬᠤ ᠶ᠋ᠢ ᠬᠦᠴᠦᠲᠡᠢ ᠪᠣᠯᠭᠠᠨ ᠨᠡᠮᠡᠭᠳᠡᠭᠦᠯᠵᠦ᠂ ᠨᠢᠭᠡ ᠴᠦ᠍ ᠬᠥᠮᠦᠨ ᠢ᠋ ᠪᠤᠤ ᠣᠢᠷᠠᠲᠤᠭᠤᠯ ᠭᠡᠵᠦ ᠪᠢ ᠲᠤᠰᠢᠶᠠᠭᠰᠠᠨ᠃ ᠪᠤᠰᠤᠳ ᠬᠠᠭᠠᠳ ᠲᠤᠰᠢᠶᠠᠯ ᠢ᠋ ᠵᠥᠷᠢᠴᠡᠨ ᠬᠡᠳᠦ ᠬᠡᠳᠦᠨ ᠵᠠᠭᠤᠨ ᠬᠥᠮᠦᠨ ᠲᠡᠢ ᠪᠠᠭ ᠴᠡᠷᠢᠭ ᠲᠠᠢ ᠪᠡᠷ ᠮᠥᠨ ᠢᠷᠡᠵᠡᠢ᠃ ᠲᠡᠳᠡᠨ ᠦ᠌ ᠲᠣᠮᠣᠬᠠᠨ ᠠᠩᠭᠢ ᠨᠤᠭᠤᠳ ᠨᠢ ᠬᠣᠯᠠ ᠪᠢᠰᠢ ᠭᠠᠵᠠᠷ ᠪᠣᠢ᠂ ᠬᠡᠷᠪᠡ ᠬᠠᠭᠠᠳ ᠲᠦᠭᠰᠢᠭᠦᠷᠢᠲᠡᠢ ᠪᠠᠢᠳᠠᠯ ᠡᠭᠦᠰᠬᠡᠪᠡᠯ᠂ ᠴᠡᠷᠢᠭ ᠨᠡᠩ ᠳᠠᠷᠤᠢ ᠬᠦᠷᠦᠯᠴᠡᠨ ᠢᠷᠡᠵᠦ ᠴᠢᠳᠠᠨ᠎ᠠ ᠭᠡᠪᠡ᠃
— ᠶᠠᠭᠠᠬᠢᠬᠤ ᠪᠣᠢ? ᠦᠵᠡᠯᠴᠡᠬᠦ ᠤᠤ?
— ᠬᠡᠷᠬᠢᠬᠦ ᠨᠢ ᠡᠨᠡ ᠦᠳᠡᠰᠢ ᠮᠡᠳᠡᠭᠳᠡᠨ᠎ᠡ᠃《ᠭᠠᠯᠵᠠᠭᠤᠴᠤᠳ》᠂《ᠳᠡᠢᠯᠦᠭᠳᠡᠰᠢᠭᠦᠢᠴᠦᠳ》 ᠬᠣᠶᠠᠷ ᠪᠡᠯᠡᠬᠡᠨ ᠪᠠᠢᠨ᠎ᠠ᠁ ᠭᠡᠵᠡᠢ᠃
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠷᠢᠭᠤᠨ᠂ ᠠᠯᠲᠠᠨᠴᠢᠮᠡᠭ᠂ ᠬᠡᠷᠡᠢᠳ· ᠮᠥᠩᠬᠡᠨᠠᠰᠤᠨ
ᠬᠢᠨᠠᠭᠴᠢ᠄ ᠪᠠᠶᠠᠨᠴᠡᠴᠡᠭ᠂ ᠲ· ᠬᠦᠮᠦᠵᠢᠯᠲᠦ᠂ ᠠᠷᠢᠭᠤᠨ᠂ ᠠᠯᠲᠠᠨᠴᠢᠮᠡᠭ