ᠪᠠᠲᠤ ᠬᠠᠭᠠᠨ 2-10ᠢᠵᠢᠯ ᠮᠥᠷᠡᠨ ᠦ᠌ ᠡᠷᠭᠢ ᠳᠡᠭᠡᠷ᠎ᠡ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ
ᠠᠷᠪᠠ ᠢᠵᠢᠯ ᠮᠥᠷᠡᠨ ᠦ᠌ ᠡᠷᠭᠢ ᠳᠡᠭᠡᠷ᠎ᠡ
ᠴᠠᠭ ᠪᠣᠯᠵᠤ ᠠᠭᠤᠷᠲᠤ ᠲᠠᠲ᠋ᠠᠷ᠂ ᠬᠠᠮᠠᠭᠠᠯᠠᠭᠴᠢ ᠠᠵᠢᠯ ᠤ᠋ᠨ ᠬᠢᠵᠠᠭᠠᠷ ᠢ᠋ ᠳᠠᠪᠠᠪᠠ
(ᠣᠷᠸᠰᠲ ᠮᠢᠯᠯᠸᠷ)
ᠰᠢᠭᠨᠡᠺ ᠡᠴᠡ ᠬᠠᠪᠤᠷ ᠡᠷᠲᠡ ᠭᠠᠷᠤᠭᠰᠠᠨ ᠮᠣᠩᠭᠣᠯ ᠴᠡᠷᠢᠭ ᠢᠵᠢᠯ ᠮᠥᠷᠡᠨ ᠦ᠌ ᠬᠥᠪᠡᠭᠡᠨ ᠳ᠋ᠦ᠍ ᠨᠠᠮᠤᠷ ᠣᠷᠣᠢ ᠬᠦᠷᠪᠡ᠃ ᠣᠷᠣᠰ᠂ ᠪᠣᠯᠭᠠᠷᠢ ᠵᠡᠷᠭᠡ ᠪᠤᠰᠤᠳ ᠡᠵᠡᠯᠡᠭᠳᠡᠭᠡ ᠦᠭᠡᠢ ᠤᠯᠤᠰ ᠤ᠋ᠨ ᠨᠤᠲᠤᠭ ᠤ᠋ᠨ ᠠᠩᠬᠠᠨ ᠤ᠋ ᠬᠢᠵᠠᠭᠠᠷ ᠭᠠᠵᠠᠷ ᠬᠦᠷᠲᠡᠯ᠎ᠡ ᠬᠥᠳᠡᠭᠡ ᠲᠠᠯ᠎ᠠ ᠪᠠᠷ ᠠᠶᠠᠯᠠᠬᠤ ᠳ᠋ᠤ᠌ ᠬᠠᠭᠠᠰ ᠵᠢᠯ ᠪᠣᠯᠤᠯ᠎ᠠ᠃ ᠪᠠᠲᠤ ᠬᠠᠭᠠᠨ᠂ ᠮᠥᠨ ᠰᠦᠪᠡᠭᠡᠳᠡᠢ ᠪᠠᠭᠠᠲᠤᠷ《ᠲᠡᠭᠦᠨ ᠦ᠌ ᠳᠥᠷᠥᠭᠡ ᠶ᠋ᠢ ᠲᠦᠰᠢᠵᠦ》ᠢᠵᠢᠯ ᠮᠥᠷᠡᠨ ᠦ᠌ ᠡᠷᠭᠢᠨ ᠳᠡᠭᠡᠷ᠎ᠡ《ᠳᠠᠪᠠᠭᠳᠠᠰᠢ ᠦᠭᠡᠢ 》ᠲᠡᠷᠢᠭᠦᠨ ᠦ᠌ ᠮᠢᠩᠭᠠᠲᠤ ᠶ᠋ᠢ ᠲᠣᠯᠣᠭᠠᠢᠯᠠᠵᠤ ᠢᠷᠡᠬᠦ ᠳ᠋ᠦ᠍ ᠵᠤᠵᠠᠭᠠᠨ ᠲᠣᠭᠣᠰᠣᠨ ᠳ᠋ᠤ᠌ ᠳᠠᠷᠤᠭᠳᠠᠭᠰᠠᠨ ᠮᠣᠷᠢᠲᠠᠨ᠂ ᠡᠮᠬᠢ ᠵᠢᠷᠤᠮ ᠢ᠋ᠶ᠋ᠠᠨ ᠮᠠᠷᠲᠠᠵᠤ᠂ ᠦᠯᠡᠮᠵᠢ ᠶᠡᠬᠡ ᠤᠰᠤ ᠶ᠋ᠢ ᠰᠠᠭᠠᠷ ᠦᠭᠡᠢ ᠤᠷᠤᠰᠬᠠᠬᠤ ᠰᠦᠷᠯᠢᠭ ᠬᠦᠴᠦᠲᠦ ᠮᠥᠷᠡᠨ ᠢ᠋ ᠭᠠᠢᠬᠠᠵᠤ᠂ ᠬᠥᠪᠡᠭᠡᠨ ᠳᠡᠭᠡᠷᠡᠬᠢ ᠡᠯᠡᠰᠦᠨ ᠬᠥᠲᠥᠯ ᠳᠡᠭᠡᠭᠦᠷ ᠰᠢᠪᠠᠷᠠᠯᠳᠤᠵᠠᠢ᠃ ᠬᠡᠷᠪᠡ ᠡᠭᠦᠨ ᠢ᠋ ᠬᠠᠭᠠᠬᠤ ᠶᠤᠮ ᠪᠣᠯ ᠤᠰᠤ ᠨᠢᠭᠡᠨ ᠡᠳᠦᠷ ᠦ᠋ᠨ ᠳᠣᠲᠣᠷ᠎ᠠ ᠲᠡᠭᠷᠢ ᠳ᠋ᠦ᠍ ᠬᠦᠷᠬᠦ ᠪᠢᠵᠡ ᠭᠡᠵᠦ ᠮᠣᠩᠭᠣᠯᠴᠤᠳ ᠶᠠᠷᠢᠯᠴᠠᠪᠠ᠃ ᠤᠰᠤ ᠤᠷᠤᠭᠤ ᠲᠡᠮᠡᠦᠯᠵᠡᠭᠡᠬᠦ ᠬᠥᠯᠥᠰᠥ ᠲᠡᠢ ᠮᠣᠷᠢᠳ ᠢ᠋ᠶ᠋ᠠᠨ ᠠᠷᠠᠢᠬᠠᠨ ᠲᠣᠭᠲᠠᠭᠠᠨ ᠪᠠᠷᠢᠵᠤ ᠲᠡᠳᠡᠭᠡᠷ ᠳᠠᠢᠴᠢᠳ ᠳᠣᠪᠣ ᠳᠡᠭᠡᠷ᠎ᠡ ᠪᠠᠢᠵᠠᠭᠠᠵᠤ ᠪᠠᠢᠯ᠎ᠠ᠃
—ᠡᠨᠡ ᠪᠣᠯ ᠭᠠᠷᠠᠮ ᠢ᠋ᠶ᠋ᠠᠷ ᠭᠠᠲᠤᠯᠳᠠᠭ ᠮᠠᠨ ᠤ᠋ ᠭᠦᠨ ᠤᠰᠤᠲᠤ ᠬᠡᠷᠦᠯᠦᠨ᠂ ᠠᠯᠲᠠᠨ ᠤᠨᠤᠨ ᠬᠣᠶᠠᠷ ᠲᠠᠢ ᠠᠳᠠᠯᠢ ᠤᠰᠤ ᠣᠭᠲᠣ ᠪᠢᠰᠢ᠃
ᠡᠨᠡ ᠤᠰᠤ ᠶ᠋ᠢ ᠰᠡᠯᠢᠵᠦ ᠭᠠᠷᠬᠤ ᠪᠠᠷ ᠣᠷᠣᠯᠳᠣᠭᠠᠳ ᠦᠵᠡᠭᠲᠦᠨ᠃
— ᠬᠡᠷᠪᠡ ᠰᠠᠨᠠᠭᠰᠠᠨ ᠢ᠋ᠶ᠋ᠠᠨ ᠲᠠᠯᠪᠢᠳᠠᠭ ᠦᠭᠡᠢ ᠰᠦᠪᠡᠭᠡᠳᠡᠢ ᠬᠠᠭᠠᠰ ᠴᠡᠷᠢᠭ ᠢ᠋ᠶ᠋ᠡᠨ ᠵᠢᠪᠪᠦᠭᠦᠯᠵᠦ ᠠᠯᠠᠬᠤ ᠠ᠋ᠴᠠ ᠪᠤᠴᠠᠬᠤ ᠦᠭᠡᠢ᠂ ᠡᠨᠡ ᠤᠰᠤ ᠶ᠋ᠢ ᠭᠠᠲᠤᠯᠬᠤ ᠪᠠᠷ ᠰᠢᠢᠳᠪᠦᠷᠢᠯᠡᠭᠰᠡᠨ ᠪᠣᠯ ᠪᠢᠳᠡᠨ ᠢ᠋ ᠰᠡᠯᠢᠵᠦ ᠭᠠᠷᠬᠤ ᠳ᠋ᠤ᠌ ᠬᠦᠷᠭᠡᠬᠦ ᠪᠢᠵᠡ ? ᠭᠡᠵᠦ ᠶᠠᠷᠢᠯᠴᠠᠵᠠᠭᠠᠵᠤ ᠪᠠᠢᠪᠠ᠃ ᠲᠣᠭᠣᠰᠣᠨ ᠳ᠋ᠤ᠌ ᠳᠠᠷᠤᠭᠳᠠᠵᠤ ᠪᠣᠷᠣᠯᠠᠭᠰᠠᠨ ᠴᠠᠭᠠᠨ ᠠᠵᠢᠷᠭ᠎ᠠ ᠪᠠᠨ ᠤᠨᠤᠵᠤ ᠠᠷᠠᠰᠤᠨ ᠮᠠᠯᠠᠭᠠᠢ ᠪᠠᠨ ᠡᠮᠦᠰᠦᠭᠡᠳ ᠨᠥᠮᠥᠷᠭᠡ ᠴᠤᠪᠠ ᠳᠠᠪᠬᠤᠴᠠᠭᠰᠠᠨ ᠪᠠᠲᠤ ᠬᠠᠭᠠᠨ ᠭᠣᠣᠯ ᠤ᠋ᠨ ᠡᠷᠭᠢ ᠳ᠋ᠦ᠍ ᠬᠦᠷᠴᠦ ᠢᠷᠡᠯ᠎ᠡ᠃ ᠲᠠᠢᠪᠤᠩ ᠦᠭᠡᠢ ᠪᠠᠢᠭ᠎ᠠ ᠪᠤᠭᠤᠷᠤᠯ ᠳᠣᠯᠭᠢᠰ ᠡᠯᠡᠰᠦᠨ ᠳᠡᠭᠡᠷ᠎ᠡ ᠬᠠᠶᠠᠭᠳᠠᠨ᠂ ᠴᠡᠴᠡᠷᠭᠡᠨᠡᠭᠰᠡᠨ ᠬᠥᠭᠡᠰᠦ ᠪᠡᠨ ᠰᠠᠯᠬᠢᠨ᠎ᠠ ᠲᠤᠷᠭᠢᠯᠠᠨ ᠂ ᠲᠤᠩ ᠬᠣᠷᠣᠬᠠᠢ ᠶ᠋ᠢᠨ ᠪᠥᠨᠲᠥᠭᠡᠷ ᠲᠣᠮᠣ ᠬᠠᠯᠢᠰᠤ ᠨᠤᠭᠤᠳ ᠢ᠋ ᠰᠢᠳᠡᠯᠡᠨ ᠪᠠᠢᠵᠠᠢ᠃
— ᠮᠠᠨ ᠤ᠋ ᠮᠣᠩᠭᠣᠯ ᠤ᠋ᠨ ᠲᠠᠯ᠎ᠠ ᠡᠨᠳᠡ ᠳᠠᠭᠤᠰᠬᠤ ᠪᠠᠢᠵᠠᠢ᠃ ᠭᠣᠣᠯ ᠤ᠋ᠨ ᠲᠡᠷᠲᠡᠭᠡ ᠣᠭᠲᠣ ᠥᠭᠡᠷ᠎ᠡ ᠪᠣᠯᠬᠤ ᠤᠴᠢᠷ ᠠ᠋ᠴᠠ ᠲᠡᠨᠳᠡ ᠮᠠᠨ ᠤ᠋ ᠠᠯᠳᠠᠷ ᠭᠢᠯᠠᠰᠬᠢᠬᠦ ᠪᠣᠯᠤᠨ᠎ᠠ ᠭᠡᠵᠦ ᠳᠥᠩᠭᠡᠵᠢ ᠰᠠᠶᠢ ᠬᠦᠷᠴᠦ ᠢᠷᠡᠵᠦ ᠪᠠᠢᠭ᠎ᠠ ᠰᠥᠪᠡᠭᠡᠳᠡᠢ ᠳ᠋ᠦ᠍ ᠬᠡᠯᠡᠨ᠎ᠡ᠃ ᠭᠣᠣᠯ ᠤ᠋ᠨ ᠨᠥᠭᠦᠭᠡ ᠡᠷᠭᠢ ᠳ᠋ᠦ᠍ ᠪᠠᠢᠭ᠎ᠠ ᠳᠣᠪᠣ ᠭᠦᠳᠦᠭᠦᠷ ᠦ᠋ᠳ ᠢ᠋ᠶ᠋ᠡᠷ ᠬᠡᠳᠦᠢᠨᠡᠢ ᠠᠯᠲᠠᠨ ᠨᠠᠮᠤᠷ ᠢ᠋ᠶ᠋ᠠᠷ ᠲᠠᠮᠠᠭᠠᠯᠠᠭᠳᠠᠭᠰᠠᠨ ᠣᠢ ᠮᠣᠳᠣ ᠪᠤᠷᠵᠠᠢᠨ ᠦᠵᠡᠭᠳᠡᠭᠡᠳ ᠳᠣᠪᠣ ᠳᠡᠭᠡᠷ᠎ᠡ ᠮᠠᠨᠠᠭᠠᠨ ᠤ᠋ ᠬᠣᠶᠠᠷ ᠮᠣᠳᠣᠨ ᠴᠠᠢᠵᠠ ᠥᠨᠳᠥᠷᠯᠡᠨ ᠦᠵᠡᠭᠳᠡᠵᠦ ᠪᠠᠢᠯ᠎ᠠ᠃ ᠡᠯᠡᠰᠦ ᠬᠠᠢᠷᠭᠤ ᠪᠣᠯᠤᠭᠰᠠᠨ ᠤᠷᠲᠤ ᠨᠠᠯᠠᠤ ᠡᠷᠭᠢ ᠨᠦ᠍ᠭᠦᠳ ᠨᠣᠭᠣᠭᠠᠨ ᠡᠷᠭᠢ ᠡᠴᠡ ᠪᠡᠨ ᠢᠯᠭᠠᠷᠠᠵᠤ ᠰᠢᠷᠠᠯᠠᠨ ᠬᠠᠷᠠᠭᠳᠠᠵᠤ ᠪᠠᠢᠯ᠎ᠠ᠃ ᠭᠠᠯᠠᠭᠤ ᠨᠤᠭᠤᠰᠤ ᠪᠣᠯᠤᠨ ᠪᠠᠰᠠ ᠪᠤᠰᠤ ᠰᠢᠪᠠᠭᠤᠳ ᠰᠦᠷᠦᠭ ᠰᠦᠷᠦᠭ ᠢ᠋ᠶ᠋ᠡᠷ ᠦᠵᠡᠭᠳᠡᠵᠦ ᠪᠠᠢᠯ᠎ᠠ᠃ ᠮᠥᠨ ᠲᠡᠨᠳᠡ ᠰᠦᠷᠡᠬᠡᠢ ᠬᠠᠳᠠ ᠬᠠᠯᠢᠯ ᠪᠣᠯᠤᠭᠰᠠᠨ ᠨᠢᠭᠡᠨ ᠪᠤᠭᠤᠷᠤᠯ ᠠᠭᠤᠯᠠ ᠭᠠᠭᠴᠠᠭᠠᠷ ᠬᠠᠷᠠᠭᠳᠠᠨ ᠴᠠᠰᠢ ᠭᠦᠨ ᠣᠢ ᠵᠠᠯᠭᠠᠵᠠᠢ᠃ ᠠᠭᠤᠯᠠ ᠳᠡᠭᠡᠷ᠎ᠡ ᠬᠣᠭᠣᠷᠣᠨᠳᠣ ᠪᠠᠨ ᠬᠠᠴᠢᠨ ᠵᠢᠭᠲᠡᠢ ᠴᠠᠭᠠᠨ ᠴᠠᠭᠠᠨ ᠪᠠᠭᠠᠨ᠎ᠠ ᠲᠠᠢ ᠲᠣᠮᠣ ᠨᠦᠬᠡ ᠨᠦ᠍ᠭᠦᠳ ᠪᠠᠷᠠᠭᠠᠯᠠᠨ ᠦᠵᠡᠭᠳᠡᠨ᠎ᠡ᠃ ᠡᠷᠭᠢᠨ ᠳᠡᠭᠡᠭᠦᠷ ᠬᠡᠳᠦᠨ ᠦᠬᠡᠷ ᠵᠠᠯᠬᠠᠭᠤ ᠬᠦᠷᠦᠮ᠎ᠡ ᠰᠠᠵᠢᠯᠠᠨ ᠶᠠᠪᠤᠲᠠᠯ᠎ᠠ ᠠᠭᠤᠯᠠ ᠠ᠋ᠴᠠ ᠬᠣᠶᠠᠷ ᠪᠦᠰᠡᠭᠦᠢ ᠭᠦᠶᠦᠨ ᠢᠷᠡᠵᠦ ᠮᠣᠳᠣᠨ ᠤ᠋ ᠮᠥᠴᠢᠷ ᠢ᠋ᠶ᠋ᠡᠷ ᠰᠢᠪᠬᠠᠷᠳᠠᠨ ᠣᠢ ᠤᠷᠤᠭᠤ ᠬᠥᠭᠡᠭᠡᠨ ᠣᠳᠤᠯ᠎ᠠ᠃
— ᠮᠠᠨ ᠤ᠋ ᠬᠣᠭᠣᠯᠠ ᠪᠢᠳᠡᠨ ᠡᠴᠡ ᠵᠠᠢᠯᠠᠬᠤ ᠨᠢ ᠡᠨᠡ ᠳ᠋ᠠ ᠭᠡᠵᠦ ᠮᠣᠩᠭᠣᠯ ᠴᠡᠷᠢᠭ ᠦ᠋ᠨ ᠡᠷ᠎ᠡ ᠬᠡᠯᠡᠯ᠎ᠡ᠃ ᠠᠭᠤᠯᠠ ᠶ᠋ᠢᠨ ᠭᠤᠨᠢᠭᠲᠤ ᠣᠷᠣᠢ ᠪᠠᠷ ᠬᠥᠮᠦᠰ ᠪᠤᠵᠢᠭᠢᠨᠠᠬᠤ ᠨᠢ ᠠᠷᠠᠢᠬᠠᠨ ᠦᠵᠡᠭᠳᠡᠬᠦ ᠲᠡᠳᠦᠢ ᠪᠥᠭᠡᠳ ᠰᠢᠷᠭᠤᠯᠵᠢ ᠮᠡᠲᠦ ᠰᠠᠨᠠᠭᠳᠠᠨ᠎ᠠ᠃ ᠰᠦᠷᠦᠭ ᠴᠠᠭᠠᠨ ᠴᠠᠬᠤᠯᠠᠢ ᠨᠢᠰᠦᠨ ᠭᠣᠣᠯ ᠳᠡᠭᠡᠭᠦᠷ ᠡᠷᠭᠢᠯᠳᠦᠵᠦ ᠤᠰᠤ ᠤᠷᠤᠭᠤ ᠪᠠᠭᠤᠭᠠᠳ ᠬᠥᠪᠬᠦ ᠭᠤᠸᠠᠯᠢᠩ ᠳᠡᠭᠡᠷ᠎ᠡ ᠰᠠᠭᠤᠨ ᠬᠡᠷᠡᠭᠦᠯᠳᠡᠨ ᠴᠢᠷᠠᠯᠠᠨ ᠨᠢᠰᠬᠦ ᠵᠡᠷᠭᠡ ᠪᠡᠷ ᠳᠠᠬᠢᠨ ᠪᠠᠭᠤᠵᠤ ᠰᠠᠭᠤᠯ᠎ᠠ᠃
—ᠡᠨᠡ ᠭᠤᠸᠠᠯᠢᠩ ᠪᠢᠰᠢᠭᠦᠢ ᠬᠥᠪᠴᠦ ᠶᠠᠪᠤᠨ᠎ᠠ᠂ ᠦᠵᠡᠭᠲᠦᠨ!ᠠᠯᠠᠭᠳᠠᠭᠰᠠᠨ ᠪᠣᠯᠭᠠᠷᠢ ᠤ᠋ᠳ ᠪᠣᠯᠬᠤ ᠠ᠋ᠴᠠ ᠵᠠᠢᠯᠠᠬᠤ ᠦᠭᠡᠢ ᠪᠢᠵᠡ ?ᠱᠸᠢ᠍ᠢᠪᠠᠨᠢ ᠬᠠᠭᠠᠨ ᠤ᠋ ᠲᠥᠬᠥᠭᠡᠷᠦᠭᠰᠡᠨ ᠵᠦᠢᠯ ᠪᠣᠯᠬᠤ ᠠ᠋ᠴᠠ ᠵᠠᠢᠯᠠᠬᠤ ᠦᠭᠡᠢ ᠨᠢ᠂ ᠲᠡᠷᠡ ᠪᠣᠯᠭᠠᠷᠢ᠂ ᠮᠣᠩᠭᠣᠯ ᠤ᠋ᠨ ᠶᠣᠰᠣ ᠶ᠋ᠢ ᠳᠡᠯᠭᠡᠷᠡᠭᠦᠯᠵᠦ ᠪᠠᠢᠭ᠎ᠠ ᠪᠣᠯᠤᠯᠲᠠᠢ ᠭᠡᠵᠦ ᠶᠠᠷᠢᠵᠠᠭᠠᠵᠤ ᠪᠠᠢᠪᠠ᠃ ᠬᠥᠮᠦᠨ ᠦ᠌ ᠬᠡᠭᠦᠷ ᠣᠯᠠᠨ ᠢ᠋ᠶ᠋ᠠᠷ ᠬᠥᠪᠴᠦ ᠪᠠᠢᠭᠰᠠᠭᠠᠷ᠂ ᠨᠢᠭᠡᠨ ᠭᠢᠯᠵᠢᠢᠭᠰᠡᠨ ᠬᠥᠬᠡ ᠴᠢᠷᠠᠢ ᠲᠠᠢ ᠬᠥᠭᠡᠭᠡᠵᠦ ᠲᠣᠮᠣᠷᠠᠭᠰᠠᠨ ᠬᠡᠭᠦᠷ ᠰᠠᠯᠬᠢ ᠤᠰᠤᠨ ᠤ᠋ ᠳᠡᠪᠠᠯᠭᠠᠨᠠ ᠬᠦᠪᠡᠭᠡᠭᠳᠡᠵᠦ ᠡᠷᠭᠢ ᠶ᠋ᠢᠨ ᠵᠦᠭ ᠠᠯᠭᠤᠷ ᠬᠥᠪᠴᠦ ᠶᠠᠪᠤᠭᠰᠠᠭᠠᠷ ᠭᠦᠶᠦᠬᠡᠨ ᠭᠠᠵᠠᠷ ᠢᠷᠡᠵᠦ ᠭᠠᠵᠠᠷᠳᠠᠨ ᠵᠣᠭᠰᠣᠪᠠ᠃ ᠭᠤᠷᠪᠠ ᠬᠣᠨᠣᠭ ᠪᠠᠭᠤᠳᠠᠯᠯᠠᠨᠠ ᠭᠡᠵᠦ ᠴᠡᠷᠢᠭ ᠦ᠋ᠳ ᠲᠦ᠍ ᠵᠠᠷᠯᠠᠭᠰᠠᠨ ᠲᠤᠯᠠ ᠬᠥᠨᠳᠡᠢ ᠳ᠋ᠦ᠍ ᠭᠠᠵᠠᠷ ᠪᠦᠬᠦᠨ ᠲᠦᠳᠡᠭ ᠦ᠋ᠨ ᠤᠲᠤᠭ᠎ᠠ ᠮᠠᠨᠠᠷᠠᠨ ᠡᠬᠢᠯᠡᠯ᠎ᠡ᠃
ᠳᠠᠷᠠᠭ᠎ᠠ ᠡᠳᠦᠷ ᠵᠠᠭᠤᠨ ᠤ᠋ ᠳᠠᠷᠤᠭ᠎ᠠ ᠠᠷᠠᠫᠱᠠ ᠮᠦᠰᠥ᠋ᠺ ᠲᠦ᠍ ᠬᠡᠯᠡᠭᠰᠡᠨ ᠨᠢ᠄
— ᠮᠢᠩᠭᠠᠨ ᠤ᠋ ᠵᠠᠬᠢᠷᠤᠯ ᠺᠦᠨᠳ᠋ᠵᠢ ᠶ᠋ᠢᠨ ᠲᠤᠰᠢᠶᠠᠯ ᠢ᠋ᠶ᠋ᠠᠷ ᠴᠢᠮᠠᠲᠤ ᠴᠢᠬᠤᠯᠠ ᠨᠢᠭᠡ ᠵᠦᠢᠯ ᠢ᠋ ᠳᠠᠭᠠᠭᠠᠯᠭᠠᠨ᠎ᠠ᠃ ᠡᠷᠭᠢ ᠪᠡᠷ ᠣᠷᠣᠰᠢᠭᠴᠢᠳ ᠠ᠋ᠴᠠ ᠨᠢᠭᠡ ᠬᠥᠮᠦᠨ ᠢ᠋ ᠪᠠᠷᠢᠵᠤ ᠠᠪᠴᠢᠷᠠᠬᠤ ᠬᠡᠷᠡᠭᠲᠡᠢ᠃ ᠡᠨᠳᠡ ᠣᠯᠠᠨ ᠬᠥᠮᠦᠨ ᠵᠢᠭᠠᠰᠤ ᠠᠩᠨᠠᠵᠤ ᠲᠠᠷᠢᠶ᠎ᠠ ᠲᠠᠷᠢᠳᠠᠭ ᠪᠣᠯᠬᠤ ᠶ᠋ᠢᠨ ᠳᠡᠭᠡᠷ᠎ᠡ ᠤᠰᠤᠨ ᠤ᠋ ᠡᠷᠭᠢᠨ ᠳ᠋ᠦ᠍ ᠲᠣᠣᠷ ᠲᠠᠯᠪᠢᠭᠰᠠᠨ ᠪᠠᠢᠬᠤ ᠪᠠᠷ ᠦᠵᠡᠪᠡᠯ ᠬᠥᠮᠦᠨ ᠪᠠᠢᠬᠤ ᠨᠢ ᠮᠠᠭᠠᠳ ᠪᠣᠯᠤᠨ᠎ᠠ᠃ ᠲᠡᠷᠲᠡᠭᠡ ᠡᠷᠭᠢᠨ ᠳᠡᠭᠡᠷ᠎ᠡ ᠪᠠᠢᠭ᠎ᠠ ᠨᠠᠷᠢᠨ ᠬᠠᠷ᠎ᠠ ᠵᠠᠪᠢ ᠨᠤᠭᠤᠳ ᠢ᠋ ᠬᠠᠷ᠎ᠠ᠂ ᠡᠨᠳᠡ ᠡᠴᠡ ᠪᠡᠨ ᠭᠣᠣᠯ ᠢ᠋ ᠥᠭᠰᠥᠵᠦ ᠶᠠᠪᠤᠭᠠᠳ ᠡᠷᠭᠢᠨ ᠳᠡᠭᠡᠷ᠎ᠡ ᠭᠠᠷᠤᠭᠰᠠᠨ ᠵᠢᠭᠠᠰᠤᠴᠢᠨ ᠢ᠋ ᠪᠠᠷᠢᠭᠲᠤᠨ᠂ ᠪᠢ ᠴᠢᠮᠠᠲᠤ ᠨᠦᠬᠦᠷᠯᠡᠭᠴᠢᠳ ᠡᠴᠡ ᠪᠡᠨ ᠲᠤᠰᠠᠯᠠᠭᠤᠯᠤᠨ᠎ᠠ ᠭᠡᠵᠡᠢ᠃
ᠮᠦᠰᠥ᠋ᠺ ᠲᠠᠪᠤᠨ ᠮᠣᠩᠭᠣᠯ ᠬᠥᠮᠦᠨ ᠦ᠌ ᠬᠠᠮᠲᠤ ᠭᠣᠣᠯ ᠠ᠋ᠴᠠ ᠵᠠᠢᠯᠠᠨ ᠳᠠᠷᠠᠰᠤ ᠲᠠᠢ ᠲᠠᠯ᠎ᠠ ᠳ᠋ᠤ᠌ ᠭᠠᠷᠤᠮᠠᠭᠴᠠ ᠴᠤᠪᠤᠴᠠ ᠵᠠᠮ ᠢ᠋ ᠣᠯᠤᠭᠰᠠᠨ ᠪᠣᠯᠪᠠᠴᠤ ᠠᠷᠠᠢᠬᠠᠨ ᠨᠠᠮᠤᠭ ᠲᠤ᠌ ᠰᠢᠭᠢᠳᠦᠨ ᠦᠬᠦᠭᠰᠡᠨ ᠦᠭᠡᠢ᠂ ᠪᠡᠶ᠎ᠡ ᠪᠡᠶᠡᠰ ᠢ᠋ ᠪᠤᠭᠤᠢᠯᠢ ᠪᠠᠷ ᠴᠢᠷᠦᠨ ᠭᠠᠷᠭᠠᠵᠤ᠂ ᠲᠡᠨᠳᠡ ᠡᠴᠡ ᠪᠡᠨ ᠳᠠᠬᠢᠨ ᠡᠷᠭᠢ ᠶ᠋ᠢᠨ ᠵᠦᠭ ᠣᠢᠷᠠᠲᠤᠵᠤ ᠮᠣᠷᠢᠳ ᠢ᠋ ᠬᠦᠲᠦᠯᠵᠡᠭᠡᠨ ᠨᠢᠭᠤᠭᠳᠠᠵᠤ ᠶᠠᠪᠤᠵᠠᠭᠠᠵᠠᠢ᠃ ᠵᠠᠪᠢ ᠬᠣᠶᠠᠷ ᠤᠳᠠᠭ᠎ᠠ ᠡᠷᠭᠢᠨ ᠳ᠋ᠦ᠍ ᠣᠢᠷᠠᠲᠤᠵᠤ ᠦᠵᠡᠭᠳᠡᠭᠰᠡᠨ ᠦ᠌ ᠨᠢᠭᠡᠨ ᠳᠡᠭᠡᠷ᠎ᠡ ᠤᠯᠠᠭᠠᠨ ᠡᠮᠵᠢᠶᠡᠷᠢ ᠲᠡᠢ ᠴᠠᠭᠠᠨ ᠬᠤᠪᠴᠠᠰᠤ ᠲᠠᠢ ᠬᠡᠦᠬᠡᠨ ᠬᠥᠮᠦᠨ᠂ ᠨᠥᠭᠦᠭᠡ ᠳᠡᠭᠡᠷ᠎ᠡ ᠡᠪᠦᠭᠡᠨ ᠬᠦᠦ ᠬᠣᠶᠠᠷ ᠲᠤᠰ ᠲᠤᠰ ᠬᠦᠷᠵᠡ ᠮᠡᠲᠦ ᠪᠣᠭᠣᠨᠢ ᠰᠡᠯᠢᠭᠦᠷ ᠢ᠋ᠶ᠋ᠡᠷ ᠰᠡᠯᠢᠭᠦᠷᠳᠡᠨ ᠶᠠᠪᠤᠵᠤ ᠵᠠᠪᠢ ᠨᠢ ᠮᠠᠰᠢ ᠨᠠᠷᠢᠬᠠᠨ ᠪᠥᠭᠡᠳ ᠳᠣᠭᠰᠢᠷᠠᠨ ᠱᠠᠭᠢᠬᠤ ᠪᠤᠭᠤᠷᠤᠯ ᠳᠠᠪᠠᠯᠭᠠᠨ ᠳᠡᠭᠡᠷ᠎ᠡ ᠲᠡᠭᠦᠨ ᠢ᠋ ᠬᠥᠮᠦᠷᠢᠭᠦᠯᠦᠯ ᠦᠭᠡᠢ ᠲᠣᠭᠲᠠᠭᠠᠬᠤ ᠳ᠋ᠤ᠌ ᠣᠨᠴᠣᠭᠣᠢ ᠡᠷᠳᠡᠮ ᠴᠢᠳᠠᠯ ᠬᠡᠷᠡᠭᠲᠡᠢ ᠶᠤᠮ ᠰᠢᠭ ᠰᠠᠨᠠᠭᠳᠠᠵᠠᠢ᠃ ᠮᠦᠰᠥ᠋ᠺ᠂ ᠬᠦᠦ ᠲᠡᠢ ᠡᠪᠦᠭᠡᠨ ᠢ᠋ ᠳᠡᠭᠡᠭᠡᠳᠡᠶᠡ ᠭᠡᠵᠦ ᠮᠣᠩᠭᠣᠯᠴᠤᠳ ᠲᠠᠢ ᠪᠠᠨ ᠪᠣᠯᠵᠣᠵᠤ ᠲᠡᠳᠡ ᠯᠠᠪ ᠪᠠᠭᠤᠳᠠᠯᠯᠠᠬᠤ ᠲᠣᠭᠲᠠᠮᠠᠯ ᠭᠠᠵᠠᠷ ᠲᠠᠢ ᠪᠠᠢᠬᠤ ᠭᠡᠵᠦ ᠶᠠᠷᠢᠯᠴᠠᠵᠠᠢ᠃ ᠨᠢᠭᠡᠨ ᠲᠠᠩᠨᠠᠭᠤᠯ ᠬᠥᠪᠡᠭᠡᠨ ᠦ᠌ ᠴᠠᠭᠠᠨ᠎ᠠ ᠮᠣᠷᠢᠨ ᠳᠡᠭᠡᠷ᠎ᠡ ᠪᠡᠨ ᠦᠯᠡᠳᠡᠵᠦ ᠪᠤᠰᠤᠳ ᠨᠢ ᠡᠷᠭᠢ ᠶ᠋ᠢᠨ ᠳᠠᠭᠠᠤ ᠪᠤᠲᠠ ᠶ᠋ᠢᠨ ᠠᠷᠤ ᠪᠠᠷ ᠨᠢᠭᠤᠭᠳᠠᠵᠤ ᠮᠦᠰᠥ᠋ᠺ ᠦ᠋ᠨ ᠳᠣᠬᠢᠶ᠎ᠠ ᠶ᠋ᠢ ᠬᠦᠯᠢᠶᠡᠨ ᠶᠠᠪᠤᠵᠠᠭᠠᠪᠠ᠃
ᠡᠪᠦᠭᠡᠨ ᠦ᠌ ᠵᠠᠪᠢ ᠤᠷᠤᠰᠬᠠᠯ ᠰᠥᠷᠴᠦ ᠤᠳᠠᠭᠠᠨ ᠶᠠᠪᠤᠬᠤ ᠲᠤᠯᠠ ᠮᠦᠰᠥ᠋ᠺ ᠪᠣᠭᠣᠨᠢ ᠵᠢᠳᠠ ᠪᠠᠷᠢᠵᠤ ᠡᠷᠭᠢ ᠶ᠋ᠢᠨ ᠳᠠᠭᠠᠤ ᠮᠥᠨ ᠯᠡ ᠤᠳᠠᠲᠠᠯ᠎ᠠ ᠮᠥᠯᠬᠥᠯᠡ᠃ ᠵᠠᠮ ᠳ᠋ᠤ᠌ ᠬᠣᠶᠠᠷ ᠭᠣᠣᠯ ᠲᠣᠬᠢᠶᠠᠯᠳᠤᠭᠰᠠᠨ ᠲᠤᠯᠠ ᠬᠦᠵᠦᠭᠦᠦ ᠪᠡᠷ ᠲᠠᠲᠠᠮ᠎ᠠ ᠤᠰᠤ ᠲᠤᠭᠤᠯᠵᠤ ᠳᠣᠷᠣᠢ ᠲᠠᠢ ᠵᠡᠷᠯᠢᠭ ᠭᠠᠬᠠᠢ ᠶ᠋ᠢ ᠦᠷᠭᠦᠭᠡᠯᠡ᠃ ᠮᠦᠰᠥ᠋ᠺ᠂ ᠡᠪᠦᠭᠡᠨ ᠢ᠋ ᠬᠡᠳᠦ ᠬᠡᠳᠦᠨ ᠤᠳᠠᠭ᠎ᠠ ᠬᠠᠷᠠᠭᠠᠨ ᠠ᠋ᠴᠠ ᠠᠯᠳᠠᠵᠤ ᠶᠠᠪᠤᠭᠰᠠᠭᠠᠷ ᠰᠡᠭᠦᠯ ᠳ᠋ᠡᠭᠡᠨ ᠲᠡᠷᠡ ᠵᠠᠪᠢ ᠡᠷᠭᠢ ᠡᠴᠡ ᠬᠣᠯᠠᠳᠠᠵᠤ ᠭᠣᠣᠯ ᠤ᠋ᠨ ᠳᠤᠮᠳᠠ ᠪᠠᠢᠭ᠎ᠠ ᠠᠷᠠᠯ ᠤ᠋ᠨ ᠴᠢᠭ ᠲᠦ᠍ ᠶᠠᠪᠤᠵᠠᠢ᠃ ᠲᠡᠨᠳᠡ ᠡᠪᠦᠭᠡᠨ ᠵᠡᠭᠡᠰᠦᠨ ᠦ᠌ ᠳᠣᠲᠣᠷ᠎ᠠ ᠤᠳᠠᠭᠠᠨ ᠢ᠋ᠶ᠋ᠠᠷ ᠠᠵᠢᠯᠯᠠᠵᠤ ᠲᠣᠣᠷ ᠢ᠋ ᠰᠠᠯᠭᠠᠨ ᠪᠠᠢᠭᠰᠠᠨ ᠵᠢᠭᠠᠰᠤ ᠶ᠋ᠢ ᠵᠠᠪᠢ ᠤᠷᠤᠭᠤ ᠬᠠᠶᠠᠯᠠᠵᠤ ᠪᠠᠢᠯ᠎ᠠ᠃ ᠮᠦᠰᠥ᠋ᠺ ᠨᠡᠪᠲᠡ ᠨᠣᠷᠴᠤ ᠡᠯᠡᠰᠦᠨ ᠳᠡᠭᠡᠷ᠎ᠡ ᠬᠡᠪᠲᠡᠨ ᠬᠦᠯᠢᠶᠡᠲᠡᠯᠡ ᠵᠠᠪᠢ ᠳᠠᠬᠢᠨ ᠡᠷᠭᠢ ᠶ᠋ᠢᠨ ᠵᠦᠭ ᠬᠥᠪᠴᠦ ᠤᠷᠤᠰᠬᠠᠯ ᠤ᠋ᠨ ᠳᠠᠭᠠᠤ ᠶᠠᠪᠤᠯ᠎ᠠ᠃ ᠣᠳᠣ ᠬᠤᠷᠳᠤᠨ ᠶᠠᠪᠤᠬᠤ ᠲᠤᠯᠠ ᠲᠦᠳᠡ ᠦᠵᠡᠭᠳᠡᠬᠦ ᠦᠭᠡᠢ ᠪᠣᠯᠪᠠ᠃ ᠮᠦᠰᠥ᠋ᠺ ᠳᠠᠬᠢᠨ ᠥᠨᠥ ᠬᠣᠶᠠᠷ ᠨᠠᠮᠤᠭ ᠲᠠᠢ ᠭᠣᠣᠯ ᠢ᠋ ᠲᠤᠭᠤᠯᠵᠤ ᠡᠷᠭᠢᠨ ᠳᠡᠭᠡᠷ᠎ᠡ ᠭᠠᠷᠲᠠᠯ᠎ᠠ ᠲᠤᠩ ᠣᠢᠷᠠᠬᠠᠨ ᠬᠥᠮᠦᠨ ᠦ᠌ ᠳᠠᠭᠤᠨ ᠰᠣᠨᠣᠰᠳᠠᠭᠠᠳ᠂ ᠮᠡᠳᠡᠭᠳᠡᠬᠦ ᠦᠭᠡᠢ ᠶ᠋ᠢᠨ ᠲᠤᠯᠠᠳᠠ ᠴᠢᠳᠠᠬᠤ ᠴᠢᠨᠡᠭᠡ ᠪᠡᠷ ᠰᠡᠮᠬᠡᠨ ᠮᠥᠯᠬᠥᠯᠡ᠃ ᠲᠡᠭᠡᠵᠦ ᠶᠠᠪᠤᠭᠰᠠᠭᠠᠷ ᠠᠷᠠᠢᠬᠠᠨ ᠵᠡᠭᠡᠰᠦ ᠶ᠋ᠢᠨ ᠡᠰᠢ ᠳᠤᠮᠳᠠᠭᠤᠷ ᠱᠠᠭᠠᠢᠵᠤ ᠬᠠᠷᠠᠪᠠᠯ ᠪᠢᠴᠢᠬᠠᠨ ᠪᠤᠯᠤᠩ ᠪᠠᠢᠬᠤ ᠪᠥᠭᠡᠳ ᠬᠠᠷ᠎ᠠ ᠵᠠᠪᠢ ᠶ᠋ᠢ ᠬᠢᠲᠦᠭᠡ ᠪᠡᠷ ᠡᠯᠡᠰᠦ ᠲᠡᠢ ᠡᠷᠭᠢ ᠥᠭᠡᠳᠡ ᠲᠡᠳᠡᠨ ᠲᠣᠷᠭᠣᠭᠠᠳ ᠡᠪᠦᠭᠡᠨ ᠬᠦᠦ ᠬᠣᠶᠠᠷ ᠲᠦᠳᠡᠭ ᠦ᠋ᠨ ᠳᠡᠷᠭᠡᠳᠡ ᠬᠡᠪᠲᠡᠵᠦ ᠪᠠᠢᠯ᠎ᠠ᠃ ᠭᠠᠯ ᠳᠣᠲᠣᠷ᠎ᠠ ᠬᠦ ᠲᠡᠢ ᠲᠣᠭᠣᠭ᠎ᠠ ᠲᠠᠯᠪᠢᠭᠰᠠᠨ ᠨᠢ ᠲᠡᠭᠦᠨ ᠡᠴᠡ ᠵᠢᠭᠠᠰᠤᠨ ᠤ᠋ ᠰᠡᠭᠦᠯ ᠴᠤᠬᠤᠢᠨ ᠬᠠᠷᠠᠭᠳᠠᠭᠠᠳ ᠪᠤᠴᠠᠯᠤᠭᠰᠠᠨ ᠱᠥᠯᠥ ᠬᠥᠭᠡᠰᠦᠷᠡᠨ ᠬᠠᠯᠢᠵᠤ ᠪᠠᠢᠯ᠎ᠠ᠃ ᠬᠥᠪᠡᠭᠦᠨ ᠭᠠᠯ ᠳ᠋ᠤ᠌ ᠬᠡᠳᠦᠨ ᠮᠥᠴᠢᠷ ᠢ᠋ ᠬᠠᠶᠠᠵᠤ ᠡᠪᠦᠭᠡᠨ ᠭᠠᠷ ᠢ᠋ᠶ᠋ᠠᠨ ᠳᠡᠷᠡᠯᠡᠨ ᠬᠡᠪᠲᠡᠬᠦ ᠲᠤᠯᠠ ᠪᠤᠭᠤᠷᠤᠯ ᠰᠠᠬᠠᠯ ᠨᠢ ᠥᠷᠪᠥᠢᠵᠦ ᠬᠠᠷᠠᠭᠳᠠᠪᠠ᠃ ᠲᠡᠷᠡ ᠨᠢ ᠤᠳᠠᠯ ᠦᠭᠡᠢ ᠨᠢᠳᠦ ᠪᠡᠨ ᠠᠨᠢᠵᠤ ᠬᠤᠷᠬᠢᠷᠠᠨ ᠤᠨᠲᠠᠭᠰᠠᠨ ᠲᠤᠯᠠ ᠨᠥᠬᠦᠭᠡᠰᠦᠲᠡᠢ ᠪᠥᠭᠡᠳ ᠡᠪᠦᠳᠦᠭ ᠬᠦᠷᠦᠭᠰᠡᠨ ᠵᠡᠪᠡᠬᠡᠢ ᠳᠠᠪᠤᠤ ᠴᠠᠮᠴᠠ ᠮᠥᠨ ᠡᠪᠦᠳᠦᠭ ᠨᠢ ᠴᠣᠭᠣᠷᠣᠭᠰᠠᠨ ᠥᠷᠭᠡᠨ ᠰᠠᠷᠢᠰᠤᠨ ᠥᠮᠥᠳᠥ᠂ ᠭᠣᠷᠭᠢ ᠲᠠᠢ ᠬᠠᠭᠤᠴᠢᠨ ᠰᠤᠷ ᠪᠦᠰᠡ᠂ ᠲᠡᠭᠦᠨ ᠳ᠋ᠦ᠍ ᠵᠡᠭᠦᠭᠰᠡᠨ ᠮᠣᠳᠣᠨ ᠬᠤᠢ ᠲᠠᠢ ᠬᠢᠲᠤᠭ᠎ᠠ ᠴᠥᠮ ᠢᠯᠡᠬᠡᠨ ᠦᠵᠡᠭᠳᠡᠵᠦ ᠪᠠᠢᠯ᠎ᠠ᠃ ᠭᠡᠨᠡᠳᠲᠡ ᠬᠦᠦ ᠰᠠᠨᠳᠤᠷᠤᠨ ᠡᠰᠢ ᠳᠠᠰᠢ ᠬᠠᠷᠠᠪᠠ᠃ ᠮᠦᠰᠦᠢ᠍ᠺ ᠵᠡᠭᠡᠰᠦ ᠬᠤᠭᠤ ᠳᠠᠭᠠᠷᠢᠵᠤ ᠤᠬᠤᠰᠬᠢᠨ ᠪᠣᠰᠤᠭᠠᠳ ᠡᠪᠦᠭᠡᠨ ᠦ᠌ ᠳᠡᠭᠡᠷ᠎ᠡ ᠡᠴᠡ ᠪᠠᠭᠤᠲᠠᠯ᠎ᠠ ᠬᠥᠪᠡᠭᠦᠨ ᠲᠣᠩᠭᠣᠷᠴᠠᠭᠯᠠᠨ ᠥᠩᠬᠥᠷᠢᠭᠰᠡᠭᠡᠷ ᠵᠠᠪᠢ ᠳ᠋ᠤ᠌ ᠬᠦᠷᠴᠦ ᠡᠷᠭᠢᠨ ᠡᠴᠡ ᠲᠦᠯᠬᠢᠨ ᠲᠡᠭᠦᠨ ᠳᠡᠭᠡᠷ᠎ᠡ ᠭᠠᠪᠰᠢᠭᠠᠢ ᠪᠠᠷ ᠬᠠᠷᠠᠢᠨ ᠭᠠᠷᠤᠭᠠᠳ᠂ ᠡᠪᠦᠭᠡᠨ ᠠᠪᠤ ᠪᠠᠨ ᠨᠠᠰᠢ ᠪᠠᠨ ᠵᠠᠪᠢ ᠤᠷᠤᠭᠤ ᠪᠠᠨ ᠲᠦᠷᠭᠡᠨ ᠢᠷᠡᠭᠲᠦᠨ ᠭᠡᠵᠦ ᠬᠠᠰᠬᠢᠷᠪᠠ᠃ ᠮᠦᠰᠦᠢ᠍ᠺ ᠲᠤᠷᠠᠩᠬᠠᠢ ᠶᠠᠩᠭᠢᠷ ᠡᠪᠦᠭᠡᠨ ᠢ᠋ ᠳᠠᠪᠠᠬᠤ ᠳ᠋ᠤ᠌ ᠬᠢᠯᠪᠠᠷ ᠶᠤᠮᠰᠢᠭ᠋ ᠰᠠᠨᠠᠭᠳᠠᠭᠰᠠᠨ ᠲᠤᠯᠠ ᠬᠢᠲᠤᠭ᠎ᠠ ᠤᠷᠤᠭᠤ ᠪᠠᠨ ᠰᠠᠷᠪᠠᠢᠭᠰᠠᠨ ᠭᠠᠷ ᠢ᠋ ᠨᠤᠭᠤᠯᠵᠤ ᠰᠤᠷ ᠢ᠋ᠶ᠋ᠠᠷ ᠬᠦᠯᠢᠬᠦ ᠶ᠋ᠢ ᠪᠣᠳᠣᠨ᠂ ᠳᠡᠭᠡᠷ᠎ᠡ ᠡᠴᠡ ᠨᠢ ᠳᠠᠷᠤᠵᠤ ᠬᠡᠪᠲᠡᠪᠡ᠃ ᠭᠡᠲᠡᠯ᠎ᠡ ᠡᠪᠦᠭᠡᠨ ᠮᠠᠰᠢ ᠲᠡᠩᠬᠡᠭᠡ ᠲᠡᠢ ᠪᠥᠭᠡᠳ ᠬᠠᠮᠤᠭ ᠴᠢᠳᠠᠯ ᠢ᠋ᠶ᠋ᠠᠷ ᠨᠣᠴᠣᠯᠳᠤᠨ ᠭᠠᠷ ᠢ᠋ᠶ᠋ᠠᠨ ᠰᠤᠭᠤ ᠲᠠᠲᠠᠮᠠᠭᠴᠠ ᠴᠢᠯᠠᠭᠤ ᠪᠠᠷ ᠮᠦᠰᠦᠢ᠍ᠺ ᠦ᠋ᠨ ᠨᠢᠳᠦᠨ ᠦ᠌ ᠲᠤᠰᠢᠶ᠎ᠠ ᠴᠣᠬᠢᠯ᠎ᠠ᠃ ᠲᠦᠳᠡᠭ ᠂ ᠵᠡᠭᠡᠰᠦ ᠂ ᠭᠣᠣᠯ ᠴᠥᠮ ᠲᠡᠷᠡᠬᠡᠨ ᠵᠠᠭᠤᠷ᠎ᠠ ᠡᠷᠭᠢᠯᠳᠦᠵᠦ ᠮᠦᠰᠦᠢ᠍ᠺ《ᠬᠡᠯᠡ》 ᠶ᠋ᠢ ᠠᠮᠢᠳᠤ ᠪᠠᠷ ᠪᠠᠷᠢᠬᠤ ᠶ᠋ᠢ ᠪᠣᠳᠣᠨ ᠴᠠᠰᠢ ᠲᠡᠮᠡᠴᠡᠯᠳᠦᠪᠡ᠃ ᠡᠪᠦᠭᠡᠨ ᠵᠡᠷᠯᠢᠭ ᠠᠷᠢᠶᠠᠲᠠᠨ ᠰᠢᠭ᠋ ᠮᠦᠰᠦᠢ᠍ᠺ ᠦ᠋ᠨ ᠳᠤᠬᠤ ᠶ᠋ᠢ ᠬᠠᠵᠠᠨ ᠵᠣᠳᠣᠯᠳᠤᠵᠤ᠂《ᠮᠠᠭᠤᠬᠠᠢ ᠬᠠᠷ᠎ᠠ ᠪᠣᠭᠣᠮ᠎ᠠ᠂ ᠰᠢᠷ᠎ᠠ ᠬᠣᠰᠢᠭᠤᠲᠤ ᠭᠥᠯᠥᠭᠡ ᠴᠢᠮᠠᠲᠤ ᠳᠠᠪᠠᠭᠳᠠᠬᠤ ᠪᠠᠢᠬᠤ 》ᠭᠡᠵᠦ ᠬᠠᠰᠬᠢᠷᠪᠠ᠃ ᠡᠪᠦᠭᠡᠨ ᠡᠷᠭᠢᠵᠦ ᠡᠪᠦᠳᠦᠭ ᠳᠡᠭᠡᠷ᠎ᠡ ᠪᠣᠰᠬᠤ ᠭᠡᠬᠦ ᠳ᠋ᠦ᠍᠂ ᠮᠦᠰᠦᠢ᠍ᠺ ᠭᠠᠷ ᠢ᠋ ᠨᠢ ᠮᠤᠰᠬᠢᠵᠦ ᠳᠠᠷᠤᠭᠰᠠᠭᠠᠷ ᠪᠢᠯᠡ᠃ ᠲᠡᠳᠦᠢ ᠡᠪᠦᠭᠡᠨ ᠬᠦᠦ ᠳ᠋ᠡᠭᠡᠨ᠄《ᠺᠢᠷᠫᠠ! ᠪᠤᠤ ᠶᠠᠪᠤᠭᠲᠤᠨ᠂ ᠪᠢ ᠣᠳᠣ ᠡᠭᠦᠨ ᠢ᠋ ᠳᠠᠭᠤᠰᠬᠠᠴᠢᠬᠠᠬᠤ ᠨᠢ》ᠭᠡᠳ ᠮᠦᠰᠦᠢ᠍ᠺ ᠦ᠋ᠨ ᠭᠡᠳᠡᠰᠦ ᠤᠷᠤᠭᠤ ᠴᠢᠩᠭ᠎ᠠ ᠴᠣᠬᠢᠬᠤ ᠳ᠋ᠤ᠌ ᠲᠡᠷᠡ ᠬᠠᠵᠠᠭᠤ ᠳᠠᠰᠢ ᠪᠠᠨ ᠣᠢᠴᠢᠵᠠᠢ᠃ᠮᠣᠩᠭᠣᠯᠴᠤᠳ ᠱᠤᠤᠭᠢᠶᠠᠨ ᠢ᠋ ᠰᠣᠨᠣᠰᠤᠨ ᠲᠡᠳᠡᠨ ᠦ᠌ ᠬᠣᠶᠠᠷ ᠨᠢ ᠡᠪᠦᠭᠡᠨ ᠮᠦᠰᠦᠢ᠍ᠺ ᠢ᠋ ᠵᠠᠢᠳᠠᠯᠠᠨ ᠰᠠᠭᠤᠵᠤ ᠬᠢᠲᠤᠭ᠎ᠠ ᠪᠠᠨ ᠠᠪᠬᠤ ᠦᠶ᠎ᠡ ᠳ᠋ᠦ᠍ ᠳᠠᠭᠠᠷᠢᠨ ᠬᠦᠷᠴᠦ ᠢᠷᠡᠵᠡᠢ᠃ ᠡᠪᠦᠭᠡᠨ᠂ ᠲᠠᠩᠨᠠᠭᠤᠯ ᠤ᠋ᠳ ᠲᠠᠢ ᠴᠢᠷᠠᠯᠠᠨ ᠨᠣᠴᠣᠯᠳᠤᠵᠤ ᠲᠡᠳᠡ ᠲᠡᠭᠦᠨ ᠢ᠋ ᠤᠨᠠᠭᠠᠵᠤ ᠭᠠᠷ ᠢ᠋ ᠰᠤᠷ ᠢ᠋ᠶ᠋ᠠᠷ ᠬᠦᠯᠢᠪᠡ᠃
ᠬᠠᠷ᠎ᠠ ᠵᠠᠪᠢ ᠲᠠᠢ ᠬᠦᠦ ᠨᠠᠷᠠᠨ ᠣ ᠰᠠᠴᠤᠷᠠᠯ ᠢ᠋ᠶ᠋ᠠᠷ ᠨᠠᠭᠠᠳᠤᠨ ᠪᠠᠢᠭ᠎ᠠ ᠭᠣᠣᠯ ᠤ᠋ᠨ ᠳᠤᠮᠳᠠ ᠤᠷᠤᠰᠬᠠᠯ ᠤ᠋ᠨ ᠳᠠᠭᠠᠤ ᠬᠤᠷᠳᠤᠨ ᠰᠡᠯᠢᠨ ᠳᠠᠯᠠᠢᠵᠠᠢ᠃
ᠮᠣᠩᠭᠣᠯᠴᠤᠳ ᠡᠪᠦᠭᠡᠨ ᠦ᠌ ᠠᠮᠠᠨ ᠳ᠋ᠤ᠌ ᠵᠡᠭᠡᠰᠦᠨ ᠦ᠌ ᠨᠠᠪᠴᠢ ᠴᠢᠬᠢᠵᠦ ᠨᠢᠭᠤᠷ ᠢ᠋ ᠨᠢ ᠪᠦᠰᠡ ᠪᠡᠷ ᠤᠶᠠᠪᠠ᠃ ᠳᠡᠭᠡᠷ᠎ᠡ ᠡᠴᠡ ᠤᠷᠤᠰᠬᠠᠯ ᠤ᠋ᠨ ᠳᠠᠭᠠᠤ ᠪᠠᠰᠠ ᠨᠢᠭᠡ ᠲᠣᠮᠣ ᠵᠠᠪᠢ ᠬᠤᠷᠳᠤᠯᠠᠨ ᠢᠷᠡᠬᠦ ᠪᠥᠭᠡᠳ ᠳᠥᠷᠪᠡᠨ ᠰᠡᠯᠢᠭᠦᠷᠴᠢ ᠤᠷᠲᠤ ᠰᠡᠯᠢᠭᠦᠷ ᠢ᠋ᠶ᠋ᠡᠷ ᠤᠰᠤ ᠤᠷᠤᠭᠤ ᠴᠢᠩᠭ᠎ᠠ ᠴᠣᠬᠢᠯᠠᠨ᠎ᠠ᠃ ᠬᠢᠲᠦᠭᠡ ᠳᠡᠭᠡᠷ᠎ᠡ ᠵᠠᠯᠠᠭᠤᠷ ᠢ᠋ ᠪᠠᠷᠢᠭᠰᠠᠨ ᠬᠥᠮᠦᠨ ᠨᠢ ᠠᠯᠲᠠᠨ ᠴᠡᠴᠡᠭ ᠬᠠᠳᠬᠤᠭᠰᠠᠨ ᠭᠦᠨ ᠶᠠᠭᠠᠨ ᠬᠢᠯᠢᠩ ᠬᠦᠷᠮ᠎ᠡ ᠲᠡᠢ ᠲᠤᠯᠠ ᠬᠠᠷᠠᠪᠠᠯ ᠶᠡᠬᠡᠮᠰᠦᠭ ᠬᠥᠮᠦᠨ ᠰᠢᠭ᠌ ᠪᠠᠢᠵᠠᠢ᠃ ᠲᠡᠭᠦᠨ ᠦ᠌ ᠬᠥᠯ ᠳ᠋ᠦ᠍ ᠵᠠᠪᠢ ᠶ᠋ᠢᠨ ᠢᠷᠣᠭᠠᠷ ᠲᠤ᠌ ᠪᠥᠰᠡᠨ ᠳ᠋ᠡᠭᠡᠨ ᠤᠷᠲᠤ ᠬᠢᠲᠤᠭ᠎ᠠ ᠪᠠᠨ ᠬᠠᠪᠴᠢᠭᠤᠯᠤᠭᠰᠠᠨ ᠬᠣᠶᠠᠷ ᠵᠠᠯᠠᠭᠤ ᠰᠠᠭᠤᠵᠠᠢ᠃
ᠵᠠᠪᠢ ᠡᠯᠡᠰᠦᠨ ᠡᠷᠭᠢ ᠤᠷᠤᠭᠤ ᠬᠣᠯᠠ ᠠ᠋ᠴᠠ ᠰᠢᠭᠠᠵᠤ ᠣᠷᠣᠬᠤ ᠳ᠋ᠤ᠌ ᠰᠡᠯᠢᠭᠦᠷᠴᠢᠳ ᠰᠡᠯᠢᠭᠦᠷ ᠢ᠋ ᠬᠤᠷᠢᠶᠠᠵᠤ ᠭᠠᠷ ᠲᠠᠭᠠᠨ ᠵᠢᠳᠠ ᠪᠠᠷᠢᠭᠰᠠᠭᠠᠷ ᠡᠯᠡᠰᠦᠨ ᠳᠡᠭᠡᠷ᠎ᠡ ᠦᠰᠦᠷᠦᠨ ᠪᠠᠭᠤᠵᠠᠭᠠᠭᠠᠳ ᠵᠠᠪᠢ ᠶ᠋ᠢ ᠨᠡᠰᠢ ᠲᠠᠲᠠᠪᠠ᠃ ᠬᠢᠯᠢᠩ ᠬᠦᠷᠮ᠎ᠡ ᠲᠡᠢ ᠬᠥᠮᠦᠨ ᠵᠠᠬᠢᠷᠤᠩᠭᠤᠢ ᠴᠢᠩᠭ᠎ᠠ ᠳᠤᠤᠭᠠᠷᠤᠨ ᠲᠠᠲ᠋ᠠᠷ ᠬᠡᠯᠡ ᠪᠡᠷ᠂
— ᠭᠥᠷᠦᠭᠡᠴᠢᠳ ᠮᠡᠨᠳᠦ ᠰᠠᠢᠨ ᠤᠤ? ᠶᠠᠮᠠᠷ ᠠᠩ ᠪᠠᠷᠢᠪᠠ? ᠨᠢᠲᠤᠯᠬᠤ ᠪᠠᠨ ᠲᠦᠳᠡᠭᠡᠯᠵᠡᠭᠲᠦᠨ᠂ ᠡᠨᠡ ᠬᠥᠮᠦᠨ ᠡᠪᠦᠭᠡᠨ ᠨᠠᠰᠤ ᠪᠣᠯᠤᠭᠰᠠᠨ ᠤ᠋ ᠳᠡᠭᠡᠷ᠎ᠡ ᠶᠡᠬᠡ ᠶᠠᠭᠤᠮ᠎ᠠ ᠮᠡᠳᠡᠳᠡᠭ ᠬᠥᠮᠦᠨ᠂ ᠲᠡᠭᠡᠭᠡᠳ ᠴᠤ᠌ ᠮᠠᠨ ᠤ᠋ ᠬᠠᠮᠤᠭ ᠤ᠋ᠨ ᠰᠠᠢᠨ ᠵᠢᠭᠠᠰᠤᠴᠢ᠂ ᠵᠢᠭᠠᠰᠤ ᠲᠠᠢ ᠭᠠᠵᠠᠷ ᠢ᠋ ᠴᠥᠮ ᠢ᠋ ᠮᠡᠳᠡᠨ᠎ᠡ᠃ ᠲᠠᠨᠠᠷ ᠶᠠᠭᠤᠨ ᠤ᠋ ᠬᠥᠮᠦᠰ᠂ ᠶᠠᠮᠠᠷ ᠣᠪᠣᠭᠲᠠᠨ ᠪᠣᠢ?
ᠮᠦᠰᠦᠢ᠍ᠺ ᠪᠣᠰᠴᠤ ᠶᠠᠳᠠᠨ ᠢᠷᠠᠭᠯᠠᠬᠤ ᠪᠥᠭᠡᠳ ᠨᠢᠳᠦ ᠶ᠋ᠢ ᠴᠢᠰᠤ ᠪᠦᠷᠬᠦᠭᠰᠡᠨ ᠲᠤᠯᠠ ᠨᠢᠭᠡ ᠮᠣᠩᠭᠣᠯ ᠬᠥᠮᠦᠨ ᠬᠠᠷᠢᠭᠤᠯᠤᠭᠰᠠᠨ ᠨᠢ᠄
— ᠪᠢ ᠳ᠋ᠵᠢᠬᠠᠩᠭᠢᠷ ᠪᠠᠲᠤ ᠬᠠᠭᠠᠨ ᠤ᠋ ᠳᠠᠭᠠᠭᠤᠯᠢ᠂ ᠴᠢ ᠶᠠᠮᠠᠷ ᠤᠴᠢᠷ ᠠ᠋ᠴᠠ ᠮᠠᠨ ᠤ᠋ ᠭᠥᠷᠦᠭᠡᠨ ᠦ᠌ ᠶᠠᠪᠤᠳᠠᠯ ᠳ᠋ᠤ᠌ ᠣᠷᠣᠯᠴᠠᠪᠠ?
—ᠪᠢ ᠷᠶᠠᠽᠨᠢᠰᠺᠢ ᠣᠪᠣᠭᠲᠠᠨ ᠤ᠋ ᠡᠯᠴᠢᠨ ᠰᠠᠢᠳ ᠬ᠌ᠯᠢᠪ ᠸᠯᠠᠳ᠋ᠢᠮᠢᠷᠤᠸᠢᠴ ᠨᠣᠶᠠᠨ᠂ ᠲᠠᠨ ᠤ᠋ ᠶᠡᠬᠡ ᠬᠠᠭᠠᠨ ᠤ᠋ ᠠᠮᠤᠷ ᠢ᠋ ᠡᠷᠢᠵᠦ ᠣᠯᠠᠨ ᠵᠢᠯ ᠬᠠᠭᠠᠨ ᠰᠠᠭᠤᠵᠤ ᠴᠣᠭ ᠵᠠᠯᠢ ᠨᠢ ᠳᠡᠯᠭᠡᠷᠡᠬᠦ ᠶ᠋ᠢ ᠢᠷᠥᠭᠡᠬᠦ ᠪᠡᠷ ᠶᠠᠪᠤᠨ᠎ᠠ᠂ ᠡᠨᠳᠡ ᠡᠴᠡ ᠴᠠᠰᠢ ᠪᠠᠨ ᠬᠣᠯᠠ ᠤᠤ? ᠭᠡᠵᠦ ᠠᠰᠠᠭᠤᠪᠠ᠃
— ᠬᠡᠷᠪᠡ ᠪᠢᠳᠡᠨ ᠦ᠌ ᠬᠠᠮᠲᠤ ᠤᠳᠠᠭᠠᠨ ᠶᠠᠪᠤᠪᠠᠯ ᠪᠠᠲᠤ ᠬᠠᠭᠠᠨ ᠤ᠋ ᠳ᠋ᠤ᠌ ᠭᠤᠷᠪᠠ ᠬᠣᠨᠣᠵᠤ ᠬᠦᠷᠦᠨ᠎ᠡ᠃ ᠬᠡᠷᠪᠡ ᠬᠤᠷᠳᠤᠨ ᠳᠠᠪᠬᠢᠬᠤ ᠶ᠋ᠢ ᠬᠦᠰᠡᠪᠡᠯ ᠵᠠᠭᠤᠨ ᠬᠣᠨᠣᠭ ᠶᠠᠪᠤᠭᠠᠳ ᠲᠡᠭᠦᠨ ᠲᠡᠢ ᠠᠭᠤᠯᠵᠠᠯ ᠦᠭᠡᠢ ᠬᠠᠷᠢᠨ ᠭᠤᠷᠪᠠᠨ ᠵᠠᠮ ᠤ᠋ᠨ ᠪᠡᠯᠴᠢᠭᠡᠷ ᠳᠡᠭᠡᠷ᠎ᠡ ᠨᠠᠰᠤ ᠪᠠᠷᠠᠨ᠎ᠠ ᠭᠡᠪᠡ᠃
—ᠲᠡᠢᠮᠦ ᠪᠣᠯ ᠪᠢ ᠲᠠᠨ ᠤ᠋ ᠬᠠᠮᠲᠤ ᠶᠠᠪᠤᠶ᠎ᠠ᠂ ᠵᠠᠮ ᠤᠳᠤᠷᠢᠳᠴᠤ ᠥᠭᠭᠦᠭᠲᠤᠨ᠂ ᠪᠢ ᠲᠠᠨ ᠢ᠋ ᠬᠣᠬᠢᠷᠠᠭᠤᠯᠬᠤ ᠦᠭᠡᠢ ᠭᠡᠪᠡ᠃
ᠮᠦᠰᠥ᠋ᠺ ᠰᠡᠭᠡᠭᠡ ᠣᠷᠣᠵᠤ ᠤᠰᠤᠨ ᠳ᠋ᠤ᠌ ᠰᠢᠷᠬ᠎ᠠ ᠪᠠᠨ ᠤᠬᠢᠶᠠᠭᠠᠳ ᠴᠠᠮᠴᠠ ᠪᠠᠨ ᠤᠷᠠᠵᠤ ᠲᠣᠯᠣᠭᠠᠢ ᠪᠠᠨ ᠪᠣᠭᠣᠪᠠ᠃ ᠣᠳᠣ ᠵᠠᠪᠢᠨ ᠳᠡᠭᠡᠷ᠎ᠡ ᠰᠠᠭᠤᠭ᠎ᠠ ᠬᠡᠷᠬᠡᠮ ᠲᠡᠢ ᠬᠥᠮᠦᠨ ᠢ᠋ ᠬᠠᠷᠠᠵᠤ ᠴᠢᠳᠠᠬᠤ ᠪᠣᠯᠵᠠᠢ᠃
ᠲᠡᠷᠡ ᠵᠠᠯᠠᠭᠤ ᠪᠤᠰᠤ᠂ ᠨᠡᠯᠢᠶᠡᠳ ᠪᠤᠭᠤᠷᠤᠯᠳᠠᠭᠰᠠᠨ ᠬᠠᠷ᠎ᠠ ᠰᠠᠬᠠᠯ ᠨᠢ ᠥᠷᠭᠡᠨ ᠬᠡᠩᠬᠦᠳᠡᠭ ᠤᠷᠤᠭᠤ ᠪᠠᠨ ᠤᠨᠵᠢᠢᠵᠤ ᠮᠢᠨᠵᠢ ᠪᠡᠷ ᠬᠥᠪᠡᠭᠡᠯᠡᠭᠰᠡᠨ ᠬᠢᠯᠢᠩ ᠮᠠᠯᠠᠭᠠᠢ ᠨᠢ ᠶᠡᠬᠡ ᠯᠡ ᠭᠠᠩᠳᠠᠵᠤ ᠬᠠᠭᠤᠴᠢᠷᠠᠵᠠᠢ᠃ ᠮᠥᠨ ᠰᠠᠢᠬᠠᠨ ᠴᠡᠴᠡᠭ ᠲᠡᠢ ᠬᠦᠷᠮ᠎ᠡ ᠨᠢ ᠴᠦ᠍ ᠡᠯᠡᠭᠳᠡᠭᠡᠳ ᠲᠣᠭᠰᠢᠨ ᠴᠢᠷᠠᠢ᠂ ᠴᠣᠭᠣ ᠰᠢᠢᠳᠡᠭᠰᠡᠨ ᠬᠠᠷ᠎ᠠ ᠨᠢᠳᠦ ᠨᠢ ᠪᠠᠶᠠᠰᠬᠤᠯᠠᠩᠲᠠᠢ ᠪᠤᠰᠤ ᠦᠵᠡᠭᠳᠡᠵᠡᠢ᠃ ᠡᠨᠡ ᠬᠥᠮᠦᠨ ᠨᠢᠭᠡ ᠴᠠᠭ ᠲᠤ᠌ ᠰᠦᠷᠡᠬᠡᠢ ᠳᠤᠷ᠎ᠠ ᠮᠡᠳᠡᠨ ᠵᠠᠩᠨᠠᠵᠤ ᠶᠠᠪᠤᠭᠠᠳ ᠡᠯᠳᠡᠪ ᠢ᠋ ᠦᠵᠡᠵᠦ ᠠᠮᠢᠳᠤᠷᠠᠯ ᠨᠢ ᠶᠡᠬᠡᠬᠡᠨ ᠤᠷᠪᠠᠵᠤ ᠬᠥᠷᠪᠡᠭᠰᠡᠨ ᠪᠠᠢᠳᠠᠯ ᠲᠠᠢ ᠪᠠᠢᠯ᠎ᠠ᠃ ᠲᠡᠷᠡ ᠨᠣᠶᠠᠨ ᠮᠣᠩᠭᠣᠯᠴᠤᠳ ᠲᠠᠢ ᠬᠡᠷᠬᠢᠨ ᠶᠠᠪᠤᠬᠤ ᠲᠤᠬᠠᠢ ᠤᠳᠠᠲᠠᠯ᠎ᠠ ᠮᠠᠷᠭᠤᠯᠴᠠᠵᠤ ᠡᠴᠦᠰ ᠲᠤᠨᠢ ᠡᠷᠬᠢᠮ ᠡᠯᠴᠢᠨ ᠵᠠᠪᠢ ᠪᠠᠷ ᠡᠷᠭᠢᠨ ᠳ᠋ᠦ᠍ ᠣᠢᠷᠠᠬᠠᠨ ᠬᠥᠪᠴᠦ ᠠᠯᠳᠠᠭᠠᠳ ᠮᠣᠩᠭᠣᠯᠴᠤᠳ ᠮᠣᠷᠢ ᠪᠠᠷ ᠡᠷᠭᠢ ᠡᠴᠡ ᠬᠣᠯᠠᠳᠠᠯ ᠦᠭᠡᠢ ᠶᠠᠪᠤᠵᠠᠭᠠᠬᠤ ᠪᠠᠷ ᠲᠣᠭᠲᠠᠵᠠᠢ᠃
ᠠᠮᠢᠳᠤ ᠶ᠋ᠢᠨ ᠲᠡᠳᠦᠢ ᠮᠦᠰᠥ᠋ᠺ ᠢ᠋ ᠮᠣᠷᠢᠨ ᠳᠡᠭᠡᠷ᠎ᠡ ᠰᠠᠭᠤᠯᠭᠠᠭᠠᠳ ᠠᠮᠠᠨ ᠳ᠋ᠠᠭᠠᠨ ᠴᠢᠭᠵᠢᠬᠡᠰᠦ ᠲᠡᠢ ᠬᠦᠵᠦᠭᠦᠨ ᠳ᠋ᠡᠭᠡᠨ ᠤᠷᠠᠬ᠎ᠠ ᠲᠠᠢ ᠪᠠᠷᠢᠭᠳᠠᠭᠰᠠᠨ ᠡᠪᠦᠭᠡᠨ ᠢ᠋ ᠲᠦᠷᠦᠭᠦᠨ ᠦ᠌ ᠲᠠᠩᠨᠠᠭᠤᠯ ᠤ᠋ᠨ ᠳᠥᠷᠦᠭᠡᠨ ᠦ᠌ ᠣᠷᠴᠢᠮ ᠠᠪᠴᠤ ᠶᠠᠪᠤᠪᠠ᠃
ᠦᠰᠦᠭ ᠠᠮᠢᠯᠠᠭᠤᠯᠤᠭᠴᠢ᠄ ᠬᠡᠷᠡᠢᠳ· ᠮᠥᠩᠬᠡᠨᠠᠰᠤᠨ᠂ ᠪᠠᠯ᠂ ᠠᠯᠲᠠᠨᠴᠢᠮᠡᠭ᠂ ᠪᠠᠶᠠᠨᠴᠡᠴᠡᠭ᠂ ᠠᠷᠢᠭᠤᠨ
ᠬᠢᠨᠠᠭᠴᠢ᠄ ᠲ· ᠬᠦᠮᠦᠵᠢᠯᠲᠦ᠂ ᠪᠠᠶᠠᠨᠴᠡᠴᠡᠭ᠂ ᠠᠷᠢᠭᠤᠨ᠂ ᠠᠯᠲᠠᠨᠴᠢᠮᠡᠭ