ᠪᠠᠲᠤ ᠬᠠᠭᠠᠨ 2-07ᠳᠣᠯᠣᠳᠤᠭᠠᠷ ᠣᠳᠣ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ
ᠳᠣᠯᠣᠭ᠎ᠠ ᠳᠣᠯᠣᠳᠤᠭᠠᠷ ᠣᠳᠣ
ᠲᠠᠲ᠋ᠠᠷ ᠮᠣᠩᠭᠣᠯ ᠤ᠋ᠨ ᠴᠡᠷᠢᠭ᠂ ᠠᠶᠠᠨ ᠲᠡᠢᠨ ᠳ᠋ᠦ᠍ ᠮᠣᠷᠳᠠᠬᠤ ᠳ᠋ᠤ᠌ ᠶᠦᠯᠳᠥ᠋ᠽ ᠢ᠋ ᠬᠠᠲᠤᠨ ᠠᠬᠠᠢ ᠤᠷᠢ— ᠥᠵᠢᠨ ᠦ᠌ ᠵᠠᠷᠯᠢᠭ ᠢ᠋ᠶ᠋ᠠᠷ ᠳᠠᠭᠠᠭᠤᠯᠤᠭᠰᠠᠨ ᠬᠢᠲᠠᠳ ᠰᠢᠪᠡᠭᠴᠢ ᠶ᠋ᠢᠨ ᠬᠠᠮᠲᠤ ᠳᠣᠯᠤᠭᠠᠳᠠᠬᠢ ᠲᠡᠮᠡᠭᠡᠨ ᠳ᠋ᠦ᠍ ᠰᠠᠭᠤᠯᠭᠠᠵᠠᠢ᠃
ᠶᠦᠯᠳᠥ᠋ᠽ ᠲᠣᠷᠭᠠᠨ ᠬᠥᠰᠢᠭᠡ ᠲᠡᠢ ᠰᠢᠭᠦᠷ ᠦ᠋ᠨ ᠳᠣᠲᠣᠷ᠎ᠠ ᠠᠷᠤᠭ ᠳᠣᠲᠣᠷ᠎ᠠ ᠰᠠᠭᠤᠵᠠᠢ᠃ ᠠᠶᠠᠨ ᠤ᠋ ᠬᠣᠶᠠᠳᠠᠬᠢ ᠡᠳᠦᠷ ᠭᠡᠨᠡᠳᠲᠡ ᠴᠣᠴᠢᠵᠤ᠂ ᠡᠳᠦᠷ ᠲᠤᠷᠰᠢ ᠨᠢᠭᠤᠷ ᠢ᠋ᠶ᠋ᠠᠨ ᠪᠦᠲᠡᠭᠡᠯᠭᠡ ᠪᠡᠷ ᠳᠠᠯᠳᠠᠯᠠᠨ ᠶᠠᠪᠤᠬᠤ ᠳ᠋ᠤ᠌᠂ ᠦᠳᠡᠰᠢ ᠰᠢᠪᠡᠭᠴᠢᠨ ᠳ᠋ᠦ᠍ ᠬᠡᠯᠡᠭᠰᠡᠨ ᠨᠢ᠄
— ᠬᠣᠶᠠᠷ ᠬᠥᠮᠦᠨ᠂ ᠡᠪᠦᠭᠡᠨ ᠳ᠋ᠸᠷᠸᠢᠱ ᠹᠡᠺᠢᠾ ᠲᠡᠮᠡᠭᠡ ᠤᠨᠤᠵᠤ ᠪᠢᠳᠡᠨ ᠡᠴᠡ ᠬᠣᠯᠠ ᠦᠭᠡᠢ ᠶᠠᠪᠤᠵᠤ ᠪᠠᠢᠨ᠎ᠠ᠃ ᠲᠡᠳᠡ ᠬᠡᠷᠪᠡ ᠮᠢᠨᠦ ᠲᠤᠬᠠᠢ ᠠᠰᠠᠭᠤᠪᠠᠯ ᠬᠠᠷᠢᠭᠤᠯᠵᠤ ᠪᠣᠯᠬᠤ ᠦᠭᠡᠢ᠃ ᠨᠠᠮᠠᠶ᠋ᠢ ᠲᠡᠷᠡ ᠡᠪᠦᠭᠡᠨ ᠨᠢᠭᠡᠨᠲᠡ ᠵᠣᠪᠠᠯᠠᠩ ᠳ᠋ᠤ᠌ ᠤᠴᠠᠷᠠᠭᠤᠯᠤᠭᠰᠠᠨ᠃ ᠪᠢ ᠲᠡᠭᠦᠨ ᠡᠴᠡ ᠠᠶᠤᠨ᠎ᠠ᠃ ᠨᠠᠮᠠᠶ᠋ᠢ ᠬᠡᠨ ᠳ᠋ᠦ᠍ ᠴᠦ᠍ ᠲᠠᠨᠢᠭᠳᠠᠰᠢ ᠦᠭᠡᠢ ᠪᠣᠯᠭᠠᠭᠲᠤᠨ᠁ ᠭᠡᠵᠡᠢ᠃
ᠡᠬᠡᠨᠡᠷ ᠬᠥᠮᠦᠨ ᠦ᠌ ᠠᠷᠭ᠎ᠠ ᠮᠡᠬᠡᠨ ᠳ᠋ᠦ᠍ ᠳᠠᠳᠤᠭᠰᠠᠨ ᠬᠢᠲᠠᠳ ᠬᠡᠦᠬᠡᠨ᠂ ᠪᠠᠭᠤᠳᠠᠯ ᠳᠡᠭᠡᠷ᠎ᠡ ᠶᠦᠯᠳᠥ᠋ᠽ ᠲᠦ᠍ ᠣ ᠲᠦᠷᠬᠢᠵᠦ᠂ᠡᠩᠭᠡᠰᠬᠡ ᠲᠠᠯᠪᠢᠨ ᠬᠥᠮᠥᠰᠬᠡ ᠶ᠋ᠢ ᠰᠠᠨᠴᠢᠭ ᠬᠦᠷᠲᠡᠯ᠎ᠡ ᠤᠷᠲᠤᠰᠬᠠᠭᠠᠳ ᠶᠦᠯᠳᠥ᠋ᠽ ᠢ᠋ ᠥᠩᠭᠡᠯᠡᠭᠰᠡᠨ ᠮᠥᠩᠭᠥᠨ ᠲᠣᠯᠢᠨ ᠳ᠋ᠤ᠌ ᠥᠪᠡᠷ ᠦ᠋ᠨ ᠴᠢᠷᠠᠢ ᠶ᠋ᠢ ᠦᠵᠡᠭᠡᠳ ᠦᠯᠦ ᠲᠠᠨᠢᠬᠤ ᠪᠣᠯᠲᠠᠯ᠎ᠠ ᠬᠤᠪᠢᠷᠠᠭᠠᠨ ᠪᠣᠳᠣᠵᠠᠢ᠃
《ᠳᠣᠯᠣᠭᠠᠨ ᠣᠳᠣᠨ 》 ᠭᠡᠭᠴᠢᠳ ᠠᠶᠠᠨ ᠵᠠᠮ ᠳ᠋ᠤ᠌ ᠲᠤᠰᠬᠠᠢ ᠬᠠᠷᠠᠭᠤᠯ ᠪᠦᠬᠦᠢ ᠠᠩᠭᠢ ᠳ᠋ᠤ᠌ ᠴᠤᠪᠤᠭ᠎ᠠ ᠪᠠᠷ ᠶᠠᠪᠤᠭᠤᠯᠪᠠ᠃ ᠲᠦᠷᠦᠭᠦᠨ ᠦ᠌ ᠳᠥᠷᠪᠡᠨ ᠲᠡᠮᠡᠭᠡ ᠪᠡᠷ ᠳᠥᠷᠪᠡᠨ ᠮᠣᠩᠭᠣᠯ ᠠᠪᠠᠬᠠᠢ ᠶᠠᠪᠤᠵᠠᠢ᠃ ᠲᠡᠳᠡ ᠪᠣᠯ ᠨᠡᠭᠦᠳᠡᠯ ᠠᠢᠮᠠᠭ ᠤ᠋ᠨ ᠬᠠᠮᠤᠭ ᠤ᠋ᠨ ᠰᠤᠷᠪᠤᠯᠵᠢᠲᠤ ᠭᠡᠷ ᠦ᠋ᠨ ᠥᠬᠢᠳ ᠪᠥᠭᠡᠳ ᠪᠡᠶ᠎ᠡ ᠪᠦᠳᠦᠭᠦᠨ ᠂ ᠭᠠᠵᠠᠷ ᠰᠢᠭᠦᠷᠡᠭᠰᠡᠨ ᠤᠷᠲᠤ ᠭᠡᠵᠢᠭᠡ ᠲᠡᠢ ᠪᠢᠯᠡ᠃ ᠳᠠᠷᠠᠭ᠎ᠠ ᠨᠢ ᠬᠣᠶᠠᠷ ᠺᠢᠫᠴᠡᠺ ᠠᠪᠠᠬᠠᠢ ᠶᠠᠪᠤᠵᠤ ᠪᠠᠢᠪᠠ᠃ ᠨᠢᠭᠡ ᠨᠢ ᠪᠠᠶᠠᠨᠳᠧᠷ ᠬᠠᠭᠠᠨ ᠤ᠋ ᠥᠬᠢᠨ ᠠᠵᠢ᠃ ᠡᠨᠡ ᠬᠣᠶᠠᠷ ᠺᠢᠫᠴᠡᠺ ᠬᠠᠲᠤᠨ ᠶᠡᠬᠡᠪᠴᠢᠯᠡᠨ ᠨᠢᠭᠡᠨ ᠲᠡᠮᠡᠭᠡᠨ ᠳᠡᠭᠡᠷ᠎ᠡ ᠨᠡᠢᠯᠡᠨ ᠰᠠᠭᠤᠵᠤ ᠡᠬᠢ ᠠᠳᠠᠭ ᠦᠭᠡᠢ ᠦᠭᠡ ᠴᠠᠯᠴᠢᠨ ᠢᠨᠢᠶᠡᠯᠴᠡᠳᠡᠭ ᠪᠥᠭᠡᠳ ᠨᠥᠭᠦᠭᠡ ᠲᠡᠮᠡᠭᠡᠨ ᠳᠡᠭᠡᠷ᠎ᠡ ᠲᠡᠳᠡᠨ ᠦ᠌ ᠰᠢᠪᠡᠭᠴᠢᠳ ᠶᠠᠪᠤᠵᠤ ᠪᠠᠢᠯ᠎ᠠ᠃ ᠨᠢᠭᠡᠨ ᠪᠠᠭᠤᠳᠠᠯ ᠳᠡᠭᠡᠷ᠎ᠡ ᠲᠡᠳᠡ ᠶᠦᠯᠳᠥ᠋ᠽ ᠦ᠋ᠨ ᠳᠡᠷᠭᠡᠳᠡ ᠢᠷᠡᠵᠦ ᠶᠠᠷᠢᠯᠴᠠᠭᠠᠳ᠂ ᠲᠤᠰ ᠪᠦᠷᠢ ᠬᠤᠷᠳᠤᠨ ᠮᠣᠷᠢ ᠲᠠᠢ ᠬᠡᠮᠡᠵᠡᠭᠡᠵᠦ᠂ ᠴᠡᠩᠭᠡᠯ ᠦ᠋ᠨ ᠠᠪᠠ ᠬᠣᠮᠣᠷᠭ᠎ᠠ ᠪᠠ ᠤᠷᠤᠯᠳᠤᠭᠠᠨ ᠳ᠋ᠤ᠌ ᠣᠷᠣᠯᠴᠠᠨ᠎ᠠ ᠭᠡᠵᠦ ᠥᠭᠦᠯᠡᠯᠵᠡᠢ(ᠦᠭᠦᠯᠡᠯᠳᠦᠵᠡᠢ )᠃
— ᠴᠢ ᠪᠣᠯ ᠬᠠᠷ᠎ᠠ ᠠᠵᠢᠯ ᠤ᠋ᠨ ᠡᠬᠡᠨᠡᠷ᠂ ᠴᠢᠮᠠᠲᠤ ᠮᠣᠷᠢ ᠪᠠᠢᠬᠤ ᠦᠭᠡᠢ᠃ ᠢᠨᠵᠢ ᠭᠡᠪᠡᠯ ᠤᠷᠢ— ᠦᠵᠢᠨ ᠦ᠌ ᠥᠭᠭᠦᠭᠰᠡᠨ ᠬᠤᠪᠴᠠᠰᠤ ᠴᠢᠮᠡᠭᠯᠡᠯ ᠯᠡ ᠪᠠᠢᠨ᠎ᠠ᠃ ᠪᠠᠲᠤ ᠬᠠᠭᠠᠨ ᠴᠢᠮᠠᠶ᠋ᠢ ᠬᠠᠷᠠᠬᠤ ᠴᠥ᠍ ᠦᠭᠡᠢ᠃ ᠴᠢ ᠪᠣᠯ ᠪᠢᠳᠡᠨ ᠦ᠌ ᠤᠤᠭᠤᠳᠠᠭ ᠠᠶᠠᠭᠠᠨ ᠤ᠋ ᠰᠢᠪᠬᠠᠷᠤᠤ ᠶ᠋ᠢ ᠳᠣᠯᠢᠶᠠᠵᠤ ᠪᠠᠢᠬᠤ ᠪᠣᠯᠤᠨ᠎ᠠ ᠭᠡᠪᠡ᠃
ᠶᠦᠯᠳᠥ᠋ᠽ᠂ ᠪᠡᠶ᠎ᠡ ᠪᠡᠨ ᠬᠣᠷᠢᠶᠠᠨ ᠤᠬᠤᠷᠢᠵᠤ ᠬᠢᠲᠠᠳ ᠰᠢᠪᠡᠭᠴᠢᠨ ᠦ᠌ ᠵᠦᠭ ᠣᠢᠷᠠᠲᠤᠵᠤ᠂ ᠬᠥᠳᠡᠯᠭᠡᠭᠡ ᠦᠭᠡᠢ ᠪᠠᠷᠤᠢᠭᠰᠠᠨ ᠴᠢᠷᠠᠢ ᠪᠠᠷ ᠺᠢᠫᠴᠡᠺ ᠠᠪᠠᠬᠠᠢ ᠨᠠᠷ ᠢ᠋ ᠭᠥᠯᠢᠷᠡᠨ ᠰᠢᠷᠳᠡᠪᠡ᠃
— ᠴᠢ ᠶᠠᠭᠤᠨ ᠬᠠᠷᠢᠭᠤ ᠦᠯᠦ ᠬᠡᠯᠡᠨ᠎ᠡ? ᠰᠠᠭᠠᠯᠢᠴᠢᠨ ᠥᠬᠢᠨ ᠴᠢ ᠶᠠᠷᠢᠵᠤ ᠴᠢᠳᠠᠬᠤ ᠦᠭᠡᠢ ᠤᠤ? ᠲᠡᠢᠮᠦ ᠪᠣᠯ ᠮᠥᠭᠡᠷᠡᠭᠲᠦᠨ! ᠭᠡᠵᠡᠢ᠃
ᠶᠦᠯᠲᠥ᠋ᠽ ᠳᠣᠷᠣᠭᠰᠢ ᠬᠠᠷᠠᠭᠠᠳ᠂ ᠬᠠᠷᠢᠭᠤ ᠬᠡᠯᠡᠬᠦ ᠭᠡᠰᠡᠨ ᠪᠣᠯᠪᠠᠴᠤ ᠴᠢᠳᠠᠭᠰᠠᠨ ᠦᠭᠡᠢ᠃ ᠳᠤᠷᠳᠤᠮ ᠠᠯᠴᠢᠭᠤᠷ ᠢ᠋ᠶ᠋ᠠᠨ ᠠᠪᠴᠤ ᠰᠤᠷᠤᠮᠠᠭᠠᠢ ᠬᠥᠳᠡᠯᠦᠨ ᠠᠷᠴᠢᠵᠤ ᠬᠥᠳᠡᠭᠡ ᠶ᠋ᠢᠨ ᠥᠬᠢᠳ ᠦ᠋ᠨ ᠵᠠᠩᠰᠢᠯ ᠢ᠋ᠶ᠋ᠠᠷ ᠬᠡᠭᠡᠯᠲᠡᠢ ᠮᠡᠲᠦ ᠪᠣᠯᠭᠠᠵᠤ ᠰᠠᠶᠢ ᠬᠡᠯᠡᠭᠰᠡᠨ ᠨᠢ᠄
— ᠪᠢ ᠰᠠᠭᠠᠯᠢᠴᠢ ᠶᠤᠮ ᠪᠣᠯ ᠲᠠᠨᠠᠷ ᠵᠠᠢᠯᠠᠭᠲᠤᠨ᠂ ᠬᠡᠷᠪᠡ ᠡᠵᠡᠨ ᠲᠤᠰᠢᠶᠠᠪᠠᠯ ᠪᠢ ᠠᠶᠠᠭ᠎ᠠ ᠤᠬᠢᠶᠠᠨ᠎ᠠ᠃ ᠬᠡᠷᠪᠡ(ᠡᠵᠡᠨ ) ᠲᠤᠰᠢᠶᠠᠪᠠᠯ ᠰᠢᠯᠪᠢᠭᠦᠷ ᠢ᠋ᠶ᠋ᠡᠷ ᠲᠠᠨᠠᠷ ᠢ᠋ ᠦᠨᠢᠶ᠎ᠡ ᠮᠡᠲᠦ ᠦᠯᠳᠡᠨ ᠬᠥᠭᠡᠭᠡᠨ᠎ᠡ ᠭᠡᠵᠡᠢ᠃
— ᠤᠬᠠᠭᠠᠨ ᠣᠷᠣᠵᠤ ᠶᠠᠭᠠᠬᠢᠭ᠎ᠠ ᠴᠤ᠌ ᠦᠭᠡᠢ ᠬᠡᠦᠬᠡᠳ ᠪᠠᠢᠨ᠎ᠠ ᠭᠡᠵᠦ ᠨᠢᠭᠡ ᠨᠢ ᠬᠡᠯᠡᠵᠡᠢ᠃
— ᠪᠦᠬᠦᠢᠯᠡ ᠨᠠᠰᠤᠨ ᠳ᠋ᠠᠭᠠᠨ ᠲᠡᠨᠡᠭ ᠬᠡᠪ ᠢ᠋ᠶ᠋ᠡᠷ ᠪᠠᠢᠬᠤ ᠪᠣᠯᠤᠨ᠎ᠠ ᠭᠡᠵᠦ ᠨᠥᠭᠦᠭᠡ ᠨᠢᠭᠡ ᠨᠢ ᠨᠡᠮᠡᠵᠦ ᠥᠭᠦᠯᠡᠭᠡᠳ ᠬᠣᠶᠠᠭᠤᠯᠠ ᠪᠠᠨ ᠢᠨᠢᠶᠡᠯᠳᠦᠨ ᠶᠠᠪᠤᠵᠤ ᠣᠳᠴᠠᠢ᠃
ᠮᠠᠷᠭᠠᠰᠢ ᠡᠳᠦᠷ ᠨᠢ ᠨᠢᠭᠡᠳᠦᠭᠡᠷ᠂ ᠬᠠᠮᠤᠭ ᠤ᠋ᠨ ᠡᠷᠬᠢᠮᠰᠦᠭ ᠪᠣᠷᠣᠭᠴᠢᠨ ᠬᠠᠲᠤᠨ ᠠ᠋ᠴᠠ ᠪᠤᠰᠤᠳ ᠮᠣᠩᠭᠣᠯ ᠬᠠᠲᠤᠳ ᠶᠦᠯᠳᠥ᠋ᠽ ᠤᠷᠤᠭᠤ ᠢᠷᠡᠭᠡᠳ ᠲᠡᠭᠦᠨ ᠳ᠋ᠦ᠍ ᠭᠠᠷ ᠬᠦᠷᠴᠦ ᠲᠤᠷᠠᠩᠬᠠᠢ ᠭᠠᠷ᠂ ᠳᠡᠪᠡᠯ ᠦ᠋ᠨ ᠡᠳ᠋ ᠢ᠋ ᠪᠠᠷᠢᠵᠤ ᠦᠵᠡᠨ᠂ ᠰᠢᠳᠦ ᠶ᠋ᠢ ᠨᠢ ᠬᠠᠷᠠᠪᠠ᠃
ᠶᠦᠯᠳᠥ᠋ᠽ᠂ ᠪᠡᠶ᠎ᠡ ᠳ᠋ᠡᠭᠡᠨ ᠬᠦᠷᠬᠦ ᠳ᠋ᠦ᠍ ᠬᠦᠯᠢᠶᠡᠨ ᠳᠠᠭᠠᠵᠤ ᠢᠨᠢᠶᠡᠮᠰᠦᠭᠯᠡᠪᠡ᠃ ᠮᠣᠩᠭᠣᠯ ᠬᠡᠦᠬᠡᠨ ᠨᠦ᠍ᠭᠦᠳ ᠬᠠᠴᠠᠷ ᠳᠡᠭᠡᠷᠡᠬᠢ ᠬᠣᠩᠬᠣᠷ ᠢ᠋ ᠨᠢ ᠨᠢᠭᠡ ᠨᠢᠭᠡ ᠪᠡᠷ ᠳᠠᠷᠤᠵᠤ ᠦᠵᠡᠭᠡᠳ ᠢᠨᠢᠶᠡᠵᠡᠭᠡᠯᠡ᠃ ᠡᠭᠡᠴᠢᠮᠡᠳ ᠨᠢ ᠠᠩᠬᠠᠨ ᠳ᠋ᠠᠭᠠᠨ ᠶᠡᠬᠡᠮᠰᠦᠭ ᠪᠠᠢᠭᠰᠠᠨ ᠪᠣᠯᠪᠠᠴᠤ ᠳᠠᠷᠠᠭ᠎ᠠ ᠨᠢ ᠮᠥᠨ ᠯᠡ ᠢᠨᠢᠶᠡᠵᠡᠢ᠃ ᠬᠠᠲᠤᠳ ᠠᠯᠴᠢᠭᠤᠷ ᠢ᠋ᠶ᠋ᠠᠷ ᠬᠢᠭᠰᠡᠨ ᠬᠡᠦᠬᠡᠯᠳᠡᠢ ᠶ᠋ᠢ ᠪᠠᠷᠢᠵᠤ᠂ ᠬᠡᠦᠬᠡᠳ ᠢ᠋ ᠬᠡᠷᠬᠢᠨ ᠪᠦᠪᠡᠢᠯᠡᠬᠦ᠂ ᠬᠥᠬᠥᠭᠦᠯᠬᠦ ᠶ᠋ᠢ ᠵᠢᠭᠠᠵᠤ ᠦᠵᠡᠭᠦᠯᠪᠡ᠃ ᠲᠡᠭᠡᠭᠡᠳ ᠪᠣᠰᠴᠠᠭᠠᠵᠤ ᠡᠶᠡᠯᠳᠡᠭ ᠢ᠋ᠶ᠋ᠡᠷ ᠰᠠᠯᠬᠤ ᠶ᠋ᠢᠨ ᠶᠣᠰᠣ ᠶ᠋ᠢ ᠭᠦᠢᠴᠡᠳᠬᠡᠭᠡᠳ ᠶᠠᠪᠤᠵᠠᠢ᠃ ᠬᠠᠮᠤᠭ ᠤ᠋ᠨ ᠪᠠᠭ᠎ᠠ ᠨᠢ ᠡᠷᠭᠢᠵᠦ ᠢᠷᠡᠭᠡᠳ᠂
— ᠮᠢᠨᠦ ᠳᠡᠷᠭᠡᠳᠡ ᠣᠴᠢᠵᠤ ᠳᠡᠮᠡᠢ ᠶᠠᠷᠢᠯᠴᠠᠭᠲᠤᠨ᠃ ᠪᠢ ᠳᠥᠷᠪᠡᠳᠦᠭᠡᠷ ᠲᠡᠮᠡᠭᠡ ᠪᠡᠷ ᠶᠠᠪᠤᠳᠠᠭ ᠭᠡᠯᠡ᠃ ᠶᠦᠯᠳᠥ᠋ᠽ ᠭᠠᠭᠴᠠᠭᠠᠷ ᠢ᠋ᠶ᠋ᠠᠨ ᠬᠣᠴᠣᠷᠤᠭᠠᠳ᠂ ᠠᠯᠴᠢᠭᠤᠷ ᠰᠡᠭᠰᠦᠷᠦᠨ ᠵᠠᠳᠠᠯᠵᠤ᠂ ᠲᠣᠯᠣᠭᠠᠢ ᠪᠠᠨ ᠪᠦᠲᠡᠭᠡᠨ ᠤᠬᠢᠯᠠᠪᠠ᠃ ᠡᠴᠢᠭᠡ᠂ ᠠᠬ᠎ᠠ ᠳ᠋ᠧᠮᠢᠷ ᠬᠣᠶᠠᠷ ᠨᠢ ᠲᠡᠭᠦᠨ ᠢ᠋ ᠪᠣᠭᠣᠯᠴᠤᠳ ᠤ᠋ᠨ ᠴᠤᠪᠤᠭᠠᠨ ᠳ᠋ᠤ᠌ ᠠᠪᠠᠴᠢᠨ ᠲᠣᠮᠣ ᠮᠠᠯᠠᠭᠠᠢ ᠲᠠᠢ ᠂ ᠰᠤᠳᠠᠯ ᠲᠠᠢ᠂ ᠤᠯᠠᠭᠠᠨ ᠲᠡᠷᠯᠢᠭ ᠲᠡᠢ᠂ ᠬᠠᠷ᠎ᠠ ᠰᠠᠬᠠᠯ ᠲᠠᠢ ᠪᠥᠭᠡᠷᠡᠩᠬᠡᠢ ᠪᠠᠢᠼᠠᠢ ᠮᠡᠲᠦ ᠴᠦᠵᠡᠭᠡᠷ ᠬᠤᠳᠠᠯᠳᠤᠭᠠᠴᠢᠨ ᠳ᠋ᠤ᠌ ᠬᠤᠳᠠᠯᠳᠤᠭᠰᠠᠨ ᠠ᠋ᠴᠠ ᠬᠣᠢᠰᠢ᠂ ᠭᠠᠭᠴᠠ ᠪᠢᠰᠢ ᠣᠯᠠᠨ ᠤᠳᠠᠭ᠎ᠠ ᠤᠬᠢᠯᠠᠭᠰᠠᠨ ᠪᠢᠯᠡ᠃ ᠬᠤᠳᠠᠯᠳᠤᠬᠤ ᠭᠡᠵᠦ ᠪᠠᠢᠭ᠎ᠠ ᠬᠣᠨᠢ ᠮᠡᠲᠦ ᠪᠡᠷ ᠲᠡᠭᠦᠨ ᠢ᠋ ᠦᠵᠡᠭᠰᠡᠨ ᠳ᠋ᠦ᠍ ᠶᠡᠬᠡ ᠯᠡ ᠭᠣᠮᠣᠳᠠᠵᠠᠢ᠃ ᠶᠦᠯᠳᠥ᠋ᠽ ᠲᠦ᠍ ᠶᠠᠮᠠᠷ ᠪᠤᠷᠤᠭᠤ ᠪᠠᠢᠬᠤ ᠪᠣᠢ? ᠪᠤᠯᠠᠭ ᠤ᠋ᠨ ᠳᠡᠷᠭᠡᠳᠡ ᠬᠠᠮᠤᠭ ᠤ᠋ᠨ ᠶᠠᠳᠠᠭᠤ ᠰᠢᠷ᠎ᠠ ᠢᠰᠡᠭᠡᠢ ᠭᠡᠷ ᠲᠦ᠍ ᠴᠦ᠍ ᠭᠡᠰᠡᠨ ᠣᠷᠣᠰᠢᠨ ᠰᠠᠭᠤᠬᠤ ᠪᠠ ᠮᠦᠰᠥ᠋ᠺ ᠦᠳᠡᠰᠢ ᠪᠦᠷᠢ ᠬᠡᠭᠡᠷ ᠮᠣᠷᠢ ᠪᠠᠨ ᠤᠨᠤᠨ ᠢᠷᠡᠵᠦ᠂ ᠠᠳᠤᠭᠤᠨ ᠳᠡᠭᠡᠷ᠎ᠡ ᠶᠠᠭᠤ ᠪᠣᠯᠵᠤ ᠪᠠᠢᠭ᠎ᠠ᠂ ᠠᠵᠢᠷᠭ᠎ᠠ ᠬᠡᠷᠬᠢᠨ ᠬᠡᠮᠬᠡᠯᠴᠡᠳᠡᠭ᠂ ᠶᠠᠮᠠᠷ ᠶᠠᠮᠠᠷ ᠤᠨᠠᠭ᠎ᠠ ᠭᠠᠷᠤᠭᠰᠠᠨ᠂ ᠭᠡᠲᠡᠵᠦ ᠢᠷᠡᠭᠰᠡᠨ ᠴᠢᠨᠣ᠎ᠠ ᠶ᠋ᠢ ᠬᠡᠷᠬᠢᠨ ᠬᠥᠭᠡᠭᠡᠭᠰᠡᠨ ᠢ᠋ ᠶᠠᠷᠢᠵᠤ ᠪᠠᠢᠭᠠᠰᠠᠢ ᠭᠡᠵᠦ ᠬᠦᠰᠡᠳᠡᠭ ᠠᠵᠢ᠃
ᠲᠣᠬᠣᠢ ᠳ᠋ᠤᠨᠢ ᠶᠠᠮᠠᠷ ᠨᠢᠭᠡᠨ ᠬᠥᠮᠦᠨ᠂ ᠬᠤᠷᠤᠭᠤ ᠪᠠᠨ ᠵᠥᠭᠡᠯᠡᠨ ᠬᠦᠷᠭᠡᠵᠦ ᠨᠠᠷᠢᠨ ᠳᠠᠭᠤ ᠪᠠᠷ ᠰᠢᠪᠡᠨᠡᠨ᠂
— ᠣᠳᠣᠨ ᠮᠢᠨᠢ ᠶᠠᠭᠤᠨ ᠳ᠋ᠤ᠌ ᠤᠬᠢᠯᠠᠵᠤ ᠪᠠᠢᠨ᠎ᠠ? ᠡᠨᠡ ᠪᠣᠯ ᠬᠠᠷᠠᠬᠠᠨ ᠵᠣᠪᠠᠯᠠᠩ ᠪᠢᠰᠢ᠂ ᠶᠡᠬᠡ ᠵᠣᠪᠠᠯᠠᠩ ᠳᠠᠷᠤᠢ ᠲᠣᠬᠢᠶᠠᠯᠳᠤᠨ᠎ᠠ ᠭᠡᠪᠡ᠃ ᠡᠨᠡ᠂ ᠬᠢᠲᠠᠳ ᠰᠢᠪᠡᠭᠴᠢᠨ ᠢ ᠯᠡ ᠾᠧ ᠠᠵᠢ᠃ ᠶᠥ᠋ᠯᠳᠥ᠋ᠽ ᠦ᠋ᠨ ᠡᠮᠦᠨ᠎ᠡ ᠡᠪᠦᠳᠦᠭ ᠳᠡᠭᠡᠷ᠎ᠡ ᠪᠡᠨ ᠰᠥᠬᠥᠷᠡᠭᠡᠳ ᠠᠯᠠᠭ᠎ᠠ ᠪᠠᠷ ᠬᠡᠪᠢᠰ ᠢ᠋ ᠳᠠᠷᠤᠵᠤ᠂ ᠵᠠᠩᠰᠢᠭᠰᠠᠨ ᠬᠦᠨᠳᠦᠳᠬᠡᠯ ᠢ᠋ᠶ᠋ᠡᠷ ᠬᠤᠷᠳᠤᠨ᠎ᠠ ᠮᠥᠷᠭᠥᠪᠡ᠃
— ᠬᠡᠵᠢᠶ᠎ᠡ ᠶᠡᠬᠡ ᠵᠣᠪᠠᠯᠠᠩ ᠢᠷᠡᠨ᠎ᠡ?
— ᠴᠢᠨᠦ᠂ ᠬᠡᠦᠬᠡᠳ ᠢ᠋ᠶ᠋ᠡᠨ ᠦᠬᠦᠬᠦ ᠶ᠋ᠢ ᠦᠵᠡᠬᠦ ᠳ᠋ᠦ᠍ ᠲᠣᠬᠢᠶᠠᠯᠳᠤᠨ᠎ᠠ ᠭᠡᠪᠡ᠃
— ᠴᠢ ᠶᠡᠬᠡ ᠵᠣᠪᠠᠯᠠᠩ ᠦᠵᠡᠭᠰᠡᠨ ᠤᠤ?
ᠬᠢᠲᠠᠳ ᠪᠦᠰᠡᠭᠦᠢ᠂ ᠤᠷᠤᠰᠬᠤ ᠨᠢᠯᠪᠤᠰᠤ ᠶ᠋ᠢ ᠠᠷᠴᠢᠬᠤ ᠭᠡᠰᠡᠨ ᠮᠡᠲᠦ ᠬᠠᠲᠠᠩᠭᠢᠷ ᠪᠢᠴᠢᠬᠠᠨ ᠭᠠᠷ ᠢ᠋ᠶ᠋ᠠᠷ ᠨᠢᠳᠦ ᠶ᠋ᠢ ᠢᠯᠪᠢᠭᠡᠳ ᠡᠷᠭᠢᠵᠦ ᠬᠠᠷᠠᠪᠠ᠃ ᠡᠷᠭᠢᠨ ᠲᠣᠭᠣᠷᠢᠨ ᠳ᠋ᠤ᠌ ᠲᠦᠳᠡᠭ ᠨᠣᠴᠣᠨ᠂ ᠬᠡᠪᠲᠡᠭᠡ ᠰᠠᠭᠤᠭ᠎ᠠ ᠴᠡᠷᠢᠭ ᠦ᠋ᠳ ᠦ᠋ᠨ ᠳᠡᠭᠡᠷ᠎ᠡ ᠬᠦᠷᠡᠩ ᠤᠯᠠᠭᠠᠨ ᠭᠡᠷᠡᠯ ᠲᠣᠰᠣᠨ ᠪᠠᠢᠪᠠ᠃ ᠬᠢᠲᠠᠳ ᠪᠦᠰᠡᠭᠦᠢ ᠶᠥ᠋ᠯᠳᠥ᠋ᠽ ᠬᠣᠶᠠᠷ ᠪᠢᠴᠢᠬᠠᠨ ᠬᠢᠯᠢᠩ ᠬᠡᠪᠢᠰᠦᠨ ᠳᠡᠭᠡᠷ᠎ᠡ ᠪᠡᠶ᠎ᠡ ᠪᠡᠶ᠎ᠡ ᠳ᠋ᠡᠭᠡᠨ ᠰᠢᠬᠠᠨ ᠰᠠᠭᠤᠵᠠᠢ᠃ ᠡᠨᠡ ᠬᠣᠶᠠᠷ ᠥᠪᠡᠷᠰᠡᠳ ᠢ᠋ ᠪᠡᠨ᠂ ᠬᠦᠩᠭᠢᠨᠡᠨ ᠬᠠᠰᠬᠢᠷᠤᠨ ᠳᠠᠭᠤᠯᠠᠨ᠂ ᠵᠡᠪᠰᠡᠭ ᠬᠠᠩᠭᠢᠨᠠᠭᠤᠯᠤᠨ ᠪᠠᠢᠭᠠᠳ ᠣᠳᠣ ᠶᠠᠪᠤᠳᠠᠯ ᠳ᠋ᠤ᠌ ᠠᠯᠵᠢᠶᠠᠨ ᠠᠯᠭᠤᠷ ᠨᠠᠮᠵᠢᠵᠤ ᠤᠨᠲᠠᠨ ᠮᠠᠷᠲᠠᠭᠰᠠᠨ᠂ ᠠᠰᠤᠷᠤ ᠣᠯᠠᠨ ᠬᠥᠮᠦᠨ ᠦ᠌ ᠳᠤᠮᠳᠠ ᠬᠠᠶᠠᠭᠳᠠᠭᠰᠠᠨ ᠭᠡᠵᠦ ᠰᠠᠨᠠᠵᠠᠢ᠃
ᠬᠢᠲᠠᠳ ᠪᠦᠰᠡᠭᠦᠢ ᠬᠡᠯᠡᠭᠰᠡᠨ ᠨᠢ᠄
— ᠥᠩᠭᠡᠷᠡᠭᠰᠡᠨ ᠵᠣᠪᠠᠯᠠᠩ ᠢ᠋ ᠰᠠᠨᠠᠬᠤ ᠳ᠋ᠤ᠌᠂ ᠮᠢᠨᠦ ᠵᠢᠷᠦᠬᠡ ᠡᠮᠲᠡᠷᠡᠵᠦ ᠪᠠᠢᠨ᠎ᠠ᠃ ᠭᠡᠰᠡᠨ ᠴᠦ᠍ ᠰᠣᠨᠣᠰ! ᠪᠢ ᠥᠭᠦᠯᠡᠰᠦᠭᠡᠢ᠃ ᠶᠡᠬᠡ ᠪᠠᠭ᠎ᠠ ᠠᠯᠢ ᠴᠤ᠌ ᠵᠣᠪᠠᠯᠠᠩ ᠢ᠋ ᠮᠢᠨᠦ ᠬᠥᠭᠡᠷᠦᠬᠦᠢ ᠨᠢᠳᠦ ᠦᠵᠡᠯ᠎ᠡ᠃
ᠠᠩᠬ᠎ᠠ ᠡᠴᠢᠭᠡ ᠶ᠋ᠢᠨ ᠭᠡᠷ ᠲᠦ᠍ ᠰᠠᠨᠠᠭ᠎ᠠ ᠵᠣᠪᠠᠬᠤ ᠶᠠᠭᠤᠮ᠎ᠠ ᠦᠭᠡᠢ᠂ ᠵᠢᠷᠭᠠᠯᠠᠩᠲᠠᠢ ᠠᠮᠢᠳᠤᠷᠠᠵᠤ ᠪᠠᠢᠯ᠎ᠠ᠃ ᠮᠢᠨᠦ ᠡᠴᠢᠭᠡ ᠣᠳᠣᠨ ᠪᠦᠬᠦᠨ ᠦ᠌ ᠤᠳᠬ᠎ᠠ ᠴᠢᠨᠠᠷ ᠢ᠋ ᠣᠢᠯᠠᠭᠠᠵᠤ᠂ᠲᠡᠳᠡᠨ ᠦ᠌ ᠬᠥᠳᠡᠯᠭᠡᠭᠡ ᠪᠡᠷ ᠬᠥᠮᠦᠨ ᠦ᠌ ᠢᠷᠡᠭᠡᠳᠦᠢ ᠶ᠋ᠢ ᠤᠷᠢᠳ ᠠ᠋ᠴᠠ ᠥᠭᠦᠯᠡᠳᠡᠭ ᠪᠥᠯᠥᠭᠡ᠃ ᠲᠡᠷᠡ᠂ ᠰᠥᠨᠢ ᠪᠦᠷᠢ ᠶ᠋ᠢ ᠤᠯᠤᠰ ᠤ᠋ᠨ ᠡᠵᠡᠨ ᠬᠠᠭᠠᠨ ᠤ᠋ ᠣᠷᠳᠣᠨ ᠤ᠋ ᠳᠡᠭᠡᠪᠦᠷ ᠳᠡᠭᠡᠷ᠎ᠡ ᠥᠩᠭᠡᠷᠡᠭᠡᠵᠦ᠂ ᠣᠳᠣᠨ ᠤ᠋ ᠬᠥᠳᠡᠯᠭᠡᠭᠡ ᠵᠥᠷᠢᠯᠲᠡ ᠪᠡᠷ ᠮᠡᠳᠡᠭᠰᠡᠨ ᠵᠦᠢᠯ ᠪᠦᠬᠦᠨ ᠢ᠋ ᠲᠣᠮᠣ ᠳᠡᠪᠲᠡᠷ ᠲᠦ᠍ ᠪᠢᠴᠢᠭᠡᠳ ᠣᠷᠳᠣᠨ ᠤ᠋ ᠶᠡᠷᠦᠩᠬᠡᠢ ᠳᠠᠭᠠᠭᠠᠮᠠᠯ ᠳ᠋ᠤ᠌ ᠥᠷᠯᠥᠭᠡ ᠦᠵᠡᠭᠦᠯᠬᠦ ᠳ᠋ᠦ᠍ ᠠᠯᠢ ᠴᠢᠬᠤᠯᠠ ᠶ᠋ᠢ ᠨᠢ ᠬᠢᠲᠠᠳ ᠢ᠋ ᠵᠠᠬᠢᠷᠤᠭᠴᠢ ᠡᠵᠡᠨ ᠳ᠋ᠦ᠍ ᠮᠡᠳᠡᠭᠦᠯᠳᠡᠭ ᠪᠠᠢᠪᠠ᠃ ᠡᠴᠢᠭᠡ ᠮᠢᠨᠢ ᠨᠠᠮᠠᠶ᠋ᠢ ᠥᠰᠬᠦ ᠳ᠋ᠦ᠍ ᠬᠣᠶᠠᠷ ᠵᠠᠭᠤᠨ ᠲᠠᠪᠢᠨ ᠮᠣᠷᠢᠲᠠᠨ ᠤ᠋ ᠳᠠᠷᠤᠭ᠎ᠠ ᠪᠥᠭᠡᠳ ᠢᠵᠠᠭᠤᠷᠲᠠᠢ᠂ ᠬᠦᠭᠵᠢᠭᠡᠨᠲᠡᠢ ᠨᠢᠭᠡ ᠬᠥᠮᠦᠨ ᠲᠡᠢ ᠰᠠᠭᠤᠯᠭᠠᠭᠰᠠᠨ ᠶᠤᠮ᠃ ᠲᠡᠷᠡ ᠨᠠᠳᠠ ᠠ᠋ᠴᠠ ᠬᠣᠷᠢᠨ ᠨᠠᠰᠤ ᠠᠬ᠎ᠠ ᠪᠣᠯᠪᠠᠴᠤ ᠪᠢᠳᠡ ᠵᠢᠷᠭᠠᠯᠲᠠᠢ ᠠᠮᠢᠳᠤᠷᠠᠨ᠂ ᠬᠣᠶᠠᠷ ᠰᠠᠢᠬᠠᠨ ᠬᠡᠦᠬᠡᠳ ᠲᠡᠢ ᠪᠠᠢᠪᠠ᠃ ᠪᠢᠳᠡ ᠯᠢᠩᠬᠤ᠎ᠠ ᠴᠡᠴᠡᠭ ᠤᠷᠭᠤᠳᠠᠭ᠂ ᠠᠯᠲᠠᠨ ᠵᠢᠭᠠᠰᠤ ᠬᠦᠪᠪᠦᠳᠡᠭ ᠴᠥᠭᠥᠷᠥᠮ ᠪᠠ ᠴᠡᠴᠡᠷᠯᠢᠭ ᠲᠡᠢ ᠪᠢᠴᠢᠬᠠᠨ ᠪᠠᠢᠰᠢᠩ ᠳ᠋ᠤ᠌ ᠣᠷᠣᠰᠢᠨ ᠰᠠᠭᠤᠵᠤ ᠪᠠᠢᠯ᠎ᠠ᠃ ᠴᠢᠩᠭᠢᠰ ᠬᠠᠭᠠᠨ ᠤ᠋ ᠮᠣᠩᠭᠣᠯ ᠴᠡᠷᠢᠭ᠂ ᠲᠤᠰ ᠬᠣᠲᠠ ᠳ᠋ᠤ᠌ ᠭᠡᠨᠡᠳᠲᠡ ᠳᠠᠪᠬᠢᠵᠤ ᠢᠷᠡᠭᠰᠡᠨ ᠪᠥᠭᠡᠳ ᠲᠡᠳᠡᠨ ᠢ᠋ ᠬᠡᠨ ᠴᠦ᠍ ᠬᠦᠰᠡᠨ ᠬᠦᠯᠢᠶᠡᠵᠦ ᠪᠠᠢᠭᠰᠠᠨ ᠦᠭᠡᠢ᠃ ᠣᠳᠣ ᠪᠠᠲᠤ ᠬᠠᠭᠠᠨ ᠠ᠋ᠴᠠ ᠦᠯᠦ ᠰᠠᠯᠤᠭᠴᠢ᠂ ᠥᠷᠥᠭᠡᠰᠦᠨ ᠨᠢᠳᠦᠲᠦ ᠵᠠᠩᠵᠤᠨ ᠮᠣᠩᠭᠣᠯ ᠴᠡᠷᠢᠭ ᠢ᠋ ᠲᠦᠷᠦᠭᠦᠯᠡᠨ ᠪᠠᠢᠪᠠ᠃ ᠮᠢᠨᠦ ᠨᠥᠬᠥᠷ᠂ ᠴᠡᠷᠢᠭ ᠢ᠋ᠶ᠋ᠡᠨ ᠠᠪᠤᠨ ᠲᠤᠯᠤᠯᠳᠤᠭᠠᠨ ᠳ᠋ᠤ᠌ ᠮᠣᠷᠳᠠᠭᠠᠳ ᠡᠷᠭᠢᠵᠦ ᠢᠷᠡᠭᠰᠡᠨ ᠦᠭᠡᠢ᠃ ᠮᠣᠩᠭᠣᠯᠴᠤᠳ ᠮᠢᠨᠦ ᠡᠬᠡ ᠶ᠋ᠢ ᠠᠯᠠᠭᠠᠳ ᠬᠡᠦᠬᠡᠳ ᠢ᠋ ᠮᠢᠨᠢ ᠠᠪᠴᠤ ᠣᠳᠤᠭᠰᠠᠨ ᠶᠤᠮ᠃ ᠬᠡᠷᠴᠡᠭᠡᠢ ᠠᠶᠤᠮᠰᠢᠭᠲᠤ ᠨᠢᠭᠡᠨ ᠮᠣᠩᠭᠣᠯ ᠵᠠᠭᠤᠲᠤ ᠶ᠋ᠢᠨ ᠳᠠᠷᠤᠭ᠎ᠠ ᠨᠠᠮᠠᠶ᠋ᠢ ᠰᠢᠪᠡᠭᠴᠢᠨ ᠪᠣᠯᠭᠠᠨ ᠠᠪᠤᠪᠠ᠃ ᠪᠢ ᠴᠢᠳᠠᠬᠤ ᠶᠠᠳᠠᠬᠤ ᠪᠠᠷ ᠢ᠋ᠶ᠋ᠠᠨ ᠲᠡᠭᠦᠨ ᠢ᠋ ᠠᠷᠭᠠᠳᠠᠨ ᠵᠢᠰᠤᠷᠳᠠᠵᠤ ᠬᠡᠦᠬᠡᠳ ᠢ᠋ᠶ᠋ᠡᠨ ᠡᠷᠢᠵᠦ ᠣᠯᠤᠨ ᠠᠪᠤᠷᠠᠬᠤ ᠶ᠋ᠢᠨ ᠲᠤᠯᠠ ᠠᠮᠢᠳᠤ ᠶᠠᠪᠤᠬᠤ ᠶᠤᠮᠰᠠᠨ ᠭᠡᠵᠦ ᠬᠦᠰᠡᠯ᠎ᠡ᠃
ᠮᠢᠨᠦ ᠰᠢᠨ᠎ᠡ ᠨᠣᠶᠠᠨ ᠪᠠᠯ ᠲᠠᠢ ᠪᠣᠭᠣᠷᠰᠣᠭ᠂ ᠮᠣᠳᠣᠨ ᠤ᠋ ᠮᠥᠭᠥ ᠲᠡᠢ ᠬᠤᠤᠱᠤᠤᠷ ᠲᠸ᠋ ᠲᠠᠭᠠᠯᠠᠳᠠᠭ ᠪᠢᠯᠡ᠃ ᠨᠠᠮᠠᠶ᠋ᠢ ᠳᠡᠷᠭᠡᠳᠡ ᠪᠡᠨ ᠪᠠᠢᠯᠭᠠᠵᠤ ᠪᠠᠢᠭᠠᠳ ᠦᠳᠲᠡᠷ ᠰᠤᠯᠠᠯᠠᠨ ᠴᠢᠯᠥᠭᠡᠯᠡᠬᠦ ᠶ᠋ᠢ ᠡᠰᠡ ᠵᠥᠪᠰᠢᠶᠡᠷᠡᠪᠡ᠃ ᠲᠡᠭᠡᠭᠡᠳ ᠨᠠᠮᠠᠶ᠋ᠢ ᠬᠠᠲᠤᠨ ᠤᠷᠢ— ᠦᠵᠢᠨ ᠡᠬᠡ ᠳ᠋ᠦ᠍ ᠪᠡᠯᠡᠭᠯᠡᠭᠰᠡᠨ ᠳ᠋ᠦ᠍᠂ ᠪᠢ ᠲᠡᠭᠦᠨ ᠦ᠌ ᠠᠰᠠᠷ ᠲᠸ᠋ ᠬᠡᠯᠡᠪᠡ᠃ ᠣᠳᠣ ᠴᠢᠮᠠᠲᠤ ᠶᠠᠪᠤᠬᠤ᠂ ᠮᠥᠷᠭᠥᠬᠦ᠂ ᠨᠠᠷᠢᠨ ᠬᠣᠭᠣᠯᠠᠢ ᠪᠠᠷ ᠢ᠋ᠶ᠋ᠠᠨ ᠶᠠᠷᠢᠬᠤ᠂ ᠡᠪᠲᠡᠢᠬᠡᠨ ᠬᠥᠳᠡᠯᠵᠦ ᠴᠠᠢ ᠠᠶᠠᠭᠠᠯᠠᠬᠤ ᠲᠡᠷᠢᠭᠦᠲᠡᠨ ᠢ᠋ ᠣᠷᠳᠣᠨ ᠤ᠋ ᠢᠵᠠᠭᠤᠷᠲᠠᠨ ᠬᠡᠦᠬᠡᠨ ᠨᠦ᠍ᠭᠦᠳ ᠦ᠋ᠨ ᠠᠳᠠᠯᠢ ᠪᠠᠷ ᠰᠤᠷᠭᠠᠬᠤ ᠶ᠋ᠢᠨ ᠲᠤᠯᠠ ᠨᠠᠮᠠᠶ᠋ᠢ ᠴᠢᠨᠦ ᠳᠡᠷᠭᠡᠳᠡ ᠰᠠᠭᠤᠯᠭᠠᠪᠠ᠃ ᠴᠢ ᠰᠤᠷᠬᠤ ᠶ᠋ᠢ ᠳᠤᠷᠠᠯᠠᠵᠤ ᠪᠠᠢᠬᠤ ᠤᠤ ? ᠭᠡᠪᠡ᠃
—ᠡᠨᠡ ᠪᠦᠭᠦᠳᠡ ᠬᠡᠷᠡᠭ ᠲᠡᠢ ᠶᠤᠮ ᠪᠣᠯ ᠪᠢ ᠴᠥᠮ ᠰᠤᠷᠰᠤᠭᠠᠢ ᠭᠡᠵᠦ ᠶᠦᠯᠳᠥ᠋ᠽ ᠬᠠᠷᠢᠭᠤᠯᠪᠠ᠃
— ᠲᠡᠭᠦᠨ ᠢ᠋ᠶ᠋ᠡᠷ ᠦᠯᠦ ᠪᠠᠷᠠᠮ ᠪᠢ ᠴᠢᠮᠠᠲᠤ ᠰᠣᠨᠢᠨ᠂ ᠠᠶᠤᠮᠰᠢᠭᠲᠠᠢ ᠬᠥᠭᠵᠢᠭᠡᠨᠲᠡᠢ ᠦᠯᠢᠭᠡᠷ ᠶᠠᠷᠢᠵᠤ ᠰᠤᠷᠭᠠᠨ᠎ᠠ᠃ ᠲᠡᠭᠡᠬᠦ ᠳ᠋ᠦ᠍ ᠡᠵᠡᠨ ᠰᠣᠨᠣᠰᠬᠤ ᠪᠠᠷ ᠦᠷᠭᠦᠯᠵᠢ ᠴᠢᠨᠦ ᠳᠡᠷᠭᠡᠳᠡ ᠢᠷᠡᠨ᠎ᠡ᠃ ᠲᠡᠭᠡᠭᠡᠳ ᠲᠡᠷᠡ᠂ ᠴᠢᠨᠦ ᠭᠤᠶᠤᠭᠰᠠᠨ ᠪᠦᠬᠦᠨ ᠢ᠋ ᠪᠦᠲᠦᠭᠡᠬᠦ ᠪᠣᠯᠤᠨ᠎ᠠ᠃ ᠬᠠᠷᠢᠶᠠᠴᠠᠢ ᠬᠥᠯᠦᠭᠰᠡᠨ ᠲᠡᠷᠭᠡᠨ ᠳ᠋ᠦ᠍ ᠰᠠᠭᠤᠵᠤ ᠣᠭᠲᠠᠷᠭᠤᠢ ᠳ᠋ᠤ᠌ ᠶᠠᠪᠤᠭᠴᠢ ᠬᠥᠮᠦᠰ ᠦ᠋ᠨ ᠦᠯᠢᠭᠡᠷ᠂ ᠬᠣᠲᠠ ᠶ᠋ᠢ ᠯᠤᠤ ᠪᠠᠷ ᠪᠠᠷᠢᠭᠤᠯᠤᠭᠰᠠᠨ ᠶᠠᠳᠠᠭᠤ ᠮᠠᠯᠴᠢᠨ ᠤ᠋ ᠦᠯᠢᠭᠡᠷ᠂ ᠲᠡᠷᠡ ᠬᠣᠲᠠᠨ ᠤ᠋ ᠬᠥᠮᠦᠰ ᠤᠬᠢᠯᠠᠳᠠᠭ ᠦᠭᠡᠢ ᠲᠤᠬᠠᠢ ᠪᠠᠰᠠ ᠪᠤᠰᠤ ᠣᠯᠠᠨ ᠢ᠋ ᠪᠢ ᠴᠢᠮᠠᠲᠤ ᠶᠠᠷᠢᠰᠤᠭᠠᠢ ᠭᠡᠵᠡᠢ᠃
ᠶᠦᠯᠳᠥ᠋ᠽ ᠲᠡᠭᠦᠨ ᠡᠴᠡ ᠬᠣᠢᠰᠢ᠂ ᠭᠠᠭᠴᠠᠭᠠᠷ ᠢ᠋ᠶ᠋ᠠᠨ ᠭᠡᠵᠦ ᠵᠣᠪᠠᠬᠤ ᠦᠭᠡᠢ ᠪᠣᠯᠤᠭᠠᠳ᠂ ᠬᠢᠲᠠᠳ ᠪᠦᠰᠡᠭᠦᠢ ᠶ᠋ᠢ ᠥᠪᠡᠷ ᠦ᠋ᠨ ᠥᠮᠥᠭᠯᠡᠭᠴᠢ ᠭᠡᠵᠦ ᠦᠵᠡᠵᠦ᠂ ᠡᠵᠡᠨ ᠢ᠋ ᠤᠴᠠᠷᠠᠬᠤ ᠪᠠᠷ ᠢᠷᠡᠬᠦ ᠳ᠋ᠦ᠍ ᠦᠵᠡᠰᠬᠦᠯᠡᠩᠲᠡᠢ ᠪᠥᠭᠡᠳ ᠡᠶᠡᠯᠳᠡᠭ ᠢ᠋ᠶ᠋ᠡᠷ ᠬᠦᠯᠢᠶᠡ ᠳᠠᠢᠯᠠᠬᠤ᠂ ᠤᠢᠳᠬᠠᠷ ᠢ᠋ ᠰᠡᠷᠭᠦᠭᠡᠬᠦ ᠳ᠋ᠦ᠍ ᠬᠡᠷᠡᠭ ᠪᠣᠯᠬᠤ ᠵᠢᠭᠠᠭᠰᠠᠨ ᠰᠠᠨᠠᠭᠤᠯᠤᠭᠰᠠᠨ ᠵᠦᠢᠯ ᠢ᠋ ᠨᠢ ᠳᠠᠭᠠᠵᠤ᠂ ᠦᠯᠢᠭᠡᠷ ᠰᠣᠨᠣᠰᠳᠠᠭ ᠪᠣᠯᠵᠠᠢ᠃
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠯᠲᠠᠨᠴᠢᠮᠡᠭ᠂ ᠬᠡᠷᠡᠢᠳ·ᠮᠥᠩᠬᠡᠨᠠᠰᠤᠨ
ᠬᠢᠨᠠᠭᠴᠢ᠄ ᠲ᠂ ᠬᠦᠮᠦᠵᠢᠯᠲᠦ᠂ ᠪᠠᠯ᠂ ᠠᠷᠢᠭᠤᠨ᠂ ᠠᠯᠲᠠᠨᠴᠢᠮᠡᠭ