ᠪᠠᠲᠤ ᠬᠠᠭᠠᠨ 2-06ᠪᠠᠲᠤ ᠬᠠᠭᠠᠨ ᠤ᠋ ᠳᠣᠯᠣᠭᠠᠨ ᠣᠳᠣᠨ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 2-06ᠪᠠᠲᠤ ᠬᠠᠭᠠᠨ ᠤ᠋ ᠳᠣᠯᠣᠭᠠᠨ ᠣᠳᠣᠨ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ

ᠪᠠᠲᠤ ᠬᠠᠭᠠᠨ 2-06ᠪᠠᠲᠤ ᠬᠠᠭᠠᠨ ᠤ᠋ ᠳᠣᠯᠣᠭᠠᠨ ᠣᠳᠣᠨ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-09-21

104

      《᠁ ᠭᠡᠷᠡᠯᠲᠦ ᠪᠠᠲᠤ ᠬᠠᠭᠠᠨ ᠤ᠋ ᠲᠡᠷᠢᠭᠦᠨ ᠦ᠌ ᠰᠢᠭᠰᠢᠮᠡᠯ ᠮᠢᠩᠭᠠᠨ< ᠦᠯᠦ ᠳᠡᠢᠯᠦᠭᠳᠡᠭᠴᠢᠳ> ᠦ᠋ᠨ ᠬᠠᠮᠲᠤ ᠠᠷᠪᠠᠨ ᠲᠠᠪᠤᠨ ᠲᠣᠮᠣ ᠲᠠᠩᠭᠤᠳ ᠲᠡᠮᠡᠭᠡ ᠲᠡᠢ ᠲᠤᠰᠬᠠᠢ ᠠᠶᠠᠨᠴᠢᠨ ᠶᠠᠪᠤᠵᠤ ᠪᠠᠢᠯ᠎ᠠ᠃ ᠲᠡᠮᠡᠭᠡ ᠨᠢ ᠪᠣᠷᠣᠯᠠᠭ ᠰᠢᠷ᠎ᠠ ᠵᠢᠰᠦᠲᠡᠢ᠂ ᠪᠠᠷᠤᠭ ᠡᠮᠨᠢᠭ ᠲᠣᠭᠰᠢᠨ ᠪᠣᠯᠪᠠᠴᠤ ᠲᠤᠢᠯ ᠤ᠋ᠨ ᠲᠡᠩᠬᠡᠭᠡ ᠲᠡᠢ ᠬᠤᠷᠳᠤᠨ ᠪᠥᠭᠡᠳ ᠰᠦᠪᠡᠬᠡᠳᠠᠢ ᠪᠠᠭᠠᠲᠤᠷ ᠤ᠋ᠨ ᠬᠤᠷᠳᠤᠨ ᠵᠣᠷᠴᠢᠬᠤ ᠳ᠋ᠤ᠌ ᠪᠠᠷᠤᠭ ᠬᠣᠵᠢᠮᠳᠠᠳᠠᠭ ᠦᠭᠡᠢ ᠪᠢᠯᠡ᠃
      ᠡᠨᠡ ᠲᠡᠮᠡᠭᠡ ᠳᠡᠭᠡᠷ᠎ᠡ ᠪᠠᠲᠤ ᠬᠠᠭᠠᠨ ᠤ᠋《ᠳᠣᠯᠣᠭᠠᠨ ᠣᠳᠣᠨ 》 ᠶᠠᠪᠤᠳᠠᠭ ᠠᠵᠢ᠃ ᠴᠡᠷᠢᠭ ᠦ᠋ᠳ ᠪᠠᠲᠤ ᠬᠠᠭᠠᠨ ᠤ᠋ ᠳᠣᠯᠣᠭᠠᠨ ᠦᠵᠡᠰᠬᠦᠯᠡᠩᠲᠦ ᠰᠸᠢ᠍ᠢ᠍ᠬ᠌ᠨᠠᠺᠲᠦ ᠡᠬᠡᠨᠡᠷ ᠢ᠋ ᠲᠡᠭᠡᠵᠦ ᠨᠡᠷᠡᠯᠡᠳᠡᠭ ᠪᠠᠢᠵᠠᠢ᠃ ᠬᠠᠷᠢᠨ ᠲᠡᠢᠨ ᠳ᠋ᠦ᠍ ᠬᠥᠳᠡᠯᠬᠦ ᠶ᠋ᠢᠨ ᠡᠮᠦᠨ᠎ᠡ ᠪᠠᠢᠬᠤ ᠴᠠᠭ ᠲᠤ᠌ ᠪᠠᠲᠤ ᠬᠠᠭᠠᠨ ᠤ᠋ ᠮᠡᠷᠭᠡᠨ ᠡᠬᠡ ᠤᠷᠢ— ᠥᠵᠢᠨ ᠢ᠋ᠶ᠋ᠡᠷ ᠲᠡᠭᠦᠨ ᠦ᠌ ᠳᠥᠴᠢᠨ ᠡᠬᠡᠨᠡᠷ ᠡᠴᠡ ᠨᠢ ᠳᠣᠯᠣᠭ᠎ᠠ ᠶ᠋ᠢ ᠰᠣᠩᠭᠣᠨ ᠠᠪᠴᠠᠢ᠃ ᠲᠡᠭᠦᠨ ᠦ᠌ ᠬᠡᠯᠡᠭᠰᠡᠨ ᠨᠢ:
      — ᠴᠢ ᠰᠢᠨ᠎ᠡ ᠤᠯᠤᠰ ᠢ᠋ ᠡᠵᠡᠯᠡᠨ ᠳᠠᠭᠠᠭᠤᠯᠤᠨ᠎ᠠ᠃ ᠳᠠᠭᠠᠭᠰᠠᠨ ᠤᠯᠤᠰ ᠣᠷᠣᠨ ᠪᠦᠬᠦᠨ ᠦ᠌ ᠠᠷᠠᠳ ᠢᠷᠭᠡᠳ ᠴᠢᠮᠠᠶ᠋ᠢ ᠬᠥᠨᠥᠭᠡᠬᠦ ᠶ᠋ᠢᠨ ᠲᠤᠯᠠ ᠬᠠᠮᠤᠭ ᠤ᠋ᠨ ᠦᠵᠡᠰᠬᠦᠯᠡᠩ ᠲᠡᠢ ᠪᠥᠭᠡᠳ ᠬᠠᠮᠤᠭ ᠤ᠋ᠨ ᠬᠠᠷ᠎ᠠ ᠰᠠᠨᠠᠭᠠᠲᠤ ᠪᠦᠰᠡᠭᠦᠢ ᠶ᠋ᠢ ᠴᠢᠮᠠᠲᠤ ᠪᠡᠯᠡᠭᠯᠡᠨ ᠦᠭᠭᠦᠨ᠎ᠡ᠃
      — ᠡᠪᠦᠭᠡ ᠡᠴᠢᠭᠡ ᠪᠣᠭᠳᠠ ᠡᠵᠡᠨ ᠦ᠌ ᠪᠡᠨ ᠬᠤᠪᠢ ᠵᠠᠶᠠᠭ᠎ᠠ ᠶ᠋ᠢ ᠪᠤᠤ ᠮᠠᠷᠲᠠ᠂ ᠲᠡᠭᠦᠨ ᠦ᠌ ᠠᠰᠠᠷᠲᠤ (ᠠᠰᠠᠷ ᠲᠤ᠌ ) ᠲᠠᠩᠭᠤᠳ ᠤ᠋ᠨ ᠬᠠᠭᠠᠨ ᠤ᠋ ᠭᠦᠩᠵᠦ ᠶ᠋ᠢ ᠠᠪᠴᠢᠷᠠᠭᠰᠠᠨ ᠳ᠋ᠤ᠌ ᠳᠡᠭᠡᠳᠦ ᠡᠵᠡᠨ ᠦ᠌ ᠪᠡᠶ᠎ᠡ ᠶ᠋ᠢ ᠰᠢᠷᠬᠠᠲᠤᠭᠤᠯᠵᠤ ᠦᠬᠦᠭᠦᠯᠬᠦ ᠶ᠋ᠢ ᠣᠢᠷᠠᠲᠤᠭᠤᠯᠤᠯ᠎ᠠ᠃ ᠬᠠᠷᠢ ᠶ᠋ᠢᠨ ᠬᠥᠮᠦᠨ ᠦ᠌ ᠢᠳᠬᠠᠯ ᠊ᠢ ᠢᠲᠡᠭᠡᠯ ᠦᠭᠡᠢ᠂ ᠳᠠᠢᠰᠤᠨ ᠤ᠋ ᠪᠡᠯᠡᠭ ᠰᠡᠯᠡᠭ ᠡᠴᠡ ᠵᠠᠢᠯᠠᠰᠬᠢᠬᠲᠤᠨ! ᠰᠥᠨᠢ ᠶ᠋ᠢᠨ ᠣᠭᠲᠠᠷᠭᠤᠢ ᠳ᠋ᠤ᠌ ᠳᠣᠯᠣᠭᠠᠨ ᠡᠪᠦᠭᠡᠨ ᠣᠳᠣᠨ ᠬᠡᠷᠡᠯᠳᠦᠬᠦ ᠲᠡᠢ ᠴᠠᠴᠤᠭᠤ᠂ ᠮᠢᠨᠦ ᠰᠣᠩᠭᠣᠭᠰᠠᠨ ᠳᠣᠯᠣᠭᠠᠨ ᠭᠤᠸ᠎ᠠ ᠰᠠᠢᠬᠠᠨ ᠥᠬᠢᠨ᠂ ᠴᠢᠨᠦ ᠵᠠᠮ ᠳ᠋ᠤ᠌ ᠴᠣᠭ ᠵᠠᠯᠢ ᠪᠠᠶᠠᠷ ᠴᠡᠩᠭᠡᠯ ᠊ᠢ ᠳᠡᠯᠭᠡᠷᠡᠭᠦᠯᠦᠨ ᠦᠨᠡᠨᠴᠢ ᠳᠣᠲᠣᠨᠣ ᠭᠡᠷᠡᠯᠲᠦᠨ᠎ᠡ ᠭᠡᠬᠦ ᠳ᠋ᠦ᠍ ᠡᠬᠡ ᠪᠡᠨ ᠢᠮᠠᠭᠲᠠ ᠬᠦᠨᠳᠦᠯᠡᠭᠴᠢ ᠪᠠᠲᠤ ᠬᠠᠭᠠᠨ᠂
      — ᠪᠢ ᠤᠷᠢᠳᠠᠪᠡᠷ ᠴᠡᠷᠢᠭ ᠦ᠋ᠨ ᠵᠥᠪᠯᠡᠭᠴᠢ ᠰᠦᠪᠡᠭᠡᠳᠡᠢ ᠪᠠᠭᠠᠲᠤᠷ ᠲᠠᠢ ᠵᠥᠪᠯᠡᠬᠦ ᠶᠣᠰᠣᠲᠠᠢ ᠭᠡᠵᠡᠢ᠃ ᠮᠠᠷᠭᠠᠰᠢ ᠡᠳᠦᠷ ᠨᠢ ᠪᠠᠲᠤ ᠬᠠᠭᠠᠨ᠂ ᠡᠪᠦᠭᠡᠷᠡᠭᠰᠡᠨ ᠶᠡᠬᠡ ᠵᠠᠩᠵᠤᠨ ᠤ᠋ ᠬᠠᠮᠲᠤ ᠡᠬᠡ ᠶ᠋ᠢᠨ ᠢ᠋ᠶ᠋ᠡᠨ ᠳᠡᠷᠭᠡᠳᠡ ᠢᠷᠡᠵᠦ ᠬᠡᠯᠡᠭᠰᠡᠨ ᠨᠢ᠂
      — ᠮᠢᠨᠦ ᠠᠶᠠᠨ ᠲᠡᠢᠨ ᠦ᠌ ᠲᠡᠦᠬᠡ ᠲᠡᠮᠳᠡᠭᠯᠡᠭᠴᠢ ᠪᠥᠭᠡᠳ ᠪᠠᠭᠰᠢ ᠬᠠᠳ᠋ᠵᠢ ᠷᠠᠾᠢ᠍ᠮ᠂ ᠨᠣᠮ ᠳ᠋ᠤ᠌ ᠰᠡᠬᠦᠵᠦ ᠦᠵᠡᠭᠡᠳ᠂ ᠬᠣᠶᠠᠷ ᠡᠪᠡᠷᠲᠦ ᠢᠰᠺᠸᠨ᠋ᠳ᠋ᠸᠷ ᠠᠶᠠᠨ ᠲᠡᠢᠨ ᠳ᠋ᠦ᠍ ᠮᠣᠷᠳᠠᠬᠤ ᠳ᠋ᠠᠭᠠᠨ ᠶᠡᠷᠦ ᠡᠬᠡᠨᠡᠷ ᠠᠪᠴᠤ ᠶᠠᠪᠤᠭᠰᠠᠨ ᠦᠭᠡᠢ᠂ ᠬᠠᠷᠢᠨ ᠪᠦᠬᠦ ᠰᠠᠨᠠᠭ᠎ᠠ ᠨᠢ ᠭᠠᠭᠴᠠᠬᠠᠨ ᠲᠣᠬᠢᠶᠠᠯᠳᠤᠭᠰᠠᠨ ᠤᠯᠤᠰ ᠊ᠢ ᠳᠠᠷᠤᠵᠤ ᠳᠠᠭᠠᠭᠤᠯᠬᠤ ᠶ᠋ᠢᠨ ᠲᠤᠯᠠ ᠵᠣᠷᠢᠵᠤ ᠪᠢᠯᠡ ᠭᠡᠵᠦ ᠲᠠᠢᠯᠪᠤᠷᠢᠯᠠᠪᠠ ᠭᠡᠬᠦ ᠳ᠋ᠦ᠍ ᠤᠷᠢ— ᠦᠵᠢᠨ ᠬᠠᠲᠤᠨ ᠪᠣᠳᠣᠯᠭ᠎ᠠ ᠦᠭᠡᠢ ᠪᠡᠷ᠄
      — ᠢᠰᠺᠸᠨ᠋ᠳ᠋ᠸᠷ ᠫᠧᠷᠰ ᠤᠯᠤᠰ ᠢ᠋ ᠡᠵᠡᠯᠡᠨ ᠠᠪᠴᠤ᠂ ᠫᠧᠷᠰ ᠦ᠋ᠨ ᠬᠠᠭᠠᠨ ᠳᠠᠷᠤᠢ ᠭᠦᠩᠵᠦ ᠲᠡᠢ ᠨᠢ ᠭᠡᠷᠯᠡᠭᠡᠳ᠂ ᠬᠤᠷᠳᠤᠨ ᠡᠪᠡᠳᠴᠢᠯᠡᠨ᠂ ᠵᠠᠯᠠᠭᠤ ᠪᠠᠷ ᠢ᠋ᠶ᠋ᠠᠨ ᠨᠠᠰᠤ ᠪᠠᠷᠠᠭᠰᠠᠨ ᠢ᠋ ᠪᠢ ᠨᠣᠮ ᠰᠢᠭᠦᠷᠳᠡᠯ ᠦᠭᠡᠢ ᠮᠡᠳᠡᠨ᠎ᠡ᠃ ᠴᠢᠮᠠᠶ᠋ᠢ ᠡᠢᠮᠦ ᠬᠡᠷᠡᠭ ᠡᠴᠡ ᠰᠠᠬᠢᠭᠤᠯᠰᠤ ᠢᠪᠡᠭᠡᠨ ᠵᠠᠢᠯᠠᠭᠤᠯᠰᠤᠭᠠᠢ ᠭᠡᠵᠡᠢ᠃
      ᠡᠪᠦᠭᠡᠨ ᠰᠦᠪᠡᠭᠡᠳᠡᠢ ᠪᠠᠭᠠᠲᠤᠷ᠂ ᠬᠠᠲᠤᠨ ᠠᠬᠠᠢ ᠶ᠋ᠢᠨ ᠡᠮᠦᠨ᠎ᠡ ᠰᠥᠭᠥᠳᠴᠦ᠂
      — ᠲᠠᠨ ᠤ᠋ ᠦᠭᠡᠰ᠂ ᠡᠷᠳᠡᠨᠢ ᠶ᠋ᠢᠨ ᠠᠯᠮᠠᠰ ᠮᠡᠲᠦ ᠮᠡᠷᠭᠡᠨ ᠢ᠋ᠶ᠋ᠡᠷ ᠬᠡᠷᠡᠯᠳᠦᠵᠦ ᠪᠠᠢᠨ᠎ᠠ᠃ ᠬᠡᠷᠪᠡ ᠲᠠ ᠭᠡᠷᠡᠯᠲᠦ ᠬᠥᠪᠡᠭᠦᠨ ᠦ᠌ ᠪᠡᠨ ᠲᠥᠯᠥᠭᠡ ᠦᠨᠡᠨᠬᠦ ᠰᠠᠨᠠᠭ᠎ᠠ ᠲᠠᠯᠪᠢᠨ᠂ ᠪᠦᠭᠦᠳᠡ ᠳᠥᠴᠢᠨ ᠬᠠᠲᠤᠨ ᠢ᠋ ᠬᠠᠮᠲᠤ ᠶᠠᠪᠤᠭᠤᠯᠰᠤᠭᠠᠢ ᠭᠡᠵᠦ ᠬᠦᠰᠡᠪᠡᠯ ᠲᠡᠳᠡᠨᠡᠷ ᠬᠣᠵᠢᠮᠳᠠᠬᠤ ᠬᠣᠴᠣᠷᠬᠤ ᠦᠭᠡᠢ ᠪᠡᠷ ᠲᠠᠨ ᠤ᠋ ᠤᠯᠤᠰ ᠤ᠋ᠨ ᠳᠣᠲᠣᠷ᠎ᠠ ᠪᠠᠢᠳᠠᠭ ᠤ᠋ᠨ ᠢ᠋ᠶ᠋ᠠᠨ ᠠᠳᠠᠯᠢ ᠪᠠᠷ ᠮᠢᠨᠦ ᠴᠡᠷᠢᠭ ᠦ᠋ᠨ ᠳᠣᠲᠣᠷ᠎ᠠ ᠪᠠᠢᠬᠤ ᠶᠣᠰᠣᠲᠠᠢ᠃ ᠲᠠᠨ ᠤ᠋ ᠵᠠᠷᠯᠢᠭ ᠪᠣᠯ ᠴᠠᠬᠢᠭᠤᠷ᠂ ᠪᠢ ᠪᠣᠯ ᠲᠠᠨ ᠤ᠋ ᠴᠣᠬᠢᠵᠤ ᠭᠠᠷᠭᠠᠬᠤ ᠵᠥᠪᠬᠡᠨ ᠣᠴᠢ᠃ ᠳ᠋ᠵᠢᠬᠠᠩᠬᠢᠷ᠂ ᠴᠡᠷᠢᠭ ᠦ᠋ᠨ ᠶᠠᠪᠤᠳᠠᠯ ᠢ᠋ᠶ᠋ᠠᠷ ᠤᠷᠤᠯᠳᠤᠵᠤ ᠦᠵᠡᠰᠬᠦᠯᠡᠩ ᠲᠡᠢ ᠣᠳᠣᠨ ᠶᠤᠭᠠᠨ ᠬᠠᠷᠠᠬᠤ ᠳᠤᠷ᠎ᠠ ᠦᠭᠡᠢ ᠪᠠᠢᠪᠠᠴᠤ ᠵᠠᠮ ᠳ᠋ᠤ᠌ ᠶᠠᠪᠤᠬᠤ ᠠᠶᠠᠰ ᠤᠴᠠᠷᠠᠬᠤ ᠶ᠋ᠢ ᠬᠦᠰᠡᠵᠦ ᠮᠠᠭᠠᠳ ᠦᠭᠡᠢ᠃ ᠬᠠᠷᠢᠨ ᠲᠡᠷᠡ ᠦᠶᠡᠰ ᠣᠳᠣᠳ ᠠᠯᠤᠰ ᠬᠣᠯᠠᠳᠠᠭᠰᠠᠨ ᠪᠠᠢᠬᠤ ᠪᠣᠯᠤᠨ᠎ᠠ᠃ ᠤᠷᠢᠳᠴᠢᠯᠠᠨ ᠪᠣᠳᠣᠵᠤ᠂ ᠲᠡᠳᠡᠨ ᠢ᠋ ᠬᠠᠮᠲᠤ ᠠᠪᠴᠤ ᠣᠳᠰᠤᠭᠠᠢ! ᠭᠡᠪᠡ᠃
      ᠤᠷᠢ— ᠦᠵᠢᠨ ᠰᠤᠪᠤᠳ ᠳᠠᠷᠤᠯᠭ᠎ᠠ ᠲᠠᠢ ᠮᠠᠯᠠᠭᠠᠢ ᠶ᠋ᠢᠨ ᠢ᠋ᠶ᠋ᠡᠨ ᠥᠳᠥ ᠶ᠋ᠢ ᠬᠥᠪᠡᠭᠦᠨ ᠦ᠌ ᠲᠣᠭᠣᠰᠣ ᠲᠠᠢ ᠢᠯᠭᠢᠨ ᠭᠤᠲᠤᠯ ᠳ᠋ᠤ᠌ ᠱᠦᠷᠭᠦᠲᠡᠯ᠎ᠡ ᠮᠥᠷᠭᠥᠵᠦ᠂
      — ᠴᠢ ᠳ᠋ᠵᠢᠬᠠᠩᠬᠢᠷ᠂ ᠵᠠᠷᠯᠢᠭ ᠪᠠᠭᠤᠯᠭᠠᠭᠲᠤᠨ ᠭᠡᠬᠦ ᠳ᠋ᠦ᠍ ᠪᠠᠲᠤ ᠬᠠᠭᠠᠨ ᠳᠤᠷᠠᠲᠠᠢ ᠳᠤᠷ᠎ᠠ ᠦᠭᠡᠢ᠂
      — ᠲᠡᠷᠡ ᠶᠣᠰᠣᠭᠠᠷ ᠪᠣᠯᠲᠤᠭᠠᠢ! ᠬᠠᠷᠢᠨ ᠳᠣᠯᠣᠭ᠎ᠠ ᠶ᠋ᠢᠨ ᠨᠢᠭᠡ ᠶ᠋ᠢ ᠪᠢ ᠥᠪᠡᠷ ᠢ᠋ᠶ᠋ᠡᠨ ᠰᠢᠯᠢᠨ᠎ᠡ᠃ ᠲᠡᠷᠡ ᠪᠣᠯ《ᠴᠣᠯᠮᠣᠨ》! ᠶᠥ᠋ᠯᠳᠥ᠋ᠽ ᠨᠡᠷᠡᠲᠡᠢ ᠥᠬᠢᠨ᠃ ᠰᠦᠪᠡᠭᠡᠳᠡᠢ ᠪᠠᠭᠠᠲᠤᠷ ᠲᠡᠭᠦᠨ ᠢ᠋ ᠨᠠᠳᠠᠳᠤ ᠣᠯᠵᠤ ᠢᠷ᠎ᠡ ᠭᠡᠵᠡᠢ᠃
     《᠁ ᠲᠡᠭᠡᠭᠡᠳ ᠮᠠᠷᠭᠠᠰᠢ ᠨᠢ ᠰᠥᠪᠡᠭᠡᠳᠡᠢ ᠪᠠᠭᠠᠲᠤᠷ ᠤ᠋ᠨ ᠳᠠᠭᠠᠭᠤᠯᠢ ᠳ᠋ᠤ᠌ ᠶᠥᠯᠳᠥ᠋ᠽ ᠨᠡᠷ᠎ᠡ ᠲᠡᠢ ᠬᠡᠳᠦ ᠬᠡᠳᠦᠨ ᠥᠬᠢᠨ ᠢ᠋ ᠣᠯᠵᠤ ᠰᠢᠭᠨᠡᠺ ᠲᠦ᠍ ᠠᠪᠴᠢᠷᠠᠭᠠᠳ ᠠᠶᠤᠨ ᠴᠡᠴᠡᠷᠡᠭᠴᠢ ᠲᠡᠳᠡᠨ ᠢ᠋ ᠪᠠᠲᠤ ᠬᠠᠭᠠᠨ ᠳ᠋ᠤ᠌ ᠬᠦᠷᠭᠡᠵᠦ ᠢᠷᠡᠯ᠎ᠡ᠃ ᠪᠠᠲᠤ ᠬᠠᠭᠠᠨ ᠤᠢᠳᠬᠠᠷᠯᠠᠭᠰᠠᠨ ᠴᠢᠷᠠᠢ ᠪᠠᠷ ᠲᠡᠳᠡᠨ ᠢ᠋ ᠬᠠᠷᠠᠬᠤ ᠳ᠋ᠤ᠌᠂ ᠰᠣᠷᠮᠤᠤᠰᠤᠨ ᠳᠡᠭᠡᠷ᠎ᠡ ᠪᠡᠨ ᠨᠢᠯᠪᠤᠰᠤ ᠭᠦᠢᠯᠭᠡᠨᠡᠭᠦᠯᠦᠭᠰᠡᠨ ᠪᠠᠷᠭᠤ ᠥᠬᠢᠨ ᠭᠡᠮᠡᠷ ᠨᠢᠭᠡᠨ ᠲᠤᠷᠠᠩᠬᠠᠢ ᠬᠡᠦᠬᠡᠨ ᠢ᠋ ᠵᠢᠭᠠᠵᠠᠢ᠃ ᠲᠡᠭᠦᠨ ᠢ᠋ ᠲᠣᠷᠭᠠᠨ ᠪᠦᠲᠡᠭᠡᠯᠭᠡ ᠪᠡᠷ ᠪᠦᠲᠡᠭᠡᠵᠦ ᠬᠥᠭᠰᠢᠨ ᠤᠷᠢ— ᠥᠵᠢᠨ ᠬᠠᠲᠤᠨ ᠳ᠋ᠤ᠌ ᠬᠦᠷᠭᠡᠪᠡ᠃ ᠬᠠᠲᠤᠨ ᠠᠬᠠᠢ ᠲᠡᠭᠦᠨ ᠦ᠌ ᠬᠤᠪᠴᠠᠰᠤ ᠶ᠋ᠢ ᠲᠠᠢᠯᠤᠭᠤᠯᠤᠨ ᠥᠪᠡᠷ ᠢ᠋ᠶ᠋ᠡᠨ ᠬᠢᠨᠠᠵᠤ᠂ ᠲᠤᠷᠠᠩᠬᠠᠢ ᠮᠥᠷᠥ ᠬᠠᠪᠢᠰᠤ ᠶ᠋ᠢ ᠪᠠᠷᠢᠵᠤ ᠦᠵᠡᠬᠦ ᠳ᠋ᠦ᠍ ᠶᠥᠯᠳᠥ᠋ᠽ ᠥᠬᠢᠨ ᠳ᠋ᠦ᠍ ᠭᠠᠳᠠᠨ᠎ᠠ ᠪᠠᠨ ᠭᠡᠮ ᠰᠣᠭᠣᠭ ᠦᠭᠡᠢ᠂ ᠨᠣᠮᠣᠬᠠᠨ ᠳᠠᠷᠤᠤ᠂  ᠦᠵᠡᠰᠬᠦᠯᠡᠩᠲᠡᠢ ᠂ ᠨᠢᠳᠦ ᠲᠤᠩᠭᠠᠯᠠᠭ᠂ ᠬᠠᠴᠠᠷ ᠳᠡᠭᠡᠷ᠎ᠡ ᠪᠡᠨ ᠪᠢᠴᠢᠬᠠᠨ ᠬᠣᠩᠬᠣᠷ ᠲᠠᠢ᠂ ᠭᠠᠭᠴᠠᠬᠠᠨ ᠲᠤᠷᠠᠩᠬᠠᠢ ᠪᠥᠭᠡᠳ ᠵᠡᠷᠯᠢᠭ ᠭᠠᠯᠠᠭᠤ ᠶ᠋ᠢᠨ ᠳᠡᠭᠳᠡᠭᠡᠬᠡᠢ ᠮᠡᠲᠦ ᠠᠶᠤᠮᠠᠲᠠᠭᠠᠢ ᠪᠠᠢᠯ᠎ᠠ᠃
      ᠤᠷᠢ — ᠦᠵᠢᠨ᠂
      — ᠴᠢ ᠶᠠᠭᠤ ᠬᠢᠵᠦ ᠴᠢᠳᠠᠬᠤ ᠪᠣᠢ? ᠭᠡᠬᠦ ( ᠳ᠋ᠦ᠍ )᠂
      — ᠪᠢ ᠲᠣᠭᠰᠢᠨ ᠦᠨᠢᠶ᠎ᠡ ᠰᠠᠭᠠᠵᠤ ᠴᠢᠳᠠᠨ᠎ᠠ ᠭᠡᠵᠦ ᠶᠥᠯᠳᠥ᠋ᠽ ᠳᠠᠭᠠᠮᠠᠲᠠᠭᠠᠢ ᠪᠠᠷ ᠰᠢᠪᠡᠨᠡᠪᠡ᠃
      ᠬᠠᠲᠤᠨ ᠠᠬᠠᠢ ᠢᠨᠢᠶᠡᠵᠦ᠂
      —ᠡᠨᠡ ᠬᠢᠯᠪᠠᠷ ᠪᠢᠰᠢ᠂ ᠲᠡᠪᠴᠢᠶᠡᠷᠢ ᠬᠡᠷᠡᠭᠲᠡᠢ᠃ ᠥᠭᠡᠷ᠎ᠡ ᠶᠠᠭᠤ ᠴᠢᠳᠠᠬᠤ ᠪᠣᠢ? ᠭᠡᠪᠡ᠃
      — ᠪᠢ ᠬᠤᠷᠠᠭ᠎ᠠ ᠬᠠᠷᠢᠭᠤᠯᠵᠤ ᠴᠢᠳᠠᠨ᠎ᠠ᠃ ᠡᠷᠢᠶᠡᠨ ᠤᠭᠠᠯᠵᠠ ᠲᠠᠢ ᠣᠢᠮᠣᠰᠤ ᠨᠡᠬᠡᠵᠦ᠂ ᠪᠠᠰᠠ ᠦᠵᠦᠮ ᠲᠠᠢ ᠪᠣᠭᠣᠷᠰᠣᠭ ᠢ᠋ ᠦᠨᠡᠰᠦᠨ ᠳᠣᠲᠣᠷ᠎ᠠ ᠪᠣᠯᠭᠣᠵᠤ ᠴᠢᠳᠠᠨ᠎ᠠ ᠭᠡᠬᠦ ᠳ᠋ᠦ᠍᠂
      —ᠵᠠᠮ ᠳ᠋ᠤ᠌ ᠶᠠᠪᠤᠬᠤ ᠳ᠋ᠤ᠌ ᠴᠥᠮ  ᠬᠡᠷᠡᠭ ᠲᠠᠢ ᠪᠣᠯᠤᠨ᠎ᠠ ᠭᠡᠵᠦ ᠬᠥᠭᠰᠢᠨ ᠡᠮᠡᠭᠡᠨ ᠥᠭᠦᠯᠡᠨ ᠢᠨᠢᠶᠡᠵᠦ᠂
      —ᠪᠠᠰᠠ ᠥᠭᠡᠷ᠎ᠡ ᠶᠠᠭᠤ ᠴᠢᠳᠠᠬᠤ ᠪᠣᠢ? ᠭᠡᠵᠦ ᠨᠡᠩ ᠡᠶᠡᠯᠳᠡᠭ ᠢ᠋ᠶ᠋ᠡᠷ ᠠᠰᠠᠭᠤᠪᠠ᠃
      ᠪᠠᠲᠤ ᠬᠠᠭᠠᠨ᠂ ᠴᠢᠮᠡᠭᠡ ᠦᠭᠡᠢ ᠣᠴᠢᠵᠤ ᠶᠥᠯᠳᠥ᠋ᠽ ᠦ᠋ᠨ ᠦᠭᠡ ᠶ᠋ᠢ ᠰᠣᠨᠣᠰᠤᠭᠠᠳ 
    —ᠥᠭᠡᠷ᠎ᠡ ᠶᠠᠭᠤ ᠮᠡᠳᠡᠬᠦ ᠪᠡᠨ ᠬᠡᠯᠡᠭᠲᠦᠨ ᠭᠡᠯ᠎ᠡ᠃
      — ᠪᠢ ᠮᠠᠨ ᠤ᠋ ᠺᠢᠫᠴᠠᠺ ᠳᠠᠭᠤᠤ ᠳᠠᠭᠤᠯᠠᠵᠤ᠂ ᠡᠪᠦᠭᠡᠨ ᠬᠢᠽᠷ ᠢᠰᠬᠡᠷᠦᠭᠴᠢ ᠴᠢᠩ ᠵᠣᠷᠢᠭᠲᠤ ᠳ᠋ᠵᠢᠭᠢᠲ ᠦ᠋ᠳ ᠦ᠋ᠨ ᠲᠤᠬᠠᠢ ᠦᠯᠢᠭᠡᠷ ᠶᠠᠷᠢᠵᠤ ᠴᠢᠳᠠᠨ᠎ᠠ ᠭᠡᠪᠡ᠃ ᠪᠠᠲᠤ ᠬᠠᠭᠠᠨ ᠤ᠋ ᠴᠢᠷᠠᠢ ᠳ᠋ᠤ᠌ ᠪᠠᠶᠠᠰᠬᠤ ᠲᠡᠮᠳᠡᠭ ᠦᠵᠡᠭᠳᠡᠵᠦ᠂ ᠡᠬᠡ ᠲᠡᠢ ᠪᠡᠨ ᠨᠢᠳᠦ ᠪᠡᠷ ᠢᠷᠮᠡᠯᠵᠡᠬᠦ ᠳ᠋ᠦ᠍ ᠤᠷᠢ— ᠦᠵᠢᠨ ᠡᠨᠡᠷᠢᠩᠭᠦᠢ ᠪᠡᠷ ᠲᠣᠯᠣᠭᠠᠢ ᠳᠣᠬᠢᠭᠠᠳ᠂
      — ᠶᠠᠪᠤᠭᠤᠯᠵᠤ ᠪᠣᠯᠤᠨ᠎ᠠ ᠭᠡᠪᠡ᠁ ᠭᠡᠵᠡᠢ᠃
      
    ᠦᠰᠦᠭ ᠠᠮᠢᠯᠠᠭᠤᠯᠤᠭᠴᠢ᠄ ᠭᠡᠷᠡᠯ᠂ ᠬᠡᠷᠡᠢᠳ·ᠮᠥᠩᠬᠡᠨᠠᠰᠤᠨ᠂ ᠠᠯᠲᠠᠨᠴᠢᠮᠡᠭ
    ᠬᠢᠨᠠᠭᠴᠢ᠄ ᠪᠠᠯ᠂ ᠠᠷᠢᠭᠤᠨ᠂ ᠠᠯᠲᠠᠨᠴᠢᠮᠡᠭ᠂ ᠲ᠂ ᠬᠦᠮᠦᠵᠢᠯᠲᠦ