ᠪᠠᠲᠤ ᠬᠠᠭᠠᠨ 2-05ᠤᠯᠤᠰ ᠤ᠋ᠨ ᠡᠭᠦᠳᠡ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ
ᠲᠠᠪᠤ ᠤᠯᠤᠰ ᠤ᠋ᠨ ᠡᠭᠦᠳᠡ
ᠬᠠᠳ᠋ᠵᠢ ᠷᠠᠾᠢᠮ ᠪᠡᠶ᠎ᠡ ᠪᠡᠨ ᠪᠠᠢᠳᠠᠭ ᠴᠢᠨᠡᠭᠡ ᠪᠡᠷ ᠠᠲᠤᠷᠢᠵᠤ᠂ ᠬᠢᠬᠤᠨᠠᠬᠤ ᠠᠷᠤᠭ ᠤ᠋ᠨ ᠵᠠᠢᠮᠤᠷᠠᠯ ᠳ᠋ᠤ᠌᠂ ᠨᠣᠮ ᠤ᠋ᠨ ᠴᠠᠭᠠᠰᠤᠨ ᠳᠡᠭᠡᠷ᠎ᠡ ᠲᠣᠭᠲᠠᠬᠤ ᠥᠳᠬᠡᠨ ᠲᠣᠭᠣᠰᠣ ᠶ᠋ᠢ ᠠᠩᠵᠠᠭᠠᠷᠠᠯ ᠦᠭᠡᠢ᠂ ᠬᠢᠴᠢᠶᠡᠨ ᠮᠡᠷᠡᠢᠵᠦ ᠪᠢᠴᠢᠵᠦ ᠪᠠᠢᠯ᠎ᠠ᠃
《᠁ ᠭᠡᠷᠡᠯᠲᠦ ᠪᠠᠲᠤ ᠬᠠᠭᠠᠨ ᠤ᠋ ᠴᠡᠷᠢᠭ᠂ ᠡᠷᠲᠡᠨ ᠡᠴᠡ ᠨᠠᠰᠢ< ᠤᠯᠤᠰ ᠤ᠋ᠨ ᠡᠭᠦᠳᠡ > ᠭᠡᠵᠦ ᠨᠡᠷᠡᠢᠳᠦᠭᠰᠡᠨ ᠵᠠᠮ ᠢ᠋ᠶ᠋ᠠᠷ ᠥᠷᠥᠨ᠎ᠡ ᠵᠦᠭ ᠲᠦ᠍ ᠵᠣᠭᠰᠣᠯᠲᠠ ᠦᠭᠡᠢ ᠬᠥᠳᠡᠯᠦᠯ᠎ᠡ᠃ ᠡᠨᠡ ᠵᠠᠮ ᠴᠢᠯᠠᠭᠤᠨ ᠪᠦᠰᠡ ᠶ᠋ᠢᠨ ᠪᠤᠶᠤ ᠴᠢᠯᠠᠭᠤᠨ ᠡᠩᠨᠡᠭᠡ ᠭᠡᠳᠡᠭ ᠦᠷᠡᠯ ᠦ᠋ᠨ ᠨᠢᠷᠤᠭᠤᠨ ᠤ᠋ ᠡᠮᠦᠨᠡᠬᠢ ᠠᠪᠧᠰᠺᠦ᠋ᠨ ᠲᠠᠩᠭᠢᠰ(ᠤᠷᠢᠳᠤ ᠴᠠᠭ ᠲᠤ᠌ ᠬᠡᠳᠦᠨ ᠨᠡᠷᠡᠲᠡᠢ ᠪᠠᠢᠭᠰᠠᠨ ᠺᠠᠰᠫᠢ ᠶ᠋ᠢᠨ ᠲᠠᠩᠭᠢᠰ) ᠤ᠋ᠨ ᠤᠮᠠᠷ᠎ᠠ ᠳ᠋ᠠᠬᠢ ᠨᠠᠮ ᠭᠠᠵᠠᠷ ᠢ᠋ᠶ᠋ᠠᠷ ᠭᠠᠷᠴᠠᠢ᠃ ᠮᠥᠨ ᠵᠠᠮ ᠢ᠋ᠶ᠋ᠠᠷ ᠡᠷᠲᠡ ᠨᠢᠭᠡᠨ ᠴᠠᠭ ᠲᠤ᠌ ᠮᠣᠩᠭᠣᠯ ᠤ᠋ᠨ ᠬᠦᠨᠳᠦᠲᠦ ᠡᠪᠦᠭᠡ ᠾᠦᠩᠨᠦ ᠤᠯᠤᠰ᠂ ᠳᠣᠷᠣᠨ᠎ᠠ ᠵᠦᠭ ᠦ᠋ᠨ ᠬᠡᠭᠡᠷ᠎ᠡ ᠲᠠᠯ᠎ᠠ ᠠ᠋ᠴᠠ ᠥᠷᠥᠨ᠎ᠡ ᠳ᠋ᠠᠬᠢᠨ ᠤ᠋ ᠤᠯᠤᠰ ᠲᠸ᠋ ᠬᠦᠷᠴᠦ ᠠᠶᠤᠯᠭᠠᠨ ᠴᠡᠴᠡᠷᠡᠭᠦᠯᠵᠦ ᠪᠠᠢᠵᠠᠢ᠃
ᠴᠡᠷᠢᠭ ᠦ᠋ᠨ ᠲᠦᠷᠦᠭᠦᠨ ᠳ᠋ᠦ᠍ ᠬᠠᠢᠭᠤᠯᠴᠢᠨ ᠶᠠᠪᠤᠳᠠᠭ᠃ ᠲᠡᠷᠡ ᠦᠭᠡᠢ ᠪᠣᠯᠪᠠᠴᠤ ᠠᠶᠠᠨ ᠤ᠋ ᠬᠥᠮᠦᠨ ᠤᠯᠤᠰ ᠤ᠋ᠨ ᠶᠡᠬᠡ ᠡᠭᠦᠳᠡ ᠪᠡᠷ ᠭᠠᠷᠬᠤ ᠰᠠᠷᠠᠭᠤᠯ ᠲᠠᠯ᠎ᠠ ᠶ᠋ᠢᠨ ᠳᠠᠷᠳᠠᠩ ᠵᠠᠮ ᠢ᠋ ᠣᠯᠳᠠᠭ ᠠᠵᠢ᠃ ᠭᠠᠵᠠᠷ ᠪᠦᠬᠦᠨ᠎ᠡ ᠬᠡᠪᠲᠡᠬᠦ ᠬᠡᠰᠢᠭ ᠲᠡᠢ ᠰᠠᠪᠠ ᠶ᠋ᠢᠨ ᠡᠮᠲᠡᠷᠬᠡᠢ ᠬᠡᠯᠲᠡᠷᠬᠡᠢ ᠶ᠋ᠢ ᠦᠵᠡᠬᠦ ᠳ᠋ᠦ᠍ ᠤᠷᠢᠳᠤ ᠪᠠᠭᠤᠴᠠ ᠪᠠᠢᠭᠠᠳ ᠦᠭᠡᠢ ᠪᠣᠯᠤᠭᠰᠠᠨ ᠨᠢ ᠮᠡᠳᠡᠭᠳᠡᠨ᠎ᠡ᠃ ᠦᠯᠦ ᠮᠡᠳᠡᠬᠦ ᠣᠪᠣᠭ ᠤ᠋ᠨ ᠨᠡᠷ᠎ᠡ ᠦᠭᠡᠢ ᠪᠠᠭᠠᠲᠤᠷᠴᠤᠳ ᠢ᠋ ᠣᠷᠣᠰᠢᠭᠤᠯᠤᠭᠰᠠᠨ ᠬᠥᠬᠡ ᠣᠪᠣᠭ᠎ᠠ ᠪᠤᠯᠠᠰᠢ᠂ ᠳᠣᠬᠢᠶᠠᠨ ᠤ᠋ ᠲᠡᠮᠳᠡᠭ ᠮᠡᠲᠦ ᠬᠣᠯᠠ ᠠ᠋ᠴᠠ ᠦᠵᠡᠭᠳᠡᠵᠦ ᠪᠠᠢᠯ᠎ᠠ᠃《ᠱᠠᠷᠢᠯ ᠨᠢ ᠠᠮᠤᠷ ᠡᠩᠬᠡ ᠣᠷᠣᠰᠢᠲᠤᠭᠠᠢ! 》ᠭᠡᠵᠡᠢ᠃
ᠲᠡᠭᠦᠨ ᠡᠴᠡ ᠬᠠᠪᠤᠷ ᠤ᠋ᠨ ᠤᠯᠠᠷᠢᠯ ᠳ᠋ᠤ᠌ ᠭᠠᠵᠠᠷ ᠪᠦᠷ ᠱᠠᠯᠪᠠᠭ ᠴᠠᠢᠯᠠᠯᠵᠠᠨ ᠪᠣᠷᠣᠭ᠎ᠠ ᠰᠢᠪᠡᠷᠡᠵᠦ ᠪᠠᠢᠬᠤ ᠳ᠋ᠤ᠌᠂ ᠴᠡᠷᠢᠭ ᠦ᠋ᠨ ᠠᠶᠠᠨ ᠵᠢᠪᠬᠤᠯᠠᠩ ᠲᠠᠢ ᠰᠦᠷ ᠲᠡᠢ ᠪᠥᠭᠡᠳ ᠣᠳᠣ ᠶ᠋ᠢᠨ ᠬᠢ ᠰᠢᠭ ᠵᠣᠪᠠᠯᠠᠩ ᠵᠦᠳᠡᠭᠦᠷᠢ ᠲᠡᠢ ᠪᠢᠰᠢ ᠪᠢᠯᠡ᠃ ᠬᠠᠷᠢᠨ ᠪᠦᠭᠴᠢᠮ ᠬᠠᠯᠠᠭᠤᠨ ᠡᠳᠦᠷ ᠡᠬᠢᠯᠡᠭᠡᠳ᠂ ᠨᠠᠷᠠᠨ ᠤ᠋ ᠭᠠᠯ ᠢᠯᠴᠢᠨ ᠳ᠋ᠦ᠍ ᠭᠠᠵᠠᠷ ᠬᠠᠳᠠᠨ ᠬᠠᠭᠠᠷᠠᠬᠤ ᠳ᠋ᠤ᠌ ᠤᠷᠤᠭᠰᠢᠯᠠᠨ ᠶᠠᠪᠤᠵᠤ ᠪᠠᠢᠭᠰᠠᠨ ᠣᠯᠠᠨ ᠮᠢᠩᠭᠠᠨ ᠬᠥᠮᠦᠨ᠂ ᠮᠣᠷᠢᠨ ᠤ᠋ ᠬᠥᠯ ᠢ᠋ᠶ᠋ᠡᠷ ᠪᠦᠬᠦ ᠣᠭᠲᠠᠷᠭᠤᠢ ᠶ᠋ᠢ ᠬᠠᠯᠬᠠᠯᠠᠭᠰᠠᠨ ᠲᠣᠭᠣᠰᠣᠨ ᠡᠭᠦᠯᠡ ᠳᠡᠭᠳᠡᠪᠡ᠃ ᠡᠨᠡ ᠨᠢ ᠨᠠᠷᠠ ᠶ᠋ᠢ ᠪᠦᠷᠢᠨ᠎ᠡ ᠬᠠᠯᠬᠠᠯᠠᠬᠤ ᠨᠠᠷᠢᠨ ᠰᠢᠷᠬᠡᠭ ᠲᠡᠢ ᠥᠳᠬᠡᠨ ᠲᠣᠭᠣᠰᠣ ᠲᠤᠯᠠ ᠰᠥᠨᠢ ᠮᠡᠲᠦ ᠬᠠᠷᠠᠩᠭᠤᠢ ᠪᠣᠯᠵᠤ᠂ ᠬᠡᠳᠦᠨ ᠠᠯᠬᠤᠮ ᠵᠠᠢᠲᠠᠢ ᠬᠥᠮᠦᠨ ᠦ᠌ ᠨᠢᠭᠤᠷ ᠢ᠋ ᠲᠠᠨᠢᠬᠤ ᠠᠷᠭ᠎ᠠ ᠦᠭᠡᠢ᠃ ᠬᠥᠮᠦᠨ ᠪᠦᠷᠢ᠂ ᠲᠤᠰ ᠲᠤᠰ ᠤ᠋ᠨ ᠶ᠋ᠢᠠᠨ ᠠᠷᠪᠠᠲᠤ ᠵᠠᠭᠤᠲᠤ ᠶ᠋ᠢᠨ ᠳᠣᠲᠣᠷ᠎ᠠ ᠪᠠᠢᠷᠢ ᠪᠠᠨ ᠲᠤᠩ ᠠᠯᠳᠠᠯ ᠦᠭᠡᠢ ᠶᠠᠪᠤᠬᠤ ᠶᠣᠰᠣᠲᠠᠢ ᠪᠥᠭᠡᠳ ᠬᠡᠷᠪᠡ ᠪᠢᠴᠢᠬᠠᠨ ᠲᠡᠳᠦᠢ ᠬᠠᠵᠠᠭᠤ ᠳᠠᠰᠢ ᠭᠠᠷᠪᠠᠯ ᠵᠡᠭᠡᠰᠦᠨ ᠳᠣᠲᠣᠷ᠎ᠠ ᠣᠷᠣᠭᠰᠠᠨ ᠮᠡᠲᠦ ᠣᠯᠠᠨ ᠤ᠋ ᠳᠤᠮᠳᠠ ᠲᠥᠭᠡᠷᠢᠵᠦ ᠥᠪᠡᠷ ᠦ᠋ᠨ ᠢ᠋ᠶ᠋ᠡᠨ ᠪᠠᠭ ᠢ᠋ ᠬᠡᠳᠦᠨ ᠡᠳᠦᠷ ᠡᠷᠢᠬᠦ ᠳ᠋ᠦ᠍ ᠬᠦᠷᠦᠨ᠎ᠡ᠃
ᠳᠥᠷᠪᠡᠨ ᠪᠤᠮᠠᠨ ᠴᠡᠷᠢᠭ᠂ ᠮᠠᠨᠠᠷᠠᠭᠰᠠᠨ ᠲᠣᠭᠣᠰᠣᠨ ᠤ᠋ ᠳᠤᠮᠳᠠ ᠣᠷᠴᠢᠨ ᠲᠣᠭᠣᠷᠢᠨ ᠳ᠋ᠤ᠌ ᠭᠠᠭᠴᠠᠬᠠᠨ ᠬᠥᠮᠦᠨ᠂ ᠮᠣᠷᠢᠨ ᠤ᠋ ᠰᠡᠭᠦᠳᠡᠷ ᠬᠠᠷᠠᠭᠳᠠᠬᠤ ᠪᠤᠯᠠᠰᠢ ᠳᠣᠲᠣᠷ᠎ᠠ ᠶᠠᠪᠤᠬᠤ ᠮᠡᠲᠦ ᠴᠢᠪ ᠴᠢᠮᠡᠭᠡ ᠦᠭᠡᠢ ᠬᠥᠳᠡᠯᠬᠦ ᠳ᠋ᠦ᠍ ᠳᠣᠲᠣᠷ ᠰᠢᠷ ᠬᠢᠮᠡᠷ ᠨᠢᠭᠡ ᠵᠦᠢᠯ ᠪᠠᠢᠨ᠎ᠠ᠃ ᠨᠢᠭᠡ ᠴᠥ᠍ ᠬᠥᠮᠦᠨ ᠦᠭᠡ ᠳᠠᠭᠤ ᠭᠠᠷᠬᠤ ᠦᠭᠡᠢ᠃ 《ᠶᠠᠭᠤᠨ ᠤ᠋ ᠲᠤᠬᠠᠢ ᠶᠠᠷᠢᠬᠤ ᠪᠢᠯᠡ? ᠴᠥᠮ ᠢ᠋ ᠬᠡᠯᠡᠵᠦ ᠪᠦᠭᠦᠳᠡ ᠶ᠋ᠢ ᠲᠠᠨᠢᠭᠤᠯᠤᠭᠰᠠᠨ ! 》ᠪᠠᠰᠠ ᠬᠣᠭᠣᠯᠠᠢ ᠬᠠᠮᠠᠷ ᠴᠡᠭᠡᠵᠢᠨ ᠳ᠋ᠦ᠍ ᠲᠣᠭᠣᠰᠣ ᠣᠷᠣᠵᠤ᠂ ᠶᠠᠷᠢᠬᠤ ᠳ᠋ᠤ᠌ ᠲᠦᠪᠡᠭ ᠲᠡᠢ᠂ ᠬᠥᠮᠦᠨ ᠦ᠌ ᠬᠠᠷᠠᠭ᠎ᠠ ᠮᠠᠭᠤᠳᠠᠨ ᠳᠦᠯᠡᠢ ᠪᠣᠯᠵᠤ᠂ ᠭᠠᠭᠴᠠᠬᠠᠨ ᠪᠠᠭᠤᠳᠠᠯ ᠳ᠋ᠤ᠌ ᠬᠦᠷᠦᠭᠡᠳ ᠠᠶᠠᠭ᠎ᠠ ᠬᠦᠢᠲᠡᠨ ᠤᠰᠤ ᠤᠤᠭᠤᠵᠤ ᠬᠤᠪᠴᠠᠰᠤ ᠶ᠋ᠢ ᠭᠦᠪᠢᠬᠦ ᠶᠤᠮᠰᠠᠨ᠃ᠰᠥᠨᠢ ᠶ᠋ᠢᠨ ᠰᠡᠷᠢᠭᠦᠨ ᠰᠠᠯᠬᠢ ᠲᠣᠭᠣᠰᠣ ᠶ᠋ᠢ ᠠᠷᠢᠯᠭᠠᠭᠠᠰᠠᠢ ᠃ ᠭᠦᠨ ᠬᠥᠬᠡ ᠣᠭᠲᠠᠷᠭᠤᠢ ᠳᠠᠬᠢᠨ ᠦᠵᠡᠬᠦ ᠶᠤᠮᠰᠠᠨ ᠭᠡᠬᠦ ᠡᠴᠡ ᠥᠭᠡᠷ᠎ᠡ ᠰᠠᠨᠠᠬᠤ ᠵᠦᠢᠯ ᠦᠭᠡᠢ᠁
ᠦᠳᠡᠰᠢ ᠪᠣᠯᠬᠤ ᠳ᠋ᠤ᠌ ᠬᠡᠳᠦᠬᠡᠨ ᠪᠤᠲᠠ ᠬᠠᠷᠭᠠᠨ᠎ᠠ ᠲᠠᠢ ᠪᠠᠭ᠎ᠠ ᠭᠣᠣᠯ ᠤ᠋ᠨ ᠳᠡᠷᠭᠡᠳᠡ ᠪᠠᠭᠤᠳᠠᠯᠯᠠᠵᠠᠢ᠃ ᠬᠣᠶᠠᠷ ᠡᠷᠭᠢ ᠶ᠋ᠢᠨ ᠳᠠᠭᠠᠤ ᠤᠷᠲᠤ ᠬᠦᠷᠢᠶ᠎ᠡ ᠴᠤᠪᠤᠨ ᠪᠠᠢᠷᠢᠯᠠᠵᠤ᠂ ᠲᠦᠮᠡᠨ ᠲᠦᠳᠡᠭ ᠨᠣᠴᠣᠬᠤ ᠳ᠋ᠤ᠌ ᠪᠦᠬᠦ ᠬᠥᠨᠳᠡᠢ ᠰᠢᠳᠡᠵᠦ ᠪᠠᠢᠬᠤ ᠮᠡᠲᠦ ᠪᠢᠯᠡ᠃ ᠬᠥᠮᠦᠨ ᠬᠠᠰᠬᠢᠷᠤᠨ᠂ ᠬᠠᠨᠢᠶᠠᠨ᠂ ᠳᠠᠭᠤᠯᠠᠨ᠂ ᠮᠣᠷᠢ ᠲᠡᠮᠡᠭᠡ ᠪᠡᠨ ᠬᠥᠲᠥᠯᠵᠦ ᠬᠡᠭᠡᠷ᠎ᠡ ᠶ᠋ᠢᠨ ᠪᠡᠯᠴᠢᠭᠡᠷ ᠲᠦ᠍ ᠭᠠᠷᠭᠠᠵᠠᠢ᠃ ᠵᠥᠭᠡᠯᠡᠨ ᠰᠠᠯᠬᠢᠨ ᠲᠣᠭᠣᠰᠣ ᠮᠠᠨᠠᠨ ᠢ᠋ ᠦᠯᠢᠶᠡᠵᠦ ᠂ᠰᠥᠨᠢ ᠣᠷᠣᠢ ᠪᠣᠯᠬᠤ ᠳ᠋ᠤ᠌ ᠰᠠᠶᠢ ᠲᠠᠯ᠎ᠠ ᠶ᠋ᠢᠨ ᠠᠭᠢ ᠶ᠋ᠢᠨ ᠦᠨᠦᠷ ᠬᠠᠩᠬᠤᠯᠵᠤ ᠪᠠᠢᠯ᠎ᠠ᠃
ᠪᠠᠭᠤᠳᠠᠯ ᠳᠡᠭᠡᠷ᠎ᠡ ᠲᠠᠩᠭᠤᠳ ᠰᠠᠷᠠᠯ ᠲᠡᠮᠡᠭᠡ ᠴᠢᠩᠭ᠎ᠠ ᠣᠷᠢᠯᠠᠨ ᠰᠥᠬᠥᠷᠡᠬᠦ ᠳ᠋ᠦ᠍᠂ ᠹᠠᠺᠢᠾ ᠬᠠᠳ᠋ᠵᠢ ᠷᠠᠾᠢ᠍ᠮ᠂ ᠨᠠᠽᠠᠷ ᠺᠢᠶᠡᠷᠢᠽᠸᠺ ᠬᠣᠶᠠᠷ ᠴᠢᠯᠡᠵᠦ ᠴᠢᠨᠦᠷᠡᠭᠰᠡᠨ ᠦᠶ᠎ᠡ ᠭᠡᠰᠢᠭᠦᠨ ᠢ᠋ᠶ᠋ᠡᠨ ᠲᠡᠨᠢᠢᠯᠭᠡᠵᠦ ᠠᠷᠠᠢᠭᠡᠨ ᠠᠷᠤᠭ ᠳᠣᠲᠣᠷ᠎ᠠ ᠠ᠋ᠴᠠ ᠭᠠᠷᠴᠤ ᠢᠷᠡᠭᠡᠳ ᠳᠡᠪᠡᠯ ᠳᠡᠭᠡᠷ᠎ᠡ ᠲᠣᠭᠲᠠᠭᠰᠠᠨ ᠵᠤᠵᠠᠭᠠᠨ ᠲᠣᠭᠣᠰᠣ ᠶ᠋ᠢ ᠤᠳᠠᠲᠠᠯ᠎ᠠ ᠭᠦᠪᠢᠵᠡᠢ᠃ ᠲᠡᠷᠡ ᠨᠢ ᠬᠣᠭᠣᠰᠣᠨ ᠴᠢᠷᠮᠠᠢᠯᠲᠠ ᠠᠵᠢ᠃ ᠲᠦᠳᠡᠬᠡᠨ ᠳᠡᠪᠡᠯ ᠢ᠋ ᠭᠠᠵᠠᠷ ᠬᠠᠶᠠᠵᠤ ᠳᠡᠷᠭᠡᠳᠡ ᠲᠦᠳᠡᠭ ᠨᠣᠴᠣᠵᠤ ᠬᠥ ᠲᠡᠢ ᠲᠣᠭᠣᠭ᠎ᠠ ᠶ᠋ᠢ ᠭᠠᠯ ᠳᠡᠭᠡᠷ᠎ᠡ ᠲᠠᠯᠪᠢᠨ ᠪᠣᠢ᠂ ᠭᠠᠵᠠᠷ ᠳᠡᠭᠡᠷ᠎ᠡ ᠰᠤᠨᠤᠨ ᠬᠡᠪᠲᠡᠵᠦ ᠪᠣᠯᠬᠤ ᠬᠢᠵᠠᠭᠠᠷ ᠦᠭᠡᠢ ᠣᠭᠲᠠᠷᠭᠤᠢ ᠭᠦᠨ᠎ᠡ ᠬᠠᠷᠠᠬᠠᠨ ᠪᠠᠢᠬᠤ ᠡᠳ᠋ ᠪᠦᠬᠦᠨ ᠳ᠋ᠦ᠍ ᠪᠡᠶᠡᠰᠴᠡᠢ᠃
ᠠᠵᠤ ᠲᠥᠷᠥᠯ ᠳ᠋ᠦ᠍ ᠳᠤᠷᠠᠲᠠᠢ ᠨᠠᠽᠠᠷ ᠺᠢᠶᠠᠷᠢᠽᠸᠺ᠂ ᠰᠦᠪᠡᠭᠡᠳᠠᠢ ᠪᠠᠭᠠᠲᠤᠷ ᠤ᠋ᠨ ᠲᠣᠭᠣᠭᠠᠴᠢᠨ ᠳ᠋ᠤ᠌ ᠣᠴᠢᠵᠤ ᠤᠳᠠᠲᠠᠯ᠎ᠠ ᠮᠡᠨᠳᠦᠴᠢᠯᠡᠨ ᠬᠦᠨᠳᠦᠯᠡᠬᠦ ᠦᠭᠡ ᠶᠠᠷᠢᠵᠤ ᠨᠢᠭᠡᠨ ᠰᠠᠪᠬᠠᠨ ᠲᠤᠲᠤᠷᠭ᠎ᠠ ᠠᠭᠰᠢᠭᠠᠮᠠᠯ ᠪᠤᠶᠤ ᠮᠢᠬᠠᠨ ᠤ᠋ ᠱᠥᠯᠥ ᠪᠠᠷᠢᠵᠤ ᠢᠷᠡᠬᠦ᠂ ᠵᠠᠷᠢᠮ ᠳ᠋ᠠᠭᠠᠨ ᠥᠪᠡᠷ ᠢ᠋ᠶ᠋ᠡᠨ ᠨᠤᠷᠮᠠᠨ ᠳ᠋ᠤ᠌ ᠪᠣᠭᠣᠷᠰᠣᠭ ᠪᠣᠯᠭᠣᠬᠤ ᠪᠤᠶᠤ ᠡᠰᠡᠬᠦᠯ᠎ᠡ ᠬᠠᠮᠢᠭ᠎ᠠ ᠠ᠋ᠴᠠ ᠣᠯᠤᠭᠰᠠᠨ ᠨᠢ ᠦᠯᠦ ᠮᠡᠳᠡᠭᠳᠡᠬᠦ ᠨᠠᠷᠢᠨ ᠵᠦᠰᠦᠭᠰᠡᠨ ᠮᠢᠬ᠎ᠠ ᠶ᠋ᠢ ᠴᠣᠭ ᠳᠡᠭᠡᠷ᠎ᠡ ᠰᠢᠷᠠᠳᠠᠭ ᠪᠠᠢᠯ᠎ᠠ᠃ ᠲᠡᠭᠡᠬᠦ ᠳ᠋ᠡᠭᠡᠨ ᠲᠡᠰᠬᠡᠯ ᠦᠭᠡᠢ ᠦᠯᠢᠭᠡᠷ ᠬᠡᠯᠡᠬᠦ ᠪᠤᠶᠤ ᠡᠷᠲᠡᠨ ᠦ᠌ ᠺᠢᠫᠴᠡᠺ ᠦ᠋ᠨ ᠬᠠᠭᠤᠴᠢ ᠶ᠋ᠢ ᠬᠣᠭᠣᠯᠠᠢ ᠪᠠᠨ ᠴᠡᠴᠡᠷᠡᠭᠦᠯᠵᠦ ᠲᠠᠰᠤᠯᠳᠠᠭᠤᠯᠤᠨ ᠳᠠᠭᠤᠯᠠᠵᠤ ᠪᠠᠢᠳᠠᠭ ᠪᠢᠯᠡ᠃
ᠬᠠᠳ᠋ᠵᠢ ᠷᠠᠾᠢ᠍ᠮ᠂ ᠬᠥᠰᠬᠡ ᠡᠴᠡ ᠬᠣᠯᠠᠳᠠᠵᠤ ᠴᠢᠳᠠᠬᠤ ᠦᠭᠡᠢ᠂ ᠲᠡᠮᠡᠭᠡ ᠪᠣᠯ ᠲᠡᠭᠦᠨ ᠦ᠌ ᠣᠷᠣᠨ ᠪᠠᠢᠷᠢ ᠪᠣᠯᠵᠠᠢ᠃ ᠠᠯᠢ ᠨᠢᠭᠡᠨ ᠵᠠᠬᠢᠷᠤᠯ ᠪᠤᠶᠤ ᠡᠩ ᠦ᠋ᠨ ᠴᠡᠷᠢᠭ ᠲᠡᠢ ᠶᠠᠷᠢᠯᠴᠠᠵᠤ ᠰᠣᠨᠣᠰᠤᠭᠰᠠᠨ ᠪᠤᠶᠤ ᠦᠵᠡᠭᠰᠡᠨ ᠵᠦᠢᠯ ᠴᠥᠮ ᠢ᠋ ᠨᠢᠭᠡᠳ ᠨᠢᠭᠡ ᠦᠭᠡᠢ ᠲᠡᠮᠳᠡᠭᠯᠡᠨ ᠪᠢᠴᠢᠬᠦ ᠶ᠋ᠢ ᠡᠷᠡᠮᠡᠯᠵᠡᠳᠡᠭ ᠶᠡᠬᠡ ᠵᠥᠪᠯᠡᠭᠴᠢ ᠰᠦᠪᠡᠭᠡᠳᠡᠢ ᠪᠠᠭᠠᠲᠤᠷ᠂ ᠥᠪᠡᠷ ᠦ᠋ᠨ ᠲᠦᠮᠡᠲᠦ ᠲᠡᠢ ᠬᠠᠮᠲᠤ ᠦᠷᠭᠦᠯᠵᠢ ᠶᠠᠪᠤᠳᠠᠭ ᠦᠭᠡᠢ ᠶ᠋ᠢ ᠠᠵᠢᠭᠯᠠᠪᠠ᠃ ᠲᠡᠶ᠋ᠢᠨᠬᠦ ᠪᠡᠶ᠎ᠡ ᠪᠡᠨ ᠬᠠᠮᠠᠭᠠᠯᠠᠬᠤ ᠵᠠᠭᠤᠲᠤ ᠶ᠋ᠢ ᠳᠠᠭᠠᠭᠤᠯᠤᠨ ᠭᠣᠣᠯ ᠵᠠᠮ ᠠ᠋ᠴᠠ ᠭᠠᠵᠢᠵᠤ ᠭᠠᠷᠬᠤ ᠨᠢ ᠣᠯᠠᠨᠲᠠᠢ᠃ ᠵᠠᠷᠢᠮ ᠳ᠋ᠠᠭᠠᠨ ᠵᠠᠯᠠᠭᠤ ᠳ᠋ᠵᠢᠬᠠᠩᠬᠢᠷ ᠤ᠋ᠨ ᠬᠠᠮᠲᠤ ᠦᠭᠡᠢ ᠪᠣᠯᠵᠤ᠂ ᠬᠡᠳᠦᠨ ᠬᠣᠨᠣᠭ ᠢ᠋ᠶ᠋ᠠᠷ ᠦᠯᠦ ᠦᠵᠡᠭᠳᠡᠳᠡᠭ ᠁ ᠦᠳᠡᠰᠢ ᠪᠣᠯᠬᠤ ᠴᠠᠴᠤᠭᠤ ᠤᠷᠢᠳᠤ ᠠ᠋ᠴᠠ ᠲᠣᠭᠲᠠᠭᠠᠭᠰᠠᠨ ᠪᠠᠭᠤᠳᠠᠯ ᠤ᠋ᠨ ᠭᠠᠵᠠᠷ ᠭᠡᠨᠡᠳᠲᠡ ᠭᠠᠷᠴᠤ ᠢᠷᠡᠳᠡᠭ ᠪᠢᠯᠡ᠃ ᠲᠡᠭᠡᠭᠡᠳ ᠬᠠᠳ᠋ᠵᠢ ᠷᠡᠾᠢ᠍ᠮ ᠲᠡᠳᠡᠨ ᠦ᠌ ᠳᠡᠷᠭᠡᠳᠡ ᠣᠴᠢᠵᠤ ᠶᠠᠷᠢᠭᠰᠠᠨ ᠵᠦᠢᠯ ᠢ᠋ ᠪᠢᠴᠢᠨ᠎ᠡ᠃
ᠨᠠᠷᠠ ᠰᠢᠩᠭᠡᠬᠦ ᠦᠶᠡᠰ ᠲᠦ᠍ ᠬᠥᠰᠬᠡ ᠶ᠋ᠢᠨ ᠶᠠᠪᠤᠳᠠᠯ ᠬᠤᠷᠳᠤᠰᠤᠨ᠂ ᠠᠳᠤᠭᠤᠰᠤ ᠬᠦᠷᠲᠡᠯ᠎ᠡ ᠤᠰᠤ᠂ ᠠᠮᠠᠷᠠᠬᠤ ᠴᠠᠭ ᠣᠢᠷᠠᠲᠤᠨ ᠪᠠᠢᠭ᠎ᠠ ᠶ᠋ᠢ ᠮᠡᠳᠡᠵᠦ᠂ ᠤᠷᠮᠠᠲᠠᠢ ᠬᠥᠳᠡᠯᠳᠡᠭ ᠪᠠᠢᠯ᠎ᠠ᠃ ᠠᠶᠠᠨ ᠤ᠋ ᠵᠠᠬᠢᠷᠤᠯ ᠤ᠋ᠨ ᠢᠯᠡᠭᠡᠭᠰᠡᠨ ᠬᠠᠢᠭᠤᠯᠴᠢᠳ᠂ ᠬᠥᠩᠭᠡᠨ ᠱᠠᠯᠠᠮᠠᠭᠠᠢ ᠮᠣᠷᠢᠳ ᠢ᠋ᠶ᠋ᠠᠷ ᠥᠷᠯᠥᠭᠡᠨ ᠡᠴᠡ ᠡᠬᠢᠯᠡᠨ ᠳᠠᠪᠬᠢᠨ ᠶᠠᠪᠤᠵᠤ ᠲᠡᠭᠰᠢ ᠭᠠᠵᠠᠷ ᠢ᠋ ᠣᠯᠤᠮᠠᠭᠴᠠ᠂ ᠬᠥᠲᠥᠯ ᠳᠡᠭᠡᠷ᠎ᠡ ᠭᠠᠷᠴᠤ ᠬᠣᠯᠠ ᠠ᠋ᠴᠠ ᠲᠡᠮᠳᠡᠭ ᠥᠭᠭᠦᠨ᠎ᠡ᠂ ᠮᠣᠷᠢ ᠶ᠋ᠢ ᠪᠠᠷᠠᠭᠤᠨ ᠵᠡᠭᠦᠨ ᠳᠠᠰᠢ ᠡᠷᠭᠢᠭᠦᠯᠬᠦ᠂ ᠡᠰᠡᠬᠦᠯ᠎ᠡ ᠬᠣᠶᠠᠷ ᠭᠤᠷᠪᠠᠨ ᠤᠳᠠᠭ᠎ᠠ ᠡᠷᠭᠢᠯᠳᠦᠵᠦ ᠲᠣᠭᠣᠷᠢᠬᠤ ᠪᠥᠭᠡᠳ ᠡᠨᠡ ᠪᠦᠷ ᠴᠡᠷᠢᠭ ᠦ᠋ᠳ ᠲᠦ᠍ ᠤᠬᠠᠭᠳᠠᠬᠤ ᠲᠤᠰᠬᠠᠢ ᠤᠳᠬ᠎ᠠ ᠲᠠᠢ᠃
ᠰᠣᠩᠭᠣᠭᠰᠠᠨ ᠭᠠᠵᠠᠷ ᠲᠡᠮᠡᠭᠡ ᠶ᠋ᠢ ᠰᠥᠬᠦᠷᠡᠭᠦᠯᠦᠨ ᠬᠡᠪᠲᠡᠭᠦᠯᠵᠦ ᠬᠦᠨᠳᠦ ᠠᠴᠢᠶ᠎ᠠ ᠶ᠋ᠢ ᠪᠠᠭᠤᠯᠭᠠᠭᠠᠳ ᠰᠤᠯᠠᠷᠠᠭᠰᠠᠨ ᠢ᠋ ᠨᠢ ᠬᠡᠭᠡᠷ᠎ᠡ ᠠᠪᠠᠴᠢᠨ ᠲᠠᠯᠪᠢᠬᠤ ᠳ᠋ᠤ᠌ ᠥᠷᠭᠡᠰᠦᠲᠦ ᠬᠠᠷᠭᠠᠨ᠎ᠠ ᠶ᠋ᠢᠨ ᠪᠤᠲᠠ ᠶ᠋ᠢᠨ ᠳᠡᠷᠭᠡᠳᠡ ᠵᠣᠭᠰᠣᠨ ᠬᠠᠲᠠᠭᠤ ᠰᠢᠳᠦ ᠪᠡᠷ ᠵᠤᠯᠭᠠᠭᠠᠵᠤ ᠪᠦᠬᠦᠯᠢ ᠰᠥᠨᠢ ᠶ᠋ᠢᠨ ᠲᠤᠷᠰᠢ ᠠᠯᠭᠤᠷ ᠪᠡᠯᠴᠢᠨ ᠲᠡᠨᠦᠳᠡᠭ ᠪᠠᠢᠪᠠ᠃ ᠵᠠᠮ ᠳ᠋ᠤ᠌ ᠣᠢᠷᠠᠲᠤᠵᠤ ᠵᠡᠭᠡᠰᠦᠨ ᠮᠣᠳᠣᠨ ᠤ᠋ ᠮᠥᠴᠢᠷ ᠢ᠋ ᠲᠤᠰᠬᠠᠢ ᠠᠴᠢᠶᠠᠨ ᠤ᠋ ᠲᠡᠮᠡᠭᠡ ᠪᠡᠷ ᠵᠥᠭᠡᠭᠡᠨ᠂ ᠪᠣᠭᠣᠯᠴᠤᠳ ᠲᠦᠳᠡᠭ ᠨᠣᠴᠣᠭᠠᠵᠤ᠂ ᠭᠤᠷᠪᠠᠨ ᠲᠤᠯᠭᠠᠭᠤᠷ ᠳᠡᠭᠡᠷ᠎ᠡ ᠬᠢᠲᠠᠳ ᠲᠣᠮᠣ ᠬᠦᠷᠡᠯ ᠲᠣᠭᠣᠭ᠎ᠠ ᠲᠠᠯᠪᠢᠭᠠᠳ ᠰᠢᠷᠢᠨ ᠲᠠᠰᠢᠮᠠᠭ ᠠ᠋ᠴᠠ ᠤᠰᠤ ᠬᠢᠵᠦ ᠮᠢᠬ᠎ᠠ ᠬᠥᠰᠬᠥᠯᠡᠭᠡᠳ᠂ ᠴᠠᠭᠠᠨ ᠪᠤᠳᠠᠭ᠎ᠠ ᠴᠢᠨᠠᠳᠠᠭ ᠪᠠᠢᠵᠠᠢ᠃
ᠮᠠᠨᠠᠭᠠᠨ ᠤ᠋ ᠬᠥᠮᠦᠰ ᠰᠦᠪᠡᠭᠡᠳᠡᠢ ᠪᠠᠭᠠᠲᠤᠷ ᠤ᠋ᠨ ᠪᠠᠭᠤᠳᠠᠯ ᠤᠷᠤᠭᠤ ᠥᠭᠡᠷ᠎ᠡ ᠪᠠᠭ ᠤ᠋ᠨ ᠬᠡᠨ ᠢ᠋ ᠴᠦ᠍ ᠣᠷᠣᠭᠤᠯᠳᠠᠭ ᠦᠭᠡᠢ᠃ ᠪᠠᠭ ᠴᠡᠷᠢᠭ ᠪᠦᠷ ᠲᠤᠰ ᠲᠤᠰ ᠤ᠋ᠨ ᠵᠠᠮ ᠢ᠋ᠶ᠋ᠠᠷ ᠪᠤᠰᠤᠳ ᠲᠠᠢ ᠬᠣᠯᠢᠯᠳᠤᠯ ᠦᠭᠡᠢ ᠶᠠᠪᠤᠬᠤ ᠪᠠ ᠲᠤᠰ ᠪᠦᠷᠢ ᠶ᠋ᠢᠨ ᠬᠦᠷᠢᠶ᠎ᠡ ᠲᠡᠢ ᠪᠠᠢᠬᠤ ᠶᠣᠰᠣᠲᠠᠢ᠃ ᠰᠦᠪᠡᠭᠡᠳᠡᠢ ᠪᠠᠭᠠᠲᠤᠷ ᠤ᠋ᠨ ᠪᠠᠭᠤᠳᠠᠯ ᠢ᠋ ᠲᠣᠭᠣᠷᠢᠨ ᠵᠥᠪᠬᠡᠨ ᠲᠡᠭᠦᠨ ᠦ᠌ ᠮᠢᠩᠭᠠᠨ《ᠭᠠᠯᠵᠠᠭᠤ》 ᠨᠠᠷ ᠪᠠᠢᠷᠢᠯᠠᠵᠤ᠂ ᠴᠠᠰᠢ ᠨᠢ ᠲᠡᠭᠦᠨ ᠦ᠌ ᠲᠦᠮᠡᠲᠦ᠂ ᠲᠠᠯ᠎ᠠ ᠪᠠᠷ ᠪᠠᠢᠷᠢᠯᠠᠨ ᠣᠷᠣᠰᠢᠳᠠᠭ᠃
ᠪᠡᠶ᠎ᠡ ᠬᠠᠮᠠᠭᠠᠯᠠᠬᠤ ᠴᠡᠷᠢᠭ ᠦ᠋ᠳ ᠲᠤᠰ ᠲᠤᠰ ᠤ᠋ᠨ ᠲᠦᠳᠡᠭ ᠢ᠋ ᠨᠣᠴᠣᠭᠠᠵᠤ᠂ ᠲᠣᠭᠣᠭᠠᠨ ᠬᠢᠴᠡ ᠲᠡᠢ ᠴᠠᠢ᠂ ᠶᠠᠭᠤ ᠣᠯᠵᠤ ᠠᠮᠵᠢᠭᠰᠠᠨ ᠢ᠋ᠶ᠋ᠠᠨ ᠴᠢᠨᠠᠨ᠎ᠠ᠃ ᠲᠡᠳᠡ ᠲᠦᠳᠡᠭ ᠢ᠋ ᠲᠣᠭᠣᠷᠢᠨ ᠢᠰᠡᠭᠡᠢ ᠨᠡᠮᠨᠡᠭᠡ ᠳᠡᠭᠡᠷ᠎ᠡ ᠬᠡᠪᠲᠡᠵᠡᠭᠡᠨ᠎ᠡ᠃ ᠴᠢᠳᠥᠷ ᠲᠡᠢ ᠮᠣᠷᠢᠳ ᠨᠢ ᠬᠣᠯᠠᠳᠠᠯ ᠦᠭᠡᠢ ᠡᠪᠡᠰᠦ ᠢᠳᠡᠨ᠎ᠡ᠃ ᠦᠯᠦ ᠦᠵᠡᠭᠳᠡᠬᠦ ᠤᠷᠭᠤᠮᠠᠯ ᠢ᠋ ᠢᠳᠡᠵᠦ ᠲᠤᠭᠤᠷᠠᠢ ᠪᠠᠷ ᠢ᠋ᠶ᠋ᠠᠨ ᠡᠪᠡᠰᠦᠨ ᠦ᠌ ᠦᠨᠳᠦᠰᠦ ᠶ᠋ᠢ ᠴᠠᠪᠴᠢᠯᠠᠨ ᠲᠡᠵᠢᠭᠡᠯ ᠢ᠋ ᠥᠪᠡᠷᠰᠡᠳ ᠢ᠋ᠶ᠋ᠡᠨ ᠣᠯᠳᠠᠭ᠂ ᠪᠣᠷᠳᠣᠭ᠎ᠠ ᠶ᠋ᠢ ᠦᠯᠦ ᠬᠠᠢᠬᠤᠷᠬᠤ ᠡᠢᠮᠦ ᠮᠣᠷᠢᠳ ᠢ᠋ᠶ᠋ᠠᠷ ᠪᠦᠬᠦ ᠳᠡᠯᠡᠬᠡᠢ ᠶ᠋ᠢ ᠴᠦ᠍ ᠠᠶᠤᠮᠰᠢᠭ ᠦᠭᠡᠢ ᠲᠤᠭᠤᠯᠵᠤ ᠪᠣᠯᠤᠨ᠎ᠠ᠃
ᠬᠠᠷᠠᠩᠭᠤᠢ ᠳ᠋ᠤ᠌ ᠬᠥᠲᠥᠯ ᠳᠡᠭᠡᠷᠡᠬᠢ ᠮᠠᠨᠠᠭᠠᠨ ᠤ᠋ ᠲᠣᠭ᠎ᠠ ᠠᠪᠬᠤ ᠪᠦᠬᠦ ᠲᠠᠯ᠎ᠠ ᠨᠡᠯᠦᠩᠬᠡᠢ ᠳ᠋ᠦ᠍ ᠲᠠᠭᠠᠨ ᠳᠠᠪᠲᠠᠬᠤ ᠤᠷᠲᠤ ᠳᠠᠭᠤ᠄
ᠠᠩᠬᠠᠷᠤᠨ ᠠᠶᠤᠭᠲᠤᠨ᠂ᠪᠢᠰᠢᠷᠡᠭᠲᠦᠨ! ᠭᠡᠬᠦ ᠰᠣᠨᠣᠰᠤᠭᠳᠠᠨ᠎ᠠ᠃ ᠵᠠᠷᠢᠮ ᠳ᠋ᠠᠭᠠᠨ ᠪᠠᠭᠤᠳᠠᠯ ᠳᠡᠭᠡᠷ᠎ᠡ ᠠᠰᠠᠷ ᠪᠠᠷᠢᠳᠠᠭ᠂ ᠲᠡᠭᠡᠬᠦ ᠳ᠋ᠦ᠍ ᠬᠣᠶᠠᠷ ᠭᠤᠷᠪᠠᠨ ᠬᠣᠨᠣᠭ ᠵᠣᠭᠰᠣᠵᠤ ᠠᠮᠠᠷᠠᠨ᠎ᠠ ᠭᠡᠵᠦ ᠬᠥᠮᠦᠨ ᠪᠦᠬᠦᠨ ᠣᠢᠯᠠᠭᠠᠵᠤ ᠪᠠᠶᠠᠷᠯᠠᠨ᠎ᠠ᠃ ᠠᠰᠠᠷ ᠳᠣᠲᠣᠷ᠎ᠠ ᠢᠰᠡᠭᠡᠢ᠂ ᠬᠡᠪᠢᠰ ᠳᠡᠪᠢᠰᠴᠦ ᠲᠣᠷᠭᠠᠨ ᠳᠡᠷᠡ ᠲᠠᠯᠪᠢᠳᠠᠭ᠃ ᠪᠠᠰᠠᠴᠤ ᠬᠠᠭᠠᠳ ᠤ᠋ᠨ ᠴᠢᠭᠤᠯᠭᠠᠨ ᠴᠢᠭᠤᠯᠬᠤ ᠪᠤᠶᠤ ᠠᠩ ᠭᠥᠷᠦᠭᠡᠨ ᠦ᠌ ᠴᠡᠩᠭᠡᠯ ᠳ᠋ᠦ᠍ ᠪᠡᠯᠡᠳᠬᠡᠨ ᠪᠠᠢᠬᠤ ᠮᠠᠭᠠᠳ ᠦᠭᠡᠢ᠃
ᠴᠢᠪ ᠴᠢᠮᠡᠭᠡ ᠦᠭᠡᠢ ᠪᠠᠢᠬᠤ ᠳ᠋ᠤ᠌᠂ ᠣᠯᠠᠨ ᠮᠣᠷᠢᠨ ᠤ᠋ ᠲᠤᠭᠤᠷᠠᠢ ᠫᠠᠷᠴᠢᠭᠢᠨᠠᠬᠤ ᠳ᠋ᠤ᠌ ᠭᠡᠷᠡᠯᠲᠦ ᠪᠠᠲᠤ ᠬᠠᠭᠠᠨ᠂ ᠰᠥᠪᠡᠭᠡᠳᠡᠢ ᠪᠠᠭᠠᠲᠤᠷ᠂ ᠰᠢᠭᠰᠢᠮᠡᠯ ᠳᠠᠭᠠᠭᠤᠯᠢ ᠶ᠋ᠢᠨ ᠬᠠᠮᠲᠤ ᠢᠷᠡᠳᠡᠭ ᠪᠢᠯᠡ᠃ ᠥᠷᠥᠭᠡᠰᠦᠨ ᠨᠢᠳᠦᠲᠦ᠂ ᠤᠷᠤᠭᠤ ᠴᠢᠷᠠᠢᠲᠤ ᠰᠥᠪᠡᠭᠡᠳᠡᠢ ᠪᠠᠭᠠᠲᠤᠷ ᠤ᠋ᠨ ᠳᠡᠷᠭᠡᠳᠡ ᠬᠥᠮᠦᠨ ᠪᠦᠬᠦᠨ ᠪᠠᠲᠤ ᠬᠠᠭᠠᠨ ᠠ᠋ᠴᠠ ᠠᠶᠤᠬᠤ ᠠ᠋ᠴᠠ ᠢᠯᠡᠭᠦᠦ ᠪᠡᠮᠪᠡᠭᠡᠨᠡᠳᠡᠭ ᠃ ᠰᠥᠪᠡᠭᠡᠳᠡᠢ ᠡᠮᠬᠢ ᠵᠢᠷᠤᠮ ᠦᠭᠡᠢ ᠪᠠᠢᠳᠠᠯ ᠢ᠋ ᠬᠡᠵᠢᠶᠡᠳᠡ ᠠᠵᠢᠭᠯᠠᠭᠠᠳ ᠬᠡᠳᠦᠨ ᠦᠭᠡ ᠠᠶᠠᠷᠬᠠᠨ ᠬᠡᠯᠡᠬᠦ ᠳ᠋ᠦ᠍ ᠮᠣᠷᠢᠲᠠᠢ ᠬᠥᠮᠦᠰ ᠰᠡᠩᠳᠡ ᠮᠡᠩᠳᠡ ᠳᠠᠪᠬᠢᠵᠤ ᠬᠡᠨ ᠨᠢᠭᠡᠨ ᠬᠥᠮᠦᠨ ᠢ᠋ ᠠᠪᠴᠢᠷᠠᠨ᠂ ᠰᠢᠢᠳᠮᠡᠭᠡᠢ ᠬᠠᠰᠬᠢᠷᠬᠤ ᠳᠠᠭᠤᠨ ᠰᠣᠨᠣᠰᠳᠠᠳᠠᠭ ᠪᠠᠢᠵᠠᠢ᠃
ᠪᠠᠲᠤ ᠬᠠᠭᠠᠨ ᠡᠮᠬᠢ ᠦᠭᠡᠢ ᠪᠠᠭ᠎ᠠ ᠰᠠᠭ᠎ᠠ ᠵᠦᠢᠯ ᠢ᠋ ᠠᠵᠢᠭᠯᠠᠳᠠᠭ ᠦᠭᠡᠢ ᠬᠠᠷᠢᠨ ᠬᠥᠮᠦᠰ ᠢ᠋ ᠬᠠᠷᠠᠬᠤ ᠦᠭᠡᠢ᠂ ᠰᠠᠨᠠᠯ ᠪᠣᠳᠣᠯᠭ᠎ᠠ ᠨᠢ ᠠᠭᠤᠤ ᠶᠡᠬᠡ ᠲᠥᠯᠥᠪᠯᠡᠭᠡ ᠶ᠋ᠢ ᠲᠥᠯᠥᠪᠯᠡᠨ ᠪᠠᠢᠬᠤ ᠪᠥᠭᠡᠳ ᠭᠠᠭᠴᠠᠬᠠᠨ ᠢᠷᠡᠭᠡᠳᠦᠢ ᠶ᠋ᠢᠨ ᠶᠠᠪᠤᠳᠠᠯ ᠤ᠋ᠨ ᠲᠤᠬᠠᠢ ᠬᠦᠦᠷᠨᠢᠬᠦ ᠳ᠋ᠦ᠍ ᠳᠤᠷᠠᠲᠠᠢ᠃ ᠵᠠᠯᠠᠭᠤ ᠬᠥᠭᠰᠢᠨ ᠬᠣᠶᠠᠷ ᠶᠡᠬᠡ ᠵᠠᠩᠵᠤᠨ ᠰᠢᠷ᠎ᠠ ᠲᠣᠷᠭᠠᠨ ᠠᠰᠠᠷ ᠲᠸ᠋ ᠣᠷᠣᠬᠤ ᠳ᠋ᠤ᠌ ᠬᠣᠭᠣᠯᠠ ᠪᠡᠯᠡᠬᠡᠨ ᠪᠠᠢᠬᠤ ᠶᠣᠰᠣᠲᠠᠢ᠃ ᠰᠢᠷᠡᠭᠡ ᠵᠠᠰᠠᠭᠴᠢ᠂ ᠵᠣᠭᠣᠭ ᠪᠠᠷᠢᠭᠴᠢ ᠬᠥᠮᠦᠰ ᠬᠣᠶᠠᠷ ᠭᠠᠷ ᠢ᠋ ᠡᠪᠬᠡᠨ᠂ ᠲᠤᠰᠢᠶᠠᠯ ᠢ᠋ ᠬᠦᠯᠢᠶᠡᠵᠦ ᠵᠣᠭᠰᠣᠳᠠᠭ ᠪᠠᠢᠪᠠ᠃ ᠬᠣᠭᠣᠯᠠ ᠵᠣᠭᠣᠭ ᠢ᠋ ᠵᠤᠭᠠᠲᠠᠢ ᠪᠠᠷ ᠥᠩᠭᠡᠷᠡᠭᠦᠯᠳᠡᠭ ᠭᠤᠷᠪᠠᠨ ᠲᠡᠷᠢᠭᠦᠨ ᠪᠥᠬᠡ ᠮᠥᠨ ᠲᠡᠨᠳᠡ ᠰᠠᠭᠤᠵᠤ᠂ ᠨᠠᠮ ᠳᠠᠭᠤ ᠪᠠᠷ ᠥᠯᠵᠡᠢ ᠢᠪᠡᠭᠡᠯ ᠦ᠋ᠨ ᠳᠠᠭᠤᠳᠠᠯᠭ᠎ᠠ ᠶ᠋ᠢ ᠤᠩᠰᠢᠳᠠᠭ ᠠᠵᠢ᠃
ᠦᠰᠦᠭ ᠠᠮᠢᠯᠠᠭᠤᠯᠤᠭᠴᠢ᠄ ᠠᠯᠲᠠᠨᠴᠢᠮᠡᠭ᠂ ᠭᠡᠷᠡᠯ᠂ ᠬᠡᠷᠡᠢᠳ· ᠮᠦᠩᠬᠡᠨᠠᠰᠤᠨ
ᠬᠢᠨᠠᠭᠴᠢ᠄ ᠪᠠᠶᠠᠨᠴᠡᠴᠡᠭ᠂ ᠠᠷᠢᠭᠤᠨ᠂ ᠠᠯᠲᠠᠨᠴᠢᠮᠡᠭ᠂ ᠲ· ᠬᠦᠮᠦᠵᠢᠯᠲᠦ