ᠪᠠᠲᠤ ᠬᠠᠭᠠᠨ 2-04ᠪᠣᠢᠳᠠ ᠴᠦᠯ ᠳ᠋ᠦ᠍ ᠭᠠᠭᠴᠠᠭᠠᠷ ᠢ᠋ᠶ᠋ᠠᠨ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ
ᠳᠥᠷᠪᠡ ᠪᠣᠢᠳᠠ ᠴᠦᠯ ᠳ᠋ᠦ᠍ ᠭᠠᠭᠴᠠᠭᠠᠷ ᠢ᠋ᠶ᠋ᠠᠨ
ᠬᠠᠷᠠᠩᠭᠤᠢ ᠰᠥᠨᠢ ᠪᠣᠯᠵᠤ᠂ ᠣᠭᠲᠠᠷᠭᠤᠢ ᠳ᠋ᠤ᠌ ᠰᠡᠢᠷᠡᠭ ᠣᠳᠣᠳ ᠰᠦᠮᠡᠯᠵᠡᠨ ᠭᠤᠷᠠᠩᠬᠤᠯᠠᠭᠰᠠᠨ ᠴᠢᠨᠣ᠎ᠠ ᠠᠯᠤᠰ ᠲᠸ᠋ ᠣᠯᠢᠬᠤ ᠳ᠋ᠤ᠌ ᠨᠥᠭᠦᠭᠡ
ᠨᠢᠭᠡ ᠨᠢ ᠬᠠᠷᠢᠭᠤ ᠣᠯᠢᠵᠤ᠂ ᠬᠡᠳᠦ ᠬᠡᠳᠦᠨ ᠭᠠᠵᠠᠷ ᠵᠡᠷᠯᠢᠭ ᠠᠷᠢᠶᠠᠲᠠᠨ ᠤ᠋ ᠳᠠᠭᠤ ᠬᠠᠩᠭᠢᠨᠠᠨ ᠴᠤᠤᠷᠢᠶᠠᠲᠤᠪᠠ᠃
ᠮᠦᠰᠦᠢ᠍ᠺ ᠬᠥᠳᠡᠯᠦᠯ ᠦᠭᠡᠢ ᠴᠢᠬᠢ ᠲᠠᠯᠪᠢᠨ ᠴᠢᠩᠨᠠᠵᠤ ᠰᠠᠭᠤᠲᠠᠯ᠎ᠠ ᠦᠯᠡᠮᠵᠢ ᠶᠠᠳᠠᠷᠠᠭᠰᠠᠨ ᠠ᠋ᠴᠠ ᠨᠣᠢᠷᠤᠨ ᠳ᠋ᠤ᠌ ᠠᠪᠲᠠᠭᠳᠠᠨ ᠨᠢᠳᠦ ᠨᠢ ᠠᠨᠢᠯᠳᠤᠵᠤ ᠠᠯᠭᠤᠷ ᠢ᠋ᠶ᠋ᠠᠷ ᠤᠨᠲᠠᠵᠤ ᠬᠣᠴᠣᠷᠴᠠᠢ᠃
ᠮᠦᠰᠦᠢ᠍ᠺ ᠥᠨᠳᠥᠷ ᠬᠥᠲᠥᠯ ᠳᠡᠭᠡᠷ᠎ᠡ ᠰᠠᠭᠤᠵᠤ ᠪᠠᠢᠨ᠎ᠠ ᠭᠡᠵᠦ ᠵᠡᠭᠦᠳᠦᠯᠡᠪᠡ᠃ ᠡᠮᠦᠨ᠎ᠡ ᠨᠢ ᠴᠡᠴᠡᠭ ᠨᠠᠪᠴᠢ ᠳᠡᠯᠭᠡᠷᠡᠭᠰᠡᠨ ᠠᠭᠤᠳᠠᠮ ᠬᠥᠨᠳᠡᠢ ᠬᠠᠷᠠᠭᠳᠠᠨ᠂ ᠡᠨᠳᠡ ᠲᠡᠨᠳᠡ ᠦᠭᠡᠢ ᠠᠯᠠᠭ ᠮᠣᠷᠢᠳ᠂ ᠵᠡᠭᠡᠷᠳᠡ ᠤᠨᠠᠭ᠎ᠠ ᠨᠤᠭᠤᠳ ᠪᠡᠯᠴᠢᠭᠰᠡᠨ ᠪᠠᠢᠨ᠎ᠠ᠃ ᠭᠠᠵᠠᠷ ᠳᠡᠭᠡᠷ᠎ᠡ ᠰᠠᠭᠰᠠᠭᠠᠷ ᠪᠦᠯᠵᠦᠷᠭᠡᠨᠡ ᠲᠦᠷᠭᠡᠨ ᠤᠷᠭᠤᠵᠤ᠂ ᠮᠥᠴᠢᠷ ᠨᠢ ᠨᠣᠭᠣᠭᠠᠷᠠᠨ ᠰᠦᠯᠵᠢᠯᠳᠦᠵᠦ ᠪᠠᠭᠠᠨ᠎ᠠ ᠮᠡᠲᠦ ᠥᠭᠡᠳᠡ ᠭᠣᠵᠣᠢᠨ ᠪᠦᠬᠦ ᠬᠥᠨᠳᠡᠢ ᠪᠡᠷ ᠲᠣᠭᠣᠷᠢᠨ ᠪᠠᠭᠤᠵᠠᠢ᠃ ᠡᠬᠡ ᠶ᠋ᠢ ᠨᠢ (ᠡᠬᠢᠨ ᠤ᠋ ) ᠬᠦᠷᠡᠭᠴᠢ ᠦᠨᠢᠶ᠎ᠡ ᠡᠪᠡᠷ ᠢ᠋ᠶ᠋ᠡᠨ ᠰᠠᠵᠢᠯᠠᠨ᠂ ᠬᠦᠵᠦᠭᠦᠨ ᠳ᠋ᠡᠬᠢ ᠬᠤᠩᠬ᠎ᠠ ᠶ᠋ᠢ ᠬᠠᠷᠵᠢᠭᠢᠨᠠᠭᠤᠯᠤᠭᠰᠠᠭᠠᠷ ᠭᠦᠦᠷ ᠳᠡᠭᠡᠭᠦᠷ ᠶᠠᠪᠤᠬᠤ ᠮᠡᠲᠦ ᠲᠡᠷᠡ ᠲᠣᠬᠣᠢ ᠳᠡᠭᠡᠭᠦᠷ ᠰᠠᠵᠢᠯᠠᠨ ᠶᠠᠪᠤᠵᠤ ᠪᠠᠢᠨ᠎ᠠ᠃ ᠭᠡᠲᠡᠯ᠎ᠡ ᠦᠨᠢᠶᠡᠨ ᠦ᠌ ᠬᠣᠢᠨ᠎ᠠ ᠠ᠋ᠴᠠ ᠮᠥᠨ ᠬᠦ᠌ ᠲᠣᠬᠣᠢ ᠳᠡᠭᠡᠭᠦᠷ ᠤᠯᠠᠭᠠᠨ ᠳᠡᠪᠡᠯ ᠢ᠋ᠶ᠋ᠡᠨ ᠰᠠᠯᠬᠢᠨ ᠳ᠋ᠤ᠌ ᠬᠡᠢᠰᠬᠡᠨ ᠨᠢᠭᠡᠨ ᠬᠡᠦᠬᠡᠨ ᠶᠠᠪᠤᠬᠤ ᠶ᠋ᠢ ᠳᠠᠷᠤᠢ ᠲᠠᠨᠢᠪᠠ᠃ ᠶᠦᠯᠳ᠋ᠦᠢ᠍ᠽ ᠰᠢᠷᠢᠨ ᠪᠣᠷᠲᠣᠭᠣ ᠪᠠᠷᠢᠨ ᠶᠠᠪᠤᠵᠤ ᠪᠠᠢᠨ᠎ᠠ᠃ ᠨᠠᠷᠢᠨ ᠭᠦᠦᠷ ᠡᠴᠡ ᠤᠨᠠᠬᠤ ᠮᠠᠭᠠᠳ ᠦᠭᠡᠢ ᠭᠡᠵᠦ ᠠᠶᠤᠵᠤ ᠲᠠᠨᠵᠢᠬᠢᠨᠠᠨ ᠠᠯᠬᠤᠯᠠᠵᠤ ᠪᠠᠢᠨ᠎ᠠ᠃ ᠬᠥᠬᠡ ᠣᠭᠲᠠᠷᠭᠤᠢ ᠳ᠋ᠤ᠌ ᠵᠢᠵᠢᠭ ᠴᠠᠭᠠᠨ ᠡᠭᠦᠯᠡ ᠬᠤᠷᠳᠤᠯᠠᠨ ᠨᠡᠭᠦᠪᠡ᠃ ᠦᠨᠢᠶ᠎ᠡ ᠨᠢ ᠬᠣᠲᠣᠢᠭᠴᠢ ᠭᠦᠦᠷ ᠦ᠋ᠨ ᠳᠤᠮᠳᠠ ᠬᠦᠷᠦᠭᠡᠳ ᠵᠣᠭᠰᠣᠵᠤ ᠦᠷᠦ ᠡᠪᠡᠳᠦᠮᠡᠷ ᠮᠥᠭᠡᠷᠡᠬᠦ ᠳ᠋ᠦ᠍ ᠶᠦᠯᠳ᠋ᠦᠢ᠍ᠽ ᠬᠠᠭᠤᠴᠢᠨ ᠳᠠᠰᠤᠭᠰᠠᠨ ᠨᠠᠷᠢᠨ ᠬᠣᠭᠣᠯᠠᠢ ᠪᠠᠷ《ᠮᠦᠰᠦᠢ᠍ᠺ ᠠ᠋ 》 ᠭᠡᠵᠦ ᠳᠠᠭᠤᠳᠠᠪᠠ᠃
ᠮᠦᠰᠦᠢ᠍ᠺ ᠴᠣᠴᠢᠭᠰᠠᠨ ᠨᠢᠳᠦ ᠪᠡᠨ ᠠᠷᠠᠶ᠋ᠢᠬᠢᠵᠤ ᠨᠡᠭᠡᠭᠡᠬᠦ ᠳ᠋ᠦ᠍ ᠬᠤᠷᠴᠠ ᠨᠠᠷᠠᠨ ᠳ᠋ᠤ᠌ ᠭᠢᠯᠪᠠᠪᠠ᠃ ᠲᠣᠯᠣᠭᠠᠢ ᠳᠡᠭᠡᠭᠦᠷ ᠨᠢ ᠲᠣᠮᠣ ᠨᠣᠭᠣᠭᠠᠨ ᠪᠠᠲᠠᠭᠠᠨ᠎ᠠ ᠡᠷᠭᠢᠯᠳᠦᠵᠦ ᠪᠠᠢᠯ᠎ᠠ᠃ ᠭᠡᠨᠡᠳᠲᠡ ᠳᠠᠬᠢᠨ《ᠮᠦᠰᠦᠢ᠍ᠺ 》 ᠭᠡᠬᠦ ᠶ᠋ᠢ ᠲᠣᠪ ᠲᠣᠳᠣᠷᠬᠠᠢ ᠰᠣᠨᠣᠰᠪᠠ᠃ ᠨᠢᠳᠦ ᠪᠡᠨ ᠣᠨᠢᠢᠯᠭᠠᠵᠤ ᠭᠠᠷ ᠢ᠋ᠶ᠋ᠠᠨ ᠰᠠᠷᠠᠪᠴᠢᠯᠠᠨ ᠠᠵᠢᠭᠯᠠᠪᠠᠯ ᠤᠯᠠᠭᠠᠨ ᠴᠠᠴᠤᠭ ᠲᠠᠢ ᠦᠵᠡᠰᠬᠦᠯᠡᠩ ᠲᠡᠢ ᠲᠣᠨᠣᠭ ᠢ᠋ᠶ᠋ᠠᠷ ᠴᠢᠮᠡᠭᠰᠡᠨ ᠬᠡᠳᠦᠨ ᠥᠨᠳᠥᠷ ᠰᠢᠷ᠎ᠠ ᠲᠡᠮᠡᠭᠡ ᠶᠠᠪᠤᠵᠤ ᠪᠠᠢᠨ᠎ᠠ᠃ ᠡᠭᠦᠨ ᠦ᠌ ᠬᠣᠶᠠᠷ ᠪᠦᠬᠦ ᠶ᠋ᠢᠨ ᠬᠣᠭᠣᠷᠣᠨᠳᠣ ᠡᠷᠢᠶᠡᠨ ᠬᠥᠰᠢᠭᠡ ᠲᠡᠢ᠂ ᠬᠣᠶᠠᠷ ᠰᠠᠭᠤᠳᠠᠯ ᠲᠠᠢ ᠪᠢᠴᠢᠬᠠᠨ ᠵᠢᠤᠵᠠ ᠲᠣᠭᠲᠠᠭᠠᠵᠠᠢ᠃ ᠬᠤᠷᠴᠠ ᠥᠩᠭᠡ ᠲᠡᠢ ᠲᠣᠷᠭᠠᠨ ᠬᠤᠪᠴᠠᠰᠤ ᠲᠠᠢ ᠪᠦᠰᠡᠭᠦᠢᠴᠦᠳ ᠳᠣᠲᠣᠷ᠎ᠠ ᠨᠢ ᠰᠠᠭᠤᠵᠠᠢ᠃ ᠨᠢᠭᠤᠷ ᠲᠤ᠌ ᠣ ᠶᠡᠬᠡᠳᠡ ᠲᠦᠷᠬᠢᠵᠦ ᠡᠩᠭᠡᠰᠬᠡ ᠪᠡᠷ ᠪᠣᠳᠣᠭᠰᠠᠨ ᠨᠢ ᠪᠡᠶ᠎ᠡ ᠪᠡᠶ᠎ᠡ ᠲᠡᠢ ᠲᠥᠰᠦᠭᠡ ᠲᠡᠢ ᠪᠣᠯᠵᠠᠢ᠃ ᠡᠬᠡᠨᠡᠷ ᠦ᠋ᠳ ᠢᠨᠢᠶᠡᠯᠳᠦᠨ ᠬᠥᠰᠢᠭᠡ ᠶ᠋ᠢᠨ ᠢ᠋ᠶ᠋ᠡᠨ ᠠᠷᠤ ᠪᠠᠷ ᠨᠢᠭᠤᠭᠳᠠᠨ ᠨᠢᠭᠡ ᠨᠢ ᠮᠦᠰᠦᠢ᠍ᠺ ᠲᠸ᠋ ᠠᠳᠬᠤ ᠴᠢᠪᠠᠭ᠎ᠠ ᠰᠠᠮᠤᠷ ᠬᠠᠶᠠᠵᠤ ᠦᠭᠭᠦᠯ᠎ᠡ᠃ ᠠᠯᠲᠠᠨ ᠪᠠᠭᠤᠪᠴᠢ ᠲᠠᠢ ᠨᠠᠷᠢᠬᠠᠨ ᠭᠠᠷ ᠴᠤᠬᠤᠢᠵᠤ᠂ ᠨᠢᠭᠡᠨ ᠲᠣᠷᠭᠠᠨ ᠬᠡᠦᠳᠡᠢ ᠰᠢᠳᠡᠪᠡ᠃ ᠲᠡᠷᠡ ᠦᠶ᠎ᠡ ᠳ᠋ᠦ᠍ ᠮᠣᠩᠭᠣᠯᠴᠤᠳ ᠰᠦᠷᠡᠬᠡᠢ ᠬᠠᠰᠬᠢᠷᠤᠯᠳᠤᠨ ᠳᠠᠪᠬᠢᠵᠤ ᠢᠷᠡᠬᠦ ᠳ᠋ᠦ᠍ ᠲᠡᠮᠡᠭᠡᠳ ᠰᠥᠭᠡᠩᠭᠢ ᠳᠠᠭᠤ ᠪᠠᠷ ᠪᠣᠢᠯᠠᠨ ᠬᠡᠴᠡ ᠬᠣᠩᠬᠣ ᠶ᠋ᠢ ᠬᠠᠷᠵᠢᠭᠢᠨᠠᠭᠤᠯᠤᠭᠰᠠᠭᠠᠷ ᠴᠠᠰᠢ ᠠᠯᠬᠤᠯᠠᠵᠠᠢ᠃
ᠠᠶᠠᠨᠴᠢᠨ ᠬᠥᠲᠥᠯ ᠬᠥᠪᠡᠭᠡᠨ ᠤ᠋ ᠬᠣᠭᠣᠷᠣᠨᠳᠣ ᠳᠠᠯᠳᠠ ᠣᠷᠣᠵᠤ᠂ ᠵᠡᠭᠦᠳᠦ ᠮᠡᠲᠦ ᠦᠭᠡᠢ ᠪᠣᠯᠪᠠ᠃ ᠭᠡᠲᠡᠯ᠎ᠡ ᠡᠨᠡ ᠵᠡᠭᠦᠳᠦ ᠪᠢᠰᠢ᠂ ᠮᠦᠰᠦᠢ᠍ᠺ ᠨᠠᠩᠭᠢ ᠰᠢᠷᠣᠢ ᠶ᠋ᠢᠨ ᠬᠥᠷᠥᠰᠥᠨ ᠳᠡᠭᠡᠷ᠎ᠡ ᠡᠴᠡ ᠣᠯᠠᠨ ᠴᠢᠪᠠᠭ᠎ᠠ᠂ ᠰᠠᠮᠤᠷ᠂ ᠠᠨᠢᠰᠤ ᠳᠣᠲᠣᠷ᠎ᠠ ᠬᠤᠳᠬᠤᠭᠰᠠᠨ ᠬᠡᠳᠦᠨ ᠪᠣᠭᠣᠷᠰᠣᠭ᠂ ᠠᠮᠠ ᠶ᠋ᠢ ᠨᠢ ᠪᠣᠭᠣᠭᠰᠠᠨ ᠰᠤᠳᠠᠯ ᠲᠠᠢ ᠲᠣᠷᠭᠠᠨ ᠬᠡᠦᠳᠡᠢ ᠶ᠋ᠢ ᠬᠤᠷᠢᠶᠠᠮᠵᠢᠯᠠᠨ ᠠᠪᠴᠤ ᠦᠵᠡᠪᠡᠯ ᠬᠡᠦᠳᠡᠢ ᠳᠣᠲᠣᠷ᠎ᠠ ᠰᠢᠷ᠎ᠠ ᠮᠥᠰᠥᠨ ᠰᠢᠬᠢᠷ᠂ ᠪᠣᠢᠯᠠᠰᠤ᠂ ᠬᠠᠰᠠᠷᠪᠠᠨᠢ᠂ ᠶᠢᠰᠦᠨ ᠠᠯᠲᠠᠨ ᠵᠣᠭᠣᠰ ᠪᠠᠢᠯ᠎ᠠ᠃ ᠡᠨᠡ ᠬᠠᠴᠢᠨ ᠪᠡᠯᠡᠭ ᠢ᠋ ᠮᠦᠰᠦᠢ᠍ᠺ ᠠᠪᠴᠤ ᠡᠪᠦᠷᠲᠦᠯᠡᠵᠡᠢ᠃
《ᠰᠠᠢᠨ ᠰᠡᠳᠬᠢᠯᠲᠦ ᠡᠪᠦᠭᠡᠨ ᠬᠢᠽᠷ᠂ ᠮᠢᠨᠦ ᠳᠠᠭᠤᠳᠠᠬᠤ ᠶ᠋ᠢ ᠰᠣᠨᠣᠰᠴᠤ ᠨᠠᠳᠠᠳᠤ ᠲᠤᠰᠠᠯᠠᠪᠠ》ᠭᠡᠳ ᠮᠦᠰᠦᠢ᠍ᠺ ᠰᠡᠢᠷᠡᠭ ᠪᠤᠭᠤᠷᠤᠯ ᠰᠢᠷᠦᠭᠦᠨ ᠡᠪᠡᠰᠦ ᠲᠡᠢ ᠳᠡᠷᠭᠡᠳᠡᠬᠢ ᠨᠢᠭᠡᠨ ᠬᠥᠪᠡᠭᠡ ᠳᠡᠭᠡᠷ᠎ᠡ ᠭᠠᠷᠬᠤ ᠳ᠋ᠤ᠌ ᠺᠢᠫᠴᠠᠺ ᠺᠢᠷᠬᠢᠰ ᠦ᠋ᠨ ᠲᠠᠯ᠎ᠠ ᠠ᠋ᠴᠠ ᠥᠷᠥᠨ᠎ᠡ ᠵᠦᠭ᠂ ᠢᠵᠢᠯ ᠮᠥᠷᠡᠨ ᠳ᠋ᠦ᠍ ᠬᠦᠷᠬᠦ ᠬᠤᠳᠠᠯᠳᠤᠭᠠᠨ ᠤ᠋ ᠨᠠᠷᠢᠨ ᠵᠠᠮ ᠵᠤᠷᠠᠢᠨ ᠬᠠᠷᠠᠭᠳᠠᠯ᠎ᠠ᠃ ᠡᠨᠡ ᠪᠣᠯ ᠨᠠᠩᠭᠢ ᠰᠢᠷᠣᠢ ᠳ᠋ᠤ᠌ ᠬᠥᠷᠥᠰᠥᠨ ᠳ᠋ᠦ᠍ ᠬᠣᠩᠬᠣᠢᠯᠠᠵᠤ ᠣᠷᠣᠭᠰᠠᠨ᠂ ᠲᠡᠮᠡᠭᠡᠨ ᠦ᠌ ᠮᠥᠷ ᠦ᠋ᠨ ᠬᠢᠷᠢ ᠥᠷᠭᠡᠨ᠂ ᠣᠯᠠᠨ ᠵᠠᠭᠤᠨ ᠵᠢᠯ ᠦ᠋ᠨ ᠲᠤᠷᠰᠢ ᠠᠶᠠᠨᠴᠢᠨ ᠵᠢᠩᠴᠢᠨ ᠦ᠌ ᠬᠥᠰᠬᠡ ᠳ᠋ᠦ᠍ ᠳᠠᠪᠲᠠᠭᠳᠠᠨ ᠭᠢᠰᠬᠢᠭᠳᠡᠭᠰᠡᠨ ᠮᠥᠷ ᠠᠵᠢ᠃ ᠬᠠᠶᠠ ᠶᠠᠰᠤ ᠴᠠᠢᠷᠠᠨ ᠬᠣᠨᠢᠨ ᠤ᠋ ᠬᠣᠷᠭᠣᠯ᠂ ᠭᠠᠩᠳᠠᠭᠰᠠᠨ ᠪᠥᠰ ᠦ᠋ᠨ ᠥᠭᠡᠳᠡᠰᠦ ᠬᠡᠪᠲᠡᠨ ᠦᠵᠡᠭᠳᠡᠵᠦ ᠪᠠᠢᠯ᠎ᠠ᠃《ᠡᠨᠳᠡ ᠪᠠᠢᠰᠤᠭᠠᠢ! ᠬᠢᠽᠷ ᠡᠪᠦᠭᠡᠨ᠂ ᠳᠠᠬᠢᠨ ᠠᠵᠠ ᠵᠣᠯ ᠬᠦᠷᠲᠡᠭᠡᠬᠦ ᠪᠣᠯᠵᠣᠰᠢ ᠦᠭᠡᠢ᠁》ᠭᠡᠵᠦ ᠰᠠᠨᠠᠪᠠ᠃
ᠲᠠᠯ᠎ᠠ ᠳᠡᠭᠡᠷ᠎ᠡ ᠤᠳᠠᠲᠠᠯ᠎ᠠ ᠴᠢᠮᠡᠭᠡ ᠠᠪᠢᠶ᠎ᠠ ᠦᠭᠡᠢ᠂ ᠬᠣᠭᠣᠰᠣᠨ ᠪᠠᠢᠯ᠎ᠠ᠃ ᠠᠯᠤᠰ ᠤ᠋ᠨ ᠬᠥᠪᠡᠭᠡᠨ ᠦ᠌ ᠬᠣᠭᠣᠷᠣᠨᠳᠣᠭᠤᠷ ᠮᠣᠷᠢ ᠲᠠᠢ ᠬᠥᠮᠦᠰ ᠦᠵᠡᠭᠳᠡᠬᠦ ᠳᠦ ᠨᠠᠷᠠᠨ ᠬᠠᠯᠠᠭᠤᠨ ᠣᠭᠲᠠᠷᠭᠤᠢ ᠠ᠋ᠴᠠ ᠬᠡᠳᠦᠢᠨ ᠬᠡᠪᠡᠢᠵᠡᠢ᠃ ᠲᠣᠮᠣ ᠬᠤᠷᠠᠭᠠᠨ ᠮᠠᠯᠠᠭᠠᠢ ᠲᠠᠢ ᠰᠠᠢᠲᠤᠷ ᠵᠡᠪᠰᠡᠭᠯᠡᠭᠰᠡᠨ ᠠᠷᠪᠠᠨ ᠳ᠋ᠵᠢᠬᠢᠲ ᠵᠢᠳᠠ ᠬᠥᠨᠳᠡᠯᠡᠨ ᠪᠠᠷᠢᠵᠤ ᠰᠢᠭᠰᠢᠮᠡᠯ ᠬᠠᠷ᠎ᠠ ᠬᠡᠭᠡᠷ ᠮᠣᠷᠢᠳ ᠤᠨᠤᠨ ᠳᠠᠪᠬᠢᠪᠠ᠃ ᠲᠦᠷᠦᠭᠦᠨ ᠳ᠋ᠦ᠍ᠨᠢ ᠶᠠᠪᠤᠭ᠎ᠠ ᠠᠷᠠᠪ ᠴᠠᠭᠠᠨ ᠮᠠᠯᠠᠭᠠᠢ ᠲᠠᠢ ᠵᠠᠯᠠᠭᠤ ᠴᠡᠷᠢᠭ ᠦ᠋ᠨ ᠰᠠᠭᠤᠬᠤ ᠪᠠᠢᠳᠠᠯ᠂ ᠰᠦᠷᠡᠬᠡᠢ ᠰᠢᠷᠦᠭᠦᠨ ᠴᠢᠷᠠᠢ᠂ ᠢᠯᠠᠩᠭᠤᠶ᠎ᠠ ᠲᠡᠭᠦᠨ ᠦ᠌ ᠭᠣᠶᠣᠮᠰᠣᠭ ᠬᠡᠭᠡᠷ ᠮᠣᠷᠢ ᠶ᠋ᠢ ᠲᠠᠨᠢᠬᠤ ᠮᠡᠲᠦ ᠮᠦᠰᠥ᠋ᠺ ᠲᠦ᠍ ᠰᠠᠨᠠᠭᠳᠠᠵᠠᠢ᠃
ᠲᠡᠷᠡ ᠬᠥᠮᠦᠨ ᠮᠦᠰᠥ᠋ᠺ ᠦ᠋ᠨ ᠳᠡᠷᠭᠡᠳᠡ ᠢᠷᠡᠵᠦ ᠵᠢᠯᠣᠭᠣ ᠶ᠋ᠢ ᠲᠠᠲᠠᠭᠠᠳ᠂
— ᠴᠢᠨᠦ ᠨᠡᠷ᠎ᠡ ᠬᠡᠨ ᠪᠣᠢ? ᠴᠢᠨᠦ ᠪᠠᠭ ᠬᠠᠮᠢᠭ᠎ᠠ ᠪᠠᠢᠨ᠎ᠠ? ᠶᠠᠮᠠᠷ ᠤᠴᠢᠷ ᠠ᠋ᠴᠠ ᠴᠢ ᠡᠨᠳᠡ ᠬᠡᠪᠲᠡᠵᠦ ᠪᠠᠢᠨ᠎ᠠ? ᠭᠡᠵᠦ ᠠᠰᠠᠭᠤᠪᠠ᠃ ᠮᠦᠰᠥ᠋ᠺ ᠪᠣᠰᠴᠤ᠂ ᠶᠠᠭᠠᠷᠠᠨ ᠮᠡᠩᠳᠡᠨ ᠵᠣᠪᠠᠯᠠᠩ ᠵᠦᠳᠡᠭᠦᠷᠢ ᠪᠡᠨ ᠲᠣᠭᠠᠴᠢᠵᠤ᠂ ᠠᠶᠠᠨ ᠲᠡᠢᠨ ᠳ᠋ᠦ᠍ ᠮᠣᠷᠳᠠᠬᠤ ᠶ᠋ᠢ ᠬᠦᠰᠡᠭᠰᠡᠨ ᠬᠢᠭᠡᠳ ᠪᠠᠢ᠍ᠢ᠊ — ᠮᠣᠷᠠᠲ ᠤ᠋ᠨ ᠬᠤᠯᠠᠭᠠᠢ ᠶ᠋ᠢᠨ ᠪᠦᠯᠦᠭ ᠲᠦ᠍ ᠳᠡᠭᠡᠷᠡᠮᠳᠡᠭᠦᠯᠦᠭᠰᠡᠨ ᠴᠥᠮ ᠢ᠋ ᠬᠡᠯᠡᠨ᠎ᠡ᠃
ᠬᠥᠳᠡᠯᠭᠡᠭᠡ ᠦᠭᠡᠢ ᠲᠣᠭᠰᠢᠨ ᠴᠢᠷᠠᠢᠲᠠᠢ ᠵᠢᠭᠲᠡᠢ ᠬᠥᠮᠦᠨ᠂ ᠮᠦᠰᠥ᠋ᠺ ᠦ᠋ᠨ ᠦᠭᠡ ᠶ᠋ᠢ ᠰᠣᠨᠣᠰᠤᠭᠠᠳ ᠥᠭᠦᠯᠡᠬᠦ ᠳ᠋ᠡᠭᠡᠨ᠄
— ᠮᠢᠨᠦ ᠨᠡᠷ᠎ᠡ ᠵᠠᠭᠤᠲᠤ ᠶ᠋ᠢᠨ ᠳᠠᠷᠤᠭ᠎ᠠ ᠠᠷᠠᠫᠱᠠ᠂ ᠴᠢᠮᠠᠶ᠋ᠢ ᠪᠢ ᠲᠠᠨᠢᠨ᠎ᠠ᠃ ᠴᠢ ᠤᠷᠢᠳᠤ ᠪᠠᠶᠠᠨᠳ᠋ᠸᠷ ᠬᠠᠭᠠᠨ ᠤ᠋ ᠠᠳᠤᠭᠤᠴᠢ ᠪᠠᠢᠯ᠎ᠠ᠃ ᠪᠢ ᠴᠢᠮᠠᠶ᠋ᠢ ᠢᠳᠡᠭᠡᠨ ᠬᠠᠮᠲᠤ ᠠᠪᠴᠤ ᠣᠳᠰᠤᠭᠠᠢ᠃ ᠡᠨᠡ ᠬᠢᠷᠢ ᠴᠢᠮᠠᠶ᠋ᠢ ᠰᠣᠷᠢᠵᠤ ᠠᠭᠳᠠᠴᠢ ᠪᠣᠯᠭᠠᠨ ᠵᠢᠴᠢ ᠳᠠᠷᠠᠭ᠎ᠠ ᠮᠣᠷᠢ᠂ ᠵᠢᠳᠠ᠂ ᠰᠡᠯᠡᠮ᠎ᠡ ᠥᠭᠭᠦᠨ᠎ᠡ᠃ ᠵᠠᠬ᠎ᠠ ᠶ᠋ᠢᠨ ᠪᠠᠢᠭ᠎ᠠ ᠮᠣᠷᠢ ᠶ᠋ᠢ ᠣᠨᠣᠭᠲᠤᠨ᠃
ᠮᠦᠰᠥ᠋ᠺ᠂ ᠨᠢᠭᠡᠨ ᠬᠥᠮᠦᠨ ᠦ᠌ ᠮᠣᠷᠢᠨ ᠤ᠋ ᠬᠣᠨᠳᠣᠯᠠᠢ ᠳᠡᠭᠡᠷ᠎ᠡ ᠰᠤᠨᠳᠠᠯᠠᠵᠤ ᠪᠦᠰᠡ ᠡᠴᠡ ᠨᠢ ᠪᠠᠷᠢᠬᠤ ᠳ᠋ᠤ᠌ ᠮᠣᠷᠢ ᠲᠠᠢ ᠬᠥᠮᠦᠨ ᠴᠠᠰᠢ ᠳᠠᠪᠬᠢᠪᠠ᠃ ᠠᠷᠠᠢ ᠵᠣᠯ ᠵᠠᠶᠠᠭ᠎ᠠ ᠲᠠᠢ ᠰᠢᠨ᠎ᠡ ᠪᠡᠷ ᠠᠮᠢᠳᠤᠷᠠᠬᠤ ᠴᠠᠭ ᠪᠣᠯᠪᠠ ᠭᠡᠵᠦ ᠭᠣᠷᠢᠳᠠᠯᠠ᠃
ᠦᠰᠦᠭ ᠠᠮᠢᠯᠠᠭᠤᠯᠤᠭᠴᠢ᠄ ᠠᠯᠲᠠᠨᠴᠢᠮᠡᠭ᠂ ᠪᠠᠯ᠂ ᠠᠷᠢᠭᠤᠨ᠂ ᠬᠡᠷᠡᠢᠳ· ᠮᠥᠩᠬᠡᠨᠠᠰᠤᠨ
ᠬᠢᠨᠠᠭᠴᠢ᠄ ᠲ· ᠬᠦᠮᠦᠵᠢᠯᠲᠦ᠂ ᠠᠷᠢᠭᠤᠨ᠂ ᠠᠯᠲᠠᠨᠴᠢᠮᠡᠭ