ᠪᠠᠲᠤ ᠬᠠᠭᠠᠨ 2-03ᠬᠣᠴᠣᠷᠤᠭᠰᠠᠨ ᠬᠥᠮᠦᠨ ᠬᠣᠬᠢᠷᠠᠳᠠᠭ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ
ᠭᠤᠷᠪᠠ ᠬᠣᠴᠣᠷᠤᠭᠰᠠᠨ ᠬᠥᠮᠦᠨ ᠬᠣᠬᠢᠷᠠᠳᠠᠭ
《ᠨᠠᠳᠠᠳᠤ ᠣᠳᠣ ᠪᠤᠭᠤᠷᠤᠯ ᠠᠪᠤ᠂ ᠡᠮᠡᠭᠡᠨ ᠡᠵᠢ᠂ ᠭᠡᠷ ᠣᠷᠣᠨ ᠪᠠᠢᠬᠤ ᠦᠭᠡᠢ᠃ ᠠᠬ᠎ᠠ᠂ ᠡᠭᠡᠴᠢ᠂ ᠳᠡᠭᠦᠦ ᠨᠠᠷ ᠪᠠᠢᠬᠤ ᠦᠭᠡᠢ᠃ ᠴᠥᠮ ᠬᠤᠢ ᠳ᠋ᠤ᠌ ᠬᠡᠢᠰᠬᠦ ᠰᠦᠷᠡᠯ ᠠᠳᠠᠯᠢ ᠦᠭᠡᠢ ᠪᠣᠯᠵᠠᠢ᠃ ᠮᠢᠨᠦ ᠭᠠᠭᠴᠠ ᠬᠠᠨᠢ ᠭᠡᠪᠡᠯ ᠮᠠᠭᠤ ᠡᠮᠡᠭᠡᠯᠲᠡᠢ᠂ ᠪᠠᠶᠠᠨᠳᠧᠷ ᠬᠠᠭᠠᠨ ᠤ᠋ ᠮᠣᠷᠢ ᠦᠯᠡᠳᠡᠵᠡᠢ᠃ ᠪᠢ ᠬᠥᠳᠡᠭᠡ ᠲᠠᠯ᠎ᠠ ᠶ᠋ᠢᠨ ᠰᠠᠯᠬᠢᠨ ᠳ᠋ᠤ᠌ ᠰᠣᠬᠣᠷ ᠴᠢᠨᠣ᠎ᠠ ᠮᠡᠲᠦ ᠲᠠᠭᠤᠭᠳᠠᠵᠤ ᠪᠠᠢᠨ᠎ᠠ᠃ ᠶᠠᠮᠠᠷ ᠨᠢᠭᠡᠨ ᠴᠡᠷᠢᠭ ᠦ᠋ᠨ ᠪᠠᠭ ᠲᠤ᠌ ᠡᠯᠰᠡᠬᠦ ᠬᠡᠷᠡᠭᠲᠡᠢ ᠪᠠᠢᠨ᠎ᠠ᠃ ᠭᠡᠲᠡᠯ᠎ᠡ ᠨᠠᠮᠠᠶ᠋ᠢ ᠬᠡᠨ ᠴᠦ᠍ ᠠᠪᠬᠤ ᠪᠢᠯᠡ? ᠨᠠᠳᠠᠳᠤ ᠰᠡᠯᠡᠮ᠎ᠡ ᠵᠢᠳᠠ ᠠᠯᠢ ᠨᠢ ᠴᠦ᠍ ᠦᠭᠡᠢ᠂ ᠵᠥᠪᠬᠡᠨ ᠢᠷᠯᠡᠭᠰᠡᠨ ᠬᠤᠭᠤᠷᠬᠠᠢ ᠬᠢᠲᠤᠭ᠎ᠠ ᠠᠪᠴᠤ ᠭᠠᠷᠤᠯ᠎ᠠ᠃ ᠬᠥᠮᠦᠰ ᠴᠥᠮ ᠲᠤᠰ ᠲᠤᠰ ᠤ᠋ᠨ ᠢ᠋ᠶ᠋ᠠᠨ ᠣᠪᠣᠭ ᠠᠢᠮᠠᠭ ᠢ᠋ᠶ᠋ᠠᠷ ᠶᠠᠪᠤᠵᠤ᠂ ᠭᠠᠳᠠᠨ᠎ᠠ ᠶ᠋ᠢᠨ ᠬᠥᠮᠦᠨ ᠢ᠋ ᠴᠡᠷᠢᠭ ᠲᠡᠭᠡᠨ ᠶᠡᠷᠦ ᠣᠷᠣᠭᠤᠯᠳᠠᠭ ᠦᠭᠡᠢ᠃ ᠨᠠᠳᠠ ᠰᠢᠭ᠋ ᠪᠠᠢᠭ᠎ᠠ ᠨᠢ ᠭᠤᠢᠯᠢᠨᠴᠢᠨ᠂ ᠳᠡᠭᠡᠷᠡᠮᠴᠢᠨ᠂ ᠬᠡᠭᠡᠷ᠎ᠡ ᠶ᠋ᠢᠨ ᠬᠡᠷᠦᠮᠡᠯ ᠬᠥᠮᠦᠰ ᠪᠢᠵᠡ᠁
ᠶᠠᠮᠠᠷ ᠴᠥ᠍ ᠴᠡᠷᠢᠭ ᠨᠠᠮᠠᠶ᠋ᠢ ᠣᠯᠵᠠ ᠬᠠᠢᠭᠰᠠᠨ ᠮᠣᠷᠢᠨ ᠤ᠋ ᠬᠤᠯᠠᠭᠠᠢᠴᠢ ᠭᠡᠵᠦ ᠪᠤᠷᠤᠭᠤᠳᠬᠠᠵᠤ ᠮᠢᠨᠦ ᠬᠠᠷ᠎ᠠ ᠮᠣᠷᠢ᠂ ᠡᠮᠡᠭᠡᠯ᠂ ᠪᠤᠯᠢᠭᠠᠷᠢ ᠪᠣᠭᠴᠣ ᠶ᠋ᠢ ᠪᠤᠯᠢᠶᠠᠨ ᠠᠪᠴᠤ ᠴᠢᠳᠠᠨ᠎ᠠ᠁》
ᠮᠥᠰᠥ᠋ᠺ ᠬᠢᠵᠠᠭᠠᠷ ᠦᠭᠡᠢ ᠲᠠᠯ᠎ᠠ ᠶ᠋ᠢᠨ ᠳᠣᠪᠣᠴᠠᠭ ᠳᠡᠭᠡᠷ᠎ᠡ ᠭᠤᠨᠢᠬᠠᠷᠠᠨ ᠰᠠᠭᠤᠵᠤ ᠲᠡᠭᠡᠵᠦ ᠪᠣᠳᠣᠯ᠎ᠠ᠃ ᠳᠣᠣᠷᠠᠲᠤ ᠵᠢᠯᠠᠭ᠎ᠠ ᠳ᠋ᠤ᠌ ᠬᠠᠲᠠᠵᠤ ᠪᠠᠢᠭ᠎ᠠ ᠱᠠᠯᠪᠠᠭ ᠤ᠋ᠨ ᠳᠡᠷᠭᠡᠳᠡ ᠲᠤᠷᠠᠵᠤ ᠡᠴᠡᠭᠰᠡᠨ ᠬᠡᠭᠡᠷ ᠮᠣᠷᠢ ᠢᠳᠡᠰᠢᠯᠡᠵᠦ ᠪᠠᠢᠪᠠ᠃
ᠮᠥᠰᠥ᠋ᠺ ᠨᠡᠯᠢᠶᠡᠳ ᠬᠡᠳᠦᠨ ᠡᠳᠦᠷ ᠺᠢᠫᠴᠠᠺ ᠤ᠋ᠨ ᠲᠠᠯ᠎ᠠ ᠶ᠋ᠢᠨ ᠨᠤᠲᠤᠭ ᠢ᠋ᠶ᠋ᠠᠷ ᠬᠡᠰᠦᠵᠦ᠂ ᠴᠡᠷᠢᠭ ᠲᠡᠭᠡᠨ ᠣᠷᠣᠭᠤᠯᠬᠤ ᠶ᠋ᠢ ᠭᠤᠶᠤᠭᠰᠠᠨ᠂ ᠭᠡᠲᠡᠯ᠎ᠡ ᠶᠠᠷᠢᠬᠤ ᠴᠥ᠍ ᠬᠥᠮᠦᠨ ᠦᠯᠦ ᠣᠯᠳᠠᠪᠠ᠃《ᠪᠤᠯᠢᠶᠠᠨ ᠠᠪᠤᠭᠰᠠᠨ ᠲᠡᠢᠨ ᠦ᠌ ᠣᠯᠵᠠ ᠪᠠᠨ ᠴᠢᠮ᠎ᠠ ᠲᠠᠢ ᠬᠤᠪᠢᠶᠠᠬᠤ ᠭᠡᠵᠢ ᠤᠤ? ᠲᠡᠭᠡᠵᠦ ᠨᠣᠪᠰᠢᠷᠠᠬᠤ ᠳ᠋ᠤ᠌ ᠬᠡᠨ ᠴᠦ᠍ ᠳᠤᠷᠠᠯᠠᠬᠤ ᠠᠵᠢ᠃ ᠴᠢᠨᠦ ᠣᠪᠣᠭ᠂ ᠲᠥᠷᠥᠯ᠂ ᠨᠤᠲᠤᠭ ᠴᠢᠨᠢ ᠬᠠᠮᠢᠭ᠎ᠠ ᠪᠠᠢᠨ᠎ᠠ? ᠴᠢ ᠯᠠᠪ ᠨᠢᠭᠡ ᠰᠢᠪᠰᠢᠭ ᠲᠡᠢ ᠬᠡᠷᠡᠭ ᠲᠠᠷᠬᠠᠭᠠᠭᠠᠳ ᠡᠷᠭᠢᠵᠦ ᠨᠢᠭᠤᠷ ᠢ᠋ᠶ᠋ᠠᠨ ᠬᠠᠷᠠᠭᠤᠯᠵᠤ ᠴᠢᠳᠠᠬᠤ ᠦᠭᠡᠢ ᠶᠠᠪᠤᠭ᠎ᠠ ᠪᠢᠵᠡ?》ᠭᠡᠵᠡᠢ᠃
ᠨᠢᠭᠡᠨ ᠪᠠᠭᠤᠴᠠ ᠳ᠋ᠤ᠌ ᠲᠣᠬᠢᠶᠠᠯᠳᠤᠭᠰᠠᠨ ᠬᠠᠳ᠋ᠵᠢ ᠶ᠋ᠢᠨ ᠪᠣᠭᠣᠯᠲᠤ ᠪᠦᠬᠦᠢ ᠬᠤᠷᠠᠭᠠᠨ ᠮᠠᠯᠠᠭᠠᠢ ᠲᠠᠢ ᠲᠡᠷᠢᠭᠦᠯᠡᠭᠴᠢ ᠬᠥᠮᠦᠨ᠂ ᠴᠠᠭᠠᠨ ᠰᠡᠳᠬᠢᠯ ᠢ᠋ᠶ᠋ᠡᠷ ᠢᠨᠢᠶᠡᠵᠦ ᠡᠶᠡᠯᠳᠡᠭ ᠢ᠋ᠶ᠋ᠡᠷ ᠬᠡᠯᠡᠭᠰᠡᠨ ᠨᠢ᠄《ᠳ᠋ᠵᠢᠬᠠᠩᠭᠢᠷ ᠤ᠋ᠨ ᠴᠢᠩᠳᠠ ᠲᠤᠰᠢᠶᠠᠯ᠂ ᠠᠶᠠᠨ ᠲᠡᠢᠨ ᠳ᠋ᠦ᠍ ᠭᠠᠭᠴᠠᠬᠦ ᠮᠢᠩᠭ᠎ᠠ᠂ ᠵᠠᠭᠤ᠂ ᠠᠷᠪᠠ ᠪᠠᠷ ᠬᠤᠪᠢᠶᠠᠷᠢᠯᠠᠭᠰᠠᠨ ᠪᠦᠬᠦᠢᠯᠡ ᠣᠪᠣᠭᠲᠠᠨ ᠠᠢᠮᠠᠭ ᠢ᠋ᠶ᠋ᠠᠷ ᠡᠯᠰᠡᠵᠦ ᠵᠢᠭᠢᠲ ᠪᠦᠬᠦᠨ ᠰᠠᠢᠨ ᠮᠣᠷᠢᠲᠠᠢ᠂ ᠪᠦᠷᠢᠨ ᠪᠦᠲᠦᠨ ᠵᠡᠪᠰᠡᠭ ᠲᠡᠢ ᠪᠠᠢᠰᠤᠭᠠᠢ ᠭᠡᠰᠡᠨ ᠢ᠋ ᠴᠢ ᠮᠠᠭᠠᠳ ᠮᠡᠳᠡᠨ᠎ᠡ ᠪᠠᠢᠬ᠎ᠠ᠂ ᠡᠰᠡ ᠲᠡᠭᠡᠪᠡᠯ ᠠᠶᠠᠨ ᠲᠡᠢᠨ ᠦ᠌ ᠴᠡᠷᠢᠭ ᠪᠢᠰᠢ᠂ ᠬᠠᠷᠢᠭᠤᠯᠤᠭᠴᠢ ᠦᠭᠡᠢ ᠳᠥᠷᠪᠡ ᠪᠣᠯᠤᠨ᠎ᠠ᠁ ᠲᠡᠷᠡᠴᠢᠯᠡᠨ ᠪᠢᠳᠡ ᠲᠡᠨᠦᠮᠡᠯ ᠭᠠᠭᠴᠠ ᠡᠲᠡᠭᠡᠳ ᠢ᠋ ᠮᠣᠷᠢ ᠠ᠋ᠴᠠ ᠨᠢ ᠪᠠᠭᠤᠯᠭᠠᠭᠠᠳ ᠪᠠᠢᠴᠠᠭᠠᠨ ᠰᠢᠭᠦᠯ ᠦᠭᠡᠢ᠂ ᠵᠣᠳᠣᠵᠤ ᠵᠠᠨᠴᠢᠳᠠᠭ ᠢ᠋ ᠪᠠᠰᠠ ᠮᠡᠳᠡᠨ᠎ᠡ᠃ ᠲᠡᠢᠮᠦ ᠲᠤᠰᠢᠶᠠᠯ ᠢ᠋ ᠴᠢ ᠰᠣᠨᠣᠰᠤᠭᠰᠠᠨ ᠤᠤ? ᠭᠡᠪᠡᠴᠦ ᠪᠢ ᠴᠢᠮᠠᠶ᠋ᠢ ᠦᠷᠦ ᠡᠪᠡᠳᠴᠦ ᠪᠠᠢᠨ᠎ᠠ᠃ ᠬᠡᠷᠪᠡ ᠮᠠᠨ ᠤ᠋ ᠣᠪᠣᠭ ᠤ᠋ᠨ ᠬᠦᠢ᠂ ᠴᠢᠮᠠᠶ᠋ᠢ ᠬᠠᠷᠠᠵᠤ ᠡᠰᠡ ᠵᠠᠩᠳᠤᠷᠪᠠᠯ ᠪᠢ ᠴᠢᠮᠠᠶ᠋ᠢ ᠰᠤᠯᠠ ᠮᠣᠷᠢᠳ ᠢ᠋ ᠮᠠᠯᠯᠠᠬᠤ ᠠᠭᠲᠠᠴᠢ ᠪᠣᠯᠭᠠᠰᠤᠭᠠᠢ᠃ ᠪᠢ ᠲᠡᠭᠡᠭᠡᠳ ᠪᠠᠰᠠ ᠴᠥ᠍ ᠵᠡᠪᠰᠡᠭ ᠥᠭᠭᠦᠨ᠎ᠡ᠃ ᠦᠵᠡᠪᠡᠯ ᠴᠢᠮᠠᠲᠤ ᠵᠡᠪᠰᠡᠭ ᠪᠠᠢᠬᠤ ᠦᠭᠡᠢ ᠠᠵᠤᠭᠤ᠃ ᠬᠠᠷᠢᠨ ᠲᠡᠭᠦᠨ ᠦ᠌ ᠬᠠᠷᠢᠭᠤ ᠳ᠋ᠤ᠌ ᠴᠢ᠂ ᠨᠠᠳᠠᠳᠤ ᠮᠣᠷᠢ ᠪᠠᠨ ᠦᠭᠭᠦᠭᠳᠦᠨ᠃ ᠡᠮᠢᠶᠡᠬᠦ ᠬᠡᠷᠡᠭ ᠦᠭᠡᠢ᠂ ᠪᠢ ᠴᠢᠮᠠᠲᠤ ᠥᠭᠡᠷ᠎ᠡ ᠠᠷᠠᠢ ᠨᠣᠮᠣᠬᠠᠨ ᠮᠣᠷᠢ ᠥᠭᠰᠦᠭᠡᠢ᠃ ᠰᠡᠯᠡᠮ᠎ᠡ ᠶ᠋ᠢᠨ ᠦᠨ᠎ᠡ ᠳ᠋ᠦ᠍ ᠭᠤᠷᠪᠠᠨ ᠦᠬᠡᠷ᠂ ᠪᠠᠮᠪᠠᠢ ᠵᠢᠳᠠ ᠬᠣᠶᠠᠷ ᠤ᠋ᠨ ᠦᠨ᠎ᠡ ᠳ᠋ᠦ᠍ ᠭᠤᠷᠪᠠᠨ ᠦᠬᠡᠷ᠂ ᠪᠣᠯᠣᠳ ᠳᠤᠭᠤᠯᠠᠭ᠎ᠠ ᠶ᠋ᠢᠨ ᠦᠨ᠎ᠡ ᠳ᠋ᠦ᠍ ᠭᠤᠷᠪᠠᠨ ᠦᠬᠡᠷ᠂ ᠰᠠᠭᠠᠳᠠᠭ ᠤ᠋ᠨ ᠦᠨ᠎ᠡ ᠪᠠᠰᠠ ᠵᠢᠷᠭᠤᠭᠠᠨ ᠦᠬᠡᠷ᠂ ᠪᠦᠭᠦᠳᠡ ᠠᠷᠪᠠᠨ ᠲᠠᠪᠤᠨ ᠦᠬᠡᠷ ᠲᠠᠭᠤᠵᠤ ᠢᠷᠡᠭᠡᠷᠡᠢ᠃ ᠴᠢ ᠴᠢᠳᠠᠯ ᠲᠠᠢ ᠵᠢᠭᠢᠲ᠂ ᠠᠷᠪᠠ ᠭᠠᠷᠤᠢ ᠦᠬᠡᠷ ᠢ᠋ ᠲᠠᠭᠤᠵᠤ ᠢᠷᠡᠬᠦ ᠳ᠋ᠦ᠍ ᠶᠠᠭᠤᠨ ᠳ᠋ᠤ᠌ ᠵᠦᠳᠡᠷᠡᠬᠦ ᠠᠵᠢ ᠭᠡᠵᠡᠢ᠃ ᠮᠦᠰᠦᠢ᠍ᠺ ᠲᠣᠯᠣᠭᠠᠢ ᠪᠠᠨ ᠰᠠᠵᠢᠨ᠂
— ᠡᠨᠡ ᠲᠤᠬᠠᠢ ᠰᠠᠨᠠᠬᠤ ᠴᠤ᠌ ᠬᠡᠷᠡᠭ ᠦᠭᠡᠢ ᠭᠡᠬᠦ ᠳ᠋ᠦ᠍᠂
— ᠴᠢ ᠠᠶᠠᠨ ᠲᠡᠢᠨ ᠳ᠋ᠦ᠍ ᠭᠠᠭᠴᠠ ᠰᠡᠯᠡᠮ᠎ᠡ ᠲᠡᠢ ᠶᠠᠪᠤᠵᠤ ᠪᠣᠯᠤᠨ᠎ᠠ᠃ ᠪᠤᠰᠤᠳ ᠵᠡᠪᠰᠡᠭ ᠢ᠋ ᠬᠣᠵᠢᠮ ᠳᠠᠢᠰᠤᠨ ᠠ᠋ᠴᠠ ᠪᠤᠯᠢᠶᠠᠨ ᠠᠪᠤᠭᠲᠤᠨ᠃ᠲᠤᠯᠤᠯᠳᠤᠭᠠᠨ ᠳ᠋ᠤ᠌ ᠬᠠᠷᠢᠭᠤ ᠲᠥᠯᠥᠭᠡᠰᠦ ᠪᠠᠢᠳᠠᠭ ᠦᠭᠡᠢ ᠭᠡᠯᠡ᠃
ᠮᠦᠰᠦᠢ᠍ᠺ ᠬᠡᠲᠦᠷᠬᠡᠢ ᠪᠠᠶᠠᠰᠤᠭᠴᠢ ᠲᠡᠷᠢᠭᠦᠯᠡᠭᠴᠢ ᠡᠴᠡ ᠲᠦᠷᠭᠡᠨ᠎ᠡ ᠬᠣᠯᠠᠳᠠᠵᠤ᠂ ᠤᠷᠢᠳᠤ ᠬᠡᠪ ᠢ᠋ᠶ᠋ᠡᠷ ᠲᠠᠯ᠎ᠠ ᠬᠡᠭᠡᠷ᠎ᠡ ᠪᠡᠷ ᠲᠡᠨᠦᠭᠦᠴᠢᠯᠡᠵᠡᠢ᠃
ᠮᠠᠭᠤ ᠠᠵᠠᠲᠠᠨ ᠭᠠᠢ ᠪᠠᠷ ᠨᠡᠢᠯᠡᠳᠡᠭ᠃ ᠮᠦᠰᠦᠢ᠍ᠺ ᠠᠯᠤᠰ ᠡᠯᠡᠰᠦᠨ ᠮᠠᠩᠬᠠᠨ ᠤ᠋ ᠬᠣᠭᠣᠷᠣᠨᠳᠣ ᠳᠣᠯᠣᠭᠠᠨ ᠮᠣᠷᠢ ᠲᠠᠢ ᠬᠥᠮᠦᠨ ᠶᠠᠪᠤᠬᠤ ᠶ᠋ᠢ ᠬᠠᠷᠠᠪᠠ᠃ ᠠᠢ᠂ ᠶᠠᠮᠠᠷ ᠮᠣᠷᠢᠳ ᠪᠣᠢ?
ᠬᠥᠭᠰᠢᠨ ᠬᠠᠯᠴᠠᠷᠠᠭᠰᠠᠨ ᠠᠳᠠᠰᠬ᠎ᠠ ᠠᠵᠢ᠃ ᠶᠣᠰᠣᠲᠤ ᠮᠦᠰᠦᠢ᠍ᠯᠢᠮᠲᠡᠨ ᠡᠢᠮᠦ ᠠᠳᠤᠭᠤᠰᠤ ᠶ᠋ᠢ ᠠᠭᠲᠠ ᠮᠣᠷᠢ ᠭᠡᠳᠡᠭ ᠡᠷᠬᠢᠮ ᠨᠡᠷ᠎ᠡ ᠪᠡᠷ ᠨᠡᠷᠡᠯᠡᠬᠦ ᠴᠦ᠍ ᠦᠭᠡᠢ᠂ ᠲᠡᠳᠡᠨ ᠳ᠋ᠦ᠍ ᠪᠣᠯ ᠰᠦᠷᠡᠯ ᠬᠣᠭ ᠢ᠋ ᠵᠥᠭᠡᠭᠡᠬᠦ ᠠᠴᠢᠶᠠᠨ ᠤ᠋ ᠮᠠᠯ᠂ ᠶᠠᠰᠤᠨ ᠬᠡᠳᠡᠷᠭᠡ ᠪᠢᠯᠡ᠃
ᠲᠡᠳᠡ ᠮᠣᠷᠢ ᠲᠠᠢ ᠬᠥᠮᠦᠰ ᠢ᠋ ᠵᠡᠪᠰᠡᠭᠯᠡᠭᠰᠡᠨ ᠪᠥᠭᠡᠳ ᠬᠥᠮᠦᠨ ᠪᠦᠷᠢ ᠶ᠋ᠢᠨ ᠭᠠᠷ ᠲᠤ᠌ ᠨᠠᠷᠢᠨ ᠵᠢᠳᠠ ᠭᠤᠯᠵᠠᠯᠵᠠᠨ ᠪᠠᠢᠯ᠎ᠠ᠃ ᠡᠢᠮᠦ ᠠᠮᠢᠲᠠᠳ ᠲᠠᠢ ᠴᠦᠯ ᠲᠠᠯ᠎ᠠ ᠳ᠋ᠤ᠌ ᠤᠴᠠᠷᠠᠬᠤ ᠠᠶᠤᠯᠲᠠᠢ ᠬᠡᠷᠡᠭ᠃ ᠲᠡᠭᠡᠭᠡᠳ ᠮᠦᠰᠦᠢ᠍ᠺ ᠳᠣᠪᠣᠴᠠᠭ ᠠ᠋ᠴᠠ ᠪᠠᠭᠤᠨ ᠬᠡᠭᠡᠷ ᠮᠣᠷᠢᠨ ᠳ᠋ᠠᠭᠠᠨ ᠮᠣᠷᠳᠠᠭᠠᠳ ᠬᠠᠵᠠᠭᠤ ᠲᠡᠰᠢ ᠵᠠᠢᠯᠠᠨ ᠶᠠᠪᠤᠵᠠᠢ᠃
ᠲᠡᠨᠳᠡ ᠡᠴᠡ ᠡᠯᠡᠰᠦᠨ ᠮᠠᠩᠬ᠎ᠠ ᠶ᠋ᠢ ᠳᠠᠪᠠᠵᠤ ᠬᠠᠭᠠᠰ ᠲᠣᠭᠣᠷᠢᠭ ᠵᠠᠮ ᠢ᠋ᠶ᠋ᠠᠷ ᠲᠣᠭᠣᠷᠢᠭᠠᠳ ᠦᠵᠡᠲᠡᠯ᠎ᠡ᠂ ᠳᠣᠯᠣᠭᠠᠨ ᠮᠣᠷᠢᠲᠠᠨ ᠪᠠᠰᠠ ᠯᠠ ᠡᠮᠦᠨ᠎ᠡ ᠨᠢ ᠭᠠᠷᠴᠤ ᠢᠷᠡᠭᠡᠳ ᠨᠡᠩ ᠣᠢᠷᠠᠲᠤᠵᠠᠢ᠃ ᠲᠡᠭᠡᠭᠡᠳ ᠲᠡᠳᠡ ᠶᠠᠭᠤᠮ᠎ᠠ ᠪᠠᠷ ᠤᠷᠤᠯᠳᠤᠵᠤ᠂ᠨᠠᠢ᠍ᠮᠠᠳᠠᠬᠢ ᠬᠥᠮᠦᠨ ᠨᠢ ᠬᠥᠲᠥᠯ ᠳᠡᠭᠡᠷ᠎ᠡ ᠬᠠᠷᠠᠭᠤᠯ ᠬᠠᠷᠠᠨ ᠬᠡᠪᠲᠡᠵᠡᠢ᠃ ᠲᠡᠳᠡ ᠲᠡᠮᠡᠭᠡᠨ ᠦ᠌ ᠮᠢᠬᠠᠨ ᠳᠡᠭᠡᠷ᠎ᠡ ᠡᠴᠡ ᠪᠥᠬᠡ ᠶ᠋ᠢᠨ ᠬᠢᠲᠤᠭ᠎ᠠ ᠪᠠᠷᠢᠨ ᠠᠵᠢᠯᠯᠠᠵᠤ ᠨᠢᠭᠡᠨ ᠨᠢ ᠴᠢᠰᠤᠲᠠᠢ ᠭᠠᠷ ᠢ᠋ᠶ᠋ᠠᠷ ᠳᠠᠯᠠᠯᠤᠨ᠂
— ᠭᠠᠭᠴᠠ ᠴᠢᠨᠣ᠎ᠠ᠂ ᠵᠣᠷᠢᠭᠲᠤ ᠪᠦᠷᠭᠦᠳ᠂ ᠲᠠᠴᠢᠶᠠᠳᠠᠭᠰᠠᠨ ᠪᠠᠷᠰ ᠴᠢ ᠰᠣᠨᠣᠰ ! ᠪᠢᠳᠡᠨ ᠦ᠌ ᠬᠠᠮᠲᠤ ᠢᠳᠡᠯᠴᠡᠬᠦ ᠳᠤᠷᠠᠲᠠᠢ ᠤᠤ ? ᠭᠡᠪᠡ᠃
ᠮᠦᠰᠥ᠋ᠺ ᠬᠣᠶᠠᠷ ᠬᠣᠨᠣᠭ ᠶᠠᠭᠤ ᠴᠥ᠍ ᠢᠳᠡᠭᠡ ᠦᠭᠡᠢ᠂ ᠤᠳᠠᠲᠠᠯ᠎ᠠ ᠲᠦᠳᠡᠭᠡᠯᠵᠡᠭᠰᠡᠨ ᠦᠭᠡᠢ ᠮᠣᠷᠢ ᠪᠠᠨ ᠴᠢᠳᠥᠷᠯᠡᠭᠡᠳ ᠲᠡᠮᠡᠭᠡ ᠤᠷᠤᠭᠤ ᠣᠴᠢᠯ᠎ᠠ᠃ ᠨᠢᠭᠡᠨ ᠬᠥᠮᠦᠨ᠂
—ᠲᠣᠯᠣᠭᠠᠢ ᠶ᠋ᠢ ᠠᠪᠤᠭᠲᠤᠨ᠃ ᠪᠢᠳᠡ ᠴᠥᠮ ᠢ᠋ ᠠᠪᠴᠤ ᠴᠢᠳᠠᠬᠤ ᠦᠭᠡᠢ ᠭᠡᠬᠦ ᠳ᠋ᠦ᠍᠂ ᠮᠦᠰᠥ᠋ᠺ《ᠲᠡᠳᠡ ᠭᠤᠢᠯᠢᠨᠴᠢᠨ ᠮᠡᠲᠦ 》ᠭᠡᠵᠦ ᠰᠡᠳᠬᠢᠪᠡᠴᠦ ᠥᠯᠥᠰᠬᠦ ᠨᠢ ᠬᠡᠴᠡᠭᠦᠦ ᠪᠠᠢᠪᠠ᠃
— ᠬᠡᠨ ᠦ᠌ ᠲᠡᠮᠡᠭᠡ ᠪᠣᠢ?
— ᠡᠵᠡᠨ ᠨᠢ ᠬᠣᠯᠠ ᠪᠣᠢ! ᠴᠢᠮ᠎ᠠ ᠠ᠋ᠴᠠ ᠠᠰᠠᠭᠤᠬᠤ ᠦᠭᠡᠢ ᠭᠡᠪᠡ᠃
ᠥᠨᠳᠥᠷ ᠲᠤᠷᠠᠩᠬᠠᠢ ᠬᠢᠯᠢ ᠶ᠋ᠢᠨ ᠵᠢᠬᠢᠲ ᠬᠢᠲᠤᠭ᠎ᠠ ᠪᠠᠷ ᠬᠤᠷᠳᠤᠨ ᠣᠭᠲᠣᠴᠢᠨ ᠲᠡᠮᠡᠭᠡᠨ ᠦ᠌ ᠲᠣᠯᠣᠭᠠᠢ ᠶ᠋ᠢ ᠰᠠᠯᠭᠠᠵᠤ᠂
— ᠮᠠ ᠭᠡᠵᠦ ᠮᠦᠰᠥ᠋ᠺ ᠲᠦ᠍ ᠥᠭᠭᠦᠯ᠎ᠡ᠃
ᠮᠦᠰᠥ᠋ᠺ ᠲᠠᠯᠠᠷᠬᠠᠵᠤ᠂ ᠲᠡᠮᠡᠭᠡᠨ ᠦ᠌ ᠲᠣᠯᠣᠭᠠᠢ ᠶ᠋ᠢ ᠠᠯᠴᠢᠭᠤᠷ ᠲᠤ᠌ ᠪᠣᠭᠣᠪᠠ᠃
— ᠲᠠᠨᠠᠷ ᠠᠯᠢ ᠪᠠᠭ ᠤ᠋ᠨ ᠬᠥᠮᠦᠰ ᠪᠣᠢ ᠭᠡᠪᠡᠯ᠂
—ᠳᠡᠭᠡᠳᠦ ᠵᠣᠷᠢᠭᠲᠤ ᠪᠠᠭᠠᠲᠤᠷ ᠪᠠᠢ᠍ᠢ᠍᠊ — ᠮᠣᠷᠠᠲ ᠤ᠋ᠨ ᠴᠡᠷᠢᠭ ᠭᠡᠪᠡ᠃
— ᠲᠠᠨ ᠤ᠋ ᠪᠠᠭ ᠶᠡᠬᠡ ᠤᠤ ?ᠭᠡᠪᠡᠯ᠂
— ᠶᠡᠬᠡ ᠪᠢᠰᠢ ᠪᠣᠯᠪᠠᠴᠤ ᠪᠠᠭᠠᠲᠤᠷᠯᠢᠭ᠂ ᠬᠡᠷᠪᠡ ᠴᠢ ᠨᠡᠮᠡᠵᠦ ᠣᠷᠣᠪᠠᠯ ᠶᠢᠰᠦ ᠪᠣᠯᠤᠨ᠎ᠠ᠃ ᠡᠭᠡᠯᠢᠲᠡᠢ ᠲᠣᠭ᠎ᠠ ᠭᠡᠯᠡ᠃
— ᠳ᠋ᠵᠢᠬᠠᠩᠬᠢᠷ ᠤ᠋ᠨ ᠴᠡᠷᠢᠭ ᠲᠡᠢ ᠬᠠᠮᠲᠤ ᠶᠠᠪᠤᠬᠤ ᠤᠤ?
— ᠶᠠᠭᠤᠨ ᠳ᠋ᠤ᠌ ᠡᠰᠡ ᠶᠠᠪᠤᠬᠤ ᠪᠢᠯᠡ! ᠴᠢᠨᠠᠭᠰᠢᠳᠠ ᠴᠢᠨᠦ ᠠᠳᠠᠯᠢ ᠲᠡᠨᠦᠭᠦᠴᠢᠯᠡᠭᠴᠢᠳ ᠲᠦ᠍ ᠴᠥᠭᠡᠨ ᠦᠭᠡᠢ ᠲᠣᠬᠢᠶᠠᠯᠳᠤᠬᠤ ᠳ᠋ᠤ᠌ ᠪᠢᠳᠡ ᠪᠠᠢ᠍ᠢ᠊ — ᠮᠣᠷᠠᠲ ᠤ᠋ᠨ ᠨᠣᠭᠣᠭᠠᠨ ᠲᠤᠭ ᠤ᠋ᠨ ᠳᠣᠣᠷ᠎ᠠ ᠨᠢᠭᠡᠨ ᠪᠦᠲᠦᠨ ᠲᠦᠮᠡᠲᠦ ᠬᠤᠷᠠᠯᠳᠤᠭᠤᠯᠤᠨ᠎ᠠ᠃
ᠬᠥᠲᠥᠯ ᠳᠡᠭᠡᠷᠡᠬᠢ ᠬᠠᠷᠠᠭᠤᠯ ᠬᠠᠰᠬᠢᠷᠤᠨ᠂
— ᠠᠯᠤᠰ ᠲᠤ᠌ ᠬᠥᠮᠦᠨ ᠦᠵᠡᠭᠳᠡᠵᠦ ᠪᠠᠢᠨ᠎ᠠ᠃ ᠡᠵᠡᠨ ᠨᠢ ᠥᠯᠥᠰᠦᠭᠰᠡᠨ ᠵᠣᠴᠢᠳ ᠢ᠋ ᠠᠪᠴᠢᠷᠠᠵᠤ ᠪᠠᠢᠭ᠎ᠠ ᠪᠣᠯᠤᠯᠲᠠᠢ ᠭᠡᠪᠡ᠃ ᠪᠦᠭᠦᠳᠡᠭᠡᠷ ᠰᠠᠨᠳᠤᠷᠴᠤ᠂ ᠭᠠᠷ ᠤ᠋ᠨ ᠴᠢᠰᠤ ᠶ᠋ᠢ ᠡᠯᠡᠰᠦ ᠪᠡᠷ ᠠᠷᠴᠢᠭᠠᠳ᠂ ᠮᠣᠷᠢᠨ ᠳ᠋ᠠᠭᠠᠨ ᠮᠣᠷᠳᠠᠨ ᠶᠡᠬᠡ ᠵᠠᠮ ᠠ᠋ᠴᠠ ᠵᠠᠢᠯᠠᠵᠤ ᠴᠤᠪᠤᠭᠰᠠᠭᠠᠷ ᠶᠠᠭᠠᠷᠠᠨ ᠶᠠᠪᠤᠵᠠᠢ᠃
ᠬᠢᠯᠠᠷ ᠨᠢᠳᠦᠲᠦ ᠬᠥᠮᠦᠨ᠂ ᠮᠦᠰᠥ᠋ᠺ ᠲᠡᠢ ᠵᠡᠷᠭᠡᠴᠡᠨ᠂
— ᠪᠢᠳᠡᠨ ᠦ᠌ ᠬᠠᠮᠲᠤ ᠠᠮᠢ ᠵᠤᠯᠪᠠᠭᠲᠤᠨ᠂ ᠡᠵᠡᠨ ᠨᠢ ᠲᠡᠮᠡᠭᠡᠨ ᠦ᠌ ᠲᠣᠯᠣᠭᠠᠢ ᠶ᠋ᠢ ᠴᠢᠨᠦ ᠳᠡᠷᠭᠡᠳᠡ ᠡᠴᠡ ᠣᠯᠤᠭᠠᠳ᠂ ᠴᠢᠨᠦ ᠲᠣᠯᠣᠭᠠᠢ ᠶ᠋ᠢ ᠠᠪᠤᠨ᠎ᠠ᠃ ᠪᠢ ᠲᠤᠰ ᠪᠠᠭ ᠴᠡᠷᠢᠭ ᠦ᠋ᠨ ᠵᠠᠬᠢᠷᠤᠯ ᠪᠠᠭᠠᠲᠤᠷ ᠪᠠᠢ᠍ᠢ᠊ — ᠮᠣᠷᠠᠲ ᠪᠠᠢᠨ᠎ᠠ᠃ ᠴᠢᠮᠠᠶ᠋ᠢ ᠥᠪᠡᠷ ᠦ᠋ᠨ ᠲᠤᠰᠠᠯᠠᠬᠤ ᠪᠣᠯᠭᠠᠰᠤᠭᠠᠢ ᠭᠡᠪᠡ᠃
ᠮᠦᠰᠥ᠋ᠺ᠂《ᠳᠠᠭᠤᠳᠠᠭᠰᠠᠨ ᠬᠥᠮᠦᠨ ᠤᠷᠤᠭᠤ ᠣᠴᠢ 》ᠭᠡᠳᠡᠭ ᠺᠢᠫᠴᠠᠺ ᠤ᠋ᠨ ᠬᠠᠭᠤᠴᠢᠨ ᠦᠭᠡ ᠶ᠋ᠢ ᠰᠠᠨᠠᠵᠤ ᠪᠠᠢ᠍ᠢ᠊ — ᠮᠣᠷᠠᠲ ᠤ᠋ᠨ ᠬᠣᠢᠨ᠎ᠠ ᠠ᠋ᠴᠠ ᠶᠠᠪᠤᠪᠠ᠃ ᠲᠡᠳᠡ ᠲᠠᠯ᠎ᠠ ᠳᠡᠭᠡᠭᠦᠷ ᠤᠳᠠᠲᠠᠯ᠎ᠠ ᠡᠷᠭᠢᠯᠳᠦᠨ ᠲᠡᠨᠦᠵᠦ ᠶᠠᠪᠤᠭᠠᠳ᠂ ᠪᠠᠢ᠍ᠢ᠊ — ᠮᠣᠷᠠᠲ ᠢᠰᠬᠡᠷᠬᠦ ᠰᠠᠴᠠᠭᠤ ᠶᠠᠪᠤᠭᠤᠯ ᠤ᠋ᠨ ᠬᠥᠮᠦᠰ᠂ ᠮᠦᠰᠥ᠋ᠺ ᠦ᠋ᠨ ᠵᠦᠭ ᠡᠷᠭᠢᠵᠦ ᠨᠢᠭᠡᠨ ᠵᠡᠷᠭᠡ ᠳᠠᠭᠠᠷᠢᠵᠤ ᠮᠣᠷᠢᠨ ᠠ᠋ᠴᠠ ᠨᠢ ᠤᠨᠠᠭᠠᠪᠠ᠃ ᠭᠡᠨᠡᠳᠡᠭᠴᠢ ᠲᠡᠷᠡ ᠡᠯᠡᠰᠦᠨ ᠳᠡᠭᠡᠷ᠎ᠡ ᠬᠡᠪᠲᠡᠬᠦ ᠳ᠋ᠦ᠍ ᠬᠣᠶᠠᠷ ᠬᠥᠮᠦᠨ ᠴᠡᠭᠡᠵᠢ ᠶ᠋ᠢᠨ ᠬᠢᠨᠢ ᠲᠤᠰᠢᠶ᠎ᠠ ᠵᠢᠳᠠ ᠲᠤᠯᠭᠠᠭᠠᠳ᠂
— ᠲᠠᠨᠤᠮᠠᠯ᠂ ᠣᠷᠭᠤᠳᠤᠤᠯ ᠬᠥᠳᠡᠯᠦᠯ ᠦᠭᠡᠢ ᠬᠡᠪᠲᠡ! ᠠᠯᠠᠬᠤ ᠳ᠋ᠤ᠌ ᠵᠠᠯᠪᠠᠷᠢᠭᠲᠤᠨ ᠭᠡᠪᠡ᠃
ᠪᠠᠢ᠍ᠢ᠊ — ᠮᠣᠷᠠᠲ᠂ ᠪᠤᠯᠢᠶᠠᠭᠰᠠᠨ ᠬᠡᠭᠡᠷ ᠮᠣᠷᠢ ᠶ᠋ᠢ ᠰᠡᠯᠭᠦᠵᠦ ᠤᠨᠤᠭᠠᠳ ᠣᠷᠣᠨ ᠳ᠋ᠤᠨᠢ ᠥᠪᠡᠷ ᠦ᠋ᠨ ᠶᠠᠰᠤᠨ ᠬᠡᠳᠡᠷᠭᠡ ᠪᠡᠨ ᠣᠷᠬᠢᠬᠤ ᠪᠢᠯᠡ ᠤᠤ ?ᠭᠡᠰᠡᠨ ᠶᠠᠩᠵᠤ ᠲᠠᠢ ᠡᠷᠡᠭᠡᠯᠵᠡᠭᠰᠡᠨ ᠢ᠋ᠶ᠋ᠡᠨ ᠴᠤᠯᠪᠤᠭᠤᠷ ᠢ᠋ ᠰᠢᠭᠤᠳ ᠪᠦᠭᠥᠷᠭᠡᠨ ᠳ᠋ᠡᠭᠡᠨ ᠤᠶᠠᠪᠠ᠃ ᠮᠦᠰᠥ᠋ᠺ ᠬᠠᠰᠬᠢᠷᠤᠨ᠂
— ᠪᠠᠭᠠᠲᠤᠷ ᠪᠠᠢ᠍ᠢ᠊ —ᠮᠤᠷᠠᠲ !ᠴᠢ ᠨᠠᠮᠠᠶ᠋ᠢ ᠪᠠᠭ ᠴᠡᠷᠢᠭ ᠲᠡᠭᠡᠨ ᠠᠪᠤᠨ᠎ᠠ ᠭᠡᠰᠡᠨ ᠪᠢᠰᠢ ᠤᠤ? ᠬᠡᠯᠡᠭᠰᠡᠨ ᠦᠭᠡ ᠴᠢᠨᠢ ᠶᠠᠭᠠᠬᠢᠭᠰᠠᠨ ᠪᠣᠢ? ᠭᠡᠪᠡᠯ᠂
— ᠪᠢ ᠰᠠᠨᠠᠯ ᠢ᠋ᠶ᠋ᠠᠨ ᠥᠭᠡᠷᠡᠴᠢᠯᠡᠪᠡ᠂ ᠴᠢ ᠶᠠᠮᠠᠷ ᠬᠥᠮᠦᠨ ᠶᠤᠮ? ᠬᠡᠨ ᠮᠡᠳᠡᠨ᠎ᠡ? ᠪᠢᠳᠡᠨ ᠦ᠌ ᠴᠥᠮ ᠦ᠋ᠨ ᠬᠣᠭᠣᠯᠠᠢ ᠶ᠋ᠢ ᠰᠥᠨᠢ ᠣᠭᠲᠣᠯᠵᠤ ᠴᠥ᠍ ᠮᠠᠭᠠᠳ ᠦᠭᠡᠢ ᠭᠡᠪᠡ᠃
ᠮᠥᠰᠥ᠋ᠺ ᠴᠡᠭᠡᠵᠢᠨ ᠦ᠌ ᠳᠡᠭᠡᠷᠡᠬᠢ ᠵᠢᠳᠠ ᠶ᠋ᠢᠨ ᠦᠵᠦᠭᠦᠷ ᠢ᠋ ᠰᠠᠨᠠᠨ᠎ᠠ᠂ ᠮᠣᠷᠢ ᠲᠠᠢ ᠮᠢᠨᠢ ᠣᠷᠬᠢᠭᠲᠤᠨ! ᠭᠡᠳ ᠰᠠᠨᠠᠭ᠎ᠠ ᠠᠯᠳᠠᠪᠠ᠃
ᠪᠠᠢ᠍ᠢ᠌᠊ — ᠮᠤᠷᠠᠲ ᠭᠡᠨᠡᠳᠲᠡ ᠰᠠᠨᠳᠤᠷᠤᠨ᠂
— ᠲᠦᠷᠭᠡᠨ ᠶᠠᠪᠤᠵᠠᠭ᠎ᠠ! ᠭᠡᠵᠦ ᠬᠠᠰᠬᠢᠷᠪᠠ᠃
ᠮᠥᠰᠥ᠋ᠺ ᠬᠣᠯᠠᠳᠤᠨ ᠶᠠᠪᠤᠵᠤ ᠪᠠᠢᠭ᠎ᠠ ᠮᠣᠷᠢᠨ ᠤ᠋ ᠲᠤᠭᠤᠷᠠᠢ ᠶ᠋ᠢᠨ ᠴᠢᠮᠡᠭᠡ ᠶ᠋ᠢ ᠰᠣᠨᠣᠰᠴᠠᠢ᠂ ᠨᠢᠭᠤᠷ ᠢ᠋ ᠠᠯᠠᠭ᠎ᠠ ᠪᠠᠷ ᠢ᠋ᠶ᠋ᠠᠨ ᠪᠢᠲᠡᠭᠦᠯᠡᠨ᠂ ᠬᠥᠳᠡᠯᠦᠯ ᠦᠭᠡᠢ ᠬᠡᠪᠲᠡᠪᠡ᠃ ᠡᠷᠭᠢᠨ ᠲᠣᠭᠣᠷᠢᠭᠠᠳ ᠨᠢᠴᠦᠭᠦᠨ ᠪᠣᠢᠳᠠ ᠲᠠᠯ᠎ᠠ᠂ ᠲᠡᠨᠦᠮᠡᠯ ᠬᠤᠯᠠᠭᠠᠢ ᠶ᠋ᠢᠨ ᠪᠦᠯᠦᠭ ᠂ ᠥᠯᠥᠨ ᠠᠷᠢᠶᠠᠲᠠᠨ᠁ ᠲᠤᠰᠠᠯᠠᠮᠵᠢ ᠭᠣᠷᠢᠳᠠᠬᠤ ᠶᠠᠭᠤᠮ᠎ᠠ ᠦᠭᠡᠢ ᠪᠣᠯᠬᠤ ᠳ᠋ᠤ᠌᠂
— ᠵᠥᠪ ᠦᠢᠯᠡᠰ ᠲᠦ᠍ ᠡᠪᠦᠭᠡᠨ ᠭᠢᠽᠷ ᠨᠡᠰᠢ ᠢᠷᠡᠵᠦ ᠲᠤᠰᠠᠯᠠᠭᠠᠴᠢ! ᠠᠪᠤᠷᠠᠨ ᠠᠪᠤᠭᠲᠤᠨ! ᠴᠢᠮᠠᠲᠤ ᠲᠠᠷᠭᠤᠨ ᠬᠣᠨᠢ ᠭᠠᠷᠭᠠᠵᠤ ᠥᠭᠰᠦᠭᠡᠢ ! ᠭᠡᠵᠦ ᠳᠠᠭᠤᠳᠠᠪᠠ᠃
ᠦᠰᠦᠭ ᠠᠮᠢᠯᠠᠭᠤᠯᠤᠭᠴᠢ᠄ ᠪᠠᠯ᠂ ᠬᠡᠷᠡᠢᠳ· ᠮᠥᠩᠬᠡᠨᠠᠰᠤᠨ᠂ ᠪᠠᠶᠠᠨᠴᠡᠴᠡᠭ᠂ ᠠᠯᠲᠠᠨᠴᠢᠮᠡᠭ
ᠬᠢᠨᠠᠭᠴᠢ᠄ ᠲ·ᠬᠦᠮᠦᠵᠢᠯᠲᠦ᠂ ᠪᠠᠯ᠂ ᠠᠷᠢᠭᠤᠨ᠂ ᠠᠯᠲᠠᠨᠴᠢᠮᠡᠭ
