ᠪᠠᠲᠤ ᠬᠠᠭᠠᠨ 2-01ᠴᠡᠷᠢᠭ ᠮᠣᠷᠳᠠᠯ᠎ᠠ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 2-01ᠴᠡᠷᠢᠭ ᠮᠣᠷᠳᠠᠯ᠎ᠠ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ

ᠪᠠᠲᠤ ᠬᠠᠭᠠᠨ 2-01ᠴᠡᠷᠢᠭ ᠮᠣᠷᠳᠠᠯ᠎ᠠ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-09-16

120

ᠬᠣᠶᠠᠳᠤᠭᠠᠷ ᠪᠦᠯᠦᠭ ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ


          ᠁ ᠮᠣᠩᠭᠣᠯ ᠤ᠋ᠨ ᠳᠣᠪᠲᠣᠯᠭ᠎ᠠ ᠶ᠋ᠢ ᠠᠽᠢ ᠲᠢᠪ ᠦ᠋ᠨ ᠡᠮᠬᠢ ᠦᠭᠡᠢ ᠳᠡᠭᠡᠷᠡᠮᠴᠢᠨ ᠪᠦᠯᠦᠭ ᠦ᠋ᠨ ᠤᠴᠢᠷ ᠤᠳᠬ᠎ᠠ ᠦᠭᠡᠢ ᠲᠦᠷᠢᠨ ᠣᠷᠣᠭᠰᠠᠨ ᠶᠠᠪᠤᠳᠠᠯ ᠭᠡᠵᠦ ᠪᠣᠳᠣᠬᠤ ᠳᠡᠮᠡᠢ᠂ ᠲᠡᠷᠡ ᠪᠣᠯ ᠴᠡᠷᠢᠭ ᠦ᠋ᠨ ᠪᠠᠢᠭᠤᠯᠤᠯᠲᠠ ᠨᠢ ᠳᠠᠢᠰᠤᠨ ᠤ᠋ ᠴᠡᠷᠢᠭ ᠡᠴᠡ ᠶᠡᠬᠡ ᠯᠡ ᠢᠯᠡᠭᠦᠦ ᠪᠠᠢᠭᠰᠠᠨ ᠪᠥᠭᠡᠳ ᠭᠦᠨ᠎ᠡ ᠬᠢᠨᠠᠵᠤ ᠪᠣᠳᠣᠭᠰᠠᠨ ᠴᠡᠷᠢᠭ ᠦ᠋ᠨ ᠲᠠᠪᠰᠢᠯᠲᠠ ᠪᠢᠯᠡ᠃
                              (ᠨᠠᠫᠤᠯᠢᠶᠤᠨ)

         ᠨᠢᠭᠡ    ᠴᠡᠷᠢᠭ ᠮᠣᠷᠳᠠᠯ᠎ᠠ

      ᠡᠪᠦᠭᠡᠨ ᠨᠠᠽᠠᠷ— ᠺᠢᠶᠠᠷᠢᠽᠸᠺ᠂ ᠠᠵᠢᠷᠭᠠᠨ ᠲᠠᠬᠢᠶ᠎ᠠ ᠶ᠋ᠢ ᠤᠯᠠᠭᠠᠨ ᠸᠠᠳᠠᠩ ᠳ᠋ᠤ᠌ ᠪᠣᠭᠣᠵᠤ ᠮᠣᠩᠭᠣᠯ ᠤ᠋ᠨ ᠰᠢᠷᠦᠭᠦᠨ ᠵᠠᠩᠵᠤᠨ ᠤ᠋ ᠭᠡᠷ ᠲᠦ᠍ ᠠᠪᠴᠢᠷᠠᠨ ᠲᠠᠯᠪᠢᠭᠰᠠᠨ ᠡᠳᠦᠷ ᠡᠴᠡ ᠡᠬᠢᠯᠡᠨ ᠹᠠᠺᠢᠾ ᠬᠠᠳ᠌ᠵᠢ ᠷᠠᠾᠢᠮ ᠪᠣᠯ ᠥᠷᠥᠭᠡᠰᠦᠨ ᠨᠢᠳᠦᠲᠦ ᠤᠳᠤᠷᠢᠳᠤᠭᠴᠢ ᠰᠦᠪᠡᠭᠡᠲᠡᠢ ᠪᠠᠭᠠᠲᠤᠷ ᠤ᠋ᠨ ᠳ᠋ᠤ᠌ ᠪᠦᠷᠢᠨ᠎ᠡ ᠣᠯᠵᠠᠯᠠᠭᠳᠠᠮᠠᠯ ᠪᠠᠢᠳᠠᠯ ᠲᠠᠢ ᠪᠣᠯᠵᠠᠢ᠃ ᠰᠦᠪᠡᠭᠡᠳᠡᠢ ᠪᠠᠭᠠᠲᠤᠷ ᠨᠤᠯᠮᠤᠬᠤ ᠮᠡᠲᠦ ᠳᠣᠷᠭᠢᠨ ᠬᠡᠯᠡᠭᠰᠡᠨ ᠨᠢ᠄
      — ᠶᠡᠬᠡ ᠳ᠋ᠵᠢᠬᠠᠩᠬᠢᠷ ᠪᠠᠲᠤ ᠬᠠᠭᠠᠨ᠂ ᠡᠷᠳᠡᠮᠲᠡᠨ ᠪᠠᠭᠰᠢ ᠴᠢᠮᠠᠶ᠋ᠢ ᠬᠡᠵᠢᠶᠡᠳᠡ ᠳᠡᠷᠭᠡᠳᠡ ᠪᠡᠨ ᠪᠠᠢᠯᠭ᠎ᠠ ᠭᠡᠵᠦ ᠲᠤᠰᠢᠶᠠᠭᠰᠠᠨ᠃ ᠴᠢᠮᠠᠶ᠋ᠢ 
ᠭᠡᠷᠡᠯᠲᠦ ᠂ ᠳᠡᠯᠡᠬᠡᠢ ᠳ᠋ᠠᠬᠢᠨ ᠳ᠋ᠤ᠌ ᠳᠣᠪᠲᠣᠯᠬᠤ ᠠᠶᠠᠨ ᠲᠡᠢᠨ ᠢ᠋ ᠬᠢᠴᠢᠶᠡᠩᠭᠦᠢ᠂ ᠮᠠᠰᠢ ᠬᠢᠴᠢᠶᠡᠩᠭᠦᠢ ᠲᠣᠳᠣᠷᠬᠠᠢᠯᠠᠨ ᠪᠢᠴᠢᠭᠲᠦᠨ ᠭᠡᠯ᠎ᠡ᠃ ᠵᠠ! ᠴᠢᠮᠠᠲᠤ ᠴᠠᠭᠠᠰᠤ ᠪᠡᠬᠡ ᠡᠯᠪᠡᠭ ᠥᠭᠴᠦ ᠡᠳᠦᠷ ᠲᠦ᠍ ᠬᠣᠶᠠᠷ ᠤᠳᠠᠭ᠎ᠠ ᠲᠤᠲᠤᠷᠭ᠎ᠠ ᠠᠭᠰᠢᠮᠠᠯ ᠪᠠ ᠮᠢᠬ᠎ᠠ ᠢᠳᠡᠭᠦᠯ ᠭᠡᠪᠡ᠃ ᠴᠢᠮᠠᠲᠤ ᠪᠦᠭᠦᠳᠡ ᠶ᠋ᠢ ᠥᠭᠭᠦᠨ᠎ᠡ᠃ ᠮᠢᠨᠦ ᠦᠭᠡ ᠴᠠᠬᠢᠭᠤᠷ ᠮᠡᠲᠦ ᠬᠠᠲᠠᠭᠤ᠂ ᠡᠨᠡ ᠮᠡᠬᠡᠲᠡᠢ ᠡᠪᠦᠭᠡᠨ ᠴᠢᠮᠠᠶ᠋ᠢ ᠰᠤᠪᠢᠯᠠᠨ᠎ᠠ᠂ ᠴᠢᠮᠠᠶ᠋ᠢ ᠤᠷᠭᠤᠭᠤᠯᠬᠤ ᠦᠭᠡᠢ᠃ ᠵᠠ! ᠴᠢᠮᠠᠶ᠋ᠢ ᠰᠠᠮᠭᠠᠷᠳᠠᠭᠰᠠᠨ ᠳᠠᠭᠠᠭᠤᠯᠢ ᠮᠡᠲᠦ ᠡᠮᠨᠢᠭ ᠮᠣᠷᠢ ᠤᠨᠤᠨ ᠳᠠᠪᠬᠢᠭᠤᠯᠬᠤ ᠦᠭᠡᠢ᠂ ᠲᠤᠯᠤᠯᠳᠤᠬᠤ ᠦᠶ᠎ᠡ ᠳ᠋ᠦ᠍ ᠴᠢ ᠦᠵᠦᠭ ᠴᠠᠭᠠᠰᠤ ᠪᠠᠷ ᠤᠷᠤᠯᠳᠤᠵᠤ ᠰᠠᠭᠤᠨ᠎ᠠ᠃ ᠵᠠ! ᠴᠢ ᠲᠡᠩᠬᠡᠭᠡ ᠲᠡᠢ ᠲᠠᠩᠭᠤᠳ ᠲᠡᠮᠡᠭᠡ ᠪᠡᠷ ᠶᠠᠪᠤᠨ᠎ᠠ᠃ ᠲᠡᠭᠦᠨ ᠢ᠋ᠶ᠋ᠡᠷ ᠲᠠ ᠬᠣᠶᠠᠭᠤᠯᠠ ᠪᠠᠨ ᠮᠢᠨᠦ ᠬᠣᠢᠨ᠎ᠠ ᠠ᠋ᠴᠠ ᠳᠠᠭᠠᠬᠤ ᠪᠣᠯᠤᠨ᠎ᠠ᠃ ᠬᠡᠷᠪᠡ ᠡᠨᠡ ᠡᠷᠳᠡᠮᠲᠡᠨ ᠰᠤᠳᠤᠷ ᠴᠤ᠌ ᠪᠢᠴᠢᠬᠦ ᠶ᠋ᠢ ᠵᠠᠯᠬᠠᠭᠤᠷᠠᠬᠤ ᠪᠤᠶᠤ ᠵᠢᠭᠤᠲᠠᠵᠤ ᠤᠷᠭᠤᠬᠤ ᠭᠡᠪᠡᠯ ᠮᠢᠨᠦ ᠳᠠᠭᠠᠭᠤᠯᠢ ᠨᠤᠭᠤᠳ᠂ ᠲᠠᠬᠢᠶᠠᠨ ᠤ᠋ ᠡᠪᠦᠭᠡᠨ ᠴᠢᠮ᠎ᠠ ᠲᠠᠢ ᠶᠠᠷᠢᠯᠴᠠᠵᠤ᠂ ᠴᠢᠨᠦ ᠵᠢᠷᠠᠨ ᠵᠢᠯ ᠬᠤᠷᠠᠮᠳᠤᠭᠤᠯᠤᠭᠰᠠᠨ ᠲᠣᠭᠣᠰᠣ ᠶ᠋ᠢ ᠭᠦᠪᠢᠵᠦ ᠥᠭᠭᠦᠨ᠎ᠡ᠃ ᠪᠤᠤ ᠮᠠᠷᠭᠤᠴᠠᠯᠳᠤ᠂ ᠪᠢᠲᠡᠭᠡᠢ ᠬᠠᠷᠢᠭᠤᠴᠠ! ᠳ᠋ᠵᠢᠬᠠᠩᠬᠢᠷ ᠢᠩᠭᠢᠵᠦ ᠲᠤᠰᠢᠶᠠᠭᠰᠠᠨ ᠶᠣᠰᠣᠭᠠᠷ ᠪᠣᠯᠤᠨ᠎ᠠ᠃ ᠮᠥᠨ ᠡᠭᠦᠨ ᠡᠴᠡ ᠭᠠᠳᠠᠨ᠎ᠠ ᠡᠪᠦᠭᠡᠨ ᠴᠢᠮᠠᠶ᠋ᠢ᠂ ᠰᠡᠷᠢᠭᠡᠬᠦ ᠲᠠᠬᠢᠶᠠᠨ ᠤ᠋ ᠮᠠᠨᠠᠭᠠᠴᠢᠨ ᠢ᠋ᠶ᠋ᠠᠷ ᠲᠣᠮᠢᠯᠠᠰᠤᠭᠠᠢ᠂ ᠶᠠᠪᠤᠵᠤ ᠪᠣᠯᠤᠨ᠎ᠠ ᠭᠡᠵᠡᠢ᠃
      ᠲᠡᠭᠡᠭᠡᠳ ᠰᠦᠪᠡᠭᠡᠳᠡᠢ᠂ ᠹᠡᠺᠢᠾ ᠢ᠋ ᠮᠠᠷᠲᠠᠭᠰᠠᠨ ᠮᠡᠲᠦ ᠪᠤᠷᠤᠭᠤ ᠬᠠᠨᠳᠤᠵᠠᠢ᠃ ᠬᠣᠶᠠᠷ ᠮᠣᠩᠭᠣᠯ ᠬᠥᠮᠦᠨ ᠬᠠᠳ᠋ᠵᠢ ᠷᠠᠾᠢᠮ ᠢ᠋ ᠰᠤᠭᠤᠳᠠᠨ ᠬᠥᠲᠥᠯᠵᠦ᠂ ᠨᠢᠭᠡ ᠮᠠᠰᠢ ᠲᠣᠮᠣ ᠬᠠᠷ᠎ᠠ ᠪᠣᠷᠣ ᠲᠡᠮᠡᠭᠡᠨ ᠦ᠌ ᠳᠡᠷᠭᠡᠳᠡ ᠠᠪᠠᠴᠢᠯ᠎ᠠ᠃ ᠰᠡᠭᠰᠡᠭᠡᠷ ᠪᠦᠬᠦ ᠶ᠋ᠢᠨ ᠬᠢᠨᠢ ᠬᠣᠶᠠᠷ ᠬᠠᠵᠠᠭᠤ ᠳ᠋ᠤ᠌ ᠮᠣᠳᠣᠨ ᠱᠠᠲᠤ ᠲᠠᠢ ᠰᠦᠷᠡᠯ ᠬᠣᠮ ᠳᠡᠭᠡᠷ᠎ᠡ ᠣᠷᠢᠶᠠᠩᠭᠤ ᠪᠠᠷ ᠰᠦᠯᠵᠢᠭᠰᠡᠨ ᠨᠢᠵᠡᠭᠡᠳ ᠠᠷᠤᠭ ᠪᠠᠢᠪᠠ᠃ ᠲᠡᠮᠡᠭᠡ ᠪᠤᠢᠯᠠᠨ ᠡᠪᠦᠳᠦᠭ ᠳᠡᠭᠡᠷ᠎ᠡ ᠪᠡᠨ ᠰᠥᠬᠥᠷᠡᠬᠦ ᠳ᠋ᠦ᠍ ᠮᠣᠩᠭᠣᠯᠴᠤᠳ ᠬᠠᠳ᠋ᠵᠢ ᠷᠠᠾᠢᠮ ᠢ᠋ ᠠᠷᠤᠭ ᠳᠣᠲᠣᠷ᠎ᠠ ᠰᠠᠭᠤᠯᠭᠠᠵᠠᠢ᠃ ᠠᠷᠤᠭ ᠨᠢ ᠡᠷᠡᠦ ᠡᠪᠦᠳᠦᠭ ᠨᠡᠢᠯᠡᠬᠦ ᠪᠡᠷ ᠳᠠᠪᠴᠢᠭᠤ ᠶᠠᠭᠤᠮ᠎ᠠ ᠪᠠᠢᠪᠠ᠃
       ᠨᠠᠽᠠᠷ—ᠺᠢᠶᠡᠷᠢᠽᠧᠺ᠂ ᠨᠥᠭᠦᠭᠡ ᠲᠠᠯ᠎ᠠ ᠶ᠋ᠢᠨ ᠠᠷᠤᠭ ᠳᠣᠲᠣᠷ᠎ᠠ ᠣᠷᠣᠵᠤ᠂ ᠰᠡᠭᠦᠷᠡᠰᠦ ᠠᠯᠲᠠᠨ᠄《ᠪᠠᠢᠯᠳᠤᠭᠠᠨ ᠤ᠋ ᠮᠣᠷᠢ ᠤᠨᠤᠪᠠᠯ ᠨᠠᠳᠠᠳᠤ ᠳᠡᠭᠡᠷ᠎ᠡ ᠪᠠᠢᠭᠰᠠᠨ ᠪᠢᠯᠡ᠃ ᠡᠪᠦᠭᠡᠨ ᠴᠡᠷᠢᠭ ᠰᠠᠭᠰᠤ ᠳᠣᠲᠣᠷ᠎ᠠ ᠰᠠᠭᠤᠪᠠᠯ ᠲᠠᠭᠠᠷᠠᠨ᠎ᠠ ᠭᠡᠵᠢ ᠤᠤ? 》ᠭᠡᠵᠦ ᠳᠤᠷ᠎ᠠ ᠦᠭᠡᠢᠬᠡᠨ ᠬᠦᠩᠭᠢᠨᠡᠵᠦ ᠬᠡᠯᠡᠯ᠎ᠡ᠃
      ᠲᠡᠭᠡᠭᠡᠳ ᠠᠵᠢᠷᠭᠠᠨ ᠲᠠᠬᠢᠶ᠎ᠠ ᠪᠠᠨ ᠨᠣᠢᠲᠠᠨ ᠪᠠᠲ᠋ᠷᠠᠰᠢ ᠡᠪᠡᠰᠦ ᠪᠡᠷ ᠰᠦᠯᠵᠢᠨ ᠰᠠᠭᠰᠤᠨ ᠳ᠋ᠤ᠌ ᠰᠠᠢᠲᠤᠷ ᠤᠶᠠᠵᠠᠢ᠃ ᠲᠡᠮᠡᠭᠡ ᠶ᠋ᠢ ᠨᠢ ᠬᠠᠵᠠᠭᠤ ᠳᠠᠰᠢ ᠬᠥᠲᠥᠯᠦᠨ᠂ ᠭᠡᠷ  ᠪᠠᠷᠠᠭ᠎ᠠ ᠠᠴᠢᠭᠰᠠᠨ ᠪᠤᠰᠤᠳ ᠲᠡᠮᠡᠭᠡᠳ ᠦ᠋ᠨ ᠳᠡᠷᠭᠡᠳᠡ ᠬᠡᠪᠲᠡᠭᠦᠯᠬᠦ ᠳ᠋ᠦ᠍ ᠨᠠᠽᠠᠷ— ᠺᠢᠶᠠᠷᠢᠽᠸᠺ᠂ ᠪᠣᠳᠣᠯ ᠪᠣᠯᠤᠨ ᠰᠠᠭᠤᠭ᠎ᠠ ᠹᠠᠺᠢᠾ ᠲᠤ᠌ ᠰᠢᠪᠡᠨᠡᠨ᠂
      — ᠲᠠᠬᠢᠷ ᠬᠤᠯᠠᠭᠠᠢᠴᠢ ᠶ᠋ᠢᠨ ᠬᠡᠯᠡᠭᠰᠡᠨ ᠵᠦᠢᠯᠡᠰ ᠨᠢᠭᠡ ᠡᠴᠡ ᠪᠤᠰᠤᠳ ᠨᠢ ᠴᠥᠮ ᠪᠦᠲᠦᠨ᠎ᠡ᠃ ᠬᠣᠭᠣᠯᠠ ᠬᠦᠨᠡᠰᠦ ᠶ᠋ᠢ ᠪᠢᠳᠡ ᠥᠪᠡᠷᠰᠡᠳ ᠢ᠋ᠶ᠋ᠡᠨ ᠠᠷᠭᠠᠴᠠᠬᠤ ᠪᠣᠯᠤᠨ᠎ᠠ ᠪᠢᠵᠡ᠂ ᠦᠷᠭᠦᠯᠵᠢ ᠥᠯᠥᠰᠴᠦ ᠶᠠᠪᠤᠳᠠᠭ ᠮᠣᠩᠭᠣᠯᠴᠤᠳ ᠪᠢᠳᠡᠨ ᠳ᠋ᠦ᠍ ᠰᠢᠷᠬᠡᠭ ᠴᠦ᠍ ᠲᠤᠲᠤᠷᠭ᠎ᠠ ᠦᠭᠭᠦᠯ ᠦᠭᠡᠢ ᠥᠪᠡᠷᠰᠡᠳ ᠢ᠋ᠶ᠋ᠡᠨ ᠴᠢᠬᠢᠯᠡᠨ᠎ᠡ᠃ ᠰᠢᠷᠦᠭᠦᠨ ᠳᠠᠷᠤᠭ᠎ᠠ ᠶ᠋ᠢᠨ ᠲᠣᠭᠣᠭᠠᠴᠢ ᠲᠠᠢ ᠠᠭᠤᠯᠵᠠᠵᠤ ᠨᠥᠬᠥᠷᠯᠡᠬᠦ ᠶ᠋ᠢ ᠪᠤᠳᠤᠰᠤᠭᠠᠢ᠁ ᠲᠡᠭᠡᠪᠡᠯ ᠪᠢᠳᠡᠨ ᠳ᠋ᠦ᠍ ᠢᠳᠡᠬᠦ ᠶᠠᠭᠤᠮ᠎ᠠ ᠣᠯᠤᠨ᠎ᠠ ᠭᠡᠵᠡᠢ᠃
       ᠡᠪᠦᠭᠡᠨ ᠠᠷᠤᠭ ᠠ᠋ᠴᠠ ᠴᠤᠬᠤᠢᠭᠰᠠᠨ᠎ᠠ᠂ ᠳᠠᠬᠢᠨ ᠨᠢᠭᠤᠭᠳᠠᠯ᠎ᠠ᠃
       ᠬᠠᠳ᠋ᠵᠢ ᠷᠠᠾᠢᠮ᠂ ᠴᠡᠷᠢᠭ ᠦ᠋ᠨ ᠬᠦᠷᠢᠶᠡᠨ ᠦ᠌ ᠦᠢᠮᠡᠭᠡᠨ ᠱᠤᠤᠭᠢᠶᠠᠨ ᠢ᠋ ᠠᠵᠢᠭᠯᠠᠪᠠ᠃ ᠴᠡᠷᠢᠭ ᠦ᠋ᠳ ᠭᠦᠶᠦᠨ ᠬᠠᠰᠬᠢᠷᠤᠯᠳᠤᠵᠤ ᠪᠡᠶ᠎ᠡ ᠪᠡᠶ᠎ᠡ ᠪᠡᠨ ᠶᠠᠭᠠᠷᠠᠭᠤᠯᠵᠤ ᠪᠠᠢᠯ᠎ᠠ᠃ ᠰᠦᠪᠡᠭᠡᠲᠡᠢ ᠪᠠᠭᠠᠲᠤᠷ ᠮᠣᠷᠢ ᠪᠠᠨ ᠠᠪᠴᠢᠷᠠ ᠭᠡᠯ᠎ᠡ᠃ ᠺᠢᠫᠴᠠᠺ ᠪᠦᠰᠡᠭᠦᠢᠴᠦᠳ ᠬᠠᠩᠭᠢᠨᠠᠲᠠᠯ᠎ᠠ ᠳᠠᠭᠤᠯᠠᠨ ᠭᠡᠷ ᠢ᠋ ᠪᠠᠭᠤᠯᠭᠠᠵᠤ ᠢᠰᠡᠭᠡᠢ ᠶ᠋ᠢ ᠬᠤᠢᠯᠠᠨ ᠬᠠᠨ᠎ᠠ ᠶ᠋ᠢ ᠡᠪᠬᠡᠵᠦ᠂ ᠬᠦᠷᠡᠯ ᠲᠣᠭᠣᠭ᠎ᠠ ᠲᠡᠮᠦᠷ ᠲᠤᠯᠭ᠎ᠠ ᠠᠴᠢᠮᠠᠭ ᠤ᠋ᠳ ᠢ᠋ ᠲᠡᠮᠡᠭᠡᠨ ᠳ᠋ᠦ᠍ ᠠᠴᠢᠶᠠᠯᠠᠪᠠ᠃ ᠳᠠᠭᠠᠭᠤᠯᠢ ᠨᠠᠷ᠂ ᠭᠤᠯᠢᠷ ᠪᠤᠳᠠᠭ᠎ᠠ ᠲᠠᠢ ᠡᠷᠢᠶᠡᠨ ᠰᠢᠭᠤᠳᠠᠢ ᠴᠢᠷᠴᠦ ᠬᠣᠨᠢ ᠡᠪᠡᠷᠳᠡᠨ ᠬᠥᠲᠥᠯᠦᠭᠡᠳ᠂ ᠰᠤᠯᠠ ᠮᠣᠷᠢᠨ ᠳᠡᠭᠡᠷ᠎ᠡ ᠬᠡᠪᠢᠰ ᠱᠤᠤᠮᠠᠰᠠ ᠲᠠᠩᠨᠠᠨ ᠰᠤᠷ ᠢ᠋ᠶ᠋ᠠᠷ ᠲᠠᠲᠠᠵᠤ᠂ ᠲᠡᠭᠰᠢ ᠲᠠᠯᠠᠪᠠᠢ ᠳ᠋ᠤ᠌ ᠴᠤᠭᠯᠠᠷᠠᠭᠰᠠᠨ ᠴᠡᠷᠢᠭ ᠦ᠋ᠨ ᠵᠦᠭ ᠴᠣᠭᠭᠢᠵᠤ ᠨᠡᠢᠯᠡᠴᠢᠬᠡᠵᠡᠢ (ᠨᠡᠢᠯᠡᠵᠡᠭᠡᠵᠡᠢ )᠃
       ᠰᠦᠪᠡᠭᠡᠳᠡᠢ ᠪᠠᠭᠠᠲᠤᠷ ᠢᠷᠠᠭᠯᠠᠵᠤ ᠬᠠᠵᠠᠭᠠᠨᠠᠨ᠂ ᠰᠢᠲᠠᠨ ᠭᠦᠢᠴᠡᠵᠦ ᠪᠠᠢᠭ᠎ᠠ ᠲᠦᠳᠡᠭ ᠳᠡᠭᠡᠷ᠎ᠡ ᠣᠴᠢᠪᠠ᠃ ᠳᠡᠷᠭᠡᠳᠡ ᠳ᠋ᠦ᠍ᠨᠢ ᠨᠢᠭᠡ ᠬᠥᠭᠰᠢᠨ ᠪᠤᠭᠤᠷᠤᠯ ᠂ ᠬᠡᠳᠦᠨ ᠵᠠᠯᠠᠭᠤ ᠪᠥᠬᠡ ᠨᠠᠷ ᠢᠷᠡᠵᠦ᠂ ᠬᠡᠩᠭᠡᠷᠭᠡ ᠳᠡᠯᠡᠳᠦᠨ ᠬᠤᠩᠬ᠎ᠠ ᠬᠠᠩᠭᠢᠨᠠᠭᠤᠯᠵᠤ ᠰᠢᠪᠰᠢᠨ ᠳᠠᠭᠤᠳᠠᠬᠤ ᠳ᠋ᠤ᠌ ᠰᠦᠪᠡᠭᠡᠳᠡᠢ ᠪᠦᠯᠲᠡᠭᠡᠷ ᠨᠢᠳᠦ ᠪᠡᠷ ᠭᠠᠯ ᠤᠷᠤᠭᠤ ᠰᠢᠷᠲᠡᠵᠦ ᠬᠣᠣᠷᠲᠤ ᠰᠤᠮᠤ᠂ ᠮᠠᠭᠤ ᠨᠢᠳᠦᠨ ᠡᠴᠡ ᠵᠠᠢᠯᠠᠭᠤᠯᠬᠤ ᠤᠩᠰᠢᠯᠭ᠎ᠠ ᠶ᠋ᠢ ᠰᠢᠪᠡᠨᠡᠨ ᠤᠩᠰᠢᠪᠠ᠃ ᠰᠠᠯᠬᠢᠨ ᠳ᠋ᠤ᠌ ᠰᠠᠷᠠᠯ ᠤᠲᠤᠭ᠎ᠠ ᠡᠷᠭᠢᠯᠳᠦᠨ ᠣᠴᠢ ᠦᠰᠦᠷᠦᠭᠦᠯᠵᠦ ᠰᠦᠪᠡᠭᠡᠲᠡᠢ ᠶ᠋ᠢ ᠪᠦᠷᠬᠦᠪᠡ᠃
      ᠲᠣᠭᠣᠷᠢᠨ ᠰᠢᠬᠠᠴᠠᠯᠳᠤᠭᠰᠠᠨ ᠮᠣᠩᠭᠣᠯᠴᠤᠳ᠄《ᠰᠠᠢᠨ ᠢᠷᠣ᠎ᠠ ᠪᠣᠯᠪᠠ ! ᠤᠲᠤᠭ᠎ᠠ ᠭᠠᠢ ᠭᠠᠮᠰᠢᠭ ᠢ᠋ ᠠᠷᠢᠯᠭᠠᠵᠤ ᠠᠷᠢᠭᠤᠨ ᠣᠴᠢ ᠴᠣᠭ ᠵᠠᠯᠢ ᠶ᠋ᠢ ᠳᠡᠯᠭᠡᠷᠡᠭᠦᠯᠳᠡᠭ 》 ᠭᠡᠯᠴᠡᠯ᠎ᠡ᠃
      ᠤᠷᠤᠭᠤ ᠪᠠᠢᠳᠠᠯ ᠲᠠᠢ ᠪᠥᠭᠡᠳ ᠬᠥᠳᠡᠯᠦᠭᠡ ᠦᠭᠡᠢ ᠪᠥᠭᠲᠥᠷ ᠰᠦᠪᠡᠭᠡᠲᠡᠢ ᠭᠦᠨ᠎ᠡ ᠪᠣᠳᠣᠯᠭ᠎ᠠ ᠪᠣᠳᠣᠨ ᠢᠷᠡᠭᠡᠳᠦᠢ ᠶ᠋ᠢᠨ ᠲᠡᠢᠨ᠂ ᠠᠶᠤᠨ ᠳᠦᠷᠪᠡᠬᠦ ᠠᠮᠢᠲᠠᠳ᠂ ᠳᠡᠯᠡᠬᠡᠢ ᠳ᠋ᠠᠬᠢᠨ ᠢ᠋ ᠡᠵᠡᠯᠡᠬᠦ ᠥᠪᠡᠷ ᠦ᠋ᠨ ᠬᠥᠮᠦᠵᠢᠭᠴᠢ ᠪᠠᠲᠤ ᠬᠠᠭᠠᠨ ᠤ᠋ ᠪᠠᠢᠯᠳᠤᠭᠠᠨ ᠤ᠋ ᠳᠠᠭᠤᠷᠢᠰᠤᠯ ᠤ᠋ᠨ ᠮᠠᠨᠳᠤᠬᠤ ᠨᠠᠷᠠᠨ ᠢ᠋ ᠡᠮᠦᠨ᠎ᠡ ᠪᠡᠨ ᠦᠵᠡᠵᠦ ᠪᠠᠢᠭ᠎ᠠ ᠮᠡᠲᠦ ᠤᠳᠠᠲᠠᠯ᠎ᠠ ᠵᠣᠭᠰᠣᠵᠠᠢ᠃
      ᠭᠡᠲᠡᠯ᠎ᠡ ᠪᠠᠲᠤ ᠬᠠᠭᠠᠨ ᠭᠣᠶᠣᠮᠰᠣᠭ ᠴᠠᠭᠠᠨ ᠠᠵᠢᠷᠭ᠎ᠠ ᠤᠨᠤᠨ ᠢᠷᠡᠬᠦ ᠳ᠋ᠦ᠍ ᠠᠷᠤ ᠠ᠋ᠴᠠ ᠶᠢᠰᠦᠨ ᠰᠢᠳᠠᠷ ᠴᠡᠷᠢᠭ ᠭᠤᠷᠪᠠᠨ ᠡᠩᠨᠡᠭᠡ ᠪᠣᠯᠤᠨ ᠳᠠᠭᠠᠵᠠᠢ᠃ ᠲᠦᠷᠦᠭᠦᠨ ᠦ᠌ ᠬᠥᠮᠦᠨ ᠬᠤᠯᠤᠰᠤᠨ ᠡᠰᠢ ᠲᠡᠢ ᠨᠠᠷᠢᠨ ᠦᠵᠦᠭᠦᠷ ᠨᠢ ᠰᠠᠯᠬᠢᠨ ᠳ᠋ᠤ᠌ ᠳᠡᠷᠪᠡᠬᠦ ᠲᠠᠪᠤᠨ ᠥᠨᠴᠥᠭᠲᠦ ᠲᠤᠭ ᠪᠠᠷᠢᠨ ᠬᠡᠢᠰᠬᠡᠵᠡᠢ᠃ ᠲᠡᠷᠡ ᠲᠤᠭ ᠤ᠋ᠨ ᠳᠡᠭᠡᠷ᠎ᠡ ᠪᠣᠷᠣ ᠬᠠᠷᠴᠠᠭᠠᠢ᠂ ᠰᠠᠪᠠᠷ ᠲᠠᠭᠠᠨ ᠬᠠᠷ᠎ᠠ ᠬᠡᠷᠢᠶ᠎ᠡ ᠪᠠᠵᠠᠭᠰᠠᠨ ᠰᠠᠷᠠᠯ ᠰᠡᠷ ᠰᠢᠪᠠᠭᠤ ᠶ᠋ᠢ ᠲᠣᠷᠭ᠎ᠠ ᠪᠠᠷ ᠣᠶᠣᠵᠠᠢ᠃(ᠴᠢᠩᠭᠢᠰ ᠦ᠋ᠨ ᠡᠪᠦᠭᠡ ᠶᠠᠳᠠᠭᠤ ᠪᠣᠳᠤᠨᠴᠢᠷ᠂ ᠰᠤᠷᠭᠠᠭᠰᠠᠨ ᠭᠠᠭᠴᠠ ᠰᠡᠷ ᠢ᠋ᠶ᠋ᠡᠷ ᠢ᠋ᠶ᠋ᠡᠨ ᠠᠩ ᠬᠢᠵᠦ ᠠᠮᠢᠳᠤᠷᠠᠳᠠᠭ ᠪᠠᠢᠭᠰᠠᠨ ᠤᠴᠢᠷ ᠬᠠᠷ᠎ᠠ ᠬᠡᠷᠢᠶ᠎ᠡ ᠰᠢᠭᠦᠷᠦᠭᠰᠡᠨ ᠰᠠᠷᠠᠯ ᠰᠡᠷ ᠢ᠋ ᠴᠢᠩᠭᠢᠰ ᠬᠠᠭᠠᠨ ᠤ᠋ ᠤᠭᠰᠠᠭᠠᠨ ᠤ᠋ ᠰᠦᠯᠳᠡ ᠭᠡᠳᠡᠭ ᠪᠠᠢᠵᠠᠢ ᠃ ) ᠪᠠᠲᠤ ᠬᠠᠭᠠᠨ ᠮᠥᠩᠭᠥᠯᠢᠭ ᠴᠠᠬᠤᠯᠠᠢ ᠶ᠋ᠢᠨ ᠴᠠᠭᠠᠨ ᠥᠳᠥ ᠪᠡᠷ ᠴᠢᠮᠡᠭᠯᠡᠭᠰᠡᠨ ᠬᠥᠩᠭᠡᠨ ᠰᠠᠪᠢᠬᠢᠨ ᠳᠤᠭᠤᠯᠠᠭ᠎ᠠ ᠡᠮᠦᠰᠴᠡᠢ᠃ ᠰᠠᠬᠠᠯ ᠦᠭᠡᠢ ᠴᠢᠷᠠᠢ ᠨᠢ ᠭᠠᠩᠳᠠᠭᠰᠠᠨ᠂ ᠰᠠᠮᠪᠠᠭ᠎ᠠ ᠲᠠᠢ ᠬᠥᠳᠡᠯᠬᠦ ᠪᠢᠴᠢᠬᠠᠨ ᠬᠠᠷ᠎ᠠ ᠨᠢᠳᠦ ᠲᠡᠢ᠂ ᠮᠣᠯᠣᠷ ᠲᠣᠪᠴᠢ ᠲᠠᠢ ᠬᠥᠬᠡ ᠲᠣᠷᠭᠠᠨ ᠳᠡᠪᠡᠯ ᠡᠮᠦᠰᠦᠭᠡᠳ᠂ ᠲᠡᠮᠡᠦᠯᠦᠨ ᠲᠣᠭᠲᠠᠵᠤ ᠶᠠᠳᠠᠭᠴᠢ ᠮᠣᠷᠢᠨ ᠳᠡᠭᠡᠷ᠎ᠡ ᠲᠣᠭᠲᠠᠪᠤᠷᠢ ᠲᠠᠢ ᠰᠠᠭᠤᠵᠠᠢ᠃ ᠵᠡᠭᠦᠨ ᠭᠠᠷ ᠢ᠋ᠶ᠋ᠠᠷ ᠢ᠋ᠶ᠋ᠠᠨ ᠠᠯᠲᠠᠨ ᠲᠣᠪᠣᠷᠤᠤ ᠲᠠᠢ ᠵᠢᠯᠣᠭᠣ ᠶ᠋ᠢ ᠲᠠᠲᠠᠵᠤ᠂ ᠪᠠᠷᠠᠭᠤᠨ ᠭᠠᠷ ᠲᠠᠭᠠᠨ ᠪᠣᠭᠣᠨᠢᠬᠠᠨ ᠬᠠᠷ᠎ᠠ ᠲᠠᠰᠢᠭᠤᠷ ᠪᠠᠷᠢᠵᠠᠢ᠃
      — ᠪᠢ ᠪᠡᠯᠡᠬᠡᠨ ᠪᠠᠢᠨᠠᠮ ! ᠴᠡᠷᠢᠭ ᠪᠠᠢᠷᠢᠨ ᠠ᠋ᠴᠠ ᠬᠥᠳᠡᠯᠪᠡ ! ᠮᠢᠨᠦ ᠴᠡᠷᠢᠭ᠂ ᠡᠮᠢᠶᠡᠨ ᠴᠡᠴᠡᠷᠡᠬᠦ ᠣᠯᠠᠨ ᠣᠪᠣᠭᠲᠠᠨ ᠤᠷᠤᠭᠤ ᠳᠠᠭᠠᠷᠢᠨ ᠣᠷᠣᠬᠤ ᠶ᠋ᠢᠨ ᠲᠤᠯᠠ ᠢᠵᠢᠯ ᠮᠥᠷᠡᠨ ᠢ᠋ ( ᠳ᠋ᠦ᠍ ) ᠬᠦᠷᠬᠦ ᠪᠡᠷ ᠶᠠᠭᠠᠷᠠᠨ ᠮᠣᠷᠳᠠᠵᠤ ᠪᠠᠢᠬᠤ ᠶ᠋ᠢ ᠬᠠᠷᠠᠭᠲᠤᠨ !
      ᠪᠠᠲᠤ ᠬᠠᠭᠠᠨ ᠢᠩᠭᠢᠵᠦ ᠬᠡᠯᠡᠭᠡᠳ᠂ ᠲᠠᠰᠢᠭᠤᠷ ᠢ᠋ᠶ᠋ᠠᠷ ᠪᠠᠷᠠᠭᠤᠨ ᠲᠡᠰᠢ ᠵᠢᠭᠠᠪᠠ᠃ ᠬᠥᠲᠥᠯ ᠳᠡᠭᠡᠷ᠎ᠡ ᠡᠴᠡ ᠬᠠᠪᠲᠠᠭᠠᠢᠷᠠᠭᠰᠠᠨ ᠲᠡᠭᠰᠢ ᠭᠠᠵᠠᠷ ᠠᠯᠤᠰ ᠦᠵᠡᠭᠳᠡᠵᠦ᠂ ᠮᠣᠷᠢᠲᠤ ᠴᠡᠷᠢᠭ ᠵᠥᠷᠢᠭ ᠵᠠᠮ ᠪᠦᠷᠢ ᠪᠡᠷ ᠴᠤᠪᠤᠷᠠᠯᠳᠤᠨ ᠥᠷᠥᠨ᠎ᠡ ᠵᠦᠭ ᠲᠦ᠍ ᠬᠥᠳᠡᠯᠵᠡᠢ᠃
      ᠰᠦᠪᠡᠭᠡᠳᠠᠢ ᠳᠠᠪ ᠬᠢᠨ ᠪᠠᠲᠤ ᠬᠠᠭᠠᠨ ᠤᠷᠤᠭᠤ ᠡᠷᠭᠢᠵᠦ᠂ ᠢᠷᠠᠭᠯᠠᠨ ᠪᠥᠬᠥᠢᠵᠦ ᠴᠣᠬᠣᠷ ᠬᠤᠷᠤᠭᠤ ᠪᠠᠷ ᠢ᠋ᠶ᠋ᠠᠨ ᠭᠠᠵᠠᠷ ᠱᠦᠷᠭᠦᠭᠡᠪᠡ᠃
      — ᠪᠢ ᠬᠡᠳᠦᠢᠨ ᠪᠡᠯᠡᠬᠡᠨ ᠪᠣᠯᠪᠠ᠃ ᠡᠢᠮᠦ ᠴᠡᠷᠢᠭ ᠲᠡᠢ ᠲᠠᠨ ᠤ᠋ ᠶᠢᠷᠲᠢᠨᠴᠦ  ᠳ᠋ᠦ᠍ ᠪᠤᠭᠤᠢᠯᠢ ᠬᠠᠶᠠᠨ᠎ᠠ ᠭᠡᠭᠴᠢ ᠵᠥᠪ ᠦᠭᠡ! ᠭᠡᠯ᠎ᠡ᠃
      ᠰᠦᠪᠡᠭᠡᠳᠠᠢ ᠪᠠᠲᠤ ᠬᠠᠭᠠᠨ ᠤ᠋ ᠳᠡᠷᠭᠡᠳᠡ ᠲᠤᠯᠵᠤ ᠣᠴᠢᠭᠠᠳ ᠰᠢᠪᠡᠨᠡᠨ᠄ ᠨᠠᠳᠠ ᠠ᠋ᠴᠠ ᠨᠢᠭᠡ ᠠᠯᠬᠤᠮ ᠴᠤ᠌ ᠪᠤᠤ ᠬᠣᠯᠠᠳᠠᠭᠲᠤᠨ! ᠠᠶᠤᠯ ᠵᠠᠨᠤᠯ ᠥᠷᠥᠨ᠎ᠡ ᠡᠴᠡ ᠪᠢᠰᠢ ᠬᠠᠷᠢᠨ ᠡᠨᠳᠡ᠂ ᠲᠠᠨ ᠳ᠋ᠤ᠌ ᠨᠦᠬᠡ ᠮᠠᠯᠲᠠᠭᠰᠠᠨ᠂ ᠨᠠᠭᠠᠯᠢᠩᠬᠠᠢ ᠢᠨᠢᠶᠡᠭᠴᠢ ᠤᠷᠪᠠᠭᠴᠢᠳ ᠤ᠋ᠨ ᠳᠣᠲᠣᠷ᠎ᠠ ᠪᠣᠢ ᠶ᠋ᠢ ᠪᠤᠤ ᠮᠠᠷᠲᠠ!
      ᠪᠠᠲᠤ ᠬᠠᠭᠠᠨ ᠴᠢᠷᠠᠢ ᠪᠠᠨ ᠪᠠᠷᠤᠢᠯᠭᠠᠨ᠂ ᠠᠮᠠ ᠪᠠᠨ ᠮᠤᠷᠤᠢᠵᠤ ᠲᠠᠰᠢᠭᠤᠷ ᠢ᠋ᠶ᠋ᠠᠷ ᠰᠠᠪᠠᠴᠢᠪᠠ᠃
      — ᠲᠡᠳᠡ ᠬᠠᠰᠢᠷᠠᠯᠲᠠᠢ ᠪᠠᠢᠨ᠎ᠠ᠃ ᠪᠢᠳᠡ ᠢᠵᠢᠯ ᠮᠥᠷᠡᠨ ᠦ᠌ ᠴᠠᠭᠠᠳᠤᠬᠢ ᠺᠢᠫᠴᠠᠺ ᠤ᠋ᠨ ᠳᠠᠷᠠᠰᠤᠲᠤ ᠲᠠᠯ᠎ᠠ ᠬᠥᠨᠳᠡᠢ  ᠳ᠋ᠦ᠍ ᠤᠳᠠᠬᠤ ᠦᠭᠡᠢ ᠬᠦᠷᠬᠦ ᠪᠤᠶᠤ ᠬᠣᠩᠭᠣᠷ ᠰᠠᠯᠬᠢ ᠨᠠᠮᠠᠶ᠋ᠢ ᠡᠨᠡ ᠪᠦᠬᠦ ᠤᠷᠪᠠᠬᠤ ᠬᠠᠭᠤᠷᠮᠠᠭᠯᠠᠬᠤ ᠠᠲᠠᠭ᠎ᠠ ᠲᠡᠮᠡᠴᠡᠯ᠂ ᠵᠢᠰᠤᠷ ᠵᠠᠯᠢᠬᠠᠢ ᠪᠠᠷ ᠪᠤᠷᠲᠠᠬᠯᠠᠬᠳᠠᠬᠰᠠᠨ ᠭᠠᠵᠠᠷ ᠠ᠋ᠴᠠ ᠵᠠᠢᠯᠠᠭᠤᠯᠤᠨ᠎ᠠ ᠭᠡᠳ ᠨᠠᠮ ᠳᠠᠭᠤ ᠪᠠᠷ ᠴᠠᠰᠢ ᠬᠡᠯᠡᠬᠦ ᠳ᠋ᠡᠭᠡᠨ᠂
      — ᠪᠢ ᠡᠷᠭᠢᠵᠦ ᠬᠠᠷᠢᠯ ᠦᠭᠡᠢ ᠶᠠᠪᠤᠭᠠᠳ᠂ ᠡᠨᠳᠡ ᠶᠡᠷᠦ ᠪᠤᠴᠠᠵᠤ ᠢᠷᠡᠬᠦ ᠦᠭᠡᠢ᠂ ᠲᠡᠨᠳᠡᠬᠢ ᠶ᠋ᠢᠨ ᠤᠯᠤᠰ ᠤ᠋ᠳ ᠢ᠋ ᠳᠠᠭᠠᠭᠤᠯᠤᠨ ᠡᠵᠡᠯᠡᠵᠦ᠂ ᠤᠷᠢᠳᠤ ᠦᠵᠡᠭᠳᠡᠭᠡ ᠦᠭᠡᠢ ᠰᠢᠨ᠎ᠡ ᠭᠦᠷᠦᠨ ᠢ᠋ ᠲᠣᠭᠲᠠᠭᠠᠬᠤ ᠳ᠋ᠤ᠌ ᠬᠠᠷ᠎ᠠ ᠬᠣᠷᠣᠨ ᠤ᠋ ᠰᠠᠪᠠᠷ ᠬᠦᠷᠴᠦ ᠴᠢᠳᠠᠬᠤ ᠦᠭᠡᠢ! ᠭᠡᠬᠦ  ᠳ᠋ᠦ᠍ ᠰᠦᠪᠡᠭᠡᠳᠠᠢ᠂
      — ᠵᠠ᠂ ᠵᠠ ᠭᠡᠵᠦ ᠥᠭᠦᠯᠡᠵᠦ᠂ ᠣᠢᠷᠠᠯᠴᠠᠭ᠎ᠠ ᠵᠣᠭᠰᠣᠭᠰᠠᠨ ᠮᠣᠩᠭᠣᠯᠴᠤᠳ ᠤ᠋ᠨ ᠵᠦᠭ ᠭᠢᠯᠦᠢᠵᠦ ᠬᠠᠷᠠᠪᠠ᠃
      ᠪᠥᠬᠡ ᠨᠠᠷ᠂ ᠭᠠᠯ ᠳ᠋ᠤ᠌ ᠪᠥᠭᠡᠮ ᠬᠠᠭᠤᠷᠠᠢ ᠠᠭᠢ ᠬᠢᠬᠦ  ᠳ᠋ᠦ᠍ ᠰᠢᠷ᠎ᠠ ᠳᠥᠯᠥ ᠪᠠᠳᠠᠷᠠᠵᠤ ᠣᠴᠢ ᠪᠤᠵᠢᠭᠢᠨᠠᠪᠠ᠃
      ᠰᠥᠪᠡᠭᠡᠳᠠᠢ᠂ ᠪᠦᠳᠦᠭᠦᠨ ᠬᠥᠯ ᠲᠡᠢ ᠵᠢᠷᠣᠭ᠎ᠠ ᠬᠣᠯᠠ ᠮᠣᠷᠢ ᠤᠨᠤᠵᠤ ᠪᠠᠲᠤ ᠬᠠᠭᠠᠨ ᠤ᠋ ᠬᠣᠢᠨ᠎ᠠ ᠠ᠋ᠴᠠ ᠰᠢᠷᠦᠭᠦᠯᠡᠨ ᠴᠢᠷᠠᠢ ᠪᠠᠨ ᠪᠠᠷᠤᠢᠯᠭᠠᠨ ᠶᠠᠪᠤᠪᠠ᠃ ᠮᠣᠩᠭᠣᠯᠴᠤᠳ ᠮᠣᠷᠢᠨ ᠳ᠋ᠠᠭᠠᠨ ᠮᠣᠷᠳᠠᠵᠤ᠂ ᠰᠡᠭᠦᠯ ᠦ᠋ᠨ ᠲᠣᠭᠣᠭ᠎ᠠ ᠶ᠋ᠢ ᠲᠡᠩᠨᠡᠪᠡ᠃ ᠵᠢᠩ ᠦ᠋ᠨ ᠤᠷᠲᠤ ᠴᠣᠪᠣᠭᠣ ᠬᠥᠲᠥᠯ ᠳᠡᠭᠡᠷ᠎ᠡ ᠡᠴᠡ ᠪᠣᠷᠣ ᠡᠭᠦᠯᠡ ᠪᠠᠭᠰᠢᠷᠠᠨ ᠪᠠᠢᠭ᠎ᠠ ᠬᠠᠷᠢ ᠶ᠋ᠢᠨ ᠥᠷᠥᠨ᠎ᠡ ᠵᠦᠭ ᠲᠦ᠍ ᠴᠤᠪᠤᠪᠠ᠃

  ᠦᠰᠦᠭ ᠠᠮᠢᠯᠠᠭᠤᠯᠤᠭᠴᠢ᠄ ᠠᠯᠲᠠᠨᠴᠢᠮᠡᠭ᠂ ᠪᠠᠶᠠᠨᠴᠡᠴᠡᠭ᠂ ᠠᠷᠢᠭᠤᠨ᠂ ᠬᠡᠷᠡᠢᠳ· ᠮᠥᠩᠬᠡᠨᠠᠰᠤᠨ
  ᠬᠢᠨᠠᠭᠴᠢ᠄ ᠪᠠᠶᠠᠨᠴᠡᠴᠡᠭ᠂ ᠠᠷᠢᠭᠤᠨ᠂ ᠠᠯᠲᠠᠨᠴᠢᠮᠡᠭ᠂ ᠲ· ᠬᠦᠮᠦᠵᠢᠯᠲᠦ᠂ ᠪᠠᠯ