ᠪᠠᠲᠤ ᠬᠠᠭᠠᠨ 1-21ᠶᠡᠷᠦᠩᠬᠡᠢ ᠤᠳᠤᠷᠢᠳᠤᠭᠴᠢ ᠶ᠋ᠢᠨ ᠰᠣᠩᠭᠣᠭᠤᠯᠢ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 1-21ᠶᠡᠷᠦᠩᠬᠡᠢ ᠤᠳᠤᠷᠢᠳᠤᠭᠴᠢ ᠶ᠋ᠢᠨ ᠰᠣᠩᠭᠣᠭᠤᠯᠢ-Bat khaan Бат хаан-ᠷᠣᠮᠠᠨ

ᠪᠠᠲᠤ ᠬᠠᠭᠠᠨ 1-21ᠶᠡᠷᠦᠩᠬᠡᠢ ᠤᠳᠤᠷᠢᠳᠤᠭᠴᠢ ᠶ᠋ᠢᠨ ᠰᠣᠩᠭᠣᠭᠤᠯᠢ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-09-15

224

ᠬᠣᠷᠢᠨ ᠨᠢᠭᠡ ᠶᠡᠷᠦᠩᠬᠡᠢ ᠤᠳᠤᠷᠢᠳᠤᠭᠴᠢ ᠶ᠋ᠢᠨ ᠰᠣᠩᠭᠣᠭᠤᠯᠢ

       ᠳᠣᠷᠣᠨ᠎ᠠ ᠵᠦᠭ ᠲᠦ᠍ ᠬᠤᠷᠳᠤᠨ᠎ᠠ ᠲᠤᠶᠠᠭᠠᠷᠠᠨ᠂ ᠲᠡᠭᠷᠢ ᠶ᠋ᠢᠨ ᠬᠠᠶᠠᠭᠠᠨ ᠳ᠋ᠠᠬᠢ ᠠᠯᠲᠠᠨ ᠰᠠᠷᠠᠯ ᠵᠤᠷᠪᠤᠰ ᠬᠡᠰᠡᠭ ᠭᠠᠯ ᠤᠯᠠᠭᠠᠨ ᠪᠣᠯᠵᠤ᠂ ᠨᠠᠷᠠᠨ ᠤ᠋ ᠤᠯᠠᠭᠠᠨ ᠪᠥᠮᠪᠥᠭᠡ ᠣᠭᠲᠠᠷᠭᠤᠢ ᠶ᠋ᠢᠨ ᠬᠡᠪᠢᠰᠦᠨ ᠳᠡᠭᠡᠷ᠎ᠡ ᠦᠵᠡᠭᠳᠡᠮᠡᠭᠴᠡ ᠪᠠᠶᠠᠷ ᠤ᠋ᠨ ᠶᠣᠰᠣᠯᠠᠯ ᠡᠬᠢᠯᠡᠬᠦ ᠶ᠋ᠢ ᠵᠠᠷᠯᠠᠵᠤ ᠪᠠᠷᠭᠢᠶ᠎ᠠ ᠳᠠᠭᠤ ᠲᠠᠢ ᠤᠷᠲᠤ ᠪᠦᠷᠢᠶ᠎ᠡ ᠴᠤᠤᠷᠢᠶ᠎ᠠ ᠲᠠᠲᠠᠭᠤᠯᠤᠨ ᠳᠤᠤᠭᠠᠷᠪᠠ᠃
      ᠮᠣᠩᠭᠣᠯᠴᠤᠳ ᠴᠥᠮ ᠡᠷᠲᠡᠨ ᠦ᠌ ᠬᠥᠳᠡᠭᠡ ᠶ᠋ᠢᠨ ᠵᠠᠩᠰᠢᠯ ᠢ᠋ᠶ᠋ᠠᠷ ᠮᠠᠯᠠᠭᠠᠢ ᠶ᠋ᠢ ᠠᠪᠴᠤ ᠪᠦᠰᠡ ᠶ᠋ᠢ ᠬᠦᠵᠦᠭᠦᠨ ᠡᠴᠡ ᠪᠡᠨ ᠡᠯᠭᠦᠨ ᠤᠨᠵᠢᠭᠤᠯᠵᠤ᠂ ᠨᠠᠷᠠᠨ ᠳ᠋ᠤ᠌ ᠰᠥᠬᠥᠷᠡᠨ ᠮᠥᠷᠭᠥᠪᠡ᠃ ᠪᠥᠬᠡ ᠨᠠᠷ ᠬᠡᠩᠭᠡᠷᠭᠡ ᠳᠡᠯᠡᠳᠦᠨ᠂ ᠮᠥᠷᠭᠥᠯ ᠰᠢᠪᠰᠢᠯᠭᠡ ᠪᠡᠨ ᠬᠣᠭᠣᠯᠠᠢ ᠨᠡᠶ᠋ᠢᠯᠡᠭᠦᠯᠦᠯ ᠦᠭᠡᠢ ᠤᠩᠰᠢᠵᠤ᠂ ᠡᠭᠦᠯᠡᠨ ᠦ᠌ ᠴᠠᠭᠠᠳᠤᠬᠢ ᠲᠣᠭᠰᠢᠨ ᠰᠠᠬᠢᠭᠤᠯᠰᠤ ᠨᠢᠭᠦᠯᠡᠰᠦᠩᠭᠦᠢ ᠪᠡᠷ ᠲᠡᠳᠬᠦᠨ ᠂ ᠢᠷᠡᠬᠦ ᠠᠶᠠᠨ ᠲᠡᠢᠨ ᠳ᠋ᠦ᠍ ᠪᠦᠲᠦᠮᠵᠢ ᠲᠡᠢ ᠮᠡᠨᠳᠦ ᠰᠠᠢᠨ ᠶᠠᠪᠤᠵᠤ᠂ ᠴᠢᠭᠤᠯᠤᠭᠰᠠᠨ ᠬᠠᠭᠠᠨ ᠳ᠋ᠤ᠌ ᠰᠠᠷᠠᠭᠤᠯ ᠤᠬᠠᠭᠠᠨ ᠢ᠋ ᠲᠥᠷᠥᠭᠦᠯᠵᠦ᠂ ᠴᠢᠩᠭᠢᠰ ᠬᠠᠭᠠᠨ ᠤ᠋ ᠠᠴᠢ ᠨᠠᠷ ᠠ᠋ᠴᠠ ᠬᠠᠮᠤᠭ ᠤ᠋ᠨ ᠪᠣᠳᠣᠯᠭ᠎ᠠ ᠲᠠᠢ ᠵᠣᠯ ᠵᠠᠶᠠᠭ᠎ᠠ ᠲᠠᠢ ᠶ᠋ᠢ ᠰᠣᠩᠭᠣᠭᠤᠯᠲᠤᠭᠠᠢ ᠭᠡᠵᠦ ᠭᠤᠶᠤᠵᠠᠢ᠃
      ᠲᠡᠷᠡ ᠪᠣᠯ ᠴᠢᠩᠭᠢᠰ ᠦ᠋ᠨ ᠮᠣᠷᠢᠨ ᠤ᠋ ᠵᠢᠯᠣᠭᠣ ᠶ᠋ᠢ ᠬᠦᠴᠦᠲᠡᠢ ᠭᠠᠷ ᠢ᠋ᠶ᠋ᠠᠷ ᠠᠳᠬᠤᠨ᠂ ᠳᠡᠯᠡᠬᠡᠢ ᠳ᠋ᠠᠬᠢᠨ ᠢ᠋ ᠡᠵᠡᠯᠡᠨ ᠳᠠᠭᠠᠭᠤᠯᠬᠤ ᠴᠡᠷᠢᠭ ᠢ᠋ ᠤᠳᠤᠷᠢᠳᠬᠤ ᠠᠵᠢ᠃
      ᠴᠤᠯᠤ ᠠᠯᠲᠠᠨ ᠰᠢᠷᠡᠭᠡᠨ ᠦ᠌ ᠪᠠᠷᠠᠭᠤᠨ ᠡᠲᠡᠭᠡᠳ ᠲᠦ᠍ ᠵᠠᠯᠠᠭᠤ ᠬᠥᠶᠦᠭ ᠬᠠᠭᠠᠨ ᠲᠦᠷᠦᠭᠦᠯᠡᠨ ᠰᠠᠭᠤᠵᠤ᠂ ᠴᠦᠮᠪᠥᠭᠡᠷ ᠤᠷᠤᠭᠤᠯ ᠢ᠋ᠶ᠋ᠠᠷ ᠢ᠋ᠶ᠋ᠠᠨ ᠪᠠᠬᠠᠲᠠᠢ ᠪᠡᠶᠡᠰᠦᠨ ᠢᠨᠢᠶᠡᠮᠰᠦᠭᠯᠡᠵᠡᠢ᠃ ᠶᠡᠬᠡ ᠬᠠᠭᠠᠨ ᠤ᠋ ᠬᠥᠪᠡᠭᠦᠨ᠂ ᠮᠣᠩᠭᠣᠯ ᠤ᠋ᠨ ᠡᠵᠡᠳ ᠦ᠋ᠨ ᠠᠯᠲᠠᠨ ᠰᠢᠷᠡᠭᠡ ᠶ᠋ᠢ ᠵᠠᠯᠭᠠᠮᠵᠢᠯᠠᠭᠴᠢ ᠲᠡᠷᠡ᠂ ᠳ᠋ᠵᠢᠬᠠᠩᠭᠢᠷ ᠡᠰᠡ ᠪᠣᠯᠤᠭᠠᠳ ᠥᠭᠡᠷ᠎ᠡ ᠬᠡᠨ ᠪᠣᠯᠬᠤ ᠪᠣᠢ! ᠬᠦᠨᠳᠦᠳᠬᠡᠨ ᠢᠨᠢᠶᠡᠮᠰᠦᠭᠯᠡᠬᠦ ᠪᠠᠢᠳᠠᠯ ᠢ᠋ ᠭᠠᠷᠭᠠᠬᠤ ᠬᠥᠳᠡᠯᠭᠡᠭᠡ ᠦᠭᠡᠢ ᠳᠣᠭᠰᠢᠨ ᠰᠢᠷ᠎ᠠ ᠨᠢᠭᠤᠷ ᠤ᠋ᠨ ᠢ᠋ᠶ᠋ᠠᠨ ᠴᠠᠭᠠᠨ᠎ᠠ ᠰᠠᠨᠠᠯ ᠪᠣᠳᠣᠯᠭ᠎ᠠ ᠶ᠋ᠢ ᠳᠠᠯᠳᠠᠯᠠᠬᠤ ᠪᠤᠰᠤᠳ ᠬᠠᠭᠠᠳ ᠢ᠋ ᠠᠮᠤᠷ ᠦᠭᠡᠢ ᠴᠢᠷᠠᠢ ᠪᠠᠷ ᠬᠠᠷᠠᠪᠠ᠃
      ᠭᠦᠶᠦᠭ ᠬᠠᠭᠠᠨ᠂ ᠪᠠᠲᠤ ᠬᠠᠭᠠᠨ ᠤ᠋ ᠦᠭᠡᠢ ᠳ᠋ᠦ᠍ ᠳᠣᠲᠣᠷ᠎ᠠ ᠲᠦᠭᠰᠢᠨ ᠪᠠᠢᠨ ᠪᠠᠢᠨ ᠡᠷᠭᠢᠵᠦ ᠦᠵᠡᠭᠡᠳ ᠣᠭᠲᠣ ᠬᠠᠷᠠᠭᠳᠠᠬᠤ ᠦᠭᠡᠢ᠂ ᠭᠠᠭᠴᠠᠬᠦ ᠤᠷᠲᠤ ᠱᠸᠢ᠌ᠪᠠᠨᠢ ᠲᠠᠩᠭᠤᠳ ᠭᠤᠷᠪᠠᠨ ᠳᠡᠭᠦᠦ ᠨᠢ ᠴᠢᠷᠠᠢ ᠪᠠᠨ ᠪᠠᠷᠤᠢᠯᠭᠠᠵᠤ ᠰᠡᠷᠡᠮᠵᠢᠯᠡᠨ᠂ ᠵᠠᠢᠳᠠᠭᠤ ᠪᠥᠭᠡᠨᠡᠷᠡᠵᠦ ᠰᠠᠭᠤᠵᠠᠢ᠃
      ᠪᠥᠬᠡ ᠨᠠᠷ ᠤ᠋ᠨ ᠬᠠᠰᠬᠢᠷᠬᠤ ᠣᠷᠢᠯᠠᠬᠤ ᠨᠢ ᠡᠷᠡᠰ ᠨᠠᠮᠵᠢᠬᠤ ᠳ᠋ᠤ᠌ ᠭᠦᠶᠦᠭ ᠬᠠᠭᠠᠨ ᠪᠡᠶ᠎ᠡ ᠪᠡᠨ ᠬᠠᠮᠤᠭ ᠤ᠋ᠨ ᠬᠦᠨᠳᠦᠲᠡᠢ ᠳ᠋ᠦ᠍ ᠲᠣᠭᠠᠴᠢᠨ ᠦᠭᠡ ᠬᠡᠯᠡᠬᠦ ᠭᠡᠵᠦ ᠪᠣᠰᠲᠠᠯ᠎ᠠ ᠪᠠᠷᠭᠢᠷ᠎ᠠ ᠪᠦᠷᠢᠶ᠎ᠡ ᠳᠠᠬᠢᠨ ᠳᠦᠩᠭᠢᠨᠡᠬᠦ ᠳ᠋ᠦ᠍ ᠬᠡᠪᠢᠰᠦᠨ ᠳᠡᠭᠡᠷ᠎ᠡ ᠰᠠᠭᠤᠵᠠᠢ᠃
      ᠲᠡᠭᠡᠬᠦ ᠳ᠋ᠦ᠍ ᠰᠥᠪᠡᠭᠡᠳᠡᠢ ᠪᠠᠭᠠᠲᠤᠷ ᠤ᠋ᠨ ᠬᠠᠮᠲᠤ ᠲᠡᠭᠦᠨ ᠦ᠌ ᠲᠠᠩᠨᠠᠭᠤᠯ ᠤ᠋ᠨ ᠲᠦᠷᠦᠭᠦᠦ᠂ ᠪᠠᠭ ᠴᠡᠷᠢᠭ ᠦ᠋ᠨ ᠵᠠᠬᠢᠷᠤᠯ ᠢ᠋ᠶ᠋ᠠᠷ ᠪᠠᠢᠯᠳᠤᠵᠤ ᠶᠠᠪᠤᠭᠰᠠᠨ ᠠᠯᠳᠠᠷᠲᠤ ᠵᠡᠪᠡ ᠨᠣᠶᠠᠨ ᠪᠣᠰᠪᠠ᠃ ᠥᠷᠭᠡᠨ ᠴᠡᠭᠡᠵᠢ ᠲᠡᠢ᠂ ᠲᠡᠩᠬᠡᠭᠡ ᠲᠡᠢ᠂ ᠰᠢᠢᠳᠮᠡᠭᠡᠢ ᠵᠣᠷᠢᠭ ᠢ᠋ᠶ᠋ᠠᠷ《ᠵᠡᠪᠡ 》ᠭᠡᠵᠦ ᠠᠯᠳᠠᠷᠰᠢᠭᠰᠠᠨ ᠲᠡᠷᠡ ᠴᠢᠩᠭᠢᠰ ᠬᠠᠭᠠᠨ ᠤ᠋ ᠳᠤᠷᠠᠲᠠᠢ ᠥᠭᠦᠯᠡᠳᠡᠭ᠂ ᠮᠥᠨ ᠲᠤᠰᠢᠶᠠᠯ ᠵᠠᠷᠯᠢᠭ ᠢ᠋ ᠵᠠᠷᠯᠠᠬᠤ ᠶ᠋ᠢᠨ ᠡᠮᠦᠨ᠎ᠡ ᠬᠡᠯᠡᠬᠦ ᠵᠤᠷᠰᠢᠯ ᠲᠠᠢ ᠦᠭᠡᠰ ᠢ᠋ ᠪᠦᠳᠦᠭᠦᠨ ᠳᠠᠭᠤ ᠪᠠᠷ ᠬᠠᠰᠬᠢᠷᠤᠨ ᠬᠡᠯᠡᠭᠰᠡᠨ ᠨᠢ᠄
      — ᠠᠮᠢ ᠬᠠᠷᠠᠵᠤ ᠳᠠᠭᠠᠷᠢᠬᠤ ᠱᠣᠩᠬᠣᠷ ᠠᠳᠠᠯᠢ᠂ ᠳᠡᠢᠯᠦᠭᠳᠡᠰᠢ ᠦᠭᠡᠢ ᠴᠡᠷᠢᠭ ᠲᠠᠨᠠᠷ ᠰᠣᠨᠣᠰᠴᠠᠭ᠎ᠠ! ᠡᠵᠡᠨ ᠬᠠᠭᠠᠨ ᠤ᠋ ᠲᠢᠲᠢᠮ ᠳᠡᠭᠡᠷᠡᠬᠢ ᠡᠷᠳᠡᠨᠢ ᠶ᠋ᠢᠨ ᠠᠯᠮᠠᠰ ᠮᠡᠲᠦ ᠴᠡᠷᠢᠭ ᠲᠠᠨᠠᠷ ᠰᠣᠨᠣᠰᠴᠠᠭ᠎ᠠ! ᠴᠢᠯᠠᠭᠤ ᠪᠠᠷ ᠪᠤᠰᠬᠠᠭᠰᠠᠨ ᠥᠨᠳᠥᠷ ᠣᠪᠣᠭ᠎ᠠ ᠮᠡᠲᠦ ᠨᠢᠭᠡᠳᠦᠯᠲᠡᠢ ᠴᠡᠷᠢᠭ ᠦ᠋ᠳ ᠠ᠋!
ᠨᠢᠭᠡ ᠨᠢᠭᠡᠨ ᠦ᠌ ᠳᠡᠷᠭᠡᠳᠡ ᠨᠢᠭᠲᠠ ᠡᠩᠨᠡᠨ ᠵᠢᠭᠰᠠᠭᠰᠠᠨ ᠮᠡᠲᠦ ᠪᠠᠭᠠᠲᠤᠷ ᠤ᠋ᠳ ᠰᠣᠨᠣᠰᠴᠠᠭ᠎ᠠ! ᠪᠣᠭᠳᠠ ᠡᠵᠡᠨ ᠴᠢᠩᠭᠢᠰ ᠦ᠋ᠨ ᠵᠠᠷᠯᠢᠭ ᠢ᠋ ᠳᠠᠭᠠᠭᠲᠤᠨ! ᠭᠠᠭᠴᠠ ᠲᠡᠭᠦᠨ ᠦ᠌ ᠦᠭᠡ ᠮᠡᠷᠭᠡᠨ᠂ ᠭᠠᠭᠴᠠ ᠲᠡᠭᠦᠨ ᠦ᠌ ᠠᠴᠢ ᠪᠠᠷ ᠲᠠᠢᠯᠵᠤ᠂ ᠭᠠᠭᠴᠠᠬᠠᠨ ᠲᠡᠭᠦᠨ ᠦ᠌ ᠲᠤᠰᠢᠶᠠᠯ ᠢ᠋ᠶ᠋ᠠᠷ ᠶᠠᠪᠤᠵᠤ ᠲᠠᠨᠠᠷ ᠪᠠᠶᠠᠯᠢᠭ ᠬᠥᠷᠥᠩᠭᠡ᠂ ᠣᠯᠠᠨ ᠮᠢᠩᠭᠠᠨ ᠮᠠᠯ ᠰᠦᠷᠦᠭ᠂ ᠪᠠᠭᠤᠷᠠᠰᠢ ᠦᠭᠡᠢ ᠭᠠᠪᠢᠶ᠎ᠠ ᠳᠠᠭᠤᠷᠢᠰᠤᠯ ᠢ᠋ ᠣᠯᠤᠨ᠎ᠠ! ᠭᠡᠪᠡ᠃
      — ᠪᠣᠭᠳᠠ ᠡᠵᠡᠨ ᠦ᠌ ᠵᠠᠷᠯᠢᠭ ᠢ᠋ ᠰᠣᠨᠣᠰᠤᠭᠲᠤᠨ! ᠪᠢᠰᠢᠷᠡᠨ ᠴᠡᠴᠡᠷᠡᠨ ᠰᠣᠨᠣᠰᠤᠭᠲᠤᠨ! ᠭᠡᠪᠡ᠃
      ᠪᠦᠭᠦᠳᠡᠭᠡᠷ ᠢ᠋ᠶ᠋ᠡᠨ ᠭᠠᠷ ᠢ᠋ᠶ᠋ᠠᠷ ᠲᠤᠯᠤᠨ ᠰᠥᠭᠥᠳᠴᠦ ᠲᠣᠯᠣᠭᠠᠢ ᠡᠷᠭᠦᠨ ᠶᠠᠭᠤ ᠬᠡᠯᠡᠬᠦ ᠶ᠋ᠢ ᠴᠢᠩᠨᠠᠵᠠᠢ᠃
      ᠰᠥᠪᠡᠭᠡᠳᠡᠢ ᠪᠠᠭᠠᠲᠤᠷ ᠲᠤ᠌ ᠬᠠᠩᠭᠢᠨᠠᠮ᠎ᠠ ᠳᠠᠭᠤ ᠪᠠᠷ ᠢ᠋ᠶ᠋ᠠᠨ ᠰᠢᠯᠢᠭᠳᠡᠭᠰᠡᠨ ᠳᠥᠷᠪᠡᠨ ᠴᠠᠭᠠᠨ ᠮᠠᠯᠠᠭᠠᠢ ᠲᠠᠢ ᠮᠦᠰᠦᠢ᠍ᠯᠢᠮ ᠤᠢᠭᠤᠷ ᠳᠥᠷᠪᠡᠨ ᠪᠢᠴᠢᠭᠴᠢ ᠣᠪᠣᠭᠠᠨ ᠤ᠋ ᠳᠥᠷᠪᠡᠨ ᠡᠲᠡᠭᠡᠳ ᠲᠦ᠍ ᠵᠣᠭᠰᠣᠵᠤ᠂ ᠭᠠᠷ ᠲᠠᠭᠠᠨ ᠫᠸᠷᠭᠠᠮᠸᠨ᠋ᠲ ᠪᠢᠴᠢᠭ ᠪᠠᠷᠢᠵᠤ ᠪᠡᠶ᠎ᠡ ᠪᠡᠶ᠎ᠡ ᠡᠴᠡ ᠪᠡᠨ ᠢᠯᠡᠭᠦᠦ ᠳᠤᠤᠭᠠᠷᠬᠤ ᠶ᠋ᠢ ᠡᠷᠡᠮᠡᠯᠵᠡᠨ ᠨᠢᠭᠡ ᠵᠡᠷᠭᠡ ᠤᠩᠰᠢᠭᠰᠠᠨ ᠨᠢ᠄
      — ᠳᠡᠢᠯᠦᠭᠳᠡᠰᠢ ᠦᠭᠡᠢ ᠴᠡᠷᠢᠭ ᠦ᠋ᠨ ᠡᠷᠡᠰ ᠰᠣᠨᠣᠰᠴᠠᠭ᠎ᠠ! ᠠᠷᠪᠠᠨ ᠵᠢᠯ ᠦ᠋ᠨ ᠡᠮᠦᠨ᠎ᠡ ᠶᠡᠬᠡ ᠪᠣᠭᠳᠠ ᠴᠢᠩᠭᠢᠰ ᠦ᠋ᠨ ᠵᠠᠷᠯᠢᠭ ᠪᠠᠭᠤᠯᠭᠠᠭᠰᠠᠨ ᠨᠢ᠂ ᠲᠡᠭᠦᠨ ᠦ᠌ ᠭᠡᠷᠢᠶᠡᠰ ᠵᠠᠷᠯᠢᠭ ᠲᠤ᠌ ᠪᠢᠴᠢᠭᠳᠡᠭᠰᠡᠨ ᠦᠭᠡᠰ ᠨᠢ᠄《ᠪᠢᠳᠡ ᠠᠬᠠᠮᠠᠳ ᠬᠥᠪᠡᠭᠦᠨ ᠵᠥᠴᠢ ᠶ᠋ᠢ ᠬᠠᠭᠠᠨ ᠰᠢᠷᠡᠭᠡᠨ ᠳ᠋ᠦ᠍ ᠰᠠᠭᠤᠯᠭᠠᠵᠤ᠂ ᠥᠷᠥᠨ᠎ᠡ ᠵᠦᠭ ᠦ᠋ᠨ ᠤᠯᠤᠰ ᠤ᠋ᠳ ᠢ᠋ ᠵᠠᠬᠢᠷᠤᠭᠤᠯᠪᠠ᠃ ᠪᠢᠳᠡ ᠳᠡᠢᠯᠦᠭᠳᠡᠰᠢ ᠦᠭᠡᠢ ᠮᠣᠩᠭᠣᠯ ᠴᠡᠷᠢᠭ ᠦ᠋ᠳ ᠢ᠋ ᠠᠪᠴᠤ᠂ ᠨᠠᠷᠠᠨ ᠰᠢᠩᠭᠡᠬᠦ ᠵᠦᠭ ᠲᠦ᠍ ᠴᠠᠰᠢ ᠶᠠᠪᠤᠰᠤᠭᠠᠢ ᠭᠡᠵᠦ ᠲᠡᠭᠦᠨ ᠳ᠋ᠦ᠍ ᠵᠠᠬᠢᠭᠰᠠᠨ᠁ ᠪᠢᠳᠡ ᠳᠡᠯᠡᠬᠡ ᠳ᠋ᠠᠬᠢᠨ ᠢ᠋ ᠡᠵᠡᠯᠡᠬᠦ ᠪᠡᠷ ᠡᠴᠦᠰ ᠦ᠋ᠨ ᠳᠠᠯᠠᠢ ᠬᠦᠷᠲᠡᠯ᠎ᠡ ᠮᠣᠩᠭᠣᠯ ᠮᠣᠷᠢᠨ ᠤ᠋ ᠲᠤᠭᠤᠷᠠᠢ ᠭᠢᠰᠬᠢᠵᠦ ᠴᠢᠳᠠᠬᠤ ᠭᠠᠵᠠᠷ ᠢ᠋ ᠬᠦᠷᠲᠡᠯ᠎ᠡ ᠣᠳᠰᠤᠭᠠᠢ ᠭᠡᠵᠦ ᠲᠡᠭᠦᠨ ᠳ᠋ᠦ᠍ ᠵᠠᠬᠢᠭᠰᠠᠨ᠃ ᠭᠡᠲᠡᠯ᠎ᠡ ᠪᠣᠷᠣᠭᠠᠨ ᠲᠠᠢ ᠡᠳᠦᠷ ᠮᠢᠷᠠᠬᠤ ᠪᠠᠷ ᠨᠣᠬᠠᠢ ᠮᠡᠲᠦ ᠨᠢᠭᠤᠴᠠ ᠳᠠᠢᠰᠤᠨ᠂ ᠮᠢᠨᠦ ᠳᠡᠢᠯᠦᠭᠳᠡᠰᠢ ᠦᠭᠡᠢ ᠬᠥᠪᠡᠭᠦᠨ ᠢ᠋ ᠬᠢᠳᠤᠵᠤ ᠪᠠᠭᠠᠲᠤᠷ ᠵᠥᠴᠢ ᠬᠠᠭᠠᠨ ᠢ᠋ ᠰᠠᠯᠬᠢᠨ ᠳ᠋ᠤ᠌ ᠬᠡᠢᠰᠬᠡᠬᠦ ᠲᠣᠭᠣᠰᠣ ᠪᠣᠯᠭᠠᠨ᠎ᠠ (ᠪᠣᠯᠭᠠᠯ᠎ᠠ ) ᠃ ᠮᠢᠨᠦ ᠪᠠᠷᠠᠭᠤᠨ ᠵᠡᠭᠦᠨ ᠭᠠᠷ᠂ ᠪᠠᠭᠠᠲᠤᠷ ᠨᠣᠶᠠᠳ ᠲᠠ ᠨᠠᠷ ᠰᠣᠨᠣᠰᠤᠭᠲᠤᠨ! ᠪᠢᠳᠡ ᠳᠣᠷᠣᠨ᠎ᠠ ᠵᠦᠭ ᠲᠦ᠍ ᠬᠥᠳᠡᠯᠬᠦ ᠮᠣᠩᠭᠣᠯ ᠴᠡᠷᠢᠭ ᠦ᠋ᠨ ᠵᠠᠬᠢᠷᠤᠯ ᠳ᠋ᠤ᠌ ᠵᠥᠴᠢ ᠶ᠋ᠢᠨ ᠬᠥᠪᠡᠭᠦᠨ᠂ ᠮᠢᠨᠦ ᠵᠣᠷᠢᠭᠲᠤ ᠰᠢᠳᠤᠷᠭᠤ ᠠᠴᠢ ᠪᠠᠲᠤ ᠬᠠᠭᠠᠨ ᠢ᠋ ᠲᠣᠮᠢᠯᠠᠰᠤᠭᠠᠢ᠃ ᠲᠡᠷᠡ ᠤᠯᠠᠮ ᠴᠠᠰᠢ ᠳᠠᠢᠯᠠᠵᠤ ᠳᠠᠭᠠᠭᠤᠯᠤᠨ᠂ ᠮᠢᠨᠦ ᠪᠠᠢᠭᠤᠯᠤᠨ ᠲᠣᠭᠲᠠᠭᠠᠭᠰᠠᠨ ᠮᠣᠩᠭᠣᠯ ᠤᠯᠤᠰ ᠤ᠋ᠨ ᠠᠯᠳᠠᠷ ᠰᠦᠷ ᠢ᠋ ᠮᠠᠨᠳᠤᠭᠤᠯᠤᠨ᠎ᠠ᠃ ᠲᠡᠢᠮᠦ ᠶ᠋ᠢᠨ ᠤᠴᠢᠷ ᠪᠢ ᠥᠪᠡᠷ ᠦ᠋ᠨ ᠪᠠᠢᠯᠳᠤᠭᠠᠨ  ᠤ᠋ ᠵᠡᠭᠡᠷᠳᠡ ᠮᠣᠷᠢᠨ ᠤ᠋ ᠰᠡᠭᠦᠯ ᠪᠦᠬᠦᠢ ᠲᠤᠭ ᠢ᠋ ᠥᠭᠰᠦᠭᠡᠢ᠃ ᠮᠠᠨ ᠤ᠋ ᠦᠨᠡᠨᠴᠢ ᠪᠣᠭᠣᠯ᠂ ᠴᠡᠷᠢᠭ ᠦ᠋ᠨ ᠬᠡᠷᠡᠭ ᠲᠦ᠍ ᠲᠤᠷᠰᠢᠯᠭᠠᠵᠢᠭᠰᠠᠨ ᠰᠦᠪᠡᠭᠡᠳᠢ ᠪᠠᠭᠠᠲᠤᠷ ᠲᠤ᠌ ᠮᠠᠨ ᠤ᠋ ᠠᠴᠢ ᠪᠠᠲᠤ ᠬᠠᠭᠠᠨ ᠤ᠋ ᠠᠯᠲᠠᠨ ᠵᠢᠯᠣᠭᠣ ᠶ᠋ᠢ ᠴᠢᠩᠭ᠎ᠠ ᠪᠠᠷᠢᠬᠤ ᠳ᠋ᠤᠨᠢ ᠲᠤᠰᠠᠯᠠᠭᠲᠤᠨ ᠭᠡᠵᠦ ᠲᠤᠰᠢᠶᠠᠨ᠎ᠠ᠃ ᠮᠠᠨ ᠤ᠋ ᠠᠴᠢᠲᠤ ᠪᠣᠯᠭᠣᠮᠵᠢᠲᠠᠢ ᠮᠡᠷᠭᠡᠨ ᠰᠦᠪᠡᠭᠡᠳᠡᠢ ᠪᠠᠭᠠᠲᠤᠷ ᠤ᠋ᠨ ᠵᠠᠬᠢᠶ᠎ᠠ ᠵᠥᠪᠯᠡᠯᠭᠡ ᠶ᠋ᠢ ᠨᠢᠭᠡᠳ ᠨᠢᠭᠡᠨ ᠦᠭᠡᠢ ᠳᠠᠭᠠᠬᠤ ᠶ᠋ᠢ ᠵᠠᠬᠢᠰᠤᠭᠠᠢ᠃ ᠲᠡᠭᠡᠪᠡᠯ ᠪᠠᠲᠤ ᠬᠠᠭᠠᠨ ᠤ᠋ ᠲᠩᠷᠢ ᠡᠴᠡ ᠴᠣᠯᠮᠣᠨ ᠢ᠋ ᠪᠠᠭᠤᠯᠭᠠᠨ ᠳᠠᠢᠰᠤᠨ ᠪᠦᠬᠦᠨ ᠢ᠋ ᠢᠯᠠᠵᠤ᠂ ᠳᠡᠯᠡᠬᠡᠢ ᠳ᠋ᠠᠬᠢᠨ ᠢ᠋ ᠨᠠᠷᠠᠨ ᠰᠢᠩᠭᠡᠬᠦ ᠭᠠᠵᠠᠷ ᠬᠦᠷᠲᠡᠯ᠎ᠡ ᠡᠵᠡᠯᠡᠨ ᠳᠠᠭᠠᠭᠤᠯᠤᠨ᠎ᠠ᠃ ᠲᠡᠭᠡᠪᠡᠯ ᠵᠣᠪᠠᠯᠠᠩ ᠭᠠᠮᠰᠢᠭ᠂ ᠥᠯᠥᠰᠬᠦᠯᠡᠩ᠂ ᠭᠠᠩ ᠵᠤᠳ ᠦᠭᠡᠢ ᠪᠣᠯᠵᠤ ᠨᠡᠢᠲᠡ ᠳᠠᠶᠠᠭᠠᠷ ᠤ᠋ᠨ ᠡᠩᠬᠡ ᠲᠠᠢᠪᠤᠩ ᠪᠣᠢ ᠪᠣᠯᠤᠨ᠎ᠠ 》ᠭᠡᠵᠡᠢ᠃ ᠴᠡᠷᠢᠭ ᠦ᠋ᠳ ᠰᠣᠨᠣᠰᠤᠭᠲᠤᠨ᠃ ᠪᠣᠭᠳᠠ ᠡᠵᠡᠨ ᠦ᠌ ᠬᠦᠰᠡᠯ ᠡᠢᠮᠦ ᠪᠠᠢᠨ᠎ᠠ᠃ ᠪᠦᠬᠦ ᠮᠣᠩᠭᠣᠯ ᠤ᠋ᠨ ᠠᠷᠠᠳ ᠣᠯᠠᠨ ᠤ᠋ ᠬᠦᠰᠡᠯ ᠮᠥᠨ ᠡᠢᠮᠦ ᠪᠠᠢᠪᠠᠯ ᠵᠣᠬᠢᠨ᠎ᠠ ᠭᠡᠬᠦ ᠳ᠋ᠦ᠍ ᠣᠪᠣᠭ᠎ᠠ ᠶ᠋ᠢ ᠲᠣᠭᠣᠷᠢᠨ ᠰᠥᠭᠥᠳᠦᠭᠰᠡᠨ ᠮᠣᠩᠭᠣᠯ᠂ ᠲᠠᠲ᠋ᠠᠷ ᠤ᠋ᠳ᠂
      — ᠲᠡᠷᠡ ᠶᠣᠰᠣᠭᠠᠷ ᠪᠣᠯᠲᠤᠭᠠᠢ! ᠪᠣᠭᠳᠠ ᠡᠵᠡᠨ ᠦ᠌ ᠵᠠᠷᠯᠢᠭ᠂ ᠪᠢᠳᠡᠨ ᠢ᠋ ᠳᠠᠬᠢᠨ ᠪᠤᠰᠤᠳ ᠤᠯᠤᠰ ᠤᠷᠤᠭᠤ ᠲᠡᠢᠨ ᠪᠠᠢᠯᠳᠤᠭᠠᠨ ᠬᠢᠵᠦ ᠶᠠᠪᠤᠭᠤᠯᠲᠤᠭᠠᠢ᠃ ᠴᠢᠩᠭᠢᠰ ᠬᠠᠭᠠᠨ ᠤ᠋ ᠠᠵᠢᠷᠭᠠᠨ ᠤ᠋ ᠰᠡᠭᠦᠯ ᠲᠡᠢ ᠲᠤᠭ᠂ ᠪᠢᠳᠡᠨ ᠦ᠌ ᠵᠠᠮ ᠢ᠋ ᠵᠢᠭᠠᠲᠤᠭᠠᠢ! ᠲᠡᠭᠦᠨ ᠢ᠋ ᠪᠢᠳᠡᠨ ᠳ᠋ᠦ᠍ ᠦᠵᠡᠭᠦᠯᠦᠭᠲᠦᠨ! ᠭᠡᠵᠦ ᠬᠠᠰᠬᠢᠷᠴᠠᠢ᠃
      ᠣᠪᠣᠭᠠᠨ ᠤ᠋ ᠪᠠᠨ ᠪᠠᠯ ᠳ᠋ᠤ᠌ ᠮᠠᠨᠠᠭᠠᠨ ᠳ᠋ᠤ᠌ ᠵᠣᠭᠰᠣᠭᠰᠠᠨ ᠬᠡᠳᠦᠨ ᠵᠠᠭᠤᠨ ᠪᠠᠭᠠᠲᠤᠷᠯᠢᠭ ᠡᠷᠡᠴᠦᠳ ᠦ᠋ᠨ ᠳᠣᠲᠣᠷ᠎ᠠ ᠠ᠋ᠴᠠ ᠲᠤᠩ ᠴᠠᠭᠠᠨ ᠠᠵᠢᠷᠭ᠎ᠠ ᠤᠨᠤᠭᠰᠠᠨ ᠪᠣᠷᠣ ᠴᠢᠷᠠᠢ ᠲᠠᠢ ᠵᠠᠯᠠᠭᠤ ᠮᠣᠩᠭᠣᠯ ᠡᠷ᠎ᠡ ᠤᠬᠤᠰᠬᠢᠵᠦ᠂ ᠬᠤᠢ ᠰᠠᠯᠬᠢ ᠮᠡᠲᠦ ᠨᠢᠰᠦᠨ᠂ ᠣᠪᠣᠭᠠᠨ ᠤ᠋ ᠣᠷᠭᠢᠯ ᠳᠡᠭᠡᠷ᠎ᠡ ᠭᠠᠷᠤᠮᠠᠭᠴᠠ ᠲᠡᠮᠡᠦᠯᠦᠭᠴᠢ ᠮᠣᠷᠢ ᠪᠠᠨ ᠲᠡᠳᠡᠨ ᠲᠠᠰᠢᠭᠤ ᠡᠩᠭᠡᠷ ᠦ᠋ᠨ ᠳᠡᠭᠡᠳᠦ ᠡᠲᠡᠭᠡᠳ ᠲᠦ᠍ ᠵᠣᠭᠰᠣᠭᠠᠪᠠ᠃ ᠬᠣᠢᠨ᠎ᠠ ᠠ᠋ᠴᠠ ᠨᠢ ᠭᠤᠷᠪᠠᠨ ᠴᠡᠷᠢᠭ ᠳᠠᠪᠬᠢᠵᠤ᠂ ᠳᠤᠮᠳᠠᠬᠢ ᠨᠢ ᠰᠠᠯᠬᠢᠨ ᠵᠦᠭ ᠨᠠᠮᠢᠷᠠᠵᠤ ᠳᠡᠷᠪᠡᠬᠦ ᠶᠢᠰᠦᠨ ᠬᠥᠯ ᠲᠡᠢ᠂ ᠲᠠᠪᠤᠨ ᠥᠨᠴᠥᠭᠲᠦ ᠴᠠᠭᠠᠨ ᠲᠤᠭ ᠪᠠᠷᠢᠵᠠᠢ᠃ ᠲᠤᠭ ᠤ᠋ᠨ ᠠᠯᠲᠠᠨ ᠬᠤᠷᠴᠠ ᠦᠵᠦᠭᠦᠷ ᠲᠤᠨᠢ ᠳᠡᠢᠯᠦᠭᠳᠡᠰᠢ ᠦᠭᠡᠢ ᠴᠢᠩᠭᠢᠰ ᠬᠠᠭᠠᠨ ᠤ᠋ ᠬᠠᠨᠢ ᠲᠦᠰᠢᠭ ᠡᠪᠦᠭᠡᠨ ᠮᠣᠩᠭᠣᠯᠴᠤᠳ ᠤ᠋ᠨ ᠪᠦᠬᠦᠨ ᠢ᠋ ᠮᠡᠳᠡᠭᠴᠢ ᠵᠡᠭᠡᠷᠳᠡ ᠮᠣᠷᠢᠨ ᠤ᠋ ᠤᠷᠲᠤ ᠰᠡᠭᠦᠯ ᠬᠡᠢᠰᠴᠢ᠃
      ᠡᠨᠡ ᠪᠠᠲᠤ ᠬᠠᠭᠠᠨ ᠪᠠᠢᠨ᠎ᠠ᠃ ᠵᠥᠴᠢ ᠶ᠋ᠢᠨ ᠬᠥᠪᠡᠭᠦᠨ᠂ ᠴᠢᠩᠭᠢᠰ ᠦ᠋ᠨ ᠠᠴᠢ᠂ ᠲᠡᠢᠨ ᠦ᠌ ᠶᠡᠬᠡ ᠲᠩᠷᠢ ᠰᠦᠯᠳᠡ ᠶ᠋ᠢᠨ ᠴᠠᠰᠤᠨ ᠴᠠᠭᠠᠨ ᠰᠡᠲᠡᠷ ᠲᠡᠢ ᠮᠣᠷᠢ ᠶ᠋ᠢ ᠣᠨᠣᠵᠠᠢ᠃
      —ᠪᠠᠲᠤ ᠬᠠᠭᠠᠨ! ᠪᠢᠳᠡᠨ ᠢ᠋ ᠲᠡᠢᠨ ᠳ᠋ᠦ᠍ ᠠᠪᠴᠤ ᠤᠳᠤᠭᠲᠤᠨ! ᠭᠡᠵᠦ ᠲᠡᠨᠳᠡ ᠬᠤᠷᠠᠭᠰᠠᠨ ᠣᠯᠠᠨ ᠬᠥᠮᠦᠨ ᠱᠤᠤᠭᠢᠯᠳᠤᠵᠠᠢ᠃
      ᠥᠷᠯᠥᠭᠡᠨ ᠦ᠌ ᠨᠠᠷᠠᠨ ᠳ᠋ᠤ᠌ ᠪᠠᠲᠤ ᠬᠠᠭᠠᠨ ᠤ᠋ ᠠᠯᠲᠠᠨ ᠳᠤᠭᠤᠯᠠᠭ᠎ᠠ᠂ ᠬᠤᠶᠠᠭ ᠨᠢ ᠭᠢᠯᠠᠯᠵᠠᠵᠤ ᠴᠣᠭ ᠮᠡᠲᠦ ᠨᠢᠳᠦᠲᠡᠢ ᠣᠮᠣᠭᠯᠠᠩ ᠠᠵᠢᠷᠭ᠎ᠠ ᠨᠢ ᠰᠦᠷᠲᠡᠢ ᠬᠠᠷᠠᠭᠳᠠᠪᠠ᠃
        ᠪᠠᠲᠤ ᠬᠠᠭᠠᠨ ᠠᠯᠲᠠᠨ ᠵᠢᠯᠣᠭᠣ ᠪᠠᠨ ᠲᠠᠲᠠᠵᠤ ᠲᠠᠬᠢᠷ ᠰᠡᠯᠡᠮ᠎ᠡ ᠶ᠋ᠢ ᠲᠣᠯᠣᠭᠠᠢ ᠳᠡᠭᠡᠭᠦᠷ ᠢ᠋ᠶ᠋ᠡᠨ ᠡᠷᠭᠢᠭᠦᠯᠪᠡ᠃
      —ᠮᠢᠨᠦ ᠨᠢᠳᠦ ᠤᠷᠤᠭᠤ ᠬᠠᠷᠠᠵᠤ ᠪᠠᠢᠭ᠎ᠠ ᠪᠠᠭᠠᠲᠤᠷ ᠤ᠋ᠳ ᠰᠣᠨᠣᠰᠤᠭᠲᠤᠨ! ᠭᠡᠵᠦ ᠪᠠᠲᠤ ᠬᠠᠭᠠᠨ ᠴᠤᠤᠷᠢᠶᠠᠲᠤᠭᠰᠠᠨ ᠳᠠᠭᠤ ᠪᠠᠷ ᠬᠠᠰᠬᠢᠷᠬᠤ ᠳ᠋ᠤ᠌ ᠪᠦᠭᠦᠳᠡᠭᠡᠷ ᠨᠠᠮ ᠭᠦᠮ ᠪᠣᠯᠪᠠ᠃
      —ᠳᠡᠯᠡᠬᠡᠢ ᠳ᠋ᠠᠬᠢᠨ (ᠢ᠋ ) ᠳᠣᠩᠰᠣᠯᠤᠭᠤᠯᠤᠭᠴᠢ ᠪᠣᠭᠳᠠ᠂ ᠳᠡᠭᠡᠳᠦ ᠶᠡᠬᠡ ᠡᠪᠦᠭᠡ ᠡᠴᠢᠭᠡ ᠮᠢᠨᠢ ᠥᠷᠥᠨ᠎ᠡ ᠳ᠋ᠠᠬᠢᠨ ᠤ᠋ ᠪᠦᠬᠦ ᠭᠠᠵᠠᠷ  ᠨᠤᠲᠤᠭ ᠢ᠋ ᠡᠴᠦᠰ ᠲᠤᠨᠢ ᠲᠤᠯᠲᠠᠯ᠎ᠠ ᠡᠵᠡᠯᠡᠨ ᠳᠠᠭᠠᠭᠤᠯᠤᠭᠲᠤᠨ ᠭᠡᠵᠦ ᠨᠠᠳᠠᠳᠤ ᠵᠠᠷᠯᠢᠭ ᠪᠣᠯᠤᠭᠰᠠᠨ ᠪᠢᠯᠡ᠃ ᠵᠦᠢᠷᠯᠡᠰᠢ ᠦᠭᠡᠢ ᠵᠣᠷᠢᠭᠲᠤ ᠪᠠᠭᠠᠲᠤᠷ ᠲᠠᠨᠠᠷ ᠤ᠋ᠨ ᠬᠠᠮᠲᠤ ᠪᠢ᠂ ᠲᠡᠷᠡ ᠶᠣᠰᠣᠭᠠᠷ ᠭᠦᠢᠴᠡᠳᠬᠡᠵᠦ ᠳᠡᠯᠡᠬᠡᠢ ᠶ᠋ᠢᠨ ᠬᠢᠵᠠᠭᠠᠷ ᠲᠤ᠌ ᠬᠦᠷᠲᠡᠯ᠎ᠡ ᠭᠠᠯ ᠴᠢᠰᠤᠲᠤ ᠵᠠᠮ ᠲᠠᠲᠠᠭᠤᠯᠵᠤ ᠴᠢᠳᠠᠬᠤ ᠶ᠋ᠢ ᠲᠠᠩᠭᠠᠷᠢᠭᠯᠠᠨ᠎ᠠ ᠭᠡᠬᠦ ᠳ᠋ᠦ᠍ ᠴᠡᠷᠢᠭ ᠦ᠋ᠳ ᠦ᠋ᠨ ᠪᠡᠶᠡᠰᠦᠨ ᠬᠠᠰᠬᠢᠷᠤᠯᠳᠤᠬᠤ ᠴᠢᠮᠡᠭᠡ ᠨᠠᠮᠵᠢᠵᠠᠢ᠃
       — ᠪᠢ ᠥᠪᠡᠷ ᠦ᠋ᠨ ᠴᠡᠷᠢᠭ ᠤ᠋ᠳ ᠢ᠋ ᠲᠣᠷᠭ᠎ᠠ ᠪᠠᠷ ᠬᠤᠪᠴᠠᠰᠤᠯᠠᠰᠤᠭᠠᠢ ᠭᠡᠵᠦ ᠠᠮᠠᠯᠠᠰᠤᠭᠠᠢ! ᠪᠢ ᠬᠡᠳᠦᠨ ᠵᠠᠭᠤ ᠮᠢᠩᠭᠠᠨ ᠦᠬᠡᠷ ᠬᠣᠨᠢ ᠶ᠋ᠢ ᠪᠤᠯᠢᠶᠠᠨ ᠠᠪᠴᠤ᠂ ᠪᠦᠬᠦ ᠴᠡᠷᠢᠭ ᠢ᠋ ᠴᠠᠳᠲᠠᠯ᠎ᠠ ᠮᠢᠬ᠎ᠠ ᠪᠠᠷ ᠬᠣᠭᠣᠯᠠᠯᠠᠨ᠂ ᠬᠥᠮᠦᠨ ᠪᠦᠷᠢ ᠳ᠋ᠦ᠍ ᠰᠢᠨ᠎ᠡ ᠳᠡᠪᠡᠯ ᠥᠭᠬᠦ ᠶ᠋ᠢ ᠪᠠᠲᠤᠯᠠᠰᠤᠭᠠᠢ᠃ ᠪᠢᠳᠡᠨ ᠦ᠌ ᠶᠠᠪᠤᠬᠤ ᠭᠠᠵᠠᠷ ᠪᠣᠯ ᠠᠷᠠᠳ ᠢᠷᠭᠡᠳ ᠨᠢ ᠵᠢᠷᠭᠠᠯᠠᠩ ᠳ᠋ᠠᠭᠠᠨ ᠲᠠᠰᠢᠭᠤᠷᠠᠨ ᠴᠡᠩᠭᠡᠬᠦ ᠪᠠᠶᠠᠨ ᠨᠤᠲᠤᠭ᠂ ᠪᠢ ᠲᠤᠯᠤᠯᠳᠤᠨ ᠡᠰᠡ ᠴᠢᠳᠠᠬᠤ ᠠᠶᠤᠮᠠᠲᠠᠭᠠᠢ ᠤᠯᠤᠰ ᠤ᠋ᠳ ᠢ᠋ ᠲᠠᠨᠠᠷ ᠤ᠋ᠨ ᠬᠠᠮᠲᠤ ᠪᠠᠷ ᠡᠵᠡᠯᠡᠨ ᠳᠠᠭᠠᠭᠤᠯᠤᠨ᠎ᠠ᠂ ᠲᠡᠳᠡᠨ ᠦ᠌ ᠲᠠᠷᠭᠤᠨ ᠰᠢᠯᠢ ᠤᠷᠤᠭᠤ ᠨᠢ ᠲᠠᠨᠠᠷ ᠲᠠᠰᠢᠭᠤᠷ ᠢ᠋ᠶ᠋ᠠᠷ ᠣᠷᠢᠶᠠᠯᠭᠠᠬᠤ ᠪᠣᠯᠤᠨ᠎ᠠ ᠭᠡᠬᠦ ᠳ᠋ᠦ᠍ ᠬᠥᠨᠳᠡᠢ ᠲᠠᠯ᠎ᠠ ᠪᠠᠷ ᠳᠠᠬᠢᠨ ᠱᠤᠤᠭᠢᠶᠠᠨ ᠳᠡᠭᠳᠡᠵᠦ᠂
      — ᠴᠢ ᠶᠣᠰᠣᠲᠠᠢ ᠳᠡᠯᠡᠬᠡᠢ  ᠳ᠋ᠠᠬᠢᠨ ᠢ᠋ ᠳᠣᠩᠰᠣᠯᠤᠭᠤᠯᠤᠭᠴᠢ ᠶ᠋ᠢᠨ ᠠᠴᠢ ᠮᠥᠨ᠂ ᠴᠢᠨᠦ ᠬᠠᠮᠲᠤ ᠪᠢᠳᠡ ᠪᠦᠬᠦ ᠤᠯᠤᠰ ᠢ᠋ ᠡᠵᠡᠯᠡᠨ ᠳᠠᠭᠠᠭᠤᠯᠰᠤᠭᠠᠢ ᠭᠡᠵᠡᠢ᠃
      — ᠪᠢ ᠪᠠᠰᠠ ᠨᠢᠭᠡᠨ ᠵᠦᠢᠯ ᠢ᠋ ᠲᠠᠩᠭᠠᠷᠢᠭᠯᠠᠶ᠎ᠠ ! ᠪᠢ ᠳᠠᠢᠰᠤᠨ ᠢ᠋ᠶ᠋ᠠᠨ ᠮᠠᠷᠲᠠᠭ᠎ᠠ ᠦᠭᠡᠢ᠃ ᠮᠢᠨᠦ ᠡᠴᠢᠭᠡ ᠶ᠋ᠢ ᠪᠠᠭᠠᠯᠵᠠᠭᠤᠷᠳᠠᠨ ᠠᠯᠠᠭᠰᠠᠨ ᠲᠡᠷᠡ ᠰᠥᠨᠢ ᠶ᠋ᠢᠨ ᠰᠢᠷ᠎ᠠ ᠴᠢᠬᠢᠲᠦ ᠨᠣᠬᠠᠳ ᠢ᠋ ᠡᠷᠢᠨ ᠣᠯᠵᠤ᠂ ᠠᠮᠢᠳᠤ ᠪᠠᠷ ᠨᠢ ᠲᠣᠭᠣᠭᠠᠨ ᠳ᠋ᠤ᠌ ᠴᠢᠨᠠᠨ᠎ᠠ᠃ ᠥᠳᠥᠭᠡᠨ ᠥᠯᠳᠡᠭᠰᠡᠨ ᠡᠲᠡᠭᠡᠳ ᠮᠢᠨᠦ ᠠᠬ᠎ᠠ ᠳᠡᠭᠦᠦ ᠪᠣᠯᠪᠠᠴᠤ᠂ ᠪᠢ ᠨᠢᠭᠡᠨ ᠠᠳᠠᠯᠢ ᠲᠡᠭᠡᠬᠦ ᠶ᠋ᠢ ᠠᠮᠠ ᠠᠯᠳᠠᠰᠤᠭᠠᠢ ! ᠴᠢᠨᠠᠭᠰᠢᠳᠠ ᠤᠳᠠᠭᠠᠰᠢᠷᠠᠵᠤ ᠪᠣᠯᠬᠤ ᠦᠭᠡᠢ᠂ ᠪᠢᠳᠡ ᠮᠠᠷᠭᠠᠰᠢ ᠦᠷ ᠦ᠋ᠨ ᠭᠡᠭᠡ ᠪᠡᠷ ᠠᠶᠠᠨ ᠲᠡᠢᠨ ᠳ᠋ᠦ᠍ ᠬᠥᠳᠡᠯᠰᠦᠭᠡᠢ᠃ ᠶᠡᠬᠡ ᠢᠵᠢᠯ ᠮᠥᠷᠡᠨ ᠦ᠌ ᠡᠷᠭᠢ ᠳᠡᠭᠡᠷ᠎ᠡ ᠪᠦᠬᠦ ᠴᠡᠷᠢᠭ ᠦ᠋ᠨ ᠠᠩᠬᠠᠳᠤᠭᠠᠷ ᠴᠤᠭᠯᠠᠭᠠᠨ ᠪᠣᠯᠤᠭᠠᠳ ᠲᠡᠨᠳᠡ ᠡᠴᠡ ᠡᠬᠢᠯᠡᠨ ᠣᠯᠠᠨ ᠣᠪᠣᠭᠲᠠᠨ᠂ ᠤᠯᠤᠰ ᠤ᠋ᠳ ᠤ᠋ᠨ ᠬᠣᠢᠨ᠎ᠠ ᠠ᠋ᠴᠠ ᠤᠷᠮ᠎ᠠ ᠬᠥᠭᠵᠢᠨ ᠠᠩᠨᠠᠬᠤ ᠲᠡᠷᠡ ᠴᠠᠭ ᠲᠤ᠌ ᠪᠢ᠂ ᠵᠣᠷᠢᠭᠲᠤ ᠪᠦᠷᠭᠦᠳ ᠰᠠᠷᠠᠨ ᠨᠤᠭᠤᠳ ᠢ᠋ᠶ᠋ᠠᠨ ᠪᠠᠢᠯᠳᠤᠭᠠᠨ ᠳ᠋ᠤ᠌ ᠣᠷᠣᠭᠤᠯᠤᠨ᠎ᠠ ᠭᠡᠪᠡ᠃
      ᠺᠢᠫᠴᠠᠺ ᠂ ᠨᠤᠲᠤᠭ᠂ ᠣᠪᠣᠭ ᠪᠦᠷᠢ ᠲᠤᠰ ᠲᠤᠰ ᠤ᠋ᠨ ᠢ᠋ᠶ᠋ᠠᠨ ᠪᠠᠢᠯᠳᠤᠭᠠᠨ ᠤ᠋ ᠦᠷᠠᠨ (ᠤᠤᠬᠠᠢ ᠪᠠᠷ ) ᠄ ᠮᠠᠨᠠᠲ᠋ᠠᠳ᠋᠂ ᠺᠠᠷᠠᠪᠦᠢ᠍ᠷᠠ ! ᠠᠮᠠᠨᠳ᠋ᠵᠦᠢ᠍ᠯ ! ᠣᠢᠪᠠᠰ! ᠳ᠋ᠶᠥ᠋ᠢᠲ! ᠡᠸᠪᠥ᠋ᠭᠠᠨᠨᠠᠮ— ᠺᠡᠢᠳ᠋— ᠱᠦᠯ ᠶᠠᠢᠮ! ᠁ ᠭᠡᠵᠦ ᠬᠠᠰᠬᠢᠷᠴᠠᠢ᠃ ᠰᠢᠨ᠎ᠡ ᠳ᠋ᠵᠢᠬᠠᠩᠭᠢᠷ ᠴᠣᠪᠬᠣᠷᠠᠨ ᠪᠠᠢᠭ᠎ᠠ ᠴᠠᠭᠠᠨ ᠠᠵᠢᠷᠭ᠎ᠠ ᠪᠠᠨ ᠡᠷᠭᠢᠭᠦᠯᠦᠮᠡᠭᠴᠡ ᠰᠥᠪᠡᠭᠡᠳᠡᠢ ᠪᠠᠭᠠᠲᠤᠷ ᠤ᠋ᠨ ᠭᠡᠷ ᠤᠷᠤᠭᠤ ᠠᠯᠭᠤᠷᠬᠠᠨ ᠣᠳᠬᠤ ᠳ᠋ᠤ᠌ ᠬᠡᠳᠦᠨ ᠬᠠᠭᠠᠳ ᠤᠭᠲᠤᠨ ᠭᠦᠶᠦᠵᠦ ᠠᠯᠲᠠᠨ ᠵᠢᠯᠣᠭᠣ ᠶ᠋ᠢ ᠨᠢ ᠪᠠᠷᠢᠨ ᠳᠥᠷᠥᠭᠡ ᠤᠷᠤᠭᠤ ᠨᠢ ᠪᠥᠬᠥᠢᠨ᠂ ᠪᠠᠲᠤ ᠬᠠᠭᠠᠨ ᠤ᠋ ᠢᠯᠭᠢᠨ ᠭᠤᠲᠤᠯ ᠢ᠋ ᠰᠠᠬᠠᠯ ᠢ᠋ᠶ᠋ᠠᠷ ᠢ᠋ᠶ᠋ᠠᠨ ᠦᠷᠡᠪᠡ᠃
      — ᠶᠡᠬᠡ ᠳ᠋ᠵᠢᠬᠠᠩᠭᠢᠷ ᠠ᠋! ᠪᠢᠳᠡ ᠭᠤᠶᠤᠨ ᠮᠥᠷᠭᠥᠨ᠎ᠡ᠃ ᠮᠣᠷᠢ ᠠ᠋ᠴᠠ ᠪᠠᠨ ᠪᠠᠭᠤᠭᠠᠳ᠂ ᠣᠳᠣ ᠠ᠋ᠴᠠ ᠡᠬᠢᠯᠡᠨ ᠲᠠᠨ ᠤ᠋ ᠪᠣᠯᠤᠭᠰᠠᠨ ᠬᠠᠭᠠᠨ ᠰᠢᠷᠡᠭᠡᠨ ᠳᠡᠭᠡᠷ᠎ᠡ ᠰᠠᠭᠤᠭᠲᠤᠨ! ᠲᠠᠨ ᠢ᠋ ᠰᠣᠩᠭᠣᠭᠰᠠᠨ ᠳ᠋ᠤ᠌ ᠪᠢᠳᠡ ᠪᠠᠶᠠᠷᠯᠠᠨ᠂ ᠶᠣᠰᠣᠯᠠᠯ ᠤ᠋ᠨ ᠨᠠᠢᠷ ᠢ᠋ ᠬᠢᠰᠦᠭᠡᠢ᠃ ᠪᠦᠬᠦ ᠬᠠᠭᠠᠳ᠂ ᠺᠢᠫᠴᠠᠺ ᠤ᠋ᠨ ᠰᠤᠯᠲᠠᠨ ᠨᠠᠷ ᠲᠠᠨ ᠤ᠋ ᠡᠮᠦᠨᠡᠬᠢ ᠭᠠᠵᠠᠷ ᠢ᠋ ᠦᠨᠦᠰᠴᠦ᠂ ᠲᠠᠨ ᠳ᠋ᠤ᠌ ᠰᠢᠳᠤᠷᠭᠤ ᠴᠢᠷᠮᠠᠢᠨ ᠵᠢᠳᠬᠦᠬᠦ ᠶ᠋ᠢ ᠢᠯᠡᠷᠬᠡᠢᠯᠡᠬᠦ ᠭᠡᠨ᠎ᠡ ᠭᠡᠵᠦ ᠬᠡᠯᠡᠯ᠎ᠡ᠃ ᠪᠠᠲᠤ ᠬᠠᠭᠠᠨ ᠥᠷᠥᠰᠢᠶᠡᠩᠭᠦᠢ ᠬᠥᠩᠭᠡᠮᠰᠦᠭ ᠢ᠋ᠶ᠋ᠡᠷ ᠢᠨᠢᠶᠡᠮᠰᠦᠭᠯᠡᠨ᠂ ᠮᠣᠷᠢᠨ ᠠ᠋ᠴᠠ ᠪᠠᠭᠤᠬᠤ ᠳ᠋ᠤ᠌ ᠬᠠᠭᠠᠳ ᠪᠤᠲᠠᠷᠠᠨ ᠵᠠᠢᠯᠠᠵᠤ ᠠᠯᠲᠠᠨ ᠰᠢᠷᠡᠭᠡᠨ ᠦ᠌ ᠡᠮᠦᠨᠡᠬᠢ ᠤᠭᠠᠯᠵᠠ ᠲᠠᠢ ᠬᠡᠪᠢᠰ ᠤᠷᠤᠭᠤ ᠣᠴᠢᠬᠤ ᠵᠠᠮ ᠲᠠᠯᠪᠢᠵᠤ ᠥᠭᠭᠦᠯ᠎ᠡ᠃
      ᠭᠡᠲᠡᠯ᠎ᠡ ᠴᠠᠭᠠᠨ ᠳᠡᠪᠡᠯ ᠡᠮᠦᠰᠦᠭᠰᠡᠨ᠂ ᠤᠷᠲᠤ ᠪᠤᠷᠵᠢᠭᠢᠷ ᠬᠠᠷ᠎ᠠ ᠦᠰᠦ ᠲᠡᠢ ᠵᠠᠯᠠᠭᠤ ᠴᠡᠷᠢᠭ ᠦ᠋ᠨ ᠬᠥᠮᠦᠨ᠂ ᠬᠠᠭᠠᠨ ᠢ᠋ ᠲᠦᠯᠬᠢᠵᠦ ᠤᠷᠤᠭᠰᠢ ᠳᠠᠪᠰᠢᠨ᠂ ᠬᠠᠭᠠᠨ ᠰᠢᠷᠡᠭᠡᠨ ᠳ᠋ᠦ᠍ ᠬᠦᠷᠬᠦ ᠵᠠᠮ ᠢ᠋ ᠵᠢᠳᠠ ᠪᠠᠷ ᠬᠣᠷᠢᠪᠠ᠃
      —ᠪᠠᠲᠤ ᠬᠠᠭᠠᠨ ᠪᠤᠴᠠᠭᠲᠤᠨ! ᠴᠢᠮᠠᠶ᠋ᠢ ᠶᠠᠭᠤ ᠬᠦᠯᠢᠶᠡᠵᠦ ᠪᠠᠢᠨ᠎ᠠ᠂ ᠦᠵᠡᠭᠲᠦᠨ!
      ᠪᠠᠲᠤ ᠬᠠᠭᠠᠨ᠂ ᠰᠢᠷᠡᠭᠡᠨ ᠦ᠌ ᠡᠮᠦᠨᠡᠬᠢ ᠤᠭᠠᠯᠵᠠ ᠲᠠᠢ ᠡᠷᠢᠶᠡᠨ ᠬᠡᠪᠢᠰ ᠦ᠋ᠨ ᠵᠦᠭ ᠵᠢᠳᠠ ᠪᠠᠨ ᠬᠦᠴᠦᠲᠡᠢ ᠰᠢᠳᠡᠬᠦ ᠳ᠋ᠦ᠍ ᠵᠢᠳᠠ ᠨᠢ ᠨᠡᠪᠲᠡᠯᠵᠦ ᠴᠠᠰᠢ ᠳᠠᠯᠳᠠ ᠣᠷᠣᠵᠠᠢ᠃ ᠴᠡᠷᠢᠭ ᠬᠡᠪᠢᠰ ᠢ᠋ ᠰᠢᠭᠦᠷᠡᠵᠦ᠂ ᠰᠡᠵᠢᠭᠦᠷ ᠡᠴᠡ ᠨᠢ ᠪᠠᠷᠢᠨ ᠡᠷᠭᠢᠭᠦᠯᠬᠦ ᠳ᠋ᠦ᠍ ᠳᠣᠲᠣᠷ᠎ᠠ ᠨᠢ ᠭᠦᠨ ᠬᠤᠳᠳᠤᠭ  ᠤ᠋ᠨ ᠨᠦᠬᠡ ᠣᠩᠭᠣᠢᠵᠤ ᠪᠠᠢᠪᠠ᠃
      ᠪᠠᠲᠤ ᠬᠠᠭᠠᠨ᠂
      — ᠠᠷᠠᠫᠱᠠ ᠨᠡᠰᠢ ᠢᠷᠡᠭᠲᠦᠨ! ᠭᠡᠵᠦ ᠳᠠᠭᠤᠳᠠᠭᠠᠳ ᠰᠥᠪᠡᠭᠡᠳᠡᠢ ᠪᠠᠭᠠᠲᠤᠷ ᠤ᠋ᠨ ᠭᠡᠷ ᠤᠷᠤᠭᠤ ᠤᠬᠤᠰᠬᠢᠵᠦ᠂ ᠡᠭᠦᠳᠡ ᠶ᠋ᠢ ᠰᠡᠬᠦᠨ ᠣᠷᠣᠪᠠ᠃
ᠬᠠᠭᠠᠳ᠄
      — ᠶᠠᠮᠠᠷ ᠵᠠᠯᠢᠲᠤ ᠬᠣᠣᠷᠯᠠᠭᠴᠢᠨ᠂ ᠶᠠᠮᠠᠷ ᠰᠢᠷ᠎ᠠ ᠴᠢᠬᠢᠲᠦ ᠨᠣᠬᠠᠳ ᠤᠷᠠᠬ᠎ᠠ ᠪᠡᠯᠡᠳᠬᠡᠨ᠎ᠡ ᠪᠣᠢ? ᠭᠡᠵᠦ ᠰᠢᠪᠡᠨᠡᠯᠴᠡᠨ ᠬᠤᠳᠳᠤᠭ ᠤᠷᠤᠭᠤ ᠱᠠᠭᠠᠢᠬᠤ ᠭᠡᠵᠦ ᠴᠢᠬᠢᠴᠡᠯᠳᠦᠵᠡᠢ᠃
      — ᠰᠦᠪᠡᠭᠡᠳᠡᠢ ᠪᠠᠭᠠᠲᠤᠷ ᠢᠷᠡᠵᠦ ᠪᠠᠢᠨ᠎ᠠ ᠭᠡᠵᠦ ᠣᠯᠠᠨ ᠬᠥᠮᠦᠨ ᠱᠤᠤᠭᠢᠪᠠ᠃
     ᠮᠠᠢᠭ ᠬᠥᠯ ᠲᠡᠢ᠂ ᠪᠠᠷᠠᠭᠤᠨ ᠭᠠᠷ ᠨᠢ ᠲᠠᠲᠠᠩᠬᠠᠢ᠂ ᠪᠥᠭᠲᠥᠷ ᠡᠪᠦᠭᠡᠨ ᠵᠠᠩᠵᠤᠨ᠂ ᠬᠠᠭᠠᠨ ᠰᠢᠷᠡᠭᠡᠨ ᠦ᠌ ᠵᠦᠭ ᠣᠴᠢᠭᠠᠳ᠂ ᠵᠡᠭᠦᠨ ᠨᠢᠳᠦ ᠶ᠋ᠢ ᠶᠡᠬᠡ ᠨᠡᠭᠡᠭᠡᠨ ᠴᠠᠪᠴᠢᠯ ᠦᠭᠡᠢ ᠪᠡᠷ ᠬᠠᠭᠠᠳ ᠵᠣᠴᠢᠳ ᠢ᠋ ᠲᠣᠪ ᠳᠤᠭᠤᠢ ᠬᠠᠷᠠᠪᠠ᠃
      — ᠰᠥᠨᠢ ᠶ᠋ᠢᠨ ᠬᠠᠷ᠎ᠠ ᠮᠠᠩᠭᠤᠰ ᠤ᠋ᠳ᠂ ᠳ᠋ᠵᠢᠬᠠᠩᠬᠢᠷ ᠤ᠋ᠨ ᠪᠠᠢᠷᠢ ᠶ᠋ᠢᠨ ᠳᠡᠷᠭᠡᠳᠡ ᠤᠷᠠᠬ᠎ᠠ ᠬᠡᠷᠬᠢᠨ ᠮᠠᠯᠲᠠᠭᠰᠠᠨ ᠢ᠋ ᠪᠢ ᠬᠣᠶᠠᠷ ᠬᠣᠨᠣᠭ ᠡᠨᠳᠡ ᠦᠭᠡᠢ ᠪᠠᠢᠭᠠᠳ ᠬᠠᠷᠠᠵᠤ ᠬᠢᠨᠠᠵᠤ ᠵᠠᠪᠳᠤᠭᠰᠠᠨ ᠦᠭᠡᠢ᠃ ᠨᠠᠮᠠᠶ᠋ᠢ ᠠᠮᠢᠳᠤ ᠪᠠᠢᠬᠤ ᠳ᠋ᠤ᠌ ᠡᠯ᠎ᠡ ᠬᠣᠣᠷᠲᠠᠨ ᠭᠠᠢᠬᠠᠯ ᠤ᠋ᠳ᠂ ᠪᠣᠭᠳᠠ ᠡᠵᠡᠨ ᠦ᠌ ᠲᠣᠮᠢᠯᠠᠭᠰᠠᠨ ᠵᠠᠯᠠᠭᠤ ᠤᠳᠤᠷᠢᠳᠤᠭᠴᠢ ᠶ᠋ᠢ ᠬᠥᠨᠥᠭᠡᠵᠦ ᠴᠢᠳᠠᠬᠤ ᠦᠭᠡᠢ᠂ ᠲᠡᠭᠦᠨ ᠢ᠋ ᠠᠯᠠᠬᠤ ᠭᠡᠵᠦ ᠣᠷᠣᠯᠳᠣᠭᠰᠠᠨ ᠬᠥᠮᠦᠰ ᠦ᠋ᠨ ᠬᠡᠯᠡ ᠶ᠋ᠢ ᠪᠢ ᠪᠡᠬᠢ ᠪᠡᠷ ᠰᠤᠭᠤ ᠲᠠᠲᠠᠨ᠎ᠠ᠃ ᠨᠠᠳᠠ ᠲᠠᠢ ᠠᠭᠤᠯᠵᠠᠬᠤ ᠳ᠋ᠠᠭᠠᠨ ᠤᠷᠠᠬ᠎ᠠ ᠪᠡᠯᠡᠳᠬᠡᠬᠦ ᠮᠡᠬᠡ ᠲᠡᠢ ᠪᠡᠨ ᠠᠳᠠᠯᠢ ᠵᠣᠷᠢᠭᠲᠠᠢ ᠪᠠᠢᠬᠤ ᠡᠰᠡᠬᠦ ᠶ᠋ᠢ ᠦᠵᠡᠰᠦᠭᠡᠢ᠃ ᠪᠢᠳᠡ ᠤᠳᠠᠭᠠᠰᠢᠷᠠᠵᠤ ᠪᠣᠯᠬᠤ ᠦᠭᠡᠢ ᠪᠣᠯᠪᠠ᠃ ᠪᠢᠳᠡ ᠠᠶᠠᠨ ᠲᠡᠢᠨ ᠳ᠋ᠦ᠍ ᠮᠠᠷᠭᠠᠰᠢ ᠪᠢᠰᠢ᠂ ᠥᠨᠥᠳᠥᠷ᠂ ᠣᠳᠣ ᠢᠩᠭᠢᠭᠡᠳ ᠬᠥᠳᠡᠯᠦᠨ᠎ᠡ! ᠠᠰᠠᠷ ᠢ᠋ᠶ᠋ᠠᠨ ᠪᠠᠭᠤᠯᠭ᠎ᠠ᠂ ᠮᠣᠷᠢᠳ ᠢ᠋ᠶ᠋ᠠᠨ ᠡᠮᠡᠭᠡᠯᠯᠡᠭᠲᠦᠨ! ᠳᠠᠭᠠᠭᠤᠯᠢ ᠨᠠᠷ ᠲᠦᠳᠡᠭ ᠨᠣᠴᠣᠭᠠᠰᠤᠭᠠᠢ ᠭᠡᠪᠡ᠃

       ᠡᠪᠦᠭᠡᠨ ᠵᠠᠩᠵᠤᠨ ᠤᠯᠠᠮ ᠪᠥᠭᠲᠥᠢᠵᠦ᠂ ᠭᠡᠷ ᠦ᠋ᠨ ᠵᠦᠭ ᠡᠷᠭᠢᠨ ᠶᠠᠭᠠᠷᠠᠯ ᠦᠭᠡᠢ ᠶᠠᠪᠤᠯ᠎ᠠ᠃

       ᠰᠠᠯᠬᠢ ᠨᠠᠮᠵᠢᠬᠤ ᠳ᠋ᠤ᠌ ᠣᠪᠣᠭᠠᠨ ᠳᠡᠭᠡᠷ᠎ᠡ ᠡᠴᠡ᠂ ᠶᠢᠰᠦᠨ ᠬᠡᠰᠡᠭ ᠤᠲᠤᠭ᠎ᠠ ᠬᠥᠳᠡᠯᠦᠭᠡ ᠦᠭᠡᠢ ᠣᠭᠲᠠᠷᠭᠤᠢ ᠳ᠋ᠤ᠌ ᠬᠥᠭᠡᠷᠦᠭᠰᠡᠨ ᠪᠥᠭᠡᠳ᠂ ᠡᠨᠡ ᠪᠣᠯ ᠰᠦᠪᠡᠭᠡᠳᠡᠢ  ᠪᠠᠭᠠᠲᠤᠷ ᠤ᠋ᠨ ᠱᠠᠯᠠᠮᠠᠭᠠᠢ ᠳᠠᠭᠠᠭᠤᠯᠢ  ᠨᠠᠷ ᠤ᠋ᠨ ᠤᠷᠢᠳᠤ ᠠ᠋ᠴᠠ ᠪᠡᠯᠡᠳᠬᠡᠭᠰᠡᠨ ᠭᠠᠯ ᠤᠷᠤᠭᠤ ᠨᠣᠢᠲᠠᠨ ᠰᠦᠷᠡᠯ ᠬᠠᠶᠠᠵᠤ ᠨᠣᠴᠣᠭᠠᠨ᠂ ᠥᠷᠥᠨ᠎ᠡ ᠵᠦᠭ ᠲᠦ᠍ ᠮᠣᠷᠳᠠᠬᠤ ᠶᠡᠬᠡ ᠠᠶᠠᠨ ᠡᠬᠢᠯᠡᠭᠰᠡᠨ ᠢ᠋ ᠪᠦᠬᠦ ᠨᠡᠭᠦᠳᠡᠯᠴᠢᠨ ᠠᠢᠮᠠᠭ ᠲᠤ᠌ ᠮᠡᠳᠡᠭᠳᠡᠵᠦ ᠪᠠᠢᠭ᠎ᠠ ᠠᠵᠢ᠃

    ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠯᠲᠠᠨᠴᠢᠮᠡᠭ᠂ ᠠᠷᠢᠭᠤᠨ᠂ ᠵᠢᠩᠯᠢᠬᠤᠸᠠᠷ
    ᠬᠢᠨᠠᠭᠴᠢ᠄ ᠠᠯᠲᠠᠨᠴᠢᠮᠡᠭ᠂ ᠠᠷᠢᠭᠤᠨ᠂ ᠪᠠᠶᠠᠨᠴᠡᠴᠡᠭ