ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠳᠥᠷᠪᠡ〕 Цаг төрийн үймээн – Д ᠂ Намдаг - Амьдралын зам ᠂ нэгдүгээр бүлэг - 24 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠳᠥᠷᠪᠡ〕 Цаг төрийн үймээн – Д ᠂ Намдаг - Амьдралын зам ᠂ нэгдүгээр бүлэг - 24

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠳᠥᠷᠪᠡ〕 Цаг төрийн үймээн – Д ᠂ Намдаг - Амьдралын зам ᠂ нэгдүгээр бүлэг - 24

ᠠᠩᠭᠢᠯᠠᠯ:ᠲᠤᠭᠤᠵᠢ ᠷᠣᠮᠠᠨ
2025-09-16

161

ᠤᠲᠠᠰᠤ ᠬᠠᠳᠬᠤᠯᠲᠠ


       ᠡᠪᠦᠯ ᠦ᠋ᠨ ᠰᠡᠭᠦᠯ ᠰᠠᠷ᠎ᠠ ᠳᠤᠮᠳᠠ ᠪᠠᠨ ᠣᠷᠣᠮᠠᠭᠴᠠ ᠠᠢᠯ ᠡᠷᠦᠬᠡ ᠪᠦᠷᠢ ᠪᠡᠷ ᠢ᠋ᠶ᠋ᠡᠨ ᠴᠠᠭᠠᠨ ᠰᠠᠷ᠎ᠠ ᠪᠣᠯᠬᠤ ᠭᠡᠵᠦ ᠪᠥᠭᠡᠮ ᠪᠤᠵᠢᠭᠢᠨᠠᠭᠠᠨ ᠪᠣᠯᠵᠤ ᠬᠠᠮᠢᠭ᠎ᠠ ᠯᠠ ᠪᠣᠯ ᠬᠠᠮᠢᠭ᠎ᠠ ᠪᠣᠣᠪᠣ ᠪᠣᠭᠣᠷᠰᠣᠭ ᠬᠢᠵᠦ ᠪᠠᠢᠭ᠎ᠠ ᠬᠡᠩᠰᠢᠭᠦᠦ ᠬᠠᠩᠬᠤᠯᠤᠨ᠎ᠠ᠃ ᠭᠡᠲᠡᠯ᠎ᠡ ᠬᠥᠮᠦᠨ ᠴᠠᠭᠠᠨ ᠰᠠᠷ᠎ᠠ ᠶ᠋ᠢ ᠵᠥᠪᠬᠡᠨ ᠪᠣᠣᠪᠣ᠂ ᠪᠣᠭᠣᠷᠰᠣᠭ ᠬᠣᠶᠠᠷ ᠢ᠋ᠶ᠋ᠠᠷ ᠶᠠᠭᠠᠬᠢᠨ ᠥᠩᠭᠡᠷᠡᠭᠦᠯᠵᠦ ᠪᠣᠯᠬᠤ ᠪᠢᠯᠡ᠃ ᠣᠷᠣᠵᠤ ᠢᠷᠡᠬᠦ ᠪᠣᠯᠭᠠᠨ ᠳ᠋ᠤ᠌ ᠥᠭᠬᠦ ᠪᠡᠯᠡᠭ ᠰᠡᠯᠲᠡ ᠶ᠋ᠢᠨ ᠶᠠᠭᠤᠮ᠎ᠠ ᠬᠢᠵᠦ ᠡᠬᠡᠨᠡᠷ ᠦ᠋ᠳ ᠡᠷᠲᠡ ᠡᠴᠡ ᠡᠷᠲᠡ ᠡᠳᠦᠢ ᠲᠡᠳᠦᠢ ᠶ᠋ᠢ ᠲᠣᠭᠠᠴᠢᠨ ᠶᠠᠩᠰᠢᠨ᠎ᠠ᠃ ᠲᠡᠷᠡ ᠪᠦᠷᠢ ᠶ᠋ᠢ ᠠᠪᠬᠤ ᠴᠢᠳᠠᠯ ᠴᠢᠨᠡᠭᠡ ᠦᠭᠡᠢ ᠬᠥᠮᠦᠰ ᠬᠡᠷᠬᠢᠬᠦ ᠪᠢᠯᠡ? ᠭᠡᠬᠦ ᠳ᠋ᠡᠭᠡᠨ ᠰᠠᠨᠠᠭ᠎ᠠ ᠰᠡᠳᠬᠢᠯ ᠦ᠋ᠨ ᠵᠣᠪᠠᠯᠠᠩ ᠡᠳ᠋ᠯᠡᠨ᠂ ᠵᠠᠬ᠎ᠠ ᠵᠡᠭᠡᠯᠢ ᠪᠡᠷ ᠳᠡᠮᠡᠢ ᠬᠣᠯᠬᠢᠨ ᠶᠠᠳᠠᠵᠤ ᠪᠠᠢᠬᠤ ᠳ᠋ᠤ᠌ ᠠᠪᠬᠤ ᠮᠥᠩᠭᠥ ᠲᠡᠢ ᠪᠠᠶᠠᠴᠤᠳ ᠠᠪᠬᠤ᠂ ᠠᠪᠴᠢᠷᠠᠬᠤ ᠭᠡᠵᠦ ᠵᠠᠪ ᠴᠢᠯᠥᠭᠡ ᠦᠭᠡᠢ ᠬᠠᠷᠠᠢᠯᠭᠠᠨ᠎ᠠ᠃ ᠭᠡᠲᠡᠯ᠎ᠡ ᠡᠨᠡ ᠪᠠᠰᠠ ᠶᠠᠭᠤ ᠴᠦ᠍ ᠪᠢᠰᠢ᠃ ᠠᠪᠠᠭᠠᠢ ᠬᠡᠦᠬᠡᠳ ᠲᠦ᠍᠂ ᠬᠡᠦᠬᠡᠨ ᠳ᠋ᠦ᠍᠂ ᠬᠦᠷᠭᠡᠨ ᠪᠤᠶᠤ ᠪᠡᠷᠢ ᠲᠡᠢ ᠪᠣᠯ ᠪᠠᠰᠠ ᠲᠡᠭᠦᠨ ᠳ᠋ᠦ᠍᠂ ᠲᠡᠭᠡᠭᠡᠳ ᠭᠡᠷ ᠦ᠋ᠨ ᠡᠵᠡᠨ ᠳ᠋ᠦ᠍ ᠴᠦ᠍ ᠥᠭᠡᠷ᠎ᠡ ᠴᠦ᠍ ᠦᠭᠡᠢ᠂ ᠳᠡᠪᠡᠯ᠂ ᠭᠤᠲᠤᠯ᠂ ᠪᠥᠰ᠂ ᠮᠠᠯᠠᠭᠠᠢ ᠴᠥᠮ ᠰᠢᠨ᠎ᠡ ᠶ᠋ᠢ ᠪᠡᠯᠡᠳᠬᠡᠬᠦ ᠬᠡᠷᠡᠭᠲᠡᠢ ᠪᠣᠯᠤᠭᠰᠠᠨ ᠪᠥᠭᠡᠳ ᠵᠠᠯᠠᠭᠤ ᠥᠬᠢᠳ ᠦ᠋ᠨ ᠵᠠᠷᠢᠮ ᠨᠢ ᠡᠭᠡᠮᠦᠭ ᠪᠥᠭᠡᠵᠢ ᠬᠦᠷᠲᠡᠯ᠎ᠡ ᠰᠢᠨᠡᠳᠬᠡᠬᠦ ᠭᠡᠵᠦ ᠭᠡᠵᠦ ᠰᠡᠳᠬᠢᠯ ᠰᠠᠨᠠᠭᠠᠨ ᠤ᠋ ᠵᠣᠪᠠᠯᠠᠩ ᠡᠳ᠋ᠯᠡᠨ᠎ᠡ᠃《ᠡᠨᠡ ᠴᠢᠨᠢ ᠴᠣᠬᠣᠮ ᠶᠠᠭᠤᠨ ᠤ᠋ ᠲᠥᠯᠥᠭᠡ ᠪᠣᠢ?》 ᠭᠡᠵᠦ ᠠᠰᠠᠭᠤᠪᠠᠯ ᠲᠡᠳᠡ《ᠬᠥᠮᠦᠨ ᠮᠠᠨ ᠢ᠋ ᠱᠣᠣᠯᠠᠨ᠎ᠠ》 ᠭᠡᠵᠦ ᠬᠠᠷᠢᠭᠤᠯᠤᠨ᠎ᠠ᠃ ᠤᠭ ᠬᠡᠷᠡᠭ ᠦ᠋ᠨ ᠦᠨᠡᠨ ᠴᠢᠨᠠᠷ ᠲᠡᠭᠦᠨ ᠳ᠋ᠦ᠍ ᠪᠢᠰᠢ᠂ ᠪᠤᠰᠤᠳ ᠤ᠋ᠨ ᠮᠠᠲᠠᠯ ᠢ᠋ᠶ᠋ᠠᠷ ᠶᠠᠮᠠᠷ ᠨᠢᠭᠡᠨ ᠬᠥᠮᠦᠨ ᠲᠡᠢ ᠥᠪᠡᠷ ᠦ᠋ᠨ ᠡᠷᠬᠡ ᠦᠭᠡᠢ ᠰᠠᠭᠤᠬᠤ ᠪᠠᠨ ᠣᠷᠣ ᠲᠠᠰᠤ ᠮᠠᠷᠲᠠᠨ᠂ ᠥᠪᠡᠷ ᠢ᠋ᠶ᠋ᠡᠨ ᠬᠦᠰᠡᠨ ᠮᠥᠷᠥᠭᠡᠳᠳᠡᠭ ᠢ᠋ ᠥᠪᠡᠷ ᠤᠷᠤᠭᠤ ᠪᠠᠨ ᠲᠠᠲᠠᠬᠤ ᠭᠡᠰᠡᠨ ᠣᠩᠭᠣᠨ ᠰᠡᠳᠬᠢᠯ ᠨᠢ ᠲᠡᠷᠡ ᠠᠵᠢ᠃ 
       ᠨᠣᠶᠠᠳ ᠤ᠋ᠨ ᠬᠠᠲᠤᠳ ᠪᠣᠯᠪᠠᠴᠤ ᠬᠡᠲᠦᠷᠬᠡᠢ ᠶᠡᠬᠡ ᠶ᠋ᠢ ᠬᠦᠰᠡᠨ ᠰᠠᠨᠳᠤᠷᠴᠤ ᠮᠡᠲᠡᠭᠡᠭᠡᠳ ᠪᠠᠷᠠᠰᠢ ᠦᠭᠡᠢ ᠶᠡᠬᠡ ᠶ᠋ᠢ ᠦᠢᠯᠡᠴᠢᠨ ᠰᠦᠨᠴᠢᠨ ᠨᠦ᠍ᠭᠦᠳ ᠢ᠋ᠶ᠋ᠡᠷ ᠮᠡᠲᠡᠭᠡᠭᠦᠯᠦᠨ ᠲᠡᠪᠡᠳᠡᠭᠦᠯᠦᠨ᠎ᠡ᠃ ᠶᠡᠷᠦ ᠬᠡᠨ ᠦ᠌ ᠳ᠋ᠦ᠍ ᠪᠣᠯᠪᠠᠴᠤ ᠶᠠᠭᠤᠮ᠎ᠠ ᠶᠠᠭᠠᠬᠢᠭ᠎ᠠ ᠴᠦ᠍ ᠦᠭᠡᠢ᠂ ᠪᠤᠷᠬᠠᠨ ᠳ᠋ᠤ᠌ ᠲᠠᠯᠪᠢᠬᠤ ᠤᠭᠤᠴᠠ ᠯᠠ ᠭᠡᠨ᠎ᠡ᠂ ᠪᠢᠲᠡᠭᠦᠯᠡᠬᠦ ᠭᠡᠵᠦ ᠥᠭᠡᠷ᠎ᠡ ᠨᠢᠭᠡ ᠬᠡᠷᠡᠭᠲᠡᠢ᠃ ᠪᠡᠯᠭᠡ ᠳᠡᠮᠪᠡᠷᠢᠯ ᠭᠡᠵᠦ ᠪᠣᠳᠣᠬᠤ ᠠ᠋ᠴᠠ ᠭᠠᠳᠠᠨ᠎ᠠ ᠪᠡᠶ᠎ᠡ ᠪᠡᠶ᠎ᠡ ᠳ᠋ᠡᠭᠡᠨ ᠭᠠᠢᠬᠠᠭᠤᠯᠬᠤ ᠭᠡᠰᠡᠨ ᠬᠥᠮᠦᠰ ᠲᠦ᠍ ᠬᠣᠨᠢᠨ ᠲᠣᠭᠣᠭ᠎ᠠ ᠭᠡᠵᠦ ᠨᠡᠷᠡᠯᠡᠭᠳᠡᠳᠡᠭ ᠬᠠᠮᠤᠭ ᠤ᠋ᠨ ᠲᠣᠮᠣ ᠲᠣᠭᠣᠭᠠᠨ ᠳ᠋ᠤ᠌ ᠪᠠᠭᠲᠠᠬᠤ ᠦᠭᠡᠢ ᠲᠣᠮᠣ ᠤᠭᠤᠴᠠ ᠪᠣᠯᠪᠠᠴᠤ ᠰᠡᠳᠬᠢᠯ ᠳ᠋ᠦ᠍ ᠴᠢᠮᠠᠯᠠᠭᠳᠠᠨ᠎ᠠ᠃ ᠭᠠᠮᠢᠩ ᠤ᠋ᠨ ᠪᠠᠷᠢᠶ᠎ᠠ ᠶᠠᠪᠤᠭᠰᠠᠨ ᠠ᠋ᠴᠠ ᠬᠣᠢᠰᠢ《ᠬᠦᠷᠢᠶᠡᠨ ᠳ᠋ᠦ᠍ ᠭᠠᠮᠢᠩ ᠬᠥᠮᠦᠨ ᠠᠮᠢᠲᠠᠨ ᠢ᠋ ᠲᠣᠨᠣᠨ ᠳᠡᠭᠡᠷᠡᠮᠳᠡᠬᠦ ᠨᠢ ᠵᠢᠭᠲᠡᠢᠬᠡᠨ》 ᠭᠡᠰᠡᠨ ᠶᠡᠬᠡ ᠱᠤᠤᠭᠢᠶᠠᠨ ᠵᠦᠭ ᠪᠣᠯᠭᠠᠨ ᠳᠠᠷᠬᠠᠨ᠂ ᠬᠥᠳᠡᠭᠡ ᠶ᠋ᠢᠨ ᠬᠥᠮᠦᠰ ᠬᠦᠷᠢᠶ᠎ᠡ ᠣᠷᠣᠵᠤ ᠢᠷᠡᠬᠦ ᠨᠢ ᠴᠥᠭᠡᠷᠡᠭᠰᠡᠨ ᠤᠴᠢᠷ ᠮᠠᠯ ᠮᠢᠬ᠎ᠠ ᠬᠣᠪᠣᠷᠳᠠᠭᠰᠠᠨ ᠢ᠋ ᠬᠡᠯᠡᠬᠦ ᠤᠤ? ᠬᠠᠮᠢᠭ᠎ᠠ ᠯᠠ ᠪᠣᠯ ᠬᠠᠮᠢᠭ᠎ᠠ ᠤᠭᠤᠴᠠᠨ ᠤ᠋ ᠡᠷᠢᠯ᠂ ᠡᠭᠦᠨ ᠡᠴᠡ ᠴᠠᠭᠠᠰᠢ ᠲᠠᠪᠠᠭ ᠲᠤ ᠬᠢᠬᠦ ᠨᠠᠷᠢᠨ ᠪᠣᠣᠪᠣ᠂ ᠰᠢᠬᠢᠷ ᠵᠢᠮᠢᠰ᠂ ᠠᠬ᠎ᠠ ᠵᠠᠬ᠎ᠠ ᠬᠥᠮᠦᠰ ᠢ᠋ ᠵᠣᠴᠢᠯᠠᠬᠤ ᠠᠷᠢᠬᠢ ᠳᠠᠷᠠᠰᠤ᠂ ᠶᠡᠷᠦ ᠬᠡᠷᠡᠭ ᠪᠣᠯᠭᠠᠨ ᠢ᠋ ᠬᠤᠷᠤᠭᠤ ᠳᠠᠷᠤᠨ ᠲᠣᠭᠠᠯᠠᠬᠤ ᠳᠣᠳᠣᠮ᠂ ᠳᠣᠣᠷ᠎ᠠ ᠠ᠋ᠴᠠ ᠨᠡᠮᠡᠭᠳᠡᠨ ᠭᠠᠷᠴᠤ ᠢᠷᠡᠬᠦ ᠶ᠋ᠢ ᠶᠠᠭᠠᠬᠢᠯ᠎ᠠ᠃ ᠬᠥᠳᠡᠭᠡ ᠶ᠋ᠢᠨ  ᠮᠠᠯᠴᠢᠳ《ᠬᠦᠷᠢᠶ᠎ᠡ ᠬᠥᠮᠦᠰ ᠣᠩᠭᠢᠷᠭᠠᠨ᠂ ᠴᠠᠭᠠᠨ ᠰᠠᠷ᠎ᠠ ᠪᠣᠯᠬᠤ ᠳ᠋ᠤ᠌ ᠡᠳᠦᠢ ᠲᠡᠳᠦᠢ ᠥᠷᠢ ᠰᠢᠷᠢ ᠬᠢᠵᠦ ᠣᠷᠬᠢᠭᠠᠳ ᠥᠩᠭᠡᠷᠡᠮᠡᠭᠴᠡ ᠨᠢ ᠭᠡᠷ ᠢ᠋ᠶ᠋ᠡᠨ ᠬᠤᠳᠠᠯᠳᠤᠨ ᠲᠥᠯᠥᠳᠡᠭ ᠶᠦᠮ ᠭᠡᠨ᠎ᠡ ᠪᠢᠯᠡ》 ᠴᠦ᠍ ᠭᠡᠬᠦ ᠰᠢᠭ᠂《ᠨᠢᠭᠡ ᠠᠢᠯ ᠪᠤᠷᠬᠠᠨ ᠳ᠋ᠠᠭᠠᠨ ᠲᠠᠯᠪᠢᠭᠰᠠᠨ ᠢᠳᠡᠭᠡᠨ ᠦ᠌ ᠪᠡᠨ ᠳᠣᠣᠷ᠎ᠠ ᠬᠤᠸᠠᠩᠽᠢ ᠲᠠᠢ ᠴᠠᠢ ᠲᠠᠯᠪᠢᠭᠰᠠᠨ ᠢ᠋ ᠨᠢ ᠠᠯᠢ ᠢᠷᠡᠭᠰᠡᠨ ᠵᠣᠴᠢᠳ ᠠᠷᠢᠬᠢᠨ ᠳ᠋ᠤ᠌ ᠰᠣᠭᠲᠣᠨ ᠬᠤᠸᠠᠩᠽᠢ ᠶ᠋ᠢ ᠢᠰᠬᠦᠯᠬᠦ ᠳ᠋ᠦ᠍ ᠳᠣᠲᠣᠷ᠎ᠠ ᠠ᠋ᠴᠠ ᠨᠢ ᠲᠤᠢᠫᠤᠤ ᠨᠤᠭᠤᠳ ᠦᠰᠦᠷᠦᠨ ᠭᠠᠷᠤᠭᠰᠠᠨ ᠭᠡᠨ᠎ᠡ ᠪᠢᠯᠡ》 ᠭᠡᠬᠦᠴᠢᠯᠡᠨ ᠢ᠋ᠶ᠋ᠡᠷ ᠱᠣᠣᠯᠠᠨ ᠬᠡᠯᠡᠯᠴᠡᠬᠦ ᠨᠢ ᠦᠨᠡᠨ ᠲᠡᠢ ᠴᠦ᠍ ᠪᠠᠢᠵᠤ ᠮᠡᠳᠡᠨ᠎ᠡ᠃ ᠶᠠᠭᠤ ᠴᠦ᠍ ᠠᠲᠤᠭᠠᠢ᠂ ᠴᠠᠭᠠᠨ ᠰᠠᠷ᠎ᠠ ᠶ᠋ᠢᠨ ᠮᠥᠷ ᠳᠡᠭᠡᠷ᠎ᠡ ᠡᠴᠡ ᠴᠥᠭᠡᠨ ᠦᠭᠡᠢ ᠭᠡᠷ ᠪᠦᠯᠢ ᠳ᠋ᠦ᠍ ᠠᠭᠤᠷ ᠪᠤᠬᠢᠨᠢᠳᠤᠯ᠂ ᠬᠡᠷᠡᠭᠦᠯ ᠬᠢᠮᠤᠷᠠᠯᠳᠤᠭᠠᠨ ᠤᠬᠢᠯᠠᠭᠠᠨ ᠤᠨᠵᠢᠭᠠᠨ ᠭᠠᠷᠤᠨ᠎ᠠ᠃ ᠬᠠᠷᠢᠨ ᠬᠡᠦᠬᠡᠳ ᠪᠠᠭᠠᠴᠤᠳ ᠠᠮᠲᠠᠲᠤ ᠰᠠᠢᠨ ᠢ᠋ ᠬᠠᠨᠲᠠᠯ᠎ᠠ ᠪᠠᠨ ᠢᠳᠡᠬᠦ᠂ ᠠᠢᠯ ᠭᠡᠷ ᠦ᠋ᠳ ᠢ᠋ᠶ᠋ᠡᠷ ᠡᠷᠡᠭᠡ᠂ ᠴᠡᠭᠡᠷ ᠦᠭᠡᠢ ᠴᠦ᠍ ᠭᠡᠰᠡᠨ ᠪᠡᠯᠡᠭ ᠰᠡᠯᠲᠡ ᠶ᠋ᠢ ᠠᠪᠤᠨ᠎ᠠ ᠭᠡᠵᠦ ᠪᠠᠶᠠᠷᠯᠠᠬᠤ ᠳ᠋ᠠᠭᠠᠨ ᠥᠷᠯᠥᠭᠡ ᠪᠦᠷᠢ᠂ ᠬᠣᠨᠣᠭ ᠲᠣᠭᠠᠯᠠᠨ ᠬᠦᠯᠢᠶᠡᠨ᠎ᠡ᠃   
       ᠪᠠᠯᠳᠠᠨᠴᠡᠷᠢᠩ ᠱᠠᠪᠢ ᠲᠠᠢ ᠪᠠᠨ ᠰᠡᠳᠬᠢᠯ ᠠᠮᠤᠷ ᠪᠠᠢᠪᠠ᠃ ᠠᠷᠢᠬᠢ ᠳᠡᠷᠡᠰᠦᠨ ᠦ᠌ ᠵᠦᠢᠯ ᠢ᠋ ᠨᠢᠭᠡ ᠶᠣᠰᠣᠨ ᠳ᠋ᠠᠭᠠᠨ ᠬᠣᠣᠷᠲᠤ ᠢᠳᠡᠭᠡᠨ ᠭᠡᠵᠦ ᠦᠵᠡᠳᠡᠭ ᠲᠤᠯᠠ ᠲᠡᠭᠦᠨ ᠦ᠌ ᠲᠤᠬᠠᠢ ᠪᠣᠳᠣᠬᠤ ᠶᠠᠭᠤᠮ᠎ᠠ ᠠᠯᠠᠭ᠎ᠠ᠃ ᠪᠤᠷᠬᠠᠨ ᠳ᠋ᠠᠭᠠᠨ ᠨᠢᠭᠡ ᠲᠠᠪᠠᠭ ᠢᠳᠡᠭᠡ᠂ ᠪᠢᠲᠡᠭᠦᠯᠭᠡ ᠶ᠋ᠢᠨ ᠮᠢᠬ᠎ᠠ᠂ ᠬᠡᠳᠦᠨ ᠤᠳᠠᠭ᠎ᠠ ᠴᠢᠨᠠᠬᠤ ᠪᠠᠩᠰᠢ ᠡᠳᠡᠭᠡᠷ ᠢ᠋ ᠪᠡᠯᠡᠳᠬᠡᠭᠰᠡᠨ ᠢ᠋ᠶ᠋ᠡᠷ ᠰᠡᠳᠬᠢᠯ ᠠᠮᠤᠷ ᠰᠠᠭᠤᠨ᠎ᠠ᠃ ᠬᠠᠷᠢᠨ ᠥᠨᠥᠬᠢ ᠡᠮᠡᠭᠲᠡᠢ ᠶ᠋ᠢᠨ ᠲᠤᠬᠠᠢ ᠳ᠋ᠤ᠌ ᠭᠡᠪᠡᠯ᠂ ᠪᠠᠯᠳᠠᠨᠴᠡᠷᠢᠩ ᠡᠨᠡ ᠵᠠᠪᠰᠠᠷ ᠲᠡᠭᠦᠨ ᠦ᠌ ᠪᠡᠨ ᠨᠡᠷ᠎ᠡ ᠶ᠋ᠢ ᠣᠶᠤᠨᠳᠠᠷᠢ ᠭᠡᠳᠡᠭ ᠢ᠋ ᠮᠡᠳᠡᠵᠡᠢ᠃ ᠣᠶᠣᠨᠳᠠᠷᠢ ᠭᠡᠳᠡᠭ ᠨᠡᠷ᠎ᠡ ᠶ᠋ᠢ ᠪᠠᠯᠳᠠᠨᠴᠡᠷᠢᠩ ᠥᠪᠡᠷ ᠡᠴᠡ ᠨᠢ ᠠᠰᠠᠭᠤᠵᠤ ᠮᠡᠳᠡᠭᠰᠡᠨ ᠪᠢᠰᠢ᠂ ᠨᠢᠭᠡ ᠤᠳᠠᠭ᠎ᠠ ᠵᠢᠯᠣᠭᠣᠴᠢ ᠲᠦᠪᠰᠢᠨ ᠦ᠌ ᠲᠡᠢᠨ ᠬᠦ᠌ ᠳᠠᠭᠤᠳᠠᠬᠤ ᠳ᠋ᠤᠨᠢ ᠮᠡᠳᠡᠵᠦ ᠠᠪᠴᠠᠢ᠃ 
       ᠡᠴᠢᠭᠡ ᠨᠢ ᠪᠠᠯᠰᠠᠨᠵᠠᠪ ᠬᠡᠮᠡᠬᠦ ᠵᠢᠷ ᠦ᠋ᠨ ᠨᠢᠭᠡᠨ ᠪᠠᠶᠠᠨ ᠬᠥᠮᠦᠨ ᠪᠣᠯᠬᠤ ᠶ᠋ᠢ ᠰᠠᠮ ᠰᠤᠷᠪᠤᠯᠵᠢᠯᠠᠨ ᠮᠡᠳᠡᠭᠰᠡᠨ ᠪᠠᠢᠯ᠎ᠠ᠃ ᠡᠭᠦᠨᠴᠢᠯᠡᠨ ᠣᠶᠤᠨᠳᠠᠷᠢ ᠪᠠᠯᠳᠠᠨᠴᠡᠷᠢᠩ ᠡᠴᠡ ᠨᠡᠷ᠎ᠡ ᠶ᠋ᠢ ᠨᠢ ᠠᠰᠠᠭᠤᠭᠰᠠᠨ ᠤᠳᠠᠭ᠎ᠠ ᠦᠭᠡᠢ ᠪᠣᠯᠪᠠᠴᠤ ᠪᠠᠰᠠ ᠯᠠ ᠠᠯᠢ ᠬᠡᠳᠦᠢᠨ ᠦ᠌ ᠣᠢᠯᠠᠭᠠᠭᠠᠳ  ᠮᠡᠳᠡᠴᠢᠭᠰᠡᠨ ᠪᠠᠢᠯ᠎ᠠ᠃  
       ᠣᠳᠣ ᠣᠶᠤᠨᠳᠠᠷᠢ ᠴᠠᠭᠠᠨ ᠰᠠᠷ᠎ᠠ ᠪᠣᠯᠬᠤ ᠭᠡᠵᠦ ᠪᠠᠢᠭ᠎ᠠ ᠳ᠋ᠤ᠌ ᠰᠡᠳᠬᠢᠯ ᠨᠢ ᠶᠣᠰᠣᠲᠠᠢ ᠭᠦᠨ ᠬᠥᠳᠡᠯᠵᠦ ᠪᠣᠢ ᠠᠵᠢ᠃ ᠡᠴᠢᠭᠡ ᠡᠴᠡ ᠪᠡᠨ ᠦᠢᠲᠠᠩ ᠬᠤᠸᠠᠷ ᠤ᠋ᠨ ᠳᠡᠪᠡᠯ᠂ ᠤᠲᠠᠰᠤ ᠬᠠᠳᠬᠤᠮᠠᠯ᠂ ᠭᠤᠲᠤᠯ᠂ ᠰᠤᠪᠤᠳ ᠤ᠋ᠨ ᠳᠠᠷᠤᠭᠤᠯᠤᠭ᠎ᠠ᠂ ᠰᠢᠨᠠᠨ ᠤ᠋ ᠰᠠᠨᠵᠢᠭᠤᠷᠭ᠎ᠠ᠂ ᠠᠯᠲᠠᠨ ᠡᠭᠡᠮᠦᠭ᠂ ᠰᠤᠤᠳᠤᠨ ᠴᠢᠬᠢᠲᠡᠢ ᠮᠢᠨᠵᠢᠨ ᠮᠠᠯᠠᠭᠠᠢ ᠭᠡᠬᠦᠴᠢᠯᠡᠨ ᠢ᠋ ᠠᠶᠤᠮᠰᠢᠭ ᠦᠭᠡᠢ ᠳᠤᠷᠠᠳᠤᠨ ᠱᠠᠭᠠᠷᠳᠠᠨ᠎ᠠ᠃ ᠤᠷᠢᠳ ᠡᠮᠦᠨ᠎ᠡ ᠣᠶᠤᠨᠳᠠᠷᠢ ᠢᠩᠭᠢᠳᠡᠭ ᠦᠭᠡᠢ ᠪᠠᠢᠭᠰᠠᠨ ᠤ᠋ ᠬᠤᠪᠢ ᠳ᠋ᠤ᠌ ᠡᠴᠢᠭᠡ ᠨᠢ ᠭᠠᠢᠬᠠᠨ ᠡᠬᠡᠨᠡᠷ ᠲᠡᠢ ᠪᠡᠨ ᠰᠠᠮ ᠶᠠᠷᠢᠯᠴᠠᠨ᠎ᠠ᠃  
       — ᠠ ᠬᠥ ᠡᠬᠡᠨᠡᠷ ᠠ᠋᠂ ᠥᠬᠢᠨ ᠶᠠᠭᠤ ᠪᠣᠯᠬᠤ ᠨᠢ ᠡᠨᠡ ᠪᠣᠢ? ᠭᠤᠶᠤᠨ ᠭᠣᠣᠳᠠᠬᠤ ᠶ᠋ᠢ ᠮᠥᠷᠥᠭᠡᠳᠦᠨ ᠥᠨᠳᠥᠷ ᠦᠨ᠎ᠡ ᠲᠡᠢ ᠪᠦᠬᠦᠨ ᠢ᠋ ᠨᠡᠬᠡᠨ ᠱᠠᠭᠠᠷᠳᠠᠭᠠᠳ ᠪᠣᠯᠬᠤ ᠪᠠᠨ ᠪᠣᠯᠢᠪᠠ᠃  
       — ᠡᠪᠦᠭᠡᠨ ᠮᠢᠨᠢ ᠣᠳᠣ ᠶᠠᠭᠠᠬᠢᠶ᠎ᠠ ᠭᠡᠬᠦ ᠪᠣᠢ? ᠡᠮᠦᠰᠬᠦ ᠡᠳ᠋ᠯᠡᠬᠦ ᠬᠣᠶᠠᠷ ᠢ᠋ ᠬᠦᠰᠡᠳᠡᠭ ᠴᠠᠭ ᠨᠢ ᠪᠣᠯᠤᠭᠠᠳ ᠯᠠ ᠲᠡᠷᠡ ᠰᠢᠦ ᠳᠡ ᠠ᠋᠃ 
       — ᠵᠠ ᠭᠡᠵᠦ ᠨᠥᠬᠥᠷ ᠨᠢ ᠠᠮᠠ ᠪᠠᠨ ᠠᠩᠭᠠᠢᠯᠭᠠᠨ ᠡᠬᠡᠨᠡᠷ ᠢ᠋ᠶ᠋ᠡᠨ ᠰᠢᠷᠳᠡᠭᠡᠳ᠄ ᠡᠨᠡ ᠴᠢᠨᠢ ᠴᠣᠬᠣᠮ ᠶᠠᠭᠤ ᠭᠡᠰᠡᠨ ᠦᠭᠡ ᠪᠠᠢᠨ᠎ᠠ ᠳᠠ?  
       — ᠠ᠋᠂ ᠴᠢ ᠪᠣᠳᠣ᠂ ᠴᠢᠨᠠᠳᠤᠬᠢ ᠴᠢᠨᠢ ᠠᠷᠪᠠᠨ ᠶᠢᠰᠦ ᠬᠦᠷᠴᠦ ᠪᠠᠢᠭ᠎ᠠ ᠪᠢᠰᠢ ᠤᠤ?   
       — ᠠᠷᠪᠠᠨ ᠶᠢᠰᠦ ᠬᠦᠷᠬᠦ ᠶᠠᠭᠤᠨ ᠤ᠋ ᠬᠠᠮᠢᠶ᠎ᠠ᠂ ᠶᠠᠮᠠᠷ ᠪᠤᠰᠤᠳ ᠤ᠋ᠨ ᠥᠬᠢᠨ ᠲᠡᠢ ᠠᠳᠠᠯᠢ ᠭᠠᠳᠠᠭᠤᠷ ᠳᠣᠲᠣᠭᠤᠷ ᠶᠠᠪᠤᠨ ᠡᠨᠡ ᠲᠡᠷᠡ ᠬᠥᠮᠦᠨ ᠤᠷᠤᠭᠤ ᠲᠠᠲᠠᠭᠳᠠᠳᠠᠭ ᠪᠢᠰᠢ ᠰᠢᠦ ᠳᠡ ᠠ᠋᠃  
       — ᠬᠠᠷᠢᠨ ᠲᠡᠷᠡ ᠶᠠᠭᠤᠨ ᠤ᠋ ᠬᠠᠮᠢᠶ᠎ᠠ᠃ ᠨᠠᠰᠤ ᠪᠡᠶ᠎ᠡ ᠬᠣᠶᠠᠷ ᠭᠦᠢᠴᠡᠬᠦ ᠪᠡᠷ ᠥᠪᠡᠷ ᠦ᠋ᠨ ᠡᠷᠬᠡ ᠦᠭᠡᠢ ᠨᠢᠭᠡ ᠶ᠋ᠢ ᠬᠦᠰᠡᠨ ᠬᠣᠶᠠᠷ ᠢ᠋ ᠮᠥᠷᠥᠭᠡᠳᠦᠭᠦᠯᠬᠦ ᠰᠢᠦ ᠳᠡ᠃ 
       — ᠵᠠ᠂ ᠲᠡᠭᠡᠪᠡᠯ ᠬᠡᠷᠡᠭ ᠶᠠᠪᠤᠳᠠᠯ ᠪᠦᠷ ᠪᠢᠰᠢᠳᠡᠬᠦ ᠨᠢ ᠪᠠᠢᠨ᠎ᠠ ᠳᠠ᠃  
       — ᠦᠭᠡᠢ᠂ ᠴᠢ  ᠪᠢᠰᠢᠳᠡᠬᠦ ᠨᠢ ᠭᠡᠵᠦ ᠴᠣᠬᠣᠮ ᠶᠠᠭᠤ ᠬᠡᠯᠡᠭᠡᠳ ᠪᠠᠢᠨ᠎ᠠ ᠪᠣᠢ? 
       — ᠶᠠᠭᠠᠬᠢᠬᠤᠪ? ᠡᠨᠡ ᠡᠨᠡᠬᠡᠨ ᠱᠠᠭᠠᠷᠳᠠᠵᠤ ᠪᠠᠢᠭ᠎ᠠ ᠶ᠋ᠢ ᠨᠢ ᠶᠠᠭᠤ ᠴᠦ᠍ ᠭᠡᠰᠡᠨ ᠡᠨᠡ ᠵᠢᠯ ᠳ᠋ᠡᠭᠡᠨ ᠠᠪᠴᠤ ᠥᠭᠬᠦ ᠶ᠋ᠢᠨ ᠬᠡᠷᠡᠭ ᠦᠭᠡᠢ ᠪᠢᠰᠢ ᠤᠤ? 
       ᠡᠬᠡᠨᠡᠷ ᠨᠢ ᠳᠥᠴᠢ ᠭᠠᠷᠤᠢ ᠨᠠᠰᠤᠲᠠᠢ᠂ ᠪᠡᠶ᠎ᠡ ᠪᠢᠯᠳᠠᠷ ᠢ᠋ᠶ᠋ᠠᠷ ᠪᠦᠳᠦᠭᠦᠪᠲᠦᠷ᠂ ᠵᠢᠰᠦ ᠴᠢᠷᠠᠢ ᠲᠤᠩᠭᠠᠯᠠᠭ᠂ ᠰᠠᠨᠠᠨ ᠰᠡᠳᠬᠢᠬᠦ ᠪᠡᠷ ᠠᠷᠢᠭᠤᠨ ᠪᠣᠯᠣᠳ ᠠᠮᠤᠭᠤᠯᠠᠩ ᠠᠪᠠᠭᠠᠢ᠂ ᠡᠷ᠎ᠡ ᠶ᠋ᠢᠨ ᠢ᠋ᠶ᠋ᠡᠨ ᠦᠭᠡ ᠶ᠋ᠢ ᠵᠥᠪ ᠴᠦ᠍ ᠶᠦᠮ ᠤᠤ ᠭᠡᠵᠦ ᠪᠣᠳᠣᠪᠠᠴᠤ ᠥᠪᠡᠷ ᠢ᠋ᠶ᠋ᠡᠨ ᠠᠷᠪᠠ ᠶᠢᠰᠦᠲᠡᠢ ᠪᠠᠢᠬᠤ ᠳ᠋ᠠᠭᠠᠨ ᠴᠣᠬᠣᠮ ᠶᠠᠭᠤ ᠶᠠᠭᠤᠨ ᠤ᠋ ᠬᠦᠰᠡᠯ ᠮᠥᠷᠥᠭᠡᠳᠦᠯ ᠪᠣᠯᠵᠤ ᠪᠠᠢᠭᠰᠠᠨ ᠢ᠋ ᠨᠢᠭᠡᠳ ᠨᠢᠭᠡ  ᠦᠭᠡᠢ ᠡᠷᠭᠢᠴᠡᠭᠦᠯᠦᠨ ᠪᠣᠳᠣᠬᠤ ᠠᠵᠢ᠃ 
       — ᠦᠭᠡᠢ ᠠᠪᠴᠤ ᠥᠭᠭᠦᠶ᠎ᠡ᠃ ᠨᠢᠭᠡ ᠳ᠋ᠦ᠍ ᠴᠢᠨᠠᠳᠤᠬᠢ ᠴᠢᠨᠢ ᠭᠤᠨᠢᠨ ᠭᠤᠲᠤᠷᠠᠬᠤ ᠳ᠋ᠤ᠌ ᠬᠦᠷᠦᠨ᠎ᠡ᠃ ᠬᠣᠶᠠᠷ ᠲᠤ ᠪᠡᠯᠡᠨ ᠪᠠᠢᠭ᠎ᠠ ᠪᠤᠶᠠᠨ ᠢ᠋ ᠪᠢᠳᠡ ᠬᠡᠨ ᠳ᠋ᠡᠭᠡᠨ ᠭᠡᠵᠦ ᠬᠠᠪᠲᠠᠷᠠᠨ ᠰᠠᠭᠤᠬᠤ ᠪᠣᠢ? ᠣᠳᠣ ᠠ᠋ᠴᠠ ᠡᠬᠢᠯᠡᠨ ᠡᠳ᠋ᠯᠡᠭ᠂ ᠡᠳ᠋ᠯᠡᠭᠦᠯᠵᠦ ᠴᠦ᠍ ᠪᠠᠢᠯ ᠦᠭᠡᠢ ᠭᠣᠷᠢ ᠦᠭᠡᠢ ᠭᠡᠵᠦ ᠵᠢᠳᠬᠦᠨ᠎ᠡ᠃ 
       ᠤᠭ ᠨᠢ ᠶᠠᠭ ᠠᠷᠪᠠ ᠶᠢᠰᠦᠨ ᠨᠠᠰᠤᠨ ᠳᠡᠭᠡᠷ᠎ᠡ ᠪᠡᠨ ᠴᠦ᠍ ᠪᠢᠰᠢ᠂ ᠬᠡᠵᠢᠶ᠎ᠡ ᠨᠢᠭᠡ ᠢᠩᠭᠢᠵᠦ ᠭᠤᠶᠤᠵᠤ ᠭᠠᠩᠭᠠᠯᠠᠬᠤ ᠶ᠋ᠢ ᠬᠦᠰᠡᠬᠦ ᠪᠣᠯᠬᠤ᠂ ᠴᠣᠬᠣᠮ ᠲᠡᠷᠡ ᠴᠠᠭ ᠲᠠᠭᠠᠨ ᠥᠪᠡᠷ ᠦ᠋ᠨ ᠬᠢᠨᠢ ᠰᠠᠨᠠᠭᠰᠠᠨ ᠪᠣᠳᠣᠯ ᠢ᠋ ᠨᠢᠢ ᠨᠣᠤ ᠦᠭᠡᠢ ᠶᠠᠷᠢᠭᠠᠳ ᠪᠠᠰᠠ ᠲᠡᠷᠡ ᠪᠣᠳᠣᠯ ᠬᠦᠰᠡᠯ ᠨᠢ ᠥᠪᠡᠷᠰᠡᠳ ᠦ᠋ᠨ ᠬᠢᠨᠢ ᠪᠣᠳᠣᠵᠤ ᠰᠠᠨᠠᠳᠠᠭ ᠲᠠᠢ ᠤᠶᠠᠯᠳᠤᠪᠠᠯ ᠰᠠᠶᠢ ᠥᠬᠢᠨ ᠦ᠌ ᠪᠡᠨ ᠰᠢᠬᠠᠵᠤ ᠱᠠᠭᠠᠷᠳᠠᠵᠤ ᠪᠠᠢᠭ᠎ᠠ ᠪᠠᠷ ᠪᠣᠯᠭᠠᠶ᠎ᠠ ᠭᠡᠵᠦ ᠡᠴᠢᠭᠡ ᠡᠬᠡ ᠬᠣᠶᠠᠷ ᠨᠢ ᠪᠣᠳᠣᠵᠤ ᠪᠠᠢᠭᠰᠠᠨ ᠪᠠᠢᠵᠠᠢ᠃ ᠭᠡᠲᠡᠯ᠎ᠡ ᠡᠬᠡ ᠳ᠋ᠦ᠍ᠨᠢ ᠥᠬᠢᠨ ᠦ᠌ ᠪᠡᠨ ᠡᠢᠨ ᠬᠦ᠌ ᠠᠭᠠᠰᠢᠯᠠᠬᠤ ᠪᠣᠯᠤᠭᠰᠠᠨ ᠨᠢ ᠮᠡᠳᠡᠵᠦ ᠪᠣᠯᠣᠰᠢ ᠦᠭᠡᠢ ᠨᠢᠭᠤᠴᠠ᠂ ᠮᠡᠳᠡᠯ᠎ᠡ ᠴᠦ᠍ ᠲᠡᠭᠦᠨ ᠢ᠋ ᠪᠡᠨ ᠰᠠᠭᠤᠭᠰᠠᠨ ᠡᠷ᠎ᠡ ᠳ᠋ᠡᠭᠡᠨ ᠬᠡᠯᠡᠯ᠎ᠡ ᠭᠡᠳᠡᠭ ᠨᠢ ᠮᠢᠩᠭᠠᠨ ᠯᠠᠩ᠂  ᠠᠮᠠᠯᠠᠪᠠᠴᠤ ᠠᠮᠠᠨ ᠠ᠋ᠴᠠ ᠨᠢ ᠭᠠᠷᠴᠤ ᠪᠣᠯᠣᠰᠢ ᠦᠭᠡᠢ ᠰᠠᠨᠠᠭᠳᠠᠳᠠᠭ ᠪᠠᠢᠵᠠᠢ᠃  
       ᠡᠷ᠎ᠡ ᠨᠢ ᠪᠣᠯ ᠮᠥᠨ ᠯᠡ ᠰᠠᠢᠬᠠᠨ ᠰᠠᠨᠠᠭᠠᠲᠤ ᠠᠮᠤᠭᠤᠯᠠᠩ ᠲᠠᠢᠪᠤᠩ ᠬᠥᠮᠦᠨ᠂ ᠪᠠᠭ᠎ᠠ ᠨᠠᠰᠤᠨ ᠳ᠋ᠠᠭᠠᠨ ᠡᠴᠢᠭᠡ ᠶ᠋ᠢᠨ ᠱᠠᠭᠠᠷᠳᠠᠯᠭ᠎ᠠ ᠪᠠᠷ ᠨᠣᠮ ᠰᠤᠷᠬᠤ ᠭᠡᠵᠦ ᠨᠡᠯᠢᠶᠡᠳ ᠣᠷᠣᠯᠳᠣᠭᠰᠠᠨ ᠪᠣᠯᠪᠠᠴᠤ ᠢᠳᠡᠪᠬᠢ ᠣᠷᠣᠯᠳᠣᠯᠭ᠎ᠠ ᠮᠠᠭᠤᠲᠠᠢ ᠪᠣᠯᠤᠭᠠᠳ ᠭᠠᠪᠢᠭᠰᠠᠨ ᠦᠭᠡᠢ᠃ ᠣᠳᠣ ᠴᠦ᠍ ᠭᠡᠰᠡᠨ ᠨᠣᠮ ᠦᠵᠡᠬᠦ ᠪᠡᠷ ᠨᠢᠳᠦ ᠨᠢ ᠡᠷᠢᠶᠡᠯᠵᠢᠯᠡᠨ ᠨᠣᠢᠷ ᠨᠢ ᠬᠦᠷᠦᠨ᠎ᠡ᠃ ᠡᠢᠮᠦ ᠪᠡᠷ ᠢ᠋ᠶ᠋ᠡᠨ ᠪᠠᠯᠰᠠᠨᠵᠠᠪ ᠭᠠᠭᠴᠠ ᠥᠬᠢᠨ ᠢ᠋ᠶ᠋ᠡᠨ ᠨᠣᠮ ᠪᠢᠴᠢᠭ ᠰᠤᠷᠭᠠᠬᠤ ᠶ᠋ᠢᠨ ᠲᠥᠯᠥᠭᠡ ᠪᠣᠳᠣᠮ᠎ᠠ ᠦᠭᠡᠢ ᠪᠠᠢᠪᠠᠴᠤ ᠤᠷᠢᠲᠠᠢ ᠨᠢ ᠬᠣᠶᠠᠷ ᠬᠡᠦᠬᠡᠳ ᠲᠥᠷᠥᠨ ᠡᠨᠳᠡᠭᠰᠡᠨ ᠤᠴᠢᠷ ᠣᠶᠤᠨᠳᠠᠷᠢ ᠳᠡᠭᠡᠷ᠎ᠡ ᠬᠥᠯ ᠬᠣᠷᠢᠨ ᠡᠩᠬᠦᠷᠡᠢᠯᠡᠭᠰᠡᠨ ᠪᠥᠭᠡᠳ ᠠᠷᠪᠠ ᠶᠢᠰᠦ ᠬᠦᠷᠦᠭᠡᠳ ᠭᠠᠳᠠᠭᠰᠢ ᠭᠠᠷᠬᠤ᠂ ᠪᠤᠰᠤᠳ ᠬᠡᠦᠬᠡᠳ ᠪᠠᠭᠠᠴᠤᠳ ᠲᠠᠢ ᠡᠷᠬᠡᠯᠡᠨ ᠲᠣᠭᠯᠠᠬᠤ ᠭᠡᠵᠦ ᠲᠡᠮᠡᠦᠯᠦᠭᠡᠳ ᠪᠣᠯᠬᠤ ᠦᠭᠡᠢ ᠪᠣᠯᠬᠤ ᠳ᠋ᠤᠨᠢ ᠨᠣᠮ ᠪᠠᠷᠢᠭᠤᠯᠤᠨ ᠬᠣᠷᠢᠭᠯᠠᠵᠤ ᠡᠬᠢᠯᠡᠭᠰᠡᠨ ᠠᠵᠢ᠃ ᠡᠢᠨ ᠬᠦ᠌ ᠪᠦᠷ ᠳᠡᠭᠡᠷ᠎ᠡ ᠴᠠᠭ ᠠ᠋ᠴᠠ ᠬᠥᠯ ᠬᠣᠷᠢᠭᠰᠠᠨ ᠨᠢ ᠣᠳᠣ ᠴᠦ᠍ ᠪᠠᠷᠤᠭ ᠬᠡᠪ ᠢ᠋ᠶ᠋ᠡᠷ᠃ ᠲᠤᠰᠬᠠᠢᠯᠠᠨ ᠪᠠᠷᠢᠵᠤ ᠰᠠᠭᠤᠯᠭᠠᠭᠰᠠᠨ ᠭᠡᠷ ᠲᠦ᠋ᠨᠢ ᠡᠴᠢᠭᠡ᠂ ᠡᠬᠡ ᠠᠷᠤ ᠶ᠋ᠢᠨ ᠪᠠᠢᠰᠢᠩ ᠳ᠋ᠤ᠌ ᠰᠠᠭᠤᠳᠠᠭ ᠬᠢᠲᠠᠳ ᠲᠣᠭᠣᠭᠠᠴᠢ᠂ ᠮᠣᠷᠢ ᠲᠡᠷᠭᠡᠨ ᠦ᠌ ᠵᠢᠯᠣᠭᠣᠴᠢ ᠲᠦᠪᠰᠢᠨ ᠡᠨᠡ ᠳᠥᠷᠪᠡ ᠡᠴᠡ ᠥᠭᠡᠷ᠎ᠡ ᠬᠥᠮᠦᠨ ᠣᠷᠣᠳᠠᠭ ᠦᠭᠡᠢ ᠪᠠᠢᠯ᠎ᠠ᠃ ᠪᠠᠯᠰᠠᠨᠵᠠᠪ ᠤ᠋ᠨ ᠪᠣᠳᠣᠯ ᠢ᠋ᠶ᠋ᠠᠷ ᠪᠣᠯ ᠥᠬᠢᠨ ᠲᠤᠩ ᠨᠢᠯᠬ᠎ᠠ᠂ ᠪᠠᠯᠴᠢᠷ ᠬᠡᠪ ᠢ᠋ᠶ᠋ᠡᠷ᠂ ᠲᠣᠮᠣ ᠪᠣᠯᠬᠤ ᠨᠢ ᠵᠠᠢᠯᠠᠰᠢ ᠦᠭᠡᠢ ᠴᠦ᠍ ᠭᠡᠰᠡᠨ ᠡᠭᠦᠷᠢᠳᠡ ᠳᠡᠷᠭᠡᠳᠡ ᠪᠡᠨ ᠬᠠᠷᠠᠵᠤ ᠰᠠᠭᠤᠬᠤ ᠶ᠋ᠢ ᠬᠦᠰᠡᠨ᠎ᠡ᠃ ᠭᠡᠲᠡᠯ᠎ᠡ ᠡᠬᠡ ᠨᠢ ᠣᠳᠣ ᠥᠬᠢᠨ ᠢ᠋ᠶ᠋ᠡᠨ ᠭᠣᠶᠣᠯᠠᠨ᠎ᠠ ᠭᠣᠣᠳᠠᠨ᠎ᠠ《ᠡᠳ᠋ᠯᠡᠬᠦ ᠪᠠ ᠡᠳ᠋ᠯᠡᠭᠦᠯᠬᠦ ᠴᠠᠭ ᠪᠣᠯᠤᠭᠰᠠᠨ》 ᠭᠡᠵᠦ ᠳᠠᠬᠢᠨ ᠳᠠᠪᠲᠠᠨ ᠤᠯᠢᠭᠯᠠᠬᠤ ᠶ᠋ᠢ ᠨᠢ ᠰᠣᠨᠣᠰᠬᠤ ᠳ᠋ᠤ᠌ ᠦᠨᠡᠬᠡᠷ ᠬᠦᠨᠳᠦ ᠠᠵᠢ᠃ ᠳᠠᠷᠠᠭ᠎ᠠ ᠳ᠋ᠤᠨᠢ ᠡᠬᠡ ᠨᠢ ᠡᠷ᠎ᠡ ᠨᠥᠬᠥᠷ ᠶᠦ᠍ᠭᠡᠨ ᠭᠠᠭᠴᠠᠭᠠᠷ ᠢ᠋ᠶ᠋ᠠᠨ ᠢᠳᠬᠠᠨ ᠪᠠᠷᠠᠬᠤ ᠪᠠᠨ ᠪᠣᠯᠢᠬᠤ ᠪᠠᠷ ᠥᠬᠢᠨ ᠲᠡᠢ ᠰᠠᠨᠠᠯ ᠨᠢᠭᠡᠳᠦᠨ ᠬᠣᠶᠠᠷ ᠵᠡᠷᠭᠡ ᠰᠢᠬᠠᠨ ᠱᠠᠭᠠᠷᠳᠠᠭᠰᠠᠨ ᠢ᠋ ᠬᠡᠯᠡᠬᠦ ᠤᠤ᠂ ᠪᠠᠯᠰᠠᠨᠵᠠᠪ ᠶᠣᠰᠣᠲᠠᠢ ᠬᠣᠶᠠᠷ ᠬᠠᠳᠠᠨ ᠤ᠋ ᠬᠣᠭᠣᠷᠣᠨᠳᠣ ᠬᠠᠪᠴᠢᠭᠳᠠᠨ ᠰᠠᠨᠳᠤᠷᠤᠭᠠᠳ᠂ ᠥᠨᠥᠬᠢ ᠬᠦᠰᠡᠭᠰᠡᠨ ᠪᠦᠭᠦᠳᠡ ᠶ᠋ᠢ ᠨᠢ ᠶᠣᠰᠣᠭᠠᠷ ᠪᠣᠯᠭᠠᠨ ᠰᠠᠶᠢ ᠨᠢᠭᠡ ᠰᠡᠳᠬᠢᠯ ᠠᠮᠠᠷᠠᠵᠠᠢ᠃ 
       ᠣᠶᠤᠨᠳᠠᠷᠢ ᠶ᠋ᠢᠨ ᠥᠪᠡᠷ ᠦ᠋ᠨ ᠪᠡᠶ᠎ᠡ ᠶ᠋ᠢ ᠭᠤᠶᠤᠨ ᠴᠢᠮᠡᠬᠦ ᠤᠷᠤᠭᠤ ᠤᠬᠠᠭᠠᠨ ᠵᠢᠯᠣᠭᠣ ᠦᠭᠡᠢ ᠵᠢᠳᠬᠦᠭᠰᠡᠨ ᠨᠢ ᠵᠥᠪᠬᠡᠨ ᠪᠠᠯᠳᠠᠨᠴᠡᠷᠢᠩ ᠳ᠋ᠦ᠍ ᠭᠣᠶᠣ ᠰᠠᠢᠬᠠᠨ ᠦᠵᠡᠭᠳᠡᠵᠦ ᠰᠠᠨᠠᠭ᠎ᠠ ᠰᠡᠳᠬᠢᠯ ᠢ᠋ ᠨᠢ ᠪᠠᠶᠠᠰᠬᠠᠬᠤ ᠶ᠋ᠢᠨ ᠲᠥᠯᠥᠭᠡ ᠪᠠᠢᠵᠠᠢ᠃ ᠣᠳᠣ ᠢᠩᠭᠢᠭᠡᠳ ᠡᠬᠡᠨᠡᠷ ᠨᠢ ᠪᠣᠯᠤᠨ ᠰᠠᠭᠤᠭᠰᠠᠭᠠᠷ ᠪᠦᠬᠦ ᠶᠠᠭᠤᠮ᠎ᠠ ᠪᠠᠨ ᠥᠪᠡᠷ ᠦ᠋ᠨ ᠭᠠᠷ ᠢ᠋ᠶ᠋ᠠᠷ ᠣᠶᠣᠵᠤ ᠪᠠᠢᠬᠤ ᠪᠣᠯᠤᠨ᠎ᠠ ᠭᠡᠬᠦ ᠳ᠋ᠦ᠍ ᠠᠪᠤ ᠶ᠋ᠢᠨ ᠬᠢᠨᠢ ᠠᠪᠴᠤ ᠥᠭᠭᠦᠭᠰᠡᠨ ᠦᠢᠲᠠᠩ ᠬᠤᠸᠠᠷ ᠢ᠋ ᠡᠬᠡ ᠲᠡᠢ ᠪᠡᠨ ᠪᠤᠯᠢᠶᠠᠯᠳᠤᠨ ᠡᠰᠬᠡᠵᠦ ᠡᠬᠢᠯᠡᠭᠡᠳ ᠣᠶᠣᠬᠤ ᠠᠵᠢᠯ ᠳ᠋ᠤ᠌ ᠢᠳᠡᠪᠬᠢᠯᠡᠨ ᠣᠷᠣᠭᠰᠠᠨ ᠪᠥᠭᠡᠳ ᠡᠴᠦᠰ ᠦ᠋ᠨ ᠲᠣᠪᠴᠢ ᠬᠠᠳᠠᠯᠲᠠ ᠶ᠋ᠢ ᠪᠣᠯᠪᠠᠴᠤ ᠥᠪᠡᠷ ᠦ᠋ᠨ ᠭᠠᠷ ᠢ᠋ᠶ᠋ᠠᠷ ᠦᠢᠯᠡᠳᠦᠨ ᠳᠠᠭᠤᠰᠬᠠᠪᠠ᠃ 
       ᠤᠭ ᠴᠢᠨᠠᠳᠤ ᠤᠴᠢᠷ ᠢ᠋ ᠮᠡᠳᠡᠬᠦ ᠦᠭᠡᠢ ᠪᠠᠢᠭ᠎ᠠ ᠡᠴᠢᠭᠡ ᠡᠬᠡ ᠬᠣᠶᠠᠷ ᠨᠢ ᠶᠡᠬᠡᠳᠡ ᠭᠠᠢᠬᠠᠨ ᠪᠠᠶᠠᠷᠯᠠᠪᠠ᠃ 
       ᠶᠡᠷᠦ ᠣᠶᠤᠨᠳᠠᠷᠢ ᠶ᠋ᠢᠨ ᠪᠣᠳᠣᠯ ᠳ᠋ᠤ᠌ ᠤᠷᠢᠳᠤᠬᠢ ᠶᠠᠭᠤᠮ᠎ᠠ ᠨᠢᠭᠡ ᠴᠦ᠍ ᠦᠭᠡᠢ ᠪᠣᠯᠵᠠᠢ᠃ ᠰᠢᠨ᠎ᠡ ᠠᠮᠢᠳᠤᠷᠠᠯ᠂ ᠰᠠᠢᠬᠠᠨ ᠢᠷᠡᠭᠡᠳᠦᠢ᠂ ᠪᠦᠬᠦ ᠮᠡᠳᠡᠷᠡᠯ ᠢ᠋ ᠨᠢ ᠡᠵᠡᠯᠡᠨ᠎ᠡ᠃《ᠬᠣᠢᠲᠤᠨ ᠵᠢᠯ ᠦ᠋ᠨ ᠴᠠᠭᠠᠨ ᠰᠠᠷ᠎ᠠ ᠪᠠᠷ ᠡᠨᠳᠡ ᠪᠢᠰᠢ᠂ ᠡᠷ᠎ᠡ ᠨᠥᠬᠥᠷ ᠦ᠋ᠨ ᠳ᠋ᠡᠭᠡᠨ ᠪᠠᠢᠨ᠎ᠠ》 ᠭᠡᠬᠦ ᠡᠴᠡ ᠬᠣᠭᠣᠯᠠ ᠤᠮᠳᠠ ᠶ᠋ᠢ ᠬᠡᠷᠬᠢᠨ ᠬᠢᠬᠦ᠂ ᠶᠠᠭᠤ ᠶᠠᠭᠤ ᠪᠠᠷ ᠠᠮᠲᠠᠯᠠᠬᠤ ᠶ᠋ᠢ ᠮᠡᠳᠡᠬᠦ ᠴᠢᠬᠤᠯᠠ ᠠᠵᠢ᠃ ᠲᠡᠭᠡᠭᠡᠳ ᠲᠣᠭᠣᠭᠠᠴᠢ ᠶ᠋ᠢᠨ ᠬᠣᠭᠣᠯᠠ ᠬᠢᠬᠦ ᠶ᠋ᠢᠨ ᠬᠠᠵᠠᠭᠤ ᠪᠠᠷ ᠪᠠᠢᠨ ᠪᠠᠢᠨ  ᠭᠦᠶᠦᠨ ᠣᠷᠣᠵᠤ ᠡᠯᠪᠡᠯᠴᠡᠨ᠎ᠡ᠃ ᠡᠭᠦᠨ ᠳ᠋ᠦ᠍ᠨᠢ ᠲᠣᠭᠣᠭᠠᠴᠢ ᠪᠠᠶᠠᠷᠯᠠᠨ᠎ᠠ᠃  
       ᠡᠭᠦᠨ ᠡᠴᠡ ᠴᠠᠭᠠᠰᠢ ᠣᠶᠤᠨᠳᠠᠷᠢ ᠳ᠋ᠤ᠌ ᠰᠠᠨᠠᠨ ᠲᠥᠯᠥᠪᠯᠡᠬᠦ ᠵᠦᠢᠯ ᠮᠠᠰᠢ ᠶᠡᠬᠡ᠂ ᠡᠷ᠎ᠡ ᠨᠥᠬᠥᠷ ᠢ᠋ᠶ᠋ᠡᠨ ᠬᠡᠷᠬᠢᠨ ᠬᠦᠨᠳᠦᠳᠬᠡᠬᠦ᠂ ᠦᠷ᠎ᠡ ᠬᠡᠦᠬᠡᠳ ᠢ᠋ ᠲᠥᠷᠥᠭᠦᠯᠦᠨ᠎ᠡ ᠭᠡᠵᠦ ᠪᠠᠲᠤᠳᠠ ᠢᠲᠡᠭᠡᠬᠦ᠂ ᠲᠡᠭᠦᠨ ᠢ᠋ᠶ᠋ᠡᠨ ᠬᠡᠷᠬᠢᠨ ᠥᠰᠬᠡᠨ ᠪᠣᠢᠵᠢᠭᠤᠯᠬᠤ᠂ ᠴᠠᠭᠠᠨ ᠰᠠᠷ᠎ᠠ ᠶ᠋ᠢ ᠬᠡᠷᠬᠢᠨ ᠰᠠᠢᠬᠠᠨ ᠢ᠋ᠶ᠋ᠠᠷ ᠥᠩᠭᠡᠷᠡᠭᠦᠯᠵᠦ ᠪᠠᠢᠬᠤ ᠶᠣᠰᠣᠲᠠᠢ ᠲᠦᠮᠡᠨ ᠵᠦᠢᠯ ᠢ᠋ ᠲᠠᠰᠤᠷᠠᠯᠲᠠ ᠦᠭᠡᠢ ᠰᠡᠳᠬᠢᠯ ᠳᠣᠲᠣᠷ᠎ᠠ ᠪᠠᠨ ᠵᠣᠬᠢᠶᠠᠨ ᠪᠠᠢᠭᠤᠯᠵᠤ ᠪᠢᠰᠢᠯᠭᠠᠨ᠎ᠠ᠃ ᠬᠠᠷᠢᠨ ᠨᠣᠮ ᠡᠷᠳᠡᠮ ᠦ᠋ᠨ ᠲᠤᠬᠠᠢ《ᠨᠢᠭᠡᠨᠲᠡ ᠪᠤᠰᠤᠳ ᠤ᠋ᠨ ᠡᠬᠡᠨᠡᠷ ᠪᠣᠯᠤᠭᠰᠠᠨ ᠬᠥᠮᠦᠨ ᠨᠣᠮ ᠪᠢᠴᠢᠭ ᠪᠠᠷᠢᠨ ᠰᠠᠭᠤᠬᠤ ᠶ᠋ᠢᠨ ᠬᠡᠷᠡᠭ ᠪᠠᠢᠬᠤ ᠤᠤ? ᠲᠡᠭᠦᠨ ᠳ᠋ᠦ᠍ ᠣᠷᠣᠪᠠᠯ ᠭᠡᠷ ᠦ᠋ᠨ ᠢ᠋ᠶ᠋ᠡᠨ ᠠᠵᠢᠯ ᠢ᠋ ᠬᠢᠬᠦ ᠨᠢ ᠴᠢᠬᠤᠯᠠ ᠰᠢᠦ ᠳᠡ》 ᠭᠡᠵᠦ ᠪᠣᠳᠣᠭᠳᠠᠬᠤ ᠪᠣᠯᠤᠭᠰᠠᠨ ᠤᠴᠢᠷ ᠰᠣᠨᠢᠷᠬᠠᠯ ᠦᠭᠡᠢ ᠪᠣᠯᠵᠠᠢ᠃  
       ᠰᠠᠷ᠎ᠠ ᠰᠢᠨ᠎ᠡ ᠳᠥᠭᠥᠬᠦ ᠳᠣᠳᠣᠮ ᠣᠶᠤᠨᠳᠠᠷᠢ ᠮᠠᠰᠢ ᠣᠯᠠᠨ ᠢ᠋ ᠬᠢᠵᠦ ᠰᠤᠷᠬᠤ ᠳ᠋ᠤ᠌ ᠳᠠᠪᠲᠠᠵᠤ ᠪᠠᠢᠭ᠎ᠠ ᠠ᠋ᠴᠠ ᠭᠠᠳᠠᠨ᠎ᠠ᠂ ᠪᠠᠯᠳᠠᠨᠴᠡᠷᠢᠩ ᠳ᠋ᠦ᠍ ᠨᠢᠭᠡ ᠬᠣᠣᠰ ᠦᠭᠡᠢ ᠰᠠᠢᠬᠠᠨ ᠬᠥᠭᠡᠷᠦᠬᠦᠨ ᠲᠡᠯᠢᠩ ᠪᠡᠯᠡᠭᠯᠡᠬᠦ ᠪᠡᠷ ᠬᠢᠵᠦ ᠡᠬᠢᠯᠡᠭᠰᠡᠨ ᠪᠢᠯᠡ᠃ ᠲᠡᠭᠦᠨ ᠢ᠋ᠶ᠋ᠡᠨ ᠠᠪᠤ ᠡᠵᠢ ᠬᠣᠶᠠᠷ ᠲᠠᠭᠠᠨ ᠬᠡᠷᠬᠢᠪᠡᠴᠦ ᠮᠡᠳᠡᠭᠳᠡᠬᠦ ᠦᠭᠡᠢ ᠶ᠋ᠢ ᠬᠢᠴᠢᠶᠡᠬᠦ ᠳ᠋ᠡᠭᠡᠨ ᠵᠥᠪᠬᠡᠨ ᠰᠥᠨᠢ ᠪᠡᠷ ᠪᠦᠬᠦ ᠠᠮᠢᠲᠠᠨ ᠤᠨᠲᠠᠭᠰᠠᠨ ᠬᠣᠢᠨ᠎ᠠ ᠤᠷᠲᠤ ᠭᠡᠭᠴᠢ ᠶ᠋ᠢᠨ ᠯᠡ ᠠᠰᠠᠭᠠᠨ ᠣᠶᠣᠵᠤ ᠡᠬᠢᠯᠡᠭᠡᠳ ᠥᠷᠯᠥᠭᠡ ᠦᠦᠷ ᠴᠠᠢᠬᠤ ᠤᠤ ᠦᠭᠡᠢ ᠤᠤ ᠬᠥᠮᠦᠨ ᠠᠮᠢᠲᠠᠨ ᠪᠣᠰᠬᠤ ᠪᠣᠯᠬᠤ ᠳ᠋ᠤ᠌ ᠵᠣᠭᠰᠣᠨ᠎ᠠ᠃ ᠭᠡᠲᠡᠯ᠎ᠡ ᠤᠲᠠᠰᠤ ᠣᠷᠢᠶᠠᠨ ᠵᠡᠭᠦᠦ ᠬᠠᠳᠬᠤᠨ ᠤᠷᠠᠨ ᠳᠦᠷᠰᠦ ᠶ᠋ᠢ ᠭᠠᠷᠭᠠᠬᠤ ᠲᠡᠢᠮᠦ ᠠᠮᠤᠷ ᠪᠢᠰᠢ᠂ ᠰᠥᠨᠢ ᠲᠤᠷᠰᠢ ᠬᠢᠭᠰᠡᠨ ᠢ᠋ᠶ᠋ᠡᠨ ᠬᠠᠨᠵᠠᠯᠠᠨ᠂ ᠳᠠᠬᠢᠨ ᠬᠠᠳᠬᠤᠬᠤ ᠨᠢ ᠣᠯᠠᠨᠲᠠ ᠲᠣᠬᠢᠶᠠᠯᠳᠤᠨ᠎ᠠ᠃ ᠤᠨᠲᠠᠬᠤ ᠨᠣᠢᠷ ᠨᠢ ᠤᠳᠠᠭ᠎ᠠ ᠳᠠᠷᠠᠭᠠᠯᠠᠨ ᠦᠭᠡᠢᠰᠴᠤ᠂ ᠵᠢᠰᠦ ᠴᠢᠷᠠᠢ ᠨᠢ ᠴᠣᠩᠬᠣᠢᠵᠤ ᠪᠠᠢᠯ᠎ᠠ᠃ ᠬᠡᠦᠬᠡᠳ ᠪᠠᠭᠠᠴᠤᠳ ᠬᠤᠷᠤᠭᠤ ᠳᠠᠷᠤᠨ《ᠲᠠᠪᠤ》《ᠳᠥᠷᠪᠡ》《ᠭᠤᠷᠪᠠ》 ᠭᠡᠵᠦ ᠬᠣᠨᠣᠭ ᠲᠣᠭᠠᠯᠠᠨ ᠪᠠᠶᠠᠷᠯᠠᠯᠳᠤᠵᠤ ᠪᠠᠢᠬᠤ ᠳ᠋ᠤ᠌ ᠣᠶᠤᠨᠳᠠᠷᠢ ᠥᠷᠯᠥᠭᠡ ᠪᠦᠷᠢ《ᠡᠳᠦᠷ ᠬᠣᠨᠣᠭ ᠶᠠᠭᠤᠲᠠᠢ ᠨᠢᠰᠬᠦ ᠮᠡᠲᠦ ᠬᠤᠷᠳᠤᠨ ᠥᠩᠭᠡᠷᠡᠨ᠎ᠡ ᠪᠣᠢ?》《ᠳᠠᠯᠢᠩ ᠮᠢᠨᠢ ᠶᠠᠭᠠᠬᠢᠭ᠎ᠠ ᠴᠦ᠍ ᠦᠭᠡᠢ ᠪᠠᠢᠨ᠎ᠠ》 ᠭᠡᠵᠦ ᠯᠡ ᠰᠡᠳᠬᠢᠯ ᠲᠦᠭᠰᠢᠨ᠎ᠡ᠃  
       ᠪᠢᠲᠡᠭᠦᠨ ᠦ᠌ ᠡᠳᠦᠷ ᠪᠣᠯᠤᠯ᠎ᠠ᠃ ᠡᠨᠡ ᠪᠣᠯ ᠣᠶᠤᠨᠳᠠᠷᠢ ᠶ᠋ᠢᠨ ᠴᠢᠬᠤᠯᠠᠴᠢᠯᠠᠵᠤ ᠪᠠᠢᠭ᠎ᠠ ᠠᠵᠢᠯ ᠳ᠋ᠤ᠌ ᠭᠠᠭᠴᠠᠬᠠᠨ ᠰᠥᠨᠢ ᠦᠯᠡᠳᠡᠵᠦ ᠪᠠᠢᠭ᠎ᠠ ᠨᠢ ᠲᠡᠷᠡ ᠪᠢᠯᠡ᠃ ᠦᠳᠡᠰᠢ ᠪᠣᠯᠣᠮᠠᠭᠴᠠ ᠪᠢᠲᠡᠭᠦᠯᠭᠡ ᠡᠬᠢᠯᠡᠨ ᠠᠪᠤ ᠡᠵᠢ ᠨᠠᠷ ᠤ᠋ᠨ ᠳᠡᠷᠭᠡᠳᠡ ᠪᠠᠢᠬᠤ ᠶᠣᠰᠣᠲᠠᠢ ᠪᠣᠯᠤᠯ᠎ᠠ᠃ ᠤᠷᠤᠭ ᠲᠥᠷᠥᠯ ᠦ᠋ᠨ ᠬᠢᠨ ᠪᠠ ᠲᠠᠨᠢᠯ ᠲᠠᠯ᠎ᠠ ᠶ᠋ᠢᠨ ᠬᠥᠮᠦᠰ ᠦᠷᠭᠦᠯᠵᠢᠯᠡᠨ ᠢᠷᠡᠭᠰᠡᠨ ᠪᠥᠭᠡᠳ ᠴᠠᠭ ᠮᠢᠨᠦ᠋ᠲ ᠥᠩᠭᠡᠷᠡᠬᠦ ᠳᠣᠳᠣᠮ ᠣᠶᠤᠨᠳᠠᠷᠢ ᠣᠶᠣᠬᠤ ᠶᠠᠭᠤᠮᠠᠨ ᠳ᠋ᠠᠭᠠᠨ ᠰᠡᠳᠬᠢᠯ ᠲᠠᠯᠪᠢᠨ᠂ ᠢᠷᠡᠭᠰᠡᠨ ᠪᠦᠬᠦᠨ ᠢ᠋ ᠳᠣᠲᠣᠷ᠎ᠠ ᠪᠠᠨ ᠠᠳᠠ ᠦᠵᠡᠨ ᠪᠠᠢᠵᠤ ᠶᠠᠳᠠᠵᠤ ᠪᠠᠢᠯ᠎ᠠ᠃ ᠰᠥᠨᠢ ᠳᠤᠮᠳᠠ ᠶ᠋ᠢᠨ ᠴᠠᠭ ᠰᠢᠬᠠᠵᠤ ᠭᠠᠳᠠᠨ᠎ᠠ ᠶ᠋ᠢᠨ ᠬᠥᠯ ᠠᠶᠠᠨᠳᠠᠭᠠᠨ ᠲᠠᠰᠤᠷᠠᠬᠤ ᠳ᠋ᠤ᠌᠂ ᠣᠶᠤᠨᠳᠠᠷᠢ ᠭᠡᠷ ᠲᠡᠭᠡᠨ ᠣᠷᠣᠨ ᠠᠵᠢᠯ ᠳ᠋ᠠᠭᠠᠨ ᠣᠷᠣᠯ᠎ᠠ᠃ ᠰᠡᠭᠦᠯᠴᠢ ᠶ᠋ᠢᠨ ᠬᠣᠨᠣᠭ ᠤ᠋ᠳ ᠲᠤ ᠲᠠᠩᠳᠠ ᠨᠣᠢᠷ ᠦᠭᠡᠢ ᠠᠵᠢᠯᠯᠠᠭᠰᠠᠭᠠᠷ ᠢᠷᠡᠭᠰᠡᠨ ᠪᠣᠯᠪᠠᠴᠤ ᠥᠨᠥ ᠰᠥᠨᠢ ᠶ᠋ᠢᠨ ᠬᠤᠪᠢ ᠳ᠋ᠤ᠌ ᠤᠨᠲᠠᠬᠤ ᠬᠦᠰᠡᠯ ᠥᠴᠦᠬᠡᠨ ᠴᠦ᠍ ᠦᠭᠡᠢ᠂ ᠤᠷᠲᠤ ᠪᠠᠨ ᠭᠤᠷᠪᠠᠨ ᠯᠠ ᠨᠢᠭᠡᠨ ᠵᠡᠷᠭᠡ ᠱᠣᠪᠣᠯᠵᠠᠨ ᠠᠰᠠᠵᠤ ᠪᠠᠢᠭ᠎ᠠ ᠶ᠋ᠢᠨ ᠭᠡᠷᠡᠯ ᠳ᠋ᠦ᠍ ᠨᠠᠷᠢᠨ ᠵᠡᠭᠦᠦ ᠣᠴᠢ ᠰᠢᠭ᠋ ᠭᠢᠯᠠᠯᠵᠠᠨ ᠵᠠᠳᠠᠭᠠᠢ ᠮᠢᠨᠳᠠᠰᠤᠨ ᠤᠲᠠᠰᠤ ᠬᠤᠸᠠ ᠶᠠᠭᠠᠨ ᠫᠦᠰᠡᠨ ᠲᠡᠯᠢᠩ ᠦ᠋ᠨ ᠪᠤᠯᠤᠩ ᠳᠡᠭᠡᠷ᠎ᠡ ᠤᠷᠠᠨ ᠬᠠᠳᠬᠤᠮᠠᠯ ᠪᠣᠯᠤᠨ ᠦᠯᠡᠳᠡᠨ᠎ᠡ᠃ ᠶᠡᠷᠦ ᠶᠠᠭᠤᠮ᠎ᠠ ᠪᠦᠬᠦᠨ ᠭᠠᠭᠴᠠ ᠬᠦ᠌ ᠪᠠᠯᠳᠠᠨᠴᠡᠷᠢᠩ ᠦ᠋ᠨ ᠲᠥᠯᠥᠭᠡ ᠪᠣᠯᠵᠤ᠂ ᠣᠶᠤᠨ ᠤᠬᠠᠭᠠᠨ ᠤ᠋ ᠭᠦᠨ ᠨᠢ ᠴᠦ᠍᠂ ᠤᠷᠠᠨ ᠭᠠᠷ ᠤ᠋ᠨ ᠬᠥᠳᠡᠯᠬᠦ ᠨᠢ ᠴᠦ᠍ ᠢᠷᠡᠬᠦ ᠮᠢᠨᠦ᠋ᠲ᠂ ᠠᠪᠬᠤ ᠠᠮᠢᠰᠬᠤᠯ ᠴᠥᠮ ᠪᠠᠯᠳᠠᠨᠴᠡᠷᠢᠩ ᠦ᠋ᠨ ᠲᠥᠯᠥᠭᠡ ᠪᠠᠢᠭᠰᠠᠨ ᠤᠴᠢᠷ ᠠᠵᠢᠯ ᠬᠡᠷᠡᠭ ᠨᠢ ᠪᠦᠲᠦᠮᠵᠢ ᠲᠡᠢ ᠪᠠᠢᠯ᠎ᠠ᠃ ᠭᠡᠪᠡᠴᠦ ᠦᠦᠷ ᠦ᠋ᠨ ᠦᠨᠡᠭᠡᠨ ᠬᠠᠷᠠᠩᠭᠤᠢ ᠪᠠᠷ ᠡᠷᠦᠬᠡ ᠬᠣᠢᠰᠢ ᠲᠠᠲᠠᠬᠤ ᠳ᠋ᠤ᠌ ᠰᠡᠭᠦᠯᠴᠢ ᠶ᠋ᠢᠨ ᠬᠡᠳᠦᠨ ᠬᠠᠳᠬᠤᠯᠲᠠ ᠨᠢ ᠬᠠᠷᠠᠮᠰᠠᠯᠲᠠᠢ  ᠨᠢ ᠠᠷᠭ᠎ᠠ ᠦᠭᠡᠢ ᠳᠤᠲᠠᠭᠤ ᠪᠠᠢᠯ᠎ᠠ᠃ ᠥᠷᠯᠥᠭᠡ ᠪᠦᠷᠢ ᠲᠣᠭᠣᠭᠠᠴᠢ ᠠᠪᠤᠭᠠᠢ ᠣᠷᠣᠵᠤ ᠢᠷᠡᠨ ᠭᠠᠯ ᠲᠦᠯᠡᠵᠦ ᠭᠡᠷ ᠳᠤᠯᠠᠭᠠᠴᠠᠭᠤᠯᠳᠠᠭ ᠲᠤᠯᠠ ᠣᠶᠤᠨᠳᠠᠷᠢ ᠬᠥᠨᠵᠢᠯᠡ ᠪᠡᠨ ᠶᠠᠭᠠᠷᠠᠨ ᠨᠥᠮᠥᠷᠴᠦ ᠬᠠᠵᠠᠭᠤ ᠲᠠᠢᠰᠢ ᠪᠠᠨ ᠤᠨᠠᠨ ᠤᠨᠲᠠᠵᠤ ᠪᠠᠢᠭ᠎ᠠ ᠬᠥᠮᠦᠨ ᠪᠣᠯᠪᠠ᠃ ᠡᠯᠢᠭᠡᠨ ᠳ᠋ᠡᠭᠡᠨ ᠳᠠᠯᠢᠩ ᠢ᠋ᠶ᠋ᠠᠨ ᠲᠡᠪᠡᠷᠢᠭᠡᠳ ᠦᠯᠡᠳᠡᠭᠰᠡᠨ ᠬᠡᠳᠦᠨ ᠬᠠᠳᠬᠤᠯᠲᠠ ᠶ᠋ᠢ ᠬᠡᠷᠬᠢᠨ ᠭᠦᠢᠴᠡᠭᠡᠬᠦ ᠪᠠᠨ ᠯᠠ ᠪᠣᠳᠣᠨ᠎ᠠ᠃  
       ᠲᠣᠭᠣᠭᠠᠴᠢ ᠠᠪᠤᠭᠠᠢ ᠭᠠᠯ ᠲᠦᠯᠡᠭᠡᠳ ᠭᠠᠷᠤᠮᠠᠭᠴᠠ ᠪᠣᠰᠤᠨ ᠬᠠᠷᠠᠢᠨ ᠰᠠᠭᠤᠵᠤ᠂ ᠨᠢᠭᠡ ᠬᠠᠳᠬᠤᠯ᠎ᠠ᠂ ᠬᠣᠶᠠᠳᠠᠬᠢ ᠪᠠᠨ ᠬᠠᠳᠬᠤᠯ᠎ᠠ᠂ ᠭᠤᠷᠪᠠ᠂ ᠳᠥᠷᠪᠡ  ᠳᠡᠭᠡᠷ᠎ᠡ ᠨᠢ ᠬᠥᠯ ᠦ᠋ᠨ ᠴᠢᠮᠡᠭᠡ ᠰᠣᠨᠣᠰᠤᠭᠳᠠᠪᠠ᠃ ᠣᠳᠣ ᠣᠶᠤᠨᠳᠠᠷᠢ ᠡᠵᠢ ᠶ᠋ᠢᠨ ᠢ᠋ᠶ᠋ᠡᠨ ᠢᠷᠡᠵᠦ ᠶᠠᠪᠤᠭ᠎ᠠ ᠶ᠋ᠢ ᠲᠣᠳᠣᠷᠬᠠᠢ ᠮᠡᠳᠡᠨ ᠳᠠᠬᠢᠨ ᠬᠡᠪᠲᠡᠪᠡ᠃ ᠬᠠᠭᠠᠯᠭ᠎ᠠ ᠨᠡᠭᠡᠭᠡᠭᠳᠡᠭᠡᠳ᠄ 
       — ᠥᠬᠢᠨ ᠮᠢᠨᠢ ᠪᠣᠰ! ᠨᠠᠷᠠ ᠭᠠᠷᠬᠤ ᠶ᠋ᠢᠨ ᠡᠮᠦᠨ᠎ᠡ  ᠬᠤᠪᠴᠠᠰᠤᠯᠠᠬᠤ ᠪᠠᠨ  ᠪᠣᠳᠣ! ᠭᠡᠬᠦ ᠳ᠋ᠦ᠍ᠨᠢ᠂  
       — ᠵᠠ ᠵᠠ ᠣᠳᠣᠬᠠᠨ ᠪᠣᠰᠤᠯ᠎ᠠ᠃ 
       — ᠦᠭᠡᠢ ᠡᠨᠡ ᠴᠢᠨᠢ ᠶᠠᠭᠤ ᠪᠣᠢ? ᠴᠢ ᠪᠦᠬᠦᠯᠢ ᠪᠡᠷ ᠢ᠋ᠶ᠋ᠡᠨ ᠤᠨᠲᠠᠭᠰᠠᠨ ᠰᠢᠭ᠋ ᠪᠠᠢᠬᠤ ᠨᠢ ᠶᠠᠭᠤ ᠪᠣᠢ? ᠭᠡᠵᠦ ᠡᠬᠡ ᠶ᠋ᠢᠨ ᠢ᠋ᠶ᠋ᠡᠨ ᠰᠣᠴᠢᠨ ᠬᠡᠯᠡᠬᠦ ᠳ᠋ᠦ᠍᠄ ᠬᠥᠨᠵᠢᠯᠡ ᠶ᠋ᠢ ᠮᠢᠨᠢ ᠲᠡᠳᠡᠨ ᠳᠠᠯᠢᠩ ᠢ᠋ ᠮᠢᠨᠢ ᠦᠵᠡᠬᠦ ᠪᠣᠢ ᠭᠡᠬᠦ ᠳ᠋ᠡᠭᠡᠨ ᠰᠦᠨᠡᠰᠦ ᠪᠡᠨ ᠭᠠᠷᠲᠠᠯ᠎ᠠ ᠠᠶᠤᠯ᠎ᠠ᠃ 
       — ᠲᠡᠢᠮᠦ ᠠ᠋᠂ ᠡᠵᠢ ᠠ᠋! ᠥᠷᠯᠥᠭᠡ ᠪᠣᠰᠬᠤ ᠳ᠋ᠤ᠌ ᠠᠮᠠᠷ ᠢ᠋ ᠪᠣᠳᠣᠨ ᠪᠦᠬᠦᠯᠢ ᠪᠡᠷ ᠢ᠋ᠶ᠋ᠡᠨ ᠤᠨᠲᠠᠭᠰᠠᠨ ᠶᠤᠮ᠃ 
       ᠡᠪᠡᠢ ᠮᠢᠨᠢ ᠪᠡᠶ᠎ᠡ ᠨᠢ ᠠᠮᠤᠷ ᠦᠭᠡᠢ ᠪᠠᠢᠭ᠎ᠠ ᠳᠠ᠂ ᠵᠠ ᠪᠣᠰ! ᠰᠢᠨ᠎ᠡ ᠰᠠᠢᠬᠠᠨ ᠬᠤᠪᠴᠠᠰᠤ ᠨᠤᠭᠤᠳ ᠢ᠋ᠶ᠋ᠠᠨ ᠡᠮᠦᠰᠦᠨ ᠠᠪᠤ ᠡᠵᠢ ᠬᠣᠶᠠᠷ ᠲᠠᠢ ᠪᠠᠨ ᠵᠣᠯᠭᠠᠬᠤ ᠶ᠋ᠢ ᠪᠣᠳᠣ! ᠭᠡᠳ ᠭᠠᠷᠬᠤ ᠳ᠋ᠤᠨᠢ ᠶᠠᠭᠠᠷᠠᠨ ᠪᠣᠰᠪᠠ᠃ ᠭᠡᠪᠡᠴᠦ ᠣᠳᠣ ᠳᠠᠯᠢᠩ ᠢ᠋ᠶ᠋ᠠᠨ ᠳᠤᠲᠠᠭᠤ ᠬᠠᠳᠬᠤᠭᠠᠰᠤ ᠨᠤᠭᠤᠳ ᠢ᠋ ᠭᠦᠢᠴᠡᠭᠡᠬᠦ ᠨᠥᠬᠥᠴᠡᠯ ᠦᠭᠡᠢ ᠪᠣᠯᠤᠭᠰᠠᠨ ᠨᠢ ᠢᠯᠡᠷᠬᠡᠢ ᠪᠠᠢᠬᠤ ᠪᠥᠭᠡᠳ ᠶᠡᠷᠦ ᠲᠡᠷᠡ ᠳᠤᠲᠠᠭᠤ ᠴᠢᠭ ᠢ᠋ᠶ᠋ᠡᠷ ᠢ᠋ᠶ᠋ᠡᠨ ᠪᠡᠯᠡᠭᠯᠡᠪᠡᠰᠦ ᠬᠠᠨᠢᠯᠠᠨ ᠰᠠᠭᠤᠭᠰᠠᠨ ᠬᠣᠢᠨ᠎ᠠ ᠪᠠᠨ ᠭᠦᠢᠴᠡᠭᠡᠵᠦ ᠥᠭᠬᠦ ᠶ᠋ᠢᠨ ᠪᠡᠯᠭᠡ ᠳᠡᠮᠪᠡᠷᠢᠯ ᠪᠣᠯᠤᠨ ᠵᠣᠬᠢᠴᠠᠬᠤ ᠰᠢᠭ᠋ ᠰᠠᠨᠠᠭᠳᠠᠬᠤ ᠠᠵᠢ᠃ 
       ᠤᠭ ᠳᠠᠯᠢᠩ ᠨᠢ ᠬᠤᠸᠠ  ᠶᠠᠭᠠᠨ ᠫᠦᠰᠡᠲᠡᠢ ᠪᠥᠭᠡᠳ ᠬᠣᠶᠠᠷ ᠲᠠᠯ᠎ᠠ ᠶ᠋ᠢᠨ ᠵᠠᠬ᠎ᠠ ᠶ᠋ᠢ ᠬᠤᠷᠤᠭᠤ ᠥᠷᠭᠡᠨ ᠨᠣᠭᠣᠭᠠᠨ ᠬᠣᠷᠭᠣᠢ ᠪᠠᠷ ᠡᠮᠵᠢᠭᠰᠡᠨ ᠦ᠌ ᠪᠡᠨ ᠳᠡᠭᠡᠭᠦᠷ ᠠᠯᠲᠠᠨ ᠰᠠ ᠪᠥᠰ ᠢ᠋ᠶ᠋ᠡᠷ ᠬᠠᠪᠴᠢᠭᠤᠯᠤᠮᠠᠭᠴᠠ ᠳᠣᠷᠣᠭᠰᠢ ᠤᠨᠵᠢᠬᠤ ᠨᠢᠭᠡᠳᠦᠭᠡᠷ ᠨᠤᠭᠤᠷᠠᠭᠠᠨ ᠳ᠋ᠤᠨᠢ ᠬᠢᠲᠠᠳ ᠤ᠋ᠨ ᠦᠯᠢᠭᠡᠷ ᠲᠤᠭᠤᠵᠢᠨ ᠳ᠋ᠤ᠌ ᠭᠠᠷᠳᠠᠭ ᠡᠷᠲᠡᠨ ᠦ᠌ ᠳᠣᠮᠣᠭ《ᠮᠥᠩᠬᠡ ᠶ᠋ᠢᠨ ᠡᠪᠡᠰᠦ ᠬᠡᠮᠡᠭᠳᠡᠬᠦ ᠨᠣᠭᠣᠭᠠᠨ ᠨᠠᠪᠴᠢ ᠵᠠᠭᠤᠭᠰᠠᠨ ᠪᠤᠭᠤ ᠰᠤᠭᠤ ᠬᠣᠶᠠᠷ ᠢ᠋ ᠤᠷᠠᠯᠠᠨ ᠬᠠᠳᠬᠤᠵᠠᠢ᠃ ᠨᠥᠭᠦᠭᠡ ᠶ᠋ᠢᠨ ᠨᠢᠭᠡᠳᠦᠭᠡᠷ ᠨᠢᠭᠤᠷ ᠠ᠋ᠴᠠ ᠪᠠᠨ ᠭᠤᠷᠪᠠᠨ ᠬᠤᠷᠤᠭᠤ ᠢᠯᠡᠭᠦᠲᠡᠢ ᠳᠣᠷᠣᠭᠰᠢ ᠤᠨᠵᠢᠬᠤ ᠨᠤᠭᠤᠷᠭᠠᠨ ᠳᠡᠭᠡᠷ᠎ᠡ ᠴᠣᠬᠣᠮ ᠶᠠᠭᠤ ᠪᠣᠯᠬᠤ ᠨᠢ ᠦᠯᠦ ᠮᠡᠳᠡᠭᠳᠡᠬᠦ ᠬᠡ ᠤᠭᠠᠯᠵᠠᠷᠤᠤ ᠶᠠᠭᠤᠮ᠎ᠠ ᠶ᠋ᠢ ᠳᠠᠩ  ᠤᠯᠠᠭᠠᠨ ᠤᠲᠠᠰᠤ ᠪᠠᠷ ᠬᠠᠳᠬᠤᠵᠠᠢ᠃ ᠡᠨᠡ ᠨᠢ ᠶᠠᠭᠤ ᠪᠣᠢ? ᠭᠡᠪᠡᠯ ᠡᠷᠲᠡᠨ ᠦ᠌ ᠮᠣᠩᠭᠣᠯ ᠤ᠋ᠨ ᠳᠥᠷᠪᠡᠯᠵᠢᠨ ᠦᠰᠦᠭ ᠢ᠋ᠶ᠋ᠡᠷ《ᠬᠦᠰᠡᠯ ᠪᠦᠬᠦᠨ ᠪᠡᠶᠡᠯᠡᠬᠦ ᠴᠠᠭ ᠲᠤ ᠭᠠᠯ ᠭᠣᠯᠣᠮᠲᠠ ᠪᠠᠳᠠᠷᠠᠨ᠎ᠠ》 ᠭᠡᠰᠡᠨ ᠦᠭᠡ ᠪᠠᠢᠵᠠᠢ᠃ ᠢᠩᠭᠢᠬᠦ ᠳ᠋ᠦ᠍ ᠵᠥᠪᠬᠡᠨ ᠡᠴᠦᠰ ᠴᠠᠭ ᠲᠤᠨᠢ ᠬᠡᠳᠦᠬᠡᠨ ᠬᠠᠳᠬᠤᠭᠠᠰᠤ ᠳᠤᠲᠠᠭᠤ ᠪᠠᠢᠭ᠎ᠠ ᠠᠵᠢ᠃ ᠣᠶᠤᠨᠳᠠᠷᠢ ᠭᠠᠷ ᠨᠢᠭᠤᠷ ᠢ᠋ᠶ᠋ᠠᠨ ᠤᠬᠢᠶᠠᠨ᠂ ᠬᠤᠪᠴᠠᠰᠤ ᠬᠤᠨᠠᠷ ᠢ᠋ᠶ᠋ᠠᠨ ᠡᠮᠦᠰᠦᠭᠡᠳ ᠪᠠᠷᠠᠭᠤᠨ ᠭᠡᠷ ᠲᠡᠭᠡᠨ ᠣᠷᠣᠬᠤ ᠳ᠋ᠤ᠌ ᠠᠪᠤ ᠡᠵᠢ ᠬᠣᠶᠠᠷ  ᠤᠭᠲᠤᠨ ᠠᠪᠴᠤ ᠵᠣᠯᠭᠠᠨ ᠦᠨᠦᠰᠴᠦ ᠲᠠᠪᠤ ᠲᠠᠪᠤᠨ ᠶᠠᠩᠴᠢᠶᠠᠨ ᠪᠡᠯᠡᠭᠯᠡᠪᠡ᠃ ᠲᠡᠭᠦᠨ ᠢ᠋ ᠬᠦᠯᠢᠶᠡᠨ ᠠᠪᠬᠤ ᠳ᠋ᠤ᠌ ᠪᠠᠯᠳᠠᠨᠴᠡᠷᠢᠩ ᠦ᠋ᠨ᠄《ᠡᠨᠡ ᠮᠠᠨ ᠤ᠋ ᠬᠢ》 ᠭᠡᠵᠦ ᠪᠠᠭᠤᠳᠠᠭ ᠬᠠᠰᠢᠶ᠎ᠠ ᠭᠠᠳᠠᠨ᠎ᠠ ᠠ᠋ᠴᠠ ᠪᠠᠨ ᠦᠨᠡᠬᠡᠷ ᠶᠠᠳᠠᠭᠤᠪᠲᠤᠷ ᠦᠵᠡᠭᠳᠡᠳᠡᠭ ᠨᠢ ᠰᠠᠨᠠᠭᠠᠨ ᠳ᠋ᠤ᠌ ᠣᠷᠣᠨ᠂ ᠮᠥᠩᠭᠥ ᠶᠠᠩᠴᠢᠶᠠᠨ ᠳ᠋ᠤ᠌ ᠰᠢᠨᠤᠬᠠᠢᠷᠠᠬᠤ ᠰᠢᠨ᠎ᠡ ᠪᠣᠳᠣᠯ ᠲᠥᠷᠥᠪᠡ᠃ ᠲᠡᠨᠳᠡ ᠡᠴᠡ ᠪᠡᠨ ᠭᠠᠷᠤᠭᠠᠳ ᠲᠣᠭᠣᠭᠠᠴᠢ ᠠᠪᠤᠭᠠᠢ ᠳᠡᠭᠡᠷ᠎ᠡ ᠪᠡᠨ ᠣᠷᠣᠨ ᠵᠣᠯᠭᠠᠬᠤ ᠳ᠋ᠤ᠌ ᠨᠢᠭᠡ ᠶᠠᠩᠴᠢᠶᠠᠨ ᠪᠡᠯᠡᠭᠯᠡᠭᠰᠡᠨ ᠪᠥᠭᠡᠳ ᠪᠦᠭᠦᠳᠡ ᠠᠷᠪᠠᠨ ᠨᠢᠭᠡᠨ ᠶᠠᠩᠴᠢᠶᠠᠨ ᠲᠠᠢ ᠪᠣᠯᠤᠭᠰᠠᠨ ᠳ᠋ᠠᠭᠠᠨ ᠰᠡᠳᠬᠢᠯ ᠬᠥᠳᠡᠯᠦᠨ ᠪᠠᠶᠠᠷᠯᠠᠯ᠎ᠠ᠃ 
       ᠭᠡᠷ ᠦ᠋ᠨ ᠬᠢᠨᠢ ᠭᠠᠳᠠᠭ᠎ᠠ᠂ ᠪᠠᠭᠰᠢ ᠳ᠋ᠤᠨᠢ ᠪᠠᠷᠠᠯᠠᠭᠤᠯᠬᠤ ᠮᠣᠷᠢ ᠲᠡᠷᠭᠡ ᠪᠡᠯᠡᠨ ᠪᠣᠯᠵᠤ ᠬᠦᠯᠢᠶᠡᠵᠦ ᠪᠠᠢᠯ᠎ᠠ᠃ ᠲᠡᠭᠦᠨ ᠳᠡᠭᠡᠷ᠎ᠡ ᠪᠡᠨ ᠣᠴᠢᠨ ᠵᠢᠯᠣᠭᠣᠴᠢ ᠲᠦᠪᠰᠢᠨ ᠲᠡᠢ ᠵᠣᠯᠭᠠᠬᠤ ᠳ᠋ᠤ᠌ ᠲᠡᠷᠡ ᠨᠢ ᠶᠠᠭᠤ ᠴᠦ᠍ ᠥᠭᠭᠦᠭᠰᠡᠨ ᠦᠭᠡᠢ ᠲᠤᠯᠠ ᠰᠡᠳᠬᠢᠯ ᠨᠢ ᠭᠣᠩᠰᠣᠢᠨ ᠭᠣᠮᠣᠳᠠᠬᠤ ᠰᠡᠳᠬᠢᠯ ᠲᠥᠷᠥᠪᠡ᠃ ᠭᠡᠪᠡᠴᠦ ᠲᠡᠷᠡ ᠳᠣᠣᠷᠠᠬᠠᠨ ᠢ᠋ᠶ᠋ᠠᠨ ᠬᠠᠳᠠᠭ ᠦᠭᠡᠢ ᠵᠣᠯᠭᠠᠭᠰᠠᠨ ᠠ᠋ᠴᠠ ᠡᠢᠮᠦ ᠪᠣᠯᠪᠠ ᠪᠣᠯᠤᠯᠲᠠᠢ ᠭᠡᠵᠦ ᠳᠣᠲᠣᠷ᠎ᠠ ᠪᠠᠨ ᠪᠣᠳᠣᠨ ᠭᠡᠮᠰᠢᠪᠡ᠃ ᠭᠡᠷ ᠲᠡᠭᠡᠨ ᠣᠷᠣᠵᠤ ᠪᠠᠭᠰᠢ ᠳ᠋ᠠᠭᠠᠨ ᠪᠠᠷᠢᠵᠤ ᠵᠣᠯᠭᠠᠬᠤ ᠬᠠᠳᠠᠭ ᠠᠪᠬᠤ ᠳᠡᠯᠢᠮ ᠳ᠋ᠡᠭᠡᠨ ᠡᠳᠦᠷ ᠦ᠋ᠨ ᠲᠤᠷᠰᠢ ᠠᠢᠯ ᠬᠡᠰᠦᠬᠦ ᠪᠡᠷ ᠰᠢᠢᠳᠦᠨ ᠪᠦᠬᠦ ᠪᠣᠢ ᠬᠠᠳᠠᠭ ᠢ᠋ᠶ᠋ᠠᠨ ᠬᠣᠷᠢᠶᠠᠨ ᠠᠪᠴᠤ ᠡᠪᠦᠷᠯᠡᠪᠡ᠃  
       ᠲᠡᠷᠭᠡᠨ ᠳ᠋ᠡᠭᠡᠨ ᠰᠠᠭᠤᠨ ᠬᠠᠰᠢᠶ᠎ᠠ ᠠ᠋ᠴᠠ ᠭᠠᠷᠤᠭᠠᠳ ᠪᠠᠯᠳᠠᠨᠴᠡᠷᠢᠩ ᠢ᠋ ᠣᠢᠷ᠎ᠠ ᠵᠠᠭᠤᠷ᠎ᠠ ᠪᠠᠢᠵᠤ ᠮᠠᠭᠠᠳ ᠦᠭᠡᠢ ᠭᠡᠵᠦ ᠪᠠᠷᠠᠭᠤᠨ ᠵᠡᠭᠦᠨ ᠢ᠋ ᠠᠵᠢᠭᠯᠠᠨ᠎ᠠ᠃ ᠬᠡᠷᠪᠡ ᠪᠠᠢᠪᠠᠰᠤ ᠳᠠᠷᠤᠢ ᠡᠷᠭᠢᠨ ᠠᠪᠤ ᠡᠵᠢ ᠳᠡᠭᠡᠷ᠎ᠡ ᠪᠡᠨ ᠣᠷᠣᠭᠤᠯᠤᠨ᠂ ᠪᠦᠬᠦ ᠨᠢᠭᠤᠴᠠ ᠶ᠋ᠢ ᠨᠢᠭᠡᠮᠦᠰᠦᠨ ᠮᠡᠳᠡᠭᠳᠡᠵᠦ ᠰᠡᠳᠬᠢᠯ ᠠᠮᠠᠷᠠᠬᠤ ᠶ᠋ᠢ ᠴᠢᠩ ᠰᠡᠳᠬᠢᠯ ᠡᠴᠡ ᠪᠡᠨ ᠵᠣᠷᠢᠭᠯᠠᠭᠰᠠᠨ ᠪᠢᠯᠡ᠃ ᠭᠡᠲᠡᠯ᠎ᠡ ᠪᠠᠯᠳᠠᠨᠴᠡᠷᠢᠩ ᠡᠨᠳᠡ ᠪᠢᠰᠢ᠂ ᠤᠷᠢᠳᠤ ᠶ᠋ᠢᠨ ᠵᠠᠩᠰᠢᠯ ᠢ᠋ᠶ᠋ᠠᠷ ᠬᠦᠷᠢᠶ᠎ᠡ ᠴᠢᠭᠯᠡᠭᠰᠡᠨ ᠭᠤᠳᠤᠮᠵᠢᠨ ᠤ᠋ ᠠᠮᠠᠨ ᠳ᠋ᠤ᠌ ᠬᠦᠯᠢᠶᠡᠵᠦ ᠪᠠᠢᠭ᠎ᠠ ᠪᠥᠭᠡᠳ ᠣᠶᠤᠨᠳᠠᠷᠢ ᠶ᠋ᠢᠨ ᠭᠠᠷᠴᠤ ᠢᠷᠡᠬᠦ ᠶ᠋ᠢ ᠬᠠᠷᠠᠬᠤ ᠲᠠᠢ ᠵᠡᠷᠭᠡ ᠬᠡᠦᠬᠡᠳ ᠰᠢᠭ ᠭᠦᠶᠦᠨ ᠤᠭᠲᠤᠨ ᠠᠪᠤᠪᠠ᠃ ᠡᠨᠡ ᠪᠣᠯ ᠬᠠᠷᠢᠨ ᠬᠠᠮᠤᠭ ᠤ᠋ᠨ ᠶᠡᠬᠡ ᠵᠣᠷᠢᠭ ᠭᠠᠷᠭᠠᠵᠤ ᠪᠠᠢᠭ᠎ᠠ ᠨᠢ ᠪᠠᠢᠯ᠎ᠠ᠃ 
       ᠲᠡᠷᠡ ᠬᠣᠶᠠᠷ ᠠᠭᠤᠯᠵᠠᠩᠭᠤᠲᠠ ᠭᠠᠷ ᠭᠠᠷ ᠠ᠋ᠴᠠ ᠪᠠᠨ ᠰᠢᠭᠦᠷᠡᠨ ᠠᠪᠤᠯᠴᠠᠭᠰᠠᠨ ᠪᠥᠭᠡᠳ ᠡᠨᠡ ᠨᠢ ᠪᠣᠯ ᠬᠠᠮᠤᠭ ᠠ᠋ᠴᠠ ᠬᠠᠯᠠᠭᠤᠨ ᠬᠠᠢᠷ᠎ᠠ ᠳᠤᠷᠠᠯᠠᠯ ᠢ᠋ᠶ᠋ᠠᠨ ᠡᠷᠡᠭᠡ ᠴᠡᠭᠡᠷ ᠦᠭᠡᠢ ᠰᠣᠯᠢᠯᠴᠠᠵᠤ ᠪᠠᠢᠭ᠎ᠠ ᠨᠢ ᠲᠡᠷᠡ ᠪᠠᠢᠯ᠎ᠠ᠃  
       ᠣᠶᠤᠨᠳᠠᠷᠢ ᠭᠣᠴᠣ ᠰᠠᠢᠬᠠᠨ ᠢ᠋ ᠡᠮᠦᠰᠦᠨ ᠡᠯᠳᠡᠪ ᠡᠷᠳᠡᠨᠢ ᠶ᠋ᠢᠨ ᠦᠨᠡᠲᠦ ᠵᠦᠢᠯᠡᠰ ᠢ᠋ᠶ᠋ᠡᠷ ᠭᠠᠷ ᠬᠤᠷᠤᠭᠤ  ᠲᠣᠯᠣᠭᠠᠢ ᠲᠦᠷᠦᠭᠦᠦ ᠪᠡᠨ ᠴᠢᠮᠡᠭᠯᠡᠭᠰᠡᠨ ᠢ᠋ ᠪᠠᠯᠳᠠᠨᠴᠡᠷᠢᠩ ᠦᠵᠡᠩᠭᠦᠲᠡ ᠪᠡᠨ ᠪᠡᠶᠡᠰᠦᠨ ᠪᠠᠬᠠᠷᠠᠭᠰᠠᠨ ᠪᠣᠯᠪᠠᠴᠤ ᠲᠡᠷᠡ ᠳᠣᠣᠷᠠᠬᠠᠨ ᠢ᠋ᠶ᠋ᠠᠨ᠄《ᠪᠢ ᠭᠣᠶᠣ ᠰᠠᠢᠨ ᠢ᠋ ᠡᠳ᠋ᠯᠡᠳᠡᠭ ᠡᠮᠡᠭᠲᠡᠢ ᠶ᠋ᠢ ᠡᠬᠡᠨᠡᠷ ᠪᠣᠯᠭᠠᠨ ᠠᠪᠤᠭᠠᠳ ᠡᠴᠦᠰ ᠲᠦ᠋ᠨᠢ ᠶᠠᠭᠤ ᠪᠠᠷ ᠢ᠋ᠶ᠋ᠠᠨ ᠭᠢᠯᠢᠢᠯᠭᠠᠨ ᠭᠡᠢᠭᠦᠯᠬᠦ ᠶᠦᠮ ᠪᠣᠢ?》 ᠭᠡᠵᠦ ᠪᠣᠳᠣᠮᠠᠭᠴᠠ ᠰᠡᠳᠬᠢᠯ ᠭᠣᠩᠰᠣᠢᠪᠠ᠃ ᠲᠡᠭᠦᠨ ᠦ᠌ ᠳᠡᠭᠡᠷ᠎ᠡ ᠣᠶᠤᠨᠳᠠᠷᠢ ᠡᠮᠦᠰᠴᠦ ᠵᠡᠭᠦᠭᠰᠡᠨ ᠢ᠋ᠶ᠋ᠡᠨ ᠪᠠᠯᠳᠠᠨᠴᠡᠷᠢᠩ ᠦ᠋ᠨ ᠨᠢᠳᠦᠨ ᠦ᠌ ᠡᠮᠦᠨ᠎ᠡ ᠵᠣᠷᠢᠭᠤᠳᠠ ᠲᠤᠰᠬᠠᠨ ᠭᠢᠯᠠᠯᠵᠠᠭᠤᠯᠤᠭᠰᠠᠨ ᠢ᠋ ᠨᠢ ᠬᠡᠯᠡᠬᠦ ᠤᠤ? ᠥᠪᠡᠷ ᠦ᠋ᠨ ᠡᠷᠬᠡ ᠦᠭᠡᠢ ᠰᠠᠨᠠᠭ᠎ᠠ ᠠᠯᠳᠠᠬᠤ ᠭᠡᠰᠡᠨ ᠢ᠋ ᠤᠷᠢᠳᠴᠢᠯᠠᠨ ᠰᠡᠷᠭᠡᠢᠯᠡᠬᠦ ᠶ᠋ᠢᠨ ᠬᠦᠴᠦ ᠪᠡᠷ ᠠᠷᠠᠢᠬᠠᠨ ᠪᠠᠷᠢᠯ᠎ᠠ᠃ 
       ᠪᠠᠯᠳᠠᠨᠴᠡᠷᠢᠩ ᠦ᠋ᠨ ᠪᠡᠬᠢ ᠪᠠᠢᠳᠠᠭ ᠭᠠᠭᠴᠠ ᠭᠣᠣᠯ ᠤ᠋ᠨ ᠢ᠋ᠶ᠋ᠠᠨ ᠬᠤᠪᠴᠠᠰᠤ ᠶ᠋ᠢ ᠡᠮᠦᠰᠦᠭᠰᠡᠨ ᠲᠤᠬᠠᠢ ᠳ᠋ᠤ᠌ ᠣᠶᠤᠨᠳᠠᠷᠢ᠄《ᠡᠪᠡᠢ ᠡᠨᠡ ᠮᠢᠨᠢ ᠰᠠᠷ᠎ᠠ ᠰᠢᠨ᠎ᠡ ᠶ᠋ᠢᠨ ᠪᠡᠯᠡᠭ ᠪᠠᠢᠪᠠᠴᠤ ᠰᠣᠯᠢᠬᠤ ᠭᠣᠶᠣᠯ᠂ ᠰᠢᠨᠡᠴᠢᠯᠡᠬᠦ ᠴᠢᠨᠡᠭᠡ ᠠᠯᠢ ᠠᠯᠢᠨ ᠨᠢ ᠦᠭᠡᠢ ᠶᠦᠮ ᠪᠠᠢᠨ᠎ᠠ ᠳᠠ》 ᠭᠡᠵᠦ ᠦᠷᠦ ᠡᠪᠡᠳᠴᠡᠢ᠃ ᠭᠠᠷ ᠢ᠋ᠶ᠋ᠠᠨ ᠡᠪᠦᠷ ᠲᠡᠭᠡᠨ ᠬᠢᠨ ᠪᠡᠯᠡᠭᠯᠡᠬᠦ ᠳᠠᠯᠢᠩ ᠳ᠋ᠠᠭᠠᠨ ᠪᠦᠬᠦ ᠶᠠᠩᠴᠢᠶᠠᠨ ᠢ᠋ᠶ᠋ᠠᠨ ᠰᠠᠮ ᠬᠢᠨ ᠬᠠᠨᠴᠤᠢ ᠤᠷᠤᠭᠤ ᠪᠠᠨ ᠰᠢᠷᠭᠤᠭᠤᠯᠪᠠ᠃ ᠲᠡᠭᠡᠭᠡᠳ ᠲᠡᠷᠡ ᠭᠠᠷ ᠢ᠋ᠶ᠋ᠠᠨ ᠪᠤᠴᠠᠭᠠᠨ ᠭᠠᠷᠭᠠᠵᠤ ᠪᠠᠯᠳᠠᠨᠴᠡᠷᠢᠩ ᠦ᠋ᠨ ᠡᠪᠦᠷ ᠲᠦ᠍ ᠬᠢᠨ ᠴᠡᠭᠡᠵᠢ ᠶ᠋ᠢ ᠨᠢ ᠲᠦᠰᠢᠪᠡ᠃ ᠣᠯᠠᠨ ᠬᠣᠨᠣᠭ ᠬᠤᠯᠵᠢᠭᠰᠠᠨ ᠨᠣᠢᠷ ᠨᠢᠭᠡᠮᠦᠰᠦᠨ ᠢᠷᠡᠬᠦ ᠰᠢᠭ ᠨᠢᠳᠦ ᠨᠢ ᠠᠨᠢᠯᠳᠤᠨ᠎ᠠ᠃ ᠤᠷᠳᠤᠭᠤᠷ ᠨᠢ ᠲᠠᠲᠠᠭᠰᠠᠨ ᠡᠷᠢᠶᠡᠨ ᠪᠦᠲᠡᠭᠡᠯᠭᠡ ᠡᠳᠦᠷ ᠦ᠋ᠨ ᠴᠠᠭᠠᠨ ᠭᠡᠷᠡᠯ ᠢ᠋ ᠬᠠᠯᠬᠠᠯᠠᠨ᠎ᠠ᠃ ᠲᠡᠷᠭᠡᠨ ᠦ᠌ ᠵᠥᠭᠡᠯᠡᠨ ᠳᠣᠩᠰᠣᠯᠭ᠎ᠠ ᠪᠡᠶ᠎ᠡ ᠶ᠋ᠢ ᠨᠢ ᠪᠦᠦᠪᠡᠢᠯᠡᠬᠦ ᠰᠢᠭ ᠵᠠᠢᠮᠤᠷᠠᠭᠤᠯᠤᠨ ᠲᠤᠩ ᠠᠶᠠᠲᠠᠢᠬᠠᠨ ᠤᠨᠲᠠᠭᠤᠯᠵᠠᠢ᠃ 
       ᠵᠢᠯᠣᠭᠣᠴᠢ ᠲᠦᠪᠰᠢᠨ ᠲᠡᠷᠡ ᠬᠣᠶᠠᠷ ᠤ᠋ᠨ ᠬᠠᠮᠲᠤ ᠶᠠᠪᠤᠬᠤ ᠪᠦᠷᠢ ᠳ᠋ᠦ᠍ ᠰᠡᠳᠬᠢᠯ ᠲᠡᠨᠢᠢᠨ ᠪᠠᠶᠠᠷᠯᠠᠳᠠᠭ ᠪᠥᠭᠡᠳ ᠥᠨᠥᠳᠥᠷ ᠦ᠋ᠨ ᠬᠤᠪᠢ ᠳ᠋ᠤ᠌ ᠪᠦᠷ ᠣᠨᠴᠠ ᠪᠠᠶᠠᠷ ᠪᠠᠬᠠᠳᠤᠯ ᠪᠣᠯᠤᠨ ᠶᠠᠪᠤᠯ᠎ᠠ᠃ ᠭᠠᠭᠴᠠ ᠬᠦ᠌ ᠬᠠᠷᠠᠮᠰᠠᠯᠲᠠᠢ ᠨᠢ ᠰᠠᠷ᠎ᠠ ᠶ᠋ᠢᠨ ᠡᠳᠦᠷ ᠠᠩᠬ᠎ᠠ ᠵᠣᠷᠢᠨ ᠭᠠᠷᠤᠭᠰᠠᠨ ᠢ᠋ᠶ᠋ᠠᠨ ᠵᠠᠮ ᠬᠠᠵᠠᠢᠯ ᠦᠭᠡᠢ ᠬᠦᠷᠬᠦ ᠶᠣᠰᠣᠲᠠᠢ ᠶ᠋ᠢ ᠳᠣᠲᠣᠷ᠎ᠠ ᠪᠠᠨ ᠰᠠᠨᠠᠨ᠎ᠠ᠃ 
       ᠣᠶᠤᠨᠳᠠᠷᠢ ᠪᠠᠯᠳᠠᠨᠴᠡᠷᠢᠩ ᠦ᠋ᠨ ᠡᠪᠦᠷ ᠳᠡᠭᠡᠷ᠎ᠡ ᠡᠭᠡᠭᠡ ᠯᠡ ᠡᠴᠢᠭᠡ ᠶ᠋ᠢᠨ ᠢ᠋ᠶ᠋ᠡᠨ ᠭᠠᠷ ᠳᠡᠭᠡᠷ᠎ᠡ ᠬᠡᠪᠲᠡᠭᠰᠡᠨ ᠨᠢᠯᠬ᠎ᠠ ᠬᠡᠦᠬᠡᠳ ᠠᠳᠠᠯᠢ ᠤᠨᠲᠠᠭᠰᠠᠭᠠᠷ ᠪᠠᠢᠯ᠎ᠠ᠃ ᠲᠡᠷᠭᠡ ᠬᠦᠷᠬᠦ ᠭᠠᠵᠠᠷ ᠢ᠋ᠶ᠋ᠠᠨ ᠡᠷᠢᠨ ᠵᠣᠭᠰᠣᠬᠤ ᠳ᠋ᠤ᠌ ᠪᠠᠯᠳᠠᠨᠴᠡᠷᠢᠩ ᠰᠣᠴᠢᠭᠠᠬᠤ ᠦᠭᠡᠢ ᠶ᠋ᠢ ᠬᠢᠴᠢᠶᠡᠨ ᠠᠶᠠᠷᠬᠠᠨ ᠥᠨᠳᠡᠢᠯᠭᠡᠪᠡ᠃ ᠣᠶᠤᠨᠳᠠᠷᠢ ᠰᠡᠷᠡᠩᠭᠦᠲᠡ ᠪᠡᠨ ᠨᠣᠢᠷᠮᠤᠭ ᠨᠢᠳᠦ ᠪᠡᠨ ᠲᠣᠮᠣ ᠪᠣᠯᠭᠠᠨ᠄ 
       — ᠦᠭᠡᠢ ᠪᠢᠳᠡ ᠬᠠᠮᠢᠭ᠎ᠠ ᠢᠷᠡᠪᠡ?
       — ᠪᠠᠭᠰᠢ ᠶ᠋ᠢᠨ ᠴᠢᠨᠢ ᠡᠭᠦᠳᠡᠨ ᠳᠡᠭᠡᠷ᠎ᠡ᠃ 
       ᠣᠶᠤᠨᠳᠠᠷᠢ ᠡᠰᠡ ᠦᠨᠡᠮᠰᠢᠬᠦ ᠮᠡᠲᠦ ᠬᠠᠯᠬᠠᠪᠴᠢ ᠶ᠋ᠢᠨ ᠵᠠᠪᠰᠠᠷ ᠢ᠋ᠶ᠋ᠠᠷ ᠱᠠᠭᠠᠢᠨ ᠬᠠᠷᠠᠭᠰᠠᠨ ᠢ᠋ᠶ᠋ᠠᠨ᠄ 
       — ᠬᠣᠶᠠᠭᠤᠯᠠ ᠪᠠᠨ  ᠪᠠᠷᠠᠯᠬᠠᠶ᠎ᠠ ᠭᠡᠵᠦ ᠡᠷᠭᠢᠨ ᠪᠠᠯᠳᠠᠨᠴᠡᠷᠢᠩ ᠦ᠋ᠨ ᠭᠠᠷ ᠢ᠋ ᠰᠢᠭᠦᠷᠡᠨ ᠠᠪᠤᠪᠠ᠃ ᠡᠨᠡ ᠨᠢ ᠪᠠᠯᠳᠠᠨᠴᠡᠷᠢᠩ ᠲᠡᠢ ᠰᠡᠳᠬᠢᠯ ᠦ᠋ᠨ ᠭᠦᠨ ᠬᠣᠯᠪᠣᠭ᠎ᠠ ᠲᠠᠢ ᠪᠠᠨ ᠪᠠᠭᠰᠢ ᠳ᠋ᠠᠭᠠᠨ ᠮᠡᠳᠡᠭᠳᠡᠬᠦ ᠭᠡᠰᠡᠨ ᠬᠡᠷᠡᠭ ᠪᠥᠭᠡᠳ ᠶᠡᠷᠦ ᠣᠶᠤᠨᠳᠠᠷᠢ ᠳ᠋ᠤ᠌ ᠡᠴᠢᠭᠡ᠂ ᠡᠬᠡ᠂ ᠪᠠᠭᠰᠢ᠂ ᠤᠷᠤᠭ ᠲᠥᠷᠥᠯ ᠦ᠋ᠨ ᠬᠥᠮᠦᠰ ᠪᠦᠭᠦᠳᠡ ᠳ᠋ᠦ᠍ ᠮᠡᠳᠡᠭᠳᠡᠬᠦ ᠰᠠᠨ ᠭᠡᠰᠡᠨ ᠬᠦᠰᠡᠯ ᠣᠷᠭᠢᠯᠤᠨ ᠪᠠᠳᠠᠷᠠᠵᠤ ᠪᠠᠢᠭ᠎ᠠ ᠠᠵᠢ᠃ ᠬᠠᠷᠢᠨ ᠪᠠᠯᠳᠠᠨᠴᠡᠷᠢᠩ ᠳ᠋ᠦ᠍ ᠪᠣᠯ ᠶᠡᠷᠦ ᠡᠢᠮᠦ ᠪᠢᠰᠢ᠃ ᠬᠠᠨᠢᠯᠠᠨ ᠰᠠᠭᠤᠬᠤ ᠶ᠋ᠢ ᠬᠦᠰᠡᠭᠴᠢᠳ ᠨᠢᠭᠡᠨ ᠭᠡᠷ ᠲᠦ᠍ ᠣᠷᠣᠨ ᠰᠠᠭᠤᠬᠤ ᠪᠠᠨ ᠬᠦᠷᠲᠡᠯ᠎ᠡ ᠬᠡᠨ ᠪᠦᠬᠦᠨ ᠦ᠌ ᠡᠮᠦᠨ᠎ᠡ ᠮᠠᠰᠢ ᠨᠢᠭᠤᠴᠠ ᠪᠠᠢᠬᠤ ᠶᠣᠰᠣᠲᠠᠢ ᠶ᠋ᠢ ᠪᠠᠷᠢᠮᠲᠠᠯᠠᠬᠤ ᠶ᠋ᠢᠨ ᠳᠡᠭᠡᠷ᠎ᠡ ᠢᠴᠢᠨ ᠵᠣᠪᠠᠬᠤ ᠨᠢ ᠬᠡᠳᠦ ᠪᠠᠢᠵᠠᠢ᠃  
       — ᠦᠭᠡᠢ᠂ ᠴᠢ ᠭᠠᠭᠴᠠᠭᠠᠷ ᠢ᠋ᠶ᠋ᠠᠨ ᠪᠠᠷᠠᠯᠬ᠎ᠠ᠂ ᠪᠢ ᠶᠠᠮᠠᠷ ᠱᠠᠪᠢ ᠨᠢ ᠪᠢᠰᠢ᠃  
       — ᠲᠠ ᠲᠡᠭᠡᠭᠡᠳ ᠡᠨᠳᠡ ᠡᠴᠡ ᠪᠡᠨ ᠬᠠᠮᠢᠭ᠎ᠠ ᠣᠴᠢᠬᠤ ᠭᠡᠵᠦ ᠪᠠᠢᠨ᠎ᠠ ᠪᠣᠢ? 
       — ᠪᠢ ᠨᠢᠭᠡ ᠡᠮᠡᠭᠡᠨ ᠳ᠋ᠦ᠍ ᠣᠴᠢᠵᠤ ᠵᠣᠯᠭᠠᠨ᠎ᠠ᠃ 
       — ᠲᠡᠭᠡᠪᠡᠯ ᠬᠦᠯᠢᠶᠡ᠂ ᠪᠢ ᠬᠠᠮᠲᠤ ᠣᠴᠢᠶ᠎ᠠ᠃ 
       — ᠬᠣᠩᠭᠣᠷ ᠮᠢᠨᠢ ᠳᠡᠮᠡᠢ᠂ ᠨᠢᠭᠡ ᠮᠠᠭᠤ ᠣᠪᠣᠬᠠᠢ ᠳ᠋ᠤ᠌ ᠰᠠᠭᠤᠳᠠᠭ ᠶᠠᠳᠠᠭᠤ ᠡᠮᠡᠭᠡᠨ ᠪᠠᠢᠭ᠎ᠠ ᠶᠤᠮ᠃ 
       — ᠲᠡᠷᠡ ᠶᠠᠮᠠᠷ ᠬᠠᠮᠢᠶ᠎ᠠ᠂ ᠲᠠ ᠯᠠ ᠣᠴᠢᠵᠤ ᠵᠣᠯᠭᠠᠳᠠᠭ ᠠ᠋ᠴᠠ ᠬᠣᠢᠰᠢ᠂ ᠪᠢ ᠮᠥᠨ ᠵᠣᠯᠭᠠᠳᠠᠭ ᠪᠠᠢᠬᠤ ᠶᠣᠰᠣᠲᠠᠢ ᠪᠢᠰᠢ ᠤᠤ?   
       — ᠲᠡᠷᠡ ᠴᠦ᠍ ᠲᠡᠢᠮᠦ᠂ ᠭᠡᠪᠡᠴᠦ ᠡᠨᠡ ᠵᠢᠯ ᠳ᠋ᠡᠭᠡᠨ ᠪᠠᠢᠭ᠂ ᠬᠠᠷᠢᠨ ᠬᠣᠢᠲᠤᠨ ᠵᠢᠯ! ᠵᠠ ᠮᠡᠳᠡᠪᠡ ᠤᠤ?  
       — ᠵᠠ ᠭᠡᠳᠡᠭ ᠦᠭᠡ ᠶ᠋ᠢ ᠣᠶᠤᠨᠳᠠᠷᠢ ᠲᠤᠩ ᠤᠷᠮ᠎ᠠ ᠦᠭᠡᠢ ᠬᠡᠯᠡᠨ ᠲᠡᠷᠭᠡᠨ ᠡᠴᠡ ᠪᠠᠭᠤᠨ ᠪᠠᠭᠰᠢ ᠶ᠋ᠢᠨ ᠢ᠋ᠶ᠋ᠡᠨ ᠬᠠᠰᠢᠶᠠᠨ ᠳ᠋ᠤ᠌ ᠣᠷᠣᠯ᠎ᠠ᠃ 
       ᠪᠠᠯᠳᠠᠨᠴᠡᠷᠢᠩ ᠲᠡᠷᠭᠡᠨ ᠦ᠌ ᠨᠥᠭᠦᠭᠡ ᠲᠠᠯ᠎ᠠ ᠤᠷᠤᠭᠤ ᠪᠠᠭᠤᠨ ᠵᠢᠮ᠎ᠡ ᠡᠮᠡᠭᠡᠨ ᠦ᠌ ᠪᠠᠢᠳᠠᠭ ᠭᠠᠵᠠᠷ ᠢ᠋ ᠴᠢᠭᠯᠡᠨ ᠶᠠᠪᠤᠯ᠎ᠠ᠃

                ᠦᠰᠦᠭ ᠠᠮᠢᠯᠠᠭᠤᠯᠤᠭᠰᠠᠨ ᠨᠢ᠄ ᠳᠠᠪᠰᠢᠯᠲᠦ