ᠪᠠᠲᠤ ᠬᠠᠭᠠᠨ 1-20ᠳ᠋ᠵᠢᠬᠠᠩᠭᠢᠷ— ᠳᠡᠯᠡᠬᠡᠢ ᠳ᠋ᠠᠬᠢᠨ ᠢ᠋ ᠡᠵᠡᠯᠡᠭᠴᠢ ᠮᠥᠨ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 1-20ᠳ᠋ᠵᠢᠬᠠᠩᠭᠢᠷ— ᠳᠡᠯᠡᠬᠡᠢ ᠳ᠋ᠠᠬᠢᠨ ᠢ᠋ ᠡᠵᠡᠯᠡᠭᠴᠢ ᠮᠥᠨ-Bat khaan Бат хаан-ᠷᠣᠮᠠᠨ

ᠪᠠᠲᠤ ᠬᠠᠭᠠᠨ 1-20ᠳ᠋ᠵᠢᠬᠠᠩᠭᠢᠷ— ᠳᠡᠯᠡᠬᠡᠢ ᠳ᠋ᠠᠬᠢᠨ ᠢ᠋ ᠡᠵᠡᠯᠡᠭᠴᠢ ᠮᠥᠨ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-09-14

259

ᠬᠣᠷᠢ ᠳ᠋ᠵᠢᠬᠠᠩᠭᠢᠷ— ᠳᠡᠯᠡᠬᠡᠢ ᠳ᠋ᠠᠬᠢᠨ ᠢ᠋ ᠡᠵᠡᠯᠡᠭᠴᠢ ᠮᠥᠨ

      ᠲᠡᠭᠦᠨ ᠡᠴᠡ ᠬᠣᠢᠰᠢ ᠳᠥᠴᠢ ᠬᠣᠨᠣᠯ᠎ᠠ᠃ ᠮᠣᠩᠭᠣᠯ— ᠲᠠᠲ᠋ᠠᠷ ᠴᠡᠷᠢᠭ ᠳᠣᠷᠣᠨ᠎ᠠ ᠵᠦᠭ ᠡᠴᠡ ᠲᠠᠰᠤᠷᠠᠯᠲᠠ ᠦᠭᠡᠢ ᠢᠷᠡᠭᠰᠡᠭᠡᠷ ᠪᠥᠭᠡᠳ ᠬᠣᠢᠨ᠎ᠠ ᠠ᠋ᠴᠠ ᠨᠢ ᠺᠢᠷᠬᠢᠰ᠂ ᠠᠯᠲᠠᠢ᠂ ᠤᠢᠭᠤᠷ ᠵᠡᠷᠭᠡ ᠪᠤᠰᠤᠳ ᠨᠡᠭᠦᠳᠡᠯ ᠦ᠋ᠨ ᠠᠢᠮᠠᠭ ᠤ᠋ᠨ ᠴᠡᠷᠢᠭ ᠶᠠᠪᠤᠵᠠᠢ᠃
      ᠺᠢᠫᠴᠠᠺ ᠤ᠋ᠨ ᠲᠠᠯ᠎ᠠ ᠳᠡᠭᠡᠷ᠎ᠡ ᠭᠠᠵᠠᠷ ᠪᠦᠬᠦᠨ ᠳ᠋ᠦ᠍ ᠴᠡᠷᠢᠭ ᠦ᠋ᠨ ᠬᠦᠷᠢᠶᠡᠨ ᠦ᠌ ᠲᠦᠳᠡᠭ ᠨᠣᠴᠣᠵᠤ ᠪᠢᠯᠡ᠃ ᠡᠳᠡᠭᠡᠷ ᠣᠪᠣᠭᠲᠠᠨ ᠲᠤᠰ ᠲᠤᠰ ᠪᠠᠭᠤᠳᠠᠯᠯᠠᠭᠠᠳ ᠬᠣᠭᠣᠷᠣᠨᠳᠣ ᠪᠠᠨ ᠬᠣᠯᠢᠴᠠᠯᠳᠤᠨ ᠬᠠᠷᠢᠯᠴᠠᠨ ᠣᠢᠷᠠᠲᠤᠬᠤ ᠦᠭᠡᠢ ᠪᠢᠯᠡ᠃
      ᠰᠡᠷᠭᠦᠯᠡᠩ ᠠᠵᠢᠷᠭᠠᠨ ᠤ᠋ ᠠᠭᠤᠷ ᠬᠢᠯᠢᠩ ᠦ᠋ᠨ ᠠᠴᠢ ᠪᠠᠷ ᠰᠦᠷᠦᠭ ᠰᠦᠷᠦᠭ ᠲᠡᠭᠡᠨ ᠣᠷᠣᠰᠢᠬᠤ ᠠᠳᠤᠭᠤ ᠮᠡᠲᠦ᠂ ᠣᠪᠣᠭᠲᠠᠨ ᠲᠤᠰ ᠲᠤᠰ ᠤ᠋ᠨ ᠴᠡᠷᠢᠭ ᠥᠪᠡᠷ ᠥᠪᠡᠷ ᠦ᠋ᠨ ᠤᠳᠤᠷᠢᠳᠤᠭᠴᠢ ᠶ᠋ᠢ ᠲᠣᠭᠣᠷᠢᠨ ᠬᠦᠷᠢᠶᠡᠯᠡᠵᠡᠢ᠃ ᠥᠷᠥᠨ᠎ᠡ ᠵᠦᠭ ᠲᠦ᠍ ᠠᠶᠠᠨ ᠲᠡᠢᠨ ᠢ᠋ ᠬᠢᠬᠦ ᠰᠡᠭᠦᠯ ᠦ᠋ᠨ ᠳᠣᠬᠢᠶ᠎ᠠ ᠪᠣᠯᠤᠭᠰᠠᠨ᠂ 《ᠭᠤᠴᠢᠨ ᠪᠠᠭᠠᠲᠤᠷ ᠤ᠋ᠨ ᠪᠤᠯᠠᠰᠢ 》 ᠭᠡᠳᠡᠭ ᠲᠣᠯᠣᠭᠠᠢ ᠳᠡᠭᠡᠷ᠎ᠡ ᠰᠢᠲᠠᠭᠰᠠᠨ ᠶᠢᠰᠦᠨ ᠬᠡᠰᠡᠭ ᠣᠲᠣᠭᠠᠲᠤ ᠲᠦᠳᠡᠭ ᠭᠠᠯ ᠢ᠋ ᠪᠦᠭᠦᠳᠡᠭᠡᠷ ᠬᠦᠯᠢᠶᠡᠵᠦ ᠪᠠᠢᠯ᠎ᠠ᠃
      ᠡᠨᠡ ᠳᠥᠴᠢᠨ ᠬᠣᠨᠣᠭ ᠢ᠋ ᠮᠣᠩᠭᠣᠯ ᠬᠠᠭᠠᠨ ᠤ᠋ ᠠᠴᠢ ᠨᠠᠷ ᠨᠠᠢᠷᠯᠠᠨ ᠴᠡᠩᠭᠡᠵᠦ ᠰᠥᠨᠢ ᠶ᠋ᠢᠨ ᠮᠥᠷᠭᠥᠯ ᠢ᠋ᠶ᠋ᠡᠷ ᠥᠩᠭᠡᠷᠡᠪᠡ᠃ ᠪᠥᠬᠡ ᠨᠠᠷ ᠪᠥᠭᠡᠯᠡᠵᠦ᠂ ᠶᠡᠬᠡ ᠴᠡᠷᠢᠭ ᠦ᠋ᠨ ᠶᠡᠷᠦᠩᠬᠡᠢ ᠤᠳᠤᠷᠢᠳᠤᠭᠴᠢ ᠳ᠋ᠵᠢᠬᠠᠩᠭᠢᠷ ᠢ᠋ ᠰᠣᠩᠭᠣᠬᠤ ᠶ᠋ᠢ ᠲᠡᠭᠷᠢ ᠳᠠᠭᠠᠯᠠᠬᠤ ᠥᠯᠵᠡᠢᠲᠦ ᠰᠠᠷ᠎ᠠ ᠶ᠋ᠢᠨ ᠡᠳᠦᠷ ᠡᠷᠢᠵᠦ ᠪᠢᠯᠡ᠃ 《ᠭᠠᠭᠴᠠ ᠶᠡᠬᠡ ᠡᠵᠡᠨ ᠬᠠᠭᠠᠨ ᠥᠭᠡᠳᠡᠢ ᠶ᠋ᠢᠨ ᠰᠢᠷᠡᠭᠡ ᠶ᠋ᠢ ᠵᠠᠯᠭᠠᠮᠵᠢᠯᠠᠭᠴᠢ ᠬᠥᠶᠦᠭ ᠬᠠᠭᠠᠨ ᠳ᠋ᠵᠢᠬᠠᠩᠭᠢᠷ ᠪᠣᠯᠪᠠᠯ ᠲᠠᠭᠠᠷᠠᠨ᠎ᠠ᠃ ᠨᠠᠰᠤ ᠬᠡᠳᠦᠢ ᠪᠠᠭ᠎ᠠ ᠪᠣᠯᠪᠠᠴᠤ ᠠᠶᠠᠨ ᠲᠡᠢᠨ ᠳ᠋ᠦ᠍ ᠲᠤᠷᠰᠢᠯᠭᠠᠵᠢᠵᠤ᠂ ᠪᠠᠢᠯᠳᠤᠭᠠᠨ ᠤ᠋  ᠠᠯᠳᠠᠷ ᠢ᠋ ᠣᠯᠤᠨ᠎ᠠ 》ᠭᠡᠵᠦ ᠮᠢᠩᠭᠠᠨ ᠬᠥᠮᠦᠨ ᠦ᠌ ᠠᠮᠠᠨ ᠠ᠋ᠴᠠ ᠴᠤᠤᠷᠬᠠᠨ ᠥᠭᠦᠯᠡᠯᠳᠦᠪᠡ᠃
       ᠭᠠᠭᠴᠠᠬᠦ ᠪᠠᠢᠯᠳᠤᠭᠠᠨ ᠤ᠋ ᠲᠤᠷᠰᠢᠯᠭ᠎ᠠ ᠲᠠᠢ᠂ ᠲᠠᠰᠤᠷᠬᠠᠢ ᠰᠣᠷᠪᠢ ᠲᠠᠢ ᠬᠥᠭᠰᠢᠳ ᠲᠣᠯᠣᠭᠠᠢ ᠪᠠᠨ ᠰᠠᠵᠢᠨ᠂
       — ᠠᠶᠠᠨ ᠲᠡᠢᠨ ᠳ᠋ᠦ᠍ ᠰᠢᠯᠭᠠᠷᠠᠭᠰᠠᠨ᠂ ᠮᠡᠷᠭᠡᠨ ᠰᠦᠪᠡᠭᠡᠲᠡᠢ ᠪᠠᠭᠠᠲᠤᠷ ᠤ᠋ᠨ ᠦᠭᠡ ᠶ᠋ᠢ ᠬᠦᠯᠢᠶᠡᠶ᠎ᠡ ᠃ ᠲᠡᠷᠡ ᠰᠢᠷᠬᠠᠳᠤᠭᠰᠠᠨ ᠠᠭᠤᠷᠲᠠᠢ ᠪᠠᠷᠰ᠂ ᠵᠡᠪᠡ ᠨᠣᠶᠠᠨ᠂ ᠪᠤᠭᠤᠷᠴᠢ᠂ ᠮᠤᠬᠤᠯᠠᠢ— ᠡᠨᠡ ᠳᠥᠷᠪᠡ ᠪᠣᠯ ᠴᠢᠩᠭᠢᠰ ᠬᠠᠭᠠᠨ ᠤ᠋ ᠢᠯᠠᠵᠤ ᠳᠡᠢᠯᠦᠭᠰᠡᠨ ᠬᠦᠯᠦᠭ ᠦ᠋ᠨ ᠳᠥᠷᠪᠡᠨ ᠲᠤᠭᠤᠷᠠᠢ ᠪᠠᠢᠯ᠎ᠠ᠃ ᠴᠢᠩᠭᠢᠰ ᠬᠠᠭᠠᠨ ᠭᠠᠭᠴᠠᠬᠦ ᠡᠨᠡ ᠳᠥᠷᠪᠡᠨ ᠪᠣᠯᠣᠳ ᠲᠤᠭᠤᠷᠠᠢ ᠪᠠᠨ ᠲᠤᠯᠵᠤ ᠢᠯᠠᠯᠲᠠ ᠠ᠋ᠴᠠ ᠢᠯᠠᠯᠲᠠ ᠳ᠋ᠤ᠌ ᠬᠦᠷᠴᠦ ᠪᠠᠢᠵᠠᠢ᠃ ᠪᠢᠳᠡ ᠭᠠᠭᠴᠠᠬᠦ ᠳ᠋ᠵᠢᠬᠠᠩᠭᠢᠷ ᠢ᠋ ᠪᠢᠰᠢ᠂ ᠮᠥᠨ ᠴᠡᠷᠢᠭ ᠦ᠋ᠨ ᠡᠷᠳᠡᠮ ᠴᠢᠳᠠᠯ ᠲᠡᠭᠦᠰ ᠵᠢᠯᠣᠭᠣᠳᠤᠭᠴᠢ ᠪᠠᠷᠠᠭᠤᠨ ᠵᠡᠭᠦᠨ ᠵᠢᠭᠦᠷ ᠦ᠋ᠨ ᠵᠠᠬᠢᠷᠤᠯ᠂ ᠳᠠᠶ᠋ᠢᠨ ᠢ᠋ ᠥᠳᠥᠭᠡᠨ ᠤᠷᠠᠬᠠᠨ ᠳ᠋ᠤ᠌ ᠣᠷᠣᠭᠤᠯᠵᠤ ᠴᠢᠳᠠᠬᠤ ᠲᠡᠷᠢᠭᠦᠨ ᠦ᠌ ᠲᠠᠩᠨᠠᠭᠤᠯ ᠤ᠋ᠨ ᠠᠩᠭᠢ ᠶ᠋ᠢᠨ ᠱᠠᠯᠠᠮᠠᠭᠠᠢ ᠲᠦᠮᠡᠲᠦ ᠶ᠋ᠢᠨ ᠳᠠᠷᠤᠭ᠎ᠠ ᠨᠠᠷ ᠢ᠋ ᠰᠣᠩᠭᠣᠬᠤ ᠬᠡᠷᠡᠭᠲᠡᠢ᠃ ᠬᠥᠶᠦᠭ ᠬᠠᠭᠠᠨ ᠳ᠋ᠵᠢᠬᠠᠩᠭᠢᠷ ᠲᠤ᠌ ᠲᠡᠮᠡᠴᠡᠬᠦ ᠡᠰᠡᠬᠦ ᠶ᠋ᠢ ᠨᠡᠪᠲᠡᠷᠬᠡᠢ ᠲᠣᠯᠢᠯᠠᠭᠴᠢ ᠰᠦᠪᠡᠭᠡᠲᠡᠢ ᠪᠠᠭᠠᠲᠤᠷ ᠰᠢᠢᠳᠪᠦᠷᠢᠯᠡᠭ ! ᠭᠠᠷ ᠨᠢ ᠮᠣᠷᠢᠨ ᠤ᠋ ᠵᠢᠯᠣᠭᠣ ᠳᠡᠢᠯᠬᠦ ᠤᠤ ᠳᠠ? ᠳᠡᠯᠡᠬᠡᠢ  ᠳ᠋ᠠᠬᠢᠨ ᠢ᠋ ᠡᠵᠡᠯᠡᠨ ᠲᠣᠭᠲᠠᠭᠠᠬᠤ ᠶᠡᠬᠡ  ᠴᠡᠷᠢᠭ ᠢ᠋ ᠤᠳᠤᠷᠢᠳᠤᠨ ᠳᠠᠭᠠᠵᠤ ᠴᠢᠳᠠᠬᠤ ᠤᠤ᠂ ᠦᠭᠡᠢ ᠤᠤ? ᠭᠡᠵᠡᠢ᠃
      ᠬᠠᠭᠠᠳ᠂ ᠬᠠᠭᠠᠨ ᠤ᠋ ᠠᠴᠢ ᠨᠠᠷ ᠪᠠᠭ᠎ᠠ ᠵᠡᠷᠭᠡ ᠶ᠋ᠢᠨ ᠤᠳᠤᠷᠢᠳᠤᠭᠴᠢ ᠶ᠋ᠢ ᠰᠣᠩᠭᠣᠬᠤ ᠪᠠᠷ ᠬᠡᠯᠡᠯᠴᠡᠨ ᠲᠣᠭᠲᠠᠬᠤ ᠳ᠋ᠤ᠌ ᠢᠷᠡᠭᠡᠳᠦᠢ ᠶ᠋ᠢᠨ ᠠᠶᠠᠨ ᠲᠡᠢᠨ ᠦ᠌ ᠮᠠᠩᠯᠠᠢ ᠤᠳᠤᠷᠢᠳᠤᠭᠴᠢ ᠡᠪᠦᠭᠡᠨ ᠰᠦᠪᠡᠭᠡᠲᠡᠢ ᠪᠠᠭᠠᠲᠤᠷ ᠭᠡᠷ ᠡᠴᠡ ᠭᠠᠷᠤᠯ ᠦᠭᠡᠢ ᠰᠠᠭᠤᠵᠠᠢ᠃ ᠳᠠᠭᠤ ᠦᠭᠡᠢ ᠬᠠᠷᠠᠭᠤᠯ ᠤ᠋ᠨ ᠲᠣᠷᠭᠤᠳ ᠨᠠᠷ᠂ ᠨᠢᠭᠡ ᠴᠦ᠍ ᠬᠥᠮᠦᠨ ᠢ᠋ ᠣᠷᠣᠭᠤᠯᠬᠤ ᠦᠭᠡᠢ ᠲᠤᠯᠠ ᠠᠯᠤᠰ ᠤ᠋ᠨ ᠭᠦᠨ ᠪᠣᠳᠣᠯᠭᠠᠲᠤ ᠡᠪᠦᠭᠡᠨ ᠶᠠᠭᠤ ᠰᠡᠳᠬᠢᠨ᠂ ᠶᠠᠭᠤ ᠬᠢᠵᠦ ᠪᠠᠢᠭ᠎ᠠ ᠶ᠋ᠢ ᠬᠡᠨ ᠴᠦ᠍ ᠡᠰᠡ ᠮᠡᠳᠡᠯ᠎ᠡ᠃
      ᠰᠦᠪᠡᠭᠡᠲᠡᠢ ᠶ᠋ᠢᠨ ᠭᠡᠷ ᠢ᠋ ᠪᠠᠷᠢᠭᠰᠠᠨ ᠳᠣᠪᠣᠴᠠᠭ ᠲᠣᠯᠣᠭᠠᠢ ᠳᠡᠭᠡᠷ᠎ᠡ ᠪᠠᠢᠭ᠎ᠠ ᠠᠢᠯ ᠵᠡᠷᠭᠡᠯᠡᠭᠡ ᠭᠡᠷ ᠦ᠋ᠳ ᠲᠦ᠍ ᠮᠡᠳᠡᠭᠡᠴᠢᠨ᠂ ᠮᠣᠩᠭᠣᠯ ᠴᠡᠷᠢᠭ ᠦ᠋ᠨ ᠵᠠᠩᠵᠤᠨ᠂ ᠺᠢᠫᠴᠠᠺ ᠨᠣᠶᠠᠳ ᠴᠢᠬᠢᠴᠡᠯᠳᠦᠨ ᠬᠦᠷᠴᠡᠢ᠃ ᠲᠡᠳᠡ ᠂ ᠰᠦᠪᠡᠭᠡᠲᠡᠢ ᠶ᠋ᠢᠨ ᠲᠤᠰᠠᠯᠠᠬᠤ ᠶᠦᠷᠲᠳ᠋ᠵᠢ ᠶ᠋ᠢᠨ ᠳᠡᠷᠭᠡᠳᠡ ᠢᠰᠡᠭᠡᠢ ᠳᠡᠭᠡᠷ᠎ᠡ ᠰᠠᠭᠤᠵᠤ ᠲᠤᠰ ᠲᠤᠰ ᠤ᠋ᠨ ᠡᠷᠢᠶᠡᠨ ᠰᠤᠮᠤ ᠶ᠋ᠢ ᠲᠡᠭᠦᠨ ᠳ᠋ᠦ᠍ ᠥᠭᠭᠦᠯ᠎ᠡ᠃ ᠶᠦᠷᠲᠳ᠋ᠵᠢ᠂ ᠢᠷᠡᠭᠰᠡᠨ ᠬᠠᠳ ᠤ᠋ᠨ ᠵᠠᠷᠢᠮ ᠢ᠋ ᠡᠪᠦᠭᠡᠨ ᠰᠦᠪᠡᠭᠡᠲᠡᠢ ᠲᠡᠢ ᠠᠭᠤᠯᠵᠠᠭᠤᠯᠬᠤ ᠳ᠋ᠤ᠌ ᠭᠠᠭᠴᠠ ᠨᠢᠳᠦ ᠪᠡᠷ ᠢ᠋ᠶ᠋ᠡᠨ ᠰᠢᠷᠳᠡᠵᠦ᠂ ᠦᠭᠡ ᠪᠡᠨ ᠲᠠᠰᠤᠯᠤᠨ ᠶᠠᠷᠢᠯᠴᠠᠬᠤ ᠪᠤᠶᠤ ᠡᠰᠡᠪᠡᠯ《ᠡᠨᠡ ᠬᠡᠷᠡᠭ ᠦᠭᠡᠢ 》 ᠭᠡᠵᠦ ᠪᠤᠷᠤᠭᠤ ᠬᠠᠷᠠᠬᠤ᠂ ᠦᠭᠡᠢ ᠪᠣᠯ ᠵᠤᠤᠪᠠᠩ ᠬᠠᠪᠲᠠᠭᠠᠢ ᠠᠯᠲᠠᠨ ᠫᠠᠢᠰᠠ ᠣᠯᠭᠣᠵᠤ ᠪᠠᠢᠯ᠎ᠠ᠃ ᠫᠠᠢᠰᠠ ᠠᠪᠤᠭᠰᠠᠨ ᠴᠡᠷᠢᠭ ᠦ᠋ᠨ ᠳᠠᠷᠤᠭ᠎ᠠ ᠳ᠋ᠵᠢᠬᠠᠩᠭᠢᠷ ᠲᠤ᠌ ᠪᠦᠷᠢᠨ᠎ᠡ ᠬᠠᠷᠢᠶᠠᠯᠠᠭᠳᠠᠵᠤ᠂ ᠠᠯᠢᠪᠠ ᠲᠤᠰᠢᠶᠠᠯ ᠢ᠋ ᠡᠷᠡᠭᠡᠯᠵᠡᠯᠡᠯ ᠦᠭᠡᠢ ᠭᠦᠢᠴᠡᠳᠬᠡᠨ᠂ ᠲᠡᠢᠨ ᠳ᠋ᠦ᠍ ᠲᠣᠯᠣᠭᠠᠢ ᠪᠠᠨ ᠬᠠᠢᠷᠠᠯᠠᠯ ᠦᠭᠡᠢ ᠵᠢᠳᠬᠦᠨ ᠣᠷᠣᠬᠤ ᠠᠯᠪᠠ ᠲᠠᠢ᠃ ᠨᠢᠭᠡᠨ ᠵᠢᠭᠦᠷ ᠡᠴᠡ ᠨᠥᠭᠦᠭᠡ ᠳ᠋ᠦ᠍ ᠥᠪᠡᠷ ᠦ᠋ᠨ ᠳᠤᠷ᠎ᠠ ᠪᠠᠷ ᠰᠢᠯᠵᠢᠬᠦ ᠶ᠋ᠢ᠂ ᠵᠢᠭᠠᠭ᠎ᠠ ᠦᠭᠡᠢ ᠣᠨᠳᠣᠣ ᠵᠠᠮ ᠢ᠋ᠶ᠋ᠠᠷ ᠵᠣᠷᠴᠢᠬᠤ᠂ ᠡᠰᠡᠪᠡᠯ ᠲᠤᠰᠢᠶᠠᠯ ᠢ᠋ ᠭᠦᠢᠴᠡᠳᠬᠡᠯ ᠦᠭᠡᠢ ᠤᠳᠠᠭᠠᠰᠢᠷᠠᠭᠤᠯᠬᠤ ᠴᠥᠮ ᠬᠣᠷᠢᠭ᠎ᠠ ᠲᠠᠢ ᠪᠥᠭᠡᠳ ᠡᠨᠳᠡᠭᠳᠡᠯ ᠲᠠᠰᠢᠶᠠᠷᠠᠯ ᠭᠠᠷᠪᠠᠯ ᠴᠠᠭᠠᠵᠠᠯᠠᠬᠤ ᠰᠢᠢᠳᠬᠡᠯ ᠪᠣᠢ ᠠᠵᠢ᠃
      ᠬᠠᠳ ᠂ ᠵᠠᠩᠵᠤᠨ ᠤ᠋ ᠠᠪᠴᠢᠷᠠᠬᠤ ᠲᠡᠢᠨ ᠦ᠌ ᠰᠠᠬᠢᠭᠤᠯᠰᠤᠨ ᠤ᠋ ᠡᠷᠢᠶᠡᠨ ᠲᠡᠮᠳᠡᠭ ᠲᠡᠢ ᠰᠤᠮᠤ ᠨᠤᠭᠤᠳ ᠪᠣᠯ ᠮᠢᠩᠭᠠᠨ ᠰᠢᠳᠤᠷᠭᠤ ᠴᠡᠷᠢᠭ ᠦ᠋ᠨ ᠦᠨᠡᠨᠴᠢ ᠶ᠋ᠢ ᠪᠠᠲᠤᠯᠠᠨ ᠢᠯᠡᠷᠬᠡᠢᠯᠡᠬᠦ ᠭᠡᠷᠡᠴᠢ ᠪᠢᠯᠡ᠃ ᠨᠢᠭᠡᠨ ᠮᠢᠩᠭᠠᠳ ᠲᠤ᠌᠂ ᠠᠶᠠᠨ ᠲᠡᠢᠨ ᠳ᠋ᠦ᠍ ᠬᠠᠰᠢᠷᠵᠢᠭᠰᠠᠨ ᠨᠢᠭᠡᠨ ᠮᠣᠩᠭᠣᠯ ᠳᠠᠭᠠᠭᠤᠯᠢ (ᠨᠥᠬᠥᠷ )  ᠶ᠋ᠢ ᠲᠣᠮᠢᠯᠠᠵᠤ᠂ ᠲᠡᠷᠡ ᠨᠢ ᠴᠢᠩᠭᠢᠰ ᠬᠠᠭᠠᠨ ᠤ᠋ ᠵᠠᠷᠯᠠᠭᠰᠠᠨ ᠪᠠᠢᠯᠳᠤᠭᠠᠨ ᠤ᠋ ᠵᠢᠷᠤᠮ ᠢ᠋ ᠴᠢᠩᠭᠠᠳᠠ ᠪᠠᠷᠢᠮᠲᠠᠯᠠᠬᠤ᠂ ᠣᠯᠤᠭᠰᠠᠨ ᠣᠯᠵᠠᠨ ᠤ᠋ ᠲᠠᠪᠤᠨ ᠬᠤᠪᠢ ᠶ᠋ᠢᠨ ᠨᠢᠭᠡ ᠨᠢ ᠳ᠋ᠵᠢᠬᠠᠩᠭᠢᠷ ᠲᠤ᠌ ᠣᠨᠣᠭᠳᠠᠵᠤ᠂ ᠨᠢᠭᠡ ᠬᠤᠪᠢ ᠨᠢ ᠠᠯᠤᠰ ᠮᠣᠩᠭᠣᠯ ᠨᠤᠲᠤᠭ ᠲᠤ᠌ ᠶᠡᠬᠡ ᠡᠵᠡᠨ ᠬᠠᠭᠠᠨ ᠳ᠋ᠤ᠌ ᠬᠦᠷᠭᠡᠭᠳᠡᠬᠦ ᠶ᠋ᠢ ᠬᠢᠨᠠᠨ᠎ᠠ᠃ ᠣᠯᠵᠠ ᠶ᠋ᠢᠨ ᠲᠠᠪᠤᠨ ᠬᠤᠪᠢ ᠶ᠋ᠢᠨ ᠭᠤᠷᠪᠠ ᠶ᠋ᠢ ᠴᠡᠷᠢᠭ ᠲᠦ᠍ ᠦᠯᠡᠳᠡᠭᠡᠳᠡᠭ᠃ ᠮᠣᠩᠭᠣᠯ ᠵᠠᠬᠢᠷᠤᠯ᠂ ᠴᠡᠷᠢᠭ ᠦ᠋ᠨ ᠪᠠᠭ ᠤ᠋ᠳ ᠤ᠋ᠨ ᠬᠣᠭᠣᠷᠣᠨᠳᠣ ᠬᠡᠷᠡᠭᠦᠯ ᠴᠤᠤᠭᠢᠶᠠᠨ᠂ ᠥᠰᠢᠶ᠎ᠡ ᠬᠣᠨᠵᠢᠩ ᠭᠠᠷᠭᠠᠬᠤ ᠦᠭᠡᠢ ᠶ᠋ᠢ ᠪᠣᠯᠭᠣᠮᠵᠢᠯᠠᠨ ᠬᠢᠨᠠᠨ᠎ᠠ᠃ ᠴᠢᠩᠭᠢᠰ ᠬᠠᠭᠠᠨ ᠤ᠋ ᠶᠡᠬᠡ《ᠵᠠᠰᠠᠭ 》 (ᠬᠠᠤᠯᠢ ) ᠲᠤ᠌ ᠪᠢᠴᠢᠭᠳᠡᠭᠰᠡᠨ ᠬᠠᠤᠯᠢ ᠶ᠋ᠢ ᠥᠴᠦᠬᠡᠨ ᠲᠡᠳᠦᠢ ᠵᠥᠷᠢᠴᠡᠪᠡᠯ᠂ ᠨᠡᠩ ᠳᠠᠷᠤᠢ ᠴᠠᠭᠠᠵᠠ ᠪᠠᠷ ᠠᠪᠠᠴᠢᠭᠳᠠᠬᠤ ᠶᠠᠯ᠎ᠠ ᠤᠨᠠᠭᠠᠨ᠎ᠠ᠃
      ᠴᠡᠷᠢᠭ ᠦ᠋ᠳ᠂ ᠠᠶᠠᠨ ᠲᠡᠢᠨ ᠳ᠋ᠦ᠍ ᠥᠪᠡᠷ ᠥᠪᠡᠷᠰᠡᠳ ᠦ᠋ᠨ ᠠᠷᠪᠠᠲᠤ ᠶ᠋ᠢᠨ ᠳᠠᠷᠤᠭ᠎ᠠ ᠵᠠᠭᠤᠲᠤ ᠶ᠋ᠢᠨ ᠳᠠᠷᠤᠭ᠎ᠠ ᠳ᠋ᠤ᠌ ᠵᠠᠬᠢᠷᠤᠭᠳᠠᠨ᠂ ᠲᠤᠰ ᠲᠤᠰ ᠣᠨ ᠠᠷᠪᠠᠲᠤ᠂ ᠵᠠᠭᠤᠲᠤ ᠶ᠋ᠢᠨ ᠬᠠᠮᠲᠤ ᠰᠠᠢᠨ ᠮᠣᠷᠢ᠂ ᠵᠡᠪᠰᠡᠭ ᠲᠡᠢ ᠢᠷᠡᠬᠦ ᠵᠢᠷᠤᠮ ᠲᠠᠢ᠃
      ᠲᠡᠭᠡᠭᠡᠳ ᠪᠥᠬᠡ ᠨᠠᠷ ᠡᠭᠦᠯᠡ ᠶ᠋ᠢᠨ ᠴᠠᠭᠠᠳᠤᠬᠢ ᠪᠤᠷᠬᠠᠳ᠂ ᠴᠢᠭᠤᠯᠭᠠᠨ ᠤ᠋ ᠳᠥᠴᠢᠨ ᠨᠢᠭᠡᠳᠦᠭᠡᠷ ᠥᠯᠵᠡᠢᠲᠦ ᠰᠠᠢᠨ ᠡᠳᠦᠷ ᠠᠶᠠᠨ ᠲᠡᠢᠨ ᠦ᠌ ᠤᠳᠤᠷᠢᠳᠤᠭᠴᠢ ᠳ᠋ᠵᠢᠬᠠᠩᠭᠢᠷ ᠢ᠋ ᠰᠣᠩᠭᠣᠵᠤ ᠪᠣᠯᠤᠨ᠎ᠠ ᠭᠡᠵᠦ ᠵᠥᠪᠰᠢᠶᠡᠷᠡᠪᠡ ᠭᠡᠵᠡᠢ᠃
      ᠲᠡᠷᠡ ᠬᠦᠨᠳᠦᠲᠦ ᠰᠣᠩᠭᠣᠭᠤᠯᠢ ᠳ᠋ᠤ᠌ ᠭᠠᠭᠴᠠᠬᠦ ᠶᠡᠬᠡ ᠰᠤᠷᠪᠤᠯᠵᠢᠲᠤ ᠬᠠᠳ᠂ ᠮᠢᠩᠭᠠᠲᠤ ᠶ᠋ᠢᠨ ᠳᠠᠷᠤᠭ᠎ᠠ ᠨᠠᠷ ᠣᠷᠣᠯᠴᠠᠵᠠᠢ᠃ ᠪᠤᠰᠤᠳ ᠪᠠᠭ᠎ᠠ ᠵᠠᠬᠢᠷᠤᠯ ᠨᠠᠷ ᠬᠠᠳ ᠤ᠋ᠨ ᠰᠢᠢᠳᠪᠦᠷᠢ ᠶ᠋ᠢ ᠬᠦᠯᠢᠶᠡᠨ ᠲᠤᠰ ᠲᠤᠰ ᠤ᠋ᠨ ᠴᠡᠷᠢᠭ ᠦ᠋ᠨ ᠬᠠᠮᠲᠤ《ᠭᠤᠴᠢᠨ ᠪᠠᠭᠠᠲᠤᠷ ᠤ᠋ᠨ ᠪᠤᠯᠠᠰᠢ 》ᠲᠣᠭᠣᠷᠢᠨ ᠲᠠᠯ᠎ᠠ ᠳᠡᠭᠡᠷ᠎ᠡ ᠰᠠᠭᠤᠵᠠᠢ᠃
      ᠪᠠᠶᠠᠨᠳᠧᠷ ᠬᠠᠭᠠᠨ᠂ ᠰᠣᠩᠭᠣᠭᠤᠯᠢ ᠶ᠋ᠢᠨ ᠪᠠᠶᠠᠷ ᠲᠤ᠌ ᠢᠷᠡᠬᠦ ᠪᠡᠷ ᠥᠪᠡᠷ ᠦ᠋ᠨ ᠪᠠᠭᠤᠴᠠ ᠠ᠋ᠴᠠ ᠦᠷ ᠴᠠᠢᠬᠤ ᠶ᠋ᠢᠨ ᠡᠮᠦᠨᠡᠬᠡᠨ ᠮᠣᠷᠳᠠᠵᠤ ᠨᠢᠰᠴᠦ ᠶᠠᠪᠤᠭ᠎ᠠ ᠱᠣᠩᠬᠣᠷ ᠤ᠋ᠨ ᠳᠦᠷᠢᠲᠡᠢ ᠵᠤᠤᠪᠠᠩ ᠠᠯᠲᠠᠨ ᠫᠠᠢᠰᠠ ᠶ᠋ᠢ ᠰᠢᠷ᠎ᠠ ᠣᠭᠣᠰᠣᠷ ᠢ᠋ᠶ᠋ᠠᠷ ᠡᠩᠭᠡᠷ ᠡᠴᠡ ᠵᠡᠭᠦᠵᠡᠢ᠃ ᠡᠨᠡ ᠫᠠᠢᠰᠠ ᠶ᠋ᠢ ᠣᠯᠬᠤ ᠬᠢᠯᠪᠠᠷ ᠪᠢᠰᠢ ᠪᠢᠯᠡ᠃ ᠤᠷᠢᠳᠤ ᠡᠳᠦᠷ ᠨᠢ ᠪᠠᠶᠠᠨᠳᠧᠷ ᠬᠠᠭᠠᠨ᠂ ᠥᠪᠡᠷ ᠦ᠋ᠨ ᠪᠡᠶ᠎ᠡ ᠪᠡᠷ ᠰᠦᠪᠡᠭᠡᠳᠡᠢ ᠪᠠᠭᠠᠲᠤᠷ ᠲᠤ᠌ ᠮᠢᠩᠭᠠᠲᠤ ᠶ᠋ᠢᠨ ᠰᠤᠮᠤ ᠲᠠᠪᠤ ᠶ᠋ᠢ ᠬᠦᠷᠭᠡᠵᠦ ᠥᠭᠬᠦ ᠳ᠋ᠦ᠍ ᠡᠪᠦᠭᠡᠨ ᠵᠠᠩᠵᠤᠨ ᠰᠢᠷ᠎ᠠ ᠬᠠᠢᠷᠴᠠᠭ ᠠ᠋ᠴᠠ ᠠᠯᠲᠠᠨ ᠬᠠᠪᠲᠠᠭᠠᠢᠯᠵᠢ ᠶ᠋ᠢ ᠭᠠᠷᠭᠠᠵᠤ᠄
      — ᠴᠢᠨᠦ ᠲᠠᠪᠤᠨ ᠮᠢᠩᠭᠠᠨ ᠺᠢᠫᠴᠡᠺ ᠵᠢᠬᠢᠲ ᠳᠣᠪᠲᠣᠯᠤᠨ ᠪᠠᠢᠯᠳᠤᠬᠤ ᠳ᠋ᠠᠭᠠᠨ ᠱᠣᠩᠬᠣᠷ ᠢ᠋ ᠳᠠᠭᠠᠷᠢᠬᠤ ᠰᠠᠷᠠᠨ ᠮᠡᠲᠦ᠂ ᠴᠢ ᠥᠪᠡᠷ ᠢ᠋ᠶ᠋ᠡᠨ ᠴᠡᠯᠮᠡᠭ ᠡᠳᠦᠷ ᠦ᠋ᠨ ᠴᠢᠨᠣ᠎ᠠ ᠰᠢᠭ᠋ ᠪᠣᠯᠭᠣᠮᠵᠢ ᠲᠠᠢ᠂ ᠬᠠᠷᠠᠩᠭᠤᠢ ᠰᠥᠨᠢ ᠶ᠋ᠢᠨ ᠬᠡᠷᠢᠶ᠎ᠡ ᠰᠢᠭ ᠲᠡᠪᠴᠢᠶᠡᠷᠢ ᠲᠡᠢ ᠪᠠᠢᠲᠤᠭᠠᠢ! ᠪᠠᠭᠤᠳᠠᠯᠯᠠᠬᠤ᠂ ᠨᠠᠢᠷᠯᠠᠬᠤ᠂ ᠴᠡᠩᠭᠡᠬᠦ ᠳ᠋ᠦ᠍ ᠴᠢᠨᠦ ᠺᠢᠫᠴᠡᠺ ᠦ᠋ᠳ ᠮᠣᠩᠭᠣᠯᠴᠤᠳ ᠲᠠᠢ ᠡᠪ ᠨᠠᠢᠷᠠᠮᠳᠠᠯ ᠲᠠᠢ ᠭᠤᠷᠪᠠᠨ ᠰᠠᠷᠠᠲᠠᠢ ᠲᠤᠭᠤᠯ ᠰᠢᠭ᠋ ᠭᠡᠮ ᠵᠠᠮ ᠦᠭᠡᠢ ᠪᠠᠢᠲᠤᠭᠠᠢ! ᠴᠢᠨᠦ ᠺᠢᠫᠴᠡᠺ ᠦ᠋ᠳ ᠦ᠋ᠨ ᠵᠣᠷᠢᠭ ᠴᠢᠳᠠᠯ᠂ ᠦᠨᠡᠨᠴᠢ ᠶ᠋ᠢ ᠪᠢ ᠲᠡᠢᠨ ᠳ᠋ᠦ᠍ ᠲᠤᠷᠰᠢᠨ ᠦᠵᠡᠨ᠎ᠡ ᠭᠡᠯ᠎ᠡ᠃
      ᠪᠠᠶᠠᠨᠳᠧᠷ ᠬᠠᠭᠠᠨ ᠤ᠋ ᠪᠠᠷ᠎ᠠ ᠪᠣᠯᠤᠭᠴᠢᠳ ᠦᠯᠡᠮᠵᠢ ᠣᠯᠠᠨ᠂ ᠬᠡᠳᠦᠨ ᠵᠠᠭᠤᠨ ᠲᠣᠷᠭᠠᠨ ᠳᠡᠪᠡᠯ ᠴᠠᠭᠠᠨ ᠬᠤᠷᠠᠭᠠᠨ ᠮᠠᠯᠠᠭᠠᠢ ᠲᠠᠢ ᠬᠡᠳᠦᠨ ᠵᠠᠭᠤᠨ ᠵᠢᠬᠢᠲ ᠣᠪᠣᠭᠠᠨ ᠤ᠋ ᠪᠠᠯ ᠳ᠋ᠤ᠌ ᠬᠦᠷᠲᠡᠯ᠎ᠡ ᠴᠤᠪᠤᠷᠠᠨ ᠳᠠᠭᠠᠵᠠᠢ᠃ ᠳᠡᠭᠡᠳᠦ ᠬᠦᠨᠳᠦᠲᠦ ᠴᠡᠷᠢᠭ ᠦ᠋ᠨ ᠵᠠᠬᠢᠷᠤᠯ ᠤ᠋ᠳ ᠮᠣᠷᠢᠨ ᠠ᠋ᠴᠠ ᠪᠠᠭᠤᠨ ᠣᠪᠣᠭ᠎ᠠ ᠥᠭᠡᠳᠡ ᠭᠠᠷᠴᠤ᠂ ᠪᠤᠰᠤᠳ ᠨᠢ ᠬᠣᠯᠠᠬᠠᠨ ᠬᠦᠯᠢᠶᠡᠯ᠎ᠡ᠃
      ᠪᠠᠶᠠᠨᠳ᠋ᠸᠷ ᠬᠠᠭᠠᠨ ᠤ᠋ ᠬᠣᠢᠨ᠎ᠠ ᠠ᠋ᠴᠠ ᠶᠠᠪᠤᠭᠰᠠᠨ ᠰᠢᠭᠰᠢᠮᠡᠯ ᠴᠡᠷᠢᠭ ᠦ᠋ᠨ ᠳᠣᠲᠣᠷ᠎ᠠ ᠶᠡᠬᠡ ᠪᠤᠭᠤᠷᠤᠯ ᠬᠠᠲᠤᠨ ᠶᠠᠪᠤᠵᠤ ᠪᠢᠯᠡ᠃ ᠲᠡᠭᠦᠨ ᠦ᠌ ᠲᠣᠷᠭᠠᠨ ᠬᠤᠪᠴᠠᠰᠤᠨ ᠤ᠋ ᠨᠠᠮᠢᠷᠠᠭᠰᠠᠨ ᠨᠢ ᠮᠣᠷᠢᠨ ᠤ᠋ ᠨᠢᠷᠤᠭᠤ ᠶ᠋ᠢ ᠳᠡᠯ ᠡᠴᠡ ᠡᠬᠢᠯᠡᠨ ᠰᠡᠭᠦᠯ ᠬᠦᠷᠲᠡᠯ᠎ᠡ ᠪᠦᠲᠡᠭᠡᠵᠡᠢ᠃ ᠪᠠᠭ᠎ᠠ ᠬᠠᠲᠤᠳ᠂ ᠰᠢᠪᠡᠭᠴᠢᠨ ᠥᠬᠢᠳ ᠲᠦᠰᠢᠵᠦ ᠮᠣᠷᠢᠨ ᠠ᠋ᠴᠠ ᠪᠠᠭᠤᠯᠭᠠᠪᠠ᠃ ᠬᠠᠲᠤᠨ᠂ ᠡᠪᠦᠭᠡᠨ ᠲᠣᠷᠭᠠᠨ ᠬᠤᠪᠴᠠᠰᠤ ᠪᠠᠨ ᠰᠦᠷ ᠰᠡᠷ ᠬᠢᠯᠭᠡᠨ ᠠᠭᠠᠬᠢᠯᠠᠭᠰᠠᠭᠠᠷ ᠣᠪᠣᠭᠠᠨ ᠤ᠋ ᠣᠷᠣᠢ ᠳᠡᠭᠡᠷ᠎ᠡ ᠭᠠᠷᠪᠠ᠃ ᠵᠠᠰᠠᠭᠤᠯ ᠨᠠᠷ ᠬᠠᠭᠠᠨ ᠤ᠋ ᠠᠯᠲᠠᠨ ᠰᠢᠷᠡᠭᠡ ᠶ᠋ᠢ ᠲᠣᠭᠣᠷᠢᠭᠤᠯᠬᠤ ᠳ᠋ᠠᠭᠠᠨ ᠡᠮᠦᠨ᠎ᠡ ᠨᠢ ᠳᠡᠪᠢᠰᠦᠭᠰᠡᠨ ᠠᠷᠢᠭᠤᠨ ᠡᠷᠢᠶᠡᠨ ᠬᠡᠪᠢᠰ ᠳᠡᠭᠡᠷ᠎ᠡ ᠬᠡᠰᠭᠢᠵᠦ ᠦᠯᠦ ᠪᠣᠯᠬᠤ ᠶ᠋ᠢ ᠵᠠᠬᠢᠯ᠎ᠠ᠃ ᠬᠠᠲᠤᠨ᠂ ᠬᠠᠭᠠᠨ ᠤ᠋ ᠰᠢᠷᠡᠭᠡᠨ ᠦ᠌ ᠵᠡᠭᠦᠨ ᠡᠲᠡᠭᠡᠳ ᠲᠦ᠍᠂ ᠪᠤᠰᠤᠳ ᠺᠢᠫᠴᠠᠺ᠂ ᠬᠠᠭᠠᠳ ᠤ᠋ᠨ ᠭᠣᠶᠣᠮᠰᠣᠭ ᠬᠤᠪᠴᠠᠰᠤ ᠲᠠᠢ ᠪᠦᠳᠦᠭᠦᠨ ᠠᠪᠠᠬᠠᠢ ᠨᠠᠷ ᠤ᠋ᠨ ᠳᠤᠮᠳᠠ ᠰᠠᠭᠤᠪᠠ᠃ ᠲᠡᠳᠡᠨ ᠦ᠌ ᠨᠢᠭᠤᠷ ᠪᠤᠯᠲᠤ ᠰᠠᠭᠰᠠᠭᠠᠷ ᠴᠠᠭᠠᠨ ᠥᠳᠥ ᠲᠡᠢ ᠠᠰᠤᠷᠤ ᠲᠣᠮᠣ ᠳᠥᠷᠪᠡᠨ ᠪᠣᠭᠣᠯᠲᠠ ᠶ᠋ᠢᠨ ᠳᠣᠣᠷ᠎ᠠ ᠬᠠᠯᠬᠠᠯᠠᠭ᠎ᠠ ᠲᠠᠢ᠃
       ᠬᠥᠭᠰᠢᠨ ᠬᠠᠲᠤᠨ ᠤ᠋ ᠬᠣᠢᠨ᠎ᠠ ᠠ᠋ᠴᠠ ᠪᠠᠶᠠᠨᠳ᠋ᠸᠷ ᠬᠠᠭᠠᠨ ᠤ᠋ ᠬᠣᠶᠠᠷ ᠪᠣᠷᠣ ᠥᠬᠢᠨ ᠪᠦᠯᠲᠡᠩᠨᠡᠨ᠂ ᠴᠣᠭᠲᠠᠢ ᠰᠡᠷᠭᠦᠯᠡᠩ ᠥᠩᠭᠡᠷᠡᠪᠡ᠃ ᠡᠨᠡ ᠬᠣᠶᠠᠷ ᠨᠠᠷᠢᠨ ᠪᠡᠶᠡᠲᠡᠢ᠂ ᠪᠢᠴᠢᠬᠠᠨ ᠺᠢᠨᠵᠢᠭᠠᠯ ᠵᠡᠭᠦᠯᠲᠡ ᠲᠡᠢ ᠠᠯᠲᠠᠨ ᠪᠦᠰᠡ ᠪᠦᠰᠡᠯᠡᠵᠡᠢ᠃ ᠣᠯᠠᠨ ᠤ᠋ ᠳᠤᠮᠳᠠ ᠳ᠋ᠵᠢᠬᠠᠩᠬᠢᠷ ᠤ᠋ᠨ ᠬᠠᠲᠤᠨ ᠪᠣᠯᠬᠤ ᠥᠬᠢᠳ ᠪᠠᠢᠨ᠎ᠠ᠃ ᠡᠳᠡᠨ ᠢ᠋ ᠪᠠᠶᠠᠨᠳ᠋ᠸᠷ᠂ ᠬᠠᠭᠠᠨ ( ᠳ᠋ᠤ᠌ ) ᠦᠵᠡᠭᠦᠯᠬᠦ ᠪᠡᠷ ᠠᠪᠴᠢᠷᠠᠵᠠᠢ᠃ ᠡᠢᠮᠦ ᠣᠯᠠᠨ ᠰᠠᠢᠬᠠᠨ ᠥᠬᠢᠳ ᠲᠡᠢ ᠪᠠᠶᠠᠨᠳ᠋ᠸᠷ ᠬᠠᠭᠠᠨ ᠶᠠᠭᠠᠬᠢᠭᠰᠠᠨ ᠵᠠᠶᠠᠭ᠎ᠠ ᠲᠠᠢ ᠬᠥᠮᠦᠨ ᠪᠣᠢ? ᠮᠣᠩᠭᠣᠯ ᠤ᠋ᠨ ᠬᠠᠭᠠᠨ ᠡᠭᠦᠨ ᠦ᠌ ᠬᠦᠷᠭᠡᠨ ᠨᠢ ᠪᠣᠯᠤᠨ᠎ᠠ ᠳ᠋ᠠ᠃

    ᠦᠰᠦᠭ ᠠᠮᠢᠯᠠᠭᠤᠯᠤᠭᠴᠢ᠄ ᠪᠠᠯ᠂ ᠵᠢᠩᠯᠢᠬᠤᠸᠠᠷ᠂ ᠪᠠᠶᠠᠨᠴᠡᠴᠡᠭ᠂ ᠠᠷᠢᠭᠤᠨ
    ᠬᠢᠨᠠᠭᠴᠢ᠄ ᠠᠷᠢᠭᠤᠨ᠂ ᠠᠯᠲᠠᠨᠴᠢᠮᠡᠭ