ᠪᠠᠲᠤ ᠬᠠᠭᠠᠨ 1-19 ᠪᠠᠢᠯᠳᠤᠨ ᠳᠠᠭᠠᠭᠤᠯᠤᠭᠴᠢᠳ ᠤ᠋ᠨ ᠬᠦᠰᠡᠯ-Bat khaan Бат хаан-ᠷᠣᠮᠠᠨ
ᠠᠷᠪᠠ ᠶᠢᠰᠦ ᠪᠠᠢᠯᠳᠤᠨ ᠳᠠᠭᠠᠭᠤᠯᠤᠭᠴᠢᠳ ᠤ᠋ᠨ ᠬᠦᠰᠡᠯ
ᠦᠬᠦᠯ ᠢ᠋ ᠠᠪᠴᠢᠷᠠᠭᠴᠢ ᠴᠢᠩᠭᠢᠰ ᠬᠠᠭᠠᠨ ᠤ᠋ ᠬᠥᠪᠡᠭᠦᠨ ᠪᠢᠳᠡ ᠤᠯᠤᠰ ᠠᠮᠢᠲᠠᠨ ᠳ᠋ᠤ᠌ ᠠᠶᠤᠯ ᠭᠠᠯ ᠢ᠋ ᠤᠴᠠᠷᠠᠭᠤᠯᠤᠨ᠎ᠠ᠃
(ᠡᠷᠲᠡᠨ ᠦ᠌ ᠮᠣᠩᠭᠣᠯ ᠳᠠᠭᠤᠤ ᠠ᠋ᠴᠠ)
ᠶᠡᠬᠡ ᠵᠠᠩᠵᠤᠨ ᠰᠥᠪᠡᠭᠡᠳᠡᠢ ᠪᠠᠭᠠᠲᠤᠷ ᠤ᠋ᠨ ᠭᠡᠷ ᠲᠦ᠍ ᠣᠳᠬᠤ ᠭᠡᠰᠡᠨ ᠳ᠋ᠵᠢᠬᠢᠲ ᠶᠠᠪᠤᠭᠤᠯ ᠤ᠋ᠨ ᠬᠥᠮᠦᠰ ᠢ᠋ ᠮᠣᠩᠭᠣᠯ ᠤ᠋ᠨ ᠪᠣᠭᠣᠮᠲᠠᠨ ᠤ᠋ ᠴᠡᠷᠢᠭ ᠭᠠᠢᠬᠠᠨ ᠥᠩᠭᠡᠷᠡᠭᠦᠯᠪᠡ᠃ ᠲᠦᠷᠦᠭᠦᠨ ᠳ᠋ᠦ᠍ᠨᠢ ᠮᠸᠺᠺ ᠦ᠋ᠨ ᠮᠥᠷᠭᠥᠯᠴᠢᠨ ᠦ᠌ ᠴᠠᠭᠠᠨ ᠳᠠᠷᠤᠭᠤᠯᠭ᠎ᠠ ᠲᠠᠢ ᠥᠨᠳᠥᠷ ᠪᠦᠷᠬᠦᠨ ᠮᠠᠯᠠᠭᠠᠢ ᠡᠮᠦᠰᠦᠭᠰᠡᠨ ᠲᠤᠷᠠᠩᠬᠠᠢ ᠳ᠋ᠸᠷᠸᠢᠱ ᠶᠠᠪᠤᠵᠠᠢ᠃ ᠬᠡᠷᠪᠡ ᠠᠯᠲᠠᠨ ᠬᠥᠪᠡᠭᠡ ᠲᠡᠢ ᠪᠠᠳᠮᠠᠷᠠᠭ᠎ᠠ ᠲᠣᠪᠴᠢᠲᠤ ᠥᠷᠭᠡᠨ ᠬᠥᠬᠡ ᠲᠣᠷᠭᠠᠨ ᠳᠡᠪᠡᠯ ᠡᠮᠦᠰᠦᠭᠰᠡᠨ ᠦᠭᠡᠢ ᠪᠣᠯ ᠲᠡᠭᠦᠨ ᠢ᠋ ᠶᠡᠷᠦᠳᠡ ᠶ᠋ᠢᠨ ᠲᠡᠨᠦᠭᠦᠯ ᠭᠤᠢᠯᠢᠨᠴᠢ ᠭᠡᠵᠦ ᠪᠣᠯᠬᠤ ᠪᠢᠯᠡ᠃ ᠮᠥᠷᠦᠨ ᠳᠡᠭᠡᠭᠦᠷ ᠢ᠋ᠶ᠋ᠡᠨ ᠲᠣᠬᠣᠭᠰᠠᠨ ᠪᠣᠭᠴᠣ ᠳᠣᠲᠣᠷ᠎ᠠ ᠨᠢ ᠵᠡᠰ ᠲᠣᠪᠴᠢᠳᠠᠢ ᠬᠥᠳᠥᠰᠦᠨ ᠪᠠᠷᠢᠮᠲᠠᠭ ᠲᠠᠢ ᠰᠤᠳᠤᠷ ᠴᠤᠬᠤᠢᠵᠠᠢ᠃ ᠭᠠᠷ ᠲᠠᠭᠠᠨ ᠤᠷᠲᠤ ᠲᠠᠶᠠᠭ ᠪᠦᠳᠦᠭᠦᠨ ᠯᠡ ᠲᠡᠢ ᠬᠤᠯᠤᠰᠤᠨ ᠰᠦᠯᠵᠢᠮᠡᠯ ᠳ᠋ᠧᠩᠯᠦ ᠪᠠᠷᠢᠵᠠᠢ᠃
ᠳ᠋ᠸᠷᠸᠢᠱ ᠦ᠋ᠨ ᠬᠣᠢᠨ᠎ᠠ ᠠ᠋ᠴᠠ ᠪᠥᠰᠡᠨ ᠳ᠋ᠡᠭᠡᠨ ᠲᠠᠬᠢᠷ ᠰᠡᠯᠡᠮ᠎ᠡ ᠵᠡᠭᠦᠭᠰᠡᠨ ᠢᠮᠠᠭᠠᠨ ᠳᠡᠪᠡᠯ ᠲᠡᠢ ᠡᠪᠦᠭᠡᠨ᠂ ᠲᠡᠭᠦᠨ ᠦ᠌ ᠬᠣᠢᠨ᠎ᠠ ᠠ᠋ᠴᠠ ᠪᠢᠴᠢᠬᠠᠨ ᠪᠣᠷᠣ ᠮᠣᠷᠢ ᠲᠠᠢ ᠵᠠᠯᠠᠭᠤ ᠬᠡᠯᠡᠮᠦᠷᠴᠢ ᠂ ᠬᠣᠶᠠᠷ ᠮᠣᠩᠭᠣᠯ ᠳᠠᠭᠠᠭᠤᠯᠢ ᠭᠤᠷᠪᠠᠭᠤᠯᠠ ᠪᠠᠨ ᠵᠡᠷᠭᠡᠴᠡᠨ ᠶᠠᠪᠤᠵᠤ᠂ ᠬᠣᠶᠠᠷ ᠮᠣᠩᠭᠣᠯ ᠨᠢ ᠤᠶᠠᠩᠭ᠎ᠠ ᠲᠠᠢ ᠳᠠᠭᠤᠤ ᠶ᠋ᠢ ᠵᠣᠭᠰᠣᠯᠲᠠ ᠦᠭᠡᠢ ᠳᠠᠭᠤᠯᠠᠵᠤ ᠪᠠᠢᠯ᠎ᠠ᠃ ᠪᠣᠭᠣᠮᠲᠠ ᠳ᠋ᠤ᠌ ᠣᠢᠷᠠᠲᠤᠮᠠᠭᠴᠠ᠂《ᠠᠩᠬᠠᠷᠤᠭᠲᠤᠨ᠂ ᠳᠠᠭᠠᠭᠲᠤᠨ 》ᠭᠡᠵᠦ ᠬᠠᠰᠬᠢᠷᠤᠭᠠᠳ᠂ ᠤᠷᠲᠤ ᠳᠠᠭᠤᠤ ᠪᠠᠨ ᠳᠠᠬᠢᠨ ᠳᠠᠭᠤᠯᠠᠪᠠ᠃ ᠳ᠋ᠸᠷᠸᠢᠱ ᠬᠠᠷᠠᠭᠤᠯ ᠤ᠋ᠨ ᠳᠡᠷᠭᠡᠳᠡ ᠣᠴᠢᠮᠠᠭᠴᠠ᠂ ᠪᠦᠷᠬᠦᠨ ᠮᠠᠯᠠᠭᠠᠢ ᠪᠠᠨ ᠠᠷᠤ ᠰᠢᠯᠢ ᠤᠷᠤᠭᠤ ᠪᠠᠨ ᠪᠣᠯᠭᠠᠬᠤ ᠳ᠋ᠤ᠌᠂ ᠮᠠᠩᠨᠠᠢ ᠳᠡᠭᠡᠷ᠎ᠡ ᠨᠢ ᠨᠢᠰᠴᠦ ᠪᠠᠢᠭ᠎ᠠ ᠱᠣᠩᠬᠣᠷ ᠤ᠋ᠨ ᠳᠦᠷᠰᠦ ᠲᠡᠢ ᠵᠤᠤᠪᠠᠩ ᠠᠯᠲᠠᠨ ᠫᠠᠢᠽᠠ ᠭᠢᠯᠠᠯᠵᠠᠪᠠ᠃
ᠬᠠᠷᠠᠭᠤᠯ ᠠᠮᠠ ᠪᠠᠨ ᠠᠩᠭᠠᠢᠨ ᠬᠠᠷᠠᠵᠤ ᠬᠣᠢᠨ᠎ᠠ ᠠ᠋ᠴᠠ ᠨᠢ᠂
— ᠥᠪᠡᠷ ᠲᠡᠢ ᠨᠢ ᠠᠭᠤᠯᠵᠠᠬᠤ ᠤᠤ? ᠭᠡᠬᠦ ᠳ᠋ᠦ᠍᠂
— ᠥᠭᠡᠷ᠎ᠡ ᠬᠡᠨ ᠲᠡᠢ ᠪᠠᠢᠬᠤ ᠪᠢᠯᠡ! ᠭᠡᠪᠡ᠃
ᠳ᠋ᠧᠷᠸᠢᠱ᠂ ᠵᠠᠩᠵᠤᠨ ᠰᠦᠪᠡᠭᠡᠳᠡᠢ ᠪᠠᠭᠠᠲᠤᠷ ᠤ᠋ᠨ ᠭᠡᠷ ᠦ᠋ᠨ ᠳᠡᠷᠭᠡᠳᠡ ᠵᠣᠭᠰᠣᠪᠠ᠃
ᠬᠣᠶᠠᠷ ᠲᠣᠮᠣ ᠰᠢᠷ᠎ᠠ ᠨᠣᠬᠠᠢ ᠭᠢᠨᠵᠢ ᠪᠡᠨ ᠬᠠᠩᠭᠢᠨᠠᠭᠤᠯᠤᠨ᠂ ᠬᠦᠷᠬᠢᠷᠡᠨ ᠬᠤᠴᠠᠵᠤ ᠳᠣᠣᠷ᠎ᠠ ᠪᠠᠨ ᠴᠣᠪᠬᠣᠴᠢᠯᠠ᠃
ᠳ᠋ᠧᠷᠸᠢᠱ᠂ ᠲᠠᠶᠠᠭ ᠢ᠋ ᠲᠤᠯᠵᠤ ᠤᠳᠠᠲᠠᠯ᠎ᠠ ᠪᠣᠳᠣᠯᠬᠢᠯᠠᠨ ᠵᠣᠭᠰᠣᠬᠤ ᠳ᠋ᠤ᠌᠂ ᠬᠥᠮᠦᠨ ᠭᠡᠷ ᠳᠣᠲᠣᠷ᠎ᠠ ᠠ᠋ᠴᠠ᠂
— ᠪᠠᠭᠰᠢ ᠣᠷᠣᠲᠤᠭᠠᠢ! ᠭᠡᠵᠦ ᠳᠠᠭᠤᠳᠠᠪᠠ᠃
ᠵᠡᠷᠭᠡᠴᠡᠨ ᠵᠣᠭᠰᠣᠭᠰᠠᠨ ᠬᠠᠷᠠᠭᠤᠯ ᠤ᠋ᠨ ᠬᠥᠮᠦᠨ᠂ ᠦᠯᠦ ᠬᠥᠳᠡᠯᠦᠭᠴᠢ ᠳ᠋ᠧᠷᠸᠢᠱ ᠢ᠋ ᠵᠢᠳᠠ ᠪᠠᠷ ᠲᠦᠯᠬᠢᠨ᠂ ᠡᠭᠦᠳᠡᠨ ᠦ᠌ ᠵᠦᠭ ᠳᠣᠬᠢᠪᠠ᠃
ᠭᠡᠷ ᠲᠦ᠍ ᠬᠡᠪᠢᠰᠦᠨ ᠳᠡᠭᠡᠷ᠎ᠡ ᠴᠡᠷᠢᠭ ᠦ᠋ᠨ ᠬᠡᠳᠦᠨ ᠵᠠᠬᠢᠷᠤᠯ ᠰᠠᠭᠤᠵᠤ᠂ ᠠᠭᠤᠯᠠ ᠮᠥᠷᠡᠨ ᠢ᠋ ᠵᠢᠷᠤᠭᠰᠠᠨ ᠲᠡᠮᠳᠡᠭ᠂ ᠱᠤᠭᠤᠮ᠂ ᠬᠣᠲᠠ ᠶ᠋ᠢᠨ ᠨᠡᠷ᠎ᠡ ᠪᠦᠬᠦᠢ ᠪᠢᠴᠢᠬᠠᠨ ᠳᠤᠭᠤᠢ ᠵᠢᠷᠤᠭᠰᠠᠨ ᠲᠥᠭᠥᠷᠢᠭ ᠫᠸᠷᠭᠠᠮᠸᠨ᠋ᠲ ᠴᠠᠭᠠᠰᠤᠨ ᠤ᠋ ᠳᠡᠭᠡᠷ᠎ᠡ ᠡᠴᠡ ᠥᠩᠭᠡᠢᠨ ᠦᠵᠡᠵᠦ ᠪᠠᠢᠵᠠᠢ᠃
ᠪᠦᠳᠦᠭᠦᠨ ᠪᠥᠭᠲᠥᠷ ᠰᠥᠪᠡᠭᠡᠳᠡᠢ ᠪᠠᠭᠠᠲᠤᠷ᠂ ᠭᠠᠩᠳᠠᠭᠰᠠᠨ ᠨᠢᠭᠤᠷ ᠢ᠋ᠶ᠋ᠠᠨ ᠳᠡᠭᠡᠭᠰᠢ ᠪᠣᠯᠭᠠᠨ ᠳ᠋ᠧᠷᠸᠢᠱ ᠦ᠋ᠨ ᠵᠦᠭ ᠪᠦᠯᠲᠡᠭᠡᠷ ᠭᠠᠭᠴᠠ ᠨᠢᠳᠦ ᠪᠡᠷ ᠢ᠋ᠶ᠋ᠡᠨ ᠭ᠌ᠱᠠᠨ ᠵᠠᠭᠤᠷ᠎ᠠ ᠬᠠᠷᠠᠭᠠᠳ᠂ ᠳᠠᠬᠢᠨ ᠫᠸᠷᠭᠠᠮᠸᠨ᠋ᠲ ᠤᠷᠤᠭᠤ ᠪᠥᠬᠥᠢᠵᠦ᠂ ᠪᠣᠭᠣᠨᠢᠬᠠᠨ ᠴᠣᠬᠣᠷ ᠬᠤᠷᠤᠭᠤ ᠪᠠᠷ ᠬᠠᠳᠬᠤᠯᠠᠨ ᠪᠠᠢᠪᠠ᠃
— ᠲᠠ ᠬᠠᠷᠠᠭᠲᠤᠨ᠂ ᠰᠢᠬ᠌ᠨᠡᠺ ᠡᠴᠡ ᠶᠡᠬᠡ ᠢᠵᠢᠯ ᠮᠥᠷᠡᠨ ᠢ᠋ ᠬᠦᠷᠲᠡᠯ᠎ᠡ ᠵᠢᠩᠴᠢᠨ ᠦ᠌ ᠳᠥᠴᠢᠨ ᠬᠣᠨᠣᠭ ᠤ᠋ᠨ ᠭᠠᠵᠠᠷ ᠪᠣᠢ᠃ ᠬᠠᠷᠢᠨ ᠪᠢᠳᠡ ᠬᠣᠶᠠᠷ ᠠ᠋ᠴᠠ ᠭᠤᠷᠪᠠᠨ ᠬᠤᠪᠢ ᠤᠳᠠᠭᠠᠨ ᠶᠠᠪᠤᠨ᠎ᠠ᠃ ᠳ᠋ᠵᠢᠬᠠᠩᠭᠢᠷ ᠢ᠋ ᠰᠣᠩᠭᠣᠮᠠᠭᠴᠠ᠂ ᠴᠡᠷᠢᠭ ᠬᠥᠳᠡᠯᠦᠨ᠎ᠡ ᠭᠡᠬᠦ ᠳ᠋ᠦ᠍ ᠮᠣᠩᠭᠣᠯᠴᠤᠳ᠄
— ᠪᠢᠳᠡᠨ ᠢ᠋ ᠡᠭᠦᠯᠡᠨ ᠦ᠌ ᠴᠢᠨᠠᠳᠤᠬᠢ ᠰᠠᠬᠢᠭᠤᠰᠤ ᠥᠷᠥᠰᠢᠶᠡᠲᠦᠭᠡᠢ! ᠭᠡᠵᠦ ᠳᠠᠭᠤᠳᠠᠵᠤ ᠪᠣᠰᠤᠭᠠᠳ ᠭᠠᠷ ᠢ᠋ᠶ᠋ᠠᠷ ᠴᠡᠭᠡᠵᠢᠨ ᠦ᠌ ᠪᠡᠨ ᠲᠤᠰᠢᠶ᠎ᠠ ᠳᠠᠷᠤᠵᠤ᠂ ᠴᠤᠪᠤᠨ ᠭᠠᠷᠴᠤ ᠣᠳᠤᠯ᠎ᠠ᠃
ᠰᠥᠪᠡᠭᠡᠳᠡᠢ ᠪᠠᠭᠠᠲᠤᠷ᠂ ᠬᠡᠪᠢᠰᠦᠨ ᠳᠡᠭᠡᠷ᠎ᠡ ᠭᠠᠭᠴᠠᠭᠠᠷ ᠢ᠋ᠶ᠋ᠠᠨ ᠬᠣᠴᠣᠷᠪᠠ᠃
ᠳ᠋ᠸᠷᠸᠢᠱ ᠦ᠋ᠨ ᠳᠠᠯᠳᠠ ᠪᠣᠳᠣᠯ ᠢ᠋ ᠨᠡᠪᠲᠡ ᠦᠵᠡᠬᠦ ᠭᠡᠰᠡᠨ ᠰᠢᠭ ᠨᠢᠳᠦ ᠪᠡᠨ ᠣᠨᠢᠯᠭᠠᠵᠤ ᠬᠠᠷᠠᠪᠠ᠃ ᠬᠠᠳ᠋ᠵᠢ ᠷᠠᠾᠢᠮ᠂ ᠳᠠᠢᠰᠤᠨ ᠢ᠋ ᠳᠠᠷᠤᠬᠤ᠂ ᠡᠩ ᠦ᠋ᠨ ᠨᠣᠮᠣᠬᠠᠨ ᠬᠣᠲᠠ ᠶ᠋ᠢ ᠪᠠᠯᠠᠯᠬᠤ ᠳ᠋ᠠᠭᠠᠨ ᠬᠠᠢᠷ᠎ᠠ ᠭᠠᠮ ᠦᠭᠡᠢ᠂ ᠬᠠᠷᠭᠢᠰ ᠰᠢᠷᠦᠭᠦᠨ ᠢ᠋ᠶ᠋ᠡᠷ ᠢ᠋ᠶ᠋ᠡᠨ ᠴᠤᠤᠲᠠᠢ ᠪᠣᠯᠵᠤ ᠢᠯᠠᠯᠲᠠ ᠪᠠᠷ ᠠᠯᠳᠠᠷᠰᠢᠭᠰᠠᠨ ᠴᠡᠷᠢᠭ ᠦ᠋ᠨ ᠵᠠᠩᠵᠤᠨ ᠤ᠋ ᠬᠠᠷᠠᠴᠠ ᠶ᠋ᠢ ᠬᠦᠯᠢᠴᠡᠨ᠂ ᠳᠠᠯᠳᠢᠷᠠᠯ ᠦᠭᠡᠢ ᠵᠣᠭᠰᠣᠵᠠᠢ᠃
— ᠴᠢᠮᠠᠶ᠋ᠢ ᠶᠡᠬᠡ ᠶᠠᠭᠤᠮ᠎ᠠ ᠮᠡᠳᠡᠳᠡᠭ ᠭᠡᠵᠦ ᠰᠣᠨᠣᠰᠤᠯ᠎ᠠ ᠭᠡᠬᠦ ᠳ᠋ᠦ᠍ ᠬᠠᠳ᠋ᠵᠢ ᠷᠢᠾᠢᠮ᠂
— ᠪᠦᠬᠦ ᠨᠠᠰᠤᠨ ᠲᠤᠷᠰᠢ ᠰᠤᠳᠤᠯᠵᠤ ᠪᠠᠢᠭ᠎ᠠ ᠪᠣᠯᠪᠠᠴᠤ ᠶᠢᠷᠲᠢᠨᠴᠦ ᠶ᠋ᠢᠨ ᠬᠡᠲᠦᠷᠬᠡᠢ ᠮᠡᠷᠭᠡᠨ ᠪᠢᠯᠢᠭ ᠦ᠋ᠨ ᠵᠥᠪᠬᠡᠨ ᠬᠤᠮᠠᠬᠢ ᠶ᠋ᠢᠨ ᠴᠢᠨᠡᠭᠡ ᠶ᠋ᠢ ᠮᠡᠳᠡᠨ᠎ᠡ᠃
ᠰᠥᠪᠡᠭᠡᠳᠡᠢ ᠴᠠᠰᠢ ᠥᠭᠦᠯᠡᠬᠦ ᠳ᠋ᠡᠭᠡᠨ᠄
—ᠮᠢᠨᠦ ᠠᠰᠠᠷᠠᠮᠠᠯ ᠬᠦᠦ ᠶ᠋ᠢᠨ ᠠᠩᠬᠠᠨ ᠤ᠋ ᠪᠠᠭᠰᠢ ᠠᠵᠢ᠃ ᠪᠢ ᠲᠡᠭᠦᠨ ᠢ᠋ ᠠᠷᠪᠠᠨ ᠵᠢᠯ ᠦ᠋ᠨ ᠲᠤᠷᠰᠢ᠂ ᠣᠯᠠᠨ ᠤᠯᠤᠰ ᠤ᠋ᠨ ᠭᠠᠵᠠᠷ ᠨᠤᠲᠤᠭ ᠢ᠋ᠶ᠋ᠠᠷ ᠠᠪᠴᠤ ᠶᠠᠪᠤᠪᠠ᠃ ᠴᠡᠷᠢᠭ ᠬᠢᠭᠡᠳ ᠵᠠᠩᠵᠤᠨ ᠪᠣᠯᠬᠤ ᠭᠡᠵᠦ ᠲᠡᠷᠡ᠂ ᠮᠣᠷᠢ ᠤᠨᠤᠵᠤ ᠰᠤᠷᠤᠯ᠎ᠠ᠃
—ᠴᠢ ᠰᠣᠨᠣᠰᠤᠭ᠎ᠠ ᠤᠤ?
—ᠣᠳᠣ ᠰᠣᠨᠣᠰᠤᠯ᠎ᠠ᠃
— ᠪᠢ ᠲᠡᠭᠦᠨ ᠢ᠋ᠶ᠋ᠡᠷ ᠡᠪᠦᠭᠡ ᠡᠴᠢᠭᠡ ᠪᠣᠭᠳᠠ《ᠶᠢᠷᠲᠢᠨᠴᠦ ᠶ᠋ᠢ ᠳᠣᠩᠰᠣᠯᠭᠠᠭᠴᠢ 》 ᠴᠢᠩᠭᠢᠰ ᠬᠠᠭᠠᠨ ᠤ᠋ ᠭᠦᠢᠴᠡᠭᠡᠵᠦ ᠵᠠᠪᠳᠤᠭ᠎ᠠ ᠦᠭᠡᠢ ᠠᠭᠤᠤ ᠶᠡᠬᠡ ᠦᠢᠯᠡᠰ ᠢ᠋ ᠲᠡᠭᠦᠰᠦᠭᠦᠯᠬᠦ ᠰᠠᠨᠠᠭ᠎ᠠ ᠲᠠᠢ᠃ ᠪᠢ᠂ ᠡᠷᠲᠡ ᠨᠢᠭᠡᠨ ᠴᠠᠭ ᠲᠤ᠌ ᠴᠢᠨᠢ (ᠴᠢᠨᠦ )᠂ ᠵᠣᠷᠢᠭᠲᠤ ᠵᠠᠩᠵᠤᠨ ᠢᠰᠺᠸᠨ᠋ᠳ᠋ᠸᠷᠠᠽᠦᠢ᠍ᠯ ᠺᠠᠷᠠᠨᠠᠢ᠍ᠨ ᠤ᠋ ᠲᠤᠬᠠᠢ ᠥᠭᠦᠯᠡᠬᠦ ᠶ᠋ᠢ ᠰᠣᠨᠣᠰᠤᠯ᠎ᠠ᠃ ᠲᠡᠷᠡ ᠪᠣᠯ ᠮᠥᠨ ᠯᠡ ᠵᠠᠯᠠᠭᠤ ᠪᠠᠭ᠎ᠠ ᠳ᠋ᠠᠭᠠᠨ ᠠᠶᠠᠨ ᠲᠡᠢᠨ ᠢ᠋ ᠡᠬᠢᠯᠡᠭᠰᠡᠨ ᠪᠠᠢᠨ᠎ᠠ᠃ ᠬᠠᠮᠠᠭᠠᠯᠠᠭᠴᠢ ᠪᠥᠭᠡᠳ ᠴᠡᠭ ᠲᠤ᠌ ᠲᠤᠷᠰᠢᠯᠭ᠎ᠠ ᠲᠠᠢ ᠵᠥᠪᠯᠡᠭᠴᠢ ᠨᠠᠷ ᠳᠡᠷᠭᠡᠳᠡ ᠳ᠋ᠦ᠍ᠨᠢ ᠪᠠᠢᠭᠰᠠᠨ ᠭᠡᠳ᠁ ᠰᠦᠪᠡᠭᠡᠳᠡᠢ ᠨᠢᠳᠦ ᠪᠡᠨ ᠣᠨᠢᠯᠭᠠᠨ ᠪᠤᠷᠤᠭᠤ ᠬᠠᠷᠠᠵᠤ᠂ ᠬᠡᠰᠡᠭ ᠵᠠᠭᠤᠷ᠎ᠠ ᠳᠠᠭᠤ ᠦᠭᠡᠢ ᠪᠣᠯᠤᠭᠰᠠᠨ ᠢ᠋ᠶ᠋ᠠᠨ᠂ ᠳᠠᠬᠢᠨ ᠳ᠋ᠸᠷᠸᠢᠱ ᠤᠷᠤᠭᠤ ᠡᠷᠭᠢᠵᠦ᠂
— ᠪᠠᠲᠤ ᠬᠠᠭᠠᠨ ᠳ᠋ᠤ᠌ ᠣᠯᠠᠨ ᠭᠥᠷᠦᠭᠡᠰᠦᠨ ᠦ᠌ ᠳᠤᠮᠳᠠ ᠭᠡᠨᠡᠳᠲᠡ ᠣᠷᠣᠵᠤ᠂ ᠪᠠᠷᠠᠭᠤᠨ ᠵᠡᠭᠦᠨ ᠲᠡᠰᠢ ᠳᠠᠭᠠᠷᠢᠬᠤ ᠢᠷᠪᠢᠰ ᠠᠳᠠᠯᠢ ᠤᠯᠠᠩᠭᠠᠰᠤᠭᠰᠠᠨ ᠡᠷᠡᠮᠡᠯᠵᠡᠯᠡᠭᠡ ᠮᠠᠰᠢ ᠶᠡᠬᠡ᠃ ᠵᠠᠬᠢᠵᠤ ᠰᠠᠨᠠᠭᠤᠯᠬᠤ᠂ ᠦᠨᠡᠨ ᠢ᠋ ᠬᠡᠯᠡᠬᠦ ᠳ᠋ᠡᠭᠡᠨ ᠦᠯᠦ ᠡᠮᠢᠶᠡᠬᠦ᠂ ᠰᠢᠳᠤᠷᠭᠤ ᠦᠨᠡᠨᠴᠢ᠂ ᠬᠢᠴᠢᠶᠡᠩᠭᠦᠢ ᠵᠥᠪᠯᠡᠭᠴᠢ ᠳᠡᠷᠭᠡᠳᠡ ᠨᠢ ᠪᠠᠢᠪᠠᠯ ᠵᠣᠬᠢᠨ᠎ᠠ ᠭᠡᠬᠦ ᠳ᠋ᠦ᠍᠄
— ᠪᠢ ᠠᠷᠠᠪ ᠬᠥᠮᠦᠨ᠂ ᠬᠤᠳᠠᠯ ᠬᠡᠯᠡᠬᠦ ᠶ᠋ᠢ ᠪᠢᠳᠡ ᠭᠡᠮ ᠭᠡᠵᠦ ᠦᠵᠡᠳᠡᠭ ᠭᠡᠵᠡᠢ᠃
ᠬᠠᠷᠠᠭᠤᠯ ᠣᠷᠣᠵᠤ᠂ ᠡᠭᠦᠳᠡᠨ ᠦ᠌ ᠬᠥᠰᠢᠭᠡ ᠶ᠋ᠢ ᠰᠡᠬᠦᠨ᠂ ᠨᠠᠮᠤᠭᠤᠨ ᠳᠠᠭᠤ ᠪᠠᠷ᠂
— ᠠᠩᠬᠠᠷᠤᠭᠲᠤᠨ᠂ ᠳᠠᠭᠠᠭᠲᠤᠨ! ᠭᠡᠪᠡ᠃
ᠰᠦᠪᠡᠭᠡᠲᠡᠢ ᠪᠠᠭᠠᠲᠤᠷ᠂ ᠶᠠᠷᠢᠭᠯᠠᠨ ᠪᠣᠰᠴᠤ ᠳᠣᠭᠣᠯᠤᠭᠰᠠᠭᠠᠷ ᠤᠭᠲᠤᠬᠤ ᠳ᠋ᠤ᠌ ᠪᠠᠲᠤ ᠬᠠᠭᠠᠨ᠂ ᠭᠡᠷ ᠲᠦ᠍ ᠰᠦᠷᠬᠢᠨ ᠣᠷᠣᠪᠠ᠃ ᠠᠯᠲᠠᠨ ᠬᠥᠪᠡᠭᠡ ᠲᠡᠢ ᠪᠠᠳᠮᠠᠷᠠᠭ᠎ᠠ ᠲᠣᠪᠴᠢᠲᠤ ᠰᠢᠨ᠎ᠡ ᠬᠥᠬᠡ ᠳᠡᠪᠡᠯ ᠡᠮᠦᠰᠴᠡᠢ᠃ ᠭᠢᠯᠠᠷᠳᠠᠭᠤ ᠨᠠᠷᠢᠬᠠᠨ ᠨᠢᠳᠦ ᠲᠡᠢ ᠪᠣᠷᠣᠯᠠᠭᠰᠠᠨ ᠵᠠᠯᠠᠭᠤ ᠴᠢᠷᠠᠢ ᠨᠢ ᠬᠡᠴᠡᠭᠦᠦ ᠲᠦᠭᠰᠢᠭᠦᠷᠢ ᠲᠡᠢ ᠰᠢᠨᠵᠢ ᠲᠡᠢ᠃
ᠠᠮᠠ ᠪᠠᠨ ᠪᠢᠴᠢᠬᠠᠨ ᠮᠤᠷᠤᠢᠵᠤ᠂ ᠠᠷᠢᠶᠠᠲᠠᠨ ᠮᠡᠲᠦ ᠢᠨᠢᠶᠡᠮᠰᠦᠭᠯᠡᠬᠦ ᠳ᠋ᠦ᠍ ᠵᠢᠭᠳᠡ ᠲᠣᠮᠣ ᠰᠢᠳᠦ ᠨᠢ ᠪᠣᠷᠣᠯᠠᠭᠰᠠᠨ ᠴᠢᠷᠠᠢ ᠳᠡᠭᠡᠷ᠎ᠡ ᠨᠡᠩ ᠴᠦ᠍ ᠴᠠᠭᠠᠨ ᠬᠠᠷᠠᠭᠳᠠᠵᠠᠢ᠃
ᠰᠥᠪᠡᠭᠡᠳᠡᠢ ᠪᠠᠭᠠᠲᠤᠷ᠂ ᠪᠠᠲᠤ ᠬᠠᠭᠠᠨ ᠤ᠋ ᠡᠮᠦᠨ᠎ᠡ ᠮᠡᠬᠦᠢᠨ ᠶᠣᠰᠣᠯᠠᠵᠤ᠂
— ᠲᠠ ᠮᠡᠷᠭᠡᠨ ᠡᠷᠳᠡᠮᠲᠡᠨ ᠲᠡᠢ ᠤᠴᠠᠷᠠᠬᠤ ᠭᠡᠯᠡ ᠤᠤ? ᠡᠨᠡ ᠪᠠᠢᠨ᠎ᠠ ᠭᠡᠪᠡ᠃
ᠪᠠᠲᠤ ᠬᠠᠭᠠᠨ᠂ ᠬᠠᠳ᠋ᠵᠢ ᠷᠠᠾᠢᠮ ᠤ᠋ᠨ ᠵᠦᠭ ᠬᠤᠷᠳᠤᠨ ᠣᠴᠢᠵᠤ᠂ ᠨᠥᠮᠥᠷᠭᠡᠨ ᠦ᠌ ᠬᠢᠨᠢ ᠪᠠᠳᠮᠠᠷᠠᠭ᠎ᠠ ᠲᠣᠪᠴᠢ ᠶ᠋ᠢ ᠪᠠᠷᠢᠨ᠄
— ᠡᠪᠦᠭᠡᠨ ᠪᠠᠭᠰᠢ᠂ ᠬᠠᠳ᠋ᠵᠢ ᠷᠠᠾᠢᠮ ᠮᠢᠨᠢ᠂ ᠪᠢ ᠲᠠᠨ ᠢ᠋ ᠢᠷᠡᠭᠦᠯᠬᠦ ᠪᠡᠷ ᠬᠥᠮᠦᠨ ᠵᠠᠷᠤᠭᠰᠠᠨ᠃ ᠡᠨᠡ ᠡᠳᠦᠷ ᠡᠴᠡ ᠡᠬᠢᠯᠡᠨ᠂ ᠲᠠ ᠨᠠᠳᠠ ᠠ᠋ᠴᠠ ᠪᠤᠤ ᠰᠠᠯᠲᠤᠭᠠᠢ᠃ ᠤᠳᠠᠯ ᠦᠭᠡᠢ ᠤᠷᠢᠳᠤ ᠦᠵᠡᠭᠳᠡᠭᠡ ᠦᠭᠡᠢ ᠶᠡᠬᠡ ᠠᠶᠠᠨ ᠲᠡᠢᠨ ᠢ᠋ ᠡᠬᠢᠯᠡᠨ᠎ᠡ᠃ ᠲᠠ ᠮᠢᠨᠦ ᠲᠡᠦᠬᠡ ᠲᠡᠮᠳᠡᠭᠯᠡᠭᠴᠢ ᠪᠣᠯᠰᠤᠭᠠᠢ᠃ ᠲᠠ ᠮᠢᠨᠦ ᠲᠤᠰᠢᠶᠠᠯ᠂ ᠰᠤᠷᠭᠠᠯ ᠪᠣᠳᠣᠯᠭ᠎ᠠ ᠶ᠋ᠢ ᠪᠢᠴᠢᠵᠦ ᠪᠠᠢᠬᠤ ᠬᠡᠷᠡᠭᠲᠡᠢ᠃ ᠳᠠᠪᠠᠭᠳᠠᠰᠢ ᠦᠭᠡᠢ ᠮᠣᠩᠭᠣᠯ ᠤ᠋ᠨ ᠴᠡᠷᠢᠭ᠂ ᠥᠷᠲᠡᠭᠡᠨ ᠦ᠌ ᠭᠠᠵᠠᠷ ᠨᠤᠲᠤᠭ ᠲᠤ᠌ ᠬᠡᠷᠬᠢᠨ ᠳᠣᠪᠲᠣᠯᠤᠨ ᠣᠷᠣᠭᠰᠠᠨ ᠢ᠋ ᠮᠢᠨᠢ ᠠᠴᠢ ᠨᠠᠷ ᠮᠡᠳᠡᠭᠡᠰᠡᠢ ᠭᠡᠵᠦ ᠪᠢ ᠬᠦᠰᠡᠵᠦ ᠪᠠᠢᠨ᠎ᠠ᠃
ᠲᠡᠷᠡ ᠬᠡᠪᠢᠰᠦᠨ ᠳᠡᠭᠡᠷ᠎ᠡ ᠰᠠᠭᠤᠵᠤ᠂ ᠫᠸᠷᠭᠠᠮᠸᠨ᠋ᠲ ᠤ᠋ᠨ ᠳᠡᠭᠡᠭᠦᠷ ᠬᠤᠷᠤᠭᠤ ᠪᠠᠷ ᠵᠢᠭᠠᠪᠠ᠃
— ᠰᠥᠪᠡᠭᠡᠳᠡᠢ ᠪᠠᠭᠠᠲᠤᠷ ᠡᠨᠳᠡ ᠰᠠᠭᠤᠭᠲᠤᠨ! ᠬᠠᠳ᠋ᠵᠢ ᠷᠠᠾᠢᠮ ᠲᠠ ᠨᠥᠭᠦᠭᠡ ᠡᠲᠡᠭᠡᠳ ᠲᠦ᠍ ᠰᠠᠭᠤᠰᠤᠭᠠᠢ! ᠥᠷᠥᠨ᠎ᠡ ᠵᠦᠭ ᠲᠦ᠍ ᠴᠢᠰᠤᠲᠤ ᠮᠥᠷ ᠢ᠋ᠶ᠋ᠡᠷ ᠣᠳᠬᠤ ᠤᠯᠠᠭᠠᠨ ᠵᠠᠮ ᠡᠨᠡ ᠪᠠᠢᠨ᠎ᠠ᠃ ᠡᠪᠦᠭᠡ ᠡᠴᠢᠭᠡ ᠶ᠋ᠢᠨ ᠬᠦᠷᠦᠭᠰᠡᠨ ᠡᠴᠡ ᠴᠠᠰᠢ ᠬᠡᠲᠦᠷᠡᠨ ᠥᠩᠭᠡᠷᠡᠵᠦ᠂ ᠳᠡᠯᠡᠬᠡᠢ ᠶ᠋ᠢᠨ ᠬᠢᠵᠠᠭᠠᠷ ᠲᠤ᠌ ᠲᠤᠯᠲᠠᠯ᠎ᠠ᠂ ᠴᠡᠷᠢᠭ ᠠᠪᠴᠤ ᠣᠳᠤᠨ᠎ᠠ······ ᠭᠡᠪᠡ᠃
ᠪᠠᠲᠤ ᠬᠠᠭᠠᠨ ᠵᠢᠷᠤᠭ ᠤᠷᠤᠭᠤ ᠵᠢᠭᠠᠵᠤ᠂ ᠡᠯᠳᠡᠪ ᠬᠣᠲᠠ ᠭᠠᠵᠠᠷ ᠤ᠋ᠨ ᠨᠡᠷᠡᠰ ᠢ᠋ ᠲᠣᠭᠠᠴᠢᠨ᠂ ᠬᠢᠬᠦ ᠠᠶᠠᠨ ᠲᠡᠢᠨ ᠦ᠌ ᠲᠤᠬᠠᠢ ᠥᠭᠦᠯᠡᠭᠰᠡᠭᠡᠷ ᠪᠠᠢᠯ᠎ᠠ᠃ ᠪᠠᠢᠯᠳᠤᠭᠠᠨ ᠤ᠋ ᠲᠥᠯᠥᠪᠯᠡᠭᠡ ᠶ᠋ᠢ ᠲᠡᠷᠡ ᠡᠷᠲᠡ ᠡᠴᠡ ᠡᠬᠢᠯᠡᠨ ᠪᠣᠳᠣᠭᠰᠠᠨ ᠪᠣᠯᠤᠯᠲᠠᠢ᠃
— ᠲᠠ ᠮᠢᠨᠦ ᠠᠯᠬᠤᠮ ᠪᠦᠷᠢ ᠶ᠋ᠢ ᠲᠣᠳᠣᠷᠬᠠᠢᠯᠠᠨ᠂ ᠶᠠᠭᠤ ᠴᠤ᠌ ᠮᠠᠷᠲᠠᠵᠤ ᠣᠷᠬᠢᠬᠳᠠᠭᠤᠯᠤᠯ ᠦᠭᠡᠢ ᠮᠢᠨᠦ ᠨᠡᠷ᠎ᠡ ᠶ᠋ᠢ ᠳᠠᠭᠤᠷᠢᠰᠤᠭᠤᠯᠰᠤᠭᠠᠢ ᠭᠡᠪᠡ᠃ ᠰᠥᠪᠡᠭᠡᠳᠡᠢ ᠪᠠᠭᠠᠲᠤᠷ᠂ ᠰᠢᠷᠦᠭᠦᠨ ᠪᠥᠭᠡᠳ ᠵᠢᠰᠢᠭ ᠦᠭᠡᠢ ᠴᠢᠷᠠᠢ ᠪᠠᠷ ᠬᠣᠵᠤᠤᠯ᠎ᠠ ᠲᠡᠰᠢ ᠬᠠᠷᠠᠯ᠎ᠠ᠃
— ᠪᠢ ᠡᠪᠦᠭᠡ ᠡᠴᠢᠭᠡ ᠶ᠋ᠢᠨ ᠪᠣᠳᠣᠯᠭ᠎ᠠ ᠶ᠋ᠢ ᠦᠷᠭᠦᠯᠵᠢᠯᠡᠭᠦᠯᠬᠦ ᠶᠣᠰᠣᠲᠠᠢ᠃《ᠮᠣᠩᠭᠣᠯᠴᠤᠳ ᠳᠡᠯᠡᠬᠡᠢ ᠳᠡᠭᠡᠷ᠎ᠡ ᠬᠠᠮᠤᠭ ᠤ᠋ᠨ ᠵᠣᠷᠢᠭᠲᠠᠢ ᠬᠦᠴᠦᠲᠡᠢ ᠬᠠᠭᠠᠨ ᠲᠠᠢ ᠬᠥᠮᠦᠰ》ᠭᠡᠵᠦ ᠥᠭᠦᠯᠡᠨ᠎ᠡ᠃ ᠲᠡᠢᠮᠦ ᠤᠴᠢᠷ ᠠ᠋ᠴᠠ ᠮᠣᠩᠭᠣᠯᠴᠤᠳ ᠳᠡᠯᠡᠬᠡᠢ ᠳ᠋ᠠᠬᠢᠨ ᠢ᠋ ᠡᠵᠡᠯᠡᠪᠡᠯ ᠵᠣᠬᠢᠨ᠎ᠠ᠃ ᠭᠠᠭᠴᠠᠬᠠᠨ ᠮᠣᠩᠭᠣᠯᠴᠤᠳ ᠲᠩᠷᠢ ᠶ᠋ᠢᠨ ᠢᠪᠡᠭᠡᠭᠰᠡᠨ ᠰᠣᠩᠭᠣᠮᠠᠯ ᠤᠯᠤᠰ᠂ ᠪᠤᠰᠤᠳ ᠣᠯᠠᠨ ᠤᠯᠤᠰ ᠮᠠᠨ ᠤ᠋ ᠪᠣᠭᠣᠯ ᠪᠣᠯᠤᠨ᠎ᠠ᠃ ᠬᠡᠷᠪᠡ ᠮᠠᠨ ᠤ᠋ ᠭᠠᠷ ᠠ᠋ᠴᠠ ᠠᠮᠢᠳᠤ ᠭᠠᠷᠪᠠᠯ ᠮᠠᠨ ᠳ᠋ᠤ᠌ ᠠᠵᠢᠯ ᠬᠢᠬᠦ ᠶᠣᠰᠣᠲᠠᠢ᠂ ᠬᠡᠨ ᠨᠢᠭᠡᠨ ᠠᠶᠤᠮᠰᠢᠭ ᠦᠭᠡᠢ ᠡᠰᠡᠷᠭᠦᠴᠡᠵᠦ ᠡᠰᠡ ᠳᠠᠭᠠᠪᠠᠯ ᠬᠦᠢᠰᠦ ᠲᠡᠮᠲᠡᠷᠢᠨ ᠠᠷᠢᠯᠭᠠᠨ᠎ᠠ᠂ ᠲᠡᠭᠡᠬᠦ ᠳ᠋ᠦ᠍ ᠮᠣᠩᠭᠣᠯ ᠤ᠋ᠨ ᠲᠦᠳᠡᠭ ᠳᠣᠲᠣᠷᠠᠬᠢ ᠠᠷᠭᠠᠯ ᠮᠡᠲᠦ ᠰᠢᠳᠡᠨ᠎ᠡ! ᠭᠡᠳ ᠰᠦᠪᠡᠭᠡᠳᠡᠢ ᠪᠠᠭᠠᠲᠤᠷ ᠤ᠋ᠨ ᠵᠦᠭ᠄
— ᠪᠢᠳᠡ ᠠᠶᠠᠨ ᠲᠡᠢᠨ ᠳ᠋ᠦ᠍ ᠤᠳᠠᠬᠤ ᠦᠭᠡᠢ ᠬᠥᠳᠡᠯᠬᠦ ᠤᠤ? ᠭᠡᠬᠦ ᠳ᠋ᠦ᠍ ᠰᠦᠪᠡᠭᠡᠳᠡᠢ ᠭᠡᠨᠡᠳᠲᠡ ᠰᠡᠷᠢᠭᠰᠡᠨ ᠮᠡᠲᠦ ᠳᠠᠪ ᠬᠢᠨ᠄
— ᠴᠡᠷᠢᠭ ᠲᠦ᠍ ᠪᠣᠭᠳᠠ ᠡᠵᠡᠨ (ᠴᠢᠩᠭᠢᠰ ᠦ᠋ᠨ ) ᠤ ᠭᠡᠷᠢᠶᠡᠰ ᠵᠠᠷᠯᠢᠭ ᠢ᠋ ᠤᠩᠰᠢᠨ ᠰᠣᠨᠣᠰᠬᠠᠵᠤ᠂ ᠳ᠋ᠵᠢᠬᠠᠩᠭᠢᠷ ᠢ᠋ ᠪᠠᠲᠤᠯᠠᠮᠠᠭᠴᠠ ᠬᠥᠳᠡᠯᠦᠨ᠎ᠡ᠃ ᠲᠡᠷᠡ ᠪᠣᠯᠲᠠᠯ᠎ᠠ ᠪᠠᠲᠤ ᠬᠠᠭᠠᠨ ᠲᠠ ᠣᠨᠴᠠ ᠪᠣᠯᠭᠣᠮᠵᠢ ᠲᠠᠢ ᠪᠠᠢᠰᠤᠭᠠᠢ! ᠨᠠᠢᠷ ᠨᠠᠷᠭᠢᠶᠠᠨ ᠠ᠋ᠴᠠ ᠵᠠᠢᠯᠠᠰᠬᠢᠨ᠂ ᠭᠠᠭᠴᠠᠭᠠᠷ ᠪᠠᠢᠬᠤ ᠶ᠋ᠢ ᠬᠢᠴᠢᠶᠡᠭᠲᠦᠨ᠂ ᠶᠡᠬᠡ ᠬᠡᠷᠡᠭ ᠢ᠋ ᠡᠬᠢᠯᠡᠬᠦ ᠶ᠋ᠢᠨ ᠡᠮᠦᠨ᠎ᠡ ᠪᠡᠶ᠎ᠡ ᠪᠡᠨ ᠠᠶᠤᠯ ᠳ᠋ᠤ᠌ ᠤᠴᠠᠷᠠᠭᠤᠯᠵᠤ ᠪᠣᠯᠬᠤ ᠦᠭᠡᠢ᠃ ᠬᠡᠷᠪᠡ ᠲᠠ ᠦᠬᠦᠪᠡᠯ ᠴᠡᠷᠢᠭ ᠢ᠋ ᠬᠠᠭᠠᠨ ᠤ᠋ ᠥᠭᠡᠷ᠎ᠡ ᠠᠴᠢ ᠭᠦᠶᠦᠭ ᠬᠠᠭᠠᠨ ᠪᠤᠶᠤ ᠬᠦᠯᠦᠭ ᠬᠠᠭᠠᠨ ᠲᠡᠷᠢᠭᠦᠯᠡᠬᠦ ᠳ᠋ᠦ᠍ ᠲᠡᠳᠡ ᠡᠪᠦᠭᠡ ᠡᠴᠢᠭᠡ ᠶ᠋ᠢᠨ ᠪᠣᠳᠣᠯᠭ᠎ᠠ ᠶ᠋ᠢ ᠬᠡᠵᠢᠶ᠎ᠡ ᠴᠦ᠍ ᠭᠦᠢᠴᠡᠳᠬᠡᠵᠦ ᠴᠢᠳᠠᠯ ᠦᠭᠡᠢ᠂ ᠴᠡᠷᠢᠭ ᠳᠠᠷᠤᠭᠳᠠᠨ᠎ᠠ ᠭᠡᠬᠦ ᠳ᠋ᠦ᠍᠄
— ᠵᠠ ᠵᠠ! ᠮᠢᠨᠦ ᠳᠡᠷᠭᠡᠳᠡ ᠴᠢᠬᠤᠯᠠ ᠶᠠᠭᠠᠷᠠᠯᠲᠠᠢ ᠵᠦᠢᠯ ᠢ᠋ ᠬᠡᠵᠢᠶᠡᠳᠡ ᠰᠠᠨᠠᠭᠤᠯᠤᠨ ᠦᠨᠡᠨ ᠢ᠋ ᠬᠡᠯᠡᠬᠦ ᠰᠢᠳᠤᠷᠭᠤ ᠬᠥᠮᠦᠨ ᠪᠠᠢᠪᠠᠯ ᠰᠠᠢᠨ᠃ ᠡᠷᠭᠢᠨ ᠲᠣᠭᠣᠷᠢᠨ ᠳ᠋ᠤ᠌᠂ ᠭᠠᠭᠴᠠ ᠵᠢᠰᠦᠷᠳᠡᠬᠦ ᠮᠠᠭᠲᠠᠬᠤ ᠠ᠋ᠴᠠ ᠥᠭᠡᠷ᠎ᠡ ᠶᠠᠭᠤᠮ᠎ᠠ ᠦᠭᠡᠢ ᠪᠠᠢᠨ᠎ᠠ᠃ ᠮᠢᠨᠦ ᠡᠪᠦᠭᠡᠨ ᠪᠠᠭᠰᠢ ᠬᠠᠳ᠋ᠵᠢ ᠷᠠᠾᠢᠮ ᠨᠠᠳᠠ ᠲᠤᠰᠠᠯᠠᠬᠤ ᠤᠤ? ᠮᠥᠨ ᠲᠡᠷᠡᠴᠢᠯᠡᠨ ᠴᠠᠭᠠᠨ ᠮᠣᠷᠢ ᠪᠠᠨ ᠨᠠᠳᠠᠳᠤ ᠥᠭᠭᠦᠭᠰᠡᠨ ᠵᠣᠷᠢᠭᠲᠤ ᠬᠥᠪᠡᠭᠦᠨ ᠰᠠᠨᠠᠭᠠᠨ ᠳ᠋ᠤ᠌ ᠣᠷᠣᠵᠤ ᠪᠠᠢᠨ᠎ᠠ᠃ ᠨᠡᠷ᠎ᠡ ᠨᠢ ᠠᠷᠠᠫᠱᠠ ᠭᠡᠳᠡᠭ᠃ ᠰᠦᠪᠡᠭᠡᠳᠡᠢ ᠪᠠᠭᠠᠲᠤᠷ ᠲᠡᠭᠦᠨ ᠢ᠋ ᠡᠷᠢᠵᠦ ᠣᠯᠣᠭᠤᠯᠤᠭᠲᠤᠨ᠃ ᠲᠡᠷᠡ ᠪᠣᠯ ᠨᠠᠳᠠ ᠦᠨᠡᠨᠴᠢ ᠪᠥᠭᠡᠳ ᠤᠷᠪᠠᠬᠤ ᠪᠠᠴᠢᠯᠠᠬᠤ ᠲᠥᠯᠥᠪ ᠦᠭᠡᠢ ᠮᠡᠲᠦ ᠦᠵᠡᠭᠳᠡᠭᠰᠡᠨ ᠪᠢᠯᠡ᠃ ᠵᠢᠴᠢ ᠬᠠᠳ᠋ᠵᠢ ᠷᠠᠾᠢᠮ᠂ ᠥᠨᠥᠳᠥᠷ ᠡᠴᠡ ᠡᠬᠢᠯᠡᠨ ᠶᠡᠬᠡ ᠠᠶᠠᠨ ᠲᠡᠢᠨ ᠢ᠋ ᠲᠣᠳᠣᠷᠬᠠᠢᠯᠠᠨ ᠪᠢᠴᠢᠰᠦᠭᠡᠢ! ᠮᠢᠨᠦ ᠰᠤᠷᠭᠠᠯ ᠠ᠋ᠴᠠ ᠡᠬᠢᠯᠡᠭᠡᠳ ᠪᠢᠴᠢ᠄
《ᠶᠡᠬᠡ ᠴᠡᠷᠢᠭ ᠦ᠋ᠨ ᠵᠠᠩᠵᠤᠨ᠂ ᠪᠢᠲᠡᠭᠦᠯᠢᠭ ᠪᠥᠭᠡᠳ ᠳᠠᠭᠤ ᠴᠥᠭᠡᠨ ᠲᠡᠢ ᠪᠠᠢᠬᠤ ᠶᠣᠰᠣᠲᠠᠢ᠃ ᠬᠦᠴᠦᠲᠡᠢ ᠪᠣᠳᠣᠬᠤ ᠶ᠋ᠢᠨ ᠲᠤᠯᠠ ᠪᠡᠶ᠎ᠡ ᠪᠡᠨ ᠨᠢᠭᠤᠴᠠ ᠪᠠᠢᠯᠭᠠᠬᠤ······· ᠠᠰᠤᠷᠤ ᠶᠡᠬᠡ ᠵᠣᠷᠢᠭᠯᠠᠬᠤ ᠬᠡᠷᠡᠭ ᠲᠦ᠍ ᠰᠢᠨᠲᠠᠷᠠᠯ ᠦᠭᠡᠢ ᠬᠥᠳᠡᠯᠵᠦ᠂ ᠠᠯᠳᠠᠭ᠎ᠠ ᠦᠯᠦ ᠭᠠᠷᠭᠠᠵᠤ ᠳᠠᠢᠰᠤᠨ ᠢ᠋ᠶ᠋ᠠᠨ ᠬᠠᠢᠷ᠎ᠠ ᠨᠠᠢᠷ ᠦᠭᠡᠢ ᠰᠥᠨᠥᠭᠡᠬᠦ ᠬᠡᠷᠡᠭᠲᠡᠢ》᠃
ᠦᠰᠦᠭ ᠠᠮᠢᠯᠠᠭᠤᠯᠤᠭᠴᠢ᠄ᠵᠢᠩᠯᠢᠬᠤᠸᠠᠷ᠂ ᠪᠠᠯ᠂ ᠠᠯᠲᠠᠨᠴᠢᠮᠡᠭ
ᠬᠢᠨᠠᠭᠴᠢ᠄ ᠠᠯᠲᠠᠨᠴᠢᠮᠡᠭ᠂ ᠠᠷᠢᠭᠤᠨ
