ᠪᠠᠲᠤ ᠬᠠᠭᠠᠨ 1-18ᠪᠦᠬᠦ ᠳ᠋ᠧᠷᠸᠢᠱ ᠨᠠᠷ ᠢ᠋ ᠬᠤᠷᠠᠯᠳᠤᠭᠤᠯᠰᠤᠭᠠᠢ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 1-18ᠪᠦᠬᠦ ᠳ᠋ᠧᠷᠸᠢᠱ ᠨᠠᠷ ᠢ᠋ ᠬᠤᠷᠠᠯᠳᠤᠭᠤᠯᠰᠤᠭᠠᠢ-Bat khaan Бат хаан-ᠷᠣᠮᠠᠨ

ᠪᠠᠲᠤ ᠬᠠᠭᠠᠨ 1-18ᠪᠦᠬᠦ ᠳ᠋ᠧᠷᠸᠢᠱ ᠨᠠᠷ ᠢ᠋ ᠬᠤᠷᠠᠯᠳᠤᠭᠤᠯᠰᠤᠭᠠᠢ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-09-12

189

ᠠᠷᠪᠠᠨ ᠨᠠᠢ᠍ᠮᠠ ᠪᠦᠬᠦ ᠳ᠋ᠧᠷᠸᠢᠱ ᠨᠠᠷ ᠢ᠋ ᠬᠤᠷᠠᠯᠳᠤᠭᠤᠯᠰᠤᠭᠠᠢ

      ᠰᠦᠪᠡᠭᠡᠳᠡᠢ ᠪᠠᠭᠠᠲᠤᠷ ᠬᠠᠳ᠋ᠵᠢ — ᠷᠠᠾᠢᠮ ᠠᠯᠢ— ᠪᠠᠨᠠᠽᠠᠳᠢ ᠨᠠᠷ ᠲᠤ᠌ ᠳ᠋ᠧᠷᠸᠢᠱ ᠲᠡᠦᠬᠡᠴᠢ᠂ ᠢᠷᠠᠭᠤ ᠨᠠᠢᠷᠠᠭᠴᠢ(  ᠰᠦᠪᠡᠭᠡᠲᠡᠢ ᠪᠠᠭᠠᠲᠤᠷ᠂ ᠠᠯᠢ ᠪᠠᠨᠠᠽᠠᠳᠢ ᠨᠠᠷ ᠲᠤ᠌ ᠳ᠋ᠸᠷᠸᠢᠱ ᠲᠡᠦᠬᠡᠴᠢ᠂ ᠢᠷᠠᠭᠤ ᠨᠠᠶ᠋ᠢᠷᠠᠭᠴᠢ ᠬᠠᠳ᠋ᠵᠢ— ᠷᠠᠾᠢᠮ ᠢ᠋ ) ᠶ᠋ᠢ ᠣᠯᠬᠤ ᠪᠠᠷ ᠰᠢᠬ᠌ᠨᠡᠺ ᠬᠣᠲᠠ ᠶ᠋ᠢᠨ ᠵᠦᠭ ᠪᠦᠬᠦᠨ ᠳ᠋ᠦ᠍ ᠳᠠᠭᠠᠭᠤᠯᠢ ᠨᠤᠭᠤᠳ ᠢ᠋ ᠢᠯᠡᠭᠡᠪᠡ᠃ ᠳᠠᠭᠠᠭᠤᠯᠢ ᠨᠤᠭᠤᠳ ᠲᠡᠷᠡ ᠳ᠋ᠧᠷᠸᠢᠱ ᠲᠤᠰ ᠬᠣᠲᠠ ᠳ᠋ᠤ᠌ ᠦᠭᠡᠢ᠂ ᠪᠢᠴᠢᠬᠠᠨ ᠪᠠᠢᠰᠢᠩ ᠨᠢ ᠡᠪᠳᠡᠷᠡᠨ ᠤᠨᠠᠵᠤ᠂ ᠥᠪᠡᠷ ᠢ᠋ᠶ᠋ᠡᠨ ᠰᠤᠷᠠᠭ ᠦᠭᠡᠢ ᠠᠯᠠᠭ᠎ᠠ ᠪᠣᠯᠵᠠᠢ ᠭᠡᠵᠦ ᠢᠷᠡᠵᠡᠢ᠃
      ᠰᠦᠪᠡᠭᠡᠳᠡᠢ ᠠᠭᠤᠷᠰᠠᠵᠤ᠂ ᠬᠣᠶᠠᠷ ᠵᠠᠭᠤᠲᠤ ᠳ᠋ᠤ᠌ ᠲᠤᠰᠢᠶᠠᠯ ᠥᠭᠭᠦᠨ᠂ ᠮᠠᠷᠭᠠᠰᠢ ᠥᠷᠯᠥᠭᠡᠨ ᠦ᠌ ᠳᠣᠲᠣᠷ᠎ᠠ ᠰᠢᠭᠨᠡᠺ ᠦ᠋ᠨ ᠪᠦᠬᠦ ᠳ᠋ᠧᠷᠸᠢᠱ ᠢ᠋ ᠰᠠᠨᠸᠠᠷᠲᠠᠨ ᠱᠸᠢᠢᠾ᠂ ᠫᠢᠷ ᠨᠠᠷ ᠤ᠋ᠨ ᠬᠠᠮᠲᠤ ᠠᠪᠴᠢᠷᠠᠰᠤᠭᠠᠢ ᠭᠡᠵᠦ ᠶᠠᠪᠤᠭᠤᠯᠵᠠᠢ᠃
      ᠥᠷᠯᠥᠭᠡ᠂ ᠮᠣᠷᠢᠲᠠᠢ ᠮᠣᠩᠭᠣᠯᠴᠤᠳ᠂ ᠴᠡᠷᠢᠭ ᠦ᠋ᠨ ᠬᠦᠷᠢᠶᠡᠨ ᠦ᠌ ᠵᠦᠭ ᠪᠥᠭᠡᠮ ᠳ᠋ᠧᠷᠸᠢᠱ᠂ ᠨᠣᠣᠷᠠᠭᠰᠠᠨ ᠲᠡᠨᠦᠭᠦᠯᠴᠢᠨ ᠨᠦ᠍ᠭᠦᠳ ᠢ᠋ ᠲᠠᠭᠤᠪᠠ᠃ ᠳ᠋ᠧᠷᠸᠢᠱ ᠴᠣᠬᠣᠷ ᠨᠥᠬᠥᠭᠡᠰᠦ ᠲᠡᠢ ᠬᠡᠯᠬᠢᠭᠰᠡᠨ ᠲᠡᠷᠯᠢᠭ ᠲᠡᠢ᠂ ᠰᠠᠯᠪᠠᠷᠬᠠᠢ ᠣᠯᠣᠰᠣ ᠪᠦᠰᠡᠯᠡᠭᠰᠡᠨ ᠪᠥᠭᠡᠳ ᠲᠣᠭᠣᠰᠣ ᠮᠠᠨᠠᠨ ᠲᠠᠲᠠᠭᠤᠯᠤᠨ ᠬᠠᠰᠬᠢᠷᠤᠯᠳᠤᠵᠤ ᠤᠢᠳᠬᠠᠷ ᠲᠠᠢ ᠶᠠᠩ ᠲᠡᠳᠡᠨ ᠳᠦᠩᠭᠢᠨᠡᠭᠰᠡᠭᠡᠷ ᠢᠷᠡᠪᠡ᠃ ᠵᠠᠷᠢᠮ ᠨᠢ《ᠶᠠ— ᠭᠣᠣ! ᠶᠠ— ᠬᠠᠺ! 》ᠭᠡᠵᠦ ᠬᠣᠭᠣᠯᠠᠢ ᠪᠠᠨ ᠨᠡᠢᠯᠡᠭᠦᠯᠦᠨ ᠳᠠᠪᠲᠠᠵᠤ᠂ ᠪᠤᠰᠤᠳ ᠵᠠᠷᠢᠮ ᠨᠢ ᠰᠢᠲᠦᠯᠭᠡ ᠶ᠋ᠢᠨ ᠲᠠᠷᠨᠢ ᠤᠩᠰᠢᠵᠤ ᠪᠠᠢᠬᠤ᠂ ᠬᠡᠳᠦᠨ ᠺᠠᠯᠸᠨ᠋ᠳ᠋ᠠᠷ (ᠭᠤᠢᠯᠢᠨᠴᠢᠨ) ᠣᠯᠠᠨ ᠤ᠋ ᠲᠦᠷᠦᠭᠦᠨ ᠳ᠋ᠦ᠍ ᠶᠠᠪᠤᠵᠤ ᠪᠡᠯᠲᠡᠷᠭᠡ ᠮᠡᠲᠦ ᠡᠷᠭᠢᠯᠳᠦᠨ ᠪᠢᠯᠡ᠃ ᠲᠠᠬᠢᠷᠠᠭᠰᠠᠨ ᠤᠷᠲᠤ ᠬᠠᠷ᠎ᠠ ᠱᠠᠩᠬᠤ ᠲᠠᠢ ᠮᠠᠰᠢᠳᠠ ᠪᠣᠬᠢᠷ ᠨᠢᠭᠡᠨ ᠳ᠋ᠧᠷᠸᠢᠱ ᠦ᠋ᠨ ᠮᠥᠷᠦᠨ ᠳᠡᠭᠡᠷ᠎ᠡ ᠪᠡᠨ ᠰᠠᠭᠤᠯᠭᠠᠭᠰᠠᠨ ᠡᠮ᠎ᠡ ᠮᠡᠴᠢᠨ ᠨᠢ ᠠᠶᠤᠵᠤ ᠴᠢᠴᠠᠭ᠎ᠠ ᠠᠯᠳᠠᠪᠠ᠃
      ᠳᠠᠭᠠᠭᠤᠯᠢ ᠨᠤᠭᠤᠳ ᠳ᠋ᠧᠷᠸᠢᠱ ᠨᠠᠷ ᠢ᠋ ᠲᠠᠯ᠎ᠠ ᠲᠥᠭᠥᠷᠢᠭ ᠢ᠋ᠶ᠋ᠡᠷ ᠵᠢᠭᠰᠠᠭᠠᠬᠤ ᠳ᠋ᠤ᠌ ᠲᠡᠳᠡ ᠱᠤᠤᠭᠢᠯᠳᠤᠨ ᠭᠣᠮᠣᠳᠠᠯ ᠭᠠᠷᠭᠠᠵᠤ ᠰᠡᠭᠦᠷᠡᠰᠦ ᠠᠯᠲᠠᠨ᠂ ᠭᠠᠭᠴᠠ ᠶᠡᠬᠡ ᠠᠯᠠᠯᠾ ᠲᠤ᠌ ᠵᠠᠬᠢᠷᠤᠭᠳᠠᠬᠤ ᠰᠠᠨᠸᠠᠷᠲᠠᠨ ᠭᠡᠵᠦ ᠬᠠᠰᠬᠢᠷᠤᠯᠳᠤᠵᠠᠢ᠃ ᠬᠡᠳᠦᠨ ᠳ᠋ᠧᠷᠸᠢᠱ ᠭᠠᠷ ᠢ᠋ᠶ᠋ᠠᠨ ᠲᠡᠯᠡᠵᠦ ᠲᠣᠭᠣᠷᠢᠭ ᠢ᠋ ᠳᠠᠭᠠᠨ ᠴᠢᠮᠡᠭᠡ ᠦᠭᠡᠢ ᠠᠯᠬᠤᠯᠠᠪᠠ᠃
      ᠬᠥᠭᠰᠢᠨ᠂ ᠪᠥᠭᠲᠥᠷ᠂ ᠳᠣᠭᠣᠯᠠᠩ ᠴᠡᠷᠢᠭ ᠦ᠋ᠨ ᠵᠠᠩᠵᠤᠨ ᠭᠡᠷ ᠡᠴᠡ ᠭᠠᠷᠴᠤ ᠵᠣᠭᠰᠣᠬᠤ ᠳ᠋ᠤ᠌ ᠲᠡᠭᠦᠨ ᠦ᠌ ᠬᠥᠳᠡᠯᠭᠡᠭᠡ ᠦᠭᠡᠢ ᠲᠣᠮᠣ ᠨᠢᠳᠦᠨ ᠦ᠌ ᠰᠦᠷᠡᠬᠡᠢ ᠠᠶᠤᠮᠰᠢᠭ ᠲᠠᠢ ᠬᠠᠷᠠᠴᠠ᠂ ᠬᠥᠮᠦᠨ ᠪᠦᠬᠦᠨ ᠢ᠋ ᠴᠢᠮᠡᠭᠡ ᠦᠭᠡᠢ ᠪᠣᠯᠭᠠᠪᠠ᠃ ᠬᠠᠮᠤᠭ ᠤ᠋ᠨ ᠰᠡᠭᠦᠯ ᠳ᠋ᠦ᠍ ᠡᠷᠭᠢᠯᠳᠦᠵᠦ ᠪᠠᠢᠭᠰᠠᠨ ᠨᠢᠭᠡᠨ ᠳ᠋ᠧᠷᠸᠢᠱ ᠤᠬᠠᠭᠠᠨ ᠠᠯᠳᠠᠭᠰᠠᠨ ᠮᠡᠲᠦ ᠰᠦᠪᠡᠭᠡᠳᠡᠢ ᠶ᠋ᠢᠨ ᠬᠥᠯ ᠳ᠋ᠦ᠍ ᠬᠥᠰᠡᠷ ᠤᠨᠠᠵᠤ᠂ ᠨᠢᠳᠦ ᠪᠡᠨ ᠠᠶᠠᠷᠬᠠᠨ ᠨᠡᠭᠡᠭᠡᠵᠦ᠂ ᠠᠯᠳᠠᠷᠲᠤ ᠮᠣᠩᠭᠣᠯ ᠬᠥᠮᠦᠨ ᠦ᠌ ᠬᠥᠳᠡᠯᠬᠦ ᠪᠦᠷᠢ ᠶ᠋ᠢ ᠨᠢᠭᠡᠨ ᠨᠢᠭᠡᠨ ᠦᠭᠡᠢ ᠠᠵᠢᠭᠯᠠᠵᠠᠢ᠃
      ᠰᠦᠪᠡᠭᠡᠳᠡᠢ ᠶ᠋ᠢᠨ ᠳᠡᠷᠭᠡᠳᠡ ᠰᠤᠳᠠᠯ ᠲᠠᠢ ᠤᠯᠠᠭᠠᠨ ᠳᠡᠪᠡᠯ᠂ ᠴᠠᠭᠠᠨ ᠣᠷᠣᠢᠪᠴᠢ ᠲᠠᠢ ᠵᠠᠯᠠᠭᠤ ᠬᠡᠯᠡᠮᠦᠷᠴᠢ ᠢᠷᠡᠵᠦ ᠵᠣᠭᠰᠣᠪᠠ᠃ ᠰᠦᠪᠡᠭᠡᠳᠡᠢ ᠪᠠᠭᠠᠲᠤᠷ ᠰᠥᠭᠡᠩᠭᠢ ᠬᠣᠭᠣᠯᠠᠢ ᠪᠠᠷ ᠦᠭᠡ ᠪᠡᠨ ᠲᠠᠰᠤᠯᠤᠨ ᠥᠭᠦᠯᠡᠬᠦ ᠳ᠋ᠦ᠍ ᠬᠡᠯᠡᠮᠦᠷᠴᠢ ᠣᠷᠴᠢᠭᠤᠯᠤᠨ ᠴᠢᠩᠭ᠎ᠠ ᠪᠠᠷ ᠬᠡᠯᠡᠯ᠎ᠡ᠂
      — ᠲᠠᠨᠠᠷ ᠰᠠᠨᠸᠠᠷᠲᠠᠨ! ᠲᠠᠨᠠᠷ ᠤ᠋ᠨ ᠦᠭᠡ ᠶ᠋ᠢ ᠲᠡᠭᠷᠢ ᠰᠣᠨᠣᠰᠤᠨ᠎ᠠ᠃ ᠲᠠᠨᠠᠷ ᠬᠥᠷᠥᠩᠭᠡ ᠵᠥᠭᠡᠷᠢ ᠶ᠋ᠢ ᠣᠷᠬᠢᠭᠰᠠᠨ ᠬᠥᠮᠦᠰ᠂ ᠲᠠᠨᠠᠷ ᠲᠡᠭᠡᠬᠦ ᠪᠡᠷ ᠶᠠᠭᠤ ᠶ᠋ᠢ ᠴᠦ᠍ ᠴᠢᠳᠠᠨ᠎ᠠ᠁ ᠪᠦᠭᠦᠳᠡ ᠮᠡᠳᠡᠨ᠎ᠡ᠁ ᠭᠡᠬᠦ ᠳ᠋ᠦ᠍ ᠳ᠋ᠸᠷᠸᠢᠱ ᠨᠠᠷ ᠵᠡᠷᠭᠡ ᠵᠡᠷᠭᠡᠪᠡᠷ ᠬᠠᠰᠬᠢᠷᠤᠨ᠄
      — ᠪᠢᠳᠡ ᠴᠥᠮ ᠪᠦᠭᠦᠳᠡ ᠶ᠋ᠢ ᠮᠡᠳᠡᠬᠦ ᠦᠭᠡᠢ! ᠪᠢᠳᠡᠨ ᠢ᠋ ᠬᠡᠨ ᠮᠠᠷᠭᠠᠰᠢ᠂ ᠬᠡᠨ ᠥᠨᠥᠳᠥᠷ ᠲᠡᠵᠢᠭᠡᠬᠦ ᠶ᠋ᠢ ᠪᠢᠳᠡ ᠦᠯᠦ ᠮᠡᠳᠡᠨ᠎ᠡ! ᠭᠡᠪᠡ᠃
       ᠰᠦᠪᠡᠭᠡᠳᠡᠢ᠂ ᠣᠯᠠᠨ ᠤ᠋ ᠵᠦᠭ ᠲᠣᠭᠣᠷᠢᠭᠤᠯᠤᠨ ᠳᠠᠬᠢᠨ ᠬᠠᠷᠠᠬᠤ ᠳ᠋ᠤ᠌ ᠨᠠᠮ ᠭᠦᠮ ᠪᠣᠯᠪᠠ᠃
      — ᠨᠠᠳᠠ ᠨᠢᠭᠡᠨ ᠳ᠋ᠸᠷᠸᠢᠱ ᠬᠡᠷᠡᠭ ᠲᠡᠢ᠂ ᠨᠡᠷ᠎ᠡ ᠨᠢ ᠬᠡᠨ ᠪᠢᠯᠡ? ᠨᠡᠷ᠎ᠡ ᠨᠢ᠁ ᠭᠡᠵᠦ ᠬᠡᠯᠡᠮᠦᠷᠴᠢ ᠶ᠋ᠢᠨ ᠵᠦᠭ ᠡᠷᠭᠢᠪᠡ᠃
      — ᠪᠠᠭᠳᠠᠳ᠋ ᠤ᠋ᠨ ᠬᠠᠳ᠋ᠵᠢ ᠷᠠᠾᠢᠮ! ᠲᠡᠭᠦᠨ ᠢ᠋ ᠬᠡᠨ ᠮᠡᠳᠡᠳᠡᠭ ᠪᠣᠢ?
       — ᠪᠢᠳᠡ ᠲᠡᠭᠦᠨ ᠢ᠋ ᠮᠡᠳᠡᠬᠦ ᠦᠭᠡᠢ! ᠲᠡᠷᠡ ᠮᠠᠨ ᠤ᠋ ᠬᠥᠮᠦᠨ ᠪᠢᠰᠢ᠂ ᠲᠡᠭᠦᠨ ᠦ᠌ ᠣᠷᠣᠨ ᠳ᠋ᠤ᠌ ᠪᠢᠳᠡᠨ ᠦ᠌ ᠳᠣᠲᠣᠷ᠎ᠠ ᠠ᠋ᠴᠠ ᠳᠤᠷᠠᠲᠠᠢ ᠪᠠᠨ ᠰᠢᠯᠢᠵᠦ ᠠᠪ᠃ ᠪᠢᠳᠡ ᠴᠢᠮᠠᠲᠤ ᠦᠨᠡᠨᠴᠢ ᠪᠡᠷ ᠵᠢᠳᠬᠦᠰᠦᠭᠡᠢ! ᠭᠡᠪᠡ᠃
       ᠰᠦᠪᠡᠭᠡᠳᠡᠢ᠂ ᠳ᠋ᠸᠷᠸᠢᠱ ᠨᠠᠷ ᠤ᠋ᠨ ᠱᠤᠤᠭᠢᠶᠠᠨ ᠳᠠᠷᠤᠭᠳᠠᠬᠤ ᠶ᠋ᠢ ᠬᠦᠯᠢᠶᠡᠭᠡᠳ᠂
      — ᠲᠠᠨᠠᠷ ᠪᠦᠭᠦᠳᠡᠭᠡᠷ ᠢ᠋ᠶ᠋ᠡᠨ ᠨᠡᠢᠯᠡᠪᠡᠴᠦ᠂ ᠭᠠᠭᠴᠠ ᠲᠡᠭᠦᠨ ᠳ᠋ᠦ᠍ ᠦᠯᠦ ᠬᠦᠷᠦᠨ᠎ᠡ᠂ ᠮᠡᠳᠡᠬᠦ ᠦᠭᠡᠢ ᠨᠢ ᠳᠠᠭᠤ ᠦᠭᠡᠢ ᠪᠠᠢᠭᠲᠤᠨ! ᠬᠡᠨ ᠮᠡᠳᠡᠳᠡᠭ ᠨᠢ ᠬᠠᠰᠬᠢᠷᠰᠤᠭᠠᠢ ᠭᠡᠪᠡᠯ᠂
       —ᠪᠢ ᠮᠡᠳᠡᠨ᠎ᠡ᠂ ᠪᠢ ᠬᠡᠯᠡᠰᠦᠭᠡᠢ ᠭᠡᠵᠦ ᠣᠯᠠᠨ ᠤ᠋ ᠳᠤᠮᠳᠠ ᠠ᠋ᠴᠠ ᠨᠢᠭᠡᠨ ᠡᠪᠦᠭᠡᠨ ᠵᠢᠳᠬᠦᠭᠦᠯᠵᠦ ᠰᠦᠪᠡᠭᠡᠳᠡᠢ ᠪᠠᠭᠠᠲᠤᠷ ᠤ᠋ᠨ ᠳᠡᠷᠭᠡᠳᠡ ᠣᠴᠢᠮᠠᠭᠴᠠ ᠭᠠᠷ ᠨᠢ ᠴᠡᠴᠡᠷᠡᠨ᠂ ᠤᠯᠠᠭᠠᠨ ᠸᠠᠳᠠᠩ ᠳᠣᠲᠣᠷ᠎ᠠ ᠠ᠋ᠴᠠ ᠪᠠᠷᠤᠭ ᠥᠳᠥ ᠦᠭᠡᠢ ᠬᠠᠯᠴᠠᠷᠠᠭᠰᠠᠨ᠂ ᠬᠠᠵᠠᠭᠤ ᠲᠠᠰᠢ ᠪᠠᠨ ᠤᠨᠵᠢᠭᠰᠠᠨ ᠮᠢᠬᠠᠨ ᠤᠯᠠᠭᠠᠨ ᠵᠠᠯᠠᠭ᠎ᠠ ᠲᠠᠢ ᠨᠢᠭᠡᠨ ᠲᠣᠮᠣ ᠠᠵᠢᠷᠭᠠᠨ ᠲᠠᠬᠢᠶ᠎ᠠ ᠭᠠᠷᠭᠠᠵᠤ᠂
      — ᠶᠡᠬᠡ ᠴᠡᠷᠢᠭ ᠦ᠋ᠨ ᠵᠠᠩᠵᠤᠨ ᠲᠠ ᠲᠠᠯ᠎ᠠ ᠭᠣᠣᠯ ᠢ᠋ ᠭᠠᠲᠤᠯᠵᠤ ᠪᠦᠬᠦ ᠳᠡᠯᠡᠬᠡᠢ ᠶ᠋ᠢ ᠢᠯᠠᠬᠤ ᠴᠡᠷᠢᠭ ᠦ᠋ᠨ ᠵᠠᠩᠵᠤᠨ ᠨᠤᠭᠤᠳ ᠤ᠋ᠨ ᠳᠡᠭᠡᠳᠦ᠂ ᠲᠠ ᠮᠢᠨᠦ ᠰᠠᠢᠨ ᠤ᠋ ᠳᠡᠭᠡᠳᠦ ᠡᠨᠡ ᠲᠠᠬᠢᠶ᠎ᠠ ᠶ᠋ᠢ ᠠᠪᠤᠭᠲᠤᠨ! ᠡᠨᠡ ᠪᠣᠯ ᠵᠠᠪᠳᠤᠩ ᠳᠡᠭᠡᠷᠡᠬᠢ ᠠᠷᠢᠭᠤᠨ ᠠᠵᠠᠩᠬᠢ ᠨᠠᠷ ᠮᠡᠲᠦ ᠢᠮᠠᠭᠲᠠ ᠨᠢᠭᠡᠨ ᠴᠠᠭ ᠲᠤ᠌ ᠪᠤᠰᠤᠳ ᠲᠠᠬᠢᠶᠠᠳ ᠠ᠋ᠴᠠ ᠴᠢᠩᠭ᠎ᠠ ᠪᠠᠷ ᠳᠣᠩᠭᠣᠳᠤᠨ᠎ᠠ᠃ ᠮᠠᠨᠳᠤᠬᠤ ᠨᠠᠷᠠᠨ ᠤ᠋ ᠤᠷᠢᠳ᠂ ᠲᠠᠨ ᠤ᠋ ᠭᠠᠪᠢᠶ᠎ᠠ ᠶ᠋ᠢ ᠰᠠᠢᠰᠢᠶᠠᠨ᠎ᠠ᠂ ᠠᠯᠳᠠᠷ ᠳᠠᠭᠤᠷᠢᠰᠬᠠᠯ ᠢ᠋ ᠤᠯᠠᠮ ᠤᠯᠠᠮ ᠨᠡᠮᠡᠭᠳᠡᠭᠦᠯᠦᠨ᠎ᠡ ᠭᠡᠵᠦ ᠢᠷᠦᠭᠡᠭᠡᠳ ᠡᠪᠦᠭᠡᠨ᠂ ᠲᠠᠬᠢᠶ᠎ᠠ ᠶ᠋ᠢ ᠪᠠᠭᠠᠲᠤᠷ ᠤ᠋ᠨ ᠡᠮᠦᠨ᠎ᠡ ᠲᠠᠯᠪᠢᠪᠠ᠃ ᠥᠨᠳᠥᠷ ᠴᠡᠩᠬᠡᠷ ᠲᠠᠬᠢᠶ᠎ᠠ᠂ ᠤᠷᠲᠤ ᠨᠠᠷᠢᠨ ᠬᠥᠯ ᠢ᠋ᠶ᠋ᠡᠨ ᠳᠡᠭᠡᠷ᠎ᠡ ᠡᠷᠭᠦᠨ ᠬᠡᠳᠦ ᠠᠯᠬᠤᠪᠠ᠃ ᠴᠡᠷᠢᠭ ᠦ᠋ᠨ ᠵᠠᠩᠵᠤᠨ ᠢᠨᠢᠶᠡᠮᠰᠦᠭᠯᠡᠬᠦ ᠪᠠᠢᠳᠠᠯ ᠲᠠᠢ ᠮᠤᠷᠤᠢᠵᠤ᠂
      — ᠳ᠋ᠸᠷᠸᠢᠱ᠂ ᠬᠠᠳ᠋ᠵᠢ ᠷᠠᠾᠢᠮ ᠬᠠᠮᠢᠭ᠎ᠠ ᠪᠠᠢᠬᠤ ᠶ᠋ᠢ ᠪᠢ ᠠᠰᠠᠭᠤᠯ᠎ᠠ ᠭᠡᠬᠦ ᠳ᠋ᠦ᠍᠂
       — ᠬᠠᠮᠢᠭ᠎ᠠ ᠪᠠᠢᠭ᠎ᠠ ᠶ᠋ᠢ ᠪᠢ ᠬᠡᠯᠡᠭᠰᠡᠨ ᠦᠭᠡᠢ᠃ ᠬᠣᠯᠠ ᠪᠢᠰᠢ᠂ ᠲᠡᠷᠡ ᠲᠠᠨ ᠤ᠋ ᠪᠣᠭᠣᠯ᠂ ᠰᠢᠳᠤᠷᠭᠤ ᠵᠣᠷᠢᠭᠲᠤ ᠡᠪᠦᠭᠡᠨ ᠨᠠᠽᠠᠷ ᠺᠢᠶᠠᠷᠢᠽᠸᠺ ᠮᠢᠨᠦ ᠭᠡᠷ ᠲᠦ᠍ ᠡᠪᠡᠳᠴᠢᠲᠡᠢ ᠬᠡᠪᠲᠡᠵᠦ ᠪᠠᠢᠭ᠎ᠠ᠂ ᠲᠡᠭᠦᠨ ᠢ᠋ ᠨᠢᠭᠡᠨ ᠠᠮᠢᠲᠠᠨ ᠤ᠋ ᠳᠠᠭᠠᠭᠤᠯᠢ᠂ ᠴᠢᠳᠬᠥᠷ ᠦ᠋ᠨ ᠬᠥᠪᠡᠭᠦᠳ ᠵᠣᠳᠣᠵᠠᠢ ᠭᠡᠪᠡ᠃
       ᠰᠦᠪᠡᠭᠡᠳᠡᠢ ᠪᠠᠭᠠᠲᠤᠷ ᠬᠥᠮᠥᠰᠬᠡ ᠵᠠᠩᠭᠢᠳᠤᠨ᠂
      — ᠬᠡᠯᠡᠮᠦᠷᠴᠢ! ᠬᠣᠶᠠᠷ ᠳᠠᠭᠠᠭᠤᠯᠢ ᠶ᠋ᠢ ᠠᠪᠤᠨ ᠡᠪᠦᠭᠡᠨ ᠦ᠌ ᠬᠣᠢᠨ᠎ᠠ ᠠ᠋ᠴᠠ ᠶᠠᠪᠤ᠂  ᠬᠠᠳ᠋ᠵᠢ ᠷᠠᠾᠢᠮ ᠢ᠋ ᠨᠡᠰᠢ ᠠᠪᠴᠢᠷᠠᠭᠲᠤᠨ᠃ ᠡᠨᠡ ᠡᠪᠦᠭᠡᠨ ᠢ᠋ ᠠᠯᠬᠤᠮ ᠴᠤ᠌ ᠪᠤᠤ ᠬᠣᠯᠠᠳᠠᠭᠤᠯ᠂ ᠬᠡᠷᠪᠡ ᠬᠤᠳᠠᠯ ᠬᠡᠯᠡᠭᠰᠡᠨ ᠪᠠᠢᠪᠠᠯ ᠳᠠᠭᠠᠭᠤᠯᠢ ᠨᠤᠭᠤᠳ ᠲᠣᠭᠣᠰᠣ ᠶ᠋ᠢ ᠨᠢ ᠭᠦᠪᠢᠲᠦᠭᠡᠢ ᠭᠡᠬᠦ ᠳ᠋ᠦ᠍᠂
      — ᠶᠣᠰᠣᠴᠢᠯᠠᠨ ᠭᠦᠢᠴᠡᠳᠬᠡᠶ᠎ᠡ ᠡᠵᠡᠨ ᠮᠢᠨᠢ! ᠭᠡᠪᠡ᠃ ᠰᠦᠪᠡᠭᠡᠳᠡᠢ ᠭᠡᠷ ᠤᠷᠤᠭᠤ ᠡᠷᠭᠢᠭᠡᠳ ᠵᠣᠭᠰᠣᠵᠤ᠂
      — ᠡᠨᠡ ᠨᠢᠴᠦᠭᠦᠨ ᠲᠠᠬᠢᠶ᠎ᠠ ᠶ᠋ᠢ ᠪᠢ ᠠᠪᠤᠨ᠎ᠠ᠃ ᠶᠠᠭᠠᠬᠢᠵᠤ ᠥᠭᠬᠦ ᠰᠠᠨᠠᠭ᠎ᠠ ᠲᠠᠢ ᠪᠣᠢ? ᠭᠡᠪᠡᠯ᠂
      — ᠪᠢ ᠭᠠᠭᠴᠠᠬᠠᠨ ᠠᠶᠠᠨ ᠲᠡᠢᠨ ᠳ᠋ᠠᠭᠠᠨ ᠨᠠᠮᠠᠶ᠋ᠢ ᠠᠪᠴᠤ ᠣᠳᠬᠤ ᠶ᠋ᠢ ᠭᠣᠶᠣᠰᠤᠭᠠᠢ! ᠭᠡᠯ᠎ᠡ᠃
       ᠰᠦᠪᠡᠭᠡᠳᠡᠢ᠂
      — ᠤᠷᠢᠳᠠᠪᠡᠷ ᠮᠡᠷᠭᠡᠨ ᠬᠠᠳ᠋ᠵᠢ  ᠷᠠᠾᠢᠮ ᠢ᠋ ᠠᠪᠴᠢᠷᠠᠭᠲᠤᠨ ᠭᠡᠳ ᠬᠥᠯ ᠢ᠋ᠶ᠋ᠡᠨ ᠰᠠᠷᠵᠢᠭᠢᠨᠠᠭᠤᠯᠤᠨ ᠭᠡᠷ ᠦ᠋ᠨ ᠵᠦᠭ ᠠᠯᠬᠤᠵᠠᠢ᠃ ᠳ᠋ᠸᠷᠸᠢᠱ ᠨᠠᠷ᠂
     — ᠥᠨᠥᠳᠥᠷ ᠪᠢᠳᠡᠨ ᠳ᠋ᠦ᠍ ᠬᠡᠨ ᠬᠣᠭᠣᠯᠠ ᠥᠭᠬᠦ ᠪᠣᠢ?  ᠪᠢᠳᠡᠨ ᠢ᠋ ᠶᠠᠮᠠᠷ ᠤᠴᠢᠷ ᠠ᠋ᠴᠠ ᠳᠠᠭᠤᠳᠠᠭᠰᠠᠨ ᠪᠣᠢ? ᠭᠡᠵᠦ ᠪᠠᠷᠬᠢᠷᠠᠬᠤ ᠳ᠋ᠤ᠌ ᠰᠥᠪᠡᠭᠡᠲᠡᠢ ᠬᠡᠯᠡᠮᠦᠷᠴᠢ ᠳ᠋ᠦ᠍ ᠬᠡᠨ ᠦᠭᠡ ᠬᠡᠯᠡᠪᠡ? (ᠭᠡᠯ᠎ᠡ᠃ )
     — ᠴᠢᠮᠡᠭᠡ ᠦᠭᠡᠢ ᠪᠠᠢᠭᠲᠤᠨ᠂  ᠲᠠᠨᠠᠷ ᠢ᠋ ᠠᠶᠠᠨ ᠲᠡᠢᠨ ᠳ᠋ᠦ᠍ ᠴᠣᠭ ᠵᠠᠯᠢ ᠲᠠᠢ ᠰᠠᠢᠨ ᠶᠠᠪᠤᠲᠤᠭᠠᠢ ᠭᠡᠵᠦ ᠰᠠᠢᠲᠤᠷ ᠵᠠᠯᠪᠠᠷᠢᠭᠲᠤᠨ ᠭᠡᠵᠦ ᠰᠥᠪᠡᠭᠡᠲᠡᠢ ᠪᠠᠭᠠᠲᠤᠷ ᠲᠤᠰᠢᠶᠠᠵᠤ ᠪᠠᠢᠨ᠎ᠠ᠃ ᠲᠠᠨᠠᠷ ᠠ᠋ᠴᠠ ᠪᠠᠷᠠᠭᠤᠨ ᠵᠦᠭ ᠲᠦ᠍ ᠠᠶᠠᠯᠠᠨ ᠳᠠᠢᠳᠤᠬᠤ ᠳ᠋ᠤ᠌ ᠶᠠᠪᠤᠬᠤ ᠶ᠋ᠢ ᠬᠦᠰᠡᠭᠴᠢᠳ ᠶᠠᠪᠤᠵᠤ ᠪᠣᠯᠤᠨ᠎ᠠ᠃ ᠭᠠᠭᠴᠠᠬᠠᠨ ᠬᠣᠭᠣᠯᠠ ᠬᠦᠨᠡᠰᠦ ᠶ᠋ᠢ ᠥᠪᠡᠷᠰᠡᠳ ᠢ᠋ᠶ᠋ᠡᠨ ᠭᠠᠷᠭ᠎ᠠ ᠭᠡᠨ᠎ᠡ ᠭᠡᠵᠦ ᠬᠡᠯᠡᠮᠦᠷᠴᠢ ᠬᠡᠯᠡᠯ᠎ᠡ᠃
     — ᠪᠦᠭᠦᠳᠡ ᠶ᠋ᠢ ᠴᠢᠳᠠᠭᠴᠢ ᠶᠡᠬᠡ ᠡᠵᠡᠨ! ᠥᠨᠥᠳᠥᠷ ᠪᠢᠳᠡᠨ ᠳ᠋ᠦ᠍ ᠬᠣᠭᠣᠯᠠ ᠢᠳᠡᠭᠦᠯ ᠭᠡᠵᠦ ᠲᠤᠰᠢᠶᠠᠭᠠᠴᠢ ᠭᠡᠪᠡᠯ ᠰᠥᠪᠡᠭᠡᠲᠡᠢ ᠪᠠᠭᠠᠲᠤᠷ᠂
     — ᠪᠢ ᠬᠡᠨ ᠢ᠋ ᠴᠦ᠍ ᠬᠣᠭᠣᠯᠠᠯᠠᠵᠤ ᠴᠢᠳᠠᠬᠤ ᠦᠭᠡᠢ᠂ ᠪᠢ ᠵᠥᠪᠬᠡᠨ ᠴᠡᠷᠢᠭ᠂ ᠬᠠᠭᠠᠨ ᠤ᠋ ᠠᠯᠪᠠ ᠶ᠋ᠢ  ᠵᠠᠯᠭᠠᠭᠤᠯᠬᠤ ᠳᠠᠭᠠᠭᠤᠯᠢ᠃ ᠲᠠ ᠭᠡᠭᠡᠨ ᠰᠢᠳᠤᠷᠭᠤ ᠦᠢᠯᠡᠰᠲᠡᠨ᠂ ᠰᠢᠬ᠌ᠨᠡᠺ  ᠤ᠋ᠨ ᠪᠠᠶᠠᠨ ᠬᠤᠳᠠᠯᠳᠤᠭᠠᠴᠢᠳ ᠲᠤ᠌ ᠣᠴᠢᠵᠤ᠂ ᠮᠣᠩᠭᠣᠯ ᠴᠡᠷᠢᠭ ᠦ᠋ᠨ ᠵᠠᠬᠢᠷᠤᠯ ᠪᠢᠳᠡᠨ ᠢ᠋ ᠬᠣᠭᠣᠯᠠᠯᠠᠭᠲᠤᠨ ᠭᠡᠵᠦ ᠲᠠᠨᠠᠷ ᠲᠤ᠌ ᠲᠤᠰᠢᠶᠠᠭᠰᠠᠨ ᠭᠡᠵᠦ ᠬᠡᠯᠡᠭᠲᠦᠨ ᠭᠡᠵᠡᠢ᠃
      ᠳ᠋ᠸᠷᠸᠢᠱ ᠦ᠋ᠳ᠂ ᠪᠠᠰᠠ ᠯᠠ ᠶᠠᠩ ᠲᠡᠳᠡᠨ ᠬᠠᠰᠬᠢᠷᠤᠨ ᠭᠤᠤᠭᠯᠠᠵᠤ᠂ ᠰᠢᠬ᠌ᠨᠡᠺ ᠢ᠋ ᠵᠦᠭᠯᠡᠨ᠂ ᠲᠠᠯ᠎ᠠ ᠪᠠᠷ ᠤᠪᠤᠨ ᠴᠤᠪᠤᠨ ᠪᠤᠴᠠᠵᠤ ᠣᠳᠤᠯ᠎ᠠ᠃

    ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠯᠲᠠᠨᠴᠢᠮᠡᠭ᠂ ᠠᠷᠢᠭᠤᠨ
    ᠬᠢᠨᠠᠭᠴᠢ᠄ ᠠᠯᠲᠠᠨᠴᠢᠮᠡᠭ᠂ ᠪᠠᠯ᠂ ᠠᠷᠢᠭᠤᠨ