ᠪᠠᠲᠤ ᠬᠠᠭᠠᠨ 1-17ᠶᠦᠯᠳᠥ᠋ᠽ-Bat khaan Бат хаан-ᠷᠣᠮᠠᠨ
ᠠᠷᠪᠠᠨ ᠳᠣᠯᠣᠭ᠎ᠠ ᠶᠦᠯᠳᠥ᠋ᠽ
ᠶᠦᠯᠳᠥ᠋ᠽ᠂ ᠥᠷᠯᠥᠭᠡ ᠡᠷᠲᠡ ᠶᠡᠷᠦᠳᠡ ᠶ᠋ᠢᠨ ᠵᠠᠩᠰᠢᠯ ᠢ᠋ᠶ᠋ᠠᠷ ᠳᠠᠭᠤᠤ ᠳᠠᠭᠤᠯᠠᠨ᠂ ᠬᠤᠷᠠᠭ᠎ᠠ ᠶ᠋ᠢ ᠬᠠᠷᠢᠭᠤᠯᠵᠤ ᠭᠠᠷᠲᠠᠯ᠎ᠠ᠂ ᠬᠣᠢᠨ᠎ᠠ ᠠ᠋ᠴᠠ ᠮᠦᠰᠥ᠋ᠺ ᠮᠣᠷᠢᠲᠠᠢ ᠶᠠᠪᠤᠯ᠎ᠠ᠃ ᠨᠣᠭᠣᠭᠠᠨ ᠬᠥᠨᠳᠡᠢ ᠳ᠋ᠦ᠍ ᠬᠣᠯᠠ ᠣᠴᠢᠮᠠᠭᠴᠠ᠂ ᠬᠣᠶᠠᠭᠤᠯᠠ ᠪᠠᠨ ᠵᠡᠷᠭᠡᠴᠡᠨ ᠬᠥᠲᠥᠯ ᠳᠡᠭᠡᠷ᠎ᠡ ᠤᠳᠠᠲᠠᠯ᠎ᠠ ᠰᠠᠭᠤᠪᠠ᠃ ᠶᠦᠯᠳᠥ᠋ᠽ᠂ ᠦᠶᠡᠷᠬᠡᠭᠰᠡᠨ ᠨᠥᠬᠥᠷ ᠡᠴᠡ ᠪᠡᠨ ᠲᠡᠢᠨ ᠦ᠌ ᠲᠤᠬᠠᠢ ᠠᠰᠠᠭᠤᠯ᠎ᠠ᠃ ᠵᠢᠬᠢᠲ ᠨᠠᠷ ᠡᠢᠨᠬᠦ ᠲᠡᠢᠨ ᠳ᠋ᠦ᠍ ᠤᠳᠠᠭᠠᠨ ᠬᠤᠭᠤᠴᠠᠭ᠎ᠠ ᠪᠠᠷ ᠮᠣᠷᠳᠠᠬᠤ ᠤᠤ? ᠭᠡᠳ ᠶᠦᠯᠳᠥ᠋ᠽ ᠦ᠋ᠨ ᠬᠡᠵᠢᠶᠡᠳᠡ ᠬᠥᠭᠵᠢᠯᠲᠡᠢ ᠬᠠᠴᠠᠷ ᠳᠡᠭᠡᠷ᠎ᠡ ᠪᠡᠨ ᠬᠣᠩᠬᠣᠷ ᠲᠠᠢ ᠴᠢᠷᠠᠢ ᠤᠨᠵᠢᠢᠵᠤ᠂ ᠨᠠᠷᠢᠨ ᠬᠥᠮᠥᠰᠬᠡ ᠪᠡᠨ ᠵᠠᠩᠭᠢᠳᠪᠠ᠃ ᠲᠡᠭᠡᠬᠦ ᠦᠭᠡᠢ ᠶᠠᠭᠠᠬᠢᠬᠤᠪ᠃ ᠬᠣᠵᠢᠮ ᠨᠡᠢᠯᠡᠨ ᠰᠠᠭᠤᠬᠤ ᠲᠤᠬᠠᠢ ᠪᠠᠨ ᠡᠳᠡ ᠨᠠᠷ ᠣᠯᠠᠨ ᠤᠳᠠᠭ᠎ᠠ ᠶᠠᠷᠢᠯᠴᠠᠭᠰᠠᠨ ᠪᠢᠯᠡ᠃ ᠭᠡᠲᠡᠯ᠎ᠡ ᠡᠨᠡ ᠠᠶᠤᠮᠰᠢᠭᠲᠠᠢ ᠲᠡᠢᠨ ᠦ᠌ ᠤᠯᠠᠮ ᠠ᠋ᠴᠠ ᠪᠦᠬᠦ ᠬᠦᠰᠡᠭᠰᠡᠨ ᠪᠣᠳᠣᠯᠭ᠎ᠠ ᠨᠢ ᠰᠣᠴᠢᠭᠰᠠᠨ ᠰᠢᠪᠠᠭᠤ ᠮᠡᠲᠦ ᠳᠠᠷᠬᠠᠨ ᠠᠷᠢᠯᠤᠨ᠎ᠠ᠃ ᠬᠡᠷᠪᠡ ᠮᠦᠰᠥ᠋ᠺ ᠡᠷᠭᠢᠵᠦ ᠡᠰᠡ ᠢᠷᠡᠪᠡᠯ ᠶᠠᠭᠠᠬᠢᠨ᠎ᠠ? ᠲᠠᠴᠢᠶᠠᠳᠠᠨ ᠪᠣᠬᠢᠮᠳᠠᠭᠰᠠᠨ ᠲᠣᠯᠣᠭᠠᠢ ᠨᠢ ᠠᠯᠤᠰ ᠬᠣᠯᠠ ᠶ᠋ᠢᠨ ᠴᠦᠯ ᠭᠣᠪᠢ ᠳ᠋ᠤ᠌ ᠬᠠᠶᠠᠭᠳᠠᠨ᠂ ᠪᠤᠲᠠ ᠬᠡᠮᠬᠡᠷᠡᠭᠰᠡᠨ ᠶᠠᠰᠤ ᠶ᠋ᠢ ᠨᠢ ᠴᠥᠭᠡᠪᠦᠷᠢ ᠴᠢᠨᠣ᠎ᠠ ᠪᠤᠯᠢᠶᠠᠯᠳᠤᠭᠰᠠᠨ ᠵᠣᠷᠢᠭᠲᠠᠢ ᠵᠢᠬᠢᠲ ᠴᠥᠭᠡᠨ ᠪᠢᠰᠢ ᠪᠢᠯᠡ᠃
ᠭᠡᠲᠡᠯ᠎ᠡ ᠮᠦᠰᠥ᠋ᠺ ᠢᠰᠬᠡᠷᠦᠨ ᠢᠨᠢᠶᠡᠯ᠎ᠡ᠃
—ᠪᠠᠢᠯᠳᠤᠭᠠᠨ ᠳ᠋ᠤ᠌ ᠮᠣᠷᠳᠠᠬᠤ ᠭᠡᠳᠡᠭ ᠪᠣᠯ ᠵᠠᠯᠠᠭᠤ ᠵᠢᠬᠢᠲ ᠦ᠋ᠨ ᠪᠠᠶᠠᠷ᠂ ᠬᠠᠷᠢ ᠶ᠋ᠢᠨ ᠭᠠᠵᠠᠷ ᠣᠷᠣᠨ ᠢ᠋ ᠦᠵᠡᠵᠦ᠂ ᠵᠣᠯ ᠵᠠᠪᠰᠢᠶᠠᠨ ᠢ᠋ᠶ᠋ᠠᠨ ᠰᠠᠢᠰᠢᠶᠠᠯᠭᠠᠨ᠂ ᠠᠯᠳᠠᠷᠲᠤ ᠪᠠᠭᠠᠲᠤᠷ ᠪᠣᠯᠤᠨ᠎ᠠ᠃ ᠡᠨᠡ ᠲᠡᠢᠨ ᠡᠴᠡ ᠡᠷᠭᠢᠵᠦ ᠢᠷᠡᠬᠦ ᠳ᠋ᠡᠭᠡᠨ ᠴᠥᠮ ᠳ᠋ᠦ᠍ ᠪᠡᠯᠡᠭ ᠠᠪᠴᠢᠷᠠᠨ᠂ ᠢᠯᠠᠩᠭᠤᠶ᠎ᠠ ᠶᠦᠯᠳᠥ᠋ᠽ ᠲᠦ᠍ ᠥᠰᠥᠭᠡᠢ ᠬᠦᠷᠬᠦ ᠤᠷᠲᠤ ᠤᠯᠠᠭᠠᠨ ᠲᠣᠷᠭᠠᠨ ᠴᠠᠮᠴᠠ᠂ ᠰᠤᠪᠤᠳ ᠳᠠᠷᠤᠭᠤᠯᠤᠭᠰᠠᠨ ᠡᠷᠢᠶᠡᠨ ᠪᠥᠰ᠂ ᠮᠡᠷᠡᠭᠡᠳ (ᠮᠠᠷᠭᠠᠳ) ᠮᠡᠲᠦ ᠨᠣᠭᠣᠭᠠᠨ ᠰᠢᠯ ᠡᠷᠢᠭᠡ᠂ ᠴᠡᠩᠬᠡᠷ ᠲᠤᠶᠠᠭ᠎ᠠ ᠲᠠᠲᠠᠭᠰᠠᠨ ᠴᠢᠯᠠᠭᠤᠨ ᠰᠢᠭᠢᠳᠬᠡᠭᠡ ᠲᠡᠢ ᠪᠥᠭᠡᠵᠢ ᠪᠡᠯᠡᠭᠯᠡᠨ᠎ᠡ᠃
ᠮᠦᠰᠥ᠋ᠺ ᠪᠣᠯ ᠡᠶᠡᠯᠳᠡᠭ ᠤᠶᠠᠬᠠᠨ ᠶᠦᠯᠳ᠋ᠦᠢ᠍ᠽ ᠢ᠋ ᠠᠷᠭᠠᠳᠠᠨ ᠲᠠᠢᠪᠤᠰᠢᠷᠠᠭᠤᠯᠵᠤ ᠴᠢᠳᠠᠬᠤ ᠦᠭᠡᠢ ᠪᠢᠯᠡ᠃ ᠲᠡᠭᠦᠨ ᠦ᠌ ᠬᠠᠴᠠᠷ ᠳᠡᠭᠡᠭᠦᠷ ᠨᠢ ᠨᠢᠯᠪᠤᠰᠤ ᠪᠥᠮᠪᠥᠷᠢᠨ᠂
— ᠶᠠᠭᠤᠨ ᠳ᠋ᠤ᠌ ᠡᠨᠡ ᠵᠦᠬᠡᠯ ᠲᠡᠢ ᠮᠠᠭᠤᠬᠠᠢ ᠲᠡᠢᠨ ᠢ᠋ ᠦᠢᠯᠡᠳᠦᠨ᠎ᠡ? ᠠᠶᠤᠮᠰᠢᠭᠲᠠᠢ ᠮᠣᠩᠭᠣᠯᠴᠤᠳ ᠢᠷᠡᠬᠦ ᠳ᠋ᠦ᠍ ᠰᠢᠬ᠌ᠨᠡᠺ ᠲᠤ᠌ ᠶᠠᠭᠤ ᠪᠣᠯᠤᠭᠰᠠᠨ ᠢ᠋ ᠬᠥᠮᠦᠨ ᠪᠦᠬᠦᠨ ᠠᠨᠳᠤᠬᠤ ᠦᠭᠡᠢ᠂ ᠲᠡᠳᠡ ᠬᠥᠮᠦᠨ ᠢ᠋ ᠠᠯᠠᠵᠤ ᠭᠡᠷ ᠪᠠᠷᠠᠭ᠎ᠠ ᠶ᠋ᠢ ᠰᠢᠲᠠᠭᠠᠨ᠂ ᠡᠬᠡᠨᠡᠷ ᠬᠡᠦᠬᠡᠳ ᠦ᠋ᠨ ᠬᠠᠭᠠᠰ ᠢ᠋ ᠬᠠᠮᠢᠭ᠎ᠠ ᠠᠪᠴᠢᠷᠠᠭᠰᠠᠨ ᠢ᠋ ᠪᠤᠤ ᠮᠡᠳᠡ! ᠲᠡᠷᠡ ᠦᠶ᠎ᠡ ᠪᠢ᠂ ᠡᠴᠢᠭᠡ ᠡᠬᠡ ᠦᠭᠡᠢ ᠪᠣᠯᠤᠯ᠎ᠠ᠁ ᠨᠠᠳᠠ ᠪᠡᠯᠡᠭ ᠵᠡᠯᠡᠭ ᠣᠭᠲᠣ ᠬᠡᠷᠡᠭ ᠦᠭᠡᠢ! ᠴᠢ ᠪᠢᠳᠡ ᠬᠣᠶᠠᠷ ᠭᠣᠷᠣᠬᠠᠨ ᠤ᠋ ᠬᠥᠪᠡᠭᠡᠨ ᠳᠡᠭᠡᠷ᠎ᠡ ᠭᠡᠷ ᠢ᠋ᠶ᠋ᠡᠨ ᠪᠠᠷᠢᠨ᠂ ᠥᠪᠡᠷᠰᠡᠳ ᠦ᠋ᠨ ᠬᠤᠷᠠᠭ᠎ᠠ ᠲᠠᠢ ᠪᠣᠯᠵᠤ᠂ ᠡᠳᠦᠷ ᠪᠦᠷᠢ ᠰᠢᠨ᠎ᠡ ᠪᠣᠭᠣᠷᠰᠣᠭ ᠪᠢᠴᠢᠬᠠᠨ ᠠᠭᠠᠷᠤᠤᠯ ᠲᠠᠢ ᠪᠠᠢᠬᠤ ᠰᠠᠨ ᠭᠡᠵᠦ ᠰᠠᠨᠠᠭᠰᠠᠨ ᠪᠢᠰᠢ ᠤᠤ! ᠭᠡᠲᠡᠯ᠎ᠡ ᠴᠢ ᠬᠠᠲᠠᠭᠤ ᠰᠡᠳᠬᠢᠯᠲᠦ ᠮᠣᠩᠭᠣᠯᠴᠤᠳ ᠤ᠋ᠨ ᠬᠠᠮᠲᠤ ᠬᠥᠮᠦᠨ ᠢ᠋ ᠬᠢᠳᠤᠨ᠂ ᠣᠷᠣᠨ ᠭᠡᠷ ᠢ᠋ ᠨᠢ ᠰᠢᠲᠠᠭᠠᠵᠤ᠂ ᠰᠡᠭᠦᠯ ᠦ᠋ᠨ ᠪᠣᠭᠣᠷᠰᠣᠭ ᠠᠭᠠᠷᠤᠤᠯ ᠢ᠋ ᠨᠢ ᠪᠤᠯᠢᠶᠠᠬᠤ ᠭᠡᠨ᠎ᠡ ᠭᠡᠬᠦ ᠳ᠋ᠦ᠍ ᠮᠦᠰᠥ᠋ᠺ ᠢᠨᠢᠶᠡᠨ᠄
— ᠶᠦᠯᠳᠦ᠋ᠽ ᠪᠢᠲᠡᠭᠡᠢ ᠤᠬᠢᠯᠠᠭᠲᠤᠨ! ᠴᠢ ᠮᠢᠨᠦ ᠵᠠᠶᠠᠭᠠᠨ ᠤ᠋ ᠣᠳᠣᠨ ᠪᠢᠰᠢ ᠤᠤ! ᠪᠢ ᠠᠶᠠᠨ ᠲᠡᠢᠨ ᠳ᠋ᠦ᠍ ᠮᠣᠷᠳᠠᠭᠠᠳ᠂ ᠡᠳᠦᠷ ᠰᠥᠨᠢ ᠦᠭᠡᠢ ᠴᠢᠮᠠᠶ᠋ᠢ ᠳᠤᠷᠠᠰᠴᠤ ᠶᠠᠪᠤᠶ᠎ᠠ᠁ ᠡᠷᠲᠡ ᠶᠠᠪᠤᠭᠰᠠᠨ ᠬᠥᠮᠦᠨ ᠠᠵᠠ ᠲᠠᠢ᠂ ᠨᠢᠭᠡ ᠭᠠᠵᠠᠷ ᠰᠠᠭᠤᠭᠰᠠᠨ ᠬᠥᠮᠦᠨ ᠬᠠᠮᠤᠭ ᠪᠦᠬᠦᠨ ᠢ᠋ᠶ᠋ᠡᠨ ᠪᠠᠷᠠᠳᠠᠭ ᠭᠡᠵᠦ ᠶᠦᠯᠳᠦ᠋ᠽ ᠢ᠋ ᠲᠡᠪᠡᠷᠢᠭᠡᠳ᠂ ᠮᠣᠷᠢᠨ ᠳ᠋ᠠᠭᠠᠨ ᠮᠣᠷᠳᠠᠵᠤ ᠮᠠᠯᠠᠭᠠᠢ ᠪᠠᠷ ᠢ᠋ᠶ᠋ᠠᠨ ᠳᠠᠯᠠᠯᠤᠭᠰᠠᠭᠠᠷ ᠪᠠᠶᠠᠨᠳ᠋ᠸᠷ ᠬᠠᠭᠠᠨ ᠤ᠋ ᠠᠳᠤᠭᠤ ᠤᠷᠤᠭᠤ ᠴᠢᠭᠯᠡᠨ ᠰᠢᠭᠤᠳ ᠲᠠᠯ᠎ᠠ ᠳᠡᠭᠡᠭᠦᠷ ᠳᠠᠪᠬᠢᠨ ᠣᠳᠤᠯ᠎ᠠ᠃
ᠵᠠᠮ ᠳ᠋ᠠᠭᠠᠨ ᠣᠯᠠᠨ ᠮᠣᠷᠢᠲᠠᠢ ᠬᠥᠮᠦᠨ ᠲᠡᠢ ᠤᠴᠠᠷᠠᠪᠠ᠃ ᠲᠡᠳᠡ ᠠᠯᠲᠠᠨ ᠲᠣᠨᠣᠭ ᠲᠠᠢ ᠰᠠᠢᠬᠠᠨ ᠮᠣᠷᠢᠳ ᠤᠨᠤᠵᠤ᠂ ᠪᠡᠭᠡᠯᠡᠢ ᠳᠡᠭᠡᠷ᠎ᠡ ᠪᠡᠨ ᠱᠣᠩᠬᠣᠷ ᠰᠢᠪᠠᠭᠤ ᠰᠠᠭᠤᠯᠭᠠᠨ᠂ ᠲᠠᠢᠭ᠎ᠠ ᠨᠣᠬᠠᠳ ᠳᠠᠭᠠᠭᠤᠯᠵᠠᠢ᠃ ᠠᠯᠤᠰ ᠲᠤ᠌ ᠬᠣᠶᠠᠷ ᠵᠠᠭᠤᠭᠠᠳ ᠵᠢᠭᠢᠲ ᠠᠩᠨᠠᠨ ᠲᠠᠷᠬᠠᠵᠤ᠂ ᠠᠩ ᠭᠥᠷᠥᠭᠡᠰᠦ ᠬᠥᠭᠡᠭᠡᠨ ᠪᠠᠢᠯ᠎ᠠ᠃ ᠮᠥᠰᠥ᠋ᠺ ᠮᠣᠩᠭᠣᠯ ᠬᠥᠬᠡ ᠳᠡᠪᠡᠯ ᠲᠡᠢ ᠬᠡᠭᠡᠨᠴᠢᠷ ᠬᠥᠮᠦᠰ ᠦ᠋ᠨ ᠳᠡᠷᠭᠡᠳᠡᠭᠦᠷ ᠭᠠᠷᠲᠠᠯ᠎ᠠ ᠮᠣᠳᠣᠨ ᠳᠣᠲᠣᠷ᠎ᠠ ᠠ᠋ᠴᠠ ᠳᠥᠷᠪᠡᠨ ᠵᠡᠭᠡᠷ᠎ᠡ ᠭᠦᠶᠦᠨ ᠭᠠᠷᠴᠤ᠂ ᠡᠪᠡᠷ ᠢ᠋ᠶ᠋ᠡᠨ ᠨᠢᠷᠤᠭᠤᠨ ᠳ᠋ᠠᠭᠠᠨ ᠨᠠᠭᠠᠯᠳᠤᠭᠤᠯᠤᠨ ᠲᠠᠯ᠎ᠠ ᠳᠤᠮᠳᠠᠭᠤᠷ ᠳᠠᠪᠬᠢᠪᠠ᠃ ᠲᠡᠳᠡᠨ ᠦ᠌ ᠬᠣᠢᠨ᠎ᠠ ᠠ᠋ᠴᠠ ᠭᠥᠷᠦᠭᠡᠴᠢᠳ ᠬᠥᠭᠡᠭᠡᠨ ᠂ ᠶᠦᠯᠳᠥ᠋ᠽ ᠦ᠋ᠨ ᠬᠤᠷᠠᠭ᠎ᠠ ᠬᠠᠷᠢᠭᠤᠯᠬᠤ ᠵᠦᠭ ᠲᠦ᠍ ᠶᠠᠪᠤᠵᠠᠢ᠃
ᠮᠦᠰᠥ᠋ᠺ᠂ ᠰᠡᠳᠬᠢᠯ ᠳ᠋ᠡᠭᠡᠨ《ᠮᠣᠩᠭᠣᠯ ᠬᠠᠭᠠᠳ ᠰᠠᠢᠬᠠᠨ ᠥᠬᠢᠨ ᠢ᠋ ᠦᠵᠡᠭᠡᠳ ᠵᠢᠬᠢᠲ ᠨᠠᠷ ᠲᠠᠭᠠᠨ ᠲᠤᠰᠢᠶᠠᠨ ᠪᠤᠤ ᠠᠪᠴᠤ ᠣᠳᠲᠤᠭᠠᠢ᠂ ᠬᠠᠭᠠᠨ ᠬᠥᠮᠦᠨ ᠳ᠋ᠦ᠍ ᠬᠠᠤᠯᠢ ᠦᠭᠡᠢ᠂ ᠲᠡᠭᠦᠨ ᠢ᠋ ᠲᠠᠭᠠᠯᠠᠯ ᠠ᠋ᠴᠠ ᠭᠠᠷᠭᠠᠬᠤ ᠳ᠋ᠤ᠌ ᠪᠡᠷᠬᠡ》ᠭᠡᠵᠦ ᠪᠣᠳᠣᠵᠠᠢ᠃
ᠲᠡᠭᠦᠨ ᠡᠴᠡ ᠮᠥᠰᠥ᠋ᠺ ᠨᠢᠭᠡ ᠥᠨᠵᠢᠭᠡᠳ ᠦᠳᠡᠰᠢ ᠡᠴᠢᠭᠡ ᠶ᠋ᠢᠨ ᠭᠡᠷ ᠲᠦ᠍ ᠢᠷᠡᠬᠦ ᠳ᠋ᠦ᠍ ᠨᠠᠽᠠᠷ— ᠺᠢᠶᠡᠷᠢᠽᠸᠺ ᠳᠥᠷᠪᠡᠨ ᠬᠥᠪᠡᠭᠦᠨ ᠦ᠌ ᠬᠠᠮᠲᠤ ᠰᠠᠭᠤᠵᠤ ᠪᠠᠢᠪᠠ᠃ ᠮᠥᠰᠥ᠋ᠺ ᠣᠷᠣᠮᠠᠭᠴᠠ ᠲᠡᠳᠡ ᠳᠠᠷᠤᠢ ᠳᠠᠭᠤ ᠦᠭᠡᠢ ᠪᠣᠯᠪᠠ᠃ ᠮᠥᠰᠥ᠋ᠺ ᠬᠡᠯᠡᠳᠡᠭ ᠶᠣᠰᠣᠭᠠᠷ ᠢ᠋ᠶ᠋ᠠᠨ ᠮᠡᠨᠳᠦ ᠶ᠋ᠢ ᠡᠷᠢᠭᠡᠳ ᠬᠠᠵᠠᠭᠤ ᠳ᠋ᠤ᠌ ᠰᠠᠭᠤᠪᠠ᠃ ᠪᠦᠭᠦᠳᠡᠭᠡᠷ ᠬᠣᠨᠢᠨ ᠤ᠋ ᠮᠢᠬ᠎ᠠ ᠲᠠᠢ᠂ ᠴᠠᠭᠠᠨ ᠪᠤᠳᠠᠭ᠎ᠠ ᠲᠠᠢ ᠬᠠᠭᠤᠷᠭ᠎ᠠ ᠢᠳᠡᠵᠡᠭᠡᠬᠦ ᠳ᠋ᠡᠭᠡᠨ ᠬᠤᠷᠤᠭᠤᠨ ᠤ᠋ ᠦᠵᠦᠭᠦᠷ ᠢ᠋ᠶ᠋ᠡᠷ ᠤᠳᠠᠭ᠎ᠠ ᠳᠠᠷᠠᠭ᠎ᠠ ᠲᠤᠲᠤᠷᠭ᠎ᠠ ᠶ᠋ᠢ ᠴᠢᠮᠬᠢᠨ ᠠᠮᠠ ᠤᠷᠤᠭᠤ ᠬᠢᠵᠦ ᠪᠢᠯᠡ᠃
ᠮᠥᠰᠥ᠋ᠺ ᠭᠠᠢᠬᠠᠨ᠂ ᠮᠠᠨ ᠤ᠋ ᠭᠡᠷ ᠲᠦ᠍ ᠶᠠᠭᠤᠨ ᠤ᠋ ᠴᠠᠭᠠᠨ ᠪᠤᠳᠠᠭ᠎ᠠ ᠪᠣᠢ ᠪᠢᠯᠡ? ᠯᠠᠪ ᠣᠯᠵᠠ ᠣᠯᠵᠠᠢ! ᠠᠪᠤ ᠬᠡᠦᠬᠡᠳ ᠲᠡᠭᠡᠨ ᠦᠨᠡᠲᠡᠢ ᠲᠤᠲᠤᠷᠭ᠎ᠠ ᠢᠳᠡᠭᠦᠯᠬᠦ ᠡᠳᠦᠢ ᠶᠡᠬᠡ ᠮᠥᠩᠭᠥ ᠬᠠᠮᠢᠭ᠎ᠠ ᠠ᠋ᠴᠠ ᠣᠯᠤᠭᠰᠠᠨ ? ᠭᠡᠵᠦ ᠪᠣᠳᠣᠯ᠎ᠠ᠃
ᠮᠥᠰᠥ᠋ᠺ ᠡᠷᠭᠢᠵᠦ ᠬᠠᠷᠠᠪᠠ᠃ ᠶᠠᠭᠠᠬᠢᠭᠠᠳ ᠡᠬᠡ ᠶ᠋ᠢᠨ ᠨᠢᠳᠦ ᠤᠬᠢᠯᠠᠭᠰᠠᠨ ᠪᠥᠯᠴᠥᠢᠭᠰᠡᠨ ᠪᠢᠯᠡ? ᠶᠠᠮᠠᠷ ᠤᠴᠢᠷ ᠠ᠋ᠴᠠ ᠰᠠᠪᠠ ᠰᠠᠭᠤᠯᠠᠭ᠎ᠠ ᠶ᠋ᠢ ᠠᠭᠤᠷ ᠲᠠᠢ ᠬᠠᠶᠠᠨ᠎ᠠ? ᠭᠡᠵᠦ ᠪᠣᠳᠣᠭᠠᠳ ᠪᠢᠴᠢᠬᠠᠨ ᠲᠣᠷᠭᠠᠩ ᠤ᠋ᠨ ᠡᠴᠢᠭᠡ ᠶ᠋ᠢᠨ ᠳᠡᠷᠭᠡᠳᠡ ᠰᠠᠭᠤᠯ ᠦᠭᠡᠢ ᠂ ᠪᠤᠷᠤᠭᠤ ᠲᠠᠢ ᠮᠡᠲᠦ ᠡᠭᠦᠳᠡ ᠨᠠᠯᠠᠵᠤ᠂ ᠳᠡᠭᠡᠭᠰᠢ ᠪᠡᠨ ᠬᠠᠷᠠᠯ᠎ᠠ᠃
— ᠮᠥᠰᠥ᠋ᠺ ᠴᠢ ᠶᠠᠭᠤᠨ ᠳ᠋ᠤ᠌ ᠦᠯᠦ ᠢᠳᠡᠨ᠎ᠡ ? ᠭᠡᠵᠦ ᠠᠬ᠎ᠠ ᠨᠢ ᠬᠡᠯᠡᠪᠡ᠃ ᠮᠥᠰᠥ᠋ᠺ ᠬᠢᠯᠠᠪᠠᠯᠵᠠᠨ ᠶᠠᠭᠤ ᠪᠣᠯᠪᠠ? ᠭᠡᠵᠦ ᠭᠠᠢᠬᠠᠵᠤ᠂ ᠲᠦᠭᠰᠢᠭᠦᠷᠢ ᠲᠡᠢ ᠪᠣᠳᠣᠯᠭ᠎ᠠ᠂ ᠠᠶᠤᠮᠰᠢᠭ ᠲᠠᠢ ᠳᠠᠭᠠᠪᠤᠷᠢ ᠠᠮᠢᠰᠬᠤᠯ ᠢ᠋ ᠨᠢ ᠳᠠᠪᠬᠤᠴᠠᠭᠤᠯᠵᠠᠢ᠃
ᠡᠴᠢᠭᠡ ᠶ᠋ᠢ(ᠨᠢ ) ᠬᠤᠷᠤᠭᠤ ᠪᠠᠷ ᠮᠣᠳᠣᠨ ᠲᠠᠪᠰᠢ ᠠ᠋ᠴᠠ ᠬᠡᠰᠡᠭ ᠬᠡᠰᠡᠭ ᠮᠢᠬ᠎ᠠ ᠠᠪᠴᠤ᠂ ᠰᠠᠢᠨ ᠰᠠᠨᠠᠭᠠᠨ ᠤ᠋ ᠲᠡᠮᠳᠡᠭ ᠪᠣᠯᠭᠠᠨ ᠬᠥᠪᠡᠭᠦᠳ ᠦ᠋ᠨ ᠠᠩᠭᠠᠢᠬᠤ ᠠᠮᠠ ᠤᠷᠤᠭᠤ ᠡᠭᠡᠯᠵᠢ ᠳᠠᠷᠠᠭᠠᠪᠡᠷ ᠬᠢᠵᠦ ᠥᠭᠪᠡ᠃ ᠥᠨᠥᠳᠥᠷ ᠦ᠋ᠨ ᠡᠵᠡᠨ ᠲᠡᠷᠡ ᠳᠠᠢᠯᠠᠵᠤ ᠵᠣᠴᠢᠨ ᠤ᠋ ᠠᠮᠠᠨ ᠳ᠋ᠤ᠌ ᠥᠪᠡᠷ ᠦ᠋ᠨ ᠭᠠᠷ ᠢ᠋ᠶ᠋ᠠᠷ ᠠᠮᠲᠠᠲᠠᠢᠬᠠᠨ ᠢᠳᠡᠭᠡ ᠶ᠋ᠢ ᠬᠢᠵᠦ ᠪᠣᠯᠤᠨ᠎ᠠ᠃ ᠨᠢᠭᠡᠨ ᠥᠭᠡᠬᠦ ᠲᠡᠢ ᠮᠢᠬ᠎ᠠ ᠠᠪᠤᠨ ᠮᠦᠰᠥ᠋ᠺ ᠤᠷᠤᠭᠤ ᠭᠠᠷ ᠢ᠋ᠶ᠋ᠠᠨ ᠰᠤᠩᠭᠠᠪᠠ᠃
ᠮᠦᠰᠥ᠋ᠺ ᠬᠠᠵᠠᠭᠤ ᠳᠠᠰᠢ ᠵᠠᠢᠯᠠᠵᠤ᠂
— ᠪᠢ ᠢᠳᠡᠬᠦ ᠦᠭᠡᠢ ᠭᠡᠪᠡ᠃
ᠲᠡᠳᠦᠢ ᠮᠣᠳᠣᠨ ᠲᠠᠪᠰᠢ ᠶ᠋ᠢ ᠬᠣᠭᠣᠰᠣᠨ ᠪᠣᠯᠭᠠᠵᠤ᠂ ᠭᠠᠭᠴᠠ ᠰᠢᠷᠬᠡᠭ ᠪᠤᠳᠠᠭ᠎ᠠ ᠴᠤ᠌ ᠦᠯᠡᠳᠡᠭᠡᠭᠰᠡᠨ ᠦᠭᠡᠢ᠃ ᠳ᠋ᠸᠮᠢᠷ᠂ ᠮᠦᠰᠥ᠋ᠺ ᠦ᠋ᠨ ᠵᠦᠭ ᠠᠬ᠎ᠠ ᠶ᠋ᠢᠨ ᠪᠠᠭᠤᠷᠢ ᠲᠠᠢ ᠰᠦᠷᠯᠢᠭ ᠢ᠋ᠶ᠋ᠡᠷ᠂
— ᠳᠡᠭᠦᠦ ᠮᠦᠰᠥ᠋ᠺ᠂ ᠥᠷᠥᠰᠢᠶᠡᠯᠲᠦ ᠡᠴᠢᠭᠡ ᠨᠠᠽᠠᠷ —ᠺᠢᠶᠠᠷᠢᠽᠸᠺ ᠤ᠋ᠨ ᠬᠥᠪᠡᠭᠦᠨ ᠪᠢᠳᠡ ᠪᠠᠶᠠᠨᠳ᠋ᠸᠷ ᠬᠠᠭᠠᠨ ᠤ᠋ ᠴᠡᠷᠢᠭ ᠲᠦ᠍ ᠠᠶᠠᠨ ᠲᠡᠢᠨ ᠳ᠋ᠦ᠍ ᠲᠡᠮᠡᠴᠡᠬᠦ ᠰᠠᠢᠨ ᠡᠮᠡᠭᠡᠯ ᠲᠡᠢ ᠰᠢᠯᠢᠳᠡᠭ ᠮᠣᠷᠢ᠂ ᠬᠤᠷᠴᠠᠯᠠᠭᠰᠠᠨ ᠵᠢᠳᠠ ᠲᠠᠢ ᠬᠦᠷᠦᠯᠴᠡᠨ ᠣᠴᠢᠪᠠᠯ ᠵᠣᠬᠢᠬᠤ ᠶ᠋ᠢ ᠴᠢ ᠥᠪᠡᠷ ᠢ᠋ᠶ᠋ᠡᠨ ᠮᠡᠳᠡᠨ᠎ᠡ᠃ ᠬᠡᠷᠪᠡ ᠪᠢᠳᠡ ᠪᠠᠶᠠᠨᠳ᠋ᠸᠷ ᠬᠠᠭᠠᠨ ᠳ᠋ᠤ᠌ ᠨᠣᠣᠷᠠᠩᠬᠠᠢ ᠳᠡᠪᠡᠯ ᠲᠡᠢ ᠭᠤᠢᠯᠢᠨᠴᠢᠨ ᠬᠠᠷᠠᠭᠳᠠᠪᠠᠯ᠂ ᠪᠢᠳᠡᠨ ᠲᠡᠢ ᠶᠠᠷᠢᠬᠤ ᠴᠤ᠌ ᠦᠭᠡᠢ ᠭᠡᠲᠡᠯ᠎ᠡ᠂ ᠮᠦᠰᠥ᠋ᠺ ᠪᠣᠰᠤᠨ ᠬᠠᠷᠠᠢᠵᠤ᠂ ᠡᠭᠦᠳᠡᠨ ᠦ᠌ ᠵᠦᠭ ᠤᠬᠤᠷᠢᠨ᠂
— ᠦᠨᠡᠬᠡᠷ ᠲᠡᠢᠮᠦ ᠬᠡᠷᠡᠭ ᠪᠣᠯᠪᠠ ᠤᠤ? ᠲᠠᠨᠠᠷ ᠶᠥᠯᠳᠥ᠋ᠽ ᠢ᠋ ᠵᠡᠭᠡᠯᠢ ᠳᠡᠭᠡᠷ᠎ᠡ ᠥᠭᠡᠬᠦᠯᠡᠭᠰᠡᠨ ᠪᠠᠶᠠᠨ ᠪᠤᠶᠤ ᠡᠰᠡᠬᠦᠯ᠎ᠡ ᠪᠣᠭᠣᠯ ᠤ᠋ᠨ ᠬᠤᠳᠠᠯᠳᠤᠭᠠᠴᠢᠨ ᠳ᠋ᠤ᠌ ᠬᠦᠯᠢᠶᠡᠰᠦ ᠲᠡᠢ ᠲᠠᠬᠢᠶ᠎ᠠ ᠮᠡᠲᠦ ᠵᠠᠷᠤᠭᠰᠠᠨ ᠤᠤ ?ᠭᠡᠬᠦ ᠳ᠋ᠦ᠍ ᠳ᠋ᠸᠮᠢᠷ᠂
— ᠴᠢ ᠪᠣᠳᠣᠭᠲᠤᠨ! ᠰᠢᠬ᠌ᠨᠡᠺ ᠦ᠋ᠨ ᠪᠠᠶᠠᠴᠤᠳ᠂ ᠡᠭᠦᠪᠡᠷ ᠬᠥᠷᠥᠭᠡᠨ ᠳ᠋ᠦ᠍ ᠶᠠᠪᠤᠵᠤ ᠪᠠᠢᠭᠠᠳ ᠶᠥᠯᠳᠥ᠋ᠽ ᠢ᠋ ᠬᠠᠷᠠᠮᠠᠭᠴᠠ᠂《ᠮᠠᠨ ᠤ᠋ ᠬᠠᠭᠠᠨ ᠳ᠋ᠤ᠌ ᠡᠷᠭᠦᠮᠡᠷ ᠰᠠᠢᠬᠠᠨ ᠴᠡᠴᠡᠭ ᠪᠠᠢᠨ᠎ᠠ 》 ᠬᠡᠯᠳᠦᠨ ᠠᠪᠤ ᠳ᠋ᠤ᠌ ᠶᠡᠬᠡ ᠦᠨ᠎ᠡ᠂ ᠬᠣᠷᠢᠨ ᠳᠥᠷᠪᠡᠨ ᠳ᠋ᠢᠨᠠᠷ(ᠵᠣᠭᠣᠰ) ᠥᠭᠭᠦᠶ᠎ᠡ ᠭᠡᠯᠡ᠃
ᠶᠠᠳᠠᠭᠤ ᠪᠢᠳᠡᠨ ᠳ᠋ᠦ᠍ ᠲᠡᠳᠦᠢ ᠮᠥᠩᠭᠥ ᠬᠠᠮᠢᠭ᠎ᠠ ᠠ᠋ᠴᠠ ᠣᠯᠳᠠᠬᠤ ᠪᠢᠯᠡ? ᠡᠨᠡ ᠳᠥᠷᠪᠡᠨ ᠳ᠋ᠢᠨᠠᠷ ᠵᠣᠭᠣᠰ— ᠴᠢᠨᠦ ᠬᠤᠪᠢ᠂ ᠪᠢᠳᠡ ᠴᠢᠮᠠᠶ᠋ᠢ ᠨᠢᠭᠡᠨ ᠠᠳᠠᠯᠢ ᠣᠷᠣᠯᠴᠠᠭᠤᠯᠤᠨ ᠰᠢᠳᠤᠷᠭᠤ ᠪᠠᠷ ᠲᠡᠭᠰᠢ ᠬᠤᠪᠢᠶᠠᠷᠢᠯᠠᠭᠰᠠᠨ ᠭᠡᠳ ᠢᠰᠡᠭᠡᠢ ᠳᠡᠭᠡᠷ᠎ᠡ ᠳᠥᠷᠪᠡᠨ ᠠᠯᠲᠠᠨ ᠵᠣᠭᠣᠰ ᠢ᠋ ᠬᠠᠶᠠᠪᠠ᠃
ᠮᠥᠰᠥ᠋ᠺ᠂ ᠡᠷᠢᠶᠡᠨ ᠪᠥᠰ ᠲᠦ᠍ ᠬᠠᠪᠴᠢᠭᠤᠯᠤᠭᠰᠠᠨ ᠬᠢᠲᠤᠭᠠᠨ ᠤ᠋ ᠡᠰᠢ ᠤᠷᠤᠭᠤ ᠭᠠᠷ ᠢ᠋ᠶ᠋ᠠᠨ ᠶᠠᠪᠤᠭᠤᠯᠵᠤ᠂ ᠠᠶᠠᠷᠬᠠᠨ ᠪᠣᠯᠪᠠᠴᠤ ᠬᠣᠷᠣᠰᠤᠯ ᠲᠠᠢ ᠪᠠᠷ᠂
— ᠨᠠᠳᠠ ᠡᠭᠦᠨ ᠡᠴᠡ ᠬᠣᠢᠰᠢ ᠠᠬᠠᠰ᠂ ᠡᠴᠢᠭᠡ ᠪᠠᠢᠬᠤ ᠦᠭᠡᠢ! ᠮᠢᠨᠦ ᠨᠢᠳᠦᠨ ᠳ᠋ᠦ᠍ ᠪᠤᠤ ᠦᠵᠡᠭᠳᠡ! ᠭᠡᠵᠦ ᠬᠠᠷᠢᠭᠤᠯᠤᠮᠠᠭᠴᠠ ᠭᠡᠷ ᠡᠴᠡ ᠭᠦᠶᠦᠨ ᠭᠠᠷᠪᠠ᠃ ᠴᠥᠮ᠂ ᠲᠡᠷᠢᠭᠦᠨ ᠢ᠋ᠶ᠋ᠡᠨ ᠳᠠᠷᠤᠵᠤ ᠮᠥᠰᠥ᠋ᠺ ᠦ᠋ᠨ ᠮᠣᠷᠢᠨ ᠳ᠋ᠠᠭᠠᠨ ᠮᠣᠷᠳᠠᠬᠤ ᠶ᠋ᠢ ᠴᠢᠩᠨᠠᠵᠤ᠂ ᠤᠬᠢᠯᠠᠨ ᠳᠠᠭᠠᠵᠤ ᠭᠦᠶᠦᠭᠰᠡᠨ ᠡᠬᠡ᠂ ᠲᠣᠷᠭᠠᠩ ᠬᠣᠶᠠᠷ ᠲᠤ᠌ ᠶᠠᠭᠤ ᠬᠡᠯᠡᠬᠦ ᠪᠢᠯᠡ ? ᠭᠡᠵᠦ ᠬᠦᠯᠢᠶᠡᠨ ᠪᠠᠢᠪᠠ᠃
— ᠴᠢ ᠳᠠᠬᠢᠨ ᠪᠤᠴᠠᠵᠤ ᠢᠷᠡᠬᠦ ᠤᠤ ? ᠭᠡᠬᠦ ᠳ᠋ᠦ᠍
— ᠬᠡᠵᠢᠶ᠎ᠡ ᠴᠦ᠍ ᠡᠷᠭᠢᠵᠦ ᠢᠷᠡᠬᠦ ᠦᠭᠡᠢ ᠭᠡᠪᠡ᠃
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠪᠠᠯ ᠂ ᠵᠢᠩᠯᠢᠬᠤᠸᠠᠷ ᠂ ᠳ᠂ ᠣᠶᠤᠨᠪᠢᠯᠢᠭ᠌
ᠬᠢᠨᠠᠭᠴᠢ᠄ ᠠᠷᠢᠭᠤᠨ᠂ ᠠᠯᠲᠠᠨᠴᠢᠮᠡᠭ
