ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠭᠤᠷᠪᠠ〕 Цаг төрийн үймээн – Д ᠂ Намдаг - Амьдралын зам ᠂ нэгдүгээр бүлэг - 23 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠭᠤᠷᠪᠠ〕 Цаг төрийн үймээн – Д ᠂ Намдаг - Амьдралын зам ᠂ нэгдүгээр бүлэг - 23

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠭᠤᠷᠪᠠ〕 Цаг төрийн үймээн – Д ᠂ Намдаг - Амьдралын зам ᠂ нэгдүгээр бүлэг - 23

ᠠᠩᠭᠢᠯᠠᠯ:ᠲᠤᠭᠤᠵᠢ ᠷᠣᠮᠠᠨ
2025-09-12

162

ᠬᠦᠨᠳᠦᠲᠦ ᠡᠮᠡᠭᠡᠨ


       ᠲᠤᠩ ᠰᠠᠶᠢᠬᠠᠨ ᠪᠠᠯᠳᠠᠨᠴᠡᠷᠢᠩ ᠭᠠᠯ ᠲᠦᠯᠡᠬᠦ ᠭᠡᠵᠦ ᠬᠡᠳᠦᠨ ᠴᠤᠴᠠᠯᠢ ᠵᠤᠤᠬᠠᠨ ᠳ᠋ᠤ᠌ ᠬᠢᠨ᠂ ᠴᠦᠳᠡᠩ ᠵᠢᠷᠤᠭᠰᠠᠨ ᠢ᠋ᠶ᠋ᠠᠨ ᠣᠷᠣ ᠲᠠᠰᠤ ᠮᠠᠷᠲᠠᠵᠠᠢ᠃ ᠱᠠᠪᠢ ᠨᠢ ᠬᠠᠵᠠᠭᠤ ᠪᠠᠷ ᠨᠢ ᠵᠢᠳᠬᠦᠨ ᠵᠤᠤᠬᠠᠨ ᠤ᠋ ᠠᠮᠠ ᠳᠡᠭᠡᠷ᠎ᠡ ᠰᠠᠭᠤᠵᠤ᠂ ᠶᠠᠭᠤ ᠶᠠᠭᠤ ᠦᠭᠡᠢ ᠤᠨᠲᠠᠷᠠᠬᠤ ᠭᠡᠵᠦ ᠪᠠᠢᠭ᠎ᠠ ᠭᠠᠯ ᠢ᠋ ᠳᠠᠳᠮᠠᠭᠠᠢ ᠪᠠᠷ ᠰᠡᠷᠭᠦᠭᠡᠨ ᠴᠤᠴᠠᠯᠢ ᠨᠤᠭᠤᠳ ᠢ᠋ ᠨᠡᠮᠡᠬᠦ ᠳ᠋ᠦ᠍ ᠭᠠᠯ ᠳᠣᠣᠷ᠎ᠠ ᠪᠠᠨ ᠳᠦᠷᠡᠯᠵᠡᠨ ᠪᠢᠴᠢᠬᠠᠨ ᠵᠤᠤᠬ᠎ᠠ ᠨᠢ ᠤᠯᠠᠢᠪᠠ᠃ ᠲᠡᠭᠦᠨ ᠦ᠌ ᠠᠶᠠᠰ ᠢ᠋ᠶ᠋ᠠᠷ ᠭᠡᠷ ᠦ᠋ᠨ ᠵᠢᠪᠠᠷ ᠠᠷᠢᠯᠵᠤ ᠬᠥᠮᠦᠰ ᠦ᠋ᠨ ᠰᠡᠳᠬᠢᠯ ᠠᠭᠤᠵᠢᠮ ᠰᠠᠢᠬᠠᠨ ᠪᠣᠯᠤᠯ᠎ᠠ᠃ ᠭᠡᠪᠡᠴᠦ ᠪᠠᠯᠳᠠᠨᠴᠡᠷᠢᠩ ᠳᠣᠣᠷᠠᠬᠢ ᠰᠢᠷᠢᠳᠡᠭ ᠦ᠋ᠨ ᠢ᠋ᠶ᠋ᠡᠨ ᠠᠯᠤᠬᠠᠨ ᠬᠡ ᠲᠡᠢ ᠰᠢᠷᠢᠭᠡᠰᠦ ᠶ᠋ᠢ ᠰᠢᠷᠳᠡᠨ ᠰᠠᠭᠤᠨ᠎ᠠ᠃ 
       ᠱᠠᠪᠢ ᠭᠠᠳᠠᠨ᠎ᠠ ᠠ᠋ᠴᠠ ᠮᠥᠰᠥ ᠣᠷᠣᠭᠤᠯᠵᠤ ᠢᠷᠡᠨ ᠴᠠᠢ ᠴᠢᠨᠠᠬᠤ ᠭᠡᠵᠦ ᠪᠡᠯᠡᠳᠬᠡᠪᠡ᠃ ᠪᠠᠯᠳᠠᠨᠴᠡᠷᠢᠩ ᠳᠣᠷᠣᠭᠰᠢ ᠰᠢᠷᠲᠡᠨ ᠭᠥᠯᠢᠷᠡᠭᠰᠡᠨ ᠴᠢᠭ ᠢ᠋ᠶ᠋ᠡᠷ ᠢ᠋ᠶ᠋ᠡᠨ ᠯᠡ ᠪᠠᠢᠯ᠎ᠠ᠃ ᠰᠡᠳᠬᠢᠯ ᠳ᠋ᠦ᠍ᠨᠢ《ᠰᠦᠬᠡᠪᠠᠭᠠᠲᠤᠷ ᠤ᠋ᠨ ᠦᠢᠯᠡ ᠬᠡᠷᠡᠭ ᠢ᠋ ᠪᠦᠲᠦᠬᠦ ᠪᠣᠯᠪᠠ ᠤᠤ? ᠦᠭᠡᠢ ᠪᠣᠯᠪᠠ ᠤᠤ?》 ᠭᠡᠳᠡᠭ ᠠᠰᠠᠭᠤᠳᠠᠯ ᠨᠢᠭᠡ ᠬᠡᠰᠡᠭ ᠡᠷᠭᠢᠯᠳᠦᠵᠦ ᠪᠠᠢᠭᠰᠠᠨ ᠢ᠋ᠶ᠋ᠠᠨ ᠪᠠᠰᠠ ᠥᠨᠥ ᠬᠠᠢᠷᠠᠲᠤ ᠠᠮᠠᠷᠠᠭ ᠳᠡᠭᠡᠷ᠎ᠡ ᠪᠡᠨ ᠰᠢᠯᠵᠢᠨ᠂ ᠲᠡᠭᠦᠨ ᠲᠡᠢ ᠪᠡᠨ ᠭᠡᠷ ᠪᠦᠯᠢ ᠪᠣᠯᠬᠤ᠂ ᠬᠥᠷᠥᠩᠭᠡ ᠮᠥᠩᠭᠥ ᠦᠭᠡᠢ ᠶᠠᠭᠠᠬᠢᠬᠤ ᠪᠢᠯᠡ ᠭᠡᠵᠦ ᠰᠡᠳᠬᠢᠯ ᠮᠤᠬᠤᠷᠳᠠᠨ ᠭᠣᠨᠢᠷᠬᠠᠵᠤ ᠡᠬᠢᠯᠡᠪᠡ᠃ 
       ᠨᠠᠮᠰᠠᠷᠠᠢ ᠴᠠᠢ ᠪᠠᠨ ᠴᠢᠨᠠᠵᠤ ᠠᠭᠤᠳᠠᠯᠤᠭᠠᠳ ᠪᠠᠭᠰᠢ ᠶ᠋ᠢᠨ ᠢ᠋ᠶ᠋ᠡᠨ ᠬᠠᠵᠠᠭᠤ ᠳ᠋ᠤ᠌ ᠰᠢᠷᠡᠭᠡ ᠲᠠᠯᠪᠢᠨ ᠴᠠᠢ ᠠᠶᠠᠭᠠᠯᠠᠵᠤ᠄ 
       — ᠲᠠ ᠵᠣᠭᠣᠭᠯᠠ ᠭᠡᠬᠦ ᠳ᠋ᠦ᠍᠂ ᠪᠠᠯᠳᠠᠨᠴᠡᠴᠢᠩ ᠳᠣᠷᠣᠭᠰᠢ ᠬᠠᠷᠠᠨ ᠭᠥᠯᠢᠷᠡᠨ ᠰᠠᠭᠤᠬᠤ ᠪᠠᠨ ᠪᠣᠯᠢᠪᠠ᠃ ᠭᠡᠯ᠎ᠡ ᠴᠦ᠍ ᠰᠡᠳᠬᠢᠯ ᠡᠴᠡ ᠨᠢ᠂ ᠮᠥᠩᠭᠥ ᠶᠠᠩᠴᠢᠶᠠᠨ ᠤ᠋ ᠵᠦᠢᠯ ᠢ᠋ ᠬᠡᠷᠬᠢᠨ ᠣᠯᠬᠤ ᠪᠢᠯᠡ ᠭᠡᠳᠡᠭ ᠪᠣᠳᠣᠯ ᠰᠠᠯᠬᠤ ᠦᠭᠡᠢ ᠪᠠᠢᠯ᠎ᠠ᠃ 
       — ᠪᠠᠭᠰᠢ ᠠ᠋! ᠶᠠᠭᠤᠮ᠎ᠠ ᠪᠠᠨ ᠶᠠᠭᠠᠬᠢᠬᠤ? ᠠᠯᠢ ᠲᠠ ᠵᠦᠭᠡᠷ ᠪᠠᠢᠭ᠎ᠠ ᠭᠡᠵᠦ ᠪᠣᠳᠣᠨ᠎ᠠ ᠤᠤ? ᠭᠡᠬᠦ ᠳ᠋ᠦ᠍᠄ 
       — ᠵᠦᠭᠡᠷ ᠥᠩᠭᠡᠷᠡᠨ᠎ᠡ ᠭᠡᠵᠦ ᠪᠣᠳᠣᠵᠤ ᠶᠠᠭᠠᠬᠢᠵᠤ ᠪᠣᠯᠬᠤ ᠪᠣᠢ? ᠵᠦᠭᠡᠷ ᠡᠷᠲᠡᠬᠡᠨ ᠶᠠᠩᠵᠤᠯᠠᠶ᠎ᠠ ᠭᠡᠳ ᠴᠠᠢ ᠪᠠᠨ ᠶᠠᠭᠠᠷᠠᠨ ᠤᠤᠭᠤᠪᠠ᠃ 
       ᠴᠠᠢ ᠪᠠᠨ ᠤᠤᠭᠤᠵᠤ ᠳᠠᠭᠤᠰᠤᠮᠠᠭᠴᠠ ᠬᠣᠶᠠᠭᠤᠯᠠ ᠪᠠᠨ ᠭᠠᠷᠴᠤ᠂ ᠡᠮᠡᠭᠡᠯ᠂ ᠬᠠᠵᠠᠭᠠᠷ᠂ ᠡᠪᠦᠯ ᠦ᠋ᠨ ᠳᠤᠯᠠᠭᠠᠨ ᠬᠤᠪᠴᠠᠰᠤ᠂ ᠬᠣᠭᠣᠯᠠ ᠬᠣᠱᠣᠣ ᠪᠠᠨ ᠪᠢᠴᠢᠬᠠᠨ ᠪᠠᠢᠰᠢᠩ ᠤ᠋ᠨ ᠢ᠋ᠶ᠋ᠠᠨ ᠱᠠᠯᠠ ᠶ᠋ᠢ ᠬᠣᠪᠬᠣᠯᠤᠨ ᠳᠣᠣᠷᠠᠲᠤ ᠬᠥᠨᠳᠡᠢ ᠳ᠋ᠦ᠍ᠨᠢ ᠬᠢᠨ ᠪᠠᠩᠵᠠ ᠨᠤᠭᠤᠳ ᠢ᠋ ᠡᠭᠡᠭᠦᠯᠦᠨ ᠬᠠᠳᠠᠪᠠ᠃ ᠭᠡᠪᠡᠴᠦ ᠭᠠᠮᠢᠩ ᠣᠷᠣᠵᠤ ᠢᠷᠡᠬᠦ ᠯᠡ ᠶᠦᠮ ᠪᠣᠯ ᠵᠠᠪᠠᠯ ᠨᠢᠭᠡ ᠶᠠᠭᠤᠮ᠎ᠠ ᠠᠪᠬᠤ ᠠ᠋ᠴᠠ ᠨᠠᠭᠠᠰᠢ ᠰᠡᠳᠬᠢᠯ ᠨᠢ ᠠᠮᠠᠷᠠᠬᠤ ᠦᠭᠡᠢ ᠪᠠᠢᠵᠤ ᠮᠠᠭᠠᠳ ᠦᠭᠡᠢ ᠭᠡᠬᠦ ᠳ᠋ᠡᠭᠡᠨ ᠮᠣᠷᠢᠨ ᠠᠴᠢᠶᠠᠨ ᠤ᠋ ᠶᠠᠩᠭᠢᠶ᠎ᠠ ᠭᠥᠯᠢᠮ ᠳᠥᠷᠥᠭᠡ ᠮᠡᠲᠦ ᠶ᠋ᠢ ᠤᠭᠰᠠᠷᠠᠨ ᠢᠯᠡ ᠲᠠᠯᠪᠢᠯ᠎ᠠ᠃ ᠮᠥᠩᠭᠥ ᠶᠠᠩᠴᠢᠶᠠᠨ ᠪᠠ ᠮᠥᠩᠭᠦᠲᠦ ᠬᠡᠲᠡ ᠬᠢᠲᠤᠭ᠎ᠠ ᠡᠨᠡ ᠲᠡᠷᠡ ᠪᠡᠨ ᠬᠠᠭᠤᠴᠢᠨ ᠲᠡᠮᠦᠷ ᠬᠤᠪᠢᠩ ᠳ᠋ᠤ᠌ ᠬᠢᠨ ᠳᠡᠭᠡᠷ᠎ᠡ ᠨᠢ ᠦᠨᠡᠰᠦ ᠳᠦᠭᠦᠷᠭᠡᠵᠦ ᠭᠠᠳᠠᠨ᠎ᠠ ᠬᠠᠶᠠᠭᠠᠨ ᠳ᠋ᠠᠭᠠᠨ ᠬᠠᠶᠠᠯ᠎ᠠ᠃ ᠡᠭᠦᠨ ᠡᠴᠡ ᠴᠠᠭᠠᠰᠢ ᠡᠳᠡᠨ ᠦ᠌ ᠳ᠋ᠦ᠍ ᠣᠨᠴᠠ ᠶ᠋ᠢᠨ ᠭᠠᠷᠤᠵᠠᠳᠠᠬᠤ ᠶᠠᠭᠤᠮ᠎ᠠ ᠦᠭᠡᠢ ᠪᠠᠢᠯ᠎ᠠ᠃ ᠭᠡᠪᠡᠴᠦ ᠪᠠᠯᠳᠠᠨᠴᠡᠷᠢᠩ ᠥᠭᠡᠷ᠎ᠡ ᠪᠤᠰᠤᠳ ᠤ᠋ᠨ ᠲᠥᠯᠥᠭᠡ ᠰᠡᠳᠬᠢᠯ ᠵᠣᠪᠠᠨ᠎ᠠ᠃ 
       — ᠨᠠᠮᠰᠠᠷᠠᠢ ᠮᠢᠨᠢ ᠪᠢᠳᠡ ᠴᠦ᠍ ᠶᠠᠭᠠᠬᠢᠬᠤ ᠪᠣᠢ᠂ ᠢᠩᠭᠢᠭᠡᠳ ᠪᠣᠯᠤᠯ᠎ᠠ᠃ ᠪᠤᠰᠤᠳ ᠠᠢᠯ ᠤ᠋ᠳ ᠶᠠᠭᠠᠬᠢᠨ᠎ᠠ ᠪᠣᠢ᠂ ᠭᠡᠬᠦ ᠳ᠋ᠦ᠍ ᠨᠠᠮᠰᠠᠷᠠᠢ᠂ 
       — ᠪᠠᠭᠰᠢ ᠠ᠋! ᠪᠢ ᠪᠣᠳᠣᠪᠠᠯ ᠮᠥᠨ ᠯᠡ ᠮᠡᠳᠡᠭᠰᠡᠨ ᠪᠠᠷᠢᠯ ᠦᠭᠡᠢ᠃ 
       — ᠠ᠋ ᠬᠠᠢ᠂ ᠮᠡᠳᠡᠬᠦ ᠦᠭᠡᠢ᠂ ᠴᠢ ᠶᠠᠪᠤᠨ᠎ᠠ ᠪᠠᠢᠭ᠎ᠠ᠂ ᠶᠠᠳᠠᠵᠤ ᠬᠠᠰᠢᠶ᠎ᠠ ᠬᠠᠮᠠᠷ ᠤ᠋ᠨ ᠠᠢᠯ ᠤ᠋ᠳ ᠳᠤ ᠮᠡᠳᠡᠭᠳᠡᠶ᠎ᠡ᠃   
       — ᠳᠡᠮᠡᠢ᠂ ᠪᠠᠭᠰᠢ ᠠ᠋! ᠲᠡᠭᠡᠵᠦ ᠶᠠᠪᠤᠵᠤ ᠭᠠᠮᠢᠩ ᠤ᠋ᠨ ᠲᠠᠩᠨᠠᠭᠤᠯ ᠤ᠋ᠳ ᠮᠡᠳᠡᠭᠳᠡᠵᠦ ᠣᠷᠬᠢᠬᠤ ᠶ᠋ᠢ ᠬᠡᠨ ᠪᠠᠢᠭ ᠭᠡᠬᠦ ᠪᠣᠢ?   
       — ᠠ ᠲᠡᠢᠮᠦ᠂ ᠲᠡᠷᠡ ᠴᠢᠨᠢ ᠴᠦ᠍ ᠪᠠᠰᠠ ᠯᠠ ᠰᠠᠨᠠᠳᠠᠭ ᠯᠠ ᠰᠠᠨᠠᠭ᠎ᠠ᠃  
       ᠢᠩᠭᠢᠭᠡᠳ ᠲᠡᠳᠡ ᠲᠡᠷᠡ ᠰᠥᠨᠢ ᠶ᠋ᠢ ᠶᠡᠷᠦ ᠶ᠋ᠢᠨ ᠪᠠᠢᠳᠠᠯ ᠢ᠋ᠶ᠋ᠠᠷ ᠠᠮᠤᠭᠤᠯᠠᠩ ᠲᠠᠢᠪᠤᠩ ᠠᠪᠤᠭᠰᠠᠨ ᠪᠥᠭᠡᠳ ᠮᠠᠷᠭᠠᠰᠢ ᠨᠢ ᠨᠡᠯᠢᠶᠡᠳ ᠣᠷᠣᠢ ᠪᠣᠰᠪᠠ᠃ ᠭᠠᠮᠢᠩ ᠤ᠋ᠳ ᠢ᠋ ᠭᠠᠷᠴᠠᠭ᠎ᠠ ᠦᠭᠡᠢ ᠢᠷᠡᠨ᠎ᠡ ᠭᠡᠵᠦ ᠪᠣᠳᠣᠬᠤ ᠲᠤᠯᠠ ᠡᠭᠦᠳᠡ ᠬᠠᠭᠠᠯᠭ᠎ᠠ ᠠ᠋ᠴᠠ ᠠᠪᠤᠭᠠᠳ ᠠᠪᠳᠠᠷ᠎ᠠ ᠰᠠᠪᠠ ᠪᠣᠯᠭᠠᠨ ᠤ᠋ ᠳᠡᠭᠡᠭᠡ ᠲᠦᠭᠵᠢᠭᠡᠰᠦ ᠨᠦ᠍ᠭᠦᠳ ᠢ᠋ ᠰᠤᠯᠠᠯᠠᠭᠰᠠᠨ ᠪᠥᠭᠡᠳ ᠶᠡᠷᠦ ᠶᠠᠮᠠᠷ ᠨᠢᠭᠡᠨ ᠭᠠᠢ ᠪᠠᠷᠴᠢᠳ ᠢ᠋ ᠪᠢᠰᠢ ᠪᠠᠶᠠᠷ ᠴᠡᠩᠭᠡᠯ ᠪᠣᠯᠬᠤ ᠭᠡᠵᠦ ᠪᠠᠢᠭ᠎ᠠ ᠰᠢᠭ᠋ ᠠᠮᠲᠠ ᠰᠢᠮᠲᠡᠲᠡᠢ ᠰᠠᠢᠬᠠᠨ ᠬᠣᠭᠣᠯᠠ ᠬᠢᠵᠦ ᠡᠬᠢᠯᠡᠵᠡᠢ᠃ ᠤᠷᠢᠳ ᠡᠮᠦᠨ᠎ᠡ ᠨᠢ ᠬᠣᠭᠣᠯᠠ ᠤᠮᠳᠠ ᠶ᠋ᠢ ᠨᠠᠮᠰᠠᠷᠠᠢ ᠳᠠᠩ ᠢ᠋ᠶ᠋ᠠᠷ ᠢ᠋ᠶ᠋ᠠᠨ ᠬᠢᠳᠡᠭ ᠪᠠᠢᠭᠰᠠᠨ ᠪᠣᠯ ᠥᠨᠥᠳᠥᠷ ᠪᠠᠯᠳᠠᠨᠴᠡᠷᠢᠩ ᠦ᠋ᠨ ᠭᠠᠷ ᠪᠡᠶ᠎ᠡ ᠣᠷᠣᠯᠴᠠᠪᠠ᠃ ᠲᠡᠷᠡ ᠵᠠᠭᠤᠷ᠎ᠠ ᠪᠠᠳᠢᠷᠴᠢᠨ ᠰᠢᠪᠠᠷᠴᠢᠨ ᠨᠤᠭᠤᠳ ᠤ᠋ᠨ ᠢᠨᠢᠶᠡᠳᠦᠮᠲᠦ ᠶᠠᠪᠤᠳᠠᠯ ᠤ᠋ᠳ ᠠ᠋ᠴᠠ ᠶᠠᠷᠢᠵᠤ ᠡᠬᠢᠯᠡᠭᠰᠡᠨ ᠢ᠋ ᠨᠠᠮᠰᠠᠷᠠᠢ ᠡᠯᠭᠦᠨ ᠠᠪᠴᠤ ᠨᠡᠮᠡᠨ ᠨᠡᠮᠡᠨ ᠶᠠᠷᠢᠭᠰᠠᠨ ᠢ᠋ ᠬᠡᠯᠡᠬᠦ ᠤᠤ᠂ ᠡᠳᠦᠷ ᠦ᠋ᠨ ᠡᠩ ᠢ᠋ᠶ᠋ᠡᠷ《ᠬᠠ ᠬᠠ᠂ ᠬᠢ᠂ ᠬᠢ》 ᠪᠣᠯᠪᠠ᠃ ᠥᠭᠡᠷ᠎ᠡ ᠪᠡᠷ ᠬᠡᠯᠡᠬᠦ ᠳ᠋ᠦ᠍ ᠲᠡᠷᠡ ᠬᠣᠶᠠᠷ ᠨᠢᠭᠡ ᠨᠢ ᠪᠠᠭᠰᠢ ᠭᠡᠵᠦ ᠴᠢᠷᠮᠠᠢᠨ᠂ ᠨᠥᠭᠦᠭᠡ ᠨᠢ ᠱᠠᠪᠢ ᠭᠡᠵᠦ ᠴᠥᠮᠴᠥᠢᠨ ᠰᠠᠭᠤᠭᠰᠠᠨ ᠦᠭᠡᠢ᠂ ᠵᠦᠭᠡᠷ ᠡᠷᠬᠡ ᠰᠠᠴᠠᠭᠤᠬᠠᠨ ᠰᠢᠭ᠋ ᠯᠡ ᠪᠠᠢᠯ᠎ᠠ᠃ 
       ᠭᠡᠲᠡᠯ᠎ᠡ ᠡᠨᠡ ᠡᠳᠦᠷ ᠭᠠᠢᠬᠠᠯ ᠭᠠᠮᠢᠩ ᠤ᠋ᠳ ᠠ᠋ᠴᠠ ᠢᠷᠡᠭᠰᠡᠨ ᠦᠭᠡᠢ ᠪᠢᠯᠡ᠃ ᠮᠠᠷᠭᠠᠰᠢ ᠨᠢ ᠡᠳᠦᠷ ᠳᠤᠮᠳᠠ ᠪᠣᠯᠲᠠᠯ᠎ᠠ ᠬᠦᠯᠢᠶᠡᠬᠦ ᠳ᠋ᠦ᠍ ᠮᠥᠨ ᠯᠡ ᠢᠷᠡᠭᠰᠡᠨ ᠦᠭᠡᠢ ᠨᠢ ᠪᠠᠯᠳᠠᠨᠴᠡᠷᠢᠩ ᠦ᠋ᠨ ᠰᠡᠳᠬᠢᠯ ᠢ᠋ ᠲᠦᠭᠰᠢᠭᠡᠪᠡ᠃《ᠥᠨᠥᠬᠢ ᠮᠠᠨᠢ ᠪᠠᠭᠰᠢ ᠳ᠋ᠠᠭᠠᠨ ᠪᠠᠷᠠᠯᠠᠭᠳᠠᠭ ᠡᠳᠦᠷ᠂ ᠪᠢ ᠵᠠᠪᠠᠯ ᠤᠭᠲᠤᠬᠤ ᠶᠣᠰᠣᠲᠠᠢ》 ᠭᠡᠬᠦ ᠡᠴᠡ ᠭᠠᠮᠢᠩ ᠤ᠋ᠳ ᠶᠠᠭ ᠲᠡᠷᠡ ᠦᠶ᠎ᠡ ᠪᠡᠷ ᠨᠢ ᠢᠷᠡᠨ ᠭᠠᠢ ᠪᠣᠯᠬᠤ ᠭᠡᠵᠦ ᠪᠠᠢᠭ᠎ᠠ ᠰᠢᠭ᠋ ᠰᠠᠨᠠᠭᠳᠠᠨ ᠲᠦᠭᠰᠢᠨ᠎ᠡ᠃ ᠨᠠᠮᠰᠠᠷᠠᠢ ᠶ᠋ᠢ ᠭᠠᠳᠠᠭᠤᠷ ᠶᠠᠭᠤ ᠪᠣᠯᠵᠤ ᠪᠠᠢᠭ᠎ᠠ ᠶ᠋ᠢ ᠮᠡᠳᠡᠭᠡᠳ ᠢᠷ᠎ᠡ ᠭᠡᠵᠦ ᠶᠠᠪᠤᠭᠤᠯᠤᠭᠠᠳ ᠭᠡᠷ ᠲᠡᠭᠡᠨ ᠭᠠᠭᠴᠠᠭᠠᠷ ᠦᠯᠡᠳᠡᠪᠡ᠃ ᠴᠠᠭ ᠮᠥᠴᠡ ᠢᠷᠡᠬᠦ ᠳᠣᠳᠣᠮ ᠰᠡᠳᠬᠢᠯ ᠵᠣᠪᠠᠨᠢᠨ ᠶᠠᠳᠠᠵᠤ ᠪᠠᠢᠯ᠎ᠠ᠃ ᠬᠠᠭᠠᠯᠭ᠎ᠠ ᠵᠥᠭᠡᠯᠡᠨ ᠢ᠋ᠶ᠋ᠡᠷ ᠨᠡᠭᠡᠭᠡᠭᠳᠡᠬᠦ ᠳ᠋ᠦ᠍《ᠠᠰᠢᠭᠦᠢ ᠢᠷᠡᠵᠦ ᠪᠠᠢᠨ᠎ᠠ ᠤᠤ?》 ᠭᠡᠵᠦ ᠪᠣᠳᠣᠨ ᠭᠡᠷ ᠡᠴᠡ ᠪᠡᠨ ᠱᠠᠭᠠᠢᠪᠠ᠃ ᠭᠡᠲᠡᠯ᠎ᠡ ᠪᠢᠰᠢ᠂ ᠵᠢᠮ᠎ᠡ ᠬᠡᠮᠡᠬᠦ ᠶᠠᠳᠠᠭᠤ ᠡᠮᠡᠭᠡᠨ ᠠᠵᠢ᠃ ᠡᠭᠦᠨ ᠢ᠋ ᠪᠠᠯᠳᠠᠨᠴᠡᠷᠢᠩ ᠰᠠᠢᠨ ᠲᠠᠨᠢᠬᠤ ᠪᠠᠷ ᠪᠠᠷᠠᠬᠤ ᠦᠭᠡᠢ᠂ ᠴᠢᠩ ᠰᠡᠳᠬᠢᠯ ᠡᠴᠡ ᠪᠡᠨ ᠬᠦᠨᠳᠦᠳᠬᠡᠳᠡᠭ ᠪᠠᠢᠯ᠎ᠠ᠃ 
       ᠡᠷᠲᠡ ᠤᠷᠢᠳᠤ ᠶ᠋ᠢᠨ ᠴᠠᠭ ᠲᠤ ᠡᠨᠡ ᠵᠢᠮ᠎ᠡ᠂ ᠪᠠᠯᠳᠠᠨᠴᠡᠷᠢᠩ ᠢ᠋ ᠪᠠᠷᠤᠭ ᠴᠤ᠌ ᠳᠥᠷᠥᠭᠡ ᠦᠭᠡᠢ ᠪᠠᠢᠬᠤ ᠳ᠋ᠤ᠌ ᠪᠢᠵᠡ᠂ ᠴᠢᠭᠤᠯᠭᠠᠨ ᠳᠠ ᠬᠡᠮᠡᠬᠦ ᠠᠢᠮᠠᠭ ᠤ᠋ᠨ ᠬᠡᠷᠡᠭ ᠢ᠋ ᠭᠠᠷ ᠲᠠᠭᠠᠨ ᠠᠪᠤᠭᠰᠠᠨ ᠨᠢᠭᠡᠨ ᠲᠣᠮᠣ ᠲᠦᠰᠢᠮᠡᠳ ᠦ᠋ᠨ ᠡᠬᠡᠨᠡᠷ ᠪᠠᠢᠵᠠᠢ᠃ ᠲᠡᠭᠡᠭᠡᠳ ᠮᠠᠨᠵᠤ ᠬᠠᠭᠠᠨ ᠳ᠋ᠤ᠌ ᠵᠢᠯ ᠦ᠋ᠨ ᠵᠢᠯ ᠳ᠋ᠦ᠍ ᠡᠷᠭᠦᠳᠡᠭ ᠶᠡᠬᠡ ᠮᠥᠩᠭᠥᠨ ᠦ᠌ ᠠᠯᠪᠠ ᠶ᠋ᠢ ᠳᠣᠣᠷᠠᠲᠤ ᠬᠣᠰᠢᠭᠤᠳ ᠤ᠋ᠨ ᠢ᠋ᠶ᠋ᠠᠨ ᠵᠠᠷᠢᠮ ᠲᠦᠰᠢᠮᠡᠯ ᠦ᠋ᠳ ᠲᠡᠢ ᠰᠠᠨᠠᠯ ᠨᠡᠢᠯᠡᠨ《ᠠᠷᠠᠳ ᠲᠦᠮᠡᠨ ᠦᠭᠡᠢᠷᠡᠨ ᠬᠣᠭᠣᠰᠣᠷᠠᠪᠠ》 ᠭᠡᠳᠡᠭ ᠢ᠋ᠶ᠋ᠡᠷ ᠰᠢᠯᠲᠠᠭ ᠬᠢᠨ ᠭᠤᠷᠪᠠᠨ ᠵᠢᠯ ᠳᠠᠷᠠᠭᠠᠯᠠᠨ ᠬᠠᠭᠠᠰ ᠪᠠᠷᠢᠭᠠᠳ ᠴᠥᠮ ᠪᠠᠷᠢᠭᠳᠠᠨ ᠶᠠᠯ᠎ᠠ ᠰᠢᠳᠬᠡᠭᠦᠯᠦᠭᠰᠡᠨ ᠪᠥᠭᠡᠳ ᠵᠢᠮ᠎ᠡ ᠶ᠋ᠢᠨ ᠡᠷ᠎ᠡ ᠬᠡᠷᠡᠭ ᠲᠣᠯᠣᠭᠠᠢᠯᠠᠭᠰᠠᠨ ᠤᠴᠢᠷ ᠴᠥᠯᠡᠭᠳᠡᠭᠰᠡᠨ ᠠᠵᠢ᠃ 
       ᠲᠡᠷᠡ ᠴᠠᠭ ᠲᠤ ᠬᠥᠮᠦᠰ ᠴᠥᠯᠡᠭᠳᠡᠯᠲᠡ ᠶ᠋ᠢᠨ ᠲᠤᠬᠠᠢ ᠬᠡᠯᠡᠬᠦ ᠳ᠋ᠡᠭᠡᠨ ᠤᠷᠲᠤ ᠶ᠋ᠢᠨ ᠤᠷᠲᠤ ᠵᠦᠭ ᠲᠦ᠍ ᠤᠴᠢᠷ ᠳᠦᠷᠰᠦ ᠪᠡᠨ ᠠᠯᠳᠠᠭᠰᠠᠨ ᠬᠠᠯᠠᠭᠤᠨ ᠭᠠᠵᠠᠷ᠂ ᠭᠣᠣᠯ ᠳ᠋ᠠᠭᠠᠨ ᠲᠣᠭᠣᠭ᠎ᠠ ᠰᠢᠭ᠋ ᠶᠡᠬᠡ ᠬᠣᠩᠬᠣᠷ ᠲᠠᠢ ᠡᠯᠡᠰᠦᠨ ᠮᠠᠩᠬᠠᠨ ᠳᠠᠯᠠᠢ ᠪᠠᠢᠳᠠᠭ ᠭᠡᠨ᠎ᠡ ᠪᠢᠯᠡ ᠭᠡᠳ ᠴᠠᠭᠠᠰᠢ ᠬᠡᠯᠡᠬᠦ ᠳ᠋ᠡᠭᠡᠨ ᠴᠥᠯᠡᠭᠳᠡᠭᠰᠡᠨ ᠢ᠋ ᠲᠡᠨᠳᠡ ᠠᠪᠠᠴᠢᠨ ᠳᠣᠷᠣᠭᠰᠢ ᠥᠩᠬᠥᠷᠢᠭᠦᠯᠬᠦ ᠳ᠋ᠦ᠍ ᠢᠷᠣᠭᠠᠷ ᠲᠤᠨᠢ ᠭᠦᠷᠦᠨ ᠲᠣᠭᠲᠠᠬᠤ ᠪᠥᠭᠡᠳ ᠲᠡᠨᠳᠡ ᠡᠴᠡ ᠭᠠᠷᠴᠤ ᠴᠢᠳᠠᠪᠠᠯ ᠶᠠᠯ᠎ᠠ ᠦᠭᠡᠢ ᠪᠣᠯᠳᠠᠭ ᠶᠤᠮ ᠭᠡᠨ᠎ᠡ ᠪᠢᠯᠡ ᠭᠡᠵᠦ ᠬᠡᠯᠡᠯᠴᠡᠨ᠎ᠡ᠃《ᠦᠭᠡᠢ ᠲᠡᠭᠡᠭᠡᠳ ᠬᠥᠮᠦᠨ ᠶᠠᠭᠠᠬᠢᠭᠠᠳ ᠭᠠᠷᠳᠠᠭ ᠦᠭᠡᠢ ᠶᠦᠮ ᠪᠣᠢ?》 ᠭᠡᠪᠡᠯ᠄ ᠬᠥᠮᠦᠨ ᠬᠡᠴᠢᠨᠡᠭᠡᠨ ᠵᠢᠳᠬᠦᠪᠡᠴᠦ ᠬᠠᠯᠠᠭᠤᠨ ᠨᠤᠷᠮᠠᠨ ᠡᠯᠡᠰᠦ ᠨᠢ ᠭᠠᠷ ᠬᠥᠯ ᠦ᠋ᠨ ᠠᠶᠠᠰ ᠢ᠋ᠶ᠋ᠠᠷ ᠳᠣᠷᠣᠭᠰᠢ ᠨᠤᠷᠠᠨ ᠢᠷᠣᠭᠠᠷ ᠲᠤᠨᠢ ᠪᠤᠴᠠᠭᠠᠳᠠᠭ ᠶᠤᠮ ᠭᠡᠨ᠎ᠡ ᠭᠡᠵᠦ ᠲᠠᠢᠯᠪᠤᠷᠢᠯᠠᠳᠠᠭ ᠪᠠᠢᠯ᠎ᠠ᠃ 
       ᠤᠭ ᠨᠢ ᠡᠨᠡ ᠶᠠᠷᠢᠶ᠎ᠠ ᠶ᠋ᠢ ᠪᠦᠷ ᠳᠡᠭᠡᠷ᠎ᠡ ᠴᠠᠭ ᠲᠤ ᠮᠣᠩᠭᠣᠯ ᠣᠷᠣᠨ ᠳᠠᠶᠠᠭᠠᠷ ᠢ᠋ᠶ᠋ᠠᠨ ᠬᠦᠴᠦᠲᠡᠢ ᠡᠰᠡᠷᠭᠦᠴᠡᠵᠦ ᠪᠠᠢᠬᠤ ᠳ᠋ᠤ᠌ ᠬᠡᠨ ᠨᠢᠭᠡ ᠨᠢ ᠡᠰᠡᠷᠭᠦᠴᠡᠯ ᠢ᠋ ᠤᠯᠠᠮ ᠰᠢᠷᠦᠭᠦᠰᠬᠡᠬᠦ ᠪᠡᠷ ᠣᠷᠣᠯᠳᠣᠳᠠᠭ ᠪᠠᠢᠭᠰᠠᠨ ᠪᠣᠯᠪᠠᠴᠤ ᠵᠢᠷᠦᠬᠡ ᠵᠣᠷᠢᠭ ᠢ᠋ ᠮᠣᠬᠣᠭᠠᠨ ᠰᠢᠨᠲᠠᠷᠠᠭᠤᠯᠬᠤ ᠶᠠᠮᠠᠷ ᠴᠦ᠍ ᠤᠳᠬ᠎ᠠ ᠤᠴᠢᠷ ᠦᠭᠡᠢ ᠳᠡᠮᠡᠢ ᠵᠦᠢᠯ ᠪᠣᠯᠤᠨ ᠬᠤᠪᠢᠷᠠᠳᠠᠭ ᠪᠠᠢᠵᠠᠢ᠃ ᠲᠡᠷᠡ ᠳᠤᠮᠳᠠ ᠠ᠋ᠴᠠ ᠡᠷ᠎ᠡ ᠶᠦ᠍ᠭᠡᠨ ᠴᠥᠯᠡᠭᠦᠯᠦᠭᠰᠡᠨ ᠵᠢᠮ᠎ᠡ ᠳ᠋ᠦ᠍ ᠬᠡᠴᠢᠨᠡᠭᠡᠨ ᠠᠶᠤᠮᠰᠢᠭᠲᠠᠢ ᠪᠣᠯᠬᠤ ᠶ᠋ᠢ ᠡᠨᠳᠡ ᠳᠤᠷᠠᠳᠬᠤ ᠳ᠋ᠤ᠌ ᠪᠡᠷᠬᠡ᠃ ᠬᠠᠢᠷᠠᠲᠤ ᠡᠷ᠎ᠡ ᠶ᠋ᠢᠨ ᠤᠨᠠᠬᠤ ᠡᠯᠡᠰᠦᠨ ᠮᠠᠩᠬᠠᠨ ᠲᠣᠭᠣᠭ᠎ᠠ ᠶ᠋ᠢ ᠡᠷᠭᠢᠨ ᠨᠤᠷᠠᠬᠤ᠂ ᠶᠠᠭᠤᠮ᠎ᠠ ᠦᠭᠡᠢ ᠪᠣᠯᠲᠠᠯ᠎ᠠ ᠨᠢ ᠬᠤᠷ᠎ᠠ ᠪᠣᠷᠣᠭᠠᠨ ᠣᠷᠣᠭᠤᠯᠤᠶ᠎ᠠ ᠭᠡᠬᠦ ᠳ᠋ᠡᠭᠡᠨ ᠠᠯᠳᠠᠷᠲᠤ ᠰᠦᠮ᠎ᠡ ᠬᠡᠢᠳ ᠦ᠋ᠳ ᠢ᠋ ᠥᠪᠡᠷ ᠦ᠋ᠨ ᠪᠡᠶ᠎ᠡ ᠪᠡᠷ ᠬᠡᠰᠦᠨ ᠮᠥᠷᠭᠥᠬᠦ ᠪᠡᠷ ᠰᠢᠢᠳᠴᠡᠢ᠃ ᠲᠡᠷᠡ ᠴᠠᠭ ᠳᠤ ᠨᠠᠰᠤ ᠬᠣᠷᠢᠨ ᠲᠠᠪᠤ᠂ ᠭᠤᠸ᠎ᠠ ᠦᠵᠡᠰᠬᠦᠯᠡᠩ ᠲᠡᠭᠦᠯᠳᠡᠷ᠂ ᠡᠷᠬᠢᠮᠰᠦᠭ ᠶᠡᠬᠡ ᠬᠠᠲᠤᠨ ᠪᠣᠯᠪᠠᠴᠤ ᠬᠠᠵᠠᠭᠤ ᠳ᠋ᠠᠭᠠᠨ ᠳᠠᠭᠠᠭᠤᠯᠢ ᠦᠭᠡᠢ ᠭᠠᠭᠴᠠ ᠪᠡᠶ᠎ᠡ ᠭᠠᠷᠤᠯ᠎ᠠ᠃ 
       ᠬᠣᠢᠰᠢ ᠴᠢᠭᠯᠡᠨ ᠶᠠᠭᠤ ᠪᠣᠯᠤᠭᠰᠠᠨ ᠢ᠋ ᠨᠢ ᠨᠤᠲᠤᠭ ᠤ᠋ᠨ ᠬᠥᠮᠦᠰ ᠲᠡᠷᠡ ᠴᠠᠭ ᠳᠤ ᠦᠯᠦ ᠮᠡᠳᠡᠨ᠎ᠡ᠃ ᠡᠴᠦᠰ ᠬᠣᠢᠲᠤ ᠳ᠋ᠤᠨᠢ ᠣᠷᠣ ᠰᠤᠷᠠᠭ ᠦᠭᠡᠢ ᠮᠠᠷᠲᠠᠭᠰᠠᠨ ᠪᠥᠭᠡᠳ ᠭᠠᠭᠴᠠ ᠬᠦ᠌ ᠪᠠᠯᠳᠠᠨᠴᠡᠷᠢᠩ ᠦ᠋ᠨ ᠡᠪᠦᠭᠡᠨ ᠪᠠᠭᠰᠢ ᠡᠷ᠎ᠡ ᠨᠥᠬᠥᠷ ᠲᠡᠢ ᠨᠢ ᠲᠡᠮᠡᠴᠡᠯ ᠦ᠋ᠨ ᠬᠡᠷᠡᠭ ᠲᠦ᠍ ᠣᠷᠣᠯᠴᠠᠭᠰᠠᠨ ᠢ᠋ᠶ᠋ᠠᠷ ᠢ᠋ᠶ᠋ᠠᠨ ᠦᠷᠭᠦᠯᠵᠢᠯᠡᠨ ᠰᠤᠷᠠᠭᠯᠠᠵᠤ ᠪᠠᠢᠭᠠᠳ ᠠᠷᠪᠠᠨ ᠲᠠᠪᠤᠨ ᠵᠢᠯ ᠪᠣᠯᠤᠭᠰᠠᠨ ᠤ᠋ ᠬᠣᠢᠨ᠎ᠠ ᠪᠣᠭᠳᠠ ᠶ᠋ᠢᠨ ᠬᠦᠷᠢᠶ᠎ᠡ ᠣᠷᠴᠢᠮ ᠣᠪᠣᠬᠠᠢ ᠲᠠᠢ ᠪᠠᠢᠭ᠎ᠠ ᠪᠣᠯᠤᠯᠲᠠᠢ ᠭᠡᠳᠡᠭ ᠰᠤᠷᠠᠭ ᠢ᠋ ᠠᠩᠬ᠎ᠠ ᠰᠣᠨᠣᠰᠴᠠᠢ᠃ ᠳᠠᠷᠠᠭ᠎ᠠ ᠨᠢ ᠵᠢᠷᠭᠤᠭᠠᠨ ᠵᠢᠯ ᠦ᠋ᠨ ᠬᠣᠢᠰᠢ ᠪᠠᠯᠳᠠᠨᠴᠡᠷᠢᠩ ᠢ᠋ ᠠᠦ᠋ᠲ᠋ᠣᠨᠣᠮᠢᠲᠤ ᠲᠥᠷᠥ ᠶ᠋ᠢᠨ ᠠᠯᠪᠠᠨ᠎ᠠ ᠮᠣᠷᠳᠠᠬᠤ ᠳ᠋ᠤ᠌ ᠡᠪᠦᠭᠡᠨ ᠪᠠᠭᠰᠢ᠂ ᠵᠢᠮ᠎ᠡ ᠶ᠋ᠢᠨ ᠪᠦᠬᠦ ᠶᠠᠪᠤᠳᠠᠯ ᠢ᠋ ᠲᠣᠳᠣᠷᠬᠠᠢᠯᠠᠨ᠂ ᠣᠯᠵᠤ ᠠᠭᠤᠯᠵᠠᠨ᠂ ᠡᠭᠦᠷᠢᠳᠡ ᠡᠷᠭᠢᠵᠦ ᠬᠠᠷᠠᠵᠤ ᠶᠠᠪᠤᠬᠤ ᠶ᠋ᠢ ᠳᠠᠭᠠᠭᠠᠯᠭᠠᠭᠰᠠᠨ ᠠᠵᠢ᠃ 
       ᠵᠢᠮ᠎ᠡ ᠭᠡᠪᠡᠯ᠄ ᠠᠩᠬ᠎ᠠ ᠭᠡᠷ ᠡᠴᠡ ᠭᠠᠷᠤᠭᠠᠳ ᠡᠷᠳᠡᠨᠢ ᠵᠣᠣ᠂ ᠡᠷᠳᠡᠨᠢ ᠵᠣᠣ ᠠ᠋ᠴᠠ ᠪᠠᠨ ᠥᠨᠳᠥᠷ ᠭᠡᠭᠡᠨ ᠦ᠌ ᠬᠡᠢᠳ᠂ ᠲᠡᠨᠳᠡ ᠡᠴᠡ ᠪᠡᠨ ᠪᠣᠭᠳᠠ ᠶ᠋ᠢᠨ ᠬᠦᠷᠢᠶ᠎ᠡ ᠴᠢᠭᠯᠡᠭᠰᠡᠨ ᠪᠣᠯᠪᠠᠴᠤ ᠬᠡᠵᠢᠶ᠎ᠡ ᠬᠡᠷᠬᠢᠨ ᠣᠷᠣᠵᠤ ᠢᠷᠡᠭᠰᠡᠨ ᠢ᠋ᠶ᠋ᠡᠨ ᠥᠪᠡᠷ ᠢ᠋ᠶ᠋ᠡᠨ ᠴᠦ᠍ ᠦᠯᠦ ᠮᠡᠳᠡᠬᠦ ᠪᠢᠯᠡ᠃ ᠶᠠᠭᠤᠨ ᠳ᠋ᠤ᠌ ᠭᠡᠪᠡᠯ᠄ ᠶᠠᠪᠤᠭᠰᠠᠨ ᠭᠠᠵᠠᠷ ᠪᠣᠯᠭᠠᠨ ᠳ᠋ᠤᠨᠢ ᠰᠠᠨᠠᠭᠠᠨ ᠳ᠋ᠤ᠌ ᠪᠠᠭᠲᠠᠰᠢ ᠦᠭᠡᠢ ᠬᠣᠪ ᠬᠠᠭᠤᠷᠠᠢ᠂ ᠬᠤᠷᠴᠠ ᠨᠠᠷᠠ ᠳᠡᠭᠡᠷ᠎ᠡ ᠡᠴᠡ ᠲᠥᠭᠡᠨᠡᠬᠦ ᠪᠤᠶᠤ ᠡᠰᠡᠬᠦᠯ᠎ᠡ ᠬᠦᠴᠦᠲᠦ ᠬᠠᠯᠠᠭᠤᠨ ᠰᠠᠯᠬᠢ ᠳᠡᠭᠳᠡᠨ ᠭᠠᠵᠠᠷ ᠤ᠋ᠨ ᠬᠥᠷᠥᠰᠥ ᠶ᠋ᠢ ᠬᠥᠳᠡᠯᠭᠡᠨ ᠤᠯᠠᠭᠠᠨ ᠰᠢᠷᠣᠢ ᠶ᠋ᠢ ᠮᠠᠨᠠᠷᠠᠭᠠᠨ ᠪᠤᠰᠬᠠᠨ᠎ᠠ᠃ ᠲᠡᠭᠦᠨ ᠦ᠌ ᠳᠤᠮᠳᠠ ᠶᠠᠪᠤᠵᠤ ᠪᠠᠢᠭ᠎ᠠ ᠳ᠋ᠠᠭᠠᠨ ᠵᠢᠮ᠎ᠡ᠄《ᠣᠳᠣ ᠯᠠ ᠡᠷ᠎ᠡ ᠨᠥᠬᠥᠷ ᠮᠢᠨᠢ ᠡᠯᠡᠰᠦᠨ ᠮᠠᠩᠬᠠᠨ ᠲᠣᠭᠣᠭ᠎ᠠ ᠶ᠋ᠢᠨ ᠢᠷᠣᠭᠠᠷ ᠲᠤ ᠬᠠᠳᠠᠨ ᠦᠬᠦᠵᠦ ᠪᠠᠢᠭ᠎ᠠ》 ᠭᠡᠵᠦ ᠪᠤᠷᠬᠠᠨ ᠲᠩᠷᠢ ᠳ᠋ᠦ᠍ ᠮᠥᠷᠭᠥᠨ᠂ ᠬᠤᠷ᠎ᠠ ᠪᠣᠷᠣᠭᠠᠨ ᠭᠤᠶᠤᠨ᠎ᠠ᠃ ᠵᠠᠷᠢᠮ ᠡᠳᠦᠷ ᠨᠡᠪᠰᠡᠢᠭᠰᠡᠨ ᠪᠣᠷᠣ ᠡᠭᠦᠯᠡ᠂ ᠲᠩᠷᠢ ᠶ᠋ᠢ ᠪᠢᠲᠡᠭᠦᠦ ᠪᠦᠷᠬᠦᠬᠦ ᠳ᠋ᠦ᠍《ᠣᠳᠣ ᠯᠠ ᠬᠤᠷ᠎ᠠ ᠪᠣᠷᠣᠭᠠᠨ ᠣᠷᠣᠨ ᠬᠠᠢᠷᠠᠲᠤ ᠡᠷ᠎ᠡ ᠶ᠋ᠢ ᠮᠢᠨᠢ ᠠᠪᠤᠷᠠᠬᠤ ᠨᠢ》 ᠭᠡᠵᠦ ᠪᠠᠶᠠᠷᠯᠠᠵᠤ ᠮᠥᠨ ᠯᠡ ᠮᠥᠷᠭᠥᠨ᠎ᠡ᠃ ᠭᠡᠲᠡᠯ᠎ᠡ ᠶᠠᠭᠠᠬᠢᠯ᠎ᠠ ᠴᠦ᠍ ᠭᠡᠰᠡᠨ ᠪᠣᠷᠣᠭᠠᠨ ᠣᠷᠣᠳᠠᠭ ᠦᠭᠡᠢ ᠪᠠᠢᠯ᠎ᠠ᠃ ᠲᠣᠮᠣ ᠰᠢᠷᠬᠡᠭ ᠳᠤᠰᠤᠯ ᠬᠡᠳᠦᠬᠡᠨ ᠪᠠᠭᠤᠬᠤ ᠲᠠᠢ ᠨᠢ ᠵᠡᠷᠭᠡ᠂ ᠬᠤᠢ ᠰᠠᠯᠬᠢ ᠳᠣᠣᠷ᠎ᠠ ᠠ᠋ᠴᠠ ᠳᠡᠭᠳᠡᠨ ᠳᠡᠭᠡᠷᠡᠬᠢ ᠡᠭᠦᠯᠡ ᠶ᠋ᠢ ᠲᠠᠯ᠎ᠠ ᠲᠠᠯ᠎ᠠ ᠲᠡᠢᠰᠢ ᠵᠠᠳᠠ ᠬᠡᠢᠰᠬᠡᠳᠡᠭ ᠪᠠᠢᠯ᠎ᠠ᠃ ᠡᠳᠦᠷ ᠦ᠋ᠨ ᠲᠤᠷᠰᠢ ᠳ᠋ᠤ᠌ ᠶᠠᠪᠤᠭᠰᠠᠭᠠᠷ ᠰᠥᠨᠢ ᠬᠣᠶᠠᠷ ᠬᠥᠯ ᠦ᠋ᠨ ᠢ᠋ᠶ᠋ᠡᠨ ᠰᠣᠯᠪᠢᠬᠤ ᠪᠠᠨ ᠪᠣᠯᠢᠬᠤ ᠳ᠋ᠤ᠌ ᠬᠠᠵᠠᠭᠤ ᠲᠡᠢᠰᠢ ᠶᠦᠮ ᠤᠤ᠂ ᠡᠰᠡᠬᠦᠯ᠎ᠡ ᠴᠢᠭ ᠲᠥᠷᠥᠭᠦᠯᠭᠡ ᠪᠡᠨ ᠤᠨᠠᠨ᠎ᠠ᠃ ᠥᠷᠯᠥᠭᠡ ᠰᠡᠷᠡᠬᠦ ᠶ᠋ᠢᠨ ᠡᠮᠦᠨ᠎ᠡ᠂ ᠲᠠᠩᠳᠠ ᠯᠠ ᠡᠷ᠎ᠡ ᠨᠥᠬᠥᠷ ᠦ᠋ᠨ ᠢ᠋ᠶ᠋ᠡᠨ ᠬᠠᠯᠠᠭᠤᠨ ᠡᠯᠡᠰᠦᠨ ᠲᠣᠭᠣᠭ᠎ᠠ ᠶ᠋ᠢᠨ ᠢᠷᠣᠭᠠᠷ ᠲᠤ ᠴᠠᠪᠴᠢᠯᠭ᠎ᠠ ᠦᠭᠡᠢ ᠪᠣᠯᠤᠭᠰᠠᠨ ᠨᠢᠳᠦ ᠪᠡᠷ ᠲᠩᠷᠢ ᠰᠢᠷᠲᠡᠨ《ᠤᠰᠤ! ᠤᠰᠤ!》 ᠭᠡᠵᠦ ᠠᠮᠠ ᠨᠢ ᠠᠩᠭᠠᠯᠵᠠᠨ ᠪᠠᠢᠬᠤ ᠶ᠋ᠢ ᠦᠵᠡᠨ ᠵᠡᠭᠦᠳᠦᠯᠡᠨ᠎ᠡ᠃ ᠢᠩᠭᠢᠭᠡᠳ ᠯᠡ ᠵᠢᠮ᠎ᠡ ᠥᠨᠳᠥᠷ ᠭᠡᠭᠡᠨ ᠦ᠌ ᠬᠡᠢᠳ ᠡᠴᠡ ᠪᠣᠭᠳᠠ ᠶ᠋ᠢᠨ ᠬᠦᠷᠢᠶ᠎ᠡ ᠤᠷᠤᠭᠤ ᠶᠠᠪᠤᠵᠤ ᠪᠠᠢᠬᠤ ᠵᠠᠭᠤᠷ᠎ᠠ ᠪᠠᠨ ᠭᠠᠯᠵᠠᠭᠤᠷᠠᠭᠰᠠᠨ ᠪᠠᠢᠵᠠᠢ᠃ 
       ᠡᠷᠡᠭᠦᠯ ᠤᠬᠠᠭᠠᠨ ᠲᠠᠢ ᠪᠠᠢᠬᠤ ᠳ᠋ᠠᠭᠠᠨ ᠦᠰᠦ ᠲᠣᠯᠣᠭᠠᠢ ᠶ᠋ᠢᠨ ᠢ᠋ᠶ᠋ᠡᠨ ᠵᠠᠰᠠᠯ ᠴᠢᠮᠡᠭᠯᠡᠯ ᠦ᠋ᠨ ᠵᠦᠢᠯ ᠢ᠋ ᠰᠦᠮ᠎ᠡ ᠬᠡᠢᠳ ᠲᠦ᠍ ᠡᠷᠭᠦᠨ ᠪᠠᠷᠢᠵᠤ ᠳᠠᠭᠤᠰᠤᠭᠰᠠᠨ ᠪᠥᠭᠡᠳ ᠬᠤᠷᠤᠭᠤᠨ ᠳ᠋ᠠᠭᠠᠨ ᠦᠯᠡᠳᠡᠭᠡᠭᠰᠡᠨ ᠬᠣᠶᠠᠷ ᠪᠥᠭᠡᠵᠢ ᠪᠡᠷ ᠣᠨᠢ᠂ ᠲᠣᠭᠣᠨᠣ᠂ ᠰᠢᠷ᠎ᠠ ᠢᠰᠡᠭᠡᠢ᠂ ᠨᠠᠪᠲᠠᠰᠤ ᠮᠡᠲᠦ ᠶ᠋ᠢ ᠠᠪᠴᠤ ᠣᠷᠣᠴᠠ ᠪᠣᠰᠬᠠᠵᠤ ᠪᠠᠢᠭᠰᠠᠨ ᠢ᠋ᠶ᠋ᠠᠨ ᠳᠠᠮ ᠲᠣᠮ ᠮᠡᠳᠡᠨ᠎ᠡ᠃ ᠥᠪᠡᠷ ᠦ᠋ᠨ ᠬᠢᠨᠢ ᠤᠬᠠᠭᠠᠨ ᠬᠡᠴᠢᠨᠡᠭᠡᠨ ᠡᠯᠡᠢ ᠪᠠᠯᠠᠢ ᠪᠠᠢᠯ᠎ᠠ ᠴᠦ᠍ ᠭᠡᠰᠡᠨ ᠡᠷᠡᠭᠦᠯ ᠮᠥᠷᠭᠥᠯ ᠬᠢᠬᠦ ᠪᠡᠨ ᠣᠷᠬᠢᠭᠰᠠᠨ ᠤᠳᠠᠭ᠎ᠠ ᠦᠭᠡᠢ᠃ ᠪᠠᠰᠠ ᠥᠯᠥᠰᠦᠨ ᠴᠠᠩᠭᠠᠬᠤ ᠶ᠋ᠢᠨ ᠠᠶᠤᠯ ᠬᠡᠴᠢᠨᠡᠭᠡᠨ ᠶᠡᠬᠡ ᠲᠣᠬᠢᠶᠠᠯᠳᠤᠪᠠᠴᠤ《ᠲᠦᠮᠡᠨ ᠶᠠᠭᠤᠮ᠎ᠠ ᠬᠠᠢᠷᠠᠯᠠᠨ!》 ᠭᠡᠵᠦ ᠠᠯᠠᠭ᠎ᠠ ᠲᠣᠰᠣᠨ ᠭᠣᠶᠣᠯᠭ᠎ᠠ ᠭᠤᠶᠤᠭᠰᠠᠨ ᠦᠭᠡᠢ᠂ ᠠᠢᠯ ᠤ᠋ᠨ ᠡᠭᠦᠳᠡᠨ ᠳᠡᠭᠡᠷ᠎ᠡ ᠣᠴᠢᠭᠠᠳ ᠤᠯᠠᠭᠠᠨ ᠡᠯᠢᠭᠡ ᠪᠡᠷ ᠢ᠋ᠶ᠋ᠡᠨ ᠫᠠᠰ ᠭᠡᠲᠡᠯ᠎ᠡ ᠭᠠᠵᠠᠷ ᠤᠨᠠᠨ ᠬᠡᠳᠦ ᠳᠠᠬᠢᠨ ᠮᠥᠷᠭᠥᠮᠡᠭᠴᠡ ᠬᠥᠮᠦᠨ ᠠᠮᠢᠲᠠᠨ ᠠᠶᠠᠨᠳᠠᠭᠠᠨ ᠭᠡᠷ ᠡᠴᠡ ᠪᠡᠨ ᠭᠠᠷᠴᠤ ᠢᠷᠡᠨ ᠶᠠᠭᠤᠮ᠎ᠠ ᠥᠭᠳᠡᠭ ᠪᠠᠢᠯ᠎ᠠ᠃  
       ᠠᠯᠢᠪᠠ ᠶᠠᠭᠤᠮᠠᠨ ᠳ᠋ᠤ᠌ ᠡᠷᠬᠡ ᠦᠭᠡᠢ ᠡᠯᠡᠭᠳᠡᠯ ᠬᠠᠭᠤᠴᠢᠷᠠᠯ ᠪᠠᠢᠳᠠᠭ ᠶᠣᠰᠣᠭᠠᠷ ᠵᠢᠮ᠎ᠡ ᠶ᠋ᠢᠨ ᠭᠠᠯᠵᠠᠭᠤᠷᠠᠯ ᠡᠮᠡᠭᠡᠨ ᠪᠠᠭᠤᠷᠠᠢ ᠪᠣᠯᠵᠤ ᠢᠷᠡᠬᠦ ᠳ᠋ᠦ᠍ᠨᠢ ᠠᠶᠠᠨᠳᠠᠭᠠᠨ ᠡᠳᠡᠭᠡᠷᠡᠭᠰᠡᠨ ᠪᠢᠯᠡ᠃ ᠢᠩᠭᠢᠬᠦ ᠳ᠋ᠦ᠍ ᠵᠢᠮ᠎ᠡ ᠥᠪᠡᠷ ᠦ᠋ᠨ ᠪᠡᠶ᠎ᠡ ᠶ᠋ᠢ ᠥᠭᠡᠳᠡ ᠲᠠᠲᠠᠬᠤ ᠶ᠋ᠢ ᠳᠠᠩᠴᠤ ᠪᠣᠳᠣᠭᠰᠠᠨ ᠦᠭᠡᠢ᠂ ᠳᠠᠬᠢᠨ ᠬᠤᠪᠴᠠᠰᠤ ᠬᠤᠨᠠᠷ ᠢ᠋ᠶ᠋ᠠᠨ ᠬᠠᠯᠠᠨ ᠰᠣᠯᠢᠬᠤ ᠪᠠᠢᠲᠤᠭᠠᠢ ᠭᠠᠷ ᠨᠢᠭᠤᠷ ᠤ᠋ᠨ ᠢ᠋ᠶ᠋ᠠᠨ ᠬᠭᠢᠷ ᠪᠤᠷᠲᠠᠭ ᠢ᠋ ᠴᠦ᠍ ᠤᠬᠢᠶᠠᠵᠤ ᠴᠡᠪᠡᠷᠯᠡᠭᠰᠡᠨ ᠦᠭᠡᠢ᠂《ᠥᠨᠥᠬᠢ ᠮᠠᠨᠢ ᠴᠦ᠍ ᠡᠳᠦᠢ ᠳ᠋ᠦ᠍ ᠠᠯᠢ ᠬᠡᠳᠦᠢᠨ ᠦ᠌ ᠥᠩᠭᠡᠷᠡᠭᠰᠡᠨ ᠰᠢᠦ ᠳᠡ᠂ ᠡᠨᠡ ᠶᠠᠪᠤᠭ᠎ᠠ ᠪᠡᠶ᠎ᠡ ᠮᠢᠨᠢ ᠴᠦ᠍ ᠢᠩᠭᠢᠭᠡᠳ ᠥᠩᠭᠡᠷᠡᠳᠡᠭ ᠪᠠᠢᠵᠠᠢ᠃ ᠬᠠᠷᠢᠨ ᠬᠣᠢᠲᠤ ᠨᠠᠰᠤ ᠪᠠᠨ ᠯᠠ ᠪᠣᠳᠣᠬᠤ ᠨᠢ ᠴᠢᠬᠤᠯᠠ》 ᠭᠡᠬᠦ ᠳ᠋ᠡᠭᠡᠨ ᠡᠳᠦᠷ ᠪᠦᠷᠢ ᠬᠦᠷᠢᠶ᠎ᠡ᠂ ᠭᠠᠨᠳᠠᠩ ᠬᠣᠶᠠᠷ ᠢ᠋ ᠡᠷᠭᠢᠨ ᠮᠥᠷᠭᠥᠬᠦ ᠶ᠋ᠢ ᠴᠢᠬᠤᠯᠠᠴᠢᠯᠠᠨ᠎ᠠ᠃ ᠲᠡᠷᠡ ᠳᠡᠯᠢᠮ ᠳ᠋ᠡᠭᠡᠨ ᠶᠠᠮᠠᠷ ᠨᠢᠭᠡ ᠠᠢᠯ ᠤ᠋ᠨ ᠡᠭᠦᠳᠡᠨ ᠳᠡᠭᠡᠷ᠎ᠡ ᠣᠴᠢᠨ ᠮᠥᠷᠭᠥᠨ᠎ᠡ᠃ ᠬᠡᠷᠪᠡ ᠬᠥᠮᠦᠨ ᠡᠰᠡ ᠭᠠᠷᠴᠤ ᠢᠷᠡᠪᠡᠯ ᠳᠣᠯᠣᠭ᠎ᠠ᠂ ᠲᠡᠭᠡᠭᠡᠳ ᠡᠰᠡ ᠭᠠᠷᠴᠤ ᠢᠷᠡᠪᠡᠯ᠂ ᠭᠤᠷᠪᠠᠨ ᠳᠣᠯᠣᠭ᠎ᠠ ᠬᠣᠷᠢᠨ ᠨᠢᠭᠡ ᠮᠥᠷᠭᠥᠭᠡᠳ ᠬᠡᠨ ᠴᠦ᠍ ᠦᠭᠡᠢ ᠪᠠᠢᠪᠠᠰᠤ《ᠥᠨᠥᠳᠥᠷ ᠦ᠋ᠨ ᠬᠤᠪᠢ ᠮᠠᠴᠤᠭ ᠪᠠᠷᠢᠵᠠᠢ》 ᠭᠡᠵᠦ ᠵᠠᠯᠪᠠᠷᠢᠨ ᠣᠪᠣᠬᠠᠢ ᠤᠷᠤᠭᠤ ᠪᠠᠨ ᠬᠡᠯᠲᠦᠷᠢᠨ᠎ᠡ᠃ ᠡᠨᠡ ᠨᠢ ᠶᠠᠪᠤᠭᠠᠨ ᠳ᠋ᠠᠭᠠᠨ ᠪᠦᠬᠦ ᠬᠦᠷᠢᠶᠡᠨ ᠦ᠌ ᠬᠢᠨ ᠳ᠋ᠦ᠍ ᠲᠣᠳᠣᠷᠬᠠᠢ ᠪᠣᠯᠵᠤ᠂ ᠬᠥᠮᠦᠰ ᠶᠠᠳᠠᠭᠤ ᠭᠤᠢᠯᠢᠨᠴᠢᠨ ᠡᠮᠡᠭᠡᠨ ᠭᠡᠵᠦ ᠦᠵᠡᠬᠦ ᠶ᠋ᠢᠨ ᠣᠷᠣᠨ ᠳ᠋ᠤ᠌ ᠶᠠᠮᠠᠷ ᠨᠢᠭᠡᠨ ᠳᠠᠭᠢᠨᠢ ᠶ᠋ᠢᠨ ᠪᠦᠷᠢᠯᠸ᠎ᠠ ᠭᠡᠵᠦ ᠳᠦᠷᠬᠢᠷᠡᠨ ᠱᠤᠤᠭᠢᠬᠤ ᠪᠣᠯᠵᠤ ᠲᠤᠩ ᠶᠡᠬᠡ ᠶᠠᠭᠤᠮ᠎ᠠ ᠥᠭᠴᠦ ᠪᠠᠶᠠᠷᠯᠠᠭᠤᠯᠬᠤ ᠶ᠋ᠢ ᠪᠣᠳᠣᠨ᠎ᠠ᠃ ᠭᠡᠲᠡᠯ᠎ᠡ ᠵᠢᠮ᠎ᠡ ᠡᠳ᠋ ᠠᠭᠤᠷᠠᠰᠤ ᠪᠠ ᠶᠠᠩᠴᠢᠶᠠᠨ ᠤ᠋ ᠵᠦᠢᠯ ᠢ᠋ ᠨᠢᠭᠦᠯ ᠦ᠋ᠨ ᠶᠠᠭᠤᠮᠠᠨ ᠳ᠋ᠤ᠌ ᠪᠣᠳᠣᠨ ᠠᠪᠬᠤ ᠶ᠋ᠢ ᠴᠡᠭᠡᠷᠯᠡᠨ᠎ᠡ᠃ ᠠᠪᠳᠠᠭ ᠨᠢ ᠭᠡᠪᠡᠯ᠄ ᠥᠭᠡᠬᠦ ᠲᠣᠰᠣ᠂ ᠡᠯᠳᠡᠪ ᠴᠠᠭᠠᠨ ᠢᠳᠡᠭᠡ᠂ ᠪᠣᠯᠤᠭᠰᠠᠨ ᠲᠦᠭᠦᠬᠡᠢ ᠪᠤᠳᠠᠭ᠎ᠠ᠂ ᠭᠤᠯᠢᠷ ᠪᠥᠭᠡᠳ ᠲᠡᠭᠦᠨ ᠢ᠋ᠶ᠋ᠡᠨ ᠭᠠᠭᠴᠠ ᠬᠦ᠌ ᠡᠪᠦᠷ ᠤᠷᠤᠭᠤ ᠪᠠᠨ ᠴᠢᠬᠢᠨ ᠬᠢᠬᠦ ᠲᠤᠯᠠ ᠡᠪᠦᠷ ᠨᠢ ᠮᠠᠰᠢ ᠲᠣᠮᠣ ᠪᠣᠯᠤᠭᠠᠳ ᠪᠥᠭᠡᠮ ᠬᠠᠷ᠎ᠠ ᠬᠬᠢᠷ ᠪᠤᠷᠲᠠᠭ ᠶᠠᠪᠤᠨ᠎ᠠ᠃ ᠡᠢᠮᠦ ᠳ᠋ᠦ᠍ ᠬᠥᠮᠦᠰ ᠵᠢᠮ᠎ᠡ ᠤᠷᠤᠭᠤ ᠬᠡᠳᠦᠢᠪᠡᠷ ᠮᠤᠬᠤᠷ ᠰᠦᠰᠦᠭ ᠢ᠋ ᠪᠠᠷᠢᠨ ᠪᠢᠰᠢᠷᠡᠨ ᠬᠠᠨᠳᠤᠬᠤ ᠪᠣᠯᠪᠠᠴᠤ᠂ ᠬᠭᠢᠷ ᠪᠤᠷᠲᠠᠭ ᠠ᠋ᠴᠠ ᠰᠡᠵᠢᠭᠯᠡᠨ ᠣᠪᠣᠬᠠᠢ ᠳ᠋ᠤ᠌ ᠣᠢᠷᠠᠲᠤᠳᠠᠭ ᠦᠭᠡᠢ ᠪᠠᠢᠨ᠎ᠠ᠃ ᠦᠨᠡᠨ ᠳ᠋ᠡᠭᠡᠨ ᠣᠢᠷᠠᠲᠤᠶ᠎ᠠ ᠭᠡᠪᠡᠴᠦ ᠡᠩᠬᠦᠷᠡᠢᠯᠡᠨ ᠲᠡᠵᠢᠭᠡᠭᠰᠡᠨ ᠣᠯᠠᠨ ᠲᠦᠮᠡᠨ ᠨᠣᠬᠠᠳ ᠨᠢ ᠬᠠᠶᠠᠭᠠᠨ ᠠ᠋ᠴᠠ ᠨᠢ ᠪᠣᠰᠤᠨ ᠬᠠᠷᠠᠢᠵᠤ ᠤᠷᠠᠨ ᠲᠠᠰᠤᠳᠠᠬᠤ ᠭᠡᠵᠦ ᠲᠠᠭᠠᠷᠢᠨ᠎ᠠ᠃ ᠶᠡᠷᠦ ᠲᠡᠷᠡ ᠣᠪᠣᠬᠠᠢ ᠶ᠋ᠢᠨ ᠠᠩᠬ᠎ᠠ ᠣᠪᠣᠢᠨ ᠤᠲᠤᠭ᠎ᠠ ᠭᠠᠷᠤᠭᠰᠠᠨ ᠴᠠᠭ ᠠ᠋ᠴᠠ ᠠᠪᠤᠭᠠᠳ ᠡᠳᠦᠭᠡ ᠬᠦᠷᠬᠦ ᠵᠠᠭᠤᠷ᠎ᠠ ᠣᠷᠣᠭᠰᠠᠨ ᠬᠥᠮᠦᠨ ᠭᠡᠪᠡᠯ ᠭᠠᠭᠴᠠᠬᠠᠨ ᠪᠠᠯᠳᠠᠨᠴᠡᠷᠢᠩ ᠪᠢᠯᠡ᠃ ᠪᠠᠭᠰᠢ ᠶ᠋ᠢᠨ ᠳᠠᠭᠠᠭᠠᠯᠭᠠᠪᠤᠷᠢ ᠪᠠᠷ ᠡᠷᠢᠯ ᠰᠤᠷᠠᠯ ᠪᠣᠯᠤᠨ ᠶᠠᠪᠤᠵᠤ ᠠᠩᠬ᠎ᠠ ᠤᠳᠠᠭ᠎ᠠ ᠣᠷᠣᠭᠰᠠᠨ ᠠ᠋ᠴᠠ ᠪᠠᠨ ᠬᠣᠢᠰᠢ ᠵᠢᠯ ᠪᠦᠷᠢ ᠶ᠋ᠢᠨ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠳ᠋ᠦ᠍ ᠥᠷᠯᠥᠭᠡ ᠣᠴᠢᠨ ᠵᠣᠯᠭᠠᠨ᠎ᠠ᠃ ᠰᠢᠨ᠎ᠡ ᠶ᠋ᠢᠨ ᠬᠣᠶᠠᠷ ᠲᠤ ᠵᠢᠮ᠎ᠡ ᠣᠴᠢᠬᠤ ᠪᠣᠯᠪᠠᠴᠤ ᠡᠭᠦᠳᠡᠨ ᠳᠡᠭᠡᠷ᠎ᠡ ᠨᠢ ᠢᠷᠡᠨ ᠭᠤᠷᠪᠠᠨ ᠳᠣᠯᠣᠭ᠎ᠠ ᠬᠣᠷᠢᠨ ᠨᠢᠭᠡ ᠮᠥᠷᠭᠥᠨ ᠲᠣᠲᠣᠭᠣ ᠠ᠋ᠴᠠ ᠨᠢ ᠠᠳᠢᠰ ᠠᠪᠤᠭᠠᠳ ᠨᠢᠭᠡ ᠲᠠᠪᠠᠭ ᠢᠳᠡᠭᠡ᠂ ᠵᠢᠭᠠᠯ ᠵᠤᠭ᠎ᠠ ᠪᠡᠯᠡᠭ ᠲᠡᠢ ᠥᠭᠬᠦ ᠶ᠋ᠢ ᠬᠦᠯᠢᠶᠡᠨ ᠠᠪᠴᠤ ᠡᠪᠦᠷᠯᠡᠭᠡᠳ ᠦᠭᠡ ᠳᠠᠭᠤᠨ ᠦᠭᠡᠢ ᠪᠤᠴᠠᠨ᠎ᠠ᠃ ᠡᠴᠦᠰ ᠦ᠋ᠨ ᠪᠦᠯᠦᠭ ᠲᠦ᠍ ᠨᠢᠭᠡ ᠲᠣᠮᠣᠬᠠᠨ ᠥᠭᠡᠷᠡᠴᠢᠯᠡᠯᠲᠡ ᠭᠠᠷᠤᠭᠰᠠᠨ ᠨᠢ ᠰᠤᠪᠤᠷᠭᠠᠨ ᠳᠡᠭᠡᠷ᠎ᠡ ᠦᠬᠦᠯᠦᠭᠦᠲᠡ ᠬᠡᠪᠲᠡᠭᠰᠡᠨ ᠡᠷ᠎ᠡ ᠶ᠋ᠢ ᠣᠪᠣᠬᠠᠢ ᠳ᠋ᠠᠭᠠᠨ ᠠᠪᠠᠴᠢᠨ ᠭᠡᠪᠲᠡᠭᠦᠯᠦᠭᠰᠡᠨ ᠶᠠᠪᠤᠳᠠᠯ ᠶᠤᠮ᠃ ᠶᠠᠰᠤ ᠠᠷᠠᠰᠤ ᠬᠣᠶᠠᠷ ᠠ᠋ᠴᠠ ᠥᠭᠡᠷ᠎ᠡ ᠶᠠᠭᠤ ᠴᠦ᠍ ᠦᠭᠡᠢ ᠪᠣᠯᠤᠭᠰᠠᠨ ᠲᠤᠷᠠᠩᠬᠠᠢ ᠪᠡᠶ᠎ᠡ᠂ ᠬᠣᠬᠢᠩᠬᠢ ᠴᠠᠢᠪᠤᠷ ᠥᠩᠭᠡ ᠲᠡᠢ ᠨᠢᠭᠤᠷ ᠴᠢᠷᠠᠢ᠂ ᠴᠠᠪᠴᠢᠯᠭ᠎ᠠ ᠪᠠᠨ ᠠᠯᠳᠠᠭᠰᠠᠨ ᠬᠣᠬᠢᠮᠠᠢ ᠶ᠋ᠢᠨ ᠨᠢᠳᠦ᠂ ᠬᠠᠮᠬᠢᠬᠤ ᠲᠡᠩᠬᠡᠯ ᠢ᠋ᠶ᠋ᠡᠨ ᠪᠠᠷᠠᠭᠰᠠᠨ ᠨᠢᠮᠭᠡᠨ ᠤᠷᠤᠭᠤᠯ ᠡᠳᠡ ᠪᠦᠭᠦᠳᠡ ᠨᠢ ᠵᠢᠮ᠎ᠡ ᠳ᠋ᠦ᠍ ᠡᠷᠲᠡ ᠤᠷᠢᠳᠤ ᠶ᠋ᠢᠨ ᠵᠡᠭᠦᠳᠦ᠂ ᠡᠷ᠎ᠡ ᠨᠥᠬᠥᠷ ᠦ᠋ᠨ ᠢ᠋ᠶ᠋ᠡᠨ ᠡᠯᠡᠰᠦᠨ ᠬᠣᠩᠬᠣᠷ ᠤ᠋ᠨ ᠢᠷᠣᠭᠠᠷ ᠲᠤ ᠬᠠᠳᠠᠨ ᠦᠬᠦᠵᠦ ᠪᠠᠢᠭ᠎ᠠ ᠪᠠᠷ ᠦᠵᠡᠭᠰᠡᠨ ᠲᠡᠢ ᠨᠢ ᠶᠠᠭ ᠠᠳᠠᠯᠢ ᠪᠠᠢᠵᠠᠢ᠃《ᠡᠷ᠎ᠡ ᠨᠥᠬᠥᠷ ᠮᠠᠨᠢ ᠠᠯᠢ ᠬᠡᠳᠦᠢᠨ ᠦ᠌ ᠦᠬᠦᠵᠦ ᠦᠷᠡᠭᠳᠡᠨ᠂ ᠲᠥᠷᠥᠯ ᠠᠷᠠᠯᠵᠢᠭᠰᠠᠨ ᠪᠣᠯᠪᠠᠴᠤ ᠡᠷᠭᠦᠯ ᠮᠥᠷᠭᠥᠯ ᠬᠢᠭᠰᠡᠨ ᠦ᠌ ᠮᠢᠨᠢ ᠠᠴᠢ ᠪᠠᠷ ᠡᠭᠡᠯ ᠬᠥᠮᠦᠨ ᠪᠣᠯᠵᠤ ᠲᠥᠷᠥᠭᠡᠳ ᠡᠢᠨ ᠬᠦ᠌ ᠮᠢᠨᠦ ᠭᠠᠷ ᠳᠡᠭᠡᠷ᠎ᠡ ᠰᠡᠩᠬᠡᠷᠡᠬᠦ ᠬᠤᠪᠢ ᠢᠷᠦᠭᠡᠯ ᠪᠠᠢᠭᠰᠠᠨ ᠠ᠋ᠴᠠ ᠡᠨᠡ ᠪᠠᠢᠵᠢ》 ᠭᠡᠵᠦ ᠪᠣᠳᠣᠬᠤ ᠳ᠋ᠠᠭᠠᠨ ᠵᠢᠮ᠎ᠡ ᠣᠷᠴᠢᠯᠠᠩ ᠬᠣᠷᠸ᠎ᠠ ᠳ᠋ᠤ᠌ ᠵᠦᠢ ᠶᠣᠰᠣᠨ ᠤ᠋ ᠠᠮᠢᠳᠤᠷᠠᠯ ᠳ᠋ᠤ᠌ ᠣᠷᠣᠬᠤ ᠶ᠋ᠢ ᠡᠷᠡᠮᠡᠯᠵᠡᠬᠦ ᠳ᠋ᠦ᠍ ᠬᠦᠷᠦᠭᠰᠡᠨ ᠪᠠᠢᠯ᠎ᠠ᠃  
       ᠣᠳᠣ ᠦᠵᠡᠪᠡᠯ ᠵᠢᠮ᠎ᠡ ᠭᠠᠷ ᠨᠢᠭᠤᠷ ᠠᠷᠢᠭᠤᠨ ᠲᠤᠩᠭᠠᠯᠠᠭ᠂ ᠬᠤᠪᠴᠠᠰᠤ ᠬᠤᠨᠠᠷ ᠴᠡᠪᠡᠷ ᠲᠣᠬᠢᠯᠢᠭ ᠪᠥᠭᠡᠳ ᠪᠠᠯᠳᠠᠨᠴᠡᠷᠢᠩ ᠭᠡᠷ ᠡᠴᠡ ᠪᠡᠨ ᠱᠠᠭᠠᠢᠨ ᠬᠠᠷᠠᠬᠤ ᠲᠠᠢ ᠪᠠᠨ ᠵᠡᠷᠭᠡ《ᠦᠭᠡᠢ ᠡᠨᠡ ᠴᠢᠨᠢ ᠬᠡᠨ ᠪᠣᠢ? ᠥᠨᠥᠬᠢ ᠵᠢᠮ᠎ᠡ ᠡᠮᠡᠭᠡᠨ ᠤᠤ?》 ᠭᠡᠵᠦ ᠳᠣᠲᠣᠷ᠎ᠠ ᠪᠠᠨ ᠭᠠᠢᠬᠠᠭᠰᠠᠨ ᠢ᠋ᠶ᠋ᠠᠨ ᠤᠭᠲᠤᠨ ᠣᠴᠢᠵᠤ ᠠᠮᠤᠷ ᠡᠷᠢᠪᠡ᠃ ᠵᠢᠮ᠎ᠡ ᠴᠦ᠍ ᠤᠷᠢᠳᠤ ᠶ᠋ᠢᠨ ᠢ᠋ᠶ᠋ᠡᠨ ᠪᠠᠢᠳᠠᠯ ᠢ᠋ᠶ᠋ᠠᠷ ᠪᠣᠱᠣᠭᠠᠨ ᠤ᠋ ᠥᠯᠥᠩ ᠳᠡᠭᠡᠷ᠎ᠡ ᠡᠯᠢᠭᠡ ᠪᠡᠷ ᠢ᠋ᠶ᠋ᠡᠨ ᠤᠨᠠᠨ ᠮᠥᠷᠭᠥᠵᠦ ᠪᠤᠴᠠᠭᠰᠠᠨ ᠦᠭᠡᠢ ᠭᠡᠷ ᠲᠦ᠋ᠨᠢ ᠣᠷᠣᠪᠠ᠃   
       — ᠵᠠ ᠲᠡᠭᠡᠭᠡᠳ ᠡᠮᠡᠭᠡᠨ ᠦ᠌ ᠪᠡᠶ᠎ᠡ ᠡᠷᠡᠭᠦᠯ ᠮᠡᠨᠳᠦ ᠰᠠᠢᠨ ᠪᠢᠵᠡ ᠳᠡ ᠭᠡᠵᠦ ᠴᠠᠢ ᠢᠳᠡᠭᠡ ᠪᠡᠷ ᠢ᠋ᠶ᠋ᠡᠨ ᠵᠣᠴᠢᠯᠠᠬᠤ ᠵᠠᠭᠤᠷ᠎ᠠ ᠪᠠᠨ ᠳᠠᠬᠢᠨ ᠯᠠᠪᠯᠠᠬᠤ ᠳ᠋ᠤ᠌᠄   
       — ᠠ᠂ ᠰᠠᠢᠨ ᠬᠦᠦ ᠮᠢᠨᠢ᠂ ᠪᠤᠷᠬᠠᠨ ᠭᠤᠨᠴᠤᠭᠰᠦᠮ᠎ᠠ ᠳ᠋ᠠᠭᠠᠨ ᠵᠠᠯᠪᠠᠷᠢᠬᠤ ᠶ᠋ᠢᠨ ᠬᠦᠴᠦ ᠪᠡᠷ ᠬᠦᠦ ᠪᠢᠳᠡ ᠬᠣᠶᠠᠷ ᠬᠣᠶᠠᠭᠤᠯᠠ ᠪᠠᠨ ᠭᠡᠵᠦ ᠬᠠᠷᠢᠭᠤᠯᠪᠠ᠃ 
       — ᠠᠰᠢᠭᠦᠢ ᠳᠡ᠂ ᠪᠢ ᠪᠣᠳᠣᠪᠠᠯ ᠲᠠ ᠢᠷᠡᠭᠡᠳᠦᠢ ᠳ᠋ᠡᠭᠡᠨ ᠪᠦᠷ ᠠᠮᠤᠷ ᠵᠢᠷᠭᠠᠯ ᠢ᠋ ᠡᠳ᠋ᠯᠡᠨ᠎ᠡ ᠪᠠᠢᠬ᠎ᠠ᠃ 
       — ᠠ ᠲᠡᠢᠮᠦ᠂ ᠪᠢ ᠴᠦ᠍ ᠪᠠᠰᠠ ᠢᠲᠡᠭᠡᠨ᠎ᠡ᠃ ᠭᠡᠲᠡᠯ᠎ᠡ ᠮᠠᠨ ᠤ᠋ ᠣᠷᠣᠨ ᠳ᠋ᠤ᠌ ᠭᠠᠮᠢᠩ ᠭᠡᠵᠦ ᠨᠢᠭᠡ ᠠᠢᠬᠤᠪᠲᠤᠷ ᠨᠢᠭᠦᠯ ᠲᠡᠢ ᠠᠮᠢᠲᠠᠨ ᠪᠣᠢ ᠪᠣᠯᠤᠭᠰᠠᠨ ᠪᠠᠢᠬᠤ ᠴᠢᠨᠢ ᠶᠠᠭᠤ ᠪᠣᠢ? ᠡᠳᠡ ᠨᠠᠷ ᠯᠠ ᠪᠢᠳᠡ ᠪᠦᠬᠦᠨ ᠳ᠋ᠦ᠍ ᠠᠮᠤᠷ ᠵᠠᠶᠠᠭ᠎ᠠ ᠦᠵᠡᠭᠦᠯᠬᠦ ᠦᠭᠡᠢ ᠪᠠᠢᠵᠤ ᠮᠠᠭᠠᠳ ᠦᠭᠡᠢ ᠰᠢᠭ ᠪᠠᠢᠨ᠎ᠠ ᠰᠢᠦ ᠳᠡ᠃ 
       — ᠦᠭᠡᠢ᠂ ᠬᠦᠦ ᠮᠢᠨᠢ ᠲᠡᠭᠡᠵᠦ ᠪᠣᠯᠬᠤ ᠦᠭᠡᠢ ᠪᠠᠢᠨ᠎ᠠ᠃ ᠥᠴᠥᠭᠡᠳᠦᠷ ᠬᠦᠷᠢᠶ᠎ᠡ ᠬᠣᠷᠢᠶ᠎ᠠ ᠪᠠᠷ ᠲᠡᠨᠦᠵᠦ ᠠᠢᠯ ᠣᠯᠠᠨ ᠤ᠋ ᠶᠠᠭᠤᠮ᠎ᠠ ᠶ᠋ᠢ ᠪᠦᠯᠢᠶᠡᠨ ᠳᠡᠭᠡᠷᠡᠮᠳᠡᠵᠦ ᠰᠦᠢᠳ ᠬᠢᠯ᠎ᠡ᠂ ᠠᠰᠢᠭᠦᠢ ᠲᠠᠨ ᠤ᠋ ᠡᠭᠦᠨ ᠢ᠋ᠶ᠋ᠡᠷ ᠶᠠᠪᠤᠭᠰᠠᠨ ᠦᠭᠡᠢ ᠤᠤ? 
       — ᠦᠭᠡᠢ᠂ ᠶᠠᠭᠤᠮ᠎ᠠ ᠯᠠ ᠶᠠᠪᠤᠭᠰᠠᠨ ᠦᠭᠡᠢ᠃ 
       — ᠮᠠᠨ ᠤ᠋ ᠬᠦᠦ ᠶᠠᠭ ᠲᠡᠷᠡ ᠦᠶ᠎ᠡ ᠪᠡᠷ ᠨᠢ ᠵᠠᠬ᠎ᠠ ᠠ᠋ᠴᠠ ᠬᠡᠳᠦᠨ ᠬᠣᠨᠢ ᠠᠪᠴᠤ ᠪᠤᠴᠠᠵᠤ ᠶᠠᠪᠤᠭᠠᠳ ᠲᠡᠷᠡ ᠭᠠᠢᠬᠠᠯ ᠤ᠋ᠳ ᠲᠠᠢ ᠴᠢᠨᠢ ᠳᠠᠭᠠᠷᠢᠯᠳᠤᠵᠤ ᠪᠦᠭᠦᠳᠡ ᠶ᠋ᠢ ᠠᠪᠤᠭᠤᠯᠴᠢᠬᠠᠭᠰᠠᠨ ᠪᠠᠢᠬᠤ ᠶᠤᠮ᠃ 
       — ᠠ᠋᠂ ᠬᠠᠷᠠᠯᠠ᠂ ᠶᠠᠭᠠᠬᠢᠭᠰᠠᠨ ᠲᠣᠭ᠎ᠠ ᠦᠭᠡᠢ ᠬᠡᠷᠡᠭ ᠪᠣᠢ?  
       ᠡᠨᠡ ᠦᠭᠡ ᠪᠠᠯᠳᠠᠨᠴᠡᠷᠢᠩ ᠦ᠋ᠨ ᠴᠢᠬᠢᠨ ᠳ᠋ᠦ᠍ ᠲᠤᠩ ᠠᠶ᠎ᠠ ᠦᠭᠡᠢ ᠰᠣᠨᠣᠰᠤᠭᠳᠠᠪᠠ᠃ ᠭᠡᠪᠡᠴᠦ ᠡᠪᠦᠭᠡᠨ ᠪᠠᠭᠰᠢ ᠨᠢ ᠵᠢᠮ᠎ᠡ ᠡᠮᠡᠭᠡᠨ ᠢ᠋ ᠡᠭᠦᠷᠢᠳᠡ ᠬᠠᠷᠠᠨ ᠲᠡᠳᠬᠦᠵᠦ ᠶᠠᠪᠤ ᠭᠡᠵᠦ ᠵᠠᠬᠢᠭᠰᠠᠨ ᠦᠭᠡ ᠰᠠᠨᠠᠭᠠᠨ ᠳ᠋ᠤ᠌ ᠣᠷᠣᠬᠤ ᠠᠵᠢ᠃ 
       — ᠵᠠ᠂ ᠵᠠ ᠳᠤᠭᠤᠯᠤᠯ᠎ᠠ᠃ ᠪᠢ ᠲᠤᠰᠠᠯᠠᠶ᠎ᠠ᠃ ᠴᠣᠬᠣᠮ ᠬᠡᠳᠦᠢ ᠬᠢᠷᠢ ᠲᠡᠢ ᠶᠠᠭᠤᠮ᠎ᠠ ᠬᠡᠷᠡᠭᠲᠡᠢ ᠪᠣᠯ? 
       — ᠬᠠᠷᠢᠨ ᠳᠠ᠃ ᠪᠢ ᠴᠦ᠍ ᠡᠨᠡ ᠲᠠᠯ᠎ᠠ ᠶ᠋ᠢᠨ ᠶᠠᠭᠤᠮ᠎ᠠ ᠮᠡᠳᠡᠬᠦ ᠦᠭᠡᠢ ᠬᠥᠮᠦᠨ ᠰᠢᠦ ᠳᠡ ᠬᠦᠦ ᠮᠢᠨᠢ ᠵᠦᠭᠡᠷ ᠥᠪᠡᠷ ᠢ᠋ᠶ᠋ᠡᠨ ᠯᠡ ᠮᠡᠳᠡ᠃ 

              ᠦᠰᠦᠭ ᠠᠮᠢᠯᠠᠭᠤᠯᠤᠭᠰᠠᠨ ᠨᠢ ᠄ ᠪᠠᠭᠠᠲᠤᠷ