ᠪᠠᠲᠤ ᠬᠠᠭᠠᠨ 1-15ᠰᠢᠳᠤᠷᠭᠤ ᠰᠢᠭᠦᠭᠴᠢ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 1-15ᠰᠢᠳᠤᠷᠭᠤ ᠰᠢᠭᠦᠭᠴᠢ-Bat khaan Бат хаан-ᠷᠣᠮᠠᠨ

ᠪᠠᠲᠤ ᠬᠠᠭᠠᠨ 1-15ᠰᠢᠳᠤᠷᠭᠤ ᠰᠢᠭᠦᠭᠴᠢ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-09-09

190

ᠠᠷᠪᠠᠨ ᠲᠠᠪᠤ ᠰᠢᠳᠤᠷᠭᠤ ᠰᠢᠭᠦᠭᠴᠢ

      ᠺᠢᠽ— ᠲᠦᠭ᠌ᠮᠡᠰ ᠬᠥᠭᠰᠢᠨ ᠡᠷ᠎ᠡ ᠶ᠋ᠢᠨ ᠢ᠋ᠶ᠋ᠡᠨ ᠢᠷᠡᠬᠦ ᠶ᠋ᠢ ᠬᠦᠯᠢᠶᠡᠨ᠂ ᠭᠡᠷ ᠡᠴᠡ ᠣᠯᠠᠨᠲᠠ ᠭᠠᠷᠴᠤ ᠵᠠᠮ ᠤ᠋ᠨ ᠵᠦᠭ ᠬᠠᠷᠠᠵᠤ ᠪᠢᠯᠡ᠃ ᠲᠡᠭᠡᠭᠡᠳ ᠶᠠᠳᠠᠷᠠᠨ᠂ ᠭᠡᠷ ᠦ᠋ᠨ ᠡᠭᠦᠳᠡᠨ ᠳ᠋ᠡᠬᠢ ᠬᠡᠪᠢᠰ ᠦ᠋ᠨ ᠲᠠᠰᠤᠷᠬᠠᠢ ᠳᠡᠭᠡᠷ᠎ᠡ᠂ ᠡᠪᠦᠳᠦᠭ ᠢ᠋ᠶ᠋ᠡᠨ ᠰᠠᠯᠠᠭᠠᠪᠴᠢᠯᠠᠨ ᠰᠠᠭᠤᠵᠤ᠂ ᠵᠢᠵᠢᠭ ᠶᠠᠭᠠᠨ ᠴᠠᠷᠴᠠᠬᠠᠢ ᠡᠷᠭᠢᠯᠳᠦᠨ ᠪᠦᠬᠦᠢ ᠪᠣᠢᠳᠠ ᠬᠥᠲᠥᠯ ᠤᠷᠤᠭᠤ ᠳᠠᠭᠤ ᠦᠭᠡᠢ ᠬᠠᠷᠠᠪᠠ᠃
      《ᠪᠢ᠂ ᠰᠠᠢᠨ ᠶᠠᠭᠤᠮᠠᠨ ᠳ᠋ᠤ᠌ ᠣᠳᠤᠭᠰᠠᠨ ᠪᠢᠰᠢ᠂ ᠵᠣᠪᠠᠯᠠᠩ ᠭᠠᠮᠰᠢᠭ ᠤᠴᠠᠷᠠᠨ(ᠤᠴᠠᠷᠠᠨ᠎ᠠ ) ᠭᠡᠵᠦ ᠳᠣᠲᠣᠷ᠎ᠠ ᠪᠠᠨ ᠵᠥᠩᠨᠡᠵᠦ᠂ ᠲᠡᠷᠡ ᠬᠥᠭᠰᠢᠨ ᠪᠣᠯᠤᠭᠠᠳ ᠶᠠᠭᠠᠬᠢᠨ ᠲᠡᠢᠨ ᠳ᠋ᠦ᠍ ᠮᠣᠷᠳᠠᠵᠤ ᠴᠢᠳᠠᠨ᠎ᠠ? ᠰᠢᠭᠤᠳᠠᠢ ᠳ᠋ᠵᠤᠭᠠᠷ ᠢ᠋ ᠠᠰᠬᠠᠯ ᠦᠭᠡᠢ᠂ ᠭᠡᠷ ᠲᠡᠭᠡᠨ ᠠᠪᠴᠢᠷᠠᠵᠤ ᠦᠯᠦ ᠴᠢᠳᠠᠬᠤ ᠪᠠᠶ᠋ᠢᠳᠠᠯ (ᠪᠠᠢᠲᠠᠯ᠎ᠠ ) ᠪᠠᠨ ᠬᠥᠭᠰᠢᠨ ᠤᠬᠤᠨ᠎ᠠ ᠮᠡᠲᠦ ᠵᠥᠷᠢᠭᠦᠳ᠂ ᠢᠰᠢᠭᠡ ᠰᠢᠭ ᠰᠠᠪᠠᠭ᠎ᠠ ᠦᠭᠡᠢᠳᠡᠵᠦ ᠪᠠᠢᠨ᠎ᠠ》ᠭᠡᠵᠦ ᠰᠡᠳᠬᠢᠵᠡᠢ᠃
      ᠦᠳᠡᠰᠢ ᠪᠣᠯᠬᠤ ᠳ᠋ᠤ᠌ ᠬᠠᠢᠷᠠᠲᠤ ᠬᠥᠪᠡᠭᠦᠨ ᠮᠦᠰᠦᠢ᠍ᠺ ᠢᠷᠡᠵᠦ ᠮᠣᠷᠢ ᠪᠠᠨ ᠴᠢᠳᠦᠷᠯᠡᠨ ᠲᠠᠯᠪᠢᠭᠠᠳ ᠤᠷᠠᠭᠳᠠᠭᠰᠠᠨ ᠳᠡᠪᠡᠯ ᠴᠠᠮᠴᠠ ᠪᠠᠨ ᠲᠠᠢᠯᠵᠤ᠂ ᠡᠬᠡ ᠶ᠋ᠢᠨ ᠡᠪᠦᠷ ᠳᠡᠭᠡᠷ᠎ᠡ ᠬᠠᠶᠠᠨ᠂
      — ᠨᠠᠳᠠᠳᠤ ᠡᠨᠡ ᠬᠢᠷᠢ ᠡᠬᠡᠨᠡᠷ ᠦᠭᠡᠢ᠂ ᠬᠡᠨ ᠮᠢᠨᠦ ᠬᠤᠪᠴᠠᠰᠤ ᠶ᠋ᠢ ᠣᠶᠣᠨ᠎ᠠ? ᠮᠦᠰᠦᠢ᠍ᠺ ᠭᠠᠵᠠᠷ ᠬᠡᠪᠲᠡᠨ᠂ ᠨᠥᠬᠥᠭᠡᠰᠦ ᠶ᠋ᠢ ᠡᠪᠲᠡᠢᠬᠡᠨ ᠲᠠᠯᠪᠢᠵᠤ ᠪᠠᠢᠭ᠎ᠠ ᠡᠬᠡ ᠶ᠋ᠢᠨ ᠢ᠋ᠶ᠋ᠡᠨ ᠭᠠᠷ ᠢ᠋ ᠬᠠᠷᠠᠵᠤ ᠤᠳᠠᠲᠠᠯ᠎ᠠ ᠳᠠᠭᠤ ᠦᠭᠡᠢ ᠪᠠᠢᠭᠠᠳ᠂
      — ᠶᠦᠯᠳᠦ᠋ᠽ ᠬᠠᠮᠢᠭᠠᠰᠢ ᠪᠠᠨ ᠣᠴᠢᠭᠰᠠᠨ ᠪᠣᠢ? ᠭᠡᠪᠡᠯ ᠡᠬᠡ ᠨᠢ᠄《ᠬᠠᠮᠢᠭᠠᠰᠢ ᠪᠠᠨ ᠣᠴᠢᠳᠠᠭ ᠶᠤᠮ! ᠬᠡᠭᠡᠷ᠎ᠡ ᠮᠠᠯ ᠬᠠᠷᠢᠭᠤᠯᠤᠭᠠᠳ ᠡᠷᠭᠢᠵᠦ ᠢᠷᠡᠭᠡ ᠦᠭᠡᠢ ᠪᠠᠢᠨ᠎ᠠ ᠭᠡᠪᠡ᠃
      ᠶᠥᠯᠳᠥ᠋ᠽ ᠡᠷᠭᠦᠮᠡᠯ ᠪᠢᠯᠡ᠃ ᠺᠢᠽ— ᠳᠦᠭᠮᠡᠰ ᠬᠡᠳᠦᠢᠪᠡᠷ《ᠥᠬᠢᠨ ᠦᠭᠡᠢ ᠪᠠᠢᠲᠤᠭᠠᠢ》ᠭᠡᠳᠡᠭ ᠪᠣᠯᠪᠠᠴᠤ ᠥᠬᠢᠨ ᠲᠡᠢ ᠪᠣᠯᠬᠤ ᠶ᠋ᠢ ᠬᠦᠰᠡᠭᠰᠡᠨ ᠦ᠌ ᠬᠠᠷᠠᠭ᠎ᠠ ᠪᠠᠷ ᠦᠷᠡᠴᠢᠯᠡᠵᠡᠢ᠃ ᠲᠡᠷᠡ ᠥᠬᠢᠨ ᠡᠷ᠎ᠡ ᠳ᠋ᠦ᠍ ᠭᠠᠷᠤᠨ᠂ ᠥᠭᠡᠷ᠎ᠡ ᠭᠡᠷ ᠲᠦ᠍ ᠰᠠᠭᠤᠵᠤ ᠪᠠᠢᠪᠠᠴᠤ᠂ ᠬᠡᠵᠢᠶᠡᠳᠡ ᠡᠬᠡ ᠶ᠋ᠢᠨ ᠳᠡᠷᠭᠡᠳᠡ ᠬᠥᠳᠡᠯᠵᠦ ᠡᠬᠡ ᠳ᠋ᠦ᠍ ᠬᠥᠪᠡᠭᠦᠳ ᠡᠴᠡ ᠢᠯᠡᠭᠦᠦ ᠠᠰᠠᠷᠠᠮᠵᠢᠲᠠᠢ ᠪᠠᠢᠳᠠᠭ ᠪᠠᠢᠵᠠᠢ᠃
      《ᠶᠥᠯᠳᠥ᠋ᠽ ᠢ᠋ ᠤᠳᠠᠯ ᠦᠭᠡᠢ ᠨᠢᠭᠡ ᠦᠨᠢᠶ᠎ᠡ᠂ ᠨᠢᠭᠡ ᠮᠣᠷᠢ᠂ ᠨᠢᠭᠡ ᠲᠡᠮᠡᠭᠡ ᠪᠠᠭ᠎ᠠ ᠦᠭᠡᠢ ᠰᠦᠢ ᠪᠡᠷ ᠮᠣᠷᠳᠠᠭᠤᠯᠬᠤ ᠪᠣᠯᠤᠨ᠎ᠠ᠃ ᠶᠦᠯᠳᠥ᠋ᠽ ᠬᠥᠭᠵᠢᠯᠲᠡᠢ ᠢᠨᠢᠶᠡᠮᠰᠦᠭᠯᠡᠳᠡᠭ᠂ ᠭᠢᠯᠲᠠᠭᠠᠨᠠᠭᠰᠠᠨ ᠪᠠᠷᠠᠭᠠᠨ ᠨᠢᠳᠦᠲᠡᠢ ᠰᠠᠢᠬᠠᠨ ᠥᠬᠢᠨ᠂ ᠬᠤᠪᠴᠠᠰᠤ ᠮᠠᠭᠤᠲᠠᠢ᠂ ᠭᠡᠪᠡᠴᠦ ᠭᠠᠢᠭᠤᠢ᠃ ᠭᠢᠯᠲᠠᠭᠠᠨᠠᠭᠰᠠᠨ ᠬᠠᠷ᠎ᠠ ᠦᠰᠦ ᠪᠡᠨ ᠬᠡᠵᠢᠶᠡᠳᠡ ᠠᠷᠪᠠᠨ ᠵᠢᠷᠭᠤᠭᠠᠨ ᠰᠠᠯᠠᠭ᠎ᠠ ᠪᠠᠷ ᠬᠢᠴᠢᠶᠡᠩᠭᠦᠢ ᠰᠦᠯᠵᠢᠵᠦ᠂ ᠰᠢᠯ ᠦ᠋ᠨ ᠰᠤᠪᠤᠳ ᠢ᠋ᠶ᠋ᠠᠷ ᠳᠠᠷᠤᠭᠤᠯᠤᠭᠰᠠᠨ ᠪᠠᠢᠳᠠᠭ᠃ ᠬᠠᠷᠠᠵᠤ ᠮᠥᠷᠥᠭᠡᠳᠦᠭᠰᠡᠨ ᠵᠢᠬᠢᠲ ᠣᠯᠠᠨ》 ᠭᠡᠵᠡᠢ᠃
      ᠮᠥᠰᠥ᠋ᠺ᠂ ᠶᠥᠯᠳᠥ᠋ᠽ ᠲᠦ᠍ ᠳᠤᠷᠠᠲᠠᠢ ᠶ᠋ᠢ ᠡᠬᠡ ᠨᠢ ᠮᠡᠳᠡᠳᠡᠭ ᠪᠠᠢᠵᠠᠢ᠃ ᠭᠠᠭᠴᠠᠬᠠᠨ ᠶᠠᠳᠠᠭᠤ ᠬᠥᠮᠦᠨ᠂ ᠥᠨᠥᠴᠢᠨ ᠵᠦᠳᠡᠭᠦᠦ ᠥᠬᠢᠨ ᠲᠡᠢ ᠭᠡᠷᠯᠡᠪᠡᠯ ᠬᠥᠭᠰᠢᠳ ᠲᠦ᠍ ᠶᠠᠮᠠᠷ ᠠᠰᠢᠭ ᠪᠣᠯᠬᠤ ᠪᠢᠯᠡ?
      ᠭᠡᠷᠯᠡᠬᠦ ᠪᠡᠨ ᠠᠵᠠᠨᠠᠭᠠᠳ᠂ ᠬᠠᠷᠢᠨ ᠶᠥᠯᠳᠥ᠋ᠽ ᠢ᠋ ᠬᠥᠳᠡᠭᠡᠨ ᠦ᠌ ᠪᠠᠶᠠᠨ ᠪᠤᠶᠤ ᠨᠢᠭᠡᠨ ᠲᠦᠰᠢᠮᠡᠯ ᠳ᠋ᠦ᠍ ᠥᠭᠪᠡᠯ ᠳᠡᠭᠡᠷ᠎ᠡ ᠪᠢᠰᠢ ᠤᠤ? ᠬᠠᠷᠢᠨ ᠺᠢᠽ— ᠲᠦᠭᠮᠡᠰ ᠡᠭᠦᠨ ᠦ᠌ ᠲᠤᠬᠠᠢ ᠦᠭᠡ ᠶᠡᠷᠦ ᠬᠡᠯᠡᠭᠡ ᠦᠭᠡᠢ᠂《ᠮᠥᠰᠥ᠋ᠺ ᠪᠣᠯ ᠡᠴᠢᠭᠡ ᠶ᠋ᠢᠨ ᠢ᠋ᠶ᠋ᠡᠨ ᠠᠳᠠᠯᠢ ᠵᠥᠷᠢᠭᠦᠳ᠂ ᠥᠪᠡᠷ ᠦ᠋ᠨ ᠳᠤᠷ᠎ᠠ ᠪᠠᠷ ᠦᠢᠯᠡᠳᠳᠡᠭ᠂ ᠲᠡᠭᠡᠪᠡᠯ ᠪᠢᠳᠡ ᠦᠷᠭᠦᠯᠵᠢ ᠬᠣᠭᠣᠰᠣᠨ ᠶᠠᠳᠠᠭᠤ ᠶᠠᠪᠤᠨ᠎ᠠ! 》ᠭᠡᠵᠦ ᠰᠡᠳᠬᠢᠵᠦ ᠰᠡᠭᠦᠷᠡᠰᠦ ᠠᠯᠳᠠᠵᠠᠢ᠃
      ᠭᠡᠷ ᠦ᠋ᠨ ᠪᠣᠱᠣᠭᠠᠨ ᠳ᠋ᠤ᠌ ᠬᠡᠪᠲᠡᠭᠰᠡᠨ ᠨᠣᠬᠠᠢ᠂ ᠲᠣᠯᠣᠭᠠᠢ ᠪᠠᠨ ᠥᠨᠳᠡᠢᠵᠦ ᠠᠷᠬᠢᠷᠠᠵᠤ᠂ ᠴᠢᠩᠭ᠎ᠠ ᠬᠤᠴᠠᠭᠰᠠᠭᠠᠷ ᠲᠠᠯ᠎ᠠ ᠤᠷᠤᠭᠤ ᠭᠦᠶᠦᠪᠡ᠃ ᠬᠠᠵᠠᠭᠤ ᠨᠢᠭᠡ ᠨᠡᠭᠦᠳᠡᠯᠴᠢᠨ ᠬᠥᠮᠦᠨ᠂ ᠭᠠᠷ ᠢ᠋ᠶ᠋ᠠᠷ ᠬᠠᠵᠠᠭᠤ ᠲᠠᠰᠢ ᠪᠠᠨ ᠵᠢᠭᠠᠨ ᠬᠠᠰᠬᠢᠷᠴᠤ ᠵᠣᠭᠰᠣᠯ ᠦᠭᠡᠢ ᠴᠠᠰᠢ ᠥᠩᠭᠡᠷᠡᠨ ᠣᠳᠪᠠ᠃
       ᠶᠦᠯᠳᠦ᠋ᠽ ᠢᠷᠡᠪᠡ ᠭᠡᠵᠦ ᠡᠬᠡ ᠨᠢ ᠬᠡᠯᠡᠪᠡ᠃
       ᠬᠥᠲᠥᠯ ᠳᠡᠭᠡᠷ᠎ᠡ ᠬᠤᠷᠠᠭ᠎ᠠ ᠨᠤᠭᠤᠳ ᠦᠵᠡᠭᠳᠡᠨ᠂ ᠲᠣᠭᠣᠰᠣ ᠪᠤᠵᠢᠭᠢᠨᠠᠭᠤᠯᠵᠤ ᠵᠠᠮ ᠢ᠋ᠶ᠋ᠠᠷ ᠴᠤᠪᠤᠷᠠᠪᠠ᠃ ᠲᠡᠳᠡᠨ ᠦ᠌ ᠳᠤᠮᠳᠠ᠂ ᠨᠠᠷᠢᠬᠠᠨ ᠪᠡᠶ᠎ᠡ ᠲᠡᠢ ᠨᠢᠭᠡᠨ ᠪᠦᠰᠡᠭᠦᠢ ᠬᠣᠴᠣᠷᠤᠭᠰᠠᠨ ᠬᠤᠷᠠᠭ᠎ᠠ ᠶ᠋ᠢ ᠢᠰᠬᠡᠷᠦᠨ ᠲᠠᠭᠤᠬᠤ ᠳ᠋ᠤ᠌ ᠠᠢᠯ ᠤ᠋ᠨ ᠡᠬᠡᠨᠡᠷ ᠦ᠋ᠳ᠂ ᠳᠠᠭᠤ ᠪᠠᠷ ᠨᠢ ᠭᠠᠷᠴᠤ ᠬᠤᠷᠠᠭᠠᠨ ᠤ᠋ ᠵᠦᠭ ᠭᠦᠶᠦᠪᠡ᠃ ᠶᠦᠯᠳᠦ᠋ᠽ᠂ ᠲᠡᠪᠡᠷᠢᠵᠦ ᠢᠷᠡᠭᠰᠡᠨ ᠳᠣᠭᠣᠯᠠᠩ ᠬᠤᠷᠠᠭ᠎ᠠ ᠶ᠋ᠢ ᠥᠭᠭᠦᠭᠡᠳ ᠭᠦᠶᠦᠵᠦ ᠬᠠᠷᠢᠬᠤ ᠳ᠋ᠠᠭᠠᠨ ᠮᠦᠰᠦ᠋ᠺ ᠥᠭᠡᠳᠡ ᠳᠣᠬᠢᠵᠤ᠂ ᠲᠦᠷᠭᠡᠨ ᠭᠡᠷ ᠲᠡᠭᠡᠨ ᠣᠷᠣᠭᠠᠳ ᠰᠠᠨᠳᠤᠷᠤᠨ ᠰᠢᠪᠡᠨᠡᠵᠦ᠂
      — ᠮᠢᠨᠦ ᠳᠡᠷᠭᠡᠳᠡᠭᠦᠷ᠂ ᠨᠢᠭᠡᠨ ᠬᠥᠮᠦᠨ ᠥᠩᠭᠡᠷᠡᠬᠦ ᠳ᠋ᠡᠭᠡᠨ ᠮᠠᠨ ᠤ᠋ ᠭᠡᠭᠦᠦ ᠲᠠᠯ᠎ᠠ ᠶ᠋ᠢᠨ ᠵᠠᠮ ᠤ᠋ᠨ ᠣᠢᠷᠠᠯᠴᠠᠭ᠎ᠠ ᠡᠪᠡᠰᠦ ᠬᠠᠵᠠᠵᠤ᠂ ᠡᠮᠡᠭᠡᠯ ᠨᠢ ᠬᠠᠵᠠᠭᠤ ᠤᠷᠤᠭᠤ ᠪᠠᠨ ᠬᠥᠭᠯᠡᠷᠡᠵᠡᠢ ᠭᠡᠵᠦ ᠬᠡᠯᠡᠯ᠎ᠡ᠃ ᠠᠪᠤ ᠳ᠋ᠤ᠌ ᠵᠣᠪᠠᠯᠠᠩ ᠤᠴᠠᠷᠠᠭᠰᠠᠨ ᠠᠵᠢ! ᠪᠢ᠂ ᠡᠵᠢ ᠳ᠋ᠦ᠍ ᠬᠡᠯᠡᠬᠦ ᠡᠴᠡ ᠠᠶᠤᠵᠤ ᠪᠠᠢᠨ᠎ᠠ ᠭᠡᠵᠡᠢ᠃
       ᠮᠦᠰᠦ᠋ᠺ ᠭᠡᠷ ᠡᠴᠡ ᠰᠡᠮᠬᠡᠨ ᠭᠠᠷᠴᠤ᠂ ᠡᠬᠡ ᠶ᠋ᠢᠨ ᠠᠷᠤ ᠪᠠᠷ ᠮᠡᠳᠡᠭᠳᠡᠯ ᠦᠭᠡᠢ ᠭᠠᠷᠴᠤ᠂ ᠮᠣᠷᠢᠨ ᠳ᠋ᠠᠭᠠᠨ ᠬᠦᠷᠬᠦ ᠶ᠋ᠢ ᠵᠠᠪᠳᠤᠭᠰᠠᠨ ᠢ᠋ᠶ᠋ᠠᠨ ᠭᠡᠨᠡᠳᠲᠡ ᠵᠣᠭᠰᠣᠵᠠᠢ᠃ ᠬᠡᠭᠡᠷ᠎ᠡ ᠤᠬᠢᠯᠠᠵᠤ ᠪᠠᠢᠭ᠎ᠠ ᠰᠢᠩᠭᠡᠨ ᠳᠠᠭᠤ ᠰᠣᠨᠣᠰᠤᠭᠳᠠᠯ᠎ᠠ᠃
      《ᠳᠣᠷᠭᠠᠩ ᠪᠠᠢᠨ᠎ᠠ!》
       ᠬᠥᠪᠡᠭᠦᠨ᠂ ᠬᠥᠲᠥᠯ ᠳᠡᠭᠡᠷ᠎ᠡ ᠭᠠᠷᠴᠤ ᠪᠦᠳᠦᠷᠢᠨ ᠭᠦᠶᠦᠵᠦ᠂ ᠬᠥᠯ ᠨᠢ ᠬᠥᠰᠢᠯᠳᠦᠨ ᠤᠨᠠᠵᠤ ᠪᠣᠰᠤᠭᠰᠠᠭᠠᠷ ᠴᠠᠰᠢ ᠶᠠᠪᠤᠵᠤ ᠳᠣᠷᠭᠠᠩ ᠢ᠋ ᠲᠣᠰᠣᠨ ᠲᠡᠪᠡᠷᠢᠵᠦ ᠠᠪᠬᠤ ᠳ᠋ᠤ᠌ ᠲᠡᠷᠡ᠂
      — ᠠᠢ ᠠᠢ ᠭᠡᠵᠦ ᠤᠬᠢᠯᠠᠯ᠎ᠠ᠃
       ᠲᠡᠷᠡ ᠬᠥᠪᠡᠭᠦᠨ᠂ ᠦᠭᠡ ᠥᠭᠦᠯᠡᠵᠦ ᠴᠢᠳᠠᠬᠤ ᠦᠭᠡᠢ᠂ ᠡᠷᠡᠦ ᠨᠢ ᠴᠡᠴᠡᠷᠡᠨ᠂ ᠲᠣᠭᠣᠰᠣ ᠳᠠᠷᠤᠭᠰᠠᠨ ᠭ᠌ᠬᠢᠷᠲᠡᠢ ᠨᠢᠭᠤᠷ ᠳᠡᠭᠡᠷ᠎ᠡ ᠨᠢ ᠨᠢᠯᠪᠤᠰᠤ ᠤᠷᠤᠰᠴᠠᠢ᠃
      — ᠶᠠᠭᠤ ᠪᠣᠯᠪᠠ? ᠭᠡᠬᠦ ᠳ᠋ᠦ᠍
      — ᠲᠡᠭᠦᠨ ᠢ᠋ ᠳᠡᠭᠦᠵᠢᠯᠡᠵᠦ ᠪᠠᠢᠨ᠎ᠠ······ ᠭᠡᠪᠡ᠃
      — ᠬᠡᠨ ᠢ᠋ ᠭᠡᠪᠡᠯ
      — ᠡᠴᠢᠭᠡ ᠶ᠋ᠢ!
       ᠮᠦᠰᠦ᠋ᠺ᠂ ᠳᠡᠭᠦᠦ ᠪᠡᠨ ᠭᠡᠷ ᠲᠦ᠍ ᠣᠷᠣᠭᠤᠯᠵᠤ᠂ ᠤᠰᠤ ᠤᠳᠬᠤᠭᠠᠳ ᠥᠭᠬᠦ ᠳ᠋ᠦ᠍ ᠰᠢᠲᠦ ᠨᠢ ᠮᠣᠳᠣᠨ ᠠᠶᠠᠭᠠᠨ ᠤ᠋ ᠠᠮᠠᠰᠠᠷ ᠢ᠋ ᠴᠣᠬᠢᠨ ᠳᠠᠭᠵᠢᠵᠤ ᠪᠠᠢᠪᠠ᠃
       — ᠬᠣᠲᠠ ᠶ᠋ᠢᠨ ᠣᠢᠷᠠᠯᠴᠠᠭ᠎ᠠ······ ᠠᠪᠤ ᠵᠠᠬ᠎ᠠ ᠵᠡᠭᠡᠯᠢ ᠳ᠋ᠦ᠍ ᠣᠴᠢᠬᠤ ᠪᠠᠷ ᠶᠠᠪᠤᠭᠰᠠᠨ᠂ ᠵᠢᠬᠢᠲ ᠨᠠᠷ ᠪᠠᠷᠢᠵᠤ ᠣᠯᠣᠰᠣ ᠪᠠᠷ ᠬᠦᠯᠢᠨ ᠠᠪᠴᠤ ᠣᠳᠤᠯ᠎ᠠ᠃ ᠪᠢ ᠠᠪᠤ ᠶ᠋ᠢᠨ ᠳᠡᠷᠭᠡᠳᠡ ᠣᠴᠢᠬᠤ ᠭᠡᠲᠡᠯ᠎ᠡ ᠨᠠᠮᠠᠶ᠋ᠢ ᠤᠨᠠᠲᠠᠯ᠎ᠠ ᠲᠦᠯᠬᠢᠯ᠎ᠡ ᠭᠡᠬᠦ ᠳ᠋ᠦ᠍᠂
       — ᠴᠠᠰᠢ ᠥᠭᠦᠯᠡ! ᠭᠡᠲᠡᠯ᠎ᠡ
       — ᠲᠡᠳᠡ ᠠᠪᠤ ᠶ᠋ᠢ ᠳᠡᠭᠡᠷᠡᠮᠴᠢᠨ ᠭᠡᠵᠦ ᠬᠠᠰᠬᠢᠷᠤᠯᠳᠤᠯ᠎ᠠ᠃ ᠠᠪᠤ ᠳᠡᠭᠡᠷᠡᠮ ᠬᠢᠭᠡ ᠦᠭᠡᠢ᠂ ᠬᠠᠷᠢᠨ ᠠᠪᠤ ᠶ᠋ᠢ ᠬᠥᠮᠦᠨ ᠢᠮᠠᠭᠲᠠ ᠳᠡᠭᠡᠷᠡᠮᠳᠡᠳᠡᠭ······
       — ᠬᠠᠮᠢᠭ᠎ᠠ ᠲᠡᠭᠡᠪᠡ?
       — ᠥᠨᠳᠥᠷ ᠤᠯᠢᠶᠠᠰᠤ ᠲᠠᠢ ᠶᠡᠬᠡ ᠬᠠᠭᠠᠯᠭᠠᠨ ᠤ᠋ ᠲᠡᠨᠳᠡ ᠭᠡᠵᠡᠢ᠃
       ᠮᠦᠰᠦ᠋ᠺ ᠬᠠᠭᠤᠴᠢᠨ ᠬᠠᠷᠠᠪᠲᠤᠷ ᠬᠤᠢ ᠲᠠᠢ ᠲᠠᠬᠢᠷ ᠰᠡᠯᠡᠮ᠎ᠡ ᠪᠡᠨ ᠬᠠᠨ᠎ᠠ ᠠ᠋ᠴᠠ ᠰᠢᠭᠦᠷᠡᠨ ᠠᠪᠴᠤ᠂ ᠴᠠᠮᠴᠠ ᠦᠭᠡᠢ ᠨᠢᠴᠦᠭᠦᠨ ᠬᠡᠪ ᠢ᠋ᠶ᠋ᠡᠷ ᠮᠣᠷᠢ ᠤᠷᠤᠭᠤ ᠭᠦᠶᠦᠨ ᠣᠴᠢᠮᠠᠭᠴᠠ᠂ ᠴᠢᠳᠥᠷ ᠢ᠋ ᠠᠪᠴᠤ ᠬᠠᠶᠠᠭᠠᠳ ᠮᠣᠷᠳᠠᠪᠠ᠃
       — ᠶᠦᠯᠳᠦ᠋ᠽ᠂ ᠳᠤᠷᠭᠠᠩ ᠲᠠ ᠬᠣᠶᠠᠷ ᠲᠠᠯ᠎ᠠ ᠤᠷᠤᠭᠤ ᠭᠦᠶᠦ᠂ ᠭᠡᠭᠦᠦ ᠪᠡᠨ ᠡᠷᠢᠭᠲᠦᠨ᠂ ᠪᠢ ᠠᠪᠤ ᠶ᠋ᠢ ᠠᠪᠤᠷᠠᠬᠤ ᠪᠠᠷ ᠳᠠᠪᠬᠢᠰᠤᠭᠠᠢ ᠭᠡᠪᠡ᠃
       ᠰᠢᠭ᠌ᠨᠠᠺ ᠬᠣᠲᠠ ᠶ᠋ᠢᠨ ᠬᠠᠭᠠᠯᠭᠠᠨ ᠤ᠋ ᠳᠡᠷᠭᠡᠳᠡᠬᠢ ᠬᠥᠭᠰᠢᠨ ᠥᠨᠳᠥᠷ ᠬᠠᠢᠯᠠᠰᠤᠨ ᠤ᠋ ᠳᠡᠷᠭᠡᠳᠡ ᠣᠯᠠᠨ ᠬᠥᠮᠦᠨ ᠴᠤᠭᠯᠠᠷᠠᠵᠠᠢ᠃
      ᠪᠦᠳᠦᠭᠦᠨ ᠮᠥᠴᠢᠷ ᠡᠴᠡ ᠬᠡᠳᠦ ᠬᠡᠳᠦᠨ ᠬᠥᠮᠦᠨ ᠢ᠋ ᠳᠡᠭᠦᠵᠢᠯᠡᠭᠰᠡᠨ ᠦ᠌ ᠨᠢᠴᠦᠭᠦᠨ ᠬᠥᠯ ᠨᠢ ᠲᠠᠲᠠᠯᠳᠤᠨ ᠠᠲᠤᠷᠢᠵᠤ ᠨᠢᠭᠤᠷ ᠨᠢ ᠠᠶᠤᠮᠰᠢᠭᠲᠠᠢ ᠶᠠᠷᠪᠠᠢᠬᠰᠠᠨ ᠦᠵᠡᠭᠳᠡᠪᠡ ᠃ ᠬᠣᠶᠠᠷ ᠬᠠᠷᠠᠭᠤᠯᠴᠢᠨ᠂ ᠮᠣᠳᠣᠨ ᠥᠭᠡᠳᠡ ᠱᠠᠲᠤ ᠪᠣᠰᠬᠠᠨ᠂ ᠪᠤᠰᠤᠳ ᠬᠥᠮᠦᠰ ᠦ᠋ᠨ ᠬᠦᠵᠦᠭᠦᠨ ᠳ᠋ᠦ᠍ ᠤᠷᠠᠬ᠎ᠠ ᠬᠢᠵᠦ ᠪᠠᠢᠯ᠎ᠠ᠃ ᠭᠠᠷ ᠢ᠋ ᠨᠢ ᠠᠷᠤ ᠳ᠋ᠤᠨᠢ ᠬᠦᠯᠢᠭᠰᠡᠨ ᠨᠣᠣᠷᠠᠬᠠᠢ ᠬᠣᠪᠴᠠᠰᠤᠲᠠᠢ ᠬᠡᠳᠦᠨ ᠺᠢᠫᠴᠡᠺ ᠬᠥᠮᠦᠨ᠂ ᠴᠢᠷᠠᠢ ᠨᠢ ᠵᠠᠪᠬᠠᠢᠷᠠᠵᠤ(ᠵᠢᠪᠡᠬᠡᠢᠷᠡᠵᠦ ) ᠴᠡᠴᠡᠷᠡᠨ᠂ ᠮᠣᠳᠣᠨ ᠤ᠋ ᠢᠷᠣᠭᠠᠷ ᠲᠸ᠋ ᠶᠠᠪᠠᠭᠠᠨ ᠰᠠᠭᠤᠵᠠᠢ᠃
      ᠬᠥᠭᠰᠢᠨ ᠴᠠᠭᠠᠨ ᠮᠣᠷᠢ ᠤᠨᠤᠭᠰᠠᠨ᠂ ᠶᠡᠬᠡᠮᠰᠦᠭ ᠳᠦᠷᠢᠲᠡᠢ ᠲᠦᠰᠢᠮᠡᠯ ᠥᠨᠳᠥᠷ ᠳᠡᠭᠡᠷ᠎ᠡ ᠡᠴᠡ ᠵᠠᠷᠯᠢᠭ ᠤ᠋ᠨ ᠪᠢᠴᠢᠭ ᠢ᠋ ᠴᠢᠩᠭ᠎ᠠ ᠪᠠᠷ ᠤᠩᠰᠢᠯ᠎ᠠ᠃
      — ᠮᠣᠵᠢ ᠶ᠋ᠢᠨ ᠵᠠᠬᠢᠷᠤᠯ ᠲᠤᠰᠢᠶᠠᠵᠤ ᠪᠠᠢᠨ᠎ᠠ᠂ ᠪᠦᠭᠦᠳᠡᠭᠡᠷ ᠢ᠋ᠶ᠋ᠡᠨ ᠠᠩᠬᠠᠷᠤᠨ ᠰᠣᠨᠣᠰᠤᠭᠲᠤᠨ!
      —《ᠳᠡᠢᠯᠦᠭᠳᠡᠰᠢ ᠦᠭᠡᠢ ᠮᠣᠩᠭᠣᠯ ᠤ᠋ᠨ ᠴᠡᠷᠢᠭ ᠢᠷᠡᠭᠰᠡᠨ ᠲᠤᠬᠠᠢ ᠳ᠋ᠤ᠌ ᠵᠠᠷᠯᠠᠭᠰᠠᠨ ᠠᠯᠪᠠᠨ ᠲᠠᠲᠠᠪᠤᠷᠢ ᠶ᠋ᠢ ᠲᠥᠯᠥᠬᠦ ᠡᠴᠡ ᠵᠠᠢᠯᠠᠰᠬᠢᠨ᠂ ᠪᠠᠰᠠ ᠵᠣᠷᠢᠭᠲᠤ ᠴᠡᠷᠢᠭ ᠦ᠋ᠳ ᠦ᠋ᠨ ᠬᠣᠭᠣᠯᠠ ᠬᠦᠨᠡᠰᠦᠨ ᠳ᠋ᠦ᠍ ᠬᠡᠷᠡᠭᠯᠡᠬᠦ ᠲᠠᠷᠢᠶ᠎ᠠ᠂ ᠭᠤᠯᠢᠷ ᠢ᠋ ᠳᠠᠷᠤᠭᠳᠠᠭᠤᠯᠤᠭᠰᠠᠨ ᠤ᠋ ᠲᠤᠯᠠ ᠰᠢᠭ᠌ᠨᠠᠺ ᠬᠣᠲᠠ ᠶ᠋ᠢᠨ ᠵᠠᠯᠢᠬᠠᠢ ᠮᠠᠢᠮᠠᠢᠴᠢᠨ ᠢ᠋ ᠴᠠᠭᠠᠵᠠ ᠪᠠᠷ ᠠᠪᠠᠴᠢᠰᠤᠭᠠᠢ᠁》 ᠭᠡᠵᠡᠢ᠃
      ᠱᠤᠤᠭᠢᠶᠠᠨ ᠴᠢᠮᠡᠭᠡᠨ ᠡᠴᠡ ᠪᠣᠯᠵᠤ ᠲᠦᠰᠢᠮᠡᠯ ᠵᠣᠭᠰᠣᠵᠤ᠂ ᠵᠢᠷᠤᠮ ᠢ᠋ ᠲᠡᠷᠰᠯᠡᠭᠴᠢᠳ ᠦ᠋ᠨ ᠵᠦᠭ ᠰᠦᠷᠲᠡᠢ ᠬᠠᠷᠠᠪᠠ᠃ ᠭᠤᠷᠪᠠᠨ ᠮᠣᠷᠢᠲᠠᠢ ᠬᠥᠮᠦᠨ᠂ ᠳᠣᠬᠢᠶᠠᠯᠳᠤᠭᠴᠢᠳ ᠢ᠋ ᠲᠠᠰᠢᠭᠤᠷ ᠢ᠋ᠶ᠋ᠠᠷ ᠰᠢᠪᠬᠠᠷᠳᠠᠨ ᠣᠯᠠᠨ ᠤ᠋ ᠳᠤᠮᠳᠠᠭᠤᠷ ᠵᠢᠳᠬᠦᠵᠦ ᠨᠡᠪᠲᠡᠷᠡᠪᠡ᠃ᠲᠦᠷᠦᠭᠦᠨ ᠳ᠋ᠦ᠍ᠨᠢ ᠵᠠᠷᠢᠮᠳᠠᠭ ᠨᠢᠴᠦᠭᠦᠨ ᠵᠠᠯᠠᠭᠤ ᠵᠢᠭᠢᠲ ᠲᠠᠬᠢᠷ ᠰᠡᠯᠡᠮ᠎ᠡ ᠳᠠᠯᠠᠢᠵᠤ᠂ ᠵᠣᠷᠢᠮᠠᠭ ᠢ᠋ᠶ᠋ᠠᠷ ᠬᠠᠰᠬᠢᠷᠤᠨ ᠪᠠᠢᠯ᠎ᠠ᠃
      ᠲᠦᠰᠢᠮᠡᠯ ᠵᠢᠭᠢᠲ ᠢ᠋ ᠬᠠᠷᠠᠭᠠᠳ᠂ ᠳᠠᠷᠤᠢ ᠮᠣᠷᠢᠨ ᠠ᠋ᠴᠠ ᠪᠠᠭᠤᠵᠠᠢ᠃
     ᠣᠯᠠᠨ ᠤ᠋ ᠳᠤᠮᠳᠠ ᠠ᠋ᠴᠠ᠄《ᠡᠷᠭᠢᠭᠦᠦ ᠠᠮᠢᠲᠠᠨ! ᠶᠠᠭᠤ ᠬᠢᠵᠦ ᠪᠠᠢᠨ᠎ᠠ? ᠴᠢ ᠮᠣᠵᠢ ᠶ᠋ᠢᠨ ᠵᠠᠬᠢᠷᠤᠯ ᠤ᠋ᠨ ᠲᠤᠰᠢᠶᠠᠯ ᠢ᠋ ᠡᠰᠡᠷᠭᠦᠴᠡᠵᠦ ᠪᠠᠢᠨ᠎ᠠ ᠤᠤ? ᠭᠡᠬᠦ ᠳ᠋ᠦ᠍ ᠵᠢᠬᠢᠲ᠂
      —ᠲᠠᠨ ᠤ᠋ ᠲᠤᠰᠢᠶᠠᠯ ᠢ᠋ ᠨᠣᠬᠠᠢ ᠳᠣᠯᠢᠶᠠᠭ! ᠵᠡᠭᠡᠯᠢ ᠶ᠋ᠢᠨ ᠬᠤᠯᠠᠭᠠᠢᠴᠢᠨ ᠤ᠋ ᠣᠷᠣᠨ ᠳ᠋ᠤ᠌ ᠪᠡᠶᠡᠨᠳᠧᠷ ᠬᠠᠭᠠᠨ ᠤ᠋ ᠵᠣᠷᠢᠭᠲᠤ ᠴᠡᠷᠢᠭ ᠦ᠋ᠳ ᠢ᠋ ᠳᠡᠭᠦᠵᠢᠯᠡᠵᠦ ᠪᠠᠢᠨ᠎ᠠ! ᠣᠳᠣ ᠲᠡᠷᠡ ᠥᠪᠡᠷ ᠢ᠋ᠶ᠋ᠡᠨ ᠵᠢᠬᠢᠲ ᠨᠠᠷ ᠢ᠋ ᠳᠠᠭᠠᠭᠤᠯᠤᠨ ᠳᠠᠬᠢᠵᠤ ᠢᠷᠡᠭᠡᠳ ᠲᠠ ᠴᠥᠮ ᠢ᠋ ᠰᠦᠷᠡᠯ ᠮᠡᠲᠦ ᠴᠠᠪᠴᠢᠨ᠎ᠠ ᠭᠡᠵᠦ ᠵᠠᠩᠳᠤᠷᠴᠠᠢ᠃
      ᠵᠢᠬᠢᠲ᠂ ᠴᠥᠬᠥᠷᠡᠯᠲᠡ ᠦᠭᠡᠢ ᠨᠣᠴᠣᠯᠳᠤᠬᠤ ᠨᠢᠭᠡᠨ ᠡᠪᠦᠭᠡᠨ ᠢ᠋ ᠣᠯᠣᠰᠣ ᠪᠠᠨ ᠲᠠᠲᠠᠵᠤ ᠮᠣᠳᠣᠨ ᠤ᠋ ᠪᠦᠳᠦᠭᠦᠨ ᠮᠥᠴᠢᠷ ᠳᠡᠭᠡᠷ᠎ᠡ ᠰᠠᠭᠤᠭ᠎ᠠ ᠮᠠᠨᠠᠭᠠᠴᠢᠳ ᠤ᠋ᠨ ᠤᠷᠤᠭᠤ ᠣᠴᠢᠮᠠᠭᠴᠠ᠂ ᠰᠡᠯᠡᠮ᠎ᠡ ᠪᠡᠷ ᠣᠯᠣᠰᠣ ᠶ᠋ᠢ ᠵᠢᠰᠢᠭᠦᠦ ᠴᠠᠪᠴᠢᠬᠤ ᠳ᠋ᠤ᠌ ᠬᠣᠶᠠᠷ ᠵᠠᠨᠳᠠᠯᠴᠢᠨ ᠮᠣᠳᠣᠨ ᠳᠡᠭᠡᠷ᠎ᠡ ᠡᠴᠡ ᠤᠨᠠᠵᠠᠢ᠃
      —ᠡᠪᠦᠭᠡᠨ ᠦ᠌ ᠭᠠᠷ ᠢ᠋ ᠲᠠᠢᠯᠤᠭᠲᠤᠨ! ᠡᠰᠡ ᠲᠡᠭᠡᠪᠡᠯ ᠪᠢ ᠲᠠᠨᠠᠷ ᠤ᠋ᠨ ᠲᠣᠯᠣᠭᠠᠢ ᠶ᠋ᠢ ᠠᠪᠤᠨ᠎ᠠ! ᠭᠡᠯ᠎ᠡ᠃ ᠬᠠᠷᠠᠭᠴᠢᠳ᠂ ᠬᠡᠪᠲᠡᠭᠡ ᠡᠪᠦᠭᠡᠨ ᠦ᠌ ᠬᠦᠯᠢᠭᠡ ᠶ᠋ᠢ ᠲᠠᠢᠯᠬᠤ ᠳ᠋ᠤ᠌ ᠡᠯᠪᠡᠯᠴᠡᠵᠦ ᠡᠷᠭᠦᠨ ᠪᠤᠰᠬᠠᠵᠠᠢ᠃
      ᠵᠢᠬᠢᠲ᠂ ᠮᠣᠷᠢᠨ ᠠ᠋ᠴᠠ ᠪᠠᠭᠤᠨ ᠬᠠᠷᠠᠢᠵᠤ᠂
      — ᠠᠪᠤ ᠨᠠᠽᠠᠷ— ᠺᠢᠶᠡᠷᠢᠽᠧᠺ ᠠᠮᠤᠷ ᠪᠠᠢᠨ᠎ᠠ ᠤᠤ? ᠪᠤᠰᠢᠭᠤ ᠮᠢᠨᠦ ᠮᠣᠷᠢ ᠶ᠋ᠢ ᠤᠨᠤᠭᠲᠤᠨ! ᠠᠯᠠᠯᠾ ᠲᠩᠷᠢ ᠶ᠋ᠢᠨ ᠴᠡᠴᠡᠷᠯᠢᠭ ᠲᠦ᠍ ᠴᠡᠩᠭᠡᠬᠦ ᠪᠡᠷ ᠬᠡᠲᠦᠷᠬᠡᠢ ᠡᠷᠲᠡ ᠨᠠᠮᠠᠶ᠋ᠢ ᠣᠷᠬᠢᠨ ᠣᠳᠬᠤ ᠭᠡᠪᠡ ᠭᠡᠵᠦ ᠥᠭᠦᠯᠡᠵᠦ ᠮᠣᠷᠢ ᠠ᠋ᠴᠠ ᠪᠠᠨ ᠦᠰᠦᠷᠦᠨ ᠪᠠᠭᠤᠪᠠ᠃
      — ᠬᠥᠪᠡᠭᠦᠨ ᠮᠥᠰᠥ᠋ᠺ ᠵᠠᠪᠳᠤᠵᠤ ᠢᠷᠡᠪᠡ᠃ ᠡᠨᠡ ᠬᠣᠨᠢᠨ ᠲᠣᠯᠣᠭᠠᠢ ᠨᠤᠭᠤᠳ ᠨᠥᠭᠡᠴᠡ ᠪᠡᠨ ᠳᠠᠯᠳᠠᠯᠠᠭᠰᠠᠨ ᠬᠡᠳᠦᠨ ᠪᠠᠶᠠᠨ ᠬᠤᠳᠠᠯᠳᠤᠭᠠᠴᠢᠨ ᠢ᠋ ᠳᠡᠭᠦᠵᠢᠯᠡᠬᠦ ᠶᠣᠰᠣᠲᠠᠢ ᠪᠢᠯᠡ᠃ ᠭᠡᠲᠡᠯ᠎ᠡ ᠰᠢᠭᠦᠭᠴᠢ ᠨᠠᠷ ᠬᠤᠳᠠᠯᠳᠤᠭᠠᠴᠢᠳ ᠠ᠋ᠴᠠ ᠬᠠᠬᠤᠤᠯᠢ ᠢᠳᠡᠭᠡᠳ᠂ ᠣᠳᠣ ᠵᠠᠮ ᠳ᠋ᠤ᠌ ᠲᠣᠬᠢᠶᠠᠯᠳᠤᠭᠰᠠᠨ ᠶᠠᠳᠠᠭᠤᠴᠤᠳ ᠢ᠋ ᠪᠠᠷᠢᠨ ᠠᠪᠴᠤ ᠬᠤᠳᠠᠯᠳᠤᠭᠠᠴᠢᠳ ᠤ᠋ᠨ ᠣᠷᠣᠨ ᠳ᠋ᠤ᠌ ᠳᠡᠭᠦᠵᠢᠯᠡᠭᠦᠯᠪᠡ᠃ ᠨᠠᠮᠠᠶ᠋ᠢ ᠪᠠᠰᠠ ᠳᠡᠭᠦᠵᠢᠯᠡᠬᠦ ᠭᠡᠯ᠎ᠡ! ᠪᠤᠵᠠᠷ ᠴᠢᠨᠣ᠎ᠠ ᠨᠤᠭᠤᠳ ᠪᠠᠢᠵᠠᠭᠠᠷᠠᠢ! ᠨᠠᠳᠠᠳᠤ ᠲᠠᠪᠤᠨ ᠬᠥᠪᠡᠭᠦᠨ ᠵᠢᠬᠢᠲ ( ᠲᠡᠢ)᠂ ᠵᠦᠭᠡᠷ ᠪᠠᠢᠭ᠎ᠠ ᠪᠢᠰᠢ ᠰᠢᠦ! ᠪᠡᠶᠡᠨᠳᠧᠷ ᠬᠠᠭᠠᠨ ᠳ᠋ᠤ᠌ ᠪᠠᠷᠠᠭᠠᠯᠬᠠᠰᠤᠭᠠᠢ! ᠲᠠᠨᠠᠷ ᠤ᠋ᠨ ᠲᠣᠯᠣᠭᠠᠢ ᠶ᠋ᠢ ᠲᠡᠷᠡ ᠬᠤᠭᠤ ᠮᠤᠰᠬᠢᠨ᠎ᠡ᠁ ᠭᠡᠪᠡ᠃
       ᠣᠯᠠᠨ ᠬᠥᠮᠦᠨ ᠱᠤᠤᠭᠢᠯᠳᠤᠨ᠂ ᠣᠢᠷᠠᠬᠢ ᠠᠮᠢᠲᠠᠨ ᠴᠤᠭᠯᠠᠷᠠᠵᠤ᠂ ᠱᠤᠤᠭᠢᠶᠠᠨ ᠤᠯᠠᠮ ᠶᠡᠬᠡ ᠪᠣᠯᠬᠤ ᠳ᠋ᠤ᠌ ᠲᠦᠰᠢᠮᠡᠯ ᠬᠣᠷᠮᠣᠢ ᠪᠠᠨ ᠰᠢᠭᠤᠨ ᠭᠦᠶᠦᠵᠡᠢ᠃ ᠬᠣᠢᠨ᠎ᠠ ᠠ᠋ᠴᠠ ᠨᠢ ᠮᠠᠨᠠᠭᠠᠴᠢ ᠨᠠᠷ ᠲᠠᠭᠠᠨ ᠬᠠᠷᠠᠢᠬᠤ ᠳ᠋ᠤ᠌᠂ ᠬᠥᠮᠦᠰ ᠵᠠᠨᠳᠠᠯᠴᠢᠨ ᠤ᠋ ᠬᠣᠢᠨ᠎ᠠ ᠠ᠋ᠴᠠ ᠪᠥᠭᠡᠮ ᠰᠢᠪᠠᠷ ᠢ᠋ᠶ᠋ᠠᠷ ᠰᠢᠳᠡᠯᠡᠵᠡᠢ᠃
       ᠮᠦᠰᠦ᠋ᠺ᠂ ᠡᠴᠢᠭᠡ ᠪᠡᠨ ᠳᠥᠰᠢᠨ ᠮᠣᠷᠳᠠᠭᠤᠯᠤᠭᠠᠳ᠂
      — ᠪᠢ ᠲᠠᠨᠢᠯ ᠬᠣᠶᠠᠷ ᠮᠠᠯᠴᠢᠨ ᠲᠠᠢ ᠠᠭᠤᠯᠵᠠᠵᠤ᠂ ᠲᠤᠰᠠᠯᠠᠯᠴᠠᠬᠤ ᠶ᠋ᠢ ᠭᠤᠶᠤᠪᠠ᠃ ᠵᠠᠪᠰᠢᠶᠠᠨ ᠳ᠋ᠤ᠌ ᠪᠢᠳᠡ ᠬᠣᠵᠢᠮᠳᠠᠭᠰᠠᠨ ᠦᠭᠡᠢ ᠭᠡᠪᠡᠯ᠂
      — ᠵᠣᠯ ᠢ᠋ᠶ᠋ᠠᠷ ᠮᠢᠨᠦ ᠬᠦᠵᠦᠭᠦᠦ ᠪᠡᠬᠢ ᠪᠠᠢᠯ᠎ᠠ! ᠡᠪᠦᠭᠡᠨ ᠨᠠᠽᠠᠷ— ᠺᠢᠶᠠᠷᠢᠽᠸᠺ ᠪᠦᠬᠦᠯᠢ ᠮᠢᠬ᠎ᠠ ᠮᠡᠲᠦ ᠣᠩᠰᠣᠢᠨ᠂ ᠪᠦᠬᠦ ᠵᠡᠭᠡᠯᠢ ᠪᠡᠷ ᠰᠢᠪᠰᠢᠭ ᠪᠣᠯᠬᠤ ᠠᠮᠢᠲᠠᠨ ᠪᠢᠰᠢ᠂ ᠣᠳᠣ ᠲᠡᠢᠨ ᠳ᠋ᠦ᠍ ᠮᠣᠷᠳᠠᠵᠤ ᠳᠠᠭᠤᠷᠢᠰᠤᠯᠲᠤ ᠪᠠᠭᠠᠲᠤᠷ ᠪᠣᠯᠤᠨ ᠰᠦᠷᠦᠭ ᠠᠳᠤᠭᠤ ᠲᠠᠭᠤᠵᠤ ᠢᠷᠡᠨ᠎ᠡ!᠁  ᠭᠡᠵᠡᠢ᠃

          ᠦᠰᠦᠭ ᠠᠮᠢᠯᠠᠭᠤᠯᠤᠭᠴᠢ᠄ ᠠᠷᠢᠭᠤᠨ᠂ ᠡᠷᠳᠡᠨᠢᠭᠣᠸ᠎ᠠ᠂ ᠠᠯᠲᠠᠨᠴᠢᠮᠡᠭ᠂ ᠪᠠᠯ᠂ ᠪᠠᠶᠠᠨᠴᠡᠴᠡᠭ
          ᠬᠢᠨᠠᠭᠴᠢ᠄ ᠪᠠᠶᠠᠨᠴᠡᠴᠡᠭ᠂ ᠠᠯᠲᠠᠨᠴᠢᠮᠡᠭ᠂ ᠠᠷᠢᠭᠤᠨ