ᠪᠠᠲᠤ ᠬᠠᠭᠠᠨ 1-14ᠡᠮᠨᠢᠭ ᠮᠣᠷᠢ ᠰᠤᠷᠭᠠᠭᠰᠠᠨ ᠨᠢ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 1-14ᠡᠮᠨᠢᠭ ᠮᠣᠷᠢ ᠰᠤᠷᠭᠠᠭᠰᠠᠨ ᠨᠢ-Bat khaan Бат хаан-ᠷᠣᠮᠠᠨ

ᠪᠠᠲᠤ ᠬᠠᠭᠠᠨ 1-14ᠡᠮᠨᠢᠭ ᠮᠣᠷᠢ ᠰᠤᠷᠭᠠᠭᠰᠠᠨ ᠨᠢ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-09-08

193

ᠠᠷᠪᠠᠨ ᠳᠥᠷᠪᠡ ᠡᠮᠨᠢᠭ ᠮᠣᠷᠢ ᠰᠤᠷᠭᠠᠭᠰᠠᠨ ᠨᠢ

      ᠭᠠᠪᠰᠢᠭᠠᠢ ᠱᠠᠯᠠᠮᠠᠭᠠᠢ ᠠ᠋ᠴᠠ ᠪᠠᠨ《ᠮᠤᠤᠷ》 ᠭᠡᠳᠡᠭ ᠬᠣᠴᠢ ᠲᠠᠢ ᠪᠣᠯᠤᠭᠰᠠᠨ ᠮᠦᠰᠥ᠋ᠺ ᠨᠠᠷᠢᠨ ᠪᠡᠯᠬᠡᠭᠦᠰᠦ ᠪᠡᠨ ᠣᠷᠢᠶᠠᠭᠰᠠᠨ ᠪᠦᠰᠡ ᠪᠡᠨ ᠴᠢᠩᠭᠠᠯᠠᠭᠠᠳ ᠪᠥᠭᠲᠦᠷᠭᠡᠲᠡᠢ ᠮᠣᠷᠢᠨ ᠳ᠋ᠤ᠌ ᠮᠣᠷᠳᠠᠵᠤ ᠭᠠᠷ ᠲᠠᠭᠠᠨ ᠤᠷᠲᠤ ᠨᠠᠷᠢᠨ ᠤᠷᠭ᠎ᠠ ᠪᠠᠷᠢᠨ ᠬᠡᠭᠡᠷ ᠠᠵᠢᠷᠭᠠᠨ ᠤ᠋ ᠵᠦᠭ ᠳᠠᠪᠬᠢᠪᠠ᠃
      ᠮᠦᠰᠦᠢ᠍ᠺ ᠤᠷᠢᠳ ᠲᠠᠭᠠᠨ ᠴᠢᠨᠠᠳᠤ ᠲᠠᠯ᠎ᠠ ᠪᠠᠷ ᠨᠢ ᠣᠷᠢᠶᠠᠬᠤ ᠶ᠋ᠢᠨ ᠲᠤᠯᠠᠳᠠ ᠬᠣᠯᠠᠭᠤᠷ ᠲᠣᠭᠣᠷᠢᠬᠤ ᠳ᠋ᠤ᠌᠂ ᠬᠡᠭᠡᠷ ᠠᠵᠢᠷᠭ᠎ᠠ ᠠᠶᠤᠯ ᠣᠢᠷᠠᠲᠤᠭᠰᠠᠨ( ᠢ᠋ ) ᠬᠠᠷᠠᠬᠠᠨ ᠰᠡᠵᠢᠭᠯᠡᠯ ᠦᠭᠡᠢ᠂ ᠳᠡᠷᠭᠡᠳᠡᠬᠢ ᠤᠨᠠᠭ᠎ᠠ ᠲᠠᠢ ᠡᠷᠬᠡᠯᠡᠨ ᠪᠠᠢᠪᠠ᠃
      ᠣᠢᠷᠠᠲᠤᠨ ᠢᠷᠡᠭᠴᠢ ᠠᠳᠤᠭᠤᠴᠢᠨ᠂ ᠭᠡᠨᠡᠳᠲᠡ ᠠᠵᠢᠭᠯᠠᠨ ᠦᠷᠭᠦᠭᠡᠬᠦ ᠳ᠋ᠦ᠍ ᠡᠬᠡᠰ ᠨᠢ ᠤᠨᠠᠭ᠎ᠠ ᠪᠠᠨ ᠬᠠᠯᠬᠠᠯᠠᠨ ᠶᠠᠭᠠᠷᠠᠯ ᠦᠭᠡᠢ ᠬᠠᠵᠠᠭᠤ ᠲᠡᠰᠢ ᠵᠠᠢᠯᠠᠵᠤ ᠮᠣᠷᠢ ᠲᠠᠢ ᠬᠥᠮᠦᠨ ᠳ᠋ᠦ᠍ ᠵᠠᠮ ᠲᠠᠯᠪᠢᠭᠠᠳ ᠤᠨᠠᠭ᠎ᠠ ᠨᠤᠭᠤᠳ ᠨᠢ ᠡᠬᠡ ᠪᠡᠨ ᠳᠠᠭᠠᠯᠳᠤᠨ ᠬᠣᠢᠨ᠎ᠠ ᠠ᠋ᠴᠠ ᠨᠢ ᠳᠠᠪᠬᠢᠵᠠᠢ᠃
      ᠬᠡᠭᠡᠷ ᠠᠵᠢᠷᠭ᠎ᠠ ᠰᠣᠷᠲᠣᠯᠵᠠᠨ᠂ ᠣᠢᠷᠠᠲᠤᠭᠰᠠᠨ ᠳᠠᠢᠰᠤᠨ ᠢ᠋ ᠮᠡᠳᠡᠮᠡᠭᠴᠡ᠂ ᠬᠠᠷ᠎ᠠ ᠬᠤᠷᠳᠤ ᠪᠠᠷ ᠢ᠋ᠶ᠋ᠠᠨ ᠬᠠᠵᠠᠭᠤ ᠲᠡᠰᠢ ᠤᠬᠤᠰᠬᠢᠨ ᠪᠤᠰᠤᠳ ᠠᠳᠤᠭᠤᠨ ᠤ᠋ ᠳᠣᠲᠣᠷ᠎ᠠ ᠨᠢᠭᠤᠭᠳᠠᠬᠤ ᠶ᠋ᠢ ᠣᠷᠣᠯᠳᠣᠨ᠎ᠠ᠃
      ᠮᠦᠰᠦᠢ᠍ᠺ ᠲᠡᠭᠦᠨ ᠢ᠋ ᠭᠱᠠᠨ ᠵᠠᠭᠤᠷ᠎ᠠ ᠴᠤ᠌ ᠠᠯᠳᠠᠯ ᠦᠭᠡᠢ ᠬᠠᠷᠠᠵᠤ ᠪᠠᠢᠭᠠᠳ ᠳᠤᠲᠠᠭᠠᠬᠤ ᠳ᠋ᠤᠨᠢ ᠲᠠᠷᠠᠬᠠᠢ ᠠᠳᠤᠭᠤᠨ ᠤ᠋ ᠳᠤᠮᠳᠠᠭᠤᠷ ᠵᠦᠰᠦᠨ ᠭᠠᠷᠴᠤ ᠬᠣᠢᠨ᠎ᠠ ᠠ᠋ᠴᠠ ᠨᠢ ᠡᠯᠳᠡᠪᠡ᠃ ᠤᠷᠭᠠᠴᠢᠨ ᠬᠡᠳᠦᠨ ᠤᠳᠠᠭ᠎ᠠ ᠲᠤᠩ ᠣᠢᠷᠠᠲᠤᠵᠤ ᠬᠤᠢᠪᠢ ᠪᠠᠨ ᠳᠠᠯᠠᠢᠭᠰᠠᠨ ᠪᠣᠯᠪᠠᠴᠤ ᠬᠠᠵᠢᠭ ᠠᠵᠢᠷᠭ᠎ᠠ ᠰᠡᠭᠦᠯ ᠢ᠋ᠶ᠋ᠡᠨ ᠰᠢᠷᠪᠢᠨ ᠳᠡᠯ ᠢ᠋ᠶ᠋ᠡᠨ ᠪᠣᠰᠬᠠᠵᠤ ᠬᠠᠵᠠᠭᠤ ᠲᠡᠰᠢ ᠪᠡᠨ ᠲᠣᠯᠣᠭᠠᠢ ᠪᠠᠨ ᠬᠠᠶᠠᠯᠠᠨ ᠬᠠᠵᠠᠭᠤ ᠳᠠᠰᠢ ᠪᠤᠯᠲᠠᠷᠢᠭᠠᠳ ᠦᠷᠭᠦᠭᠰᠡᠨ ᠪᠤᠰᠤᠳ ᠰᠦᠷᠦᠭ ᠦ᠋ᠨ ᠳᠤᠮᠳᠠᠭᠤᠷ ᠰᠢᠷᠭᠤᠵᠤ ᠦᠵᠡᠭᠳᠡᠬᠦ ᠦᠭᠡᠢ ᠪᠣᠯᠵᠠᠢ᠃
      ᠮᠦᠰᠦᠢ᠍ᠺ ᠴᠢᠷᠠᠢ ᠨᠢ ᠤᠯᠠᠢᠵᠤ ᠠᠯᠳᠠᠭᠳᠠᠭᠰᠠᠨ ᠳᠣᠭᠰᠢᠨ ᠠᠳᠤᠭᠤᠰᠤᠨ ᠠ᠋ᠴᠠ ᠥᠭᠡᠷ᠎ᠡ ᠶᠠᠭᠤ ᠶ᠋ᠢ ᠴᠦ᠍ ᠰᠠᠨᠠᠬᠤ ᠦᠭᠡᠢ ᠪᠠᠢᠭᠰᠠᠨ ᠪᠥᠭᠡᠳ ᠡᠭᠦᠨ ᠢ᠋ ᠬᠡᠷᠬᠢᠪᠡᠴᠦ ᠠᠯᠳᠠᠯ ᠦᠭᠡᠢ ᠪᠠᠷᠢᠬᠤ ᠶᠣᠰᠣᠲᠠᠢ ᠪᠠᠢᠵᠠᠢ᠃
      ᠡᠨᠡ ᠬᠢᠯᠪᠠᠷ ᠦᠭᠡᠢ ᠬᠡᠷᠡᠭ᠂ ᠬᠡᠭᠡᠷ ᠮᠣᠷᠢ ᠠᠳᠤᠭᠤᠴᠢᠨ ᠠ᠋ᠴᠠ ᠬᠡᠳᠦᠨ ᠤᠳᠠᠭ᠎ᠠ ᠵᠠᠢᠯᠠᠨ ᠴᠢᠳᠠᠭᠠᠳ ᠲᠣᠯᠣᠭᠠᠢ ᠪᠠᠨ ᠡᠷᠭᠦᠵᠦ ᠴᠢᠬᠢ ᠪᠡᠨ ᠰᠣᠷᠲᠣᠢᠯᠭᠠ ᠰᠢᠷᠦᠭᠦᠨ ᠢ᠋ᠶ᠋ᠡᠷ ᠬᠥᠭᠡᠭᠡᠬᠦ ᠶ᠋ᠢ ᠰᠣᠴᠢᠨ ᠬᠠᠷᠠᠵᠤ ᠬᠡᠰᠡᠭ ᠠᠳᠤᠭᠤ ᠤᠷᠤᠭᠤ ᠫᠢᠵᠢᠭᠢᠨᠡᠲᠡᠯ᠎ᠡ ᠳᠠᠪᠬᠢᠵᠤ ᠴᠡᠭᠡᠵᠢ ᠪᠡᠷ ᠢ᠋ᠶ᠋ᠡᠨ ᠲᠦᠷᠢᠨ ᠣᠷᠣᠴᠢᠬᠠᠪᠠ᠃ ᠮᠦᠰᠦᠢ᠍ᠺ ᠦ᠋ᠨ ᠤᠨᠤᠨ ᠪᠥᠭᠲᠥᠢᠨ ᠳᠠᠪᠬᠢᠵᠤ ᠪᠣᠢ ᠤᠷᠭᠠᠴᠢ ᠪᠥᠭᠲᠥᠷ ᠮᠣᠷᠢ᠂ ᠤᠨᠤᠭᠰᠠᠨ ᠬᠥᠮᠦᠨ ᠦ᠌ ᠪᠡᠨ ᠳᠠᠯᠳᠠ ᠰᠠᠨᠠᠭ᠎ᠠ ᠶ᠋ᠢ ᠮᠡᠳᠡᠭᠰᠡᠨ ᠪᠣᠯᠤᠯᠲᠠᠢ᠃
      ᠮᠥᠰᠥ᠋ᠺ ᠵᠢᠯᠣᠭᠣ ᠵᠠᠯᠠᠯ ᠦᠭᠡᠢ ᠬᠠᠷᠢᠨ ᠮᠣᠷᠢ ᠨᠢ ᠵᠠᠢᠯᠠᠨ ᠳᠤᠲᠠᠭᠠᠬᠤ ᠡᠮᠨᠢᠭ ᠠᠵᠢᠷᠭ᠎ᠠ ᠶ᠋ᠢ ᠪᠤᠰᠤᠳ ᠣᠯᠠᠨ ᠵᠠᠭᠤᠨ ᠠᠳᠤᠭᠤᠨ ᠤ᠋ ᠳᠣᠲᠣᠷ᠎ᠠ ᠠ᠋ᠴᠠ ᠡᠷᠢᠵᠦ ᠣᠯᠬᠤ ᠭᠡᠵᠦ ᠨᠡᠬᠡᠮᠵᠢᠯᠡᠪᠡ᠃ ᠵᠠᠯᠠᠭᠤ ᠵᠢᠬᠢᠲ ᠂ ᠬᠥᠭᠡᠭᠡᠭᠰᠡᠨ ᠢ᠋ᠶ᠋ᠡᠨ ᠰᠠᠶᠢ ᠭᠦᠢᠴᠡᠵᠦ ᠪᠤᠭᠤᠢᠯᠢ ᠶ᠋ᠢ ᠰᠢᠲᠠᠨ ᠤᠷᠭ᠎ᠠ ᠶ᠋ᠢ ᠬᠠᠵᠠᠭᠤ ᠳᠠᠰᠢ ᠪᠣᠯᠭᠠᠵᠤ ᠪᠤᠭᠤᠢᠯᠢ ᠶ᠋ᠢᠨ ᠦᠵᠦᠭᠦᠷ ᠢ᠋ ᠡᠪᠦᠳᠦᠭ ᠢ᠋ᠶ᠋ᠡᠷ ᠳᠠᠷᠤᠵᠤ ᠴᠣᠪᠬᠣᠴᠢᠨ ᠪᠦᠬᠦᠢ ᠰᠠᠢᠬᠠᠨ ᠮᠣᠷᠢ ᠶ᠋ᠢ ᠭᠠᠷ ᠢ᠋ᠶ᠋ᠠᠷ ᠢ᠋ᠶ᠋ᠠᠨ ᠪᠠᠷᠢᠵᠤ ᠠᠪᠴᠠᠢ᠃ ᠠᠷᠳᠠᠭ ᠬᠦᠯᠦᠭ ᠦ᠋ᠨ ᠬᠦᠵᠦᠭᠦᠨ ᠳ᠋ᠦ᠍ ᠪᠤᠭᠤᠢᠯᠢ ᠣᠷᠣᠬᠤ ᠳ᠋ᠤ᠌ ᠠᠵᠢᠭᠯᠠᠨ ᠪᠠᠢᠭᠰᠠᠨ ᠠᠳᠤᠭᠤᠴᠢᠨ ᠰᠦᠷᠡᠬᠡᠢ ᠴᠢᠩᠭ᠎ᠠ ᠬᠠᠰᠬᠢᠷᠤᠯᠳᠤᠪᠠ᠃
      ᠰᠦᠷᠦᠭ ᠮᠢᠩᠭᠠᠨ ᠠᠳᠤᠭᠤ᠂ ᠬᠥᠮᠦᠨ ᠦ᠌ ᠳᠡᠢᠯᠦᠭᠰᠡᠨ ᠢ᠋ ᠭᠠᠢᠬᠠᠨ ᠭᠥᠯᠢᠷᠡᠵᠦ ᠴᠢᠬᠢ ᠪᠡᠨ ᠰᠣᠷᠲᠣᠢᠯᠭᠠᠨ ᠭᠠᠪᠰᠢᠭᠠᠢ ᠤᠷᠭᠠᠴᠢ ᠬᠢᠭᠡᠳ ᠴᠢᠪᠬᠠᠳᠠᠰᠤ ᠮᠡᠲᠦ ᠬᠥᠪᠴᠢᠯᠡᠭᠰᠡᠨ ᠬᠠᠷ᠎ᠠ ᠳᠡᠭᠡᠰᠦᠨ ᠪᠤᠭᠤᠢᠯᠢ ᠳ᠋ᠤ᠌ ᠤᠷᠠᠬᠠᠯᠳᠤᠨ ᠴᠣᠪᠬᠣᠴᠢᠨ ᠪᠠᠢᠭ᠎ᠠ ᠰᠠᠭᠰᠠᠯᠵᠠᠭᠰᠠᠨ ᠬᠠᠷ᠎ᠠ ᠳᠡᠯ ᠲᠡᠢ ᠠᠵᠢᠷᠭ᠎ᠠ ᠬᠣᠶᠠᠷ ᠤ᠋ᠨ ᠵᠦᠭ ᠰᠢᠷᠳᠡᠵᠡᠢ᠃
      ᠬᠦᠵᠦᠭᠦᠨ ᠦ᠌ ᠰᠣᠴᠢᠮᠠᠭ ᠡᠪᠡᠳᠬᠦ ᠶ᠋ᠢ ᠤᠷᠢᠳᠤ ᠶᠡᠷᠦ ᠮᠡᠳᠡᠷᠡᠵᠦ ᠵᠣᠪᠠᠵᠤ ᠪᠠᠢᠭ᠎ᠠ ᠦᠭᠡᠢ ᠡᠮᠨᠢᠭ ᠮᠣᠷᠢ ᠵᠥᠪᠬᠡᠨ ᠠᠩᠬᠠᠨ ᠤ᠋ ᠬ᠌ᠱᠠᠨ ᠳ᠋ᠤ᠌ ᠬᠥᠳᠡᠯᠦᠯ ᠦᠭᠡᠢ ᠵᠣᠭᠰᠣᠭᠰᠠᠨ ᠢ᠋ᠶ᠋ᠠᠨ ᠬᠥᠯ ᠢ᠋ ᠠᠯᠴᠠᠢᠯᠭᠠᠨ ᠬᠦᠵᠦᠭᠦᠦ ᠪᠡᠨ ᠪᠥᠬᠥᠢᠵᠦ ᠪᠤᠭᠤᠢᠯᠢ ᠶ᠋ᠢ ᠲᠠᠰᠤᠯᠬᠤ ᠪᠠᠷ ᠵᠢᠳᠬᠦᠵᠡᠢ᠃ ᠲᠡᠭᠡᠭᠡᠳ ᠭᠡᠨᠡᠳᠲᠡ ᠴᠣᠷᠣᠢᠨ ᠬᠠᠵᠠᠭᠤ ᠳᠠᠰᠢ ᠰᠢᠢ᠍ᠳᠮᠡᠭ ᠬᠠᠷᠠᠢᠵᠤ ᠠᠳᠤᠭᠤᠴᠢᠨ ᠤ᠋ ᠬᠠᠲᠠᠭᠤ ᠭᠠᠷ ᠠ᠋ᠴᠠ ᠪᠤᠭᠤᠢᠯᠢ ᠶ᠋ᠢ ᠰᠠᠯᠭᠠᠬᠤ ᠭᠡᠵᠦ ᠣᠷᠣᠯᠳᠣᠪᠠᠴᠤ ᠤᠷᠠᠬᠠᠯᠠᠭᠰᠠᠨ ᠭᠣᠭᠴᠣᠭ᠎ᠠ ᠨᠢ ᠤᠯᠠᠮ ᠴᠢᠩᠭᠠᠷᠠᠵᠤ ᠬᠣᠭᠣᠯᠠᠢ ᠶ᠋ᠢ ᠪᠠᠴᠢᠮᠳᠠᠭᠤᠯᠬᠤ ᠳ᠋ᠤ᠌ ᠬᠡᠭᠡᠷ ᠠᠵᠢᠷᠭ᠎ᠠ ᠴᠢᠬᠤᠯᠳᠠᠨ ᠴᠢᠷᠠᠯᠠᠵᠤ ᠰᠥᠬᠥᠷᠡᠨ ᠤᠨᠠᠭᠠᠳ ᠳᠠᠬᠢᠨ ᠬᠠᠷᠠᠢᠵᠤ ᠲᠣᠩᠭᠣᠴᠢᠨ᠂ ᠬᠣᠢᠲᠤ ᠬᠥᠯ ᠢ᠋ᠶ᠋ᠡᠨ ᠳᠡᠭᠡᠭᠰᠢ ᠡᠷᠭᠦᠨ ᠲᠠᠩᠭᠠᠢᠷᠠᠵᠤ ᠪᠠᠢᠪᠠ᠃
      ᠮᠦᠰᠥ᠋ᠺ ᠦ᠋ᠨ ᠮᠣᠷᠢ ᠲᠡᠩᠬᠡᠭᠡ ᠲᠡᠢ᠂ ᠡᠢᠮᠦ ᠲᠡᠮᠡᠴᠡᠯᠳᠦᠭᠡᠨ ᠳ᠋ᠦ᠍ ᠲᠤᠷᠰᠢᠯᠭ᠎ᠠ ᠲᠠᠢ᠂ᠨᠢᠭᠡ ᠠᠯᠬᠤᠮ ᠴᠤ᠌ ᠨᠢᠴᠤᠬᠤ ᠦᠭᠡᠢ ᠪᠠᠢᠵᠠᠢ᠃ ᠮᠥᠰᠥ᠋ᠺ ᠪᠠᠴᠢᠮᠳᠠᠭᠰᠠᠨ ᠳᠠᠢᠰᠤᠨ ᠤ᠋ ᠬᠥᠳᠡᠯᠦᠯ ᠪᠦᠷᠢ ᠶ᠋ᠢ ᠰᠡᠷᠭᠡᠢᠯᠡᠨ ᠪᠠᠢᠬᠤ ᠳ᠋ᠤ᠌ ᠬᠣᠶᠠᠷ ᠠᠳᠤᠭᠤᠴᠢᠨ ᠭᠦᠶᠦᠨ ᠢᠷᠡᠵᠦ ᠴᠢᠷᠠᠯᠠᠨ ᠴᠣᠪᠬᠣᠴᠢᠬᠤ ᠮᠣᠷᠢᠨ ᠤ᠋ ᠴᠢᠬᠢ ᠶ᠋ᠢ ᠰᠢᠭᠦᠷᠡᠨ ᠴᠢᠩᠭ᠎ᠠ ᠠᠳᠬᠤᠵᠤ ᠮᠥᠨ ᠥᠭᠡᠷ᠎ᠡ ᠬᠣᠶᠠᠷ ᠬᠥᠮᠦᠨ ᠬᠥᠯ ᠢ᠋ ᠰᠤᠷ ᠢ᠋ᠶ᠋ᠠᠷ ᠶᠠᠭᠠᠷᠠᠨ ᠬᠦᠯᠢᠪᠡ᠃ ᠡᠳᠡᠭᠡᠷ ᠦ᠋ᠨ ᠨᠢᠭᠡ ᠨᠢ ᠠᠵᠢᠷᠭᠠᠨ ᠤ᠋ ᠰᠢᠳᠦᠨ ᠦ᠌ ᠵᠠᠪᠰᠠᠷ ᠳᠡᠭᠡᠰᠦ ᠣᠷᠣᠭᠤᠯᠵᠤ ᠭᠡᠳᠡᠰᠦ ᠪᠡᠷ ᠨᠢ ᠲᠣᠭᠣᠷᠢᠭᠤᠯᠤᠨ ᠦᠵᠦᠭᠦᠷ ᠢ᠋ ᠨᠢᠷᠤᠭᠤᠨ ᠳᠡᠭᠡᠷ᠎ᠡ ᠨᠢ ᠪᠡᠬᠢᠯᠡᠵᠡᠢ᠃ ᠲᠡᠷᠡ ᠵᠠᠭᠤᠷ᠎ᠠ ᠠᠶᠤᠮᠰᠢᠭᠲᠤ ᠬᠦᠯᠦᠭ ᠦ᠋ᠨ ᠨᠢᠷᠤᠭᠤᠨ ᠳᠡᠭᠡᠷ᠎ᠡ ᠤᠯᠠᠭᠠᠨ ᠴᠠᠮᠴᠠ ᠲᠠᠢ᠂ ᠥᠮᠥᠳᠥ ᠪᠡᠨ ᠰᠢᠭᠤᠭᠰᠠᠨ᠂ ᠬᠥᠯ ᠨᠢᠴᠦᠭᠦᠨ ᠬᠥᠪᠡᠭᠦᠨ ᠰᠠᠭᠤᠵᠤ ᠵᠢᠯᠣᠭᠣ ᠶ᠋ᠢᠨ ᠣᠷᠣᠨ ᠳ᠋ᠤ᠌ ᠰᠢᠳᠦᠨ ᠦ᠌ ᠵᠠᠪᠰᠠᠷ ᠢ᠋ᠶ᠋ᠠᠷ ᠭᠠᠷᠭᠠᠭᠰᠠᠨ ᠳᠡᠭᠡᠰᠦᠨ ᠦ᠌ ᠦᠵᠦᠭᠦᠷ ᠡᠴᠡ ᠪᠠᠷᠢᠭᠠᠳ ᠵᠡᠭᠦᠨ ᠭᠠᠷ ᠢ᠋ᠶ᠋ᠠᠷ ᠥᠳᠬᠡᠨ ᠳᠡᠯ ᠡᠴᠡ ᠨᠢ ᠵᠢᠭᠤᠷᠠᠬᠤ ᠳ᠋ᠤ᠌ ᠠᠳᠤᠭᠤᠴᠢᠨ ᠮᠣᠷᠢᠨ ᠤ᠋ ᠬᠥᠯ ᠦ᠋ᠨ ᠬᠦᠯᠢᠶᠡᠰᠦ ᠶ᠋ᠢ ᠲᠠᠢᠯᠤᠨ ᠵᠢᠭᠤᠲᠠᠮᠠᠭᠴᠠ ᠳᠣᠷᠭᠠᠩ ᠮᠣᠷᠢ ᠶ᠋ᠢ ᠲᠠᠰᠢᠭᠤᠷᠳᠠᠨ ᠲᠠᠯ᠎ᠠ ᠤᠷᠤᠭᠤ ᠳᠠᠪᠬᠢᠪᠠ᠃
       ᠨᠠᠽᠠᠷ ᠺᠢᠶᠡᠷᠢᠽᠸᠺ ᠠᠮᠠ ᠪᠠᠨ ᠠᠩᠭᠠᠢᠵᠤ ᠭᠠᠷ ᠢ᠋ᠶ᠋ᠠᠨ ᠡᠷᠭᠦᠨ ᠪᠡᠶᠡᠰᠦᠨ ᠰᠠᠨᠳᠤᠷᠴᠤ᠄
       — ᠪᠸᠷᠢᠺᠸᠯᠯᠢᠶᠠ(ᠰᠠᠢᠨ ᠡᠷ᠎ᠡ) ᠡᠨᠡ ᠬᠦᠦ ᠶᠣᠰᠣᠲᠠᠢ ᠵᠢᠬᠢᠲ ᠪᠣᠯᠤᠨ᠎ᠠ ᠭᠡᠵᠦ ᠬᠠᠰᠬᠢᠷᠤᠨ ᠪᠠᠢᠯ᠎ᠠ᠃ ᠬᠥᠪᠡᠭᠦᠨ ᠬᠠᠷᠠᠢᠵᠤ ᠪᠠᠢᠭ᠎ᠠ ᠮᠣᠷᠢᠨ ᠤ᠋ ᠨᠢᠷᠤᠭᠤᠨ ᠳᠡᠭᠡᠷ᠎ᠡ ᠲᠣᠭᠲᠠᠪᠤᠷᠢᠲᠠᠢ ᠰᠠᠭᠤᠭᠠᠳ ᠲᠡᠳᠦᠢ ᠮᠠᠰᠢ ᠬᠣᠯᠠ ᠣᠳᠴᠤ᠂ ᠥᠴᠦᠬᠡᠨ ᠤᠯᠠᠭᠠᠨ ᠴᠢᠭ ᠦ᠋ᠨ ᠴᠢᠨᠡᠭᠡ ᠦᠵᠡᠭᠳᠡᠯ᠎ᠡ᠃
       ᠠᠳᠤᠭᠤᠴᠢᠨ᠂ ᠮᠣᠷᠢ ᠬᠦᠦ ᠬᠣᠶᠠᠷ ᠤ᠋ᠨ ᠲᠡᠮᠡᠴᠡᠯᠳᠦᠭᠡᠨ ᠢ᠋ ᠰᠣᠷᠭᠣᠭ ᠢ᠋ᠶ᠋ᠠᠷ ᠠᠵᠢᠭᠯᠠᠵᠤ ᠲᠤᠰᠠᠯᠠᠬᠤ ᠪᠠᠷ ᠳᠠᠪᠬᠢᠬᠤ ᠳ᠋ᠤ᠌ ᠪᠡᠯᠡᠬᠡᠨ ᠪᠠᠢᠵᠠᠭᠠᠪᠠ᠃ ᠮᠣᠷᠢ ᠲᠠᠯ᠎ᠠ ᠳᠡᠭᠡᠭᠦᠷ ᠨᠠᠰᠢ ᠴᠠᠰᠢ ᠭᠡᠷᠦᠨ ᠬᠦᠦ ᠶ᠋ᠢ ᠠᠪᠴᠤ ᠬᠠᠶᠠᠬᠤ ᠶ᠋ᠢ ᠤᠷᠤᠯᠳᠤᠨ ᠬᠠᠵᠠᠭᠤ ᠳᠠᠰᠢ ᠴᠥᠬᠥᠷᠡᠯᠲᠡ ᠦᠭᠡᠢ ᠲᠣᠩᠭᠣᠴᠢᠨ ᠰᠠᠮᠤᠷᠤᠨ ᠢᠰᠬᠦᠯᠵᠦ ᠳᠣᠣᠷ᠎ᠠ ᠪᠠᠨ ᠪᠤᠬᠠᠵᠤ ᠲᠣᠩᠭᠣᠷᠠᠨ ᠬᠣᠢᠲᠤ ᠬᠥᠯ ᠳᠡᠭᠡᠷ᠎ᠡ ᠵᠣᠭᠰᠣᠨ ᠴᠣᠷᠣᠢᠵᠤ ᠲᠡᠰᠴᠦ ᠶᠠᠳᠠᠨ ᠳᠠᠬᠢᠨ ᠴᠠᠰᠢ ᠪᠠᠨ ᠳᠠᠪᠬᠢᠪᠠ᠃ ᠲᠣᠷᠭᠠᠩ ᠳᠡᠭᠡᠰᠦ᠂ ᠲᠠᠬᠢᠷᠠᠭᠰᠠᠨ ᠳᠡᠯ ᠬᠣᠶᠠᠷ ᠠ᠋ᠴᠠ ᠬᠠᠮᠤᠭ ᠬᠦᠴᠦ ᠪᠡᠷ ᠵᠢᠭᠤᠷᠠᠨ ᠠᠶᠤᠬᠤ ᠴᠥᠬᠥᠷᠡᠬᠦ ᠶ᠋ᠢ ᠮᠡᠳᠡᠬᠦ ᠦᠭᠡᠢ ᠬᠠᠶᠠ ᠲᠠᠰᠢᠭᠤᠷ ᠢ᠋ᠶ᠋ᠠᠷ ᠭᠤᠶᠠᠳᠠᠨ ᠬᠠᠶᠠ ᠡᠩᠬᠦᠷᠡᠢᠯᠡᠬᠦ ᠦᠭᠡ ᠪᠡᠷ ᠠᠷᠭᠠᠳᠠᠨ ᠪᠠᠢᠪᠠ᠃ ᠡᠮᠨᠢᠭ ᠠᠵᠢᠷᠭ᠎ᠠ ᠰᠠᠶᠢ ᠠᠷᠠᠢᠬᠢᠵᠤ ᠪᠠᠬᠠᠨ ᠵᠦᠭᠰᠢᠷᠡᠵᠡᠢ᠃ ᠡᠭᠦᠨ ᠢ᠋ ᠠᠳᠤᠭᠤᠴᠢᠨ ᠮᠡᠳᠡᠵᠡᠭᠡᠪᠡ᠃
      ᠠᠬ᠎ᠠ ᠳ᠋ᠸᠮᠢᠷ ᠬᠠᠰᠬᠢᠷᠤᠨ᠄
      — ᠳᠡᠭᠦᠦ ᠮᠣᠷᠢ ᠶ᠋ᠢ ᠲᠠᠢᠯᠪᠠ᠃ ᠣᠳᠣ ᠨᠣᠮᠣᠬᠠᠷᠠᠬᠤ ᠪᠣᠯᠤᠭᠰᠠᠨ᠂ ᠶᠠᠳᠠᠷᠠᠭᠠᠳ ᠥᠴᠦᠬᠡᠨ ᠴᠢᠳᠠᠯ ᠨᠢ ᠭᠦᠢᠴᠡᠬᠦ ᠦᠭᠡᠢ ᠪᠣᠯᠵᠠᠢ᠃ ᠪᠢ ᠥᠪᠡᠷ ᠢ᠋ᠶ᠋ᠡᠨ ᠣᠴᠢᠰᠤᠭᠠᠢ᠃ ᠳ᠋ᠸᠮᠢᠷ᠂ ᠳᠣᠷᠭᠠᠩ ᠤ᠋ᠨ ᠵᠦᠭ ᠣᠴᠢᠬᠤ ᠳ᠋ᠤ᠌ ᠬᠡᠭᠡᠷ ᠮᠣᠷᠢ ᠡᠴᠡᠵᠦ ᠶᠠᠳᠠᠷᠠᠨ᠂ ᠪᠠᠷᠤᠭ ᠵᠦᠭᠰᠢᠷᠡᠭᠡᠳ ᠣᠢᠷᠠᠲᠤᠬᠤ ᠳ᠋ᠤ᠌ ᠭᠠᠢᠭᠤᠢ ᠪᠣᠯᠵᠠᠢ᠃ ᠭᠡᠲᠡᠯ᠎ᠡ ᠥᠭᠡᠷ᠎ᠡ ᠮᠣᠷᠢᠲᠠᠢ ᠬᠥᠮᠦᠨ ᠦ᠌ ᠢᠷᠡᠬᠦ ᠶ᠋ᠢ ᠦᠵᠡᠮᠡᠭᠴᠡ᠂ ᠳᠠᠬᠢᠨ ᠳᠣᠭᠰᠢᠷᠠᠵᠤ ᠪᠣᠰᠤᠩᠭᠤᠲᠠ ᠲᠣᠩᠭᠣᠴᠢᠪᠠ᠃ ᠲᠡᠭᠡᠪᠡᠴᠦ ᠬᠦᠴᠦ ᠪᠡᠨ ᠪᠠᠷᠠᠨ ᠢᠯᠡᠳᠲᠡ ᠡᠴᠡᠭᠰᠡᠨ ᠪᠠᠢᠳᠠᠯ ᠲᠠᠢ ᠬᠠᠲᠠᠷᠢᠨ ᠣᠳᠬᠤ ᠳ᠋ᠤ᠌ ᠶᠠᠪᠤᠳᠠᠯ ᠨᠢ ᠨᠡᠯᠢᠶᠡᠳ ᠲᠦᠪᠰᠢᠨ ᠪᠣᠯᠵᠠᠢ᠃ ᠠᠮᠠ ᠪᠠᠨ ᠮᠡᠳᠡᠬᠦ ᠪᠣᠯᠤᠭᠰᠠᠨ ᠨᠢ ᠮᠡᠳᠡᠭᠳᠡᠵᠦ ᠨᠠᠽᠠᠷ ᠪᠠ ᠠᠳᠤᠭᠤᠴᠢᠳ ᠤ᠋ᠨ ᠪᠠᠢᠭ᠎ᠠ ᠭᠠᠵᠠᠷ ᠲᠤ᠌ ᠣᠢᠷᠠᠲᠤᠨ ᠲᠡᠭᠰᠢᠬᠡᠨ ᠲᠣᠭᠣᠷᠢᠪᠠ᠃
      ᠡᠮᠨᠢᠭ ᠮᠣᠷᠢ ᠤᠨᠤᠭᠠᠰᠢᠷᠠᠵᠠᠢ᠃

      ᠬᠦᠦ ᠳ᠋ᠦ᠍ ᠲᠤᠰᠠᠯᠠᠬᠤ ᠪᠠᠷ ᠳᠠᠪᠬᠢᠭᠰᠠᠨ ᠳ᠋ᠸᠮᠢᠷ ᠵᠡᠷᠭᠡᠴᠡᠵᠦ ᠣᠴᠢᠭᠠᠳ ᠬᠠᠮᠲᠤ ᠳᠠᠪᠬᠢᠬᠤ ᠳ᠋ᠤ᠌ ᠬᠦᠦ ᠵᠡᠭᠦᠨ ᠭᠠᠷ ᠢ᠋ᠶ᠋ᠠᠷ ᠮᠣᠷᠢᠨ ᠤ᠋ ᠰᠡᠷᠪᠡᠭᠡᠨ ᠳᠡᠭᠡᠷ᠎ᠡ ᠲᠦᠰᠢᠵᠦ ᠡᠪᠦᠳᠦᠭ ( ᠢ᠋ᠶ᠋ᠡᠷ ) ᠢ᠋ᠶ᠋ᠡᠨ ᠪᠦᠭᠦᠷᠭᠡᠨ ( ᠳ᠋ᠦ᠍ ) ᠰᠠᠭᠤᠭᠰᠠᠨ ᠢ᠋ᠶ᠋ᠠᠨ ᠬᠤᠷᠳᠤᠨ ᠪᠣᠰᠴᠤ ᠵᠣᠭᠰᠣᠪᠠ᠃ ᠲᠡᠭᠡᠬᠦ ᠳ᠋ᠦ᠍ᠨᠢ ᠬᠠᠰᠢᠷ ᠠᠳᠤᠭᠤᠴᠢᠨ ᠥᠪᠡᠷ ᠦ᠋ᠨ ᠮᠣᠷᠢ ᠪᠠᠷ ᠤᠨᠤᠭᠠᠰᠢᠷᠠᠭᠰᠠᠨ ᠠᠵᠢᠷᠭᠠᠨ ᠳ᠋ᠤ᠌ ᠰᠢᠬᠠᠨ ᠣᠢᠷᠠᠲᠤᠵᠤ ᠬᠦᠦ ᠶ᠋ᠢ ᠪᠠᠷᠠᠭᠤᠨ ᠭᠠᠷ ᠢ᠋ᠶ᠋ᠠᠷ ᠲᠡᠪᠡᠷᠢᠨ ᠰᠢᠭᠦᠷᠴᠦ ᠠᠪᠤᠪᠠ᠃ ᠰᠤᠷᠭᠠᠭᠳᠠᠭᠰᠠᠨ ᠮᠣᠷᠢ ᠬᠠᠵᠠᠭᠤ ᠳ᠋ᠤᠨᠢ ᠬᠥᠲᠥᠯᠦᠭᠡᠰᠦᠲᠡᠢ ᠴᠣᠭᠭᠢᠪᠠ᠃ ᠭᠠᠩᠳᠠᠭᠰᠠᠨ ᠬᠠᠷ᠎ᠠ ᠨᠢᠭᠤᠷ ᠲᠠᠢ ᠠᠳᠤᠭᠤᠴᠢᠨ ᠡᠮᠡᠭᠡᠯ ᠳᠡᠭᠡᠷ᠎ᠡ ᠵᠣᠭᠰᠣᠭ᠎ᠠ ᠬᠦᠦ ᠶ᠋ᠢ ᠲᠡᠪᠡᠷᠢᠨ ᠠᠪᠴᠤ ᠣᠪᠣᠬᠠᠢ ᠤᠷᠤᠭᠤ ᠢᠷᠡᠬᠦ ᠳ᠋ᠦ᠍ ᠲᠣᠰᠣᠨ ᠭᠦᠶᠦᠵᠦ ᠢᠷᠡᠭᠰᠡᠨ ᠠᠬ᠎ᠠ ᠨᠠᠷ ᠨᠢ ᠶᠠᠳᠠᠷᠠᠵᠤ ᠠᠷᠠᠢᠬᠠᠨ ᠬᠥᠯ ᠳᠡᠭᠡᠷ᠎ᠡ ᠪᠡᠨ ᠵᠣᠭᠰᠣᠨ ᠪᠠᠢᠭ᠎ᠠ ᠬᠦᠦ ᠶ᠋ᠢ ᠪᠠᠭᠤᠯᠭᠠᠮᠠᠭᠴᠠ ᠬᠥᠮᠦᠨ ᠪᠦᠷ ᠲᠡᠪᠡᠷᠢᠨ ᠦᠨᠦᠰᠦᠯ᠎ᠡ᠃
      ᠠᠷᠠᠫᠱᠠ ᠬᠡᠭᠡᠷ ᠠᠵᠢᠷᠭ᠎ᠠ ᠤᠷᠤᠭᠤ ᠣᠴᠢᠵᠤ ᠵᠢᠯᠣᠭᠣ ᠠ᠋ᠴᠠ ᠨᠢ ᠪᠠᠷᠢᠵᠤ ᠬᠦᠵᠦᠭᠦᠨ ᠳᠡᠭᠡᠷ᠎ᠡ ᠨᠢ ᠳᠡᠯᠳᠡᠭᠡᠳ ᠥᠬᠥᠭᠡᠷᠳᠡᠭᠰᠡᠨ ᠨᠡᠷ᠎ᠡ ᠪᠡᠷ ᠳᠠᠭᠤᠳᠠᠬᠤ ᠳ᠋ᠤ᠌ ᠮᠣᠷᠢ ᠨᠢ ᠬᠥᠯ ᠢ᠋ᠶ᠋ᠡᠨ ᠭᠠᠳᠠᠭᠰᠢ ᠭᠢᠰᠬᠢᠵᠦ ᠲᠣᠯᠣᠭᠠᠢ ᠪᠠᠨ ᠤᠨᠵᠢᠭᠤᠯᠤᠨ ᠴᠢᠬᠢ ᠪᠡᠨ ᠪᠠᠭᠤᠯᠭᠠᠵᠤ ᠠᠵᠢᠭ ᠦᠭᠡᠢ ᠵᠣᠭᠰᠣᠪᠠ᠃
      ᠡᠪᠦᠭᠡᠨ ᠨᠠᠽᠠᠷ— ᠺᠢᠶᠡᠷᠢᠽᠸᠺ ᠨᠠᠷᠠ ᠣᠷᠣᠲᠠᠯ᠎ᠠ ᠬᠥᠲᠥᠯᠵᠦ ᠠᠯᠬᠤᠭᠤᠯᠤᠨ᠄《ᠰᠥᠨᠢ ᠳᠤᠮᠳᠠ ᠪᠣᠯᠲᠠᠯ᠎ᠠ ᠤᠰᠤ ᠪᠤᠤ ᠥᠭᠭᠦᠭᠲᠦᠨ! ᠲᠡᠷᠢᠭᠦᠨ ᠵᠡᠷᠭᠡ ᠶ᠋ᠢᠨ ᠴᠤᠤᠲᠠᠢ ᠮᠣᠷᠢ ᠪᠣᠯᠤᠨ᠎ᠠ》ᠭᠡᠪᠡ᠃
      ᠮᠣᠷᠢᠨ ᠤ᠋ ᠬᠠᠷᠠᠢᠬᠤ ᠶ᠋ᠢ ᠰᠢᠷᠲᠡᠨ ᠠᠵᠢᠭᠯᠠᠨ ᠵᠣᠭᠰᠣᠭᠰᠠᠨ ᠵᠠᠯᠠᠭᠤ ᠮᠣᠩᠭᠣᠯ᠂ ᠠᠳᠤᠭᠤᠴᠢᠨ ᠤ᠋ ᠵᠦᠭ ᠡᠷᠭᠢᠵᠦ ᠪᠤᠯᠢᠭᠠᠷᠢ ᠬᠡᠲᠡᠪᠴᠢᠨ ᠡᠴᠡ ᠪᠡᠨ ᠳ᠋ᠢᠨᠡᠷ(ᠵᠣᠭᠣᠰ) ᠭᠠᠷᠭᠠᠨ ᠬᠠᠢᠬᠤᠷᠤᠮᠵᠢ ᠦᠭᠡᠢ ᠲᠣᠭᠠᠯᠠᠵᠤ ᠠᠬ᠎ᠠ ᠶ᠋ᠢᠨ ᠢ᠋ᠶ᠋ᠡᠨ(ᠬᠢᠨᠢ ) ᠠᠯᠠᠭᠠᠨ ᠳᠡᠭᠡᠷ᠎ᠡ ᠲᠠᠯᠪᠢᠭᠠᠳ ᠴᠠᠭᠠᠨ ᠠᠵᠢᠷᠭᠠᠨ ᠳᠡᠭᠡᠷ᠎ᠡ ᠮᠣᠷᠳᠠᠵᠤ ᠠᠮᠠ ᠶ᠋ᠢ ᠲᠠᠲᠠᠵᠤ᠄
      — ᠵᠢᠬᠢᠲ ᠠᠳᠤᠭᠤᠴᠢᠨ ᠲᠠ ᠨᠠᠷ ᠲᠤ᠌ ᠪᠠᠶᠠᠷᠯᠠᠯ᠎ᠠ! ᠲᠠ ᠬᠣᠶᠠᠷ ᠤᠳᠠᠬᠤ ᠦᠭᠡᠢ ᠮᠢᠨᠦ ᠰᠤᠷᠠᠭ ᠢ᠋ ᠰᠣᠨᠣᠰᠤᠨ᠎ᠠ ᠭᠡᠪᠡ᠃
      ᠲᠡᠷᠡ᠂ ᠬᠥᠳᠡᠯᠦᠨ ᠶᠠᠪᠤᠭᠰᠠᠨ ᠢ᠋ᠶ᠋ᠠᠨ ᠠᠯᠤᠰ ᠲᠤ᠌ ᠶᠠᠭᠤᠮ᠎ᠠ ᠠᠵᠢᠵᠤ ᠵᠣᠭᠰᠣᠪᠠ᠃ ᠬᠥᠨᠳᠡᠢ ᠶ᠋ᠢ ᠲᠣᠭᠣᠷᠢᠭᠰᠠᠨ ᠲᠤᠯᠤᠭᠠᠳ ᠢ᠋ᠶ᠋ᠠᠷ ᠮᠣᠷᠢᠨ ᠴᠡᠷᠢᠭ ᠦ᠋ᠨ ᠨᠢᠭᠡᠨ ᠪᠠᠭ ᠴᠤᠪᠤᠷᠠᠨ ᠶᠠᠪᠤᠭ᠎ᠠ ᠠᠵᠢ᠃ ᠪᠦᠳᠦᠭᠦᠨ ᠪᠣᠭᠣᠨᠢ ᠬᠦᠵᠦᠭᠦᠦ ᠲᠡᠢ ᠵᠢᠵᠢᠭ ᠮᠣᠷᠢᠳ ᠢ᠋ᠶ᠋ᠠᠷ ᠨᠢ ᠮᠣᠩᠭᠣᠯᠴᠤᠳ ᠭᠡᠵᠦ ᠲᠠᠨᠢᠪᠠ᠃ ᠣᠪᠣᠬᠠᠢ ᠪᠦᠬᠦᠢ ᠭᠠᠵᠠᠷ ᠢ᠋ ᠮᠣᠷᠢᠲᠠᠨ ᠳᠠᠷᠤᠢ ᠪᠦᠰᠡᠯᠡᠪᠡ᠃ ᠰᠢᠷᠦᠭᠦᠨ ᠳᠣᠭᠰᠢᠨ ᠴᠢᠷᠠᠢ ᠲᠠᠢ ᠵᠠᠯᠠᠭᠤ ᠬᠠᠭᠠᠨ ᠮᠣᠩᠭᠣᠯᠴᠤᠳ ᠢ᠋ ᠵᠠᠬᠢᠷᠤᠨ ᠶᠠᠪᠤᠵᠤ ᠬᠣᠢᠨ᠎ᠠ ᠠ᠋ᠴᠠ ᠨᠢ ᠭᠤᠷᠪᠠᠨ ᠴᠡᠷᠢᠭ ᠰᠠᠯᠤᠯ ᠦᠭᠡᠢ ᠳᠠᠭᠠᠵᠠᠢ᠃ ᠳᠤᠮᠳᠠᠬᠢ ᠨᠢ ᠨᠠᠮᠢᠷᠠᠭᠰᠠᠨ ᠰᠢᠷ᠎ᠠ ᠪᠦᠰᠡ ᠶ᠋ᠢ ᠬᠡᠢᠰᠬᠡᠨ ᠵᠢᠳᠠ ᠶ᠋ᠢ ᠪᠠᠷᠢᠵᠠᠢ᠃ ᠲᠣᠭᠰᠢᠨ ᠴᠢᠷᠠᠢ ᠲᠠᠢ ᠬᠠᠭᠠᠨ ᠠᠳᠤᠭᠤᠴᠢᠨ ᠤ᠋ ᠳᠡᠷᠭᠡᠳᠡ ᠢᠷᠡᠵᠦ ᠴᠠᠭᠠᠨ ᠠᠵᠢᠷᠭ᠎ᠠ ᠤᠨᠤᠭᠰᠠᠨ ᠵᠠᠯᠠᠭᠤ ᠡᠷ᠎ᠡ ᠶ᠋ᠢ ᠦᠵᠡᠮᠡᠭᠴᠡ ᠡᠮᠡᠭᠡᠯ ᠦ᠋ᠨ ᠢ᠋ᠶ᠋ᠡᠨ ᠪᠦᠭᠦᠷᠭᠡ ᠤᠷᠤᠭᠤ ᠪᠥᠬᠥᠢᠵᠦ᠂
      — ᠪᠠᠲᠤ ᠬᠠᠭᠠᠨ ᠮᠡᠨᠳᠦ ᠤᠤ? ᠴᠢᠮᠠᠶ᠋ᠢ ᠠᠷᠠᠢᠬᠢᠵᠤ ᠣᠯᠤᠯ᠎ᠠ᠃ ᠴᠢᠩᠭᠢᠰ ᠦ᠋ᠨ ᠠᠴᠢ ᠨᠠᠷ ᠲᠤ᠌ ᠦᠯᠦ ᠲᠡᠩᠴᠡᠬᠦ ᠬᠤᠪᠴᠠᠰᠤ ᠶ᠋ᠢ ᠶᠠᠭᠤᠨ ᠳ᠋ᠤ᠌ ᠡᠮᠦᠰᠦᠭᠰᠡᠨ ᠪᠣᠢ?
      — ᠭᠦᠶᠦᠭ ᠬᠠᠭᠠᠨ ᠰᠢᠷ᠎ᠠ ᠴᠢᠬᠢᠲᠡᠢ ᠨᠣᠬᠠᠳ ᠨᠠᠮᠠᠶ᠋ᠢ ᠮᠥᠷᠳᠡᠨ ᠬᠥᠭᠡᠭᠡᠬᠦ ᠳ᠋ᠦ᠍ ᠪᠢ ᠡᠨᠡ ᠶᠠᠳᠠᠭᠤᠴᠤᠳ ᠤ᠋ᠨ ᠣᠪᠣᠬᠠᠢ ᠳ᠋ᠤ᠌ ᠬᠣᠷᠭᠣᠳᠠᠨ ᠨᠢᠭᠤᠭᠳᠠᠪᠠ ᠭᠡᠪᠡ᠃
      — ᠮᠢᠨᠦ ᠡᠷᠬᠢᠮ ᠡᠴᠢᠭᠡ ᠰᠦᠪᠡᠭᠡᠳᠡᠢ ᠪᠠᠭᠠᠲᠤᠷ ᠤ᠋ᠨ ᠰᠡᠳᠬᠢᠯ ᠵᠣᠪᠠᠨᠢᠨ᠎ᠠ᠃ ᠨᠡᠩ ᠳᠠᠷᠤᠢ ᠮᠢᠨᠦ ᠠᠰᠠᠷ ᠲᠤ᠌ ᠢᠷᠡᠬᠦ ᠠᠵᠢᠶᠠᠮᠤ ᠭᠡᠵᠦ ᠪᠠᠢᠨ᠎ᠠ ᠭᠡᠬᠦ ᠳ᠋ᠦ᠍᠂
      — ᠤᠷᠢᠶᠠᠩᠬᠤ ᠬᠠᠲᠤᠨ᠂ ᠪᠠᠭᠠᠲᠤᠷ ᠠ᠋(ᠦᠷᠶᠠᠩᠾ —ᠭᠠᠳᠠᠩ ᠪᠠᠭᠠᠲᠤᠷ ᠠ᠋ ) ᠂ ᠪᠢ ᠪᠡᠯᠡᠬᠡᠨ ᠭᠡᠵᠡᠢ᠃ ᠮᠣᠩᠭᠣᠯᠴᠤᠳ ᠵᠣᠭᠰᠣᠭᠰᠠᠨ ᠭᠠᠵᠠᠷ ᠠ᠋ᠴᠠ ᠪᠠᠨ ᠳᠡᠪᠬᠡᠯᠦᠨ᠂ ᠬᠥᠲᠥᠯ ᠦ᠋ᠨ ᠴᠢᠨᠠᠳᠤ ᠤᠷᠤᠭᠤ ᠲᠦᠷᠭᠡᠨ᠎ᠡ ᠳᠠᠯᠳᠠ ᠣᠷᠣᠵᠠᠢ᠃ ᠠᠷᠠᠫᠱᠠ ᠬᠠᠢᠷᠠᠲᠤ ᠴᠠᠭᠠᠨ ᠠᠺᠴᠢᠶᠠᠨ ᠤ᠋ ᠪᠠᠨ ᠬᠣᠯᠠᠳᠬᠤ ᠶ᠋ᠢ ᠦᠵᠡᠨ ᠲᠡᠪᠡᠳᠡᠬᠦ ᠦᠭᠡᠢ ᠡᠷᠭᠢᠵᠦ ᠬᠠᠷᠠᠪᠠ᠃ ᠰᠢᠨ᠎ᠡ ᠮᠣᠷᠢᠨ ᠤ᠋ ᠬᠠᠵᠠᠭᠤ ᠤᠷᠤᠭᠤ ᠤᠷᠤᠰᠤᠨ ᠪᠠᠢᠭ᠎ᠠ ᠬᠥᠯᠥᠰᠥ ᠶ᠋ᠢ ᠡᠪᠡᠰᠦ ᠪᠡᠷ ᠠᠷᠴᠢᠭᠠᠳ ᠡᠩᠬᠦᠷᠡᠢᠯᠡᠨ ᠰᠢᠪᠡᠨᠡᠵᠦ᠄
      — ᠪᠢᠲᠡᠭᠡᠢ ᠭᠤᠨᠢᠭᠲᠤᠨ᠃ ᠡᠷᠬᠡ ᠦᠭᠡᠢ ᠪᠣᠯᠤᠯ᠎ᠠ ᠭᠡᠵᠦ ᠪᠤᠤ ᠭᠠᠰᠠᠯ᠂ ᠣᠳᠣ ᠴᠢ ᠮᠢᠨᠦ ᠬᠠᠨᠢ ᠪᠣᠯᠤᠯ᠎ᠠ᠃ ᠪᠢ ᠰᠠᠶᠢ ᠪᠣᠯᠲᠠᠯ᠎ᠠ ᠵᠣᠯ ᠦᠭᠡᠢ ᠶᠠᠪᠤᠭᠰᠠᠨ᠂ ᠬᠠᠷᠢᠨ ᠴᠢ ᠨᠠᠳᠠᠳᠤ ᠢᠲᠡᠭᠡᠯ ᠭᠣᠷᠢᠳᠠᠯᠭ᠎ᠠ ᠶ᠋ᠢ ᠲᠥᠷᠥᠭᠦᠯᠵᠦ ᠪᠠᠢᠨ᠎ᠠ᠃ ᠪᠢ ᠴᠢᠮ᠎ᠠ ᠳ᠋ᠤ᠌ ᠢᠲ ᠠᠯᠮᠠᠽ(ᠠᠯᠮᠠᠰ) ᠭᠡᠳᠡᠭ ᠨᠡᠷ᠎ᠡ ᠶ᠋ᠢ ᠥᠭᠭᠦᠶ᠎ᠡ᠃ ᠴᠢ ᠨᠣᠬᠠᠢ ᠮᠡᠲᠦ ᠦᠨᠡᠨᠴᠢ(᠂) ᠠᠯᠮᠠᠽ(ᠠᠯᠮᠠᠰ ) ᠮᠡᠲᠦ ᠴᠤᠴᠠᠰᠢ ᠦᠭᠡᠢ ᠪᠥᠬᠡ ᠪᠠᠲᠤ ᠪᠣᠯᠲᠤᠭᠠᠢ!


          ᠦᠰᠦᠭ ᠠᠮᠢᠯᠠᠭᠤᠯᠤᠭᠴᠢ᠄ ᠪᠠᠯ᠂ ᠠᠷᠢᠭᠤᠨ᠂ ᠡᠷᠳᠡᠨᠢᠭᠣᠸ᠎ᠠ ᠂ ᠠᠯᠲᠠᠨᠴᠢᠮᠡᠭ᠂ ᠵᠢᠩᠯᠢᠬᠤᠸᠠᠷ ᠪᠠᠶᠠᠨᠴᠡᠴᠡᠭ
          ᠬᠢᠨᠠᠭᠴᠢ᠄ ᠠᠯᠲᠠᠨᠴᠢᠮᠡᠭ᠂ ᠠᠷᠢᠭᠤᠨ᠂ ᠪᠠᠶᠠᠨᠴᠡᠴᠡᠭ᠂ ᠪᠠᠯ