ᠪᠠᠲᠤ ᠬᠠᠭᠠᠨ 1-13ᠠᠳᠤᠭᠤᠴᠢᠨ ᠠᠬ᠎ᠠ ᠳᠡᠭᠦᠦ ᠨᠠᠷBat khaan Бат хаан-ᠷᠣᠮᠠᠨ
ᠠᠷᠪᠠᠨ ᠭᠤᠷᠪᠠ ᠠᠳᠤᠭᠤᠴᠢᠨ ᠠᠬ᠎ᠠ ᠳᠡᠭᠦᠦ ᠨᠠᠷ
ᠨᠠᠽᠠᠷ— ᠺᠢᠶᠡᠷᠢᠽᠧᠺ ᠬᠥᠪᠡᠭᠦᠳ ᠲᠡᠢ ᠪᠡᠨ ᠤᠴᠠᠷᠠᠵᠤ ᠲᠠᠪᠤᠨ ᠮᠣᠷᠢ ᠥᠭᠬᠦ ᠭᠡᠰᠡᠨ ᠬᠠᠭᠠᠨ ᠤ᠋ ᠬᠠᠢᠷ᠎ᠠ ᠶ᠋ᠢ ᠰᠣᠨᠣᠰᠬᠠᠨ ᠪᠠᠶᠠᠰᠤᠭᠤᠯᠬᠤ ᠭᠡᠵᠦ ᠶᠠᠭᠠᠷᠠᠨ᠂ ᠲᠤᠷᠠᠩᠬᠠᠢ ᠭᠡᠭᠦᠦ ᠪᠡᠨ ᠪᠠᠢᠳᠠᠭ ᠴᠢᠨᠡᠭᠡ ᠪᠡᠷ ᠢ᠋ᠶ᠋ᠡᠨ ᠲᠠᠰᠢᠭᠤᠷᠳᠠᠬᠤ ᠳ᠋ᠤ᠌ ᠭᠡᠭᠦᠦ ᠨᠢ ᠬᠠᠶᠠ ᠰᠠᠵᠢᠯᠠᠵᠤ ᠬᠠᠶᠠ ᠱᠣᠭᠰᠢᠭᠰᠠᠭᠠᠷ ᠪᠠᠶᠠᠨᠳᠧᠷ ᠬᠠᠭᠠᠨ ᠤ᠋ ᠠᠳᠤᠭᠤ ᠪᠡᠯᠴᠢᠬᠦ ᠬᠥᠨᠳᠡᠢ ᠳ᠋ᠦ᠍ ᠰᠠᠶᠢ ᠬᠦᠷᠦᠯ᠎ᠡ᠃ ᠨᠠᠽᠠᠷ ᠤ᠋ᠨ ᠬᠣᠢᠨ᠎ᠠ ᠠ᠋ᠴᠠ ᠪᠢᠴᠢᠬᠠᠨ ᠬᠥᠪᠡᠭᠦᠨ ᠳᠤᠷᠭᠠᠩ ᠲᠠᠤᠯᠠᠢ ᠮᠡᠲᠦ ᠬᠠᠷᠠᠢᠨ ᠭᠦᠶᠦᠵᠦ ᠬᠥᠲᠥᠯ ᠥᠭᠡᠳᠡ ᠠᠪᠠᠷᠢᠨ ᠡᠴᠢᠭᠡ ᠶ᠋ᠢᠨ ᠵᠦᠭ᠄
— ᠠᠪᠤ ᠠ᠋᠂ ᠲᠦᠷᠭᠡᠨ ᠨᠡᠰᠢ ᠢᠷ᠎ᠡ! ᠡᠨᠳᠡ ᠴᠢᠨᠣ᠎ᠠ ᠪᠠᠢᠨ᠎ᠠ ᠭᠡᠰᠡᠨ ᠳ᠋ᠦ᠍᠂ ᠨᠠᠽᠠᠷ ᠮᠣᠷᠢ ᠪᠠᠨ ᠭᠤᠶᠠᠳᠠᠨ ᠬᠥᠲᠥᠯ ᠳᠡᠭᠡᠷ᠎ᠡ ᠭᠠᠷᠪᠠ᠃ ᠬᠥᠲᠥᠯ ᠦ᠋ᠨ ᠬᠣᠭᠣᠷᠣᠨᠳᠣ ᠳ᠋ᠠᠬᠢ ᠠᠮᠠᠨ ᠳ᠋ᠤ᠌ ᠪᠠᠶᠠᠨᠳᠧᠷ ᠬᠠᠭᠠᠨ ᠤ᠋ ᠵᠢᠬᠢᠲ ᠦ᠋ᠳ ᠬᠠᠰᠬᠢᠷᠤᠨ ᠢᠰᠬᠡᠷᠴᠦ ᠵᠦᠭ ᠪᠦᠷᠢ ᠳ᠋ᠦ᠍ ᠳᠠᠪᠬᠢᠯᠳᠤᠨ ᠲᠠᠢᠭ᠎ᠠ ᠨᠣᠬᠠᠳ ᠭᠠᠩᠭᠢᠨᠠᠨ ᠬᠤᠴᠠᠵᠤ᠂ ᠬᠡᠳᠦᠨ ᠴᠢᠨᠣ᠎ᠠ ᠶ᠋ᠢ ᠬᠥᠭᠡᠭᠡᠬᠦ ᠳ᠋ᠦ᠍ ᠴᠢᠨᠣ᠎ᠠ ᠨᠤᠭᠤᠳ ᠵᠢᠭᠤᠲᠠᠨ ᠮᠣᠷᠢᠨ ᠤ᠋ ᠬᠥᠯ ᠳᠣᠣᠭᠤᠷ ᠣᠷᠣᠵᠠᠢ᠃ ᠢᠯᠠᠩᠭᠤᠶ᠎ᠠ ᠨᠢᠭᠡᠨ ᠲᠣᠮᠣ ᠬᠥᠭᠰᠢᠨ ᠴᠢᠨᠣ᠎ᠠ ᠶ᠋ᠢ ᠲᠣᠭᠣᠷᠢᠨ ᠶᠡᠬᠡᠳᠡ ᠪᠤᠵᠢᠭᠢᠨᠠᠵᠤ᠂ ᠲᠡᠷᠡ ᠠᠷᠵᠠᠢᠭᠰᠠᠨ ᠰᠢᠲᠦ ᠪᠡᠨ ᠬᠠᠪᠢᠷᠴᠤ ᠪᠤᠷᠤᠭᠤᠯᠠᠨ ᠂ ᠣᠪᠣᠭᠠᠷᠠᠬᠤ ᠨᠣᠬᠠᠳ ᠢ᠋ ᠤᠬᠤᠷᠢᠭᠠᠨ ᠬᠦᠷᠢᠶᠡᠯᠡᠭᠰᠡᠨ ᠳᠠᠢᠰᠤᠨ ᠠ᠋ᠴᠠ ᠪᠡᠶ᠎ᠡ ᠪᠡᠨ ᠬᠠᠮᠠᠭᠠᠯᠠᠵᠤ ᠡᠷᠭᠢᠯᠳᠦᠵᠦ ᠪᠠᠢᠪᠠ᠃ ᠨᠢᠭᠡᠨ ᠵᠢᠬᠢᠲ ᠡᠮᠡᠭᠡᠯ ᠳᠡᠭᠡᠷ᠎ᠡ ᠡᠴᠡ ᠪᠡᠨ ᠴᠢᠨᠣ᠎ᠠ ᠤᠷᠤᠭᠤ ᠰᠢᠭᠤᠳ ᠪᠠᠭᠤᠨ ᠬᠠᠷᠠᠢᠵᠤ ᠴᠢᠬᠢᠳᠡᠨ ᠠᠪᠬᠤ ᠭᠡᠲᠡᠯ᠎ᠡ ᠴᠢᠨᠣ᠎ᠠ ᠪᠤᠯᠲᠠᠷᠢᠵᠤ ᠨᠣᠬᠠᠢ ᠶ᠋ᠢᠨ ᠳᠡᠭᠡᠭᠦᠷ ᠲᠣᠩᠭᠣᠷᠴᠣᠭᠯᠠᠨ ᠬᠣᠯᠠ ᠬᠠᠷᠠᠢᠭᠠᠳ ᠵᠢᠭᠤᠲᠠᠵᠠᠢ᠃
ᠵᠢᠬᠢᠲ ᠦ᠋ᠳ ᠴᠢᠨᠣ᠎ᠠ ᠶ᠋ᠢᠨ ᠬᠣᠢᠨ᠎ᠠ ᠠ᠋ᠴᠠ ᠬᠥᠭᠡᠭᠡᠨ
—ᠨᠥᠷᠢ! ᠴᠢᠲ ᠲᠤᠤ! ᠴᠢᠬᠢ ᠡᠴᠡ ᠨᠢ ᠪᠠᠷᠢᠭᠲᠤᠨ! ᠭᠡᠯᠴᠡᠵᠦ ᠬᠤᠢᠯᠠᠷᠠᠭᠰᠠᠨ ᠳᠠᠢᠰᠤᠨ ᠤ᠋ ᠳᠤᠮᠳᠠ ᠭᠥᠷᠥᠭᠡᠴᠢᠨ᠂ ᠴᠢᠨᠣ᠎ᠠ ᠨᠣᠬᠠᠳ ᠭᠤᠤᠭᠯᠠᠨ ᠳᠤᠤᠭᠠᠷᠤᠨ ᠱᠤᠤᠭᠢᠵᠤ ᠳᠠᠯᠳᠠ ᠣᠷᠣᠵᠠᠢ᠃ ᠲᠡᠷᠡ ᠦᠶ᠎ᠡ ᠳ᠋ᠦ᠍ ᠨᠠᠽᠠᠷ— ᠺᠢᠶᠠᠷᠢᠽᠧᠺ ᠰᠠᠶᠢ ᠶ᠋ᠢᠨ ᠦᠢᠮᠡᠭᠡᠨ ᠪᠣᠯᠤᠭᠰᠠᠨ ᠭᠠᠵᠠᠷ ᠣᠯᠣᠰᠣ ᠪᠠᠷ ᠬᠦᠯᠢᠭᠳᠡᠭᠰᠡᠨ ᠬᠥᠮᠦᠨ ᠬᠡᠪᠲᠡᠵᠦ ᠪᠠᠢᠬᠤ ᠶ᠋ᠢ ᠬᠠᠷᠠᠪᠠ᠃
ᠮᠣᠩᠭᠣᠯ ᠬᠥᠬᠡ ᠳᠡᠪᠡᠯ ᠡᠮᠦᠰᠴᠡᠢ᠃ ᠬᠠᠵᠠᠭᠤ ᠤᠷᠤᠭᠤ ᠨᠢ ᠤᠨᠠᠭᠰᠠᠨ ᠳ᠋ᠸᠷᠸᠢᠱ(ᠪᠦᠷᠬᠦᠭᠦᠯ ᠮᠠᠯᠠᠭᠠᠢ) ᠊ᠢ ᠲᠠᠨᠢᠬᠤ ᠶᠤᠮᠰᠢᠭ ᠰᠠᠨᠠᠭᠳᠠᠵᠠᠢ᠃ ᠨᠠᠽᠠᠷ ᠣᠢᠷᠠᠲᠤᠵᠤ ᠮᠣᠷᠢᠨ ᠠ᠋ᠴᠠ ᠪᠠᠭᠤᠭᠠᠳ᠂
— ᠮᠠᠨ ᠤ᠋ ᠠᠢᠯ ᠤ᠋ᠨ ᠬᠥᠮᠦᠨ(᠂ ) ᠡᠷᠳᠡᠮᠲᠡᠨ ᠹᠠᠺᠢᠾ ᠬᠠᠳ᠋ᠵᠢ ᠷᠠᠾᠢᠮ ᠪᠠᠢᠨ᠎ᠠ ᠰᠢᠦ ᠳᠡ᠂ ᠴᠢᠮᠠᠶ᠋ᠢ ᠬᠥᠭᠰᠢᠨ ᠴᠢᠨᠣ᠎ᠠ ᠪᠠᠭᠠᠯᠵᠤᠷᠳᠠᠭᠰᠠᠨ ᠦᠭᠡᠢ ᠤᠤ? ᠬᠠᠳ᠋ᠵᠢ ᠷᠠᠾᠢᠮ ᠲᠠ ᠠᠮᠢ ᠲᠠᠢ ᠪᠤᠶᠤ᠂ ᠶᠡᠬᠡ ᠠᠯᠠᠯᠾ ᠪᠢᠳᠡᠨ ᠳ᠋ᠦ᠍ ᠲᠤᠰᠠᠯᠠᠭᠠᠴᠢ ᠭᠡᠪᠡ᠃
— ᠪᠢ ᠠᠮᠢᠳᠤ ᠪᠤᠶᠤ᠂ ᠡᠰᠡᠬᠦᠯ᠎ᠡ ᠠᠪᠤᠷᠠᠯ ᠦᠭᠡᠢ ᠠᠽᠷᠠᠢᠯ ᠰᠥᠨᠢ ᠶ᠋ᠢᠨ ᠣᠷᠣᠨ ᠳ᠋ᠤ᠌ ᠠᠪᠠᠴᠢᠬᠤ ᠶᠤᠮ ᠤᠤ? ᠪᠢ ᠮᠡᠳᠡᠬᠦ ᠦᠭᠡᠢ᠁ ᠳᠡᠭᠡᠭᠦᠷ ᠮᠢᠨᠢ ᠠᠩᠴᠢᠨ ᠵᠢᠬᠢᠲ ᠬᠠᠷᠠᠢᠯᠳᠤᠨ ᠨᠢᠷᠤᠭᠤᠨ ᠳᠡᠭᠡᠷ᠎ᠡ ᠮᠢᠨᠢ ᠨᠣᠬᠠᠳ ᠴᠢᠨᠣ᠎ᠠ ᠲᠠᠢ ᠭᠡᠷᠡᠯᠲᠦᠯᠡ᠃ ᠨᠠᠽᠠᠷ— ᠺᠢᠶᠠᠷᠢᠽᠸᠺ᠂ ᠴᠢ ᠨᠠᠮᠠᠶ᠋ᠢ ᠥᠯᠥᠰᠬᠦᠯᠡᠩ ᠡᠴᠡ ᠣᠯᠠᠨᠲᠠ ᠠᠪᠤᠷᠠᠭᠰᠠᠨ ᠳ᠋ᠠᠭ᠃ ᠡᠨᠳᠡ ᠨᠠᠮᠠᠶ᠋ᠢ ᠣᠷᠭᠢᠯ ᠦᠭᠡᠢ ᠳᠠᠬᠢᠨ ᠠᠪᠤᠷᠠᠭᠲᠤᠨ! ᠭᠡᠬᠦ ᠳ᠋ᠦ᠍ ᠨᠠᠽᠠᠷ ᠣᠯᠣᠰᠣ ᠶ᠋ᠢ ᠲᠠᠢᠯᠤᠨ ᠡᠪᠬᠡᠵᠦ᠂
— ᠮᠢᠨᠦ ᠠᠢᠯ ᠤ᠋ᠨ ᠡᠷᠬᠢᠮ ᠬᠥᠮᠦᠨ ᠢ᠋ ᠳᠣᠷᠣᠮᠵᠢᠯᠠᠭᠰᠠᠨ ᠳᠡᠭᠡᠷᠡᠮᠴᠢᠳ ᠢ᠋ ᠮᠢᠨᠦ ᠬᠥᠪᠡᠭᠦᠳ ᠡᠨᠡ ᠭᠣᠭᠴᠣᠭ᠎ᠠ ᠪᠠᠷ ᠳᠡᠭᠦᠵᠢᠯᠡᠨ ᠠᠯᠠᠭ! ᠭᠡᠪᠡ᠃ ᠰᠢᠷᠬᠠᠲᠤᠭᠰᠠᠨ ᠳ᠋ᠸᠷᠸᠢᠱ ᠲᠦ᠍ ᠡᠪᠦᠭᠡᠨ ᠭᠡᠭᠦᠦ ᠪᠡᠨ ᠤᠨᠤᠭᠤᠯᠵᠤ ᠴᠤᠯᠪᠤᠭᠤᠷ ᠠ᠋ᠴᠠ ᠠᠯᠭᠤᠷᠬᠠᠨ ᠬᠥᠲᠥᠯᠬᠦ ᠳ᠋ᠦ᠍ ᠬᠠᠳ᠋ᠵᠢ ᠷᠠᠾᠢᠮ ᠶᠣᠢᠯᠠᠨ ᠭᠣᠮᠣᠳᠠᠯ ᠭᠠᠷᠭᠠᠵᠤ᠄
— ᠭᠤᠷᠭᠤᠤᠯᠳᠠᠢ᠂ ᠵᠥᠭᠡᠢ ᠶ᠋ᠢ ᠬᠥᠭᠡᠭᠡᠬᠦ ᠪᠥᠭᠡᠳ ᠭᠦᠷᠦᠭᠡᠴᠢ ᠬᠤᠷᠴᠠ ᠰᠤᠮᠤ ᠪᠠᠷ ᠬᠠᠷᠪᠤᠬᠤ ᠪᠠᠷ ᠨᠤᠮᠤ ᠪᠠᠨ ᠲᠡᠳᠡᠨ ᠪᠡᠯᠡᠳᠬᠡᠭᠰᠡᠨ ᠢ᠋ ᠦᠯᠦ ᠠᠵᠢᠶᠠᠷᠠᠨᠠ᠂ ᠭᠡᠲᠡᠯ᠎ᠡ ᠭᠥᠷᠥᠭᠡᠴᠢᠨ ᠢ᠋ ᠲᠠᠰᠤ ᠲᠠᠲᠠᠬᠤ ᠪᠠᠷ ᠴᠣᠪᠬᠣᠷᠬᠤ ᠭᠡᠵᠦ ᠪᠠᠷᠰ ᠵᠡᠬᠡᠨᠡ᠃ ᠪᠢᠳᠡᠨ ᠦ᠌ ᠢᠷᠡᠭᠡᠳᠦᠢ ᠶ᠋ᠢ ᠬᠡᠨ ᠮᠡᠳᠡᠬᠦ ᠪᠣᠢ? ᠪᠠᠷᠰ᠂ ᠭᠤᠷᠭᠤᠤᠯᠳᠠᠢ᠂ ᠬᠥᠷᠥᠭᠡᠴᠢ᠂ ᠵᠥᠭᠡᠢ ᠳᠥᠷᠪᠡ ᠶ᠋ᠢᠨ ᠠᠯᠢ ᠨᠢ ᠲᠦᠷᠦᠭᠦᠨ ᠳ᠋ᠦ᠍ ᠦᠬᠦᠨ᠎ᠡ?ᠠᠶᠤᠯᠲᠤ ᠮᠣᠩᠭᠣᠯ ᠤ᠋ᠨ ᠭᠠᠷ ᠲᠤ᠌ ᠣᠷᠣᠨ ᠮᠥᠬᠥᠬᠦ ᠳ᠋ᠦ᠍ ᠲᠤᠯᠤᠯ᠎ᠠ᠃ ᠬᠡᠨ ᠨᠠᠮᠠᠶ᠋ᠢ ᠠᠮᠢᠳᠤᠷᠠᠭᠤᠯᠪᠠ ᠭᠡᠪᠡᠯ ᠬᠣᠣᠷᠯᠠᠯᠲᠤ ᠬᠥᠬᠡ ᠴᠢᠨᠣ᠎ᠠ᠂ ᠤᠯᠠᠩᠭᠠᠰᠤᠭᠰᠠᠨ ᠨᠣᠬᠠᠳ ᠠᠵᠢ᠃
ᠬᠥᠲᠥᠯ ᠦ᠋ᠨ ᠢ᠋ᠶ᠋ᠡᠨ ᠪᠠᠯ ᠳᠡᠭᠡᠷ᠎ᠡ ᠲᠤᠩᠭᠠᠯᠠᠭ ᠪᠤᠯᠠᠭ ᠤ᠋ᠨ ᠳᠡᠷᠭᠡᠳᠡ ᠪᠠᠷᠢᠭᠰᠠᠨ ᠬᠣᠶᠠᠷ ᠵᠡᠭᠡᠰᠦᠨ ᠣᠪᠣᠬᠠᠢ ᠳᠣᠲᠣᠷ᠎ᠠ ᠡᠪᠦᠭᠡᠨ ᠨᠠᠽᠠᠷ— ᠺᠢᠶᠡᠷᠢᠽᠸᠺ ᠦ᠋ᠨ ᠬᠥᠪᠡᠭᠦᠳ ᠮᠠᠯᠴᠢᠳ ᠰᠠᠭᠤᠵᠤ ᠪᠠᠢᠨ᠎ᠠ᠃ ᠡᠪᠦᠭᠡᠨ ᠣᠪᠣᠬᠠᠢ ᠳ᠋ᠤ᠌ ᠢᠷᠡᠬᠦ ᠬᠠᠳ᠋ᠵᠢ ᠷᠠᠾᠢᠮ ᠶᠠᠷᠢᠭᠯᠠᠨ ᠶᠣᠢᠯᠠᠨ᠂ ᠭᠡᠭᠦᠦ ᠡᠴᠡ ᠪᠠᠭᠤᠮᠠᠭᠴᠠ ᠭᠠᠢᠬᠠᠨ ᠵᠣᠭᠰᠣᠪᠠ᠃ ᠰᠥᠨᠢ ᠶ᠋ᠢᠨ ᠵᠣᠴᠢᠨ ᠤᠷᠢᠲᠠᠢ ᠨᠢ ᠵᠣᠭᠰᠣᠵᠤ ᠪᠠᠢᠯ᠎ᠠ᠃ ᠵᠠᠯᠠᠭᠤ ᠮᠣᠩᠭᠣᠯ ᠬᠥᠮᠦᠨ ᠬᠥᠮᠥᠰᠬᠡ ᠵᠠᠩᠭᠢᠳᠤᠨ᠄《ᠶᠠᠮᠠᠷ ᠬᠥᠮᠦᠨ ᠲᠠᠨ ᠢ᠋ ᠠᠶᠤᠮᠰᠢᠭ ᠦᠭᠡᠢ ᠳᠠᠷᠤᠯᠠᠪᠠ? ᠬᠥᠬᠡ ᠳᠡᠪᠡᠯ ᠢ᠋ ᠤᠷᠠᠵᠤ ᠰᠢᠪᠠᠷᠳᠠᠵᠠᠢ᠁ ᠶᠠᠭᠤ ᠪᠣᠯᠤᠭᠰᠠᠨ ᠪᠣᠢ? 》ᠭᠡᠬᠦ ᠳ᠋ᠦ᠍ ᠬᠠᠳ᠋ᠵᠢ ᠷᠠᠾᠢᠮ ᠮᠣᠩᠭᠣᠯ ᠴᠡᠷᠢᠭ ᠦ᠋ᠳ ᠬᠡᠷᠬᠢᠨ ᠳᠠᠭᠠᠷᠢᠭᠰᠠᠨ ᠢ᠋ ᠲᠣᠭᠠᠴᠢᠨ ᠥᠭᠦᠯᠡᠪᠡ᠃ ᠵᠠᠯᠠᠭᠤ ᠡᠷ᠎ᠡ ᠨᠢᠳᠦ ᠪᠡᠨ ᠭᠠᠷ ᠢ᠋ᠶ᠋ᠠᠷ ᠢ᠋ᠶ᠋ᠠᠨ ᠬᠣᠷᠣᠮᠬᠠᠨ ᠳᠠᠷᠤᠭᠰᠠᠨ ᠢ᠋ᠶ᠋ᠠᠨ ᠬᠠᠳ᠋ᠵᠢ ᠷᠠᠾᠢᠮ ᠤ᠋ᠨ ᠬᠠᠨᠴᠤᠢ ᠠ᠋ᠴᠠ ᠪᠠᠷᠢᠵᠤ ᠰᠢᠪᠡᠨᠡᠨ᠂
— ᠲᠡᠳᠡ ᠠᠵᠢ᠃ ᠴᠠᠭᠯᠠᠰᠢ ᠦᠭᠡᠢ ᠬᠣᠣᠷᠲᠠᠨ ᠳᠠᠢᠰᠤᠨ ᠨᠠᠮᠠᠶ᠋ᠢ ᠰᠠᠯᠤᠰᠢ ᠦᠭᠡᠢ ᠮᠥᠷᠳᠡᠵᠦ ᠪᠠᠢᠨ᠎ᠠ᠃ ᠬᠠᠳ᠋ᠵᠢ ᠷᠠᠾᠢᠮ ᠠ᠋᠂ ᠲᠡᠷᠡ ᠰᠥᠨᠢ ᠳᠤᠲᠠᠭᠠᠬᠤ ᠳ᠋ᠤ᠌ ᠴᠢ ᠨᠠᠳᠠᠳᠤ ᠲᠤᠰᠠᠯᠠᠯ᠎ᠠ᠂ ᠲᠡᠭᠡᠭᠡᠳ ᠨᠠᠳᠠ ᠠ᠋ᠴᠠ ᠪᠣᠯᠵᠤ ᠵᠣᠯ ᠲᠠᠢ ᠦᠬᠦᠬᠦ ᠶ᠋ᠢ ᠰᠢᠬᠠᠪᠠ᠃
—ᠮᠢᠨᠦ ᠬᠥᠬᠡ ᠳᠡᠪᠡᠯ ᠡᠮᠦᠰᠦᠭᠰᠡᠨ ᠢ᠋ ᠲᠡᠳᠡ ᠨᠠᠷ ᠲᠠᠨᠢᠵᠠᠢ ᠭᠡᠪᠡ᠃ ᠬᠠᠳ᠋ᠵᠢ ᠷᠠᠾᠢᠮ ᠤ᠋ᠨ ᠵᠦᠭ ᠠᠷᠠᠫᠱᠠ ᠭᠦᠶᠦᠨ ᠢᠷᠡᠭᠡᠳ᠂
— ᠬᠦᠨᠳᠦᠲᠦ ᠪᠠᠭᠰᠢ ᠮᠢᠨᠢ ᠠᠭᠤᠴᠢᠯᠠᠭᠲᠤᠨ! ᠥᠴᠦᠬᠡᠨ ᠱᠠᠪᠢ ᠪᠢ ᠲᠠᠨ ᠢ᠋ ᠭᠠᠭᠴᠠᠭᠠᠷ ᠣᠷᠬᠢᠭᠰᠠᠨ ᠨᠢ ᠪᠤᠷᠤᠭᠤ ᠭᠡᠬᠦ ᠳ᠋ᠦ᠍ ᠮᠣᠩᠭᠣᠯ ᠬᠥᠮᠦᠨ ᠠᠷᠠᠫᠱᠠ ᠶ᠋ᠢ ᠵᠢᠭᠠᠵᠤ᠂ ᠬᠠᠳ᠋ᠵᠢ ᠷᠠᠾᠢᠮ ᠳ᠋ᠤ᠌᠄
— ᠴᠢ ᠡᠭᠦᠨ ᠢ᠋ ᠲᠠᠨᠢᠬᠤ ᠤᠤ? ᠪᠢ ᠡᠨᠡ ᠵᠢᠬᠢᠲ ᠲᠦ᠍ ᠢᠲᠡᠭᠡᠮᠵᠢᠯᠡᠪᠡᠯ ᠪᠣᠯᠬᠤ ᠤᠤ? ᠬᠡᠯᠡᠭᠡᠴᠢ!
—ᠠᠷᠠᠫᠱᠠ ᠠᠭᠤᠯᠠ ᠶ᠋ᠢᠨ ᠪᠠᠷᠰ ᠮᠡᠲᠦ ᠵᠣᠷᠢᠭᠲᠠᠢ᠂ ᠰᠡᠯᠡᠮ᠎ᠡ ᠮᠡᠲᠦ ᠬᠠᠲᠠᠭᠤ ᠰᠢᠳᠤᠷᠭᠤ᠂ ᠬᠤᠳᠠᠯ ᠬᠠᠭᠤᠷᠮᠠᠭ ᠥᠭᠦᠯᠡᠬᠦ ᠦᠭᠡᠢ ᠭᠠᠷ ᠨᠢ ᠨᠥᠬᠥᠷ ᠢ᠋ ᠪᠠᠰᠢᠷᠯᠠᠬᠤ ᠦᠭᠡᠢ ᠭᠡᠵᠡᠢ᠃
— ᠲᠠᠨ ᠤ᠋ ᠬᠡᠯᠡᠭᠰᠡᠨ ᠵᠦᠢᠯ ᠳ᠋ᠦ᠍ ᠪᠢ ᠪᠠᠶᠠᠷᠯᠠᠯ᠎ᠠ᠂ ᠲᠡᠭᠦᠨ ᠢ᠋ ᠳᠡᠪᠰᠢᠭᠦᠯᠰᠦᠭᠡᠢ ᠭᠡᠪᠡ᠃
ᠠᠳᠤᠭᠤᠴᠢᠨ ᠤ᠋ ᠠᠬᠠᠯᠠᠭᠴᠢ ᠨᠢᠭᠡᠨ ᠬᠥᠮᠦᠨ ᠬᠥᠨᠳᠡᠯᠡᠨ ᠪᠥᠬᠥᠢᠵᠦ ᠡᠷᠭᠢᠭᠡᠳ᠂
— ᠬᠠᠭᠠᠨᠲᠠᠨ ᠰᠣᠨᠣᠰ! ᠲᠠ ᠬᠡᠳᠦᠢᠪᠡᠷ ᠭᠡᠷ ᠦᠭᠡᠢ ᠮᠣᠷᠢ ᠦᠭᠡᠢ ᠪᠣᠯᠪᠠᠴᠤ ᠲᠦᠷᠡᠢᠪᠴᠢᠨ ᠳᠣᠲᠣᠷ᠎ᠠ ᠴᠢᠨᠢ ᠠᠯᠲᠠ ᠬᠠᠩᠭᠢᠨᠠᠬᠤ ᠲᠤᠯᠠ ᠪᠢᠳᠡ ᠳᠡᠭᠡᠳᠦ ᠮᠣᠷᠢ ᠶ᠋ᠢ ᠪᠠᠷᠢᠰᠤᠭᠠᠢ ᠭᠡᠬᠦ ᠳ᠋ᠦ᠍᠂
— ᠠᠷᠠᠫᠱᠠ! ᠬᠠᠮᠤᠭ ᠤ᠋ᠨ ᠰᠠᠢᠨ ᠢ᠋ ᠰᠢᠯᠢᠵᠦ ᠠᠪᠤᠭᠲᠤᠨ! ᠭᠡᠵᠦ ᠮᠣᠩᠭᠣᠯ ᠬᠥᠮᠦᠨ ᠬᠡᠯᠡᠵᠡᠢ᠃ ᠠᠷᠠᠫᠱᠠ ᠠᠳᠤᠭᠤ ᠶ᠋ᠢ ᠨᠢᠭᠡᠨᠲᠡ ᠰᠢᠷᠪᠢᠨ ᠬᠠᠷᠠᠭᠠᠳ᠂ ᠨᠢᠭᠡᠨ ᠵᠠᠯᠠᠭᠤ ᠬᠡᠭᠡᠷ ᠮᠣᠷᠢ ᠶ᠋ᠢ ᠵᠢᠭᠠᠪᠠ᠃ ᠪᠡᠶ᠎ᠡ ᠨᠢ ᠪᠤᠰᠤᠳ ᠠ᠋ᠴᠠ ᠠᠷᠠᠢ ᠥᠨᠳᠥᠷ ᠨᠡᠩ ᠳᠣᠭᠰᠢᠨ᠂ ᠪᠤᠰᠤᠳ ᠠᠳᠤᠭᠤ ᠨᠠᠮ ᠭᠦᠮ ᠡᠪᠡᠰᠦ ᠢᠳᠡᠬᠦ ᠠᠲᠠᠯ᠎ᠠ ᠬᠡᠭᠡᠷ ᠠᠵᠢᠷᠭ᠎ᠠ ᠲᠣᠯᠣᠭᠠᠢ ᠪᠠᠨ ᠡᠷᠭᠦᠨ ᠰᠡᠷᠲᠡᠯᠵᠡᠵᠦ ᠪᠤᠰᠤᠳ ᠠᠵᠢᠷᠭᠠᠨ ᠤ᠋ ᠵᠦᠭ ᠳᠣᠪᠲᠣᠯᠤᠨ ᠳᠠᠭᠠᠷᠢᠳᠠᠭ ᠪᠢᠯᠡ᠃ ᠠᠳᠤᠭᠤᠴᠢᠨ ᠨᠤᠭᠤᠳ᠂
— ᠠᠶ᠎ᠠ᠂ ᠲᠡᠭᠦᠨ ᠢ᠋ ᠪᠠᠷᠢᠬᠤ ᠳ᠋ᠤ᠌ ᠬᠡᠴᠡᠭᠦᠦ᠂ ᠠᠵᠢᠷᠭ᠎ᠠ ᠪᠢᠰᠢ ᠭᠠᠯ! ᠮᠠᠰᠢ ᠰᠦᠷᠲᠡᠢ᠂ ᠦᠷᠭᠦᠮᠡᠲᠡᠭᠡᠢ ᠠᠳᠤᠭᠤᠰᠤ ᠁ ᠲᠡᠭᠦᠨ ᠢ᠋ ᠲᠠᠰᠢᠭᠤᠷ ᠢ᠋ᠶ᠋ᠠᠷ ᠭᠤᠶᠠᠳᠠᠯ ᠦᠭᠡᠢ᠂ ᠥᠪᠡᠷ ᠢ᠋ᠶ᠋ᠡᠨ ᠬᠥᠮᠦᠨ (ᠦ᠌ )ᠥᠭᠡᠳᠡ ᠡᠴᠡ ᠤᠬᠤᠰᠬᠢᠨᠡ ᠭᠡᠬᠦ ᠳ᠋ᠦ᠍ ᠡᠪᠦᠭᠡᠨ ᠨᠠᠽᠠᠷ— ᠺᠢᠶᠡᠷᠢᠽᠧᠺ ᠬᠥᠨᠳᠡᠯᠡᠨ ᠡᠴᠡ ᠣᠷᠣᠯᠴᠠᠵᠤ᠄
— ᠮᠦᠰᠥ᠋ᠺ᠂ ᠲᠡᠭᠦᠨ ᠢ᠋ ᠪᠠᠷᠢᠨ᠎ᠠ᠂ ᠤᠤᠭᠠᠨ ᠬᠥᠪᠡᠭᠦᠨ ᠳᠤᠷᠭᠠᠩ ᠰᠤᠷᠭᠠᠨ᠎ᠠ᠃ ᠲᠡᠭᠦᠨ ᠦ᠌ ᠡᠨᠡ ᠪᠣᠯ ᠠᠩᠬᠠᠨ ᠤ᠋ ᠬᠡᠷᠡᠭ ᠪᠤᠰᠤ ᠭᠡᠵᠡᠢ᠃
ᠳᠤᠷᠭᠠᠩ ᠵᠡᠭᠡᠷᠳᠡᠭᠴᠢ ᠭᠡᠭᠦᠦ ᠤᠨᠤᠵᠤ ᠲᠡᠳᠡᠨ ᠦ᠌ ᠶᠠᠷᠢᠶ᠎ᠠ ᠶ᠋ᠢ ᠰᠢᠨᠤᠨ ᠴᠢᠩᠨᠠᠵᠤ᠂ ᠪᠠᠶᠠᠷᠯᠠᠭᠠᠳ ᠡᠮᠨᠢᠭ ᠮᠣᠷᠢ ᠶ᠋ᠢ ᠨᠣᠮᠣᠬᠠᠳᠬᠠᠬᠤ ᠭᠡᠳᠡᠭ ᠠᠶᠤᠯᠲᠠᠢ ᠪᠥᠭᠡᠳ ᠡᠷᠡᠯᠬᠡᠭ ᠬᠡᠷᠡᠭ ᠭᠡᠵᠦ ᠲᠡᠭᠦᠨ ᠢ᠋ ᠬᠦᠯᠢᠶᠡᠭᠰᠡᠨ ᠳ᠋ᠡᠭᠡᠨ ᠪᠠᠬᠠᠳᠤᠨ ᠨᠢᠳᠦ ᠨᠢ ᠭᠢᠯᠠᠯᠵᠠᠵᠠᠢ᠃
ᠦᠰᠦᠭ ᠠᠮᠢᠯᠠᠭᠤᠯᠤᠭᠴᠢ᠄ ᠡᠷᠳᠡᠨᠢᠭᠣᠸ᠂ ᠠᠯᠲᠠᠨᠴᠢᠮᠡᠭ᠂ ᠵᠢᠩᠯᠢᠬᠤᠸᠠᠷ ᠂
ᠬᠢᠨᠠᠭᠴᠢ᠄ ᠪᠠᠯ᠂ ᠠᠷᠢᠭᠤᠨ᠂ ᠠᠯᠲᠠᠨᠴᠢᠮᠡᠭ
